ᠣᠨᠴᠠᠯᠠᠬᠤ ᠥᠭᠦᠯᠡᠯ/2017 7 ᠍ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Aero Mongolia
Aero_Mongolia

Aero Mongolia ᠺᠣᠮᠫᠠᠨᠢ ᠨᠢ 2003 ᠤᠨ ᠳᠤ ᠵᠣᠷᠴᠢᠭᠴᠢ ᠲᠡᠭᠡᠭᠡᠪᠦᠷᠢ ᠶᠢᠨ ᠠᠩᠬᠠᠨ ᠤ ᠨᠢᠰᠦᠯᠭᠡ ᠪᠡᠨ ᠣᠷᠣᠨ ᠨᠤᠲᠤᠭ ᠲᠤ ᠬᠢᠵᠦ ᠡᠬᠢᠯᠡᠭᠰᠡᠨ ᠪᠠ ᠣᠳᠣ 130 ᠭᠠᠷᠤᠢ ᠠᠵᠢᠯᠴᠢᠨ᠂ ᠠᠯᠪᠠᠨ ᠬᠠᠭᠠᠭᠴᠢᠳ ᠲᠠᠢ᠃ ᠰᠡᠭᠦᠯ ᠦᠨ ᠦᠶ᠎ᠡ ᠶᠢᠨ ᠨᠠᠶᠢᠳᠠᠪᠤᠷᠢᠲᠠᠢ ᠲᠧᠭᠨᠢᠭ ᠲᠧᠭᠨᠣᠯᠣᠭᠢ ᠪᠠᠷ ᠪᠥᠷᠢᠨ ᠲᠣᠨᠣᠭᠯᠠᠭᠳᠠᠭᠰᠠᠨ 1992 ᠤᠨ ᠳᠤ ᠦᠢᠯᠡᠳᠪᠦᠷᠢᠯᠡᠭᠳᠡᠭᠰᠡᠨ 50 ᠬᠦᠮᠦᠨ ᠦ ᠰᠠᠭᠤᠳᠠᠯ ᠲᠠᠢ ᠹᠣᠺᠺᠧᠷ-50 ᠮᠠᠶ᠋ᠢᠭ ᠤᠨ 2 ᠰᠢᠷᠬᠡᠭ ᠣᠩᠭᠣᠴᠠ᠂ 1992 ᠤᠨ ᠳᠤ ᠦᠢᠯᠡᠳᠪᠦᠷᠢᠯᠡᠭᠳᠡᠭᠰᠡᠨ 108 ᠬᠦᠮᠦᠨ ᠦ ᠰᠠᠭᠤᠳᠠᠯ ᠲᠠᠢ ᠹᠣᠺᠺᠧᠷ-100 ᠮᠠᠶ᠋ᠢᠭ ᠤᠨ 2 ᠰᠢᠷᠬᠡᠭ ᠨᠡᠶᠢᠲᠡ 4 ᠣᠩᠭᠣᠴᠠ ᠲᠠᠢ᠃ ᠣᠯᠠᠨ ᠤᠯᠤᠰ ᠤᠨ 4 ᠴᠢᠭᠯᠡᠯ ᠳᠦ᠂ ᠣᠷᠣᠨ ᠨᠤᠲᠤᠭ ᠤᠨ 12 ᠴᠢᠭᠯᠡᠯ ᠳᠦ ᠨᠢᠰᠦᠯᠭᠡ ᠦᠢᠯᠡᠳᠴᠦ ᠢᠷᠡᠭᠰᠡᠨ ᠦᠨᠳᠦᠰᠦᠨ ᠦ ᠠᠭᠠᠷ ᠤᠨ ᠲᠡᠭᠡᠭᠡᠪᠦᠷᠢᠯᠡᠭᠴᠢ᠃ ᠳᠡᠯᠡᠬᠡᠢ ᠶᠢᠨ ᠴᠢᠨᠠᠷ ᠤᠨ ᠬᠣᠷᠢᠶᠠᠨ ᠠᠴᠠ ᠵᠣᠷᠴᠢᠭᠴᠢ᠂ ᠦᠢᠯᠡᠴᠢᠯᠡᠭᠦᠯᠦᠭᠴᠢᠳ ᠦᠨ ᠰᠡᠳᠬᠢᠯ ᠬᠠᠨᠤᠮᠵᠢ ᠶᠢ ᠥᠨᠳᠥᠷ ᠪᠠᠶᠢᠯᠭᠠᠵᠤ᠂ ᠨᠠᠶᠢᠳᠠᠪᠤᠷᠢᠲᠠᠢ᠂ ᠠᠶᠤᠯ ᠦᠭᠡᠢ ᠦᠢᠯᠡᠴᠢᠯᠡᠭᠡ ᠦᠵᠡᠭᠦᠯᠬᠦ ᠬᠦᠴᠦᠨ ᠴᠢᠷᠮᠠᠶᠢᠯᠲᠠ ᠨᠤᠭᠤᠳ ᠢ ᠲᠡᠮᠳᠡᠭᠯᠡᠵᠦ 《ᠴᠠᠭᠠᠨ ᠠᠯᠲᠠᠨ ᠣᠳᠣ》 ᠱᠠᠩᠨᠠᠯ ᠢ 2008 ᠤᠨ ᠤ 09 ᠳᠦᠭᠡᠷ ᠰᠠᠷ᠎ᠠ ᠶᠢᠨ 22 ᠍ ᠳᠦ ᠹᠷᠠᠨᠼᠢ ᠶᠢᠨ ᠫᠠᠷᠢᠰ ᠬᠣᠲᠣᠩ ᠢᠶᠠᠨ ᠭᠠᠷᠳᠠᠭᠤᠯᠤᠭᠰᠠᠨ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 07 30 1

ᠬᠠᠷ᠎ᠠ ᠲᠡᠩᠭᠢᠰ
ᠬᠠᠷ᠎ᠠ ᠲᠡᠩᠭᠢᠰ

ᠬᠠᠷ᠎ᠠ ᠲᠡᠩᠭᠢᠰ (黑海) ᠨᠢ ᠵᠡᠭᠦᠨ ᠡᠮᠦᠨᠡᠲᠦ ᠧᠦ᠋ᠷᠣᠫᠠ ᠳ᠋ᠤ᠂ ᠠᠨᠠᠲ᠋ᠣᠯ ᠤᠨ ᠬᠣᠶᠢᠭ (ᠲᠦᠷᠺ) ᠳᠡᠭᠡᠷ᠎ᠡ ᠪᠠᠶᠢᠷᠢᠯᠠᠬᠤ᠂ ᠡᠬᠡ ᠭᠠᠵᠠᠷ ᠤᠨ ᠳᠤᠮᠳᠠᠳᠤ ᠲᠡᠩᠭᠢᠰ ᠶᠤᠮ᠃ ᠤᠭ ᠲᠡᠩᠭᠢᠰ ᠨᠢ ᠭᠠᠵᠠᠷ ᠤᠨ ᠳᠤᠮᠳᠠᠳᠤ ᠲᠡᠩᠭᠢᠰ᠂ ᠡᠭᠧᠢ ᠶᠢᠨ ᠲᠡᠩᠭᠢᠰ ᠶᠢᠡᠷ ᠠᠲ᠋ᠯᠠᠨᠲ ᠤᠨ ᠳᠠᠯᠠᠢ ᠲᠠᠢ ᠬᠣᠯᠪᠣᠭᠳᠠᠨ᠎ᠠ᠃ ᠪᠣᠰᠹᠣᠷ ᠤᠨ ᠬᠣᠭᠣᠯᠠᠢ ᠨᠢ ᠬᠠᠷ᠎ᠠ ᠲᠡᠩᠭᠢᠰ ᠢ ᠮᠠᠷᠣᠮᠣᠷ ᠤᠨ ᠲᠡᠩᠭᠢᠰ ᠲᠡᠢ᠂ ᠤᠯᠠᠮ ᠢᠶᠠᠷ ᠳᠠᠷᠳᠠᠨᠧᠯ ᠦᠨ ᠬᠣᠭᠣᠯᠠᠢ ᠨᠢ ᠡᠭᠧᠢ ᠶᠢᠨ ᠲᠡᠩᠭᠢᠰ ᠲᠡᠢ ᠬᠣᠯᠪᠣᠨ᠎ᠠ᠃ ᠡᠭᠧᠢ ᠶᠢᠨ ᠲᠡᠩᠭᠢᠰ ᠨᠢ ᠭᠠᠵᠠᠷ ᠤᠨ ᠳᠤᠮᠳᠠᠳᠤ ᠲᠡᠩᠭᠢᠰ ᠦᠨ ᠨᠢᠭᠡ ᠬᠡᠰᠡᠭ ᠭᠡᠵᠦ ᠲᠣᠭᠠᠴᠠᠭᠳᠠᠳᠠᠭ ᠪᠠᠶᠢᠨ᠎ᠠ᠃ ᠡᠳᠡᠭᠡᠷ ᠲᠡᠩᠭᠢᠰ ᠦᠳ (ᠤᠰᠤᠨ ᠨᠤᠭᠤᠳ) ᠨᠢ ᠠᠽᠢᠶ᠎ᠠ ᠪᠣᠯᠤᠨ ᠧᠦ᠋ᠷᠣᠫᠠ ᠲᠢᠪ ᠦᠨ ᠬᠢᠯᠢ ᠶᠤᠮ᠃ ᠬᠠᠷ᠎ᠠ ᠲᠡᠩᠭᠢᠰ ᠨᠢ ᠪᠠᠷᠠᠭᠤᠨ ᠬᠣᠶᠢᠳᠤ ᠲᠠᠯ᠎ᠠ ᠳᠤ ᠪᠠᠨ ᠺᠧᠷᠴᠢ ᠶᠢᠨ ᠬᠣᠭᠣᠯᠠᠢ ᠪᠠᠷ ᠠᠽᠣᠸ ᠤᠨ ᠲᠡᠩᠭᠢᠰ ᠲᠡᠢ ᠬᠣᠯᠪᠣᠭᠳᠠᠨ᠎ᠠ᠃ (ᠪᠦᠷᠢᠨ ᠠᠭᠤᠯᠭ᠎ᠠ ᠶᠢ ᠤᠩᠰᠢᠬᠤ)

ᠫᠣᠯᠢ ᠫᠣᠭᠪᠠ
ᠫᠣᠯᠢ ᠫᠣᠭᠪᠠ

ᠫᠣᠯᠢ ᠯᠠᠪᠢᠯ ᠫᠣᠭᠪᠠ (ᠹᠷᠠᠨᠼᠢ ᠪᠠᠷ Paul Labile Pogba, 1993 ᠤᠨ ᠤ ᠭᠤᠷᠪᠠᠳᠤᠭᠠᠷ ᠰᠠᠷ᠎ᠠ ᠶᠢᠨ 15 ᠍ ᠳᠦ ᠯᠠᠨᠢ ᠰ ᠲᠷ-ᠮᠠᠷᠠᠨ ᠬᠣᠳᠠ ᠳᠤ ᠲᠦᠷᠦᠭᠰᠡᠨ) — ᠹᠷᠠᠨᠼᠢ ᠍ ᠤᠨ ᠪᠦᠮᠪᠦᠭᠡᠭᠴᠢᠨ ᠪᠥᠭᠡᠳ ᠶᠸᠧᠩᠲᠤᠰ ᠪᠣᠯᠤᠨ ᠹᠷᠠᠨᠼᠢ ᠶᠢᠨ ᠰᠢᠭᠰᠢᠭᠡ ᠪᠠᠭ ᠤᠨ ᠬᠠᠭᠠᠰ ᠬᠠᠮᠠᠭᠠᠯᠠᠭᠴᠢ ᠶᠤᠮ᠃ ᠲᠡᠷᠡ ᠹᠷᠠᠨᠼᠢ ᠶᠢᠨ ᠷᠦᠠᠰᠰᠢ ᠠᠨ-ᠪᠷᠢ᠂ ᠲᠣᠷᠰᠢ ᠭᠡᠰᠡᠨ ᠬᠣᠶᠠᠷ ᠪᠠᠭ ᠲᠤ ᠥᠰᠪᠦᠷᠢ ᠨᠠᠰᠤᠨ ᠠᠴᠠ ᠪᠠᠨ ᠪᠡᠯᠡᠳᠬᠡᠭᠳᠡᠭᠰᠡᠨ ᠪᠥᠭᠡᠳ ᠭᠠᠸᠷ ᠪᠠᠭ᠎ᠠ ᠪᠠᠷ ᠳᠠᠮᠵᠢᠭᠠᠭᠠᠳ ᠮᠠᠴᠧᠰᠲ᠋ᠧᠷ ᠶᠤᠨ ᠠᠲ᠋ᠧᠳ ᠪᠠᠭ ᠲᠤ ᠢᠷᠡᠭᠰᠡᠨ ᠪᠠᠶᠢᠳᠠᠭ ᠪᠠᠶᠢᠨ᠎ᠠ᠃ 2011 ᠤᠨ ᠳᠤ ᠶᠤᠨ ᠠᠲ᠋ᠧᠳ ᠪᠠᠭ ᠲᠠᠢ ᠮᠡᠷᠭᠡᠵᠢᠯ ᠦᠨ ᠭᠡᠷ᠎ᠡ ᠪᠡᠨ ᠪᠠᠶᠢᠭᠤᠯᠵᠤ ᠪᠦᠲᠦᠨ ᠤᠯᠠᠷᠢᠯ ᠢ ᠥᠩᠭᠡᠷᠡᠭᠦᠯᠬᠦ ᠳᠦ ᠪᠡᠨ ᠲᠠᠯᠠᠪᠠᠢ ᠳᠤ ᠳᠣᠯᠣᠭᠠᠨ ᠤᠳᠠᠭ᠎ᠠ ᠭᠠᠷᠴᠠᠢ᠃ 2012 ᠤᠨ ᠤ ᠳᠣᠯᠣᠭ᠎ᠠ ᠳᠤᠭᠠᠷ ᠰᠠᠷ᠎ᠠ ᠶᠢᠨ 27 ᠍ ᠳᠤ ᠢᠲ᠋ᠠᠯᠢ ᠍ ᠶᠢᠨ ᠶᠸᠧᠩᠲᠤᠰ ᠪᠠᠭ ᠲᠡᠭᠦᠨ ᠲᠡᠢ ᠪᠣᠯᠤᠨ ᠶᠤᠨ ᠠᠲ᠋ᠧᠳ ᠪᠠᠭ ᠲᠠᠢ ᠣᠶᠢᠯᠠᠭᠠᠭᠰᠠᠨ ᠤ ᠦᠨᠳᠦᠰᠦᠨ ᠳᠡᠭᠡᠷ᠎ᠡ ᠳᠥᠷᠪᠡᠨ ᠵᠢᠯ ᠦᠨ ᠬᠤᠭᠤᠴᠠᠭ᠎ᠠ ᠲᠠᠢ ᠪᠠᠭᠲᠠᠭ᠎ᠠ ᠡᠯᠰᠡᠭᠦᠯᠦᠭᠰᠡᠨ ᠶᠤᠮ᠃ (ᠪᠦᠷᠢᠨ ᠠᠭᠤᠯᠭ᠎ᠠ ᠶᠢ ᠤᠩᠰᠢᠬᠤ)

ᠯᠢᠩᠬᠢᠨ ᠫᠠᠷᠺ
ᠯᠢᠩᠬᠢᠨ ᠫᠠᠷᠺ

᠋᠋᠋᠋᠋ᠯᠢᠩᠬᠢᠨ ᠫᠠᠷᠺ (ᠠᠩᠭ᠍ᠯᠢ ᠪᠠᠷ Linkin Park᠂ ᠬᠢᠲᠠᠳ ᠶ᠋ᠢᠡᠷ 林肯公园) ᠬᠠᠮᠲᠤᠯᠢᠭ ᠪᠣᠯ ᠠᠮᠧᠷᠢᠺᠠ ᠶ᠋ᠢᠨ ᠨᠢᠭᠡᠳᠦᠭᠰᠡᠨ ᠤᠯᠤᠰ ᠍ ᠤᠨ ᠺᠠᠯᠢᠹᠣᠷᠨ ᠮᠤᠵᠢ ᠶᠢᠨ ᠠᠭᠦ᠋ᠷᠠ ᠬᠢᠯᠢᠯᠰ ᠬᠣᠲᠠ ᠡᠴᠠ ᠭᠠᠷᠤᠯᠲᠠᠢ ᠠᠮᠧᠷᠢᠺᠠ ᠶᠢᠨ ᠷᠣᠺ ᠬᠠᠮᠲᠤᠯᠢᠭ ᠶᠤᠮ᠃ 1996ᠤᠨ ᠳ᠋ᠤ ᠪᠠᠶᠢᠭᠤᠯᠤᠭᠳᠠᠭᠰᠠᠨ ᠲᠡᠳᠡᠨ ᠦ ᠳᠧᠪᠶᠤᠶᠢᠲ ᠴᠣᠮᠣᠭ ᠪᠣᠯᠬᠤ Hybrid Theory ᠴᠣᠮᠣᠭ ᠶ᠋ᠢᠡᠷ ᠣᠯᠠᠨ ᠤᠯᠤᠰ ᠤᠨ ᠬᠡᠮᠵᠢᠶᠡᠨ ᠳᠦ ᠠᠯᠳᠠᠷ ᠲᠠᠢ ᠪᠣᠯᠤᠭᠰᠠᠨ᠃ ᠲᠤᠰ ᠴᠣᠮᠣᠭ ᠨᠢ RIAA (ᠠᠮᠧᠷᠢᠺᠠ ᠶᠢᠨ ᠳᠠᠭᠤᠤ ᠪᠢᠴᠢᠯᠭᠡ ᠶᠢᠨ ᠨᠡᠶᠢᠭᠡᠮᠯᠢᠭ᠌) ᠍ᠡᠴᠡ Diamond ᠬᠡᠮᠡᠨ ᠡᠷᠭᠦᠮᠵᠢᠯᠡᠭᠳᠡᠭᠰᠡᠨ ᠪᠠ ᠥᠭᠡᠷ᠎ᠡ ᠪᠤᠰᠤᠳ ᠣᠷᠣᠨ ᠨᠤᠭᠤᠳ ᠲᠤ ᠮᠤᠯᠲᠤ ᠫᠯᠠᠲᠨᠢᠮ ᠪᠣᠯᠤᠭᠰᠠᠨ ᠶᠤᠮ᠃ ᠳᠠᠷᠠᠭ᠎ᠠ ᠶᠢᠨ ᠴᠣᠮᠣᠭ ᠪᠣᠯᠬᠤ Meteora ᠨᠢ ᠮᠥᠨ ᠯᠠ ᠠᠮᠵᠢᠯᠲᠠ ᠲᠠᠢ ᠪᠣᠯᠵᠤ᠂ 2003 ᠡᠤᠨ ᠤ Billboard 200 ᠴᠣᠮᠣᠭ ᠤᠨ ᠵᠢᠭᠰᠠᠭᠠᠯᠳᠠ ᠶᠢ ᠲᠡᠷᠢᠭᠦᠯᠡᠭᠰᠡᠨ ᠪᠠ ᠬᠠᠮᠲᠤᠯᠢᠭ ᠳᠡᠯᠡᠬᠡᠢ ᠳᠠᠶᠠᠭᠠᠷ ᠤᠷᠲᠤ ᠬᠤᠭᠤᠴᠠᠭᠠᠨ ᠤ ᠠᠶᠠᠯᠠᠨ ᠲᠣᠭᠯᠠᠯᠲᠠ᠂ ᠪᠤᠶᠠᠨ ᠤ ᠦᠢᠯᠡ ᠠᠵᠢᠯᠯᠠᠭᠠᠨ ᠳᠤ ᠣᠷᠣᠯᠴᠠᠵᠤ ᠪᠠᠶᠢᠭᠰᠠᠨ᠃ 2003 ᠡᠤᠨ ᠳᠤ MTV2 ᠲᠧᠯᠸᠢᠰ Linkin Park ᠬᠠᠮᠲᠤᠯᠢᠭ ᠤᠨ ᠸᠢᠳᠢᠣ᠋ ᠺᠯᠢᠫᠨ ᠤ ᠡᠷᠡᠨ ᠦᠶ᠎ᠡ ᠶᠢᠨ 06 ᠳ᠋ᠠᠬᠢ ᠰᠢᠯᠢᠳᠡᠭ᠂ Oasis ᠪᠣᠯᠤᠨ Coldplay ᠬᠠᠮᠲᠤᠯᠢᠭ ᠤᠳ ᠤᠨ ᠳᠠᠷᠠᠭ᠎ᠠ ᠰᠢᠨ᠎ᠡ ᠮᠢᠩᠭᠠᠨ ᠤ 03 ᠳ᠋ᠠᠬᠢ ᠰᠢᠯᠢᠳᠡᠭ ᠬᠠᠮᠲᠤᠯᠢᠭ ᠬᠡᠮᠡᠨ ᠨᠡᠷᠡᠯᠡᠭᠰᠡᠨ᠃ Billboard ᠍ ᠶᠢᠨ 10 ᠵᠢᠯ ᠦᠨ ᠰᠢᠯᠢᠳᠡᠭ ᠤᠷᠠᠨ ᠪᠦᠲᠦᠭᠡᠯᠴᠢ ᠶᠢᠨ ᠵᠢᠭᠰᠠᠭᠠᠯᠳᠠᠨ ᠳᠤ 19 ᠍ ᠳᠦ Linkin Park ᠬᠠᠮᠲᠤᠯᠢᠭ ᠣᠷᠣᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠰᠢᠯᠭᠠᠪᠤᠷ
ᠰᠢᠯᠭᠠᠪᠤᠷ

᠋᠋᠋᠋᠋ᠰᠢᠯᠭᠠᠪᠤᠷ (冰片᠂ ᠥᠭᠡᠷ᠎ᠡ ᠨᠡᠷ᠎ᠡ ᠨᠢ ᠭᠠᠪᠦᠷ )᠄ ᠲᠤᠰ ᠡᠮ ᠪᠣᠯ ᠯᠤᠤᠲᠤ ᠬᠦᠵᠢᠨ ᠮᠣᠳᠤᠨ ᠤ ᠢᠵᠠᠭᠤᠷ ᠤᠨ ᠮᠥᠩᠬᠡ ᠨᠣᠭᠤᠭᠠᠨ ᠲᠤᠷᠤᠭ ᠮᠣᠳᠤ ᠪᠣᠯᠬᠤ ᠯᠤᠤᠲᠤ ᠬᠦᠵᠢᠨ ᠮᠣᠳᠤᠨ ( 龙脑香 ) ᠤ ᠳᠠᠪᠠᠷᠬᠠᠢ ᠡᠴᠡ ᠪᠣᠯᠪᠠᠰᠤᠷᠠᠭᠤᠯᠤᠨ ᠠᠪᠤᠭᠰᠠᠨ ᠲᠠᠯᠠᠰᠲᠤ ᠮᠥᠨ ᠃ ᠡᠭᠦᠨ  ᠢ 《 ᠯᠤᠤᠲᠤ ᠬᠦᠵᠢᠨ ᠮᠣᠳᠤᠨ ᠭᠠᠪᠤᠷ 》( 龙脑冰片 ) ᠪᠤᠶᠤ ᠰᠢᠯᠭᠠᠪᠤᠷ ( 梅片 ) ᠭᠡᠳᠡᠭ ᠃ ᠮᠠᠩᠭᠠᠪᠤᠷ ᠂ ᠨᠠᠷᠠᠰᠤ ᠭᠡᠰᠢᠭᠦᠦ ᠶᠢᠨ ᠲᠣᠰᠤ ᠵᠡᠷᠭᠡ ᠪᠡᠷ ᠲᠦᠭᠦᠬᠡᠢ ᠡᠳ᠋ ᠪᠣᠯᠭᠠᠵᠤ ᠬᠢᠮᠢ ᠶᠢᠨ ᠠᠷᠭ᠎ᠠ  ᠪᠡᠷ ᠪᠣᠯᠪᠠᠰᠤᠷᠠᠭᠤᠯᠤᠨ ᠠᠪᠤᠭᠰᠠᠨ ᠢ 《 ᠬᠢᠮᠡᠯ ᠭᠠᠪᠤᠷ 》 (机制冰片 ) ᠭᠡᠳᠡᠭ ᠃ ᠵᠦᠭᠠᠩ  ᠲᠠᠢ ᠨᠤᠬᠤᠵᠤ ᠨᠤᠮᠤᠬᠠᠳᠬᠠᠭᠠᠳ ᠬᠡᠷᠡᠭᠯᠡᠨ᠎ᠡ ᠃ ᠬᠠᠯᠠᠭᠤᠨ ᠢ ᠠᠷᠢᠯᠭᠠᠬᠤ ᠂ ᠬᠠᠪᠤᠳᠠᠷ ᠢ ᠬᠠᠷᠢᠭᠤᠯᠬᠤ ᠂ ᠡᠪᠡᠳᠬᠦ  ᠶᠢ ᠵᠤᠭᠰᠤᠭᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠬᠠᠰᠠᠭ ᠤᠨ ᠳᠡᠭᠡᠷᠡᠮᠴᠢᠳ

[[Image:{{{ᠵᠢᠷᠤᠭ}}}|{{{ᠵᠢᠷᠤᠭ ᠤᠨ ᠬᠡᠮᠵᠢᠶ᠎ᠡ}}}|left|{{{ᠵᠢᠷᠤᠭ ᠤᠨ ᠲᠠᠶᠢᠯᠪᠤᠷᠢ}}}]] ᠬᠠᠰᠠᠭ ᠤᠨ ᠳᠡᠭᠡᠷᠡᠮᠴᠢᠳ ᠭᠡᠳᠡᠭ ᠨᠡᠷ᠎ᠡ ᠨᠢ ᠮᠣᠩᠭᠣᠯ ᠤᠯᠤᠰ ᠤᠨ ᠪᠠᠷᠠᠭᠤᠨ ᠬᠢᠵᠠᠭᠠᠷ ᠤᠨ ᠬᠢᠯᠢ ᠶᠢᠨ 1910-1950 ᠤᠨ ᠳᠤ ᠵᠥᠷᠴᠢᠨ ᠵᠡᠪᠰᠡᠭᠲᠦ ᠳᠡᠭᠡᠷᠡᠮᠠᠯᠠᠯᠭ᠎ᠠ ᠬᠢᠬᠦ ᠪᠠ ᠴᠡᠷᠢᠭ ᠦᠨ ᠲᠠᠩᠨᠠᠭᠤᠯᠬᠢᠯᠢ ᠶᠢᠨ ᠲᠤᠯᠭᠠᠷᠠᠯᠲᠠᠮᠥᠷᠭᠥᠯᠳᠦᠭᠡᠨ ᠡᠭᠦᠰᠬᠡᠵᠦ ᠪᠠᠶᠢᠭᠰᠠᠨ ᠵᠡᠪᠰᠡᠭᠯᠡᠭᠰᠡᠨ ᠬᠠᠰᠠᠭ ᠦᠳ ᠢ ᠬᠡᠯᠡᠳᠡᠭ ᠪᠠᠶᠢᠭᠰᠠᠨ ᠬᠡᠯᠡᠯᠭᠡ ᠶᠤᠮ᠃ (ᠪᠦᠷᠢᠨ ᠠᠭᠤᠯᠭ᠎ᠠ ᠶᠢ ᠤᠩᠰᠢᠬᠤ)

ᠰᠸᠦ᠋ᠯ
ᠰᠸᠦ᠋ᠯ

ᠰᠸᠦ᠋ᠯ (서울ᠰᠣᠯᠣᠩᠭᠣᠰ ᠳᠠᠭᠤᠳᠠᠯᠭ᠎ᠠ ᠂ «ᠨᠡᠶᠢᠰᠯᠡᠯ») — ᠡᠮᠦᠨ᠎ᠡ ᠰᠣᠯᠣᠩᠭᠣᠰ ᠤᠯᠤᠰ ᠤᠨ ᠨᠡᠶᠢᠰᠯᠡᠯ᠂ 10 ᠰᠠᠶ᠎ᠠ ᠬᠦᠮᠦᠨ ᠲᠡᠢ ᠬᠣᠲᠠ ᠶᠤᠮ᠃ ᠰᠸᠦ᠋ᠯ ᠬᠣᠲᠠ ᠤᠯᠤᠰ ᠤᠨ ᠢᠶᠠᠨ ᠥᠷᠥᠨ᠎ᠡ ᠤᠮᠠᠷᠠᠳᠤ ᠬᠡᠰᠡᠭ ᠲᠦ ᠺᠶᠣᠩᠭᠢ ᠠᠶᠢᠮᠠᠭ ᠢᠶᠠᠷ ᠬᠦᠷᠢᠶᠡᠯᠡᠭᠳᠡᠨ᠂ ᠢᠨᠢᠴᠢᠨᠢ ᠬᠣᠲᠠ ᠲᠠᠢ ᠬᠠᠶᠠᠭ᠎ᠠ ᠵᠠᠯᠭᠠᠨ ᠣᠷᠣᠰᠢᠳᠠᠭ᠃ ᠬᠣᠲᠠ ᠶᠢᠨ ᠬᠠᠷᠢᠶᠠᠯᠠᠬᠤ ᠲᠠᠯᠠᠪᠠᠢ 605 ᠺᠦᠸᠠᠳ᠋ ᠺᠢᠯᠣᠮᠧᠲ᠋ᠷ ᠪᠠᠶᠢᠨ᠎ᠠ᠃ ᠵᠠᠰᠠᠭ ᠵᠠᠬᠢᠷᠭᠠᠨ ᠤ ᠬᠤᠪᠢᠶᠠᠷᠢ ᠪᠠᠷ ᠤᠯᠤᠰ ᠤᠨ ᠨᠢᠭᠡᠳᠦᠭᠡᠷ ᠳᠡᠰ ᠦᠨ ᠨᠤᠲᠤᠭ ᠪᠣᠯᠬᠤ ᠣᠨᠴᠠᠭᠠᠢ ᠬᠣᠲᠠ ᠶᠤᠮ᠃ 10 ᠰᠠᠶ᠎ᠠ ᠬᠦᠮᠦᠨ ᠣᠷᠣᠰᠢᠨ ᠰᠠᠭᠤᠵᠤ ᠪᠠᠶᠢᠭ᠎ᠠ ᠪᠠᠷ ᠢᠶᠠᠨ ᠤᠯᠤᠰ ᠲᠤ ᠪᠠᠨ ᠲᠡᠷᠢᠭᠦᠯᠡᠬᠦ ᠪᠥᠭᠡᠳ ᠳᠡᠯᠡᠬᠡᠢ ᠳᠦ 8 ᠍ ᠳᠦᠭᠡᠷ ᠪᠠᠶᠢᠷᠢ ᠳᠤ ᠵᠢᠭᠰᠠᠬᠤ ᠶᠡᠬᠡ ᠬᠣᠲᠠ ᠪᠣᠯᠤᠨ᠎ᠠ᠃ ᠰᠸᠦ᠋ᠯ ᠬᠣᠲᠠ ᠶᠢᠨ ᠳᠤᠮᠳᠠᠭᠤᠷ ᠬᠠᠨᠢ ᠮᠥᠷᠡᠨ ᠤᠷᠤᠰᠳᠠᠭ ᠪᠥᠭᠡᠳ ᠡᠷᠲᠡᠨ ᠡᠴᠡ ᠡᠨᠳᠡ ᠰᠠᠭᠤᠷᠢᠨ ᠡᠭᠦᠰᠴᠦ ᠬᠥᠭᠵᠢᠵᠡᠢ᠃ ᠬᠣᠲᠠ ᠶᠢ ᠬᠠᠷᠠᠬᠤ ᠥᠷᠭᠡᠨ ᠴᠡᠴᠡᠷᠯᠢᠭᠲᠦ ᠬᠦᠷᠢᠶᠡᠯᠡᠩ ᠲᠡᠢ᠃ ᠰᠭᠦᠯ ᠦᠨ ᠴᠠᠮᠬᠠᠭ᠂ ᠲᠤᠩᠳᠡᠮᠦᠨ ᠦ ᠵᠠᠭᠪᠤᠷ ᠤᠨ ᠣᠷᠳᠣᠨ᠂ ᠯᠣᠲ᠋ᠠᠲ᠋ᠧ ᠤᠤᠷᠯ ᠳᠤ᠂ ᠰᠠᠷᠠᠨ ᠤ ᠭᠡᠷᠡᠯ ᠦᠨ ᠰᠣᠯᠣᠩᠭᠠᠲᠤ ᠬᠦᠷᠬᠢᠷ᠎ᠡ ᠵᠡᠷᠭᠡ ᠣᠷᠴᠢᠨ ᠦᠶ᠎ᠡ ᠶᠢᠨ ᠦᠵᠡᠮᠵᠢ ᠴᠣᠭᠴᠠᠯᠠᠵᠠᠢ᠃ ᠰᠣᠯᠣᠩᠭᠣᠰ ᠫᠣᠫ᠂ ᠰᠣᠯᠣᠩᠭᠣᠰ ᠳᠠᠪᠠᠯᠭᠠᠨ ᠤ ᠭᠣᠣᠯ ᠭᠠᠵᠠᠷ ᠪᠥᠭᠡᠳ ᠳᠡᠯᠡᠬᠡᠢ ᠳᠦ ᠡᠬᠢᠨ ᠦ 10 ᠍ ᠳᠦ ᠤᠷᠤᠬᠤ ᠲᠣᠭ᠎ᠠ ᠪᠤᠶᠤ ᠵᠢᠯ ᠳᠦ 10 ᠰᠠᠶ᠎ᠠ ᠭᠠᠷᠤᠨ ᠵᠢᠭᠤᠯᠴᠢᠨ ᠢᠷᠡᠵᠦ ᠰᠣᠨᠢᠷᠬᠠᠳᠠᠭ᠃ (ᠪᠦᠷᠢᠨ ᠠᠭᠤᠯᠭ᠎ᠠ ᠶᠢ ᠤᠩᠰᠢᠬᠤ)

ᠭᠣᠮᠣᠰᠧᠺᠰ
World laws pertaining to homosexual relationships and expression.svg

ᠬᠣᠮᠣᠰᠸᠺᠰ ᠭᠡᠳᠡᠭ ᠨᠢ᠂ ᠬᠦᠮᠦᠨ ᠦ ᠪᠡᠯᠭᠡ ᠶᠢᠨ ᠴᠢᠭ ᠬᠠᠨᠳᠤᠯᠭ᠎ᠠ ᠶᠢᠨ ᠨᠢᠭᠡ ᠪᠥᠭᠡᠳ ᠶᠡᠬᠡᠪᠴᠢᠯᠡᠨ ᠢᠵᠢᠯ ᠬᠦᠢᠰᠦᠨ ᠦ ᠬᠦᠮᠦᠨ ᠢ ᠰᠣᠨᠢᠷᠬᠠᠵᠤ᠂ ᠳᠤᠷᠠᠯᠠᠵᠤ᠂ ᠲᠡᠳᠡᠨ ᠳᠦ ᠲᠠᠲᠠᠭᠳᠠᠳᠠᠭ᠂ ᠪᠡᠯᠭᠡ ᠶᠢᠨ ᠬᠠᠷᠢᠯᠴᠠᠭᠠᠨ ᠳᠤ ᠣᠷᠣᠳᠠᠭ ᠬᠦᠮᠦᠰ ᠢ ᠵᠢᠭᠠᠭᠰᠠᠨ ᠪᠡᠯᠭᠡ ᠶᠢᠨ ᠴᠢᠭ ᠬᠠᠨᠳᠤᠯᠭ᠎ᠠ  ᠶᠢᠨ ᠨᠢᠭᠡ ᠵᠤᠢᠯ ᠃ ᠬᠣᠮᠣᠰᠧᠺᠰ ᠭᠡᠰᠡᠨ ᠣᠶᠢᠯᠠᠭᠠᠯᠲᠠ ᠶᠢ ᠳᠣᠲᠣᠷ᠎ᠠ ᠨᠢ ᠭᠧᠢ᠂ ᠯᠧᠰᠪᠢ ᠬᠡᠮᠡᠨ ᠬᠤᠪᠢᠶᠠᠵᠤ ᠨᠡᠷᠡᠯᠡᠳᠡᠭ᠃ᠥᠭᠡᠷ᠎ᠡ ᠪᠡᠷ ᠬᠡᠯᠡᠪᠡᠯ᠂ ᠡᠷ᠎ᠡ ᠬᠦᠮᠦᠨ ᠢ ᠰᠣᠨᠢᠷᠬᠠᠵᠤ᠂ ᠲᠡᠳᠡᠨ ᠳᠦ ᠲᠠᠲᠠᠭᠳᠠᠳᠠᠭ ᠡᠷ᠎ᠡ ᠬᠦᠮᠦᠨ ᠪᠤᠶᠤ ᠭᠧᠢ (Gay), ᠡᠰᠡᠪᠡᠯ ᠡᠮᠡᠭᠲᠡᠢ ᠬᠦᠮᠦᠨ ᠢ ᠰᠣᠨᠢᠷᠬᠠᠵᠤ᠂ᠲᠡᠳᠡᠨ ᠳᠦ ᠳᠤᠷᠠᠯᠠᠵᠤ ᠲᠠᠲᠠᠭᠳᠠᠳᠠᠭ ᠡᠮᠡᠭᠲᠡᠶᠢᠴᠦᠳ ᠪᠤᠶᠤ ᠯᠧᠰᠪᠢ (Lesbian) ᠬᠡᠯᠡᠨ᠎ᠡ᠃

ᠣᠷᠣᠰᠢᠯ

ᠢᠵᠢᠯ ᠬᠦᠢᠰᠦᠲᠡᠨ ᠦ ᠲᠤᠬᠠᠢ ᠶᠠᠷᠢᠬᠤ ᠶᠢᠨ ᠡᠮᠦᠨ᠎ᠡ ᠪᠡᠯᠭᠡ ᠶᠢᠨ ᠴᠢᠭ ᠬᠠᠨᠳᠤᠯᠭ᠎ᠠ ᠶᠢᠨ ᠲᠠᠯ᠎ᠠ ᠪᠠᠷ ᠲᠠᠶᠢᠯᠪᠤᠷᠢᠯᠠᠨ ᠪᠢᠴᠢᠶ᠎ᠡ᠃ ᠬᠦᠮᠦᠨ ᠦ ᠪᠡᠯᠭᠡ ᠶᠢᠨ ᠴᠢᠭ ᠬᠠᠨᠳᠤᠯᠭ᠎ᠠ ᠶᠢ ᠡᠰᠡᠷᠬᠦ ᠬᠦᠢᠰᠦᠲᠡᠨ ᠪᠤᠶᠤ ᠭᠧᠲ᠋ᠧᠷᠣᠰᠧᠺᠰ (Heterosexual), ᠢᠵᠢᠯ ᠬᠦᠢᠰᠦᠲᠡᠨ ᠪᠤᠶᠤ ᠬᠣᠮᠣᠰᠸᠺᠰ (Homosexual), ᠡᠷ᠎ᠡ ᠡᠮ᠎ᠡ ᠠᠯᠢ ᠠᠯᠢ ᠬᠦᠢᠰᠦᠲᠡᠨ ᠪᠤᠶᠤ ᠪᠢᠰᠧᠺᠰ (Bisexual) ᠭᠡᠵᠦ ᠭᠤᠷᠪᠠ ᠠᠩᠭᠢᠯᠠᠨ ᠨᠡᠷᠡᠯᠡᠳᠡᠭ᠃ ᠮᠥᠨ ᠶᠠᠮᠠᠷ ᠨᠢᠭᠡ ᠪᠡᠯᠭᠡ ᠶᠢᠨ ᠳᠤᠷ᠎ᠠ ᠬᠦᠰᠡᠯ ᠦᠭᠡᠢ ᠪᠤᠶᠤ "ᠠᠰᠧᠺᠰ" (asexual) ᠭᠡᠵᠦ ᠪᠠᠰᠠ ᠬᠤᠪᠢᠶᠠᠭᠳᠠᠳᠠᠭ᠃

ᠭᠧᠢ ᠬᠡᠮᠡᠬᠦ ᠦᠭᠡ ᠨᠢ ᠡᠷᠡᠭᠲᠡᠢ ᠢᠵᠢᠯ ᠬᠦᠢᠰᠦᠲᠡᠨ ᠬᠦᠮᠦᠰ ᠲᠡᠳᠦᠢ ᠦᠭᠡᠢ ᠡᠮᠡᠭᠲᠡᠢ ᠪᠣᠯᠤᠭᠠᠳ ᠨᠡᠶᠢᠲᠡ ᠭᠣᠮᠣᠰᠧᠺᠰᠤᠸᠠᠯ ᠬᠦᠮᠦᠰ ᠢ ᠵᠢᠭᠠᠨ ᠬᠡᠷᠡᠭᠯᠡᠭᠳᠡᠬᠦ ᠲᠣᠬᠢᠶᠠᠳᠠᠯ ᠴᠤ ᠪᠠᠶᠢᠳᠠᠭ᠃ ᠮᠥᠨ ᠪᠡᠯᠭᠡ ᠶᠢᠨ ᠴᠥᠭᠡᠩᠬᠢ ᠶᠢ ᠵᠢᠭᠠᠭᠰᠠᠨ LGBT ᠭᠡᠰᠡᠨ ᠦᠭᠡ ᠶᠢ ᠢᠯᠡᠭᠦᠦ ᠲᠦᠭᠡᠮᠡᠯ ᠠᠰᠢᠭᠯᠠᠳᠠᠭ᠃

ᠪᠢᠳᠡᠨ ᠦ ᠰᠣᠨᠢᠨ ᠬᠡᠪᠯᠡᠯ ᠳᠡᠭᠡᠷ᠎ᠡ ᠡᠴᠡ ᠶᠡᠬᠡ ᠤᠩᠰᠢᠳᠠᠭ ᠬᠣᠮᠣ ᠭᠡᠰᠡᠨ ᠲᠣᠪᠴᠢᠯᠠᠭᠰᠠᠨ ᠬᠡᠯᠡᠯᠭᠡ ᠨᠢ ᠢᠵᠢᠯ ᠬᠦᠢᠰᠦᠲᠡᠨ ᠬᠦᠮᠦᠰ ᠦᠨ ᠳᠤᠮᠳᠠ ᠪᠤᠰᠤ ᠭᠧᠲ᠋ᠧᠷᠣᠰᠧᠺᠰ /ᠡᠰᠡᠷᠬᠦ ᠬᠦᠢᠰᠦᠲᠡᠨ ᠢᠶᠡᠨ ᠰᠣᠨᠢᠷᠬᠠᠳᠠᠭ/ ᠬᠦᠮᠦᠰ ᠦᠨ ᠳᠤᠮᠳᠠ ᠥᠷᠭᠡᠨ ᠠᠰᠢᠭᠯᠠᠭᠳᠠᠳᠠᠭ ᠪᠠ ᠬᠡᠰᠡᠭ ᠪᠦᠯᠦᠭ ᠭᠧᠲ᠋ᠧᠷᠣᠰᠧᠺᠰ /ᠡᠰᠡᠷᠬᠦ ᠬᠦᠢᠰᠦᠲᠡᠨ ᠢᠶᠡᠨ ᠰᠣᠨᠢᠷᠬᠠᠳᠠᠭ/ ᠬᠦᠮᠦᠰ ᠭᠧᠢ ᠬᠦᠮᠦᠰ ᠢ ᠳᠤᠷᠤᠮᠵᠢᠯᠠᠬᠤ ᠬᠡᠯᠡᠯᠭᠡ ᠪᠣᠯᠭᠠᠨ ᠬᠡᠷᠡᠭᠯᠡᠬᠦ ᠨᠢ ᠶᠡᠬᠡ ᠪᠠᠶᠢᠳᠠᠭ ᠠᠴᠠ ᠪᠣᠯᠵᠤ (ᠢᠯᠠᠩᠭᠤᠶ᠎ᠠ᠂ ᠡᠷᠡᠭᠲᠡᠢ ᠬᠦᠮᠦᠰ ᠳᠡᠭᠡᠷ᠎ᠡ ᠬᠡᠷᠡᠭᠯᠡᠳᠡᠭ) ᠢᠯᠭᠠᠪᠤᠷᠢᠯᠠᠨ ᠭᠠᠳᠠᠭᠤᠷᠬᠠᠭᠰᠠᠨ ᠤᠳᠬ᠎ᠠ ᠠᠭᠤᠯᠤᠭᠳᠠᠳᠠᠭ ᠪᠣᠯᠤᠭᠰᠠᠨ (ᠢᠵᠢᠯ ᠬᠦᠢᠰᠦᠲᠡᠨ ᠬᠦᠮᠦᠰ ᠢ ᠦᠵᠡᠨ ᠶᠠᠳᠠᠬᠤ ᠦᠵᠡᠯ).

ᠳᠡᠭᠡᠷᠡᠬᠢ ᠡᠴᠡ ᠬᠠᠷᠠᠬᠤ ᠳᠤ ᠰᠡᠳᠬᠢᠯ ᠵᠦᠢ ᠶᠢᠨ ᠲᠥᠯᠥᠪ ᠪᠠᠶᠢᠳᠠᠯ ᠠᠴᠠ ᠨᠢ ᠬᠠᠷᠠᠪᠠᠯ᠂ ᠭᠧᠢ ᠪᠣᠯᠤᠨ ᠯᠧᠰᠪᠢ ᠬᠦᠮᠦᠰ ᠢ ᠬᠦᠯᠢᠶᠡᠵᠦ ᠠᠪᠬᠤ ᠳᠤ ᠪᠠᠨ᠂ ᠡᠮᠡᠭᠲᠡᠢ ᠬᠦᠮᠦᠰ ᠦᠨ ᠬᠤᠪᠢ ᠳᠤ ᠠᠯᠢ ᠠᠯᠢ ᠲᠠᠯ᠎ᠠ ᠶᠢ ᠨᠢ ᠠᠮᠠᠷᠬᠠᠨ ᠣᠶᠢᠯᠠᠭᠠᠨ ᠬᠦᠯᠢᠶᠡᠨ ᠠᠪᠳᠠᠭ ᠪᠣᠯ ᠬᠠᠷᠢᠨ ᠡᠷᠡᠭᠲᠡᠢ ᠬᠦᠮᠦᠰ ᠦᠨ ᠬᠤᠪᠢ ᠳᠤ ᠪᠣᠯ ᠶᠡᠬᠡ ᠬᠦᠨᠳᠦ ᠪᠡᠷ ᠬᠦᠯᠢᠶᠡᠵᠦ ᠠᠪᠬᠤ ᠲᠠᠯ᠎ᠠ ᠲᠠᠢ ᠭᠡᠳᠡᠭ ᠨᠢ ᠣᠯᠠᠨ ᠲᠠᠯ᠎ᠠ ᠶᠢᠨ ᠰᠤᠳᠤᠯᠭ᠎ᠠ ᠪᠠᠷ ᠨᠣᠲᠠᠯᠠᠭᠳᠠᠭᠠᠳ ᠪᠠᠶᠢᠭ᠎ᠠ᠃ ᠨᠡᠩ ᠢᠯᠠᠩᠭᠤᠶ᠎ᠠ ᠡᠷᠡᠭᠲᠡᠢ ᠬᠦᠮᠦᠰ ᠭᠧᠢ ᠬᠦᠮᠦᠰ ᠢ ᠬᠦᠨᠳᠦ ᠪᠡᠷ ᠬᠦᠯᠢᠶᠡᠵᠦ ᠠᠪᠬᠤ ᠠᠴᠠ ᠭᠠᠳᠠᠨ᠎ᠠ ᠪᠤᠷᠤᠭᠤ ᠣᠶᠢᠯᠠᠭᠠᠯᠲᠠ ᠲᠠᠢ ᠪᠠᠶᠢᠬᠤ ᠨᠢ ᠡᠯᠪᠡᠭ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠷᠣᠮᠪ
ᠷᠣᠮᠪ

ᠷᠣᠮᠪ (ᠠᠩᠭᠯᠢ ᠪᠠᠷ rhombus᠂ ᠬᠢᠳᠠᠳ ᠢᠶᠡᠷ᠄ 菱形) ᠨᠢ ᠨᠢᠭᠡᠨ ᠲᠥᠷᠥᠯ ᠦᠨ ᠳᠥᠷᠪᠡᠨ ᠥᠨᠴᠥᠭᠲᠦ ᠪᠥᠭᠡᠳ 4 ᠲᠠᠯ᠎ᠠ ᠶᠢᠨ ᠤᠷᠲᠤ ᠨᠢ ᠪᠦᠭᠦᠳᠡ ᠲᠡᠩᠴᠡᠭᠦᠦ ᠳᠦᠷᠰᠦ ᠶᠤᠮ᠃ ᠲᠠᠰᠢᠭᠤᠪᠴᠢ ᠨᠤᠭᠤᠳ ᠨᠢ ᠡᠭᠴᠡ ᠢᠶᠠᠷ ᠣᠭᠲᠣᠯᠤᠯᠴᠠᠳᠠᠭ ᠵᠡᠷᠭᠡᠴᠡᠭᠡ ᠵᠢᠰᠢᠭᠦᠯᠵᠢᠨ ᠬᠡᠮᠡᠨ ᠲᠣᠳᠣᠷᠬᠠᠶᠢᠯᠠᠭᠰᠠᠨ ᠴᠤ ᠪᠣᠯᠤᠨ᠎ᠠ᠃ ᠪᠦᠬᠦ 4 ᠳᠣᠲᠣᠭᠠᠳᠤ ᠥᠨᠴᠥᠭ ᠨᠢ ᠲᠡᠩᠴᠡᠭᠦᠦ ᠷᠣᠮᠪ ᠨᠢ ᠲᠡᠭᠰᠢ ᠳᠦᠷᠪᠡᠯᠵᠢᠨ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠬᠠᠯᠲᠠᠮ᠎ᠠ ᠶᠢᠨ ᠪᠠᠲᠤᠲᠤᠯᠭ᠎ᠠ
ᠬᠠᠯᠲᠠᠮ᠎ᠠ ᠶᠢᠨ ᠪᠠᠲᠤᠲᠤᠯᠭ᠎ᠠ

ᠬᠠᠯᠲᠠᠮ᠎ᠠ ᠶᠢᠨ ᠪᠠᠲᠤᠲᠤᠯᠭ᠎ᠠ ᠨᠢ 1963 ᠤᠨ ᠤ 3 ᠰᠠᠷ᠎ᠠ ᠶᠢᠨ 3 ᠍ ᠳᠦ ᠤᠯᠠᠭᠠᠨᠪᠠᠭᠠᠲᠤᠷ ᠬᠣᠲᠠᠳ ᠲᠦᠷᠦᠭᠰᠡᠨ᠃ ᠮᠣᠩᠭᠣᠯ ᠤᠯᠤᠰ ᠤᠨ 5 ᠳᠠᠬᠢ ᠶᠡᠷᠦᠩᠬᠡᠶᠢᠯᠡᠭᠴᠢ ᠶᠤᠮ᠃1978 ᠤᠨ ᠳᠤ ᠨᠡᠶᠢᠰᠯᠡᠯ ᠦᠨ 10 ᠵᠢᠯ ᠦᠨ 34 ᠳᠦᠭᠡᠷ ᠳᠤᠮᠳᠠ ᠰᠤᠷᠭᠠᠭᠤᠯᠢ ᠶᠢ ᠪᠦᠷᠢᠨ ᠳᠤᠮᠳᠠ ᠪᠣᠯᠪᠠᠰᠤᠷᠠᠯ ᠡᠵᠡᠮᠰᠢᠨ ᠲᠡᠭᠦᠰᠦᠭᠰᠡᠨ᠃‍1982 ᠤᠨ ᠳᠤ ᠳᠦᠷᠰᠦᠯᠡᠬᠦ ᠤᠷᠠᠯᠢᠭ ᠤᠨ ᠳᠤᠮᠳᠠ ᠰᠤᠷᠭᠠᠭᠤᠯᠢ ᠵᠢᠷᠤᠭᠠᠴᠢ ᠮᠡᠷᠭᠡᠵᠢᠯ ᠢᠶᠡᠷ ᠲᠤᠰ ᠲᠤᠰ ᠲᠡᠭᠦᠰᠦᠭᠰᠡᠨ᠃ 1995 ᠤᠨ ᠳᠤ ᠮᠣᠩᠭᠣᠯ ᠤᠯᠤᠰ ᠤᠨ ᠭᠠᠪᠢᠶ᠎ᠠ ᠳᠤ ᠲᠠᠮᠢᠷᠴᠢᠨ᠂2006 ᠤᠨ ᠳᠤ ᠶᠡᠬᠡ ᠮᠣᠩᠭᠣᠯ ᠤᠯᠤᠰ ᠪᠠᠶᠢᠭᠤᠯᠤᠭᠳᠠᠰᠤᠨ ᠤ 800 ᠵᠢᠯ ᠦᠨ ᠣᠢ ᠶᠢᠨ ᠬᠦᠨᠳᠦᠲᠦ ᠮᠸᠳᠡᠯ᠃ (ᠪᠦᠷᠢᠨ ᠠᠭᠤᠯᠭ᠎ᠠ ᠶᠢ ᠤᠩᠰᠢᠬᠤ)

ᠪᠤᠯᠠᠭᠠᠨ
ᠪᠤᠯᠠᠭᠠᠨ

᠋᠋᠋᠋᠋ᠪᠤᠯᠠᠭᠠᠨᠪᠤᠯ ᠮᠣᠩᠭᠣᠯ ᠤᠯᠤᠰ ᠍ ᠤᠨ ᠨᠢᠭᠡᠨ ᠠᠶᠢᠮᠠᠭ ᠶᠤᠮ᠃1938 ᠡᠤᠨ ᠳᠤ ᠪᠠᠶᠢᠭᠤᠯᠤᠭᠳᠠᠭᠰᠠᠨ᠂ 48700 ᠺᠦᠸᠠᠳ᠋ ᠺᠢᠯᠣᠮᠧᠲ᠋ᠷ ᠨᠤᠲᠤᠭ ᠲᠠᠢ᠃ ᠪᠤᠯᠠᠭᠠᠨ ᠠᠶᠢᠮᠠᠭ ᠤᠨ ᠨᠤᠲᠤᠭ ᠳᠡᠪᠢᠰᠬᠡᠷ ᠪᠣᠯ ᠨᠡᠩ ᠡᠷᠲᠡᠨ ᠡᠴᠡ ᠮᠣᠩᠭᠣᠯ ᠲᠤᠭᠤᠷᠭᠠᠲᠠᠨ ᠤ ᠥᠯᠥᠭᠡᠢ ᠨᠤᠲᠤᠭ ᠪᠠᠶᠢᠭᠰᠠᠨ ᠨᠢ ᠠᠷᠬᠢᠣᠯᠣᠭᠢ ᠶᠢᠨ ᠣᠯᠳᠠᠪᠤᠷᠢ᠂ ᠪᠠᠷᠢᠮᠲᠠ ᠪᠠᠷ ᠪᠠᠲᠤᠯᠠᠭᠳᠠᠳᠠᠭ᠃ ᠲᠤᠬᠠᠶᠢᠯᠠᠪᠠᠯ ᠮᠣᠩᠭᠣᠯ ᠤᠨ ᠠᠩᠬᠠᠨ ᠤ ᠲᠥᠷᠥ ᠳᠦ ᠤᠯᠤᠰ ᠪᠣᠯᠬᠤ ᠾᠦᠩᠨᠦ᠂ ᠪᠣᠯᠤᠨ ᠨᠢᠷᠤᠨ᠂ ᠰᠢᠶᠠᠨᠪᠢ᠂ ᠲᠦᠷᠦᠭ᠂ ᠤᠶᠢᠭᠤᠷ ᠍ ᠤᠨ ᠬᠠᠭᠠᠨᠲᠤ ᠤᠯᠤᠰ᠂ ᠬᠢᠳᠠᠨ᠂ ᠺᠢᠷᠭᠢᠽ ᠵᠡᠷᠭᠡ ᠤᠯᠤᠰ ᠤᠳ ᠣᠷᠣᠰᠢᠨ ᠲᠣᠭᠲᠠᠨᠢᠵᠤ ᠪᠠᠶᠢᠭᠰᠠᠨ ᠤ ᠤᠯᠠ ᠮᠥᠷ ᠬᠥᠰᠢᠶ᠎ᠡ ᠳᠤᠷᠠᠰᠬᠠᠯ ᠣᠯᠠᠨ ᠪᠠᠶᠢᠳᠠᠭ᠃ 12-13 ᠳ᠋ᠤᠭᠠᠷ ᠵᠠᠭᠤᠨ ᠦ ᠦᠶ᠎ᠡ ᠶᠢᠨ ᠮᠡᠷᠬᠢᠳ᠂ ᠬᠡᠷᠡᠶᠢᠳ ᠵᠡᠷᠭᠡ ᠣᠪᠤᠭ ᠠᠶᠢᠮᠠᠭ᠂ ᠴᠢᠩᠭᠢᠰ ᠦᠨ ᠨᠡᠷ᠎ᠡ ᠬᠠᠶᠶ᠋ᠭ ᠲᠠᠢ ᠭᠠᠵᠠᠷ ᠨᠤᠲᠤᠭ᠂ ᠠᠭᠤᠯᠠ ᠤᠰᠤ ᠴᠥᠭᠡᠨ ᠦᠭᠡᠢ ᠪᠤᠢ᠃ (ᠪᠦᠷᠢᠨ ᠠᠭᠤᠯᠭ᠎ᠠ ᠶᠢ ᠤᠩᠰᠢᠬᠤ)

ᠰᠡᠩᠳᠡᠩ
ᠰᠡᠩᠳᠡᠩ

ᠰᠡᠩᠳᠡᠩ᠄ ᠲᠤᠰ ᠡᠮ ᠪᠣᠯ ᠵᠢᠭᠮᠡᠳ ᠵᠢᠮᠢᠰ ᠦᠨ ᠢᠵᠠᠭᠤᠷ ᠤᠨ ᠤᠷᠭᠤᠮᠠᠯ ᠪᠣᠯᠬᠤ ᠰᠡᠩᠳᠡᠩ ︵ 文冠木 ︶ ᠦᠨ ᠬᠠᠲᠠᠭᠠᠭᠰᠠᠨ ᠭᠣᠣᠯ ᠡᠰᠢ ᠪᠤᠶᠤ ᠰᠠᠯᠠᠭ᠎ᠠ ᠮᠥᠴᠢᠷ ᠦᠨ ᠮᠣᠳᠤᠯᠢᠭ ᠬᠡᠰᠡᠭ ᠮᠥᠨ ᠃ ᠡᠰᠢ ᠶᠢ ᠠᠪᠴᠤ ᠬᠠᠯᠢᠰᠤ ᠶᠢ ᠨᠢ ᠠᠷᠢᠯᠭᠠᠭᠠᠳ ᠬᠠᠲᠠᠭᠠᠬᠤ ᠪᠤᠶᠤ ᠨᠠᠷᠢᠨ ᠰᠠᠯᠠᠭ᠎ᠠ ᠮᠥᠴᠢᠷ ᠢ ᠨᠢ ᠬᠡᠷᠴᠢᠭᠡᠳ ᠨᠣᠢᠢᠲᠠᠨ  ᠶ᠋ᠢᠡᠷ ᠨᠢ ᠬᠠᠳᠠᠭᠠᠯᠠᠨ᠎ᠠ ᠃ ᠮᠠᠭᠤ ᠴᠢᠰᠤ ᠰᠢᠷ᠎ᠠ ᠤᠰᠤ ᠶᠢ ᠬᠠᠲᠠᠭᠠᠬᠤ ᠂ ᠬᠠᠯᠠᠭᠤᠨ ᠢ ᠠᠷᠢᠯᠭᠠᠬᠤ ᠂ ᠬᠠᠪᠤᠳᠠᠷ ᠢ ᠬᠠᠷᠢᠭᠤᠯᠬᠤ ᠂ ᠡᠪᠡᠳᠬᠦ ᠶᠢ ᠵᠣᠭᠰᠤᠭᠠᠬᠤ ᠴᠢᠳᠠᠯ ᠲᠠᠢ ᠃ (ᠪᠦᠷᠢᠨ ᠠᠭᠤᠯᠭ᠎ᠠ ᠶᠢ ᠤᠩᠰᠢᠬᠤ)

ᠵᠢᠮᠢᠰ
ᠵᠢᠮᠢᠰ

ᠵᠢᠮᠢᠰ ᠪᠣᠯ ᠬᠦᠮᠦᠨ ᠦ ᠪᠡᠶ᠎ᠡ ᠮᠠᠬᠠᠪᠣᠳ ᠤᠨ ᠬᠡᠪ ᠦᠨ ᠦᠢᠯᠡ ᠠᠵᠢᠯᠯᠠᠭ᠎ᠠ ᠶᠢ ᠵᠣᠬᠢᠴᠠᠭᠤᠯᠬᠤ᠂ ᠬᠦᠴᠦ ᠴᠢᠳᠠᠯ ᠢ ᠨᠡᠮᠡᠭᠳᠡᠭᠦᠯᠬᠦ᠂ ᠡᠷᠡᠭᠦᠯ ᠴᠢᠭᠢᠷᠠᠭ ᠥᠰᠴᠦ ᠬᠥᠭᠵᠢᠬᠦ ᠳᠤ ᠵᠢᠮᠢᠰ ᠤᠨ ᠵᠦᠢᠯ ᠪᠤᠯ ᠴᠢᠬᠤᠯᠠ ᠱᠠᠭᠠᠷᠳᠠᠳᠠᠭ᠃ ᠬᠦᠮᠦᠨ ᠬᠣᠨᠣᠭ ᠲᠤ 300 ᠭᠷᠠᠮ ᠠᠴᠠ ᠳᠣᠭᠣᠭᠰᠢ ᠦᠭᠡᠢ᠂ ᠵᠢᠯ ᠳᠤ 109—112 ᠺᠢᠯᠤ᠌᠌ᠭ᠍ᠷᠠᠮ ᠵᠢᠮᠢᠰ ᠪᠤᠶᠤ ᠲᠡᠭᠦᠨ ᠦ ᠪᠦᠲᠦᠭᠡᠭᠳᠡᠬᠦᠨ ᠢᠶᠡᠷ ᠬᠢᠭᠰᠡᠨ ᠬᠦᠨᠡᠰᠦ ᠲᠡᠵᠢᠭᠡᠯ᠂ ᠤᠮᠳᠠᠭᠠᠨ ᠤ ᠵᠦᠢᠯ ᠬᠡᠷᠡᠭᠯᠡᠬᠦ ᠱᠠᠭᠠᠷᠳᠠᠯᠭ᠎ᠠ ᠲᠠᠢ ᠭᠡᠵᠦ ᠡᠷᠳᠡᠮᠲᠡᠳ ᠦᠵᠡᠳᠡᠭ ᠪᠠᠶᠢᠨ᠎ᠠ᠃ ᠵᠢᠮᠢᠰ ᠪᠣᠯ ᠰᠢᠬᠢᠷᠯᠢᠭ᠌ ᠶᠡᠬᠡ ᠲᠡᠢ᠂ ᠣᠯᠠᠨ ᠶᠠᠩᠵᠤ ᠶᠢᠨ ᠣᠷᠭᠠᠨᠢᠭ ᠬᠦᠴᠢᠯ᠂ ᠪᠢᠴᠢᠯ ᠢᠵᠠᠭᠤᠷ ᠮᠠᠬᠠᠪᠣᠳ᠂ ᠲᠥᠷᠥᠯ ᠪᠦᠷᠢ ᠶᠢᠨ ᠸᠢᠲ᠋ᠠᠮᠢᠨ ᠠᠭᠤᠯᠠᠭᠰᠠᠨ ᠪᠠᠶᠢᠳᠠᠭ ᠤᠴᠢᠷ ᠡᠴᠡ ᠬᠦᠨᠡᠰᠦ ᠲᠡᠵᠢᠭᠡᠯ ᠡᠴᠡ ᠭᠠᠳᠠᠨ᠎ᠠ ᠡᠮ ᠦᠨ ᠦᠢᠯᠡᠳᠪᠦᠷᠢ ᠶᠢᠨ ᠦᠨᠡᠲᠦ ᠲᠦᠭᠦᠬᠡᠢ ᠡᠳ᠋ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠨᠢᠷᠤᠨ ᠤᠯᠤᠰ
ᠨᠢᠷᠤᠨ ᠤᠯᠤᠰ

ᠨᠢᠷᠤᠨ ᠤᠯᠤᠰ (ᠬᠢᠲᠠᠳ ᠢᠶᠠᠷ: ᠷᠡᠦᠷᠠᠨ ᠤᠯᠤᠰ柔然) ᠨᠢ ᠾᠦᠩᠨᠦᠰᠢᠶᠠᠨᠪᠢ ᠨᠠᠷ ᠤᠨ ᠰᠢᠭᠤᠳ ᠵᠠᠯᠭᠠᠮᠵᠢ ᠪᠣᠯᠤᠭᠰᠠᠨ᠂ 330 ᠍ ᠊ᠭᠠᠳ ᠤᠨ ᠤ ᠣᠷᠴᠢᠮ ᠠᠩᠬ᠎ᠠ ᠡᠮᠬᠢᠯᠡᠭᠳᠡᠭᠰᠡᠨ ᠭᠡᠵᠦ ᠦᠵᠡᠳᠡᠭ ᠤᠯᠤᠰ ᠶᠤᠮ᠃ ᠢᠵᠠᠭᠤᠷ ᠮᠣᠩᠭᠣᠯᠴᠤᠳ ᠤᠨ ᠰᠢᠭᠤᠳ ᠡᠪᠦᠭᠡ᠂ ᠨᠢᠷᠤᠨᠴᠤᠳ ᠢ ᠵᠠᠷᠢᠮ ᠲᠡᠦᠬᠡᠨ ᠳᠦ ᠾᠦᠩᠨᠦ ᠡᠴᠡ᠂ ᠵᠠᠷᠢᠮ ᠰᠤᠷᠪᠤᠯᠵᠢ ᠳᠤ ᠳ᠋ᠦᠩᠬᠤ ᠠᠴᠠ (ᠰᠢᠶᠠᠨᠪᠢ ᠠᠴᠠ) ᠭᠠᠷᠤᠯᠲᠠᠢ ᠭᠡᠵᠦ ᠪᠢᠴᠢᠵᠡᠢ᠃ ᠲᠡᠦᠬᠡᠴᠢ ᠭᠦᠨᠵᠡ ᠶᠢᠨ ᠰᠦᠬᠡᠪᠠᠭᠠᠲᠤᠷ ᠬᠢᠲᠠᠳ ᠬᠡᠯᠡ ᠳᠡᠭᠡᠷ᠎ᠡ ᠲᠡᠮᠳᠡᠭᠯᠡᠭᠳᠡᠭᠰᠡᠨ ᠨᠡᠷ᠎ᠡ ᠶᠢ ᠨᠢ "ᠨᠢᠷᠤᠨ" ᠭᠡᠵᠦ ᠪᠠᠭᠤᠯᠭᠠᠭᠰᠠᠨ ᠪᠠᠶᠢᠨ᠎ᠠ᠃ ᠰᠢᠶᠠᠨᠪᠢ ᠤᠨ ᠤᠭᠰᠠᠭᠠᠨ ᠤ ᠲᠣᠪᠠ ᠤᠯᠤᠰ ᠬᠢᠲᠠᠳ ᠢ ᠡᠵᠡᠯᠡᠨ ᠠᠪᠤᠭᠰᠠᠨ ᠤ ᠪᠠᠨ ᠳᠠᠷᠠᠭ᠎ᠠ ᠠᠭᠠᠵᠢᠮ ᠢᠶᠠᠷ ᠬᠢᠲᠠᠳᠵᠢᠵᠤ ᠡᠬᠢᠯᠡᠭᠰᠡᠨ ᠲᠤᠯᠠ ᠬᠢᠲᠠᠳ ᠵᠠᠩᠰᠢᠯ ᠢᠶᠠᠷ ᠬᠥᠷᠰᠢ ᠤᠯᠤᠰ ᠦᠨᠳᠦᠰᠦᠲᠡᠨ ᠨᠦᠭᠦᠳ ᠦᠨ ᠢᠶᠡᠨ ᠨᠡᠷ᠎ᠡ ᠶᠢ ᠭᠤᠪᠢᠭᠤᠯᠤᠨ ᠥᠭᠡᠷᠡᠴᠢᠯᠡᠳᠡᠭ ᠪᠠᠶᠢᠪᠠ᠃ ᠡᠶᠢᠮᠦ ᠡᠴᠡ ᠲᠡᠳᠡ ᠭᠣᠪᠢ ᠠᠴᠠ ᠬᠣᠶᠢᠰᠢᠬᠢ ᠮᠣᠩᠭᠣᠯᠴᠤᠳ ᠢ "ᠷᠡᠦᠷᠠᠨ" ᠭᠡᠵᠦ ᠨᠡᠷᠡᠯᠡᠵᠡᠢ᠃ (ᠪᠦᠷᠢᠨ ᠠᠭᠤᠯᠭ᠎ᠠ ᠶᠢ ᠤᠩᠰᠢᠬᠤ)

ᠪᠡᠯᠭᠡ ᠶᠢᠨ ᠴᠢᠭ ᠬᠠᠨᠳᠤᠯᠭ᠎ᠠ
Gomsex.jpg

ᠪᠡᠯᠭᠡ ᠶᠢᠨ ᠴᠢᠭ ᠪᠠᠷᠢᠮᠵᠢᠶ᠎ᠠ (ᠠᠩᠭᠯᠢ ᠪᠠᠷ Sexual Orientation) ᠨᠢ ᠠᠯᠢ ᠨᠢᠭᠡ ᠬᠦᠢᠰᠦ  ᠡᠴᠡ ᠥᠪᠡᠷ ᠦᠨ ᠢᠶᠡᠨ ᠬᠠᠶᠢᠷ᠎ᠠ ᠳᠤᠷᠠᠯᠠᠯ ᠪᠣᠯᠤᠭᠠᠳ ᠪᠡᠯᠭᠡ ᠶᠢᠨ ᠬᠠᠷᠢᠯᠴᠠᠭ᠎ᠠ  ᠳᠤ ᠤᠷᠤᠬᠤ ᠪᠣᠯᠤᠨ ᠲᠠᠲᠠᠭᠳᠠᠬᠤ ᠬᠦᠮᠦᠨ ᠦ ᠦᠨᠳᠦᠰᠦᠨ ᠰᠢᠨᠵᠢ ᠴᠢᠨᠠᠷ ᠤᠨ ᠨᠢᠭᠡ ᠶᠠᠭᠤᠮ᠎ᠠ᠃ ᠬᠦᠮᠦᠨ ᠡᠭᠦᠨ ᠢ ᠬᠡᠨ ᠨᠢᠭᠡᠨ ᠪᠣᠯᠤᠨ ᠶᠠᠮᠠᠷ ᠨᠢᠭᠡᠨ ᠵᠦᠢᠯ ᠦᠨ ᠣᠷᠣᠯᠴᠠᠭ᠎ᠠ ᠲᠠᠢ ᠡᠰᠡᠪᠡᠯ ᠬᠦᠴᠦ ᠪᠡᠷ ᠬᠦᠰᠡᠳᠡᠭ ᠦᠭᠡᠢ ᠪᠥᠭᠡᠳ ᠵᠦᠭᠡᠷ ᠪᠠᠶᠢᠭᠠᠯᠢ ᠠᠴᠠ ᠵᠠᠶᠠᠭᠠᠭᠰᠠᠨ ᠢᠶᠠᠷ ᠥᠪᠡᠷ ᠦᠨ ᠮᠡᠳᠡᠯ ᠦᠭᠡᠢ ᠮᠡᠳᠡᠷᠡᠳᠡᠭ ᠮᠡᠳᠡᠷᠡᠮᠵᠢ ᠶᠤᠮ᠃

ᠬᠦᠮᠦᠨ ᠥᠪᠡᠷ ᠦᠨ ᠢᠶᠡᠨ ᠡᠴᠢᠭᠡ ᠡᠬᠡ ᠶᠢ ᠰᠣᠩᠭᠣᠵᠤ ᠴᠢᠳᠠᠳᠠᠭ ᠦᠭᠡᠢ ᠲᠡᠢ ᠠᠳᠠᠯᠢ ᠥᠪᠡᠷ ᠦᠨ ᠢᠶᠡᠨ ᠪᠡᠯᠭᠡ ᠶᠢᠨ ᠴᠢᠭ ᠬᠠᠨᠳᠤᠯᠭ᠎ᠠ ᠶᠢ ᠰᠤᠩᠭᠤᠬᠤ ᠪᠣᠯᠤᠨ ᠥᠭᠡᠷᠡᠴᠢᠯᠡᠬᠦ ᠪᠣᠯᠤᠮᠵᠢ ᠦᠭᠡᠢ᠃

ᠪᠡᠯᠭᠡ ᠶᠢᠨ ᠴᠢᠭ ᠪᠠᠷᠢᠮᠵᠢᠶ᠎ᠠ ᠶᠢ ᠳᠣᠲᠣᠷ᠎ᠠ ᠨᠢ ᠾᠢᠲ᠋ᠧᠷᠣᠰᠧᠺᠰ ᠂ ᠬᠣᠮᠣᠰᠧᠺᠰ᠂ ᠪᠢᠰᠧᠺᠰ᠂ ᠠᠰᠧᠺᠰ ᠭᠡᠬᠦ ᠦᠨᠳᠦᠰᠦᠨ ᠬᠡᠳᠦ ᠳᠦ ᠠᠩᠭᠢᠯᠠᠳᠠᠭ᠃

ᠦᠨᠳᠦᠰᠦᠨ ᠠᠩᠬᠢᠯᠠᠯ ᠳᠤ

ᠭᠣᠣᠯ ᠬᠡᠯᠡᠯᠭᠡ ᠪᠣᠯᠤᠭᠠᠳ ᠣᠨᠣᠯ  ᠤᠳ᠃

  • ᠾᠢᠲ᠋ᠧᠷᠣᠰᠧᠺᠰ ᠭᠡᠳᠡᠭ ᠨᠢ ᠥᠪᠡᠷ ᠡᠴᠡ ᠪᠡᠨ ᠡᠰᠡᠷᠬᠦ ᠬᠦᠢᠰᠥᠨ ᠳᠦ ᠬᠦᠨᠳᠦ ᠲᠠᠲᠠᠭᠳᠠᠳᠠᠭ ᠬᠦᠮᠦᠨ᠃
  • ᠬᠣᠮᠣᠰᠧᠺᠰ ᠭᠡᠳᠡᠭ ᠨᠢ ᠥᠭᠡᠷ᠎ᠡ ᠲᠡᠢ ᠪᠡᠨ ᠢᠵᠢᠯ ᠬᠦᠢᠰᠥᠨ ᠳᠦ ᠬᠦᠨᠳᠦ ᠲᠠᠲᠠᠭᠳᠠᠳᠠᠭ ᠬᠦᠮᠦᠨ᠃
  • ᠪᠢᠰᠧᠺᠰ ᠭᠡᠳᠡᠭ ᠨᠢ ᠥᠪᠡᠷ ᠡᠴᠡ ᠪᠡᠨ ᠡᠰᠡᠷᠬᠦ ᠪᠣᠯᠤᠨ ᠢᠵᠢᠯ ᠬᠦᠢᠰᠥᠨ ᠳᠦ ᠬᠦᠨᠳᠦ ᠲᠠᠲᠠᠭᠳᠠᠳᠠᠭ ᠬᠦᠮᠦᠨ᠃
  • ᠫᠠᠨᠢᠰᠧᠺᠰ ᠠᠯᠢ ᠨᠢᠭᠡ ᠬᠦᠢᠰᠦᠨ ᠳᠦ ᠪᠠᠷᠢᠭᠳᠠᠯ ᠦᠭᠡᠢ ᠪᠡᠷ ᠪᠦᠬᠦ ᠪᠡᠯᠭᠡ ᠶᠢᠨ ᠴᠢᠭ ᠪᠠᠷᠢᠮᠵᠢᠶ᠎ᠠ ᠲᠠᠢ ᠬᠦᠮᠦᠰ ᠲᠦ ᠲᠠᠲᠠᠭᠳᠠᠳᠠᠭ ᠬᠦᠮᠦᠨ᠃
  • ᠠᠰᠧᠺᠰ ᠪᠡᠯᠭᠡ ᠶᠢᠨ ᠳᠤᠷ᠎ᠠ ᠬᠦᠰᠡᠯ ᠢ ᠮᠡᠳᠡᠷᠡᠳᠡᠭ ᠦᠭᠡᠢ ᠪᠤᠶᠤ ᠪᠡᠯᠭᠡ ᠶᠢᠨ ᠴᠢᠭ ᠪᠠᠷᠢᠮᠵᠢᠶ᠎ᠠ ᠦᠭᠡᠢ ᠬᠦᠮᠦᠨ᠃
  • ᠨᠣᠨᠰᠧᠺᠰ ᠬᠡᠨ ᠨᠢᠭᠡᠨ ᠡᠴᠡ ᠪᠡᠯᠭᠡ ᠶᠢᠨ ᠬᠠᠷᠢᠯᠴᠠᠭ᠎ᠠ ᠬᠦᠰᠡᠬᠦ ᠦᠭᠡᠢ ᠪᠣᠯᠤᠨ ᠪᠡᠯᠭᠡ ᠶᠢᠨ ᠳᠤᠷ᠎ᠠ ᠬᠦᠰᠡᠯ ᠦᠭᠡᠢ ᠬᠦᠮᠦᠨ᠃ (ᠪᠦᠷᠢᠨ ᠠᠭᠤᠯᠭ᠎ᠠ ᠶᠢ ᠤᠩᠰᠢᠬᠤ)
ᠳᠠᠷᠠᠭᠠᠯᠠᠯ
ᠳᠠᠷᠠᠭᠠᠯᠠᠯ

ᠺᠣᠮᠫᠢᠶᠦ᠋ᠲ᠋ᠧᠷ ᠦᠨ ᠰᠢᠨᠵᠢᠯᠡᠬᠦ ᠤᠬᠠᠭᠠᠨ ᠳᠤ ᠳᠠᠷᠠᠭᠠᠯᠠᠯ ᠪᠤᠶᠤ ᠺᠶᠦ', Queue᠂ (ᠬᠢᠳᠠᠳ ᠢᠶᠡᠷ ᠄ 队列) ᠭᠡᠳᠡᠭ ᠨᠢ ᠥᠭᠭᠥᠭᠳᠡᠯ ᠦᠨ ᠪᠦᠲᠦᠴᠡ ᠪᠣᠯᠤᠨ ᠥᠭᠭᠥᠭᠳᠡᠯ ᠦᠨ ᠴᠤᠭᠯᠠᠭᠤᠯᠭ᠎ᠠ ᠶᠤᠮ᠃ ᠡᠨᠡ ᠨᠢ ᠥᠭᠭᠥᠭᠳᠡᠯ ᠢ ᠴᠡᠭᠴᠡᠯᠡᠵᠦ ᠳᠡᠰ ᠳᠠᠷᠠᠭᠠᠯᠠᠯ ᠳᠤ ᠨᠢ ᠣᠷᠣᠭᠤᠯᠬᠤ ᠳᠤ ᠲᠤᠰᠠᠯᠠᠳᠠᠭ ᠪᠠ ᠳᠠᠷᠠᠭᠠᠬᠢ ᠵᠠᠷᠴᠢᠮ ᠲᠠᠢ᠃ ᠨᠡᠮᠡᠭᠳᠡᠵᠦ ᠣᠷᠣᠭᠰᠠᠨ ᠥᠭᠭᠥᠭᠳᠡᠯ ᠨᠢ ᠳᠠᠷᠠᠭᠠᠯᠠᠯ ᠤᠨ ᠲᠡᠭᠦᠰᠬᠡᠯ ᠳᠦ ᠤᠷᠤᠬᠤ ᠪᠤᠶᠤ ᠡᠩᠬᠶᠦ ᠡᠰᠡᠪᠡᠯ ᠬᠠᠰᠤᠭᠳᠠᠬᠤ ᠨᠢᠭᠡᠴᠡ ᠨᠢ ᠳᠠᠷᠠᠭᠠᠯᠠᠯ ᠤᠨ ᠤᠷᠳᠤ ᠪᠠᠶᠢᠷᠢᠯᠠᠬᠤ ᠪᠤᠶᠤ ᠳᠡᠺᠶᠦ᠃ ᠥᠭᠡᠷ᠎ᠡ ᠪᠡᠷ ᠬᠡᠯᠡᠪᠡᠯ ᠳᠠᠷᠠᠭᠠᠯᠠᠯ ᠳᠤ ᠡᠯᠧᠮᠧᠨ᠋ᠲ ᠨᠡᠮᠡᠭᠳᠡᠪᠡᠯ ᠡᠬᠢᠨ ᠦ ᠡᠯᠧᠮᠡᠨ ᠳᠦ ᠤᠰᠠᠳᠤᠨ᠎ᠠ ᠭᠡᠰᠡᠨ ᠦᠭᠡ ᠪᠥᠭᠡᠳ ᠳᠠᠷᠠᠭᠠᠯᠠᠯ ᠳᠤ ᠣᠷᠣᠵᠤ ᠢᠷᠡᠬᠦ ᠡᠴᠡ ᠡᠮᠦᠨ᠎ᠡ ᠪᠠᠶᠢᠭᠰᠠᠨ ᠡᠯᠧᠮᠧᠨ᠋ᠲ ᠨᠦᠭᠦᠳ ᠨᠢ ᠤᠰᠠᠳᠬᠠᠭᠳᠠᠭᠰᠠᠨ ᠪᠠᠶᠢᠬᠤ ᠶᠣᠰᠣᠲᠠᠢ ᠭᠡᠰᠡᠨ ᠱᠠᠭᠠᠷᠳᠠᠯᠭ᠎ᠠ ᠶᠢ ᠲᠠᠯᠪᠢᠳᠠᠭ (FIFO)᠃ ᠶᠡᠬᠡᠪᠴᠢᠯᠡᠨ ᠤᠷᠢᠳᠤ ᠲᠠᠯ᠎ᠠ ᠶᠢᠨ ᠡᠰᠡᠪᠡᠯ ᠫ ᠦᠺ ᠦᠢᠯᠡᠳᠦᠯ ᠬᠢᠭᠳᠡᠭᠰᠡᠨ ᠪᠣᠯ ᠳᠠᠷᠠᠭᠠᠯᠠᠯ ᠤᠨ ᠤᠷᠳᠤ ᠪᠠᠶᠢᠷᠢᠯᠠᠬᠤ ᠡᠯᠧᠮᠧᠨ᠋ᠲ ᠶᠢᠨ ᠤᠳᠬ᠎ᠠ ᠶᠢ ᠤᠰᠠᠳᠬᠠᠬᠤ ᠦᠭᠡᠢ ᠪᠡᠷ ᠪᠤᠴᠠᠭᠠᠳᠠᠭ᠃ ᠳᠠᠷᠠᠭᠠᠯᠠᠯ ᠨᠢ ᠱᠤᠭᠤᠮᠠᠨ ᠥᠭᠭᠥᠭᠳᠡᠯ ᠦᠨ ᠪᠦᠲᠦᠴᠡ ᠪᠣᠯᠤᠨ ᠬᠡᠶᠢᠰᠪᠦᠷᠢᠯᠡᠯᠲᠡ ᠲᠡᠢ ᠳᠠᠷᠠᠭᠠᠯᠠᠯ ᠍ ᠤᠨ ᠴᠤᠭᠯᠠᠭᠤᠯᠭ᠎ᠠ ᠶᠢᠨ ᠵᠢᠱᠢᠶ᠎ᠡ ᠶᠤᠮ᠃ (ᠪᠦᠷᠢᠨ ᠠᠭᠤᠯᠭ᠎ᠠ ᠶᠢ ᠤᠩᠰᠢᠬᠤ)

ᠴᠢᠩᠭᠢᠰ_ᠬᠠᠭᠠᠨ_ᠣᠯᠠᠨ_ᠤᠯᠤᠰ ᠤᠨ_ᠨᠢᠰᠬᠦ_ᠪᠠᠭᠤᠳᠠᠯ
ᠴᠢᠩᠭᠢᠰ_ᠬᠠᠭᠠᠨ_ᠣᠯᠠᠨ_ᠤᠯᠤᠰ ᠤᠨ_ᠨᠢᠰᠬᠦ_ᠪᠠᠭᠤᠳᠠᠯ

ᠴᠢᠩᠭᠢᠰ ᠬᠠᠭᠠᠨ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠨᠢ ᠮᠣᠩᠭᠣᠯ ᠤᠯᠤᠰ ᠍ ᠤᠨ ᠨᠡᠶᠢᠰᠯᠡᠯ ᠤᠯᠠᠭᠠᠨᠪᠠᠭᠠᠲᠤᠷ ᠬᠣᠲᠠ ᠠᠴᠠ ᠪᠠᠷᠠᠭᠤᠨ ᠤᠷᠢᠳᠤ ᠵᠦᠭ ᠲᠤ 14.7 ᠺᠢᠯᠣᠮᠧᠲ᠋ᠷ ᠤᠨ ᠵᠠᠢᠳᠤ ᠬᠠᠨ-ᠠᠭᠤᠯᠠ ᠳᠡᠭᠦᠷᠭᠡ ᠶᠢᠨ ᠨᠤᠲᠤᠭ ᠳᠡᠪᠢᠰᠬᠡᠷ ᠪᠤᠶᠠᠨᠲᠤ-ᠬᠤᠸᠠ ᠳᠤ ᠪᠠᠶᠢᠷᠢᠯᠠᠳᠠᠭ ᠨᠢᠰᠬᠦ ᠣᠩᠭᠣᠴᠠᠨ ᠤ ᠪᠠᠭᠤᠳᠠᠯ ᠶᠤᠮ᠃ ᠪᠠᠷᠠᠭᠤᠨ ᠠᠴᠠ ᠵᠡᠭᠦᠨ ᠤᠷᠤᠭᠤ ᠪᠠᠭᠤᠵᠤ᠂ ᠵᠡᠭᠦᠨ ᠡᠴᠡ ᠪᠠᠷᠠᠭᠤᠨ ᠤᠷᠤᠭᠤ ᠨᠢᠰᠬᠦ ᠬᠠᠲᠠᠭᠤ ᠬᠤᠴᠢᠯᠲᠠ ᠲᠠᠢ ᠨᠢᠰᠦᠯᠭᠡ ᠶᠢᠨ ᠨᠢᠭᠡ ᠵᠤᠷᠪᠤᠰ ᠲᠠᠢ᠃ ᠲᠤᠰ ᠪᠠᠭᠤᠳᠠᠯ ᠨᠢ ᠮᠣᠩᠭᠣᠯ ᠤᠨ ᠬᠠᠮᠤᠭ ᠤᠨ ᠲᠣᠮᠣ ᠨᠢᠰᠬᠦ ᠣᠩᠭᠣᠴᠠᠨ ᠤ ᠪᠠᠭᠤᠳᠠᠯ ᠪᠢᠯᠡ᠃ ᠮᠣᠩᠭᠣᠯ ᠤᠨ ᠠᠭᠠᠷ ᠤᠨ ᠲᠡᠭᠡᠭᠡᠪᠦᠷᠢ ᠶᠢᠨ ᠺᠣᠮᠫᠠᠨᠢ ᠨᠤᠭᠤᠳ ᠪᠣᠯᠬᠤ ХҮННҮ ЭЙРᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢᠢᠽᠢᠨᠢᠰ ᠡᠢᠷᠪᠡᠢᠰᠠᠶᠢᠷᠣ ᠮᠣᠩᠭᠣᠯᠢᠶᠠ᠂ᠨᠢ "ᠴᠢᠩᠭᠢᠰ ᠬᠠᠭᠠᠨ" ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠢ ᠭᠣᠣᠯᠴᠢᠯᠠᠨ ᠠᠰᠢᠭᠯᠠᠳᠠᠭ᠃ ᠲᠤᠰ ᠪᠠᠭᠤᠳᠠᠯ ᠨᠢ ᠪᠤᠶᠠᠨᠲᠤ ᠬᠤᠸᠠ ᠨᠢᠰᠬᠦ ᠣᠩᠭᠣᠴᠠᠨ ᠤ ᠪᠠᠭᠤᠳᠠᠯ ᠬᠡᠮᠡᠬᠦ ᠨᠡᠷ᠎ᠡ ᠲᠡᠢ ᠪᠠᠶᠢᠭᠰᠠᠨ ᠪᠥᠭᠡᠳ ᠶᠡᠬᠡ ᠮᠣᠩᠭᠣᠯ ᠤᠯᠤᠰ ᠪᠠᠶᠢᠭᠤᠯᠤᠭᠳᠠᠰᠤᠨ ᠤ 800 ᠵᠢᠯ ᠦᠨ ᠣᠢ ᠶᠢ ᠲᠣᠬᠢᠶᠠᠯᠳᠤᠭᠤᠯᠤᠨ 2005 ᠤᠨ ᠤ 12 ᠰᠠᠷ᠎ᠠ ᠶᠢᠨ 21 ᠍ ᠳᠦ ᠴᠢᠩᠭᠢᠰ ᠬᠠᠭᠠᠨ ᠤ ᠨᠡᠷ᠎ᠡ ᠪᠡᠷ ᠨᠡᠷᠡᠯᠡᠭᠳᠡᠭᠰᠡᠨ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 07 13 1

ᠰᠢᠬᠢᠷ ᠡᠪᠡᠰᠦ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠲᠤᠰ ᠡᠮ ᠪᠣᠯ ᠪᠤᠷᠴᠠᠭ ᠤᠨ ᠢᠵᠠᠭᠤᠷ ᠤᠨ ᠡᠪᠡᠰᠦᠯᠢᠭ ᠤᠷᠭᠤᠮᠠᠯ ᠰᠢᠬᠢᠷ ᠡᠪᠡᠰᠦ ︵甘草 ︶ ᠂ ᠪᠦᠨᠳᠦᠭᠡᠷ ᠵᠢᠮᠢᠰᠲᠦ ᠰᠢᠬᠢᠷ ᠡᠪᠡᠰᠦ ︵ 胀果甘草 ︶ ᠶᠢᠨ ᠦᠨᠳᠦᠰᠦ ᠪᠡ ᠦᠨᠳᠦᠰᠦᠯᠢᠭ ᠡᠰᠢ ᠮᠥᠨ ᠃ᠬᠠᠨᠢᠶᠠᠬᠤ ᠶᠢ ᠵᠣᠭᠰᠤᠭᠠᠬᠤ ᠂ ᠴᠠᠷ ᠢ ᠠᠷᠢᠯᠭᠠᠬᠤ ᠂ ᠬᠠᠯᠠᠭᠤᠨ ᠢ ᠠᠷᠢᠯᠭᠠᠬᠤ ᠂ ᠤᠮᠳᠠᠭᠠᠰᠬᠤ ᠶᠢ ᠵᠣᠭᠰᠤᠭᠠᠬᠤ ᠂ ᠪᠥᠭᠡᠯᠵᠢᠬᠦ ᠶᠢ ᠵᠣᠭᠰᠤᠭᠠᠬᠤ ᠂ ᠬᠣᠣᠷ ᠢ ᠲᠠᠢᠯᠬᠤ ᠂ ᠰᠢᠮᠡᠵᠢᠭᠦᠯᠭᠦ ᠪᠣᠯᠤᠨ᠎ᠠ ᠃ ᠰᠢᠬᠢᠷ ᠡᠪᠡᠰᠦ ︱ 4 ᠶᠢᠨ ᠲᠠᠩ ᠳᠤ ᠭᠣᠣᠯᠯᠠᠭᠴᠢ ᠡᠮ ᠪᠣᠯᠭᠠᠵᠤ ᠠᠭᠤᠰᠭᠢᠨ ᠬᠠᠯᠠᠭᠤᠨ ᠂ ᠲᠠᠭᠰᠢᠷᠭᠤᠳᠠᠵᠤ ᠬᠠᠨᠢᠶᠠᠬᠤ ᠳᠤ ᠬᠡᠷᠡᠭᠯᠡᠬᠦ ︔ ᠭᠣᠣᠯᠲᠤ ᠪᠣᠷᠤ ︱ 6 ᠳᠤ ᠭᠦᠯ ᠡᠮ ᠪᠣᠯᠭᠠᠵᠤ ᠂ ᠲᠠᠭᠤ ᠬᠠᠭᠠᠭᠳᠠᠬᠤ ᠂ ᠬᠣᠭᠤᠯᠠᠢ ᠬᠠᠪᠤᠳᠴᠤ ᠡᠪᠡᠳᠬᠦ ᠂ ᠬᠠᠯᠠᠭᠤᠷᠠᠬᠤ ᠂ ᠠᠮᠠ ᠬᠠᠳᠠᠵᠤ ᠤᠮᠳᠠᠭᠠᠰᠬᠤ ᠂ ᠬᠣᠭᠤᠯᠠᠢ ᠳᠤ ᠭᠦᠪᠳᠦᠷᠦᠦ ᠭᠠᠷᠤᠭᠰᠠᠨ ᠳᠤ ᠬᠡᠷᠡᠭᠯᠡᠬᠦ ︔ ᠰᠢᠬᠢᠷ ᠡᠪᠡᠰᠦ ︱6 ᠳᠤ ᠭᠣᠣᠯᠯᠠᠭᠴᠢ ᠡᠮ ᠪᠣᠯᠭᠠᠵᠤ ᠳᠤᠷ᠎ ᠠ ᠪᠤᠯᠭᠢᠵᠤ ᠪᠥᠭᠡᠯᠵᠢᠬᠦ  ᠳᠤ ᠬᠡᠷᠡᠭᠯᠡᠬᠦ ︔ ᠽᠠᠨᠳᠠᠨ ︱ 8 ᠳᠤ ᠭᠦᠯ ᠡᠮ ᠪᠣᠯᠭᠠᠵᠤ ᠂ ᠠᠭᠤᠰᠭᠢᠨ ᠦᠭᠡᠷᠢ  ᠳᠤ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠪᠣᠭᠳᠠ
ᠪᠣᠭᠳᠠ

ᠪᠣᠭᠳᠠ ᠭᠡᠳᠡᠭ ᠦᠭᠡ ᠪᠣᠯ ᠪᠤᠳ᠋ᠳ᠋ᠾᠠ ᠭᠡᠰᠡᠨ ᠤᠳᠬ᠎ᠠ ᠪᠦᠬᠦᠢ ᠮᠣᠩᠭᠣᠯᠴᠤᠳ ᠤᠨ ᠳᠤᠮᠳᠠ ᠠᠷᠢᠭᠤᠨ ᠳᠡᠭᠡᠳᠦ ᠰᠢᠲᠦᠭᠡᠨ ᠪᠣᠯᠤᠭᠰᠠᠨ ᠬᠦᠮᠦᠨ᠂ ᠡᠰᠡᠪᠡᠯ ᠥᠨᠳᠥᠷ ᠳᠡᠭᠡᠳᠦ ᠰᠢᠲᠦᠯᠭᠡᠳᠦ ᠠᠭᠤᠯᠠ ᠬᠠᠶᠢᠷᠬᠠᠨ ᠢ ᠨᠡᠷᠡᠯᠡᠬᠦ ᠳᠦ ᠬᠡᠷᠡᠭᠯᠡᠳᠡᠭ ᠦᠭᠡ᠃ ᠤᠭ ᠦᠭᠡ ᠶᠢ ᠭᠠᠷᠪᠠᠯ ᠢ ᠡᠷᠳᠡᠮᠲᠡᠳ ᠮᠣᠩᠭᠣᠯ ᠬᠡᠯᠡᠨ ᠳᠦ ᠤᠶᠢᠭᠤᠷ ᠬᠡᠯᠡ ᠪᠡᠷ ᠳᠠᠮᠵᠢᠨ ᠣᠷᠣᠭᠰᠠᠨ ᠦᠭᠡ ᠭᠡᠵᠦ ᠦᠵᠡᠳᠡᠭ ᠪᠥᠭᠡᠳ ᠤᠭ ᠨᠢ ᠰᠠᠨᠰᠺᠷᠢᠳ᠋ ᠬᠡᠯᠡᠨ ᠦ ᠪᠤᠷᠬᠠᠨ ᠭᠡᠰᠡᠨ ᠤᠳᠬ᠎ᠠ ᠲᠠᠢ ᠪᠤᠳ᠋ᠳ᠋ᠾᠠ ᠭᠡᠳᠡᠭ ᠦᠭᠡ ᠤᠶᠢᠭᠤᠷ ᠬᠡᠯᠡᠨ ᠳᠤ ᠣᠷᠣᠬᠤ ᠳᠤ ᠪᠠᠨ ᠲᠤᠬᠠᠢ ᠶᠢᠨ ᠬᠡᠯᠡᠨ ᠦ ᠣᠨᠴᠠᠯᠢᠭ ᠪᠠᠶᠢᠳᠠᠯ ᠠᠴᠠ ᠪᠣᠯᠵᠤ ᠪᠤᠷᠬᠠᠨ ᠪᠣᠯᠤᠨ ᠬᠤᠪᠢᠷᠠᠭᠰᠠᠨ ᠭᠡᠵᠦ ᠦᠵᠡᠳᠡᠭ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠬᠠᠨ-ᠠᠭᠤᠯᠠ
ᠬᠠᠨ-ᠠᠭᠤᠯᠠ

ᠬᠠᠨ-ᠠᠭᠤᠯᠠ ᠳᠡᠭᠦᠷᠭᠡ ᠨᠢ ᠤᠯᠠᠭᠠᠨᠪᠠᠭᠠᠲᠤᠷ ᠬᠣᠲᠠ ᠶᠢᠨ 9 ᠳᠡᠭᠦᠷᠭᠡ ᠶᠢᠨ ᠨᠢᠭᠡ ᠶᠤᠮ᠃ 16 ᠬᠣᠷᠢᠶ᠎ᠠ ᠳᠤ ᠬᠤᠪᠢᠶᠠᠭᠳᠠᠳᠠᠭ᠃ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1965 ᠤᠨ ᠤ 4 ᠍ ᠳᠦᠭᠡᠷ ᠰᠠᠷ᠎ᠠ ᠶᠢᠨ 14 ᠍ ᠦ ᠡᠳᠦᠷ ᠦᠨ 79 ᠳᠦᠭᠡᠷ ᠵᠠᠷᠯᠢᠭ ᠢᠶᠠᠷ ᠠᠵᠢᠯᠴᠢᠨ ᠤ ᠷᠠᠶᠣᠨ ᠨᠡᠷ᠎ᠡ ᠲᠡᠢ ᠪᠠᠶᠢᠭᠤᠯᠤᠭᠳᠠᠵᠠᠢ᠃ ᠬᠦᠮᠦᠨ ᠠᠮᠠ ᠨᠢ 2008 ᠤᠨ ᠤ ᠪᠠᠶᠢᠳᠠᠯ ᠢᠶᠠᠷ 94,670 ᠪᠥᠭᠡᠳ 484.7 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ᠃ ᠮᠣᠩᠭᠣᠯ ᠤᠯᠤᠰ ᠤᠨ ᠬᠡᠮᠵᠢᠶᠡᠨ ᠦ ᠲᠣᠮᠣᠬᠠᠨ ᠦᠢᠯᠡᠳᠪᠦᠷᠢ᠂ ᠴᠠᠬᠢᠯᠭᠠᠨ ᠰᠲ᠋ᠠᠨᠼ ᠤᠳ ᠡᠨᠡ ᠳᠡᠭᠦᠷᠭᠡ ᠳᠦ ᠣᠷᠣᠰᠢᠳᠠᠭ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 07 09 1

ᠠᠯᠠᠭᠤᠷᠴᠢᠨ ᠬᠠᠯᠢᠮᠤ
ᠠᠯᠠᠭᠤᠷᠴᠢᠨ ᠬᠠᠯᠢᠮᠤ

ᠠᠯᠠᠭᠤᠷᠴᠢᠨ ᠬᠠᠯᠢᠮᠤ (Orcinus orca) ᠨᠢ ᠰᠢᠳᠦᠲᠦ ᠬᠠᠯᠢᠮᠤ ᠍ ᠤᠨ ᠳᠡᠳ᠋ ᠪᠠᠭ ᠤᠨ ᠬᠥᠬᠥᠲᠡᠨ ᠠᠮᠢᠲᠠᠨ ᠶᠤᠮ᠃ ᠬᠦᠢᠲᠡᠪᠲᠦᠷ ᠤᠰᠤᠨ ᠳᠤ ᠳᠤᠷᠠᠲᠠᠢ ᠴᠤ ᠳᠡᠯᠡᠬᠡᠢ ᠶᠢᠨ ᠪᠦᠬᠦᠢ ᠯᠠ ᠳᠠᠯᠠᠢ ᠳᠤ ᠲᠠᠷᠬᠠᠨ ᠠᠮᠢᠳᠤᠷᠠᠬᠤ ᠪᠠ ᠭᠠᠵᠠᠷ ᠤᠨ ᠳᠤᠮᠳᠠᠳᠤ ᠲᠡᠩᠭᠢᠰ᠂ ᠠᠷᠠᠪ ᠤᠨ ᠲᠡᠩᠭᠢᠰ ᠲᠤ ᠴᠤ ᠲᠠᠭᠠᠷᠠᠨ᠎ᠠ᠃ ᠢᠳᠡᠰᠢ ᠲᠡᠵᠢᠭᠡᠯ ᠪᠣᠯᠬᠤ ᠠᠮᠢᠲᠠᠳ ᠣᠯᠠᠨ ᠢᠶᠠᠷ ᠨᠢ ᠬᠣᠶᠢᠳᠤ ᠲᠤᠶᠢᠯ ᠤᠨ ᠣᠶᠢᠷᠠᠯᠴᠠᠭᠠᠬᠢ ᠳᠠᠯᠠᠢ ᠶᠢᠨ ᠪᠤᠯᠤᠨ᠂ ᠡᠷᠭᠢ ᠬᠠᠪᠢ ᠪᠡᠷ ᠡᠯᠪᠡᠭ ᠠᠮᠢᠳᠤᠷᠠᠨ᠎ᠠ᠃ (ᠪᠦᠷᠢᠨ ᠠᠭᠤᠯᠭ᠎ᠠ ᠶᠢ ᠤᠩᠰᠢᠬᠤ)

ᠳᠣᠭᠣᠯᠠᠩ ᠲᠡᠮᠦᠷ
ᠳᠣᠭᠣᠯᠠᠩ ᠲᠡᠮᠦᠷ

ᠲᠡᠮᠦᠷ ᠮᠥᠨ ᠳᠣᠭᠣᠯᠠᠩ ᠲᠡᠮᠦᠷ (ᠫᠧᠷᠰ: تيمور لنگ ) ᠨᠢ ᠪᠣᠯ ᠮᠣᠩᠭᠣᠯ ᠍ ᠤᠨ ᠪᠠᠷᠯᠠᠰ ᠣᠪᠤᠭ ᠤᠨ ᠬᠦᠮᠦᠨ ᠶᠤᠮ᠃ ᠲᠡᠷᠡᠪᠡᠷ ᠮᠠᠤᠧᠷᠧᠨᠨᠬᠤᠷᠲ ᠥᠪᠡᠷ ᠦᠨ ᠤᠯᠤᠰ ᠢ ᠪᠠᠶᠢᠭᠤᠯᠵᠤ᠂ ᠦᠭᠡᠳᠡᠢ ᠬᠠᠭᠠᠨ  ᠤ ᠤᠭᠰᠠᠭᠠᠨ ᠤ ᠰ ᠲᠷᠭᠠᠲᠮᠥᠰᠢ᠂ ᠮᠢᠬᠠᠮᠤᠳ ᠨᠠᠷ ᠢ ᠬᠠᠭᠠᠨ ᠢᠶᠠᠷ ᠨᠢ ᠡᠷᠭᠦᠮᠵᠢᠯᠡᠵᠦ ᠪᠠᠶᠢᠴᠠᠢ᠃ ᠲᠡᠮᠦᠷ ᠡᠮᠢᠷ ᠴᠣᠯᠠ ᠲᠠᠢ ᠪᠠᠷ ᠲᠥᠷᠥ ᠶᠢᠨ ᠡᠷᠬᠡ ᠶᠢ ᠪᠠᠷᠢᠵᠤ ᠪᠠᠶᠢᠪᠠ᠃ ᠲᠡᠮᠦᠷ ᠢᠷᠡᠨᠰᠢᠷᠢᠢ ᠠᠺᠠᠸᠬᠠᠰ ᠍ ᠤᠨ ᠤᠯᠤᠰ ᠤᠳ ᠢ ᠪᠠᠶᠢᠯᠳᠤᠨ ᠳᠠᠭᠠᠭᠤᠯᠵᠠᠢ᠃ ᠮᠥᠨ ᠠᠯᠲᠠᠨ ᠣᠷᠳᠣᠣᠶᠢᠷᠠᠬᠢ ᠳᠣᠷᠣᠨᠠᠲᠤᠮᠣᠭᠣᠯᠢᠰᠲᠠᠨᠡᠨᠡᠳᠬᠡᠭᠰᠢᠪᠸᠷᠢᠶ ᠠ ᠤᠷᠤᠭᠤ ᠳᠣᠪᠲᠣᠯᠭᠠᠨ ᠦᠢᠯᠡᠳᠴᠦ ᠪᠠᠶᠢᠪᠠ᠃ 1405 ᠤᠨ ᠳᠤ ᠲᠡᠮᠦᠷ ᠮᠢᠩ ᠤᠯᠤᠰ ᠢ ᠳᠠᠶᠢᠯᠠᠬᠤ ᠪᠠᠷ ᠶᠠᠪᠤᠵᠤ ᠪᠠᠶᠢᠬᠤ ᠳᠤ ᠪᠠᠨ ᠨᠠᠰᠤ ᠪᠠᠷᠠᠵᠠᠢ᠃ᠨᠢᠭᠡᠨ ᠤᠳᠠᠭ᠎ᠠ ᠶᠢᠨ ᠲᠤᠯᠤᠯᠳᠤᠭᠠᠨ ᠬᠥᠯ ᠢᠶᠡᠨ ᠭᠡᠮᠲᠦᠭᠡᠨ ᠳᠣᠭᠣᠯᠠᠩ ᠪᠣᠯᠤᠭᠰᠠᠨ ᠠᠴᠠ ᠳᠣᠭᠣᠯᠠᠩ ᠲᠡᠮᠦᠷ ᠭᠡᠵᠦ ᠲᠡᠦᠬᠡᠨ ᠳᠦ ᠮᠥᠩᠬᠡᠷᠡᠴᠡᠢ᠃ (ᠪᠦᠷᠢᠨ ᠠᠭᠤᠯᠭ᠎ᠠ ᠶᠢ ᠤᠩᠰᠢᠬᠤ)

ᠪᠠᠶᠠᠨᠬᠣᠩᠭᠣᠷ
ᠪᠠᠶᠠᠨᠬᠣᠩᠭᠣᠷ

᠋᠋᠋ᠪᠠᠶᠠᠨᠬᠣᠩᠭᠣᠷ ᠠᠶᠢᠮᠠᠭ' ᠨᠢ ᠮᠣᠩᠭᠣᠯ ᠤᠨ ᠪᠠᠷᠠᠭᠤᠨ ᠡᠮᠦᠨᠡᠲᠦ ᠬᠡᠰᠡᠭ ᠲᠦ ᠬᠠᠩᠭᠠᠢ ᠶᠢᠨ ᠨᠢᠷᠤᠭᠤᠨ ᠤ ᠡᠮᠦᠨᠡᠬᠢ ᠥᠨᠳᠥᠷᠯᠢᠭ᠂ ᠭᠣᠪᠢ-ᠠᠯᠲᠠᠢ ᠢᠢᠨ ᠨᠢᠷᠤᠭᠤᠨ ᠤ ᠠᠭᠤᠯᠠᠰ᠂ ᠠᠯᠲᠠᠢ ᠶᠢᠨ ᠥᠪᠥᠷ ᠦᠨ ᠭᠣᠪᠢ ᠶᠢ ᠬᠠᠮᠤᠷᠤᠨ ᠭᠣᠪᠢ ᠬᠠᠩᠭᠠᠢ ᠶᠢᠨ ᠪᠥᠰᠡ ᠶᠢ ᠳᠠᠮᠨᠠᠨ ᠣᠷᠣᠰᠢᠳᠠᠭ ᠠᠶᠢᠮᠠᠭ ᠶᠤᠮ᠃ ᠡᠶᠢᠮᠦ ᠳᠦ ᠨᠤᠲᠤᠭ ᠨᠢ ᠠᠭᠤᠯᠠ ᠲᠠᠯ᠎ᠠ ᠬᠥᠨᠳᠡᠢ ᠬᠣᠣᠰᠯᠠᠭᠰᠠᠨ ᠬᠡᠯᠪᠡᠷᠢ ᠪᠦᠬᠦᠢ ᠭᠠᠳᠠᠷᠭᠤ ᠲᠠᠢ ᠶᠤᠮ᠃ ᠨᠤᠲᠤᠭ ᠤᠨ ᠬᠠᠮᠤᠭ ᠤᠨ ᠥᠨᠳᠥᠷ ᠴᠡᠭ ᠨᠢ ᠭᠣᠪᠢ-ᠠᠯᠲᠠᠢ ᠶᠢᠨ ᠨᠢᠷᠤᠭᠤᠨ ᠤ ᠣᠷᠭᠢᠯ 3957ᠮᠸᠲ᠋ᠷ ᠡᠷᠭᠦᠭᠳᠡᠭᠰᠡᠨ ᠶᠡᠬᠡ ᠪᠣᠭᠳᠠ ᠪᠥᠭᠡᠳ ᠬᠠᠮᠤᠭ ᠤᠨ ᠨᠠᠮ ᠴᠡᠭ ᠨᠢ ᠠᠯᠲᠠᠢ ᠶᠢᠨ ᠥᠪᠥᠷ ᠭᠣᠪᠢ ᠳᠤ 750ᠮᠸᠲ᠋ᠷ ᠥᠨᠳᠥᠷ ᠶᠤᠮ᠃ ᠵᠡᠭᠡᠷᠡᠩ ᠦᠨ ᠬᠥᠨᠳᠡᠢ᠂ ᠨᠣᠮᠢᠩ ᠦᠨ ᠭᠣᠪᠢ ᠵᠡᠷᠭᠡ ᠠᠯᠲᠠᠢ ᠶᠢᠨ ᠡᠪᠦᠷ ᠦᠨ ᠶᠡᠬᠡ ᠭᠣᠪᠢ ᠨᠤᠭᠤᠳ ᠪᠤᠢ᠃ ᠭᠣᠪᠢ-ᠠᠯᠲᠠᠢ ᠶᠢᠨ ᠠᠭᠤᠯᠠᠨ ᠳᠤ 1957 ᠡᠤᠨ ᠳᠤ ᠭᠠᠵᠠᠷ ᠬᠦᠴᠦᠲᠡᠢ ᠬᠥᠳᠡᠯᠵᠦ᠂ ᠶᠡᠬᠡᠪᠣᠭᠳᠠ᠂ ᠪᠠᠶᠠᠨᠴᠠᠭᠠᠨ ᠤ ᠠᠷᠤ ᠪᠠᠷ 300 ᠣᠷᠴᠢᠮ km ᠦᠷᠭᠦᠯᠵᠢᠯᠡᠭᠰᠡᠨ ᠶᠡᠬᠡ ᠬᠠᠭᠠᠷᠬᠠᠢ ᠭᠠᠷᠤᠭᠰᠠᠨ ᠶᠤᠮ᠃ ᠪᠠᠶᠠᠨᠬᠣᠩᠭᠣᠷ ᠠᠶᠢᠮᠠᠭ ᠤᠨ ᠨᠤᠲᠤᠭ ᠲᠤ ᠴᠢᠯᠠᠭᠤᠨ ᠨᠡᠭᠦᠷᠡᠰᠦ᠂ ᠠᠯᠲᠠ᠂ ᠪᠠᠷᠢᠯᠭ᠎ᠠ ᠶᠢᠨ ᠮᠠᠲ᠋ᠧᠷᠢᠶᠠᠯ ᠡᠯᠪᠡᠭ ᠪᠠᠶᠢᠳᠠᠭ᠃ ᠪᠠᠶᠢᠳᠠᠷᠠᠭ᠂ ᠲᠦᠢ ᠵᠡᠷᠭᠡ ᠲᠣᠮᠣᠬᠠᠨ ᠭᠣᠣᠯ ᠮᠥᠷᠡᠡ ᠲᠡᠢ᠂ ᠪᠥᠭᠡᠨᠴᠠᠭᠠᠨ᠂ ᠣᠷᠣᠭ ᠨᠠᠭᠤᠷ᠂ ᠬᠥᠬᠡ ᠨᠠᠭᠤᠷ ᠵᠡᠷᠭᠡ ᠲᠣᠮᠣ ᠨᠠᠭᠤᠷ ᠦᠳ ᠲᠠᠢ᠃ ᠮᠥᠨ 95 ᠬᠡᠮ ᠬᠦᠷᠳᠡᠭ ᠬᠠᠯᠠᠭᠤᠨ ᠲᠠᠢ ᠰᠢᠷᠭᠠᠯᠵᠢᠭᠤᠲᠤ ᠶᠢᠨ ᠷᠠᠰᠢᠶᠠᠨ ᠪᠣᠯᠤᠨ ᠥᠦᠬᠦᠭ ᠷᠠᠰᠢᠶᠠᠨ᠂ ᠬᠦᠷᠮᠡᠳᠦ ᠷᠠᠰᠢᠶᠠᠨ᠂ ᠬᠠᠯᠢᠭᠤᠳᠤ ᠷᠠᠰᠢᠶᠠᠨ᠂ ᠡᠷᠭᠦᠭᠡᠲᠦ ᠶᠢᠨ ᠷᠠᠰᠢᠶᠠᠨ ᠭᠡᠵᠦ ᠰᠠᠶᠢᠨ ᠷᠠᠰᠢᠶᠠᠨ ᠦᠳ ᠪᠤᠢ᠃ ᠪᠠᠶᠠᠨᠬᠣᠩᠭᠣᠷ ᠠᠶᠢᠮᠠᠭ ᠤᠨ ᠨᠤᠲᠤᠭ ᠤᠨ ᠬᠣᠶᠢᠳᠤ ᠬᠡᠰᠡᠭ ᠲᠦ ᠠᠭᠤᠯᠠ ᠶᠢᠨ ᠬᠠᠷ᠎ᠠ ᠰᠢᠷᠤᠶ ᠪᠠ ᠨᠤᠲᠤᠭ ᠤᠨ ᠬᠥᠷᠦᠰᠦ᠂ ᠳᠤᠮᠳᠠ ᠬᠡᠰᠡᠭ ᠢᠶᠡᠷ ᠨᠢ ᠲᠠᠯ᠎ᠠ ᠬᠡᠭᠡᠷ᠎ᠡ ᠶᠢᠨ ᠬᠦᠷᠢᠨ ᠬᠥᠷᠥᠰᠥ᠂ ᠤᠷᠢᠳᠤ ᠬᠡᠰᠡᠭ ᠢᠶᠡᠷ ᠨᠢ ᠭᠣᠪᠢ ᠶᠢᠨ ᠰᠠᠷᠠᠯ ᠬᠥᠷᠥᠰᠥ ᠲᠠᠷᠬᠠᠵᠠᠢ᠃ (ᠪᠦᠷᠢᠨ ᠠᠭᠤᠯᠭ᠎ᠠ ᠶᠢ ᠤᠩᠰᠢᠬᠤ)

ᠷᠦᠳᠠ
ᠷᠦᠳᠠ

ᠷᠦᠳᠠ ᠪᠣᠯ ᠤᠳᠪᠠᠯ᠎ᠠ ᠴᠡᠴᠡᠭ  ᠤᠨ ᠢᠵᠠᠭᠤᠷ ᠡᠪᠡᠰᠦᠯᠢᠭ ᠤᠷᠭᠤᠮᠠᠯ ᠪᠣᠯᠬᠤ ᠷᠦᠳᠡ ︵ 木香 ︶ ᠶᠢᠨ ᠬᠠᠲᠠᠭᠠᠭᠰᠠᠨ ᠦᠨᠳᠦᠰᠦ ᠮᠥᠨ ᠃ ᠪᠠᠳ᠍ᠭᠠᠨ ᠢ ᠠᠷᠢᠯᠭᠠᠬᠤ ᠂ ᠬᠡᠢ ᠴᠢᠰᠤ ᠬᠠᠷᠰᠢᠯᠳᠠᠭᠰᠠᠨ ᠢ ᠳᠠᠷᠤᠬᠤ ᠂ ᠪᠡᠲᠡᠭᠢ ᠶᠢ ᠡᠪᠳᠡᠬᠦ ᠂ ᠮᠠᠬᠠᠪᠤᠳ ᠢ ᠲᠡᠭᠰᠢᠳᠭᠡᠬᠦ ᠂ ᠦᠬᠡᠷᠢ ᠴᠢᠰᠤ  ᠶᠢ ᠲᠠᠲᠠᠬᠤ ᠂ ᠡᠪᠡᠳᠬᠦ ᠶᠢ ᠵᠣᠭᠰᠤᠭᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠪᠠᠯᠲᠤ ᠵᠥᠭᠡᠢ
ᠪᠠᠯᠲᠤ ᠵᠥᠭᠡᠢ

ᠵᠥᠭᠡᠢ ᠪᠣᠯ ᠴᠡᠴᠡᠭ ᠦᠨ ᠰᠢᠭᠦᠰᠦ ᠪᠡᠷ ᠪᠠᠯ ᠪᠣᠯᠪᠠᠰᠤᠷᠠᠭᠤᠯᠳᠠᠭ ᠨᠢᠰᠳᠡᠭ ᠰᠢᠪᠠᠵᠢ ᠶᠤᠮ᠃ ᠬᠦᠮᠦᠨ ᠲᠥᠷᠥᠯᠬᠢᠲᠡᠨ ᠡᠷᠲᠡ ᠴᠠᠭ ᠠᠴᠠ ᠵᠥᠭᠡᠢ ᠶᠢ (ᠪᠠᠯᠲᠤ ᠵᠥᠭᠡᠢ) ᠭᠡᠷ ᠦᠨ ᠠᠮᠢᠲᠠᠨ ᠪᠣᠯᠭᠠᠵᠤ ᠠᠰᠢᠭᠯᠠᠭᠰᠠᠭᠠᠷ ᠢᠷᠡᠵᠡᠢ᠃ ᠪᠠᠯᠲᠤ ᠵᠥᠭᠡᠢ ᠤᠷᠭᠤᠮᠠᠯ ᠤᠨ ᠲᠣᠭᠣᠰᠣ᠂ ᠯᠠᠪ᠂ ᠡᠷᠦᠳᠡᠰᠦ ᠳᠠᠪᠤᠰᠤ ᠶᠢ ᠨᠠᠭᠠᠵᠤ ᠴᠠᠪᠠᠤᠳᠠᠨ ᠡᠭᠦᠷ ᠪᠠᠷᠢᠵᠤ ᠥᠨᠳᠡᠭᠡᠯᠡᠨ ᠤᠷᠤᠭ ᠲᠥᠷᠥᠯ ᠢᠶᠡᠨ ᠳᠠᠭᠠᠵᠤ ᠣᠯᠠᠨ ᠵᠠᠭᠤ ᠪᠠᠷ ᠰᠦᠷᠦᠭᠯᠡᠨ᠂ ᠬᠡᠰᠡᠭ ᠪᠦᠯᠢ ᠪᠡᠷ ᠠᠮᠢᠳᠤᠷᠠᠳᠠᠭ᠃ ᠪᠦᠯᠢ ᠪᠦᠬᠦᠨ ᠡᠷᠡᠭᠴᠢᠨ᠂ ᠡᠮᠡᠭᠴᠢᠨ᠂ ᠠᠵᠢᠯᠴᠢᠨ ᠭᠡᠰᠡᠨ ᠭᠤᠷᠪᠠᠨ ᠶᠠᠩᠵᠤ ᠶᠢᠨ ᠵᠥᠭᠡᠶ ᠡᠴᠡ ᠪᠥᠷᠢᠳᠬᠦ ᠪᠥᠭᠡᠳ ᠲᠤᠰ ᠲᠤᠰ ᠲᠤ ᠪᠠᠨ ᠠᠵᠢᠯ ᠡᠭᠦᠷᠭᠡ ᠶᠢᠨ ᠨᠠᠷᠢᠨ ᠬᠤᠪᠢᠶᠠᠷᠢ ᠲᠠᠢ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠬᠡᠨᠲᠡᠢ
ᠬᠡᠨᠲᠡᠢ

ᠬᠡᠨᠲᠡᠢ ᠠᠶᠢᠮᠠᠭ 1923 ᠤᠨ ᠳᠤ ᠪᠠᠶᠢᠭᠤᠯᠤᠭᠳᠠᠭᠰᠠᠨ᠃ ᠭᠠᠵᠠᠷ ᠨᠤᠲᠤᠭ ᠤᠨ ᠬᠡᠮᠵᠢᠶ᠎ᠡ - 80,311 ᠺᠦᠸᠠᠳ᠋ ᠺᠢᠯᠣᠮᠧᠲ᠋ᠷ (21 ᠠᠶᠢᠮᠠᠭ ᠠᠴᠠ 9 ᠍ ᠳᠦᠭᠡᠷ ᠲᠣᠮᠣ)᠃ 2008 ᠤᠨ ᠤ ᠲᠣᠭᠠᠴᠠᠭ᠎ᠠ ᠪᠠᠷᠤᠭ ᠬᠦᠮᠦᠨ ᠠᠮᠠ ᠶᠢᠨ ᠲᠣᠭ᠎ᠠ - 67,770 (21 ᠠᠶᠢᠮᠠᠭ ᠠᠴᠠ 14 ᠍ ᠳᠦᠭᠡᠷ ᠶᠡᠬᠡ)᠃ ᠵᠠᠰᠠᠭ ᠵᠠᠬᠢᠷᠭᠠᠨ ᠤ ᠲᠥᠪ - ᠴᠢᠩᠭᠢᠰ ᠬᠣᠲᠠ᠃ ᠠᠶᠢᠮᠠᠭ ᠤᠨ ᠨᠤᠲᠤᠭ ᠵᠠᠰᠠᠭ ᠵᠠᠬᠢᠷᠭᠠᠨ ᠤ ᠬᠤᠪᠢ ᠳᠤ 17 ᠰᠤᠮᠤᠨᠢᠭᠡᠴᠡ ᠲᠡᠢ᠃ ᠬᠡᠨᠲᠡᠢ ᠶᠢᠨ ᠨᠢᠷᠤᠭᠤ ᠶᠢᠨ ᠨᠡᠷ᠎ᠡ ᠡᠴᠡ ᠠᠶᠢᠮᠠᠭ ᠤᠨ ᠨᠡᠷ᠎ᠡ ᠥᠭᠭᠦᠭᠳᠡᠵᠡᠢ᠃ ᠡᠵᠡᠨ ᠴᠢᠩᠭᠢᠰ ᠬᠠᠭᠠᠨ ᠤ ᠲᠥᠷᠦᠵᠦ ᠥᠰᠦᠭᠰᠡᠨ ᠣᠯᠠᠨ ᠭᠠᠵᠠᠷ ᠡᠨᠡ ᠠᠶᠢᠮᠠᠭ ᠤᠨ ᠨᠤᠲᠤᠭ ᠲᠤ ᠪᠤᠢ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠯᠤᠰ
Mongolia XVI.png

ᠮᠣᠩᠭᠣᠯ ᠤᠯᠤᠰ(ᠪᠤᠲᠠᠷᠠᠯ ᠤᠨ ᠦᠶ᠎ᠡ ᠶᠢᠨ ᠮᠣᠩᠭᠣᠯ) ᠨᠢ ᠮᠣᠩᠭᠣᠯ ᠤᠨ ᠡᠵᠡᠨᠲᠦ ᠭᠦᠷᠦᠨ ᠦ ᠳᠠᠷᠠᠭ᠎ᠠ 1368-1691 ᠤᠨ ᠳᠤ ᠣᠷᠣᠰᠢᠨ ᠲᠣᠭᠲᠠᠨᠢᠭᠰᠠᠨ ᠮᠣᠩᠭᠣᠯᠴᠤᠳ ᠤᠨ ᠤᠯᠤᠰ ᠶᠤᠮ᠃ 14 ᠍ ᠳ᠋ᠣᠭᠠᠷ ᠵᠠᠭᠤᠨ ᠤ ᠰᠡᠭᠦᠯ ᠦᠶ᠎ᠡ ᠶᠢᠨ ᠵᠠᠷᠢᠮ ᠮᠣᠩᠭᠣᠯ ᠬᠠᠭᠠᠳ ᠪᠣᠯᠤᠨ ᠡᠰᠡᠨ ᠬᠠᠭᠠᠨ "ᠤᠮᠠᠷᠠᠳᠤ ᠶᠤᠸᠠᠨ" ᠨᠡᠷ᠎ᠡ ᠶᠢ ᠬᠡᠷᠡᠭᠯᠡᠵᠦ ᠪᠠᠶᠢᠭᠰᠠᠨ ᠴᠤ ᠶᠡᠬᠡᠪᠴᠢᠯᠡᠨ "ᠮᠣᠩᠭᠣᠯ ᠤᠯᠤᠰ" ᠭᠡᠰᠡᠨ ᠠᠯᠪᠠᠨ ᠶᠣᠰᠣᠨ ᠤ ᠨᠡᠷ᠎ᠡ ᠶᠢ ᠬᠡᠷᠡᠭᠯᠡᠵᠦ ᠪᠠᠶᠢᠴᠠᠢ᠃ ᠮᠥᠨ ᠲᠡᠦᠬᠡ ᠶᠢᠨ ᠰᠤᠳᠤᠯᠭᠠᠨ ᠤ ᠨᠣᠮ ᠵᠣᠬᠢᠶᠠᠯ ᠤᠳ ᠲᠤ ᠡᠨᠡ ᠦᠶ᠎ᠡ ᠶᠢ "ᠪᠠᠭ᠎ᠠ ᠬᠠᠭᠠᠳ ᠤᠨ ᠦᠶ᠎ᠡ ᠶᠢᠨ ᠮᠣᠩᠭᠣᠯ"᠂ "ᠤᠯᠤᠰ ᠲᠥᠷᠥ ᠶᠢᠨ ᠪᠤᠲᠠᠷᠠᠯ ᠤᠨ ᠦᠶ᠎ᠡ ᠶᠢᠨ ᠮᠣᠩᠭᠣᠯ"᠂ "ᠪᠤᠲᠠᠷᠠᠯ ᠤᠨ ᠦᠶ᠎ᠡ ᠶᠢᠨ ᠮᠣᠩᠭᠣᠯ ᠣᠷᠣᠨ"᠂ "14-17 ᠍ ᠳ᠋ᠣᠭᠠᠷ ᠵᠠᠭᠤᠨ ᠤ ᠮᠣᠩᠭᠣᠯ" ᠭᠡᠵᠦ ᠨᠡᠷᠡᠯᠡᠳᠡᠭ᠃ 14-17 ᠍ ᠳ᠋ᠣᠭᠠᠷ ᠵᠠᠭᠤᠨ ᠤ ᠮᠣᠩᠭᠣᠯ ᠤᠨ ᠲᠡᠦᠬᠡᠨ ᠰᠤᠷᠪᠤᠯᠵᠢ ᠨᠣᠮ ᠨᠤᠭᠤᠳ ᠲᠤ "ᠳᠥᠴᠢᠨ ᠳᠥᠷᠪᠡᠨ ᠬᠣᠶᠠᠷ" ᠭᠡᠵᠦ ᠪᠢᠴᠢᠭᠰᠡᠨ ᠪᠠᠶᠢᠳᠠᠭ ᠲᠤᠯᠠ "ᠳᠥᠴᠢᠨ ᠳᠥᠷᠪᠡᠨ ᠬᠣᠶᠠᠷ" ᠭᠡᠵᠦ ᠨᠡᠷᠡᠯᠡᠳᠡᠭ᠃ 14 ᠍ ᠳ᠋ᠣᠭᠠᠷ ᠵᠠᠭᠤᠨ ᠠᠴᠠ 1691 ᠤᠨ ᠬᠦᠷᠲᠡᠯ᠎ᠡ ᠮᠣᠩᠭᠣᠯ ᠤᠨ ᠨᠣᠶᠠᠳ ᠬᠣᠭᠣᠷᠣᠨᠳᠣ ᠪᠠᠨ ᠪᠠᠶᠢᠩᠭᠤ ᠬᠠᠭᠠᠷᠠᠯᠳᠤᠨ ᠲᠡᠮᠡᠴᠡᠯᠳᠦᠵᠦ ᠪᠠᠶᠢᠯᠳᠤᠵᠤ ᠪᠠᠶᠢᠭᠰᠠᠨ ᠤᠴᠢᠷ ᠡᠨᠡ ᠦᠶ᠎ᠡ ᠶᠢ ᠤᠯᠤᠰ ᠲᠥᠷᠥ ᠶᠢᠨ ᠪᠤᠲᠠᠷᠠᠯ ᠤᠨ ᠦᠶ᠎ᠡ ᠭᠡᠳᠡᠭ ᠪᠠᠶᠢᠨ᠎ᠠ᠃ ᠺᠣᠮᠮᠤᠨᠢᠰᠲ ᠲᠡᠦᠬᠡ ᠶᠢᠨ ᠰᠢᠨᠵᠢᠯᠡᠬᠦ ᠤᠬᠠᠭᠠᠨ ᠤ ᠦᠵᠡᠯ ᠢᠶᠡᠷ ᠹᠧᠣᠳᠠᠯᠢᠰᠮ ᠍ ᠤᠨ ᠪᠤᠶᠤ ᠳᠤᠮᠳᠠᠳᠤ ᠵᠠᠭᠤᠨ ᠤ ᠬᠠᠮᠵᠢᠯᠭᠠᠲᠤ ᠶᠣᠰᠣ︱ᠬᠠᠮᠵᠢᠯᠭᠠᠲᠤ ᠶᠣᠰᠣᠨ  ᠤ ᠬᠥᠭᠵᠢᠯ ᠲᠣᠳᠣᠷᠬᠠᠢ ᠱᠠᠲᠤᠨ ᠳᠤ ᠬᠦᠷᠦᠮᠡᠭᠴᠡ ᠬᠠᠭᠠᠳ ᠨᠣᠶᠠᠳ ᠡᠶᠢᠨᠬᠦᠦ ᠡᠷᠬᠡ ᠮᠡᠳᠡᠯ ᠦᠨ ᠲᠥᠯᠥᠭᠡ ᠲᠡᠮᠡᠴᠡᠯᠳᠦᠵᠦ ᠡᠬᠢᠯᠡᠳᠡᠭ ᠪᠥᠭᠡᠳ ᠡᠭᠦᠪᠡᠷ ᠲᠤᠬᠠᠢ ᠶᠢᠨ ᠤᠯᠤᠰ ᠤᠨ ᠹᠧᠣᠳᠠᠯᠢᠰᠮ ᠤᠨ ᠦᠶ᠎ᠡ ᠲᠡᠭᠦᠰᠴᠤ ᠺᠠᠫᠢᠲ᠋ᠠᠯᠢᠰᠮ ᠳᠤ ᠪᠤᠶᠤ ᠬᠥᠷᠥᠩᠭᠡᠲᠡᠨ ᠦ ᠨᠡᠶᠢᠭᠡᠮ ᠳᠦ ᠰᠢᠯᠵᠢᠨ ᠣᠷᠣᠳᠠᠭ ᠠᠵᠢ᠃

ᠶᠡᠬᠡ ᠬᠠᠭᠠᠨ ᠮᠣᠩᠭᠣᠯ ᠳᠤ ᠡᠷᠭᠢᠨ ᠢᠷᠡᠭᠰᠡᠨ ᠨᠢ

ᠲᠣᠭᠠᠨᠲᠡᠮᠦᠷ ᠬᠠᠭᠠᠨ  ᠤ ᠦᠶ᠎ᠡ ᠳᠦ ᠮᠣᠩᠭᠣᠯ ᠤᠨ ᠪᠠᠶᠢᠯᠳᠤᠨ ᠳᠠᠭᠠᠭᠤᠯᠤᠭᠴᠢᠳ ᠬᠢᠲᠠᠳᠮᠣᠩᠭᠣᠯ ᠪᠣᠯᠤᠨ ᠪᠤᠰᠤᠳ ᠠᠽᠢᠶ᠎ᠠ ᠶᠢᠨ ᠣᠷᠣᠨ ᠨᠤᠭᠤᠳ ᠤᠨ ᠠᠷᠠᠳ ᠲᠦᠮᠡᠨ ᠢ ᠶᠡᠬᠡ ᠪᠡᠷ ᠳᠠᠷᠤᠩᠭᠤᠶᠢᠯᠠᠭᠰᠠᠨ ᠠᠴᠠ ᠲᠡᠳᠡᠨ ᠦ ᠠᠮᠢᠳᠤᠷᠠᠯ ᠬᠡᠴᠡᠭᠦᠦ ᠪᠣᠯᠵᠤ᠂ ᠪᠣᠰᠤᠯᠭ᠎ᠠ ᠬᠥᠳᠡᠯᠭᠡᠭᠡᠨ ᠶᠡᠬᠡ ᠪᠡᠷ ᠭᠠᠷᠬᠤ ᠪᠣᠯᠤᠭᠰᠠᠨ᠃ ᠡᠳᠦᠷ ᠡᠴᠡ ᠡᠳᠦᠷ ᠲᠦ ᠬᠦᠴᠦ ᠪᠡᠨ ᠠᠪᠤᠭᠰᠠᠨ ᠪᠣᠰᠤᠯᠭ᠎ᠠ ᠬᠥᠳᠡᠯᠭᠡᠭᠡᠨ ᠨᠢ ᠬᠢᠲᠠᠳ ᠲᠤ ᠲᠥᠪᠯᠡᠷᠡᠭᠰᠡᠨ ᠪᠠᠶᠢᠭᠰᠠᠨ ᠶᠤᠸᠠᠨ ᠭᠦᠷᠦᠨ ᠦ ᠲᠥᠷᠥ ᠶᠢᠨ ᠨᠣᠶᠠᠷᠬᠠᠯ ᠢ ᠲᠦᠯᠬᠢᠨ ᠤᠨᠠᠭᠠᠭᠰᠠᠨ ᠪᠠᠶᠢᠨ᠎ᠠ᠃ ᠶᠤᠸᠠᠨ ᠭᠦᠷᠦᠨ ᠦ ᠰᠡᠭᠦᠯᠴᠢ ᠶᠢᠨ ᠬᠠᠭᠠᠨ ᠲᠣᠭᠠᠨᠲᠡᠮᠦᠷ ᠪᠠᠷ᠎ᠠ ᠪᠣᠯᠤᠭᠴᠢ ᠰᠠᠶᠢᠳ᠂ ᠨᠣᠶᠠᠳ᠂ ᠲᠣᠷᠭᠠᠨ ᠴᠡᠷᠢᠭ ᠢᠶᠡᠨ ᠳᠠᠭᠠᠭᠤᠯᠤᠨ 1368 ᠤᠨ ᠳᠤ ᠮᠣᠩᠭᠣᠯ ᠳᠤ ᠪᠠᠨ ᠡᠷᠭᠢᠵᠦ ᠢᠷᠡᠵᠡᠢ᠃ ᠮᠢᠩ ᠦᠨ ᠠᠷᠮᠠᠢ ᠲᠡᠳᠡᠭᠡᠷ ᠢ ᠬᠥᠭᠡᠭᠡᠵᠦ ᠮᠣᠩᠭᠣᠯ ᠳᠤ ᠢᠯᠠᠯᠲᠠ ᠪᠠᠶᠢᠭᠤᠯᠤᠭᠰᠠᠨ ᠴᠤ ᠭᠡᠰᠡᠨ ᠮᠣᠩᠭᠣᠯ ᠢ ᠡᠵᠡᠯᠡᠵᠦ ᠴᠢᠳᠠᠭᠰᠠᠨ ᠦᠭᠡᠢ᠃ ᠭᠡᠯ᠎ᠡ ᠴᠤ ᠭᠡᠰᠡᠨ 1380 ᠤᠨ ᠳᠤ ᠬᠠᠷᠠᠬᠣᠷᠣᠮ ᠪᠣᠯᠤᠨ ᠪᠤᠰᠤᠳ ᠮᠣᠩᠭᠣᠯ ᠤᠨ ᠬᠣᠲᠠ ᠨᠤᠭᠤᠳ ᠢ ᠰᠦᠢᠳᠬᠡᠵᠡᠢ᠃ ᠮᠥᠨ ᠮᠣᠩᠭᠣᠯᠴᠤᠳ ᠤᠨ ᠰᠤᠶᠤᠯ ᠤᠨ ᠳᠡᠪᠰᠢᠯ ᠬᠥᠭᠵᠢᠯ ᠢ ᠤᠰᠠᠳᠬᠠᠵᠤ᠂ ᠮᠣᠩᠭᠣᠯᠴᠤᠳ ᠠᠷᠪᠠᠨ ᠵᠢᠷᠭᠣᠭ᠎ᠠ - ᠠᠷᠪᠠᠨ ᠳᠣᠯᠤᠳᠤᠭᠠᠷ ᠵᠠᠭᠤᠨ ᠤ ᠰᠡᠷᠭᠦᠨ ᠮᠠᠨᠳᠤᠯᠲᠠ ᠬᠦᠷᠲᠡᠯ᠎ᠡ ᠶᠡᠬᠡ ᠮᠣᠩᠭᠣᠯ ᠤᠯᠤᠰ ᠤᠨ ᠡᠮᠦᠨᠡᠬᠢ ᠨᠡᠭᠦᠳᠡᠯᠴᠢᠨ ᠠᠮᠢᠳᠤᠷᠠᠯ ᠣᠷᠣᠭᠤ  ᠪᠠᠨ ᠡᠷᠭᠢᠨ ᠣᠷᠣᠵᠠᠢ᠃ ᠡᠮᠦᠨᠡᠬᠢ ᠡᠴᠡ ᠢᠯᠭᠠᠭ᠎ᠠ ᠲᠠᠢ ᠨᠢᠭᠡ ᠭᠣᠣᠯ ᠵᠦᠢᠯ ᠨᠢ ᠣᠪᠤᠭ ᠤᠨ ᠵᠣᠬᠢᠶᠠᠨ ᠪᠠᠶᠢᠭᠤᠯᠤᠯᠲᠠ ᠪᠢᠰᠢ᠂ ᠣᠲᠣᠭ ᠪᠤᠶᠤ ᠭᠠᠵᠠᠷ ᠨᠤᠲᠤᠭ ᠤᠨ ᠪᠠᠶᠢᠷᠢᠰᠢᠯ ᠤᠨ ᠵᠣᠬᠢᠶᠠᠨ ᠪᠠᠶᠢᠭᠤᠯᠤᠯᠲᠠ ᠲᠠᠢ ᠠᠮᠢᠳᠤᠷᠠᠬᠤ ᠪᠣᠯᠵᠠᠢ᠃ ᠮᠢᠩ ᠣᠯᠣᠰ ᠲᠤ ᠬᠣᠲᠠ ᠨᠤᠭᠤᠳ ᠢᠶᠠᠨ ᠰᠦᠢᠳᠬᠡᠭᠦᠯᠦᠨ ᠰᠢᠲᠠᠭᠠᠯᠭᠠᠭᠰᠠᠨ ᠤ ᠤᠯᠠᠮ ᠠᠴᠠ ᠮᠣᠩᠭᠣᠯ ᠨᠣᠶᠠᠳ ᠳᠠᠬᠢᠵᠤ ᠬᠣᠲᠠ ᠪᠠᠷᠢᠯ ᠦᠭᠡᠢ ᠨᠡᠭᠦᠳᠡᠯᠯᠡᠨ ᠠᠮᠢᠳᠤᠷᠠᠬᠤ ᠪᠣᠯᠤᠭᠰᠠᠨ ᠪᠣᠯᠤᠯᠲᠠᠢ᠃ ᠡᠨᠡ ᠨᠢ ᠳᠠᠶᠢᠰᠤᠨ ᠤ ᠳᠣᠪᠲᠣᠯᠭᠠᠨ ᠠᠴᠠ ᠬᠠᠮᠠᠭᠠᠯᠠᠬᠤ ᠠᠴᠢ ᠬᠣᠯᠪᠣᠭᠳᠠᠯ ᠲᠠᠢ ᠪᠠᠶᠢᠭᠰᠠᠨ ᠪᠠ ᠳᠠᠶᠢᠰᠤᠨ ᠳᠣᠪᠲᠣᠯᠤᠭᠰᠠᠨ ᠲᠣᠬᠢᠶᠠᠯᠳᠤᠯᠠᠯ ᠳᠤ ᠬᠦᠮᠦᠨ᠂ ᠮᠠᠯ᠂ ᠡᠳ᠋ ᠬᠥᠷᠥᠩᠭᠡ ᠪᠡᠨ ᠠᠪᠤᠭᠠᠳ ᠬᠣᠶᠢᠳᠤ ᠵᠦᠭ ᠲᠤ ᠰᠢᠪᠸᠷᠢᠶ᠎ᠠ ᠣᠷᠣᠭᠣ ᠬᠣᠯᠠᠳᠠᠨ ᠨᠡᠭᠦᠳᠡᠭ ᠪᠠᠶᠢᠪᠠ᠃ ᠡᠶᠢᠨᠬᠦᠦ ᠮᠣᠩᠭᠣᠯᠴᠤᠳ ᠨᠡᠭᠦᠳᠡᠯᠯᠡᠨ ᠠᠮᠢᠳᠤᠷᠠᠵᠤ ᠤᠬᠤᠷᠢᠬᠤ᠂ ᠳᠣᠪᠲᠣᠯᠬᠤ ᠠᠯᠢ ᠠᠯᠢ ᠠᠷᠭ᠎ᠠ ᠨᠤᠭᠤᠳ ᠢ ᠬᠡᠷᠡᠭᠯᠡᠵᠦ ᠪᠠᠶᠢᠭᠰᠠᠨ ᠲᠤᠯᠠ ᠬᠢᠲᠠᠳ ᠤᠨ ᠮᠢᠩ ᠤᠯᠤᠰ ᠮᠣᠩᠭᠣᠯ ᠢ ᠪᠦᠬᠦᠯᠢ ᠳᠦ ᠡᠵᠡᠯᠡᠵᠦ ᠴᠢᠳᠠᠭ᠎ᠠ ᠦᠭᠡᠢ ᠶᠤᠮ᠃ (ᠪᠦᠷᠢᠨ ᠠᠭᠤᠯᠭ᠎ᠠ ᠶᠢ ᠤᠩᠰᠢᠬᠤ)

ᠬᠥᠷᠥᠩᠭᠡ (ᠢᠰᠬᠡᠭᠦᠷ)
ᠬᠥᠷᠥᠩᠭᠡ (ᠢᠰᠬᠡᠭᠦᠷ)

ᠬᠥᠷᠥᠩᠭᠡ (ᠢᠰᠬᠡᠭᠦᠷ᠂ 酵母) ᠨᠢ ᠵᠠᠷᠢᠮ ᠨᠢᠭᠡ ᠡᠰᠲᠦ ᠵᠢᠩᠬᠢᠨᠢ ᠮᠥᠭᠥ ᠂ ᠰᠢᠰᠲ᠋ᠧᠮ ᠤᠨ ᠪᠤᠰᠤ ᠬᠥᠭᠵᠢᠩᠭᠦᠶ ᠬᠤᠪᠢᠰᠤᠯ ᠤᠨ ᠠᠩᠭᠢᠯᠠᠯ ᠨᠢᠭᠡᠴᠢ ᠪᠣᠯᠤᠨ᠎ᠠ ᠃ ᠰᠫᠣᠷ ᠤᠨ ᠤᠭᠤᠲᠠᠲᠤ ᠮᠦᠬᠦ ᠂ ᠭᠠᠭᠴᠠ ᠡᠰᠲᠦ ᠵᠢᠩᠬᠢᠨᠢ ᠮᠦᠬᠦ ᠶᠢᠨ ᠰᠫᠣᠷ ᠤᠨ ᠪᠠᠷᠢᠭᠤᠯᠲᠤ ᠮᠦᠬᠦ ᠶᠢᠨ ᠵᠡᠷᠭᠡ ᠬᠡᠳᠦᠨ ᠢᠵᠠᠭᠤᠷ  ᠤᠨ ᠶᠡᠷᠦᠩᠬᠡᠶ ᠨᠡᠷᠡᠶᠢᠳᠦᠯ ᠪᠣᠯᠤᠨ᠎ᠠ ᠂ ᠶᠡᠷᠦ ᠳᠡᠭᠡᠨ ᠰᠢᠬᠢᠷ ᠢᠰᠬᠡᠵᠦ ᠴᠢᠳᠠᠬᠤ ᠡᠯ᠎ᠡ ᠵᠦᠢᠯ ᠦᠨ ᠭᠠᠭᠴᠠ ᠡᠰᠲᠦ ᠵᠢᠩᠬᠢᠨᠢ ᠮᠥᠭᠥ ᠵᠢ ᠵᠢᠭᠠᠨ᠎ᠠ᠂ ᠦᠢᠯᠡᠳᠪᠦᠷᠢᠯᠡᠯ ᠦᠨ ᠨᠡᠷᠡᠮᠡᠯ ᠳᠤ ᠬᠡᠷᠡᠭᠯᠡᠵᠦ ᠪᠣᠯᠤᠨ᠎ᠠ ᠂ ᠵᠠᠷᠢᠮ ᠨᠢ ᠡᠪᠡᠳᠴᠢᠨ ᠡᠭᠦᠰᠭᠡᠬᠦ ᠪᠠᠺᠲ᠋ᠧᠷᠢ ᠂ ᠲᠡᠷᠡ ᠨᠢ ᠤᠳᠤᠮᠰᠢᠯ ᠤᠨ ᠢᠨᠵᠧᠨᠧᠷᠢᠩ ᠦᠨ ᠪᠠ ᠡᠰ ᠦᠨ ᠦᠶᠡᠯᠡᠯ ᠦᠨ ᠰᠤᠳᠤᠯᠬᠤ ᠬᠡᠪ ᠵᠠᠭᠪᠤᠷ ᠤᠨ ᠠᠮᠢᠳᠤ ᠪᠣᠳᠠᠰ ᠪᠣᠯᠤᠨ᠎ᠠ᠃ ᠬᠦᠷᠦᠩᠭᠡ ᠶᠢᠨ ᠮᠦᠬᠦ ᠪᠣᠯ ᠬᠥᠮᠦᠨ ᠲᠥᠷᠥᠯᠬᠢᠲᠡᠨ ᠤ ᠪᠣᠯᠪᠠᠰᠤᠨ ᠲᠡᠦᠬᠡᠨ ᠳᠦ ᠬᠠᠮᠤᠭ ᠡᠷᠲᠡᠨ ᠬᠡᠷᠡᠭᠯᠡᠭᠳᠡᠭᠰᠡᠨ ᠮᠢᠺᠷᠣᠪ ᠪᠣᠯᠤᠨ᠎ᠠ ᠃ ᠬᠦᠴᠢᠯᠲᠥ᠋ᠷᠥᠭᠴᠢ ᠳᠤᠲᠠᠮᠠᠭ ᠣᠷᠴᠢᠨ ᠲᠣᠭᠣᠷᠢᠨ ᠳᠤ ᠣᠷᠣᠰᠢᠨ ᠲᠣᠭᠲᠠᠨᠢᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ