ᠣᠨᠴᠠᠯᠠᠬᠤ ᠥᠭᠦᠯᠡᠯ/2017 3 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠦ᠋ᠲ᠋ᠣᠮᠠᠰᠢᠨ
ᠠᠦ᠋ᠲ᠋ᠣᠮᠠᠰᠢᠨ

ᠠᠦ᠋ᠲ᠋ᠣᠮᠠᠰᠢᠨ (ᠠᠩᠭᠯᠢ: automobil) ᠨᠢ ᠥᠪᠡᠷ ᠦᠨ ᠭᠡᠰᠡᠨ ᠬᠥᠳᠡᠯᠭᠡᠭᠦᠷ ᠲᠡᠢᠳᠤᠭᠤᠢ ᠲᠠᠢ ᠲᠡᠭᠡᠭᠡᠪᠦᠷᠢ ᠶᠢᠨ ᠬᠡᠷᠡᠭᠰᠡᠯ ᠶᠤᠮ᠃ ᠠᠦ᠋ᠲ᠋ᠣᠮᠠᠰᠢᠨ (ᠬᠠᠷ᠎ᠠ ᠶᠠᠷᠢᠶᠠᠨ ᠳᠤ ᠮᠠᠰᠢᠨ ᠭᠡᠵᠦ ᠲᠣᠪᠴᠢᠯᠠᠨ ᠬᠡᠷᠡᠭᠯᠡᠳᠡᠭ) ᠨᠢ ᠣᠯᠠᠨ ᠮᠥᠷ ᠲᠡᠢ ᠲᠡᠭᠡᠭᠡᠪᠦᠷᠢ ᠶᠢᠨ ᠬᠡᠷᠡᠭᠰᠡᠯ (ᠬᠥᠳᠡᠯᠭᠡᠭᠴᠢ ᠬᠥᠳᠡᠯᠭᠡᠭᠦᠷ ᠲᠡᠢ ᠲᠡᠭᠡᠭᠡᠪᠦᠷᠢ ᠶᠢᠨ ᠬᠡᠷᠡᠭᠰᠡᠯ) ᠪᠥᠭᠡᠳ ᠬᠦᠮᠦᠨ (ᠰᠠᠭᠤᠳᠠᠯ ᠤᠨ ᠠᠦ᠋ᠲ᠋ᠣᠮᠠᠰᠢᠨ ᠪᠣᠯᠤᠨ ᠠᠦ᠋ᠲ᠋ᠣᠪᠦ᠋ᠰ) ᠪᠣᠯᠤᠨ ᠠᠴᠢᠶ᠎ᠠ ᠲᠡᠭᠡᠭᠡᠪᠦᠷᠢᠯᠡᠬᠦ (ᠠᠴᠢᠶᠠᠨ ᠤ ᠠᠦ᠋ᠲ᠋ᠣᠮᠠᠰᠢᠨ) ᠵᠣᠷᠢᠭᠤᠯᠤᠯᠲᠠ ᠲᠠᠢ ᠲᠡᠭᠡᠭᠡᠪᠦᠷᠢ ᠶᠢᠨ ᠬᠡᠷᠡᠭᠰᠡᠯ ᠶᠤᠮ᠃ 2010 ᠤᠨ ᠤ ᠪᠠᠶᠢᠳᠠᠯ ᠢᠶᠠᠷ ᠳᠡᠯᠡᠬᠡᠢ ᠳᠠᠶᠠᠭᠠᠷ 1.015 ᠲᠡᠷᠪᠤᠮ ᠠᠦ᠋ᠲ᠋ᠣᠮᠠᠰᠢᠨ ᠲᠣᠭᠠᠯᠠᠭᠳᠠᠭᠰᠠᠨ ᠪᠠᠶᠢᠳᠠᠭ᠃ ᠵᠥᠪᠬᠡᠨ 2011 ᠤᠨ ᠳᠤ ᠭᠡᠬᠦ ᠳᠦ ᠳᠡᠯᠡᠬᠡᠢ ᠳᠠᠶᠠᠭᠠᠷ ᠨᠡᠶᠢᠲᠡ 80 ᠰᠠᠶ᠎ᠠ ᠠᠦ᠋ᠲ᠋ᠣᠮᠠᠰᠢᠨ ᠦᠢᠯᠡᠳᠪᠦᠷᠢᠯᠡᠭᠳᠡᠭᠰᠡᠨ ᠪᠠᠶᠢᠨ᠎ᠠ᠃ ᠥᠨᠥᠳᠥᠷ ᠴᠠᠬᠢᠯᠭᠠᠨ ᠬᠥᠳᠡᠯᠭᠡᠭᠦᠷ ᠲᠡᠢ ᠪᠣᠯᠤᠨ ᠬᠣᠯᠢᠮᠠᠭ ᠬᠥᠳᠡᠯᠭᠡᠭᠦᠷ ᠲᠡᠢ ᠠᠦ᠋ᠲ᠋ᠣᠮᠠᠰᠢᠨ ᠨᠤᠭᠤᠳ ᠢ ᠠᠮᠵᠢᠯᠲᠠ ᠲᠠᠢ ᠦᠢᠯᠡᠳᠪᠦᠷᠢᠯᠡᠬᠦ ᠶᠢᠨ ᠲᠥᠯᠥᠭᠡ ᠦᠢᠯᠡᠳᠪᠦᠷᠢᠯᠡᠭᠴᠢᠳ ᠬᠦᠴᠦᠲᠡᠢ ᠰᠤᠳᠤᠯᠭ᠎ᠠ ᠰᠢᠨᠵᠢᠯᠡᠭᠡ ᠬᠢᠵᠦ ᠰᠢᠷᠭᠠᠭᠤ ᠠᠵᠢᠯᠯᠠᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠬᠠᠨ ᠰᠠᠩᠵᠠᠢ
Juunsum.jpg

ᠬᠠᠨ ᠰᠠᠩᠵᠠᠢ ᠶ᠋ᠢᠨ ᠪᠦᠬᠦᠯᠢ ᠨᠠᠷ᠎ᠠ ᠨᠢ ᠰᠠᠩᠵᠠᠶᠢᠵᠠᠪ ᠬᠡᠳᠡᠭ ‍᠃‍ ᠮᠤᠩᠭᠤᠯ ‍ᠤᠨ ᠬᠠᠷᠠᠨᠤᠳ ᠠᠶᠢᠮᠠᠭ ‍ᠤᠨ ᠬᠦᠮᠦᠨ ‍᠃‍ ᠮᠤᠩᠭᠤᠯ ᠤᠪᠤᠭ ‍ᠢᠶ᠋ᠠᠨ ᠬᠢᠳᠠᠳ ‍ᠢᠶ᠋ᠠᠷ《 ᠬᠠᠨ》 ᠤᠪᠤᠭ ᠪᠤᠯᠭᠠᠵᠤ ‍᠂‍ ᠰᠠᠩᠵᠠᠶᠢᠵᠠᠪ ᠨᠠᠷ᠎ᠠ ‍ᠪᠠᠨ ᠲᠦᠬᠦᠮᠴᠢᠯᠡᠭᠡᠳ《 ᠰᠠᠩᠵᠠᠢ》 ᠪᠤᠯᠭᠠᠨ《 ᠬᠠᠨ ᠰᠠᠩᠵᠠᠢ》 ᠬᠡᠬᠦ ᠨᠠᠷ᠎ᠠ ᠶ᠋ᠢ ᠬᠡᠷᠡᠭᠯᠠᠵᠠᠢ ‍᠃‍ ᠬᠠᠨ ᠰᠠᠩᠵᠠᠢ 1897 ᠤᠨ ‍ᠳ᠋ᠥ ᠴᠢᠩ ᠤᠯᠤᠰ ‍ᠤᠨ ᠵᠤᠤ ᠤᠳᠠ ᠴᠢᠭᠤᠯᠭᠠᠨ ᠤ ᠠᠤᠬᠠᠨ ᠬᠤᠰᠢᠭᠤᠨ  ᠤ ᠵᠤᠤᠬᠠᠳᠤ ᠶ᠋ᠢᠨ ᠠᠶᠢᠯ ‍(‍ ᠡᠳᠦᠭᠡ ᠶ᠋ᠢᠨ ᠤᠩᠨᠢᠭᠤᠳ ᠬᠤᠰᠢᠭᠤᠨ  ᠤ ᠠᠰᠢᠬᠠᠨ ᠰᠤᠮᠤ ᠶ᠋ᠢᠨ ᠤᠯᠠᠭᠠᠨ ᠤᠳᠤ ᠭᠠᠴᠠᠭ᠎᠎ᠠ ‍)‍ ᠳ᠋ᠥ ᠲᠦᠷᠦᠵᠠᠢ ‍᠃‍ ᠲᠦᠷᠦᠭᠰᠡᠨ ᠨᠤᠳᠤᠭ ᠨᠢ ᠠᠤᠬᠠᠨ  ᠤ ᠵᠤᠤᠬᠠᠳᠤ ᠪᠤᠯᠪᠠᠴᠤ ᠬᠠᠭᠤᠷᠮᠠᠭ ᠮᠠᠨᠵᠤ ᠶ᠋ᠢᠨ ᠦ᠋ᠶ᠎ᠡ ᠳ᠋ᠥ ᠪᠠᠭᠠᠷᠢᠨ ᠪᠠᠷᠠᠭᠤᠨ ᠬᠤᠰᠢᠭᠤᠨ  ᠤ ᠴᠠᠭᠠᠨᠨᠠᠭᠤᠷ ᠨᠤᠳᠤᠭ ‍ᠤᠨ ᠬᠠᠭᠤᠴᠢᠨ ᠰᠦᠮ᠎ᠠ ᠶ᠋ᠢᠨ ᠠᠶᠢᠯ ᠳ᠋ᠥ ᠨᠤᠳᠤᠬᠯᠠᠵᠠᠢ ‍᠃‍ ᠬᠤᠵᠢᠮ ᠨᠢ ᠪᠠᠰᠠ ᠲᠤᠤᠷ᠎ᠠ ᠨᠠᠷᠢᠨ ᠭᠤᠤᠯ ‍ᠤᠨ ᠠᠶᠢᠯ ᠳ᠋ᠥ ᠰᠠᠭᠤᠵᠤ ᠦ᠋ᠩᠭᠡᠷᠡᠵᠠᠢ ‍᠃‍

ᠬᠠᠨ ᠰᠠᠩᠵᠠᠢ ᠠᠬ᠎ᠠ ᠲᠡᠬᠦᠦ ᠲᠠᠪᠤᠭᠤᠯᠠ ‍᠂‍ ᠨᠢᠭᠡ ᠬᠡᠦᠭᠡᠨ ᠲᠠᠬᠦᠦ ᠲᠠᠢ ‍᠃‍ ᠶᠡᠭᠡ ᠨᠢ ᠬᠠᠨ ᠰᠠᠩᠵᠠᠢ ‍᠂‍ ᠬᠤᠶᠠᠳᠤᠭᠠᠷ ᠨᠢ ᠷᠠᠰᠢ ‍᠂‍ ᠭᠤᠷᠪᠠᠳᠤᠭᠠᠷ ᠨᠢ ᠨᠠᠬᠡᠷᠡᠨᠽᠠ ‍(‍ ᠬᠠᠨ ᠯᠤᠤ ᠰᠠᠨ ᠴᠦ ᠬᠡᠳᠡᠭ ‍)‍ ‍᠂‍ ᠲᠦᠷᠪᠡᠳᠦᠭᠡᠷ ᠨᠢ ᠨᠢᠩᠪᠤ ‍᠂‍ ᠲᠠᠪᠤᠳᠤᠭᠠᠷ ᠨᠢ ᠮᠢᠨᠵᠤᠤᠷ ‍᠃‍

ᠬᠠᠨ ᠰᠠᠩᠵᠠᠢ ᠶ᠋ᠢᠨ ᠡᠭᠡᠨᠠᠷ ᠨᠢ ᠵᠢᠠᠶ᠋ᠢ ᠬᠡᠨ᠎ᠡ ‍᠃‍  ᠡᠳᠦᠭᠡ ᠶ᠋ᠢᠨ ᠠᠤᠬᠠᠨ ᠬᠤᠰᠢᠭᠤᠨ  ᠤ ᠺᠠᠩ ᠵᠢᠶᠠ ᠢᠩᠽᠢ ᠰᠢᠶᠠᠩ ‍ᠤᠨ ᠵᠸᠤ ᠵᠢᠶᠠ ᠳ᠋ᠢ ᠲᠤᠰᠬᠤᠨ  ᠤ ᠬᠦᠮᠦᠨ ‍᠃‍ ᠬᠠᠨ ᠰᠠᠩᠵᠠᠢ ᠵᠢᠨᠶᠢ ᠬᠤᠶᠠᠷ  ᠠᠴᠠ ᠲᠦᠷᠪᠠᠨ ᠬᠦᠪᠡᠬᠦᠨ ᠨᠢᠭᠡ ᠦ᠋ᠭᠢᠨ ᠲᠠᠢ ‍᠃‍ ᠶᠡᠭᠡ ᠬᠦᠪᠡᠬᠦᠨ ᠨᠢ ᠪᠠᠨᠽᠠᠷᠠᠬᠴᠠ ᠂‍ 1924 ᠤᠨ ᠳ᠋ᠥ ᠲᠦᠷᠦᠵᠠᠢ ‍᠃‍ ᠬᠤᠶᠠᠳᠤᠭᠠᠷ ᠬᠦᠪᠡᠬᠦᠨ ᠨᠢ ᠯᠠᠮᠠᠰᠢ ‍᠂‍ 1928 ᠤᠨ ᠳ᠋ᠥ ᠲᠦᠷᠦᠵᠠᠢ ‍᠃‍ ᠭᠤᠷᠪᠠᠳᠤᠭᠠᠷ ᠬᠦᠪᠡᠬᠦᠨ ᠨᠢ ᠲᠤᠪᠵᠢᠷ 1933 ᠤᠨ ᠳ᠋ᠥ ᠲᠦᠷᠦᠵᠠᠢ ‍᠂‍ ᠲᠦᠷᠪᠠᠳᠤᠭᠡᠷ ᠬᠦᠪᠡᠬᠦᠨ ᠨᠢ ᠬᠤᠳᠠᠯᠠ ‍᠂‍ ᠦ᠋ᠬᠢᠨ ᠨᠢ ᠲᠠᠭᠤᠯᠠ ᠬᠡᠨ᠎ᠡ ‍᠃‍

ᠬᠠᠨ ᠰᠠᠩᠵᠠᠢ ᠨᠠᠢᠮᠠᠨ ᠨᠠᠰᠤᠨ ᠠᠴᠠ ‍ᠪᠠᠨ ᠬᠤᠷᠠᠭ᠎᠎ᠠ ᠢᠰᠢᠭᠡ ᠬᠠᠷᠢᠭᠤᠯᠵᠤ ‍᠂‍ ᠪᠠᠭ᠎᠎ᠠ ᠦ᠋ᠭᠡᠯᠠᠢ ᠪᠤᠯᠤᠮᠠᠬᠴᠠ ᠦ᠋ᠭᠡᠷ ᠠᠳᠤᠭᠤ ᠬᠠᠷᠢᠭᠤᠯᠵᠤ ‍᠂‍ ᠲᠠᠷᠢᠶᠠᠨ ᠠᠵᠢᠯ ᠬᠢᠵᠤ ‍᠂‍ ᠪᠠᠰᠠ ᠯᠠᠮᠠ ᠪᠤᠯᠵᠤ ‍᠂‍ ᠬᠤᠷᠢᠨ ᠲᠠᠪᠤ ᠬᠦᠷᠴᠠᠢ ‍᠃‍ ᠬᠤᠷᠢᠨ ᠲᠠᠪᠤᠳᠠᠢ ᠳ᠋ᠠᠭᠠᠨ ᠨᠤᠳᠤᠭ ᠤᠷᠤᠨ ‍ᠢᠶ᠋ᠠᠨ ᠬᠠᠮᠠᠭᠠᠯᠠᠬᠤ ᠴᠡᠷᠢᠭ ᠪᠤᠯᠵᠤ ‍᠂‍ ᠭᠤᠴᠢᠨ ᠨᠠᠰᠤᠨ  ᠠᠴᠠ ‍ᠪᠠᠨ ᠬᠠᠯᠠᠭᠤᠨ ᠭᠤᠤᠯ ‍(‍ 热河 ‍)‍ ᠮᠤᠵᠢ ᠶ᠋ᠢᠨ ᠠᠮᠤᠷ  ᠢ ᠬᠠᠮᠠᠭᠠᠯᠠᠬᠤ ᠠᠩᠬᠢ ᠳ᠋ᠥ ᠪᠠᠶᠢᠵᠤ ‍᠂‍ ᠲᠠᠷᠠᠭ᠎᠎ᠠ ᠨᠢ ᠵᠠᠬᠦᠨ ᠬᠤᠶᠢᠳᠤ ᠶ᠋ᠢᠨ ᠬᠢᠵᠠᠭᠠᠷ ‍ᠤᠨ ᠮᠤᠷᠢᠳᠤ ᠲᠤᠰᠠᠭᠠᠷ ᠯᠢᠥᠢ ᠶ᠋ᠢᠨ ᠯᠢᠥᠶᠢᠵᠠᠩ ᠽᠦᠢ ᠰᠢᠩ ᠦ᠋ ᠶ᠋ᠢᠨ ᠲᠤᠤᠷ᠎ᠠ ᠰᠠᠯᠠᠭᠠᠨ ᠲᠠᠷᠤᠭ᠎᠎ᠠ ᠪᠤᠯᠵᠤ ‍᠂‍ ᠲᠠᠷᠠᠭ᠎᠎ᠠ ᠨᠢ ᠰᠤᠮᠤᠨ ᠲᠠᠷᠤᠭ᠎᠎ᠠ ᠪᠤᠯᠵᠤ ᠲᠠᠪᠰᠢᠵᠠᠢ ‍᠃‍ ‍《‍ 9.18  ᠤ ᠬᠡᠷᠡᠭ ᠬᠤᠪᠢᠰᠦᠯ ‍》‍ ‍ᠤᠨ ᠲᠠᠷᠠᠭ᠎᠎ᠠ ‍᠂‍ ᠬᠠᠨ ᠰᠠᠩᠵᠠᠢ ᠽᠦᠢ ᠰᠢᠩ ᠦ᠋  ᠠᠴᠠ ᠰᠠᠯᠵᠤ ᠲᠠᠪᠤᠨ ᠵᠠᠭᠤ ᠢᠯᠠᠬᠦᠦ ᠴᠡᠷᠢᠭ ᠮᠤᠷᠢ ᠴᠤᠬᠯᠠᠭᠤᠯᠵᠤ ᠯᠢᠨᠰᠢ ᠳ᠋ᠥ ᠰᠠᠭᠤᠵᠤ ᠪᠠᠶᠢᠪᠠ ‍᠃‍ ᠲᠠᠷᠠ  ᠶᠠᠫᠦᠨ ᠳ᠋ᠥ ᠪᠠᠭᠤᠵᠤ ᠦ᠋ᠭᠬᠦᠭᠡᠳ ᠬᠠᠭᠤᠷᠮᠠᠭ ᠮᠠᠨᠵᠤ ᠶ᠋ᠢᠨ ᠴᠡᠷᠢᠭ ‍ᠤᠨ ᠫᠠᠶᠢᠵᠠᠩ ‍(‍ ᠰᠠᠯᠠᠭᠠᠨ ᠲᠠᠷᠤᠭ᠎᠎ᠠ)‍ ᠪᠤᠯᠵᠤ ‍᠂‍ ᠲᠦᠴᠢᠨ ᠬᠤᠶᠠᠷ ᠲᠠᠢ ᠳ᠋ᠠᠭᠠᠨ ᠴᠡᠷᠢᠭ  ᠠᠴᠠ ‍ᠪᠠᠨ ᠪᠠᠭᠤᠵᠠᠢ ‍᠃‍

ᠬᠠᠨ ᠰᠠᠩᠵᠠᠢ ᠴᠡᠷᠢᠭ  ᠠᠴᠠ ᠪᠠᠭᠤᠬᠰᠠᠨ  ᠤ ᠲᠠᠷᠠᠭ᠎᠎ᠠ ‍᠂‍ ᠶᠡᠭᠡ ᠪᠠᠶᠢᠰᠢᠩ ‍ᠤᠨ ᠵᠡᠬᠦᠨ ᠬᠦᠭᠡ ᠬᠡᠷ ᠰᠦᠮ᠎ᠡ ‍(‍ ᠪᠤᠶᠠᠨ ᠴᠤᠬᠯᠠᠭᠤᠯᠤᠬᠴᠢ ᠰᠦᠮ᠎ᠠ ‍)‍ ᠶ᠋ᠢᠨ ᠵᠡᠬᠦᠨ ᠵᠡᠬᠡᠯᠢ ᠳ᠋ᠥ ᠰᠤᠯᠠ ᠰᠠᠭᠤᠵᠤ ᠶᠠᠪᠤᠬᠤ ᠪᠤᠯᠵᠠᠢ ‍᠃‍ ᠴᠠᠭᠠᠨᠨᠠᠭᠤᠷ ᠲᠤ ᠬᠠᠨ ᠰᠠᠩᠵᠠᠢ ᠶ᠋ᠢᠨ ᠬᠦᠷᠦᠩᠭᠡ ᠬᠡᠪᠠᠯ ‍᠂‍ ᠬᠡᠷ ᠲᠡᠷᠭᠡ ᠬᠡᠪᠳᠡᠭᠡ ᠬᠤᠬᠰᠢᠯ  ᠠᠴᠠ ᠭᠠᠳᠠᠨ᠎ᠠ ᠬᠤᠶᠠᠷ ᠵᠠᠭᠤ ᠭᠠᠷᠤᠢ ᠠᠳᠤᠭᠤ ‍᠂‍ ᠲᠦᠴᠢ ᠭᠠᠷᠤᠢ ᠦ᠋ᠭᠡᠷ ‍᠂‍ ᠲᠦᠷᠪᠠᠨ ᠵᠠᠭᠤ ᠭᠠᠷᠤᠢ ᠬᠤᠨᠢ ᠢᠮᠠᠭ᠎᠎ᠠ ᠪᠠᠶᠢᠵᠠᠢ ‍᠃‍ (ᠪᠦᠷᠢᠨ ᠠᠭᠤᠯᠭ᠎ᠠ ᠶᠢ ᠤᠩᠰᠢᠬᠤ)

ᠬᠤᠩᠭᠤᠯᠵᠤᠤᠷ
漏芦花.jpg

ᠬᠤᠩᠭᠤᠯᠵᠤᠤᠷ -- ᠲᠤᠰ ᠡᠮ ᠪᠣᠯ ᠤᠳᠪᠠᠯ᠎ᠠ ᠴᠡᠴᠡᠭ  ᠤᠨ ᠢᠵᠠᠭᠤᠷ ᠤᠨ ᠡᠪᠡᠰᠦᠯᠢᠭ ᠤᠷᠭᠤᠮᠠᠯ ᠪᠣᠯᠬᠤ ᠬᠤᠩᠭᠤᠯᠵᠤᠤᠷ ︵ 祁州漏芦 ︶ ᠤᠨ ᠬᠠᠲᠠᠭᠠᠭᠰᠠᠨ ᠪᠠᠭ ᠴᠡᠴᠡᠭ ᠮᠥᠨ ᠃

ᠴᠢᠳᠠᠯ ᠪᠠ ᠭᠣᠣᠯᠳᠠᠭᠤ ᠵᠠᠰᠠᠬᠤ

  1.  ᠨᠢᠶᠠᠨ ᠢ ᠨᠢᠲᠤᠯᠬᠤ ᠂ ᠬᠠᠳᠭᠤᠯᠭ᠎ᠠ ᠶᠢ ᠳᠠᠷᠤᠬᠤ ᠂ ᠬᠣᠣᠷ᠎ᠠ  ᠶᠢ ᠲᠠᠢᠯᠬᠤ ᠂ ᠬᠠᠯᠠᠭᠤᠨ ᠢ ᠠᠷᠢᠯᠭᠠᠬᠤ ᠂ ᠬᠢᠮᠤᠷᠠᠭᠰᠠᠨ ᠢ ᠠᠷᠢᠯᠭᠠᠬᠤ ᠪᠣᠯᠤᠨ᠎ᠠ ᠃

ᠯᠠᠪᠯᠠᠯᠲᠠ ᠢᠢᠨ ᠮᠠᠲ᠋ᠧᠷᠢᠶᠠᠯ

  1. < ᠦᠵᠡᠰᠭᠦᠯᠡᠩᠲᠦ ᠨᠢᠳᠦᠨ ᠴᠢᠮᠡᠭ > ᠄ ᠬᠤᠩᠭᠤᠯᠵᠤᠤᠷ ᠪᠣᠯᠪᠠᠰᠤ ᠬᠢᠵᠢᠭ᠌ ᠤᠨ ᠬᠣᠣᠷ᠎ᠠ ᠂ ᠵᠢᠷᠦᠬᠡᠨ ᠬᠠᠯᠠᠭᠤᠨ ᠂ ᠢᠯᠠᠩᠭᠤᠶ᠎ᠠ ᠬᠢᠮᠤᠷᠠᠭᠰᠠᠨ ᠢ ᠠᠷᠢᠯᠭᠠᠮᠤᠢ ᠃ (ᠪᠦᠷᠢᠨ ᠠᠭᠤᠯᠭ᠎ᠠ ᠶᠢ ᠤᠩᠰᠢᠬᠤ)
ᠰᠠᠺᠦᠷᠠ
ᠰᠠᠺᠦᠷᠠ

ᠰᠠᠺᠥᠷᠠ ᠶᠠᠫᠤᠨ ᠢᠶᠠᠷ《桜》᠂ 《サクラ》 ᠭᠡᠵᠦ ᠪᠢᠴᠢᠳᠡᠭ᠃ ᠬᠠᠪᠤᠷ ᠴᠡᠴᠡᠭᠯᠡᠳᠡᠭ ᠰᠠᠺᠥᠷᠠ ᠪᠣᠯ ᠶᠠᠫᠣᠨ ᠤ ᠬᠠᠮᠤᠭ ᠤᠨ ᠠᠯᠳᠠᠷᠲᠠᠢ ᠴᠡᠴᠡᠭ᠃ ᠰᠠᠺᠥᠷᠠ ᠶᠠᠫᠣᠨ ᠣᠷᠣᠨ ᠢ ᠲᠥᠯᠦᠭᠡᠯᠡᠵᠦ ᠴᠢᠳᠠᠬᠤ ᠴᠡᠴᠡᠭ ᠶᠤᠮ᠃ ᠵᠢᠯ ᠪᠦᠷᠢ ᠶᠠᠫᠣᠨ ᠳᠠᠶᠠᠭᠠᠷ ᠡᠮᠦᠨ᠎ᠡ ᠵᠦᠭ ᠡᠴᠡ ᠡᠬᠢᠯᠡᠬᠦ ᠬᠤᠶᠢᠲᠤ ᠵᠦᠭ ᠤᠷᠤᠭᠤ ᠡᠳᠦᠷ ᠳᠠᠷᠠᠭᠠᠯᠠᠭᠰᠠᠨ ᠮᠠᠶ᠋ᠢᠭ ᠢᠶᠠᠷ ᠰᠠᠺᠥᠷᠠ ᠮᠣᠳᠣ ᠴᠡᠴᠡᠭᠯᠡᠨ᠎ᠡ᠃ ᠵᠢᠯ ᠪᠦᠷᠢ ᠶᠢᠨ ᠴᠠᠭ ᠠᠭᠠᠷ ᠠᠴᠠ ᠰᠢᠯᠲᠠᠭᠠᠯᠠᠨ ᠡᠨᠡ ᠡᠳᠦᠷ ᠦᠳ ᠥᠭᠡᠷ᠎ᠡ ᠥᠭᠡᠷ᠎ᠡ ᠪᠠᠶᠢᠬᠤ ᠪᠥᠭᠡᠳ ᠰᠠᠺᠥᠷᠠ ᠴᠡᠴᠡᠭᠯᠡᠬᠦ ᠬᠤᠪᠢᠶᠠᠷᠢ ᠶᠢ ᠰᠣᠨᠢᠨ ᠬᠡᠪᠯᠡᠯ ᠢᠶᠡᠷ ᠵᠠᠷᠯᠠᠳᠠᠭ᠃ ᠰᠠᠺᠥᠷᠠ ᠨᠢ ᠭᠡᠨᠡᠳᠲᠡ ᠳᠡᠯᠭᠡᠷᠡᠭᠡᠳ ᠯᠠ ᠳᠣᠯᠣᠭ᠎ᠠ ᠬᠣᠨᠣᠭ ᠪᠣᠯᠬᠤ ᠦᠭᠡᠢ ᠤᠨᠠᠴᠢᠬᠠᠳᠠᠭ ᠴᠡᠴᠡᠭ ᠪᠢᠯᠡ᠃ ᠰᠠᠺᠥᠷᠠ ᠴᠡᠴᠡᠭᠯᠡᠬᠦ ᠦᠶᠡᠰ ᠶᠠᠫᠣᠨᠴᠤᠳ ᠠᠵᠢᠯ ᠲᠥᠷᠥᠯ ᠢᠶᠡᠷ ᠢᠶᠡᠨ᠂ ᠠᠬ᠎ᠠ ᠳᠡᠭᠦᠰ ᠢᠶᠡᠷ ᠢᠶᠡᠨ᠂ ᠠᠶᠢᠯ ᠰᠠᠭᠠᠬᠠᠯᠲᠠ ᠪᠠᠷ ᠢᠶᠠᠨ ᠬᠠᠮᠲᠤ ᠳᠤ ᠪᠠᠨ ᠰᠠᠺᠥᠷᠠ ᠴᠡᠴᠡᠭᠯᠡᠬᠦ ᠶᠢ ᠦᠵᠡᠨ ᠰᠣᠨᠢᠷᠬᠠᠬᠤ ᠨᠢᠭᠡ ᠶᠣᠰᠣᠨ ᠤ ᠪᠠᠶᠠᠷ ᠲᠡᠮᠳᠡᠭᠯᠡᠨ᠎ᠡ᠃ ᠡᠭᠦᠨ ᠢ ᠬᠠᠨᠠᠮᠢ ᠪᠤᠶᠤ ᠴᠡᠴᠡᠭ ᠦᠵᠡᠬᠦ ᠪᠠᠶᠠᠷ ᠭᠡᠳᠡᠭ᠃ ᠬᠠᠨᠠᠮᠢ ᠪᠠᠶᠠᠷ ᠤᠨ ᠦᠶ᠎ᠡ ᠪᠡᠷ ᠬᠦᠮᠦᠰ ᠰᠠᠺᠥᠷᠠ ᠴᠡᠴᠡᠭ ᠦᠨ ᠳᠣᠣᠷ᠎ᠠ ᠴᠤᠭᠯᠠᠷᠠᠨ ᠳᠠᠭᠤᠤ ᠳᠤᠭᠤᠯᠵᠠᠭᠠᠨ᠂ ᠰᠠᠺᠡ ᠠᠷᠢᠬᠢ ᠤᠤᠭᠤᠨ᠂ ᠥᠪᠡᠷᠰᠡᠳ ᠦᠨ ᠪᠡᠯᠡᠳᠬᠡᠵᠦ ᠢᠷᠡᠭᠰᠡᠨ ᠬᠣᠭᠣᠯᠠ ᠤᠮᠳᠠ ᠪᠠᠨ ᠢᠳᠡᠨ ᠪᠠᠶᠢᠭᠠᠯ ᠤᠨ ᠰᠠᠶᠢᠬᠠᠨ ᠢ ᠪᠢᠰᠢᠷᠡᠨ ᠪᠠᠶᠠᠷᠯᠠᠨ᠎ᠠ᠃ ᠬᠠᠨᠠᠮᠢ ᠪᠠᠶᠠᠷ ᠢ ᠭᠣᠣᠯ ᠲᠥᠯᠥᠪ ᠳᠡᠯᠪᠢ ᠨᠢ ᠨᠢᠭᠡ ᠢᠵᠢᠯ ᠪᠠᠶᠢᠳᠠᠭ ᠰᠤᠮᠦᠮᠶᠣᠰᠢᠨ᠎ᠠ ᠰᠠᠺᠥᠷᠠ ᠮᠣᠳᠣᠨ ᠤ ᠬᠠᠵᠠᠭᠤ ᠳᠤ ᠲᠡᠮᠳᠡᠭᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠳᠠᠭᠤᠷ ᠬᠡᠯᠡ
ᠳᠠᠭᠤᠷ ᠬᠡᠯᠡ

ᠲᠥᠷᠥᠯ ᠭᠠᠷᠤᠯ ᠢᠶᠠᠷ ᠢᠶᠠᠨ ᠮᠣᠩᠭᠣᠯ ᠪᠦᠯᠦᠭ ᠲᠦ ᠬᠠᠷᠢᠶᠠᠯᠠᠭᠳᠠᠵᠤ᠂ ᠲᠡᠷᠡ ᠳᠣᠲᠣᠷ᠎ᠠ ᠪᠠᠨ ᠮᠣᠩᠭᠣᠯ ᠬᠡᠯᠡᠨ ᠡᠴᠡ ᠳᠠᠩ ᠢᠶᠠᠷ ᠢᠶᠠᠨ᠂ ᠵᠠᠷᠢᠮ ᠲᠣᠬᠢᠶᠠᠯᠳᠤᠯ ᠳᠤ ᠮᠥᠬᠦᠭᠰᠡᠨ ᠬᠢᠲᠠᠨ ᠬᠡᠯᠡ ᠲᠡᠢ ᠨᠢᠭᠡ ᠲᠥᠷᠥᠯ ᠪᠣᠯᠤᠨ ᠠᠩᠭᠢᠯᠠᠭᠳᠠᠳᠠᠭ᠂ ᠮᠣᠩᠭᠣᠯ ᠤᠭᠰᠠᠭᠠᠨ ᠤ ᠳᠠᠭᠤᠷ ᠠᠷᠠᠳ ᠤᠨ ᠲᠥᠷᠥᠯᠬᠢ ᠬᠡᠯᠡ ᠶᠢ ᠳᠠᠭᠤᠷ ᠬᠡᠯᠡ ᠭᠡᠨ᠎ᠡ᠃ 1999 ᠤᠨ ᠤ ᠲᠠᠭᠠᠮᠠᠭ ᠲᠣᠭᠠᠴᠠᠭ᠎ᠠ ᠪᠠᠷ 96000 ᠬᠦᠮᠦᠨ ᠳᠠᠭᠤᠷ ᠢᠶᠠᠷ ᠬᠡᠯᠡᠯᠴᠡᠵᠦ ᠪᠠᠶᠢᠪᠠ᠃ ᠳᠠᠭᠤᠷ ᠬᠡᠯᠡᠨ ᠦ ᠭᠡᠬᠦ ᠲᠤᠰᠬᠠᠢ ᠦᠰᠦᠭ᠂ ᠪᠢᠴᠢᠭ᠂ ᠳᠦᠷᠢᠮ᠂ ᠰᠤᠷᠭᠠᠯᠲᠠ ᠪᠠᠶᠢᠬᠤ ᠦᠭᠡᠢ᠃ ᠶᠢᠨ ᠣᠪᠣᠭᠲᠤ ᠡᠷᠳᠡᠮᠲᠡᠨ 1999 ᠤᠨ ᠳᠤ ᠳᠠᠭᠤᠷ ᠬᠡᠯᠡ ᠪᠡᠷ 96᠂085 ᠬᠦᠮᠦᠨ ᠪᠤᠶᠤ ᠲᠤᠬᠠᠢ ᠶᠢᠨ ᠦᠶ᠎ᠡ ᠶᠢᠨ ᠬᠢᠲᠠᠳ ᠳᠠᠬᠢ᠂ ᠥᠭᠡᠷ᠎ᠡ ᠪᠡᠷ ᠬᠡᠯᠡᠪᠡᠯ ᠦᠨᠳᠦᠰᠦᠨ ᠳᠦ ᠪᠡᠨ ᠪᠦᠬᠦ ᠳᠠᠭᠤᠷ ᠬᠦᠮᠦᠨ ᠦ 72 ᠬᠤᠪᠢ ᠬᠡᠯᠡᠴᠡᠳᠡᠭ ᠭᠡᠵᠦ ᠲᠣᠭᠠᠴᠠᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠲᠠᠶᠢᠰᠤᠩ ᠬᠠᠭᠠᠨ
Taisan khan.jpg

ᠣᠯᠠᠨ᠎ᠠ ᠲᠠᠶᠢᠰᠤᠩ ᠬᠠᠭᠠᠨ ᠬᠡᠮᠡᠨ ᠠᠯᠳᠠᠷᠰᠢᠭᠰᠠᠨ ᠲᠣᠭᠲᠠᠬᠤ ᠪᠤᠬ᠎ᠠ ᠨᠢ 1416 ᠤᠨ ᠳᠤ ᠮᠡᠨᠳᠦᠯᠡᠭᠰᠡᠨ ᠪᠠ ᠤᠮᠠᠷᠠᠳᠤ ᠶᠤᠸᠠᠨ ᠭᠦᠷᠦᠨ ᠦ ᠤᠳᠤᠷᠢᠳᠤᠭᠴᠢ ᠪᠠᠶᠢᠭᠰᠠᠨ ᠪᠥᠯᠦᠭᠡ᠃ ᠲᠣᠭᠲᠠᠬᠤ ᠪᠤᠬ᠎ᠠ ᠨᠢ ᠠᠳᠠᠢ ᠬᠠᠭᠠᠨ  ᠦ ᠶᠡᠬᠡ ᠬᠥᠪᠡᠭᠦᠨ ᠪᠥᠭᠡᠳ ᠠᠬ᠎ᠠ ᠳᠡᠭᠦᠦ ᠨᠠᠷ ᠲᠠᠢ ᠪᠠᠨ ᠪᠠᠷᠠᠭᠤᠨ ᠮᠣᠩᠭᠣᠯ ᠢᠶᠠᠷ ᠬᠡᠷᠦᠨ ᠲᠡᠨᠦᠵᠦ ᠶᠠᠪᠤᠬᠤ ᠳᠤ ᠪᠠᠨ ᠲᠡᠷᠡ 4 ᠣᠶᠢᠷᠠᠳ ᠤᠨ ᠲᠣᠭᠣᠭᠠᠨ ᠲᠠᠶᠢᠰᠢ ᠲᠠᠢ ᠲᠠᠨᠢᠯᠴᠠᠭᠰᠠᠨ ᠪᠠ ᠲᠣᠭᠣᠭᠠᠨ ᠲᠠᠶᠢᠰᠢ ᠶᠢᠨ ᠥᠬᠢᠨ ᠲᠠᠢ ᠨᠢ ᠭᠡᠷ ᠪᠦᠯᠢ ᠪᠣᠯᠤᠭᠰᠠᠨ ᠶᠤᠮ᠃ ᠬᠣᠵᠢᠮ ᠨᠢ ᠲᠣᠭᠣᠭᠠᠨ ᠲᠠᠶᠢᠰᠢ ᠲᠣᠭᠲᠠᠬᠤ ᠪᠤᠬ᠎ᠠ ᠶᠢ ᠥᠪᠡᠷ ᠦᠨ ᠳᠣᠣᠷ᠎ᠠ ᠠᠵᠢᠯᠯᠠᠬᠤ ᠶᠢ ᠬᠦᠰᠡᠭᠰᠡᠨ ᠪᠥᠭᠡᠳ ᠡᠨᠡ ᠮᠠᠶ᠋ᠢᠭ ᠢᠶᠠᠷ ᠶᠠᠪᠤᠵᠤ ᠪᠠᠶᠢᠲᠠᠯ᠎ᠠ 1433 ᠤᠨ ᠳᠤ ᠣᠶᠢᠷᠠᠳ ᠤᠳ ᠲᠡᠭᠦᠨ ᠢ ᠥᠪᠡᠷᠰᠡᠳ ᠦᠨ ᠬᠠᠭᠠᠨ ᠪᠣᠯᠬᠤ ᠶᠢ ᠬᠦᠰᠡᠵᠥ ᠲᠡᠷᠡᠪᠡᠷ ᠣᠶᠢᠷᠠᠳ ᠤᠨ ᠬᠠᠭᠠᠨ ᠪᠣᠯᠵᠠᠢ᠃

ᠲᠣᠭᠲᠠᠬᠤ ᠪᠤᠬ᠎ᠠ ᠨᠢ ᠪᠦᠬᠦ ᠡᠷᠬᠡ ᠮᠡᠳᠡᠯ ᠢ ᠭᠠᠷ ᠲᠤ ᠪᠠᠨ ᠣᠷᠣᠭᠤᠯᠵᠤ ᠶᠤᠸᠠᠨ ᠭᠦᠷᠦᠨ ᠢ ᠳᠠᠬᠢᠨ ᠰᠡᠷᠭᠦᠭᠡᠬᠦ ᠶᠢ ᠬᠦᠰᠡᠵᠥ ᠪᠠᠶᠢᠭᠰᠠᠨ ᠨᠢ ᠣᠶᠢᠷᠠᠳ ᠤᠨ ᠳᠡᠭᠡᠳᠦ ᠠᠯᠪᠠᠨ ᠲᠤᠰᠢᠶᠠᠯ ᠲᠠᠢ ᠰᠤᠷᠪᠤᠯᠵᠢᠲᠤ ᠬᠦᠮᠦᠰ ᠲᠡᠢ ᠬᠠᠭᠠᠷᠠᠯᠳᠤᠬᠤ ᠳᠤ ᠬᠦᠷᠴᠡᠢ᠃ ᠬᠡᠳᠦᠢ ᠪᠡᠷ ᠣᠶᠢᠷᠠᠳ ᠤᠳ ᠴᠢᠩᠭᠢᠰ ᠬᠠᠭᠠᠨ  ᠦ ᠦᠶ᠎ᠡ ᠶᠢᠨ ᠮᠣᠩᠭᠣᠯ ᠭᠦᠷᠦᠨ ᠦ ᠬᠦᠴᠦ ᠶᠢ ᠰᠡᠷᠭᠦᠭᠡᠬᠦ ᠬᠦᠰᠡᠯ ᠲᠡᠢ ᠪᠠᠶᠢᠭᠰᠠᠨ ᠪᠣᠯᠪᠠᠴᠤ ᠪᠦᠬᠦ ᠮᠣᠩᠭᠣᠯᠴᠤᠳ ᠢ ᠨᠢᠭᠡᠳᠬᠡᠬᠦ ᠶᠢᠨ ᠲᠤᠯᠠᠳᠠ ᠮᠢᠩ ᠤᠯᠤᠰ ᠲᠠᠢ ᠨᠠᠶᠢᠷᠠᠮᠳᠠᠯᠲᠤ ᠬᠠᠷᠢᠯᠴᠠᠭ᠎ᠠ ᠲᠠᠢ ᠪᠣᠯᠬᠤ ᠬᠡᠷᠡᠭᠲᠡᠢ ᠭᠡᠳᠡᠭ ᠢ ᠤᠬᠠᠵᠤ ᠮᠡᠳᠡᠭᠰᠡᠨ ᠪᠠᠶᠢᠭᠰᠠᠨ ᠤᠴᠢᠷ ᠡᠰᠡᠷᠭᠦᠴᠡᠵᠦ ᠪᠠᠶᠢᠭᠰᠠᠨ ᠶᠤᠮ᠃ ᠣᠶᠢᠷᠠᠳ ᠤᠳ ᠮᠢᠩ ᠭᠦᠷᠦᠨ ᠦ ᠲᠤᠰᠠᠯᠠᠯᠴᠠᠭ᠎ᠠ ᠲᠠᠢ ᠪᠠᠷ ᠠᠳᠠᠢ ᠬᠠᠭᠠᠨ ᠍ ᠢ ᠬᠥᠨᠥᠭᠡᠭᠰᠡᠨ ᠦ ᠳᠠᠷᠠᠭ᠎ᠠ ᠲᠣᠭᠣᠭᠠᠨ ᠲᠠᠶᠢᠰᠢ ᠲᠣᠭᠲᠠᠬᠤ ᠪᠤᠬ᠎ᠠ ᠶᠢ ᠶᠡᠬᠡ ᠶᠤᠸᠠᠨ ᠭᠦᠷᠦᠨ ᠦ ᠶᠡᠬᠡ ᠪᠣᠭᠳᠠ ᠬᠠᠭᠠᠨ ᠲᠠᠶᠢᠰᠤᠩ ᠬᠡᠮᠡᠨ ᠡᠷᠭᠦᠮᠵᠢᠯᠡᠭᠰᠡᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

IMGRC
IMGRC

IMGRC ᠨᠢ ᠦᠪᠦᠷ ᠮᠤᠨᠭᠭᠤᠯ  ᠤᠨ ᠮᠠᠯᠵᠢᠬᠤ ᠤᠷᠤᠨ  ᠤ ᠨᠦᠬᠡᠴᠡ ᠪᠠᠶᠠᠯᠢᠭ ᠤᠨ ᠬᠠᠮᠳᠤ ᠵᠢᠨ ᠠᠵᠢᠯᠯᠠᠭᠠᠨ  ᠤ ᠡᠪᠯᠡᠯ (Inner Mongolia Grassland Resources Cooperation Chamber of Commerce )  ᠤᠨ ᠲᠤᠪᠴᠢ ᠨᠡᠷᠯᠡᠯ ᠪᠤᠯᠤᠨ᠋ ᠡ᠃ ᠲᠤᠰ ᠡᠪᠯᠡᠯ ᠨᠢ ᠦᠪᠦᠷ ᠮᠤᠨᠭᠭᠤᠯ  ᠤᠨ ᠮᠠᠯᠵᠢᠬᠤ ᠤᠷᠤᠨ  ᠤ ᠮᠠᠯ ᠠᠵᠤ ᠠᠬᠤᠢ  ᠳᠤ ᠬᠠᠮᠢᠶ ᠡ ᠪᠦᠬᠦᠢ ᠨᠢᠬᠡᠴᠢ ᠂ ᠬᠤᠷᠰᠢᠶᠠᠵᠢᠯ  ᠤᠨ ᠮᠠᠯᠵᠢᠬᠤ ᠡᠷᠤᠬᠡ ᠪᠤᠯᠤᠨ ᠬᠠᠮᠢᠶ ᠡ ᠪᠦᠬᠦᠢ ᠠᠵᠤ ᠠᠬᠤᠢᠯᠡᠯ  ᠤᠨ ᠰᠠᠢᠨ ᠲᠤᠷ ᠡ ᠡᠴᠡ ᠪᠡᠨ ᠬᠤᠷᠰᠢᠨ ᠪᠠᠢᠭᠤᠯᠤᠭᠰᠠᠨ ᠠᠰᠢᠭ  ᠤᠨ ᠪᠤᠰᠤ ᠂ ᠭᠠᠵᠡᠷ ᠤᠷᠤᠨ  ᠤ ᠤᠨᠴᠠᠯᠢᠭᠳᠤ ᠨᠠᠢᠬᠡᠮ  ᠤᠨ ᠪᠠᠢᠭᠤᠯᠤᠯ ᠪᠤᠯᠤᠨ᠋ ᠡ᠃ (ᠪᠦᠷᠢᠨ ᠠᠭᠤᠯᠭ᠎ᠠ ᠶᠢ ᠤᠩᠰᠢᠬᠤ)

ᠳᠣᠷᠣᠨᠠᠭᠣᠪᠢ
ᠳᠣᠷᠣᠨᠠᠭᠣᠪᠢ

ᠳᠣᠷᠣᠨᠠᠭᠣᠪᠢ (ᠺᠢᠷᠢᠯ ᠮᠣᠩᠭᠣᠯ ᠢᠶᠠᠷ Дорноговь аймаг) ᠨᠢ ᠮᠣᠩᠭᠣᠯ ᠤᠯᠤᠰ ᠍ ᠤᠨ ᠠᠶᠢᠮᠠᠭ ᠶᠤᠮ᠃ 1931 ᠤᠨ ᠳᠤ ᠪᠠᠶᠢᠭᠤᠯᠤᠭᠳᠠᠭᠰᠠᠨ᠃ 14 ᠰᠤᠮᠤ᠂ 60 ᠪᠠᠭ ᠲᠠᠢ᠃ 62500 ᠣᠷᠴᠢᠮ ᠬᠦᠮᠦᠨ ᠠᠮᠠ ᠲᠠᠢ(2013 ᠤᠨ ᠤ ᠡᠴᠦᠰ ᠢᠶᠡᠷ) ᠪᠥᠭᠡᠳ ᠰᠠᠶᠢᠨᠱᠠᠩᠳᠠ ᠳᠤ ᠬᠦᠮᠦᠨ ᠠᠵᠤ ᠦᠢᠯᠡᠳᠪᠦᠷᠢ ᠶᠢᠨᠫᠠᠷᠺ ᠪᠠᠶᠢᠭᠤᠯᠬᠤ ᠪᠠᠷ ᠪᠣᠯᠤᠭᠰᠠᠨ ᠠᠴᠠ ᠬᠣᠶᠢᠰᠢ ᠬᠦᠮᠦᠨ ᠠᠮᠠ ᠣᠭᠴᠣᠮ ᠥᠰᠴᠢ ᠪᠠᠶᠢᠨ᠎ᠠ᠃ ᠠᠶᠢᠮᠠᠭ ᠤᠨ ᠲᠥᠪ ᠰᠠᠶᠢᠨᠱᠠᠩᠳᠠ ᠨᠢ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠣᠲᠠ ᠠᠴᠠ 456 ᠺᠢᠯᠣᠮᠧᠲ᠋ᠷ ᠳᠦ ᠣᠷᠣᠰᠢᠳᠠᠭ᠃ ᠳᠣᠷᠣᠨᠠᠭᠣᠪᠢ ᠠᠶᠢᠮᠠᠭ ᠮᠣᠩᠭᠣᠯ ᠣᠷᠣᠨ ᠤ ᠵᠡᠭᠦᠨ ᠡᠮᠦᠨᠡᠲᠦ ᠬᠢᠵᠠᠭᠠᠷ ᠲᠤ ᠡᠮᠦᠨᠡᠭᠣᠪᠢ᠂ ᠳᠤᠮᠳᠠᠭᠤᠪᠢ᠂ ᠭᠣᠪᠢᠰᠦᠮᠪᠦᠷ᠂ ᠬᠡᠨᠲᠡᠢ᠂ ᠰᠦᠬᠡᠪᠠᠭᠠᠲᠤᠷ ᠠᠶᠢᠮᠠᠭ ᠤᠳ ᠲᠠᠢ ᠬᠢᠯᠢ ᠵᠠᠯᠭᠠᠨ ᠣᠷᠣᠰᠢᠳᠠᠭ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠠᠢ 600 ᠺᠢᠯᠣᠮᠧᠲ᠋ᠷ ᠪᠡᠷ ᠬᠢᠯᠢᠯᠡᠳᠡᠭ᠃ ᠬᠣᠶᠢᠳᠤ᠂ᠤᠷᠳᠤ ᠬᠣᠶᠠᠷ ᠭᠦᠷᠦᠨ ᠢ ᠬᠣᠯᠪᠣᠭᠰᠠᠨ᠂ ᠲᠥᠪ ᠦᠨ ᠪᠥᠰᠡ ᠶᠢᠨ ᠬᠥᠭᠵᠢᠯ ᠦᠨ ᠭᠣᠣᠯ ᠲᠡᠩᠬᠡᠯᠢᠭ ᠪᠣᠯᠤᠭᠰᠠᠨ ᠲᠡᠮᠦᠷ ᠵᠠᠮ ᠳᠠᠭᠠᠷᠢᠨ ᠥᠩᠭᠡᠷᠡᠳᠡᠭ᠃ ᠡᠨᠡ ᠵᠠᠮ ᠤᠨ ᠳᠠᠭᠠᠤ ᠲᠤᠰ ᠠᠶᠢᠮᠠᠭ ᠤᠨ ᠪᠦᠬᠦ ᠰᠤᠮᠤ ᠶᠢᠨ 42,8 ᠬᠤᠪᠢ᠂ ᠬᠦᠮᠦᠨ ᠠᠮᠠ ᠶᠢᠨ 54,8 ᠬᠤᠪᠢ ᠨᠢ ᠣᠷᠣᠰᠢᠨ ᠰᠠᠭᠤᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠲᠩᠷᠢ ᠶᠢᠨ ᠵᠠᠭᠠᠳᠠᠰᠤ
ᠲᠩᠷᠢ ᠶᠢᠨ ᠵᠠᠭᠠᠳᠠᠰᠤ

ᠲᠩᠷᠢ ᠶᠢᠨ ᠵᠠᠭᠠᠳᠠᠰᠤ ᠭᠡᠳᠡᠭ ᠨᠢ ᠨᠠᠷᠠᠨ ᠤ ᠠᠶᠢᠮᠠᠭ ᠢ ᠠᠭᠤᠯᠳᠠᠭ ᠣᠭᠲᠠᠷᠭᠤᠢ ᠳᠤ ᠣᠳᠣ ᠪᠠᠷ ᠠᠵᠢᠭᠯᠠᠭᠳᠠᠳᠠᠭ 100 ᠲᠡᠷᠪᠤᠮ ᠣᠷᠴᠢᠮ ᠭᠠᠯᠠᠺᠲ᠋ᠢᠺ ᠤᠳ ᠤᠨ ᠨᠢᠭᠡ ᠶᠤᠮ᠃ ᠣᠳᠣ ᠪᠠᠷ ᠲᠩᠷᠢ ᠶᠢᠨ ᠵᠠᠭᠠᠳᠠᠰᠤ ᠭᠠᠯᠠᠺᠲ᠋ᠢᠺ ᠲᠤ 100-400 ᠲᠡᠷᠪᠤᠮ ᠣᠷᠴᠢᠮ ᠣᠳᠣ ᠪᠠᠶᠢᠨ᠎ᠠ ᠭᠡᠵᠦ ᠦᠵᠡᠳᠡᠭ᠃ ᠲᠩᠷᠢ ᠶᠢᠨ ᠵᠠᠭᠠᠳᠠᠰᠤ ᠭᠠᠯᠠᠺᠲ᠋ᠢᠺ ᠤᠨ ᠳ᠋ᠢᠶᠠᠮᠧᠲ᠋ᠷ ᠨᠢ 100 000-120 000 ᠭᠡᠷᠡᠯ ᠦᠨ ᠵᠢᠯ ᠦᠨ ᠬᠡᠮᠵᠢᠶ᠎ᠡ ᠲᠡᠢ᠂ ᠣᠭᠲᠠᠷᠭᠤᠢ ᠳᠤ 600 ᠺᠢᠯᠣᠮᠧᠲ᠋ᠷ/ᠰᠧᠺ ᠬᠤᠷᠳᠤ ᠲᠠᠢ ᠰᠢᠯᠵᠢᠳᠡᠭ᠂ 13.6 ᠲᠡᠷᠪᠤᠮ ᠵᠢᠯ ᠦᠨ ᠨᠠᠰᠤᠲᠠᠢ ᠪᠣᠯᠤᠨ᠎ᠠ᠃ ᠮᠠᠨ ᠤ ᠳᠡᠯᠡᠬᠡᠢ ᠪᠤᠶᠤ ᠨᠠᠷᠠᠨ ᠤ ᠠᠶᠢᠮᠠᠭ ᠨᠢ ᠲᠩᠷᠢ ᠶᠢᠨ ᠵᠠᠭᠠᠳᠠᠰᠤ ᠶᠢᠨ ᠲᠥᠪ ᠡᠴᠡ 27000 ᠭᠡᠷᠡᠯ ᠦᠨ ᠵᠢᠯ ᠦᠨ ᠵᠠᠶᠢᠲᠠᠢ ᠣᠷᠣᠰᠢᠳᠠᠭ ᠪᠠ ᠳᠡᠯᠡᠬᠡᠢ ᠡᠴᠡ ᠠᠵᠢᠭᠯᠠᠬᠣ ᠳᠤ ᠲᠩᠷᠢ ᠶᠢ ᠬᠤᠪᠢᠶᠠᠭᠰᠠᠨ ᠮᠠᠶ᠋ᠢᠭ ᠤᠨ ᠵᠤᠷᠪᠤᠰ ᠮᠡᠲᠦ ᠠᠵᠢᠭ᠌ᠯᠡᠭ᠌ᠳᠠᠳᠠᠭ᠃ ᠲᠩᠷᠢ ᠶᠢᠨ ᠵᠠᠭᠠᠳᠠᠰᠤ ᠭᠠᠯᠠᠺᠲ᠋ᠢᠺ ᠲᠤ 10 ᠬᠡᠲᠦ ᠠᠪᠤᠷᠭᠤ ᠣᠳᠣᠳ ᠢ ᠣᠳᠣ ᠪᠠᠷ ᠢᠯᠡᠷᠡᠭᠦᠯᠦᠭᠡᠳ ᠪᠠᠶᠢᠭ᠎ᠠ ᠪᠥᠭᠡᠳ ᠬᠠᠮᠤᠭ ᠤᠨ ᠰᠡᠭᠦᠯ ᠳᠦ 2014 ᠤᠨ ᠤ 3 ᠰᠠᠷ᠎ᠠ ᠳᠤ ᠣᠳᠣᠨ ᠣᠷᠣᠨᠴᠢᠳ HR5171 A ᠠᠪᠤᠷᠭᠤ ᠰᠢᠷ᠎ᠠ ᠣᠳᠣ ᠶᠢ ᠢᠯᠡᠷᠡᠭᠦᠯᠦᠯ᠎ᠡ᠃ (ᠪᠦᠷᠢᠨ ᠠᠭᠤᠯᠭ᠎ᠠ ᠶᠢ ᠤᠩᠰᠢᠬᠤ)

ᠪᠦᠭᠡᠷᠡᠯᠵᠢᠬᠡᠨ᠎ᠡ
ᠪᠦᠭᠡᠷᠡᠯᠵᠢᠬᠡᠨ᠎ᠡ

ᠪᠦᠭᠡᠷᠡᠯᠵᠢᠬᠡᠨ᠎ᠡ(ᠬᠢᠲᠠᠳ  ᠶ᠋ᠢᠡᠷ 悬钩子木 )᠄ ᠲᠤᠰ ᠡᠮ ᠪᠣᠯ ᠴᠠᠩᠬᠤᠢ ᠴᠡᠴᠡᠭ  ᠤᠨ ᠢᠵᠠᠭᠤᠷ ᠤᠨ ᠨᠠᠪᠴᠢ ᠵᠤᠯᠭᠠᠷᠠᠬᠤ ᠪᠤᠲᠠ ᠮᠣᠳᠤ ᠪᠣᠯᠬᠤ ᠴᠠᠢᠪᠤᠷ ᠪᠥᠭᠡᠷᠡᠯᠵᠢᠭᠡᠨ᠎ᠡ ︵ 库页悬钩子 ︶ ᠶᠢᠨ ᠬᠠᠲᠠᠭᠠᠭᠰᠠᠨ ᠡᠰᠢ ᠮᠥᠨ ᠃ ᠭᠠᠳᠠᠷ ᠬᠠᠯᠢᠰᠤ ᠂ ᠬᠠᠯᠢᠰᠤᠨ ᠥᠷᠭᠡᠰᠦ ᠪᠤᠯᠤᠨ ᠨᠤᠭᠤᠰᠤ ᠶᠢ ᠨᠢ ᠠᠷᠢᠯᠭᠠᠵᠤ ᠬᠠᠶᠠᠨ᠎ᠠ ᠃ ᠬᠢᠵᠢᠭ᠌ ᠢ ᠪᠣᠯᠪᠠᠰᠤᠷᠠᠭᠤᠯᠬᠤ ᠂ ᠬᠠᠨᠢᠶᠠᠬᠤ ᠶᠢ ᠵᠣᠭᠰᠤᠭᠠᠬᠤ ᠂ ᠬᠢᠮᠤᠷᠠᠭᠰᠠᠨ ᠢ ᠠᠷᠢᠯᠭᠠᠬᠤ ᠂ ᠮᠠᠬᠠᠪᠤᠳ ᠢ ᠲᠡᠭᠰᠢᠳᠭᠡᠬᠦ ᠪᠣᠯᠤᠨ᠎ᠠ ᠃ ᠡᠷᠳᠡᠨᠢ ︱ 7 ᠶᠢᠨ ᠲᠠᠩ ᠳᠤ ᠭᠦᠯ ᠪᠣᠯᠭᠠᠨ ᠡᠰᠡ ᠪᠣᠯᠪᠠᠰᠤᠷᠠᠭᠰᠠᠨ ᠬᠠᠯᠠᠭᠤᠨ ᠵᠢᠴᠢ ᠬᠢᠵᠢᠭ᠌ ᠲᠠᠭᠰᠢᠭᠤᠷ ᠢ ᠵᠠᠰᠠᠬᠤ   ᠳᠦ ᠬᠡᠷᠡᠭᠯᠡᠬᠦ ; ᠰᠠᠷᠢᠮᠰᠠᠭ ︱ 7 ᠳᠤ ᠭᠦᠯ ᠪᠣᠯᠭᠠᠨ ᠬᠣᠭᠤᠰᠤᠷᠠᠭᠰᠠᠨ ᠬᠠᠯᠠᠭᠤᠨ ᠢ ᠵᠠᠰᠠᠬᠤ ᠳᠤ ᠬᠡᠷᠡᠭᠯᠡᠬᠦ; ᠪᠢᠪᠢᠯᠢᠩ ᠲᠠᠢ ᠬᠠᠪᠰᠤᠷᠭᠠᠵᠤ ᠠᠭᠤᠰᠭᠢᠨ ᠳᠤ ᠬᠠᠯᠠᠭᠤᠨ ᠰᠢᠨᠤᠵᠤ ᠬᠠᠨᠢᠶᠠᠬᠤ ᠂ ᠴᠡᠷ ᠡᠯᠪᠡᠭᠰᠢᠵᠦ ᠬᠣᠪᠬᠤᠷᠬᠤ  ᠦᠭᠡᠢ ᠂ ᠠᠮᠢᠰᠭᠤᠯ ᠳᠠᠪᠬᠤᠴᠠᠬᠤ ᠵᠡᠷᠭᠡ ᠶᠢ ᠵᠠᠰᠠᠬᠤ ᠳᠤ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠠᠯᠤᠩᠭᠤᠸ᠎ᠠ ᠡᠬᠡ ᠶᠢᠨ ᠳᠣᠮᠣᠭ
ᠠᠯᠤᠩᠭᠤᠸ᠎ᠠ ᠡᠬᠡ ᠶᠢᠨ ᠳᠣᠮᠣᠭ

ᠠᠯᠤᠩᠭᠤᠸ᠎ᠠ ᠡᠬᠡ ᠶᠢᠨ ᠳᠣᠮᠣᠭ᠌᠋:ᠴᠢᠩᠭᠢᠰ ᠬᠠᠭᠠᠨ ᠤ ᠢᠵᠠᠭᠤᠷ᠂ ᠳᠡᠭᠡᠳᠦ ᠲᠩᠷᠢ ᠡᠴᠡ ᠵᠠᠶᠠᠭᠠᠲᠠᠢ ᠲᠦᠷᠦᠭᠰᠡᠨ ᠪᠥᠷᠲᠡ ᠴᠢᠨᠣ᠎ᠠ ᠠᠵᠤᠭᠤ᠃ ᠲᠡᠭᠦᠨ ᠤ ᠭᠡᠷᠭᠡᠢ ᠨᠢ ᠬᠣᠸᠠ ᠮᠠᠷᠠᠯ ᠠᠵᠡᠢ᠃ ᠲᠡᠩᠭᠢᠰ ᠳᠠᠯᠠᠢ ᠭᠠᠲᠦᠯᠵᠦ ᠢᠷᠡᠪᠡ᠃ ᠣᠨᠣᠨ ᠮᠥᠷᠡᠨ ᠦ ᠲᠡᠷᠢᠭᠦᠨ ᠶᠢᠡᠷ ᠪᠤᠷᠬᠠᠨ ᠬᠠᠯᠳᠤᠨ ᠶᠢᠡᠷ ᠨᠤᠲᠤᠭᠯᠠᠵᠤ ᠪᠤᠢ ᠳᠦᠷ ᠲᠦᠷᠦᠭᠰᠡᠨ ᠪᠠᠲᠤᠴᠢᠬᠠᠨ ᠠᠵᠤᠭᠤ᠃ ᠪᠠᠲᠤᠴᠢᠬᠠᠨ ᠤ ᠬᠥᠪᠡᠭᠦᠨ ᠨᠢ ᠲᠠᠮᠠᠴᠢ᠂ ᠲᠠᠮᠠᠴᠢ ᠶᠢᠨ ᠬᠥᠪᠡᠭᠦᠨ ᠨᠢ ᠬᠣᠷᠢᠴᠠᠷ ᠮᠡᠷᠭᠡᠨ᠂ ᠬᠣᠷᠢᠴᠠᠷ ᠮᠡᠷᠭᠡᠨ ᠦ ᠬᠥᠪᠡᠭᠦᠨ  ᠨᠢ ᠠᠭᠤᠵᠢᠮ ᠪᠣᠷᠬᠤᠯ᠂ ᠠᠭᠤᠵᠢᠮ ᠪᠣᠷᠬᠤᠯ ᠤᠨ ᠬᠥᠪᠡᠭᠦᠨ ᠨᠢ ᠰᠠᠯᠢ ᠬᠠᠴᠠᠭᠤ᠂ ᠰᠠᠯᠢ ᠬᠠᠴᠠᠭᠤ ᠶᠢᠨ ᠬᠥᠪᠡᠭᠦᠨ ᠨᠢ ᠶᠡᠬᠡ ᠨᠢᠳᠦᠨ᠂ ᠶᠡᠬᠡ ᠨᠢᠳᠦᠨ ᠦ ᠬᠥᠪᠡᠭᠦᠨ ᠨᠢ ᠰᠡᠮ ᠰᠣᠴᠢ᠂ ᠰᠡᠮ ᠰᠣᠴᠢ ᠶᠢᠨ ᠬᠥᠪᠡᠭᠦᠨ ᠨᠢ ᠬᠠᠷᠴᠤ᠂ ᠬᠠᠷᠴᠤ ᠶᠢᠨ ᠬᠥᠪᠡᠭᠦᠨ ᠨᠢ ᠪᠣᠷᠵᠢᠭᠢᠳᠠᠢ ᠮᠡᠷᠭᠡᠨ ᠪᠠᠶᠢᠵᠤ᠂ ᠮᠣᠩᠭᠣᠯᠵᠢᠨ ᠭᠣᠸ᠎ᠠ ᠭᠡᠷᠭᠡᠢ ᠲᠡᠢ ᠠᠵᠢ᠃ ᠪᠣᠷᠵᠢᠭᠢᠳᠠᠢ ᠮᠡᠷᠭᠡᠨ ᠦ ᠬᠥᠪᠡᠭᠦᠨ ᠲᠣᠷᠭᠣᠯᠵᠢᠨ ᠪᠠᠶᠠᠨ ᠨᠢ ᠪᠣᠷᠣᠭᠴᠢᠨ ᠭᠣᠸ᠎ᠠ ᠬᠡᠮᠡᠬᠦ ᠭᠡᠷᠭᠡᠢ ᠲᠡᠢ᠃ ᠪᠣᠷᠣᠯᠳᠠᠢ ᠰᠤᠶᠠᠯᠪᠢ ᠭᠡᠳᠡᠭ ᠵᠠᠯᠠᠭᠤ ᠲᠠᠢ᠂ ᠳᠠᠶᠢᠷ᠂ ᠪᠣᠷᠣ ᠬᠣᠶᠠᠷ ᠬᠦᠯᠦᠭ ᠠᠭᠲᠠ ᠲᠠᠢ ᠪᠦᠯᠦᠭᠡ᠃ ᠲᠣᠷᠭᠣᠯᠵᠢᠨ ᠪᠠᠶᠠᠨ ᠤ ᠬᠥᠪᠡᠭᠦᠨ ᠨᠢ ᠳᠤᠸᠠ ᠰᠣᠬᠣᠷ᠂ ᠳᠣᠪᠤᠨ ᠮᠡᠷᠭᠡᠨ ᠬᠣᠶᠠᠷ ᠪᠦᠯᠦᠭᠡ᠃ ᠳᠤᠸᠠ ᠰᠣᠬᠣᠷ ᠨᠢ ᠮᠠᠩᠨᠠᠢ ᠳᠤᠮᠳᠠ ᠪᠠᠨ ᠭᠠᠭᠴᠠ ᠨᠢᠳᠦ ᠲᠠᠢ ᠮᠦᠷᠲᠡᠭᠡᠨ ᠭᠤᠷᠪᠠᠨ ᠨᠡᠭᠦᠳᠡᠯ ᠤᠨ ᠭᠠᠵᠠᠷ ᠢ ᠬᠠᠷᠠᠬᠤ ᠪᠦᠯᠦᠭᠡ᠃ ᠨᠢᠭᠡᠨ ᠡᠳᠦᠷ ᠳᠤᠸᠠ ᠰᠣᠬᠣᠷ ᠳᠣᠪᠤᠨ ᠮᠡᠷᠭᠡᠨ ᠳᠡᠭᠦᠦ ᠲᠡᠢ ᠪᠡᠨ ᠪᠤᠷᠬᠠᠨ ᠬᠠᠯᠳᠤᠨ ᠳᠡᠭᠡᠷ᠎ᠡ ᠭᠠᠷᠪᠠ᠃ ᠳᠤᠸᠠ ᠰᠣᠬᠣᠷ ᠪᠤᠷᠬᠠᠨ ᠬᠠᠯᠳᠤᠨ ᠳᠡᠭᠡᠷ᠎ᠡ ᠡᠴᠡ ᠬᠠᠷᠠᠵᠤ᠂ ᠲᠦᠩᠬᠦᠯᠢᠭ ᠭᠣᠷᠭᠢ ᠤᠷᠤᠭᠤ ᠨᠢᠭᠡᠨ ᠪᠥᠯᠦᠭ ᠢᠷᠭᠡᠨ ᠨᠡᠭᠦᠵᠦ ᠣᠷᠣᠵᠤ ᠠᠶᠢᠰᠤᠢ ᠶᠢ ᠬᠠᠷᠠᠵᠤ ᠦᠭᠦᠯᠡᠷᠦᠨ: ᠲᠡᠳᠡ ᠨᠡᠭᠦᠵᠦ ᠠᠶᠢᠰᠤᠢ ᠢᠷᠭᠡᠳ ᠦᠨ ᠳᠣᠲᠣᠷ᠎ᠠ ᠨᠢᠭᠡᠨ ᠬᠠᠷᠠᠭᠤᠲᠠᠢ ᠲᠡᠷᠭᠡᠨ ᠦ ᠥᠯᠵᠢᠭ ᠲᠦ ᠨᠢᠭᠡᠨ ᠰᠠᠶᠢᠬᠠᠨ ᠥᠬᠢᠨ ᠪᠤᠶᠤ᠂ ᠬᠦᠮᠦᠨ ᠳᠤ ᠡᠰᠡ ᠥᠭᠭᠦᠭᠰᠡᠨ ᠪᠥᠭᠡᠰᠦ ᠳᠣᠪᠤᠨ ᠮᠡᠷᠭᠡᠨ ᠳᠡᠭᠦᠦ ᠳᠦ ᠪᠡᠨ᠂ ᠴᠢᠮ᠎ᠠ ᠳᠤ ᠭᠤᠶᠤᠶ᠎ᠠ ᠬᠡᠮᠡᠵᠦ ᠳᠣᠪᠤᠨ ᠮᠡᠷᠭᠡᠨ ᠳᠡᠭᠦᠦ ᠪᠡᠨ ᠦᠵᠡᠭᠦᠯᠬᠦ ᠪᠡᠷ ᠢᠯᠡᠭᠡᠪᠡ᠃ ᠳᠣᠪᠤᠨ ᠮᠡᠷᠭᠡᠨ ᠳᠡᠭᠦᠦ ᠨᠢ ᠲᠡᠨᠳᠡ ᠢᠷᠭᠡᠨ ᠳᠦ ᠬᠦᠷᠬᠦ ᠡᠴᠡ ᠦᠨᠡᠨ ᠬᠦ ᠭᠣᠸ᠎ᠠ ᠰᠠᠶᠢᠨ᠂ ᠠᠯᠳᠠᠷ ᠨᠡᠷ᠎ᠡ ᠶᠡᠬᠡ ᠲᠡᠢ᠂ ᠠᠯᠠᠨ ᠭᠣᠸ᠎ᠠ ᠨᠡᠷᠡᠲᠡᠢ ᠬᠦᠮᠦᠨ ᠳᠤᠷ ᠥᠭᠭᠦᠭᠡ ᠦᠭᠡᠢ ᠥᠬᠢᠨ ᠠᠵᠤᠭᠤ᠃ (ᠪᠦᠷᠢᠨ ᠠᠭᠤᠯᠭ᠎ᠠ ᠶᠢ ᠤᠩᠰᠢᠬᠤ)

ᠰᠠᠶᠢᠨᠱᠠᠨᠳᠤ
ᠰᠠᠶᠢᠨᠱᠠᠨᠳᠤ

ᠰᠠᠶᠢᠨᠱᠠᠩᠳᠠ ᠨᠢ ᠳᠣᠷᠣᠨᠠᠭᠣᠪᠢ ᠠᠶᠢᠮᠠᠭ ᠤᠨ ᠲᠥᠪ ᠶᠤᠮ᠃ ᠬᠦᠮᠦᠨ ᠠᠮᠠ ᠨᠢ 21,200 (2011 ᠤᠨ ᠤ ᠲᠣᠭᠠᠯᠠᠯᠭ᠎ᠠ)᠃ ᠤᠯᠠᠭᠠᠨᠪᠠᠭᠠᠲᠤᠷ ᠠᠴᠠ 463 ᠺᠢᠯᠣᠮᠧᠲ᠋ᠷ ᠵᠠᠶᠢᠲᠠᠢ ᠭᠠᠵᠠᠷ ᠲᠤ᠂ ᠳᠠᠯᠠᠢ ᠶᠢᠨ ᠲᠦᠪᠰᠢᠨ ᠡᠴᠡ ᠳᠡᠭᠡᠭᠰᠢ 938 ᠮᠸᠲ᠋ᠷ ᠥᠨᠳᠥᠷ ᠲᠦ ᠣᠷᠣᠰᠢᠨ᠎ᠠ᠃ ᠰᠠᠶᠢᠨᠱᠠᠩᠳᠠ ᠬᠣᠲᠠ ᠨᠢ ᠤᠯᠠᠭᠠᠨᠪᠠᠳᠠᠷᠠᠬᠤᠬᠥᠪᠰᠥᠭᠥᠯᠰᠠᠶᠢᠬᠠᠨᠳᠤᠯᠠᠭᠠᠨᠠᠶᠢᠷᠠᠭᠠᠯᠲᠠᠨᠰᠢᠷᠡᠭᠡᠥᠷᠭᠡᠨ ᠰᠤᠮᠤ ᠲᠠᠢ ᠬᠢᠯᠢᠯᠡᠳᠡᠭ᠃ᠨᠡᠶᠢᠲᠡ 50 ᠭᠠᠷᠤᠢ ᠮᠢᠩᠭᠠᠨ ᠲᠣᠯᠣᠭᠠᠢ ᠮᠠᠯ ᠲᠠᠢ᠂ 291 ᠮᠠᠯᠴᠢᠨ ᠡᠷᠦᠬᠡ ᠲᠡᠢ᠂ 123 ᠮᠠᠯᠴᠢᠨ ᠡᠷᠦᠬᠡ ᠨᠢ ᠨᠠᠷᠠᠨ ᠤ ᠪᠣᠯᠤᠨ ᠰᠠᠯᠬᠢᠨ ᠤ ᠴᠠᠬᠢᠯᠭᠠᠨ ᠡᠭᠦᠰᠬᠡᠪᠦᠷᠢ ᠲᠡᠢ᠂ ᠬᠦᠮᠦᠨ ᠠᠮᠠ ᠶᠢᠨ 92% ᠨᠢ ᠬᠣᠲᠠ ᠶᠢᠨ ᠲᠥᠪ ᠲᠦ ᠠᠮᠢᠳᠤᠷᠠᠳᠠᠭ᠃ ᠡᠭᠦᠨ ᠡᠴᠡ ᠣᠷᠣᠨ ᠰᠠᠭᠤᠴᠠᠨ ᠳᠤ 70% ᠨᠢ᠂ ᠲᠥᠪᠯᠡᠷᠡᠭᠰᠡᠨ ᠬᠠᠯᠠᠭᠠᠯᠲᠠ᠂ ᠤᠰᠤᠨ ᠬᠠᠩᠭᠠᠮᠵᠢᠲᠠᠢ ᠰᠠᠭᠤᠴᠠᠨ ᠳᠤ 30% ᠨᠢ ᠰᠠᠭᠤᠳᠠᠭ᠃ ᠲᠡᠮᠦᠷ ᠵᠠᠮ ᠤᠨ ᠲᠣᠮᠣᠬᠠᠨ ᠪᠣᠭᠣᠮᠲᠠ ᠬᠣᠲᠠ ᠨᠤᠭᠤᠳ ᠤᠨ ᠨᠢᠭᠡ᠃ ᠠᠵᠤ ᠦᠢᠯᠡᠳᠪᠦᠷᠢ ᠶᠢᠨ ᠰᠠᠯᠪᠤᠷᠢ ᠥᠩᠭᠡᠷᠡᠭᠰᠡᠨ ᠤᠨ ᠳᠤ 5.6 ᠲᠡᠷᠪᠤᠮ ᠲᠥᠭᠥᠷᠢᠭ ᠦᠨ ᠪᠦᠲᠦᠭᠡᠭᠳᠡᠬᠦᠨ ᠦᠢᠯᠡᠳᠪᠦᠷᠢᠯᠡᠵᠦ 4.5 ᠲᠡᠷᠪᠤᠮ ᠲᠥᠭᠥᠷᠢᠭ ᠦᠨ ᠪᠦᠲᠦᠭᠡᠭᠳᠡᠬᠦᠨ ᠢ ᠳᠣᠲᠣᠭᠠᠳᠤ᠂ ᠭᠠᠳᠠᠭᠠᠳᠤ ᠶᠢᠨ ᠵᠠᠬ᠎ᠠ ᠵᠡᠭᠡᠯᠢ ᠳᠦ ᠪᠣᠷᠣᠯᠠᠭᠤᠯᠤᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠠᠳᠠᠢ ᠬᠠᠭᠠᠨ
Adai.png

ᠠᠳᠠᠢ ᠬᠠᠭᠠᠨ 1400 ᠤᠨ ᠤ ᠴᠠᠭᠠᠨ ᠯᠤᠤ ᠵᠢᠯ ᠲᠥᠷᠦᠵᠢ᠂ 1438 ᠤᠨ ᠤ ᠰᠢᠷ᠎ᠠ ᠮᠣᠷᠢᠨ ᠵᠢᠯ ᠲᠠᠭᠠᠯᠠᠯ ᠲᠡᠭᠦᠰᠴᠡᠢ᠃ 1426 ᠤᠨ ᠤ ᠰᠢᠷ᠎ᠠ ᠮᠣᠷᠢᠨ ᠵᠢᠯ ᠬᠠᠭᠠᠨ ᠣᠷᠣ ᠰᠠᠭᠤᠭᠰᠠᠨ᠃ ᠬᠠᠭᠠᠨ 38 ᠨᠠᠰᠤᠯᠠᠵᠠᠢ᠃ ᠲᠡᠷᠡ ᠪᠡᠷ ᠡᠩᠬᠡᠵᠣᠷᠢᠭᠲᠤ ᠬᠠᠭᠠᠨ ᠤ ᠬᠦᠦ ᠬᠠᠷᠠᠬᠤᠴᠠᠭ ᠤᠨ ᠬᠦᠦ ᠪᠠᠶᠢᠵᠠᠢ᠃ ᠠᠳᠠᠢ ᠬᠠᠭᠠᠨ 1425 ᠤᠨ ᠳᠤ ᠲᠥᠪ ᠪᠣᠯᠤᠨ ᠵᠡᠭᠦᠨ ᠮᠣᠩᠭᠣᠯ ᠤᠨ ᠨᠤᠲᠤᠭ ᠳᠡᠪᠢᠰᠬᠡᠷ ᠢ ᠨᠢᠭᠡᠳᠬᠡᠨ᠂ ᠨᠤᠲᠤᠭ ᠳᠡᠪᠢᠰᠬᠡᠷ ᠢᠶᠡᠨ ᠥᠷᠭᠡᠳᠬᠡᠵᠦ ᠴᠢᠳᠠᠭᠰᠠᠨ᠃ ᠴᠢᠩᠭᠢᠰ ᠬᠠᠭᠠᠨ ᠤ ᠡᠷᠡᠨ ᠦᠶ᠎ᠡ ᠰᠢᠭ ᠰᠡᠷᠭᠦᠨ ᠮᠠᠨᠳᠤᠵᠤ ᠬᠦᠴᠦᠲᠡᠢ ᠪᠣᠯᠴᠢᠬᠠᠬᠣ ᠦᠭᠡᠢ ᠬᠡᠮᠡᠨ ᠭᠡᠵᠦ ᠰᠡᠷᠡᠮᠵᠢᠯᠡᠨ ᠮᠢᠩ ᠤᠯᠤᠰ ᠣᠶᠢᠷᠠᠳ ᠢ ᠳᠡᠮᠵᠢᠨ ᠵᠡᠭᠦᠨ ᠮᠣᠩᠭᠣᠯ ᠳᠠᠬᠢ ᠣᠪᠤᠭ ᠠᠶᠢᠮᠠᠭ ᠪᠣᠯᠤᠨ ᠲᠥᠪ ᠮᠣᠩᠭᠣᠯ ᠳᠠᠬᠢ ᠣᠪᠤᠭ ᠠᠶᠢᠮᠠᠭ ᠢ ᠬᠣᠭᠣᠷᠣᠨᠳᠣ ᠨᠢ ᠬᠠᠭᠠᠷᠠᠯᠳᠤᠭᠤᠯᠵᠤ ᠪᠠᠶᠢᠪᠠ᠃ ᠠᠳᠠᠢ ᠬᠠᠭᠠᠨ ᠤ ᠪᠠᠷᠠᠭᠤᠨ ᠮᠣᠩᠭᠣᠯ ᠢ ᠨᠢᠭᠡᠳᠬᠡᠬᠦ ᠦᠢᠯᠡ ᠠᠵᠢᠯᠯᠠᠭᠠᠨ ᠳᠤ ᠣᠶᠢᠷᠠᠳ ᠤᠳ ᠶᠡᠬᠡ ᠪᠡᠷ ᠰᠠᠭᠠᠳ ᠪᠣᠯᠵᠤ ᠪᠠᠶᠢᠪᠠ᠃ ᠬᠣᠶᠠᠷ ᠲᠠᠯ᠎ᠠ ᠠᠷᠪᠠ ᠭᠠᠷᠤᠢ ᠵᠢᠯ ᠬᠣᠭᠣᠷᠣᠨᠳᠣ ᠪᠠᠨ ᠪᠠᠶᠢᠯᠳᠤᠵᠤ᠂ ᠪᠡᠶ᠎ᠡ ᠪᠡᠶ᠎ᠡ ᠪᠡᠨ ᠶᠡᠬᠡ ᠪᠡᠷ ᠬᠥᠨᠥᠭᠡᠬᠦ ᠪᠣᠯᠪᠠ᠃ ᠲᠡᠷᠡ ᠪᠡᠷ ᠵᠡᠭᠦᠨ ᠪᠣᠯᠤᠨ ᠲᠥᠪ ᠨᠤᠲᠤᠭ ᠳᠠᠬᠢ ᠮᠣᠩᠭᠣᠯᠴᠤᠳ ᠢ ᠨᠢᠭᠡᠳᠬᠡᠭᠡᠳ᠂ 1426 ᠤᠨ ᠳᠤ ᠥᠪᠡᠷ ᠢ ᠪᠡᠨ ᠬᠠᠭᠠᠨ ᠭᠡᠵᠦ ᠵᠠᠷᠯᠠᠪᠠ᠃ ᠠᠳᠠᠢ ᠬᠠᠭᠠᠨ ᠥᠪᠡᠷ ᠦᠨ ᠳᠡᠭᠦᠦ ᠬᠠᠳᠠᠢ ᠪᠣᠯᠤᠨ ᠠᠷᠤᠭᠲᠠᠢ ᠲᠠᠢ ᠨᠢᠭᠡᠳᠦᠨ ᠣᠶᠢᠷᠠᠳ ᠤᠳ ᠢ ᠢᠯᠠᠵᠤ᠂ ᠲᠡᠳᠡᠨ ᠦ ᠶᠡᠬᠡᠩᠬᠢ ᠲᠣᠯᠣᠭᠠᠶᠢᠯᠠᠭᠴᠢᠳ ᠢ ᠨᠢ ᠬᠥᠨᠥᠭᠡᠪᠡ᠃ ᠠᠳᠠᠢ ᠬᠠᠭᠠᠨ ᠣᠶᠢᠷᠠᠳ ᠤᠨ ᠨᠣᠶᠠᠳ ᠢ ᠪᠠᠷᠢᠭᠰᠠᠨ ᠤ ᠳᠠᠷᠠᠭ᠎ᠠ ᠭᠦᠯᠢᠴᠢᠭ ᠦᠨ ᠡᠬᠡᠨᠡᠷ ᠢ ᠠᠪᠴᠤ ᠰᠠᠭᠤᠪᠠ᠃ ᠮᠥᠨ ᠪᠠᠲᠤᠯᠠ ᠴᠢᠩᠰᠠᠩ ᠤᠨ ᠬᠦᠦ ᠪᠣᠯᠬᠤ ᠪᠠᠬᠠᠮᠣ ᠶᠢ ᠣᠯᠵᠠᠯᠠᠨ ᠠᠪᠴᠤ᠂ ᠲᠣᠭᠣᠭᠠᠨ ᠳᠣᠣᠷ᠎ᠠ ᠬᠥᠮᠦᠷᠢᠴᠥ ᠲᠣᠭᠣᠭᠠᠨ(ᠲᠣᠭᠣᠨ) ᠬᠡᠮᠡᠬᠦ ᠨᠡᠷ᠎ᠡ ᠥᠭᠭᠦᠭᠡᠳ ᠪᠣᠭᠣᠯ ᠢᠶᠠᠨ ᠪᠣᠯᠭᠠᠪᠠ᠃ ᠭᠡᠰᠡᠨ ᠬᠡᠳᠦᠢ ᠴᠤ ᠪᠠᠷᠠᠭᠤᠨ ᠮᠣᠩᠭᠣᠯᠴᠤᠳ ᠠᠳᠠᠢ ᠬᠠᠭᠠᠨ ᠢ ᠬᠠᠭᠠᠨ ᠢᠶᠠᠨ ᠭᠡᠵᠦ ᠪᠦᠷᠢᠨ ᠳᠦᠭᠦᠷᠡᠩ ᠬᠦᠯᠢᠶᠡᠨ ᠠᠪᠤᠭᠰᠠᠨ ᠦᠭᠡᠢ᠃ ᠲᠤᠬᠠᠢ ᠶᠢᠨ ᠦᠶ᠎ᠡ ᠳᠦ ᠪᠠᠷᠠᠭᠤᠨ ᠮᠣᠩᠭᠣᠯᠴᠤᠳ ᠥᠪᠡᠷ ᠦᠨ ᠭᠡᠰᠡᠨ ᠬᠠᠨ ᠦᠭᠡᠢ ᠪᠠᠶᠢᠭᠰᠠᠨ ᠲᠤᠯᠠ ᠠᠳᠠᠢ ᠬᠠᠭᠠᠨ 9 ᠵᠢᠯ ᠪᠠᠷᠠᠭᠤᠨ ᠮᠣᠩᠭᠣᠯ ᠢ ᠵᠠᠬᠢᠷᠤᠭᠰᠠᠨ᠃ ᠣᠶᠢᠷᠠᠳ ᠤᠨ ᠲᠠᠶᠢᠰᠢ ᠶᠢᠨ ᠪᠡᠯᠪᠡᠰᠦᠨ ᠡᠬᠡᠨᠡᠷ ᠲᠣᠭᠣᠭᠠᠨ ᠢ ᠪᠠᠷᠠᠭᠤᠨ ᠮᠣᠩᠭᠣᠯ ᠤᠨ ᠬᠠᠭᠠᠨ ᠬᠡᠮᠡᠨ ᠵᠠᠷᠯᠠᠪᠠ᠃ 1422, 1423 ᠤᠨ ᠳᠤ ᠪᠣᠯᠤᠭᠰᠠᠨ ᠦᠢᠯᠡ ᠶᠠᠪᠤᠳᠠᠯ ᠠᠴᠠ ᠪᠣᠯᠵᠤ ᠠᠳᠠᠢ ᠬᠠᠭᠠᠨ 1430 ᠤᠨ ᠭᠡᠬᠦ ᠳᠦ ᠮᠠᠰᠢ ᠶᠡᠬᠡ ᠬᠣᠬᠢᠷᠠᠯ ᠠᠮᠰᠠᠭᠰᠠᠨ ᠪᠠᠶᠢᠪᠠ᠃ 3 ᠳᠠᠬᠢ ᠤᠳᠠᠭ᠎ᠠ ᠪᠠᠨ ᠣᠶᠢᠷᠠᠳ ᠤᠳ ᠲᠡᠭᠦᠨ ᠦ ᠭᠣᠣᠯ ᠬᠦᠴᠦ ᠶᠢ ᠪᠤᠲᠠ ᠴᠣᠬᠢᠭᠰᠠᠨ ᠠᠴᠠ ᠪᠣᠯᠵᠤ ᠲᠡᠷᠡ ᠪᠡᠷ ᠦᠷ᠎ᠡ ᠳ᠋ᠦᠩ ᠲᠡᠢ ᠳᠠᠭᠠᠷᠢᠯᠲᠠ ᠬᠢᠵᠦ ᠴᠢᠳᠠᠬᠤ ᠦᠭᠡᠢ ᠪᠣᠯᠪᠠ᠃ 1434 ᠤᠨ ᠳᠤ ᠣᠶᠢᠷᠠᠳ ᠤᠳ ᠢᠯᠠᠭᠰᠠᠨ ᠢᠶᠠᠷ ᠠᠳᠠᠢ ᠬᠠᠭᠠᠨ ᠬᠠᠳᠠᠢ ᠪᠣᠯᠤᠨ ᠠᠷᠤᠭᠲᠠᠢ ᠨᠠᠷ ᠢᠯᠠᠭᠳᠠᠵᠠᠭᠠᠪᠠ᠃ (ᠪᠦᠷᠢᠨ ᠠᠭᠤᠯᠭ᠎ᠠ ᠶᠢ ᠤᠩᠰᠢᠬᠤ)

ᠶᠡᠬᠡ ᠮᠣᠩᠭᠣᠯ ᠤᠯᠤᠰ ᠤᠨ ᠶᠡᠬᠡ ᠬᠠᠭᠠᠨ ᠤ ᠲᠠᠮᠠᠭ᠎ᠠ
ᠶᠡᠬᠡ ᠮᠣᠩᠭᠣᠯ ᠤᠯᠤᠰ ᠤᠨ ᠶᠡᠬᠡ ᠬᠠᠭᠠᠨ ᠤ ᠲᠠᠮᠠᠭ᠎ᠠ

 ᠶᠡᠬᠡ ᠮᠣᠩᠭᠣᠯ ᠤᠯᠤᠰ ᠤᠨ ᠶᠡᠬᠡ ᠬᠠᠭᠠᠨ ᠤ ᠲᠠᠮᠠᠭ᠎ᠠ ᠨᠢ ᠴᠢᠩᠭᠢᠰ ᠬᠠᠭᠠᠨ ᠤ ᠵᠠᠷᠯᠢᠭ ᠢᠶᠠᠷ ᠠᠩᠬ᠎ᠠ ᠪᠦᠲᠦᠭᠡᠭᠳᠡᠭᠰᠡᠨ᠃ ᠤᠭ ᠲᠠᠮᠠᠭ᠎ᠠ ᠨᠢ ᠮᠣᠩᠭᠣᠯ ᠤᠨ ᠶᠡᠬᠡ ᠬᠠᠭᠠᠨ ᠤ ᠡᠷᠬᠡ ᠮᠡᠳᠡᠯ᠂ ᠵᠠᠬᠢᠷᠬᠤ ᠡᠷᠬᠡ ᠵᠦᠢ ᠶᠢᠨ ᠬᠡᠮ ᠬᠡᠮᠵᠢᠶ᠎ᠡ ᠶᠢ ᠨᠡᠶᠢᠲᠡ ᠳᠦ ᠲᠤᠩᠬᠠᠭᠯᠠᠨ ᠵᠠᠷᠯᠠᠵᠤ᠂ ᠪᠠᠲᠤᠯᠠᠭᠠᠵᠢᠭᠤᠯᠤᠭᠰᠠᠨ ᠴᠢᠬᠤᠯᠠ ᠪᠦᠲᠦᠭᠡᠯ ᠶᠤᠮ᠃ ᠬᠠᠭᠠᠨ ᠬᠦᠮᠦᠨ ᠲᠥᠷᠥ ᠶᠢᠨ ᠲᠠᠮᠠᠭ᠎ᠠ ᠬᠡᠷᠡᠭᠯᠡᠬᠦ ᠶᠣᠰᠣ ᠨᠢ ᠨᠢ᠋ᠮᠠᠨ ᠠᠶᠢᠮᠠᠭ ᠢ ᠡᠵᠡᠯᠡᠭᠰᠡᠨ ᠦᠶᠡᠰ ᠮᠣᠩᠭᠣᠯ ᠲᠥᠷᠥ ᠶᠢᠨ ᠤᠯᠠᠮᠵᠢᠯᠠᠯ ᠪᠣᠯᠵᠤ᠂ ᠬᠤᠪᠢᠯᠠᠢ ᠬᠠᠭᠠᠨ ᠤ ᠦᠶ᠎ᠡ ᠬᠦᠷᠲᠡᠯ᠎ᠡ ᠶᠡᠬᠡ ᠬᠠᠭᠠᠨ ᠤ ᠲᠠᠮᠠᠭ᠎ᠠ ᠶᠢ ᠬᠡᠷᠡᠭᠯᠡᠵᠦ ᠪᠠᠶᠢᠵᠠᠢ᠃ ᠬᠤᠪᠢᠯᠠᠢ ᠬᠠᠭᠠᠨ ᠰᠢᠷᠡᠭᠡᠨ ᠳᠦ ᠰᠠᠭᠤᠭᠰᠠᠨ ᠠᠴᠠ ᠬᠣᠶᠢᠰᠢ ᠥᠪᠡᠷ ᠦᠨ ᠭᠡᠰᠡᠨ ᠰᠢᠨ᠎ᠡ ᠲᠠᠮᠠᠭ᠎ᠠ ᠶᠢ ᠴᠢᠳᠬᠤᠨ ᠬᠡᠷᠡᠭᠯᠡᠬᠦ ᠪᠣᠯᠤᠭᠰᠠᠨ ᠪᠥᠭᠡᠳ ᠡᠨᠡ ᠦᠶᠡᠰ ᠴᠢᠩᠭᠢᠰ ᠬᠠᠭᠠᠨ ᠤ ᠲᠠᠮᠠᠭ᠎ᠠ ᠰᠤᠷᠠᠭ ᠲᠠᠰᠤᠷᠠᠭᠰᠠᠨ᠃ 1271  ᠤᠨ ᠳᠤ ᠤᠯᠤᠰ ᠤᠨ ᠢᠶᠠᠨ ᠨᠡᠷ᠎ᠡ ᠶᠢ ᠰᠤᠯᠢᠵᠤ᠂ ᠶᠡᠬᠡ ᠶᠤᠸᠠᠨ ᠤᠯᠤᠰ ᠬᠡᠮᠡᠬᠦ ᠪᠣᠯᠤᠭᠰᠠᠨ ᠪᠠ ᠡᠨᠡ ᠦᠶᠡᠰ ᠫᠠᠭᠪᠠ ᠯᠠᠮᠠ ᠶᠢᠨ ᠵᠣᠬᠢᠶᠠᠭᠳᠠᠭᠰᠠᠨ ᠳᠥᠷᠪᠡᠯᠵᠢᠨ ᠦᠰᠦᠭ ᠢᠶᠡᠷ ᠪᠢᠴᠢᠭᠰᠡᠨ ᠪᠢᠴᠢᠭᠡᠰᠦ ᠪᠦᠬᠦᠢ ᠰᠢᠨ᠎ᠡ ᠲᠠᠮᠠᠭ᠎ᠠ ᠵᠢ ᠬᠡᠷᠡᠭᠯᠡᠬᠦ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠹᠦᠵᠢ ᠠᠭᠤᠯᠠ
ᠹᠦᠵᠢ ᠠᠭᠤᠯᠠ

ᠹᠦᠵᠢ ᠠᠭᠤᠯᠠ (ᠶᠠᠫᠣᠨ ᠶᠢᠡᠷ 富士山) ᠨᠢ ᠶᠠᠫᠣᠨ ᠤ ᠱᠢᠰᠣᠺᠠᠶᠠᠮᠠᠨᠤᠰᠢ ᠠᠶᠢᠮᠠᠭ ᠤᠳ ᠤᠨ ᠨᠤᠲᠤᠭ ᠲᠤ ᠤᠷᠤᠰᠢᠬᠤ ᠢᠳᠡᠪᠬᠢᠲᠡᠢ ᠭᠠᠯᠲᠤ ᠠᠭᠤᠯᠠ ᠶᠤᠮ᠃ ᠳᠠᠯᠠᠢ ᠶᠢᠨ ᠲᠦᠪᠰᠢᠨ ᠡᠴᠡ ᠳᠡᠭᠡᠭᠰᠢ 3,776 m ᠥᠨᠳᠥᠷ ᠲᠤᠰ ᠠᠭᠤᠯᠠ ᠨᠢ ᠶᠠᠫᠣᠨ ᠤ ᠬᠠᠮᠤᠭ ᠤᠨ ᠥᠨᠳᠥᠷ ᠴᠡᠭ ᠪᠣᠯᠤᠨ᠎ᠠ᠃ᠹᠦᠵᠢ-ᠬᠠᠺᠦᠨ᠎ᠡ-ᠢᠰᠦ ᠦᠨᠳᠦᠰᠦᠨ ᠦ ᠴᠡᠴᠡᠷᠯᠢᠭ ᠲᠦ ᠬᠦᠷᠢᠶᠡᠯᠡᠩ ᠳᠤ ᠪᠠᠭᠳᠠᠵᠣ ᠬᠠᠮᠠᠭᠠᠯᠠᠭᠳᠠᠳᠠᠭ᠃ ᠹᠦᠵᠢ ᠠᠭᠤᠯᠠ ᠨᠢ ᠬᠠᠮᠢᠭ᠎ᠠ ᠠᠴᠠ ᠨᠢ ᠴᠤ ᠬᠠᠷᠠᠭᠰᠠᠨ ᠲᠡᠭᠰᠢ ᠬᠡᠮᠲᠡᠢ᠂ ᠦᠵᠡᠰᠬᠦᠯᠡᠩ ᠲᠡᠢ ᠬᠠᠷᠠᠭᠳᠠᠳᠠᠭ ᠲᠤᠯᠠ ᠶᠠᠫᠣᠨ ᠲᠡᠳᠦᠢ ᠦᠭᠡᠢ ᠳᠡᠯᠡᠬᠡᠢ ᠶᠢᠨ ᠪᠤᠰᠤᠳ ᠤᠯᠤᠰ ᠤᠳ ᠲᠤ ᠶᠠᠫᠣᠨ ᠤ ᠪᠡᠯᠭᠡ ᠲᠡᠮᠳᠡᠭ ᠬᠡᠮᠡᠨ ᠠᠯᠳᠠᠷᠰᠢᠭᠰᠠᠨ᠃ (ᠪᠦᠷᠢᠨ ᠠᠭᠤᠯᠭ᠎ᠠ ᠶᠢ ᠤᠩᠰᠢᠬᠤ)

ᠲᠦᠷᠦᠭ
ᠲᠦᠷᠦᠭ

ᠲᠦᠷᠦᠭ ᠤᠭᠰᠠᠭᠠᠲᠠᠨ ᠨᠢ ᠠᠯᠲᠠᠢ ᠢᠵᠠᠭᠤᠷ ᠤᠨ ᠲᠦᠷᠦᠭ ᠬᠡᠯᠡᠨ ᠦ ᠪᠦᠯᠦᠭ ᠦᠨ ᠬᠡᠯᠡ ᠲᠡᠢ ᠠᠷᠠᠳ ᠲᠦᠮᠡᠨ 160-170 ᠰᠠᠶ᠎ᠠ ᠬᠦᠮᠦᠨ ᠲᠡᠢ ᠤᠭᠰᠠᠭᠠᠲᠠᠨ ᠶᠤᠮ᠃ ᠲᠡᠳᠡ ᠠᠽᠧᠷᠪᠠᠶᠢᠵᠠᠨ᠂ ᠲᠦᠷᠺ᠂ ᠲᠦᠺᠮᠧᠨ᠂ ᠦᠽᠡᠪᠸᠺᠢᠰᠲᠠᠨ᠂ ᠬᠠᠰᠠᠭ᠂ ᠬᠢᠷᠭᠢᠰ ᠵᠢᠷᠭᠤᠭᠠᠨ ᠤᠯᠤᠰ ᠤᠨ ᠦᠨᠳᠦᠰᠦᠨ ᠬᠦᠮᠦᠨ ᠠᠮᠠ ᠶᠢ ᠪᠦᠷᠢᠳᠦᠭᠦᠯᠳᠡᠭ᠃ ᠮᠥᠨ ᠣᠷᠣᠰ᠂ ᠬᠢᠲᠠᠳ᠂ ᠢᠷᠡᠨ᠂ ᠠᠹᠬᠠᠨᠨ᠂ ᠲᠠᠵᠢᠺᠢᠰᠲᠠᠨ᠂ ᠢᠷᠠᠺ᠂ ᠠᠮᠧᠷᠢᠺᠠ ᠶᠢᠨ ᠨᠢᠭᠡᠳᠦᠭᠰᠡᠨ ᠤᠯᠤᠰ ᠭᠡᠬᠦ ᠮᠡᠲᠦ ᠪᠤᠰᠤᠳ ᠤᠯᠤᠰ ᠣᠷᠣᠨ ᠳᠤ ᠲᠠᠷᠬᠠᠨ ᠰᠠᠭᠤᠷᠢᠰᠢᠵᠠᠢ᠃ ᠲᠦᠷᠦᠭ᠂ ᠮᠣᠩᠭᠣᠯ᠂ ᠲ᠋ᠦᠩᠬᠦᠰ ᠦᠳ ᠠᠯᠲᠠᠢ ᠬᠡᠯᠡᠨ ᠦ ᠢᠵᠠᠭᠤᠷ ᠍ ᠤᠨ ᠬᠡᠯᠡ ᠲᠡᠢ᠂ ᠨᠢᠭᠡ ᠭᠠᠷᠤᠯ ᠡᠭᠦᠰᠦᠯ ᠲᠡᠢ ᠠᠷᠠᠳ ᠲᠦᠮᠡᠨ ᠨᠦᠭᠦᠳ ᠭᠡᠵᠦ ᠶᠡᠬᠡᠩᠬᠢ ᠡᠷᠳᠡᠮᠲᠡᠳ ᠦᠵᠡᠳᠡᠭ᠃ ᠠᠯᠲᠠᠢ ᠬᠡᠯᠡᠨ ᠦ ᠢᠵᠠᠭᠤᠷ 5000 ᠵᠢᠯ ᠦᠨ ᠡᠮᠦᠨ᠎ᠡ ᠮᠣᠩᠭᠣᠯ᠂ ᠲᠦᠷᠦᠭ᠂ ᠲ᠋ᠦᠩᠬᠦᠰ ᠭᠡᠰᠡᠨ 3 ᠪᠦᠯᠦᠭᠲᠦ ᠬᠤᠪᠢᠶᠠᠭᠳᠠᠬᠤ ᠦᠶᠡᠰ ᠡᠳᠡᠭᠡᠷ ᠭᠤᠷᠪᠠᠨ ᠠᠷᠠᠳ ᠲᠦᠮᠡᠨ ᠬᠡᠯᠡ᠂ ᠰᠤᠶᠤᠯ᠂ ᠤᠭᠰᠠᠭᠠᠲᠠᠨ ᠤ ᠬᠤᠪᠢ ᠳᠤ ᠪᠡᠶ᠎ᠡ ᠳᠠᠩ ᠬᠥᠭᠵᠢᠵᠦ ᠡᠬᠢᠯᠡᠭᠰᠡᠨ ᠪᠥᠭᠡᠳ ᠡᠨᠡ ᠬᠦᠷᠲᠡᠯ᠎ᠡ ᠲᠡᠳᠡᠨ ᠦ ᠬᠡᠯᠡ ᠲᠡᠳᠦᠶᠢᠯᠡᠨ ᠢᠯᠭᠠᠭ᠎ᠠ ᠦᠭᠡᠢ ᠪᠠᠶᠢᠭᠰᠠᠨ ᠪᠣᠯᠤᠯᠲᠠᠢ᠃ ᠡᠷᠲᠡ ᠴᠠᠭ ᠠᠴᠠ ᠡᠬᠢᠯᠡᠨ ᠲᠦᠷᠦᠭ ᠦᠳ ᠠᠯᠲᠠᠢ ᠶᠢᠨ ᠢᠵᠠᠭᠤᠷ ᠤᠨ ᠬᠡᠯᠡ ᠳᠦ ᠠᠷᠠᠳ ᠲᠦᠮᠡᠨ ᠨᠦᠭᠦᠳ ᠦᠨ ᠪᠠᠷᠠᠭᠤᠨ ᠲᠠᠯ᠎ᠠ ᠳᠤ᠂ ᠮᠣᠩᠭᠣᠯᠴᠤᠳ ᠲᠥᠪ ᠳᠤᠮᠳᠠ ᠨᠢ᠂ ᠲ᠋ᠦᠩᠬᠦᠰ ᠤᠳ ᠵᠡᠭᠦᠨ ᠲᠠᠯ᠎ᠠ ᠳᠤ ᠨᠢ ᠰᠠᠭᠤᠷᠢᠰᠢᠨ ᠠᠮᠢᠳᠤᠷᠠᠵᠤ ᠢᠷᠡᠭᠰᠡᠨ ᠭᠡᠵᠦ ᠦᠵᠡᠳᠡᠭ᠃ (ᠪᠦᠷᠢᠨ ᠠᠭᠤᠯᠭ᠎ᠠ ᠶᠢ ᠤᠩᠰᠢᠬᠤ)

 ᠨᠠᠷᠤ ︱ 3
ᠨᠠᠷᠤ ︱ 3

ᠨᠠᠷᠤ ︱ 3(ᠬᠢᠲᠠᠳ  ᠶ᠋ᠢᠡᠷ 那如三味丸)᠄ ᠲᠤᠰ ᠨᠠᠢᠢᠷᠠᠯᠭ᠎ᠠ ᠪᠣᠯ ᠪᠦᠯᠢᠶᠡᠨ ᠴᠢᠨᠠᠷ ᠲᠠᠢ ᠨᠠᠢᠢᠷᠠᠯᠭ᠎ᠠ ᠪᠣᠯᠤᠨ᠎ᠠ ᠃ ᠡᠭᠦᠨ  ᠳ᠋ᠦ  ᠨᠢᠶᠠᠨ  ᠢ᠋  ᠨᠢᠲᠤᠯᠤᠨ᠂ ᠡᠪᠡᠳᠬᠦ  ᠶ᠋ᠢ ᠵᠤᠭᠰᠤᠭᠠᠬᠤ᠂ ᠰᠢᠷ᠎ᠠ ᠤᠰᠤ  ᠶ᠋ᠢ ᠬᠠᠲᠠᠭᠠᠬᠤ ᠪᠤᠩ ᠠ ᠪᠡᠷ ᠭᠤᠤᠯᠯᠠᠭᠴᠢ ᠡᠮ ᠪᠤᠯᠭᠠᠵᠤ᠂ ᠮᠠᠬᠠᠪᠤᠳ  ᠢ᠋ ᠲᠡᠭᠰᠢᠳᠭᠡᠬᠦ ᠪᠢᠪᠢᠯᠢᠩ  ᠶ᠋ᠢᠡᠷ ᠲᠤᠰᠠᠯᠠᠬᠤ ᠡᠮ ᠪᠤᠯᠭᠠᠵᠤ ᠨᠠᠢᠢᠷᠠᠭᠤᠯᠤᠭᠰᠠᠨ ᠲᠤᠯᠠ ᠪᠠᠳ᠌ᠭᠠᠨ ᠬᠡᠢ  ᠶ᠋ᠢ᠋ ᠳᠠᠷᠤᠬᠤ ᠂ ᠰᠢᠷ᠎ᠠ ᠤᠰᠤ  ᠶᠢ ᠠᠷᠢᠯᠭᠠᠬᠤ᠂ ᠨᠢᠶᠠᠨ  ᠢ᠋  ᠨᠢᠲᠤᠯᠬᠤ᠂ ᠬᠠᠪᠤᠳᠠᠷ  ᠢ᠋ ᠬᠠᠷᠢᠭᠤᠯᠬᠤ᠂ ᠡᠪᠡᠳᠬᠦ  ᠶ᠋ᠢ ᠵᠤᠭᠰᠤᠭᠠᠬᠤ ᠴᠢᠳᠠᠯ ᠲᠠᠢ ᠨᠠᠢᠢᠷᠠᠯᠭ᠎ᠠ ᠪᠤᠯᠵᠤ ᠪᠦᠷᠢᠯᠳᠦᠵᠡᠢ᠃ (ᠪᠦᠷᠢᠨ ᠠᠭᠤᠯᠭ᠎ᠠ ᠶᠢ ᠤᠩᠰᠢᠬᠤ)

ᠮᠤᠩᠭᠤᠯ ᠪᠦᠬᠦᠩ
ᠮᠤᠩᠭᠤᠯ ᠪᠦᠬᠦᠩ

ᠮᠣᠩᠭᠣᠯ ᠣᠷᠣᠨ ᠳᠤ ᠠᠩᠬᠠᠨ ᠠᠴᠠ ᠪᠠᠨ ᠪᠠᠶᠢᠭᠰᠠᠨ ᠲᠥᠷᠥᠯ ᠵᠦᠢᠯ ᠦᠨ ᠠᠮᠢᠲᠠᠨ ᠪᠤᠯᠤᠨ᠎ ᠠ᠃ ᠳᠡᠯᠡᠬᠡᠢ ᠶᠢᠨ ᠪᠠᠶᠢᠭᠠᠯᠢ ᠶᠢᠨ ᠬᠠᠮᠠᠭᠠᠯᠠᠯᠲᠠ ᠶᠢᠨ ᠰᠠᠩ(世界自然保护联盟) ᠤᠨ ᠤᠯᠠᠭᠠᠨ ᠳᠠᠩᠰᠠᠨ ᠳᠤ ᠲᠡᠮᠳᠡᠭᠯᠡᠭᠳᠡᠵᠤ ᠪᠤᠢ ᠳᠡᠯᠡᠬᠡᠢ ᠳᠡᠭᠡᠷ᠎ ᠡ ᠲᠤᠩ ᠬᠣᠪᠣᠷᠳᠠᠭᠰᠠᠨ ᠮᠦᠷᠲᠡᠭᠡᠨ᠂ ᠤᠰᠠᠳᠴᠤ ᠪᠣᠯᠣᠰᠢ ᠦᠭᠡᠢ ᠠᠮᠢᠲᠠᠨ ᠤ ᠠᠶᠢᠮᠠᠭ ᠲᠤ ᠪᠠᠭᠲᠤᠭᠰᠠᠨ ᠪᠥᠭᠡᠳ ᠮᠣᠩᠭᠣᠯ ᠣᠷᠣᠨ ᠤ ᠬᠡᠪᠴᠢᠶᠡᠨ ᠳᠦ ᠮᠥᠬᠦᠬᠦ ᠮᠠᠭᠠᠳᠯᠠᠯ ᠶᠢᠡᠷ ᠥᠨᠳᠥᠷ  ᠪᠤᠯᠤᠭᠰᠠᠨ ᠠᠮᠢᠲᠠᠨ ᠤ ᠲᠣᠭᠠᠨ ᠳᠤ ᠪᠠᠭᠲᠤᠭᠰᠠᠨ ᠪᠠᠶᠢᠨ᠎ᠠ᠃ ᠪᠥᠬᠥᠩ ᠤᠨ ᠲᠠᠷᠬᠠᠨ ᠠᠮᠢᠳᠤᠷᠠᠳᠠᠭ ᠳᠡᠯᠡᠬᠡᠢ ᠶᠢᠨ ᠪᠦᠬᠦ ᠤᠯᠤᠰ ᠣᠷᠣᠨ ᠤ ᠵᠠᠰᠠᠭ ᠵᠠᠬᠢᠷᠭ᠎ᠠ᠂ ᠰᠢᠨᠵᠢᠯᠡᠬᠦ ᠤᠬᠠᠭᠠᠨ ᠤ ᠬᠦᠷᠢᠶᠡᠯᠡᠩ ᠨᠦᠭᠦᠳ᠂ ᠣᠯᠠᠨ ᠤᠯᠤᠰ ᠤᠨ ᠪᠠᠶᠢᠭᠤᠯᠤᠯᠭ᠎ᠠ ᠨᠤᠭᠤᠳ᠂ ᠲᠥᠷᠥ ᠶᠢᠨ ᠪᠠ ᠲᠥᠷᠥ ᠶᠢᠨ ᠪᠤᠰᠤ ᠪᠠᠶᠢᠭᠤᠯᠤᠯᠭ᠎ᠠ ᠨᠤᠭᠤᠳ ᠪᠣᠯᠤᠨ ᠲᠥᠯᠦᠭᠡᠯᠡᠭᠴᠢᠳ ᠣᠷᠣᠯᠴᠠᠭᠰᠠᠨ ᠡᠷᠳᠡᠮ ᠰᠢᠨᠵᠢᠯᠡᠭᠡᠨ ᠦ ᠣᠯᠠᠨ ᠤᠯᠤᠰ ᠤᠨ ᠬᠠᠮᠲᠤᠷᠤᠭᠰᠠᠨ ᠬᠤᠷᠠᠯ ᠤᠯᠠᠭᠠᠨᠪᠠᠭᠠᠲᠤᠷ ᠬᠣᠳᠠ ᠳᠤ 2010 ᠤᠨ ᠳᠤ ᠪᠣᠯᠤᠭᠰᠠᠨ ᠪᠥᠭᠡᠳ ᠮᠣᠩᠭᠣᠯ ᠪᠥᠬᠥᠩ ᠢ ᠪᠤᠰᠤᠳ ᠪᠥᠬᠦᠩ ᠡᠴᠡ ᠲᠤᠰ ᠲᠤ ᠪᠠᠨ ᠪᠡᠶ᠎ᠡ ᠳᠠᠭᠠᠭᠰᠠᠨ ᠲᠥᠷᠦᠯ ᠠᠩᠭᠢ(Saiga borealis) ᠭᠡᠳᠡᠭ ᠢ ᠨᠢ ᠬᠦᠯᠢᠶᠡᠨ ᠵᠥᠪᠰᠢᠶᠡᠷᠡᠴᠦ᠂ ᠣᠯᠠᠨ ᠤᠯᠤᠰ ᠤᠨ ᠭᠡᠷ᠎ᠡ᠂ ᠲᠡᠮᠳᠡᠭᠯᠡᠯ ᠶᠢ ᠰᠢᠨᠡᠴᠢᠯᠡᠨ ᠪᠠᠶᠢᠭᠤᠯᠵᠤ ᠨᠠᠶᠢᠷᠠᠭᠤᠯᠤᠭᠰᠠᠨ ᠶᠤᠮ (ᠪᠦᠷᠢᠨ ᠠᠭᠤᠯᠭ᠎ᠠ ᠶᠢ ᠤᠩᠰᠢᠬᠤ)

ᠫᠠᠭ ᠭᠤᠨᠢ ᠬᠧ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠫᠠᠩ ᠭᠤᠨᠢ ᠬᠧ (ᠰᠣᠯᠣᠩᠭᠣᠰ ᠢᠶᠠᠷ 박근혜ᠠᠩᠭᠯᠢ ᠪᠠᠷ Park Geun-hye 1952  ᠤᠨ ᠤ 2 ᠰᠠᠷ᠎ᠠ ᠶᠢᠨ 2 ᠍ ᠳᠦ ᠲᠡᠭᠦ ᠬᠣᠲᠠᠳ ᠲᠦᠷᠦᠭᠰᠡᠨ) – 2012 ᠤᠨ ᠤ 12 ᠰᠠᠷ᠎ᠠ ᠶᠢᠨ 19 ᠍ ᠳᠦ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ 18 ᠳ᠋ᠠᠬᠢ ᠤᠳᠠᠭ᠎ᠠ ᠶᠢᠨ ᠶᠡᠷᠦᠩᠬᠡᠶᠢᠯᠡᠭᠴᠢ ᠪᠡᠷ ᠰᠣᠩᠭ᠋ᠣᠭᠳᠠᠭᠰᠠᠨ ᠤᠯᠤᠰ ᠲᠥᠷᠦᠴᠢ ᠡᠮᠡᠭᠲᠡᠢ᠃ 2013 ᠤᠨ ᠤ 2 ᠰᠠᠷ᠎ᠠ ᠶᠢᠨ 25 ᠍ ᠳᠦ ᠡᠭᠦᠷᠭᠡᠳᠦ ᠠᠵᠢᠯ ᠳᠤ ᠪᠠᠨ ᠣᠷᠣᠭᠰᠠᠨ ᠢᠶᠠᠷ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠦ᠋ᠨ ᠠᠩᠬᠠᠨ ᠤ ᠡᠮᠡᠭᠲᠡᠢ ᠶᠡᠷᠦᠩᠬᠡᠶᠢᠯᠡᠭᠴᠢ ᠭᠡᠵᠦ ᠪᠠᠰᠠ ᠬᠡᠯᠡᠭᠳᠡᠨ᠎ᠡ᠃ ᠲᠡᠷᠡ ᠪᠡᠷ ᠡᠮᠦᠨᠡᠲᠦ ᠰᠣᠯᠣᠩᠭᠣᠰ ᠤᠨ 1963-1979 ᠤᠨ ᠤ ᠶᠡᠷᠦᠩᠬᠡᠶᠢᠯᠡᠭᠴᠢ ᠫᠠᠨᠭ᠌ ᠵᠣᠩ ᠬᠡᠢ ᠶᠢᠨ ᠲᠦᠷᠦᠭᠰᠡᠨ ᠬᠡᠦᠬᠡᠨ ᠪᠥᠭᠡᠳ 1998 ᠤᠨ ᠠᠴᠠ ᠬᠣᠶᠢᠰᠢ ᠣᠳᠥ ᠶᠢ ᠬᠦᠷᠲᠡᠯ᠎ᠡ ᠲᠠᠪᠤᠨ ᠤᠳᠠᠭ᠎ᠠ ᠤᠯᠤᠰ ᠤᠨ ᠬᠤᠷᠠᠯ ᠤᠨ ᠭᠡᠰᠢᠭᠦᠨ ᠢᠶᠡᠷ ᠰᠣᠩᠭᠣᠭᠳᠠᠭᠰᠠᠨ᠃ (ᠪᠦᠷᠢᠨ ᠠᠭᠤᠯᠭ᠎ᠠ ᠶᠢ ᠤᠩᠰᠢᠬᠤ)

ᠳᠡᠯᠪᠡᠭ ᠬᠠᠭᠠᠨ
Delbeg.png

ᠳᠡᠯᠪᠡᠭ ᠬᠠᠭᠠᠨ ᠨᠢ 1395 ᠤᠨ ᠤ ᠬᠥᠬᠡᠭᠴᠢᠨ ᠭᠠᠬᠠᠢ ᠵᠢᠯ ᠲᠥᠷᠦᠵᠢ᠂ 1415 ᠤᠨ ᠤ ᠴᠠᠭᠠᠨ ᠲᠠᠤᠯᠠᠢ ᠵᠢᠯ ᠲᠠᠭᠠᠯᠠᠯ ᠲᠡᠭᠦᠰᠴᠡᠢ᠃ 1412 ᠤᠨ ᠤ ᠰᠢᠷ᠎ᠠ ᠬᠤᠯᠤᠭᠠᠨ᠎ᠠ ᠵᠢᠯ ᠬᠠᠭᠠᠨ ᠣᠷᠣ ᠰᠠᠭᠤᠭᠰᠠᠨ᠃ ᠳᠡᠯᠪᠡᠭ ᠬᠠᠭᠠᠨ 20 ᠨᠠᠰᠤᠯᠠᠭᠰᠠᠨ᠃ ᠲᠡᠷᠡᠪᠡᠷ ᠥᠯᠵᠡᠶᠢᠲᠡᠮᠦᠷ ᠬᠠᠭᠠᠨ ᠤ ᠬᠦᠦ ᠶᠤᠮ᠃ ᠣᠶᠢᠷᠠᠳ ᠤᠳ 1412 ᠤᠨ ᠳᠤ ᠳᠡᠯᠪᠡᠭ ᠢ ᠬᠠᠭᠠᠨ ᠰᠢᠷᠡᠭᠡᠨ ᠳᠦ ᠰᠠᠭᠤᠯᠭᠠᠬᠤ ᠪᠠᠷ ᠡᠷᠭᠦᠮᠵᠢᠯᠡᠭᠰᠡᠨ ᠪᠣᠯᠪᠠᠴᠤ ᠳᠣᠷᠣᠨᠠᠲᠤ ᠮᠣᠩᠭᠣᠯ ᠤᠨ ᠶᠡᠬᠡᠩᠬᠢ ᠣᠪᠤᠭ ᠠᠶᠢᠮᠠᠭ ᠲᠡᠭᠦᠨ ᠢ ᠬᠦᠯᠢᠶᠡᠨ ᠵᠥᠪᠰᠢᠶᠡᠷᠡᠭᠰᠡᠨ ᠦᠭᠡᠢ᠃ ᠡᠶᠢᠨᠬᠦᠦ ᠲᠡᠷᠡ ᠪᠡᠷ ᠮᠣᠩᠭᠣᠯ ᠤᠨ ᠨᠤᠲᠤᠭ ᠳᠡᠪᠢᠰᠬᠡᠷ ᠦᠨ ᠪᠠᠷᠠᠭᠤᠨ ᠬᠡᠰᠡᠭ ᠢ ᠯᠠ ᠵᠠᠬᠢᠷᠳᠠᠭ ᠪᠠᠶᠢᠪᠠ᠃ ᠬᠠᠷᠢᠨ ᠲᠥᠪ ᠪᠣᠯᠤᠨ ᠵᠡᠭᠦᠨ ᠬᠡᠰᠡᠭ ᠠᠷᠤᠭᠲᠠᠢ ᠶᠢᠨ ᠤᠳᠤᠷᠢᠳᠤᠯᠭ᠎ᠠ ᠳᠣᠣᠷ᠎ᠠ ᠪᠠᠶᠢᠳᠠᠭ ᠪᠠᠶᠢᠭᠰᠠᠨ ᠪᠤᠶᠤ ᠮᠣᠩᠭᠣᠯ ᠤᠨ ᠭᠠᠵᠠᠷ ᠨᠤᠲᠤᠭ ᠤᠨ ᠵᠥᠪᠬᠡᠨ ᠭᠤᠷᠪᠠᠨ ᠤ ᠨᠢᠭᠡ ᠡᠴᠡ ᠪᠠᠭ᠎ᠠ ᠬᠤᠪᠢ ᠨᠢ ᠯᠠ ᠳᠡᠯᠪᠡᠭ ᠬᠠᠭᠠᠨ ᠤ ᠵᠠᠬᠢᠷᠭᠠᠨ ᠳᠤ ᠪᠠᠶᠢᠭᠰᠠᠨ᠃ ᠬᠣᠶᠠᠷ ᠲᠠᠯ᠎ᠠ ᠠᠷᠪᠠ ᠭᠠᠷᠤᠢ ᠵᠢᠯ ᠬᠣᠭᠣᠷᠣᠨᠳᠣ ᠪᠠᠨ ᠲᠤᠯᠤᠯᠳᠤᠭᠰᠠᠨ ᠤ ᠡᠴᠦᠰ ᠲᠦ 1414 ᠤᠨ ᠳᠤ ᠠᠷᠤᠭᠲᠠᠢ ᠶᠢ ᠬᠢᠲᠠᠳ ᠤᠨ ᠭᠠᠵᠠᠷ ᠨᠤᠲᠤᠭ ᠤᠨ ᠣᠶᠢᠷᠠᠯᠴᠠᠭ᠎ᠠ ᠰᠢᠬᠠᠨ ᠤᠷᠤᠭᠤᠯᠪᠠ᠃ 1415 ᠤᠨ ᠳᠤ ᠮᠢᠩ ᠤᠯᠤᠰ ᠤᠨ ᠴᠡᠷᠢᠭ ᠳᠡᠯᠪᠡᠭ ᠪᠣᠯᠤᠨ ᠪᠣᠯᠣᠳ ᠤᠨ ᠴᠡᠷᠢᠭ ᠢ ᠪᠤᠲᠠ ᠴᠣᠬᠢᠨ᠂ ᠲᠤᠤᠯᠠ ᠭᠣᠣᠯ ᠬᠦᠷᠲᠡᠯ᠎ᠡ ᠴᠥᠮᠥᠷᠡᠨ ᠣᠷᠣᠭᠰᠠᠨ ᠴᠤ ᠬᠣᠶᠠᠷ ᠲᠠᠯ᠎ᠠ ᠠᠳᠠᠯᠢᠬᠠᠨ ᠬᠣᠬᠢᠷᠠᠯ ᠠᠮᠰᠠᠪᠠ᠃ ᠡᠴᠦᠰ ᠲᠦ ᠨᠢ ᠳᠡᠯᠪᠡᠭ ᠬᠠᠭᠠᠨ 1415 ᠤᠨ ᠳᠤ ᠨᠠᠰᠤ ᠪᠠᠷᠪᠠ᠃ (ᠪᠦᠷᠢᠨ ᠠᠭᠤᠯᠭ᠎ᠠ ᠶᠢ ᠤᠩᠰᠢᠬᠤ)

Snapchat
Snapchat  ᠤᠨ ᠡᠬᠦᠰᠬᠡᠨ ᠪᠠᠢᠭᠤᠯᠤᠭᠴᠢ

Snapchat ᠬᠡᠮᠡᠬᠦ ᠤᠬᠤᠷ ᠴᠢᠮᠡᠬᠡ ᠰᠣᠯᠢᠯᠴᠠᠬᠤ ᠵᠣᠷᠢᠯᠭ᠎ᠠ ᠪᠦᠬᠦᠢ App  ᠢ ᠰᠲ᠋ᠠᠨᠹᠣᠷᠳ᠋ ᠍ ᠶᠡᠬᠡ ᠰᠤᠷᠭᠠᠭᠤᠯᠢ ᠳᠤ ᠰᠤᠷᠤᠯᠴᠠᠵᠤ ᠪᠠᠶᠢᠭᠰᠠᠨ ᠢᠧᠧᠨ ᠰᠫᠢᠭᠧᠯ(Evan Spiegel)᠂ ᠪᠣᠪᠪᠢ ᠮᠥᠷᠹᠢ(Bobby Murphy) ᠪᠠᠶᠢᠭᠤᠯᠵᠠᠢ᠃ ᠲᠡᠳᠡ ᠤᠳᠠᠯ ᠦᠭᠡᠢ ᠺᠣᠮᠫᠠᠨᠢ ᠪᠠᠨ ᠠᠩᠬᠠᠨ ᠤ ᠫᠷᠣᠭᠷᠠᠮ ᠤᠨ ᠢᠶᠠᠨ ᠨᠡᠷ᠎ᠡ ᠪᠡᠷ ᠨᠡᠷᠡᠯᠡᠭᠰᠡᠨ ᠶᠤᠮ᠃ ᠲᠡᠳᠡ ᠭᠡᠷᠡᠯ ᠵᠢᠷᠤᠭ ᠢ ᠶᠠᠭ ᠯᠠ ᠤᠬᠤᠷ ᠴᠢᠮᠡᠬᠡ ᠶᠠᠪᠤᠭᠤᠯᠬᠤ ᠬᠢᠯᠪᠠᠷ ᠠᠷᠭ᠎ᠠ ᠪᠠᠷ ᠰᠣᠯᠢᠯᠴᠠᠵᠤ᠂ ᠰᠡᠳᠬᠢᠯ ᠬᠥᠳᠡᠯᠦᠯ᠂ ᠦᠵᠡᠯ ᠪᠣᠳᠣᠯ ᠢᠶᠠᠨ ᠪᠣᠭᠣᠨᠢ ᠬᠤᠭᠤᠴᠠᠭᠠᠨ ᠳᠤ ᠢᠯᠡᠷᠬᠡᠶᠢᠯᠡᠬᠦ ᠫᠷᠣᠭᠷᠠᠮ ᠵᠣᠬᠢᠶᠠᠬᠤ ᠭᠠᠭᠴᠠᠬᠠᠨ ᠵᠣᠷᠢᠯᠭ᠎ᠠ ᠲᠠᠢ ᠪᠠᠶᠢᠯ᠎ᠠ᠃ ᠰᠲ᠋ᠠᠨᠹᠣᠷᠳ᠋ ᠍ ᠶᠡᠬᠡ ᠰᠤᠷᠭᠠᠭᠤᠯᠢ ᠶᠢᠨ ᠨᠢᠭᠡᠨ ᠲᠠᠩᠬᠢᠮ ᠳᠤ ᠰᠫᠢᠭᠧᠯ ᠨᠠᠷ ᠫᠷᠣᠭᠷᠠᠮ ᠬᠠᠩᠭᠠᠮᠵᠢ ᠶᠢᠨ ᠢᠶᠠᠨ ᠺᠣᠳ᠋ ᠍ ᠢ ᠵᠣᠬᠢᠶᠠᠬᠤ ᠠᠵᠢᠯ ᠳᠤ ᠪᠠᠨ ᠣᠷᠣᠵᠠᠢ᠃

2017ᠤᠨ  ᠤ 3 ᠰᠠᠷ ᠡ ᠵᠢᠨ 3  ᠳᠤ ᠨᠢᠤ᠋ ᠶᠤᠷᠺ  ᠤᠨ ᠰᠲ᠋ᠤᠺ ᠰᠤᠯᠢᠯᠴᠠᠬᠤ ᠭᠠᠵᠡᠷ (The New York Stock Exchange ) ᠰᠲ᠋ᠤᠺ  ᠤᠨ ᠬᠤᠪᠢᠴᠠᠭᠠᠴᠠᠨ  ᠤ ᠵᠠᠬ ᠡ  ᠳᠤ ᠭᠠᠷᠴᠠᠢ ᠃ (ᠪᠦᠷᠢᠨ ᠠᠭᠤᠯᠭ᠎ᠠ ᠶᠢ ᠤᠩᠰᠢᠬᠤ)

ᠤᠯᠠᠭᠠᠨ-ᠦᠳᠡ
ᠤᠯᠠᠭᠠᠨ-ᠦᠳᠡ

ᠤᠯᠠᠭᠠᠨ-ᠦᠳᠡᠤᠯᠠᠭᠠᠨ»+«ᠦᠳᠡ»᠂ ᠦᠳᠡ ᠭᠡᠰᠡᠨ ᠨᠢ ᠦᠳᠡ ᠭᠣᠣᠯ ᠍ ᠤᠨ ᠨᠡᠷ᠎ᠡ ᠡᠴᠡ ᠥᠭᠭᠦᠭᠳᠡᠭᠰᠡᠨ; ᠮᠣᠩᠭᠣᠯ ᠳᠤ ᠤᠯᠠᠭᠠᠨ-ᠡᠭᠦᠳᠡ ᠭᠡᠵᠦ ᠠᠨᠳᠠᠭᠤᠷᠠᠵᠤ ᠪᠢᠴᠢᠬᠦ ᠨᠢ ᠲᠦᠭᠡᠮᠡᠯ ᠲᠠᠭᠠᠷᠠᠳᠠᠭ᠃ ᠣᠷᠣᠰ ᠲᠤ ᠪᠤᠷᠢᠶᠠᠳ ᠢᠶᠠᠷ ᠤᠯᠠᠭᠠᠨ-ᠦᠳᠡ; ᠃ 1934 ᠤᠨ ᠠᠴᠠ ᠤᠷᠢᠳᠤᠬᠢ ᠶᠢ ᠺᠢᠷᠢᠯ ᠮᠣᠩᠭᠣᠯ ᠳᠤ ᠳᠡᠭᠡᠳᠦ-ᠦᠳᠡ; ᠺᠢᠷᠢᠯ ᠪᠤᠷᠢᠶᠠᠳ ᠢᠶᠠᠷ ᠳᠡᠭᠡᠳᠦ-ᠦᠳᠡᠣᠷᠣᠰ ᠬᠣᠯᠪᠣᠭᠠᠨ ᠤ ᠤᠯᠤᠰ ᠍ ᠤᠨ ᠪᠦᠭᠦᠳᠡ ᠨᠠᠶᠢᠷᠠᠮᠳᠠᠬᠤ ᠪᠤᠷᠢᠶᠠᠳ ᠤᠯᠤᠰ (БНБурУ) ᠍ ᠤᠨ ᠨᠡᠶᠢᠰᠯᠡᠯ᠂ ᠳᠥᠷᠪᠡᠨ ᠪᠤᠮ ᠠᠴᠠ ᠣᠯᠠᠨ ᠬᠦᠮᠦᠨ ᠲᠡᠢ ᠬᠣᠲᠠ ᠶᠤᠮ᠃ ᠪᠠᠶᠢᠭᠠᠯ ᠨᠠᠭᠤᠷ ᠍ ᠤᠨ ᠵᠡᠭᠦᠨ ᠤᠷᠤᠭᠰᠢ 130 km ᠵᠠᠢ ᠶᠢᠨ ᠳᠤ ᠰᠡᠯᠡᠩᠭᠡ - ᠦᠳᠡ ᠬᠣᠶᠠᠷ ᠤᠨ ᠪᠡᠯᠴᠢᠷ ᠲᠦ ᠪᠠᠶᠢᠷᠢᠯᠠᠳᠠᠭ᠃ ᠬᠣᠲᠠ ᠶᠢᠨ ᠡᠵᠡᠯᠡᠬᠦ ᠲᠠᠯᠠᠪᠠᠢ — 347.6 km²᠃ 2011 ᠤᠨ ᠤ ᠪᠠᠶᠢᠳᠠᠯ ᠢᠶᠠᠷ 404 ᠮᠢᠩᠭᠠᠨ ᠬᠦᠮᠦᠨ ᠣᠷᠣᠰᠢᠨ ᠰᠠᠭᠤᠵᠤ ᠪᠠᠶᠢᠨ᠎ᠠ᠃ ᠣᠷᠣᠰ ᠤᠯᠤᠰ ᠤᠨ ᠬᠡᠮᠵᠢᠶᠡᠨ ᠳᠦ ᠬᠠᠷᠢᠴᠠᠭᠤᠯᠪᠠᠯ 45 ᠍ ᠳᠦᠭᠡᠷ ᠣᠯᠠᠨ ᠬᠦᠮᠦᠨ ᠠᠮᠢᠳᠤᠷᠠᠳᠠᠭ ᠬᠣᠲᠠ ᠨᠢ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠦᠵᠦᠮ ︱ 7
ᠨᠠᠷᠤ ︱ 3

ᠨᠠᠷᠤ ︱ 3(那如三味丸)᠄ ᠲᠤᠰ ᠨᠠᠢᠢᠷᠠᠯᠭ᠎ᠠ ᠪᠣᠯ ᠪᠦᠯᠢᠶᠡᠨ ᠴᠢᠨᠠᠷ ᠲᠠᠢ ᠨᠠᠢᠢᠷᠠᠯᠭ᠎ᠠ ᠪᠣᠯᠤᠨ᠎ᠠ ᠃ ᠡᠭᠦᠨ  ᠳᠦ  ᠨᠢᠶᠠᠨ  ᠢ  ᠨᠢᠲᠤᠯᠤᠨ᠂ ᠡᠪᠡᠳᠬᠦ  ᠶᠢ ᠵᠤᠭᠰᠤᠭᠠᠬᠤ᠂ ᠰᠢᠷ᠎ᠠ ᠤᠰᠤ  ᠶᠢ ᠬᠠᠲᠠᠭᠠᠬᠤ ᠪᠤᠩ ᠠ ᠪᠡᠷ ᠭᠤᠤᠯᠯᠠᠭᠴᠢ ᠡᠮ ᠪᠤᠯᠭᠠᠵᠤ᠂ ᠮᠠᠬᠠᠪᠤᠳ  ᠢ ᠲᠡᠭᠰᠢᠳᠭᠡᠬᠦ ᠪᠢᠪᠢᠯᠢᠩ  ᠢᠶᠡᠷ ᠲᠤᠰᠠᠯᠠᠬᠤ ᠡᠮ ᠪᠤᠯᠭᠠᠵᠤ ᠨᠠᠢᠢᠷᠠᠭᠤᠯᠤᠭᠰᠠᠨ ᠲᠤᠯᠠ ᠪᠠᠳ᠌ᠭᠠᠨ ᠬᠡᠢ  ᠶᠢ ᠳᠠᠷᠤᠬᠤ ᠂ ᠰᠢᠷ᠎ᠠ ᠤᠰᠤ  ᠶᠢ ᠠᠷᠢᠯᠭᠠᠬᠤ᠂ ᠨᠢᠶᠠᠨ  ᠢ  ᠨᠢᠲᠤᠯᠬᠤ᠂ ᠬᠠᠪᠤᠳᠠᠷ  ᠢ ᠬᠠᠷᠢᠭᠤᠯᠬᠤ᠂ ᠡᠪᠡᠳᠬᠦ  ᠶᠢ ᠵᠤᠭᠰᠤᠭᠠᠬᠤ ᠴᠢᠳᠠᠯ ᠲᠠᠢ ᠨᠠᠢᠢᠷᠠᠯᠭ᠎ᠠ ᠪᠤᠯᠵᠤ ᠪᠦᠷᠢᠯᠳᠦᠵᠡᠢ᠃ (ᠪᠦᠷᠢᠨ ᠠᠭᠤᠯᠭ᠎ᠠ ᠶᠢ ᠤᠩᠰᠢᠬᠤ)

ᠣᠯᠠᠨ ᠤᠯᠤᠰ ᠤᠨ ᠡᠮᠡᠭᠲᠡᠶᠢᠴᠦᠳ ᠦᠨ ᠡᠳᠦᠷ
ᠣᠯᠠᠨ ᠤᠯᠤᠰ ᠤᠨ ᠡᠮᠡᠭᠲᠡᠶᠢᠴᠦᠳ ᠦᠨ ᠡᠳᠦᠷ

ᠣᠯᠠᠨ ᠤᠯᠤᠰ ᠦ᠋ᠨ ᠡᠮᠡᠭᠲᠡᠶᠢᠴᠦᠳ ᠦ᠋ᠨ ᠡᠳᠦᠷ ᠪᠤᠶᠤ ᠬᠠᠭᠤᠴᠢᠨ ᠶ᠋ᠢᠡᠷ ᠣᠯᠠᠨ ᠤᠯᠤᠰ ᠦ᠋ᠨ ᠠᠵᠢᠯᠴᠢᠨ ᠡᠮᠡᠭᠲᠡᠶᠢᠴᠦᠳ ᠦ᠋ᠨ᠋ ᠡᠳᠦᠷ ᠨᠢ ᠵᠢᠯ ᠪᠦᠷᠢ ᠶ᠋ᠢᠨ 3 ᠰᠠᠷ᠎ᠠ ᠶ᠋ᠢᠨ 8 ᠍ ᠳ᠋ᠦ ᠪᠣᠯᠳᠠᠭ᠃ ᠣᠯᠠᠨ ᠤᠯᠤᠰ ᠦ᠋ᠨ ᠡᠮᠡᠭᠲᠡᠶᠢᠴᠦᠳ ᠦ᠋ᠨ ᠬᠠᠮᠤᠭ ᠦ᠋ᠨ ᠥᠷᠭᠡᠨ ᠲᠡᠮᠳᠡᠭᠯᠡᠳᠡᠭ ᠪᠠᠶᠠᠷ ᠶᠤᠮ᠃ ᠤᠯᠤᠰ ᠣᠷᠣᠨ ᠨᠤᠭᠤᠳ ᠪᠦᠬᠦ ᠨᠡᠶᠢᠲᠡ ᠶ᠋ᠢᠨ ᠪᠠᠶᠠᠷ ᠦ᠋ᠨ ᠡᠳᠦᠷ ᠪᠣᠯᠭᠠᠬᠤ ᠡᠴᠠ ᠡᠬᠢᠯᠡᠭᠡᠳ ᠡᠮᠡᠭᠲᠡᠶᠢᠴᠦᠳ ᠦ᠋ᠨ ᠡᠳ᠋ ᠍ ᠦ᠋ᠨ ᠵᠠᠰᠠᠭ᠂ ᠤᠯᠤᠰ ᠲᠥᠷᠥ᠂ ᠨᠡᠶᠢᠭᠡᠮ ᠳ᠋ᠦ ᠡᠵᠡᠯᠡᠬᠦ ᠪᠠᠶᠢᠷᠢ ᠰᠠᠭᠤᠷᠢ ᠶ᠋ᠢ ᠪᠡᠬᠢᠵᠢᠭᠦᠯᠬᠦ ᠳ᠋ᠦ ᠠᠩᠬᠠᠷᠬᠤ ᠵᠡᠷᠭᠡ ᠪᠡᠷ ᠶᠠᠩᠵᠤ ᠪᠦᠷᠢ ᠪᠡᠷ ᠲᠡᠮᠳᠡᠭᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠠᠳᠤᠭᠤ
ᠠᠳᠤᠭᠤ

ᠠᠳᠤᠭᠤ ᠨᠢ (Equus caballus ᠪᠤᠶᠤ Equus ferus caballus) ᠪᠢᠲᠡᠭᠦᠦ ᠲᠤᠭᠤᠷᠠᠶᠢᠲᠤ ᠬᠥᠬᠥᠲᠡᠨ ᠪᠥᠭᠡᠳ ᠤᠨᠤᠯᠭ᠎ᠠ᠂ ᠠᠴᠢᠯᠠᠭ᠎ᠠ᠂ ᠬᠦᠨᠡᠰᠦ ᠵᠡᠷᠭᠡ ᠳᠦ ᠠᠰᠢᠭᠯᠠᠳᠠᠭ ᠡᠳ᠋ ᠍ ᠦᠨ ᠵᠠᠰᠠᠭ ᠤᠨ ᠠᠴᠢ ᠬᠣᠯᠪᠣᠭᠳᠠᠯ ᠪᠦᠬᠦᠢ ᠭᠡᠷᠰᠢᠭᠦᠯᠦᠭᠰᠡᠨ ᠠᠮᠢᠲᠠᠨᠪᠤᠯᠤᠨ᠎ ᠠ᠃ ᠬᠦᠮᠦᠨ ᠲᠥᠷᠥᠯᠬᠢᠲᠡᠨ 10000 ᠵᠢᠯ ᠦᠨ ᠡᠮᠦᠨ᠎ᠡ ᠡᠴᠡ ᠠᠳᠤᠭᠤ ᠶᠢ ᠭᠡᠷᠰᠢᠭᠦᠯᠦᠭᠰᠡᠨ ᠭᠡᠳᠡᠭ᠃ ᠮᠣᠩᠭᠣᠯ ᠤᠨ ᠨᠡᠭᠦᠳᠡᠯ ᠦᠨ ᠰᠤᠶᠤᠯᠠᠮᠢᠳᠤᠷᠠᠯ ᠤᠨ ᠬᠡᠪ ᠮᠠᠶ᠋ᠢᠭ᠂ ᠤᠯᠠᠮᠵᠢᠯᠠᠯᠲᠤ ᠴᠡᠷᠢᠭ ᠦᠨ ᠤᠷᠠᠯᠢᠭ ᠨᠢ ᠠᠳᠤᠭᠤᠨ ᠳᠡᠭᠡᠷ᠎ᠡ ᠦᠨᠳᠦᠰᠦᠯᠡᠭᠰᠡᠨ ᠭᠡᠬᠦ ᠳᠦ ᠬᠡᠲᠦᠷᠬᠦ ᠦᠭᠡᠢ ᠪᠢᠯᠡ᠃ (ᠪᠦᠷᠢᠨ ᠠᠭᠤᠯᠭ᠎ᠠ ᠶᠢ ᠤᠩᠰᠢᠬᠤ)

ᠺᠢᠮᠤᠨᠤ
ᠺᠢᠮᠤᠨᠤ

ᠺᠢᠮᠤᠨᠤ 着物(きもの) ᠪᠤᠶᠤ ᠸᠠᠹᠦᠺᠦ 和服(わふく) ᠨᠢ ᠶᠡᠷᠦᠩᠬᠡᠢ ᠳᠦ ᠪᠡᠨ ᠬᠡᠯᠪᠡᠷᠢ ᠪᠣᠯᠤᠨ ᠡᠮᠦᠰᠬᠡᠯ ᠦᠨ ᠬᠤᠪᠢ ᠳᠤ ᠮᠣᠩᠭᠣᠯ ᠦᠨᠳᠦᠰᠦᠨ ᠦ ᠳᠡᠪᠡᠯ ᠲᠡᠢ ᠲᠥᠰᠲᠡᠢ ᠪᠣᠯᠪᠠᠴᠤ ᠬᠠᠨᠴᠤᠢ ᠶᠢᠨ ᠬᠤᠪᠢ ᠳᠤ ᠠᠷᠠᠢ ᠥᠭᠡᠷ᠎ᠡ᠂ ᠮᠥᠨ ᠪᠥᠰᠡᠨ ᠦ ᠬᠤᠪᠢ ᠳᠤ ᠣᠨᠴᠠᠯᠢᠭ ᠲᠠᠢ᠃ ᠶᠠᠫᠣᠨᠴᠤᠳ ᠡᠷᠲᠡ ᠦᠶ᠎ᠡ ᠳᠦ 《ᠺᠢᠮᠤᠨᠤ》 ᠶᠢ ᠡᠳᠦᠷ ᠪᠦᠷᠢ ᠡᠮᠦᠰᠳᠡᠭ ᠪᠠᠶᠢᠭᠰᠠᠨ ᠪᠣᠯ ᠣᠳᠣ ᠧᠦ᠋ᠷᠣᠫᠠ ᠬᠡᠪ ᠮᠠᠶ᠋ᠢᠭ ᠢᠶᠠᠷ ᠬᠤᠪᠴᠠᠰᠤᠯᠠᠳᠠᠭ ᠪᠣᠯᠤᠭᠰᠠᠨ ᠪᠥᠭᠡᠳ ᠵᠥᠪᠬᠡᠨ ᠤᠯᠠᠮᠵᠢᠯᠠᠯᠲᠤ ᠠᠷᠭ᠎ᠠ ᠬᠡᠮᠵᠢᠶ᠎ᠡ᠂ ᠪᠠᠶᠠᠷ ᠶᠣᠰᠣᠯᠠᠯ ᠤᠨ ᠦᠶ᠎ᠡ ᠳᠦ ᠯᠠ 《ᠺᠢᠮᠤᠨᠤ》 ᠍ ᠢ ᠡᠮᠦᠰᠳᠡᠭ᠃ ᠮᠥᠨ ᠶᠠᠫᠣᠨ ᠪᠦᠵᠢᠭ ᠪᠦᠵᠢᠭᠯᠡᠬᠦ᠂ ᠴᠡᠴᠡᠭ ᠠᠮᠢᠳᠤᠷᠠᠭᠤᠯᠬᠤ ᠤᠷᠠᠯᠢᠭ᠂ ᠴᠠᠢ ᠶᠢᠨ ᠶᠣᠰᠣᠯᠠᠯ ᠵᠡᠷᠭᠡ ᠶᠠᠫᠣᠨ ᠤ ᠤᠯᠠᠮᠵᠢᠯᠠᠯᠲᠤ ᠰᠤᠶᠤᠯ ᠤᠨ ᠠᠷᠭ᠎ᠠ ᠬᠡᠮᠵᠢᠶᠡᠨ ᠦ ᠦᠶ᠎ᠡ ᠪᠡᠷ 《ᠺᠢᠮᠤᠨᠤ》 ᠡᠮᠦᠰᠳᠡᠭ ᠃  ᠶᠠᠫᠣᠨ ᠬᠦᠮᠦᠨ ᠰᠦᠮ᠎ᠡ ᠳᠦ ᠮᠥᠷᠭᠥᠯ ᠦᠢᠯᠡᠳᠬᠦ ᠳᠦ ᠪᠡᠨ ᠺᠢᠮᠤᠨᠤ ᠡᠮᠦᠰᠳᠡᠭ᠃ ᠥᠬᠢᠳ 《ᠹᠦᠷᠢᠰᠠᠳᠡ》 ᠬᠡᠮᠡᠬᠦ ᠤᠷᠲᠤ ᠬᠠᠨᠴᠤᠢ ᠲᠠᠢ ᠺᠢᠮᠤᠨᠤ ᠡᠮᠦᠰᠳᠡᠭ᠃ ᠡᠨᠡᠬᠦ ᠤᠷᠲᠤ ᠬᠠᠨᠴᠤᠢ ᠲᠠᠢ ᠺᠢᠮᠤᠨᠤ ᠵᠥᠪᠬᠡᠨ ᠭᠡᠷᠯᠡᠭᠡ ᠦᠭᠡᠢ ᠡᠮᠡᠭᠲᠡᠶᠢᠴᠦᠳ ᠯᠠ ᠡᠮᠦᠰᠬᠦ ᠪᠥᠭᠡᠳ ᠡᠮᠡᠭᠲᠡᠢ ᠬᠦᠮᠦᠨ ᠦ ᠵᠠᠯᠠᠭᠤ ᠨᠠᠰᠤ ᠶᠢ ᠢᠯᠡᠳᠬᠡᠭᠰᠡᠨ ᠪᠠᠶᠢᠳᠠᠭ ᠣᠨᠴᠠᠯᠢᠭ ᠲᠠᠢ᠃ (ᠪᠦᠷᠢᠨ ᠠᠭᠤᠯᠭ᠎ᠠ ᠶᠢ ᠤᠩᠰᠢᠬᠤ)

ᠥᠯᠵᠡᠶᠢᠲᠡᠮᠦᠷ ᠬᠠᠭᠠᠨ
Uljitemur.png

ᠦᠯᠵᠢᠢᠳᠡᠮᠦᠷ ᠬᠠᠭᠠᠨ ᠪᠣᠨᠢᠶᠠᠰᠢᠷᠢ 1379 ᠤᠨ ᠳᠤ ᠡᠯᠪᠡᠭ ᠨᠢᠭᠦᠯᠡᠰᠦᠭᠴᠢ ᠬᠠᠭᠠᠨ ᠤ ᠬᠦᠦ ᠪᠣᠯᠤᠨ ᠮᠡᠨᠳᠦᠯᠡᠵᠡᠢ ᠂ ᠭᠦᠨᠳᠡᠮᠦᠷ ᠬᠠᠭᠠᠨ ᠤ ᠲᠡᠬᠦᠥ᠃ 1408-1411 ᠤᠨ ᠤ ᠬᠣᠭᠣᠷᠣᠨᠳᠣ ᠬᠠᠭᠠᠨ ᠰᠠᠭᠤᠵᠠᠢ᠃

ᠡᠯᠪᠡᠭ ᠬᠠᠭᠠᠨ ᠡᠴᠡ ᠬᠣᠶᠢᠰᠢ ᠂ ᠡᠵᠡᠨᠳᠦ ᠲᠦᠷᠦ ᠪᠠᠳᠣ ᠦᠭᠡᠢ ᠪᠣᠯᠵᠣ ᠬᠠᠭᠠᠨ ᠰᠠᠭᠣᠷᠢ ᠴᠤ ᠲᠣᠭᠳᠠᠪᠣᠷᠢ ᠦᠭᠡᠢ ᠪᠣᠯᠪᠠ᠃ ᠪᠣᠨᠢᠶᠠᠰᠢᠷᠢ ᠪᠠᠭ᠎ᠠ ᠨᠠᠰᠣᠨ ᠳᠤ ᠪᠠᠨ ᠪᠠᠷᠠᠭᠣᠨᠰᠢ ᠲᠦᠪ ᠠᠽᠢᠶ᠎ᠠ ᠶᠢᠨ ᠲᠡᠮᠦᠷ ᠬᠠᠨ ᠣᠯᠣᠰ ᠢ ᠲᠦᠰᠢᠷ᠎ᠡ ᠣᠳᠪᠠ᠃ 1408 ᠤᠨ ᠳᠤ ᠠᠷᠣᠭᠳᠠᠢ ᠲᠠᠢᠰᠢ ᠭᠦᠶᠢᠯᠢᠴᠢ ᠬᠠᠭᠠᠨ ᠦᠭᠡᠴᠢ ᠬᠠᠱᠠᠭ᠎ᠠ ᠶᠢ ᠬᠦᠨᠦᠭᠡᠭᠰᠡᠨ ᠦᠢᠮᠡᠭᠡᠨ ᠦ ᠦᠶ᠎ᠡ ᠪᠡᠷ ᠪᠣᠨᠢᠶᠠᠰᠢᠷᠢ ᠰᠠᠮᠠᠷᠺᠠᠨᠳ᠋ ᠡᠴᠡ ᠪᠣᠴᠠᠨ ᠢᠷᠡᠵᠦ ᠪᠡᠶ᠎ᠡ ᠪᠠᠨ ᠮᠣᠩᠭᠣᠯ ᠤᠨ ᠶᠡᠭᠡ ᠬᠠᠭᠠᠨ ᠦᠯᠵᠢᠢᠲᠡᠮᠦᠷ ᠬᠠᠭᠠᠨ ᠭᠡᠮᠡᠨ ᠡᠷᠭᠦᠮᠵᠢᠯᠡᠵᠡᠢ ᠃ ᠠᠷᠣᠭᠳᠠᠢ ᠰᠢᠨ᠎ᠡ ᠬᠠᠭᠠᠨ ᠢ ᠣᠭᠳᠣᠨ ᠲᠡᠮᠵᠢᠵᠥ ᠲᠡᠬᠦᠨ ᠦ ᠲᠠᠢᠱᠢ ᠪᠣᠯᠵᠣ ᠮᠣᠩᠭᠣᠯ ᠤᠨ ᠲᠦᠷᠥ ᠵᠢ ᠵᠠᠬᠢᠷᠪᠠ᠃

ᠮᠢᠩ ᠭᠦᠷᠦᠨ ᠦ ᠶᠦᠩᠯᠸ ᠬᠠᠭᠠᠨ ᠦᠯᠵᠢᠢᠳᠡᠮᠦᠷ ᠬᠠᠭᠠᠨ ᠳᠤ ᠡᠯᠴᠢ ᠢᠯᠡᠭᠡᠵᠥ ᠂ ᠡᠯᠴᠢ ᠶᠢᠨ ᠪᠢᠴᠢᠭ ᠲᠣᠷ ᠌᠄< ᠮᠣᠩᠭᠣᠯ ᠤᠨ ᠰᠦᠷ ᠬᠦᠴᠦᠨ ᠲᠣᠷᠣᠢᠳᠠᠵᠣ ᠂ ᠱᠦᠨ ᠳ᠋ᠢ ᠬᠠᠭᠠᠨ ᠤ ᠦᠷ᠎ᠡ ᠠᠶᠣᠰᠢᠷᠢᠳᠡᠷ᠎ᠠ ᠡᠴᠡ ᠭᠦᠨᠳᠡᠮᠦᠷ ᠭᠦᠷᠳᠡᠯ᠎ᠡ ᠰᠠᠢᠨ ᠢᠶᠠᠷ ᠲᠡᠭᠦᠰᠦᠭᠰᠡᠨ ᠢᠨᠣ ᠨᠢᠭᠡᠨ ᠴᠤ ᠦᠭᠡᠢ ᠭᠡᠮᠡᠨ ᠰᠣᠨᠣᠰᠣᠯ᠎ᠠ᠃ ᠮᠢᠨᠣ ᠡᠴᠢᠭᠡ ᠲᠠᠢᠽᠣ ᠭᠣᠣ ᠬᠣᠸᠠᠩᠳᠢ ᠪᠡᠷ ᠶᠣᠸᠠᠨ ᠣᠯᠣᠰ ᠤᠨ ᠣᠭᠰᠠᠭ᠎ᠠ ᠲᠦᠷᠦᠯ ᠢ ᠬᠣᠪᠢ ᠶᠢᠨ ᠭᠠᠳᠠᠨ᠎ᠠ ᠠᠰᠠᠷᠠᠨ ᠬᠠᠯᠠᠮᠵᠢᠯᠠᠵᠣ ᠲᠠᠭᠠᠷ᠎ᠠ ᠢᠷᠡᠭᠰᠡᠳ ᠢ ᠲᠠᠯᠪᠢᠨ ᠶᠠᠪᠣᠭᠣᠯᠣᠭᠰᠠᠭᠠᠷ ᠪᠠᠶᠢᠪᠠ᠃ ᠲᠡᠭᠦᠰᠳᠡᠮᠦᠷ ᠢ ᠲᠠᠯᠪᠢᠨ ᠶᠠᠪᠣᠭᠣᠯᠣᠭᠰᠠᠨ ᠢ ᠡᠮᠦᠨ᠎ᠡ ᠣᠮᠠᠷ᠎ᠠ ᠶᠢᠨ ᠬᠦᠮᠦᠨ ᠡᠰᠡ ᠮᠡᠳᠡᠬᠦ ᠢᠨᠣ ᠦᠭᠡᠢ ᠃ ᠮᠢᠨᠣ ᠰᠡᠳᠬᠢᠯ ᠪᠣᠯᠪᠠᠰᠣ ᠮᠦᠨ ᠡᠴᠢᠭᠡ ᠬᠠᠭᠠᠨ ᠤ ᠰᠡᠳᠬᠢᠯ ᠯᠣᠭᠡ ᠠᠳᠠᠯᠢ ᠪᠣᠶᠣ᠃ ᠡᠳᠦᠭᠡ ᠶᠣᠸᠠᠨ ᠣᠯᠣᠰ ᠤᠨ ᠣᠭᠰᠠᠭ᠎ᠠ ᠲᠠᠬᠢᠨ ᠬᠠᠭᠠᠨ ᠰᠠᠭᠣᠪᠠ᠃ ᠰᠢᠳᠣᠷᠭᠣ ᠵᠢ ᠭᠦᠢᠴᠡᠳᠭᠡᠨ ᠨᠣᠮᠣᠬᠠᠨ ᠢᠶᠠᠷ ᠲᠠᠭᠠᠬᠣ ᠂ ᠡᠰᠡ ᠲᠠᠭᠠᠬᠣ ᠨᠢ ᠲᠠ ᠨᠠᠷ ᠤᠨ ᠵᠢᠷᠭᠠᠨ ᠠᠮᠢᠳᠣᠷᠠᠬᠣ ᠪᠣᠶᠣ ᠮᠦᠬᠦᠵᠥ ᠰᠦᠨᠦᠬᠦ ᠳᠦ ᠬᠣᠯᠪᠣᠭᠳᠠᠮᠣᠢ ᠃ ᠰᠠᠢᠳᠣᠷ ᠪᠣᠯᠭᠣᠮᠵᠢᠯᠠᠨ ᠰᠡᠳᠬᠢᠭᠳᠥᠨ ︕ > ᠭᠡᠵᠡᠢ ᠃ (ᠪᠦᠷᠢᠨ ᠠᠭᠤᠯᠭ᠎ᠠ ᠶᠢ ᠤᠩᠰᠢᠬᠤ)

ᠣᠰᠺᠠᠷ ᠤᠨ ᠱᠠᠩᠨᠠᠯ
ᠣᠰᠺᠠᠷ ᠤᠨ ᠱᠠᠩᠨᠠᠯ

ᠠᠺᠠᠳᠧᠮᠢ(acadamy) ᠶᠢᠨ ᠱᠠᠩᠨᠠᠯ ᠪᠤᠶᠤ ᠣᠰᠺᠠᠷ ᠤᠨ ᠱᠠᠩᠨᠠᠯ ᠨᠢ ᠠᠮᠧᠷᠢᠺᠠ ᠶᠢᠨ ᠺᠢᠨᠣ᠋ ᠠᠺᠠᠳᠧᠮᠢᠡᠴᠡ [1] ᠵᠢᠯ ᠪᠦᠷᠢ ᠵᠣᠬᠢᠶᠠᠨ ᠪᠠᠶᠢᠭᠤᠯᠳᠠᠭ᠂ ᠺᠢᠨᠣ᠋ ᠦᠢᠯᠡᠳᠪᠦᠷᠢᠯᠡᠯ ᠦᠨ ᠰᠠᠯᠪᠤᠷᠢ ᠶᠢᠨ ᠬᠦᠮᠦᠰ ᠦᠨ ᠭᠠᠷᠭᠠᠭᠰᠠᠨ ᠠᠮᠵᠢᠯᠲᠠ ᠶᠢ ᠦᠨᠡᠯᠡᠬᠦ ᠵᠣᠷᠢᠯᠭ᠎ᠠ ᠲᠠᠢ ᠱᠠᠩᠨᠠᠯ ᠶᠤᠮ᠃ ᠱᠠᠩᠨᠠᠯ ᠢ ᠬᠦᠷᠲᠡᠭᠡᠳᠡᠭ ᠠᠯᠪᠠᠨ ᠶᠣᠰᠣᠨ ᠤ ᠠᠷᠭ᠎ᠠ ᠬᠡᠮᠵᠢᠶ᠎ᠡ ᠨᠢ ᠳᠡᠯᠡᠬᠡᠢ ᠶᠢᠨ ᠬᠠᠮᠤᠭ ᠤᠨ ᠨᠡᠷ᠎ᠡ ᠬᠦᠨᠳᠦᠲᠡᠢ ᠳᠦ ᠲᠣᠭᠠᠴᠠᠭᠳᠠᠳᠠᠭ᠃ ᠠᠮᠧᠷᠢᠺᠠ ᠶᠢᠨ ᠺᠢᠨᠣ᠋ ᠠᠺᠠᠳᠧᠮᠢ ᠶᠢ ᠠᠩᠬ᠎ᠠ ᠮᠧᠲ᠋ᠷᠣ᠋-ᠭᠣᠯᠣᠳᠸᠢᠨ-ᠮᠡᠶᠢᠷ ( Metro-Goldwyn-Mayer)  ᠤᠨ ᠳᠠᠷᠤᠭ᠎ᠠ ᠯᠤᠢᠰ ᠪᠧ᠂ ᠮᠡᠶᠢᠷ (Louis B. Mayer) ᠰᠡᠳᠡᠵᠡᠢ᠃

1927 ᠪᠠ 1928  ᠤᠨ ᠤ ᠺᠢᠨᠣ᠋ ᠤᠷᠠᠯᠢᠭ ᠲᠤ ᠭᠠᠷᠭᠠᠭᠰᠠᠨ ᠠᠮᠵᠢᠯᠲᠠ ᠪᠦᠲᠦᠭᠡᠯ ᠢ ᠦᠨᠡᠯᠡᠬᠦ ᠠᠩᠬᠠᠳᠤᠭᠠᠷ ᠣᠰᠺᠠᠷ ᠤᠨ ᠱᠠᠩᠨᠠᠯ ᠭᠠᠷᠳᠠᠭᠤᠯᠬᠤ ᠶᠣᠰᠣᠯᠠᠯ ᠨᠢ 1929  ᠤᠨ ᠤ 5 ᠰᠠᠷ᠎ᠠ ᠶᠢᠨ 16 ᠍ ᠳᠦ ᠬᠤᠯᠯᠢᠦ᠋ᠳ᠋ ( Hollywood) ᠍ ᠤᠨ ᠷᠦᠽᠸᠧᠯᠲ ᠵᠣᠴᠢᠳ ᠪᠠᠭᠤᠳᠠᠯ ( Hollywood Roosevelt Hotel) ᠳᠤ ᠵᠣᠬᠢᠶᠠᠭᠳᠠᠵᠠᠢ᠃ (ᠪᠦᠷᠢᠨ ᠠᠭᠤᠯᠭ᠎ᠠ ᠶᠢ ᠤᠩᠰᠢᠬᠤ)

ᠪᠦᠢᠯᠡᠰᠦ
ᠪᠦᠢᠯᠡᠰᠦ

ᠪᠦᠢᠯᠡᠰᠦ ᠨᠢ ᠣᠶᠢᠷᠠᠬᠢ ᠳᠣᠷᠣᠨᠠᠲᠤ ᠪᠣᠯᠤᠨ ᠡᠮᠦᠨᠡᠲᠦ ᠠᠽᠢᠶ᠎ᠠ ᠠᠴᠠ ᠭᠠᠷᠤᠯ ᠲᠠᠢ ᠮᠣᠳᠣ ᠶᠤᠮ᠃ ᠪᠦᠢᠯᠡᠰᠦ ᠭᠡᠳᠡᠭ ᠨᠢ ᠮᠥᠨ ᠤᠭ ᠮᠣᠳᠣᠨ ᠠᠴᠠ ᠭᠠᠳᠠᠨ᠎ᠠ ᠢᠳᠡᠵᠦ ᠪᠣᠯᠳᠠᠭ ᠦᠷ᠎ᠡ ᠶᠢ ᠬᠡᠯᠡᠳᠡᠭ᠃ ᠪᠦᠢᠯᠡᠰᠦᠨ ᠦ ᠵᠢᠮᠢᠰ ᠨᠢ ᠳᠣᠲᠣᠷ᠎ᠠ ᠪᠠᠨ ᠦᠷ᠎ᠡ ᠲᠡᠢ (ᠰᠠᠮᠤᠷ ᠪᠢᠰᠢ) ᠬᠠᠲᠠᠭᠤ ᠬᠠᠯᠢᠭᠰᠠᠨ ᠠᠴᠠ ᠲᠣᠭᠲᠠᠳᠠᠭ᠃ ᠬᠠᠲᠠᠭᠤ ᠬᠠᠯᠢᠰᠤ ᠶᠢ ᠨᠢ ᠠᠪᠤᠪᠠᠯ ᠦᠷ᠎ᠡ ᠨᠢ ᠭᠠᠷᠤᠨ᠎ᠠ᠃ ᠬᠠᠯᠢᠰᠤ ᠲᠠᠢ ᠪᠣᠯᠤᠨ ᠬᠠᠯᠢᠰᠤ ᠦᠭᠡᠢ ᠠᠯᠢ ᠠᠯᠢᠨ ᠢᠶᠠᠷ ᠨᠢ ᠬᠤᠳᠠᠯᠳᠤᠭᠠᠯᠠᠭᠳᠠᠳᠠᠭ᠃ (ᠪᠦᠷᠢᠨ ᠠᠭᠤᠯᠭ᠎ᠠ ᠶᠢ ᠤᠩᠰᠢᠬᠤ)

ᠭᠠᠯᠵᠠᠭᠤ ᠡᠪᠡᠳᠴᠢᠨ
ᠭᠠᠯᠵᠠᠭᠤ ᠡᠪᠡᠳᠴᠢᠨ

ᠭᠠᠯᠵᠠᠭᠤ ᠡᠪᠡᠳᠴᠢᠨ ᠨᠢ ᠬᠦᠮᠦᠨ ᠪᠣᠯᠤᠨ ᠪᠤᠰᠤᠳ ᠪᠦᠯᠢᠶᠡᠨ ᠴᠢᠰᠤᠲᠤ ᠠᠮᠢᠲᠠᠨ ᠳᠤ ᠲᠦᠷᠭᠡᠨ ᠴᠢᠨᠠᠷᠲᠠᠢ ᠲᠠᠷᠢᠬᠢᠨ ᠤ ᠦᠷᠪᠢᠰᠦᠯ ᠡᠭᠦᠰᠬᠡᠳᠡᠭ ᠸᠢᠷᠦᠰ ᠤᠨ ᠭᠠᠷᠤᠯ ᠲᠠᠢ ᠡᠪᠡᠳᠴᠢᠨ ᠶᠤᠮ᠃ ᠲᠤᠰ ᠲᠦᠷᠦᠯ ᠤᠨ ᠸᠢᠷᠦᠰ ᠲᠦ ᠬᠠᠯᠳᠠᠪᠤᠷᠢᠯᠠᠭᠳᠠᠭᠰᠠᠨ ᠤ ᠳᠠᠷᠠᠭ᠎ ᠠ᠂ ᠪᠠᠶ ᠡ ᠬᠠᠯᠠᠭᠤᠷᠠᠬᠤ᠂ ᠪᠠᠰᠠ ᠬᠠᠵᠠᠭᠤᠯᠤᠭᠰᠠᠨ ᠡᠰᠡᠪᠡᠯ ᠤᠷᠠᠭᠤᠯᠤᠭᠰᠠᠨ ᠰᠢᠷᠬᠠᠨ ᠤ ᠣᠷᠴᠢᠮ ᠢᠶᠠᠷ ᠴᠢᠮᠴᠢᠭᠢᠨᠡᠬᠦ ᠵᠡᠷᠭᠡ ᠡᠪᠡᠳᠴᠢᠨ ᠦ ᠠᠩᠬᠠᠨ ᠤ ᠰᠢᠨᠵᠢ ᠲᠡᠮᠳᠡᠭ ᠢᠯᠡᠷᠡᠳᠡᠭ᠃ ᠡᠳᠡᠭᠡᠷ ᠠᠩᠬᠠᠨ ᠤ ᠰᠢᠨᠵᠢ ᠲᠡᠮᠳᠡᠭ ᠦᠨ ᠳᠠᠷᠠᠭ᠎ᠠ ᠣᠭᠴᠣᠮ ᠰᠢᠷᠦᠭᠦᠨ ᠬᠥᠳᠡᠯᠭᠡᠭᠡᠨ ᠬᠢᠬᠦ᠂ ᠬᠢᠨᠠᠬᠤ ᠪᠣᠯᠤᠮᠵᠢ ᠦᠭᠡᠢ ᠬᠥᠭᠡᠷᠦᠯ ᠳᠤ ᠠᠪᠲᠠᠬᠤ᠂ ᠤᠰᠤᠨ ᠠᠴᠠ ᠠᠶᠤᠬᠤ᠂ ᠪᠡᠶ᠎ᠡ ᠶᠢᠨ ᠬᠡᠰᠡᠭ ᠦᠳ ᠢᠶᠡᠨ ᠬᠥᠳᠡᠯᠭᠡᠵᠦ ᠴᠢᠳᠠᠬᠤ ᠦᠭᠡᠢ ᠪᠣᠯᠬᠤ᠂ ᠤᠬᠠᠭᠠᠨ ᠪᠠᠯᠠᠷᠲᠠᠬᠤ᠂ ᠤᠬᠠᠭᠠᠨ ᠠᠯᠠᠳᠠᠬᠤ ᠵᠡᠷᠭᠡ ᠰᠢᠨᠵᠢ ᠲᠡᠮᠳᠡᠭ ᠢᠯᠡᠷᠡᠳᠡᠭ᠃ ᠰᠢᠨᠵᠢ ᠲᠡᠮᠳᠡᠭ ᠦᠳ ᠢᠯᠡᠷᠡᠭᠰᠡᠨ ᠦ ᠳᠠᠷᠠᠭ᠎ᠠ ᠭᠠᠯᠵᠠᠭᠤ ᠡᠪᠡᠳᠴᠢᠨ ᠨᠢ ᠭᠣᠣᠯᠳᠠᠭᠤ ᠦᠬᠦᠯ ᠳᠦ ᠬᠦᠷᠭᠡᠳᠡᠭ᠃ (ᠪᠦᠷᠢᠨ ᠠᠭᠤᠯᠭ᠎ᠠ ᠶᠢ ᠤᠩᠰᠢᠬᠤ)

ᠤᠯᠠᠯᠵᠢᠭᠠᠨ᠎ᠠ
ᠤᠯᠠᠯᠵᠢᠭᠠᠨ᠎ᠠ

ᠤᠯᠠᠯᠵᠢᠭᠠᠨ᠎ᠠ (五味子 )᠄ ᠤᠯᠠᠯᠵᠢᠭᠠᠨ᠎ᠠ ︱ 9 ᠳᠦ ᠭᠣᠣᠯᠯᠠᠭᠴᠢ ᠡᠮ ᠪᠣᠯᠭᠠᠵᠤ ᠬᠤᠳᠤᠭᠤᠳᠤᠠ ᠤ ᠭᠠᠯ  ᠤᠨ ᠢᠯᠴᠢ ᠪᠠᠭᠤᠷᠠᠭᠰᠠᠠ ᠂ ᠰᠠᠪᠠᠨ ᠤ ᠭᠦᠢᠳᠡᠨ  ᠢᠶᠡᠷ ᠢᠳᠡᠬᠡᠨ ᠡᠰᠡ ᠪᠣᠯᠪᠠᠰᠤᠷᠠᠵᠤ ᠦᠷᠭᠦᠯᠵᠢ ᠰᠠᠭᠤᠯᠭᠠᠬᠤ ᠂ ᠬᠡᠬᠡᠷᠡᠬᠦ ᠂ ᠬᠡᠪᠡᠯᠢ ᠬᠤᠷᠴᠢᠭᠢᠨᠠᠬᠤ ᠳᠤ ᠬᠡᠷᠡᠭᠯᠡᠬᠦ; ᠤᠯᠠᠯᠵᠢᠭᠠᠨ᠎ᠠ ︱ 7 ᠳᠦ ᠭᠣᠣᠯᠯᠠᠭᠴᠢ ᠡᠮ ᠪᠣᠯᠭᠠᠵᠤ ᠬᠠᠯᠠᠭᠤᠨ ᠬᠦᠢᠲᠡᠨ  ᠢᠶᠠᠷ ᠰᠠᠭᠤᠯᠭᠠᠬᠤ ᠶᠢ ᠵᠣᠭᠰᠤᠭᠠᠬᠤ ᠳᠤ ᠬᠡᠷᠡᠭᠯᠡᠬᠦ ; ᠬᠠᠷᠠᠪᠤᠷ ︱ 7 ᠳᠦ ᠬᠥᠯ ᠡᠮ ᠪᠣᠯᠭᠠᠵᠤ ᠂ ᠠᠮᠢᠰᠭᠤᠯ ᠳᠠᠪᠬᠤᠴᠠᠬᠤ ᠂ ᠠᠭᠤᠰᠭᠢᠨ ᠠᠷᠬᠠᠭ ᠂ ᠭᠦᠢᠳᠡᠨ  ᠢᠶᠡᠷ ᠪᠦᠬᠡᠯᠵᠢᠵᠦ ᠰᠠᠭᠤᠯᠭᠠᠬᠤ ᠵᠢ ᠵᠣᠭᠰᠤᠭᠠᠬᠤ ᠳᠤ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

  1. About the Academy Awards. Academy of Motion Picture Arts and Sciences. 2007-04-13 ᠍ ᠳᠦ ᠬᠠᠨᠳᠤᠭᠰᠠᠨ᠃

ᠪᠢᠴᠢᠭᠡᠰᠦ