ᠣᠨᠴᠠᠯᠠᠬᠤ ᠥᠭᠦᠯᠡᠯ/2017 9 ᠍ ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

Uhaan:ᠣᠨᠴᠠᠯᠠᠬᠤ ᠥᠭᠦᠯᠡᠯ/2017 09 30 1

Uhaan:ᠣᠨᠴᠠᠯᠠᠬᠤ ᠥᠭᠦᠯᠡᠯ/2017 09 29 1

Uhaan:ᠣᠨᠴᠠᠯᠠᠬᠤ ᠥᠭᠦᠯᠡᠯ/2017 09 28 1

Uhaan:ᠣᠨᠴᠠᠯᠠᠬᠤ ᠥᠭᠦᠯᠡᠯ/2017 09 27 1

ᠪᠤᠭᠤᠨ ᠴᠢᠯᠠᠭᠤ

ᠪᠤᠭᠤᠨ ᠴᠢᠯᠠᠭᠤ ᠨᠢ ᠬᠦᠷᠡᠯ ᠵᠡᠪᠰᠡᠭ ᠦᠨ ᠦᠶ᠎ᠡ ᠳᠦ ᠪᠣᠰᠬᠠᠭᠰᠠᠨ ᠴᠢᠯᠠᠭᠤᠨ ᠬᠥᠰᠢᠶ᠎ᠡ ᠪᠥᠭᠡᠳ ᠶᠡᠬᠡᠩᠬᠢ ᠨᠢ ᠮᠣᠩᠭᠣᠯ ᠳᠤ ᠪᠤᠰᠤᠳ ᠨᠢ ᠲᠥᠪ ᠠᠽᠢᠶ᠎ᠠ ᠶᠢᠨ ᠪᠠᠷᠠᠭᠤᠨ ᠬᠡᠰᠡᠭ ᠢᠶᠡᠷ ᠪᠠᠶᠢᠳᠠᠭ᠃ ᠥᠨᠳᠥᠷ ᠨᠢ 1.5~7.5 m ᠪᠠᠶᠢᠬᠤ ᠪᠠ ᠭᠣᠣᠯᠴᠢᠯᠠᠨ ᠵᠡᠭᠦᠨ ᠵᠦᠭ ᠲᠤ ᠬᠠᠨᠳᠤᠭᠰᠠᠨ ᠨᠢ ᠨᠠᠷᠠ ᠶᠢ ᠰᠢᠲᠦᠬᠦ ᠦᠵᠡᠯᠲᠡ ᠲᠠᠢ ᠬᠣᠯᠪᠣᠭ᠎ᠠ ᠲᠠᠢ᠃ ᠳᠡᠭᠡᠷ᠎ᠡ ᠨᠢ ᠲᠠᠮᠠᠭ᠎ᠠ ᠲᠠᠢ ᠲᠥᠰᠲᠡᠢ ᠲᠡᠮᠳᠡᠭ ᠦᠳ ᠪᠤᠢ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 09 25 1

Uhaan:ᠣᠨᠴᠠᠯᠠᠬᠤ ᠥᠭᠦᠯᠡᠯ/2017 09 24 1

Uhaan:ᠣᠨᠴᠠᠯᠠᠬᠤ ᠥᠭᠦᠯᠡᠯ/2017 09 23 1

Uhaan:ᠣᠨᠴᠠᠯᠠᠬᠤ ᠥᠭᠦᠯᠡᠯ/2017 09 22 1

Uhaan:ᠣᠨᠴᠠᠯᠠᠬᠤ ᠥᠭᠦᠯᠡᠯ/2017 09 21 1

ᠳ᠋ᠠᠩᠭᠦᠨ

ᠳ᠋ᠠᠩᠭᠦᠨ(ᠬᠢᠲᠠᠳ ᠶ᠋ᠢᠡᠷ 当归) ᠪᠣᠯ ᠰᠢᠬᠦᠷ ᠬᠡᠯᠪᠡᠷᠢᠲᠦ ᠴᠡᠴᠡᠭ ᠦᠨ ᠢᠵᠠᠭᠤᠷ ᠤᠨ ᠤᠷᠭᠤᠮᠠᠯ ᠪᠣᠯᠬᠤ ᠳ᠋ᠠᠩᠭᠦᠨ ᠤ ᠬᠠᠲᠠᠭᠠᠭᠰᠠᠨ ᠦᠨᠳᠦᠰᠦ ᠮᠥᠨ ᠃ ᠵᠢᠷᠦᠬᠡᠨ ᠬᠠᠯᠠᠭᠤᠨ ᠢ ᠠᠷᠢᠯᠭᠠᠬᠤ ᠂ ᠴᠢᠰᠤᠨ ᠭᠦᠶᠦᠳᠡᠯ ᠢ ᠰᠠᠢᠵᠢᠷᠠᠭᠤᠯᠬᠤ ᠂ ᠬᠣᠣᠷ᠎ᠠ ᠶᠢ ᠲᠠᠢᠯᠬᠤ ᠂ ᠡᠪᠡᠳᠬᠦ ᠶᠢ ᠵᠣᠭᠰᠤᠭᠠᠬᠤ ᠂ ᠬᠡᠢ ᠶᠢ ᠳᠠᠷᠤᠬᠤ ᠴᠢᠳᠠᠯ ᠲᠠᠢ ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 09 19 1

Uhaan:ᠣᠨᠴᠠᠯᠠᠬᠤ ᠥᠭᠦᠯᠡᠯ/2017 09 18 1

Uhaan:ᠣᠨᠴᠠᠯᠠᠬᠤ ᠥᠭᠦᠯᠡᠯ/2017 09 17 1

Uhaan:ᠣᠨᠴᠠᠯᠠᠬᠤ ᠥᠭᠦᠯᠡᠯ/2017 09 16 1

ᠬᠠᠰ

ᠬᠠᠰ ᠲᠡᠮᠳᠡᠭ ᠨᠢ ᠲᠡᠭᠰᠢ ᠬᠡᠮᠲᠡᠢ᠂ ᠦᠵᠦᠭᠦᠷ ᠨᠢ ᠥᠨᠴᠥᠭ ᠡᠭᠦᠰᠬᠡᠭᠰᠡᠨ ᠵᠠᠭᠠᠯᠮᠠᠢ ᠠᠴᠠ ᠪᠥᠷᠢᠳᠬᠦ ᠲᠡᠮᠳᠡᠭ ᠪᠥᠭᠡᠳ ᠥᠨᠴᠥᠭ ᠨᠢ ᠪᠠᠷᠠᠭᠤᠨ () ᠪᠤᠶᠤ ᠵᠡᠭᠦᠨ () ᠲᠡᠰᠢ ᠪᠡᠨ ᠬᠠᠷᠠᠭᠰᠠᠨ ᠪᠠᠶᠢᠳᠠᠭ᠃ ᠬᠠᠰ ᠬᠡᠯᠪᠡᠷᠢ ᠲᠡᠢ ᠡᠳ᠋ ᠥᠯᠥᠭ ᠦᠨ ᠵᠦᠢᠯᠡᠰ ᠰᠢᠨ᠎ᠡ ᠴᠢᠯᠠᠭᠤᠨ ᠵᠡᠪᠰᠡᠭ ᠦᠨ ᠦᠶ᠎ᠡ ᠡᠴᠡ ᠡᠬᠢᠯᠡᠭᠡᠳ ᠲᠡᠮᠦᠷ ᠵᠡᠪᠰᠡᠭ ᠦᠨ ᠦᠶ᠎ᠡᠰᠣᠩᠭᠣᠳᠠᠭ ᠡᠷᠲᠡᠨ ᠦ ᠦᠶ᠎ᠡ ᠭᠡᠳ ᠲᠡᠦᠬᠡ ᠶᠢᠨ ᠥᠷᠭᠡᠨ ᠴᠠᠭ ᠦᠶ᠎ᠡ ᠶᠢᠨ ᠣᠯᠳᠠᠪᠤᠷᠢ ᠨᠤᠭᠤᠳ ᠠᠴᠠ ᠢᠯᠡᠷᠡᠳᠡᠭ᠃ ᠬᠢᠨᠳᠦᠪᠤᠳ᠋ᠳ᠋ᠾᠠ ᠶᠢᠨᠵᠠᠶᠢᠨ ᠤᠨ ᠵᠡᠷᠭᠡ ᠳᠣᠷᠣᠨ᠎ᠠ ᠶᠢᠨ ᠱᠠᠰᠢᠨ ᠨᠤᠭᠤᠳ ᠲᠤ ᠥᠷᠭᠡᠨ ᠬᠡᠷᠡᠭᠯᠡᠭᠳᠡᠳᠡᠭ᠃ (ᠪᠦᠷᠢᠨ ᠠᠭᠤᠯᠭ᠎ᠠ ᠶᠢ ᠤᠩᠰᠢᠬᠤ)

ᠣᠷᠬᠣᠨ

᠋᠋᠋᠋ᠣᠷᠬᠣᠨ ᠨᠢ ᠮᠣᠩᠭᠣᠯ ᠤᠯᠤᠰ ᠍ ᠤᠨ ᠠᠶᠢᠮᠠᠭ ᠶᠤᠮ᠃ ᠣᠷᠬᠣᠨ ᠠᠶᠢᠮᠠᠭ ᠨᠢ ᠠᠩᠬ᠎ᠠ ᠪᠤᠯᠠᠭᠠᠨ ᠠᠶᠢᠮᠠᠭ ᠤᠨ ᠨᠤᠲᠤᠭ ᠲᠤ ᠡᠷᠳᠡᠨᠢᠲᠦ ᠬᠣᠲᠠ ᠨᠡᠷ᠎ᠡ ᠲᠡᠢ ᠪᠡᠷ 1976 ᠡᠤᠨ ᠳᠤ ᠪᠠᠶᠢᠭᠤᠯᠤᠭᠳᠠᠭᠰᠠᠨ ᠪᠢᠯᠡ᠃ 1994 ᠡᠤᠨ ᠳᠤ ᠣᠷᠬᠣᠨ ᠠᠶᠢᠮᠠᠭ ᠪᠣᠯᠵᠤ ᠪᠠᠶᠠᠨ ᠥᠨᠳᠥᠷ᠂ ᠵᠢᠷᠭᠠᠯᠠᠩᠲᠤ ᠰᠤᠮᠤ ᠤᠳ ᠲᠠᠢ ᠪᠠᠷ ᠥᠭᠡᠷᠡᠴᠢᠯᠡᠨ ᠪᠠᠶᠢᠭᠤᠯᠤᠭᠰᠠᠨ ᠶᠤᠮ᠃ (ᠪᠦᠷᠢᠨ ᠠᠭᠤᠯᠭ᠎ᠠ ᠶᠢ ᠤᠩᠰᠢᠬᠤ)

ᠳ᠋ᠠᠨᠷᠤᠭ

ᠳ᠋ᠠᠨᠷᠤᠭ(ᠬᠢᠲᠠᠳ ᠶ᠋ᠢᠡᠷ 巴豆) ᠪᠣᠯ ᠲᠠᠷᠨᠤ ᠶᠢᠨ ᠢᠵᠠᠭᠤᠷ ᠤᠨ ᠮᠥᠩᠬᠡ ᠨᠣᠭᠤᠭᠠᠨ ᠪᠠᠭᠠᠪᠲᠤᠷ ᠲᠤᠷᠤᠭ ᠮᠣᠳᠤ ᠪᠣᠯᠬᠤ ᠳ᠋ᠠᠨᠷᠤᠭ ᠤᠨ ᠬᠠᠲᠠᠭᠠᠭᠰᠠᠨ ᠪᠣᠯᠪᠠᠰᠤᠷᠠᠮᠠᠯ ᠵᠢᠮᠢᠰ ᠮᠥᠨ ᠃ ᠬᠠᠯᠢᠰᠤ ᠪᠠ ᠬᠡᠯᠡ ᠶᠢ ᠨᠢ ᠠᠷᠢᠯᠭᠠᠨ ᠬᠠᠶᠠᠵᠤ ᠬᠢᠷᠮᠠᠭ ᠪᠣᠯᠭᠠᠨ᠎ᠠ ᠃ ᠪᠠᠳ᠌ᠭᠠᠨ ᠢ ᠠᠷᠢᠯᠭᠠᠬᠤ ᠂ ᠬᠠᠲᠠᠭᠤ ᠪᠠᠷ ᠲᠤᠭᠤᠯᠭᠠᠬᠤ ᠂ ᠬᠠᠪᠤᠩ ᠢ ᠠᠷᠢᠯᠭᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠳᠡᠭᠡᠳᠦ ᠮᠣᠩᠭᠣᠯᠴᠤᠳ

ᠳᠡᠭᠡᠳᠦ ᠮᠣᠩᠭᠣᠯᠴᠤᠳ ᠨᠢ ᠳᠤᠮᠳᠠᠳᠤ ᠤᠯᠤᠰ ᠤᠨ ᠪᠠᠷᠠᠭᠤᠨ ᠬᠤᠶᠢᠲᠤ ᠶᠢᠨ ᠴᠢᠩᠬᠠᠢ ᠪᠤᠶᠤ ᠮᠣᠩᠭᠣᠯ ᠢᠶᠠᠷ ᠬᠥᠬᠡᠨᠠᠭᠤᠷ ᠮᠤᠵᠢ ᠳᠤ ᠲᠥᠪᠡᠳ᠂ ᠬᠢᠲᠠᠳ ᠪᠣᠯᠤᠨ ᠬᠠᠰᠠᠭ᠂ ᠬᠤᠢᠰᠠᠯᠠᠷ ᠯᠠᠯᠤ ᠶᠢᠨ ᠱᠠᠰᠢᠨᠲᠠᠨ ᠨᠤᠭᠤᠳ ᠤᠨ ᠳᠤᠮᠳᠠ ᠠᠵᠤ ᠲᠥᠷᠦᠳᠡᠭ ᠮᠣᠩᠭᠣᠯᠴᠤᠳ ᠶᠤᠮ᠃ ᠲᠡᠳᠡᠨ ᠦ ᠶᠡᠬᠡᠩᠬᠢ ᠨᠢ ᠬᠣᠱᠤᠳ ᠬᠦᠮᠦᠰ ᠪᠣᠯ ᠪᠤᠰᠤᠳ ᠨᠢ ᠬᠠᠯᠬ᠎ᠠ᠂ ᠴᠣᠷᠣᠰ᠂ ᠲᠣᠷᠭᠤᠳ ᠤᠳ ᠶᠤᠮ᠃ (ᠪᠦᠷᠢᠨ ᠠᠭᠤᠯᠭ᠎ᠠ ᠶᠢ ᠤᠩᠰᠢᠬᠤ)

ᠰᠢᠷᠡᠭᠡᠨ ᠦ ᠲᠧᠨᠨᠢᠰ

ᠰᠢᠷᠡᠭᠡᠨ ᠦ ᠲᠧᠨᠨᠢᠰ (ᠣᠳᠣᠨ ᠪᠥᠮᠪᠥᠭᠡ) ᠭᠡᠳᠡᠭ ᠨᠢ ᠬᠥᠩᠭᠡᠨ᠂ ᠬᠥᠨᠳᠡᠢ ᠪᠥᠮᠪᠥᠭᠡ ᠶᠢᠨ ᠬᠣᠶᠠᠷ ᠪᠤᠶᠤ ᠳᠥᠷᠪᠡᠨ ᠲᠣᠭᠯᠠᠭᠴᠢ ᠴᠣᠬᠢᠭᠤᠷ ᠠᠰᠢᠭᠯᠠᠨ ᠴᠣᠬᠢᠵᠤ ᠲᠣᠭᠯᠠᠳᠠᠭ ᠰᠫᠣᠷᠲ ᠶᠤᠮ᠃ ᠲᠣᠣᠷ ᠪᠠᠷ ᠬᠤᠪᠢᠶᠠᠭᠳᠠᠭᠰᠠᠨ ᠬᠠᠲᠠᠭᠤ ᠰᠢᠷᠡᠭᠡᠨ ᠳᠡᠭᠡᠷ᠎ᠡ ᠲᠣᠭᠯᠠᠯᠲᠠ ᠶᠠᠪᠤᠭᠳᠠᠨ᠎ᠠ᠃ ᠳᠠᠪᠠᠭᠤᠯᠤᠯᠲᠠ ᠠᠴᠠ ᠪᠤᠰᠤᠳ ᠦᠶ᠎ᠡ ᠳᠦ ᠲᠣᠭᠯᠠᠭᠴᠢᠳ ᠥᠪᠡᠷ ᠦᠨ ᠲᠠᠯᠠᠪᠠᠢ ᠳᠡᠭᠡᠷ᠎ᠡ ᠨᠢᠭᠡ ᠤᠳᠠᠭ᠎ᠠ ᠣᠶᠢᠭᠰᠠᠨ ᠤ ᠳᠠᠷᠠᠭ᠎ᠠ ᠴᠣᠬᠢᠵᠤ᠂ ᠠᠶᠢᠯ ᠤᠨ ᠲᠠᠯᠠᠪᠠᠢ ᠳᠤ ᠤᠶᠢᠯᠠᠭᠠᠬᠤ ᠶᠣᠰᠣᠲᠠᠢ᠃ ᠪᠥᠮᠪᠥᠭᠡ ᠶᠢ ᠳᠦᠷᠢᠮ ᠦᠨ ᠳᠠᠭᠠᠤ ᠪᠤᠴᠠᠭᠠᠵᠤ ᠴᠣᠬᠢᠵᠤ ᠴᠢᠳᠠᠭ᠎ᠠ ᠦᠭᠡᠢ ᠲᠣᠬᠢᠶᠠᠯᠳᠤᠯ ᠳᠤ ᠣᠨᠣᠭ᠎ᠠ ᠠᠯᠠᠳᠠᠨ᠎ᠠ᠃ ᠰᠢᠷᠡᠭᠡᠨ ᠦ ᠲᠧᠨᠨᠢᠰ ᠨᠢ ᠲᠣᠭᠯᠠᠭᠴᠢ ᠠᠴᠠ ᠬᠤᠷᠳᠤ ᠲᠠᠢ ᠬᠠᠷᠢᠭᠤ ᠦᠢᠯᠡᠳᠦᠯ ᠢ ᠱᠠᠭᠠᠷᠳᠠᠳᠠᠭ ᠰᠫᠣᠷᠲ ᠶᠤᠮ᠃ ᠴᠢᠳᠠᠪᠤᠷᠢᠯᠢᠭ ᠲᠣᠭᠯᠠᠭᠴᠢᠳ ᠪᠥᠮᠪᠦᠭᠡᠨ ᠳᠦ ᠪᠡᠨ ᠲᠥᠷᠥᠯ ᠪᠦᠷᠢ ᠪᠡᠷ ᠡᠷᠭᠢᠯᠲᠡ ᠣᠷᠣᠭᠤᠯᠵᠤ᠂ ᠶᠠᠪᠤᠬᠤ ᠴᠢᠭᠯᠡᠯ ᠢ ᠨᠢ ᠳᠠᠭᠠᠬᠤ ᠳᠤ ᠪᠡᠷᠬᠡ ᠪᠠᠶᠢᠳᠠᠯ ᠢᠶᠠᠷ ᠴᠣᠬᠢᠭᠰᠠᠨ ᠢᠶᠠᠷ ᠥᠷᠢᠰᠦᠯᠳᠦᠭᠴᠢ ᠡᠴᠡ ᠪᠡᠨ ᠳᠠᠪᠠᠭᠤ ᠲᠠᠯ᠎ᠠ ᠣᠯᠵᠤ ᠠᠪᠳᠠᠭ᠃ (ᠪᠦᠷᠢᠨ ᠠᠭᠤᠯᠭ᠎ᠠ ᠶᠢ ᠤᠩᠰᠢᠬᠤ)

Jirgee114.jpg

ᠵᠢᠷᠬᠢᠭᠡ - ᠪᠣᠯ twitter ᠪᠣᠶᠣ ᠬᠢᠳᠠᠳ ᠤᠨ weibo ᠲᠠᠢ ᠲᠦᠰᠳᠡᠢ᠂ ᠦᠵᠡᠯ ᠰᠠᠨᠠᠭ᠎ᠠ ᠪᠠᠨ ᠴᠢᠯᠤᠭᠡᠳᠡᠢ ᠬᠣᠪᠢᠶᠠᠯᠴᠠᠵᠣ ᠪᠣᠯᠳᠠᠭ ᠮᠣᠩᠭᠣᠯ ᠬᠡᠯᠡᠨ ᠦ ᠲᠠᠪᠴᠠᠩ ᠶᠣᠮ᠃ 2013 ᠤᠨ ᠡᠴᠡ ᠠᠰᠢᠭᠯᠠᠯᠳᠠ ᠳᠤ ᠣᠷᠣᠵᠠᠢ᠃ ᠸᠸᠪ ᠬᠠᠭᠣᠳᠠᠰᠣ ᠂ anroid iphone ᠭᠠᠷ ᠣᠳᠠᠰᠣᠨ app ᠵᠡᠷᠭᠡ ᠪᠡᠷ ᠪᠦᠷ ᠬᠡᠷᠡᠭᠯᠡᠵᠥ ᠪᠣᠯᠳᠠᠭ ᠰᠣᠹᠲ ᠪᠦᠳᠦᠭᠡᠭᠳᠡᠬᠦᠨ ᠃ ᠲᠡᠷᠡ ᠨᠢ ᠪᠣᠯᠵᠣᠭ᠎ᠠ ᠺᠣᠮᠫᠠᠨᠢ ᠶᠢᠨ ᠪᠦᠳᠦᠭᠡᠭᠳᠡᠬᠦᠨ ᠶᠣᠮ᠃ 

ᠵᠢᠷᠬᠢᠭᠡ ᠪᠢᠴᠢᠯ ᠪᠦᠷᠭᠡ ᠲᠡᠭᠡᠷᠡᠬᠢ ᠶᠠᠷᠢᠯᠴᠠᠭᠠᠨ 

ᠵᠢᠷᠬᠢᠭᠡ ᠵᠢ ᠪᠣᠯᠵᠣᠭ᠎ᠠ ᠪᠢᠴᠢᠯ ᠪᠦᠷᠭᠡ ᠴᠤ ᠭᠡᠳᠡᠭ᠃ ᠪᠦᠷᠭᠡ ᠭᠡᠵᠥ blog ᠪᠣᠶᠣ ᠬᠢᠳᠠᠳ ᠤᠨ boke ᠭᠡᠳᠡᠭ ᠵᠢ ᠮᠣᠩᠭᠣᠯᠴᠢᠯᠠᠭᠰᠠᠨ ᠨᠡᠷᠡᠢᠳᠦᠯ᠂ ᠡᠬᠢᠨ ᠳᠡᠭᠡᠨ ᠪᠣᠯᠣᠩ ᠂ ᠪᠦᠷᠭᠡ ᠂ ᠪᠯᠣᠭ ᠭᠡᠬᠦᠴᠢᠯᠡᠨ ᠣᠯᠠᠨ ᠶᠠᠩᠵᠣ ᠪᠡᠷ ᠶᠠᠷᠢᠭᠳᠠᠵᠣ ᠪᠠᠶᠢᠭᠰᠠᠨ ᠡᠴᠡ ᠬᠣᠵᠢᠮ ᠨᠢ ᠬᠣᠯᠪᠣᠭ᠎ᠠ ᠰᠦᠯᠵᠢᠶᠡᠨ ᠡᠴᠡ ᠡᠬᠢᠯᠡᠵᠥ ᠡᠨᠡ ᠨᠡᠷ᠎ᠡ ᠨᠢᠭᠡᠳᠦᠯᠳᠡᠢ ᠪᠣᠯᠣᠭᠰᠠᠨ ᠰᠢᠭ ᠃ ᠪᠢᠴᠢᠯ ᠪᠦᠷᠭᠡ ᠭᠡᠳᠡᠭ ᠨᠢ micro blog ᠪᠣᠶᠣ ᠬᠢᠳᠠᠳ ᠤᠨ wei bo ke ᠵᠢ ᠦᠨᠳᠦᠰᠦᠯᠡᠵᠥ ᠨᠡᠷᠡᠯᠡᠭᠰᠡᠨ ᠣᠳᠬ᠎ᠠ ᠲᠠᠢ ᠃ ᠵᠢᠷᠬᠢᠭᠡ ᠶᠢᠨ logo  ᠶᠢᠨ ᠬᠣᠪᠢ ᠳᠤ ᠶᠠᠭ ᠲᠣᠰᠬᠠᠢ ᠵᠢᠷᠣᠭ ᠣᠯᠳᠠᠭ᠎᠎ᠠ ᠦᠭᠡᠢ᠂ ᠶᠡᠷᠦᠩᠭᠡᠢ ᠳ᠋ᠠᠬᠢᠨ ᠪᠣᠯᠵᠣᠭ᠎ᠠ ᠺᠣᠮᠫᠠᠨᠢ ᠶᠢᠨ ᠣᠯᠠᠨ ᠰᠣᠹᠲ ᠲᠤ ᠬᠡᠷᠡᠭᠯᠡᠭᠳᠡᠭ ᠪᠣᠷᠣ ᠲᠠᠭ᠎ᠠ ᠶᠢᠨ logo ᠵᠢ ᠮᠦᠨ ᠠᠳᠠᠯᠢᠬᠠᠨ ᠵᠢᠷᠬᠢᠭᠡ ᠳᠦ ᠬᠡᠷᠡᠭᠯᠡᠵᠥ ᠪᠠᠶᠢᠭ᠎ᠠ ᠪᠣᠯᠣᠯᠳᠠᠢ᠃ ᠭᠡᠬᠦ ᠲᠡᠭᠡᠨ ᠪᠣᠯᠵᠣᠭ᠎᠎ᠠ ᠶᠢᠨ ᠪᠣᠷᠣ ᠲᠠᠭ᠎ᠠ ᠵᠦᠪᠭᠡᠨ ᠵᠢᠷᠭᠢᠭᠡ ᠨᠢᠭᠡ ᠰᠣᠹᠲ ᠵᠢ ᠨᠢ ᠲᠦᠯᠦᠭᠡᠯᠡᠵᠥ ᠪᠠᠶᠢᠭ᠎ᠠ ᠪᠢᠰᠢ ᠭᠡᠳᠡᠭ ᠵᠢ ᠲᠣᠳᠣᠷᠬᠠᠢᠯᠠᠶ᠎ᠠ ᠃

ᠪᠢᠴᠢᠯ ᠪᠦᠷᠭᠡ ᠪᠣᠯᠣᠭᠰᠠᠨ ᠤ ᠬᠣᠪᠢ ᠳᠤ ᠵᠢᠷᠬᠢᠭᠡ ᠨᠢ ᠰᠡᠳᠬᠢᠭᠳᠡᠯ᠂ ᠵᠢᠷᠣᠭ᠂ ᠸᠢᠳᠢᠣ᠋ ᠨᠡᠶᠢᠳᠡᠯᠡᠬᠦ᠂ ᠲᠦᠷᠦᠭᠳᠡᠯ ᠪᠢᠴᠢᠬᠦ᠂ ᠲᠦᠭᠡᠭᠡᠬᠦ᠂ ᠨᠠᠶᠢᠵᠠ ᠪᠣᠯᠣᠯᠴᠠᠬᠣ᠂ ᠵᠣᠭᠣᠭ ᠶᠠᠷᠢᠬᠣ ᠭᠡᠬᠦ ᠮᠡᠳᠦ ᠦᠨᠳᠦᠰᠥᠨ ᠴᠢᠳᠠᠮᠵᠢ ᠲᠠᠢ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 09 09 1

ᠲᠧᠨᠨᠢᠰ

ᠲᠧᠨᠨᠢᠰ (ᠣᠳᠣᠨ ᠪᠥᠮᠪᠥᠭᠡ, ᠲᠣᠷᠤᠨ ᠪᠥᠮᠪᠥᠭᠡ) ᠨᠢ ᠬᠣᠶᠠᠷ ᠲᠣᠭᠯᠠᠭᠴᠢ ᠶᠢᠨ ᠬᠣᠭᠣᠷᠣᠨᠳᠣ (ᠭᠠᠭᠴᠠᠭᠠᠷᠴᠢᠯᠠᠭᠰᠠᠨ ᠲᠥᠷᠥᠯ), ᠡᠰᠡᠪᠡᠯ ᠬᠣᠶᠠᠷ ᠲᠣᠭᠯᠠᠭᠴᠢ ᠠᠴᠠ ᠪᠦᠷᠢᠳᠦᠭᠰᠡᠨ ᠬᠣᠶᠠᠷ ᠪᠠᠭ ᠤᠨ ᠬᠣᠭᠣᠷᠣᠨᠳᠣ (ᠬᠣᠣᠰ ᠤᠨ ᠲᠥᠷᠥᠯ) ᠲᠣᠭᠯᠠᠭᠳᠠᠳᠠᠭ ᠰᠫᠣᠷᠲ ᠶᠤᠮ᠃ ᠲᠠᠮᠢᠷᠴᠢᠳ ᠨᠢ ᠴᠣᠬᠢᠭᠤᠷ ᠪᠤᠶᠤ ᠷᠠᠺᠸᠲ ᠢᠶᠠᠷ ᠷᠧᠽᠢᠨ ᠢᠶᠡᠷ ᠬᠢᠭᠳᠡᠭᠰᠡᠨ ᠢᠰᠡᠭᠡᠢ ᠪᠦᠷᠢᠶᠡᠰᠦ ᠲᠡᠢ ᠬᠥᠨᠳᠡᠢ ᠪᠥᠮᠪᠥᠭᠡ ᠶᠢ ᠲᠣᠷ ᠳᠠᠪᠠᠭᠤᠯᠤᠨ ᠡᠰᠡᠷᠬᠦ ᠲᠠᠯ᠎ᠠ ᠶᠢᠨ ᠢᠶᠠᠨ ᠲᠠᠯᠠᠪᠠᠢ ᠤᠷᠤᠭᠤ ᠴᠣᠬᠢᠨ᠎ᠠ᠃ ᠣᠷᠴᠢᠨ ᠦᠶ᠎ᠡ ᠶᠢᠨ ᠲᠧᠨᠨᠢᠰᠦᠨ ᠦ ᠰᠫᠣᠷᠲ ᠨᠢ 18 ᠍ ᠳᠦᠭᠡᠷ ᠵᠠᠭᠤᠨ ᠤ ᠲᠡᠭᠦᠰᠬᠡᠯ ᠦᠶ᠎ᠡ ᠪᠡᠷ ᠶᠡᠬᠡ ᠪᠷᠢᠲ᠋ᠠᠨᠢ ᠳᠤ ᠡᠭᠦᠰᠴᠡᠢ᠃ ᠡᠭᠦᠰᠦᠭᠰᠡᠨ ᠴᠠᠭ ᠠᠴᠠ ᠪᠠᠨ ᠠᠩᠭᠯᠢ ᠬᠡᠯᠡ ᠶᠠᠷᠢᠳᠠᠭ ᠨᠡᠶᠢᠭᠡᠮ ᠤᠨ ᠳᠡᠭᠡᠳᠦ ᠳᠠᠪᠬᠤᠷᠭ᠎ᠠ ᠶᠢᠨ ᠬᠦᠮᠦᠨ ᠠᠮᠠ ᠶᠢᠨ ᠳᠤᠮᠳᠠ ᠲᠠᠷᠬᠠᠵᠤ᠂ ᠬᠣᠵᠢᠮ ᠨᠢ ᠳᠡᠯᠡᠬᠡᠢ ᠳᠠᠶᠠᠭᠠᠷ ᠲᠠᠷᠬᠠᠵᠠᠢ᠃ ᠲᠧᠨᠨᠢᠰ ᠨᠢ ᠣᠯᠢᠮᠫᠢᠺ ᠤᠨ ᠰᠫᠣᠷᠲ ᠪᠥᠭᠡᠳ ᠴᠣᠬᠢᠭᠤᠷ ᠪᠠᠷᠢᠬᠤ ᠴᠢᠳᠠᠪᠤᠷᠢ ᠲᠠᠢ ᠬᠦᠮᠦᠨ ᠪᠦᠷᠢ (ᠲᠦᠷᠢᠳᠡᠭ ᠰᠠᠨᠳᠠᠯᠢ ᠲᠠᠢ ᠬᠦᠮᠦᠰ ᠬᠦᠷᠲᠡᠯ᠎ᠡ) ᠲᠣᠭᠯᠠᠬᠤ ᠪᠣᠯᠤᠮᠵᠢ ᠲᠠᠢ᠃ (ᠪᠦᠷᠢᠨ ᠠᠭᠤᠯᠭ᠎ᠠ ᠶᠢ ᠤᠩᠰᠢᠬᠤ)

ᠨᠠᠯᠠᠤ ᠠᠭᠤᠯᠭ᠎ᠠ
ᠳᠣᠷᠣᠨᠠᠭᠣᠪᠢ

᠋᠋᠋᠋ᠳᠣᠷᠣᠨᠠᠭᠣᠪᠢ (ᠺᠢᠷᠢᠯ ᠮᠣᠩᠭᠣᠯ ᠢᠶᠠᠷ Дорноговь аймаг) ᠨᠢ ᠮᠣᠩᠭᠣᠯ ᠤᠯᠤᠰ ᠍ ᠤᠨ ᠠᠶᠢᠮᠠᠭ ᠶᠤᠮ᠃ 1931 ᠡᠤᠨ ᠳᠤ ᠪᠠᠶᠢᠭᠤᠯᠤᠭᠳᠠᠭᠰᠠᠨ᠃ 14 ᠰᠤᠮᠤ᠂ 60 ᠪᠠᠭ ᠲᠠᠢ᠃ 62500 ᠣᠷᠴᠢᠮ ᠬᠦᠮᠦᠨ ᠠᠮᠠ ᠲᠠᠢ(2013 ᠡᠤᠨ ᠤ ᠡᠴᠦᠰ ᠢᠶᠡᠷ) ᠪᠥᠭᠡᠳ ᠰᠠᠶᠢᠨᠱᠠᠩᠳᠠ ᠳᠤ ᠬᠦᠮᠦᠨ ᠠᠵᠤ ᠦᠢᠯᠡᠳᠪᠦᠷᠢ ᠶᠢᠨ ᠫᠠᠷᠺ ᠪᠠᠶᠢᠭᠤᠯᠬᠤ ᠪᠠᠷ ᠪᠣᠯᠤᠭᠰᠠᠨ ᠠᠴᠠ ᠬᠣᠶᠢᠰᠢ ᠬᠦᠮᠦᠨ ᠠᠮᠠ ᠣᠭᠴᠣᠮ ᠥᠰᠴᠦ ᠪᠠᠶᠢᠨ᠎ᠠ᠃ ᠠᠶᠢᠮᠠᠭ ᠤᠨ ᠲᠥᠪ ᠰᠠᠶᠢᠨᠱᠠᠩᠳᠠ ᠨᠢ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠣᠲᠠ ᠠᠴᠠ 456 ᠺᠢᠯᠣᠮᠧᠲ᠋ᠷ ᠲᠦ ᠣᠷᠣᠰᠢᠳᠠᠭ᠃ ᠳᠣᠷᠣᠨᠠᠭᠣᠪᠢ ᠠᠶᠢᠮᠠᠭ ᠮᠣᠩᠭᠣᠯ ᠣᠷᠣᠨ ᠤ ᠵᠡᠭᠦᠨ ᠡᠮᠦᠨᠡᠲᠦ ᠬᠢᠵᠠᠭᠠᠷ ᠲᠤ ᠡᠮᠦᠨᠡᠭᠣᠪᠢ᠂ ᠳᠤᠮᠳᠠᠭᠤᠪᠢ᠂ ᠭᠣᠪᠢᠰᠦᠮᠪᠦᠷ᠂ ᠬᠡᠨᠲᠡᠢ᠂ ᠰᠦᠬᠡᠪᠠᠭᠠᠲᠤᠷ ᠠᠶᠢᠮᠠᠭ ᠤᠳ ᠲᠠᠢ ᠬᠢᠯᠢ ᠵᠠᠯᠭᠠᠨ ᠣᠷᠣᠰᠢᠳᠠᠭ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠠᠢ 600 ᠺᠢᠯᠣᠮᠧᠲ᠋ᠷ ᠶᠢᠡᠷ ᠬᠢᠯᠢᠯᠡᠳᠡᠭ᠃ ᠬᠣᠶᠢᠳᠤ᠂ ᠤᠷᠢᠳᠤ ᠬᠣᠶᠠᠷ ᠭᠦᠷᠦᠨ ᠢ ᠬᠣᠯᠪᠣᠭᠰᠠᠨ᠂ ᠲᠥᠪ ᠦᠨ ᠪᠥᠰᠡ ᠶᠢᠨ ᠬᠥᠭᠵᠢᠯ ᠦᠨ ᠭᠣᠣᠯ ᠲᠡᠩᠬᠡᠯᠢᠭ ᠪᠣᠯᠤᠭᠰᠠᠨ ᠲᠡᠮᠦᠷ ᠵᠠᠮ ᠳᠠᠭᠠᠷᠢᠨ ᠥᠩᠭᠡᠷᠡᠳᠡᠭ᠃ ᠡᠨᠡ ᠵᠠᠮ ᠤᠨ ᠳᠠᠭᠠᠤ ᠲᠤᠰ ᠠᠶᠢᠮᠠᠭ ᠤᠨ ᠪᠦᠬᠦ ᠰᠤᠮᠤ ᠶᠢᠨ 42.8 ᠬᠤᠪᠢ᠂ ᠬᠦᠮᠦᠨ ᠠᠮᠠ ᠶᠢᠨ 54.8 ᠬᠤᠪᠢ ᠨᠢ ᠣᠷᠣᠰᠢᠨ ᠰᠠᠭᠤᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠲᠠᠯᠭᠠᠳᠤᠷᠵᠢ

ᠲᠠᠯᠭᠠᠳᠤᠷᠵᠢ(ᠬᠢᠲᠠᠳ  ᠶᠢᠡᠷ 决明子 ) ᠪᠣᠯ ᠲᠤᠰ ᠡᠮ ᠪᠣᠯ ᠪᠤᠷᠴᠠᠭ ᠤᠨ ᠢᠵᠠᠭᠤᠷ ᠤᠨ ᠤᠷᠭᠤᠮᠠᠯ ᠪᠣᠯᠬᠤ ᠬᠠᠰᠠᠶ᠎ᠠ ᠪᠤᠷᠴᠠᠭ ( 决明 ) ᠪᠤᠶᠤ ᠵᠢᠵᠢᠭ᠌ ᠬᠠᠰᠠᠶ᠎ᠠ ᠪᠤᠷᠴᠠᠭ (小决明 ) ᠤᠨ ᠬᠠᠲᠠᠭᠠᠭᠰᠠᠨ ᠪᠣᠯᠪᠠᠰᠤᠷᠠᠭᠰᠠᠨ ᠦᠷ᠎ᠡ ᠮᠥᠨ ᠃ ᠰᠢᠷ᠎ᠠ ᠤᠰᠤ ᠶᠢ ᠬᠠᠲᠠᠭᠠᠬᠤ ᠂ ᠬᠦᠴᠦᠵᠢᠭᠦᠯᠬᠦ ᠂ ᠰᠢᠮᠡᠵᠢᠭᠦᠯᠬᠦ ᠴᠢᠳᠠᠯ ᠲᠠᠢ ᠃ (ᠪᠦᠷᠢᠨ ᠠᠭᠤᠯᠭ᠎ᠠ ᠶᠢ ᠤᠩᠰᠢᠬᠤ)

[[Image:|175px|left|ᠪᠣᠷᠵᠢᠭᠢᠨ ᠤᠷᠲᠤ ᠶᠢᠨ ᠳᠠᠭᠤᠤ]] ᠪᠣᠷᠵᠢᠭᠢᠨ ᠤᠷᠲᠤ ᠶᠢᠨ ᠳᠠᠭᠤᠤ ᠪᠣᠯ ᠠᠮᠢᠳᠤᠷᠠᠯ ᠤᠨ ᠭᠣᠸ᠎ᠠ ᠰᠠᠶᠢᠬᠠᠨ ᠭᠦᠨ ᠤᠬᠠᠭᠠᠨ ᠠᠴᠠ ᠤᠷᠭᠤᠨ ᠭᠠᠷᠤᠭᠰᠠᠨ ᠥᠪᠡᠷ ᠦᠨ ᠭᠡᠰᠡᠨ ᠣᠨᠴᠠᠯᠢᠭ ᠪᠦᠬᠦᠢ ᠠᠷᠠᠳ ᠤᠨ ᠤᠷᠠᠯᠢᠭ ᠤᠨ ᠤᠷ᠎ᠠ ᠶᠢᠨ ᠰᠠᠩ ᠤᠨ ᠦᠨᠡᠲᠦ ᠳᠡᠭᠡᠵᠢ ᠶᠤᠮ᠃ ᠪᠣᠷᠵᠢᠭᠢᠨ ᠤᠷᠲᠤ ᠶᠢᠨ ᠳᠠᠭᠤᠤ ᠶᠢ ᠳᠠᠭᠤᠯᠠᠬᠤ ᠳᠤ ᠬᠥᠭ ᠨᠢ ᠴᠢᠮᠡᠭᠯᠡᠯ ᠶᠡᠬᠡᠲᠡᠢ ᠡᠴᠡ ᠭᠠᠳᠠᠨ᠎ᠠ ᠡᠯᠳᠡᠪ ᠥᠪᠡᠷᠮᠢᠴᠡ ᠤᠷᠠᠨ ᠨᠤᠭᠤᠯᠤᠭ᠎ᠠ ᠨᠤᠭᠤᠳ ᠶᠡᠬᠡ ᠣᠷᠣᠨ᠎ᠠ᠃ ᠶᠡᠷᠦ ᠨᠢ ᠤᠷᠲᠤ ᠶᠢᠨ ᠳᠠᠭᠤᠨ ᠤ ᠲᠦᠷᠡᠯᠭᠡ ᠶᠢ ᠮᠠᠯᠠᠭᠠᠢ ᠶᠢᠨ ᠣᠷᠣᠢ ᠶᠢᠨ ᠨᠤᠭᠤᠯᠤᠭᠠᠨ ᠳᠤ ᠲᠣᠬᠢᠷᠠᠭᠤᠯᠤᠨ 6᠂ 12᠂ 24᠂ 36 ᠭᠡᠬᠦ ᠮᠡᠲᠦ ᠲᠣᠭ᠎ᠠ ᠲᠠᠢ ᠪᠠᠷ ᠵᠣᠬᠢᠶᠠᠳᠠᠭ ᠪᠠᠶᠢᠭᠰᠠᠨ ᠭᠡᠵᠦ ᠶᠠᠷᠢᠯᠴᠠᠳᠠᠭ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ_ᠤᠯᠤᠰ ᠤᠨ_ᠰᠤᠮᠤ ᠤᠳ
ᠮᠣᠩᠭᠣᠯ ᠤᠯᠤᠰ ᠤᠨ ᠰᠤᠮᠤ ᠤᠳ

ᠰᠤᠮᠤ ᠨᠢ ᠮᠣᠩᠭᠣᠯ ᠍ ᠤᠨ ᠵᠠᠰᠠᠭ ᠵᠠᠬᠢᠷᠭᠠᠨ ᠤ ᠬᠣᠶᠠᠳᠤᠭᠠᠷ ᠲᠦᠪᠰᠢᠨ ᠦ ᠨᠢᠭᠡᠴᠡ ᠶᠤᠮ᠃ ᠮᠣᠩᠭᠣᠯ ᠤᠨ ᠠᠶᠢᠮᠠᠭ ᠤᠳ ᠢ 315 ᠰᠤᠮᠤ ᠳᠤ ᠬᠤᠪᠢᠶᠠᠳᠠᠭ᠃ ᠨᠢᠭᠡ ᠰᠤᠮᠤ ᠨᠢ ᠳᠤᠮᠳᠠᠴᠢ ᠪᠠᠷ 4,200 ᠺᠦᠸᠠᠳ᠋ ᠺᠢᠯᠣᠮᠧᠲ᠋ᠷ ᠨᠤᠲᠤᠭ ᠲᠠᠢ᠂ 5000 ᠣᠷᠴᠢᠮ ᠬᠦᠮᠦᠨ ᠠᠮᠠ ᠲᠠᠢ᠃ ᠨᠡᠶᠢᠲᠡ 120 ᠰᠠᠶ᠎ᠠ ᠲᠥᠭᠥᠷᠢᠭ ᠦᠨ ᠣᠷᠣᠯᠭ᠎ᠠ ᠲᠠᠢ ᠪᠥᠭᠡᠳ ᠡᠭᠦᠨ ᠡᠴᠡ 90% ᠨᠢ ᠤᠯᠤᠰ ᠤᠨ ᠮᠥᠩᠭᠥᠨ ᠲᠡᠳᠬᠦᠮᠵᠢ ᠡᠴᠡ ᠭᠠᠷᠳᠠᠭ᠃ ᠰᠤᠮᠤ ᠨᠤᠭᠤᠳ ᠴᠢᠨᠠᠭᠰᠢᠯᠠᠭᠠᠳ ᠪᠠᠭ ᠤᠳ ᠲᠤ ᠬᠤᠪᠢᠶᠠᠭᠳᠠᠳᠠᠭ ᠪᠣᠯᠪᠠᠴᠤ ᠶᠡᠬᠡᠩᠬᠢ ᠳᠦ ᠪᠡᠨ ᠵᠢᠩᠬᠢᠨᠢ ᠠᠮᠢᠳᠤᠷᠠᠯ ᠳᠤ ᠬᠡᠷᠡᠭᠯᠡᠳᠡᠭ ᠦᠭᠡᠢ᠃ ᠭᠣᠣᠯ ᠵᠣᠷᠢᠯᠭ᠎ᠠ ᠨᠢ ᠰᠤᠮᠤ ᠶᠢᠨ ᠨᠡᠭᠦᠳᠡᠯᠴᠢᠨ ᠡᠷᠦᠬᠡ ᠨᠦᠭᠦᠳ ᠢ ᠲᠣᠳᠣᠷᠬᠠᠢ ᠰᠠᠭᠤᠷᠢᠨ ᠭᠠᠵᠠᠷ ᠦᠭᠡᠢ ᠪᠡᠷ ᠪᠦᠯᠦᠭ ᠦᠳ ᠲᠦ ᠬᠤᠪᠢᠶᠠᠬᠤ ᠶᠠᠪᠤᠳᠠᠯ ᠶᠤᠮ᠃ ᠠᠯᠪᠠᠨ ᠶᠣᠰᠣᠭᠠᠷ ᠪᠣᠯ ᠰᠤᠮᠤ ᠨᠤᠭᠤᠳ ᠨᠢ ᠥᠪᠡᠷ ᠦᠨ ᠭᠡᠰᠡᠨ ᠰᠤᠮᠤ ᠶᠢᠨ ᠲᠥᠪ ᠲᠡᠢ ᠪᠠ ᠲᠡᠳᠡᠭᠡᠷ ᠨᠢ ᠰᠤᠮᠤ ᠠᠴᠠ ᠪᠠᠨ ᠥᠭᠡᠷ᠎ᠡ ᠨᠡᠷᠡᠲᠡᠢ ᠪᠠᠶᠢᠳᠠᠭ᠃ ᠭᠡᠬᠦ ᠳᠦ ᠪᠡᠨ ᠠᠮᠢᠳᠤᠷᠠᠯ ᠳᠡᠭᠡᠷ᠎ᠡ ᠪᠣᠯ ᠡᠳᠡᠭᠡᠷ ᠨᠢ ᠬᠡᠷᠡᠭᠯᠡᠭᠳᠡᠳᠡᠭ ᠦᠭᠡᠢ ᠪᠠ ᠣᠷᠣᠰᠢᠨ ᠰᠠᠭᠤᠭᠴᠢᠳ ᠨᠢ ᠴᠤ ᠲᠡᠷᠡ ᠨᠡᠷ᠎ᠡ ᠶᠢ ᠮᠡᠳᠡᠬᠦ ᠦᠭᠡᠢ ᠲᠣᠬᠢᠶᠠᠯᠳᠤᠯ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 09 03 1

Uhaan:ᠣᠨᠴᠠᠯᠠᠬᠤ ᠥᠭᠦᠯᠡᠯ/2017 09 02 1

ᠰᠠᠭᠰᠤᠨ ᠪᠥᠮᠪᠥᠭᠡ
ᠰᠠᠭᠰᠤᠨ ᠪᠥᠮᠪᠥᠭᠡ

ᠰᠠᠭᠰᠤᠨ ᠪᠥᠮᠪᠥᠭᠡ ᠨᠢ ᠨᠢᠭᠡ ᠲᠥᠷᠥᠯ ᠦᠨ ᠪᠠᠭ ᠤᠨ ᠰᠫᠣᠷᠲ ᠶᠤᠮ᠃ ᠰᠠᠭᠰᠤᠨ ᠪᠥᠮᠪᠥᠭᠡ ᠶᠢᠨ ᠲᠠᠯᠠᠪᠠᠢ ᠳᠤ ᠲᠤᠰ ᠪᠦᠷᠢ 5 ᠬᠦᠮᠦᠨ ᠲᠡᠢ ᠬᠣᠶᠠᠷ ᠪᠠᠭ ᠳᠦᠷᠢᠮ ᠦᠨ ᠳᠠᠭᠠᠤ ᠥᠷᠢᠰᠦᠯᠳᠦᠭᠴᠢ ᠲᠠᠯ᠎ᠠ ᠶᠢᠨ ᠴᠠᠭᠠᠷᠢᠭ ᠲᠤ ᠪᠥᠮᠪᠥᠭᠡ ᠰᠢᠳᠡᠵᠦ ᠡᠰᠡᠪᠡᠯ ᠲᠣᠬᠣᠵᠤ ᠣᠷᠣᠭᠤᠯᠤᠨ ᠣᠨᠣᠭ᠎ᠠ ᠴᠤᠭᠯᠠᠭᠤᠯᠵᠤ᠂ ᠴᠠᠭ ᠳᠠᠭᠤᠰᠬᠤ ᠳᠤ ᠬᠠᠮᠤᠭ ᠤᠨ ᠣᠯᠠᠨ ᠣᠨᠣᠭ᠎ᠠ ᠲᠠᠢ ᠨᠢ ᠬᠣᠵᠢᠳᠠᠭ᠃ ᠳᠡᠯᠡᠬᠡᠢ ᠳᠠᠬᠢᠨ ᠳᠤ ᠥᠷᠭᠡᠨ ᠢᠶᠡᠷ ᠳᠡᠯᠭᠡᠷᠡᠭᠰᠡᠨ᠂ ᠣᠨᠴᠠᠭᠠᠶᠢᠯᠠᠨ ᠶᠡᠬᠡ ᠦᠵᠡᠳᠡᠭ ᠰᠫᠣᠷᠲ ᠤᠳ ᠤᠨ ᠨᠢᠭᠡ ᠨᠢ ᠰᠠᠭᠰᠤᠨ ᠪᠥᠮᠪᠥᠭᠡ ᠪᠣᠯᠤᠨ᠎ᠠ᠃ ᠰᠠᠭᠰᠤᠨ ᠪᠥᠮᠪᠥᠭᠡ ᠶᠢᠨ ᠳᠦᠷᠢᠮ ᠢᠶᠡᠷ 3.05 ᠮᠧᠲ᠋ᠷ ᠦᠨ ᠥᠨᠳᠥᠷ ᠱᠣᠩ ᠤᠨ ᠰᠠᠮᠪᠠᠷ᠎ᠠ ᠳᠤ ᠴᠠᠭᠠᠷᠢᠭ ᠪᠡᠬᠢᠯᠡᠭᠳᠡᠭᠰᠡᠨ ᠪᠠᠶᠢᠬᠤ ᠪᠠᠷ ᠲᠣᠭᠲᠠᠭᠰᠠᠨ᠃ ᠠᠷᠠᠢ ᠣᠶᠢᠷ᠎ᠠ ᠠᠴᠠ ᠪᠥᠮᠪᠥᠭᠡ ᠶᠢ ᠰᠢᠳᠡᠵᠦ ᠣᠷᠣᠭᠤᠯᠪᠠᠯ 2 ᠣᠨᠣᠭ᠎ᠠ᠂ ᠭᠤᠷᠪᠠ ᠶᠢᠨ ᠱᠤᠭᠤᠮ ᠤᠨ ᠠᠷᠤ ᠠᠴᠠ ᠰᠢᠳᠡᠵᠦ ᠣᠷᠣᠭᠤᠯᠪᠠᠯ 3 ᠣᠨᠣᠭ᠎ᠠ ᠶᠢ ᠲᠣᠭᠯᠠᠭᠴᠢ ᠪᠠᠭᠲᠠᠭ᠎ᠠ ᠨᠡᠮᠡᠷᠢᠯᠡᠨ᠎ᠡ᠃ ᠵᠠᠯᠠᠯᠲᠠ᠂ ᠠᠯᠬᠤᠯᠲᠠ᠂ ᠳᠠᠮᠵᠢᠭᠤᠯᠤᠯᠲᠠ ᠵᠡᠷᠭᠡ ᠪᠡᠷ ᠪᠥᠮᠪᠥᠭᠡ ᠶᠢ ᠬᠥᠳᠡᠯᠭᠡᠳᠡᠭ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ