ᠣᠨᠴᠠᠯᠠᠬᠤ ᠥᠭᠦᠯᠡᠯ/2017 5 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ


ᠤᠯᠠᠯᠵᠢᠭᠠᠨ᠎ᠠ
ᠤᠯᠠᠯᠵᠢᠭᠠᠨ᠎ᠠ

ᠤᠯᠠᠯᠵᠢᠭᠠᠨ᠎ᠠ ᠄ ᠲᠤᠰ ᠡᠮ ᠪᠣᠯ ᠮᠣᠪᠢ ᠴᠡᠴᠡᠭ ᠤᠨ ᠢᠵᠠᠭᠤᠷ ᠤᠨ ᠨᠠᠪᠴᠢ ᠵᠤᠯᠭᠠᠷᠠᠭᠴᠢ ᠮᠤᠳᠤᠯᠢᠬ ᠳᠠᠩᠰᠠ ᠤᠯᠠᠯᠵᠢᠭᠠᠨ᠎ᠠ (五味子 ) ᠪᠣᠯᠤᠨ ᠳᠤᠮᠳᠠᠳᠤ ᠤᠷᠤᠠ  ᠤ ᠤᠯᠠᠯᠵᠢᠭᠠᠨ᠎ᠠ ( 华中五味子 ) ᠶᠢᠨ ᠪᠣᠯᠪᠠᠰᠤᠷᠠᠭᠰᠠᠨ ᠵᠢᠮᠢᠰ ᠮᠥᠨ ᠃ ᠪᠦᠭᠡᠯᠵᠢᠵᠦ ᠰᠠᠭᠤᠯᠭᠠᠬᠤ ᠵᠢ ᠵᠣᠭᠰᠤᠭᠠᠬᠤ ᠂ ᠳᠤᠷ᠎ᠠ ᠵᠢ ᠨᠡᠬᠡᠬᠡᠭᠦ ᠂ ᠠᠮᠢᠰᠭᠤᠭᠠᠳᠠᠬᠤ ᠵᠢ ᠳᠠᠷᠤᠬᠤ ᠴᠢᠳᠠᠯ ᠲᠠᠢ ᠃ (ᠪᠦᠷᠢᠨ ᠠᠭᠤᠯᠭ᠎ᠠ ᠶᠢ ᠤᠩᠰᠢᠬᠤ)

ᠴᠢᠯᠠᠭᠤᠨ ᠳᠡᠭᠡᠷᠡᠬᠢ ᠵᠢᠷᠤᠭ
ᠴᠢᠯᠠᠭᠤᠨ ᠳᠡᠭᠡᠷᠡᠬᠢ ᠵᠢᠷᠤᠭ

ᠴᠢᠯᠠᠭᠤᠨ ᠳᠡᠭᠡᠷᠡᠬᠢ ᠵᠢᠷᠤᠭ ᠢ ᠬᠠᠳᠠᠨ ᠵᠢᠷᠤᠭ ᠴᠦ ᠭᠡᠵᠤ ᠪᠠᠰᠠ ᠬᠡᠯᠡᠵᠤ ᠪᠤᠯᠬᠤ ᠪᠦᠭᠡᠳ ᠲᠡᠷᠡ ᠨᠢ ᠦᠨᠳᠦᠰᠦᠨ ᠳᠤ ᠪᠠᠨ ᠱᠣᠬᠣᠢ ᠶᠢᠨ ᠴᠢᠯᠠᠭᠤᠨ ᠤ ᠬᠡᠰᠡᠭ ᠳᠡᠭᠡᠷ᠎ᠡ ᠵᠢᠷᠤᠭᠰᠠᠨ ᠬᠡ ᠬᠤᠸᠠᠷ ᠭᠡᠰᠡᠨ ᠦᠭᠡ ᠪᠠ ᠡᠨᠡ ᠨᠢ ᠭᠧᠷᠮᠠᠨ ᠤ ᠲᠡᠮᠦᠷ ᠦᠨ ᠡᠷᠡᠨ ᠦᠶ᠎ᠡ ᠪᠣᠯᠤᠨ ᠰᠺᠠᠨᠳᠠᠨᠢᠪ ᠦᠨ ᠸᠢᠨᠢᠨ ᠡᠷᠡᠨ ᠦ ᠦᠶ᠎ᠡ ᠳᠦ ᠤᠯᠠᠨ ᠵᠢᠷᠤᠭᠳᠠᠵᠤ ᠪᠠᠶᠢᠭᠰᠠᠨ ᠶᠤᠮ᠃ ᠣᠳᠣ ᠶᠢᠨ ᠪᠠᠶᠢᠳᠠᠯ ᠢᠶᠠᠷ 400 ᠭᠠᠷᠤᠢ ᠴᠢᠯᠠᠭᠤᠨ ᠵᠢᠷᠤᠭ ᠣᠯᠳᠠᠭᠠᠳ ᠪᠠᠶᠢᠭ᠎ᠠ ᠪᠢᠯᠡ᠃ (ᠪᠦᠷᠢᠨ ᠠᠭᠤᠯᠭ᠎ᠠ ᠶᠢ ᠤᠩᠰᠢᠬᠤ)

ᠮᠠᠷᠠᠹᠣᠨ
ᠮᠠᠷᠠᠹᠣᠨ

ᠮᠠᠷᠠᠹᠣᠨ ᠪᠤᠶᠤ ᠮᠠᠷᠠᠰᠤᠨ(马拉松) ᠨᠢ 42 ᠺᠢᠯᠣᠮᠧᠲ᠋ᠷ 195 ᠮᠧᠲ᠋ᠷ ᠪᠤᠶᠤ ᠬᠠᠮᠤᠭ ᠤᠨ ᠬᠣᠯᠠ ᠵᠠᠢ ᠳᠤ ᠭᠦᠶᠦᠵᠦ ᠤᠷᠤᠯᠳᠤᠬᠤ (ᠬᠣᠯᠠ ᠶᠢᠨ ᠶᠠᠪᠠᠭᠠᠨ ᠤᠷᠤᠯᠳᠤᠭᠠᠨ) ᠭᠦᠶᠦᠯᠲᠡ ᠶᠤᠮ᠃ ᠮᠠᠷᠠᠹᠣᠨ 1896 ᠤᠨ ᠠᠴᠠ ᠣᠷᠴᠢᠨ ᠴᠠᠭ ᠤᠨ ᠣᠯᠢᠮᠫᠢᠺ ᠤᠨ ᠨᠠᠭᠠᠳᠤᠮ ᠤᠨ ᠨᠢᠭᠡᠨ ᠲᠥᠷᠦᠯ ᠪᠣᠯᠵᠤ ᠣᠷᠣᠭᠰᠠᠨ᠃ 40 ᠺᠢᠯᠣᠮᠧᠲ᠋ᠷ᠂ 42.75 ᠺᠢᠯᠣᠮᠧᠲ᠋ᠷ ᠭᠡᠬᠦ ᠮᠡᠲᠦ ᠥᠭᠡᠷᠡᠴᠢᠯᠡᠭᠳᠡᠵᠦ ᠪᠠᠶᠢᠭᠠᠳ 1924 ᠤᠨ ᠳᠤ ᠣᠳᠣ ᠶᠢᠨ ᠢᠶᠠᠨ ᠵᠠᠢ ᠶᠢ ᠲᠣᠭᠲᠠᠭᠠᠳ ᠳᠠᠬᠢᠵᠤ ᠥᠭᠡᠷᠡᠴᠢᠯᠡᠭᠡ ᠦᠭᠡᠢ᠃ ᠵᠢᠯ ᠳᠤ 500 ᠭᠠᠷᠤᠢ ᠤᠷᠤᠯᠳᠤᠭᠠᠨ ᠪᠣᠯᠳᠠᠭ᠃ ᠬᠡᠳᠦᠬᠡᠨ ᠬᠦᠮᠦᠨ ᠭᠦᠶᠦᠬᠦ ᠨᠢ ᠴᠤ ᠪᠠᠶᠢᠨ᠎ᠠ᠃ ᠮᠣᠩᠭᠣᠯ ᠤᠯᠤᠰ ᠲᠤ 2014 ᠤᠨ ᠠᠴᠠ ᠤᠯᠠᠭᠠᠨᠪᠠᠭᠠᠲᠤᠷ ᠮᠠᠷᠠᠹᠣᠨ ᠵᠣᠬᠢᠶᠠᠭᠳᠠᠵᠤ ᠮᠠᠰᠢ ᠣᠯᠠᠨ ᠣᠷᠣᠯᠴᠠᠭᠴᠢ ᠲᠠᠢ ᠪᠠᠷ ᠵᠢᠯ ᠪᠦᠷᠢ ᠶᠢᠨ ᠬᠠᠪᠤᠷ ᠵᠣᠬᠢᠶᠠᠭᠳᠠᠵᠤ ᠪᠠᠶᠢᠨ᠎ᠠ᠃ 2017 ᠤᠨ ᠤ ᠤᠯᠠᠭᠠᠨᠪᠠᠭᠠᠲᠤᠷ ᠮᠠᠷᠠᠹᠣᠨ ᠳᠤ ᠬᠠᠮᠤᠭ ᠤᠨ ᠣᠯᠠᠨ ᠣᠷᠣᠯᠴᠠᠭᠴᠢ ᠪᠤᠶᠤ 33000 ᠭᠠᠷᠤᠢ ᠬᠦᠮᠦᠨ ᠳᠡᠯᠡᠬᠡᠢ ᠶᠢᠨ 17 ᠣᠷᠣᠨ ᠠᠴᠠ ᠣᠷᠣᠯᠴᠠᠵᠠᠢ᠃ (ᠪᠦᠷᠢᠨ ᠠᠭᠤᠯᠭ᠎ᠠ ᠶᠢ ᠤᠩᠰᠢᠬᠤ)

Bodialag khan.jpg

ᠪᠣᠳᠢ ᠠᠯᠠᠭ ᠬᠠᠭᠠᠨ 1504 ᠤᠨ ᠤ ᠬᠥᠬᠡᠭᠴᠢᠨ ᠦᠬᠡᠷ ᠵᠢᠯ ᠲᠥᠷᠦᠵᠢ᠂ 1547 ᠤᠨ ᠤ ᠤᠯᠠᠭᠴᠢᠨ ᠬᠣᠨᠢᠨ ᠵᠢᠯ ᠲᠠᠭᠠᠯᠠᠯ ᠲᠡᠭᠦᠰᠴᠡᠢ᠃ 1519 ᠤᠨ ᠤ ᠴᠠᠭᠠᠨ ᠯᠤᠤ ᠵᠢᠯ ᠬᠠᠭᠠᠨ ᠣᠷᠣ ᠰᠠᠭᠤᠭᠰᠠᠨ᠃ ᠬᠠᠭᠠᠨ 42 ᠨᠠᠰᠤᠯᠠᠵᠠᠢ᠃ ᠳᠠᠶᠠᠨ ᠬᠠᠭᠠᠨ ᠤ ᠨᠠᠰᠣ ᠪᠠᠷᠠᠭᠰᠠᠨ ᠤ ᠲᠠᠷᠠᠭ᠎ᠠ ᠪᠠᠷᠠᠭᠣᠨ ᠲᠦᠮᠡᠨ ᠦ ᠪᠠᠷᠰᠪᠣᠯᠣᠳ ᠵᠢᠨᠣᠩ ᠬᠠᠭᠠᠨ ᠰᠠᠭᠣᠭᠰᠠᠨ ᠳᠤ ᠪᠣᠳᠢ ᠲᠠᠶᠢᠵᠢ ᠵᠢᠮᠡᠯᠡᠨ ᠪᠣᠷᠣᠭᠣᠰᠢᠶᠠᠵᠣ ᠪᠠᠷᠰᠪᠣᠯᠣᠳ ᠤᠨ ᠬᠠᠭᠠᠨ ᠰᠠᠭᠣᠭᠰᠠᠨ ᠢ ᠬᠦᠴᠦᠨ ᠦᠭᠡᠢ ᠪᠣᠯᠭᠠᠵᠠᠢ᠃

ᠪᠣᠳᠢ ᠠᠯᠠᠭ ᠬᠠᠭᠠᠨ ᠰᠠᠭᠣᠷᠢᠨ᠎ᠠ ᠪᠠᠶᠢᠬᠣ ᠬᠣᠭᠣᠴᠠᠭᠠᠨ ᠳᠤ ᠣᠷᠢᠶᠠᠩᠬᠠᠢ ᠣᠷᠪᠠᠵᠣ ᠵᠠᠩ ᠢᠶᠠᠨ ᠦᠭᠡᠷᠡᠴᠢᠯᠡᠭᠰᠡᠨ ᠳᠦ ᠬᠠᠭᠠᠨ ᠣᠷᠢᠶᠠᠩᠬᠠᠢᠴᠣᠳ ᠲᠠᠢ ᠬᠡᠳᠦᠨᠳᠡ ᠪᠠᠶᠢᠯᠳᠣᠵᠠᠢ᠂ ᠲᠣᠬᠠᠶᠢᠯᠠᠪᠠᠯ 1524, 1531 ᠪᠠ 1533 ᠤᠨ ᠳᠤ ᠪᠠᠷᠠᠭᠣᠨ ᠭᠣᠷᠪᠠᠨ ᠲᠦᠮᠡᠨ ᠦ ᠬᠦᠪᠡᠭᠡᠯᠢᠩ ᠵᠢᠨᠣᠩ (ᠪᠠᠷᠰᠪᠣᠯᠣᠳ ᠤᠨ ᠶᠡᠭᠡ ᠬᠦᠪᠡᠭᠦᠨ)᠂ ᠠᠯᠳᠠᠨ (ᠪᠠᠷᠰᠪᠣᠯᠣᠳ ᠤᠨ ᠬᠣᠶᠠᠳᠣᠭᠠᠷ ᠬᠦᠪᠡᠬᠦᠨ) ᠨᠠᠷ ᠲᠠᠢ ᠬᠠᠮᠳᠣᠷᠠᠨ ᠭᠣᠷᠪᠠᠨᠳᠠ ᠪᠠᠶᠢᠯᠳᠣᠵᠣ ᠢᠯᠠᠭᠰᠠᠨ ᠶᠣᠮ᠃ ᠡᠴᠦᠰ ᠦᠨ ᠣᠳᠠᠭ᠎ᠠ ᠳᠤ ᠣᠷᠢᠶᠠᠩᠬᠠᠢᠴᠣᠳ ᠢᠯᠠᠭᠳᠠᠨ ᠲᠣᠣᠷᠠᠢ ᠨᠣᠶᠠᠨ ᠂ ᠭᠡᠷᠪᠥᠯᠥᠳ ᠴᠢᠩᠰᠠᠩ ᠨᠠᠷ ᠪᠠᠭᠣᠵᠣ ᠦᠭᠴᠡᠢ ᠃ ᠪᠣᠳᠢ ᠠᠯᠠᠭ ᠬᠠᠭᠠᠨ ᠣᠷᠢᠶᠠᠩᠬᠠᠢ ᠲᠦᠮᠡᠨ ᠦ ᠵᠠᠰᠠᠭ ᠵᠠᠬᠢᠷᠭ᠎ᠠ ᠶᠢ ᠬᠦᠴᠦᠨ ᠦᠭᠡᠢ ᠪᠣᠯᠭᠠᠬᠣ ᠵᠢ ᠲᠣᠩᠬᠠᠯᠠᠵᠣ ᠂ ᠣᠷᠢᠶᠠᠩᠬᠠᠶᠢᠴᠣᠳ ᠢ ᠪᠣᠰᠣᠳ ᠲᠦᠮᠡᠨ ᠳᠦ ᠬᠣᠪᠢᠶᠠᠨ ᠦᠭᠴᠦ ᠠᠯᠪᠠᠳᠣ ᠪᠣᠯᠭᠠᠭᠰᠠᠨ ᠪᠠᠶᠢᠨ᠎ᠠ᠃

ᠣᠷᠢᠶᠠᠩᠬᠠᠢ ᠶᠢᠨ ᠲᠠᠶᠢᠨ ᠳᠤ ᠭᠠᠪᠢᠶ᠎ᠠ ᠪᠠᠶᠢᠭᠣᠯᠣᠭᠰᠠᠨ ᠨᠣᠶᠠᠳ ᠢ ᠬᠦᠬᠢᠬᠦᠯᠦᠨ ᠱᠠᠩᠨᠠᠵᠣ ᠂ ᠪᠠᠷᠠᠭᠣᠨ ᠭᠠᠷ ᠤᠨ ᠬᠦᠪᠡᠭᠡᠯᠢᠩ ᠵᠢᠨᠣᠩ ᠳᠤ ᠮᠡᠷᠭᠡᠨ ᠵᠢᠨᠣᠩ ᠴᠣᠯᠠ ᠬᠠᠶᠢᠷᠠᠯᠠᠵᠣ ᠂ ᠬᠦᠪᠡᠭᠡᠯᠢᠩ ᠵᠢᠨᠣᠩ ᠤᠨ ᠲᠡᠬᠦᠦ ᠠᠯᠳᠠᠨ ᠳᠤ ᠠᠯᠳᠠᠨ ᠰᠣᠳᠣ ᠬᠠᠨ ᠴᠣᠯᠠ ᠰᠣᠶᠣᠷᠬᠠᠵᠠᠢ᠃ ᠲᠡᠦᠭᠡᠨ ᠳᠦ ᠠᠯᠳᠠᠷ ᠲᠠᠢ ᠲᠦᠮᠡᠳ ᠦᠨ ᠠᠯᠳᠠᠨ ᠬᠠᠨ ᠬᠡᠮᠡᠭᠴᠢ ᠡᠨᠡ ᠪᠣᠶᠣ ᠃

ᠪᠣᠳᠢ ᠠᠯᠠᠭ ᠬᠠᠭᠠᠨ ᠤ ᠲᠣᠣᠷᠠᠬᠢ ᠲᠦᠰᠢᠮᠡᠳ ᠬᠡᠳᠦᠨᠳᠡ ᠰᠠᠨᠠᠯ ᠭᠠᠷᠭᠠᠵᠣ ᠪᠠᠷᠠᠭᠣᠨ ᠭᠣᠷᠪᠠᠨ ᠲᠦᠮᠡᠨ ᠢ ᠲᠣᠪᠳᠣᠯᠵᠣ ᠨᠡᠶᠢᠯᠠᠬᠦᠯᠬᠦ ᠵᠢ ᠵᠣᠷᠢᠭᠰᠠᠨ ᠴᠤ ᠪᠣᠳᠢ ᠠᠯᠠᠭ ᠬᠠᠭᠠᠨ ᠡᠴᠦᠰ ᠲᠤ ᠦᠯᠦ ᠵᠦᠪᠰᠢᠶᠡᠷᠡᠭᠰᠡᠨ ᠶᠣᠮ᠃ (ᠪᠦᠷᠢᠨ ᠠᠭᠤᠯᠭ᠎ᠠ ᠶᠢ ᠤᠩᠰᠢᠬᠤ)

Timberland
Timberland

 ᠥᠨᠥᠳᠥᠷ ᠳᠡᠯᠡᠬᠡᠢ ᠳᠡᠭᠡᠷ᠎ᠡ ᠣᠯᠠᠨ ᠬᠦᠮᠦᠨ ᠠᠯᠳᠠᠷᠲᠤ 《Timberland》 ᠲᠠᠮᠳᠡᠭ  ᠤᠨ ᠭᠤᠲᠤᠯ ᠢ ᠡᠮᠦᠰᠳᠡᠭ ᠪᠣᠯᠪᠠᠴᠤ᠂ ᠠᠩᠬ᠎ᠠ ᠬᠡᠨ ᠭᠡᠭᠴᠢ ᠬᠦᠮᠦᠨ ᠡᠨᠡᠬᠦ ᠭᠤᠲᠤᠯ ᠢ ᠵᠣᠬᠢᠶᠠᠨ ᠪᠦᠲᠦᠭᠡᠭᠰᠡᠨ ᠢ ᠰᠠᠶᠢᠨ ᠮᠡᠳᠡᠳᠡᠭ ᠦᠭᠡᠢ ᠪᠢᠯᠡ᠃ ᠲᠡᠭᠡᠪᠡᠯ ᠤᠺᠷᠠᠶᠢᠨ ᠤ ᠣᠳᠧᠰᠰᠠ ᠬᠣᠲᠠ  ᠳᠤ ᠠᠮᠢᠳᠤᠷᠠᠳᠠᠭ ᠡᠭᠡᠯ ᠵᠢᠷ ᠦᠨ ᠶᠧᠸᠷᠧᠢ᠂ ᠬᠦᠮᠦᠨ ᠲᠥᠷᠦᠯᠬᠢᠲᠡᠨ ᠦ ᠲᠡᠦᠬᠡ ᠶᠢ ᠥᠭᠡᠷᠡᠴᠢᠯᠡᠭᠰᠡᠨ ᠭᠠᠶᠢᠬᠠᠯᠲᠠᠢ ᠪᠦᠲᠦᠭᠡᠯ ᠢᠶᠡᠨ 1952  ᠤᠨ ᠳᠤ ᠬᠢᠵᠦ ᠪᠠᠶᠢᠵᠠᠢ᠃ ᠲᠡᠭᠦᠨ ᠢ ᠨᠠᠲᠤᠨ ᠱᠸᠠᠷᠴᠠ (Natan Schwartz) ᠭᠡᠳᠡᠭ᠃ (ᠪᠦᠷᠢᠨ ᠠᠭᠤᠯᠭ᠎ᠠ ᠶᠢ ᠤᠩᠰᠢᠬᠤ)

ᠵᠠᠰᠠᠭᠲᠤ ᠬᠠᠨ ᠰᠣᠳᠨᠠᠮᠠᠷᠠᠪᠳᠠᠨ
ᠵᠠᠰᠠᠭᠲᠤ ᠬᠠᠨ ᠰᠣᠳᠨᠠᠮᠠᠷᠠᠪᠳᠠᠨ

ᠳᠣᠷᠵᠢᠫᠠᠯᠠᠮ ᠤᠨ ᠰᠣᠳᠨᠠᠮᠠᠷᠠᠪᠳᠠᠨ ᠨᠢ (1867-1912) 1898-1912 ᠤᠨ ᠤ ᠬᠣᠭᠣᠷᠣᠨᠳᠣ ᠬᠠᠯᠬ᠎ᠠ ᠶᠢᠨ ᠡᠷᠳᠡᠨᠢ ᠪᠢᠰᠢᠷᠡᠯᠲᠦ ᠵᠠᠰᠠᠭᠲᠤ ᠬᠠᠨ ᠪᠠᠶᠢᠭᠰᠠᠨ ᠶᠤᠮ᠃ ᠲᠡᠷᠡ ᠵᠠᠰᠠᠭᠲᠤ ᠬᠠᠨ ᠳᠣᠷᠵᠢᠫᠠᠯᠠᠮ ᠤᠨ ᠬᠣᠶᠠᠷᠳᠤᠭᠠᠷ ᠬᠦᠦ ᠪᠣᠯᠵᠤ ᠲᠥᠷᠦᠵᠡᠢ᠃ ᠰᠣᠨᠣᠮᠤᠷᠠᠪᠳᠠᠨ ᠪᠣᠯ ᠲᠤᠬᠠᠢ ᠶᠢᠨ ᠦᠶ᠎ᠡ ᠳᠦ ᠬᠠᠯᠬ᠎ᠠ᠂ ᠥᠪᠥᠷᠯᠡᠭᠴᠢ᠂ ᠬᠥᠬᠡ ᠨᠠᠭᠤᠷ ᠤᠨ ᠣᠯᠠᠨ ᠮᠣᠩᠭᠣᠯ ᠨᠣᠶᠠᠳ ᠤᠨ ᠳᠣᠲᠣᠷ᠎ᠠ ᠨᠡᠷ᠎ᠡ ᠬᠦᠨᠳᠦᠲᠡᠢ ᠬᠦᠮᠦᠨ ᠪᠠᠶᠢᠭᠰᠠᠨ ᠶᠤᠮ᠃ 1898 ᠤᠨ ᠳᠤ ᠳᠣᠷᠵᠢᠫᠠᠯᠠᠮ ᠬᠠᠨ ᠥᠪᠡᠷ ᠦᠨ ᠴᠣᠯᠠ ᠶᠢ ᠲᠣᠮᠣ ᠬᠦᠦ ᠰᠡᠷᠡᠩᠭᠣᠮᠪᠣᠵᠠᠪ ᠲᠤ ᠪᠤᠰᠤ ᠬᠠᠷᠢᠨ ᠳᠡᠭᠦᠦ ᠰᠣᠳᠨᠠᠮᠠᠷᠠᠪᠳᠠᠨ ᠳᠤ ᠵᠠᠯᠭᠠᠮᠵᠢᠯᠠᠭᠤᠯᠤᠭᠰᠠᠨ ᠶᠤᠮ᠃ ᠬᠠᠷᠢᠨ ᠲᠣᠮᠣ ᠬᠦᠦ ᠪᠡᠨ ᠠᠷᠤ ᠶᠢᠨ ᠬᠡᠶᠢᠳ ᠲᠦ ᠲᠣᠶᠢᠨ ᠪᠣᠯᠭᠠᠵᠠᠢ᠃ (ᠪᠦᠷᠢᠨ ᠠᠭᠤᠯᠭ᠎ᠠ ᠶᠢ ᠤᠩᠰᠢᠬᠤ)

ᠰᠦᠬᠡᠪᠠᠭᠠᠲᠤᠷ ᠠᠶᠢᠮᠠᠭ
ᠰᠦᠬᠡᠪᠠᠭᠠᠲᠤᠷ ᠠᠶᠢᠮᠠᠭ

ᠮᠤᠩᠭ᠋ᠣᠯ ᠤᠯᠤᠰ ᠦᠨ ᠰᠦᠬᠡᠪᠠᠭᠠᠲᠤᠷ ᠠᠶᠢᠮᠠᠭ  ᠤᠨ ᠨᠤᠲᠤᠭ ᠳᠡᠪᠢᠰᠬᠡᠷ ᠨᠢ 1921 ᠡᠤᠨ ᠠᠴᠠ ᠡᠮᠦᠨ᠎ᠡ ᠬᠠᠯᠬ᠎ᠠ ᠍ ᠤᠨ ᠰᠡᠴᠡᠨ ᠬᠠᠨ ᠠᠶᠢᠮᠠᠭ ᠤᠨ ᠴᠢᠨ ᠸᠠᠩ ᠬᠣᠰᠢᠭᠤ᠂ ᠳᠠᠯᠠᠢ ᠸᠠᠩ ᠬᠣᠰᠢᠭᠤ᠂ ᠶᠣᠰᠣᠲᠤ ᠪᠡᠶᠢᠰᠡ ᠬᠣᠰᠢᠭᠤ᠂ ᠡᠷᠬᠡ ᠭᠦᠩ ᠬᠣᠰᠢᠭᠤ᠂ ᠬᠤᠷᠴᠠ ᠵᠠᠰᠠᠭ ᠬᠣᠰᠢᠭᠤ᠂ ᠶᠥᠭᠦᠵᠡᠷ ᠬᠤᠲᠤᠭᠲᠤ ᠶᠢᠨ ᠱᠠᠪᠢ ᠬᠣᠰᠢᠭᠤ ᠭᠡᠰᠡᠨ 6 ᠬᠣᠰᠢᠭᠤᠨ ᠤ ᠨᠤᠲᠤᠭ᠂ 1931 ᠡᠤᠨ ᠳᠤ ᠬᠠᠯᠬ᠎ᠠ ᠶᠢᠨ 4 ᠠᠶᠢᠮᠠᠭ ᠢ 13 ᠠᠶᠢᠮᠠᠭ ᠪᠣᠯᠭᠠᠨ ᠥᠭᠡᠷᠡᠴᠢᠯᠡᠬᠦ ᠳᠦ ᠬᠡᠨᠲᠡᠢ᠂ ᠳᠣᠷᠣᠨᠠᠲᠤ ᠠᠶᠢᠮᠠᠭ ᠲᠤ ᠬᠠᠷᠢᠶᠠᠯᠠᠭᠳᠠᠵᠤ ᠪᠠᠶᠢᠯ᠎ᠠ᠃ ᠲᠤᠰ ᠠᠶᠢᠮᠠᠭ ᠤᠨ ᠨᠤᠲᠤᠭ ᠤᠨ ᠬᠢᠯᠢ ᠶᠢᠨ ᠨᠡᠶᠢᠲᠡ ᠤᠷᠲᠤ 1340 ᠺᠢᠯᠣᠮᠧᠲ᠋ᠷ ᠪᠥᠭᠡᠳ ᠤᠷᠢᠳᠤ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠲᠠᠢ 485 ᠺᠢᠯᠣᠮᠧᠲ᠋ᠷ᠂ ᠪᠠᠷᠠᠭᠤᠨ ᠲᠠᠯ᠎ᠠ ᠪᠠᠷ ᠢᠶᠠᠨ ᠳᠣᠷᠣᠨᠠᠭᠣᠪᠢ ᠠᠶᠢᠮᠠᠭ ᠲᠠᠢ 165 ᠺᠢᠯᠣᠮᠧᠲ᠋ᠷ᠂ ᠬᠣᠶᠢᠲᠤ ᠲᠠᠯ᠎ᠠ ᠪᠠᠷ ᠢᠶᠠᠨ ᠬᠡᠨᠲᠡᠢ ᠠᠶᠢᠮᠠᠭ ᠲᠠᠢ 260 ᠺᠢᠯᠣᠮᠧᠲ᠋ᠷ᠂ ᠵᠡᠭᠦᠨ ᠬᠣᠶᠢᠲᠤ ᠲᠠᠯ᠎ᠠ ᠪᠠᠷ ᠢᠶᠠᠨ ᠳᠣᠷᠣᠨᠠᠲᠤ ᠠᠶᠢᠮᠠᠭ ᠲᠠᠢ 430 ᠺᠢᠯᠣᠮᠧᠲ᠋ᠷ ᠭᠠᠵᠠᠷ ᠢᠶᠠᠷ ᠲᠤᠰ ᠲᠤᠰ ᠬᠢᠯᠢᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠠᠨᠠᠷ
ᠠᠨᠠᠷ

ᠠᠨᠠᠷ( 石榴 )᠄᠌ ᠲᠤᠰ ᠡᠮ ᠪᠣᠯ ᠠᠨᠠᠷ ᠤᠨ ᠢᠵᠠᠭᠤᠷ ᠤᠨ ᠨᠠᠪᠴᠢ ᠵᠤᠯᠭᠠᠷᠠᠬᠤ ᠪᠤᠲᠠ ᠮᠣᠳᠤ ᠪᠣᠯᠬᠤ ᠠᠨᠠᠷ  ᠤᠨ ᠬᠠᠲᠠᠭᠠᠭᠰᠠᠨ ᠪᠣᠯᠪᠠᠰᠤᠷᠠᠮᠠᠯ ᠵᠢᠮᠢᠰ ᠮᠥᠨ ᠃ ᠢᠯᠴᠢ ᠶᠢ ᠰᠡᠯᠪᠢᠬᠦ ᠂ ᠪᠠᠳ᠍ᠭᠠᠨ ᠬᠦᠢᠲᠡᠨ ᠢ ᠠᠷᠢᠯᠭᠠᠬᠤ ᠂ ᠢᠳᠡᠭᠡᠨ ᠢ ᠰᠢᠩᠬᠡᠬᠡᠭᠦ ᠂ ᠳᠤᠷ᠎ᠠ ᠶᠢ ᠨᠡᠬᠡᠬᠡᠭᠦ ᠂ ᠰᠠᠭᠤᠯᠭᠠᠬᠤ ᠶᠢ ᠵᠣᠭᠰᠤᠭᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠷᠧᠨᠴᠢᠨ ᠦ ᠴᠣᠶᠢᠨᠠᠮ
ᠷᠧᠨᠴᠢᠨ ᠦ ᠴᠣᠶᠢᠨᠠᠮ

ᠷᠢᠨᠴᠢᠨ  ᠦ ᠴᠤᠶᠢᠨᠤᠮ  ᠨᠢ ᠮᠣᠩᠭᠣᠯ ᠤᠯᠤᠰ ᠤᠨ ᠢᠷᠠᠭᠤ ᠨᠠᠶᠢᠷᠠᠭᠴᠢ ᠪᠠᠶᠢᠪᠠ᠃ 1936 ᠤᠨ ᠳᠤ ᠮᠤᠩᠭᠤᠯ ᠤᠯᠤᠰ ᠤᠨ ᠬᠡᠨᠲᠡᠢ ᠠᠶᠢᠮᠠᠭ ᠤᠨ ᠳᠠᠷᠬᠠᠨ ᠰᠤᠮᠤ ᠳᠤ  ᠲᠦ᠋ᠷᠦᠵᠠᠢ᠃ "ᠭᠠᠯ ᠮᠣᠷᠢᠨ ᠴᠠᠭ"᠂ "ᠵᠠᠯᠠᠭᠤ ᠨᠠᠰᠤ"᠂ "ᠰᠦᠮ᠎ᠡ ᠲᠡᠢ ᠪᠤᠳᠠᠷ  ᠤᠨ ᠴᠢᠯᠠᠭᠤ"᠂ "ᠲᠠᠯ᠎ᠠ"᠂ "ᠤᠯᠠᠭᠠᠨ ᠳᠡᠪᠲᠡᠷ"᠂ "ᠬᠦᠮᠦᠨ" ᠵᠡᠷᠭᠡ ᠪᠦᠲᠦᠭᠡᠯ ᠤᠳ ᠢ ᠲᠤᠭᠤᠷᠪᠢᠵᠠᠢ᠃ 1990 ᠤᠨ ᠳᠤ ᠮᠣᠩᠭᠣᠯ ᠤᠯᠤᠰ ᠍ ᠤᠨ ᠲᠥᠷᠥ ᠶᠢᠨ ᠱᠠᠩᠨᠠᠯ ᠍ ᠢ ᠨᠡᠬᠡᠨ ᠣᠯᠭᠤᠵᠠᠢ(ᠪᠦᠷᠢᠨ ᠠᠭᠤᠯᠭ᠎ᠠ ᠶᠢ ᠤᠩᠰᠢᠬᠤ)

ᠴᠢᠯᠠᠭᠤᠨ ᠮᠠᠨᠳᠤᠯ
ᠴᠢᠯᠠᠭᠤᠨ ᠮᠠᠨᠳᠤᠯ

ᠴᠢᠯᠠᠭᠤᠨ ᠮᠠᠨᠳᠤᠯ(Lithosphere 岩石圈) ᠡᠴᠡ ᠳᠡᠭᠡᠭᠰᠢᠬᠢ ᠮᠠᠨᠲ᠋ᠢ(地幔) ᠍ ᠶᠢᠨ ᠳᠡᠭᠡᠳᠦ ᠬᠡᠰᠡᠭ ᠳᠡᠭᠡᠷᠡᠬᠢ ᠭᠠᠵᠠᠷ ᠤᠨ ᠳᠠᠪᠬᠤᠷᠭ᠎ᠠ ᠶᠢ ᠪᠦᠬᠦᠯᠢ ᠳᠦ ᠨᠢ ᠴᠢᠯᠠᠭᠤᠨ ᠮᠠᠨᠳᠤᠯ ᠭᠡᠳᠡᠭ᠃ ᠳᠡᠯᠡᠬᠡᠢ ᠶᠢᠨ ᠬᠠᠲᠠᠭᠤ ᠪᠦᠷᠬᠦᠪᠴᠢ ᠪᠣᠯᠬᠤ ᠭᠠᠵᠠᠷ ᠤᠨ ᠳᠠᠪᠬᠤᠷᠭ᠎ᠠ ᠨᠢ ᠡᠷᠦᠳᠡᠰᠦ ᠴᠢᠯᠠᠭᠤᠯᠢᠭ ᠤᠳ ᠪᠤᠶᠤ ᠲᠡᠳᠡᠭᠡᠷ ᠦᠨ ᠥᠭᠢᠷᠡᠰᠢᠯ ᠦᠨ ᠪᠦᠲᠦᠭᠡᠭᠳᠡᠬᠦᠨ ᠡᠴᠡ ᠪᠥᠷᠢᠯᠳᠦᠨ ᠲᠣᠭᠲᠠᠨ᠎ᠠ᠃ ᠴᠢᠯᠠᠭᠤᠯᠢᠭ ᠤᠳ ᠨᠢ ᠭᠠᠷᠤᠯ ᠡᠭᠦᠰᠦᠯ᠂ ᠨᠠᠶᠢᠷᠠᠯᠭ᠎ᠠ᠂ ᠪᠦᠲᠦᠴᠡ᠂ ᠹᠢᠽᠢᠺ᠂ ᠬᠢᠮᠢ ᠶᠢᠨ ᠰᠢᠨᠵᠢ ᠪᠡᠷ ᠢᠶᠡᠨ ᠣᠯᠠᠨ ᠶᠠᠩᠵᠤ ᠪᠠᠶᠢᠳᠠᠭ᠃ ᠳᠡᠯᠡᠬᠡᠢ ᠶᠢᠨ ᠴᠢᠯᠠᠭᠤᠯᠢᠭ ᠨᠢ ᠲᠤᠨᠤᠮᠠᠯᠬᠤᠪᠢᠷᠠᠮᠠᠯᠮᠠᠭᠮᠠ ᠶᠢᠨ ᠴᠢᠯᠠᠭᠤᠯᠢᠭ ᠠᠴᠠ ᠲᠣᠭᠲᠠᠬᠤ ᠪᠠ ᠹᠢᠽᠢᠺ ᠰᠢᠨᠵᠢ ᠴᠢᠨᠠᠷ ᠢᠶᠠᠷ ᠨᠢ ᠴᠢᠯᠠᠭᠤᠯᠢᠭ ᠳᠠᠪᠬᠤᠷᠭ᠎ᠠ ᠶᠢ 1-3 ᠦᠶ᠎ᠡ ᠳᠠᠪᠬᠤᠷᠭ᠎ᠠ ᠳᠤ ᠬᠤᠪᠢᠶᠠᠨ᠎ᠠ᠃ (ᠪᠦᠷᠢᠨ ᠠᠭᠤᠯᠭ᠎ᠠ ᠶᠢ ᠤᠩᠰᠢᠬᠤ)

ᠪᠠᠷᠰᠪᠣᠯᠣᠳ ᠵᠢᠨᠦᠩ
Beiyuan.jpg

ᠪᠠᠷᠰᠪᠣᠯᠣᠳ ᠵᠢᠨᠦᠩ (1488-1519) 1488 ᠤᠨ ᠤ ᠰᠢᠷ᠎ᠠ ᠪᠡᠴᠢᠨ ᠵᠢᠯ ᠲᠥᠷᠦᠵᠥ᠂ 1519 ᠤᠨ ᠤ ᠰᠢᠷᠠᠭᠴᠢᠨ ᠲᠠᠤᠯᠠᠢ ᠵᠢᠯ ᠲᠠᠭᠠᠯᠠᠯ ᠲᠡᠭᠦᠰᠴᠡᠢ᠃ 1517 ᠤᠨ ᠤ ᠤᠯᠠᠭᠴᠢᠨ ᠦᠬᠡᠷ ᠵᠢᠯ ᠬᠠᠭᠠᠨ ᠰᠠᠭᠤᠭᠰᠠᠨ ᠪᠠ 31 ᠨᠠᠰᠤᠯᠠᠭᠰᠠᠨ᠃ ᠪᠠᠲᠤᠮᠦ᠋ᠩᠬᠡ ᠳᠠᠶᠠᠨ ᠬᠠᠭᠠᠨ ᠤ 2 ᠍ ᠋ᠳ᠋ᠣᠭᠠᠷ ᠬᠦᠦ ᠶᠤᠮ᠃ ᠳᠠᠶᠠᠨ ᠬᠠᠭᠠᠨ ᠢ ᠨᠠᠰᠤ ᠪᠠᠷᠠᠭᠰᠠᠨ ᠤ ᠳᠠᠷᠠᠭ᠎ᠠ ᠪᠣᠳᠢ ᠠᠯᠠᠭ ᠮᠣᠩᠭᠣᠯ ᠤᠨ ᠡᠵᠡᠨᠲᠦ ᠭᠦᠷᠦᠨ ᠢ ᠤᠳᠤᠷᠢᠳᠬᠤ ᠳᠤ ᠲᠤᠷᠰᠢᠯᠭ᠎ᠠ ᠪᠠᠭ᠎ᠠ᠂ ᠮᠥᠨ ᠳᠡᠩᠳᠡᠭᠦᠦ ᠵᠠᠯᠠᠭᠤ ᠪᠠᠶᠢᠭᠰᠠᠨ ᠤᠴᠢᠷ ᠠᠴᠠ ᠪᠠᠷᠰᠪᠣᠯᠣᠳ ᠥᠪᠡᠷ ᠢ ᠪᠡᠨ ᠬᠠᠭᠠᠨ ᠭᠡᠵᠦ ᠵᠠᠷᠯᠠᠪᠠ ᠂ ᠲᠡᠦᠭᠡᠨ ᠳᠦ ᠪᠠᠰᠠ ᠰᠠᠶᠢᠨ ᠠᠯᠠᠭ ᠬᠠᠭᠠᠨ ᠭᠡᠳᠡᠭ᠃ ᠭᠡᠰᠡᠨ ᠬᠡᠳᠦᠢ ᠴᠤ ᠪᠣᠳᠢ ᠠᠯᠠᠭ ᠬᠠᠭᠠᠨ ᠥᠪᠡᠷ ᠦᠨ ᠬᠠᠭᠠᠨ ᠤ ᠬᠡᠷᠭᠡᠮ ᠵᠡᠷᠭᠡ ᠶᠢ ᠪᠠᠷᠰᠪᠣᠯᠣᠳ ᠲᠤ ᠲᠡᠶᠢᠮᠦ ᠴᠤ ᠠᠮᠠᠷ ᠥᠭᠬᠦ ᠶᠢ ᠬᠦᠰᠡᠭᠰᠡᠨ ᠦᠭᠡᠢ᠃ ᠲᠤᠬᠠᠢ ᠶᠢᠨ ᠦᠶ᠎ᠡ ᠶᠢᠨ ᠮᠣᠩᠭᠣᠯᠴᠤᠳ ᠳᠠᠶᠢᠨ ᠲᠤᠯᠤᠭᠠᠨ ᠠᠴᠠ ᠦᠨᠡᠬᠡᠷ ᠵᠠᠯᠬᠠᠵᠤ᠂ ᠡᠩᠭᠡ ᠲ᠋ᠠᠶᠢᠪᠤᠩ  ᠢ ᠬᠦᠰᠡᠮᠵᠢᠯᠡᠬᠦ ᠪᠣᠯᠤᠭᠰᠠᠨ ᠡᠴᠡ ᠪᠣᠳᠢ ᠠᠯᠠᠭ ᠬᠠᠭᠠᠨ ᠳᠤ ᠳᠠᠭᠠᠷ᠎ᠠ ᠣᠷᠣᠭᠰᠠᠨ ᠢᠶᠠᠷ ᠪᠣᠳᠢ ᠠᠯᠠᠭ ᠬᠠᠭᠠᠨ ᠪᠠᠷᠰᠪᠣᠯᠣᠳ ᠵᠢᠨᠤᠩ ᠠᠴᠠ ᠢᠯᠡᠭᠦᠦ ᠬᠦᠴᠦᠲᠡᠢ ᠪᠣᠯᠵᠤ᠂ ᠪᠠᠷᠰᠪᠣᠯᠣᠳ ᠵᠢᠨᠦᠩ ᠴᠢᠰᠤ ᠤᠷᠤᠰᠬᠠᠬᠤ ᠠᠴᠠ ᠲᠠᠲᠠᠭᠠᠯᠵᠠᠨ ᠪᠠᠭᠤᠯᠲᠠ ᠬᠢᠭᠰᠡᠨ ᠢᠶᠡᠷ ᠭᠤᠷᠪᠠᠨ ᠵᠢᠯ ᠦᠷᠭᠦᠯᠵᠢᠯᠡᠭᠰᠡᠨ ᠬᠠᠭᠠᠨ ᠰᠢᠷᠡᠭᠡᠨ ᠦ ᠲᠥᠯᠦᠭᠡᠬᠢ ᠲᠡᠮᠡᠴᠡᠯ ᠲᠡᠭᠦᠰᠴᠦ᠂ ᠪᠣᠳᠢ ᠠᠯᠠᠭ ᠮᠣᠩᠭᠣᠯ ᠤᠨ ᠬᠠᠭᠠᠨ ᠰᠢᠷᠡᠭᠡᠨ ᠳᠦ ᠰᠠᠭᠤᠪᠠ᠃ ᠪᠠᠷᠰᠪᠣᠯᠣᠳ ᠵᠢᠨᠦᠩ ᠨᠢ ᠮᠠᠰᠢ ᠵᠣᠷᠢᠭᠲᠠᠢ᠂ ᠶᠡᠷᠦ ᠪᠤᠰᠤ ᠶᠢᠨ ᠴᠡᠷᠢᠭ ᠳᠠᠶᠢᠨ ᠤ ᠴᠢᠳᠠᠪᠤᠷᠢ ᠲᠠᠢ ᠨᠢᠭᠡᠨ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 05 20 1

ᠤᠯᠠᠭᠠᠨᠬᠠᠳᠠ
ᠤᠯᠠᠭᠠᠨᠬᠠᠳᠠ

ᠤᠯᠠᠭᠠᠨᠬᠠᠳᠠ ᠬᠣᠲᠠ (ᠬᠢᠲᠠᠳ: 赤峰) ᠨᠢ ᠥᠪᠥᠷ ᠮᠣᠩᠭᠣᠯ ᠤᠨ ᠠᠶᠢᠮᠠᠭ ᠤᠨ ᠲᠡᠰ ᠦᠨ ᠬᠣᠲᠠ ᠨᠤᠭᠤᠳ ᠤᠨ ᠨᠢᠭᠡ ᠶᠤᠮ᠎᠃ ᠪᠠᠷᠠᠭᠤᠨ ᠪᠣᠯᠤᠨ ᠬᠣᠶᠢᠳᠤ ᠲᠠᠯ᠎ᠠ ᠪᠠᠷ ᠢᠶᠠᠨ ᠰᠢᠯᠢ ᠶᠢᠨ ᠭᠣᠣᠯ ᠠᠶᠢᠮᠠᠭ᠂ ᠵᠡᠭᠦᠨ ᠬᠣᠶᠢᠳᠤ ᠲᠠᠯ᠎ᠠ ᠪᠠᠷ ᠢᠶᠠᠨ ᠲᠣᠩᠭᠯᠢᠶᠣᠣ ᠬᠣᠲᠠ᠂ ᠡᠮᠦᠨ᠎ᠡ ᠲᠠᠯ᠎ᠠ ᠪᠠᠷ ᠢᠶᠠᠨ ᠯᠢᠶᠤᠤᠨᠢᠩᠾᠸᠪᠸᠢ ᠮᠤᠵᠢ ᠲᠠᠢ ᠬᠢᠯᠢᠯᠡᠨ᠎ᠡ᠃ ᠲᠤᠰ ᠬᠣᠲᠠ ᠶᠢᠨ 90,275 ᠺᠦᠸᠠᠳ᠋ ᠺᠢᠯᠣᠮᠧᠲ᠋ᠷ ᠭᠠᠵᠠᠷ ᠨᠤᠲᠤᠭ ᠲᠤ 2004 ᠤᠨ ᠤ ᠪᠠᠶᠢᠳᠠᠯ ᠢᠶᠠᠷ 448 ᠲᠦᠮᠡᠨ ᠬᠦᠮᠦᠨ ᠣᠷᠣᠰᠢᠨ ᠰᠠᠭᠤᠵᠤ ᠪᠠᠶᠢᠪᠠ᠃ᠤᠯᠠᠭᠠᠨᠬᠠᠳᠠ ᠬᠣᠲᠠ ᠨᠢ 3 ᠳᠡᠭᠦᠷᠭᠡ᠂ 2 ᠲᠣᠭᠣᠷᠢᠭ᠂ 7 ᠬᠣᠰᠢᠭᠤᠨ ᠠᠴᠠ ᠪᠥᠷᠢᠳᠦᠨ᠎ᠡ᠃ (ᠪᠦᠷᠢᠨ ᠠᠭᠤᠯᠭ᠎ᠠ ᠶᠢ ᠤᠩᠰᠢᠬᠤ)

ᠴᠢᠯᠠᠭᠣᠨ ᠲᠣᠰᠣ
ᠴᠢᠯᠠᠭᠣᠨ ᠲᠣᠰᠣ

᠋᠋᠋ ᠴᠢᠯᠠᠭᠣᠨ ᠲᠣᠰᠣ (Petroleum - ᠭᠷᠧᠺ ᠭᠠᠷᠤᠯ ᠲᠠᠢ᠂ ᠯᠠᠲ᠋ᠢᠨ ᠦᠭᠡ ᠪᠥᠭᠡᠳ πετρα - ᠴᠢᠯᠠᠭᠤ + ολιον - ᠲᠣᠰᠣ) ᠨᠢ ᠣᠯᠠᠨ ᠲᠥᠷᠥᠯ ᠦᠨ ᠨᠡᠭᠦᠷᠡᠰᠦᠲᠥᠷᠦᠭᠴᠢ ᠤᠰᠦᠲᠦᠷᠦᠭᠴᠢ ᠡᠴᠡ ᠲᠣᠭᠲᠠᠬᠤ ᠰᠢᠩᠭᠡᠨ᠂ ᠰᠢᠲᠠᠬᠤ ᠠᠰᠢᠭᠲᠤ ᠮᠠᠯᠲᠠᠮᠠᠯ ᠶᠤᠮ᠃ ᠠᠯᠺᠠᠨ ᠨᠢ ᠴᠢᠯᠠᠭᠣᠨ ᠲᠣᠰᠣ ᠶᠢ ᠪᠦᠷᠢᠳᠦᠭᠦᠯᠦᠭᠴᠢ ᠦᠨᠳᠦᠰᠦᠨ ᠨᠡᠭᠦᠷᠡᠰᠦᠲᠥᠷᠦᠭᠴᠢ ᠤᠰᠦᠲᠦᠷᠦᠭᠴᠢ ᠪᠥᠭᠡᠳ C5H12᠎ᠠ ᠠᠴᠠ C18H38 ᠬᠦᠷᠲᠡᠯᠡᠬᠢ ᠨᠢᠭᠡᠳᠦᠯ ᠦᠳ ᠨᠢ ᠲᠠᠭᠠᠷᠠᠯᠳᠤᠨ᠎ᠠ᠃ ᠡᠭᠦᠨ ᠡᠴᠡ ᠬᠥᠩᠭᠡᠨ ᠨᠡᠭᠦᠷᠡᠰᠦ ᠤᠰᠤᠲᠦᠷᠦᠭᠴᠢ ᠨᠢ ᠬᠡᠢ ᠶᠢᠨ ᠲᠥᠯᠥᠪᠲᠦ ᠪᠠᠶᠢᠭᠠᠯᠢ ᠶᠢᠨ ᠬᠡᠢ ᠪᠣᠯᠤᠨ ᠲᠣᠰᠤᠨ ᠤ ᠬᠡᠢ᠂ ᠬᠠᠷᠢᠨ ᠬᠦᠨᠳᠦ ᠨᠦᠭᠦᠳ ᠨᠢ ᠬᠠᠲᠠᠭᠤ ᠲᠥᠯᠥᠪ ᠲᠦ ᠤᠷᠤᠰᠢᠬᠤ ᠪᠠ ᠨᠡᠭᠦᠷᠡᠰᠦᠨ ᠦ ᠦᠨᠳᠦᠰᠦᠨ ᠪᠦᠲᠦᠴᠡ ᠪᠣᠯᠤᠨ᠎ᠠ᠃ ᠃ (ᠪᠦᠷᠢᠨ ᠠᠭᠤᠯᠭ᠎ᠠ ᠶᠢ ᠤᠩᠰᠢᠬᠤ)

ᠠᠯᠠᠭ ᠪᠠᠮᠪᠤ ( ᠮᠣᠩᠭᠣᠯ ᠡᠮ ᠦᠨ ᠨᠤᠮᠤᠬᠠᠳᠬᠠᠯ ᠦᠨ ᠤᠬᠠᠭᠠᠨ)
ᠠᠯᠠᠭ ᠪᠠᠮᠪᠤ

ᠠᠯᠠᠭ ᠪᠠᠮᠪᠤ( ᠮᠣᠩᠭᠣᠯ ᠡᠮ ᠦᠨ ᠨᠤᠮᠤᠬᠠᠳᠬᠠᠯ ᠦᠨ ᠤᠬᠠᠭᠠᠨ)᠄ ᠲᠤᠰ ᠡᠮ ᠪᠣᠯ ᠳ᠋ᠢᠳᠠᠩ ᠴᠣᠬᠤ ᠵᠢᠨ ᠢᠵᠠᠭᠤᠷ  ᠦᠨ ᠰᠢᠪᠠᠵᠢ ᠡᠮᠦᠨᠡᠳᠦ ᠵᠢᠨ ᠲᠤᠷᠤᠭ ᠵᠢᠶᠠᠨᠭᠴᠠ ᠬᠣᠷᠤᠬᠠᠢ ᠪᠤᠶᠤ ᠵᠢᠵᠢᠭ᠌ ᠵᠢᠶᠠᠨᠭᠴᠠ ᠬᠣᠷᠤᠬᠠᠢ ᠵᠢᠨ ᠪᠦᠬᠦᠯᠢ ᠪᠡᠶ᠎ᠡ ᠮᠥᠨ ᠃ ᠲᠤᠰ ᠡᠮ ᠳᠦ ᠭᠣᠣᠯᠳᠠᠭᠤ ᠠᠯᠠᠭ ᠪᠠᠮᠪᠤ ᠵᠢᠨ ᠡᠳ᠋ ᠠᠭᠤᠯᠤᠭᠳᠠᠨ᠎ᠠ ᠃ ᠵᠤᠨ  ᠨᠠᠮᠤᠷ  ᠦᠨ ᠥᠷᠯᠦᠭᠡ ᠵᠢᠨ ᠰᠢᠭᠦᠳᠡᠷᠢ ᠠᠷᠢᠯᠬᠤ  ᠡᠴᠡ ᠡᠮᠦᠨ᠎ᠡ ᠪᠠᠷᠢᠵᠤ ᠂ ᠪᠤᠴᠠᠯᠤᠮ᠎ᠠ ᠤᠰᠤᠨ  ᠳᠦ ᠬᠢᠵᠦ ᠰᠢᠯᠵᠠᠯᠳ ᠠᠯᠠᠭᠠᠳ ᠨᠡᠷᠡᠨ ᠳᠦ ᠬᠠᠲᠠᠭᠠᠨ᠎ᠠ ᠃ ᠲᠤᠰ ᠡᠮ ᠪᠣᠯ ᠶᠡᠬᠡ ᠬᠣᠣᠷ  ᠲᠡᠢ ᠲᠤᠯᠠ ᠰᠠᠢᠲᠤᠷ  ᠨᠣᠮᠤᠬᠠᠳᠭᠠᠬᠤ  ᠦᠭᠡᠢ ᠪᠡᠷ ᠬᠡᠷᠡᠭᠯᠡᠪᠡᠯ ᠬᠣᠣᠷ  ᠲᠡᠢ ᠪᠠᠢᠳᠠᠭ ᠃ ᠨᠤᠮᠤᠬᠠᠳᠬᠠᠪᠠᠯ ᠲᠡᠭᠦᠨ  ᠤ ᠬᠣᠣᠷ ᠪᠠ ᠦᠮᠡᠬᠡᠢ ᠦᠨᠦᠷ ᠂ ᠭᠠᠵᠢᠭᠤ ᠦᠢᠯᠡᠳᠦᠯ ᠨᠢ ᠪᠠᠭᠠᠰᠴᠤ ᠂ ᠡᠮᠴᠢᠯᠡᠭᠡᠨ  ᠤ ᠦᠢᠯᠡᠳᠦᠯ ᠨᠢ ᠰᠠᠢᠵᠢᠷᠠᠬᠤ ᠮᠥᠷᠲᠡᠭᠡᠨ ᠬᠡᠷᠡᠭᠯᠡᠬᠦ  ᠳᠦ ᠳᠥᠬᠦᠮ ᠪᠣᠯᠤᠨ᠎ᠠ ᠃ ᠰᠤᠳᠠᠯ  ᠦᠨ ᠡᠪᠡᠳᠴᠢᠨ  ᠢ ᠲᠤᠭᠤᠯᠭᠠᠬᠤ ᠂ ᠴᠢᠭᠢᠬ᠎ᠠ ᠵᠢ  ᠨᠣᠮᠤᠬᠠᠳᠭᠠᠬᠤ ᠂ ᠰᠢᠭᠡᠯᠭᠡᠬᠦ ᠂ ᠬᠣᠣᠷ ᠢ ᠳᠠᠷᠤᠬᠤ ᠴᠢᠳᠠᠯ  ᠲᠡᠢ ᠃ ᠭᠣᠣᠯᠳᠠᠭᠤ ᠬᠡᠦᠬᠡᠨ ᠬᠡᠪᠲᠡᠰᠢ ᠵᠢᠨ ᠪᠡᠲᠡᠭᠢ ᠂ ᠴᠢᠰᠤ ᠪᠦᠷᠢᠯᠳᠦᠭᠰᠡᠨ ᠡᠪᠡᠳᠴᠢᠨ ᠂ ᠰᠤᠳᠠᠯ  ᠳᠦ ᠰᠠᠷᠨᠢᠭᠰᠠᠨ ᠡᠪᠡᠳᠴᠢᠨ ᠂ ᠰᠤᠳᠠᠯ  ᠦᠨ ᠪᠡᠲᠡᠭᠢ ᠂ ᠬᠡᠪᠡᠯᠢ ᠳᠦ ᠦᠬᠦᠭᠰᠡᠨ ᠬᠡᠦᠬᠡᠳ ᠲᠦᠳᠡᠬᠦ ᠂ ᠭᠠᠯᠵᠠᠭᠤ ᠡᠪᠡᠳᠴᠢᠨ ᠂ ᠰᠢᠭᠡᠰᠦ ᠬᠠᠭᠠᠭᠳᠠᠭᠰᠠᠨ ᠂ ᠤᠰᠤᠨ ᠬᠠᠪᠤᠩ ᠂ ᠬᠤᠯᠤᠭᠠᠨ᠎ᠠ ᠵᠢᠨ ᠶᠠᠷ᠎ᠠ ᠂ ᠬᠣᠵᠢᠭᠢᠷ ᠂  ᠶᠠᠷ᠎ᠠ ᠵᠡᠷᠭᠡ ᠳᠦ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠭᠤᠲᠤᠯ
ᠭᠤᠲᠤᠯ

ᠭᠤᠲᠤᠯ ᠢ ᠴᠤᠬᠤᠮ ᠶᠠᠭ ᠬᠡᠵᠢᠶ᠎ᠡ ᠵᠣᠬᠢᠶᠠᠭᠰᠠᠨ ᠨᠢ ᠲᠣᠳᠣᠷᠬᠠᠢ ᠦᠭᠡᠢ ᠪᠠᠶᠢᠨ᠎ᠠ᠃ ᠣᠳᠣ ᠠᠴᠠ ᠮᠢᠩᠭ᠎ᠠ ᠮᠢᠩᠭᠠᠨ ᠵᠢᠯ ᠦᠨ ᠡᠮᠦᠨ᠎ᠡ ᠬᠦᠮᠦᠰ ᠠᠪᠠᠯᠠᠭᠰᠠᠨ ᠠᠩ ᠤᠨ ᠠᠮᠢᠲᠠᠳ ᠤᠨ ᠠᠷᠠᠰᠤ ᠪᠠᠷ ᠬᠥᠯ ᠢᠶᠡᠨ ᠪᠠᠭᠯᠠᠵᠤ ᠡᠮᠦᠰᠦᠭᠰᠡᠨ ᠢ ᠠᠩᠬᠠᠳᠤᠭᠴᠢ ᠭᠤᠲᠤᠯ ᠭᠡᠵᠦ ᠬᠡᠯᠡᠵᠦ ᠪᠣᠯᠤᠨ᠎ᠠ᠃ ᠶᠠᠭ ᠲᠡᠷᠡ ᠦᠶᠡᠰ ᠡᠴᠡ ᠭᠤᠲᠤᠯ ᠨᠢ ᠥᠨᠥ ᠳᠤ ᠬᠦᠷᠲᠡᠯ᠎ᠡ ᠤᠯᠤᠰ ᠦᠨᠳᠦᠰᠦᠲᠡᠨ ᠪᠦᠬᠦᠨ ᠳᠦ᠂ ᠦᠶ ᠠ ᠦᠶ᠎ᠡ ᠳᠦ᠂ ᠰᠤᠶᠤᠯ ᠠᠴᠠ ᠰᠤᠶᠤᠯ ᠳᠤ ᠥᠭᠡᠷᠡᠴᠢᠯᠡᠭᠳᠡᠨ ᠬᠥᠭᠵᠢᠭᠰᠡᠭᠡᠷ ᠬᠦᠮᠦᠨ ᠦ ᠠᠮᠢᠳᠤᠷᠠᠯ ᠳᠤ ᠪᠠᠶᠢᠷᠢ ᠰᠠᠭᠤᠷᠢ ᠪᠠᠨ ᠡᠵᠡᠯᠡᠵᠡᠢ᠃ ᠠᠩᠬᠠᠨ ᠤ ᠭᠤᠲᠤᠯ ᠨᠢ ᠰᠡᠷᠢᠭᠦᠨ ᠱᠠᠬᠠᠢ‍(ᠴᠢᠷᠦᠭᠦᠯ ᠱᠠᠬᠠᠢ) ᠰᠢᠭ ᠪᠠᠶᠢᠪᠠ᠃ ᠲᠡᠭᠦᠨ ᠢ ᠬᠥᠯ ᠳᠤ ᠪᠠᠨ ᠤᠭᠯᠠᠵᠤ ᠣᠯᠣᠰᠣ᠂ ᠠᠷᠠᠰᠤ ᠮᠡᠲᠦ ᠶᠠᠭᠤᠮ᠎ᠠ ᠪᠡᠷ ᠤᠶᠠᠳᠠᠭ ᠪᠠᠶᠢᠵᠠᠢ᠃ (ᠪᠦᠷᠢᠨ ᠠᠭᠤᠯᠭ᠎ᠠ ᠶᠢ ᠤᠩᠰᠢᠬᠤ)

ᠡᠵᠢ (ᠺᠢᠨᠣ᠋)
ᠡᠵᠢ (ᠺᠢᠨᠣ᠋)

ᠡᠵᠢ 2016 ᠤᠨ ᠳᠤ ᠮᠣᠩᠭᠣᠯ ᠤᠯᠤᠰ ᠲᠤ ᠮᠣᠩᠭᠣᠯ ᠬᠡᠯᠡ ᠪᠡᠷ ᠪᠦᠲᠦᠭᠡᠭᠳᠡᠭᠰᠡᠨ ᠤᠶᠠᠩᠭ᠎ᠠ ᠶᠢᠨ ᠤᠷᠠᠨ ᠰᠠᠶᠢᠬᠠᠨ ᠤ ᠺᠢᠨᠣ᠋᠃ 2016 ᠤᠨ ᠳᠤ ᠣᠷᠣᠰ ᠬᠣᠯᠪᠣᠭᠠᠨ ᠤ ᠤᠯᠤᠰ ᠤᠨ ᠪᠠᠰᠺᠣᠲᠣᠰᠲ᠋ᠠᠨ ᠤᠯᠤᠰ ᠤᠨ ᠨᠡᠶᠢᠰᠯᠡᠯ ᠤᠢᠹᠠ ᠬᠣᠲᠠᠨ᠎ᠠ ᠵᠣᠬᠢᠶᠠᠨ ᠪᠠᠶᠢᠭᠤᠯᠤᠭᠳᠠᠭᠰᠠᠨ 《СЕРЕБРЯНЫЙ АКБУЗАТ》 ᠺᠢᠨᠣ᠋ ᠹᠧᠰᠲ᠋ᠢᠸᠠᠯ ᠠᠴᠠ 《 ᠰᠢᠯᠢᠳᠡᠭ ᠡᠮᠡᠭᠲᠡᠢ ᠲᠦᠷᠦ》 ᠶᠢᠨ ᠱᠠᠩᠨᠠᠯ ᠠᠪᠤᠭᠰᠠᠨ᠃ 2016 ᠤᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠺᠠᠯᠢᠹᠣᠷᠨᠢ ᠮᠤᠵᠢ ᠶᠢᠨ ᠯᠣᠰ ᠠᠨᠵᠧᠯᠧᠰ ᠬᠣᠲᠣᠩ ᠢᠶᠠᠨ 《ASIAN WORLD FILM FESTIVAL》 ᠍ ᠳᠦ ᠠᠮᠵᠢᠯᠲᠠᠲᠠᠢ ᠣᠷᠣᠯᠴᠠᠵᠤ ᠰᠢᠯᠢᠳᠡᠭ ᠲᠠᠪᠤᠨ ᠺᠢᠨᠣᠨ ᠤ ᠨᠢᠭᠡ ᠪᠡᠷ ᠰᠢᠯᠭᠠᠷᠠᠭᠰᠠᠨ᠃ (ᠪᠦᠷᠢᠨ ᠠᠭᠤᠯᠭ᠎ᠠ ᠶᠢ ᠤᠩᠰᠢᠬᠤ)

ᠪᠠᠲᠤᠮᠦ᠋ᠩᠬᠡ ᠳᠠᠶᠠᠨ(ᠳᠠᠶᠠᠩ) ᠬᠠᠭᠠᠨ
Dayan.png

ᠪᠠᠲᠤᠮᠦ᠋ᠩᠬᠡ ᠳᠠᠶᠠᠨ(ᠳᠠᠶᠠᠩ) ᠬᠠᠭᠠᠨ (1474-1517) ᠨᠢ ᠮᠣᠩᠭᠣᠯ ᠍ ᠤᠨ ᠬᠠᠭᠠᠨ ᠪᠥᠭᠡᠳ ᠨᠢᠭᠡ ᠬᠡᠰᠡᠭ ᠲᠠᠷᠬᠠᠢ ᠪᠤᠲᠠᠷᠬᠠᠢ ᠪᠠᠶᠢᠭᠰᠠᠨ ᠮᠣᠩᠭᠣᠯᠴᠤᠳ ᠢ ᠳᠠᠬᠢᠨ ᠨᠢᠭᠡᠳᠬᠡᠵᠦ ᠴᠢᠳᠠᠭᠰᠠᠨ ᠪᠢᠯᠡ᠃ ᠪᠠᠲᠤᠮᠦ᠋ᠩᠬᠡ ᠨᠢ 1474 ᠤᠨ ᠳᠤ ᠪᠠᠶᠠᠨᠮᠦ᠋ᠩᠬᠡ ᠵᠢᠨᠦᠩ  ᠤᠨ ᠭᠠᠭᠴᠠ ᠬᠦᠥ ᠪᠣᠯᠤᠨ ᠮᠡᠨᠳᠦᠯᠡᠵᠡᠢ᠃ ᠲᠡᠭᠦᠨ ᠦ ᠡᠬᠡ ᠨᠢ ᠤᠷᠢᠶᠠᠩᠬᠠᠢ  ᠶᠢᠨ ᠰᠢᠬᠢᠷ ᠲᠠᠶᠢᠬᠤᠪᠠᠶᠠᠨᠮᠦ᠋ᠩᠬᠡ ᠵᠢᠨᠦᠩ  ᠤᠨ ᠬᠦᠦ ᠂ ᠲᠡᠷᠡᠪᠡᠷ 5 ᠨᠠᠰᠤᠲᠠᠢ ᠳᠤ ᠪᠠᠨ ᠥᠨᠦᠴᠢᠷᠡᠴᠥ ᠬᠣᠴᠣᠷᠤᠭᠰᠠᠨ ᠪᠠᠶᠢᠨ᠎ᠠ᠃ ᠡᠨᠡ ᠦᠶ᠎ᠡ ᠳᠦ ᠢᠰᠮᠠᠨ ᠲᠠᠶᠢᠰᠢ ᠳᠣᠪᠲᠣᠯᠤᠨ ᠡᠬᠡ ᠰᠢᠬᠢᠷ ᠲᠠᠶᠢᠬᠤ ᠶᠢ ᠣᠯᠵᠠᠯᠠᠨ ᠠᠪᠤᠭᠰᠠᠨ᠃ ᠬᠠᠷᠢᠨ ᠲᠡᠭᠦᠨ ᠢ ᠪᠠᠯᠭᠠᠴᠢᠨ ᠬᠡᠮᠡᠬᠦ ᠬᠦᠮᠦᠨ ᠳᠦ ᠥᠭᠴᠦ ᠠᠰᠠᠷᠠᠭᠤᠯᠤᠭᠰᠠᠨ᠃ ᠮᠠᠨᠳᠤᠭᠤᠯ ᠬᠠᠭᠠᠨ 1479 ᠤᠨ ᠳᠤ ᠨᠠᠰᠤ ᠪᠠᠷᠠᠬᠤ ᠳᠤ᠂ ᠲᠡᠷᠡ ᠠᠯᠲᠠᠨ ᠤᠷᠤᠭ ᠤᠨ ᠰᠡᠭᠦᠯᠴᠢ ᠶᠢᠨ ᠡᠷ᠎ᠡ ᠬᠦᠮᠦᠨ ᠪᠣᠯᠤᠭᠰᠠᠨ᠃ ᠶᠠᠭ ᠡᠨᠡ ᠦᠶ᠎ᠡ ᠳᠦ ᠲᠠᠩᠭᠤᠳ ᠤᠨ ᠲᠡᠮᠦᠷ ᠬᠠᠳᠠᠭ ᠪᠤᠯᠢᠶᠠᠨ ᠠᠪᠴᠤ ᠥᠰᠬᠡᠨ ᠪᠡᠶ᠎ᠡ ᠶᠢ ᠨᠢ ᠲᠡᠩᠬᠡᠷᠡᠭᠦᠯᠦᠭᠰᠡᠨ ᠦ ᠳᠠᠷᠠᠭ᠎ᠠ ᠮᠠᠨᠳᠤᠬᠠᠢ ᠰᠡᠴᠡᠨ ᠬᠠᠲᠤᠨ ᠳᠤ ᠠᠪᠴᠤ ᠣᠴᠢᠭᠰᠠᠨ᠎ᠠ ᠪᠠᠷ 1480 ᠤᠨ ᠳᠤ ᠪᠠᠲᠤᠮᠦ᠋ᠩᠬᠡ ᠶᠢ ᠮᠣᠩᠭᠣᠯ ᠤᠨ ᠶᠡᠬᠡ ᠬᠠᠭᠠᠨ ᠪᠣᠯᠭᠠᠵᠤ᠂ ᠲᠡᠭᠦᠨ ᠳᠦ ᠳᠠᠶᠠᠭᠠᠷ ᠢ ᠨᠢᠭᠡᠳᠬᠡᠬᠦ ᠪᠣᠯᠲᠤᠭᠠᠢ ᠬᠡᠮᠡᠨ ᠳᠠᠶᠠᠨ (ᠲᠠᠶᠠᠩ) ᠬᠠᠭᠠᠨ ᠴᠣᠯᠠ ᠣᠯᠭᠤᠵᠤ᠂ ᠮᠠᠨᠳᠤᠬᠠᠢ ᠬᠠᠲᠤᠨ ᠤᠷᠤᠭ ᠬᠣᠯᠪᠣᠭᠰᠠᠨ᠃ (ᠪᠦᠷᠢᠨ ᠠᠭᠤᠯᠭ᠎ᠠ ᠶᠢ ᠤᠩᠰᠢᠬᠤ)

ᠬᠠᠷᠢ ᠭᠠᠷᠠᠭ ᠤᠨ ᠰᠤᠶᠤᠯ ᠢᠷᠭᠡᠨᠰᠢᠯ
Timberland

ᠬᠠᠷᠢ ᠭᠠᠷᠠᠭ ᠤᠨ ᠰᠤᠶᠤᠯ ᠢᠷᠭᠡᠨᠰᠢᠯᠳᠡᠯᠡᠬᠡᠢ ᠡᠴᠡ ᠥᠭᠡᠷ᠎ᠡ ᠭᠠᠷᠠᠭ ᠪᠤᠶᠤ ᠤᠷᠴᠢᠯᠠᠩ  ᠳᠤ ᠡᠭᠦᠰᠴᠤ ᠬᠥᠭᠵᠢᠭᠰᠡᠨ᠂ ᠮᠠᠨ ᠤ ᠰᠤᠶᠤᠯ ᠢᠷᠭᠡᠨᠰᠢᠯ ᠡᠴᠡ ᠥᠭᠡᠷ᠎ᠡ ᠰᠤᠶᠤᠯ ᠢᠷᠭᠡᠨᠰᠢᠯ᠋᠋ ᠢ ᠢᠩᠭᠢᠵᠦ ᠨᠡᠷᠡᠯᠡᠨ᠎ᠡ᠃ ᠬᠠᠷᠢ ᠭᠠᠷᠠᠭ ᠤᠨ ᠰᠤᠶᠤᠯ ᠢᠷᠭᠡᠨᠰᠢᠯ ᠦᠨᠡᠬᠡᠷ ᠣᠷᠣᠰᠢᠨ ᠪᠠᠶᠢᠳᠠᠭ ᠡᠰᠡᠪᠡᠯ ᠣᠷᠣᠰᠢᠨ ᠪᠠᠶᠢᠭᠰᠠᠨ ᠡᠰᠡᠬᠦ ᠶᠢ ᠠᠯᠪᠠᠨ ᠶᠣᠰᠣᠨ ᠤ ᠰᠢᠨᠵᠢᠯᠡᠬᠦ ᠤᠬᠠᠭᠠᠨ ᠣᠳᠣ ᠪᠠᠷ ᠲᠣᠭᠲᠠᠭᠠᠭ᠎ᠠ ᠦᠭᠡᠢ᠃ ᠵᠥᠪᠬᠡᠨ ᠪᠦᠷᠢᠳᠭᠡᠯ ᠦᠨᠡᠯᠡᠭᠡᠨ ᠳᠦ ᠲᠤᠯᠭᠠᠭᠤᠷᠢᠯᠠᠨ ᠬᠠᠷᠢ ᠭᠠᠷᠠᠭ ᠤᠨ ᠰᠤᠶᠤᠯ ᠢᠷᠭᠡᠨᠰᠢᠯ ᠣᠷᠣᠰᠢᠨ ᠪᠠᠶᠢᠬᠤ ᠪᠣᠯᠤᠮᠵᠢ ᠶᠢ ᠳᠤᠷᠠᠳᠤᠭᠰᠠᠨ ᠲᠣᠭᠠᠴᠠᠭ᠎ᠠ ᠪᠤᠢ᠃ (ᠪᠦᠷᠢᠨ ᠠᠭᠤᠯᠭ᠎ᠠ ᠶᠢ ᠤᠩᠰᠢᠬᠤ)

ᠬᠠᠶᠢᠷ᠎ᠠ
ᠬᠠᠶᠢᠷ᠎ᠠ

ᠬᠠᠶᠢᠷ᠎ᠠ ᠭᠡᠵᠦ ᠬᠡᠨ ᠨᠢᠭᠡᠨ ᠳᠦ ᠮᠠᠰᠢ ᠬᠦᠴᠦᠲᠡᠢ ᠲᠠᠲᠠᠭᠳᠠᠵᠤ ᠪᠤᠢ ᠮᠡᠳᠡᠷᠡᠮᠵᠢ᠂ ᠡᠭᠦᠨ ᠡᠴᠡ ᠤᠯᠪᠠᠭᠠᠯᠠᠨ ᠭᠠᠷᠴᠤ ᠪᠤᠢ ᠰᠡᠳᠬᠢᠯ ᠬᠥᠳᠡᠯᠦᠯ ᠢ ᠬᠡᠯᠡᠨ᠎ᠡ᠃ ᠬᠠᠶᠢᠷ᠎ᠠ ᠭᠡᠳᠡᠭ ᠦᠭᠡ ᠶᠢ ᠮᠠᠰᠢ ᠣᠯᠠᠨ ᠤᠯᠤᠰ ᠦᠨᠳᠦᠰᠦᠲᠡᠨ᠂ ᠱᠠᠰᠢᠨ ᠤ ᠨᠣᠮ ᠳᠤ ᠶᠠᠩᠵᠤ ᠶᠠᠩᠵᠤ ᠪᠠᠷ ᠲᠠᠶᠢᠯᠪᠤᠷᠢᠯᠠᠭᠰᠠᠨ ᠪᠠᠶᠢᠳᠠᠭ᠃ ᠡᠷᠲᠡᠨ ᠦ ᠭᠷᠧᠺᠬᠢᠲᠠᠳᠶᠠᠫᠣᠨ᠂ ᠡᠰᠡᠪᠡᠯ ᠢᠰᠯᠠᠮᠬᠢᠨᠳᠢᠪᠤᠳ᠋ᠳ᠋ᠾᠠᠶᠢᠰᠮᠾᠷᠢᠰᠤᠰ ᠤᠨ ᠱᠠᠰᠢᠨ ᠳᠤ ᠬᠠᠶᠢᠷ᠎ᠠ ᠶᠢ ᠬᠡᠳᠦ ᠬᠡᠳᠦᠨ ᠪᠦᠯᠦᠭ ᠲᠦ ᠬᠤᠪᠢᠶᠠᠵᠤ ᠠᠩᠭᠢᠯᠠᠭᠠᠳ ᠲᠤᠰ ᠪᠦᠷᠢ ᠳᠦ ᠨᠢ ᠲᠠᠶᠢᠯᠪᠤᠷᠢᠯᠠᠭᠰᠠᠨ ᠪᠠᠶᠢᠳᠠᠭ᠃ ᠡᠨᠡ ᠪᠦᠭᠦᠳᠡ ᠡᠴᠡ ᠬᠦᠮᠦᠨ ᠬᠦᠮᠦᠨ ᠢᠶᠡᠨ ᠬᠠᠶᠢᠷᠠᠯᠠᠬᠤ ᠬᠠᠶᠢᠷ᠎ᠠ ᠶᠢ ᠣᠨᠴᠠᠯᠠᠵᠤ ᠬᠡᠯᠡᠪᠡᠯ᠂ ᠭᠡᠷ ᠪᠦᠯᠢ (ᠠᠪᠤ᠂ ᠡᠵᠢ᠂ ᠠᠬ᠎ᠠ ᠳᠡᠭᠦᠦ᠂ ᠬᠦᠦ ᠥᠬᠢᠨ), ᠨᠠᠶᠢᠵᠠ ᠨᠥᠬᠥᠳ᠂ ᠬᠣᠣᠰ ᠤᠳ ᠤᠨ ᠭᠡᠵᠦ ᠪᠠᠶᠢᠵᠤ ᠪᠣᠯᠤᠨ᠎ᠠ᠃ ᠬᠠᠶᠢᠷ᠎ᠠ ᠪᠣᠯ ᠣᠯᠠᠨ ᠶᠠᠩᠵᠤ᠃ ᠡᠨᠡ ᠪᠦᠭᠦᠳᠡ ᠡᠴᠡ ᠪᠢᠳᠡ ᠡᠭᠡᠯ ᠦᠭᠡᠢ ᠵᠦᠢᠯᠡᠰ ᠢ ᠣᠯᠵᠤ ᠠᠪᠳᠠᠭ᠃ ᠬᠠᠶᠢᠷᠠᠲᠠᠢ ᠬᠦᠩ ᠢᠶᠡᠨ ᠠᠵᠠ ᠵᠢᠷᠭᠠᠯ ᠲᠠᠢ ᠪᠠᠶᠢᠬᠤ ᠶᠢ ᠬᠠᠷᠠᠬᠤ ᠨᠢ ᠬᠠᠶᠢᠷᠠᠯᠠᠵᠤ ᠪᠤᠢ ᠬᠦᠮᠦᠨ ᠦ ᠠᠵᠠ ᠵᠢᠷᠭᠠᠯ ᠪᠣᠯᠳᠠᠭ᠃ᠧᠦ᠋ᠷᠣᠫᠠ ᠲᠤ ᠤᠯᠠᠭᠠᠨ ᠵᠢᠷᠦᠬᠡ ᠶᠢ ᠬᠠᠶᠢᠷ᠎ᠠ ᠶᠢᠨ ᠪᠡᠯᠭᠡᠳᠡᠯ ᠪᠣᠯᠭᠠᠳᠠᠭ᠃ ᠡᠨᠡ ᠡᠳᠦᠭᠡ ᠶᠢ ᠬᠦᠷᠲᠡᠯ᠎ᠡ ᠪᠦᠬᠦ ᠳᠡᠯᠡᠬᠡᠢ ᠶᠢᠨ ᠬᠦᠮᠦᠨ ᠲᠥᠷᠥᠯᠬᠢᠲᠡᠨ ᠦ ᠬᠠᠶᠢᠷ᠎ᠠ ᠶᠢᠨ ᠪᠡᠯᠭᠡᠳᠡᠯ ᠪᠣᠯᠤᠭᠰᠠᠭᠠᠷ ᠢᠷᠡᠭᠰᠡᠨ᠃ (ᠪᠦᠷᠢᠨ ᠠᠭᠤᠯᠭ᠎ᠠ ᠶᠢ ᠤᠩᠰᠢᠬᠤ)

ᠴᠠᠭᠠᠨ ᠵᠡᠭᠡᠷ᠎ᠡ
ᠴᠠᠭᠠᠨ ᠵᠡᠭᠡᠷ᠎ᠡ

᠋᠋᠋ ᠋ᠴᠠᠭᠠᠨ ᠵᠡᠭᠡᠷ᠎ᠡ (ᠯᠠᠲ᠋ᠢᠨ ᠶᠢᠡᠷ Procapra gutturosa᠂ ᠠᠨᠭᠭᠯᠢ ᠪᠡᠷ Mongolian gazelle)᠄ ᠮᠣᠩᠭᠣᠯ ᠣᠷᠣᠨ ᠤ ᠡᠮᠦᠨ᠎ᠡ᠂ ᠳᠣᠷᠣᠨ᠎ᠠ ᠶᠢᠨ ᠠᠭᠤᠳᠠᠮ ᠲᠠᠯ᠎ᠠ᠂ ᠬᠤᠸᠠ ᠲᠣᠯᠣᠭᠠᠳ ᠢᠶᠠᠷ ᠢᠳᠡᠭᠡᠰᠢᠵᠦ ᠪᠡᠯᠴᠢᠳᠡᠭ᠃ ᠵᠡᠭᠡᠷ᠎ᠡ ᠶ᠋ᠢᠨ ᠭᠣᠣᠯ ᠰᠦᠷᠦᠭ ᠮᠣᠩᠭᠣᠯ ᠳ᠋ᠤ ᠪᠠᠶᠢᠷᠢᠯᠠᠳᠠᠭ ᠪᠠ ᠰᠢᠪᠸᠷᠢᠶ ᠠ ᠶᠢᠨ ᠡᠮᠦᠨᠡᠲᠦ ᠬᠡᠰᠡᠭ ᠢᠶᠡᠷ ᠪᠠ ᠬᠢᠲᠠᠳ ᠤᠨ ᠵᠡᠭᠦᠨ ᠬᠡᠰᠡᠭ ᠢᠶᠡᠷ ᠪᠠᠭ᠎ᠠ ᠵᠡᠷᠭᠡ ᠲᠠᠷᠬᠠᠭᠰᠠᠨ᠃ ᠴᠠᠭᠠᠨ ᠵᠡᠭᠡᠷ᠎ᠡ ᠶᠢᠨ ᠠᠩᠬᠠᠨ ᠤ ᠲᠣᠭᠠᠯᠠᠯᠭ᠎ᠠ ᠪᠠᠷ ᠮᠣᠩᠭᠣᠯ ᠳᠤ 1970 ᠍ ᠊ᠭᠠᠳ ᠡᠤᠨ ᠳᠤ 5 ᠰᠠᠶ᠎ᠠ ᠴᠠᠭᠠᠨ ᠵᠡᠭᠡᠷ᠎ᠡ ᠲᠣᠭᠠᠯᠠᠭᠳᠠᠭᠰᠠᠨ ᠬᠠᠷᠢᠨ 2010 ᠡᠤᠨ ᠤ ᠲᠣᠭᠠᠯᠠᠯᠭ᠎ᠠ ᠪᠠᠷ 3 ᠰᠠᠶ᠎ᠠ ᠵᠡᠭᠡᠷ᠎ᠡ ᠲᠣᠭᠠᠯᠠᠭᠳᠠᠵᠠᠢ᠃ ᠬᠠᠮᠢᠶ᠎ᠠ ᠦᠭᠡᠢ ᠬᠠᠤᠯᠢ ᠪᠤᠰᠤ ᠠᠩᠨᠠᠯᠲᠠ ᠠᠴᠠ ᠪᠣᠯᠵᠤ ᠵᠡᠭᠡᠷ᠎ᠡ ᠶᠢᠨ ᠰᠦᠷᠦᠭ ᠪᠠᠭᠠᠰᠤᠭᠰᠠᠨ ᠪᠠᠶᠢᠨ᠎ᠠ᠃ ᠵᠡᠭᠡᠷ᠎ᠡ ᠨᠢ ᠭᠣᠣᠯᠴᠠᠭᠤ 20-30 ᠍ ᠢᠶᠠᠷ ᠢᠶᠠᠨ ᠰᠦᠷᠦᠭᠯᠡᠨ᠎ᠡ᠃ ᠵᠠᠷᠢᠮ ᠦᠶ᠎ᠡ ᠳᠦ 5000 ᠬᠦᠷᠲᠡᠯ᠎ᠡ ᠰᠦᠷᠦᠭᠯᠡᠨ᠎ᠡ᠃ (ᠪᠦᠷᠢᠨ ᠠᠭᠤᠯᠭ᠎ᠠ ᠶᠢ ᠤᠩᠰᠢᠬᠤ)

ᠠᠯᠳᠠᠨ ᠳᠤᠰᠤᠯ ᠴᠡᠴᠡᠭ
ᠠᠯᠳᠠᠨ ᠳᠤᠰᠤᠯ ᠴᠡᠴᠡᠭ

ᠠᠯᠳᠠᠨ ᠳᠤᠰᠤᠯ ᠴᠡᠴᠡᠭ᠄ ᠲᠤᠰ ᠡᠮ ᠪᠣᠯ ᠤᠳᠪᠠᠯ᠎ᠠ ᠴᠡᠴᠡᠭ   ᠤᠨ ᠢᠵᠠᠭᠤᠷ ᠡᠪᠡᠰᠦᠯᠢᠭ ᠤᠷᠭᠤᠮᠠᠯ ᠪᠣᠯᠬᠣᠷ ᠠᠯᠳᠠᠨ ᠳᠤᠰᠤᠯ ᠴᠡᠴᠡᠭ ( 旋 覆 花 ) ᠤᠨ ᠬᠠᠲᠠᠭᠠᠭᠰᠠᠨ ᠲᠣᠯᠤᠭᠠᠢ ᠬᠡᠯᠪᠡᠷᠢᠳᠦ ᠪᠠᠭ ᠴᠡᠴᠡᠭ ᠮᠥᠨ ᠃ ᠨᠢᠶᠠᠨ ᠢ ᠨᠢᠲᠤᠯᠬᠤ᠂ ᠬᠠᠳᠭᠤᠯᠭ᠎ᠠ ᠶᠢ ᠳᠠᠷᠤᠬᠤ ᠂ ᠰᠢᠷ᠎ᠠ ᠤᠰᠤ ᠶᠢ ᠬᠠᠳᠠᠭᠠᠬᠤ ᠂ ᠰᠢᠷᠬ᠎ᠠ ᠶᠢ ᠠᠨᠠᠭᠠᠬᠤ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠬᠦᠷᠡᠯ ᠵᠡᠪᠰᠡᠭ ᠦᠨ ᠦᠶ᠎ᠡ

[[Image:|175px|left|ᠬᠦᠷᠡᠯ ᠵᠡᠪᠰᠡᠭ ᠦᠨ ᠦᠶ᠎ᠡ]] ᠮᠣᠩᠭᠣᠯ ᠨᠤᠲᠤᠭ ᠲᠤ ᠬᠦᠷᠡᠯ  ᠦᠨ ᠦᠢᠯᠡᠳᠪᠦᠷᠢᠯᠡᠯ ᠭᠤᠷᠪᠠᠨ ᠮᠢᠩᠭᠠᠨ ᠠᠴᠠ ᠡᠬᠢᠯᠡᠭᠰᠡᠨ ᠪᠠᠶᠢᠨ᠎ᠠ᠃ ᠨᠢᠭᠡ ᠦᠶ᠎ᠡ ᠳᠦ ᠥᠷᠭᠡᠨ ᠳᠡᠯᠭᠡᠷᠴᠦ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ ᠨᠢᠭᠡ ᠮᠢᠩᠭᠠᠨ ᠤ ᠡᠬᠢ ᠬᠦᠷᠲᠡᠯ᠎ᠡ ᠦᠷᠭᠦᠯᠵᠢᠯᠡᠵᠡᠢ᠃ ᠬᠦᠷᠡᠯ ᠡᠳ᠋ᠯᠡᠯ ᠳᠦ ᠵᠡᠰ 90% ᠂ ᠴᠠᠭᠠᠨ ᠲᠤᠭᠤᠯᠭ᠎ᠠ 10% ᠣᠷᠣᠳᠠᠭ ᠪᠠᠶᠢᠨ᠎ᠠ᠃ ᠬᠦᠷᠡᠯ ᠢ ᠬᠠᠶᠢᠯᠠᠭᠤᠯᠵᠤ ᠴᠢᠳᠬᠤᠵᠤ ᠡᠳ᠋ᠯᠡᠯ ᠬᠢᠳᠡᠭ ᠪᠠᠶᠢᠵᠠᠢ᠃ ᠳᠥᠷᠪᠡᠯᠵᠢᠨ ᠪᠤᠯᠠᠰᠢᠨ ᠠᠴᠠ ᠪᠣᠯᠤᠨ ᠲᠡᠭᠦᠪᠦᠷᠢ ᠪᠡᠷ ᠬᠦᠷᠡᠯ ᠰᠦᠬᠡ᠂ ᠬᠦᠷᠡᠯ ᠢᠶᠡᠷ ᠬᠢᠭᠰᠡᠨ ᠣᠭᠣᠯᠢᠬᠢᠲᠤᠭ᠎ᠠᠵᠡᠪᠡᠨᠤᠭᠤᠳ᠂ ᠳᠤᠭᠤᠯᠠᠭ᠎ᠠᠲᠣᠭᠣᠢᠠᠮᠠᠭᠠᠢᠵᠤᠤᠵᠠᠢᠰᠢᠪᠦᠭᠡᠬᠤᠷᠤᠭᠤᠪᠴᠢ᠂ ᠠᠮᠢᠲᠠᠨ ᠤ ᠳᠦᠷᠰᠦᠲᠡᠢ ᠲᠡᠭᠡᠭ ᠲᠣᠪᠣᠷᠤᠤ᠂ ᠳᠠᠷᠤᠭᠤᠯᠭ᠎ᠠ ᠵᠡᠷᠭᠡ ᠵᠦᠢᠯᠡᠰ ᠣᠯᠳᠠᠵᠠᠢ᠃ ᠶᠡᠷᠦ ᠨᠢ ᠬᠦᠷᠡᠯ ᠵᠡᠪᠰᠡᠭ ᠨᠢ ᠠᠵᠤ ᠠᠬᠤᠢ ᠴᠢᠮᠡᠭᠯᠡᠯ ᠦᠨ ᠵᠦᠢᠯᠡᠰ ᠮᠣᠩᠭᠣᠯ ᠣᠷᠣᠨ ᠳᠦ  ᠶᠡᠬᠡᠬᠡᠨ ᠲᠠᠷᠬᠠᠮᠠᠯ ᠪᠠᠶᠢᠳᠠᠭ᠃ ᠲᠡᠶᠢᠮᠦ ᠡᠴᠡ ᠴᠤ ᠮᠣᠩᠭᠣᠯ ᠣᠷᠣᠨ ᠢ ᠳᠡᠯᠡᠬᠡᠢ ᠶᠢᠨ ᠬᠦᠷᠡᠯ  ᠶᠢᠨ ᠦᠢᠯᠡᠳᠪᠦᠷᠢᠯᠡᠯ ᠦᠨ ᠨᠢᠭᠡ ᠲᠣᠮᠣᠬᠠᠨ ᠲᠥᠪ ᠭᠡᠵᠦ ᠦᠵᠡᠳᠡᠭ᠃ (ᠪᠦᠷᠢᠨ ᠠᠭᠤᠯᠭ᠎ᠠ ᠶᠢ ᠤᠩᠰᠢᠬᠤ)

ᠠᠮᠪᠠᠨ
ᠠᠮᠪᠠᠨ

ᠠᠮᠪᠠᠨ ᠨᠣᠶᠠᠨ(驻札大臣) ᠨᠢ ᠴᠢᠩ ᠭᠦᠷᠦᠨ ᠦ ᠦᠶ᠎ᠡ ᠳᠦ ᠥᠪᠡᠷ ᠦᠨ ᠡᠵᠡᠯᠡᠭᠰᠡᠨ ᠨᠤᠲᠤᠭ ᠤᠳ ᠢ ᠵᠠᠬᠢᠷᠤᠭᠤᠯᠬᠤ ᠪᠠᠷ ᠲᠣᠮᠢᠯᠠᠵᠤ ᠪᠠᠶᠢᠭᠰᠠᠨ ᠲᠥᠯᠥᠭᠡᠨ ᠦ ᠰᠠᠶᠢᠳ ᠨᠠᠷ ᠤᠨ ᠶᠡᠷᠦᠩᠬᠡᠢ ᠨᠡᠷᠡᠰᠢᠯ ᠶᠤᠮ᠃ ᠠᠮᠪᠠᠨ ᠨᠠᠷ ᠨᠢ ᠳᠣᠲᠣᠷ᠎ᠠ ᠪᠠᠨ ᠮᠠᠨᠵᠤ ᠶᠢᠨ ᠡᠵᠡᠨ ᠬᠠᠭᠠᠨ ᠠᠴᠠ ᠠᠪᠤᠭᠰᠠᠨ ᠡᠭᠦᠷᠭᠡ ᠡᠴᠡ ᠪᠡᠨ ᠬᠠᠮᠢᠶᠠᠷᠴᠦ ᠬᠠᠷᠢᠯᠴᠠᠨ ᠠᠳᠠᠯᠢ ᠦᠭᠡᠢ ᠴᠣᠯᠠ ᠬᠦᠷᠢᠲᠦᠵᠦ ᠪᠠᠶᠢᠭᠰᠠᠨ᠃ ᠡᠨᠡ ᠴᠣᠯᠠ ᠨᠢ ᠦᠶ᠎ᠡ ᠵᠠᠯᠭᠠᠮᠵᠢᠯᠠᠬᠤ ᠦᠭᠡᠢ ᠪᠥᠭᠡᠳ ᠬᠠᠭᠠᠨ ᠤ ᠵᠠᠰᠠᠭ ᠤᠨ ᠭᠠᠵᠠᠷ ᠠᠴᠠ ᠲᠣᠮᠢᠯᠠᠬᠤ ᠵᠢᠷᠤᠮ ᠢᠶᠠᠷ ᠰᠠᠭᠤᠯᠭᠠᠵᠤ ᠪᠠᠶᠢᠴᠠᠢ᠃ ᠮᠠᠨᠵᠤ ᠶᠢᠨ ᠴᠢᠩ ᠭᠦᠷᠦᠨ ᠦ ᠦᠶ᠎ᠡ ᠳᠦ ᠠᠷᠤ ᠮᠣᠩᠭᠣᠯ ᠳᠤ ᠬᠡᠳᠦ ᠬᠡᠳᠦᠨ ᠭᠠᠵᠠᠷ ᠠᠮᠪᠠᠨ ᠨᠣᠶᠠᠨ ᠢ ᠰᠠᠭᠤᠯᠭᠠᠵᠤ ᠪᠠᠶᠢᠭᠰᠠᠨ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 05 07 1

ᠮᠠᠨᠵᠤ ᠦᠨᠳᠦᠰᠦᠳᠡᠨ
ᠮᠠᠨᠵᠤ ᠦᠨᠳᠦᠰᠦᠳᠡᠨ

ᠮᠠᠨᠵᠤ  (ᠮᠠᠨᠵᠤ ; ᠬᠢᠳᠠᠳ ᠬᠡᠯᠡ 滿族 Mǎnzú) — ᠲᠤᠮᠳᠠᠳᠤ ᠤᠯᠤᠰ ᠤᠨ ᠵᠡᠭᠦᠨ ᠬᠣᠶᠢᠳᠤ ᠣᠷᠣᠨ᠂ ᠮᠠᠨᠵᠤᠤᠷ ᠨᠤᠲᠤᠭ ᠤᠨ ᠠᠭᠤᠭᠤᠯ᠂ ᠲᠤᠩᠭᠤᠰ ᠤᠭᠰᠠᠭᠠᠳᠤ ᠠᠷᠠᠳ ᠲᠦᠮᠡᠨ᠂ 10 ᠰᠠᠶ᠎ᠠ ᠬᠦᠮᠦᠨ ᠲᠡᠢ ᠦᠨᠳᠦᠰᠦᠲᠡᠨ᠃ ᠲᠥᠷᠥᠯᠬᠢ ᠠᠯᠲᠠᠢ ᠢᠵᠠᠭᠤᠷ ᠤᠨ ᠮᠠᠨᠵᠤ ᠬᠡᠯᠡ ᠪᠡᠨ ᠭᠡᠭᠡᠵᠦ᠂ ᠨᠡᠶᠢᠲᠡ ᠪᠡᠷ ᠢᠶᠡᠨ ᠬᠢᠲᠠᠳ ᠬᠡᠯᠡᠲᠡᠨ ᠪᠣᠯᠤᠭᠰᠠᠨ᠃

ᠵᠥᠷᠴᠢᠳ ᠦᠨ ᠤᠳᠤᠮ ᠪᠥᠭᠡᠳ ᠴᠢᠩ ᠤᠯᠤᠰ ᠢ (1644-1912) ᠪᠠᠶᠢᠭᠤᠯᠤᠭᠰᠠᠨ ᠤ ᠳᠠᠷᠠᠭ᠎ᠠ ᠥᠪᠡᠷᠰᠡᠳ ᠢ ᠪᠡᠨ «ᠮᠠᠨᠵᠤ» ᠬᠡᠮᠡᠨ ᠨᠡᠷᠡᠶᠢᠳᠦᠭᠰᠡᠨ᠃ (ᠪᠦᠷᠢᠨ ᠠᠭᠤᠯᠭ᠎ᠠ ᠶᠢ ᠤᠩᠰᠢᠬᠤ)

ᠪᠠᠭᠠᠷᠢᠨ ᠠᠮᠠᠨ ᠠᠶᠠᠯᠭᠤ
ᠪᠠᠭᠠᠷᠢᠨ ᠠᠮᠠᠨ ᠠᠶᠠᠯᠭᠤ

ᠪᠠᠭᠠᠷᠢᠨ ᠠᠮᠠᠨ ᠠᠶᠠᠯᠭᠤ ᠨᠢ ᠥᠪᠥᠷ ᠮᠣᠩᠭᠣᠯ ᠠᠶᠠᠯᠭᠤ ᠶᠢᠨ ᠨᠢᠭᠡᠨ ᠠᠮᠠᠨ ᠠᠶᠠᠯᠭᠤ ᠪᠠᠶᠢᠵᠤ᠂ ᠡᠨᠡᠬᠦ ᠠᠮᠠᠨ ᠠᠶᠠᠯᠭᠤ ᠪᠠᠷ ᠭᠣᠣᠯᠳᠠᠭᠤ ᠥᠪᠥᠷ ᠮᠣᠩᠭᠣᠯ ᠤᠨ ᠤᠯᠠᠭᠠᠨᠬᠠᠳᠠ ᠬᠣᠲᠠ ᠶᠢᠨ ᠪᠠᠭᠠᠷᠢᠨ ᠵᠡᠭᠦᠨ ᠬᠣᠰᠢᠭᠤ᠂ ᠪᠠᠭᠠᠷᠢᠨ ᠪᠠᠷᠠᠭᠤᠨ ᠬᠣᠰᠢᠭᠤ᠂ ᠠᠷᠤ ᠬᠣᠷᠴᠢᠨ ᠬᠣᠰᠢᠭᠤ ᠂ ᠣᠩᠨᠢᠭᠤᠳ ᠬᠣᠰᠢᠭᠤ ᠵᠢᠴᠢ ᠲᠦᠩᠯᠢᠶᠣᠣ ᠬᠣᠲᠠ ᠶᠢᠨ ᠨᠠᠢ᠍ᠮᠠᠨ ᠬᠣᠰᠢᠭᠤ ᠶᠢᠨ ᠮᠣᠩᠭᠣᠯᠴᠤᠳ ᠶᠠᠷᠢᠨ᠎ᠠ᠃ ᠪᠠᠭᠠᠷᠢᠨ ᠠᠮᠠᠨ ᠠᠶᠠᠯᠭᠤ ᠨᠢ ᠴᠠᠬᠠᠷ ᠠᠮᠠᠨ ᠠᠶᠠᠯᠭᠤ ᠪᠣᠯᠣᠨ ᠬᠣᠷᠴᠢᠨ ᠠᠮᠠᠨ ᠠᠶᠠᠯᠭᠤ ᠶᠢᠨ ᠣᠨᠴᠠᠯᠢᠭ ᠢ ᠪᠦᠷ ᠠᠪᠤᠭᠰᠠᠨ ᠪᠠᠶᠢᠳᠠᠭ᠃ ᠡᠭᠦᠨ ᠳᠦ ᠠᠷᠤ ᠬᠣᠷᠴᠢᠨ ᠤ ᠶᠠᠷᠢᠶ᠎ᠠ ᠨᠢ ᠦᠭᠡᠰ ᠤᠨ ᠰᠠᠩ ᠤᠨ ᠲᠠᠯ᠎ᠠ ᠪᠠᠷ ᠬᠣᠷᠴᠢᠨ ᠤ ᠨᠦᠯᠦᠭᠡ ᠶᠢ ᠶᠡᠬᠡ ᠬᠦᠷᠲᠡᠵᠦ᠂ ᠬᠣᠶᠠᠷ ᠪᠠᠭᠠᠷᠢᠨ ᠬᠣᠰᠢᠭᠤ ᠡᠴᠡ ᠪᠠᠨ ᠢᠯᠭᠠᠭ᠎ᠠ ᠲᠠᠢ᠃ ᠣᠩᠨᠢᠭᠤᠳ᠂ᠨᠠᠢ᠍ᠮᠠᠨ ᠨᠢ ᠴᠠᠬᠠᠷ ᠠᠮᠠᠨ ᠠᠶᠠᠯᠭᠤ ᠶᠢᠨ ᠨᠥᠯᠥᠭᠡ ᠶᠢ ᠬᠦᠷᠲᠡᠭᠰᠡᠨ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠵᠦᠩᠭᠠᠷ ᠤᠨ ᠬᠠᠭᠠᠨᠲᠤ ᠤᠯᠤᠰ
ᠵᠦᠩᠭ᠋ᠠᠷ ᠤᠨ ᠬᠠᠭᠠᠨᠲᠤ ᠤᠯᠤᠰ

ᠵᠦᠩᠭ᠋ᠠᠷ ᠤᠨ ᠬᠠᠭᠠᠨᠲᠤ ᠤᠯᠤᠰ ᠪᠤᠯ ᠣᠶᠢᠷᠠᠳ ᠤᠭᠰᠠᠭᠠᠨ ᠤ ᠤᠯᠤᠰ ᠪᠥᠭᠡᠳ ᠲᠡᠦᠬᠡᠴᠢᠳ ᠵᠦᠩᠭ᠋ᠠᠷ ᠢ ᠨᠡᠭᠦᠳᠡᠯᠴᠢᠳ ᠦᠨ ᠰᠡᠭᠦᠯᠴᠢ ᠶᠢᠨ ᠡᠵᠡᠨᠲᠦ ᠭᠦᠷᠦᠨ ᠭᠡᠵᠦ ᠪᠢᠴᠢᠳᠡᠭ᠃ ᠴᠠᠭᠠᠨ ᠬᠡᠷᠡᠮ ᠦᠨ ᠪᠠᠷᠠᠭᠤᠨ ᠦᠵᠦᠭᠦᠷ ᠡᠴᠡ ᠣᠳᠣ ᠶᠢᠨ ᠬᠠᠰᠠᠭᠰᠲ᠋ᠠᠨ ᠦ ᠵᠡᠭᠦᠨ ᠬᠡᠰᠡᠭ ᠬᠦᠷᠲᠡᠯᠡᠬᠢ ᠭᠠᠵᠠᠷ ᠨᠤᠲᠤᠭ ᠢ ᠡᠵᠡᠯᠡᠨ ᠣᠷᠣᠰᠢᠵᠤ ᠪᠠᠶᠢᠪᠠ᠃ 1610 ᠡᠤᠨ ᠠᠴᠠ ᠵᠦᠩᠭᠠᠷ ᠤᠨ ᠬᠠᠭᠠᠨᠲᠤ ᠤᠯᠤᠰ ᠤᠨ ᠰᠠᠭᠤᠷᠢ ᠲᠠᠯᠪᠢᠭᠳᠠᠬᠤ ᠦᠶ᠎ᠡ ᠡᠴᠡ ᠣᠶᠢᠷᠠᠳ ᠍ ᠤᠨ ᠤᠳᠤᠷᠢᠳᠤᠭᠴᠢᠳ ᠬᠤᠩ ᠲᠠᠶᠢᠵᠢ ᠬᠡᠮᠡᠬᠦ ᠴᠣᠯᠠ ᠲᠠᠢ ᠪᠠᠶᠢᠪᠠ᠃ 1678 ᠡᠤᠨ ᠳᠤ ᠭᠠᠯᠳᠠᠨ ᠳᠠᠯᠠᠢ ᠯᠠᠮᠠᠠ ᠠᠴᠠ ᠪᠣᠱᠤᠭᠳᠤ ᠬᠠᠨ ᠴᠣᠯᠠ ᠬᠦᠷᠲᠡᠭᠰᠡᠨ ᠦᠶᠡᠰ ᠡᠬᠢᠯᠡᠨ ᠰᠡᠸᠡᠩᠷᠠᠪᠳᠠᠨ᠂ ᠭᠠᠯᠳᠠᠨᠴᠡᠷᠡᠩ ᠬᠠᠭᠠᠨ᠂ ᠳᠠᠪᠠᠭᠠᠴᠢ ᠨᠠᠷ ᠬᠠᠭᠠᠨ ᠴᠣᠯᠠᠲᠠᠢ ᠪᠠᠷ ᠵᠠᠰᠠᠭᠯᠠᠵᠤ ᠪᠠᠶᠢᠭᠰᠠᠨ ᠠᠵᠢ᠃ ᠣᠶᠢᠷᠠᠳ ᠍ ᠤᠨ ᠴᠣᠷᠣᠰ᠂ ᠥᠭᠡᠯᠡᠳ ᠠᠶᠢᠮᠠᠭ ᠤᠳ ᠣᠶᠢᠷᠠᠳ ᠤᠨ ᠴᠡᠷᠢᠭ ᠦᠨ ᠵᠡᠭᠦᠨ ᠲᠠᠯ᠎ᠠ ᠳᠤ ᠵᠢᠭᠰᠠᠳᠠᠭ ᠪᠠᠶᠢᠭᠰᠠᠨ ᠲᠤᠯᠠ ᠬᠣᠵᠢᠮ ᠵᠦᠩᠭ᠋ᠠᠷᠴᠤᠳ ᠭᠡᠵᠦ ᠨᠡᠷᠡᠯᠡᠭᠳᠡᠬᠦ ᠪᠣᠯᠵᠠᠢ᠃ ᠴᠣᠷᠣᠰ ᠤᠳ 17 ᠍ ᠳ᠋ᠤᠭᠡᠷ ᠵᠠᠭᠤᠨ ᠳᠤ ᠬᠦᠴᠦᠷᠬᠡᠭᠵᠢᠨ ᠤᠷᠢᠳᠤ ᠨᠢ ᠣᠶᠢᠷᠠᠳ ᠢ ᠲᠡᠷᠢᠭᠦᠯᠡᠵᠦ ᠪᠠᠶᠢᠭᠰᠠᠨ ᠬᠣᠱᠤᠳ ᠠᠶᠢᠮᠠᠭ ᠤᠨ ᠣᠷᠣᠨ ᠳᠤ ᠣᠶᠢᠷᠠᠳ ᠢ ᠲᠣᠯᠣᠭᠠᠶᠢᠯᠠᠨ ᠬᠦᠴᠦᠷᠬᠡᠭ ᠤᠯᠤᠰ ᠪᠠᠶᠢᠭᠤᠯᠤᠭᠰᠠᠨ ᠨᠢ ᠵᠦᠩᠭᠠᠷ ᠍ ᠤᠨ ᠤᠯᠤᠰ ᠪᠣᠯᠤᠭᠰᠠᠨ ᠶᠤᠮ᠃ ᠡᠨᠡ ᠠᠭᠤᠯᠭ᠎ᠠ  ᠳᠤ ᠰᠤᠨᠢᠷᠬᠠᠯ ᠲᠠᠢ ᠬᠦᠮᠦᠰ ᠣᠨᠭᠰᠢᠵᠤ ᠵᠠᠰᠠᠭᠠᠷᠠᠢ᠃ (ᠪᠦᠷᠢᠨ ᠠᠭᠤᠯᠭ᠎ᠠ ᠶᠢ ᠤᠩᠰᠢᠬᠤ)

ᠮᠡᠭᠡᠷ
ᠮᠡᠭᠡᠷ

ᠮᠡᠭᠡᠷ᠄ ᠲᠤᠰ ᠡᠮ ᠪᠣᠯ ᠰᠢᠮᠡᠯᠳᠡᠭ ᠦᠨ ᠢᠵᠠᠭᠤᠷ ᠤᠨ ᠡᠪᠡᠰᠦᠯᠢᠭ ᠤᠷᠭᠤᠮᠠᠯ ᠪᠣᠯᠬᠤ ᠦᠬᠡᠷ ᠮᠡᠬᠡᠷ (拳参) ᠦᠨ ᠬᠠᠲᠠᠭᠠᠭᠰᠠᠨ ᠦᠨᠳᠦᠰᠦᠯᠢᠭ ᠡᠰᠢ ᠮᠥᠨ ᠃ ᠠᠭᠤᠰᠭᠢᠨ ᠬᠠᠯᠠᠭᠤᠨ ᠢ ᠠᠷᠢᠯᠭᠠᠬᠤ ᠂ ᠰᠠᠭᠤᠯᠭᠠᠬᠤ ᠶᠢ ᠵᠣᠭᠰᠤᠭᠠᠬᠤ ᠂ ᠬᠠᠪᠤᠳᠠᠷ ᠢ ᠬᠠᠷᠢᠭᠤᠯᠬᠤ ᠂ ᠬᠣᠣᠷ᠎ᠠ ᠶᠢ ᠲᠠᠢᠢᠯᠬᠤ ᠂ ᠰᠢᠷ᠎ᠠ ᠤᠰᠤ ᠶᠢ ᠲᠠᠲᠠᠬᠤ ᠪᠣᠯᠤᠨ᠎ᠠ ᠃《 ᠴᠠᠭᠠᠨ ᠪᠣᠯᠤᠷ ᠲᠣᠯᠢ 》᠄ ᠮᠡᠬᠡᠷ ᠪᠣᠯᠪᠠᠰᠤ ᠬᠢᠵᠢᠭ᠌ ᠪᠠ ᠠᠭᠤᠰᠭᠢᠨ ᠤ ᠬᠠᠯᠠᠭᠤᠨ ᠂ ᠰᠤᠳᠠᠯ ᠤᠨ ᠬᠠᠯᠠᠭᠤᠨ ᠵᠡᠷᠭᠡ ᠶᠢ ᠠᠷᠢᠯᠭᠠᠮᠤᠢ ᠃ 《 ᠷᠠᠰᠢᠶᠠᠨ ᠤ ᠳᠤᠰᠤᠯ 》᠄ ᠮᠡᠬᠡᠷ ᠪᠣᠯ ᠪᠦᠯᠢᠶᠡᠨ ᠂ ᠬᠠᠭᠤᠷᠠᠢ ᠂ ᠲᠠᠭᠰᠢᠭᠤᠷ ᠢ ᠠᠷᠢᠯᠭᠠᠮᠤᠢ ᠂ ᠭᠡᠰᠢᠭᠦᠨ  ᠤ ᠬᠠᠪᠤᠳᠠᠷ ᠢ ᠳᠣᠲᠤᠷ  ᠡᠴᠡ ᠨᠢ ᠰᠢᠮᠡᠵᠦ ᠪᠤᠯᠪᠠᠰᠤᠷᠠᠭᠤᠯᠤᠮᠤᠢ ᠃ (ᠪᠦᠷᠢᠨ ᠠᠭᠤᠯᠭ᠎ᠠ ᠶᠢ ᠤᠩᠰᠢᠬᠤ)

ᠡᠵᠢ ᠬᠠᠶᠢᠷᠬᠠᠨ ᠠᠭᠤᠯᠠ
ᠡᠵᠢ ᠬᠠᠶᠢᠷᠬᠠᠨ ᠠᠭᠤᠯᠠ

ᠡᠵᠢ ᠬᠠᠶᠢᠷᠬᠠᠨ ᠠᠭᠤᠯᠠ ᠨᠢ ᠭᠣᠪᠢ - ᠠᠯᠲᠠᠢ ᠠᠶᠢᠮᠠᠭ ᠤᠨ ᠴᠣᠭᠲᠤ᠂ ᠠᠯᠲᠠᠢ᠂ ᠴᠡᠭᠡᠯ 3 ᠰᠤᠮᠤ ᠶᠢᠨ ᠵᠠᠭᠠᠭ ᠨᠤᠲᠤᠭ ᠤᠨ ᠠᠯᠲᠠᠢ ᠶᠢᠨ ᠥᠪᠥᠷ ᠭᠣᠪᠢ ᠶᠢᠨ ᠠᠭᠤᠳᠠᠮ ᠵᠠᠢ ᠳᠤ ᠠᠭᠤᠯᠠ ᠬᠣᠭᠣᠷᠣᠨᠳᠣ ᠶᠢᠨ ᠴᠥᠯᠡᠷᠬᠡᠭ ᠬᠣᠲᠣᠭᠣᠷ ᠲᠤ ᠣᠷᠣᠰᠢᠨ᠎ᠠ᠃ ᠡᠨᠡ ᠨᠤᠲᠤᠭ ᠤᠨ ᠵᠠᠭᠤᠨ ᠣᠯᠠᠨ ᠤ ᠭᠣᠣᠯᠯᠠᠬᠤ ᠰᠢᠲᠦᠭᠡᠨ᠂ ᠬᠣᠯᠠ ᠣᠶᠢᠷ᠎ᠠ ᠶᠢᠨ ᠭᠡᠶᠢᠴᠢᠤᠨ ᠵᠣᠴᠢᠤᠨ ᠦᠨ ᠨᠢᠳᠦ ᠶᠢ ᠬᠤᠵᠢᠷᠯᠠᠵᠤ᠂ ᠮᠡᠯᠮᠡᠢ ᠶᠢ ᠪᠠᠶᠠᠰᠬᠠᠳᠠᠭ ᠬᠠᠮᠤᠭ ᠤᠨ ᠭᠣᠣᠯ ᠦᠵᠡᠮᠵᠢ ᠪᠣᠯ ᠡᠵᠢ ᠬᠠᠶᠢᠷᠬᠠᠨ ᠠᠭᠤᠯᠠ ᠶᠢᠨ ᠠᠯᠳᠠᠷᠲᠤ ᠶᠢᠰᠦᠨ ᠲᠣᠭᠣᠭ᠎ᠠ ᠶᠤᠮ᠃ ᠡᠳᠡᠭᠡᠷ ᠶᠢᠰᠦᠨ ᠲᠣᠭᠣᠭ᠎ᠠ ᠨᠢ ᠡᠵᠢ ᠬᠠᠶᠢᠷᠬᠠᠨ ᠠᠭᠤᠯᠠ ᠶᠢᠨ ᠵᠡᠭᠦᠨ ᠥᠪᠥᠷ ᠬᠣᠶᠢᠨ᠎ᠠ ᠠᠴᠠ ᠪᠠᠨ ᠤᠷᠤᠭᠰᠢ ᠴᠤᠪᠤᠷᠠᠭ᠎ᠠ ᠪᠠᠶᠢᠳᠠᠯ ᠲᠠᠢ ᠶᠢᠰᠤᠨ ᠲᠤᠰᠭᠠᠷ ᠪᠠᠶᠢᠷᠢᠯᠠᠬᠤ ᠬᠠᠳᠤᠨ ᠬᠦᠩᠬᠡ ᠶᠤᠮ᠃ (ᠪᠦᠷᠢᠨ ᠠᠭᠤᠯᠭ᠎ᠠ ᠶᠢ ᠤᠩᠰᠢᠬᠤ)

ᠭᠤᠷᠪᠠᠯᠵᠢᠨ ᠪᠤᠳᠠᠭ᠎ᠠ
ᠭᠤᠷᠪᠠᠯᠵᠢᠨ ᠪᠤᠳᠠᠭ᠎ᠠ

ᠭᠤᠷᠪᠠᠯᠵᠢᠨ ᠪᠤᠳᠠᠭ᠎ᠠ ᠪᠤᠶᠤ ᠲᠠᠷᠢᠶᠠᠨ ᠤ ᠰᠠᠭᠠᠭ (ᠯᠠᠲ᠋ᠢᠨ ᠶᠢᠡᠷ Fagopyrum esculentum) ᠨᠢ ᠦᠷ᠎ᠡ ᠶᠢᠨ (ᠬᠦᠨᠡᠰᠦᠨ ᠦ) ᠡᠰᠡᠪᠡᠯ ᠪᠦᠷᠬᠦᠭᠦᠯ ᠤᠷᠭᠤᠮᠠᠯ ᠤᠨ (ᠨᠣᠭᠣᠭᠠᠨ ᠪᠣᠷᠳᠣᠭᠤᠷ) ᠵᠣᠷᠢᠭᠤᠯᠤᠯᠲᠠ ᠪᠠᠷ ᠲᠠᠷᠢᠶᠠᠯᠠᠭᠳᠠᠳᠠᠭ᠂ ᠡᠪᠡᠰᠦᠯᠡᠭ᠂ ᠨᠢᠭᠡ ᠨᠠᠰᠤᠲᠤ᠂ ᠰᠠᠭᠠᠭ ᠤᠨ ᠲᠥᠷᠥᠯ ᠦᠨ ᠨᠢᠭᠡᠨ ᠵᠦᠢᠯ ᠤᠷᠭᠤᠮᠠᠯ᠃ ᠲᠡᠭᠦᠨ ᠢ ᠲᠠᠲᠠᠷ ᠰᠠᠭᠠᠭ ᠠᠴᠠ (Fagopyrum tataricum) ᠢᠯᠭᠠᠬᠤ ᠶᠢᠨ ᠲᠤᠯᠠᠳᠠ ᠶᠠᠫᠣᠨ ᠭᠤᠷᠪᠠᠯᠵᠢᠨ ᠪᠤᠳᠠᠭ᠎ᠠ ᠭᠡᠵᠦ ᠮᠥᠨ ᠨᠡᠷᠡᠯᠡᠳᠡᠭ᠃ ᠲᠠᠷᠢᠶᠠᠨ ᠤ ᠰᠠᠭᠠᠭ ᠨᠢ ᠳᠤᠯᠠᠭᠠᠨ ᠳᠤ ᠳᠤᠷᠠᠲᠠᠢ ᠤᠷᠭᠤᠮᠠᠯ ᠶᠤᠮ᠃ ᠲᠡᠭᠦᠨ ᠦ ᠦᠷ᠎ᠡ ᠬᠥᠷᠦᠰᠦᠨ ᠦ ᠳᠤᠯᠠᠭᠠᠨ 7-8 ℃ ᠬᠦᠷᠬᠦ ᠳᠦ ᠤᠷᠭᠤᠵᠤ ᠡᠬᠢᠯᠡᠬᠦ ᠪᠣᠯᠪᠠᠴᠤ 15-30 ℃ ᠍ ᠳᠦ ᠤᠷᠭᠤᠯᠲᠠ ᠢᠯᠡᠭᠦᠦ ᠰᠠᠶᠢᠨ ᠶᠠᠪᠤᠭᠳᠠᠳᠠᠭ᠃ ᠲᠠᠷᠢᠶᠠᠨ ᠤ ᠰᠠᠭᠠᠭ ᠤᠨ ᠰᠣᠶᠣᠭᠠᠯᠠᠵᠤ ᠨᠢ ᠬᠦᠢᠲᠡᠨ ᠳᠦ ᠮᠠᠰᠢ ᠮᠡᠳᠡᠷᠡᠮᠡᠲᠡᠭᠡᠢ ᠪᠠ -2 ℃ ᠲᠦ ᠭᠡᠮᠲᠦᠵᠦ᠂ -4 ℃ ᠍ ᠲᠤ ᠦᠬᠦᠳᠡᠭ᠃ 12 ℃ ᠡᠴᠡ ᠪᠠᠭ᠎ᠠ᠂ 30 ℃ ᠍ᠡᠴᠡ ᠶᠡᠬᠡ ᠳᠤᠯᠠᠭᠠᠨ ᠳᠦ ᠤᠷᠭᠤᠯᠲᠠ ᠮᠠᠭᠤᠳᠠᠳᠠᠭ᠃ ᠴᠡᠴᠡᠭᠯᠡᠯᠲᠡ ᠪᠠ ᠦᠷ᠎ᠡ ᠡᠭᠦᠰᠴᠦ ᠪᠣᠯᠪᠠᠰᠤᠷᠠᠬᠤ ᠦᠶ᠎ᠡ ᠶᠢᠨ ᠳᠤᠯᠠᠭᠠᠨ 17-25 ℃ ᠪᠥᠭᠡᠳ ᠠᠭᠠᠷ ᠤᠨ ᠬᠠᠷᠢᠴᠠᠩᠭᠤᠢ ᠴᠢᠭᠢᠭ 50 ᠬᠤᠪᠢ ᠠᠴᠠ ᠪᠠᠭ᠎ᠠ ᠦᠭᠡᠢ ᠪᠠᠶᠢᠬᠤ ᠱᠠᠭᠠᠷᠳᠠᠯᠭ᠎ᠠ ᠲᠠᠢ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ