ᠣᠨᠴᠠᠯᠠᠬᠤ ᠥᠭᠦᠯᠡᠯ/2017 8 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠠᠪᠬᠠᠨ
ᠵᠠᠪᠬᠠᠨ

᠋᠋᠋᠋ᠵᠠᠪᠬᠠᠨ (ᠬᠤᠳᠤᠮ ᠮᠣᠩᠭᠣᠯ ᠢᠶᠠᠷ ᠵᠠᠪᠬᠠᠨ – ᠵᠠᠪᠠᠬᠠᠨ) ᠨᠢ ᠮᠣᠩᠭᠣᠯ ᠤᠯᠤᠰ ᠤᠨ ᠠᠶᠢᠮᠠᠭ ᠶᠤᠮ᠃ 1923 ᠡᠤᠨ ᠳᠤ ᠪᠠᠶᠢᠭᠤᠯᠤᠭᠳᠠᠭᠰᠠᠨ ᠪᠥᠭᠡᠳ 1931 ᠡᠤᠨ ᠠᠴᠠ ᠵᠠᠪᠬᠠᠨ ᠠᠶᠢᠮᠠᠭ ᠭᠡᠵᠦ ᠨᠡᠷᠡᠯᠡᠭᠳᠡᠬᠦ ᠪᠣᠯᠤᠭᠰᠠᠨ᠃ ᠵᠠᠪᠬᠠᠨ ᠠᠶᠢᠮᠠᠭ ᠨᠢ ᠬᠠᠩᠭᠠᠢ ᠶᠢᠨ ᠨᠢᠷᠤᠭᠤᠨ ᠤ ᠪᠠᠷᠠᠭᠤᠨ ᠬᠡᠰᠡᠭ ᠦᠨ ᠶᠡᠬᠡ ᠠᠭᠤᠯᠠᠷᠬᠠᠭ ᠲᠤ ᠣᠷᠣᠰᠢᠨ᠎ᠠ᠃ ᠬᠠᠮᠤᠭ ᠤᠨ ᠥᠨᠳᠥᠷ ᠴᠡᠭ ᠨᠢ ᠣᠳᠬᠣᠨᠲᠩᠷᠢ ᠠᠭᠤᠯᠠ (4021 m)᠃ ᠨᠤᠲᠤᠭ ᠤᠨ ᠶᠡᠬᠡᠩᠬᠢ ᠬᠡᠰᠡᠭ ᠲᠦ ᠭᠧᠷᠼᠢᠨ ᠤ ᠪᠣᠷᠵᠢᠨ᠂ ᠫᠧᠷᠮ᠂ ᠳᠥᠪᠦᠩ᠂ ᠺᠠᠷᠪᠶᠣᠨ ᠤ ᠭᠠᠯᠪᠠ ᠢᠢᠨ ᠭᠦᠨ ᠦ ᠴᠢᠯᠠᠭᠤᠯᠢᠭ ᠲᠠᠷᠬᠠᠵᠠᠢ᠃ ᠠᠶᠢᠮᠠᠭ ᠤᠨ ᠨᠤᠲᠤᠭ ᠲᠦ ᠵᠡᠰ (ᠣᠶᠤᠲᠤ) ᠪᠣᠯᠤᠨ ᠪᠠᠷᠢᠯᠭ᠎ᠠ ᠶᠢᠨ ᠮᠠᠲ᠋ᠧᠷᠢᠶᠠᠯ ᠪᠤᠢ᠃ (ᠪᠦᠷᠢᠨ ᠠᠭᠤᠯᠭ᠎ᠠ ᠶᠢ ᠤᠩᠰᠢᠬᠤ)

ᠲᠠᠯᠠᠨ ᠲᠦᠷᠦᠭᠦᠦ
ᠲᠠᠯᠠᠨ ᠲᠦᠷᠦᠭᠦᠦ

ᠲᠠᠯᠠᠨ ᠲᠦᠷᠦᠭᠦᠦ(ᠬᠢᠲᠠᠳ  ᠶᠢᠡᠷ 瑞香狼毒 ) ᠪᠣᠯ ᠪᠡᠯᠡᠭᠲᠦ ᠴᠡᠴᠡᠭ ᠦᠨ ᠢᠵᠠᠭᠤᠷ ᠤᠨ ᠡᠪᠡᠰᠦᠯᠢᠭ ᠤᠷᠭᠤᠮᠠᠯ ᠪᠣᠯᠬᠤ ᠲᠠᠯᠠᠨ ᠲᠦᠷᠦᠭᠦᠦ ᠶᠢᠨ ᠬᠠᠲᠠᠭᠠᠭᠰᠠᠨ ᠦᠨᠳᠦᠰᠦ ᠮᠥᠨ ᠃ ᠦᠨᠢᠶᠡᠨ ᠰᠦ᠋ ᠂ ᠦᠨᠢᠶᠡᠨ ᠰᠢᠭᠡᠰᠦ ᠵᠡᠷᠭᠡ  ᠳᠤ ᠴᠢᠨᠠᠬᠤ ᠪᠤᠶᠤ ᠬᠠᠨᠳᠠᠯᠠᠨ᠎ᠠ ᠃ ᠲᠤᠭᠤᠯᠭᠠᠬᠤ ᠂ ᠨᠢᠶᠠᠨ ᠢ ᠨᠢᠲᠤᠯᠬᠤ ᠂ ᠬᠠᠪᠤᠳᠠᠷ ᠢ ᠬᠠᠷᠢᠭᠤᠯᠬᠤ ᠂ ᠴᠢᠭᠢᠬ᠎ᠠ ᠶᠢ ᠨᠣᠮᠤᠬᠠᠳᠭᠠᠬᠤ ᠂ ᠢᠯᠵᠢᠷᠡᠬᠦ ᠶᠢ ᠵᠣᠭᠰᠤᠭᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠰᠤᠶᠤᠯ ᠤᠷᠠᠯᠢᠭ ᠤᠨ ᠶᠡᠬᠡ ᠰᠤᠷᠭᠠᠭᠤᠯᠢ
ᠰᠤᠶᠤᠯ ᠤᠷᠠᠯᠢᠭ ᠤᠨ ᠶᠡᠬᠡ ᠰᠤᠷᠭᠠᠭᠤᠯᠢ

"ᠮᠣᠩᠭᠣᠯ ᠤᠯᠤᠰ ᠤᠨ ᠰᠤᠶᠤᠯ ᠤᠷᠠᠯᠢᠭ ᠤᠨ ᠶᠡᠬᠡ ᠰᠤᠷᠭᠠᠭᠤᠯᠢ" ᠶᠢᠨ ᠡᠬᠢ ᠰᠠᠭᠤᠷᠢ ᠶᠢ ᠠᠩᠬ᠎ᠠ ᠲᠠᠯᠪᠢᠬᠤ ᠦᠶ ᠡ ᠶᠢᠨ ᠲᠤᠪᠴᠢ ᠪᠠᠶᠢᠳᠠᠯ ᠨᠢ᠂ 1957 ᠤᠨ ᠳᠤ ᠲᠢᠶᠠᠲ᠋ᠷ ᠤᠨ ᠨᠠᠶᠢᠷᠠᠭᠤᠯᠤᠭᠴᠢ᠂ 1959 ᠤᠨ ᠳᠤ ᠺᠢᠨᠣ᠋ ᠳ᠋ᠠᠷᠠᠮ ᠤᠨ ᠵᠦᠵᠦᠭᠡᠴᠢᠨ᠂ 1967  ᠤᠨ ᠳᠤ ᠳᠠᠭᠤᠴᠢᠨ᠂ 1989  ᠤᠨ ᠳᠤ ᠠᠷᠠᠳ ᠤᠨ ᠬᠥᠭᠵᠢᠮ ᠦᠨ ᠮᠡᠷᠭᠡᠵᠢᠯ ᠢᠶᠡᠷ ᠪᠡᠯᠡᠳᠬᠡᠵᠦ ᠡᠬᠢᠯᠡᠭᠰᠡᠨ ᠢᠶᠡᠷ ᠰᠤᠶᠤᠯ ᠤᠷᠠᠯᠢᠭ ᠤᠨ ᠶᠡᠬᠡ ᠰᠤᠷᠭᠠᠭᠤᠯᠢ ᠶᠢᠨ ᠰᠠᠭᠤᠷᠢ ᠨᠢ ᠲᠠᠯᠪᠢᠭᠳᠠᠨ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠰᠠᠶᠢᠳ ᠨᠠᠷ ᠤᠨ ᠵᠥᠪᠯᠡᠯ ᠦᠨ 1990 ᠤᠨ ᠤ 6 ᠍ᠳ᠋ᠤᠭᠠᠷ ᠰᠠᠷ᠎ᠠ ᠶᠢᠨ 8 ᠤ ᠡᠳᠦᠷ ᠦᠨ 292 ᠲᠣᠭᠠᠲᠤ ᠲᠣᠭᠲᠠᠭᠠᠯ ᠶᠢᠡᠷ᠂ ᠪᠡᠶ᠎ᠡ ᠪᠠᠨ ᠳᠠᠭᠠᠭᠠᠭᠰᠠᠨ ᠰᠤᠶᠤᠯ᠂ ᠤᠷᠠᠯᠢᠭ ᠤᠨ ᠳᠡᠭᠡᠳᠦ ᠰᠤᠷᠭᠠᠭᠤᠯᠢ ᠶᠢ ᠪᠠᠶᠢᠭᠤᠯᠵᠤ᠂ 1992  ᠤᠨ ᠳᠤ ᠰᠤᠶᠤᠯ᠂ ᠤᠷᠠᠯᠢᠭ ᠤᠨ ᠶᠡᠬᠡ ᠰᠤᠷᠭᠠᠭᠤᠯᠢ ᠪᠣᠯᠭᠠᠵᠤ ᠥᠷᠭᠡᠳᠬᠡᠵᠡᠢ᠃ (ᠪᠦᠷᠢᠨ ᠠᠭᠤᠯᠭ᠎ᠠ ᠶᠢ ᠤᠩᠰᠢᠬᠤ)


ᠰᠢᠬᠦᠷᠴᠢ ᠭᠡᠯᠦᠩᠬᠦᠦ
ᠰᠢᠬᠦᠷᠴᠢ ᠭᠡᠯᠦᠩᠬᠦᠦ

ᠰᠢᠬᠦᠷᠴᠢ ᠭᠡᠯᠦᠩᠬᠦᠦ ᠭᠡᠵᠦ ᠠᠯᠳᠠᠷᠰᠢᠭᠰᠠᠨ ᠬᠠᠶᠢᠨᠵᠠᠩ ᠤᠨ ᠭᠡᠯᠦᠩᠬᠦᠦ ᠨᠢ ᠮᠣᠩᠭᠣᠯ ᠍ ᠤᠨ ᠯᠠᠮᠠ ᠶᠤᠮ᠃ ᠰᠠᠶᠢᠨ ᠨᠣᠶᠠᠨ ᠬᠠᠨ ᠠᠶᠢᠮᠠᠭ ᠤᠨ ᠳᠠᠯᠠᠢ ᠴᠣᠶᠢᠩᠬᠣᠷ ᠸᠠᠩ ᠤᠨ ᠬᠣᠰᠢᠭᠤᠨ ᠤ ᠶᠠᠳᠠᠭᠤ ᠠᠷᠠᠳ ᠬᠠᠶᠢᠨᠵᠠᠩ ᠤᠨ ᠳᠤ ᠨᠢᠭᠡᠨ ᠬᠦᠦ ᠮᠡᠨᠳᠦᠯᠡᠵᠡᠢ᠃ ᠬᠠᠷ᠎ᠠ ᠪᠠᠭ᠎ᠠ ᠠᠴᠠ ᠪᠠᠨ ᠣᠢ ᠤᠬᠠᠭᠠᠨ ᠭᠣᠴᠣ ᠰᠡᠷᠭᠦᠯᠡᠩ᠂ ᠴᠣᠪᠣᠭᠣ ᠱᠠᠯᠠᠮᠠᠭ᠂ ᠠᠵᠢᠯᠴᠢ ᠬᠢᠴᠢᠶᠡᠩᠭᠦᠢ ᠲᠡᠷᠡ ᠬᠦ ᠦᠯᠢᠭᠡᠷ ᠳᠣᠮᠣᠭ ᠰᠣᠨᠣᠰᠤᠨ ᠰᠡᠳᠬᠢᠯ ᠦᠨ ᠢᠶᠡᠨ ᠳᠠᠭᠤᠳᠠᠯᠭ᠎ᠠ ᠪᠠᠷ 《ᠡᠭᠦᠯᠡ ᠲᠡᠢ ᠲᠩᠷᠢ ᠡᠴᠡ ᠳᠣᠣᠭᠤᠷ᠂ ᠦᠵᠦᠭᠦᠷ ᠲᠡᠢ ᠮᠣᠳᠣᠨ ᠠᠴᠠ ᠳᠡᠭᠡᠭᠦᠷ》 ᠵᠢᠭᠦᠷᠲᠦ ᠬᠤᠷᠳᠤᠨ ᠬᠥᠯᠭᠡᠷ᠎ᠡ ᠳᠡᠭᠦᠯᠢᠬᠦ ᠮᠥᠷᠥᠭᠡᠳᠦᠯ ᠳᠦ ᠬᠥᠲᠦᠯᠦᠭᠳᠡᠵᠡᠢ᠃ ᠲᠡᠷᠡ ᠬᠡᠦᠬᠡᠳ ᠠᠬᠤᠢ ᠳᠤ ᠪᠠᠨ ᠦᠨᠡᠨ ᠰᠦᠰᠦᠭᠲᠦ ᠡᠴᠢᠭᠡ ᠡᠬᠡ ᠶᠢᠨ ᠬᠦᠰᠡᠯ ᠢ ᠳᠠᠭᠠᠵᠤ ᠠᠭᠢᠲᠤ ᠶᠢᠨ ᠬᠦᠷᠢᠶ᠎ᠡ᠂ ᠳᠠᠷᠠᠭ᠎ᠠ ᠨᠢ ᠮᠠᠨᠳᠤᠬᠤ ᠶᠢᠨ ᠬᠦᠷᠢᠶᠡᠨ ᠳᠦ ᠱᠠᠪᠢᠯᠠᠨ ᠰᠠᠭᠤᠵᠠᠢ᠃ ᠰᠦᠮ᠎ᠡ ᠬᠡᠶᠢᠳ ᠦᠨ ᠨᠢᠭᠡᠨ ᠬᠡᠪ ᠦᠨ ᠤᠶᠢᠳᠬᠠᠷᠲᠤ ᠠᠮᠢᠳᠤᠷᠠᠯ᠂ ᠤᠴᠢᠷ ᠦᠯᠦ ᠮᠡᠳᠡᠬᠦ ᠨᠣᠮ ᠤᠨ ᠦᠰᠦᠭ ᠡᠴᠡ ᠲᠡᠳᠦᠯ ᠦᠭᠡᠢ ᠵᠢᠭᠤᠳᠠᠵᠤ᠂ ᠲᠦᠷᠦᠭᠰᠡᠨ ᠨᠤᠲᠤᠭ ᠤᠨ ᠢᠶᠠᠨ ᠠᠭᠤᠯᠠ ᠨᠢᠷᠤᠭᠤ ᠬᠡᠰᠦᠨ ᠠᠩ ᠭᠥᠷᠦᠭᠡᠨ ᠦ ᠮᠥᠷ ᠬᠥᠭᠡᠭᠡᠵᠦ ᠶᠠᠪᠤᠯ᠎ᠠ᠃ ᠲᠡᠭᠦᠨ ᠳᠦ ᠠᠩ ᠬᠢᠵᠦ ᠠᠮᠢᠳᠤᠷᠠᠬᠤ ᠳᠤ ᠰᠠᠶᠢᠨ ᠫᠤᠤ ᠬᠡᠷᠡᠭᠲᠡᠢ ᠪᠣᠯᠪᠠ᠃ ᠬᠠᠷ᠎ᠠ ᠪᠠᠭ᠎ᠠ ᠠᠴᠠ ᠪᠠᠨ ᠡᠴᠢᠭᠡ ᠶᠢᠨ ᠳᠥᠰᠢ ᠲᠦᠰᠢᠵᠦ ᠭᠠᠷ ᠤᠨ ᠤᠷ᠎ᠠ ᠲᠠᠢ ᠪᠣᠯᠤᠭᠰᠠᠨ ᠨᠢ ᠬᠡᠷᠡᠭ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 08 27 1

ᠲᠠᠶᠢᠹᠧᠩ ᠰᠠᠯᠬᠢ
ᠲᠠᠶᠢᠹᠧᠩ ᠰᠠᠯᠬᠢ

ᠲᠠᠶᠢᠹᠧᠩ ᠰᠠᠯᠬᠢ ( ᠠᠩᠭᠯᠢ ᠬᠡᠯᠡᠨ ᠦ ᠄ Typhoon ᠬᠢᠳᠠᠳ ᠬᠡᠯᠡᠨ ᠤ᠄台风) ᠪᠣᠯ ᠳᠡᠯᠡᠬᠡᠶ ᠶᠢᠨ ᠪᠦᠰᠡᠯᠡᠭᠦᠷ ᠡᠴᠡ ᠤᠮᠠᠷᠠᠰᠢ ᠂ ᠡᠳᠦᠷ ᠰᠤᠯᠢᠭᠳᠠᠬᠤ ᠱᠤᠭᠤᠮ ᠡᠴᠡ ᠪᠠᠷᠠᠭᠤᠨᠰᠢ ᠂ ᠠᠽᠢᠶ᠎ᠠ ᠲᠢᠪ ᠨᠣᠮᠣᠬᠠᠨ ᠲᠠᠯᠠᠢ ᠶᠢᠨ ᠤᠯᠤᠰ ᠪᠤᠶᠤ ᠭᠠᠵᠠᠷ ᠣᠷᠣᠨ ᠤ ᠬᠠᠯᠠᠭᠤᠨ ᠪᠦᠰᠡᠨ ᠦ ᠬᠤᠶᠢᠯᠠᠷᠠᠭ᠎ᠠ  ᠢᠶᠨ ᠨᠢᠭᠡᠨ ᠠᠨᠭᠭᠢᠯᠠᠯ ᠃ ᠴᠠᠭ ᠠᠭᠤᠷ ᠤᠨ ᠰᠢᠨᠵᠢᠯᠡᠭᠡ ᠳᠡᠭᠡᠷ᠎ᠡ ᠂ ᠳᠡᠯᠡᠬᠡᠶ ᠶᠢᠨ ᠴᠠᠭ ᠠᠭᠤᠷ ᠤᠨ ᠵᠣᠬᠢᠶᠠᠨ ᠪᠠᠶᠢᠭᠤᠯᠤᠯᠲᠠ ᠢᠢᠨ ᠲᠣᠮᠢᠶᠠᠯᠠᠯ ᠶᠣᠰᠣᠭᠠᠷ ᠂ ᠬᠠᠯᠠᠭᠤᠨ ᠪᠦᠰᠡᠨ ᠦ ᠬᠤᠶᠢᠯᠠᠷᠠᠭ᠎ᠠ ᠶᠢᠨ ᠲᠥᠪ ᠲᠡᠬᠢ ᠦᠷᠭᠦᠯᠵᠢᠯᠡᠬᠦ ᠰᠠᠯᠬᠢᠨ ᠤ ᠬᠤᠷᠳᠤᠴᠠ ᠨᠢ 12 ᠳᠡᠰ ( ᠥᠭᠡᠷ᠎ᠡ ᠪᠡᠷ ᠬᠡᠯᠡᠪᠡᠯ 64 ᠬᠡᠰᠡᠭ ᠪᠤᠶᠤ ᠳᠡᠭᠡᠭᠰᠢ ᠬᠦᠷᠴᠦ ᠂ ᠰᠧᠺᠦ᠋ᠨ᠋ᠳ᠋ ᠪᠦᠷᠢ 32.7 ᠮᠧᠲ᠋ᠷ ᠪᠤᠶᠤ ᠳᠡᠭᠡᠭᠰᠢ ᠂ ᠪᠠᠰᠠ ᠡᠰᠡᠬᠦᠯ᠎ᠡ ᠴᠠᠭ ᠪᠦᠷᠢ ᠳᠤ 220 ᠺᠢᠯᠣᠮᠧᠲ᠋ᠷ ᠪᠤᠶᠤ ᠳᠡᠭᠡᠭᠰᠢ )ᠬᠦᠷᠳᠡᠭ ᠂ ᠪᠠᠰᠠ ᠳᠠᠯᠠᠢ ᠢᠢᠨ ᠰᠢᠭᠤᠷᠭ᠎ᠠ ᠪᠤᠶᠤ ᠪᠤᠰᠤᠳ ᠭᠠᠵᠠᠷ ᠤᠨ ᠣᠶᠢᠷᠠᠯᠴᠠᠭ᠎ᠠ ᠤᠳᠬᠠᠲᠤ ᠦᠰᠦᠭ ᠪᠣᠯᠬᠤ ᠶᠤᠮ ᠃ ᠪᠠᠷᠠᠭᠤᠨ ᠬᠣᠶᠢᠲᠤ ᠨᠣᠮᠣᠬᠠᠨ ᠲᠠᠯᠠᠢ ᠶᠢᠨ ᠣᠷᠣᠨ ᠳᠤ ᠬᠡᠷᠡᠭᠯᠡᠵᠦ ᠪᠠᠢᠢᠭ᠎ᠠ ᠣᠶᠢᠷᠠᠯᠴᠠᠭ᠎ᠠ ᠤᠳᠬᠠᠲᠠᠶ ᠦᠭᠡ ᠪᠣᠯ ᠳᠠᠷᠤᠢ ᠲᠠᠶᠢᠹᠸᠩ ᠰᠠᠯᠬᠢ ᠪᠤᠯᠤᠨ᠎ᠠ᠃ ᠳᠡᠯᠡᠬᠡᠶ ᠶᠢᠨ ᠴᠠᠭ ᠠᠭᠤᠷ ᠤᠨ ᠵᠣᠬᠢᠶᠠᠨ ᠪᠠᠶᠢᠭᠤᠯᠤᠯᠲᠠ ᠵᠢᠴᠢ ᠶᠠᠫᠣᠨ ᠤ ᠴᠠᠭ ᠠᠭᠤᠷ ᠤᠨ ᠬᠠᠮᠢᠶᠠᠷᠤᠯᠲᠠ ᠶᠢᠨ ᠳᠠᠨᠭᠬᠢᠮ ᠨᠢ ᠴᠥᠮ ᠡᠭᠦᠨ ᠢᠶᠡᠷ ᠬᠠᠯᠠᠭᠤᠨ ᠪᠦᠰᠡᠨ ᠦ ᠬᠤᠶᠢᠯᠠᠷᠠᠭ᠎ᠠ ᠬᠠᠮᠤᠭ ᠤᠨ ᠳᠡᠭᠡᠳᠦ ᠳᠡᠰ ᠪᠤᠯᠭᠠᠵᠤ᠂ ᠭᠡᠪᠡᠴᠦ ᠬᠡᠰᠡᠭ ᠴᠠᠭ ᠠᠭᠤᠷ ᠤᠨ ᠰᠠᠯᠠᠭ᠎ᠠ ᠮᠥᠴᠢᠷ ᠨᠢ ᠬᠡᠷᠡᠭᠴᠡᠭᠡᠨ ᠦ ᠪᠠᠨ ᠬᠡᠮᠵᠢᠶ ᠡ ᠪᠡᠷ ᠨᠡᠩ ᠳᠡᠭᠡᠳᠦ ᠳᠡᠰ ᠶᠢ ᠪᠠᠶᠢᠭᠤᠯᠤᠳᠠᠭ ᠂ ᠵᠢᠱᠢᠶᠡᠯᠡᠪᠡᠯ ᠳᠤᠮᠳᠠᠳᠤ ᠤᠯᠤᠰ ᠤᠨ ᠲᠥᠪ ᠦᠨ ᠴᠠᠭ ᠠᠭᠤᠷ ᠤᠨ ᠲᠣᠪᠴᠢᠶ᠎ᠠ ᠪᠠ ᠰᠢᠶᠠᠩᠭᠠᠩ ᠤᠨ ᠣᠳᠣᠨ ᠣᠷᠣᠨ ᠤ ᠥᠷᠲᠡᠭᠡ ᠪᠣᠯᠪᠠᠰᠤ ᠶᠡᠬᠡ ᠲᠠᠶᠢᠹᠸᠩ ᠰᠠᠯᠬᠢ ᠪᠣᠯᠵᠤ ᠂ ᠬᠡᠳᠦ ᠶᠡᠬᠡ ᠲᠠᠶᠢᠹᠸᠩ ᠰᠠᠯᠬᠢ᠃ (ᠪᠦᠷᠢᠨ ᠠᠭᠤᠯᠭ᠎ᠠ ᠶᠢ ᠤᠩᠰᠢᠬᠤ)

ᠵᠣᠷᠵᠢ ᠸᠠᠰᠢᠩᠲ᠋ᠣᠨ
ᠵᠣᠷᠵᠢ ᠸᠠᠰᠢᠩᠲ᠋ᠣᠨ

ᠵᠣᠷᠵᠢ ᠸᠠᠰᠢᠩᠲ᠋ᠣᠨ (1732 ᠡᠤᠨ ᠤ 2 ᠰᠠᠷ᠎ᠠ ᠶᠢᠨ 22 - 1799 ᠡᠤᠨ ᠤ 12 ᠰᠠᠷ᠎ᠠ ᠶᠢᠨ 14 ) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠤᠯᠤᠰ ᠲᠥᠷᠦᠴᠢᠨ ᠪᠦᠭᠡᠳ ᠬᠠᠮᠤᠭ ᠠᠩᠬᠠᠨ ᠤ ᠶᠡᠷᠦᠩᠬᠡᠶᠢᠯᠡᠭᠴᠢ ᠶᠤᠮ᠃ ᠵᠣᠷᠵᠢ ᠸᠠᠰᠢᠩᠲ᠋ᠣᠨ ᠨᠢ 1775 ᠤᠨ ᠡᠴᠡ 1783 ᠤᠨ ᠤ ᠬᠤᠭᠤᠷᠤᠨᠳᠤ᠂ ᠳᠠᠷᠤᠢ ᠠᠮᠸᠷᠢᠺᠠ ᠶᠢᠨ ᠲᠤᠰᠠᠭᠠᠷ ᠲᠤᠭᠲᠠᠨᠢᠯ ᠤᠨ ᠳᠠᠶᠢᠨ ᠤ ᠦᠶ ᠡ ᠳᠤ ᠬᠠᠭᠤᠷᠠᠢ ᠵᠠᠮ ᠤᠨ ᠴᠡᠷᠢᠭ ᠤᠨ ᠶᠠᠷᠦᠩᠬᠡᠢ ᠵᠠᠬᠢᠷᠤᠭᠴᠢ᠂ ᠬᠠᠮᠤᠭ ᠤᠨ ᠴᠢᠳᠠᠪᠤᠷᠢᠯᠢᠭ ᠤᠳᠤᠷᠢᠳᠤᠭᠴᠢ ᠪᠠᠶᠢᠭᠰᠠᠨ ᠪᠦᠭᠡᠳ ᠠᠮᠸᠷᠢᠺᠠ ᠤᠯᠤᠰ ᠲᠤ ᠤᠯᠤᠰ ᠤᠨ ᠡᠴᠢᠭᠡ ᠬᠡᠮᠡᠭᠳᠡᠳᠡᠭ᠃ ᠸᠠᠰᠢᠩᠲ᠋ᠣᠨ ᠨᠢ ᠮᠦᠨ ᠴᠦ ᠦᠨᠳᠦᠰᠦᠨ ᠬᠠᠤᠯᠢ ᠪᠠᠲᠤᠯᠠᠬᠤ᠂ ᠬᠠᠤᠯᠢ ᠲᠣᠭᠲᠠᠭᠠᠬᠤ ᠪᠠᠶᠢᠭᠤᠯᠤᠯᠭ᠎ᠠ ᠶᠢᠨ ᠶᠡᠷᠦᠩᠬᠡᠶᠢᠯᠡᠭᠴᠢ ᠪᠠᠶᠢᠭᠰᠠᠨ ᠶᠤᠮ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠦᠨᠳᠦᠰᠦᠨ ᠬᠠᠤᠯᠢ ᠶᠢ ᠵᠠᠷᠢᠮ ᠮᠤᠵᠢ ᠤᠯᠤᠰ ᠤᠨ ᠵᠠᠰᠠᠭ ᠤᠨ ᠭᠠᠵᠠᠷ ᠢᠶᠠᠷ ᠪᠠᠲᠤᠯᠠᠭᠤᠯᠬᠤ ᠳᠤ ᠲᠡᠭᠦᠨ ᠦ ᠨᠡᠷ᠎ᠡ ᠬᠦᠨᠳᠦ᠂ ᠳᠡᠮᠵᠢᠯᠭᠡ ᠰᠢᠢᠳᠪᠦᠷᠢᠯᠡᠬᠦ ᠡᠭᠦᠷᠭᠡ ᠭᠦᠢᠴᠡᠳᠭᠡᠭᠰᠡᠨ ᠪᠢᠯᠡ᠃ ᠰᠢᠨ᠎ᠡ ᠦᠨᠳᠦᠰᠦᠨ ᠬᠠᠤᠯᠢ ᠶᠢᠨ ᠡᠭᠦᠰᠦᠯ ᠳᠦ ᠸᠠᠰᠢᠩᠲ᠋ᠣᠨ ᠨᠥᠯᠥᠭᠡ ᠦᠵᠡᠭᠦᠯᠦᠭᠡ ᠦᠭᠡᠢ ᠪᠣᠯ ᠦᠨᠳᠦᠰᠦᠨ ᠬᠠᠤᠯᠢ ᠪᠠᠲᠤᠯᠠᠭᠳᠠᠬᠤ ᠦᠭᠡᠢ ᠪᠠᠶᠢᠭᠰᠠᠨ ᠪᠢᠯᠡ᠃ ᠨᠡᠩ ᠴᠢᠬᠤᠯᠠ ᠨᠢ ᠲᠡᠭᠦᠨ ᠰᠢᠭ ᠥᠷᠭᠡᠨ ᠰᠡᠳᠬᠢᠳᠡᠭ᠂ ᠲᠡᠭᠦᠨ ᠰᠢᠭ ᠲᠤᠶᠢᠯᠪᠤᠷᠢᠲᠠᠢ ᠦᠵᠡᠯ ᠪᠣᠳᠣᠯ ᠲᠠᠢ ᠬᠦᠮᠦᠨ ᠲᠤᠰ ᠤᠯᠤᠰ ᠤᠨ ᠠᠩᠬᠠᠨ ᠤ ᠶᠡᠷᠦᠩᠬᠡᠶᠢᠯᠡᠭᠴᠢ ᠪᠠᠶᠢᠭᠰᠠᠨ ᠨᠢ ᠦᠨᠡᠬᠡᠷ ᠠᠵᠠ ᠵᠠᠪᠰᠢᠶᠠᠨ ᠲᠠᠢ ᠬᠡᠷᠡᠭ ᠪᠣᠯᠤᠭᠰᠠᠨ ᠶᠤᠮ᠃ ᠬᠠᠭᠠᠨ᠂ ᠳᠠᠷᠤᠩᠭᠤᠶᠢᠯᠠᠭᠴᠢ ᠪᠣᠯᠬᠤ ᠶᠢ ᠬᠦᠰᠡᠭᠡ ᠦᠭᠡᠢ ᠪᠠ ᠡᠷᠬᠡ ᠮᠡᠳᠡᠯ ᠢ ᠲᠠᠶᠢᠪᠤᠩ ᠵᠠᠮ ᠢᠶᠠᠷ ᠰᠢᠯᠵᠢᠭᠦᠯᠵᠦ ᠪᠠᠶᠢᠬᠤ ᠲᠥᠷᠦ᠂ ᠵᠠᠰᠠᠭ ᠤᠨ ᠲᠣᠭᠲᠠᠯᠴᠠᠭ᠎ᠠ ᠶᠢ ᠠᠩᠬ᠎ᠠ ᠪᠤᠢ ᠪᠣᠯᠭᠠᠭᠰᠠᠨ ᠢ ᠨᠢ ᠥᠨᠥ ᠦᠶ᠎ᠡ ᠬᠦᠷᠲᠡᠯ᠎ᠡ ᠨᠠᠨᠳᠢᠩᠨᠠᠨ ᠬᠠᠳᠠᠭᠠᠯᠠᠭᠰᠠᠭᠠᠷ ᠪᠠᠶᠢᠭ᠎ᠠ ᠶᠤᠮ᠃ (ᠪᠦᠷᠢᠨ ᠠᠭᠤᠯᠭ᠎ᠠ ᠶᠢ ᠤᠩᠰᠢᠬᠤ)

ᠳᠤᠮᠳᠠᠭᠤᠪᠢ
ᠳᠤᠮᠳᠠᠭᠤᠪᠢ

ᠳᠤᠮᠳᠠᠭᠤᠪᠢ (ᠬᠤᠳᠤᠮ ᠮᠣᠩᠭᠣᠯ ᠢᠶᠠᠷ ᠳᠤᠮᠳᠠᠭᠣᠪᠢ) ᠨᠢ ᠮᠣᠩᠭᠣᠯ ᠤᠯᠤᠰ ᠍ ᠤᠨ ᠠᠶᠢᠮᠠᠭ ᠶᠤᠮ᠃ 1941 ᠡᠤᠨ ᠳᠤ ᠪᠠᠶᠢᠭᠤᠯᠤᠭᠳᠠᠭᠰᠠᠨ᠃ ᠠᠶᠢᠮᠠᠭ ᠤᠨ ᠲᠥᠪ ᠨᠢ ᠮᠠᠨᠳᠠᠯᠭᠣᠪᠢ᠃ ᠳᠤᠮᠳᠠᠭᠤᠪᠢ ᠠᠶᠢᠮᠠᠭ ᠨᠢ ᠮᠣᠩᠭᠣᠯ ᠤᠯᠤᠰ ᠍ ᠤᠨ ᠨᠤᠲᠤᠭ ᠤᠨ ᠲᠥᠪ ᠬᠡᠰᠡᠭ ᠲᠦ ᠲᠠᠯᠠᠷᠬᠠᠭ ᠨᠤᠲᠤᠭ ᠲᠤ ᠭᠣᠪᠢ ᠬᠡᠭᠡᠷ᠎ᠡ ᠶᠢᠨ ᠪᠥᠰᠡ ᠶᠢᠨ ᠵᠠᠭᠠᠭ ᠳᠡᠭᠡᠷ᠎ᠡ ᠣᠷᠣᠰᠢᠳᠠᠭ᠃ ᠨᠤᠲᠤᠭ ᠤᠨ ᠬᠠᠮᠤᠭ ᠤᠨ ᠥᠨᠳᠥᠷ ᠴᠡᠭ ᠨᠢ 1926 ᠮᠸᠲ᠋ᠷ ᠥᠨᠳᠥᠷ᠂ ᠳᠡᠯᠭᠡᠷᠬᠠᠩᠭᠠᠢ ᠠᠭᠤᠯᠠ ᠶᠤᠮ᠃ ᠮᠥᠨ ᠶᠡᠬᠡ᠂ ᠪᠠᠭ᠎ᠠ ᠭᠠᠵᠠᠷ ᠤᠨ ᠴᠢᠯᠠᠭᠤ ᠵᠡᠷᠭᠡ ᠠᠭᠤᠯᠠᠰ ᠪᠤᠢ᠃ ᠨᠤᠲᠤᠭ ᠤᠨ ᠬᠣᠶᠢᠳᠤ ᠬᠡᠰᠡᠭ ᠲᠦ ᠳᠡᠭᠡᠳᠦ ᠫᠠᠯᠧᠣᠵᠢ ᠶ᠋ᠢᠨ ᠬᠤᠷᠠᠳᠠᠰᠤ᠂ ᠡᠮᠦᠨᠡᠲᠦ ᠬᠡᠰᠡᠭ ᠢᠶᠡᠷ ᠨᠢ ᠴᠡᠷᠳᠡ ᠶ᠋ᠢᠨ ᠪᠠ ᠺᠠᠶᠢᠨᠣᠵᠢ ᠶ᠋ᠢᠨ ᠬᠤᠷᠠᠳᠠᠰᠤ ᠲᠠᠷᠬᠠᠵᠠᠢ᠃ ᠳᠤᠮᠳᠠᠭᠤᠪᠢ ᠠᠶᠢᠮᠠᠭ ᠤᠨ ᠨᠤᠲᠤᠭ ᠲᠤ ᠣᠨᠣᠭ ᠤᠨ ᠭᠣᠣᠯ ᠠᠴᠠ ᠥᠭᠡᠷ᠎ᠡ ᠲᠣᠮᠣ ᠭᠣᠣᠯ᠂ ᠨᠠᠭᠤᠷ ᠪᠠᠶᠢᠬᠤ ᠦᠭᠡᠢ᠃ ᠲᠣᠭᠣᠭ᠎ᠠ ᠶᠢᠨ᠂ ᠳᠦᠭᠦᠷᠡᠩ ᠬᠠᠷᠭᠠᠨ᠎ᠠ ᠶᠢᠨ᠂ ᠣᠯᠣᠭᠠᠢ ᠨᠠᠭᠤᠷ ᠤᠨ ᠵᠡᠷᠭᠡ ᠷᠠᠰᠢᠶᠠᠨ ᠪᠤᠢ᠃ (ᠪᠦᠷᠢᠨ ᠠᠭᠤᠯᠭ᠎ᠠ ᠶᠢ ᠤᠩᠰᠢᠬᠤ)

ᠰᠢᠷ᠎ᠠ ᠮᠣᠳᠤ 
ᠰᠢᠷ᠎ᠠ ᠮᠣᠳᠤ 

ᠰᠢᠷ᠎ᠠ ᠮᠣᠳᠤ(ᠬᠢᠲᠠᠳ  ᠶᠢᠡᠷ 黄柏 ) ᠪᠣᠯ ᠰᠦᠯᠦ ᠴᠡᠴᠡᠭ  ᠤᠨ ᠢᠵᠠᠭᠤᠷ ᠤᠨ ᠤᠷᠭᠤᠮᠠᠯ ᠪᠣᠯᠬᠤ ᠰᠢᠷ᠎ᠠ ᠬᠠᠯᠢᠰᠤᠲᠤ ᠮᠣᠳᠤ ( 黄皮树 ) ᠪᠤᠶᠤ ᠵᠤᠵᠠᠭᠠᠨ ᠬᠣᠪᠤᠯᠤ ( 黄檗 ) ᠶᠢᠨ ᠬᠠᠲᠠᠭᠠᠭᠰᠠᠨ ᠳᠤᠷᠤᠰᠤ ᠮᠥᠨ ᠃ ᠡᠮᠦᠨᠡᠬᠢ ᠵᠢ ᠨᠢ 《 ᠰᠧᠴᠤᠸᠠᠨ ᠰᠢᠷ᠎ᠠ ᠮᠣᠳᠤ ( 川黄柏 )》 ᠭᠡᠵᠦ᠂ ᠬᠣᠢᠨᠠᠬᠢ ᠵᠢ ᠨᠢ 《 ᠵᠡᠭᠦᠨ ᠬᠣᠢᠲᠤ ᠵᠢᠨ ᠰᠢᠷ᠎ᠠ ᠮᠣᠳᠤ ( 关黄柏 )》 ᠭᠡᠳᠡᠭ ᠃ ᠰᠢᠷ᠎ᠠ ᠤᠰᠤ ᠶᠢ ᠠᠷᠢᠯᠭᠠᠬᠤ ᠂ ᠬᠣᠣᠷ᠎ᠠ ᠶᠢ ᠬᠤᠷᠢᠶᠠᠬᠤ ᠂ ᠰᠠᠭᠤᠯᠭᠠᠬᠤ ᠶᠢ ᠵᠣᠭᠰᠤᠭᠠᠬᠤ ᠂ ᠬᠠᠯᠠᠭᠤᠨ ᠢ ᠠᠷᠢᠯᠭᠠᠬᠤ ᠂ ᠴᠢᠰᠤ ᠶᠢ ᠵᠣᠭᠰᠤᠭᠠᠬᠤ ᠂ ᠬᠠᠷᠠᠭ᠎ᠠ ᠶᠢ ᠰᠠᠢᠵᠢᠷᠠᠭᠤᠯᠬᠤ ᠴᠢᠳᠠᠯ ᠲᠠᠢ ᠃ (ᠪᠦᠷᠢᠨ ᠠᠭᠤᠯᠭ᠎ᠠ ᠶᠢ ᠤᠩᠰᠢᠬᠤ)

ᠦᠨᠳᠦᠰᠦᠨ ᠦ ᠰᠤᠶᠤᠯ ᠠᠮᠠᠷᠠᠯᠲᠠ ᠶᠢᠨ ᠬᠦᠷᠢᠶᠡᠯᠡᠩ
ᠦᠨᠳᠦᠰᠦᠨ ᠦ ᠰᠤᠶᠤᠯ ᠠᠮᠠᠷᠠᠯᠲᠠ ᠶᠢᠨ ᠬᠦᠷᠢᠶᠡᠯᠡᠩ

ᠦᠨᠳᠦᠰᠦᠨ ᠦ ᠰᠣᠶᠣᠯ ᠠᠮᠠᠷᠠᠯᠲᠠ ᠶᠢᠨ ᠬᠦᠷᠢᠶᠡᠯᠡᠩ ᠨᠢ ᠠᠩᠬ᠎ᠠ 1965 ᠤᠨ ᠤ 11 ᠍ ᠳ᠋ᠦᠭᠡᠷ ᠰᠠᠷ᠎ᠠ ᠶᠢᠨ 10 ᠍ ᠤ ᠡᠳᠦᠷ ᠦᠨ ᠰᠢᠢᠳᠪᠦᠷᠢ ᠪᠡᠷ ᠨᠡᠶᠢᠰᠯᠡᠯ ᠤᠯᠠᠭᠠᠨᠪᠠᠭᠠᠲᠤᠷ ᠬᠣᠲᠠ ᠶᠢᠨ ᠬᠡᠦᠬᠡᠳ᠂ ᠵᠠᠯᠠᠭᠤᠴᠤᠳ ᠤᠨ ᠳᠤᠮᠳᠠ ᠰᠤᠶᠤᠯ ᠬᠦᠮᠦᠵᠢᠯ ᠦᠨ ᠠᠵᠢᠯ ᠢ ᠥᠷᠭᠡᠨ ᠶᠢᠡᠷ ᠵᠣᠬᠢᠶᠠᠨ ᠪᠠᠶᠢᠭᠤᠯᠵᠤ᠂ ᠲᠡᠳᠡᠨ ᠦ ᠴᠢᠯᠦᠭᠡᠲᠦ ᠴᠠᠭ ᠢ ᠵᠥᠪ ᠪᠣᠯᠪᠠᠰᠤᠨ ᠥᠩᠭᠡᠷᠡᠭᠡᠵᠦ ᠪᠠᠶᠢᠬᠤ ᠵᠣᠷᠢᠯᠭ᠎ᠠ ᠪᠠᠷ 《ᠬᠣᠲᠠ ᠶᠢᠨ ᠰᠤᠶᠤᠯ ᠠᠮᠠᠷᠠᠯᠲᠠ ᠶᠢᠨ ᠫᠠᠷᠺ》 ᠨᠡᠷ᠎ᠡ ᠲᠡᠢ ᠪᠡᠷ ᠪᠠᠶᠢᠭᠤᠯᠤᠭᠰᠠᠨ ᠶᠤᠮ᠃ ᠬᠡᠦᠬᠡᠳ ᠦᠨ ᠫᠠᠷᠺ ᠨᠢ ᠬᠣᠲᠠ ᠶᠢᠨ ᠲᠥᠪ ᠲᠦ ᠪᠠᠶᠢᠷᠢᠯᠠᠳᠠᠭ᠂ 35 ᠾᠸᠺᠲ᠋ᠷ ᠨᠤᠲᠤᠭ ᠳᠡᠪᠢᠰᠬᠡᠷ  ᠲᠠᠢ᠂ ᠡᠭᠦᠨ ᠡᠴᠡ 25 ᠾᠸᠺᠲ᠋ᠷ ᠲᠠᠯᠠᠪᠠᠢ ᠶᠢ ᠨᠢ ᠨᠣᠭᠣᠭᠠᠨ ᠪᠠᠶᠢᠭᠤᠯᠤᠮᠵᠢ᠂ 1.8 ᠾᠸᠺᠲ᠋ᠷ ᠭᠠᠵᠠᠷ ᠢ ᠨᠠᠭᠤᠷ ᠴᠥᠭᠦᠷᠦᠮ᠂ 5.6 ᠾᠸᠺᠲ᠋ᠷ ᠨᠢ ᠲᠣᠭᠯᠠᠭᠠᠮ ᠲᠣᠨᠣᠭ ᠲᠥᠬᠥᠭᠡᠷᠦᠮᠵᠢ᠂ ᠰᠤᠶᠤᠯ ᠤᠨ ᠲᠥᠪ ᠦᠳ ᠦᠨ ᠪᠣᠯᠤᠨ ᠠᠵᠤ ᠠᠬᠤᠢ ᠶᠢᠨ ᠵᠣᠷᠢᠭᠤᠯᠤᠯᠲᠠ ᠲᠠᠢ ᠪᠠᠷᠢᠯᠭ᠎ᠠ ᠤᠳ ᠶᠤᠮ᠃ (ᠪᠦᠷᠢᠨ ᠠᠭᠤᠯᠭ᠎ᠠ ᠶᠢ ᠤᠩᠰᠢᠬᠤ)

ᠭᠣᠪᠢ ᠶᠢᠨ ᠤᠭᠠᠯᠵᠠ ᠰᠠᠯᠬᠢ
ᠭᠣᠪᠢ ᠶᠢᠨ ᠤᠭᠠᠯᠵᠠ ᠰᠠᠯᠬᠢ

ᠭᠣᠪᠢ ᠶᠢᠨ ᠤᠭᠠᠯᠵᠠ ᠰᠠᠯᠬᠢ᠄ ᠭᠣᠪᠢ ᠨᠤᠲᠤᠭ ᠲᠤ ᠰᠢᠷᠤᠶ ᠶ᠋ᠢᠨ ᠰᠢᠭᠤᠷᠭ᠎ᠠ ᠤᠳᠠᠭᠠᠨ ᠬᠤᠭᠤᠴᠠᠭ᠎ᠠ ᠪᠠᠷ ᠦᠷᠭᠦᠯᠵᠢᠯᠡᠨ ᠰᠢᠭᠤᠷᠬᠤ ᠶᠢ ᠮᠣᠩᠭᠣᠯᠴᠤᠳ ᠤᠭᠠᠯᠵᠠ᠂ ᠲᠦᠢᠷᠠᠩ ᠭᠡᠵᠦ ᠨᠡᠷᠡᠯᠡᠳᠡᠭ᠃ ᠮᠣᠩᠭᠣᠯ ᠳᠤ ᠰᠢᠷᠤᠶ ᠶ᠋ᠢᠨ ᠰᠢᠭᠤᠷᠭ᠎ᠠ ᠣᠯᠠᠨᠲᠠ ᠲᠣᠬᠢᠶᠠᠵᠤ ᠢᠷᠭᠡᠳ᠂ ᠪᠠᠶᠢᠭᠤᠯᠤᠯᠭ᠎ᠠ ᠳᠤ ᠬᠣᠬᠢᠷᠠᠯ ᠤᠴᠠᠷᠠᠭᠤᠯᠬᠤ ᠠᠴᠠ ᠭᠠᠳᠠᠨ᠎ᠠ ᠵᠠᠷᠢᠮ ᠦᠶ᠎ᠡ ᠳᠦ ᠭᠠᠮᠰᠢᠭ ᠤᠨ ᠬᠡᠮᠵᠢᠶᠡᠨ ᠳᠦ ᠬᠦᠷᠴᠦ ᠬᠦᠮᠦᠨ ᠠᠮᠢᠲᠠᠨ ᠤ ᠠᠮᠢᠳᠤᠷᠠᠬᠤ ᠤᠷᠴᠢᠨ ᠳᠤ ᠲᠠᠭ᠎ᠠ ᠦᠭᠡᠢ ᠨᠥᠯᠦᠭᠡᠯᠡᠳᠡᠭ᠃ ᠰᠢᠷᠤᠶ  ᠶᠢᠨ ᠰᠢᠭᠤᠷᠭᠠᠨ ᠤ ᠤᠯᠠᠮ ᠠᠴᠠ ᠮᠠᠯ ᠤᠨ ᠪᠡᠯᠴᠢᠭᠡᠷᠯᠡᠬᠦ ᠳᠦ ᠰᠠᠭᠠᠳ ᠪᠣᠯᠬᠤ᠂ ᠮᠠᠯ ᠬᠤᠷᠤᠭᠳᠠᠬᠤ᠂ ᠴᠠᠬᠢᠯᠭᠠᠨ ᠤ ᠪᠣᠯᠤᠨ ᠬᠠᠷᠢᠯᠴᠠᠭ᠎ᠠ ᠬᠣᠯᠪᠣᠭᠠᠨ ᠤ ᠱᠣᠩ ᠤᠨᠠᠭᠰᠠᠨ ᠠᠴᠠ ᠱᠤᠭᠤᠮ ᠲᠠᠰᠤᠷᠠᠬᠤ᠂ ᠡᠯᠡᠰᠦᠨ ᠦ ᠨᠡᠭᠦᠯᠲᠡ ᠡᠴᠡ ᠬᠣᠲᠠ ᠰᠠᠭᠤᠷᠢᠨ᠂ ᠵᠠᠮ ᠬᠠᠷᠭᠤᠢ ᠡᠯᠡᠰᠦᠨ ᠳᠦ ᠳᠠᠷᠤᠭᠳᠠᠬᠤ ᠵᠡᠷᠭᠡ ᠣᠯᠠᠨ ᠰᠥᠷᠭᠦ ᠦᠷ᠎ᠡ ᠳᠠᠭᠠᠪᠤᠷᠢ ᠲᠠᠢ᠃ ᠬᠦᠴᠦᠲᠡᠢ ᠰᠢᠭᠤᠷᠭ᠎ᠠ ᠬᠥᠷᠦᠰᠦᠨ ᠦ ᠦᠷᠡᠵᠢᠯ ᠰᠢᠮᠡᠲᠦ ᠬᠡᠰᠡᠭ ᠢ ᠬᠡᠶᠢᠰᠬᠡᠬᠦ᠂ ᠬᠥᠷᠥᠰᠥ ᠡᠯᠡᠭᠳᠡᠬᠦ᠂ ᠡᠯᠡᠰᠦ ᠨᠡᠭᠦᠬᠦ᠂ ᠴᠥᠯᠵᠢᠯᠲᠡ ᠶᠡᠬᠡᠰᠬᠦ ᠳᠤ ᠴᠤ ᠨᠥᠯᠥᠭᠡᠯᠡᠬᠦ ᠡᠴᠡ ᠭᠠᠳᠠᠨ᠎ᠠ ᠠᠭᠠᠷ ᠤᠨ ᠪᠤᠯᠠᠩᠭᠢᠷᠰᠢᠯ ᠶᠡᠬᠡᠰᠴᠦ᠂ ᠰᠠᠴᠤᠷᠠᠭ ᠤᠨ ᠪᠠᠯᠠᠩᠰ ᠲᠤ ᠲᠣᠳᠣᠷᠬᠠᠢ ᠥᠭᠡᠷᠡᠴᠢᠯᠡᠯᠲᠡ ᠣᠷᠣᠭᠤᠯᠳᠠᠭ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 08 20 1

ᠭᠠᠯ ᠤᠨ ᠬᠠᠨ᠎ᠠ
ᠭᠠᠯ ᠤᠨ ᠬᠠᠨ᠎ᠠ

ᠲᠣᠭᠠᠴᠠᠭᠠᠯᠠᠯ ᠤᠨ ᠰᠠᠯᠪᠤᠷᠢ ᠳᠤ ᠭᠠᠯ ᠤᠨ ᠬᠠᠨ᠎ᠠ ( ᠬᠢᠳᠠᠳ ᠬᠡᠯᠡᠨ ᠳᠤ᠄防火墙 )᠂ ᠪᠠᠰᠠ ᠢᠨᠲ᠋ᠧᠷᠨᠧᠲ ᠦᠨ ᠬᠠᠮᠠᠭᠠᠯᠠᠬᠤ ᠰᠢᠰᠲ᠋ᠧᠮ ᠬᠡᠳᠡᠭ᠃ ᠲᠡᠷᠡ ᠨᠢ ᠰᠦᠯᠵᠢᠶᠡᠨ ᠦ ᠠᠶᠤᠯ ᠦᠭᠡᠢ ᠪᠠᠶᠢᠳᠠᠯ ᠤᠨ ᠰᠢᠰᠲ᠋ᠧᠮ ᠪᠥᠭᠡᠳ ᠰᠦᠯᠵᠢᠶᠡᠨ ᠦ ᠣᠷᠣᠵᠤ ᠭᠠᠷᠬᠤ ᠤᠷᠤᠰᠬᠠᠯ ᠢ ᠲᠣᠬᠢᠷᠠᠭᠤᠯᠤᠭᠰᠠᠨ ᠳᠦᠷᠢᠮ ᠦᠨ ᠳᠠᠭᠠᠤ ᠬᠢᠨᠠᠳᠠᠭ ᠶᠤᠮ᠃ ᠭᠠᠯ ᠤᠨ ᠬᠠᠨ᠎ᠠ᠂ ᠢᠲᠡᠭᠡᠮᠵᠢᠲᠦ᠂ ᠠᠶᠤᠯ ᠦᠭᠡᠢ ᠳᠣᠲᠣᠭᠠᠳᠤ ᠰᠦᠯᠵᠢᠶ᠎ᠡ ᠪᠣᠯᠤᠨ ᠥᠭᠡᠷ᠎ᠡ ᠨᠢᠭᠡᠨ ᠬᠠᠷᠢ ᠰᠦᠯᠵᠢᠶ᠎ᠡ (ᠵᠢᠱᠢᠶ᠎ᠡ ᠨᠢ᠂ ᠢᠨᠲ᠋ᠧᠷᠨᠧᠲ) ᠬᠣᠭᠣᠷᠣᠨᠳᠣ ᠬᠠᠭᠠᠯᠲᠠ ᠪᠤᠢ ᠪᠣᠯᠭᠠᠳᠠᠭ᠃ ᠭᠠᠯ ᠤᠨ ᠬᠠᠨ᠎ᠠ ᠤᠶᠠᠮᠵᠢ ᠪᠣᠯᠤᠨ ᠬᠠᠳ᠋ᠭᠤᠮᠵᠢ ᠬᠡᠷᠡᠭᠰᠡᠯ ᠦᠨ ᠠᠯᠢ ᠠᠯᠢᠨ ᠢᠶᠠᠷ ᠬᠡᠷᠡᠭᠯᠡᠭᠳᠡᠳᠡᠭ᠃ ᠬᠠᠳ᠋ᠭᠤᠮᠵᠢ ᠳᠦ ᠰᠠᠭᠤᠷᠢᠯᠠᠭᠰᠠᠨ ᠣᠯᠠᠨ ᠭᠠᠯ ᠤᠨ ᠬᠠᠨ᠎ᠠ ᠬᠠᠮᠠᠭᠠᠯᠠᠳᠠᠭ ᠳᠣᠲᠣᠭᠠᠳᠤ ᠰᠦᠯᠵᠢᠶᠡᠨ ᠳᠦ ᠪᠡᠨ DHCP ᠦᠢᠯᠡᠴᠢᠯᠡᠭᠦᠷ ᠭᠡᠬᠦ ᠮᠡᠲᠦ ᠶᠢᠨ ᠨᠡᠮᠡᠯᠲᠡ ᠦᠢᠯᠡᠴᠢᠯᠡᠭᠡ ᠦᠵᠡᠭᠦᠯᠳᠡᠭ᠃ (ᠪᠦᠷᠢᠨ ᠠᠭᠤᠯᠭ᠎ᠠ ᠶᠢ ᠤᠩᠰᠢᠬᠤ)

 ᠨᠢᠮᠤᠷ

Uhaan:ᠣᠨᠴᠠᠯᠠᠬᠤ ᠥᠭᠦᠯᠡᠯ/2017 08 18 1

ᠭᠣᠪᠢᠰᠦᠮᠪᠦᠷ
ᠭᠣᠪᠢᠰᠦᠮᠪᠦᠷ

ᠭᠣᠪᠢᠰᠦᠮᠪᠦᠷ ᠨᠢ ᠮᠣᠩᠭᠣᠯ ᠤᠯᠤᠰ ᠍ ᠍ ᠤᠨ ᠠᠶᠢᠮᠠᠭ ᠶᠤᠮ᠃ 1994 ᠤᠨ ᠳᠤ ᠪᠠᠶᠢᠭᠤᠯᠤᠭᠳᠠᠭᠰᠠᠨ᠂ 5,540 ᠺᠦᠸᠠᠳ᠋ ᠺᠢᠯᠣᠮᠧᠲ᠋ᠷ ᠨᠤᠲᠤᠭ ᠲᠠᠢ᠃ ᠳᠠᠯᠠᠢ ᠶᠢᠨ ᠲᠦᠪᠰᠢᠨ ᠡᠴᠡ ᠳᠡᠭᠡᠭᠰᠢ 1000-1200 ᠮᠧᠲ᠋ᠷ ᠦᠨ ᠥᠨᠳᠥᠷ ᠲᠦ ᠣᠷᠣᠰᠢᠳᠠᠭ ᠭᠣᠪᠢ᠂ ᠲᠠᠯ᠎ᠠ ᠬᠡᠭᠡᠷ᠎ᠡ ᠬᠣᠣᠰᠯᠠᠭᠰᠠᠨ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ ᠨᠤᠲᠤᠭ ᠶᠤᠮ᠃ ᠭᠣᠪᠢᠰᠦᠮᠪᠦᠷ ᠠᠶᠢᠮᠠᠭ ᠲᠤ ᠵᠢᠯ ᠳᠤ ᠤᠨᠠᠬᠤ ᠲᠤᠨᠤᠳᠠᠰᠤᠨ ᠤ ᠬᠡᠮᠵᠢᠶ᠎ᠡ ᠭᠣᠪᠢ ᠶᠢᠨ ᠪᠥᠰᠡ ᠶᠢᠨ ᠬᠢ ᠡᠴᠡ ᠢᠯᠡᠭᠦᠦ ᠳᠤᠮᠳᠠᠴᠢ ᠪᠠᠷ 200-250 ᠮᠢᠯᠯᠢᠮᠧᠲ᠋ᠷ ᠪᠠᠢᠢᠳᠠᠭ᠃ (ᠪᠦᠷᠢᠨ ᠠᠭᠤᠯᠭ᠎ᠠ ᠶᠢ ᠤᠩᠰᠢᠬᠤ)

ᠰᠢᠷ᠎ᠠ ᠦᠨᠳᠦᠰᠦ
ᠰᠢᠷ᠎ᠠ ᠦᠨᠳᠦᠰᠦ

ᠰᠢᠷ᠎ᠠ ᠦᠨᠳᠦᠰᠦ ᠪᠣᠯ ᠬᠣᠯᠲᠤᠰᠤᠨ ᠴᠡᠴᠡᠭ   ᠤᠨ ᠢᠵᠠᠭᠤᠷ ᠤᠨ ᠡᠪᠡᠰᠦᠯᠢᠭ ᠤᠷᠭᠤᠮᠠᠯ ᠪᠣᠯᠬᠤ ᠰᠢᠷ᠎ᠠ ᠬᠤᠩᠯᠸᠨ ︵ 黄连 ︶ ᠵᠡᠷᠭᠡ ᠶᠢᠨ ᠬᠠᠲᠠᠭᠠᠭᠰᠠᠨ ᠦᠨᠳᠦᠰᠦᠯᠢᠭ ᠡᠰᠢ ᠮᠥᠨ ᠃ ᠬᠢᠵᠢᠭ᠌ ᠤᠨ ᠬᠠᠯᠠᠭᠤᠨ ᠢ ᠠᠷᠢᠯᠭᠠᠬᠤ ᠂ ᠦᠬᠡᠷᠢ ᠶᠢ ᠬᠠᠳᠠᠭᠠᠬᠤ ᠂ ᠰᠢᠷᠬ᠎ᠠ ᠶᠢ ᠠᠨᠠᠭᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠲᠡᠷᠬᠡᠢ ᠶᠢᠨ ᠴᠠᠭᠠᠨ ᠨᠠᠭᠤᠷ
ᠲᠡᠷᠬᠡᠢ ᠶᠢᠨ ᠴᠠᠭᠠᠨ ᠨᠠᠭᠤᠷ

ᠲᠡᠷᠬᠡᠢ ᠶᠢᠨ ᠴᠠᠭᠠᠨ ᠨᠠᠭᠤᠷ ᠨᠢ ᠮᠤᠩᠭᠤᠯ ᠤᠯᠤᠰ ᠤᠨ ᠠᠷᠤᠬᠠᠩᠭᠠᠢ ᠠᠶᠢᠮᠠᠭ ᠤᠨ ᠲᠠᠷᠢᠶᠠᠲᠤ ᠰᠤᠮᠤ ᠶᠢᠨ ᠨᠤᠲᠤᠭ ᠲᠤ ᠬᠣᠷᠭᠣ ᠶᠢᠨ ᠲᠣᠭᠣᠭᠠᠨ ᠤ ᠳᠡᠷᠭᠡᠳᠡ ᠪᠠᠶᠢᠷᠢᠯᠠᠬᠤ ᠴᠡᠩᠭᠡᠭ ᠤᠰᠤᠲᠤ ᠨᠠᠭᠤᠷ ᠪᠤᠯᠤᠨ᠎ᠠ ᠃ ᠬᠠᠩᠭᠠᠢ ᠶᠢᠨ ᠨᠢᠷᠤᠭᠤ ᠠᠴᠠ ᠡᠬᠢ ᠠᠪᠴᠤ᠂ ᠬᠣᠶᠢᠳᠤ᠂ ᠤᠷᠳᠤ ᠲᠡᠷᠬᠡᠢ ᠶᠢᠨ ᠭᠣᠣᠯ ᠤᠨ ᠤᠷᠤᠰᠬᠠᠯ ᠨᠢ ᠬᠣᠷᠭᠣ ᠭᠠᠯᠲᠤ ᠠᠭᠤᠯᠠ ᠶᠢᠨ ᠬᠠᠯᠠᠭᠤᠨ ᠬᠠᠶᠢᠯᠤᠮᠠᠯ ᠪᠣᠳᠠᠰ ᠲᠤ ᠪᠣᠭᠣᠭᠳᠠᠨ ᠡᠭᠦᠰᠴᠡᠢ᠃  ᠨᠠᠭᠤᠷ ᠤᠨ ᠭᠣᠣᠯ ᠳᠤ ᠤᠷᠤᠰᠢᠬᠤ ᠵᠢᠵᠢᠭ ᠠᠷᠠᠯ ᠳᠡᠭᠡᠷ᠎ᠡ ᠰᠢᠪᠠᠭᠤᠳ ᠡᠭᠦᠷ ᠢᠶᠡᠨ ᠵᠠᠰᠠᠵᠤ ᠥᠨᠳᠡᠭᠡᠯᠡᠳᠡᠭ᠃ ᠲᠡᠷᠬᠡᠢ ᠶᠢᠨ ᠴᠠᠭᠠᠨ ᠨᠠᠭᠤᠷ ᠲᠤ ᠬᠠᠷ᠎ᠠ ᠭᠠᠯᠠᠭᠤ ᠶᠡᠬᠡ ᠢᠷᠡᠳᠡᠭ ᠪᠥᠭᠡᠳ ᠲᠠᠪᠤᠨ ᠮᠧᠲ᠋ᠷ ᠢᠯᠡᠭᠦᠦ ᠭᠦᠨ ᠤᠷᠤᠭᠤ ᠱᠤᠩᠪᠠᠨ ᠵᠢᠭᠠᠰᠤ ᠪᠠᠷ ᠬᠣᠭᠣᠯᠠᠯᠠᠳᠠᠭ ᠪᠠᠶᠢᠨ᠎ᠠ᠃ ᠴᠤᠷᠬᠠᠢ ᠵᠡᠷᠭᠡ ᠰᠡᠯᠡᠩᠭᠡ ᠶᠢᠨ ᠰᠠᠪᠠ ᠶᠢᠨ ᠵᠢᠭᠠᠰᠤ ᠲᠠᠢ᠃ ᠮᠥᠨ ᠤᠯᠠᠨ ᠬᠣᠪᠣᠷ ᠰᠢᠪᠠᠭᠤᠳ ᠠᠮᠢᠳᠤᠷᠠᠳᠠᠭ᠃ ᠨᠠᠭᠤᠷ ᠤᠨ ᠲᠣᠯᠣᠭᠠᠢ ᠨᠢ ᠬᠣᠷᠭᠣ ᠶᠢᠨ ᠳᠠᠷᠬᠠᠨ ᠭᠠᠵᠠᠷ ᠲᠤ ᠪᠠᠭᠲᠠᠳᠠᠭ᠃ (ᠪᠦᠷᠢᠨ ᠠᠭᠤᠯᠭ᠎ᠠ ᠶᠢ ᠤᠩᠰᠢᠬᠤ)

ᠮᠥᠷᠡᠨ
ᠮᠥᠷᠡᠨ

ᠮᠥᠷᠡᠨᠬᠥᠪᠰᠥᠭᠥᠯ ᠠᠶᠢᠮᠠᠭ ᠤᠨ ᠲᠥᠪ ᠨᠢ ᠬᠦᠮᠦᠨ ᠠᠮᠠ ᠶᠢᠨ ᠲᠣᠭ᠎ᠠ ᠪᠠᠷ ᠤᠯᠠᠭᠠᠨᠪᠠᠭᠠᠲᠤᠷᠳᠠᠷᠬᠠᠨᠡᠷᠳᠡᠨᠢᠲᠦᠴᠣᠶᠢᠪᠠᠯᠰᠠᠩ ᠬᠣᠲᠠ ᠍ ᠶᠢᠨ ᠳᠠᠷᠠᠭ᠎ᠠ ᠣᠷᠣᠨ᠎ᠠ᠃ᠨᠤᠲᠤᠭ ᠳᠡᠪᠢᠰᠬᠡᠷ᠂ ᠵᠠᠰᠠᠭ ᠵᠠᠬᠢᠷᠭᠠᠨ ᠤ ᠬᠤᠪᠢᠶᠠᠷᠢ ᠪᠠᠷ ᠠᠳᠠᠯᠢ ᠨᠡᠷᠡᠲᠡᠢᠰᠤᠮᠤ ᠪᠣᠯᠳᠠᠭ᠃ 102,9 ᠺᠦᠸᠠᠳ᠋ ᠺᠢᠯᠣᠮᠧᠲ᠋ᠷ ᠲᠠᠯᠠᠪᠠᠢ ᠳᠤ ᠨᠤᠲᠤᠭ ᠲᠠᠢ ᠮᠥᠷᠡᠨ ᠰᠤᠮᠤ 2011 ᠤᠨ ᠤ ᠡᠴᠦᠰ ᠲᠦ 37,471 ᠣᠷᠣᠰᠢᠨ ᠰᠠᠭᠤᠭᠴᠢ ᠲᠠᠢ ᠪᠠᠶᠢᠪᠠ᠃ ᠮᠥᠷᠡᠨ ᠬᠣᠲᠠ ᠶᠢᠨ ᠪᠠᠷᠠᠭᠤᠨ ᠤᠷᠳᠤ ᠬᠡᠰᠡᠭ ᠢᠶᠡᠷ ᠳᠡᠯᠭᠡᠷᠮᠥᠶᠢᠷᠡᠨ ᠤᠷᠤᠰᠤᠨ ᠥᠩᠭᠡᠷᠡᠳᠡᠭ᠃ ᠮᠥᠷᠡᠨ ᠬᠣᠲᠠ ᠡᠮᠨᠡᠯᠭᠡ᠂ ᠮᠦᠽᠧᠢ᠂ ᠲᠢᠶᠠᠲ᠋ᠷ᠂ ᠰᠢᠤᠳᠠᠨ ᠤ ᠰᠠᠯᠪᠤᠷᠢ᠂ ᠰᠤᠷᠭᠠᠭᠤᠯᠢ ᠨᠤᠭᠤᠳ᠂ ᠴᠡᠴᠡᠷᠯᠢᠭ ᠦᠳ ᠲᠡᠢ᠃ ᠮᠥᠨ 2004 ᠤᠨ ᠳᠤ ᠮᠣᠩᠭᠣᠯ ᠤᠨ ᠡᠷᠴᠢᠮ ᠬᠦᠴᠦᠨ ᠦ ᠰᠦᠯᠵᠢᠶ᠎ᠡ ᠳᠦ ᠬᠣᠯᠪᠣᠭᠳᠠᠭᠰᠠᠨ᠃ ᠮᠥᠨ 2014 ᠤᠨ ᠳᠤ ᠳᠤᠯᠠᠭᠠᠨ ᠤ ᠰᠲ᠋ᠠᠨᠼ ᠪᠠᠷᠢᠭᠳᠠᠭᠰᠠᠨ ᠢᠶᠠᠷ ᠬᠣᠴᠣᠷᠤᠭᠳᠠᠵᠤ ᠬᠠᠭᠤᠴᠢᠷᠠᠭᠰᠠᠨ᠂ ᠤᠲᠤᠭ᠎ᠠ ᠲᠣᠷᠲᠣᠭᠡᠨ ᠦ ᠡᠭᠦᠰᠬᠡᠭᠦᠷ ᠪᠣᠯᠤᠭᠰᠠᠨ ᠠᠭᠤᠷ ᠤᠨ ᠣᠯᠠᠨ ᠵᠠᠭᠤᠬᠠᠨ ᠠᠴᠠ ᠪᠠᠨ ᠰᠠᠯᠵᠤ ᠪᠠᠶᠢᠭ᠎ᠠ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 08 13 1

ᠭᠠᠵᠠᠷ ᠬᠥᠳᠡᠯᠦᠯᠲᠡ
ᠭᠠᠵᠠᠷ ᠬᠥᠳᠡᠯᠦᠯᠲᠡ

ᠭᠠᠵᠠᠷ ᠬᠥᠳᠡᠯᠦᠯᠲᠡ(地震) ᠭᠡᠳᠡᠭ ᠨᠢ ᠳᠡᠯᠡᠬᠡᠶ ᠶᠢᠨ ᠴᠠᠷᠴᠠᠳᠠᠰᠤ ᠲᠦᠷᠭᠡᠨ ᠡᠨᠧᠷᠭᠢ ᠢᠯᠭᠠᠷᠠᠭᠤᠯᠬᠤ ᠶᠠᠪᠤᠴᠠ ᠳᠤᠮᠳᠠ ᠪᠤᠢ ᠪᠣᠯᠭᠠᠬᠤ ᠬᠡᠯᠪᠡᠯᠵᠡᠯᠲᠡ᠂ ᠡᠨᠡᠬᠦ ᠬᠤᠭᠤᠴᠠᠭᠠᠨ ᠳᠤ ᠭᠠᠵᠠᠷ ᠬᠥᠳᠡᠯᠦᠯᠲᠡ ᠶᠢᠨ ᠳᠣᠯᠭᠢᠶᠠᠨ ᠡᠭᠦᠰᠬᠡᠬᠦ ᠨᠢᠭᠡ ᠵᠦᠢᠯ ᠦᠨ ᠪᠠᠶᠢᠭᠠᠯᠢ ᠶᠢᠨ ᠦᠵᠡᠭᠳᠡᠯ ᠪᠣᠯᠤᠨ᠎ᠠ ᠃ ᠳᠡᠯᠡᠬᠡᠶ ᠶᠢᠨ ᠪᠥᠮᠪᠥᠷᠴᠡᠭ ᠳᠡᠭᠡᠷᠡᠬᠢ ᠬᠠᠪᠲᠠᠭᠠᠶ ᠬᠡᠰᠡᠭ ᠪᠣᠯᠤᠨ ᠬᠠᠪᠲᠠᠭᠠᠶ ᠬᠡᠰᠡᠭ ᠤᠨ ᠬᠣᠭᠣᠷᠣᠨᠳᠣ ᠪᠠᠨ ᠬᠠᠷᠢᠯᠴᠠᠨ ᠰᠢᠬᠠᠯᠴᠠᠨ ᠮᠥᠷᠭᠥᠯᠳᠦᠬᠦ ᠂ ᠬᠠᠪᠲᠠᠭᠠᠶ ᠬᠡᠰᠡᠭ ᠤᠨ ᠬᠦᠪᠡᠭᠡ ᠢᠷᠮᠡᠭ ᠪᠠ ᠬᠠᠪᠲᠠᠭᠠᠶ ᠬᠡᠰᠡᠭ ᠤᠨ ᠳᠣᠲᠣᠭᠠᠳᠤ ᠳᠤ ᠵᠥᠷᠢᠭᠳᠡᠯ  ᠪᠠ ᠬᠠᠭᠠᠷᠠᠯᠲᠠ ᠡᠭᠦᠰᠴᠦ᠂ ᠭᠠᠵᠠᠷ ᠬᠥᠳᠡᠯᠦᠯᠲᠡ ᠡᠭᠦᠰᠴᠦ ᠪᠠᠶᠢᠬᠤ ᠶᠢᠨ ᠭᠣᠣᠯ ᠰᠢᠯᠲᠠᠭᠠᠨ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠬᠥᠪᠰᠥᠭᠥᠯ_ᠨᠠᠭᠤᠷ

Uhaan:ᠣᠨᠴᠠᠯᠠᠬᠤ ᠥᠭᠦᠯᠡᠯ/2017 08 11 1

ᠳᠣᠷᠣᠨᠠᠭᠣᠪᠢ
ᠳᠣᠷᠣᠨᠠᠭᠣᠪᠢ

᠋᠋᠋᠋᠋ᠳᠣᠷᠣᠨᠠᠭᠣᠪᠢ (ᠺᠢᠷᠢᠯ ᠮᠣᠩᠭᠣᠯ ᠢᠶᠠᠷ Дорноговь аймаг) ᠨᠢ ᠮᠣᠩᠭᠣᠯ ᠤᠯᠤᠰ ᠍ ᠤᠨ ᠠᠶᠢᠮᠠᠭ ᠶᠤᠮ᠃ 1931 ᠡᠤᠨ ᠳᠤ ᠪᠠᠶᠢᠭᠤᠯᠤᠭᠳᠠᠭᠰᠠᠨ᠃ 14 ᠰᠤᠮᠤ᠂ 60 ᠪᠠᠭ ᠲᠠᠢ᠃ 62500 ᠣᠷᠴᠢᠮ ᠬᠦᠮᠦᠨ ᠠᠮᠠ ᠲᠠᠢ(2013 ᠡᠤᠨ ᠤ ᠡᠴᠦᠰ ᠢᠶᠡᠷ) ᠪᠥᠭᠡᠳ ᠰᠠᠶᠢᠨᠱᠠᠩᠳᠠ ᠳᠤ ᠬᠦᠮᠦᠨ ᠠᠵᠤ ᠦᠢᠯᠡᠳᠪᠦᠷᠢ ᠶᠢᠨᠫᠠᠷᠺ ᠪᠠᠶᠢᠭᠤᠯᠬᠤ ᠪᠠᠷ ᠪᠣᠯᠤᠭᠰᠠᠨ ᠠᠴᠠ ᠬᠣᠶᠢᠰᠢ ᠬᠦᠮᠦᠨ ᠠᠮᠠ ᠣᠭᠴᠣᠮ ᠥᠰᠴᠦ ᠪᠠᠶᠢᠨ᠎ᠠ᠃ ᠠᠶᠢᠮᠠᠭ ᠤᠨ ᠲᠥᠪ ᠰᠠᠶᠢᠨᠱᠠᠩᠳᠠ ᠨᠢ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠣᠲᠠ ᠠᠴᠠ 456 ᠺᠢᠯᠣᠮᠧᠲ᠋ᠷ ᠲᠦ ᠣᠷᠣᠰᠢᠳᠠᠭ᠃ ᠳᠣᠷᠣᠨᠠᠭᠣᠪᠢ ᠠᠶᠢᠮᠠᠭ ᠮᠣᠩᠭᠣᠯ ᠣᠷᠣᠨ ᠤ ᠵᠡᠭᠦᠨ ᠡᠮᠦᠨᠡᠲᠦ ᠬᠢᠵᠠᠭᠠᠷ ᠲᠤ ᠡᠮᠦᠨᠡᠭᠣᠪᠢ᠂ ᠳᠤᠮᠳᠠᠭᠤᠪᠢ᠂ ᠭᠣᠪᠢᠰᠦ᠋ᠮᠪᠦᠷ᠂ ᠬᠡᠨᠲᠡᠢ᠂ ᠰᠦᠬᠡᠪᠠᠭᠠᠲᠤᠷ ᠠᠶᠢᠮᠠᠭ ᠤᠳ ᠲᠠᠢ ᠬᠢᠯᠢ ᠵᠠᠯᠭᠠᠨ ᠣᠷᠣᠰᠢᠳᠠᠭ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠠᠢ 600 ᠺᠢᠯᠣᠮᠧᠲ᠋ᠷ ᠶᠢᠡᠷ ᠬᠢᠯᠢᠯᠡᠳᠡᠭ᠃ ᠬᠣᠶᠢᠳᠤ᠂ ᠤᠷᠢᠳᠤ ᠬᠣᠶᠠᠷ ᠭᠦᠷᠦᠨ ᠢ ᠬᠣᠯᠪᠣᠭᠰᠠᠨ᠂ ᠲᠥᠪ ᠦᠨ ᠪᠥᠰᠡ ᠶᠢᠨ ᠬᠥᠭᠵᠢᠯ ᠦᠨ ᠭᠣᠣᠯ ᠲᠡᠩᠬᠡᠯᠢᠭ ᠪᠣᠯᠤᠭᠰᠠᠨ ᠲᠡᠮᠦᠷ ᠵᠠᠮ ᠳᠠᠭᠠᠷᠢᠨ ᠥᠩᠭᠡᠷᠡᠳᠡᠭ᠃ ᠡᠨᠡ ᠵᠠᠮ ᠤᠨ ᠳᠠᠭᠠᠤ ᠲᠤᠰ ᠠᠶᠢᠮᠠᠭ ᠤᠨ ᠪᠦᠬᠦ ᠰᠤᠮᠤ ᠶᠢᠨ 42᠍᠍.8 ᠬᠤᠪᠢ᠂ ᠬᠦᠮᠦᠨ ᠠᠮᠠ ᠶᠢᠨ 54.8 ᠬᠤᠪᠢ ᠨᠢ ᠣᠷᠣᠰᠢᠨ ᠰᠠᠭᠤᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠬᠠᠪᠢᠷᠭᠠᠨ ᠳ᠋ᠢᠭᠳᠡ
ᠬᠠᠪᠢᠷᠭᠠᠨ ᠳ᠋ᠢᠭᠳᠡ

ᠬᠠᠪᠢᠷᠭᠠᠨ ᠳ᠋ᠢᠭᠳᠡ ᠪᠣᠯ ᠵᠦᠯᠭᠡᠨ ᠴᠢᠮᠡᠭ  ᠤᠨ ᠢᠵᠠᠭᠤᠷ ᠤᠨ ᠡᠪᠡᠰᠦᠯᠢᠭ ᠤᠷᠭᠤᠮᠠᠯ ᠪᠣᠯᠬᠤ ᠬᠠᠪᠢᠷᠭᠠᠨ ᠴᠡᠴᠡᠭ ︵ 肋柱花 ︶ ᠤᠨ ᠬᠠᠲᠠᠭᠠᠭᠰᠠᠨ ᠴᠡᠴᠡᠭ ᠪᠦᠬᠦᠢ ᠪᠦᠬᠦᠯᠢ ᠡᠪᠡᠰᠦ ᠮᠥᠨ ᠃ ᠰᠢᠷ᠎ᠠ ᠶᠢ ᠳᠠᠷᠤᠬᠤ ᠂ ᠬᠠᠯᠠᠭᠤᠨ ᠢ ᠠᠷᠢᠯᠭᠠᠬᠤ ᠂ ᠰᠢᠷᠬ᠎ᠠ ᠶᠢ ᠠᠨᠠᠭᠠᠬᠤ ᠂ ᠬᠣᠳᠤᠭᠤᠳᠤ ᠶᠢ ᠴᠢᠭᠢᠷᠠᠭᠵᠢᠭᠤᠯᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠰᠠᠮᠪᠣ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ
ᠰᠠᠮᠪᠣ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ

ᠮᠣᠩᠭᠣᠯ ᠤᠯᠤᠰ 2014 ᠤᠨ ᠬᠦᠷᠲᠡᠯ᠎ᠡ ᠰᠠᠮᠪᠣ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠨᠡᠶᠢᠲᠡ 59 ᠠᠯᠲᠠᠨ ᠮᠸᠲ᠋ᠯ ᠠᠪᠴᠤ 37 ᠲᠠᠮᠢᠷᠴᠢᠨ ᠳᠡᠯᠡᠬᠡᠢ ᠶᠢᠨ ᠠᠪᠤᠷᠭᠤ ᠪᠣᠯᠤᠭᠰᠠᠨ ᠪᠠᠶᠢᠨ᠎ᠠ᠃ ᠮᠣᠩᠭᠣᠯᠴᠤᠳ ᠤᠨ ᠬᠠᠮᠤᠭ ᠤᠨ ᠣᠯᠠᠨ ᠤᠳᠠᠭ᠎ᠠ ᠳᠡᠯᠡᠬᠡᠢ ᠶᠢᠨ ᠠᠪᠤᠷᠭᠤ ᠶᠢᠨ ᠠᠯᠲᠠ ᠠᠪᠤᠭᠰᠠᠨ ᠲᠥᠷᠦᠯ ᠨᠢ ᠰᠠᠮᠪᠣ ᠶᠤᠮ᠃ ᠮᠣᠩᠭᠣᠯ ᠤᠯᠤᠰ ᠰᠠᠮᠪᠣ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠠᠩᠬ᠎ᠠ 1973 ᠤᠨ ᠳᠤ ᠵᠣᠬᠢᠶᠠᠭᠳᠠᠵᠤ ᠡᠬᠢᠯᠡᠬᠦ ᠦᠶᠡᠰ ᠣᠷᠣᠯᠴᠠᠵᠤ ᠡᠬᠢᠯᠡᠭᠰᠡᠨ ᠪᠠ ᠱ᠂ ᠴᠢᠨᠠᠷᠠᠪᠠ ᠮᠣᠩᠭᠣᠯ ᠤᠨ ᠲᠡᠳᠦᠢ ᠦᠭᠡᠢ ᠳᠡᠯᠡᠬᠡᠢ ᠶᠢᠨ ᠰᠠᠮᠪᠣ ᠶᠢᠨ ᠠᠩᠬᠠᠨ ᠤ ᠠᠪᠤᠷᠭᠤ ᠪᠣᠯᠤᠭᠰᠠᠨ ᠲᠠᠮᠢᠷᠴᠢᠨ ᠶᠤᠮ᠃ (ᠪᠦᠷᠢᠨ ᠠᠭᠤᠯᠭ᠎ᠠ ᠶᠢ ᠤᠩᠰᠢᠬᠤ)

ᠬᠥᠪᠰᠥᠭᠥᠯ ᠠᠶᠢᠮᠠᠭ
ᠬᠥᠪᠰᠥᠭᠥᠯ ᠠᠶᠢᠮᠠᠭ

ᠬᠥᠪᠰᠥᠭᠥᠯ ᠠᠶᠢᠮᠠᠭ ᠨᠢ ᠭᠦᠨ ᠴᠡᠩᠬᠡᠷ ᠬᠥᠪᠰᠥᠭᠥᠯ_ᠨᠠᠭᠤᠷ ᠤᠨ ᠢᠶᠠᠨ ᠨᠡᠷ᠎ᠡ ᠪᠡᠷ ᠨᠡᠷᠡᠯᠡᠭᠳᠡᠬᠦ ᠪᠠ 1931 ᠤᠨ ᠳᠤ ᠡᠭᠦᠰᠦᠨ ᠪᠠᠶᠢᠭᠤᠯᠤᠭᠳᠠᠭᠰᠠᠨ᠃ ᠪᠤᠯᠠᠭᠠᠨᠠᠷᠤᠬᠠᠩᠭᠠᠢᠵᠠᠪᠬᠠᠨ ᠠᠶᠢᠮᠠᠭ ᠲᠠᠢ ᠬᠢᠯᠢᠯᠡᠬᠦ ᠪᠠ ᠤᠯᠤᠰ ᠤᠨ ᠬᠢᠯᠢ ᠪᠡᠷ ᠵᠠᠭᠠᠭᠯᠠᠭᠳᠠᠵᠤ ᠣᠷᠣᠰ ᠤᠯᠤᠰ᠂ ᠲᠡᠭᠦᠨ ᠦ ᠲᠤᠸᠠᠪᠤᠷᠢᠶᠠᠳ ᠤᠯᠤᠰ ᠤᠳ ᠲᠠᠢ ᠬᠠᠶᠠᠭ᠎ᠠ ᠵᠠᠯᠭᠠᠳᠠᠭ᠃ ᠠᠶᠢᠮᠠᠭ ᠤᠨ ᠲᠥᠪ ᠮᠥᠷᠡᠨ ᠬᠣᠲᠠ ᠤᠯᠤᠰ ᠤᠨ ᠨᠡᠶᠢᠰᠯᠡᠯ ᠡᠴᠡ ᠪᠠᠷᠠᠭᠤᠨ ᠬᠣᠶᠢᠰᠢ 671 ᠺᠢᠯᠣᠮᠧᠲ᠋ᠷ ᠵᠠᠶᠢᠲᠠᠢ᠃ ᠬᠥᠪᠰᠥᠭᠥᠯ ᠠᠶᠢᠮᠠᠭ 1992 ᠤᠨ ᠤ ᠦᠨᠳᠦᠰᠦᠨ ᠬᠠᠤᠯᠢ ᠶᠢᠨ ᠬᠦᠷᠢᠶᠡᠨ ᠳᠦ 24 ᠰᠤᠮᠤ᠂ ᠴᠠᠭᠠᠰᠢᠯᠠᠪᠠᠯ 126 ᠪᠠᠭ ᠢ ᠠᠭᠤᠯᠠᠨ ᠪᠠᠶᠢᠭ᠎ᠠ᠃ ᠬᠥᠪᠰᠥᠭᠥᠯ ᠠᠶᠢᠮᠠᠭ ᠠᠷᠪᠠᠨ ᠲᠦᠮᠡ ᠵᠢᠷᠭᠤᠭᠠᠨ ᠵᠠᠭᠤ ᠭᠠᠷᠤᠢ (100,629) ᠠᠮᠠ ᠳᠥᠷᠪᠡᠯᠵᠢᠨ ᠺᠢᠯᠣᠮᠧᠲ᠋ᠷ ᠭᠠᠵᠠᠷ ᠡᠵᠡᠯᠡᠭᠰᠡᠨ ᠮᠣᠩᠭᠣᠯ ᠤᠯᠤᠰ ᠤᠨ 6 ᠳᠠᠬᠢ ᠲᠣᠮᠣ ᠳᠡᠪᠢᠰᠬᠡᠷ ᠭᠠᠵᠠᠷ ᠲᠠᠢ ᠠᠶᠢᠮᠠᠭ᠃ ᠦᠨᠳᠦᠰᠦᠨ ᠳᠦ ᠪᠡᠨ ᠠᠭᠤᠯᠠᠷᠬᠠᠭ᠃ ᠠᠭᠤᠯᠠ᠂ ᠤᠰᠤ᠂ ᠣᠢ᠂ ᠬᠥᠪᠴᠢ᠂ ᠲᠠᠶᠢᠭ᠎ᠠ ᠪᠣᠯᠤᠭᠰᠠᠨ ᠨᠤᠲᠤᠭ ᠢ ᠠᠶᠠᠯᠠᠭᠴᠢ ᠵᠢᠭᠤᠯᠴᠢᠳ ᠦᠵᠡᠭᠡᠳ «ᠮᠣᠩᠭᠣᠯ ᠤᠨ ᠰᠸᠢᠰ» ᠭᠡᠵᠦ ᠨᠡᠷᠡᠶᠢᠳᠬᠦ ᠨᠢ ᠪᠤᠢ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 08 06 1

ᠳᠠᠮᠵᠢᠭᠤᠯᠤᠨ ᠪᠣᠷᠣᠯᠠᠭᠤᠯᠬᠤ
ᠳᠠᠮᠵᠢᠭᠤᠯᠤᠨ ᠪᠣᠷᠣᠯᠠᠭᠤᠯᠬᠤ

ᠳᠠᠮᠵᠢᠭᠤᠯᠤᠨ ᠪᠣᠷᠣᠯᠠᠭᠤᠯᠬᠤ( ᠬᠢᠲᠠᠳ ᠢᠶᠡᠷ ᠄ 传销 ) ᠭᠡᠳᠡᠭ ᠨᠢ ᠵᠣᠬᠢᠶᠠᠨ ᠪᠠᠶᠢᠭᠤᠯᠤᠭᠴᠢ ᠬᠥᠮᠦᠨ ᠂ ᠵᠣᠬᠢᠶᠠᠨ ᠪᠠᠶᠢᠭᠤᠯᠤᠭᠳᠠᠭᠴᠢ ᠬᠥᠮᠦᠨ ᠢᠶᠡᠷ ᠳᠠᠮᠵᠢᠨ ᠰᠢᠭᠤᠳ ᠪᠤᠶᠤ ᠲᠠᠮ ᠢᠶᠠᠷ ᠲᠠᠲᠠᠵᠤ ᠣᠷᠣᠭᠤᠯᠤᠭᠰᠠᠨ ᠬᠥᠮᠦᠨ ᠦ ᠲᠣᠭ᠎ᠠ ᠬᠡᠮᠵᠢᠶ᠎ᠡ ᠪᠤᠶᠤ ᠠᠵᠢᠯ ᠤᠨ ᠪᠦᠲᠦᠮᠵᠢ ᠢᠢ ᠨᠢ ᠦᠨᠳᠦᠰᠦᠯᠡᠨ ᠬᠦᠴᠦ ᠬᠥᠯᠥᠰᠥ ᠪᠤᠳᠤᠬᠤ ᠪᠠ ᠥᠭᠳᠡᠭ ᠂ ᠡᠰᠡᠪᠡᠯ ᠵᠣᠬᠢᠶᠠᠨ ᠪᠠᠶᠢᠭᠤᠯᠤᠭᠳᠠᠭᠴᠢ ᠬᠥᠮᠦᠨ ᠪᠣᠯᠭᠠᠨ ᠵ ᠵᠣᠬᠢᠬᠤ ᠵᠠᠷᠤᠳᠠᠯ ᠢ ᠲᠤᠰᠢᠶᠠᠪᠠᠯ ᠰᠠᠶᠢ ᠣᠷᠣᠯᠴᠠᠬᠤ ᠬᠢᠷᠢ ᠬᠡᠮ ᠤᠯᠬᠤ ᠱᠠᠭᠠᠷᠳᠠᠯᠭ᠎ᠠ ᠲᠤᠷᠠᠳᠬᠤ ᠵᠡᠷᠭᠡ ᠬᠡᠯᠪᠡᠷᠢ ᠪᠡᠷ ᠡᠳ᠋ ᠬᠦᠷᠦᠩᠭᠡ᠂ ᠵᠤᠭᠤᠰ ᠮᠦᠩᠭᠦ ᠤᠯᠬᠤ ᠬᠠᠤᠯᠢ ᠠᠴᠠ ᠵᠥᠷᠢᠴᠡᠭᠰᠡᠨ ᠠᠵᠢᠯᠯᠠᠭ᠎ᠠ ᠪᠣᠯᠤᠨ᠎ᠠ ᠃ ᠳᠠᠮᠵᠢᠭᠤᠯᠤᠨ ᠪᠣᠷᠣᠯᠠᠭᠤᠯᠬᠤ ᠨᠢ ᠮᠥᠨ ᠴᠢᠨᠠᠷ ᠳᠡᠭᠡᠷ᠎ᠡ ᠪᠠᠨ《 ᠫᠠᠩ ᠣᠪᠣᠭᠲᠤ ᠶᠢᠨ ᠮᠡᠬᠡᠯᠡᠯᠲᠡ 》ᠪᠣᠯᠬᠤ ᠶᠤᠮ ᠂ ᠲᠤᠬᠠᠶᠢᠯᠠᠪᠠᠯ ᠬᠣᠵᠢᠮ ᠤᠨ ᠤᠷᠤᠯᠴᠠᠭᠴᠢ ᠢᠢᠨ ᠵᠣᠭᠣᠰ ᠮᠦᠩᠭᠦ ᠪᠡᠷ ᠡᠮᠦᠨ᠎ᠡ ᠤᠷᠤᠯᠴᠠᠭᠴᠢ ᠬᠥᠮᠦᠨ ᠳᠤ ᠠᠰᠢᠭ ᠬᠦᠷᠲᠡᠭᠡᠨ᠎ᠠ ᠃ (ᠪᠦᠷᠢᠨ ᠠᠭᠤᠯᠭ᠎ᠠ ᠶᠢ ᠤᠩᠰᠢᠬᠤ)

Hunnuair
Hunnuair

Hunnu Air (ᠮᠣᠩᠭᠣᠯ ᠢᠶᠠᠷ Хүннү Эйр) ᠮᠣᠩᠭᠣᠯ ᠤᠯᠤᠰ ᠤᠨ ᠣᠷᠣᠨ ᠨᠤᠲᠤᠭ ᠤᠨ ᠨᠢᠰᠦᠯᠭᠡ ᠶᠢ ᠳᠡᠯᠡᠬᠡᠢ ᠶᠢᠨ ᠠᠭᠠᠷ ᠤᠨ ᠲᠡᠭᠡᠭᠡᠪᠦᠷᠢ ᠶᠢᠨ ᠰᠦᠯᠵᠢᠶᠡᠨ ᠳᠦ ᠬᠣᠯᠪᠣᠬᠤ᠂ ᠮᠡᠳᠡᠭᠡᠯᠡᠯ ᠲᠧᠭᠨᠣᠯᠣᠭᠢ ᠶᠢᠨ ᠳᠡᠪᠰᠢᠯ ᠢ ᠨᠡᠪᠲᠡᠷᠡᠭᠦᠯᠬᠦ᠂ ᠣᠯᠠᠨ ᠤᠯᠤᠰ ᠤᠨ ᠰᠲ᠋ᠠᠨᠳᠠᠷᠲ ᠬᠡᠮ ᠬᠡᠮᠵᠢᠶᠡᠨ ᠳᠦ ᠬᠦᠷᠦᠭᠰᠡᠨ ᠠᠭᠠᠷ ᠤᠨ ᠲᠡᠭᠡᠭᠡᠪᠦᠷᠢ ᠶᠢᠨ ᠢᠵᠢ ᠪᠥᠷᠢᠨ ᠠᠶᠤᠯ ᠦᠭᠡᠢ᠂ ᠨᠠᠶᠢᠳᠠᠪᠤᠷᠢᠲᠠᠢ ᠦᠢᠯᠡᠴᠢᠯᠡᠭᠡ ᠦᠵᠡᠭᠦᠯᠬᠦ ᠶᠢ ᠭᠣᠣᠯ ᠵᠣᠷᠢᠯᠭ᠎ᠠ ᠪᠠᠨ ᠪᠣᠯᠭᠠᠨ ᠠᠵᠢᠯᠯᠠᠵᠤ ᠪᠠᠢᠨ᠎ᠠ᠃ ᠣᠯᠠᠨ ᠤᠯᠤᠰ ᠤᠨ ᠠᠭᠠᠷ ᠤᠨ ᠲᠡᠭᠡᠭᠡᠪᠦᠷᠢ ᠶᠢᠨ ᠪᠠᠶᠢᠭᠤᠯᠤᠯᠭ᠎ᠠ (International Air Transport Association ) ᠍ ᠲᠤ ᠡᠯᠰᠡᠬᠦ ᠬᠦᠰᠡᠯᠲᠦ ᠪᠡᠨ ᠭᠠᠷᠭᠠᠭᠰᠠᠨ ᠪᠥᠭᠡᠳ 2011 ᠤᠨ ᠤ 11  ᠳᠦᠭᠡᠷ ᠰᠠᠷ᠎ᠠ ᠳᠤ ᠣᠯᠠᠨ ᠤᠯᠤᠰ ᠤᠨ ᠢᠷᠭᠡᠨ ᠦ ᠠᠭᠠᠷ ᠤᠨ ᠲᠡᠭᠡᠭᠡᠪᠦᠷᠢ ᠶᠢᠨ International Air Transport Association ᠪᠠᠶᠢᠭᠤᠯᠤᠯᠭ᠎ᠠ ᠠᠴᠠ 《MR》 ᠪᠣᠯᠤᠨ ᠠᠷᠠᠯᠵᠢᠶᠠᠨ ᠤ 《861》 ᠺᠣᠳ᠋ ᠍ ᠤᠳ ᠢ᠂ 2012 ᠤᠨ ᠤ 12 ᠳ᠋ᠤᠭᠠᠷ ᠰᠠᠷ᠎ᠠ ᠳᠤ International Civil Aviation Organization᠂ ICAO᠂ ᠣᠯᠠᠨ ᠤᠯᠤᠰ ᠤᠨ ᠢᠷᠭᠡᠨ ᠦ ᠠᠭᠠᠷ ᠤᠨ ᠲᠡᠭᠡᠭᠡᠪᠦᠷᠢ ᠶᠢᠨ ᠪᠠᠶᠢᠭᠤᠯᠤᠯᠭ᠎ᠠ ᠪᠠᠶᠢᠭᠤᠯᠤᠯᠭ᠎ᠠ ᠠᠴᠠ 《MML》 ᠺᠣᠳ᠋᠂ 《TRANS MONGOLIA》 ᠳᠠᠭᠤᠳᠠᠯᠭ᠎ᠠ ᠶᠢ ᠠᠪᠤᠭᠰᠠᠨ ᠨᠢ ᠡᠳᠡᠭᠡᠷ ᠣᠯᠠᠨ ᠤᠯᠤᠰ ᠤᠨ ᠺᠣᠳ᠋ ᠍ ᠤᠳ ᠢ ᠠᠪᠤᠭᠰᠠᠨ ᠬᠣᠶᠠᠳᠠᠭᠴᠢ ᠠᠪᠢᠶᠠᠺᠣᠮᠫᠠᠨᠢ ᠪᠣᠯᠤᠭᠰᠠᠨ ᠶᠤᠮ᠃ (ᠪᠦᠷᠢᠨ ᠠᠭᠤᠯᠭ᠎ᠠ ᠶᠢ ᠤᠩᠰᠢᠬᠤ)

ᠳᠠᠷᠬᠠᠨ-ᠠᠭᠤᠯᠠ
ᠳᠠᠷᠬᠠᠨ-ᠠᠭᠤᠯᠠ

᠋᠋᠋᠋᠋ᠳᠠᠷᠬᠠᠨ-ᠠᠭᠤᠯᠠ (ᠬᠤᠳᠤᠮ ᠮᠣᠩᠭᠣᠯ ᠢᠶᠠᠷ ᠳᠠᠷᠬᠠᠨ ᠠᠭᠤᠯᠠ ) ᠠᠶᠢᠮᠠᠭ ᠨᠢ ᠮᠣᠩᠭᠣᠯ ᠤᠯᠤᠰ ᠍ ᠤᠨ 21 ᠠᠶᠢᠮᠠᠭ ᠤᠨ ᠨᠢᠭᠡ᠃ ᠣᠷᠬᠣᠨ᠂ ᠭᠣᠪᠢᠰᠦᠮᠪᠦᠷ ᠠᠶᠢᠮᠠᠭ ᠤᠳ ᠲᠠᠢ ᠠᠳᠠᠯᠢ ᠪᠠᠷ 1994 ᠡᠤᠨ ᠳᠤ ᠳᠠᠷᠬᠠᠨ ᠬᠣᠲᠠ ᠶᠢ ᠰᠡᠯᠡᠩᠭᠡ ᠠᠶᠢᠮᠠᠭ ᠤᠨ ᠵᠠᠷᠢᠮ ᠰᠤᠮᠤ ᠳᠤ ᠲᠠᠢ ᠨᠡᠶᠢᠯᠡᠭᠦᠯᠵᠦ ᠪᠠᠶᠢᠭᠤᠯᠵᠠᠢ᠃ ᠵᠠᠰᠠᠭ ᠵᠠᠬᠢᠷᠭᠠᠨ ᠤ ᠨᠢᠭᠡᠴᠡ ᠶᠢᠨ ᠬᠤᠪᠢ ᠳᠤ 4 ᠰᠤᠮᠤ᠂ 24 ᠪᠠᠭ ᠲᠠᠢ᠃ ᠳᠠᠷᠬᠠᠨ-ᠠᠭᠤᠯᠠ ᠠᠶᠢᠮᠠᠭ ᠨᠢ ᠰᠡᠯᠡᠩᠭᠡ ᠠᠶᠢᠮᠠᠭ ᠤᠨ ᠰᠤᠮᠤ ᠨᠤᠭᠤᠳ ᠲᠠᠢ ᠬᠢᠯᠢ ᠵᠠᠯᠭᠠᠭ᠎ᠠ ᠣᠷᠣᠰᠢᠳᠠᠭ᠃ (ᠪᠦᠷᠢᠨ ᠠᠭᠤᠯᠭ᠎ᠠ ᠶᠢ ᠤᠩᠰᠢᠬᠤ)

ᠰᠢᠷ᠎ᠠ ᠦᠨᠳᠦᠰᠦ
ᠰᠢᠷ᠎ᠠ ᠦᠨᠳᠦᠰᠦ

ᠰᠢᠷ᠎ᠠ ᠦᠨᠳᠦᠰᠦ ᠪᠣᠯ ᠬᠣᠯᠲᠤᠰᠤᠨ ᠴᠡᠴᠡᠭ   ᠤᠨ ᠢᠵᠠᠭᠤᠷ ᠤᠨ ᠡᠪᠡᠰᠦᠯᠢᠭ ᠤᠷᠭᠤᠮᠠᠯ ᠪᠣᠯᠬᠤ ᠰᠢᠷ᠎ᠠ ᠬᠤᠩᠯᠸᠨ ︵ 黄连 ︶ ᠵᠡᠷᠭᠡ ᠶᠢᠨ ᠬᠠᠲᠠᠭᠠᠭᠰᠠᠨ ᠦᠨᠳᠦᠰᠦᠯᠢᠭ ᠡᠰᠢ ᠮᠥᠨ ᠃ ᠬᠢᠵᠢᠭ᠌ ᠤᠨ ᠬᠠᠯᠠᠭᠤᠨ ᠢ ᠠᠷᠢᠯᠭᠠᠬᠤ ᠂ ᠦᠬᠡᠷᠢ ᠶᠢ ᠬᠠᠳᠠᠭᠠᠬᠤ ᠂ ᠰᠢᠷᠬ᠎ᠠ ᠶᠢ ᠠᠨᠠᠭᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠬᠠᠯᠬ᠎ᠠ ᠶᠢᠨ ᠰᠦᠮ᠎ᠡ ᠶᠢᠨ ᠮᠥᠷᠭᠥᠯᠳᠦᠭᠡᠨ
ᠬᠠᠯᠬ᠎ᠠ ᠶᠢᠨ ᠰᠦᠮ᠎ᠡ ᠶᠢᠨ ᠮᠥᠷᠭᠥᠯᠳᠦᠭᠡᠨ

ᠬᠠᠯᠬ᠎ᠠ ᠶᠢᠨ ᠰᠦᠮ᠎ᠡ ᠶᠢᠨ ᠮᠥᠷᠭᠥᠯᠳᠦᠭᠡᠨ ᠨᠢ ᠮᠣᠩᠭᠣᠯ-ᠶᠠᠫᠣᠨ ᠤ ᠬᠢᠯᠢ ᠶᠢᠨ ᠳᠠᠶᠢᠨ ᠪᠤᠶᠤ ᠶᠠᠫᠣᠨ/ᠬᠠᠭᠤᠷᠮᠠᠭ ᠮᠠᠨᠵᠤ(满洲国)-ᠮᠣᠩᠭᠣᠯ/ᠵᠥᠪᠯᠡᠯᠲᠦ ᠶᠢᠨ ᠬᠣᠭᠣᠷᠣᠨᠳᠣ ᠪᠣᠯᠤᠭᠰᠠᠨ ᠬᠢᠯᠢ ᠶᠢᠨ ᠮᠥᠷᠭᠥᠯᠳᠦᠭᠡᠨ ᠤ ᠨᠢᠭᠡ ᠶᠤᠮ᠃ᠬᠠᠯᠬ᠎ᠠ ᠶᠢᠨ ᠰᠦᠮ᠎ᠡ ᠭᠡᠵᠦ ᠪᠤᠶᠢᠷ ᠨᠠᠭᠤᠷ ᠤᠨ ᠵᠡᠭᠦᠨ ᠬᠣᠶᠢᠳᠤ ᠲᠠᠯ᠎ᠠ ᠳᠤ ᠣᠷᠣᠰᠢᠬᠤ ᠪᠤᠳ᠋ᠳ᠋ᠾᠠ ᠶᠢᠨ ᠱᠠᠰᠢᠨ ᠤ ᠬᠡᠶᠢᠳ ᠠᠵᠠᠢ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ