ᠣᠨᠴᠠᠯᠠᠬᠤ ᠥᠭᠦᠯᠡᠯ/2017 4 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨᠳᠤᠭᠤᠯ ᠬᠠᠭᠠᠨ
Manduul khan.jpg

ᠮᠠᠨᠳᠤᠭᠤᠯ ᠬᠠᠭᠠᠨ (1438-1479) ᠮᠣᠩᠭᠣᠯ ᠤᠨ ᠬᠠᠭᠠᠨ ᠂ ᠲᠡᠷᠡ ᠲᠠᠶᠢᠰᠤᠩ ᠬᠠᠭᠠᠨ  ᠤ ᠡᠴᠢᠭᠡ ᠨᠢᠭᠡᠲᠦ ᠳᠡᠭᠦᠦ ᠶᠤᠮ᠃

ᠮᠣᠯᠣᠨ ᠬᠠᠭᠠᠨ  ᠤ ᠳᠠᠷᠠᠭ᠎ᠠ ᠬᠠᠭᠠᠨ ᠰᠠᠭᠤᠭᠰᠠᠨ᠃ ᠮᠠᠨᠳᠤᠭᠤᠯ ᠨᠢ ᠴᠠᠬᠠᠷ ᠍ ᠢ ᠵᠠᠬᠢᠷᠣᠨ ᠰᠠᠭᠤᠵᠤ ᠠᠰᠠᠨ ᠠᠩᠬᠠᠨ ᠤ ᠬᠠᠭᠠᠨ ᠪᠣᠯᠤᠨ᠎ᠠ᠃ ᠲᠡᠷᠡ ᠪᠡᠷ ᠪᠣᠭᠣᠨᠢ ᠬᠤᠭᠤᠴᠠᠭᠠᠨ ᠤ ᠵᠠᠰᠠᠭᠯᠠᠯ ᠤᠨ ᠢᠶᠠᠨ ᠦᠶ᠎ᠡ ᠳᠦ ᠬᠠᠭᠠᠨ ᠤ ᠡᠷᠬᠡ ᠮᠡᠳᠡᠯ ᠢ ᠶᠡᠬᠡᠰᠭᠡᠵᠦ᠂ ᠢᠵᠠᠭᠤᠷᠲᠠᠨ ᠨᠤᠭᠤᠳ ᠤᠨ ᠡᠷᠬᠡ ᠮᠡᠳᠡᠯ ᠢ ᠪᠠᠭᠤᠷᠠᠭᠤᠯᠤᠨ᠂ ᠲᠡᠭᠦᠨ ᠢ ᠤᠭᠰᠠᠭ᠎ᠠ ᠵᠠᠯᠭᠠᠮᠵᠢᠯᠠᠭᠰᠠᠨ ᠠᠪᠠᠭ᠎ᠠ ᠳᠡᠭᠦᠦ ᠳᠠᠶᠠᠨ ᠬᠠᠭᠠᠨ ᠳᠤ ᠤᠯᠤᠰ ᠢ ᠤᠳᠤᠷᠢᠳᠬᠤ ᠳᠤ ᠳᠥᠬᠥᠮ ᠪᠣᠯᠭᠠᠵᠤ ᠥᠭᠴᠡᠢ᠃

ᠣᠢᠷᠠᠳ ᠤᠨ ᠡᠰᠡᠨ ᠲᠠᠢᠰᠢ ᠬᠣᠪᠢᠰᠣᠯ ᠭᠠᠷᠭᠠᠵᠣ ᠣᠯᠣᠰ ᠤᠨ ᠢᠵᠠᠭᠣᠷᠳᠠᠨ ᠨᠣᠭᠣᠳ ᠤᠨ ᠦᠷ᠎ᠡ ᠬᠣᠢᠴᠢ ᠣᠴᠠᠷᠠᠭᠰᠠᠨ ᠪᠦᠬᠦᠨ ᠢ ᠬᠣᠣᠷᠯᠠᠨ ᠬᠦᠨᠦᠭᠡᠭᠰᠡᠨ ᠪᠢᠯᠠ᠃ ᠲᠡᠷᠡ ᠦᠶ᠎ᠡ ᠳᠦ ᠮᠠᠨᠳᠣᠭᠣᠯ ᠣᠳᠣ ᠶᠢᠨ ᠬᠦᠯᠦᠨ ᠪᠣᠢᠷ ᠲᠤ ᠦᠪᠡᠷ ᠦᠨ ᠡᠷᠬᠦᠮᠵᠢ ᠶᠢᠨ ᠭᠠᠵᠠᠷ ᠪᠣᠯᠬᠣ ᠨᠣᠳᠣᠭ ᠲᠤ ᠨᠣᠳᠣᠭᠯᠠᠨ ᠰᠠᠭᠣᠵᠣ ᠠᠯᠣᠰ ᠬᠣᠯᠠ ᠪᠠᠶᠢᠭᠰᠠᠨ ᠲᠣᠯᠠ ᠠᠮᠢ ᠮᠡᠨᠳᠥ ᠦᠯᠡᠳᠡᠵᠡᠢ᠃

ᠮᠣᠯᠣᠨ ᠬᠠᠭᠠᠨ ᠠᠯᠠᠭᠳᠠᠭᠰᠠᠨ ᠤ ᠲᠠᠷᠠᠭ᠎ᠠ ᠦᠷ᠎ᠡ ᠬᠡᠦᠭᠡᠳ ᠤᠭᠡᠢ ᠪᠠᠶᠢᠭᠰᠠᠨ ᠣᠴᠢᠷ ᠡᠴᠡ ᠶᠦᠩᠰᠢᠶᠠᠪᠥ ᠶᠢᠨ ᠨᠣᠶᠠᠨ ᠪᠡᠭᠡᠷᠰᠠᠨ ᠮᠠᠨᠳᠣᠭᠣᠯ ᠢ ᠵᠠᠯᠠᠵᠣ ᠠᠪᠴᠢᠷᠠᠨ ᠶᠡᠭᠡ ᠬᠠᠭᠠᠨ ᠤ ᠣᠷᠣ ᠰᠠᠭᠣᠷᠢᠨ ᠳᠤ ᠡᠷᠭᠦᠮᠵᠢᠯᠡᠨ ᠰᠠᠭᠣᠯᠭᠠᠭᠰᠠᠨ ᠪᠦᠭᠡᠳ ᠦᠪᠡᠷ ᠢᠶᠡᠨ ᠲᠠᠶᠢᠰᠢ ᠪᠣᠯᠣᠭᠰᠠᠨ ᠪᠠᠶᠢᠨ᠎ᠠ᠃

ᠮᠠᠨᠳᠣᠭᠣᠯ ᠬᠠᠭᠠᠨ ᠂ ᠦᠪᠡᠷ ᠦᠨ ᠠᠴᠢ ᠪᠠᠶᠠᠨᠮᠦᠩᠭᠡ ᠵᠢᠨᠣᠩ ᠤᠨ ᠬᠠᠮᠳᠣ ᠮᠣᠩᠭᠣᠯ ᠣᠷᠣᠨ ᠤ ᠨᠡᠶᠢᠭᠡᠮ ᠦᠨ ᠰᠠᠮᠠᠭᠣᠨ ᠢ ᠨᠡᠯᠢᠶᠡᠳ ᠲᠦᠪᠰᠢᠳᠭᠡᠵᠡᠢ ᠃ ᠭᠡᠪᠡᠴᠥ ᠰᠡᠬᠦᠯ ᠦᠨ ᠦᠶ᠎ᠡ ᠳᠦ ᠬᠣᠪ ᠬᠠᠳᠬᠣᠯ ᠳᠤ ᠣᠨᠠᠵᠣ ᠮᠠᠨᠳᠣᠭᠣᠯ ᠬᠠᠭᠠᠨ ᠪᠠᠶᠠᠨᠮᠤᠩᠭᠡ ᠵᠢ ᠲᠠᠭᠠᠷᠢᠨ ᠴᠣᠬᠢᠵᠠᠢ᠃ ᠪᠠᠶᠠᠨᠮᠤᠩᠭᠡ ᠵᠢᠨᠣᠩ ᠵᠢᠭᠣᠳᠠᠨ ᠶᠠᠪᠣᠬᠣ ᠵᠠᠭᠣᠷ᠎ᠠ ᠪᠠᠨ ᠶᠦᠩᠰᠢᠶᠠᠪᠥ ᠶᠢᠨ ᠬᠠᠷ᠎ᠠ ᠪᠠᠳᠠᠢ ᠨᠠᠷ ᠲᠤ ᠠᠯᠠᠭᠳᠠᠵᠠᠢ᠃ (ᠪᠦᠷᠢᠨ ᠠᠭᠤᠯᠭ᠎ᠠ ᠶᠢ ᠤᠩᠰᠢᠬᠤ)

ᠮᠣᠯᠣᠨ ᠬᠠᠭᠠᠨ
Molon khan.jpg

ᠤᠮᠠᠷᠠᠳᠤ ᠶᠤᠸᠠᠨ ᠭᠦᠷᠦᠨ ᠢ ᠨᠢᠭᠡᠨ ᠬᠡᠰᠡᠭ ᠵᠠᠬᠢᠷᠴᠣ ᠶᠠᠪᠤᠭᠰᠠᠨ ᠮᠣᠯᠣᠨ ᠬᠠᠭᠠᠨ ᠨᠢ 1437 ᠤᠨ ᠤ ᠤᠯᠠᠭᠴᠢᠨ ᠮᠣᠭᠠᠢ ᠵᠢᠯ ᠲᠠᠶᠢᠰᠤᠩ ᠬᠠᠭᠠᠨ  ᠤ ᠠᠬᠠᠮᠠᠳ ᠬᠦᠦ ᠪᠣᠯᠤᠨ ᠲᠥᠷᠦᠵᠡᠢ᠃ 1465 ᠤᠨ ᠳᠤ ᠦᠬᠡᠭᠲᠦ ᠬᠠᠭᠠᠨ ᠮᠠᠾᠺᠦ᠋ᠷᠭᠢᠰ ᠢ ᠬᠣᠣᠷᠯᠠᠭᠳᠠᠭᠰᠠᠨ ᠤ ᠳᠠᠷᠠᠭ᠎ᠠ ᠮᠣᠩᠭᠣᠯ ᠤᠨ 28 ᠳᠠᠬᠢ ᠬᠠᠭᠠᠨ ᠪᠣᠯᠤᠨ ᠬᠠᠭᠠᠨ ᠰᠢᠷᠡᠭᠡᠨ ᠳᠦ ᠰᠠᠭᠤᠴᠠᠢ᠃ ᠬᠠᠭᠠᠨ ᠰᠢᠷᠡᠭᠡᠨ᠎ᠡ ᠰᠠᠭᠤᠭᠰᠠᠨ ᠤ 21 ᠳᠠᠬᠢ ᠤᠨ ᠳᠤ ᠮᠤᠣᠯᠢᠬᠠᠢ ᠸᠠᠩ ᠡᠮᠦᠨ᠎ᠡ ᠵᠦᠭ ᠴᠡᠷᠢᠭᠯᠡᠵᠦ ᠨᠢᠩᠰᠢᠶᠠ᠂ ᠱᠠᠨᠰᠢ ᠶᠢ ᠳᠣᠪᠲᠣᠯᠤᠨ ᠪᠤᠲᠠ ᠴᠤᠬᠢᠪᠠ᠃ ᠣᠷᠳᠣᠰ ᠠᠶᠢᠮᠠᠭ ᠤᠨ ᠮᠥᠩᠬᠡ ᠪᠡ ᠬᠠᠳᠠᠪᠤᠬ᠎ᠠ ᠨᠠᠷ ᠤᠨ ᠢᠳᠬᠠᠯᠭ᠎ᠠ ᠪᠠᠷ ᠮᠤᠣᠯᠢᠬᠠᠢ ᠸᠠᠩ ᠮᠣᠯᠣᠨ ᠬᠠᠭᠠᠨ ᠢ ᠠᠯᠠᠵᠠᠢ᠃ ᠲᠡᠭᠦᠨ ᠢ ᠠᠮᠢ ᠦᠷᠡᠭᠳᠡᠭᠰᠡᠨ ᠦ ᠳᠠᠷᠠᠭ᠎ᠠ ᠪᠠᠷ ᠮᠠᠨᠳᠤᠭᠤᠯ ᠬᠠᠭᠠᠨ 1465 ᠤᠨ ᠳᠤ ᠬᠠᠭᠠᠨ ᠰᠢᠷᠡᠭᠡᠨ ᠳᠦ ᠰᠠᠭᠤᠭᠰᠠᠨ ᠶᠤᠮ᠃

ᠮᠤᠯᠤᠨ 1437 ᠡᠤᠨ ᠳᠤ ᠲᠦᠷᠦᠵᠤ᠂ 1465 ᠡᠤᠨ ᠳᠤ ᠬᠠᠭᠠᠨ ᠰᠠᠭᠤᠪᠠ᠃ ᠲ᠋ᠠᠷᠠ ᠪᠣᠯ ᠳᠤᠬᠳᠠᠬᠣ ᠪᠣᠬ᠎ᠠ ᠬᠠᠭᠠᠨ ᠤ ᠡᠡᠡᠡᠡᠮᠡᠳ ᠭᠦᠪᠠᠭᠦᠨ ᠮᠦᠨ᠃ ᠮᠤᠩᠭ᠋ᠤᠯ ᠤᠨ ᠬᠤᠷᠢᠨ ᠳᠤᠯᠤᠳᠤᠭᠠᠷ ᠬᠠᠭᠠᠨ ᠪᠣᠯᠤᠨ᠎ᠠ᠃

ᠳᠡᠢ᠌ᠰᠦᠡᠭ᠌ ᠬᠠᠭᠠᠨ ᠳᠤᠬᠳᠠᠬᠣ ᠪᠣᠬ᠎ᠠ ᠶᠢᠨ ᠤᠭ ᠤᠨ ᠮᠥᠷᠭᠦᠭᠦᠯᠵᠤ ᠡᠡᠪᠤᠭᠰᠡᠨ ᠭᠡᠷᠭᠡᠢ ᠪᠣᠯ ᠳᠤᠭᠤᠨ ᠳᠠᠢ᠌ᠱᠢ ᠶᠢᠨ ᠭᠡᠦᠭᠡᠨ ᠶᠣᠮ᠂ ᠲ᠋ᠡᠭᠦᠨ ᠡᠴᠠ ᠭᠡᠦᠭᠡᠤᠨ ᠭᠠᠷᠤᠠᠠᠰᠠᠨ ᠥᠭᠡᠢ ᠪᠣᠯᠠᠠᠤᠷ᠂ ᠲ᠋ᠤᠬᠳᠠᠬᠣ ᠪᠣᠬ᠎ᠠ ᠬᠠᠭᠠᠨ ᠬᠤᠷᠯᠠᠤᠨ ᠠᠢ᠌ᠮᠠᠭ ᠤᠨ ᠴᠠᠪᠳᠠᠨ ᠤ ᠭᠡᠦᠭᠡᠨ ᠡᠡᠯᠳᠠᠭᠠᠨ᠎ᠡ ᠶᠢ ᠪᠠᠭ᠎ᠠ ᠬᠠᠳᠤᠨ ᠪᠣᠯᠭᠠᠨ ᠡᠡᠪᠤᠭᠰᠡᠨ ᠪᠠᠢ᠌ᠨ᠎ᠡ᠃  ᠨᠢᠭᠡ ᠵᠢᠯ ᠤᠨ ᠳᠠᠷᠠᠭ᠎ᠠ ᠨᠢᠭᠡᠨ ᠭᠦᠤ ᠲᠦᠷᠦᠵᠤ ᠨᠠᠷ᠎ᠠ ᠶᠢ ᠨᠢ ᠮᠤᠯᠤᠨ ᠭᠡᠪᠡ᠃ ᠡᠨᠡ ᠨᠢ ᠳᠠᠷᠤᠢ ᠬᠤᠵᠢᠮ ᠤᠨ ᠮᠤᠯᠤᠨ ᠬᠠᠭᠠᠨ ᠮᠦᠨ ᠪᠢᠯᠡ᠃ ᠰᠡᠭᠦᠯᠡᠷ ᠨᠢ᠂ ᠲ᠋ᠤᠬᠳᠠᠬᠣ ᠪᠣᠬ᠎ᠠ ᠬᠠᠭᠠᠨ ᠬᠠᠳᠤᠨ ᠡᠡᠯᠳᠠᠭᠠᠨ᠎ᠡ ᠶᠢ ᠨᠤᠶᠠᠨ ᠬᠠᠯᠴᠠᠠᠠᠠᠢ ᠲᠡᠶ ᠳᠤᠳᠤᠨᠤ ᠬᠠᠷᠢᠴᠠᠭ᠎ᠠ ᠲᠡᠶ ᠭᠡᠵᠤ ᠰᠡᠵᠢᠭ᠍ᠯᠡᠭᠡᠤᠨ ᠬᠠᠯᠴᠠᠠᠠᠠᠢ ᠶᠢ ᠡᠡᠯᠡᠵᠤ᠂ ᠡᠡᠯᠳᠠᠭᠠᠨ᠎ᠡ ᠬᠠᠳᠤᠨ ᠢ ᠭᠡᠭᠡᠵᠤ ᠥᠭ᠍ᠪᠡ᠃ ᠡᠡᠯᠳᠠᠭᠠᠨ᠎ᠡ ᠬᠠᠳᠤᠨ ᠡᠡᠷᠭ᠎ᠠ ᠪᠣᠰᠤ ᠭᠦᠤ ᠮᠤᠯᠤᠨ ᠳᠠᠢ᠌ᠵᠢ ᠶᠢ ᠳᠠᠭᠠᠭᠤᠯᠤᠨ ᠬᠤᠷᠯᠠᠤᠨ ᠤᠨ ᠳᠦᠷᠭᠦᠮ ᠳᠡᠭᠡᠨ ᠬᠠᠷᠢᠵᠤ ᠡᠴᠢᠭᠡ ᠶᠢᠨ ᠶᠢᠡᠨ ᠭᠡᠷ ᠲᠤ ᠰᠠᠭᠤᠪᠠ᠃ (ᠪᠦᠷᠢᠨ ᠠᠭᠤᠯᠭ᠎ᠠ ᠶᠢ ᠤᠩᠰᠢᠬᠤ)

ᠰᠠᠷᠲᠠᠭᠤᠯ
ᠰᠠᠷᠲᠠᠭᠤᠯ

ᠰᠠᠷᠲᠠᠭᠤᠯ (撒尔塔兀勒) ᠨᠢ ᠮᠣᠩᠭᠣᠯ ᠦᠨᠳᠦᠰᠦᠲᠡᠨ ᠦ ᠳᠣᠲᠣᠷ᠎ᠠ ᠦᠯᠡᠮᠵᠢ ᠲᠣᠭᠠᠴᠠᠭᠳᠠᠬᠤ ᠤᠷᠤᠭ ᠤᠨ ᠣᠪᠤᠭ ᠪᠣᠯᠤᠨ᠎ᠠ᠃ ᠰᠠᠷᠲᠠᠭᠤᠯ ᠣᠪᠣᠭ ᠤᠨ ᠬᠢᠨ ᠨᠢ ᠡᠵᠡᠨ ᠴᠢᠩᠭᠢᠰ ᠬᠠᠭᠠᠨ ᠤ ᠮᠠᠨᠢ 14 ᠍ ᠳᠤᠭᠠᠷ ᠦᠶ᠎ᠡ ᠶᠢᠨ ᠤᠳᠤᠮ ᠪᠠᠲᠤᠮᠥᠶᠢᠩᠬᠡ ᠳᠠᠶᠠᠩ ᠬᠠᠭᠠᠨ ᠤ ᠣᠳᠬᠣᠨ ᠬᠡᠦ ᠭᠡᠷᠰᠡᠩ ᠵᠠᠯᠠᠶᠢᠷ ᠬᠤᠩᠲᠠᠶᠢᠵᠢ (1513-1549) ᠍ ᠤᠨ ᠵᠢᠷᠭᠤᠳᠤᠭᠠᠷ ᠬᠡᠦ ᠳᠠᠯᠤᠳᠠᠨ ᠬᠥᠨᠳᠡᠯᠡᠨ ᠦ ᠬᠠᠷᠢᠶᠠᠲᠤ ᠪᠣᠯᠤᠨ ᠢᠷᠡᠭᠰᠡᠨ ᠪᠥᠭᠡᠳ ᠡᠳᠦᠭᠡ ᠶᠢ ᠬᠦᠷᠲᠡᠯ᠎ᠡ ᠲᠡᠦᠬᠡᠲᠦ ᠠᠭᠤᠭᠤᠯ ᠨᠤᠲᠤᠭ ᠤᠰᠤᠨ ᠳᠤ ᠪᠠᠨ ᠣᠯᠠᠨ ᠢᠶᠠᠷ ᠢᠶᠠᠨ ᠠᠮᠢᠳᠤᠷᠠᠵᠤ᠂ ᠵᠠᠷᠢᠮ ᠴᠥᠭᠡᠩᠬᠢᠭᠦᠯ ᠨᠢ ᠳᠠᠶᠢᠨ ᠳᠠᠵᠢᠨ᠂ ᠲᠡᠦᠬᠡ ᠶᠢᠨ ᠪᠠᠷᠠᠭᠠᠨ ᠡᠳᠦᠷ ᠦᠳ ᠲᠦ ᠠᠭᠤᠭᠤᠯ ᠨᠤᠲᠤᠭ ᠤᠰᠤᠨ ᠠᠴᠠ ᠪᠠᠨ ᠳᠠᠶᠢᠵᠢᠨ ᠪᠤᠷᠢᠶᠠᠳ ᠲᠤ ᠨᠡᠭᠦᠨ ᠣᠴᠢᠭᠰᠠᠨ ᠪᠠᠶᠢᠳᠠᠭ᠃ ᠪᠣᠭᠳᠠ ᠬᠠᠭᠠᠨᠲᠤ ᠮᠣᠩᠭᠣᠯ ᠤᠯᠤᠰ ᠤᠨ ᠦᠶ᠎ᠡ ᠳᠦ 《ᠮᠢᠩᠭᠠᠨ ᠲᠠᠶᠢᠵᠢ ᠲᠠᠢ ᠲᠦᠮᠡᠨ ᠰᠠᠷᠲᠠᠭᠤᠯ》 ᠭᠡᠵᠦ ᠨᠡᠷᠡᠯᠡᠭᠰᠡᠨ ᠠᠮᠠᠨ ᠬᠡᠯᠡᠴᠡ ᠨᠢ ᠪᠠᠶᠢᠳᠠᠭ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠬᠠᠭᠠᠯᠭᠠᠨ
ᠬᠠᠭᠠᠯᠭᠠᠨ ᠬᠣᠲᠠ

᠋᠋ ᠬᠠᠭᠠᠯᠭᠠᠨ ᠬᠣᠲᠠ ( ᠬᠢᠲᠠᠳ ᠢᠶᠠᠷ 张家口) ᠨᠢ ᠮᠣᠩᠭᠣᠯ ᠤᠨ ᠨᠢᠭᠤᠴᠠ ᠲᠣᠪᠴᠢᠶᠠᠨ ᠤ ᠴᠢᠭᠤᠯᠤᠯᠲᠤ ᠬᠠᠭᠠᠯᠭ᠎ᠠ ᠨᠡᠷ᠎ᠡ ᠪᠡᠷ ᠨᠡᠷᠡᠯᠡᠭᠳᠡᠭᠰᠡᠨ ᠲᠦᠮᠡᠨ ᠭᠠᠵᠠᠷ ᠤᠨ ᠴᠠᠭᠠᠨ ᠬᠡᠷᠡᠮ ᠦᠨ ᠡᠭᠦᠳᠡᠨ ᠬᠣᠲᠠ ᠪᠥᠭᠡᠳ ᠪᠡᠭᠡᠵᠢᠩ ᠤᠨ ᠪᠠᠷᠠᠭᠤᠨ ᠬᠣᠶᠢᠨ᠎ᠠ ᠪᠠᠶᠢᠷᠢᠯᠠᠨ᠎ᠠ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠾᠸᠪᠸᠢ ᠮᠤᠵᠢ ᠳᠤ ᠬᠠᠷᠢᠶᠠᠯᠠᠭᠳᠠᠬᠤ ᠪᠥᠭᠡᠳ ᠠᠶᠢᠮᠠᠭ ᠤᠨ ᠵᠡᠷᠭᠡᠯᠡᠯ ᠪᠦᠬᠦᠢ ᠬᠣᠲᠠ ᠶᠤᠮ᠃ ᠬᠠᠭᠤᠴᠢᠨ ᠳᠤ ᠪᠠᠨ ᠮᠣᠩᠭᠣᠯ ᠦᠨᠳᠦᠰᠦᠲᠡᠨ ᠦ ᠣᠯᠠᠨ ᠢᠶᠠᠷ ᠰᠠᠭᠤᠳᠠᠭ ᠬᠣᠲᠠ ᠪᠠᠶᠢᠭᠰᠠᠨ ᠪᠠ ᠮᠠᠨᠵᠤ ᠶᠢᠨ ᠬᠠᠭᠠᠨ ᠲᠡᠨᠳᠡ ᠣᠷᠣᠰᠢᠨ ᠰᠠᠭᠤᠭᠴᠢ ᠴᠠᠬᠠᠷ ᠮᠣᠩᠭᠣᠯᠴᠤᠳ ᠢ ᠪᠠᠷᠠᠭᠤᠨ ᠬᠢᠵᠠᠭᠠᠷ ᠰᠢᠨᠵᠢᠶᠠᠩ ᠤᠷᠤᠭᠤ ᠨᠡᠭᠦᠯᠭᠡᠨ ᠴᠠᠬᠠᠷ ᠨᠠᠢᠮᠠᠨ ᠬᠣᠰᠢᠭᠤ ᠶᠢ ᠪᠠᠶᠢᠭᠤᠯᠬᠤ ᠵᠡᠷᠭᠡ ᠪᠡᠷ ᠮᠣᠩᠭᠣᠯ ᠬᠦᠮᠦᠨ ᠠᠮᠠ ᠶᠢ ᠴᠦᠬᠡᠳᠭᠡᠬᠦ ᠪᠣᠳᠣᠯᠭ᠎ᠠ ᠶᠠᠪᠤᠭᠤᠯᠵᠤ ᠪᠠᠶᠢᠵᠠᠢ᠃ ᠬᠠᠭᠠᠯᠭᠠᠨ ᠬᠣᠲᠠ ᠨᠢ 19 ᠳ᠋ᠤᠭᠡᠷ ᠵᠠᠭᠤᠨ ᠤ ᠡᠬᠢᠨ ᠬᠦᠷᠲᠡᠯ᠎ᠡ ᠮᠣᠩᠭᠣᠯᠴᠤᠳ ᠣᠯᠠᠨ ᠢᠶᠠᠷ ᠰᠠᠭᠤᠳᠠᠭ ᠬᠣᠲᠠ ᠪᠠᠶᠢᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠦᠨᠦᠷᠲᠦ ᠨᠣᠭᠤᠭᠠᠨ  ᠤ ᠦᠷ᠎ᠡ ︱8
乌苏-8.jpg

ᠦᠨᠦᠷᠲᠦ ᠨᠣᠭᠤᠭᠠᠨ  ᠤ ᠦᠷ᠎ᠡ ︱8(ᠬᠢᠲᠠᠳ ᠶ᠋ᠢᠡᠷ 乌苏-8 )᠄ ᠲᠤᠰ ᠨᠠᠢᠢᠷᠠᠯᠭ᠎ᠠ ᠪᠣᠯ ᠢᠯᠴᠢ  ᠶᠢ ᠰᠡᠯᠪᠢᠬᠦ ᠂ ᠲᠤᠩᠭᠠᠯᠠᠭ ᠡᠰᠡ ᠰᠢᠩᠭᠡᠭᠰᠡᠨ  ᠢ᠋ ᠰᠢᠩᠭᠡᠭᠡᠬᠦ ᠂ ᠬᠠᠪᠤᠩ  ᠢ᠋ ᠠᠷᠢᠯᠭᠠᠨ᠎ᠠ ᠃ ᠴᠠᠢᠢᠪᠤᠷ ᠬᠠᠪᠤᠩ ᠂ ᠰᠤᠪᠠᠭ ᠬᠠᠪᠤᠩ ᠳ᠋ᠤ ᠬᠡᠷᠡᠭᠯᠡᠨ᠎ᠡ ᠃ ᠲᠤᠩᠭ᠋ᠠᠯᠠᠭ ︱ 5 ᠂ ᠵᠥᠭᠡᠯᠡᠨ ᠦᠷ᠎ᠡ ᠲᠤᠰᠪᠤᠷᠢ 5g ᠂ ᠵᠢᠳᠠᠩᠭ᠎ᠠ10g ᠂ ᠦᠨᠦᠷᠲᠦ ᠨᠣᠭᠤᠭᠠᠨ  ᠤ᠋ ᠦᠷ᠎ᠡ 15g  ᠨᠢ᠍ᠭᠲᠠ ᠲᠠᠯᠬᠠᠳᠠᠵᠤ ᠂ ᠲᠠᠯᠬ᠎ᠠ  ᠪᠠᠷ ᠬᠡᠷᠡᠭᠯᠡᠨ᠎ᠡ ᠃ ᠨᠠᠰᠤᠨ ᠳ᠋ᠤ ᠬᠦᠷᠦᠭᠰᠡᠳ ᠡᠳᠦᠷ  ᠲᠤ1︱2 ᠤᠳᠠᠭ᠎ᠠ ᠂ ᠤᠳᠠᠭ᠎ᠠ ᠪᠦᠷᠢ1.5~3g  ᠢ᠋ ᠪᠤᠴᠠᠯᠤᠭᠰᠠᠨ ᠤᠰᠤ  ᠪᠡᠷ ᠳᠠᠷᠤᠭᠤᠯᠵᠤ ᠤᠤᠭᠤᠯᠭᠠᠨ᠎ᠠ ᠃  (ᠪᠦᠷᠢᠨ ᠠᠭᠤᠯᠭ᠎ᠠ ᠶᠢ ᠤᠩᠰᠢᠬᠤ)

ᠪᠠᠷᠭᠤ ᠶᠢᠨ ᠠᠷᠠᠳ ᠲᠦᠮᠡᠨ ᠦ ᠲᠡᠦᠬᠡ
ᠪᠠᠷᠭᠤ ᠶᠢᠨ ᠠᠷᠠᠳ ᠲᠦᠮᠡᠨ ᠦ ᠲᠡᠦᠬᠡ

ᠡᠷᠲᠡᠨ ᠦ ᠪᠠᠭᠠᠲᠤᠷᠯᠢᠭ ᠲᠡᠦᠬᠡ ᠲᠡᠢ ᠮᠣᠩᠭᠣᠯ ᠠᠶᠢᠮᠠᠭ ᠤᠳ ᠤᠨ ᠨᠢᠭᠡ ᠨᠢ ᠪᠠᠷᠭᠤ ᠶᠤᠮ᠃ ᠲᠡᠳᠡᠨ ᠦ ᠲᠤᠬᠠᠢ ᠡᠷᠲᠡᠨ ᠦ ᠬᠢᠲᠠᠳ ᠤᠨ ᠰᠤᠷᠪᠤᠯᠵᠢ ᠪᠢᠴᠢᠭ ᠲᠦ ᠲᠡᠮᠳᠡᠭᠯᠡᠵᠦ ᠪᠠᠶᠢᠬᠤ ᠪᠡᠷ᠂ ᠪᠠᠷᠭᠤᠴᠤᠳ ᠵᠢᠷᠭᠤᠭ᠎ᠠ ᠳᠤᠯᠤᠳᠤᠭᠠᠷ ᠵᠠᠭᠤᠨ ᠳᠤ ᠣᠷᠬᠣᠨ᠂ ᠲᠤᠭᠤᠯ᠂ ᠬᠡᠷᠡᠯᠦᠨ ᠭᠣᠣᠯ ᠢᠶᠠᠷ ᠨᠡᠭᠦᠳᠡᠯᠯᠡᠨ ᠬᠥᠯᠦᠨ ᠪᠤᠶᠢᠷ ᠤᠨ ᠪᠠᠷᠠᠭᠤᠨ ᠬᠥᠪᠡᠭᠡ ᠪᠡᠷ ᠰᠠᠭᠤᠷᠢᠰᠢᠵᠤ᠂ ᠠᠷᠪᠠᠨ ᠨᠢᠭᠡ ᠬᠤᠶᠠᠷᠳᠤᠭᠠᠷ ᠵᠠᠭᠤᠨ ᠤ ᠦᠶ᠎ᠡ ᠳᠦ ᠪᠠᠶᠢᠭᠠᠯᠢ ᠨᠠᠭᠤᠷ ᠤᠨ ᠵᠡᠭᠦᠨ ᠪᠡᠶ᠎ᠡ ᠪᠠᠷᠭᠤᠵᠢᠨ ᠲᠥᠬᠥᠮ ᠢᠶᠡᠷ ᠨᠤᠲᠤᠭᠯᠠᠵᠤ ᠪᠠᠶᠢᠭᠰᠠᠨ ᠲᠤᠬᠠᠢ ᠰᠤᠳᠤᠯᠤᠭᠠᠴᠢᠳ ᠪᠢᠴᠢᠭᠰᠡᠨ ᠪᠠᠶᠢᠳᠠᠭ᠃ ᠡᠵᠡᠨ ᠴᠢᠩᠭᠢᠰ ᠬᠠᠭᠠᠨ ᠤ ᠦᠶ᠎ᠡ ᠳᠦ ᠪᠠᠷᠭᠤᠴᠤᠳ ᠪᠤᠰᠤᠳ ᠮᠣᠩᠭᠣᠯ ᠠᠶᠢᠮᠠᠭ ᠤᠳ ᠤᠨ ᠨᠢᠭᠡᠨ ᠠᠳᠠᠯᠢ ᠶᠡᠬᠡ ᠮᠣᠩᠭᠣᠯ ᠤᠯᠤᠰ ᠢ ᠪᠦᠷᠢᠳᠦᠭᠦᠯᠵᠦ᠂ ᠴᠢᠩᠭᠢᠰ ᠬᠠᠭᠠᠨ ᠤ ᠬᠠᠷ᠎ᠠ ᠲᠤᠭ ᠤᠨ ᠳᠣᠣᠷ᠎ᠠ ᠥᠷᠥᠨ᠎ᠡ᠂ ᠳᠣᠷᠣᠨ᠎ᠠ ᠶᠢ ᠳᠣᠪᠲᠣᠯᠵᠤ ᠶᠠᠪᠤᠭᠰᠠᠨ ᠪᠣᠯ ᠠᠷᠪᠠᠨ ᠲᠠᠪᠤᠳᠤᠭᠠᠷ ᠵᠠᠭᠤᠨ ᠤ ᠦᠶ᠎ᠡ ᠳᠦ ᠳᠥᠷᠪᠡᠨ ᠣᠶᠢᠷᠠᠳ ᠤᠨ ᠪᠦᠷᠢᠯᠳᠦᠬᠦᠨ ᠳᠦ ᠪᠠᠶᠢᠭᠠᠳ ᠣᠶᠢᠷᠠᠳ ᠤᠳ ᠢ ᠵᠡᠭᠦᠨ ᠵᠦᠭ ᠨᠡᠭᠦᠳᠡᠯᠯᠡᠬᠦ ᠳᠦ ᠵᠡᠭᠦᠨ ᠮᠣᠩᠭᠣᠯ ᠤᠨ ᠮᠡᠳᠡᠯ ᠳᠦ ᠣᠷᠣᠭᠰᠠᠨ ᠠᠵᠢ᠃ (ᠪᠦᠷᠢᠨ ᠠᠭᠤᠯᠭ᠎ᠠ ᠶᠢ ᠤᠩᠰᠢᠬᠤ)

ᠰᠠᠷᠯᠤᠭ
ᠰᠠᠷᠯᠤᠭ

ᠰᠠᠷᠯᠤᠭ ᠪᠣᠯ ᠦᠬᠡᠷ ᠦᠨ ᠲᠥᠷᠥᠯ ᠳᠦ ᠪᠠᠭᠲᠠᠳᠠᠭ ᠲᠤᠰᠬᠠᠢ ᠨᠢᠭᠡ ᠵᠦᠢᠯ ᠮᠠᠯ ᠪᠣᠯᠤᠨ᠎ᠠ᠃ ᠰᠠᠷᠯᠤᠭ ᠢ ᠬᠢᠮᠠᠯᠢᠶᠠ ᠶᠢᠨ ᠰᠠᠯᠪᠤᠷᠢ ᠠᠭᠤᠯᠠᠰ᠂ ᠲᠩᠷᠢ ᠠᠭᠤᠯᠠ᠂ ᠠᠯᠲᠠᠢ ᠬᠠᠩᠭᠠᠢ᠂ ᠬᠥᠪᠰᠥᠭᠥᠯ ᠦᠨ ᠠᠭᠤᠯᠠᠷᠬᠠᠭ ᠨᠤᠲᠤᠭ ᠲᠤ ᠡᠷᠲᠡ ᠳᠡᠭᠡᠷ᠎ᠡ ᠦᠶᠡᠰ ᠦᠷᠡᠵᠢᠭᠦᠯᠵᠦ ᠦᠷᠦᠭᠰᠡᠨ ᠪᠠᠶᠢᠨ᠎ᠠ᠃ ᠰᠠᠷᠯᠤᠭ ᠤᠨ ᠡᠪᠦᠭᠡ ᠨᠢ ᠣᠳᠣ ᠴᠤ ᠲᠥᠪᠡᠳ ᠦᠨ ᠠᠭᠤᠯᠠᠨ ᠳᠤ ᠠᠮᠢᠳᠤᠷᠠᠵᠤ ᠪᠤᠢ ᠵᠡᠷᠯᠢᠭ ᠰᠠᠷᠯᠤᠭ ᠶᠤᠮ᠃ ᠡᠨᠡ ᠠᠮᠢᠲᠠᠨ ᠢ ᠮᠣᠩᠭᠣᠯᠴᠤᠳ ᠰᠠᠷᠯᠤᠭ᠂ ᠺᠢᠷᠭᠢᠽᠢ ᠨᠤᠭᠤᠳ ᠲᠣᠫᠣᠰ᠂ ᠲᠦᠪᠡᠳ ᠦᠳ 《ᠶᠠᠭ᠎ᠠ》 ᠭᠡᠵᠦ ᠨᠡᠷᠡᠯᠡᠳᠡᠭ᠃ ᠰᠠᠷᠯᠤᠭ ᠨᠢ ᠮᠣᠩᠭᠤᠯ ᠣᠷᠣᠨ ᠤ ᠠᠭᠤᠯᠠᠷᠬᠠᠭ᠂ ᠣᠶᠢᠲᠤ ᠬᠡᠭᠡᠷ᠎ᠡ ᠶᠢᠨ ᠪᠥᠰᠡ ᠨᠤᠲᠤᠭ ᠲᠤ 13 ᠠᠶᠢᠮᠠᠭ 132 ᠰᠤᠮᠤᠨ ᠳᠤ ᠲᠠᠷᠬᠠᠭᠰᠠᠨ ᠪᠠᠶᠢᠨ᠎ᠠ᠃ ᠡᠳᠡᠭᠡᠷ ᠡᠴᠡ ᠬᠠᠮᠤᠭ ᠤᠨ ᠣᠯᠠᠨ ᠰᠠᠷᠠᠯᠢᠭ ᠲᠠᠢ ᠨᠢ ᠠᠷᠤᠬᠠᠩᠭᠠᠢ᠂ ᠬᠥᠪᠰᠥᠭᠥᠯ᠂ ᠵᠠᠪᠬᠠᠨ᠂ ᠥᠪᠦᠷᠬᠠᠩᠭᠠᠢ᠂ ᠪᠠᠶᠠᠨᠬᠣᠩᠭᠣᠷ ᠠᠶᠢᠮᠠᠭ ᠶᠤᠮ᠃ ᠰᠠᠷᠯᠤᠭ ᠤᠨ 50 ᠭᠠᠷᠤᠢ ᠬᠤᠪᠢ ᠨᠢ ᠳᠠᠯᠠᠢ ᠶᠢᠨ ᠲᠦᠪᠰᠢᠨ ᠡᠴᠡ 2000 ᠮᠧᠲ᠋ᠷ ᠡᠴᠡ ᠳᠡᠭᠡᠭᠰᠢ ᠂ 40 ᠣᠷᠴᠢᠮ ᠬᠤᠪᠢ ᠨᠢ 1600-2000 ᠮᠧᠲ᠋ᠷ ᠦᠨ ᠥᠨᠳᠦᠷ ᠲᠦ ᠪᠠᠶᠢᠷᠢᠰᠢᠵᠤ᠂ ᠪᠤᠰᠤᠳ ᠲᠥᠷᠦᠯ ᠦᠨ ᠮᠠᠯ ᠪᠡᠯᠴᠢᠬᠦ ᠳᠦ ᠲᠣᠬᠢᠷᠠᠮᠵᠢ ᠦᠭᠡᠢ ᠨᠤᠲᠤᠭ ᠤᠨ ᠪᠡᠯᠴᠢᠭᠡᠷ ᠤᠰᠤ ᠠᠰᠢᠭᠯᠠᠵᠤ᠂ ᠠᠷᠠᠴᠢᠯᠠᠭ᠎ᠠ ᠮᠠᠯᠯᠠᠭᠠᠨ ᠤ ᠶᠡᠷᠦᠳᠡ ᠶᠢᠨ ᠨᠥᠬᠥᠴᠡᠯ ᠳᠦ ᠪᠦᠲᠦᠭᠡᠭᠳᠡᠬᠦᠨ ᠦᠢᠯᠡᠳᠪᠦᠷᠢᠯᠡᠳᠡᠭ ᠲᠤᠯᠠ ᠡᠳ᠋ ᠍ ᠦᠨ ᠵᠠᠰᠠᠭ ᠤᠨ ᠦᠷ᠎ᠡ ᠠᠰᠢᠭ ᠰᠠᠶᠢᠲᠠᠢ ᠮᠠᠯ ᠶᠤᠮ᠃ (ᠪᠦᠷᠢᠨ ᠠᠭᠤᠯᠭ᠎ᠠ ᠶᠢ ᠤᠩᠰᠢᠬᠤ)

ᠮᠣᠯᠣᠨ ᠬᠠᠭᠠᠨ
Molon khan.jpg

ᠤᠮᠠᠷᠠᠳᠤ ᠶᠤᠸᠠᠨ ᠭᠦᠷᠦᠨ ᠢ ᠨᠢᠭᠡᠨ ᠬᠡᠰᠡᠭ ᠵᠠᠬᠢᠷᠴᠣ ᠶᠠᠪᠤᠭᠰᠠᠨ ᠮᠣᠯᠣᠨ ᠬᠠᠭᠠᠨ ᠨᠢ 1437 ᠤᠨ ᠤ ᠤᠯᠠᠭᠴᠢᠨ ᠮᠣᠭᠠᠢ ᠵᠢᠯ ᠲᠠᠶᠢᠰᠤᠩ ᠬᠠᠭᠠᠨ  ᠤ ᠠᠬᠠᠮᠠᠳ ᠬᠦᠦ ᠪᠣᠯᠤᠨ ᠲᠥᠷᠦᠵᠡᠢ᠃ 1465 ᠤᠨ ᠳᠤ ᠦᠬᠡᠭᠲᠦ ᠬᠠᠭᠠᠨ ᠮᠠᠾᠺᠦ᠋ᠷᠭᠢᠰ ᠢ ᠬᠣᠣᠷᠯᠠᠭᠳᠠᠭᠰᠠᠨ ᠤ ᠳᠠᠷᠠᠭ᠎ᠠ ᠮᠣᠩᠭᠣᠯ ᠤᠨ 28 ᠳᠠᠬᠢ ᠬᠠᠭᠠᠨ ᠪᠣᠯᠤᠨ ᠬᠠᠭᠠᠨ ᠰᠢᠷᠡᠭᠡᠨ ᠳᠦ ᠰᠠᠭᠤᠴᠠᠢ᠃ ᠬᠠᠭᠠᠨ ᠰᠢᠷᠡᠭᠡᠨ᠎ᠡ ᠰᠠᠭᠤᠭᠰᠠᠨ ᠤ 21 ᠳᠠᠬᠢ ᠤᠨ ᠳᠤ ᠮᠤᠣᠯᠢᠬᠠᠢ ᠸᠠᠩ ᠡᠮᠦᠨ᠎ᠡ ᠵᠦᠭ ᠴᠡᠷᠢᠭᠯᠡᠵᠦ ᠨᠢᠩᠰᠢᠶᠠ᠂ ᠱᠠᠨᠰᠢ ᠶᠢ ᠳᠣᠪᠲᠣᠯᠤᠨ ᠪᠤᠲᠠ ᠴᠤᠬᠢᠪᠠ᠃ ᠣᠷᠳᠣᠰ ᠠᠶᠢᠮᠠᠭ ᠤᠨ ᠮᠥᠩᠬᠡ ᠪᠡ ᠬᠠᠳᠠᠪᠤᠬ᠎ᠠ ᠨᠠᠷ ᠤᠨ ᠢᠳᠬᠠᠯᠭ᠎ᠠ ᠪᠠᠷ ᠮᠤᠣᠯᠢᠬᠠᠢ ᠸᠠᠩ ᠮᠣᠯᠣᠨ ᠬᠠᠭᠠᠨ ᠢ ᠠᠯᠠᠵᠠᠢ᠃ ᠲᠡᠭᠦᠨ ᠢ ᠠᠮᠢ ᠦᠷᠡᠭᠳᠡᠭᠰᠡᠨ ᠦ ᠳᠠᠷᠠᠭ᠎ᠠ ᠪᠠᠷ ᠮᠠᠨᠳᠤᠭᠤᠯ ᠬᠠᠭᠠᠨ 1465 ᠤᠨ ᠳᠤ ᠬᠠᠭᠠᠨ ᠰᠢᠷᠡᠭᠡᠨ ᠳᠦ ᠰᠠᠭᠤᠭᠰᠠᠨ ᠶᠤᠮ᠃

ᠮᠤᠯᠤᠨ 1437 ᠡᠤᠨ ᠳᠤ ᠲᠦᠷᠦᠵᠤ᠂ 1465 ᠡᠤᠨ ᠳᠤ ᠬᠠᠭᠠᠨ ᠰᠠᠭᠤᠪᠠ᠃ ᠲ᠋ᠠᠷᠠ ᠪᠣᠯ ᠳᠤᠬᠳᠠᠬᠣ ᠪᠣᠬ᠎ᠠ ᠬᠠᠭᠠᠨ ᠤ ᠡᠡᠡᠡᠡᠮᠡᠳ ᠭᠦᠪᠠᠭᠦᠨ ᠮᠦᠨ᠃ ᠮᠤᠩᠭ᠋ᠤᠯ ᠤᠨ ᠬᠤᠷᠢᠨ ᠳᠤᠯᠤᠳᠤᠭᠠᠷ ᠬᠠᠭᠠᠨ ᠪᠣᠯᠤᠨ᠎ᠠ᠃

ᠳᠡᠢ᠌ᠰᠦᠡᠭ᠌ ᠬᠠᠭᠠᠨ ᠳᠤᠬᠳᠠᠬᠣ ᠪᠣᠬ᠎ᠠ ᠶᠢᠨ ᠤᠭ ᠤᠨ ᠮᠥᠷᠭᠦᠭᠦᠯᠵᠤ ᠡᠡᠪᠤᠭᠰᠡᠨ ᠭᠡᠷᠭᠡᠢ ᠪᠣᠯ ᠳᠤᠭᠤᠨ ᠳᠠᠢ᠌ᠱᠢ ᠶᠢᠨ ᠭᠡᠦᠭᠡᠨ ᠶᠣᠮ᠂ ᠲ᠋ᠡᠭᠦᠨ ᠡᠴᠠ ᠭᠡᠦᠭᠡᠤᠨ ᠭᠠᠷᠤᠠᠠᠰᠠᠨ ᠥᠭᠡᠢ ᠪᠣᠯᠠᠠᠤᠷ᠂ ᠲ᠋ᠤᠬᠳᠠᠬᠣ ᠪᠣᠬ᠎ᠠ ᠬᠠᠭᠠᠨ ᠬᠤᠷᠯᠠᠤᠨ ᠠᠢ᠌ᠮᠠᠭ ᠤᠨ ᠴᠠᠪᠳᠠᠨ ᠤ ᠭᠡᠦᠭᠡᠨ ᠡᠡᠯᠳᠠᠭᠠᠨ᠎ᠡ ᠶᠢ ᠪᠠᠭ᠎ᠠ ᠬᠠᠳᠤᠨ ᠪᠣᠯᠭᠠᠨ ᠡᠡᠪᠤᠭᠰᠡᠨ ᠪᠠᠢ᠌ᠨ᠎ᠡ᠃  ᠨᠢᠭᠡ ᠵᠢᠯ ᠤᠨ ᠳᠠᠷᠠᠭ᠎ᠠ ᠨᠢᠭᠡᠨ ᠭᠦᠤ ᠲᠦᠷᠦᠵᠤ ᠨᠠᠷ᠎ᠠ ᠶᠢ ᠨᠢ ᠮᠤᠯᠤᠨ ᠭᠡᠪᠡ᠃ ᠡᠨᠡ ᠨᠢ ᠳᠠᠷᠤᠢ ᠬᠤᠵᠢᠮ ᠤᠨ ᠮᠤᠯᠤᠨ ᠬᠠᠭᠠᠨ ᠮᠦᠨ ᠪᠢᠯᠡ᠃ ᠰᠡᠭᠦᠯᠡᠷ ᠨᠢ᠂ ᠲ᠋ᠤᠬᠳᠠᠬᠣ ᠪᠣᠬ᠎ᠠ ᠬᠠᠭᠠᠨ ᠬᠠᠳᠤᠨ ᠡᠡᠯᠳᠠᠭᠠᠨ᠎ᠡ ᠶᠢ ᠨᠤᠶᠠᠨ ᠬᠠᠯᠴᠠᠠᠠᠠᠢ ᠲᠡᠶ ᠳᠤᠳᠤᠨᠤ ᠬᠠᠷᠢᠴᠠᠭ᠎ᠠ ᠲᠡᠶ ᠭᠡᠵᠤ ᠰᠡᠵᠢᠭ᠍ᠯᠡᠭᠡᠤᠨ ᠬᠠᠯᠴᠠᠠᠠᠠᠢ ᠶᠢ ᠡᠡᠯᠡᠵᠤ᠂ ᠡᠡᠯᠳᠠᠭᠠᠨ᠎ᠡ ᠬᠠᠳᠤᠨ ᠢ ᠭᠡᠭᠡᠵᠤ ᠥᠭ᠍ᠪᠡ᠃ ᠡᠡᠯᠳᠠᠭᠠᠨ᠎ᠡ ᠬᠠᠳᠤᠨ ᠡᠡᠷᠭ᠎ᠠ ᠪᠣᠰᠤ ᠭᠦᠤ ᠮᠤᠯᠤᠨ ᠳᠠᠢ᠌ᠵᠢ ᠶᠢ ᠳᠠᠭᠠᠭᠤᠯᠤᠨ ᠬᠤᠷᠯᠠᠤᠨ ᠤᠨ ᠳᠦᠷᠭᠦᠮ ᠳᠡᠭᠡᠨ ᠬᠠᠷᠢᠵᠤ ᠡᠴᠢᠭᠡ ᠶᠢᠨ ᠶᠢᠡᠨ ᠭᠡᠷ ᠲᠤ ᠰᠠᠭᠤᠪᠠ᠃ (ᠪᠦᠷᠢᠨ ᠠᠭᠤᠯᠭ᠎ᠠ ᠶᠢ ᠤᠩᠰᠢᠬᠤ)

ᠡᠯᠢᠬᠡ
ᠡᠯᠢᠬᠡ

ᠡᠯᠢᠭᠡ  ᠪᠣᠯ ᠬᠦᠮᠦᠨ ᠦ ᠪᠡᠶ᠎ᠡ ᠳ᠋ᠡᠬᠢ ᠬᠠᠮᠤᠭ ᠤᠨ ᠲᠣᠮᠣ ᠪᠤᠯᠴᠢᠷᠬᠠᠢ ᠶᠤᠮ᠃ ᠳᠤᠮᠳᠠᠴᠢ ᠪᠠᠷ 1500 g ᠵᠢᠩ ᠲᠡᠢ᠃ ᠡᠯᠢᠭᠡ ᠨᠢ ᠰᠥᠰᠦ ᠦᠢᠯᠡᠳᠪᠦᠷᠢᠯᠡᠵᠦ᠂ ᠰᠥᠰᠦ ᠨᠢ ᠰᠥᠰᠦᠨ ᠦ ᠤᠭᠤᠳᠠᠨ ᠳᠦ ᠬᠠᠳᠠᠭᠠᠯᠠᠭᠳᠠᠳᠠᠭ᠃ 12 ᠬᠤᠷᠤᠭᠤ ᠭᠡᠳᠡᠰᠦᠨ ᠳᠦ ᠰᠥᠰᠥ ᠨᠢ ᠥᠭᠡᠬᠦ ᠶᠢ ᠵᠠᠳᠠᠯᠬᠤ ᠨᠥᠯᠥᠭᠡ ᠲᠡᠢ᠃ ᠡᠯᠢᠭᠡ ᠨᠢ ᠥᠷᠦᠴᠡᠨ ᠦ ᠪᠠᠷᠠᠭᠤᠨ ᠲᠤᠤᠷᠠᠳᠤ ᠬᠦᠩᠬᠦᠷ ᠲᠦ ᠪᠠᠶᠢᠷᠢᠯᠠᠬᠤ ᠬᠡᠪᠡᠯᠢ ᠶᠢᠨ ᠬᠥᠨᠳᠡᠢ ᠶᠢᠨ ᠡᠷᠬᠡᠲᠡᠨ ᠶᠤᠮ᠃ ᠲᠡᠭᠰᠢ ᠭᠠᠳᠠᠷᠭᠤ ᠳᠡᠭᠡᠷ᠎ᠡ ᠪᠠᠶᠢᠷᠢᠯᠠᠭᠤᠯᠤᠭᠰᠠᠨ ᠥᠨᠳᠡᠭᠡ ᠶᠢ ᠪᠠᠷᠠᠭᠤᠨ ᠲᠤᠤᠷᠠᠳᠤ ᠥᠨᠴᠦᠭ ᠡᠴᠡ ᠵᠡᠭᠦᠨ ᠲᠡᠬᠡᠭᠰᠢ ᠨᠠᠯᠠᠤ ᠬᠤᠪᠢᠶᠠᠬᠤ ᠳᠤ ᠡᠭᠦᠰᠬᠦ ᠳᠦᠷᠰᠦ ᠲᠡᠢ ᠠᠳᠠᠯᠢᠳᠬᠠᠵᠤ ᠪᠣᠯᠤᠨ᠎ᠠ᠃ ᠡᠨᠳᠡ ᠡᠴᠡ ᠳᠡᠭᠡᠳᠦ ᠪᠤᠶᠤ ᠥᠷᠦᠴᠡᠨ ᠲᠠᠯ᠎ᠠ ᠲᠤᠤᠷᠠᠳᠤ ᠲᠠᠯ᠎ᠠ ᠨᠢ ᠬᠦᠮᠦᠨ ᠦ ᠡᠯᠢᠭᠡ ᠤᠷᠢᠳᠤ ᠲᠠᠯ᠎ᠠ ᠠᠴᠠ ᠬᠠᠷᠠᠬᠤ ᠳᠤ 2 ᠬᠡᠰᠡᠭ ᠲᠡᠢ ᠪᠠᠶᠢᠳᠠᠭ ᠪᠣᠯ ᠳᠣᠣᠷ᠎ᠠ ᠠᠴᠠ ᠬᠠᠷᠠᠬᠤ ᠳᠤ 4 ᠬᠡᠰᠡᠭ  ᠲᠠᠢ ᠵᠢ ᠲᠣᠳᠣᠷᠬᠠᠢ ᠬᠠᠷᠠᠵᠤ ᠪᠣᠯᠤᠨ᠎ᠠ᠃ ᠃ (ᠪᠦᠷᠢᠨ ᠠᠭᠤᠯᠭ᠎ᠠ ᠶᠢ ᠤᠩᠰᠢᠬᠤ)

ᠠᠭᠲᠠ ᠠᠷᠠᠭ᠎ᠠ
ᠠᠭᠲᠠ ᠠᠷᠠᠭ᠎ᠠ

ᠠᠭᠲᠠ ᠠᠷᠠᠭ᠎ᠠ ᠰᠢᠳᠦ ᠨᠢ ᠪᠠᠯᠴᠢᠷ ᠨᠠᠰᠤᠨ ᠠᠴᠠ ᠥᠰᠪᠦᠷᠢ ᠨᠠᠰᠤ ᠬᠦᠷᠲᠡᠯ᠎ᠡ ᠰᠢᠳᠦᠯᠡᠳᠡᠭ ᠲᠡᠯ᠎ᠡ ᠲᠥᠪ ᠦᠨ ᠡᠭᠦᠳᠡᠨ ᠰᠢᠳᠦ᠂ ᠬᠠᠵᠠᠭᠤ ᠶᠢᠨ ᠡᠭᠦᠳᠡᠨ ᠰᠢᠳᠦ᠂ ᠨᠢᠭᠡᠳᠦᠭᠡᠷ ᠠᠷᠠᠭ᠎ᠠ ᠰᠢᠳᠦ᠂ ᠪᠠᠭ᠎ᠠ ᠠᠷᠠᠭ᠎ᠠ ᠰᠢᠳᠦ᠂ ᠰᠣᠶᠣᠭ᠎ᠠ ᠲᠡᠭᠡᠭᠡᠳ ᠬᠣᠶᠠᠳᠤᠭᠠᠷ ᠠᠷᠠᠭ᠎ᠠ ᠰᠢᠳᠦ᠂ ᠬᠠᠮᠤᠭ ᠤᠨ ᠰᠡᠭᠦᠯ ᠳᠦ ᠠᠭᠲᠠ ᠠᠷᠠᠭ᠎ᠠ ᠰᠢᠳᠦ ᠭᠠᠷᠳᠠᠭ᠃ ᠡᠳᠡᠭᠡᠷ ᠡᠴᠡ ᠬᠠᠮᠤᠭ ᠤᠨ ᠣᠶᠢᠯᠠᠭᠠᠮᠵᠢ ᠦᠭᠡᠢ ᠪᠣᠯᠪᠠᠴᠤ ᠠᠩᠵᠠᠭᠠᠷᠠᠬᠤ ᠶᠢᠨ ᠠᠷᠭ᠎ᠠ ᠦᠭᠡᠢ ᠨᠢ ᠬᠠᠮᠤᠭ ᠤᠨ ᠰᠡᠭᠦᠯ ᠦᠨ ᠰᠢᠳᠦ ᠪᠤᠶᠤ ᠠᠭᠲᠠ ᠠᠷᠠᠭ᠎ᠠ ᠰᠢᠳᠦ ᠶᠤᠮ᠃ ᠰᠢᠳᠦᠨ ᠦ ᠮᠡᠷᠭᠡᠵᠢᠯ ᠦᠨ ᠰᠠᠯᠪᠤᠷᠢ ᠶᠢᠨ ᠬᠢᠨ ᠲᠡᠭᠦᠨ ᠢ ᠶᠡᠬᠡᠩᠬᠢ ᠳᠦ ᠪᠡᠨ ᠭᠤᠷᠪᠠᠳᠤᠭᠠᠷ ᠶᠡᠬᠡ ᠠᠷᠠᠭ᠎ᠠ ᠰᠢᠳᠦ ᠭᠡᠵᠦ ᠲᠣᠮᠢᠶᠠᠯᠠᠳᠠᠭ ᠪᠥᠭᠡᠳ ᠡᠷᠡᠦ ᠪᠠ ᠬᠣᠩᠰᠢᠶᠠᠷ ᠤᠨ ᠰᠢᠳᠦᠨ ᠦ ᠡᠩᠨᠡᠭᠡᠨ ᠦ ᠬᠠᠮᠤᠭ ᠤᠨ ᠠᠷᠤ ᠶᠢᠨ ᠵᠠᠢ ᠳᠤ ᠤᠷᠭᠤᠳᠠᠭ ᠰᠢᠳᠦ ᠶᠤᠮ᠃ ᠵᠠᠷᠢᠮ ᠨᠢᠭᠡ ᠬᠦᠮᠦᠨ ᠦ ᠬᠤᠪᠢ ᠳᠤ ᠠᠭᠲᠠ ᠠᠷᠠᠭ᠎ᠠ ᠰᠢᠳᠦ ᠨᠢ ᠣᠭᠲᠣ ᠠᠩᠵᠠᠭᠠᠷᠠᠭᠳᠠᠯ ᠦᠭᠡᠢ ᠤᠷᠭᠤᠳᠠᠭ ᠪᠣᠯ ᠶᠡᠬᠡᠩᠬᠢ ᠬᠦᠮᠦᠰ ᠲᠦ ᠡᠨᠡ ᠰᠢᠳᠦ ᠨᠢ ᠤᠷᠭᠤᠬᠤ ᠦᠶ᠎ᠡ ᠳᠡᠭᠡᠨ ᠡᠪᠡᠳᠦᠯᠲᠡ᠂ ᠬᠠᠯᠳᠠᠪᠤᠷᠢ ᠲᠠᠭ᠎ᠠ ᠦᠭᠡᠢ ᠪᠠᠶᠢᠳᠠᠯ ᠡᠭᠦᠰᠭᠡᠬᠦ ᠲᠡᠳᠦᠢ ᠦᠭᠡᠢ ᠲᠣᠮᠣᠬᠠᠨ ᠠᠰᠠᠭᠤᠳᠠᠯ ᠳᠠᠭᠠᠭᠤᠯᠬᠤ ᠨᠢ ᠴᠤ ᠪᠤᠢ᠃ (ᠪᠦᠷᠢᠨ ᠠᠭᠤᠯᠭ᠎ᠠ ᠶᠢ ᠤᠩᠰᠢᠬᠤ)

ᠳᠤᠰᠤᠯ ᠤᠨ ᠤᠰᠤᠯᠠᠭ᠎ᠠ
Dripperwithdrop.png

᠋᠋ᠳᠤᠰᠤᠯ ᠤᠨ ᠤᠰᠤᠯᠠᠭ᠎ᠠ(ᠬᠢᠲᠠᠳ ᠶ᠋ᠢᠡᠷ滴灌)᠄ ᠮᠥᠨ ᠮᠢᠺᠷᠣ᠋ ᠤᠰᠤᠵᠢᠭᠤᠯᠤᠯᠲᠠ ᠴᠤ ᠭᠡᠵᠦ ᠨᠡᠷᠡᠯᠡᠳᠡᠭ᠃ ᠤᠰᠤᠵᠢᠭᠤᠯᠤᠯᠲᠠ ᠶᠢᠨ ᠠᠷᠭ᠎ᠠ ᠨᠢ ᠤᠰᠤ ᠪᠣᠯᠤᠨ ᠪᠣᠷᠳᠣᠭ᠎ᠠ ᠶᠢ ᠬᠡᠮᠨᠡᠵᠦ᠂ ᠲᠡᠳᠡᠭᠡᠷ ᠢ ᠬᠠᠪᠬᠠᠯᠠᠭ᠎ᠠ᠂ ᠬᠣᠭᠣᠯᠠᠢ᠂ ᠳᠤᠰᠤᠯᠠᠭᠴᠢ ᠵᠡᠷᠭᠡ ᠨᠦᠭᠦᠳ ᠦᠨ ᠲᠤᠰᠠᠯᠠᠮᠵᠢ ᠲᠠᠢ ᠪᠠᠷ ᠬᠥᠷᠦᠰᠦᠨ ᠦ ᠭᠠᠳᠠᠷᠭᠤ ᠠᠴᠠ ᠡᠰᠡᠪᠡᠯ ᠰᠢᠭᠤᠳ ᠬᠥᠷᠦᠰᠦᠨ ᠦ ᠭᠦᠨ ᠡᠴᠡ ᠤᠷᠭᠤᠮᠠᠯ ᠤᠨ ᠦᠨᠳᠦᠰᠦᠨ ᠳᠦ ᠠᠭᠠᠵᠢᠮ ᠢᠶᠠᠷ ᠰᠢᠩᠭᠡᠭᠡᠳᠡᠭ᠃ ᠳᠤᠰᠤᠯ ᠤᠨ ᠤᠰᠤᠯᠠᠭ᠎ᠠ ᠶᠢ ᠠᠭᠤᠷᠰᠢᠯᠲᠠ ᠶᠡᠬᠡ ᠲᠡᠢ ᠡᠴᠡ ᠭᠠᠳᠠᠷᠭᠤ ᠶᠢᠨ ᠤᠰᠤᠯᠠᠭ᠎ᠠ ᠬᠢᠬᠦ ᠪᠣᠯᠤᠮᠵᠢ ᠦᠭᠡᠢ ᠬᠠᠯᠠᠭᠤᠨ ᠣᠷᠣᠨ ᠤ ᠨᠥᠬᠥᠴᠡᠯ ᠳᠦ ᠥᠷᠭᠡᠨ ᠬᠡᠷᠡᠭᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠭᠣᠣᠯᠲᠤ ᠪᠣᠷᠤ ︱6
ᠡ

ᠭᠣᠣᠯᠲᠤ ᠪᠣᠷᠤ ︱6(ᠬᠢᠲᠠᠳ ᠶ᠋ᠢᠡᠷ 清咽六味散 )ᠲᠤᠰ ᠨᠠᠢᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠢᠷᠠᠯᠭ᠎ᠠ ᠪᠣᠯᠤᠨ᠎ᠠ ᠃ ᠡᠭᠦᠨ  ᠳ᠋ᠦ ᠬᠤᠭᠤᠯᠠᠢ  ᠳ᠋ᠤ ᠲᠤᠰᠠᠯᠠᠬᠤ ᠭᠤᠤᠯᠳᠤ ᠪᠤᠷᠤ ᠪᠡᠷ ᠭᠤᠤᠯᠯᠠᠭᠴᠢ ᠡᠮ ᠪᠤᠯᠭᠠᠵᠤ᠂ ᠬᠤᠭᠤᠯᠠᠢ  ᠶᠢᠨ ᠬᠠᠯᠠᠭᠤᠨ  ᠢ᠋ ᠠᠷᠢᠯᠭᠠᠬᠤ᠂ ᠬᠠᠨᠢᠶᠠᠳᠤ  ᠶ᠋ᠢ ᠵᠤᠭᠰᠤᠭᠠᠬᠤ ᠂ᠬᠤᠭᠤᠯᠠᠢ  ᠳ᠋ᠤ ᠲᠤᠰᠠᠯᠠᠬᠤ ᠴᠠᠭᠠᠨ ᠵᠦᠯᠭᠡᠨ ᠴᠢᠮᠡᠭ ᠶ᠋ᠢᠡᠷ ᠳᠡᠳ᠋ᠯᠡᠭᠴᠢ ᠡᠮ ᠪᠤᠯᠭᠠᠵᠤ᠂ ᠬᠠᠨᠢᠶᠠᠳᠤ  ᠶ᠋ᠢ ᠵᠤᠭᠰᠤᠭᠠᠬᠤ᠂ ᠴᠡᠷ  ᠢ᠋ ᠠᠷᠢᠯᠭᠠᠬᠤ᠂ ᠠᠭᠤᠰᠬᠢᠨ ᠬᠠᠯᠠᠭᠤᠨ  ᠢ᠋ ᠠᠷᠢᠯᠭᠠᠬᠤ᠂ ᠬᠦᠴᠦᠨ  ᠢ᠋  ᠨᠡᠮᠡᠭᠳᠡᠭᠦᠯᠬᠦ ᠪᠡᠷ ᠬᠤᠯᠤᠰᠤᠨ ᠵᠤᠭᠠᠩ᠂ ᠰᠢᠬᠢᠷ ᠡᠪᠡᠰᠦ  ᠶ᠋ᠢ ᠬᠠᠪᠰᠤᠷᠭᠠᠵᠠᠢ᠃ ᠴᠡᠷ  ᠢ᠋ ᠲᠠᠲᠠᠬᠤ  ᠳ᠋ᠤ ᠷᠦᠳᠠ᠂ ᠮᠠᠬᠠᠪᠤᠳ  ᠢ᠋ ᠲᠡᠭᠰᠢᠳᠭᠡᠬᠦ  ᠳ᠋ᠦ ᠠᠷᠤᠷ᠎ᠠ  ᠶ᠋ᠢ ᠲᠤᠰᠠᠯᠠᠭᠤᠯᠤᠭᠰᠠᠨ ᠶ᠋ᠢᠡᠷ ᠬᠤᠭᠤᠯᠠᠢ  ᠶ᠋ᠢᠨ ᠬᠠᠯᠠᠭᠤᠨ  ᠳ᠋ᠦ ᠲᠤᠰᠠᠲᠠᠢ ᠨᠠᠢᠢᠷᠠᠯᠭ᠎ᠠ  ᠶ᠋ᠢᠨ ᠴᠢᠳᠠᠯ ᠪᠦᠷᠢᠳᠴᠡᠢ᠃ (ᠪᠦᠷᠢᠨ ᠠᠭᠤᠯᠭ᠎ᠠ ᠶᠢ ᠤᠩᠰᠢᠬᠤ)

ᠬᠤᠳᠤᠭᠤᠳᠤᠨ ᠰᠢᠷ ᠠ
ᠬᠤᠳᠤᠭᠤᠳᠤᠨ ᠰᠢᠷ ᠠ

ᠬᠤᠳᠤᠭᠤᠳᠤᠨ ᠰᠢᠷ ᠠ ᠭᠡᠳᠡᠭ ᠨᠢ ᠬᠤᠷᠴᠠ ᠬᠠᠯᠠᠭᠤᠨ ᠴᠢᠨᠠᠷᠲᠠᠢ ᠂ ᠳᠠᠪᠤᠰᠤᠯᠢᠭ ᠢᠰᠬᠦᠯᠡᠡᠭ ᠠᠮᠲᠠ ᠲᠠᠢ ᠢᠳᠡᠭᠡᠨ ᠤᠮᠳᠠᠭᠠᠨ ᠢ ᠬᠡᠲᠦᠷᠬᠡᠢ ᠢᠳᠡᠵᠦ ᠤᠤᠭᠤᠬᠤ ᠂ ᠠᠷᠢᠬᠢ ᠲᠠᠮᠠᠬᠢ  ᠶᠢ ᠤᠳᠠᠭᠠᠨ ᠡᠳ᠋ᠯᠡᠬᠦ ᠂ ᠬᠡᠲᠦᠷᠬᠡᠢ ᠶᠠᠳᠠᠷᠠᠵᠤ ᠵᠦᠳᠡᠷᠡᠬᠦ ᠡᠴᠡ ᠪᠤᠯᠵᠤ ᠬᠤᠳᠤᠭᠤᠳᠤᠨ ᠤ ᠢᠯᠴᠢ ᠶᠢᠨ ᠲᠡᠩᠴᠡᠭᠦᠷᠢ ᠠᠯᠳᠠᠭᠳᠠᠵᠤ᠂ ᠬᠣᠳᠤᠭᠤᠳᠤᠨ ᠤ ᠬᠡᠪ  ᠤᠨ ᠠᠵᠢᠯᠯᠠᠭ᠎ᠠ ᠶᠢ ᠨᠥᠯᠦᠭᠡᠯᠡᠭᠰᠡᠨ ᠡᠴᠡ ᠪᠣᠯᠵᠤ ᠡᠬᠦᠰᠳᠡᠭ ᠬᠠᠯᠠᠭᠤᠨ ᠴᠢᠨᠠᠷᠲᠠᠢ ᠪᠤᠶᠤ ᠤᠳᠠᠭᠠᠨ ᠴᠢᠨᠠᠷᠲᠠᠢ ᠬᠤᠳᠤᠭᠤᠳᠤᠨ ᠤ ᠡᠪᠡᠳᠴᠢᠨ ᠪᠤᠯᠤᠨ᠎ᠠ᠃ ᠬᠤᠳᠤᠭᠤᠳᠤᠨ ᠰᠢᠷ ᠠ ᠶᠢ ᠡᠪᠡᠳᠴᠢᠨ ᠤ ᠰᠢᠯᠲᠠᠭᠠᠨ ᠪᠤᠶᠤ ᠢᠯᠡᠷᠡᠯ ᠶᠢᠡᠷ ᠨᠢ ᠬᠤᠳᠤᠭᠤᠳᠤᠨ ᠤ ᠬᠠᠯᠠᠭᠤᠨ ᠰᠢᠷ ᠠ ᠪᠠ ᠬᠤᠳᠤᠭᠤᠳᠤᠨ ᠤ ᠬᠦᠢᠲᠡᠨ ᠰᠢᠷ ᠠ ᠭᠡᠬᠦ ᠬᠤᠶᠠᠷ ᠵᠦᠢᠯ ᠳᠤ ᠬᠤᠪᠢᠶᠠᠳᠠᠭ᠃ (ᠪᠦᠷᠢᠨ ᠠᠭᠤᠯᠭ᠎ᠠ ᠶᠢ ᠤᠩᠰᠢᠬᠤ)

ᠴᠥᠮ᠎ᠡ ᠶᠢᠨ ᠵᠡᠪᠰᠡᠭ
ᠴᠥᠮ᠎ᠡ ᠶᠢᠨ ᠵᠡᠪᠰᠡᠭ

ᠴᠥᠮ᠎ᠡ ᠶᠢᠨ ᠵᠠᠳᠠᠷᠠᠯ ᠪᠤᠶᠤ ᠨᠢᠭᠡᠳᠦᠯ ᠢ ᠠᠰᠢᠭᠯᠠᠭᠰᠠᠨ ᠴᠥᠮ᠎ᠡ ᠶᠢᠨ ᠤᠷᠪᠠᠯ ᠠᠴᠠ ᠤᠰᠠᠳᠬᠠᠬᠤ ᠬᠦᠴᠦ ᠡᠭᠦᠰᠬᠡᠭᠰᠡᠨ ᠲᠡᠰᠯᠡᠭᠴᠢ ᠲᠥᠬᠥᠭᠡᠷᠦᠮᠵᠢ ᠶᠢ ᠴᠥᠮ᠎ᠡ ᠶᠢᠨ ᠵᠡᠪᠰᠡᠭ ᠭᠡᠳᠡᠭ᠃ ᠴᠥᠮ᠎ᠡ ᠶᠢᠨ ᠤᠷᠪᠠᠯ ᠨᠢ ᠠᠰᠤᠷᠤ ᠶᠡᠬᠡ ᠬᠡᠮᠵᠢᠶᠡᠨ ᠦ ᠡᠨᠧᠷᠭᠢ ᠢᠯᠭᠠᠷᠠᠭᠤᠯᠳᠠᠭ᠃ ᠣᠷᠴᠢᠨ ᠦᠶ᠎ᠡ ᠶᠢᠨ ᠲᠧᠭᠨᠣᠯᠣᠭᠢ ᠠᠰᠢᠭᠯᠠᠨ ᠪᠦᠲᠦᠭᠡᠭᠰᠡᠨ᠂ ᠬᠠᠯᠠᠭᠤᠨ ᠴᠥᠮ᠎ᠡ ᠶᠢᠨ ᠵᠡᠪᠰᠡᠭ ᠨᠢ ᠭᠠᠭᠴᠠ ᠮᠢᠩᠭᠠᠨ ᠺᠢᠯᠣᠭ᠍ᠷᠠᠮ ᠵᠢᠩ ᠲᠡᠢ ᠴᠤ ᠲᠡᠷᠪᠤᠮ ᠭᠠᠷᠤᠢ ᠡᠩ ᠦᠨ ᠳᠡᠯᠪᠡᠷᠡᠭᠴᠢ ᠲᠥᠬᠥᠭᠡᠷᠦᠮᠵᠢ ᠶᠢᠨ ᠢᠯᠭᠠᠷᠠᠭᠤᠯᠵᠤ ᠴᠢᠳᠠᠬᠤ ᠳᠡᠯᠪᠡᠷᠡᠯᠲᠡ ᠶᠢᠨ ᠬᠡᠮᠵᠢᠶ᠎ᠡ ᠲᠡᠢ ᠠᠳᠠᠯᠢ ᠡᠨᠧᠷᠭᠢ ᠢᠯᠭᠠᠷᠠᠭᠤᠯᠵᠤ ᠴᠢᠳᠠᠨ᠎ᠠ᠃ ᠮᠠᠰᠢ ᠵᠢᠵᠢᠭ ᠬᠡᠮᠵᠢᠶ᠎ᠡ ᠲᠡᠢ ᠴᠥᠮ᠎ᠡ ᠶᠢᠨ ᠵᠡᠪᠰᠡᠭ ᠴᠤ ᠪᠦᠬᠦᠯᠢ ᠪᠦᠲᠦᠨ ᠬᠣᠲᠠ ᠶᠢ ᠤᠰᠠᠳᠭᠠᠬᠤ ᠴᠢᠳᠠᠯ ᠲᠠᠢ᠃ ᠴᠥᠮ᠎ᠡ ᠶᠢᠨ ᠵᠡᠪᠰᠡᠭ ᠢ ᠦᠢ ᠣᠯᠠᠨ ᠢᠶᠠᠷ ᠬᠥᠨᠥᠭᠡᠬᠦ ᠵᠡᠪᠰᠡᠭ ᠬᠡᠮᠡᠨ ᠠᠩᠭᠢᠯᠠᠵᠤ ᠦᠵᠡᠳᠡᠭ ᠪᠥᠭᠡᠳ ᠴᠥᠮ᠎ᠡ ᠶᠢᠨ ᠵᠡᠪᠰᠡᠭ ᠪᠦᠲᠦᠭᠡᠭᠳᠡᠭᠰᠡᠨ ᠦᠶᠡᠰ ᠡᠬᠢᠯᠡᠨ ᠲᠡᠭᠦᠨ ᠢ ᠬᠢᠨᠠᠬᠤ᠂ ᠬᠡᠷᠡᠭᠯᠡᠬᠦ ᠠᠰᠠᠭᠤᠳᠠᠯ ᠨᠢ ᠣᠯᠠᠨ ᠤᠯᠤᠰ ᠤᠨ ᠪᠣᠳᠣᠯᠭ᠎ᠠ ᠶᠢᠨ ᠲᠥᠪ ᠲᠦ ᠪᠠᠶᠢᠭᠰᠠᠭᠠᠷ ᠢᠷᠡᠵᠡᠢ᠃ ᠬᠦᠮᠦᠨ ᠲᠥᠷᠥᠯᠬᠢᠲᠡᠨ ᠦ ᠳᠠᠶᠢᠨ ᠪᠠᠶᠢᠯᠳᠤᠭᠠᠨ ᠤ ᠲᠡᠦᠬᠡᠨ ᠳᠦ ᠬᠣᠶᠠᠷᠬᠠᠨ ᠤᠳᠠᠭ᠎ᠠ ᠴᠥᠮ᠎ᠡ ᠶᠢᠨ ᠵᠡᠪᠰᠡᠭ ᠬᠡᠷᠡᠭᠯᠡᠭᠳᠡᠭᠰᠡᠨ ᠪᠥᠭᠡᠳ ᠲᠡᠳᠡᠭᠡᠷ ᠢ ᠠᠮᠧᠷᠢᠺᠠ ᠶᠢᠨ ᠨᠢᠭᠡᠳᠦᠭᠰᠡᠨ ᠤᠯᠤᠰ ᠳᠡᠯᠡᠬᠡᠢ ᠶᠢᠨ ᠬᠣᠶᠠᠳᠤᠭᠠᠷ ᠳᠠᠶᠢᠨ ᠤ ᠲᠡᠭᠦᠰᠬᠡᠯ ᠦᠶ᠎ᠡ ᠳᠦ ᠬᠡᠷᠡᠭᠯᠡᠭᠰᠡᠨ᠃ (ᠪᠦᠷᠢᠨ ᠠᠭᠤᠯᠭ᠎ᠠ ᠶᠢ ᠤᠩᠰᠢᠬᠤ)

ᠮᠠᠾᠠᠭᠦᠷᠭᠢᠰ ᠬᠠᠭᠠᠨ
Marhus.jpeg

ᠮᠠᠾᠠᠭᠦᠷᠭᠢᠰ ᠦᠬᠡᠭᠲᠦ ᠬᠠᠭᠠᠨ 1446  ᠤᠨ ᠤ ᠤᠯᠠᠭᠠᠨ ᠪᠠᠷᠰ ᠵᠢᠯ ᠲᠥᠷᠦᠵᠢ᠂ 1465 ᠤᠨ ᠤ ᠤᠯᠠᠭᠠᠨ ᠬᠤᠯᠤᠭᠠᠨ᠎ᠠ ᠵᠢᠯ ᠲᠠᠭᠠᠯᠠᠯ ᠲᠡᠭᠦᠰᠴᠡᠢ᠃ 1454  ᠤᠨ ᠤ ᠬᠥᠬᠡᠭᠴᠢᠨ ᠭᠠᠬᠠᠢ ᠵᠢᠯ ᠬᠠᠭᠠᠨ ᠣᠷᠣ ᠰᠠᠭᠤᠭᠰᠠᠨ ᠪᠠ ᠬᠠᠭᠠᠨ 20 ᠍ᠨᠠᠰᠤ ᠶᠢ ᠨᠠᠰᠤᠯᠠᠵᠠᠢ᠃ ᠲᠡᠷᠡ ᠪᠡᠷ ᠲᠠᠶᠢᠰᠤᠩ ᠬᠠᠭᠠᠨ ᠦ ᠳᠡᠳ᠋ ᠬᠥᠪᠡᠭᠦᠨ ᠶᠤᠮ᠃ ᠲᠡᠭᠦᠨ ᠢ ᠲᠥᠷᠦᠭᠡᠳ ᠤᠳᠠᠭ᠎ᠠ ᠦᠭᠡᠢ ᠪᠠᠶᠢᠲᠠᠯ᠎ᠠ ᠡᠰᠡᠡ ᠲᠠᠶᠢᠰᠢ ᠬᠠᠩᠭᠠᠢ᠂ ᠵᠠᠪᠬᠠᠨ ᠳᠠᠬᠢ ᠳᠥᠷᠪᠡᠨ ᠣᠶᠢᠷᠠᠳ ᠣᠷᠣᠭᠣ ᠳᠣᠪᠲᠣᠯᠵᠤ᠂ ᠲᠡᠭᠦᠨ ᠦ ᠡᠵᠢ ᠶᠢᠨ ᠠᠮᠠ ᠶᠢ ᠬᠥᠨᠥᠭᠡᠪᠡ᠃ ᠦᠢᠯᠡ ᠶᠠᠪᠤᠳᠠᠯ ᠪᠣᠯᠵᠤ ᠪᠠᠶᠢᠬᠤ ᠬᠣᠭᠣᠷᠣᠨᠳᠣ ᠨᠠᠶᠢᠮᠠᠨ ᠨᠠᠰᠤᠲᠠᠢ ᠮᠠᠾᠠᠭᠦᠷᠭᠢᠰ ᠮᠣᠷᠢᠨ ᠲᠡᠷᠭᠡᠨ ᠳᠣᠣᠭᠤᠷ ᠨᠢᠭᠤᠭᠳᠠᠵᠤ ᠠᠮᠢ ᠭᠠᠷᠤᠭᠰᠠᠨ᠃ ᠡᠶᠢᠮᠦ ᠡᠴᠡ ᠳᠠᠷᠠᠭ᠎᠎ᠠ ᠨᠢ ᠲᠡᠭᠦᠨ ᠢ ᠦᠬᠡᠭᠲᠦ ᠬᠠᠭᠠᠨ ᠭᠡᠵᠦ ᠲᠠᠭᠤᠳᠠᠬᠤ ᠪᠣᠯᠤᠭᠰᠠᠨ᠃ 1465 ᠤᠨ ᠳᠤ ᠮᠠᠾᠠᠭᠦᠷᠭᠢᠰ ᠦᠬᠡᠭᠲᠦ ᠬᠠᠭᠠᠨ ᠠᠯᠠᠭᠳᠠᠵᠤ᠂ ᠲᠡᠭᠦᠨ ᠢ ᠮᠣᠯᠣᠨ ᠨᠢ ᠵᠠᠯᠭᠠᠮᠵᠢᠯᠠᠵᠠᠢ᠃

ᠮᠡᠷᠭᠦᠰ 1446 ᠡᠤᠨ ᠳᠤ ᠲᠦᠷᠦᠵᠤ᠂ 1454 ᠡᠤᠨ ᠳᠤ ᠬᠠᠭᠠᠨ ᠤᠷᠤ ᠳᠤ ᠰᠠᠭᠤᠪᠠ᠃ ᠳᠠᠷᠠ ᠳᠤᠯᠤᠭᠠᠨ ᠨᠠᠰᠤᠳᠠᠢ ᠳᠠᠭᠠᠨ ᠬᠠᠭᠠᠨ ᠰᠠᠭᠤᠠᠠᠰᠠᠨ ᠶᠤᠮ᠃ ᠬᠠᠭᠠᠨ ᠤ ᠨᠠᠰᠤ ᠪᠠᠭ᠎ᠠ᠂ ᠡᠭᠡ ᠨᠢ ᠥᠭᠡᠭ᠌ (ᠡᠡᠪᠳᠡᠷ᠎ᠡ ᠮᠠᠳᠤ ᠨᠢᠭᠡᠨ ᠵᠣᠢ᠌ᠯ ᠤᠨ ᠰᠠᠪᠠ) ᠲ᠋ᠤᠳᠤᠷ᠎ᠠ ᠭᠢᠵᠤ ᠶᠠᠪᠣᠳᠠᠭ ᠪᠣᠯᠠᠠᠤᠷ ᠥᠭᠡᠭ᠍ᠳᠤ ᠬᠠᠭᠠᠨ (ᠮᠢᠩ ᠤᠯᠦᠰ ᠤᠨ ᠭᠦᠮᠤᠨ ᠳᠡᠭᠦᠨ ᠢ ᠪᠠᠭ᠎ᠠ ᠸᠠᠩ ᠭᠡᠳᠡᠭ᠌) ᠭᠡᠪᠡ᠃ ᠮᠤᠩᠭ᠋ᠤᠯ ᠤᠨ ᠬᠤᠷᠢᠨ ᠵᠢᠷᠭᠤᠳᠤᠭᠠᠷ ᠬᠠᠭᠠᠨ ᠪᠢᠯᠠ᠃

ᠮᠡᠷᠭᠦᠰ ᠪᠣᠯ ᠲᠣᠬᠳᠠᠬᠣ ᠪᠣᠬ᠎ᠠ ᠬᠠᠭᠠᠨ ᠤ ᠪᠠᠭ᠎ᠠ ᠭᠦᠪᠠᠭᠦᠨ ᠪᠣᠯᠤᠨ᠎ᠠ᠃ ᠲ᠋ᠤᠬᠳᠠᠬᠣ ᠪᠣᠬ᠎ᠠ ᠳᠤ ᠡᠭᠡ ᠥᠭᠡᠷ᠎ᠡ ᠬᠤᠶᠠᠷ ᠭᠦᠪᠠᠭᠦᠨ ᠪᠤᠢ᠂ ᠡᠡᠡᠡᠡᠮᠡᠳ ᠭᠦᠪᠠᠭᠦᠨ ᠨᠢ ᠮᠤᠯᠤᠨ ᠳᠠᠢ᠌ᠵᠢ᠂ ᠪᠠᠭ᠎ᠠ ᠭᠦᠪᠠᠭᠦᠨ ᠨᠢ ᠳᠠᠷᠤᠢ ᠮᠡᠷᠭᠦᠰ ᠪᠣᠯᠤᠨ᠎ᠠ᠃

ᠵᠡᠭᠦᠨ ᠮᠤᠩᠭ᠋ᠤᠯ ᠤᠨ ᠬᠠᠷᠠᠴᠢᠨ ᠤ ᠪᠣᠯᠤ ᠨᠤᠶᠠᠨ ᠮᠡᠷᠭᠦᠰ ᠢ ᠶᠡᠭᠡ ᠤᠷᠤ ᠳᠤ ᠰᠠᠭᠤᠯᠭᠠᠵᠤ ᠬᠠᠭᠠᠨ ᠡᠷᠭᠦᠮᠵᠢᠯᠡᠭ᠍ᠰᠡᠨ ᠶ‍ᠦᠮ᠃ ᠲ᠋ᠡᠭᠦᠨ ᠤ ᠢᠩᠭᠢᠵᠤ ᠭᠢᠭ᠍ᠰᠡᠨ ᠨᠢ ᠪᠣᠰᠤᠳ ᠹᠧᠥᠳᠠᠯ ᠤᠨ ᠨᠤᠶᠠᠤᠨ ᠲᠡᠶ ᠡᠷᠭᠡ ᠠᠰᠢᠭ ᠪᠣᠯᠢᠶᠠᠯᠳᠤᠠᠠᠤ ᠪᠠᠭᠠᠵᠢ ᠪᠠ ᠥᠷᠡᠭ᠍ᠳᠡᠯ ᠶᠢᠡᠨ ᠪᠣᠯᠭᠠᠠᠠᠤ ᠶᠢᠨ ᠳᠦᠯᠦᠭᠡ ᠪᠢᠯᠠ᠃ (ᠪᠦᠷᠢᠨ ᠠᠭᠤᠯᠭ᠎ᠠ ᠶᠢ ᠤᠩᠰᠢᠬᠤ)

ᠡᠯᠢᠬᠡ
Tgrerteretimg.jpg

ᠡᠯᠢᠭᠡ ᠪᠣᠯ ᠬᠦᠮᠦᠨ ᠦ ᠪᠡᠶ᠎ᠡ ᠳ᠋ᠡᠬᠢ ᠬᠠᠮᠤᠭ ᠤᠨ ᠲᠣᠮᠣ ᠪᠤᠯᠴᠢᠷᠬᠠᠢ ᠶᠤᠮ᠃ ᠳᠤᠮᠳᠠᠴᠢ ᠪᠠᠷ 1500 g ᠵᠢᠩ ᠲᠡᠢ᠃ ᠡᠯᠢᠭᠡ ᠨᠢ ᠰᠥᠰᠦ ᠦᠢᠯᠡᠳᠪᠦᠷᠢᠯᠡᠵᠦ᠂ ᠰᠥᠰᠦ ᠨᠢ ᠰᠥᠰᠦᠨ ᠦ ᠤᠭᠤᠳᠠᠨ ᠳᠦ ᠬᠠᠳᠠᠭᠠᠯᠠᠭᠳᠠᠳᠠᠭ᠃ 12 ᠬᠤᠷᠤᠭᠤ ᠭᠡᠳᠡᠰᠦᠨ ᠳᠦ ᠰᠥᠰᠥ ᠨᠢ ᠥᠭᠡᠬᠦ ᠶᠢ ᠵᠠᠳᠠᠯᠬᠤ ᠨᠥᠯᠥᠭᠡ ᠲᠡᠢ᠃

ᠠᠨᠠᠲ᠋ᠣᠮᠢ

ᠡᠯᠢᠭᠡ ᠨᠢ ᠥᠷᠦᠴᠡᠨ ᠦ ᠪᠠᠷᠠᠭᠤᠨ ᠲᠤᠤᠷᠠᠳᠤ ᠬᠦᠩᠬᠦᠷ ᠲᠦ ᠪᠠᠶᠢᠷᠢᠯᠠᠬᠤ ᠬᠡᠪᠡᠯᠢ ᠶᠢᠨ ᠬᠥᠨᠳᠡᠢ ᠶᠢᠨ ᠡᠷᠬᠡᠲᠡᠨ ᠶᠤᠮ᠃ ᠲᠡᠭᠰᠢ ᠭᠠᠳᠠᠷᠭᠤ ᠳᠡᠭᠡᠷ᠎ᠡ ᠪᠠᠶᠢᠷᠢᠯᠠᠭᠤᠯᠤᠭᠰᠠᠨ ᠥᠨᠳᠡᠭᠡ ᠶᠢ ᠪᠠᠷᠠᠭᠤᠨ ᠲᠤᠤᠷᠠᠳᠤ ᠥᠨᠴᠦᠭ ᠡᠴᠡ ᠵᠡᠭᠦᠨ ᠲᠡᠬᠡᠭᠰᠢ ᠨᠠᠯᠠᠤ ᠬᠤᠪᠢᠶᠠᠬᠤ ᠳᠤ ᠡᠭᠦᠰᠬᠦ ᠳᠦᠷᠰᠦ ᠲᠡᠢ ᠠᠳᠠᠯᠢᠳᠬᠠᠵᠤ ᠪᠣᠯᠤᠨ᠎ᠠ᠃ ᠡᠨᠳᠡ ᠡᠴᠡ ᠳᠡᠭᠡᠳᠦ ᠪᠤᠶᠤ ᠥᠷᠦᠴᠡᠨ ᠲᠠᠯ᠎ᠠ ᠲᠤᠤᠷᠠᠳᠤ ᠲᠠᠯ᠎ᠠ ᠨᠢ ᠬᠦᠮᠦᠨ ᠦ ᠡᠯᠢᠭᠡ ᠤᠷᠢᠳᠤ ᠲᠠᠯ᠎ᠠ ᠠᠴᠠ ᠬᠠᠷᠠᠬᠤ ᠳᠤ 2 ᠬᠡᠰᠡᠭ ᠲᠡᠢ ᠪᠠᠶᠢᠳᠠᠭ ᠪᠣᠯ ᠳᠣᠣᠷ᠎ᠠ ᠠᠴᠠ ᠬᠠᠷᠠᠬᠤ ᠳᠤ 4 ᠬᠡᠰᠡᠭ  ᠲᠠᠢ ᠵᠢ ᠲᠣᠳᠣᠷᠬᠠᠢ ᠬᠠᠷᠠᠵᠤ ᠪᠣᠯᠤᠨ᠎ᠠ᠃

ᠡᠰ ᠦᠨ ᠲᠥᠷᠥᠯ

ᠡᠯᠢᠭᠡᠨ ᠳᠦ ᠬᠣᠶᠠᠷ ᠭᠣᠣᠯ ᠲᠥᠷᠦᠯ ᠦᠨ ᠡᠰ ᠪᠠᠶᠢᠳᠠᠭ ᠫᠠᠷᠧᠨᠴᠢᠮᠠᠯ ᠪᠠ ᠫᠠᠷᠧᠨᠴᠢᠮᠠᠯ ᠪᠤᠰᠤ᠃ ᠡᠯᠢᠭᠡᠨ ᠦ ᠡᠵᠡᠯᠡᠬᠦᠨ ᠦ 80% ᠨᠢ ᠫᠠᠷᠧᠨᠴᠢᠮᠠᠯ ᠡᠰ ᠡᠴᠡ ᠪᠥᠷᠢᠳᠦᠨ᠎ᠡ᠃ ᠬᠠᠷᠢᠨ ᠫᠠᠷᠧᠨᠴᠢᠮᠠᠯ ᠪᠤᠰᠤ ᠡᠰ ᠡᠯᠢᠭᠡᠨ ᠳᠣᠲᠣᠷᠠᠬᠢ ᠡᠰ  ᠤᠨ ᠲᠣᠭᠠᠨ ᠤ 40% ᠍ ᠶᠢ ᠡᠵᠡᠯᠡᠬᠦ ᠪᠣᠯᠪᠠᠴᠤ ᠡᠵᠡᠯᠡᠬᠦᠨ ᠦ 6.5% ᠍ ᠶᠢ ᠡᠵᠡᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠮᠡᠷᠬᠢᠳ
ᠮᠡᠷᠬᠢᠳ

ᠮᠡᠷᠬᠢᠳ(蔑儿乞) ᠨᠢ 12 ᠳᠦᠭᠡᠷ ᠵᠠᠭᠤᠨ ᠤ ᠦᠶ᠎ᠡ ᠶᠢᠨ ᠮᠣᠩᠭᠣᠯ ᠤᠨ ᠲᠠᠪᠤᠨ ᠲᠣᠮᠣ ᠬᠠᠨᠯᠢᠭ ᠤᠳ ᠤᠨ ᠨᠢᠭᠡ ᠶᠤᠮ᠃ ᠮᠡᠷᠬᠢᠳ ᠨᠢ ᠰᠡᠯᠡᠩᠭᠡ ᠮᠥᠷᠡᠨ ᠦ ᠬᠥᠨᠳᠡᠢ ᠪᠣᠯᠤᠨ ᠣᠷᠬᠣᠨ ᠭᠣᠣᠯ ᠤᠨ ᠳᠣᠣᠷᠠᠳᠤ ᠬᠡᠰᠡᠭ ᠢᠶᠡᠷ ᠠᠮᠢᠳᠤᠷᠠᠵᠤ ᠪᠠᠶᠢᠵᠠᠢ᠃ᠲᠡᠳᠡ 20 ᠵᠢᠯ ᠦᠨ ᠲᠤᠷᠰᠢ ᠲᠡᠮᠦᠵᠢᠨ ᠲᠡᠢ ᠲᠡᠮᠡᠴᠡᠯᠳᠦᠭᠰᠡᠨ ᠦ ᠡᠴᠦᠰ ᠲᠦ 1200 ᠤᠨ ᠳᠤ ᠪᠤᠲᠠ ᠴᠣᠬᠢᠭᠳᠠᠨ ᠶᠡᠬᠡ ᠮᠣᠩᠭᠣᠯ ᠤᠯᠤᠰ ᠲᠤ ᠨᠢᠭᠡᠳᠦᠨ ᠣᠷᠣᠵᠠᠢ᠃ᠮᠡᠷᠬᠢᠳ ᠦᠳ ᠨᠢ ᠣᠷᠬᠣᠨ ᠭᠣᠣᠯ ᠪᠣᠯᠤᠨ ᠰᠡᠯᠡᠩᠭᠡ ᠮᠥᠷᠡᠨ ᠦ ᠬᠥᠪᠡᠭᠡ ᠪᠡᠷ ᠣᠷᠣᠰᠢᠨ ᠰᠠᠭᠤᠬᠤ 3 ᠠᠶᠢᠮᠠᠭ ᠠᠴᠠ ᠪᠦᠷᠢᠳᠳᠡᠭ᠃ᠣᠷᠬᠣᠨ ᠭᠣᠣᠯ ᠤᠨ ᠳᠣᠣᠷᠠᠳᠤ ᠤᠷᠤᠰᠬᠠᠯ ᠳᠠᠭᠠᠤ ᠪᠤᠤᠷ᠎ᠠ ᠬᠡᠭᠡᠷ᠎ᠡ ᠶᠢᠨ ᠣᠷᠴᠢᠮ ᠤᠳᠤᠶᠢᠳ ᠮᠡᠷᠬᠢᠳ᠂ ᠣᠷᠬᠣᠨ ᠰᠡᠯᠡᠩᠭᠡ ᠮᠥᠷᠡᠨ ᠦ ᠬᠣᠭᠣᠷᠣᠨᠳᠣᠬᠢ ᠲᠠᠯᠬᠤᠨ ᠠᠷᠠᠯ ᠬᠠᠪᠢ ᠪᠠᠷ ᠤᠸᠠᠰ ᠮᠡᠷᠬᠢᠳ᠂ ᠰᠡᠯᠡᠩᠭᠡ ᠮᠥᠷᠡᠨ ᠦ ᠬᠠᠷᠠᠵᠢ-ᠬᠡᠭᠡᠷ᠎ᠡ ᠶᠢᠨ ᠣᠷᠴᠢᠮ ᠬᠠᠭᠠᠳ ᠮᠡᠷᠬᠢᠳ ᠠᠶᠢᠮᠠᠭ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2017 04 13 1

Uhaan:ᠣᠨᠴᠠᠯᠠᠬᠤ ᠥᠭᠦᠯᠡᠯ/2017 04 12 1

ᠴᠠᠷᠮ᠎ᠠ ᠶᠢᠨ ᠪᠦᠷᠭᠦᠳ
ᠴᠠᠷᠮ᠎ᠠ ᠶᠢᠨ ᠪᠦᠷᠭᠦᠳ

ᠴᠠᠷᠮ᠎ᠠ ᠶᠢᠨ ᠪᠦᠷᠭᠦᠳ (Aquila chrysaetos) ᠨᠢ ᠬᠠᠷᠴᠠᠭᠠᠢ ᠶᠢᠨ  ᠣᠪᠤᠭ ᠤᠨ ᠬᠦᠴᠦᠷᠬᠡᠭ ᠮᠢᠬᠠᠴᠢᠨ ᠰᠢᠪᠠᠭᠤ ᠪᠥᠭᠡᠳ ᠳᠡᠯᠡᠬᠡᠢ ᠶᠢᠨ ᠪᠥᠮᠪᠥᠷᠴᠡᠭ ᠦᠨ ᠬᠣᠶᠢᠳᠤ ᠬᠠᠭᠠᠰ ᠢᠶᠠᠷ ᠲᠠᠷᠬᠠᠨ ᠨᠤᠲᠤᠭᠯᠠᠳᠠᠭ᠃ ᠴᠠᠷᠮ᠎ᠠ ᠶᠢᠨ ᠪᠦᠷᠭᠦᠳ ᠨᠢ ᠮᠠᠰᠢ ᠬᠤᠷᠳᠤᠨ ᠱᠤᠩᠭᠤᠨ ᠨᠢᠰᠴᠦ ᠴᠢᠳᠠᠬᠤ ᠪᠦᠭᠡᠳ ᠬᠤᠳᠤᠴᠠ ᠨᠢ 241 ᠺᠢᠯᠣᠮᠧᠲ᠋ᠷ/ᠴᠠᠭ ᠬᠦᠷᠳᠡᠭ ᠪᠠᠶᠢᠨ᠎ᠠ᠃ ᠴᠠᠷᠮ᠎ᠠ ᠶᠢᠨ ᠪᠦᠷᠭᠦᠳ ᠨᠢ 65-100 ᠰᠠᠨᠲ᠋ᠢᠮᠧᠲ᠋ᠷ ᠤᠷᠲᠤ ᠪᠠᠶ ᠡ ᠲᠠᠢ ᠪᠠᠶᠢᠵᠤ᠂ ᠳᠠᠯᠠᠪᠴᠢ ᠪᠠᠨ ᠳᠡᠯᠭᠡᠬᠦ ᠳᠦ 150-240 ᠰᠠᠨᠲ᠋ᠢᠮᠧᠲ᠋ᠷ ᠬᠦᠷᠳᠡᠭ᠃ ᠪᠡᠶ ᠡ ᠶᠢᠨ ᠬᠦᠨᠳᠦ ᠨᠢ 2.5-7 ᠺᠢᠯᠣᠭ᠍ᠷᠠᠮ ᠪᠠᠶᠢᠳᠠᠭ᠃ ᠪᠦᠷᠢᠳᠬᠡᠯ ᠢ ᠦᠨᠳᠦᠰᠦᠯᠡᠪᠡᠯ᠂ ᠬᠠᠮᠤᠭ ᠤᠨ ᠲᠣᠮᠣ ᠪᠠᠶ ᠡ ᠲᠠᠢ ᠨᠢ 102 ᠰᠠᠨᠲ᠋ᠢᠮᠧᠲ᠋ᠷ ᠤᠷᠲᠤ᠂ 9 ᠺᠢᠯᠣᠭ᠍ᠷᠠᠮ ᠵᠢᠩ ᠲᠡᠢ ᠪᠠᠶᠢᠪᠠ᠃ ᠡᠮᠡᠭ᠍ᠴᠢᠨ ᠪᠦᠷᠭᠦᠳ ᠤᠨ ᠪᠡᠶ ᠡ ᠨᠢ ᠡᠷᠡᠭᠴᠢᠨ ᠪᠦᠷᠭᠦᠳ ᠡᠴᠡ ᠪᠠᠨ ᠲᠣᠮᠣ ᠪᠠᠢᠳᠠᠭ᠃ (ᠪᠦᠷᠢᠨ ᠠᠭᠤᠯᠭ᠎ᠠ ᠶᠢ ᠤᠩᠰᠢᠬᠤ)

ᠵᠠᠷᠢᠮ ᠠᠮᠢᠲᠠᠨ ᠤ ᠨᠠᠰᠤᠨ ᠤ ᠨᠡᠷᠡᠰ
ᠵᠠᠷᠢᠮ ᠠᠮᠢᠲᠠᠨ ᠤ ᠨᠠᠰᠤᠨ ᠤ ᠨᠡᠷᠡᠰ

ᠠᠮᠢᠲᠠᠨ ᠭᠡᠳᠡᠭ ᠨᠢ ᠠᠮᠢᠲᠠᠨ ᠤ ᠠᠶᠢᠮᠠᠭ ᠲᠤ ᠬᠠᠮᠢᠶᠠᠷᠬᠤ ᠣᠷᠭᠠᠨᠢᠰᠮ ᠤᠨ ᠦᠨᠳᠦᠰᠦᠨ ᠪᠦᠯᠦᠭ ᠢ ᠬᠡᠯᠡᠨ᠎ᠡ᠃ ᠠᠮᠢᠲᠠᠨ ᠨᠢ ᠣᠯᠠᠨ ᠡᠰᠲᠦ᠂ ᠣᠷᠴᠢᠨ ᠲᠠᠢ ᠪᠠᠨ ᠵᠣᠬᠢᠴᠠᠨ ᠠᠮᠢᠳᠤᠷᠠᠬᠤ ᠴᠢᠳᠠᠪᠤᠷᠢ ᠲᠠᠢ ᠪᠠ ᠪᠤᠰᠤᠳ ᠣᠷᠭᠠᠨᠢᠰᠮ᠂ ᠡᠰᠡᠪᠡᠯ ᠲᠡᠳᠡᠭᠡᠷ ᠦᠨ ᠵᠠᠷᠢᠮ ᠬᠡᠰᠡᠭ ᠢᠶᠡᠷ ᠬᠣᠭᠣᠯᠠᠯᠠᠨ᠎ᠠ᠃ ᠵᠢᠷ ᠦᠨ ᠶᠠᠷᠢᠶᠠᠨ ᠤ ᠬᠡᠯᠡᠨ ᠳᠦ 《ᠠᠮᠢᠲᠠᠨ》 ᠭᠡᠳᠡᠭ ᠲᠦ ᠬᠦᠮᠦᠨ ᠢ ᠬᠠᠮᠢᠶᠠᠷᠤᠭᠤᠯᠳᠠᠭ ᠦᠭᠡᠢ ᠪᠣᠯᠪᠠᠴᠤ᠂ ᠪᠢᠣᠯᠣᠭᠢ ᠶᠢᠨ ᠨᠡᠷ᠎ᠡ ᠲᠣᠮᠢᠶᠠᠨ ᠤ ᠬᠤᠪᠢ ᠳᠤ ᠠᠮᠢᠲᠠᠨ ᠤ ᠠᠶᠢᠮᠠᠭ ᠤᠨ ᠪᠦᠬᠦ ᠲᠥᠷᠥᠯ᠂ ᠵᠦᠢᠯ ᠪᠠᠭᠠᠳᠬᠤ ᠤᠴᠢᠷ ᠡᠴᠡ ᠬᠦᠮᠦᠨ ᠪᠠᠰᠠ ᠪᠠᠭᠠᠳᠠᠨ᠎ᠠ᠃ (ᠪᠦᠷᠢᠨ ᠠᠭᠤᠯᠭ᠎ᠠ ᠶᠢ ᠤᠩᠰᠢᠬᠤ)

ᠡᠰᠡᠨ ᠲᠠᠶᠢᠱᠢ
ESENTAISH KHAN.JPG

ᠡᠰᠡᠨ ᠲᠠᠶᠢᠱᠢ ᠬᠠᠭᠠᠨ ᠨᠢ ᠲᠠᠶᠢᠰᠤᠩ ᠬᠠᠭᠠᠨ ᠲᠣᠭᠲᠠᠬᠤ ᠪᠤᠬ᠎ᠠ ᠶᠢᠨ ᠶᠡᠷᠦᠩᠬᠡᠢ ᠰᠠᠶᠢᠳ ᠪᠠᠶᠢᠭᠰᠠᠨ ᠣᠶᠢᠷᠠᠳ ᠍ ᠤᠨ ᠲᠣᠭᠣᠭᠠᠨ ᠲᠠᠶᠢᠱᠢ ᠶᠢᠨ ᠬᠦᠦ ᠪᠥᠭᠡᠳ 1407 ᠤᠨ ᠤ ᠤᠯᠠᠭᠴᠢᠨ ᠭᠠᠬᠠᠢ ᠵᠢᠯ ᠲᠥᠷᠦᠵᠡᠢ᠃ ᠲᠡᠷᠡᠪᠡᠷ ᠠᠷᠪᠠᠨ ᠲᠠᠪᠤᠳᠤᠭᠠᠷ ᠵᠠᠭᠤᠨ ᠤ ᠳᠤᠮᠳᠠ ᠦᠶ᠎ᠡ ᠣᠶᠢᠷᠠᠳ ᠮᠣᠩᠭᠣᠯ ᠢ ᠨᠢᠭᠡᠳᠬᠡᠨ 1452 ᠤᠨ ᠤ ᠬᠠᠷ᠎ᠠ ᠪᠡᠴᠢᠨ ᠵᠢᠯ ᠪᠦᠬᠦ ᠮᠣᠩᠭᠣᠯ ᠤᠨ ᠬᠠᠭᠠᠨ ᠪᠣᠯᠵᠠᠢ᠃ ᠮᠢᠩ ᠤᠯᠤᠰ ᠲᠠᠢ ᠬᠠᠮᠤᠭ ᠤᠨ ᠴᠢᠳᠠᠪᠤᠷᠢᠯᠢᠭ ᠲᠡᠮᠡᠴᠡᠭᠰᠡᠨ ( ᠲᠦᠮᠦᠪᠥᠥ ᠶᠢᠨ ᠲᠣᠯᠣᠯᠳᠣᠭᠠᠨ‍土木堡之变) ᠶᠡᠬᠡ ᠵᠠᠩᠵᠤᠨ ᠶᠤᠮ᠃ ᠠᠯᠲᠠᠨ ᠤᠷᠤᠭ ᠤᠨ ᠪᠢᠰᠢ ᠤᠴᠢᠷ ᠡᠴᠡ ᠢᠵᠠᠭᠤᠷᠲᠠᠨ ᠨᠤᠭᠤᠳ ᠲᠦᠯᠬᠢᠨ ᠤᠨᠠᠭᠠᠵᠠᠢ᠃ 1455 ᠤᠨ ᠤ ᠬᠥᠬᠡᠭᠴᠢᠨ ᠭᠠᠬᠠᠢ ᠵᠢᠯ ᠠᠯᠠᠭᠳᠠᠵᠠᠢ᠃

ᠭᠠᠷᠤᠯ

ᠡᠰᠡᠨ ᠪᠣᠯ ᠴᠢᠩᠭᠢᠰ ᠬᠠᠭᠠᠨ ᠤ ᠭᠠᠪᠢᠶᠠᠲᠤ ᠥᠷᠯᠥᠭ ᠤᠷᠢᠶᠠᠩᠬᠠᠢ ᠶᠢᠨ ᠵᠡᠯᠮ᠎ᠡ ᠶᠢᠨ ᠶᠢᠰᠦᠳᠦᠭᠡᠷ ᠦᠶ᠎ᠡ ᠶᠢᠨ ᠠᠴᠢ (ᠣᠮᠪᠤᠯᠤ)᠂ ᠣᠶᠢᠷᠠᠳ ᠤᠨ ᠴᠢᠷᠣᠰ ᠣᠪᠤᠭ ᠤᠨ ᠬᠦᠮᠦᠨ ᠪᠥᠭᠡᠳ ᠡᠴᠢᠭᠡ ᠨᠢ ᠣᠶᠢᠷᠠᠳ ᠤᠨ ᠪᠠᠲᠤᠯ ᠴᠢᠩᠰᠠᠩ ᠤᠨ ᠬᠦᠦ ᠲᠣᠭᠣᠭᠠᠨ(ᠲᠣᠭᠣᠨ) ᠶᠤᠮ᠃ ᠲᠡᠷᠡᠪᠡᠷ 1407 ᠤᠨ ᠳᠤ ᠲᠦᠷᠦᠭᠰᠡᠨ ᠪᠥᠭᠡᠳ ᠤᠬᠠᠭᠠᠯᠢᠭ ᠰᠠᠮᠪᠠᠭ᠎ᠠ ᠲᠠᠢ᠂ ᠡᠷᠡᠯᠬᠡᠭ ᠵᠤᠷᠢᠭᠲᠠᠢ ᠡᠷ᠎ᠡ ᠪᠣᠯᠤᠨ ᠥᠰᠴᠦ ᠪᠠᠶᠢᠭᠰᠠᠨ ᠲᠤᠯᠠ ᠡᠴᠢᠭᠡ ᠨᠢ ᠬᠦᠦ ᠪᠠᠨ ᠶᠡᠬᠡᠳᠡ ᠬᠠᠶᠢᠷᠠᠯᠠᠨ᠂ ᠠᠵᠢᠯ ᠦᠢᠯᠡᠰ ᠲᠦ ᠪᠡᠨ ᠲᠤᠰᠯᠠᠭᠤᠯᠤᠨ᠂ ᠠᠪᠢᠶᠠᠰ ᠪᠢᠯᠢᠭ ᠢ ᠨᠢ ᠬᠥᠭᠵᠢᠭᠦᠯᠳᠡᠭ ᠪᠠᠶᠢᠵᠠᠢ᠃ ᠵᠡᠭᠦᠨ ᠮᠣᠩᠭᠣᠯ ᠪᠣᠯᠤᠨ ᠪᠠᠷᠠᠭᠤᠨ ᠮᠣᠩᠭᠣᠯ ᠪᠤᠶᠤ ᠣᠶᠢᠷᠠᠳ ᠨᠢ ᠨᠢᠭᠡᠨ ᠤᠯᠤᠰ ᠤᠨ ᠬᠣᠶᠠᠷ ᠬᠡᠰᠡᠭ ᠲᠤᠯᠠ ᠲᠡᠦᠬᠡ ᠶᠢᠨ ᠶᠡᠬᠡᠩᠬᠢ ᠬᠤᠭᠤᠴᠠᠭᠠᠨ ᠳᠤ ᠨᠢᠭᠡᠳᠦᠯᠲᠡᠢ ᠪᠠᠶᠢᠭᠰᠠᠨ ᠪᠣᠯᠪᠠᠴᠤ ᠭᠠᠳᠠᠭᠠᠳᠤ ᠳᠣᠲᠣᠭᠠᠳᠤ ᠤᠴᠢᠷ ᠰᠢᠯᠲᠠᠭᠠᠨ ᠤ ᠤᠯᠠᠮ ᠠᠴᠠ᠂ ᠦᠶ᠎ᠡ ᠦᠶ᠎ᠡ ᠬᠣᠭᠣᠷᠣᠨᠳᠣ ᠪᠠᠨ ᠮᠠᠭᠤᠳᠠᠯᠴᠠᠵᠤ ᠳᠠᠶᠢᠰᠤᠩᠨᠠᠬᠤ ᠶᠠᠪᠤᠳᠠᠯ ᠴᠥᠭᠡᠨ ᠦᠭᠡᠢ ᠭᠠᠷᠴᠤ ᠪᠠᠶᠢᠪᠠ᠃ ᠡᠶᠢᠮᠦ ᠦᠶ᠎ᠡ ᠶᠢ ᠡᠰᠡᠨ ᠤ ᠡᠪᠦᠭᠡ ᠳᠡᠭᠡᠳᠦᠰ ᠲᠤᠭᠤᠯᠵᠤ ᠢᠷᠡᠭᠰᠡᠨ ᠪᠠᠶᠢᠨ᠎ᠠ᠃ ᠲᠣᠭᠣᠭᠠᠨ ᠲᠠᠶᠢᠰᠢ 1439 ᠤᠨ ᠳᠤ ᠨᠠᠰᠤ ᠪᠠᠷᠠᠬᠤ ᠶᠢᠨ ᠢᠶᠠᠨ ᠡᠮᠦᠨ᠎ᠡ ᠬᠦᠦ ᠡᠰᠡᠨ ᠳᠦ ᠪᠡᠨ ᠬᠠᠨᠳᠤᠨ 《ᠪᠢ ᠨᠢᠭᠡ ᠨᠠᠰᠤ ᠪᠠᠷ ᠢᠶᠠᠨ ᠴᠡᠷᠢᠭ ᠳᠠᠶᠢᠨ ᠳᠤ ᠶᠠᠪᠤᠵᠤ᠂ ᠥᠰᠢᠶᠡᠲᠡᠨ ᠳᠠᠶᠢᠰᠤᠨ ᠢ ᠤᠰᠠᠳᠬᠠᠵᠤ᠂ ᠴᠢᠨᠤ ᠢᠷᠡᠭᠡᠳᠦᠢ ᠶᠢᠨ ᠵᠠᠮ ᠳᠠᠬᠢ ᠰᠠᠭᠠᠳ ᠢ ᠴᠡᠪᠡᠷᠯᠡᠪᠡ᠃ ᠣᠳᠣ ᠭᠠᠭᠴᠠᠬᠦ ᠨᠢᠭᠡ ᠯᠠ ᠬᠦᠮᠦᠨ ᠢ ᠠᠷᠢᠯᠭᠠᠵᠤ ᠴᠢᠳᠠᠭ᠎ᠠ ᠦᠭᠡᠢ᠃ ᠡᠨᠡ ᠪᠣᠯ ᠠᠷᠤᠭᠲᠠᠢ ᠶᠢᠨ ᠳᠡᠭᠦᠦ ᠮᠥᠩᠬᠡᠪᠠᠢ ᠮᠥᠨ᠃ ᠬᠣᠵᠢᠮ ᠤᠨ ᠡᠳᠦᠷ ᠴᠢ ᠲᠡᠭᠦᠨ ᠦ ᠲᠣᠯᠣᠭᠠᠢ ᠪᠠᠷ ᠮᠢᠨᠦ ᠰᠦᠨᠡᠰᠦ ᠶᠢ ᠲᠠᠬᠢᠲᠤᠭᠠᠢ》 ᠭᠡᠵᠦ ᠭᠡᠷᠢᠶᠡᠰᠯᠡᠭᠰᠡᠨ ᠪᠠᠶᠢᠨ᠎ᠠ᠃ ᠡᠨᠡ ᠨᠢ ᠨᠡᠶᠢᠲᠡ ᠮᠣᠩᠭᠣᠯ ᠢ ᠨᠢᠭᠡᠳᠬᠡᠨ ᠵᠠᠬᠢᠷᠬᠤ ᠲᠡᠮᠡᠴᠡᠯ ᠢᠶᠡᠨ ᠳᠠᠭᠤᠰᠬᠠᠭ᠎ᠠ ᠦᠭᠡᠢ᠂ ᠡᠰᠡᠷᠬᠦ ᠡᠲᠡᠭᠡᠳ ᠲᠡᠢ ᠡᠪᠯᠡᠷᠡᠰᠢ ᠦᠭᠡᠢ ᠲᠡᠮᠡᠴᠡᠬᠦ ᠶᠢ ᠰᠢᠳᠠᠷ ᠲᠤᠰᠠᠯᠠᠭᠴᠢ ᠬᠦᠦ ᠡᠰᠡᠨ ᠳᠦ ᠪᠡᠨ ᠳᠠᠭᠠᠭᠠᠯᠭᠠᠭᠰᠠᠨ ᠬᠡᠷᠡᠭ ᠪᠠᠶᠢᠪᠠ᠃ ᠲᠡᠷᠡ ᠦᠶ᠎ᠡ ᠳᠦ ᠮᠣᠩᠭᠣᠯᠵᠢᠨ ᠤᠷᠢᠶᠠᠩᠬᠠᠢ ᠠᠴᠠ ᠪᠤᠰᠤᠳ ᠮᠣᠩᠭᠣᠯ ᠠᠶᠢᠮᠠᠭ ᠤᠳ ᠢ ᠲᠣᠭᠣᠭᠠᠨ ᠲᠠᠶᠢᠱᠢ ᠲᠠᠶᠢᠰᠤᠩ ᠬᠠᠭᠠᠨ ᠤ ᠵᠠᠬᠢᠷᠭᠠᠨ ᠳᠣᠣᠷ᠎ᠠ ᠪᠠᠷᠤᠭ ᠨᠢᠭᠡᠳᠬᠡᠭᠰᠡᠨ ᠪᠠᠶᠢᠪᠠ᠃

ᠲᠠᠶᠢᠱᠢ ᠪᠤᠯᠤᠭᠰᠠᠨ

ᠲᠠᠶᠢᠰᠤᠩ ᠬᠠᠭᠠᠨ ᠲᠣᠭᠣᠭᠠᠨ ᠲᠠᠶᠢᠱᠢ ᠶᠢᠨ ᠭᠡᠷᠢᠶᠡᠰ ᠢᠶᠡᠷ ᠡᠰᠡᠨ ᠢ ᠮᠣᠩᠭᠣᠯ ᠤᠯᠤᠰ ᠤᠨ ᠲᠠᠶᠢᠱᠢ ᠶᠢᠨ ᠲᠤᠰᠢᠶᠠᠯ ᠳᠤ ᠲᠣᠮᠢᠯᠠᠵᠤ᠂ ᠴᠡᠷᠢᠭ ᠦᠨ ᠬᠡᠷᠡᠭ ᠢ ᠡᠷᠬᠢᠯᠡᠭᠦᠯᠪᠡ᠃ ᠡᠨᠡ ᠦᠶ᠎ᠡ ᠳᠦ ᠮᠢᠩ ᠤᠯᠤᠰ ᠤᠷᠢᠶᠠᠩᠬᠠᠢ ᠶᠢᠨ ᠮᠣᠩᠭᠣᠯ ᠨᠣᠶᠠᠳ ᠤᠳ ᠢ ᠴᠣᠯᠠ ᠬᠡᠷᠭᠡᠮ᠂ ᠪᠡᠯᠡᠭ ᠰᠡᠯᠲᠡ ᠪᠡᠷ ᠥᠪᠡᠷᠲᠡᠭᠡᠨ ᠲᠠᠲᠠᠨ᠂ ᠮᠣᠩᠭᠣᠯ ᠤᠨ ᠨᠢᠭᠡᠳᠦᠭᠰᠡᠨ ᠲᠥᠷᠥ ᠶᠢᠨ ᠪᠣᠳᠣᠯᠭ᠎ᠠ ᠶᠢ ᠡᠰᠡᠷᠭᠦᠴᠡᠬᠦ᠂ ᠲᠠᠩᠨᠠᠭᠤᠯᠬᠤ ᠵᠡᠷᠭᠡ ᠪᠤᠰᠤᠷᠮᠠᠭ ᠠᠷᠭ᠎ᠠ ᠬᠡᠷᠡᠭᠯᠡᠬᠦ ᠪᠣᠯᠵᠠᠢ᠃ ᠡᠶᠢᠮᠦ ᠬᠠᠨᠳᠤᠯᠭ᠎ᠠ ᠶᠢ ᠡᠰᠡᠨ ᠲᠠᠶᠢᠱᠢ ᠪᠦᠷ ᠵᠡᠪᠰᠡᠭ ᠦᠨ ᠬᠦᠴᠦ ᠪᠡᠷ ᠳᠠᠷᠤᠵᠤ ᠪᠠᠶᠢᠪᠠ᠃ ᠡᠨᠡ ᠦᠶ᠎ᠡ ᠳᠦ ᠵᠦᠷᠴᠢᠳ ᠠᠶᠢᠮᠠᠭ ᠤᠳ ᠢ ᠡᠷᠬᠡᠰᠢᠶᠡᠯ ᠳᠦ ᠪᠡᠨ ᠪᠠᠶᠢᠯᠭᠠᠬᠤ ᠶᠢᠨ ᠲᠤᠯᠠᠳᠠ ᠡᠰᠡᠨ ᠲᠠᠶᠢᠱᠢ ᠡᠪ ᠢᠶᠡᠷ ᠣᠷᠣᠯᠳᠤᠬᠤ ᠶᠢᠨ ᠰᠠᠴᠠᠭᠤ ᠰᠢᠭᠤᠳ ᠡᠰᠡᠷᠭᠦᠴᠡᠭᠴᠢᠳ ᠢ 1444 ᠤᠨ ᠳᠤ ᠣᠩᠨᠢᠭᠤᠳ ᠠᠶᠢᠮᠠᠭ ᠤᠨ ᠨᠣᠶᠠᠨ ᠵᠦᠴᠢ ᠲᠡᠢ ᠬᠠᠪᠰᠤᠷᠤᠨ ᠴᠣᠬᠢᠵᠤ᠂ ᠵᠦᠷᠴᠢᠳ ᠦᠳ ᠢ ᠮᠣᠩᠭᠣᠯ ᠤᠯᠤᠰ ᠲᠤ ᠨᠢᠭᠡ ᠬᠠᠭᠠᠨ ᠤ ᠵᠠᠬᠢᠷᠭᠠᠨ ᠳᠤ ᠣᠷᠣᠭᠤᠯᠤᠭᠰᠠᠨ ᠪᠠᠶᠢᠨ᠎ᠠ᠃ ᠪᠠᠶᠢᠳᠠᠯ ᠢ ᠬᠥᠨᠳᠡᠯᠡᠨ ᠡᠴᠡ ᠨᠢᠭᠤᠴᠠ ᠪᠠᠷ ᠠᠵᠢᠭᠯᠠᠨ ᠬᠠᠷᠠᠵᠤ ᠪᠠᠶᠢᠭᠰᠠᠨ ᠮᠢᠩ ᠤᠯᠤᠰ ᠮᠣᠩᠭᠣᠯ ᠲᠠᠢ ᠬᠠᠷᠢᠯᠴᠠᠬᠤ ᠲᠠᠯ᠎ᠠ ᠪᠠᠷ ᠲᠣᠭᠲᠠᠭᠠᠭᠰᠠᠨ ᠬᠢᠵᠠᠭᠠᠷᠯᠠᠯᠳᠤ ᠬᠤᠷᠢᠭ᠎ᠠ ᠴᠠᠭᠠᠵᠠ ᠨᠢ ᠦᠷ᠎ᠡ ᠳ᠋ᠦᠩ ᠳᠦ ᠬᠦᠷᠬᠦ ᠦᠭᠡᠢ ᠪᠣᠯᠬᠣᠷ ᠬᠤᠳᠠᠯᠳᠤᠭ᠎ᠠ ᠠᠷᠠᠯᠵᠢᠶ᠎ᠠ ᠬᠢᠬᠦ ᠳᠦ ᠡᠯᠳᠡᠪ ᠰᠠᠭᠠᠳ ᠤᠴᠠᠷᠠᠭᠤᠯᠵᠤ᠂ ᠵᠠᠯᠢ ᠪᠤᠯᠢᠬᠠᠢ ᠭᠠᠷᠭᠠᠬᠤ ᠪᠣᠯᠤᠭᠰᠠᠨ ᠲᠤᠯᠠ ᠮᠢᠩ ᠤᠯᠤᠰ ᠲᠠᠢ ᠪᠠᠶᠢᠯᠳᠤᠬᠤ ᠪᠠᠷ ᠪᠡᠯᠡᠳᠬᠡᠵᠦ ᠡᠬᠢᠯᠡᠵᠡᠢ᠃ (ᠪᠦᠷᠢᠨ ᠠᠭᠤᠯᠭ᠎ᠠ ᠶᠢ ᠤᠩᠰᠢᠬᠤ)

ᠴᠢᠴᠠᠷᠭᠠᠨ᠎ᠠ
ᠡᠯᠢᠬᠡ

ᠡᠯᠢᠭᠡ  ᠪᠣᠯ ᠬᠦᠮᠦᠨ ᠦ ᠪᠡᠶ᠎ᠡ ᠳ᠋ᠡᠬᠢ ᠬᠠᠮᠤᠭ ᠤᠨ ᠲᠣᠮᠣ ᠪᠤᠯᠴᠢᠷᠬᠠᠢ ᠶᠤᠮ᠃ ᠳᠤᠮᠳᠠᠴᠢ ᠪᠠᠷ 1500 g ᠵᠢᠩ ᠲᠡᠢ᠃ ᠡᠯᠢᠭᠡ ᠨᠢ ᠰᠥᠰᠦ ᠦᠢᠯᠡᠳᠪᠦᠷᠢᠯᠡᠵᠦ᠂ ᠰᠥᠰᠦ ᠨᠢ ᠰᠥᠰᠦᠨ ᠦ ᠤᠭᠤᠳᠠᠨ ᠳᠦ ᠬᠠᠳᠠᠭᠠᠯᠠᠭᠳᠠᠳᠠᠭ᠃ 12 ᠬᠤᠷᠤᠭᠤ ᠭᠡᠳᠡᠰᠦᠨ ᠳᠦ ᠰᠥᠰᠥ ᠨᠢ ᠥᠭᠡᠬᠦ ᠶᠢ ᠵᠠᠳᠠᠯᠬᠤ ᠨᠥᠯᠥᠭᠡ ᠲᠡᠢ᠃ ᠡᠯᠢᠭᠡ ᠨᠢ ᠥᠷᠦᠴᠡᠨ ᠦ ᠪᠠᠷᠠᠭᠤᠨ ᠲᠤᠤᠷᠠᠳᠤ ᠬᠦᠩᠬᠦᠷ ᠲᠦ ᠪᠠᠶᠢᠷᠢᠯᠠᠬᠤ ᠬᠡᠪᠡᠯᠢ ᠶᠢᠨ ᠬᠥᠨᠳᠡᠢ ᠶᠢᠨ ᠡᠷᠬᠡᠲᠡᠨ ᠶᠤᠮ᠃ ᠲᠡᠭᠰᠢ ᠭᠠᠳᠠᠷᠭᠤ ᠳᠡᠭᠡᠷ᠎ᠡ ᠪᠠᠶᠢᠷᠢᠯᠠᠭᠤᠯᠤᠭᠰᠠᠨ ᠥᠨᠳᠡᠭᠡ ᠶᠢ ᠪᠠᠷᠠᠭᠤᠨ ᠲᠤᠤᠷᠠᠳᠤ ᠥᠨᠴᠦᠭ ᠡᠴᠡ ᠵᠡᠭᠦᠨ ᠲᠡᠬᠡᠭᠰᠢ ᠨᠠᠯᠠᠤ ᠬᠤᠪᠢᠶᠠᠬᠤ ᠳᠤ ᠡᠭᠦᠰᠬᠦ ᠳᠦᠷᠰᠦ ᠲᠡᠢ ᠠᠳᠠᠯᠢᠳᠬᠠᠵᠤ ᠪᠣᠯᠤᠨ᠎ᠠ᠃ ᠡᠨᠳᠡ ᠡᠴᠡ ᠳᠡᠭᠡᠳᠦ ᠪᠤᠶᠤ ᠥᠷᠦᠴᠡᠨ ᠲᠠᠯ᠎ᠠ ᠲᠤᠤᠷᠠᠳᠤ ᠲᠠᠯ᠎ᠠ ᠨᠢ ᠬᠦᠮᠦᠨ ᠦ ᠡᠯᠢᠭᠡ ᠤᠷᠢᠳᠤ ᠲᠠᠯ᠎ᠠ ᠠᠴᠠ ᠬᠠᠷᠠᠬᠤ ᠳᠤ 2 ᠬᠡᠰᠡᠭ ᠲᠡᠢ ᠪᠠᠶᠢᠳᠠᠭ ᠪᠣᠯ ᠳᠣᠣᠷ᠎ᠠ ᠠᠴᠠ ᠬᠠᠷᠠᠬᠤ ᠳᠤ 4 ᠬᠡᠰᠡᠭ  ᠲᠠᠢ ᠵᠢ ᠲᠣᠳᠣᠷᠬᠠᠢ ᠬᠠᠷᠠᠵᠤ ᠪᠣᠯᠤᠨ᠎ᠠ᠃ ᠃ (ᠪᠦᠷᠢᠨ ᠠᠭᠤᠯᠭ᠎ᠠ ᠶᠢ ᠤᠩᠰᠢᠬᠤ)

ᠴᠠᠭᠠᠵᠠ ᠪᠠᠷ ᠠᠪᠬᠤ ᠶᠠᠯ᠎ᠠ
ᠴᠠᠭᠠᠵᠠ ᠪᠠᠷ ᠠᠪᠬᠤ ᠶᠠᠯ᠎ᠠ

ᠴᠠᠭᠠᠵᠠ ᠪᠠᠷ ᠠᠪᠬᠤ ᠶᠠᠯ᠎ᠠ(死刑) ᠪᠣᠯ ᠭᠡᠮᠲᠦ ᠬᠡᠷᠡᠭ ᠦᠢᠯᠡᠳᠦᠭᠰᠡᠨ ᠬᠦᠨᠳᠦ ᠲᠥᠷᠥ ᠡᠴᠡ ᠨᠣᠭᠳᠠᠭᠤᠯᠵᠤ ᠪᠤᠢ ᠶᠠᠯ᠎ᠠ ᠶᠢᠨ ᠳᠡᠭᠡᠳᠦ ᠬᠡᠮᠵᠢᠶ᠎ᠡ ᠶᠤᠮ᠃ᠳᠡᠯᠡᠬᠡᠢ ᠶᠢᠨ 60 ᠍ ᠍ ᠊ᠭᠠᠳ ᠤᠯᠤᠰ ᠴᠠᠭᠠᠵᠠᠯᠠᠬᠤ ᠶᠠᠯ᠎ᠠ ᠶᠢ ᠬᠦᠴᠦᠨ ᠦᠭᠡᠢ ᠪᠣᠯᠭᠠᠭᠠᠳ ᠪᠠᠶᠢᠭ᠎ᠠ ᠠᠵᠢ᠃ ᠡᠳᠡᠭᠡᠷ ᠤᠯᠤᠰ ᠤᠨ ᠣᠯᠠᠨ ᠨᠡᠶᠢᠲᠡ ᠴᠠᠭᠠᠵᠠ ᠪᠠᠷ ᠠᠪᠬᠤ ᠶᠠᠯ᠎ᠠ ᠶᠢ ᠬᠠᠤᠯᠢᠴᠢᠯᠠᠭᠰᠠᠨ ᠠᠯᠠᠯᠭ᠎ᠠ ᠭᠡᠵᠦ ᠦᠵᠡᠵᠡᠢ᠃ 26 ᠣᠷᠣᠨ ᠬᠠᠤᠯᠢ ᠶᠢᠨ ᠵᠢᠭᠠᠯᠲᠠ ᠲᠠᠢ ᠪᠣᠯᠪᠠᠴᠤ ᠴᠠᠭᠠᠵᠠᠯᠠᠬᠤ ᠶᠠᠯ᠎ᠠ ᠣᠨᠣᠭᠠᠬᠤ ᠦᠭᠡᠢ ᠪᠣᠯᠵᠠᠢ᠃ 15 ᠤᠯᠤᠰ ᠲᠤᠩ ᠣᠨᠴᠠᠭᠠᠢ ᠲᠣᠬᠢᠶᠠᠯᠳᠤᠯ ᠳᠤ ᠬᠡᠷᠡᠭᠯᠡᠵᠦ ᠪᠠᠶᠢᠨ᠎ᠠ᠃ ᠬᠠᠷᠢᠨ 94 ᠤᠯᠤᠰ ᠦᠷᠭᠦᠯᠵᠢᠯᠡᠭᠦᠯᠦᠨ ᠴᠠᠭᠠᠵᠠᠯᠠᠭᠰᠠᠭᠠᠷ ᠪᠠᠶᠢᠭ᠎ᠠ ᠠᠵᠢ᠃ ᠬᠦᠮᠦᠨ ᠲᠥᠷᠥᠯᠬᠢᠲᠡᠨ ᠦ ᠲᠡᠦᠬᠡᠨ ᠳᠦ ᠴᠠᠭᠠᠵᠠᠯᠠᠨ ᠬᠣᠷᠣᠬᠤ ᠲᠣᠭ᠎ᠠ ᠦᠭᠡᠢ ᠣᠯᠠᠨ ᠠᠷᠭ᠎ᠠ ᠪᠣᠳᠣᠵᠤ ᠣᠯᠤᠭᠰᠠᠨ ᠭᠡᠳᠡᠭ᠃ ᠲᠡᠭᠦᠨ ᠡᠴᠡ ᠣᠳᠤ ᠪᠣᠯᠲᠠᠯ᠎ᠠ ᠬᠡᠷᠡᠭᠯᠡᠵᠦ ᠪᠠᠶᠢᠭ᠎ᠠ ᠨᠢ ᠪᠤᠤᠳᠠᠬᠤ᠂ ᠴᠠᠬᠢᠯᠭᠠᠨ ᠰᠠᠨᠳᠠᠯᠢ ᠳᠤ ᠰᠠᠭᠤᠯᠭᠠᠬᠤ᠂ ᠬᠣᠣᠷ ᠲᠠᠢ ᠲᠠᠷᠢᠶ᠎ᠠ ᠬᠢᠬᠦ᠂ ᠬᠣᠣᠷᠲᠤ ᠬᠡᠢ ᠪᠡᠷ ᠤᠲᠤᠬᠤ᠂ ᠲᠣᠯᠣᠭᠠᠢ ᠶᠢ ᠨᠢ ᠴᠠᠪᠴᠢᠬᠤ᠂ ᠴᠢᠯᠠᠭᠤ ᠪᠠᠷ ᠰᠢᠳᠡᠬᠦ᠂ ᠠᠩᠭᠠᠯ ᠤᠷᠤᠭᠤ ᠨᠢᠰᠬᠡᠬᠦ ᠵᠡᠷᠭᠡ ᠠᠷᠭ᠎ᠠ ᠨᠤᠭᠤᠳ ᠲᠦᠭᠡᠮᠡᠯ ᠬᠡᠷᠡᠭᠯᠡᠭᠳᠡᠳᠡᠭ ᠭᠡᠨ᠎ᠡ᠃ (ᠪᠦᠷᠢᠨ ᠠᠭᠤᠯᠭ᠎ᠠ ᠶᠢ ᠤᠩᠰᠢᠬᠤ)

ᠳᠥᠷᠪᠡᠨ ᠣᠶᠢᠷᠠᠳ
Mongolia XVI.png

ᠤᠶᠢᠷᠠᠳ ᠪᠣᠯ ᠮᠣᠩᠭᠤᠯ ᠤᠨ ᠡᠷᠲᠡᠨ  ᠤ ᠠᠶᠢᠮᠠᠭ ᠤᠨ ᠨᠢᠭᠡ ᠮᠦᠨ ‍᠂‍ ᠤᠳᠬ᠎ᠠ ᠨᠢ ᠣᠢ ᠶᠢᠨ ᠢᠷᠭᠡᠳ ‍᠂‍ ᠡᠨᠡᠬᠦ ᠮᠣᠩᠭᠤᠯ ᠤᠨ ᠪᠠᠷᠠᠭᠤᠨ ᠬᠡᠰᠡᠭ ᠦᠨ ᠠᠶᠠᠯᠭᠤ ᠪᠡᠷ ᠶᠠᠷᠢᠳᠠᠭ ᠠᠶᠢᠮᠠᠭ ᠨᠢ ᠡᠷᠲᠡᠨ ᠳ᠋ᠥ ᠪᠡᠨ ᠪᠠᠶᠢᠭᠠᠯ ᠨᠠᠭᠤᠷ ᠡᠴᠡ ᠪᠠᠷᠠᠭᠤᠨᠰᠢ ᠶᠸᠨᠢᠰᠸᠢ ᠮᠦᠷᠡᠨ  ᠤ ᠳᠡᠭᠡᠳᠦ ᠤᠷᠤᠰᠬᠠᠯ ᠣᠷᠤᠨ ᠳ᠋ᠥ ᠠᠩ ᠠᠩᠨᠠᠬᠤ ᠪᠡᠷ ᠭᠣᠤᠯ ᠪᠣᠯᠭᠠᠵᠤ ᠠᠵᠤ ᠲᠦᠷᠦᠵᠤ ᠪᠠᠶᠢᠵᠠᠢ ‍᠂‍ ᠠᠷᠪᠠᠨ ᠭᠤᠷᠪᠠᠳᠤᠭᠠᠷ ᠵᠠᠭᠤᠨ  ᠤ ᠡᠬᠢᠨ ᠳ᠋ᠥ ᠴᠢᠩᠭᠢᠰ ᠬᠠᠭᠠᠨ  ᠤ ᠳᠠᠭᠠᠭᠤᠯᠤᠯ ᠳᠣᠤᠷ᠎ᠠ ᠣᠷᠤᠵᠤ ‍᠂‍ ᠨᠠᠢᠮᠠᠨ ᠭᠣᠤᠯ ᠤᠨ ᠤᠶᠢᠷᠠᠳ  ᠢ ᠳᠦᠷᠪᠡᠨ ᠮᠢᠩᠭᠠᠨ ᠡᠷᠦᠬᠡ ᠪᠣᠯᠭᠠᠨ ᠬᠤᠪᠢᠶᠠᠵᠤ ᠡᠷᠲᠡᠨ  ᠤ ᠳᠦᠷᠪᠡᠨ ᠤᠶᠢᠷᠠᠳ ᠪᠦᠷᠢᠯᠳᠦᠭᠰᠡᠨ ᠪᠠᠶᠢᠨ᠎ᠠ ‍᠂‍ ᠶᠤᠸᠠᠨ  ᠤ ᠡᠴᠦᠰ ᠤᠮᠠᠷᠠᠲᠤ ᠶᠤᠸᠠᠨ  ᠤ ᠡᠬᠢᠨ ᠵᠢᠡᠷ ᠨᠡᠶᠢᠭᠡᠮ ᠦᠨ ᠬᠦᠭᠵᠢᠯᠲᠡ ᠶᠢ ᠳᠠᠭᠠᠯᠳᠤᠨ ᠠᠶᠢᠮᠠᠭ ᠪᠦᠯᠦᠭ ᠦᠨ ᠬᠦᠮᠦᠨ ᠠᠮᠠ ᠨᠢ ᠨᠡᠮᠡᠭᠳᠡᠵᠦ ᠳᠦᠷᠪᠡᠨ ᠲᠦᠮᠡᠨ ᠡᠷᠦᠬᠡ ᠪᠣᠯᠵᠤ ᠬᠦᠭᠵᠢᠭᠰᠡᠨ ᠪᠠᠶᠢᠨ᠎ᠠ ‍᠂‍  ᠨᠤᠲᠤᠭ ᠣᠷᠤᠨ ᠨᠢ ᠣᠤᠯ ᠤᠨ ᠶᠸᠨᠢᠰᠸᠢ ᠮᠦᠷᠡᠨ  ᠤ ᠳᠡᠭᠡᠳᠦ ᠤᠷᠤᠰᠬᠠᠯ ᠡᠴᠡ ᠦᠷᠭᠡᠵᠢᠵᠥ ᠪᠠᠷᠠᠭᠤᠨᠰᠢ ᠠᠯᠲᠠᠢ ᠠᠭᠤᠯᠠ ᠶᠢ ᠳᠠᠪᠠᠵᠤ ᠡᠷᠴᠢᠰ ᠭᠣᠤᠯ ᠤᠨ ᠳᠡᠭᠡᠳᠦ ᠤᠷᠤᠰᠬᠠᠯ ‍᠂‍ ᠪᠠᠷᠠᠭᠤᠨ ᠡᠮᠦᠨᠡᠰᠢ ᠬᠠᠮᠢ ‍᠂‍ ‍ᠪᠸᠱᠪᠠᠯᠢᠺ ᠲᠠᠢ ᠨᠢᠭᠤᠷᠯᠠᠵᠤ ‍᠂‍ ᠵᠡᠭᠦᠨ ᠡᠮᠦᠨᠡᠰᠢ ᠵᠠᠪᠬᠠᠨ ᠭᠣᠤᠯ ᠵᠢᠡᠷ ᠵᠡᠭᠦᠨ ᠮᠣᠩᠭᠤᠯ ᠲᠠᠢ ᠵᠡᠷᠭᠡᠯᠡᠳᠡᠭᠡ ᠣᠷᠤᠰᠢᠵᠤ ‍᠂‍ ᠤᠮᠠᠷᠠᠰᠢ ᠬᠢᠷᠬᠢᠰ ᠲᠠᠢ ᠬᠠᠶᠠᠭ᠎᠎ᠠ ᠳᠠᠷᠤᠨ ᠰᠠᠭᠤᠳᠠᠭ ‍᠃‍ ᠤᠶᠢᠷᠠᠳ ᠭᠡᠳᠡᠭ ᠨᠢ ᠦᠷᠭᠡᠨ ᠤᠳᠬ᠎ᠠ ᠳᠡᠭᠡᠷ᠎ᠡ ᠪᠡᠨ ᠪᠠᠷᠭᠤ ‍᠂‍ ᠪᠦᠷᠢᠶᠠᠳ ‍᠂‍ ᠤᠷᠢᠶᠠᠩᠬᠠᠢ ᠪᠣᠯᠤᠨ ᠡᠷᠲᠡᠨ  ᠤ ᠤᠶᠢᠷᠠᠳ  ᠢ ᠵᠢᠭᠠᠳᠠᠭ ‍᠂‍ ᠢᠪᠴᠤᠤ ᠤᠳᠬ᠎ᠠ ᠶᠢᠨ ᠤᠶᠢᠷᠠᠳ ᠨᠢ ᠳᠠᠷᠤᠢ ᠮᠠᠨ  ᠤ ᠬᠡᠯᠡᠳᠡᠭ ᠦᠭᠡᠯᠡᠳ ‍᠂‍ ᠪᠢᠳᠡ ᠲᠡᠳᠡᠨ  ᠢ ᠪᠠᠰᠠ ᠪᠠᠷᠠᠭᠤᠨ ᠮᠣᠩᠭᠤᠯ ‍᠂‍ ᠭᠤᠪᠢ ᠶᠢᠨ ᠪᠠᠷᠠᠭᠤᠨ ᠳ᠋ᠠᠬᠢ ᠮᠣᠩᠭᠤᠯ ᠭᠡᠵᠦ ᠴᠦ ᠬᠡᠯᠡᠳᠡᠭ ‍᠂‍ ᠤᠮᠠᠷᠠᠲᠤ ᠶᠤᠸᠠᠨ  ᠤ ᠡᠴᠦᠰ ᠮᠠᠨᠵᠤ ᠴᠢᠩ ᠦᠨ ᠡᠬᠢᠨ ᠳ᠋ᠥ ᠲᠡᠳᠡᠨ  ᠤ ᠰᠦᠷ ᠬᠦᠴᠦᠨ ᠶᠡᠬᠡ ᠪᠠᠶᠢᠵᠤ ‍᠂‍ ᠭᠣᠤᠯᠳᠠᠭᠤ ᠵᠡᠭᠦᠨᠭᠠᠷ ‍᠂‍ ᠳᠦᠷᠪᠡᠳ ‍᠂‍ ᠬᠤᠱᠤᠳ ‍᠂‍ ᠲᠣᠷᠭᠤᠳ ᠵᠡᠷᠭᠡ ᠳᠦᠷᠪᠡᠨ ᠶᠡᠬᠡ ᠠᠶᠢᠮᠠᠭ ᠵᠢᠴᠢ ᠪᠣᠰᠤᠳ ᠬᠡᠳᠦᠨ ᠪᠠᠭ᠎᠎ᠠ ᠠᠶᠢᠮᠠᠭ ᠪᠦᠯᠦᠭ ᠡᠴᠡ ᠪᠦᠷᠢᠯᠳᠦᠳᠡᠭ ‍᠃‍

ᠴᠢᠩᠬᠢᠰ ᠬᠠᠭᠠᠨ ᠵᠢᠴᠢ ᠲᠡᠭᠦᠨ  ᠤ ᠵᠠᠯᠭᠠᠮᠵᠢᠯᠠᠭᠴᠢ ᠵᠢᠨ ᠳᠠᠭᠠᠭᠤᠯᠤᠯ ᠳᠠᠶᠢᠯᠠᠯ ᠭᠠᠳᠠᠭᠰᠢ ᠲᠦᠷᠢᠯ ‍᠂‍ ᠠᠷᠢᠭᠪᠤᠬ᠎ᠠ ᠪᠠ ᠬᠠᠶᠢᠲᠦ ᠶᠢᠨ ᠬᠤᠪᠢᠯᠠᠢ ᠳ᠋ᠥ ᠬᠠᠨᠳᠤᠭᠤᠯᠤᠭᠰᠠᠨ ᠡᠰᠡᠷᠭᠦᠴᠡᠯ ‍᠂‍ ᠤᠮᠠᠷᠠᠲᠤ ᠶᠤᠸᠠᠨ  ᠤ ᠤᠯᠠᠨ ᠵᠢᠯ ᠦᠨ ᠳᠣᠲᠤᠭᠠᠳᠤ ᠶᠢᠨ ᠲᠡᠮᠡᠴᠡᠯ ᠵᠢᠨ ᠶᠠᠪᠤᠴᠠ ᠳ᠋ᠥ ᠤᠶᠢᠷᠠᠳ ᠨᠢ ᠤᠯᠠᠨᠲᠠ ᠣᠷᠤᠯᠴᠠᠵᠤ ‍᠂‍ ᠶᠡᠬᠡᠬᠡᠨ ᠠᠰᠢᠭ ᠬᠦᠷᠲᠡᠵᠦ ᠰᠦᠷ ᠬᠦᠴᠦᠨ ᠵᠢᠡᠨ ᠦᠷᠭᠡᠵᠢᠭᠦᠯᠵᠦ ᠳᠡᠶᠢᠯᠵᠡᠢ ‍᠂‍ ᠤᠶᠢᠷᠠᠳ ᠨᠢ ᠮᠣᠩᠭᠤᠯ ᠤᠨ ᠲᠡᠦᠬᠡ ᠮᠦᠨ ᠳᠤᠮᠳᠠ ᠠᠽᠢᠶ᠎ᠠ ᠶᠢᠨ ᠲᠡᠦᠬᠡᠨ ᠳ᠋ᠥ ᠮᠠᠰᠢ ᠶᠡᠬᠡ ᠨᠦᠯᠦᠭᠡ ᠭᠠᠷᠭᠠᠭᠰᠠᠨ ᠪᠠᠶᠢᠨ᠎ᠠ ‍᠃‍ ᠠᠷᠪᠠᠨ ᠲᠠᠪᠤᠳᠤᠭᠠᠷ ᠵᠠᠭᠤᠨ  ᠤ ᠳᠤᠮᠳᠠᠴᠢ ᠳᠠᠷᠤᠢ 1437 ᠤᠨ ᠳ᠋ᠥ ᠤᠶᠢᠷᠠᠳ ᠨᠢ ᠬᠦᠴᠦᠷᠬᠡᠭ ᠶᠡᠬᠡ ᠪᠠᠷᠠᠭᠤᠨ ᠮᠣᠩᠭᠤᠯ ᠤᠨ ᠬᠣᠯᠪᠤᠭᠠᠯᠠᠯ  ᠢ ᠪᠠᠶᠢᠭᠤᠯᠵᠤ ᠳᠦᠷᠪᠡᠨ ᠤᠶᠢᠷᠠᠳ ᠤᠨ ᠬᠣᠯᠪᠤᠭ᠎᠎ᠠ ᠭᠡᠵᠦ ᠬᠡᠯᠡᠳᠡᠭ ‍᠂‍ ᠡᠳᠡᠭᠡᠷ ᠳᠦᠷᠪᠡᠨ ᠤᠶᠢᠷᠠᠳ  ᠢ ᠬᠡᠯᠡᠪᠡᠯ ‍᠂‍ ᠨᠢᠭᠡᠳᠦᠭᠡᠷ ᠤᠶᠢᠷᠠᠳ ᠨᠢ ᠴᠣᠷᠤᠰ ᠠᠶᠢᠮᠠᠭ ‍᠂‍ ᠳᠦᠷᠪᠡᠳ ᠠᠶᠢᠮᠠᠭ ‍᠂‍ ᠬᠤᠱᠤᠳ ᠠᠶᠢᠮᠠᠭ ‍:‍ ᠬᠤᠶᠠᠳᠤᠭᠠᠷ ᠤᠶᠢᠷᠠᠳ ᠨᠢ ᠬᠣᠶᠢᠳ ᠠᠶᠢᠮᠠᠭ ‍᠂‍ ᠪᠠᠲᠤᠳ ᠠᠶᠢᠮᠠᠭ ‍᠂‍ ᠲᠦᠮᠡᠳ ᠠᠶᠢᠮᠠᠭ ‍:‍ ᠭᠤᠷᠪᠠᠳᠤᠭᠠᠷ ᠤᠶᠢᠷᠠᠳ ᠨᠢ ᠪᠠᠷᠭᠤ ᠠᠶᠢᠮᠠᠭ ‍᠂‍ ᠪᠦᠷᠢᠶᠠᠳ ᠠᠶᠢᠮᠠᠭ ‍᠂‍ ᠤᠷᠢᠶᠠᠩᠬᠠᠢ ᠠᠶᠢᠮᠠᠭ ‍᠂‍ ᠪᠤᠯᠠᠰ ᠠᠶᠢᠮᠠᠭ ‍᠂‍ ᠪᠢᠷᠮᠠᠨ ᠠᠶᠢᠮᠠᠭ ‍᠂‍ ᠬᠡᠷᠡᠶᠢᠳ ᠠᠶᠢᠮᠠᠭ ‍᠂‍ ᠵᠢᠷᠠᠳ ᠠᠶᠢᠮᠠᠭ ‍:‍ ᠳᠦᠷᠪᠡᠳᠦᠭᠡᠷ ᠤᠶᠢᠷᠠᠳ ᠨᠢ ᠪᠣᠰᠤᠳ ᠦᠯᠡᠳᠡᠭᠰᠡᠨ ᠮᠣᠩᠭᠤᠯ ᠠᠶᠢᠮᠠᠭ  ᠢ ᠵᠢᠭᠠᠨ᠎ᠠ ‍᠃‍ ᠬᠣᠯᠪᠤᠭᠠᠨ  ᠤ ᠠᠬᠠᠯᠠᠭᠴᠢ ᠡᠰᠡᠨ ‍(‍ 1407 ~ 1454 ‍)‍ ᠪᠦᠬᠦ ᠮᠣᠩᠭᠤᠯ  ᠢ ᠨᠢᠭᠡᠳᠬᠡᠵᠦ ᠮᠠᠰᠢ ᠣᠬᠤᠷᠬᠠᠨ ᠬᠤᠭᠤᠴᠠᠭ᠎᠎ᠠ ᠵᠠᠰᠠᠭ ᠪᠠᠷᠢᠭᠰᠠᠨ ᠪᠣᠯᠪᠠᠴᠤ ᠨᠢᠭᠡᠨ ᠨᠢᠭᠡᠲᠦᠭᠰᠡᠨ ᠬᠦᠴᠦᠷᠬᠡᠭ ᠶᠡᠬᠡ ᠵᠠᠰᠠᠭ  ᠢ ᠪᠠᠶᠢᠭᠤᠯᠵᠤ ᠳᠡᠶᠢᠯᠦᠭᠰᠡᠨ ᠪᠢᠯᠡ ‍᠃‍ 1454 ᠤᠨ ᠳ᠋ᠥ ᠡᠰᠡᠨ ᠬᠣᠤᠷᠯᠠᠭᠳᠠᠬᠤ ᠶᠢ ᠳᠠᠭᠠᠯᠳᠤᠨ ‍᠂‍ ᠬᠣᠯᠪᠤᠭ᠎᠎ᠠ ᠳᠠᠬᠢᠨ ᠵᠠᠳᠠᠷᠠᠪᠠ ‍᠃‍ 1487 ᠤᠨ ᠳ᠋ᠥ ᠳᠠᠬᠢᠨ ᠤᠶᠢᠷᠠᠳ ᠤᠨ ᠬᠣᠯᠪᠤᠭ᠎᠎ᠠ ᠪᠠᠶᠢᠭᠤᠯᠤᠭᠳᠠᠵᠤ ‍᠂‍ ᠨᠢᠭᠡᠳᠦᠭᠡᠷ ᠤᠶᠢᠷᠠᠳ ᠨᠢ ᠦᠭᠡᠯᠡᠳ ᠠᠶᠢᠮᠠᠭ ‍:‍ ᠬᠤᠶᠠᠳᠤᠭᠠᠷ ᠤᠶᠢᠷᠠᠳ ᠨᠢ ᠬᠣᠶᠢᠳ ᠠᠶᠢᠮᠠᠭ ‍᠂‍ ᠪᠠᠲᠤᠳ ᠠᠶᠢᠮᠠᠭ ‍:‍ ᠭᠤᠷᠪᠠᠳᠤᠭᠠᠷ ᠤᠶᠢᠷᠠᠳ ᠨᠢ ᠪᠠᠷᠭᠤ ᠠᠶᠢᠮᠠᠭ ‍᠂‍ ᠪᠦᠷᠢᠶᠠᠳ ᠠᠶᠢᠮᠠᠭ ‍:‍ ᠳᠦᠷᠪᠡᠳᠦᠭᠡᠷ ᠤᠶᠢᠷᠠᠳ ᠨᠢ ᠴᠣᠷᠤᠰ ᠠᠶᠢᠮᠠᠭ ‍᠂‍ ᠬᠤᠱᠤᠳ ᠠᠶᠢᠮᠠᠭ ‍᠂‍ ᠳᠦᠷᠪᠡᠳ ᠠᠶᠢᠮᠠᠭ ᠃ (ᠪᠦᠷᠢᠨ ᠠᠭᠤᠯᠭ᠎ᠠ ᠶᠢ ᠤᠩᠰᠢᠬᠤ)

ᠬᠠᠪᠢᠷᠭᠠᠨ ᠳ᠋ᠢᠭᠳᠡ
ᠳ᠋ᠢᠭᠳᠡ 肋柱花.png

ᠬᠠᠪᠢᠷᠭᠠᠨ ᠳ᠋ᠢᠭᠳᠡ -- ᠲᠤᠰ ᠪᠣᠳᠠᠰ ᠪᠣᠯ ᠵᠦᠯᠭᠡᠨ ᠴᠢᠮᠡᠭ  ᠤᠨ ᠢᠵᠠᠭᠤᠷ ᠤᠨ ᠡᠪᠡᠰᠦᠯᠢᠭ ᠤᠷᠭᠤᠮᠠᠯ ᠪᠣᠯᠬᠤ ᠬᠠᠪᠢᠷᠭᠠᠨ ᠴᠡᠴᠡᠭ ( 肋柱花 ) ᠤᠨ ᠬᠠᠲᠠᠭᠠᠭᠰᠠᠨ ᠴᠡᠴᠡᠭ ᠪᠦᠬᠦᠢ ᠪᠦᠬᠦᠯᠢ ᠡᠪᠡᠰᠦ ᠮᠥᠨ ᠃

ᠴᠢᠳᠠᠯ ᠪᠠ ᠭᠣᠣᠯᠳᠠᠭᠤ ᠵᠠᠰᠠᠬᠤ

ᠰᠢᠷ᠎ᠠ ᠶᠢ ᠳᠠᠷᠤᠬᠤ ᠂ ᠬᠠᠯᠠᠭᠤᠨ ᠢ ᠠᠷᠢᠯᠭᠠᠬᠤ ᠂ ᠰᠢᠷᠬ᠎ᠠ ᠶᠢ ᠠᠨᠠᠭᠠᠬᠤ ᠂ ᠬᠣᠳᠤᠭᠤᠳᠤ ᠶᠢ ᠴᠢᠭᠢᠷᠠᠭᠵᠢᠭᠤᠯᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

Microsoft
Microsoft

ᠮᠠᠶᠢᠺᠷᠣᠰᠣᠹᠲ ᠺᠣᠷᠫᠣᠷᠠᠼᠢ (Microsoft Corporation) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠸᠠᠰᠢᠩᠲ᠋ᠣᠨ ᠳᠠᠬᠢ ᠷᠧᠳᠣᠮᠠᠨᠳᠤ ᠬᠣᠳᠠ ᠳᠤ ᠲᠥᠪ ᠲᠡᠢ ᠣᠯᠠᠨ ᠤᠯᠤᠰ ᠤᠨ ᠫᠷᠣᠭ᠍ᠷᠠᠮ ᠬᠠᠩᠭᠠᠮᠵᠢ ᠬᠥᠭᠵᠢᠭᠦᠯᠦᠭᠴᠢ᠂ ᠦᠢᠯᠡᠳᠪᠦᠷᠢᠯᠡᠭᠴᠢ ᠶᠤᠮ᠃ ᠭᠣᠣᠯᠳᠠᠭᠤ ᠺᠣᠮᠫᠢᠶᠦ᠋ᠲ᠋ᠧᠷ ᠤᠨ ᠲᠥᠷᠥᠯ ᠦᠨ ᠪᠦᠲᠦᠭᠡᠭᠳᠡᠬᠦᠨ᠂ ᠦᠢᠯᠡᠴᠢᠯᠡᠭᠡ ᠶᠢ ᠦᠢᠯᠡᠳᠪᠦᠷᠢᠯᠡᠳᠡᠭ᠃ 1975 ᠤᠨ ᠤ 4 ᠰᠠᠷ᠎ᠠ ᠶᠢᠨ 4 ᠍ ᠳᠦ Bill Gates ᠪᠣᠯᠤᠨ Paul Allen ᠨᠠᠷ ᠡᠭᠦᠰᠬᠡᠨ ᠪᠠᠶᠢᠭᠤᠯᠤᠭᠰᠠᠨ᠃ ᠮᠥᠨ Microsoft ᠨᠢ ᠳᠡᠯᠡᠬᠡᠢ ᠶᠢᠨ ᠬᠠᠮᠤᠭ ᠤᠨ ᠲᠣᠮᠣ ᠫᠷᠣᠭ᠍ᠷᠠᠮ ᠬᠠᠩᠭᠠᠮᠵᠢ ᠦᠢᠯᠡᠳᠪᠦᠷᠢᠯᠡᠭᠴᠢ ᠶᠤᠮ᠃ ᠠᠩᠬ᠎ᠠ Altair 8800 ᠺᠣᠮᠫᠢᠶᠦ᠋ᠲ᠋ᠧᠷ ᠲᠦ ᠵᠣᠷᠢᠭᠤᠯᠤᠨ BASIC interpreter ᠬᠥᠭᠵᠢᠭᠦᠯᠵᠦ ᠪᠣᠷᠣᠯᠠᠭᠤᠯᠬᠤ ᠪᠠᠷ ᠪᠠᠶᠢᠭᠤᠯᠤᠭᠳᠠᠭᠰᠠᠨ ᠪᠠ 1980 ᠍ ᠊ᠭᠠᠳ ᠤᠨ ᠤ ᠳᠤᠮᠳᠠ ᠦᠶ᠎ᠡ ᠳᠦ ᠭᠡᠷ ᠦᠨ ᠺᠣᠮᠫᠢᠶᠦ᠋ᠲ᠋ᠧᠷ ᠦᠨ ᠦᠢᠯᠡᠳᠦᠯ ᠦᠨ ᠰᠢᠰᠲ᠋ᠧᠮ ᠤᠨ (MS-DOS) ᠵᠠᠬ᠎ᠠ ᠵᠡᠭᠡᠯᠢ ᠳᠦ ᠨᠣᠶᠠᠷᠬᠠᠬᠤ ᠪᠣᠯᠵᠠᠢ᠃ ᠡᠭᠦᠨ ᠦ ᠳᠠᠷᠠᠭ᠎ᠠ ᠪᠠᠷ Microsoft Windows ᠦᠢᠯᠡᠳᠦᠯ ᠦᠨ ᠰᠢᠰᠲ᠋ᠧᠮ ᠦᠨ ᠴᠤᠪᠤᠷᠠᠯ ᠢ ᠪᠦᠲᠦᠭᠡᠭᠰᠡᠨ ᠪᠠᠶᠢᠨ᠎ᠠ᠃ 1986 ᠤᠨ ᠳᠤ IPO ᠍ ᠪᠠᠷ ᠬᠤᠪᠢᠴᠠᠭ᠎ᠠ ᠨᠢ ᠣᠭᠴᠣᠮ ᠥᠰᠦᠭᠰᠡᠨ ᠢᠶᠡᠷ Microsoft ᠍ ᠦᠨ ᠠᠵᠢᠯᠲᠠᠨ ᠨᠤᠭᠤᠳ ᠠᠴᠠ ᠳᠥᠷᠪᠡᠨ ᠲᠡᠷᠪᠤᠮᠲᠠᠨ᠂ 12,000 ᠰᠠᠶᠠᠲᠠᠨ ᠲᠥᠷᠦᠵᠡᠢ᠃ Microsoft ᠨᠢ ᠦᠢᠯᠡᠳᠦᠯ ᠦᠨ ᠰᠢᠰᠲ᠋ᠧᠮ ᠡᠴᠡ ᠭᠠᠳᠠᠨ᠎ᠠ ᠣᠹᠹᠢᠰ ᠤᠨ ᠴᠣᠭᠴᠠ ᠫᠷᠣᠭ᠍ᠷᠠᠮ ᠤᠨ ᠵᠠᠬ᠎ᠠ ᠵᠡᠭᠡᠯᠢ ᠳᠦ Microsoft Office ᠲᠡᠷᠢᠭᠦᠯᠡᠬᠦ ᠪᠣᠯᠪᠠ᠃ 2011 ᠤᠨ ᠳᠤ ᠮᠠᠶᠢᠺᠷᠣᠰᠣᠹᠲ 8,5 ᠲᠡᠷᠪᠤᠮ ᠳ᠋ᠣᠯᠯᠠᠷ ᠢᠶᠠᠷ Skype Technologies ᠍ ᠢ ᠥᠪᠡᠷ ᠦᠨ ᠪᠣᠯᠭᠠᠭᠰᠠᠨ ᠪᠢᠯᠡ᠃ (ᠪᠦᠷᠢᠨ ᠠᠭᠤᠯᠭ᠎ᠠ ᠶᠢ ᠤᠩᠰᠢᠬᠤ)

ᠨᠣᠬᠠᠢ ᠵᠢᠭᠡᠬᠡ
ᠨᠣᠬᠠᠢ ᠵᠢᠭᠡᠬᠡ

ᠨᠣᠬᠠᠢ ᠵᠢᠭᠡᠬᠡ (Gulo gulo 貂熊) ᠨᠢ ᠰᠤᠤᠰᠠᠷ ᠤᠨ ᠣᠪᠤᠭ ᠤᠨ ᠪᠠᠬᠢᠮ᠂ ᠪᠤᠯᠴᠢᠩᠯᠢᠭ ᠮᠢᠬ᠎ᠠ ᠢᠳᠡᠰᠢᠲᠡᠨ ᠠᠮᠢᠲᠠᠨ ᠶᠤᠮ᠃ ᠬᠣᠶᠠᠷ ᠳᠡᠳ᠋ ᠲᠥᠷᠥᠯ ᠢ ᠪᠠᠭᠲᠠᠭᠠᠨ᠎ᠠ᠃ᠳᠡᠯᠡᠬᠡᠢ ᠶᠢᠨ ᠪᠥᠮᠪᠥᠷᠴᠡᠭ ᠦᠨ ᠬᠣᠶᠢᠳᠤ ᠬᠠᠭᠠᠰ ᠤᠨ ᠣᠢ ᠲᠠᠶᠢᠭ᠎ᠠ᠂ ᠠᠯᠠᠰᠺᠠᠺᠠᠨᠠᠳᠠ᠎ᠰᠺᠠᠨᠳ᠋ᠢᠨᠠᠸᠢᠶ᠎ᠠ ᠍ ᠤᠨ ᠣᠷᠣᠨ ᠨᠤᠭᠤᠳ᠂ ᠣᠷᠣᠰ ᠍ ᠤᠨ ᠰᠢᠪᠸᠷᠢᠶ ᠠᠮᠣᠩᠭᠣᠯᠬᠢᠲᠠᠳ ᠍ ᠤᠨ ᠬᠣᠶᠢᠳᠤ ᠬᠡᠰᠡᠭ ᠦᠨ ᠨᠤᠲᠤᠭ ᠢᠶᠠᠷ ᠲᠠᠷᠬᠠᠨ ᠠᠮᠢᠳᠤᠷᠠᠳᠠᠭ᠃ ᠮᠥᠨ ᠠᠮᠧᠷᠢᠺᠠ ᠶᠢᠨ ᠨᠢᠭᠡᠳᠦᠭᠰᠡᠨ ᠤᠯᠤᠰ ᠍ ᠦᠨ ᠬᠠᠳᠠᠲᠤ ᠠᠭᠤᠯᠠᠨ ᠳᠤ ᠴᠥᠭᠡᠨ ᠲᠣᠭ᠎ᠠ ᠪᠠᠷ ᠲᠠᠭᠠᠷᠠᠨ᠎ᠠ᠃ ᠡᠨᠡ ᠠᠮᠢᠲᠠᠨ ᠨᠢ ᠪᠣᠭᠣᠨᠢ ᠬᠥᠯᠲᠡᠢ᠂ ᠥᠷᠭᠡᠨ ᠳᠤᠭᠤᠶᠢᠳᠠᠭᠤ ᠲᠣᠯᠣᠭᠠᠢ ᠲᠠᠢ᠂ ᠵᠢᠵᠢᠭ ᠨᠢᠳᠦ᠂ ᠪᠣᠭᠣᠨᠢ ᠳᠤᠭᠤᠢ ᠴᠢᠬᠢ ᠵᠡᠷᠭᠡ ᠨᠢ ᠪᠠᠭᠠᠪᠠᠭᠠᠢᠲᠠᠢ ᠶᠡᠬᠡ ᠲᠥᠰᠲᠡᠢ ᠶᠤᠮ᠃ ᠲᠠᠪᠤᠨ ᠬᠤᠷᠤᠭᠤ ᠲᠠᠢ ᠲᠣᠮᠣ ᠰᠠᠪᠠᠷ ᠤᠨ ᠲᠠᠪᠬᠠᠶᠢᠷ᠎ᠠ ᠲᠤᠯᠤᠨ ᠶᠠᠪᠤᠳᠠᠭ ᠨᠢ ᠭᠦᠨ ᠴᠠᠰᠤᠨ ᠳᠤ ᠶᠠᠪᠤᠬᠤ ᠬᠥᠳᠡᠯᠭᠡᠭᠡᠨ ᠢ ᠬᠥᠩᠭᠡᠪᠴᠢᠯᠡᠳᠡᠭ ᠪᠠᠶᠢᠨ᠎ᠠ᠃ ᠨᠠᠰᠤ ᠪᠡᠶ᠎ᠡ ᠭᠦᠢᠴᠡᠭᠰᠡᠨ ᠨᠣᠬᠠᠢ ᠵᠢᠭᠡᠬᠡ ᠨᠢ ᠳᠤᠮᠳᠠ ᠵᠡᠷᠭᠡ ᠶᠢᠨ ᠬᠡᠮᠵᠢᠶᠡᠨ ᠦ ᠨᠣᠬᠠᠢ ᠲᠠᠢ ᠲᠡᠩᠴᠡᠬᠦᠶᠢᠴᠡ᠂ 65-87 ᠰᠠᠨᠲ᠋ᠢᠮᠧᠲ᠋ᠷ ᠤᠷᠲᠤ᠂ 17-26 ᠰᠠᠨᠲ᠋ᠢᠮᠧᠲ᠋ᠷ ᠰᠡᠭᠦᠯ ᠲᠡᠢ᠂ 10-25 ᠺᠢᠯᠣᠭ᠍ᠷᠠᠮ ᠵᠢᠩ ᠲᠡᠢ ᠪᠠᠶᠢᠨ᠎ᠠ᠃ ᠵᠠᠷᠢᠮ ᠲᠣᠬᠢᠶᠠᠯᠳᠤᠯ ᠳᠤ ᠲᠣᠮᠣᠬᠠᠨ ᠡᠷ᠎ᠡ ᠨᠢ 31 ᠺᠢᠯᠣᠭ᠍ᠷᠠᠮ ᠬᠦᠷᠡᠳᠡᠭ᠃ (ᠪᠦᠷᠢᠨ ᠠᠭᠤᠯᠭ᠎ᠠ ᠶᠢ ᠤᠩᠰᠢᠬᠤ)

ᠠᠭᠪᠠᠷᠵᠢᠨ ᠬᠠᠭᠠᠨ
Agvarjin Jonon khan.jpg

ᠠᠭᠪᠠᠷᠵᠢᠨ ᠬᠠᠭᠠᠨ ᠨᠢ 1423 ᠤᠨ ᠤ ᠬᠠᠷᠠᠭᠴᠢᠨ ᠲᠠᠤᠯᠠᠢ ᠵᠢᠯ ᠳᠣᠣᠷ᠎ᠠ ᠲᠦᠷᠦᠭᠰᠡᠨ᠃ ᠲᠠᠶᠢᠰᠤᠩ ᠬᠠᠭᠠᠨ  ᠤ ᠳᠡᠭᠦᠦ ᠶᠤᠮ᠃ 1452 ᠤᠨ ᠤ ᠬᠠᠷ᠎ᠠ ᠪᠡᠴᠢᠨ ᠵᠢᠯ ᠬᠠᠭᠠᠨ ᠰᠢᠷᠡᠭᠡᠨ ᠳᠦ ᠰᠠᠭᠤᠵᠤ 1453 ᠤᠨ ᠳᠤ ᠠᠯᠠᠭᠳᠠᠵᠠᠢ᠃

ᠲᠣᠪᠴᠢ ᠨᠠᠮᠲᠠᠷ

1452 ᠤᠨ ᠤ ᠶᠡᠭᠡ ᠬᠣᠷᠠᠯᠳᠠᠢ ᠡᠴᠡ ᠬᠣᠢᠰᠢ ᠲᠠᠢᠰᠣᠩ ᠬᠠᠭᠠᠨ ᠲᠣᠭᠳᠠᠬᠣ ᠪᠣᠬ᠎ᠠ ᠦᠪᠡᠷ ᠦᠨ ᠲᠡᠬᠦᠦ ᠠᠭᠪᠠᠷᠵᠢᠨ ᠵᠢᠨᠣᠩ ᠲᠠᠢ ᠨᠠᠢᠰ ᠮᠠᠭᠣᠳᠠᠵᠠᠢ᠃ ᠡᠨᠡ ᠪᠠᠶᠢᠳᠠᠯ ᠢ ᠵᠠᠪᠰᠢᠵᠣ ᠡᠰᠡᠨ ᠲᠠᠢᠰᠢ ᠶᠢᠨ ᠲᠣᠣᠷᠠᠬᠢ ᠲᠦᠰᠢᠮᠡᠯ ᠠᠭᠪᠠᠷᠵᠢᠨ ᠵᠢᠨᠣᠩ ᠳᠤ ᠬᠠᠨᠳᠣᠨ <ᠵᠢᠨᠣᠩ ᠲᠠ ᠠᠬ᠎ᠠ ᠡᠴᠡ ᠪᠠᠨ ᠦᠵᠡᠯ ᠰᠠᠯᠵᠣ ᠂ ᠮᠠᠨ ᠤ ᠲᠠᠯ᠎᠎ᠠ ᠳᠤ ᠣᠷᠣᠪᠠᠯ ᠲᠠᠨ ᠢ ᠪᠢᠳᠡ ᠪᠦᠬᠦ ᠮᠣᠩᠭᠣᠯ ᠤᠨ ᠬᠠᠭᠠᠨ ᠪᠣᠯᠭᠠᠶ᠎᠎ᠠ > ᠭᠡᠵᠥ ᠭᠡᠯᠡᠬᠦ ᠳᠦ ᠠᠭᠪᠠᠷᠵᠢᠨ ᠵᠢᠨᠣᠩ ᠦᠨᠡᠮᠰᠢᠵᠥ ᠲᠦᠷᠪᠡᠨ ᠣᠢᠷᠠᠳ ᠲᠠᠢ ᠰᠦᠯᠪᠡᠭᠡᠯᠳᠦᠨ ᠠᠬ᠎ᠠ ᠲᠣᠭᠳᠠᠬᠣ ᠪᠣᠬ᠎ᠠ ᠪᠠᠨ ᠬᠠᠭᠠᠨ ᠰᠢᠷᠡᠭᠡᠨ ᠡᠴᠡ ᠭᠦᠭᠡᠭᠡᠵᠥ ᠪᠠᠭᠣᠯᠭᠠᠬᠣ ᠪᠡᠷ ᠬᠣᠣᠪᠢᠯᠳᠣᠵᠠᠢ᠃

ᠲᠡᠭᠦᠨ ᠦ ᠲᠠᠷᠠᠭ᠎ᠠ ᠠᠭᠪᠠᠷᠵᠢᠨ ᠵᠢᠨᠣᠩ ᠣᠷᠳᠣᠰ ᠤᠨ ᠲᠦᠮᠡᠨ ᠴᠡᠷᠢᠭ ᠂ ᠶᠦᠩᠰᠢᠶᠠᠪᠥ ᠶᠢᠨ ᠲᠦᠮᠡᠨ ᠴᠡᠷᠢᠭ ᠢ ᠲᠠᠭᠠᠭᠣᠯᠵᠣ ᠲᠤᠷᠪᠡᠨ ᠣᠢᠷᠠᠳ ᠤᠨ ᠭᠠᠵᠠᠷ ᠬᠦᠷᠴᠦ ᠨᠣᠳᠣᠭᠰᠢᠨ ᠂ ᠡᠰᠡᠨ ᠲᠠᠢᠰᠢ ᠲᠠᠢ ᠬᠣᠣᠪᠢᠯᠳᠣᠵᠣ ᠦᠪᠡᠷ ᠦᠨ ᠠᠬ᠎ᠠ ᠲᠣᠭᠳᠠᠬᠣ ᠪᠣᠬ᠎ᠠ ᠲᠠᠢ ᠪᠠᠶᠢᠯᠳᠣᠵᠠᠢ᠃ ᠲᠠᠢᠰᠣᠩ ᠬᠠᠭᠠᠨ ᠢᠯᠠᠭᠳᠠᠵᠣ ᠬᠡᠷᠡᠯᠦᠨ ᠭᠣᠣᠯ ᠢ ᠭᠠᠳᠣᠯᠵᠣ ᠬᠠᠳᠠᠮ ᠡᠴᠢᠭᠡ ᠴᠠᠪᠳᠠᠨ ᠤ ᠲᠡᠷᠭᠡᠳᠡ ᠬᠦᠷᠴᠦ ᠣᠴᠢᠭᠠᠳ ᠬᠣᠷᠣᠭᠠᠭᠳᠠᠨ ᠦᠷᠡᠭᠳᠡᠵᠡᠢ ᠃ ᠡᠬᠦᠨ ᠦ ᠲᠠᠷᠠᠭ᠎ᠠ ᠬᠡᠯᠡᠯᠴᠡᠵᠥ ᠲᠣᠬᠢᠷᠠᠭᠰᠠᠨ ᠶᠣᠰᠣ ᠪᠡᠷ ᠠᠭᠪᠠᠷᠵᠢᠨ ᠵᠢᠨᠣᠩ ᠬᠠᠭᠠᠨ ᠪᠣᠯᠵᠣ ᠡᠰᠡᠨ ᠲᠠᠢᠱᠢ ᠵᠢᠨᠣᠩ ᠪᠣᠯᠵᠠᠢ ᠃

ᠣᠢᠷᠠᠳ ᠤᠳ ᠦᠪᠡᠷ ᠬᠣᠭᠣᠷᠣᠨᠳᠣ ᠪᠠᠨ ᠠᠭᠪᠠᠷᠵᠢᠨ ᠵᠢᠨᠣᠩ ᠤᠨ ᠲᠣᠬᠠᠢ ᠶᠠᠷᠢᠯᠴᠠᠬᠣ ᠳᠤ ᠪᠠᠨ ᠄ <ᠦᠪᠡᠷ ᠦᠨ ᠲᠤᠷᠤᠯ ᠢᠶᠠᠨ ᠡᠰᠡ ᠰᠠᠨᠠᠭᠰᠠᠨ ᠬᠦᠮᠦᠨ ᠂ ᠮᠠᠨ ᠤ ᠲᠦᠷᠦᠯ ᠢ ᠰᠠᠨᠠᠨ᠎ᠠ ᠭᠡᠵᠥ ᠣᠣᠣ ︖ ᠦᠪᠡᠷ ᠦᠨ ᠲᠦᠷᠥ ᠪᠠᠨ ᠡᠰᠡ ᠰᠠᠨᠠᠭᠰᠠᠨ ᠬᠦᠮᠦᠨ ᠂ ᠬᠦᠮᠦᠨ ᠦ ᠲᠦᠷᠦ ᠵᠢ ᠰᠠᠨᠠᠨ᠎ᠠ ᠭᠡᠵᠥ ᠤᠤ ︖ ᠦᠪᠡᠷ ᠦᠨ ᠨᠡᠷ᠎ᠡ ᠪᠠᠨ ᠡᠰᠡ ᠰᠠᠨᠠᠭᠰᠠᠨ ᠬᠦᠮᠦᠨ ᠂ ᠮᠠᠨ ᠤ ᠨᠡᠷ᠎᠎ᠡ ᠵᠢ ᠰᠠᠨᠠᠨ᠎ᠠ ᠭᠡᠵᠥ ᠤᠤ ︖ ᠤᠪᠡᠷ ᠦᠨ ᠭᠠᠯ ᠳᠤ ᠣᠰᠣ ᠬᠢᠭᠰᠡᠨ ᠬᠦᠮᠦᠨ ᠂ ᠮᠠᠨ ᠤ ᠭᠠᠯ ᠳᠤ ᠲᠣᠰᠣ ᠬᠢᠪᠡ ᠲᠡᠷᠡ > ᠭᠡᠵᠥ ᠭᠡᠯᠯᠡᠴᠡᠵᠥ ᠪᠠᠶᠢᠵᠠᠢ᠃ (ᠪᠦᠷᠢᠨ ᠠᠭᠤᠯᠭ᠎ᠠ ᠶᠢ ᠤᠩᠰᠢᠬᠤ)

ᠢᠯᠲᠠᠰᠤᠨ ᠠᠯᠲᠠ
ᠢᠯᠲᠠᠰᠤᠨ ᠠᠯᠲᠠ

ᠢᠯᠲᠠᠰᠤᠨ ᠠᠯᠲᠠ ᠭᠡᠬᠦ ᠨᠡᠷᠡᠰᠢᠯ ᠨᠢ ᠴᠡᠪᠡᠷ ᠡᠰᠡᠪᠡᠯ ᠥᠨᠳᠥᠷ ᠺᠠᠷᠠᠲ ᠤᠨ ᠠᠯᠲᠠᠨ ᠤ ᠬᠠᠶᠢᠯᠤᠰᠢ ᠪᠠᠷ ᠬᠢᠭᠰᠡᠨ ᠮᠠᠰᠢ ᠨᠢᠮᠭᠡᠨ ᠢᠯᠲᠠᠰᠤ ᠶᠢ ᠬᠡᠯᠡᠳᠡᠭ᠃ ᠡᠭᠦᠨ ᠢ ᠲᠡᠮᠦᠷᠯᠢᠭ ᠪᠤᠰᠤ ᠡᠯᠧᠮᠧᠨ᠋ᠲ ᠢᠶᠡᠷ ᠬᠢᠭᠳᠡᠭᠰᠡᠨ ᠡᠳ᠋ ᠵᠦᠢᠯᠡᠰ ᠢ ᠴᠡᠪᠡᠷ ᠠᠯᠲᠠ ᠰᠢᠭ ᠬᠠᠷᠠᠭᠳᠠᠭᠤᠯᠬᠤ ᠵᠢᠨ ᠲᠤᠯᠠᠳᠠ ᠬᠡᠷᠡᠭᠯᠡᠬᠦ ᠡᠰᠡᠪᠡᠯ ᠴᠢᠨᠠᠷᠵᠢᠭᠤᠯᠤᠭ᠎ᠠ ᠦᠭᠡᠢ ᠲᠡᠮᠦᠷᠯᠢᠭ ᠢᠶᠠᠷ ᠬᠢᠭᠳᠡᠭᠰᠡᠨ ᠡᠳ᠋ ᠵᠦᠢᠯᠡᠰ ᠢ ᠴᠢᠨᠠᠷᠵᠢᠭᠤᠯᠬᠤ ᠵᠣᠷᠢᠯᠭ᠎ᠠ ᠪᠠᠷ ᠬᠡᠷᠡᠭᠯᠡᠳᠡᠭ᠃ ᠢᠯᠲᠠᠰᠤᠨ ᠠᠯᠲᠠ ᠨᠢ ᠭᠡᠷᠡᠯ ᠦᠨ ᠲᠤᠰᠴᠤ ᠪᠠᠶᠢᠭ᠎ᠠ ᠲᠠᠯ᠎ᠠ ᠳᠤ ᠪᠠᠨ ᠠᠯᠲᠠᠨ ᠰᠢᠷᠭᠠᠯ ᠥᠩᠭᠡ ᠲᠡᠢ ᠪᠣᠯ ᠭᠡᠷᠡᠯ ᠦᠨ ᠡᠰᠡᠷᠬᠦ ᠲᠠᠯ᠎ᠠ ᠨᠢ ᠭᠡᠷᠡᠯ ᠦᠨ ᠡᠬᠢ ᠡᠭᠦᠰᠪᠦᠷᠢ ᠶᠢ ᠴᠠᠭᠠᠨ ᠥᠩᠭᠡ ᠲᠡᠢ ᠪᠡᠷ᠂ ᠨᠡᠪᠲᠡᠷᠡᠴᠤ ᠪᠤᠢ ᠭᠡᠷᠡᠯ ᠨᠢ ᠨᠣᠭᠣᠭᠠᠨ ᠲᠤᠶᠠᠭ᠎ᠠ ᠲᠠᠢ ᠬᠥᠬᠡ ᠥᠩᠭᠡ ᠲᠡᠢ ᠪᠠᠶᠢᠳᠠᠭ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ