ᠣᠨᠴᠠᠯᠠᠬᠤ ᠥᠭᠦᠯᠡᠯ/2017 6 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ


ᠬᠠᠨ ᠬᠥᠬᠥ ᠶᠢᠨ ᠨᠢᠷᠤᠭᠤ
ᠬᠠᠨ ᠬᠥᠬᠥ ᠶᠢᠨ ᠨᠢᠷᠤᠭᠤ

ᠬᠠᠨ ᠬᠥᠬᠥ ᠶᠢᠨ ᠨᠢᠷᠤᠭᠤ ᠨᠢ ᠮᠣᠩᠭᠣᠯ ᠤᠯᠤᠰ ᠍ ᠤᠨ ᠤᠪᠰᠤ ᠠᠶᠢᠮᠠᠭ ᠤᠨ ᠨᠤᠲᠤᠭ ᠲᠤ ᠤᠷᠤᠰᠢᠬᠤ ᠠᠭᠤᠯᠠᠰ ᠤᠨ ᠰᠢᠰᠲ᠋ᠧᠮ ᠶᠤᠮ᠃ ᠨᠣᠶᠠᠨ ᠣᠷᠭᠢᠯᠪᠤᠯᠬᠤ ᠠᠯᠲᠠᠨ ᠳᠤᠭᠤᠯᠠᠭ᠎ᠠ ᠨᠢ ᠳᠠᠯᠠᠢ ᠶᠢᠨ ᠲᠦᠪᠰᠢᠨ ᠡᠴᠡ ᠳᠡᠭᠡᠭᠰᠢ 2928 ᠮᠸᠲ᠋ᠷ ᠥᠨᠳᠥᠷ ᠪᠠᠶᠢᠳᠠᠭ᠃ ᠬᠠᠨ ᠬᠥᠬᠥ ᠶᠢᠨ ᠨᠢᠷᠤᠭᠤ ᠨᠢ ᠴᠥᠯ ᠦᠨ ᠬᠡᠭᠡᠷ᠎ᠡ ᠶᠢᠨ ᠪᠦᠰᠡ ᠨᠡᠮᠡᠭᠳᠡᠬᠦ ᠦᠢᠯᠡ ᠶᠠᠪᠤᠴᠠ ᠶᠢ ᠬᠢᠵᠠᠭᠠᠷᠯᠠᠳᠠᠭ ᠪᠠᠶᠢᠭᠠᠯᠢ ᠠᠬᠤᠢ ᠶᠢᠨ ᠲᠡᠩᠴᠡᠭᠦᠷᠢ ᠶᠢ ᠬᠠᠳᠠᠭᠠᠯᠠᠬᠤ ᠳᠤ ᠴᠢᠬᠤᠯᠠ ᠠᠴᠢ ᠬᠣᠯᠪᠣᠭᠳᠠᠯ ᠲᠠᠢ ᠭᠠᠵᠠᠷ ᠶᠤᠮ᠃ ᠬᠠᠩᠭᠠᠢ ᠶᠢᠨ ᠨᠢᠷᠤᠭᠤᠨ ᠤ ᠪᠠᠷᠠᠭᠤᠨ ᠬᠣᠶᠢᠳᠤ ᠵᠠᠯᠭᠠᠭ᠎ᠠ ᠪᠣᠯᠵᠤ ᠣᠷᠣᠰᠢᠨ᠎ᠠ᠃ ᠬᠠᠨ ᠬᠥᠬᠥ ᠶᠢᠨ ᠨᠢᠷᠤᠭᠤ ᠨᠢ ᠣᠢ ᠮᠣᠳᠣ᠂ ᠤᠰᠤ᠂ ᠭᠣᠣᠯ ᠡᠯᠪᠡᠭ ᠲᠡᠢ ᠲᠣᠮᠣᠬᠠᠨ ᠠᠭᠤᠯᠠ ᠪᠥᠭᠡᠳ ᠤᠪᠰᠤ ᠠᠶᠢᠮᠠᠭ ᠤᠨ ᠵᠡᠭᠦᠨ ᠬᠠᠩᠭ᠋ᠠᠢ᠂ ᠥᠪᠦᠷᠬᠠᠩᠭᠠᠢ᠂ ᠴᠠᠭᠠᠨᠬᠠᠶᠢᠷᠬᠠᠨ ᠰᠤᠮᠤ ᠶᠢᠨ ᠨᠤᠲᠤᠭ ᠲᠤ ᠣᠷᠣᠰᠢᠳᠠᠭ᠃ ᠬᠠᠨ ᠬᠥᠬᠥ ᠶᠢᠨ ᠨᠢᠷᠤᠭᠤ ᠨᠢ ᠶᠡᠬᠡ ᠨᠠᠭᠤᠷ ᠤᠳ ᠤᠨ ᠬᠣᠲᠣᠭᠣᠷ ᠤᠷᠤᠭᠤ ᠲᠦᠷᠢᠵᠦ ᠣᠷᠣᠨ ᠤᠪᠰᠤ ᠪᠣᠯᠤᠨ ᠬᠢᠷᠭᠠᠰ ᠨᠠᠭᠤᠷ ᠤᠳ ᠤᠨ ᠬᠣᠲᠣᠭᠣᠷ ᠢ ᠵᠠᠭᠠᠭᠯᠠᠨ᠎ᠠ᠃ ᠠᠯᠠᠮᠠᠰ ᠡᠷᠳᠡᠨᠢ ᠡᠴᠡ ᠡᠬᠢᠯᠡᠭᠡᠳ ᠣᠯᠠᠨ ᠲᠥᠷᠥᠯ ᠦᠨ ᠡᠷᠳᠡᠨᠢᠰ ᠪᠤᠢ᠃ ᠡᠷᠲᠡ ᠳᠡᠭᠡᠷ᠎ᠡ ᠦᠶᠡᠰ ᠤᠷᠭᠤᠮᠠᠯ ᠠᠮᠢᠲᠠᠨ ᠢᠶᠠᠷ ᠪᠠᠶᠠᠯᠢᠭ ᠭᠡᠳᠡᠭ ᠢᠶᠡᠷ ᠢᠶᠡᠨ ᠠᠯᠳᠠᠷᠰᠢᠵᠠᠢ᠃ (ᠪᠦᠷᠢᠨ ᠠᠭᠤᠯᠭ᠎ᠠ ᠶᠢ ᠤᠩᠰᠢᠬᠤ)

ᠠᠭᠠᠷ ᠤᠨ ᠮᠠᠰ
ᠠᠭᠠᠷ ᠤᠨ ᠮᠠᠰ

ᠠᠭᠠᠷ ᠤᠨ ᠮᠠᠰ ᠭᠡᠳᠡᠭ ᠨᠢ ᠲᠣᠯᠠᠭᠠᠨ ᠤ ᠬᠡᠮᠵᠢᠶ᠎ᠡ ᠴᠢᠭᠢᠭ᠂ ᠲᠤᠩᠭᠠᠯᠠᠭᠵᠢᠯᠲᠠ ᠵᠡᠷᠭᠡ ᠹᠢᠽᠢᠺ ᠰᠢᠨᠵᠢ ᠪᠡᠷ ᠢᠶᠡᠨ ᠬᠠᠷᠢᠴᠠᠩᠭᠤᠢ ᠨᠢᠭᠡᠨ ᠲᠥᠷᠦᠯ ᠦᠨ ᠶᠡᠬᠡ ᠬᠡᠮᠵᠢᠶᠡᠨ ᠦ ᠣᠷᠣᠨ ᠵᠠᠢ ᠶᠢ ᠡᠵᠡᠯᠡᠭᠰᠡᠨ ᠠᠭᠠᠷ ᠤᠨ ᠬᠡᠮᠵᠢᠶ᠎ᠡ ᠶᠤᠮ᠃ ᠠᠭᠠᠷ ᠤᠨ ᠮᠠᠰ ᠨᠢ ᠤᠳᠠᠭᠠᠨ ᠬᠤᠭᠤᠴᠠᠭᠠᠨ ᠳᠤ ᠨᠢᠭᠡ ᠲᠥᠷᠦᠯ ᠦᠨ ᠭᠠᠳᠠᠷᠭᠤ ᠳᠡᠭᠡᠷ᠎ᠡ ᠪᠥᠷᠢᠯᠳᠦᠵᠦ ᠬᠡᠪᠲᠡᠭᠡ ᠴᠢᠭᠯᠡᠯ ᠳᠦ ᠬᠡᠳᠦᠨ ᠮᠢᠩᠭᠠᠨ km᠂ ᠪᠣᠰᠤᠭ᠎ᠠ ᠴᠢᠭᠯᠡᠯ ᠳᠦ ᠬᠡᠳᠦᠨ km ᠬᠦᠷᠲᠡᠯ᠎ᠡ ᠣᠷᠣᠨ ᠵᠠᠢ ᠶᠢ ᠡᠵᠡᠯᠡᠨ ᠣᠷᠣᠰᠢᠨ ᠪᠤᠢ ᠨᠤᠲᠤᠭ ᠳᠡᠪᠢᠰᠬᠡᠷ ᠦᠨ ᠢᠶᠡᠨ ᠴᠠᠭ ᠠᠭᠠᠷ ᠍ ᠤᠨ ᠰᠢᠨᠵᠢ ᠶᠢ ᠲᠣᠳᠣᠷᠬᠠᠶᠢᠯᠠᠨ᠎ᠠ᠃ ᠨᠢᠭᠡ ᠲᠥᠷᠦᠯ ᠦᠨ ᠠᠭᠠᠷ ᠤᠨ ᠮᠠᠰ ᠨᠢ ᠭᠣᠣᠯᠳᠠᠭᠤ 1000-2500 km ᠳ᠋ᠢᠶᠠᠮᠧᠲ᠋ᠷ ᠲᠡᠢ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠷᠦᠳᠠ︱6
ᠷᠦᠳᠠ︱6

ᠷᠦᠳᠠ︱6 (ᠬᠢᠲᠠᠳ ᠶ᠋ᠢᠡᠷ 六味木香散 ) ᠄ ᠲᠤᠰ ᠨᠠᠢᠢᠷᠠᠯᠭ᠎ᠠ ᠪᠣᠯ ᠪᠦᠯᠢᠶᠡᠨ ᠴᠢᠨᠠᠷᠲᠠᠢ ᠨᠠᠢᠢᠷᠠᠯᠭ᠎ᠠ ᠪᠣᠯᠤᠨ᠎ᠠ ᠃ᠲᠤᠰ ᠨᠠᠢᠢᠷᠠᠯᠭ᠎ᠠ ᠪᠤᠯ ᠪᠤᠷᠤ  ᠶᠢᠨ ᠤᠷᠪᠠᠯᠲᠠ  ᠶᠢᠨ ᠳᠦᠷᠪᠡᠨ ᠰᠢᠯᠲᠠᠭᠠᠨ ᠴᠢᠰᠤ ᠰᠢᠷ᠎ᠠ ᠪᠤᠯᠤᠨ ᠪᠠᠳ᠌ᠭᠠᠨ ᠬᠡᠢ  ᠶᠢ ᠳᠠᠷᠤᠬᠤ ᠬᠤᠶᠠᠷ ᠠᠢᠢᠮᠠᠭ ᠡᠮ  ᠢᠶᠡᠷ ᠬᠦᠯ ᠪᠤᠯᠭᠠᠵᠤ ᠪᠦᠷᠢᠯᠳᠦᠵᠡᠢ᠃ ᠲᠤᠬᠠᠢᠢᠯᠠᠪᠠᠯ ᠪᠠᠳ᠌ᠭᠠᠠ ᠬᠡᠢ  ᠶᠢ ᠳᠠᠷᠤᠬᠤ  ᠳᠤ ᠪᠢᠪᠢᠯᠢᠩ  ᠢ᠂ ᠪᠦᠭᠡᠯᠵᠢᠬᠦ   ᠶᠢ ᠵᠣᠭᠰᠤᠭᠠᠬᠤ᠂ ᠬᠡᠢ  ᠶᠢ ᠳᠠᠷᠤᠬᠤ᠂ ᠢᠯᠴᠢ  ᠶᠢ ᠰᠡᠯᠪᠢᠬᠦ᠂ ᠢᠳᠡᠭᠡᠨ  ᠢ ᠰᠢᠨᠭᠭᠡᠭᠡᠬᠦ᠂ ᠳᠤᠷ᠎ᠠ  ᠶᠢ  ᠨᠡᠬᠡᠭᠡᠬᠦ  ᠳᠦ ᠠᠨᠠᠷ  ᠢ ᠲᠤᠰ ᠲᠤᠰ ᠬᠦᠯ ᠪᠤᠯᠭᠠᠭᠰᠠᠨ  ᠤ ᠬᠠᠮᠲᠤ ᠴᠢᠰᠤ ᠰᠢᠷ᠎ᠠ ᠬᠠᠯᠠᠭᠤᠨ  ᠢ ᠠᠷᠢᠯᠭᠠᠬᠤ ᠵᠦᠷᠦᠷ᠎ᠡ᠂ ᠭᠤᠶᠤᠪᠠ ᠪᠠᠱᠠᠭ᠎ᠠ  ᠶᠢ ᠬᠠᠪᠰᠤᠷᠬᠤ ᠡᠮ ᠪᠤᠯᠭᠠᠭᠰᠡᠨ ᠲᠤᠯᠠ ᠪᠤᠷᠤ  ᠶᠢᠨ ᠬᠦᠢᠲᠡᠨ ᠬᠠᠯᠠᠭᠤᠨ ᠬᠠᠷᠰᠢᠯᠳᠤᠬᠤ  ᠶᠢ ᠳᠠᠷᠤᠬᠤ᠂ᠴᠠᠩᠬ᠎ᠠ  ᠶᠢ ᠳᠠᠷᠤᠬᠤ ᠬᠤᠳᠤᠭᠤᠳᠤ  ᠶᠢ ᠡᠪᠡᠳᠬᠦ  ᠶᠢ ᠵᠤᠭᠰᠤᠭᠠᠬᠤ᠂ ᠪᠦᠭᠡᠯᠵᠢᠵᠦ ᠰᠠᠭᠤᠯᠭᠠᠬᠤ  ᠶᠢ ᠵᠤᠭᠰᠤᠭᠠᠬᠤ ᠴᠢᠳᠠᠯ ᠲᠠᠢ ᠨᠠᠢᠢᠷᠠᠯᠭ᠎ᠠ ᠪᠤᠯᠵᠤ ᠪᠦᠷᠢᠯᠳᠦᠵᠡᠢ᠃ (ᠪᠦᠷᠢᠨ ᠠᠭᠤᠯᠭ᠎ᠠ ᠶᠢ ᠤᠩᠰᠢᠬᠤ)

ᠪᠤᠯᠠᠭᠠᠨ ᠰᠤᠮᠤ (ᠬᠣᠪᠳᠣ)
ᠪᠤᠯᠠᠭᠠᠨ ᠰᠤᠮᠤ (ᠬᠣᠪᠳᠣ)

ᠪᠤᠯᠠᠭᠠᠨ (ᠪᠤᠯᠠᠭᠠᠨ) ᠨᠢ ᠬᠣᠪᠳᠣ ᠠᠶᠢᠮᠠᠭ ᠤᠨ ᠰᠤᠮᠤ ᠶᠤᠮ᠃ ᠤᠯᠠᠭᠠᠨᠪᠠᠭᠠᠲᠤᠷᠡᠴᠨ 1855 ᠺᠢᠯᠣᠮᠧᠲ᠋ᠷ᠂ ᠠᠶᠢᠮᠠᠭ ᠤᠨ ᠲᠥᠪ ᠬᠣᠪᠳᠣ ᠠᠴᠠ 385 ᠺᠢᠯᠣᠮᠧᠲ᠋ᠷ ᠠᠯᠤᠰᠯᠠᠭᠳᠠᠭᠰᠠᠨ᠃ ᠪᠠᠷᠠᠭᠤᠨ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠠᠢ ᠬᠢᠯᠢᠯᠡᠳᠡᠭ᠃ ᠶᠡᠬᠡ ᠢᠵᠢᠯ ᠮᠥᠷᠡᠨ᠂ᠤᠷᠠᠯ ᠤᠨ ᠵᠠᠶᠢᠷ ᠠᠴᠠ 1771ᠤᠨ ᠳᠤ ᠵᠠᠯᠠᠭᠤ ᠤᠪᠠᠰᠢ ᠬᠠᠭᠠᠨ ᠤ ᠤᠳᠤᠷᠢᠳᠤᠯᠭ᠎ᠠ ᠶᠢᠨ ᠳᠣᠣᠷ᠎ᠠ ᠳᠠᠶᠢᠨ ᠰᠠᠮᠠᠭᠤᠨ᠂ ᠪᠠᠶᠢᠭᠠᠯᠢ ᠶᠢᠨ ᠬᠦᠨᠳᠦ ᠬᠡᠴᠡᠭᠦᠦ ᠪᠡᠷᠬᠡᠰᠢᠶᠡᠯ ᠢ ᠳᠠᠪᠠᠨ ᠲᠤᠭᠤᠯᠵᠤ ᠡᠬᠡ ᠨᠤᠲᠤᠭ ᠲᠤ ᠪᠠᠨ ᠨᠡᠭᠦᠳᠡᠯᠯᠡᠨ ᠢᠷᠡᠭᠰᠡᠨ ᠲᠣᠷᠭᠤᠳ ᠤᠳ ᠢ 1771 ᠤᠨ ᠤ 08-09 ᠰᠠᠷ᠎ᠠ ᠳᠤ ᠣᠳᠣ ᠶᠢᠨ ᠪᠤᠯᠠᠭᠠᠨ ᠰᠤᠮᠤ ᠶᠢᠨ ᠨᠤᠲᠤᠭ ᠲᠤ ᠰᠠᠭᠤᠷᠢᠰᠢᠭᠤᠯᠵᠠᠢ᠃ ᠪᠤᠯᠠᠭᠠᠨ ᠰᠤᠮᠤ ᠨᠢ 1931 ᠤᠨ ᠳᠤ ᠮᠣᠩᠭᠣᠯ ᠠᠯᠲᠠᠢ ᠶᠢᠨ ᠨᠢᠷᠤᠭᠤᠨ ᠤ ᠴᠢᠨᠠᠳᠤ ᠳᠤ ᠮᠥᠩᠬᠡᠴᠠᠰᠲᠤ ᠣᠷᠭᠢᠯ ᠤᠳ ᠠᠴᠠ ᠡᠬᠢ ᠠᠪᠤᠨ ᠤᠷᠤᠰᠳᠠᠭ ᠪᠤᠯᠠᠭᠠᠨ ᠭᠣᠣᠯ ᠤᠨ ᠬᠥᠪᠡᠭᠡᠨ ᠳᠤ 《ᠪᠠᠶᠠᠨ ᠰᠤᠳᠠᠯ》 ᠭᠡᠳᠡᠭ ᠭᠠᠵᠠᠷ ᠪᠠᠶᠢᠭᠤᠯᠤᠭᠳᠠᠭᠰᠠᠨ᠃ᠪᠤᠯᠠᠭᠠᠨ ᠰᠤᠮᠤ ᠶᠢᠨ ᠲᠥᠪ ᠢ ᠬᠣᠵᠢᠮ ᠪᠦᠷᠢᠨᠬᠠᠶᠢᠷᠬᠠᠨ ᠠᠭᠤᠯᠠ ᠶᠢᠨ ᠬᠣᠷᠮᠣᠢ ᠳᠤ ᠰᠢᠯᠵᠢᠭᠦᠯᠦᠨ ᠪᠠᠶᠢᠭᠤᠯᠤᠭᠰᠠᠨ ᠲᠡᠦᠬᠡ ᠲᠡᠢ᠃ (ᠪᠦᠷᠢᠨ ᠠᠭᠤᠯᠭ᠎ᠠ ᠶᠢ ᠤᠩᠰᠢᠬᠤ)

ᠵᠦᠴᠢ
ᠵᠦᠴᠢ

ᠵᠦᠴᠢ (1180 ᠤᠨ ᠤ ᠣᠷᠴᠢᠮ – 1227) ᠨᠢ ᠶᠡᠬᠡ ᠮᠣᠩᠭᠣᠯ ᠤᠯᠤᠰ ᠢ ᠦᠨᠳᠦᠰᠦᠯᠡᠭᠴᠢ ᠴᠢᠩᠭᠢᠰ ᠬᠠᠭᠠᠨ ᠪᠣᠯᠤᠨ ᠶᠡᠬᠡ ᠬᠠᠲᠤᠨ ᠪᠥᠷᠲᠡ ᠨᠠᠷ ᠤᠨ ᠳᠤᠮᠳᠠ ᠠᠴᠠ ᠲᠦᠷᠦᠭᠰᠡᠨ ᠳᠥᠷᠪᠡᠨ ᠬᠦᠦ ᠶᠢᠨ ᠠᠬᠠᠮᠠᠳ ᠨᠢ ᠶᠤᠮ᠃ ᠲᠡᠷᠡ ᠪᠡᠷ ᠠᠩᠬ᠎ᠠ 1207 ᠤᠨ ᠳᠤ ᠪᠠᠷᠠᠭᠤᠨ ᠭᠠᠷ ᠤᠨ ᠴᠡᠷᠢᠭ ᠤᠳᠤᠷᠢᠳᠤᠨ ᠣᠢ ᠶᠢᠨ ᠢᠷᠭᠡᠨ᠂ ᠬᠢᠷᠭᠢᠰ᠂ ᠬᠣᠷᠢ ᠲᠦᠮᠡᠨ ᠳᠦ ᠵᠡᠷᠭᠡ ᠪᠠᠶᠢᠭᠠᠯᠢ ᠨᠠᠭᠤᠷ ᠠᠴᠠ ᠪᠠᠷᠠᠭᠤᠨ ᠲᠡᠰᠢ ᠣᠷᠣᠰᠢᠬᠤ ᠤᠯᠤᠰ ᠠᠶᠢᠮᠠᠭ ᠤᠳ ᠢ ᠪᠠᠶᠢᠯᠳᠤᠨ ᠳᠠᠭᠠᠭᠤᠯᠤᠭᠰᠠᠨ᠃ ᠤᠯᠠᠮ ᠢᠶᠠᠷ 1211-1217 ᠤᠨ ᠤ ᠣᠷᠴᠢᠮ ᠳᠤ ᠠᠯᠲᠠᠨ ᠤᠯᠤᠰ ᠲᠠᠢ ᠬᠢᠭᠰᠡᠨ ᠠᠶᠠᠨ ᠳᠠᠶᠢᠨ ᠳᠤ ᠣᠷᠣᠯᠴᠠᠵᠤ ᠶᠠᠪᠤᠭᠰᠠᠨ᠃ 1218 ᠤᠨ ᠳᠤ ᠬᠢᠷᠭᠢᠰ᠂ ᠬᠣᠷᠢ ᠲᠦᠮᠡᠳ ᠦᠨ ᠪᠣᠰᠤᠯᠭ᠎ᠠ ᠶᠢ ᠳᠠᠷᠤᠭᠰᠠᠨ᠃ ᠤᠯᠠᠮ ᠢᠶᠠᠷ 1219-1225 ᠤᠨ ᠤ ᠬᠣᠭᠣᠷᠣᠨᠳᠣ ᠬᠣᠷᠧᠽᠮ ᠢ ᠳᠠᠶᠢᠯᠠᠬᠤ ᠳᠤ ᠣᠷᠣᠯᠴᠠᠵᠠᠢ᠃ ᠴᠢᠩᠭᠢᠰ ᠬᠠᠭᠠᠨ ᠨᠤᠲᠤᠭ ᠪᠤᠴᠠᠬᠤ ᠪᠣᠯᠬᠤ ᠳᠤ ᠲᠡᠭᠦᠨ ᠳᠦ ᠴᠡᠷᠢᠭ ᠲᠠᠰᠤᠯᠤᠨ ᠥᠭᠭᠦᠭᠡᠳ ᠡᠷᠴᠢᠰ ᠮᠥᠷᠡᠨ ᠡᠴᠡ ᠪᠠᠷᠠᠭᠤᠨ ᠲᠡᠰᠢ ᠪᠦᠬᠦ ᠭᠠᠵᠠᠷ ᠢ ᠥᠭᠴᠦ᠂ ᠳᠠᠶᠢᠯᠠᠭᠤᠯᠬᠤ ᠵᠠᠷᠯᠢᠭ ᠪᠠᠭᠤᠯᠭᠠᠭᠰᠠᠨ ᠪᠠᠶᠢᠳᠠᠭ᠃ ᠭᠡᠬᠦ ᠳᠦ ᠪᠡᠨ ᠲᠡᠷᠡᠪᠡᠷ ᠡᠪᠡᠳᠴᠢᠨ ᠦ ᠤᠴᠢᠷ 1225-1226 ᠤᠨ ᠤ ᠣᠷᠴᠢᠮ ᠳᠤ ᠨᠠᠰᠤ ᠨᠥᠭᠴᠢᠭᠰᠡᠨ᠃ (ᠪᠦᠷᠢᠨ ᠠᠭᠤᠯᠭ᠎ᠠ ᠶᠢ ᠤᠩᠰᠢᠬᠤ)

ᠯᠢᠭᠳᠡᠨ ᠬᠠᠭᠠᠨ
Ligden hutagt khaan.jpg

ᠯᠢᠭᠳᠡᠨ ᠬᠠᠭᠠᠨ (15881634) ᠨᠢ 1604-1634 ᠤᠨ ᠤ ᠦᠶ᠎ᠡ ᠳᠦ ᠶᠡᠬᠡ ᠮᠣᠩᠭᠣᠯ ᠤᠯᠤᠰ ᠍ ᠤᠨ ᠬᠠᠭᠠᠨ ᠰᠢᠷᠡᠭᠡᠨ ᠳᠦ ᠰᠠᠭᠤᠭᠰᠠᠨ ᠴᠢᠩᠭᠢᠰ ᠬᠠᠭᠠᠨ ᠤ ᠤᠳᠤᠮ᠂ ᠪᠣᠷᠵᠢᠭᠢᠨ ᠣᠪᠤᠭ ᠤᠨ ᠮᠣᠩᠭᠣᠯ ᠤᠨ ᠬᠠᠭᠠᠳ ᠤᠨ ᠰᠡᠭᠦᠯᠴᠢ ᠶᠢᠨ ᠬᠠᠭᠠᠨ ᠶᠤᠮ᠃ ᠲᠡᠭᠦᠨ ᠦ ᠦᠶ᠎ᠡ ᠳᠦ ᠮᠣᠩᠭᠣᠯ ᠤᠨ ᠨᠡᠭᠦᠳᠡᠯᠴᠢᠳ ᠨᠢᠭᠡᠨ ᠬᠠᠭᠠᠨ ᠳᠤ ᠵᠠᠬᠢᠷᠤᠭᠳᠠᠳᠠᠭ ᠦᠭᠡᠢ᠂ ᠣᠯᠠᠨ ᠵᠢᠵᠢᠭ ᠨᠣᠶᠠᠳ ᠤᠨ ᠮᠡᠳᠡᠯ ᠳᠦ ᠬᠤᠪᠢᠶᠠᠭᠳᠠᠵᠤ᠂ ᠪᠤᠲᠠᠷᠠᠵᠤ ᠪᠠᠶᠢᠭᠰᠠᠨ ᠪᠠ ᠯᠢᠭᠳᠡᠨ ᠬᠠᠭᠠᠨ ᠤ ᠵᠠᠬᠢᠷᠭᠠᠨ ᠳᠤ ᠵᠥᠪᠬᠡᠨ ᠴᠠᠬᠠᠷ ᠲᠦᠮᠡᠨ ᠯᠠ ᠣᠷᠣᠰᠢᠵᠤ ᠪᠠᠶᠢᠵᠠᠢ᠃ ᠬᠡᠳᠦᠢ ᠲᠡᠶᠢᠮᠦ ᠪᠣᠯᠪᠠᠴᠤ ᠲᠡᠷᠡᠪᠡᠷ ᠪᠦᠬᠦ ᠮᠣᠩᠭᠣᠯ ᠢ ᠡᠷᠬᠡᠨ ᠳᠦ ᠪᠡᠨ ᠤᠷᠤᠭᠤᠯᠬᠤ ᠲᠥᠷᠥ ᠶᠢᠨ ᠪᠣᠳᠣᠯᠭ᠎ᠠ ᠶᠠᠪᠤᠭᠤᠯᠵᠤ ᠪᠠᠶᠢᠭᠰᠠᠨ ᠶᠤᠮ᠃ ᠭᠡᠪᠡᠴᠦ ᠡᠨᠡ ᠦᠶ᠎ᠡ ᠳᠦ ᠮᠠᠨᠵᠤᠵᠢᠨ ᠣᠪᠤᠭ ᠠᠶᠢᠮᠠᠭ ᠤᠳ ᠨᠢᠭᠡᠳᠦᠨ ᠨᠡᠶᠢᠯᠡᠵᠦ᠂ ᠤᠮᠠᠷᠠᠳᠤ ᠠᠯᠲᠠᠨ ᠤᠯᠤᠰ ᠢ ᠪᠠᠶᠢᠭᠤᠯᠵᠤ ᠤᠮᠠᠷᠠᠳᠤ ᠠᠯᠲᠠᠨ ᠤᠯᠤᠰ ᠍ ᠤᠨ ᠬᠠᠭᠠᠨ ᠨᠤᠷᠬᠠᠴᠢ ᠭᠣᠪᠢ ᠶᠢᠨ ᠡᠮᠦᠨᠡᠬᠢ ᠮᠣᠩᠭᠣᠯᠴᠤᠳ ᠢ ᠵᠠᠬᠢᠷᠭᠠᠨ ᠳᠤ ᠪᠠᠨ ᠣᠷᠣᠭᠤᠯᠵᠤ ᠡᠬᠢᠯᠡᠭᠰᠡᠨ ᠲᠡᠦᠬᠡ ᠲᠡᠢ᠃

1605 ᠂ 1606ᠤᠨ ᠳᠤ ᠥᠪᠥᠷ ᠬᠠᠯᠬ᠎ᠠ ᠶᠢᠨ ᠪᠠᠶᠠᠭᠤᠳ ᠠᠶᠢᠮᠠᠭ ᠤᠨ ᠨᠣᠶᠠᠨ ᠡᠩᠬᠡ ᠲᠠᠪᠤᠨ ᠣᠲᠣᠭ ᠤᠨ ᠬᠠᠯᠬ᠎ᠠ ᠶᠢᠨ ᠡᠯᠴᠢ ᠶᠢ ᠲᠣᠮᠢᠯᠠᠨ ᠨᠤᠷᠬᠠᠴᠢ ᠪᠠᠭᠠᠲᠤᠷ ᠤᠨ ᠣᠷᠳᠣᠨ ᠳᠤ ᠪᠠᠷᠠᠭᠠᠯᠠᠵᠤ 《ᠬᠦᠨᠳᠦᠯᠡᠯᠲᠦ ᠬᠠᠭᠠᠨ》 ᠬᠡᠮᠡᠨ ᠡᠷᠭᠦᠮᠵᠢᠯᠡᠵᠦ ᠪᠠᠶᠢᠪᠠ᠃ 1608ᠤᠨ ᠳᠤ ᠨᠤᠷᠬᠠᠴᠢ ᠪᠠᠭᠠᠳᠤᠷ ᠤᠨ ᠠᠬᠠᠮᠠᠳ ᠬᠥᠪᠭᠦᠨ ᠴᠣᠶᠢᠯᠠᠨ 5000 ᠴᠡᠷᠢᠭ ᠳᠠᠶᠢᠴᠢᠯᠠᠨ ᠳᠣᠪᠲᠣᠯᠬᠤ ᠪᠠᠷ ᠪᠠᠶᠢᠭᠰᠠᠨ ᠳᠤ ᠣᠯᠠᠨ ᠮᠣᠩᠭᠣᠯ ᠠᠶᠢᠮᠠᠭ ᠤᠳ ᠬᠣᠷᠴᠢᠨ ᠳᠤ ᠡᠯᠴᠢ ᠵᠠᠷᠤᠵᠤ ᠴᠡᠷᠢᠭ ᠦᠨ ᠲᠤᠰᠠᠯᠠᠮᠵᠢ ᠭᠤᠶᠤᠭᠰᠠᠨ ᠪᠠᠶᠢᠨ᠎ᠠ᠃ ᠬᠣᠷᠴᠢᠨ ᠠᠶᠢᠮᠠᠭ ᠯᠢᠭᠳᠡᠨ ᠬᠠᠭᠠᠨ ᠤ ᠵᠠᠷᠯᠢᠭ ᠦᠭᠡᠢ ᠪᠡᠷ ᠳᠤᠷ᠎ᠠ ᠪᠠᠷ ᠴᠡᠷᠢᠭ ᠬᠥᠳᠡᠯᠭᠡᠵᠦ ᠦᠯᠦ ᠪᠣᠯᠬᠤ ᠲᠤᠯᠠ ᠲᠤᠰᠠᠯᠠᠵᠤ ᠴᠢᠳᠠᠬᠤ ᠦᠭᠡᠢ ᠭᠡᠳ ᠡᠯᠴᠢ ᠶᠢ ᠪᠤᠴᠠᠭᠠᠭᠰᠠᠨ ᠪᠠᠶᠢᠨ᠎ᠠ᠃ ᠲᠡᠳᠦᠢ ᠤᠳᠠᠯ ᠦᠭᠡᠢ ᠯᠢᠭᠳᠡᠨ ᠬᠠᠭᠠᠨ ᠤ ᠵᠠᠷᠯᠢᠭ ᠢᠶᠠᠷ ᠬᠣᠷᠴᠢᠨ ᠤ ᠣᠩᠭᠤᠲᠠᠢ ᠪᠠᠭᠠᠳᠤᠷ᠂ ᠬᠥᠪᠡᠭᠦᠨ ᠤᠤᠪᠠ ᠲᠠᠶᠢᠵᠢ ᠨᠠᠷ ᠴᠡᠷᠢᠭ ᠳᠠᠶᠢᠴᠢᠯᠠᠨ ᠮᠠᠨᠵᠤ ᠵᠥᠷᠴᠢᠳ ᠦᠨ ᠴᠡᠷᠢᠭ ᠢ ᠴᠣᠬᠢᠵᠤ ᠤᠬᠤᠷᠢᠭᠤᠯᠵᠠᠢ᠃ ᠣᠩᠭᠤᠲᠠᠢ ᠪᠠᠭᠠᠳᠤᠷ᠂ ᠤᠤᠪᠠ ᠲᠠᠶᠢᠵᠢ ᠨᠠᠷ ᠨᠤᠷᠬᠠᠴᠢ ᠪᠠᠭᠠᠳᠤᠷ ᠤᠨ ᠴᠡᠷᠢᠭ ᠢ ᠳᠠᠶᠢᠯᠠᠵᠤ᠂ ᠬᠢᠶ᠎ᠠ ᠪᠤᠶᠠᠨᠲᠤ ᠶᠢ ᠠᠯᠠᠭᠰᠠᠨ ᠪᠠᠶᠢᠨ᠎ᠠ᠃

ᠵᠥᠷᠴᠢᠳ ᠦᠨ ᠨᠤᠷᠬᠠᠴᠢ ᠪᠠᠭᠠᠳᠤᠷ ᠮᠣᠩᠭᠣᠯ ᠠᠶᠢᠮᠠᠭ ᠤᠳ ᠲᠠᠢ ᠪᠠᠶᠢᠯᠳᠤᠵᠤ ᠠᠮᠵᠢᠯᠲᠠ ᠣᠯᠬᠤ ᠦᠭᠡᠢ ᠪᠡᠨ ᠮᠡᠳᠡᠮᠡᠭᠴᠡ ᠵᠥᠭᠡᠯᠡᠨ ᠠᠷᠭ᠎ᠠ 《ᠤᠷᠤᠭ ᠪᠠᠷᠢᠯᠳᠤᠬᠤ》 ᠵᠠᠮ ᠳᠤ ᠰᠢᠯᠵᠢᠭᠰᠡᠨ ᠶᠤᠮ᠃ ᠨᠤᠷᠬᠠᠴᠢ ᠪᠠᠭᠠᠳᠤᠷ ᠯᠢᠶᠣᠣᠳᠦ᠋ᠩ ᠤᠨ ᠭᠠᠵᠠᠷ ᠲᠤ ᠥᠪᠡᠷ ᠦᠨ ᠪᠠᠶᠢᠷᠢ ᠶᠢ ᠪᠡᠬᠢᠵᠢᠭᠦᠯᠬᠦ ᠶᠢᠨ ᠲᠤᠯᠠᠳᠠ ᠨᠠᠩᠭᠢᠶᠠᠳ ᠤᠨ ᠮᠢᠩ ᠤᠯᠤᠰ ᠢ ᠳᠠᠶᠢᠯᠠᠬᠤ ᠳᠤ ᠬᠦᠴᠦ ᠪᠡᠨ ᠲᠥᠪᠯᠡᠷᠡᠭᠦᠯᠵᠦ᠂ ᠯᠢᠭᠳᠡᠨ ᠬᠠᠭᠠᠨ ᠪᠣᠯᠤᠨ ᠮᠣᠩᠭᠣᠯ ᠠᠶᠢᠮᠠᠭ ᠤᠳ ᠲᠠᠢ ᠢᠯᠡᠳᠲᠡ ᠳᠠᠶᠢᠰᠤᠩᠨᠠᠬᠤ ᠪᠠᠨ ᠪᠣᠯᠢᠵᠤ ᠠᠷᠤ ᠲᠠᠯ᠎ᠠ ᠶᠢᠨ ᠠᠶᠤᠯ ᠦᠭᠡᠢ ᠪᠠᠶᠢᠳᠠᠯ ᠢᠶᠠᠨ ᠬᠠᠩᠭᠠᠬᠤ ᠳᠤ ᠠᠩᠬᠠᠷᠴᠤ ᠡᠬᠢᠯᠡᠵᠡᠢ᠃ (ᠪᠦᠷᠢᠨ ᠠᠭᠤᠯᠭ᠎ᠠ ᠶᠢ ᠤᠩᠰᠢᠬᠤ)

ᠪᠤᠶᠠᠨ ᠰᠡᠴᠡᠨ ᠬᠠᠭᠠᠨ
Buyantsetsen khan.jpg

ᠪᠣᠶᠠᠨ ᠰᠡᠴᠡᠨ ᠬᠠᠭᠠᠨ ᠲᠦᠮᠡᠨ ᠵᠠᠰᠠᠭᠲᠤ ᠬᠠᠭᠠᠨ  ᠤ ᠶᠡᠬᠡ ᠬᠥᠪᠡᠭᠦᠨ᠃ 1555 ᠤᠨ ᠤ ᠬᠥᠬᠡᠭᠴᠢᠨ ᠲᠠᠤᠯᠠᠢ ᠵᠢᠯ ᠳᠣᠣᠷ᠎ᠠ ᠲᠥᠷᠦᠵᠡᠢ᠃ ᠲᠡᠷᠡ 1593 ᠤᠨ ᠤ ᠬᠠᠷᠠᠭᠴᠢᠨ ᠮᠣᠭᠠᠢ ᠵᠢᠯ ᠬᠠᠭᠠᠨ ᠰᠢᠷᠡᠭᠡᠨ ᠳᠦ ᠰᠠᠭᠤᠵᠤ 1603 ᠤᠨ ᠤ ᠬᠠᠷᠠᠭᠴᠢᠨ ᠲᠠᠤᠯᠠᠢ ᠵᠢᠯ ᠳᠣᠣᠷ᠎ᠠ ᠨᠠᠰᠤᠨ ᠥᠭᠡᠳᠡ ᠪᠣᠯᠵᠠᠢ᠃

ᠪᠣᠶᠠᠨ ᠰᠡᠴᠡᠨ ᠬᠠᠭᠠᠨ ᠤ ᠦᠶ᠎ᠡ ᠳᠦ ᠮᠣᠩᠭᠣᠯ ᠤᠨ ᠬᠠᠭᠠᠳ ᠤᠨ ᠡᠷᠭᠡ ᠰᠦᠷ ᠠᠰᠣᠷᠣ ᠶᠡᠭᠡ ᠰᠣᠯᠠᠷᠠᠨ ᠲᠣᠷᠣᠶᠢᠳᠠᠭᠰᠠᠨ ᠪᠠᠶᠢᠨ᠎ᠠ᠃ ᠮᠣᠩᠭᠣᠯ ᠤᠨ ᠵᠢᠵᠢᠭ ᠨᠣᠶᠠᠳ ᠂ ᠹᠸᠣᠳᠠᠯ ᠤᠳ ᠣᠯᠣᠰ ᠣᠷᠣᠨ ᠢᠶᠠᠨ ᠭᠡᠰᠡᠭᠯᠡᠨ ᠪᠣᠳᠠᠷᠠᠭᠠᠵᠣ ᠂ ᠦᠪᠡᠷ ᠦᠪᠡᠷ ᠦᠨ ᠵᠠᠬᠢᠷᠭᠠᠨ ᠳᠤ ᠬᠣᠪᠢᠶᠠᠨ ᠡᠵᠡᠮᠰᠢᠬᠦ ᠪᠠᠶᠢᠳᠠᠯ ᠳᠤ ᠣᠷᠣᠭᠣᠯᠣᠭᠠᠳ ᠪᠠᠶᠢᠯ᠎ᠠ᠃ ᠶᠠᠪᠣᠭᠠᠨ ᠳᠤ ᠪᠠᠨ ᠮᠣᠩᠭᠣᠯ ᠤᠨ ᠹᠸᠣᠳᠠᠯ ᠤᠳ ᠲᠣᠰ ᠲᠣᠰ ᠲᠤ ᠪᠠᠨ ᠲᠣᠭ ᠪᠣᠰᠬᠠᠵᠣ ᠶᠡᠭᠡ ᠬᠠᠭᠠᠨ ᠤ ᠵᠠᠷᠯᠢᠭ ᠲᠣᠰᠢᠶᠠᠯ ᠢ ᠴᠤ ᠲᠠᠭᠠᠬᠣ ᠦᠭᠡᠢ ᠲᠣᠷ᠎ᠠ ᠪᠡᠷ ᠲᠣᠷᠭᠢᠬᠣ ᠪᠠᠶᠢᠳᠠᠯ ᠳᠤ ᠬᠦᠷᠦᠭᠰᠡᠨ ᠪᠠᠶᠢᠨ᠎ᠠ᠃ ᠪᠣᠶᠠᠨ ᠰᠡᠴᠡᠨ ᠬᠠᠭᠠᠨ ᠤ ᠡᠴᠢᠭᠡ ᠲᠦᠮᠡᠨ ᠵᠠᠰᠠᠭᠳᠣ ᠬᠠᠭᠠᠨ ᠲᠣᠳᠣᠭᠠᠳᠣ ᠶᠢᠨ ᠡᠪ ᠨᠢᠭᠡᠳᠥᠯ ᠢᠶᠡᠨ ᠪᠡᠬᠢᠵᠢᠬᠦᠯᠬᠦ ᠂ ᠣᠯᠣᠰ ᠲᠦᠷᠦ ᠠᠵᠣ ᠠᠬᠣᠢ ᠳ᠋ᠠᠭᠠᠨ ᠦᠭᠡᠷᠡᠴᠢᠯᠡᠯᠳᠡ ᠬᠢᠬᠦ ᠲᠠᠯ᠎ᠠ ᠪᠠᠷ ᠣᠯᠠᠨ ᠣᠨᠣᠪᠴᠢᠳᠠᠢ ᠰᠠᠨᠠᠭᠠᠴᠢᠯᠭ᠎ᠠ ᠭᠠᠷᠭᠠᠭᠰᠠᠨ ᠪᠣᠯᠪᠠᠴᠣ ᠶᠡᠭᠡ ᠭᠣᠪᠢ ᠶᠢᠨ ᠡᠮᠦᠨᠡᠭᠢ ᠮᠣᠩᠭᠣᠯᠴᠣᠳ ᠢᠶᠠᠨ ᠨᠢᠭᠡᠳᠭᠡᠵᠥ ᠴᠢᠳᠠᠭ᠎ᠠ ᠦᠭᠡᠢ ᠪᠠᠶᠢᠭᠰᠠᠨ ᠨᠢ ᠮᠦᠨ ᠡᠬᠦᠨ ᠡᠴᠡ ᠰᠢᠯᠳᠠᠭᠠᠯᠠᠭᠳᠠᠭᠰᠠᠨ ᠃

ᠪᠣᠶᠠᠨ ᠰᠡᠴᠡᠨ ᠬᠠᠭᠠᠨ ᠬᠠᠭᠠᠨᠳᠣ ᠮᠣᠩᠭᠣᠯ ᠤᠨ ᠶᠡᠭᠡ ᠬᠠᠭᠠᠨ ᠤ ᠨᠡᠷ᠎ᠡ ᠵᠢ ᠵᠡᠬᠦᠭᠰᠡᠨ ᠬᠦᠴᠦ ᠰᠣᠯᠠ ᠲᠠᠢ ᠨᠢᠭᠡᠨ ᠪᠠᠶᠢᠪᠠ᠃ ᠪᠣᠶᠠᠨ ᠰᠡᠴᠡᠨ ᠬᠠᠭᠠᠨ 1593-1603 ᠤᠨ ᠬᠦᠷᠳᠡᠯ᠎ᠡ 11 ᠵᠢᠯ ᠬᠠᠭᠠᠨ ᠣᠷᠣ ᠰᠠᠭᠣᠷᠢᠨ ᠳᠤ ᠰᠠᠭᠣᠭᠠᠳ 49 ᠨᠠᠰᠣᠳᠠᠢ ᠦᠭᠡᠳᠡ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠳᠠᠪᠤᠰᠤ
ᠳᠠᠪᠤᠰᠤ

ᠳᠠᠪᠤᠰᠤ ᠨᠢ ᠬᠣᠭᠣᠯᠠ ᠬᠦᠨᠡᠰᠦᠨ ᠦ ᠠᠮᠲᠠ ᠨᠡᠮᠡᠭᠳᠡᠭᠦᠯᠬᠦ ᠪᠤᠰᠤᠳ ᠪᠦᠬᠦ ᠠᠮᠲᠠᠯᠠᠭᠴᠢ ᠠᠴᠠ ᠬᠠᠪᠢ ᠦᠭᠡᠢ ᠶᠡᠬᠡ ᠬᠡᠮᠵᠢᠶ᠎ᠡ ᠲᠡᠢ ᠬᠡᠷᠡᠭᠯᠡᠭᠳᠡᠳᠡᠭ᠃ ᠠᠮᠲᠠᠯᠠᠭᠴᠢ ᠶᠢᠨ ᠳᠣᠲᠣᠷ᠎ᠠ ᠶᠡᠷᠦᠳᠡ ᠶᠢᠨ ᠬᠣᠭᠣᠯᠠᠨ ᠤ ᠳᠠᠪᠤᠰᠤ ᠣᠨᠴᠠᠭᠠᠢ ᠪᠠᠶᠢᠷᠢ ᠡᠵᠡᠯᠡᠨ᠎ᠡ᠃ ᠮᠥᠨ ᠵᠠᠷᠢᠮ ᠬᠦᠨᠡᠰᠦ ᠶᠢ ᠺᠣᠨᠰᠧᠷᠠᠸᠯᠠᠵᠤ ᠬᠠᠳᠠᠭᠠᠯᠠᠬᠤ ᠶᠢᠨ ᠲᠤᠯᠠᠳᠠ ᠶᠡᠬᠡ ᠬᠡᠮᠵᠢᠶᠡᠨ ᠦ ᠳᠠᠪᠤᠰᠤ ᠪᠠᠷ ᠳᠠᠪᠤᠰᠤᠯᠠᠳᠠᠭ᠃ ᠬᠦᠮᠦᠨ ᠫᠯᠠᠽᠮ ᠪᠠ ᠡᠰ ᠦᠨ ᠭᠠᠳᠠᠨᠠᠬᠢ ᠰᠢᠩᠭᠡᠨ ᠳᠦ ᠪᠡᠨ ᠨᠠᠲ᠋ᠷᠢ ᠶᠢᠨ ᠪᠣᠯᠤᠨ ᠾᠯᠣᠷ ᠤᠨ ᠢᠶᠤᠨ ᠤ ᠠᠮᠢᠨ ᠴᠢᠬᠤᠯᠠ ᠱᠠᠭᠠᠷᠳᠠᠯᠭ᠎ᠠ ᠲᠠᠢ ᠺᠣᠨᠼᠧᠨᠲᠷᠠᠼ ᠢ ᠪᠠᠷᠢᠵᠤ ᠪᠠᠶᠢᠬᠤ ᠶᠢᠨ ᠲᠤᠯᠠᠳᠠ ᠲᠡᠳᠡᠭᠡᠷ ᠢ ᠲᠣᠳᠣᠷᠬᠠᠢ ᠬᠡᠮᠵᠢᠶᠡᠨ ᠦ ᠬᠣᠭᠣᠯᠠᠨ ᠤ ᠳᠠᠪᠤᠰᠤ ᠬᠡᠯᠪᠡᠷᠢ ᠪᠡᠷ ᠭᠠᠳᠠᠨ᠎ᠠ ᠠᠴᠠ ᠠᠪᠴᠤ ᠪᠠᠶᠢᠳᠠᠭ᠃ ᠬᠦᠮᠦᠨ ᠬᠣᠨᠣᠭ ᠲᠤ 5 ᠭᠷᠠᠮ NaCl ᠍ ᠢ ᠭᠠᠳᠠᠨ᠎ᠠ ᠠᠴᠠ ᠠᠪᠬᠤ ᠱᠠᠭᠠᠷᠳᠠᠯᠭ᠎ᠠ ᠲᠠᠢ᠃ ᠡᠨᠡ ᠬᠡᠮᠵᠢᠶᠡᠨ ᠡᠴᠡ ᠢᠯᠡᠭᠦᠳᠡᠬᠦ ᠳᠤ ᠬᠦᠷᠪᠡᠯ ᠡᠷᠡᠭᠦᠯ ᠮᠡᠨᠳᠦ ᠳᠦ ᠬᠣᠣᠷᠠᠲᠠᠢ ᠨᠥᠯᠥᠭᠡ ᠦᠵᠡᠭᠦᠯᠵᠦ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠠᠷᠤᠬᠠᠩᠭᠠᠢ
ᠠᠷᠤᠬᠠᠩᠭᠠᠢ

ᠠᠷᠤᠬᠠᠩᠭᠠᠢ ᠨᠢ ᠪᠠᠷᠠᠭᠤᠨ ᠠᠴᠠ ᠪᠠᠨ ᠨᠠᠷᠠ ᠵᠥᠪ ᠲᠣᠭᠣᠷᠢᠭᠤᠯᠪᠠᠯ᠂ ᠵᠠᠪᠬᠠᠨ᠂ ᠬᠥᠪᠰᠥᠭᠥᠯ᠂ ᠪᠤᠯᠠᠭᠠᠨ᠂ ᠥᠪᠦᠷᠬᠠᠩᠭᠠᠢ᠂ ᠪᠠᠶᠠᠨᠬᠣᠩᠭᠣᠷ ᠠᠶᠢᠮᠠᠭ ᠲᠠᠢ ᠬᠢᠯᠢ ᠵᠠᠯᠭᠠᠳᠠᠭ᠃ ᠳᠡᠶᠢᠯᠦᠩᠬᠢ ᠳᠦ ᠪᠡᠨ ᠣᠶᠢᠲᠤ ᠬᠡᠭᠡᠷ᠎ᠡ᠂ ᠲᠠᠯ᠎ᠠ ᠬᠡᠭᠡᠷ᠎ᠡ ᠨᠤᠲᠤᠭ ᠲᠠᠢ᠂ ᠪᠠᠷᠠᠭᠤᠨ ᠤᠷᠢᠳᠤᠭᠤᠷ ᠨᠢ ᠬᠠᠩᠭᠠᠢ ᠶᠢᠨ ᠨᠢᠷᠤᠭᠤ᠂ ᠪᠠᠷᠠᠭᠤᠨ ᠬᠣᠶᠢᠭᠤᠷ ᠨᠢ ᠲᠡᠭᠦᠨ ᠦ ᠰᠠᠯᠪᠤᠷᠢ ᠪᠣᠯᠬᠤ ᠲᠠᠷᠪᠠᠭᠠᠲᠠᠢ ᠶᠢᠨ ᠨᠢᠷᠤᠭᠤ ᠣᠷᠣᠰᠢᠳᠠᠭ ᠪᠠ ᠵᠡᠭᠦᠨ ᠪᠣᠯᠤᠨ ᠲᠥᠪ ᠬᠡᠰᠡᠭ ᠢᠶᠡᠷ ᠲᠡᠳᠡᠭᠡᠷ ᠡᠴᠡ ᠡᠬᠢ ᠠᠪᠤᠭᠰᠠᠨ ᠣᠷᠬᠣᠨ᠂ ᠬᠠᠨᠤᠢ᠂ ᠲᠠᠮᠢᠷ᠂ ᠴᠢᠯᠠᠭᠤᠲᠤ ᠵᠡᠷᠭᠡ ᠲᠣᠮᠣᠬᠠᠨ ᠭᠣᠣᠯ ᠤᠳ ᠤᠷᠤᠰᠳᠠᠭ᠃ ᠡᠨᠡ ᠨᠤᠲᠤᠭ ᠨᠢ ᠵᠢᠭᠤᠯᠴᠢᠯᠠᠯ ᠤᠨ ᠨᠢᠭᠡᠨ ᠴᠢᠬᠤᠯᠠ ᠭᠠᠵᠠᠷ ᠪᠥᠭᠡᠳ ᠥᠭᠦᠢ᠂ ᠲᠡᠷᠬᠡᠢ ᠶᠢᠨ ᠴᠠᠭᠠᠨ ᠵᠡᠷᠭᠡ ᠨᠠᠭᠤᠷ ᠪᠣᠯᠤᠨ ᠬᠣᠷᠭᠣ᠂ ᠲᠠᠶᠢᠬᠠᠷ ᠴᠢᠯᠠᠭᠤ ᠵᠡᠷᠭᠡ ᠭᠠᠯᠳᠤ ᠠᠭᠤᠯᠠᠷᠬᠠᠭ ᠲᠣᠭᠲᠠᠴᠠ ᠪᠠᠷ ᠢᠶᠠᠨ ᠣᠯᠠᠨ ᠤ ᠠᠩᠬᠠᠷᠤᠯ ᠢ ᠲᠠᠲᠠᠳᠠᠭ᠃ ᠬᠠᠮᠤᠭ ᠤᠨ ᠥᠨᠳᠥᠷ ᠴᠡᠭ ᠨᠢ ᠬᠠᠩᠭᠠᠢ ᠶᠢᠨ ᠨᠢᠷᠤᠭᠤᠨ ᠤ ᠬᠠᠷᠠᠯᠠᠭᠲᠠᠢ ᠶᠢᠨ ᠰᠠᠷᠢᠳᠠᠭ (3539 ᠮᠸᠲ᠋ᠷ) ᠪᠠ ᠬᠠᠮᠤᠭ ᠤᠨ ᠨᠠᠮ ᠴᠡᠭ ᠨᠢ ᠣᠷᠬᠣᠨ-ᠲᠠᠮᠢᠷ ᠤᠨ ᠪᠡᠯᠴᠢᠷ (1290 ᠮᠸᠲ᠋ᠷ) ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠽᠠᠨᠳᠠᠨ ︱ 3 ᠶᠢᠨ ᠲᠠᠩ
ᠽᠠᠨᠳᠠᠨ ︱ 3 ᠶᠢᠨ ᠲᠠᠩ

ᠽᠠᠨᠳᠠᠨ ︱ 3 ᠶᠢᠨ ᠲᠠᠩ ᠄ ᠲᠤᠰ ᠨᠠᠢᠢᠷᠠᠯᠭ᠎ᠠ ᠪᠣᠯ ᠡᠬᠡᠬᠦᠨ ᠠᠮᠲᠠ᠂ ᠰᠡᠷᠢᠭᠦᠨ᠂ ᠮᠣᠬᠤᠳᠠᠭ ᠴᠢᠨᠠᠷ ᠲᠠᠢ ᠂ ᠵᠢᠷᠦᠬᠡᠨ  ᠤ ᠬᠢᠮᠤᠷᠠᠭᠰᠠᠨ ᠬᠠᠯᠠᠭᠤᠨ  ᠢ ᠠᠷᠢᠯᠭᠠᠬᠤ ᠂ ᠴᠠᠭᠠᠨ ᠽᠠᠨᠳᠠᠨ  ᠢᠶᠠᠷ ᠭᠣᠣᠯᠯᠠᠭᠴᠢ ᠡᠮ ᠪᠣᠯᠭᠠᠵᠤ ᠂ ᠵᠢᠷᠦᠬᠡᠨ ᠬᠠᠯᠠᠭᠤᠨ  ᠢ ᠠᠷᠢᠯᠭᠠᠵᠤ ᠂ ᠵᠢᠷᠦᠬᠡᠨ ᠲᠠᠮᠢᠷ  ᠢ ᠰᠠᠢᠢᠵᠢᠷᠠᠭᠤᠯᠬᠤ ᠵᠢᠷᠦᠬᠡᠨ ᠱᠤᠱᠠ ᠪᠤᠯᠤᠨ ᠲᠣᠰᠤᠯᠢᠭ᠂ ᠪᠦᠯᠢᠶᠡᠨ ᠴᠢᠨᠠᠷ ᠲᠠᠢ᠂ ᠵᠢᠷᠦᠬᠡᠨ ᠭᠡᠢ ᠵᠢ ᠳᠠᠷᠤᠬᠤ ᠵᠢᠷᠦᠬᠡᠨ  ᠤ ᠰᠠᠢᠢᠨ ᠡᠮ ᠽᠠᠳᠢ  ᠶᠢ ᠬᠠᠪᠰᠤᠷᠤᠬᠴᠢ ᠡᠮ ᠪᠣᠯᠭᠠᠨ ᠨᠠᠢᠢᠷᠠᠭᠤᠯᠤᠭᠰᠠᠨ ᠲᠤᠯᠠ ᠡᠬᠡᠭᠦᠨ ᠠᠮᠲᠠ᠂ ᠰᠡᠷᠢᠭᠦᠨ᠂ ᠮᠣᠬᠤᠳᠠᠭ ᠴᠢᠨᠠᠷ  ᠢᠶᠡᠷ  ᠢᠶᠡᠨ ᠬᠠᠯᠠᠭᠤᠨ  ᠢ ᠠᠷᠢᠯᠭᠠᠵᠤ᠂ ᠲᠣᠰᠤᠯᠢᠭ ᠪᠦᠯᠢᠶᠡᠨ ᠴᠢᠨᠠᠷ  ᠢᠶᠡᠷ  ᠢᠶᠡᠨ ᠲᠠᠮᠢᠷ  ᠢ ᠰᠠᠢᠢᠵᠢᠷᠠᠭᠤᠯᠵᠤ᠂ ᠵᠢᠷᠦᠬᠡᠨ ᠬᠠᠯᠠᠭᠤᠨ  ᠢ ᠠᠷᠢᠯᠭᠠᠬᠤ ᠂ ᠵᠢᠷᠦᠬᠡᠨ ᠲᠠᠮᠢᠷ  ᠢ ᠰᠠᠢᠢᠵᠢᠷᠠᠭᠤᠯᠬᠤ ᠴᠢᠳᠠᠯ ᠲᠠᠢ ᠨᠠᠢᠢᠷᠠᠯᠭ᠎ᠠ ᠪᠣᠯᠵᠤ ᠪᠦᠷᠢᠯᠳᠦᠵᠡᠢ ᠃ (ᠪᠦᠷᠢᠨ ᠠᠭᠤᠯᠭ᠎ᠠ ᠶᠢ ᠤᠩᠰᠢᠬᠤ)

ᠳᠡᠯᠡᠬᠡᠢ ᠶᠢᠨ ᠥᠪ
ᠳᠡᠯᠡᠬᠡᠢ ᠶᠢᠨ ᠥᠪ

ᠳᠡᠯᠡᠬᠡᠢ ᠶᠢᠨ ᠥᠪ ᠭᠡᠳᠡᠭ ᠨᠢ 1972 ᠤᠨ ᠤ United Nations Educational Scientific and Cultural Organization(UNESCO)(ᠨᠢᠭᠡᠳᠦᠭᠰᠡᠨ ᠦᠨᠳᠦᠰᠦᠲᠡᠨ ᠤ ᠪᠤᠯᠪᠠᠰᠤᠷᠠᠯ ᠰᠢᠨᠵᠢᠯᠡᠬᠦ ᠤᠬᠠᠭᠠᠨ ᠵᠢᠴᠢ ᠰᠤᠶᠤᠯ ᠤᠨ ᠪᠠᠶᠢᠭᠤᠯᠤᠯᠭ᠎ᠠ) ᠢᠶᠠᠷ ᠪᠠᠲᠤᠯᠠᠭᠳᠠᠭᠰᠠᠨ᠂ ᠳᠡᠯᠡᠬᠡᠢ ᠶᠢᠨ ᠰᠤᠶᠤᠯ ᠤᠨ ᠪᠣᠯᠤᠨ ᠪᠠᠶᠢᠭᠠᠯᠢ ᠶᠢᠨ ᠥᠪ ᠢ ᠬᠠᠮᠠᠭᠠᠯᠠᠬᠤ ᠲᠤᠩᠬᠠᠭᠯᠠᠯ" (ᠳᠡᠯᠡᠬᠡᠢ ᠶᠢᠨ ᠥᠪ ᠦᠨ ᠲᠤᠩᠬᠠᠭᠯᠠᠯ) ᠍ ᠳᠦ ᠦᠨᠳᠦᠰᠦᠯᠡᠨ ᠳᠡᠯᠡᠬᠡᠢ ᠶᠢᠨ ᠥᠪ ᠦᠨ ᠵᠢᠭᠰᠠᠭᠠᠯᠳᠠ ᠳᠤ ᠪᠦᠷᠢᠳᠬᠡᠭᠳᠡᠭᠰᠡᠨ ᠠᠷᠬᠧᠣᠯᠣᠭᠢ ᠶᠢᠨ ᠳᠤᠷᠠᠰᠬᠠᠯ᠂ ᠪᠠᠶᠢᠭᠠᠯᠢᠰᠤᠶᠤᠯ ᠤᠨ ᠳᠤᠷᠠᠰᠬᠠᠯ ᠵᠡᠷᠭᠡ ᠬᠦᠮᠦᠨ ᠲᠥᠷᠥᠯᠬᠢᠲᠡᠨ ᠤ ᠦᠶ᠎ᠡ ᠶᠢᠨ ᠦᠶ᠎ᠡ ᠳᠦ ᠪᠠᠨ ᠥᠪᠯᠡᠭᠦᠯᠦᠨ ᠦᠯᠡᠳᠡᠭᠡᠬᠦ ᠦᠨᠡᠲᠦ ᠵᠦᠢᠯᠡᠰ ᠢ ᠬᠡᠯᠡᠨ᠎ᠡ᠃ (ᠪᠦᠷᠢᠨ ᠠᠭᠤᠯᠭ᠎ᠠ ᠶᠢ ᠤᠩᠰᠢᠬᠤ)

ᠠᠶᠢᠮᠠᠭ ᠤᠨ_ᠨᠠᠭᠠᠳᠤᠮ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠮᠣᠩᠭᠣᠯᠴᠤᠳ ᠤᠨ ᠤᠯᠠᠮᠵᠢᠯᠠᠯᠲᠤ ᠦᠨᠳᠦᠰᠦᠨ ᠦ ᠶᠡᠬᠡ ᠪᠠᠶᠠᠷ ᠨᠠᠭᠠᠳᠤᠮ ᠤᠨ ᠠᠳᠠᠯᠢ ᠠᠶᠢᠮᠠᠭ ᠤᠨ ᠴᠣᠯᠠ ᠣᠯᠭᠤᠳᠠᠭ ᠠᠶᠢᠮᠠᠭ ᠤᠨ ᠪᠠᠶᠠᠷ ᠨᠠᠭᠠᠳᠤᠮ ᠨᠢ ᠡᠷᠲᠡᠨ ᠦ ᠤᠯᠠᠮᠵᠢᠯᠠᠯᠲᠤ ᠨᠠᠭᠠᠳᠤᠮ ᠶᠤᠮ᠃ ᠮᠣᠩᠭᠣᠯ ᠤᠯᠤᠰ ᠤᠨ 21 ᠠᠶᠢᠮᠠᠭ ᠵᠢᠯ ᠪᠦᠷᠢ ᠠᠶᠢᠮᠠᠭ ᠤᠨ ᠪᠠᠶᠠᠷ ᠨᠠᠭᠠᠳᠤᠮ ᠢ ᠵᠣᠬᠢᠶᠠᠨ ᠪᠠᠶᠢᠭᠤᠯᠵᠤ ᠠᠶᠢᠮᠠᠭ ᠤᠨ ᠠᠷᠰᠯᠠᠨ ᠂ ᠵᠠᠭᠠᠨ ᠂ ᠬᠠᠷᠴᠠᠭ᠎ᠠ ᠂ ᠨᠠᠴᠢᠨ ᠴᠣᠯᠠ ᠶᠢ ᠣᠯᠭᠤᠵᠤ ᠪᠠᠶᠢᠨ᠎ᠠ᠃ 1921 ᠤᠨ ᠤ ᠠᠷᠠᠳ ᠤᠨ ᠬᠤᠪᠢᠰᠬᠠᠯ ᠠᠴᠠ ᠡᠬᠢᠯᠡᠨ ᠵᠠᠷᠢᠮ ᠠᠶᠢᠮᠠᠭ ᠪᠠᠶᠠᠷ ᠨᠠᠭᠠᠳᠤᠮ ᠢ ᠵᠣᠬᠢᠶᠠᠨ ᠪᠠᠶᠢᠭᠤᠯᠵᠤ ᠪᠠᠶᠢᠭᠠᠳ 1932 ᠤᠨ ᠠᠴᠠ ᠡᠬᠢᠯᠡᠨ ᠶᠡᠬᠡᠩᠬᠢ ᠠᠶᠢᠮᠠᠭ ᠪᠠᠶᠠᠷ ᠨᠠᠭᠠᠳᠤᠮ ᠢᠶᠠᠨ ᠵᠣᠬᠢᠶᠠᠵᠤ ᠢᠷᠡᠵᠡᠢ᠃ ᠣᠳᠣ ᠮᠣᠩᠭᠣᠯ ᠤᠯᠤᠰ ᠤᠨ ᠵᠠᠰᠠᠭ ᠵᠠᠬᠢᠷᠭᠠᠨ ᠤ 21 ᠠᠶᠢᠮᠠᠭ ᠪᠠᠶᠠᠷ ᠨᠠᠭᠠᠳᠤᠮ ᠢᠶᠠᠨ ᠵᠣᠬᠢᠶᠠᠨ ᠪᠠᠶᠢᠭᠤᠯᠵᠤ ᠪᠠᠶᠢᠨ᠎ᠠ᠃ ᠠᠶᠢᠮᠠᠭ ᠤᠨ ᠪᠠᠶᠠᠷ ᠨᠠᠭᠠᠳᠤᠮ ᠳᠤ 1921ᠤᠨ ᠠᠴᠠ 2000 ᠤᠨ ᠬᠦᠷᠲᠡᠯ᠎ᠡ 64-128 ᠪᠥᠬᠡ᠂ 2000 ᠤᠨ ᠠᠴᠠ ᠬᠣᠶᠢᠰᠢ 128-256 ᠪᠥᠬᠡ ᠂ ᠵᠠᠷᠢᠮ ᠳᠤ ᠪᠠᠨ 512 ᠪᠥᠬᠡ ᠪᠠᠷᠢᠯᠳᠤᠬᠤ ᠲᠣᠬᠢᠶᠠᠯᠳᠤᠯ ᠪᠠᠶᠢᠭᠰᠠᠨ ᠪᠠᠶᠢᠨ᠎ᠠ᠃ ᠠᠶᠢᠮᠠᠭ ᠤᠨ ᠪᠠᠶᠠᠷ ᠨᠠᠭᠠᠳᠤᠮ ᠳᠤ ᠲᠦᠷᠦᠭᠦᠯᠡᠭᠰᠡᠨ ᠪᠥᠬᠦᠳᠡ ᠠᠶᠢᠮᠠᠭ ᠤᠨ ᠠᠷᠰᠯᠠᠨ᠂ ᠦᠵᠦᠭᠦᠷᠯᠡᠭᠰᠡᠨ ᠪᠥᠬᠦᠳᠡ ᠠᠶᠢᠮᠠᠭ ᠤᠨ ᠵᠠᠭᠠᠨ᠂ ᠵᠢᠷᠭᠤᠭ᠎ᠠ ᠳᠠᠪᠠᠵᠤ ᠰᠢᠪᠦᠭᠡᠷᠡᠭᠰᠡᠨ ᠪᠥᠬᠦᠳᠡ ᠠᠶᠢᠮᠠᠭ ᠤᠨ ᠬᠠᠷᠴᠠᠭ᠎ᠠ᠂ ᠲᠠᠪᠤ ᠳᠠᠪᠠᠵᠤ ᠰᠢᠪᠦᠭᠡᠷᠡᠭᠰᠡᠨ ᠪᠥᠬᠦᠳᠡ ᠠᠶᠢᠮᠠᠭ ᠤᠨ ᠨᠠᠴᠢᠨ ᠴᠣᠯᠠ ᠶᠢ ᠲᠤᠰ ᠲᠤᠰ ᠣᠯᠭᠤᠵᠤ ᠪᠠᠶᠢᠨ᠎ᠠ᠃ ᠠᠶᠢᠮᠠᠭ ᠤᠨ ᠬᠠᠷᠴᠠᠭ᠎ᠠ ᠴᠣᠯᠠ ᠶᠢ 2008 ᠤᠨ ᠠᠴᠠ ᠡᠬᠢᠯᠡᠵᠦ ᠣᠯᠭᠤᠵᠤ ᠡᠬᠢᠯᠡᠭᠰᠡᠨ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 06 18 1

Uhaan:ᠣᠨᠴᠠᠯᠠᠬᠤ ᠥᠭᠦᠯᠡᠯ/2017 06 17 1

ᠺᠠᠲ᠋ᠠᠷ
ᠺᠠᠲ᠋ᠠᠷ

ᠺᠠᠲ᠋ᠠᠷ ᠤᠯᠤᠰ (ᠠᠷᠠᠪ ᠶᠢᠡᠷ دولة قطر‎‎) — ᠪᠠᠷᠠᠭᠤᠨ ᠡᠮᠦᠨᠡᠲᠦ ᠠᠽᠢᠶ᠎ᠠᠠᠷᠠᠪ ᠤᠨ ᠬᠣᠶᠢᠭ ᠤᠨ ᠵᠡᠭᠦᠨ ᠳᠡᠭᠡᠳᠦ ᠡᠷᠭᠢ ᠶᠢᠨ ᠺᠠᠲ᠋ᠠᠷ ᠬᠣᠶᠢᠭ ᠲᠤ ᠪᠠᠶᠢᠷᠢᠯᠠᠬᠤ ᠤᠯᠤᠰ᠃ ᠤᠷᠢᠳᠤ ᠲᠠᠯ᠎ᠠ ᠪᠠᠷ ᠢᠶᠠᠨ ᠰᠤᠤᠳᠢ ᠠᠷᠠᠪ ᠤᠯᠤᠰ ᠲᠠᠢ ᠬᠢᠯᠢ ᠵᠠᠯᠭᠠᠳᠠᠭ ᠪᠣᠯ ᠪᠤᠰᠤᠳ ᠲᠠᠯ᠎ᠠ ᠪᠠᠷ ᠢᠶᠠᠨ ᠫᠧᠷᠰ ᠦᠨ ᠪᠤᠯᠤᠩ ᠪᠠᠷ ᠬᠦᠷᠢᠶᠡᠯᠡᠭᠳᠡᠨ᠎ᠡ᠃ ᠡ᠍ᠨᠡᠳᠬᠡᠭ ᠦᠨ ᠳᠠᠯᠠᠢ ᠳᠤ ᠭᠠᠷᠴᠠ ᠲᠠᠢ ᠲᠤᠰ ᠤᠯᠤᠰ ᠤᠨ ᠲᠡᠦᠬᠡ ᠣᠳᠣ ᠠᠴᠠ ᠳᠥᠷᠪᠡ ᠡᠴᠡ ᠲᠠᠪᠤᠨ ᠮᠢᠩᠭᠠᠨ ᠵᠢᠯ ᠦᠨ ᠲᠡᠷᠲᠡᠭᠡ ᠡᠴᠡ ᠡᠬᠢᠯᠡᠬᠦ ᠪᠥᠭᠡᠳ ᠠᠷᠬᠧᠣᠯᠣᠭᠢ ᠶᠢᠨ ᠮᠠᠯᠲᠠᠯᠲᠠ ᠪᠠᠷ ᠡᠷᠲᠡᠨ ᠦ ᠰᠤᠶᠤᠯ ᠢᠷᠭᠡᠨᠰᠢᠯ ᠦᠨ ᠡᠳ᠋ ᠵᠦᠢᠯᠡᠰ ᠶᠡᠬᠡ ᠪᠡᠷ ᠣᠯᠳᠠᠳᠠᠭ ᠪᠠᠶᠢᠨ᠎ᠠ᠃ ᠲᠤᠰ ᠣᠷᠣᠨ ᠴᠢᠯᠠᠭᠣᠨ ᠲᠣᠰᠣ ᠪᠣᠯᠤᠨ ᠰᠢᠲᠠᠬᠤᠨ ᠢᠶᠠᠷ ᠪᠠᠶᠠᠨ ᠦᠨᠳᠦᠰᠦᠲᠡᠨ ᠪᠥᠭᠡᠳ ᠡᠳ᠋ ᠍ ᠦᠨ ᠵᠠᠰᠠᠭ ᠤᠨ ᠭᠣᠣᠯ ᠬᠥᠰᠢᠭᠦᠷᠭᠡ ᠨᠢ ᠶᠠᠭᠤᠮ᠎ᠠ᠃ ᠡᠺᠰᠫᠣᠷᠲ ᠤᠨ 85 ᠬᠤᠪᠢ ᠶᠢ ᠡᠵᠡᠯᠡᠬᠦ ᠭᠠᠵᠠᠷ ᠤᠨ ᠲᠣᠰᠤᠨ ᠤ ᠣᠷᠣᠯᠭ᠎ᠠ ᠪᠠᠷ ᠢᠶᠠᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠦ 50 ᠭᠠᠷᠤᠢ ᠬᠤᠪᠢ ᠪᠣᠯᠤᠨ ᠵᠠᠰᠠᠭ ᠤᠨ ᠭᠠᠵᠠᠷ ᠤᠨ ᠣᠷᠣᠯᠭ᠎ᠠ ᠶᠢᠨ 70 ᠬᠤᠪᠢ ᠶᠢ ᠳᠠᠩ ᠢᠶᠠᠷ ᠢᠶᠠᠨ ᠣᠯᠳᠠᠭ ᠪᠠᠶᠢᠨ᠎ᠠ᠃ ᠺᠠᠲ᠋ᠠᠷ ᠴᠢᠯᠠᠭᠣᠨ ᠲᠣᠰᠣ ᠣᠯᠪᠤᠷᠢᠯᠠᠬᠤ ᠠᠴᠠ ᠡᠮᠦᠨ᠎ᠡ ᠰᠤᠪᠤᠳ ᠢ ᠶᠡᠬᠡ ᠬᠡᠮᠵᠢᠶ᠎ᠡ ᠪᠡᠷ ᠣᠯᠪᠤᠷᠢᠯᠠᠳᠠᠭ ᠪᠥᠰᠡ ᠨᠤᠲᠤᠭ᠂ ᠪᠣᠭᠣᠮᠲᠠ ᠪᠠᠶᠢᠭᠰᠠᠨ ᠪᠥᠭᠡᠳ ᠣᠳᠣ ᠴᠤ ᠭᠡᠰᠡᠨ ᠰᠤᠪᠤᠳ ᠢ ᠲᠡᠭᠦᠵᠦ ᠣᠯᠪᠤᠷᠢᠯᠠᠵᠤ ᠠᠷᠠᠯᠵᠢᠳᠠᠭ᠃ (ᠪᠦᠷᠢᠨ ᠠᠭᠤᠯᠭ᠎ᠠ ᠶᠢ ᠤᠩᠰᠢᠬᠤ)

ᠭᠣᠪᠢ-ᠠᠯᠲᠠᠢ
ᠭᠣᠪᠢ-ᠠᠯᠲᠠᠢ

ᠭᠣᠪᠢ ᠠᠯᠲᠠᠢ ᠠᠢᠢᠮᠠᠭ ᠨᠢ ᠮᠣᠩᠭᠣᠯ ᠤᠯᠤᠰ ᠤᠨ ᠪᠠᠷᠠᠭᠤᠨ ᠡᠮᠦᠨᠡᠲᠦ ᠬᠡᠰᠡᠭ ᠲᠦ ᠤᠷᠤᠰᠢᠬᠤ ᠠᠶᠢᠮᠠᠭ ᠶᠤᠮ᠃ ᠠᠶᠢᠮᠠᠭ ᠤᠨ ᠲᠥᠪ ᠨᠢ ᠠᠯᠲᠠᠢ ᠬᠤᠲᠠ ᠪᠤᠯᠤᠨ᠎ ᠠ᠃ ᠭᠣᠪᠢ ᠠᠯᠲᠠᠢ ᠠᠶᠢᠮᠠᠭ ᠨᠢ ᠮᠣᠩᠭᠣᠯ ᠤᠯᠤᠰ ᠤᠨ ᠪᠠᠷᠠᠭᠤᠨ ᠡᠮᠦᠨᠡᠲᠦ ᠬᠡᠰᠡᠭ ᠲᠦ ᠤᠷᠤᠰᠢᠬᠤ ᠪᠥᠭᠡᠳ ᠲᠤᠰ ᠨᠤᠲᠤᠭ ᠤᠨ ᠳᠤᠮᠳᠠᠭᠤᠷ ᠨᠢ ᠮᠣᠩᠭᠣᠯ ᠤᠨ ᠠᠯᠲᠠᠢ ᠶᠢᠨ ᠨᠢᠷᠤᠭᠤ ᠨᠢ ᠪᠠᠷᠠᠭᠤᠨ ᠬᠣᠶᠢᠨ᠎ᠠ ᠠᠴᠠ ᠵᠡᠭᠦᠨ ᠤᠷᠤᠭᠰᠢ ᠪᠠᠨ ᠴᠢᠭᠯᠡᠯ ᠲᠡᠢ ᠪᠡᠷ ᠦᠷᠭᠦᠯᠵᠢᠯᠡᠨ ᠤᠷᠤᠰᠢᠨ᠎ ᠠ᠃ ᠰᠤᠲᠠᠢ᠂ ᠪᠤᠷᠬᠠᠨ ᠪᠤᠭᠤᠳᠠᠢ᠂ ᠠᠯᠠᠭᠬᠠᠶᠢᠷᠬᠠᠨ᠂ ᠠᠵᠠᠪᠤᠭᠳᠠ᠂ ᠭᠢᠴᠢᠭᠢᠨ᠎ᠡ ᠵᠡᠷᠭᠡ ᠥᠨᠳᠥᠷ ᠠᠭᠤᠯᠠ ᠨᠤᠭᠤᠳ ᠣᠷᠣᠰᠢᠨ᠎ᠠ᠃ ᠮᠥᠨ ᠰᠢᠷᠭ᠎ᠠ᠂ ᠪᠢᠭᠦᠷ᠂ ᠬᠦᠢᠰᠦ ᠵᠡᠷᠭᠡ ᠲᠣᠮᠣᠬᠠᠨ ᠬᠣᠲᠣᠭᠣᠷ ᠤᠳ ᠲᠤᠨᠢ ᠺᠠᠶᠢᠨᠣᠽ  ᠦᠨ ᠬᠤᠷᠠᠳᠠᠰᠤ ᠲᠠᠷᠬᠠᠭᠰᠠᠨ ᠪᠥᠭᠡᠳ ᠠᠭᠤᠯᠠᠷᠬᠠᠭ ᠨᠢ ᠮᠦᠰᠦᠯᠦᠯᠲᠡ ᠪᠠ ᠮᠦᠰᠦᠯᠦᠯᠲᠡ ᠤᠨ ᠡᠮᠦᠨᠡᠬᠢ ᠰᠠᠭᠤᠷᠢ ᠴᠢᠯᠠᠭᠤᠯᠢᠭ ᠲᠠᠢ ᠶᠤᠮ᠃ ᠴᠢᠯᠠᠭᠤᠨ ᠨᠡᠭᠦᠷᠡᠰᠦ (ᠵᠡᠭᠡᠭᠲᠦ)᠂ ᠦᠨᠡᠲᠦ ᠴᠢᠯᠠᠭᠤ (ᠠᠯᠲᠠᠨ ᠬᠤᠳᠳᠤᠭ)᠂ ᠪᠠᠷᠢᠯᠭ᠎ᠠ ᠶᠢᠨ ᠮᠠᠲ᠋ᠧᠷᠢᠶᠠᠯ ᠵᠡᠷᠭᠡ ᠠᠰᠢᠭᠲᠤ ᠮᠠᠯᠲᠠᠮᠠᠯ ᠪᠤᠢ᠃ (ᠪᠦᠷᠢᠨ ᠠᠭᠤᠯᠭ᠎ᠠ ᠶᠢ ᠤᠩᠰᠢᠬᠤ)

ᠢᠷᠭᠤᠢ
ᠢᠷᠭᠤᠢ

ᠢᠷᠭᠤᠢ (Pulsatilla)  ᠨᠢ ᠬᠣᠯᠲᠤᠰᠤᠨ ᠴᠡᠴᠡᠭ ᠦᠨ ᠬᠢᠨ ᠣᠪᠤᠭ ᠲᠤ ᠪᠠᠭᠲᠠᠳᠠᠭ ᠪᠥᠭᠡᠳ ᠬᠠᠪᠤᠷ ᠡᠷᠲᠡ ᠴᠡᠴᠡᠭᠯᠡᠳᠡᠭ ᠣᠯᠠᠨ ᠨᠠᠰᠤᠲᠤ ᠤᠷᠭᠤᠮᠠᠯ ᠶᠤᠮ᠃ ᠬᠠᠪᠤᠷ ᠤᠨ ᠬᠠᠪᠰᠠᠷᠭ᠎ᠠ ᠰᠠᠯᠬᠢᠨ ᠳᠤ ᠭᠠᠩᠬᠤᠵᠤ ᠨᠠᠶᠢᠭᠤᠳᠠᠭ᠃ ᠴᠡᠴᠡᠭᠡᠰ ᠨᠢ ᠭᠣᠣᠯ ᠲᠥᠯᠥᠪ ᠰᠢᠷ ᠠ ᠭᠣᠣᠯ ᠲᠠᠢ᠂ ᠬᠥᠬᠡ ᠶᠠᠭᠠᠨ ᠥᠩᠭᠡ ᠶᠢᠨ ᠬᠣᠩᠬᠣᠨ ᠴᠡᠴᠡᠭ ᠪᠠᠶᠢᠳᠠᠭ᠃ ᠠᠷᠠᠳ ᠤᠨ ᠡᠮᠴᠢᠯᠡᠭᠡᠨ ᠳᠦ ᠤᠭ ᠤᠷᠭᠤᠮᠠᠯ ᠤᠨ ᠭᠠᠵᠠᠷ ᠳᠡᠭᠡᠷᠡᠬᠢ ᠬᠡᠰᠡᠭ᠂ ᠴᠡᠴᠡᠭ ᠢ ᠬᠠᠲᠠᠭᠠᠵᠤ ᠬᠡᠷᠡᠭᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠵᠥᠭᠡᠢ ᠶᠢᠨ ᠪᠠᠯ
ᠵᠥᠭᠡᠢ ᠶᠢᠨ ᠪᠠᠯ

ᠵᠥᠭᠡᠢ ᠶᠢᠨ ᠪᠠᠯ ᠨᠢ ᠵᠥᠭᠡᠢ ᠴᠡᠴᠡᠭ ᠦᠨ ᠪᠠᠯ ᠢ ᠴᠤᠭᠯᠠᠭᠤᠯᠤᠨ᠂ ᠡᠭᠦᠷ ᠲᠦ ᠪᠡᠨ ᠬᠠᠳᠠᠭᠠᠯᠠᠨ ᠪᠤᠢ ᠪᠣᠯᠭᠠᠳᠠᠭ ᠰᠢᠬᠢᠷᠯᠢᠭ᠌ ᠬᠦᠨᠡᠰᠦᠨ ᠦ ᠵᠦᠢᠯ ᠶᠤᠮ᠃ ᠵᠥᠭᠡᠢ ᠨᠢ ᠴᠡᠴᠡᠭ ᠡᠴᠡ ᠴᠤᠭᠯᠠᠭᠤᠯᠤᠭᠰᠠᠨ ᠪᠠᠯ ᠢ ᠪᠡᠶ ᠡ ᠳᠦ ᠪᠠᠨ ᠰᠢᠯᠵᠢᠭᠦᠯᠦᠨ ᠢᠰᠭᠡᠬᠦᠷ ᠶᠢᠡᠷ ᠵᠠᠳᠠᠯᠤᠨ ᠡᠭᠦᠷ ᠳᠦ ᠪᠡᠨ ᠬᠠᠳᠠᠭᠠᠯᠠᠳᠠᠭ᠃ ᠵᠥᠭᠡᠢ ᠶᠢᠨ ᠡᠭᠦᠷ ᠨᠢ 35℃ ᠲᠣᠯᠠᠭᠠᠨ ᠤ ᠬᠡᠮᠵᠢᠶ᠎ᠡ ᠲᠠᠢ ᠪᠠᠶᠢᠳᠠᠭ ᠪᠥᠭᠡᠳ ᠠᠵᠢᠯᠴᠢᠨ ᠵᠥᠭᠡᠢ ᠨᠦ᠋ᠭᠦᠳ ᠡᠭᠦᠷ ᠦᠨ ᠳᠣᠲᠣᠷᠠᠬᠢ ᠠᠭᠠᠷ ᠢ ᠦᠷᠭᠦᠯᠵᠢ ᠰᠤᠯᠢᠵᠤ ᠴᠡᠪᠡᠷᠰᠢᠭᠦᠯᠵᠦ ᠪᠠᠶᠢᠳᠠᠭ ᠲᠤᠯᠠ ᠤᠰᠤ ᠨᠢ ᠠᠭᠤᠷᠰᠢᠵᠤ᠂ ᠰᠢᠬᠢᠷᠯᠢᠭ᠌ ᠦᠨ ᠬᠡᠮᠵᠢᠶ᠎ᠡ ᠨᠢ 80% ᠍ ᠳᠦ ᠬᠦᠷᠦᠨ᠎ᠡ᠃ ᠨᠠᠶᠢᠷᠠᠯᠭ᠎ᠠ ᠳᠤ ᠨᠢ ᠦᠵᠦᠮ ᠤᠨ ᠰᠢᠬᠢᠷᠵᠢᠮᠢᠰ ᠤᠨ ᠰᠢᠬᠢᠷ ᠠᠴᠠ ᠭᠠᠳᠠᠨ᠎ᠠ ᠶᠠᠩᠵᠤ ᠪᠦᠷᠢ ᠶᠢᠨ ᠸᠢᠲ᠋ᠠᠮᠢᠨᠡᠷᠦᠳᠡᠰᠦᠠᠮᠢᠨᠤ᠋ ᠬᠦᠴᠢᠯ ᠦᠳ ᠠᠭᠤᠯᠤᠭᠳᠠᠳᠠᠭ᠃ ᠨᠢᠭᠡ ᠺᠢᠯᠣᠭ᠍ᠷᠠᠮ ᠵᠦᠭᠡᠢ ᠶᠢᠨ ᠪᠠᠯ ᠤᠨ ᠡᠨᠸᠷᠭᠢ ᠨᠢ 2940 ᠺᠠᠯᠤᠷᠢ ᠬᠦᠷᠳᠡᠭ᠃ (ᠪᠦᠷᠢᠨ ᠠᠭᠤᠯᠭ᠎ᠠ ᠶᠢ ᠤᠩᠰᠢᠬᠤ)

ᠬᠠᠰᠠᠭ ᠬᠡᠯᠡ
ᠬᠠᠰᠠᠭ ᠬᠡᠯᠡ

ᠬᠠᠰᠠᠭ ᠬᠡᠯᠡ(ᠵᠠᠷᠢᠮ ᠲᠣᠬᠢᠶᠠᠯᠳᠤᠯ ᠳᠤ "ᠬᠠᠰᠠᠺ" ᠭᠡᠵᠦ ᠪᠢᠴᠢᠭᠳᠡᠳᠡᠭ) ᠨᠢ — ᠬᠠᠰᠠᠭ ᠤᠳ ᠤᠨ ᠡᠬᠡ ᠬᠡᠯᠡ᠂ ᠮᠥᠨ ᠴᠤ ᠬᠠᠰᠠᠭᠰᠲ᠋ᠠᠨᠢ ᠠᠯᠪᠠᠨ ᠶᠣᠰᠣᠨ ᠤ ᠤᠯᠤᠰ ᠤᠨ ᠬᠡᠯᠡ᠃ ᠬᠡᠯᠡ ᠰᠢᠨᠵᠢᠯᠡᠯ ᠦᠨ ᠠᠩᠬᠢᠯᠠᠯ ᠢᠶᠠᠷ ᠲᠦᠷᠦᠭ ᠪᠦᠯᠦᠭ ᠦᠨ ᠺ ᠤᠫᠴᠠᠺ ᠳᠡᠳ᠋ ᠪᠦᠯᠦᠭ ᠲᠦ ᠬᠠᠷᠢᠶᠠᠯᠠᠭᠳᠠᠳᠠᠭ᠃ ᠲᠦᠷᠦᠭ ᠬᠡᠯᠡᠨ ᠨᠦᠭᠦᠳ ᠡᠴᠡ ᠨᠣᠭᠠᠢᠬᠠᠷᠬᠣᠯᠫᠠᠺ ᠵᠡᠷᠭᠡ ᠬᠡᠯᠡ ᠲᠡᠢ ᠢᠯᠡᠭᠦᠦ ᠣᠶᠢᠷ᠎ᠠ ᠲᠥᠷᠥᠯ ᠭᠡᠳᠡᠭ᠃ ᠬᠠᠰᠠᠭ ᠬᠡᠯᠡᠲᠡᠨ ᠡᠳᠦᠭᠡ ᠬᠠᠷ᠎ᠠ ᠲᠡᠩᠭᠢᠰ ᠡᠴᠡ ᠠᠯᠲᠠᠢ ᠬᠦᠷᠲᠡᠯ᠎ᠡ ᠨᠤᠲᠤᠭ ᠲᠤ ᠲᠠᠷᠬᠠᠵᠠᠢ᠃ ᠬᠠᠰᠠᠭᠰᠲ᠋ᠠᠨ ᠤ 2009 ᠤᠨ ᠤ ᠬᠦᠮᠦᠨ ᠠᠮᠠ ᠶᠢᠨ ᠲᠣᠭᠠᠯᠠᠯᠭ᠎ᠠ ᠪᠠᠷ ᠬᠠᠰᠠᠭ ᠤᠳ ᠤᠨ 9,982,276 ᠨᠢ ᠲᠥᠷᠥᠯᠬᠢ ᠬᠡᠯᠡ ᠪᠡᠨ ᠬᠠᠰᠠᠭ ᠭᠡᠵᠦ ᠮᠡᠳᠡᠭᠦᠯᠵᠡᠢ᠃ ᠬᠠᠰᠠᠭᠰᠲ᠋ᠠᠨ ᠠᠴᠠ ᠭᠠᠳᠠᠨ᠎ᠠ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ (ᠲᠡᠭᠦᠨ ᠳᠣᠲᠣᠷ᠎ᠠ ᠪᠠᠨ ᠰᠢᠨᠵᠢᠶᠠᠩ  ᠤᠨ ᠤᠶᠢᠭᠤᠷ ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ) ᠍ ᠳᠦ ᠰᠠᠶ᠎ᠠ ᠠᠴᠠ ᠢᠯᠡᠭᠦᠦ᠂ ᠦᠽᠪᠧᠺᠢᠰᠲᠠᠨᠣᠷᠣᠰᠮᠣᠩᠭᠣᠯ ᠤᠯᠤᠰ ᠲᠤᠰ ᠪᠦᠷᠢ ᠳᠦ ᠪᠤᠮ ᠠᠴᠠ ᠢᠯᠡᠭᠦᠦ ᠬᠠᠰᠠᠭ ᠤᠭᠰᠠᠭᠠᠲᠠᠨ ᠬᠠᠰᠠᠭ ᠬᠡᠯᠡ ᠪᠡᠷ ᠢᠶᠡᠨ ᠬᠡᠯᠡᠯᠴᠡᠳᠡᠭ᠃ ᠮᠣᠩᠭᠣᠯ ᠤᠯᠤᠰ ᠤᠨ ᠬᠦᠮᠦᠨ ᠠᠮᠠ ᠶᠢᠨ 2010 ᠤᠨ ᠤ ᠲᠣᠭᠠᠯᠠᠯᠭ᠎ᠠ ᠪᠠᠷ 101,526 ᠬᠠᠰᠠᠭ ᠬᠦᠮᠦᠨ ᠪᠦᠷᠢᠳᠬᠡᠭᠳᠡᠭᠰᠡᠨ ᠦ ᠦᠨᠡᠮᠯᠡᠬᠦᠢ ᠣᠯᠠᠩᠬᠢ ᠨᠢ ᠬᠠᠰᠠᠭ ᠬᠡᠯᠡ ᠪᠡᠨ ᠮᠡᠳᠡᠳᠡᠭ ᠪᠥᠭᠡᠳ ᠳᠡᠶᠢᠯᠦᠩᠬᠢ ᠨᠢ ᠪᠠᠶᠠᠨ-ᠥᠯᠥᠭᠡᠢ ᠠᠶᠢᠮᠠᠭ ᠲᠤ ᠣᠷᠣᠰᠢᠨ ᠰᠠᠭᠤᠳᠠᠭ᠃ (ᠪᠦᠷᠢᠨ ᠠᠭᠤᠯᠭ᠎ᠠ ᠶᠢ ᠤᠩᠰᠢᠬᠤ)

ᠪᠣᠶᠠᠨ ᠰᠡᠴᠡᠨ ᠬᠠᠭᠠᠨ
Buyantsetsen khan.jpg

ᠪᠣᠶᠠᠨ ᠰᠡᠴᠡᠨ ᠬᠠᠭᠠᠨ ᠲᠦᠮᠡᠨ ᠵᠠᠰᠠᠭᠲᠤ ᠬᠠᠭᠠᠨ  ᠤ ᠶᠡᠬᠡ ᠬᠥᠪᠡᠭᠦᠨ᠃ 1555 ᠤᠨ ᠤ ᠬᠥᠬᠡᠭᠴᠢᠨ ᠲᠠᠤᠯᠠᠢ ᠵᠢᠯ ᠳᠣᠣᠷ᠎ᠠ ᠲᠥᠷᠦᠵᠡᠢ᠃ ᠲᠡᠷᠡ 1593 ᠤᠨ ᠤ ᠬᠠᠷᠠᠭᠴᠢᠨ ᠮᠣᠭᠠᠢ ᠵᠢᠯ ᠬᠠᠭᠠᠨ ᠰᠢᠷᠡᠭᠡᠨ ᠳᠦ ᠰᠠᠭᠤᠵᠤ 1603 ᠤᠨ ᠤ ᠬᠠᠷᠠᠭᠴᠢᠨ ᠲᠠᠤᠯᠠᠢ ᠵᠢᠯ ᠳᠣᠣᠷ᠎ᠠ ᠨᠠᠰᠤᠨ ᠥᠭᠡᠳᠡ ᠪᠣᠯᠵᠠᠢ᠃

ᠪᠣᠶᠠᠨ ᠰᠡᠴᠡᠨ ᠬᠠᠭᠠᠨ ᠤ ᠦᠶ᠎ᠡ ᠳᠦ ᠮᠣᠩᠭᠣᠯ ᠤᠨ ᠬᠠᠭᠠᠳ ᠤᠨ ᠡᠷᠭᠡ ᠰᠦᠷ ᠠᠰᠣᠷᠣ ᠶᠡᠭᠡ ᠰᠣᠯᠠᠷᠠᠨ ᠲᠣᠷᠣᠶᠢᠳᠠᠭᠰᠠᠨ ᠪᠠᠶᠢᠨ᠎ᠠ᠃ ᠮᠣᠩᠭᠣᠯ ᠤᠨ ᠵᠢᠵᠢᠭ ᠨᠣᠶᠠᠳ ᠂ ᠹᠸᠣᠳᠠᠯ ᠤᠳ ᠣᠯᠣᠰ ᠣᠷᠣᠨ ᠢᠶᠠᠨ ᠭᠡᠰᠡᠭᠯᠡᠨ ᠪᠣᠳᠠᠷᠠᠭᠠᠵᠣ ᠂ ᠦᠪᠡᠷ ᠦᠪᠡᠷ ᠦᠨ ᠵᠠᠬᠢᠷᠭᠠᠨ ᠳᠤ ᠬᠣᠪᠢᠶᠠᠨ ᠡᠵᠡᠮᠰᠢᠬᠦ ᠪᠠᠶᠢᠳᠠᠯ ᠳᠤ ᠣᠷᠣᠭᠣᠯᠣᠭᠠᠳ ᠪᠠᠶᠢᠯ᠎ᠠ᠃ ᠶᠠᠪᠣᠭᠠᠨ ᠳᠤ ᠪᠠᠨ ᠮᠣᠩᠭᠣᠯ ᠤᠨ ᠹᠸᠣᠳᠠᠯ ᠤᠳ ᠲᠣᠰ ᠲᠣᠰ ᠲᠤ ᠪᠠᠨ ᠲᠣᠭ ᠪᠣᠰᠬᠠᠵᠣ ᠶᠡᠭᠡ ᠬᠠᠭᠠᠨ ᠤ ᠵᠠᠷᠯᠢᠭ ᠲᠣᠰᠢᠶᠠᠯ ᠢ ᠴᠤ ᠲᠠᠭᠠᠬᠣ ᠦᠭᠡᠢ ᠲᠣᠷ᠎ᠠ ᠪᠡᠷ ᠲᠣᠷᠭᠢᠬᠣ ᠪᠠᠶᠢᠳᠠᠯ ᠳᠤ ᠬᠦᠷᠦᠭᠰᠡᠨ ᠪᠠᠶᠢᠨ᠎ᠠ᠃ ᠪᠣᠶᠠᠨ ᠰᠡᠴᠡᠨ ᠬᠠᠭᠠᠨ ᠤ ᠡᠴᠢᠭᠡ ᠲᠦᠮᠡᠨ ᠵᠠᠰᠠᠭᠳᠣ ᠬᠠᠭᠠᠨ ᠲᠣᠳᠣᠭᠠᠳᠣ ᠶᠢᠨ ᠡᠪ ᠨᠢᠭᠡᠳᠥᠯ ᠢᠶᠡᠨ ᠪᠡᠬᠢᠵᠢᠬᠦᠯᠬᠦ ᠂ ᠣᠯᠣᠰ ᠲᠦᠷᠦ ᠠᠵᠣ ᠠᠬᠣᠢ ᠳ᠋ᠠᠭᠠᠨ ᠦᠭᠡᠷᠡᠴᠢᠯᠡᠯᠳᠡ ᠬᠢᠬᠦ ᠲᠠᠯ᠎ᠠ ᠪᠠᠷ ᠣᠯᠠᠨ ᠣᠨᠣᠪᠴᠢᠳᠠᠢ ᠰᠠᠨᠠᠭᠠᠴᠢᠯᠭ᠎ᠠ ᠭᠠᠷᠭᠠᠭᠰᠠᠨ ᠪᠣᠯᠪᠠᠴᠣ ᠶᠡᠭᠡ ᠭᠣᠪᠢ ᠶᠢᠨ ᠡᠮᠦᠨᠡᠭᠢ ᠮᠣᠩᠭᠣᠯᠴᠣᠳ ᠢᠶᠠᠨ ᠨᠢᠭᠡᠳᠭᠡᠵᠥ ᠴᠢᠳᠠᠭ᠎ᠠ ᠦᠭᠡᠢ ᠪᠠᠶᠢᠭᠰᠠᠨ ᠨᠢ ᠮᠦᠨ ᠡᠬᠦᠨ ᠡᠴᠡ ᠰᠢᠯᠳᠠᠭᠠᠯᠠᠭᠳᠠᠭᠰᠠᠨ ᠃

ᠪᠣᠶᠠᠨ ᠰᠡᠴᠡᠨ ᠬᠠᠭᠠᠨ ᠬᠠᠭᠠᠨᠳᠣ ᠮᠣᠩᠭᠣᠯ ᠤᠨ ᠶᠡᠭᠡ ᠬᠠᠭᠠᠨ ᠤ ᠨᠡᠷ᠎ᠡ ᠵᠢ ᠵᠡᠬᠦᠭᠰᠡᠨ ᠬᠦᠴᠦ ᠰᠣᠯᠠ ᠲᠠᠢ ᠨᠢᠭᠡᠨ ᠪᠠᠶᠢᠪᠠ᠃ ᠪᠣᠶᠠᠨ ᠰᠡᠴᠡᠨ ᠬᠠᠭᠠᠨ 1593-1603 ᠤᠨ ᠬᠦᠷᠳᠡᠯ᠎ᠡ 11 ᠵᠢᠯ ᠬᠠᠭᠠᠨ ᠣᠷᠣ ᠰᠠᠭᠣᠷᠢᠨ ᠳᠤ ᠰᠠᠭᠣᠭᠠᠳ 49 ᠨᠠᠰᠣᠳᠠᠢ ᠦᠭᠡᠳᠡ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠲᠦᠮᠡᠨ ᠵᠠᠰᠠᠭᠲᠤ ᠬᠠᠭᠠᠨ
Tumen Zasagt khan.jpg

ᠲᠦᠮᠡᠨ ᠵᠠᠰᠠᠭᠲᠤ ᠬᠠᠭᠠᠨ ᠬᠡᠮᠡᠨ ᠠᠯᠳᠠᠷᠰᠢᠭᠰᠠᠨ᠂ ᠳᠠᠷᠠᠶᠢᠰᠦᠨ ᠭᠦᠳᠡᠩ ᠬᠠᠭᠠᠨ  ᠤ ᠤᠤᠭᠠᠨ ᠬᠦᠦ ᠲᠡᠷᠡᠪᠡᠷ 1539 ᠤᠨ ᠤ ᠰᠢᠷᠠᠭᠴᠢᠨ ᠭᠠᠬᠠᠢ ᠵᠢᠯ ᠳᠤ ᠲᠦᠷᠦᠭᠰᠡᠨ ᠪᠥᠯᠦᠭᠡ᠃

ᠲᠡᠭᠦᠨ ᠢ ᠬᠠᠭᠠᠨ ᠰᠢᠷᠡᠭᠡᠨ ᠳᠦ ᠰᠠᠭᠤᠵᠤ ᠪᠠᠶᠢᠬᠤ ᠬᠤᠭᠤᠴᠠᠭᠠᠨ ᠳᠤ ᠮᠣᠩᠭᠣᠯᠴᠤᠳ ᠤᠨ ᠡᠪ ᠨᠢᠭᠡᠳᠦᠯ ᠳᠠᠬᠢᠨ ᠨᠢᠭᠡ ᠰᠡᠷᠭᠦᠭᠰᠡᠨ ᠪᠢᠯᠡ᠃ ᠲᠡᠷᠡ 1558 ᠤᠨ ᠠᠴᠠ 1592 ᠤᠨ ᠬᠦᠷᠲᠡᠯ᠎ᠡ 34 ᠵᠢᠯ ᠬᠠᠭᠠᠨ ᠰᠢᠷᠡᠭᠡᠨ ᠳᠦ ᠰᠠᠭᠤᠭᠰᠠᠨ ᠶᠣᠮ᠃ ᠡᠬᠢᠨ ᠦᠶ᠎ᠡ ᠳᠡᠭᠡᠨ ᠲᠡᠷᠡ ᠪᠡᠷ ᠤᠷᠢᠶᠠᠩᠬᠠᠢ ᠪᠣᠯᠤᠨ ᠳᠠᠷᠬᠠᠳ  ᠦᠳ ᠢ ᠥᠪᠡᠷ ᠲᠦ ᠪᠠᠨ ᠡᠯᠰᠡᠭᠦᠯᠵᠦ ᠴᠢᠳᠠᠭᠰᠠᠨ ᠪᠥᠭᠡᠳ ᠡᠨᠡ ᠵᠠᠭᠤᠷ᠎ᠠ ᠲᠡᠭᠦᠨ ᠦ ᠴᠢᠰᠤᠨ ᠲᠥᠷᠥᠯ ᠦᠨ ᠬᠠᠮᠢᠶᠠᠲᠠᠨ ᠨᠤᠭᠤᠳ ᠪᠣᠯᠬᠤ ᠠᠮᠣᠳᠠᠢ ᠬᠣᠩ ᠲᠠᠶᠢᠵᠢ ᠪᠣᠯᠤᠨ ᠬᠤᠲᠤᠭᠲᠠᠢ ᠰᠡᠴᠡᠨ ᠬᠠᠨ ᠨᠠᠷ ᠨᠢ ᠳᠥᠷᠪᠡᠨ ᠣᠶᠢᠷᠠᠳ ᠍ ᠢ ᠨᠢᠭᠡᠳᠬᠡᠭᠰᠡᠨ ᠨᠢ ᠮᠣᠩᠭᠣᠯ ᠤᠨ ᠡᠪ ᠨᠢᠭᠡᠳᠦᠯ ᠳᠠᠬᠢᠨ ᠰᠡᠷᠭᠦᠬᠦ ᠳᠦ ᠶᠡᠬᠡᠬᠡᠨ ᠬᠤᠪᠢ ᠨᠡᠮᠡᠷᠢ ᠪᠣᠯᠵᠠᠢ᠃

ᠲᠦᠮᠡᠨ ᠬᠠᠭᠠᠨ ᠰᠢᠷᠡᠭᠡᠨ ᠳᠦ ᠰᠠᠭᠣᠭᠰᠠᠨ ᠤ ᠲᠠᠷᠠᠭ᠎ᠠ ᠂ ᠲᠣᠳᠣᠭᠠᠳᠣ ᠵᠦᠷᠢᠴᠡᠯ ᠢ ᠰᠢᠢᠳᠪᠦᠷᠢᠯᠡᠬᠦ ᠶᠢᠨ ᠲᠦᠯᠦᠭᠡ ᠴᠠᠬᠠᠷ ᠲᠦᠮᠡᠨ ᠦ ᠠᠮᠣᠳᠠᠢ ᠬᠣᠩ ᠲᠠᠶᠢᠵᠢ᠂ ᠬᠠᠯᠬ᠎ᠠ ᠲᠦᠮᠡᠨ ᠦ ᠣᠢᠵᠢᠩ ᠱᠣᠪᠬᠣᠢ ᠂ ᠲᠦᠮᠡᠳ ᠲᠦᠮᠡᠨ ᠦ ᠴᠣᠷᠬᠣᠭ ᠬᠣᠩ ᠲᠠᠶᠢᠵᠢ ᠪᠣᠯᠣᠨ ᠶᠦᠩᠰᠢᠶᠠᠪᠥ ᠲᠦᠮᠡᠨ ᠦ ᠠᠰᠣᠳ ᠤᠨ ᠨᠣᠶᠣᠭᠳᠠᠷ ᠨᠣᠶᠠᠨ ᠂ ᠣᠷᠳᠣᠰ ᠤᠨ ᠬᠣᠳᠣᠭᠳᠠᠢ ᠰᠡᠴᠡᠨ ᠬᠣᠩ ᠲᠠᠶᠢᠵᠢ ᠵᠡᠷᠭᠡ ᠨᠦᠯᠦᠭᠡ ᠪᠦᠬᠦᠢ ᠬᠦᠮᠦᠰ ᠢ ᠬᠠᠭᠠᠨ ᠣᠷᠳᠣᠨ ᠳᠤ ᠪᠠᠨ ᠢᠷᠡᠭᠦᠯᠦᠨ ᠬᠠᠭᠠᠨ ᠤ ᠲᠡᠷᠭᠡᠳᠡ ᠬᠠᠰᠢᠬᠣ ᠴᠢᠬᠣᠯᠠ ᠲᠠᠢ ᠠᠵᠢᠯ ᠡᠬᠦᠷᠭᠡ ᠵᠢ ᠬᠠᠷᠢᠴᠠᠭᠣᠯᠵᠠᠢ᠃

ᠮᠢᠩ ᠣᠯᠣᠰ ᠍ ᠢ ᠳᠠᠶᠢᠯᠠᠷ᠎ᠠ ᠮᠣᠷᠳᠠᠵᠤ ᠪᠠᠶᠢᠬᠤ ᠦᠶ᠎ᠡ ᠳᠡᠭᠡᠨ ᠲᠦᠮᠡᠨ ᠬᠠᠭᠠᠨ ᠬᠥᠬᠡ ᠨᠠᠭᠤᠷ ᠍ ᠢ ᠥᠪᠡᠷ ᠦᠨ ᠡᠷᠬᠡᠰᠢᠶᠡᠯ ᠳᠦ ᠪᠡᠨ ᠣᠷᠣᠭᠤᠯᠵᠤ ᠴᠢᠳᠠᠭᠰᠠᠨ ᠭᠠᠪᠢᠶ᠎ᠠ ᠲᠠᠢ ᠪᠢᠯᠡ᠃ (ᠪᠦᠷᠢᠨ ᠠᠭᠤᠯᠭ᠎ᠠ ᠶᠢ ᠤᠩᠰᠢᠬᠤ)

ᠪᠠᠷᠰᠧᠯᠤᠨᠠ (ᠬᠥᠯ ᠪᠥᠮᠪᠥᠭᠡ ᠶᠢᠨ ᠪᠠᠭ)
ᠪᠠᠷᠰᠧᠯᠤᠨᠠ (ᠬᠥᠯ ᠪᠥᠮᠪᠥᠭᠡ ᠶᠢᠨ ᠪᠠᠭ)

ᠪᠠᠷᠰᠧᠯᠤᠨᠠ ᠬᠥᠯ ᠪᠥᠮᠪᠥᠭᠡ ᠶᠢᠨ ᠪᠠᠭ (ᠺᠠᠲ᠋ᠠᠯᠠᠨ ᠶᠢᠡᠷ Futbol Club Barcelona) ᠨᠢ 1899 ᠤᠨ ᠳᠤ ᠵᠢᠶᠠᠨ ᠭᠠᠮᠫᠧᠷ ᠍ ᠤᠨ ᠤᠳᠤᠷᠢᠳᠤᠯᠭ᠎ᠠ ᠳᠣᠣᠷ᠎ᠠ ᠡᠭᠦᠰᠬᠡᠨ ᠪᠠᠶᠢᠭᠤᠯᠤᠭᠳᠠᠭᠰᠠᠨ᠂ ᠢᠰᠫᠠᠨᠢ ᠍ ᠶᠢᠨ ᠯᠠ ᠯᠢᠭ᠎ᠠ ᠳᠤ ᠬᠠᠷᠢᠶᠠᠯᠠᠭᠳᠠᠳᠠᠭ ᠬᠥᠯ ᠪᠥᠮᠪᠥᠭᠡ ᠶᠢᠨ ᠪᠠᠭ ᠶᠤᠮ᠃ ᠪᠠᠭ ᠤᠨ ᠦᠨᠳᠦᠰᠦᠨ ᠡᠮᠦᠰᠬᠡᠯ ᠨᠢ ᠪᠯᠠᠤᠭᠤᠷᠠᠨ᠎ᠠ ᠪᠤᠶᠤ ᠴᠡᠩᠬᠡᠷ᠂ ᠤᠯᠠᠭᠠᠨ ᠥᠩᠭᠡ ᠡᠴᠡ ᠪᠦᠷᠢᠳᠳᠡᠭ᠃ ᠪᠠᠷᠰᠧᠯᠤᠨᠠ ᠪᠠᠭ ᠤᠨ ᠤᠷᠢᠶ᠎ᠠ ᠨᠢ "Mes que un club" ᠪᠤᠶᠤ "ᠪᠠᠭ ᠠᠴᠠ ᠴᠤ ᠡᠷᠬᠢᠮ ᠵᠦᠢᠯ" ᠭᠡᠰᠡᠨ ᠤᠷᠢᠶ᠎ᠠ ᠲᠠᠢ᠃ 1930-1970 ᠍ ᠊ᠭᠠᠳ ᠤᠨ ᠤ ᠬᠣᠭᠣᠷᠣᠨᠳᠣ ᠢᠰᠫᠠᠨᠢ ᠶᠢᠨ ᠤᠳᠤᠷᠢᠳᠤᠭᠴᠢ ᠹᠷᠠᠨᠺᠣ ᠶᠢᠨ ᠳᠠᠷᠤᠩᠭᠤᠶᠢᠯᠠᠯ ᠳᠣᠣᠷ᠎ᠠ ᠬᠦᠨᠳᠦ ᠬᠡᠴᠡᠭᠦᠦ ᠴᠠᠭ ᠢ ᠲᠤᠭᠤᠯᠤᠭᠰᠠᠨ ᠴᠤ ᠡᠳᠦᠭᠡ ᠳᠡᠯᠡᠬᠡᠢ ᠶᠢᠨ ᠰᠢᠯᠢᠳᠡᠭ ᠪᠠᠭ ᠤᠳ ᠤᠨ ᠨᠢᠭᠡ ᠪᠣᠯᠵᠠᠢ᠃ ᠪᠠᠷᠰᠧᠯᠤᠨᠠ ᠨᠢ ᠳᠡᠯᠡᠬᠡᠢ ᠶᠢᠨ ᠬᠣᠶᠠᠳᠠᠬᠢ ᠪᠠᠶᠠᠨ ᠬᠥᠯ ᠪᠥᠮᠪᠥᠭᠡ ᠶᠢᠨ ᠪᠠᠭ ᠪᠠ 1955 ᠤᠨ ᠠᠴᠠ ᠬᠣᠶᠢᠰᠢ ᠧᠦ᠋ᠷᠣᠫᠠ ᠶᠢᠨ ᠲᠡᠮᠡᠴᠡᠭᠡᠨ ᠨᠦᠭᠦᠳ ᠲᠦ ᠲᠠᠰᠤᠷᠠᠯᠲᠠ ᠦᠭᠡᠢ ᠣᠷᠣᠯᠴᠠᠵᠤ ᠪᠤᠢ ᠴᠣᠷ ᠤᠨ ᠭᠠᠭᠴᠠ ᠪᠠᠭ ᠶᠤᠮ᠃ ᠪᠠᠷᠰᠧᠯᠤᠨᠠ ᠪᠠᠭ ᠢᠰᠫᠠᠨᠢᠢ ᠠᠪᠤᠷᠭᠤ ᠰᠢᠯᠭᠠᠷᠠᠭᠤᠯᠬᠤ ᠲᠡᠮᠡᠴᠡᠭᠡᠨ ᠪᠤᠶᠤ ᠯᠠ ᠯᠢᠭ ᠲᠤ 21 ᠤᠳᠠᠭ᠎ᠠ᠂ ᠢᠰᠫᠠᠨᠢᠢ ᠡᠵᠡᠨ ᠬᠠᠭᠠᠨ ᠤ ᠴᠣᠮᠣ ᠳᠤ 25 ᠤᠳᠠᠭ᠎ᠠ᠂ ᠢᠰᠫᠠᠨᠢᠢ ᠰᠤᠫᠧᠷ ᠴᠣᠮᠣ ᠳᠤ 9 ᠤᠳᠠᠭ᠎ᠠ᠂ Union Europeennes de Football Associations ᠠᠪᠣᠷᠭᠣᠴᠣᠳ ᠤᠨ ᠯᠢᠭ ᠲᠤ 4, Union Europeennes de Football Associations ᠧᠦ᠋ᠷᠣᠫᠠ ᠶᠢᠨ ᠯᠢᠭ ᠲᠦ 4, ᠳᠡᠯᠡᠬᠡᠢ ᠶᠢᠨ ᠺᠯᠥ᠋ᠪ ᠤᠳ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ 1 ᠤᠳᠠᠭ᠎ᠠ ᠲᠦᠷᠦᠭᠦᠯᠡᠭᠰᠡᠨ᠃ (ᠪᠦᠷᠢᠨ ᠠᠭᠤᠯᠭ᠎ᠠ ᠶᠢ ᠤᠩᠰᠢᠬᠤ)

ᠳᠣᠷᠣᠨᠠᠲᠤ
ᠳᠣᠷᠣᠨᠠᠲᠤ

ᠳᠣᠷᠣᠨᠠᠲᠤ ᠄ ᠮᠣᠩᠭᠣᠯ ᠤᠯᠤᠰ ᠍ ᠤᠨ ᠨᠢᠭᠡᠨ ᠠᠶᠢᠮᠠᠭ ᠶᠤᠮ᠃ ᠳᠣᠷᠣᠨᠠᠲᠤ ᠠᠶᠢᠮᠠᠭ ᠮᠣᠩᠭᠣᠯ ᠣᠷᠣᠨ ᠤ ᠬᠠᠮᠤᠭ ᠤᠨ ᠳᠣᠷᠣᠨ᠎ᠠ ᠵᠦᠭ ᠲᠤ ᠣᠷᠣᠰᠢᠳᠠᠭ᠃ ᠬᠡᠷᠡᠭᠯᠡᠭᠡᠨ ᠦ ᠪᠦᠰᠡᠴᠢᠯᠡᠯ ᠢᠶᠡᠷ ᠵᠡᠭᠦᠨ ᠪᠥᠰᠡ ᠳᠤ ᠬᠠᠮᠢᠶᠠᠷᠤᠨ᠎ᠠ᠃ ᠤᠮᠠᠷᠠᠳᠤ ᠲᠠᠯ᠎ᠠ ᠪᠠᠷ ᠢᠶᠠᠨ ᠣᠷᠣᠰ ᠬᠣᠯᠪᠣᠭᠠᠨ ᠤ ᠤᠯᠤᠰ (ᠥᠪᠥᠷ ᠪᠠᠶᠢᠭᠠᠯᠢ ᠶᠢᠨ ᠬᠢᠵᠠᠭᠠᠷ)᠂ ᠳᠣᠷᠣᠨᠠᠲᠤ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ (ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠍ ᠤ ᠬᠥᠯᠦᠨ ᠪᠤᠶᠢᠷ᠂ ᠬᠢᠩᠭᠠᠨ᠂ ᠰᠢᠯᠢ ᠶᠢᠨ ᠭᠣᠣᠯ) ᠭᠡᠬᠦ ᠬᠣᠶᠠᠷ ᠤᠯᠤᠰ ᠲᠠᠢ ᠬᠢᠯᠢ ᠵᠠᠯᠭᠠᠨ᠎ᠠ᠃ ᠤᠯᠤᠰ ᠳᠣᠲᠣᠷ᠎ᠠ ᠰᠦᠬᠡᠪᠠᠭᠠᠲᠤᠷ᠂ ᠬᠡᠨᠲᠡᠢ ᠬᠣᠶᠠᠷ ᠠᠶᠢᠮᠠᠭ ᠲᠠᠢ ᠬᠠᠶᠠᠭᠠᠯᠠᠨ᠎ᠠ᠃ ᠲᠡᠭᠰᠢ ᠲᠠᠯ᠎ᠠ ᠭᠠᠵᠠᠷ ᠵᠣᠩᠬᠢᠯᠠᠨ᠎ᠠ᠃ ᠲᠤᠰ ᠠᠶᠢᠮᠠᠭ ᠤᠨ ᠨᠤᠲᠤᠭ ᠲᠤ ᠪᠠᠶᠢᠬᠤ ᠬᠥᠬᠡ ᠨᠠᠭᠤᠷ ᠤᠨ ᠬᠣᠲᠣᠭᠣᠷ (ᠳᠠᠯᠠᠢ ᠶᠢᠨ ᠲᠦᠪᠰᠢᠨ ᠡᠴᠡ 560 ᠮᠧᠲ᠋ᠷ) ᠮᠣᠩᠭᠣᠯ ᠣᠷᠣᠨ ᠤ ᠬᠠᠮᠤᠭ ᠤᠨ ᠨᠠᠮ ᠳᠣᠣᠷ᠎ᠠ ᠭᠠᠵᠠᠷ ᠭᠡᠭᠳᠡᠳᠡᠭ᠃ (ᠪᠦᠷᠢᠨ ᠠᠭᠤᠯᠭ᠎ᠠ ᠶᠢ ᠤᠩᠰᠢᠬᠤ)

ᠦᠬᠡᠷ ᠦᠷᠬᠡᠨ᠎ ᠡ
ᠦᠬᠡᠷ ᠦᠷᠬᠡᠨ᠎ ᠡ

ᠦᠬᠡᠷ ᠦᠷᠬᠡᠨ᠎ ᠡ (ᠬᠢᠲᠠᠳ ᠨᠡᠷ᠎ᠡ 车前子) ᠄ ᠦᠬᠡᠷ ᠦᠷᠬᠡᠨ᠎ ᠡ ᠵᠢᠨ ᠢᠵᠠᠭᠤᠷ  ᠤᠨ ᠡᠪᠡᠰᠦᠯᠢᠭ ᠤᠷᠭᠤᠮᠠᠯ ᠪᠣᠯᠬᠤ ᠲᠠᠪᠤᠨ ᠰᠠᠯᠠᠭ᠎ᠠ (车前 )᠂ ᠶᠡᠬᠡᠨ ᠲᠠᠪᠤᠨ ᠰᠠᠯᠠᠭ᠎ᠠ ( 大叶车前 ) ᠪᠣᠯᠤᠨ ᠨᠠᠪᠲᠠᠭᠠᠷ ᠲᠠᠪᠤᠨ ᠰᠠᠯᠠᠭ᠎ᠠ ( 平车前 ) ᠶᠢᠨ ᠪᠣᠯᠪᠠᠰᠤᠷᠠᠭᠰᠠᠨ ᠦᠷ᠎ᠡ ᠮᠥᠨ ᠃ ᠰᠠᠭᠤᠯᠭᠠᠬᠤ ᠵᠢ ᠵᠣᠭᠰᠤᠭᠠᠬᠤ ᠂ ᠰᠢᠬᠡᠯᠬᠡᠭᠦ ᠂ ᠰᠢᠷ᠎ᠠ ᠤᠰᠤ ᠵᠢ ᠲᠠᠲᠠᠬᠤ ᠂ ᠰᠢᠷᠬ᠎ᠠ ᠵᠢ ᠠᠨᠠᠭᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠵᠥᠭᠡᠢ ᠶᠢᠨ ᠪᠠᠯ
ᠵᠥᠭᠡᠢ ᠶᠢᠨ ᠪᠠᠯ

ᠵᠥᠭᠡᠢ ᠶᠢᠨ ᠪᠠᠯ ᠨᠢ ᠵᠥᠭᠡᠢ ᠴᠡᠴᠡᠭ ᠦᠨ ᠪᠠᠯ ᠢ ᠴᠤᠭᠯᠠᠭᠤᠯᠤᠨ᠂ ᠡᠭᠦᠷ ᠲᠦ ᠪᠡᠨ ᠬᠠᠳᠠᠭᠠᠯᠠᠨ ᠪᠤᠢ ᠪᠣᠯᠭᠠᠳᠠᠭ ᠰᠢᠬᠢᠷᠯᠢᠭ᠌ ᠬᠦᠨᠡᠰᠦᠨ ᠦ ᠵᠦᠢᠯ ᠶᠤᠮ᠃ ᠵᠥᠭᠡᠢ ᠨᠢ ᠴᠡᠴᠡᠭ ᠡᠴᠡ ᠴᠤᠭᠯᠠᠭᠤᠯᠤᠭᠰᠠᠨ ᠪᠠᠯ ᠢ ᠪᠡᠶ ᠡ ᠳᠦ ᠪᠠᠨ ᠰᠢᠯᠵᠢᠭᠦᠯᠦᠨ ᠢᠰᠭᠡᠬᠦᠷ ᠶᠢᠡᠷ ᠵᠠᠳᠠᠯᠤᠨ ᠡᠭᠦᠷ ᠳᠦ ᠪᠡᠨ ᠬᠠᠳᠠᠭᠠᠯᠠᠳᠠᠭ᠃ ᠵᠥᠭᠡᠢ ᠶᠢᠨ ᠡᠭᠦᠷ ᠨᠢ 35℃ ᠲᠣᠯᠠᠭᠠᠨ ᠤ ᠬᠡᠮᠵᠢᠶ᠎ᠡ ᠲᠠᠢ ᠪᠠᠶᠢᠳᠠᠭ ᠪᠥᠭᠡᠳ ᠠᠵᠢᠯᠴᠢᠨ ᠵᠥᠭᠡᠢ ᠨᠦ᠋ᠭᠦᠳ ᠡᠭᠦᠷ ᠦᠨ ᠳᠣᠲᠣᠷᠠᠬᠢ ᠠᠭᠠᠷ ᠢ ᠦᠷᠭᠦᠯᠵᠢ ᠰᠤᠯᠢᠵᠤ ᠴᠡᠪᠡᠷᠰᠢᠭᠦᠯᠵᠦ ᠪᠠᠶᠢᠳᠠᠭ ᠲᠤᠯᠠ ᠤᠰᠤ ᠨᠢ ᠠᠭᠤᠷᠰᠢᠵᠤ᠂ ᠰᠢᠬᠢᠷᠯᠢᠭ᠌ ᠦᠨ ᠬᠡᠮᠵᠢᠶ᠎ᠡ ᠨᠢ 80% ᠍ ᠳᠦ ᠬᠦᠷᠦᠨ᠎ᠡ᠃ ᠨᠠᠶᠢᠷᠠᠯᠭ᠎ᠠ ᠳᠤ ᠨᠢ ᠦᠵᠦᠮ ᠤᠨ ᠰᠢᠬᠢᠷᠵᠢᠮᠢᠰ ᠤᠨ ᠰᠢᠬᠢᠷ ᠠᠴᠠ ᠭᠠᠳᠠᠨ᠎ᠠ ᠶᠠᠩᠵᠤ ᠪᠦᠷᠢ ᠶᠢᠨ ᠸᠢᠲ᠋ᠠᠮᠢᠨᠡᠷᠦᠳᠡᠰᠦᠠᠮᠢᠨᠤ᠋ ᠬᠦᠴᠢᠯ ᠦᠳ ᠠᠭᠤᠯᠤᠭᠳᠠᠳᠠᠭ᠃ ᠨᠢᠭᠡ ᠺᠢᠯᠣᠭ᠍ᠷᠠᠮ ᠵᠦᠭᠡᠢ ᠶᠢᠨ ᠪᠠᠯ ᠤᠨ ᠡᠨᠸᠷᠭᠢ ᠨᠢ 2940 ᠺᠠᠯᠤᠷᠢ ᠬᠦᠷᠳᠡᠭ᠃ (ᠪᠦᠷᠢᠨ ᠠᠭᠤᠯᠭ᠎ᠠ ᠶᠢ ᠤᠩᠰᠢᠬᠤ)

ᠴᠢᠯᠢ
ᠴᠢᠯᠢ

ᠴᠢᠯᠢ (ᠢᠰᠫᠠᠨᠢ ᠪᠠᠷ Chile)᠂ ᠠᠯᠪᠠᠨ ᠶᠣᠰᠣᠭᠠᠷ ᠴᠢᠯᠢ ᠶᠢᠨ ᠪᠦᠭᠦᠳᠡ ᠨᠠᠶᠢᠷᠠᠮᠳᠠᠬᠤ ᠤᠯᠤᠰ (ᠢᠰᠫᠠᠨᠢ ᠪᠠᠷ República de Chile) ᠨᠢ ᠡᠮᠦᠨᠡᠲᠦ ᠨᠣᠮᠣᠬᠠᠨ ᠳᠠᠯᠠᠢ ᠲᠠᠢ ᠬᠢᠯᠢᠯᠡᠳᠡᠭ ᠡᠮᠦᠨᠡᠲᠦ ᠠᠮᠧᠷᠢᠺᠠ ᠶᠢᠨ ᠤᠯᠤᠰ ᠶᠤᠮ᠃ ᠴᠢᠯᠢ ᠶᠢᠨ ᠨᠡᠶᠢᠰᠯᠡᠯ ᠨᠢ ᠰᠠᠨᠲ᠋ᠠᠶᠣ ᠬᠣᠲᠠ ᠶᠤᠮ᠃ ᠬᠥᠷᠰᠢ ᠵᠡᠷᠭᠡᠯᠡᠳᠡᠭᠡ ᠤᠯᠤᠰ ᠣᠷᠣᠨ ᠨᠤᠭᠤᠳ ᠨᠢ ᠠᠷᠭᠧᠨᠲ᠋ᠢᠨ᠂ ᠪᠣᠯᠢᠪᠢ᠂ ᠫᠧᠷᠤ ᠵᠡᠷᠭᠡ ᠶᠤᠮ᠃ ᠴᠢᠯᠢ ᠤᠯᠤᠰ ᠨᠢ ᠠᠲ᠋ᠯᠠᠨᠲ ᠤᠨ ᠳᠠᠯᠠᠢ ᠪᠣᠯᠤᠨ ᠨᠣᠮᠣᠬᠠᠨ ᠳᠠᠯᠠᠢ ᠶᠢᠨ ᠬᠣᠭᠣᠷᠣᠨᠳᠣ ᠳᠠᠯᠠᠢ ᠶᠢᠨ ᠡᠩᠨᠡᠭᠡᠨ ᠦ ᠰᠲᠷᠠᠲ᠋ᠧᠭᠢ ᠶᠢᠨ ᠪᠠᠶᠢᠷᠢᠰᠢᠯ ᠳᠤ ᠪᠠᠶᠢᠳᠠᠭ᠃ ᠴᠢᠯᠢ ᠨᠢ ᠨᠣᠮᠣᠬᠠᠨ ᠳᠠᠯᠠᠢ ᠪᠠᠷᠠᠭᠤᠨ ᠬᠡᠰᠡᠭ ᠮᠥᠨ ᠠᠨᠳᠠ ᠶᠢᠨ ᠨᠢᠷᠤᠭᠤᠨ ᠤ ᠵᠡᠭᠦᠨ ᠬᠡᠰᠡᠭ ᠬᠣᠶᠠᠷ ᠤᠨ ᠳᠤᠮᠳᠠᠬᠢ ᠡᠷᠭᠢ ᠬᠠᠪ ᠤᠨ ᠤᠷᠲᠤ ᠨᠠᠷᠢᠬᠠᠨ ᠵᠢᠷᠤᠭᠠᠰᠤ ᠶᠢ ᠡᠵᠡᠯᠡᠨ ᠣᠷᠣᠰᠢᠳᠠᠭ᠃ ᠲᠡᠶᠢᠮᠦ ᠡᠴᠡ ᠭᠠᠵᠠᠷ ᠵᠦᠢ ᠶᠢᠨ ᠪᠠᠶᠢᠷᠢᠯᠠᠯ ᠬᠠᠷᠢᠯᠴᠠᠨ ᠠᠳᠠᠯᠢ ᠦᠭᠡᠢ ᠪᠠᠶᠢᠨ᠎ᠠ᠃ ᠵᠠᠰᠠᠭ ᠤᠨ ᠭᠠᠵᠠᠷ ᠰᠢᠰᠲ᠋ᠧᠮ ᠨᠢ ᠪᠦᠭᠦᠳᠡ ᠨᠠᠶᠢᠷᠠᠮᠳᠠᠬᠤ ᠶᠡᠷᠦᠩᠬᠡᠶᠢᠯᠡᠭᠴᠢ ᠶᠢᠨ ᠵᠠᠰᠠᠭᠯᠠᠯ ᠲᠠᠢ᠃ ᠲᠥᠷᠥ ᠪᠠ ᠵᠠᠰᠠᠭ ᠤᠨ ᠭᠠᠵᠠᠷ ᠤᠨ ᠶᠡᠷᠦᠩᠬᠡᠢ ᠲᠡᠷᠢᠭᠦᠨ ᠶᠡᠷᠦᠩᠬᠡᠶᠢᠯᠡᠭᠴᠢ ᠶᠤᠮ᠃ ᠴᠢᠯᠢ ᠨᠢ ᠪᠠᠷᠠᠭ᠎ᠠ ᠦᠢᠯᠡᠴᠢᠯᠡᠭᠡᠨ ᠦ ᠦᠨ᠎ᠡ ᠶᠢᠨ ᠬᠤᠪᠢ ᠳᠤ ᠴᠢᠯᠦᠭᠡᠲᠦ ᠦᠨ᠎ᠡ ᠶᠢᠨ ᠰᠢᠰᠲ᠋ᠧᠮ ᠲᠣᠭᠲᠠᠭᠠᠭᠰᠠᠨ᠂ ᠵᠠᠬ᠎ᠠ ᠵᠡᠭᠡᠯᠢ ᠶᠢᠨ ᠪᠠᠷᠢᠮᠵᠢᠶ᠎ᠠ ᠲᠠᠢ ᠡᠳ᠋ ᠍ ᠦᠨ ᠵᠠᠰᠠᠭ ᠲᠠᠢ᠃ ᠴᠢᠯᠢ ᠤᠯᠤᠰ ᠨᠢ ᠠᠽᠢᠶ᠎ᠠ-ᠨᠣᠮᠣᠬᠠᠨ ᠳᠠᠯᠠᠢ ᠶᠢᠨ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭ᠎ᠠ (APEC) ᠪᠣᠯᠤᠨ ᠲᠷᠠᠨᠰ-ᠨᠣᠮᠣᠬᠠᠨ ᠳᠠᠯᠠᠢ ᠶᠢᠨ ᠲᠦᠩᠰᠢᠯᠡᠯ (ДЦС) ᠍ ᠶᠢᠨ ᠭᠡᠰᠢᠭᠦᠨ ᠶᠤᠮ᠃ (ᠪᠦᠷᠢᠨ ᠠᠭᠤᠯᠭ᠎ᠠ ᠶᠢ ᠤᠩᠰᠢᠬᠤ)

ᠳᠠᠷᠠᠶᠢᠰᠦᠨ ᠭᠦᠳᠡᠩ ᠬᠠᠭᠠᠨ
Daraisan Guden khan.jpg

ᠳᠠᠷᠠᠶᠢᠰᠦᠨ ᠭᠦᠳᠡᠩ ᠬᠠᠭᠠᠨ ᠨᠢ 1520 ᠤᠨ ᠤ ᠴᠠᠭᠠᠨ ᠯᠤᠤ ᠵᠢᠯ ᠲᠦᠷᠦᠭᠰᠡᠨ ᠪᠣᠳᠢ ᠠᠯᠠᠭ ᠬᠠᠭᠠᠨ  ᠤ ᠠᠬᠠᠮᠠᠳ ᠬᠥᠪᠡᠭᠦᠨ᠃

ᠯᠤ᠋ ᠠᠯᠲᠠᠨ ᠲᠣᠪᠴᠢ  ᠳᠤ ᠦᠭᠦᠯᠡᠭᠰᠡᠨ ᠨᠢ: ... ᠡᠨᠡ ᠬᠠᠭᠠᠨ ᠤ ᠦᠶ᠎ᠡ ᠳᠦ ᠲᠥᠷᠥ ᠤᠯᠤᠰ ᠲᠥᠪᠰᠢᠷᠡᠵᠦ ᠵᠢᠷᠭᠤᠭᠠᠨ ᠶᠡᠬᠡ ᠤᠯᠤᠰ /ᠵᠢᠷᠭᠤᠭᠠᠨ ᠲᠦᠮᠡᠨ/ ᠨᠢᠭᠡᠳᠴᠦ ᠡᠩᠬᠡᠵᠢᠨ ᠵᠢᠷᠭᠠᠪᠠ ᠭᠡᠵᠡᠢ᠃

ᠳᠠᠷᠠᠶᠢᠰᠦᠨ 1548 ᠤᠨ ᠤ ᠰᠢᠷ᠎ᠠ ᠪᠡᠴᠢᠨ ᠵᠢᠯ ᠬᠠᠭᠠᠨ ᠰᠢᠷᠡᠭᠡᠨ ᠳᠦ ᠰᠠᠭᠤᠵᠠᠢ᠃ ᠪᠣᠳᠢ ᠠᠯᠠᠭ ᠬᠠᠭᠠᠨ ᠢ ᠲᠥᠷᠥ ᠪᠠᠷᠢᠵᠤ ᠠᠬᠤᠢ ᠳᠤ ᠵᠡᠭᠦᠨ ᠮᠣᠩᠭᠣᠯ ᠤᠨ ᠪᠠᠷᠠᠭᠤᠨ ᠭᠠᠷ ᠭᠤᠷᠪᠠᠨ ᠲᠦᠮᠡᠨ ᠦ ᠳᠣᠲᠣᠷ᠎ᠠ ᠲᠦᠮᠡᠳ ᠲᠦᠮᠡᠨ ᠮᠠᠰᠢ ᠬᠦᠴᠦᠷᠬᠡᠭ ᠪᠣᠯᠤᠭᠰᠠᠨ ᠪᠠᠶᠢᠪᠠ᠃ ᠲᠦᠮᠡᠳ ᠦᠨ ᠤᠳᠤᠷᠢᠳᠤᠭᠴᠢ ᠨᠢ ᠠᠯᠲᠠᠨ ᠬᠠᠨ ᠪᠠᠶᠢᠪᠠ᠃ ᠳᠠᠷᠠᠶᠢᠰᠦᠨ ᠬᠠᠭᠠᠨ ᠠᠯᠲᠠᠨ ᠬᠠᠨ ᠪᠣᠯᠤᠨ ᠮᠢᠩ ᠤᠯᠤᠰ ᠤᠨ ᠬᠦᠴᠦᠨ ᠳᠦ ᠰᠢᠬᠠᠭᠳᠠᠨ 1547 ᠤᠨ ᠤ ᠣᠷᠴᠢᠮ ᠣᠳᠣ ᠶᠢᠨ ᠵᠢᠷᠢᠮ ᠠᠶᠢᠮᠠᠭ ᠤᠨ ᠬᠦᠷᠢᠶ᠎ᠡ ᠬᠣᠰᠢᠭᠤᠨ ᠤ ᠣᠷᠴᠢᠮ ᠨᠡᠭᠦᠳᠡᠯᠯᠡᠨ ᠣᠴᠢᠭᠠᠳ ᠲᠡᠨᠳᠡ ᠪᠡᠨ ᠭᠦᠳᠡᠩ ᠬᠠᠭᠠᠨ ᠬᠡᠮᠡᠨ ᠠᠯᠳᠠᠷᠰᠢᠵᠤ᠂ ᠶᠡᠬᠡ ᠲᠥᠷᠥ ᠪᠡᠨ ᠲᠥᠪᠰᠢᠳᠬᠡᠨ ᠭᠦᠷᠦ ᠤᠯᠤᠰ ᠢᠶᠠᠨ ᠡᠩᠬᠡᠵᠢᠭᠦᠯᠪᠡ᠃ ᠳᠠᠷᠠᠶᠢᠰᠦᠨ ᠭᠦᠳᠡᠩ ᠬᠠᠭᠠᠨ 1548 ᠤᠨ ᠠᠴᠠ 1557 ᠤᠨ ᠤ ᠤᠯᠠᠭᠴᠢᠨ ᠮᠣᠭᠠᠢ ᠵᠢᠯ ᠬᠦᠷᠲᠡᠯ᠎ᠡ 10 ᠣᠷᠴᠢᠮ ᠵᠢᠯ ᠮᠣᠩᠭᠣᠯ ᠤᠨ ᠬᠠᠭᠠᠨ ᠰᠢᠷᠡᠭᠡᠨ ᠳᠦ ᠰᠠᠭᠤᠭᠠᠳ 38 ᠨᠠᠰᠤᠨ ᠳᠣᠣᠷ᠎ᠠ ᠨᠠᠰᠤᠨ ᠥᠭᠡᠳᠡ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠬᠥᠯ ᠦᠨ ᠡᠪᠡᠷ
ᠬᠠᠭ

ᠬᠠᠭ ᠬᠠᠭ ᠬᠡᠵᠤ ᠬᠦᠮᠦᠨ  ᠤ ᠲᠤᠯᠤᠭᠠᠢ ᠵᠢᠨ ᠬᠡᠰᠡᠭ  ᠤᠨ ᠠᠷᠠᠰᠤᠨ  ᠤ ᠭᠠᠳᠠᠷ ᠡᠰ  ᠤᠨ ᠰᠢᠨ᠎ᠠ ᠬᠠᠭᠤᠴᠢᠨ  ᠤ ᠰᠤᠯᠢᠯᠴᠠᠭᠠᠨ ᠡᠴᠡ ᠡᠬᠦᠰᠦᠭᠰᠡᠨ ᠪᠤᠳᠠᠰ ᠪᠤᠯᠤᠨ᠎ᠠ᠃ ᠬᠠᠭ ᠡᠭᠦᠰᠬᠦ ᠭᠣᠣᠯ ᠰᠢᠯᠲᠠᠭᠠᠨ ᠤ ᠨᠢᠭᠡ ᠪᠣᠯ ᠬᠤᠶᠢᠬᠠᠨ ᠤ ᠬᠠᠭᠤᠷᠠᠶᠢᠰᠢᠯᠲᠠ ᠶᠤᠮ᠃ ᠪᠢᠳᠡ ᠦᠰᠦᠨ ᠳᠦ ᠪᠡᠨ ᠬᠠᠩᠭᠠᠯᠲᠠ ᠲᠠᠢ ᠠᠩᠬᠠᠷᠤᠯ ᠬᠠᠨᠳᠤᠭᠤᠯᠬᠤ ᠦᠬᠡᠢ ᠪᠤᠯ ᠬᠤᠶᠢᠬ᠎ᠠ ᠬᠠᠭᠤᠷᠠᠶᠢᠰᠢᠵᠤ᠂ ᠬᠠᠭ ᠡᠬᠦᠰᠦᠨ᠎ᠠ᠃ (ᠪᠦᠷᠢᠨ ᠠᠭᠤᠯᠭ᠎ᠠ ᠶᠢ ᠤᠩᠰᠢᠬᠤ)

ᠠᠩᠨᠠᠭᠤᠷ ᠤᠨ ᠲᠡᠩᠭᠢᠰ
ᠠᠩᠨᠠᠭᠤᠷ ᠤᠨ ᠲᠡᠩᠭᠢᠰ

ᠠᠩᠨᠠᠭᠤᠷ ᠤᠨ ᠲᠡᠩᠭᠢᠰ (ᠣᠷᠣᠰ ᠶᠢᠡᠷ Охо́тское мо́реᠬᠢᠲᠠᠳ ᠢᠶᠠᠷ 鄂霍次克海᠂ ᠥᠪᠥᠷ ᠮᠣᠩᠭᠣᠯ ᠳᠤ ᠣᠬᠣᠼᠺ ᠲᠠᠩᠭᠢᠰ ᠭᠡᠳᠡᠭ) ᠨᠢ ᠨᠣᠮᠣᠬᠠᠨ ᠳᠠᠯᠠᠢ ᠶᠢᠨ ᠨᠢᠭᠡ ᠬᠡᠰᠡᠭ ᠪᠥᠭᠡᠳ ᠺᠦᠷᠢᠯ ᠣᠯᠲᠣᠷᠢᠭᠺᠠᠮᠴᠠᠲ᠋ᠺᠠ ᠶᠢᠨ ᠬᠣᠶᠢᠭ ᠢᠶᠠᠷᠨᠣᠮᠣᠬᠠᠨ ᠳᠠᠯᠠᠢᠰᠠᠬᠠᠯᠢᠨᠬᠣᠺᠺᠠᠶᠢᠳᠣᠣ᠋ ᠪᠠᠷ ᠶᠠᠫᠣᠨ ᠲᠡᠩᠭᠢᠰᠲᠡᠢ ᠬᠢᠯᠢᠯᠡᠳᠡᠭ ᠲᠡᠩᠭᠢᠰ ᠶᠤᠮ᠃ ᠠᠩᠨᠠᠭᠤᠷ ᠤᠨ ᠲᠡᠩᠭᠢᠰ ᠦᠨ ᠨᠡᠶᠢᠲᠡ ᠲᠠᠯᠠᠪᠠᠢ ᠨᠢ 1,528 ᠮᠢᠩᠭᠠᠨ km², ᠳᠤᠮᠳᠠᠴᠢ ᠭᠦᠨ ᠨᠢ 838 ᠮᠧᠲ᠋ᠷ ᠪᠥᠭᠡᠳ ᠡᠮᠦᠨᠡᠲᠦ ᠬᠡᠰᠡᠭ ᠢᠶᠡᠷ ᠢᠶᠡᠨ ᠢᠯᠡᠭᠦᠦ ᠭᠦᠨᠵᠡᠭᠡᠢ ᠪᠠᠶᠢᠳᠠᠭ ᠣᠨᠴᠠᠯᠢᠭ ᠲᠠᠢ᠃ ᠺᠦᠷᠢᠯ ᠣᠯᠲᠣᠷᠢᠭ ᠤᠨ ᠣᠷᠴᠢᠮ ᠳᠤ ᠤᠷᠤᠰᠢᠬᠤ ᠬᠠᠮᠤᠭ ᠤᠨ ᠭᠦᠨ ᠴᠡᠭ ᠨᠢ 3,658 ᠮᠧᠲ᠋ᠷ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠪᠠᠶᠠᠨ-ᠥᠯᠥᠭᠡᠢ
ᠪᠠᠶᠠᠨ-ᠥᠯᠥᠭᠡᠢ

ᠪᠠᠶᠠᠨ-ᠥᠯᠥᠭᠡᠢ (ᠺᠢᠷᠢᠯ ᠢᠶᠡᠷБаян-Өлгий)ᠨᠢ ᠮᠣᠩᠭᠣᠯ ᠤᠯᠤᠰ ᠤᠨ 21 ᠠᠶᠢᠮᠠᠭ ᠤᠨ ᠨᠢᠭᠡ ᠶᠤᠮ᠃ ᠲᠥᠪ ᠨᠢ ᠥᠯᠥᠭᠡᠢ ᠬᠣᠲᠠ ᠪᠤᠯᠤᠨ᠎ᠠ᠃ ᠪᠠᠶᠠᠨ ᠦᠯᠦᠭᠡᠢ ᠨᠢ ᠪᠠᠷᠠᠭᠤᠨ ᠲᠠᠯ᠎ᠠ ᠪᠠᠷ ᠢᠶᠠᠨ ᠠᠯᠲᠠᠢ ᠶᠢᠨ ᠨᠢᠷᠤᠭᠤ ᠶᠢᠨ ᠬᠢᠷ᠎ᠠ ᠳᠠᠭᠠᠵᠤ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠰᠢᠨᠵᠢᠶᠠᠩ ᠤᠨ ᠤᠶᠢᠭᠤᠷ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠲᠠᠢ 450 ᠺᠢᠯᠣᠮᠧᠲ᠋ᠷ᠂ ᠬᠣᠶᠢᠲᠤ ᠲᠠᠯ᠎ᠠ ᠪᠠᠷ ᠢᠶᠠᠨ ᠣᠷᠣᠰ ᠤᠨ ᠬᠣᠯᠪᠣᠭᠠᠨ ᠤ ᠤᠯᠤᠰ ᠤᠨ ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ ᠲᠠᠢ 225 ᠺᠢᠯᠣᠮᠧᠲ᠋ᠷ᠂ ᠵᠡᠭᠦᠨ ᠲᠠᠯ᠎ᠠ ᠪᠠᠷ ᠢᠶᠠᠨ ᠤᠪᠰᠤ ᠠᠶᠢᠮᠠᠭ ᠲᠠᠢ 165 ᠺᠢᠯᠣᠮᠧᠲ᠋ᠷ᠂ ᠵᠡᠭᠦᠨ ᠪᠠ ᠤᠷᠢᠳᠤ ᠲᠠᠯ᠎ᠠ ᠪᠠᠷ ᠢᠶᠠᠨ ᠬᠣᠪᠳᠣ ᠠᠶᠢᠮᠠᠭ ᠲᠠᠢ 450 ᠺᠢᠯᠣᠮᠧᠲ᠋ᠷ ᠨᠤᠲᠤᠭ ᠢᠶᠠᠷ ᠬᠢᠯᠢᠯᠡᠳᠡᠭ᠃ ᠳᠠᠯᠠᠢ ᠶᠢᠨ ᠲᠦᠪᠰᠢᠨ ᠡᠴᠡ ᠳᠡᠭᠡᠭᠰᠢ 1301-4374 ᠮᠧᠲ᠋ᠷ ᠲᠦ ᠣᠷᠣᠰᠢᠨ᠎ᠠ᠃ ᠨᠤᠲᠤᠭ ᠳᠡᠪᠢᠰᠬᠡᠷ ᠦᠨ 95.3% ᠨᠢ 1600 ᠮᠧᠲ᠋ᠷ ᠡᠴᠡ ᠳᠡᠭᠡᠭᠰᠢ ᠥᠨᠳᠥᠷ ᠲᠦ ᠪᠠᠶᠢᠨ᠎ᠠ᠃ ᠠᠶᠢᠮᠠᠭ ᠤᠨ ᠬᠠᠮᠤᠭ ᠤᠨ ᠥᠨᠳᠥᠷ ᠴᠡᠭ ᠨᠢ ᠮᠣᠩᠭᠣᠯ ᠤᠯᠤᠰ ᠤᠨ ᠬᠠᠮᠤᠭ ᠤᠨ ᠥᠨᠳᠥᠷ ᠴᠡᠭ ᠪᠣᠯᠬᠤ ᠲᠠᠪᠤᠨ ᠪᠣᠭᠳᠠ ᠠᠭᠤᠯᠠ ᠶᠢᠨ ᠬᠦᠢᠲᠡᠨ ᠣᠷᠭᠢᠯ (4374 ᠮᠸᠲ᠋ᠷ) ᠪᠠ ᠬᠠᠮᠤᠭ ᠤᠨ ᠨᠠᠮ ᠴᠡᠭ ᠨᠢ ᠪᠠᠶᠠᠨᠨᠠᠭᠤᠷ ᠰᠤᠮᠤ ᠤᠨ ᠲᠥᠪ (1301 ᠮᠸᠲ᠋ᠷ) ᠶᠤᠮ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ