ᠣᠨᠴᠠᠯᠠᠬᠤ ᠥᠭᠦᠯᠡᠯ/2017 2 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠠᠷᠯ ᠮᠠᠷᠺᠰ
ᠺᠠᠷᠯ ᠮᠠᠷᠺᠰ

ᠺᠠᠷᠯ ᠮᠠᠷᠺᠰ (ᠭ᠍ᠸᠷᠮᠠᠨ ᠶ᠋ᠢᠡᠷ Karl Heinrich Marx᠂ 1818.5.5 - 1883.3.14) ᠨᠢ 19 ᠳ᠋ᠤᠭᠠᠷ ᠵᠠᠭᠤᠨ ᠤ ᠹᠢᠯᠢᠰᠣᠹᠢᠴᠢ᠂ ᠤᠯᠤᠰ ᠲᠥᠷᠥ ᠶᠢᠨ ᠡᠳ᠋ ᠍ ᠦᠨ ᠵᠠᠰᠠᠭᠴᠢ ᠪᠣᠯᠤᠨ ᠬᠤᠪᠢᠰᠬᠠᠯᠴᠢ ᠪᠠᠶᠢᠵᠠᠢ᠃ ᠲᠡᠭᠦᠨ ᠢ ᠺᠣᠮᠮᠤᠨᠢᠰᠮ ᠤᠨ ᠡᠴᠢᠭᠡ ᠬᠡᠮᠡᠨ ᠨᠡᠷᠡᠶᠢᠳᠬᠦ ᠨᠢ ᠡᠯᠪᠡᠭ ᠪᠥᠭᠡᠳ᠂ ᠲᠡᠷᠡ ᠪᠡᠷ ᠰᠤᠷᠭᠠᠨ ᠬᠦᠮᠦᠵᠢᠭᠦᠯᠦᠭᠴᠢ ᠪᠣᠯᠤᠨ ᠤᠯᠤᠰ ᠲᠥᠷᠥ ᠶᠢᠨ ᠵᠢᠳᠬᠦᠯᠲᠡᠨ ᠪᠠᠶᠢᠪᠠ᠃ ᠮᠠᠷᠺᠰ ᠨᠡᠶᠢᠭᠡᠮ ᠤᠨ ᠪᠣᠯᠤᠨ ᠤᠯᠤᠰ ᠲᠥᠷᠥ ᠶᠢᠨ ᠠᠰᠠᠭᠤᠳᠠᠯ ᠤᠳ ᠢ ᠬᠥᠨᠳᠡᠵᠦ ᠪᠠᠶᠢᠭᠰᠠᠨ ᠪᠠ ᠲᠡᠦᠬᠡ ᠶᠢᠨ ᠠᠨᠠᠯᠢᠽᠢ ᠬᠢᠭᠰᠡᠨ ᠢᠶᠡᠷ ᠢᠶᠡᠨ ᠴᠤ ᠠᠯᠳᠠᠷᠲᠠᠢ ᠪᠢᠯᠡ᠃ ᠲᠡᠭᠦᠨ ᠦ ᠪᠠᠷᠢᠮᠲᠠᠯᠠᠵᠤ ᠪᠠᠶᠢᠭᠰᠠᠨ ᠦᠵᠡᠯ ᠪᠣᠳᠣᠯ ᠨᠢ ᠡᠪ ᠬᠠᠮᠳᠣ ᠨᠠᠮ ᠤᠨ ᠲᠤᠩᠬᠠᠭ (1848) ᠦᠨ ᠡᠬᠢᠨ ᠦ ᠮᠥᠷ ᠡᠴᠡ ᠬᠠᠷᠠᠭᠳᠠᠳᠠᠭ᠃《ᠡᠳᠦᠭᠡ ᠶᠢ ᠬᠦᠷᠲᠡᠯ᠎ᠡ ᠣᠷᠣᠰᠢᠨ ᠪᠠᠶᠢᠭᠰᠠᠨ ᠨᠡᠶᠢᠭᠡᠮ ᠤᠨ ᠲᠡᠦᠬᠡ ᠨᠦᠭᠦᠳ ᠨᠢ ᠠᠩᠬᠢ ᠶᠢᠨ ᠲᠡᠮᠡᠴᠡᠯ ᠦᠨ ᠲᠡᠦᠬᠡ ᠶᠤᠮ》᠃ ᠮᠠᠷᠺᠰ ᠨᠢ ᠺᠠᠫᠢᠲ᠋ᠠᠯᠢᠰᠮ ᠢ᠂ ᠤᠷᠢᠳᠤ ᠨᠢ ᠪᠠᠶᠢᠭᠰᠠᠨ ᠨᠡᠶᠢᠭᠡᠮ ᠪᠣᠯᠤᠨ ᠡᠳ᠋ ᠍ ᠦᠨ ᠵᠠᠰᠠᠭ ᠳᠡᠭᠡᠷ᠎ᠡ ᠲᠤᠯᠭᠠᠭᠤᠷᠢᠯᠠᠭᠰᠠᠨ ᠨᠡᠶᠢᠭᠡᠮ ᠦᠳ ᠦᠨ ᠠᠳᠠᠯᠢ ᠳᠣᠲᠣᠭᠠᠳᠤ ᠰᠢᠯᠲᠠᠭᠠᠨ ᠨᠤᠭᠤᠳ ᠠᠴᠠ ᠰᠦᠢᠷᠡᠨ᠎ᠡ ᠬᠡᠮᠡᠨ ᠦᠵᠡᠳᠡᠭ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠬᠠᠭᠠᠨ ᠣᠴᠣᠩ ᠰᠢᠪᠠᠭᠤ
ᠬᠠᠭᠠᠨ ᠣᠴᠣᠩ ᠰᠢᠪᠠᠭᠤ

ᠬᠠᠭᠠᠨ ᠣᠴᠣᠩ ᠰᠢᠪᠠᠭᠤ (Aptenodytes patagonicus 国王企鹅) ᠨᠢ ᠢᠮᠫᠧᠷᠠᠲ᠋ᠣᠷ ᠣᠴᠣᠩ ᠰᠢᠪᠠᠭᠤ ᠶᠢᠨ ᠳᠠᠷᠠᠭ᠎ᠠ ᠤᠷᠤᠬᠤ 2 ᠳᠠᠬᠢ ᠲᠣᠮᠣ ᠵᠦᠢᠯ ᠤᠨ ᠣᠴᠣᠩ ᠰᠢᠪᠠᠭᠤ ᠶᠤᠮ᠃ ᠠᠨᠲ᠋ᠠᠷᠺᠲ᠋ᠢᠳ᠋ ᠍ ᠤᠨ ᠣᠶᠢᠷᠠᠯᠴᠠᠭᠠᠬᠢ ᠪᠥᠰᠡ ᠶᠢᠨ ᠠᠷᠠᠯ ᠤᠳ ᠲᠤ ᠠᠮᠢᠳᠤᠷᠠᠬᠤ ᠪᠠ ᠨᠡᠶᠢᠲᠡ 2.23 ᠰᠠᠶ᠎ᠠ ᠬᠣᠣᠰ ᠪᠤᠢ ᠪᠥᠭᠡᠳ ᠲᠣᠭ᠎ᠠ ᠲᠣᠯᠣᠭᠠᠢ ᠨᠢ ᠴᠥᠭᠡᠷᠡᠬᠦ ᠬᠠᠨᠳᠤᠯᠭ᠎ᠠ ᠲᠠᠢ ᠪᠠᠶᠢᠨ᠎ᠠ᠃ ᠬᠠᠭᠠᠨ ᠣᠴᠣᠩ ᠰᠢᠪᠠᠭᠤ ᠨᠢ 90 ᠰᠠᠨᠲ᠋ᠢᠮᠧᠲ᠋ᠷ ᠥᠨᠳᠥᠷ᠂ 11-16 ᠺᠢᠯᠣᠭ᠍ᠷᠠᠮ ᠵᠢᠩ ᠲᠠᠢ ᠪᠠ ᠪᠤᠰᠤᠳ ᠪᠦᠬᠦ ᠵᠦᠢᠯ ᠦᠨ ᠣᠴᠣᠩ ᠰᠢᠪᠠᠭᠤᠳ ᠤᠨ ᠠᠳᠠᠯᠢ ᠤᠰᠤᠨ ᠤ ᠳᠠᠷᠤᠯᠲᠠ᠂ ᠡᠰᠡᠷᠢᠭᠦᠴᠡᠯ ᠢ ᠪᠠᠭᠠᠰᠭᠠᠬᠤ ᠱᠤᠪᠲᠤᠩ ᠬᠡᠯᠪᠡᠷᠢ ᠶᠢᠨ ᠪᠡᠶ᠎ᠡ ᠲᠡᠢ ᠪᠠ ᠳᠠᠯᠠᠪᠴᠢ ᠨᠢ ᠬᠠᠲᠠᠭᠤ᠂ ᠬᠠᠪᠲᠠᠭᠠᠢ ᠰᠡᠯᠢᠭᠦᠷ ᠪᠣᠯᠤᠨ ᠬᠥᠭᠵᠢᠭᠰᠡᠨ ᠪᠠᠶᠢᠳᠠᠭ᠃ ᠡᠷ᠎ᠡ᠂ ᠡᠮ᠎ᠡ ᠰᠢᠪᠠᠭᠤᠳ ᠦᠯᠦ ᠶᠠᠯᠢᠭ ᠥᠭᠡᠷ᠎ᠡ ᠵᠢᠰᠦᠮ ᠦᠨ ᠥᠳᠥ ᠲᠡᠢ ᠪᠠ ᠡᠮ᠎ᠡ ᠨᠢ ᠪᠡᠶ᠎ᠡ ᠪᠡᠷ ᠠᠷᠠᠢ ᠵᠢᠵᠢᠭ᠃ ᠬᠣᠰᠢᠭᠤ ᠨᠢ ᠬᠠᠷ᠎ᠠ ᠥᠩᠭᠡᠲᠡᠢ᠂ ᠤᠷᠲᠤ ᠨᠠᠷᠢᠨ᠂ ᠳᠣᠭᠣᠭᠰᠢ ᠪᠠᠨ ᠪᠠᠭ᠎ᠠ ᠵᠡᠷᠭᠡ ᠮᠠᠬᠢᠷ ᠪᠠ 12-13 ᠰᠠᠨᠲ᠋ᠢᠮᠧᠲ᠋ᠷ ᠤᠷᠲᠤ ᠶᠠᠭᠤᠮ᠎ᠠ᠃ ᠳᠣᠣᠷᠠᠳᠤ ᠡᠷᠡᠦ᠂ ᠬᠣᠰᠢᠭᠤ ᠨᠢ ᠤᠯᠠᠪᠢᠷ ᠰᠢᠷ᠎ᠠ ᠡᠰᠡᠪᠡᠯ ᠶᠠᠭᠠᠨᠳᠠᠭᠤ ᠰᠤᠳᠠᠯ ᠲᠠᠢ᠃ ᠳᠡᠭᠳᠡᠭᠡᠬᠡᠢ ᠨᠢ ᠪᠣᠷᠣ ᠰᠠᠷᠠᠯ ᠥᠳᠥ ᠰᠥᠳᠥ ᠪᠡᠷ ᠬᠤᠴᠢᠭᠳᠠᠭᠰᠠᠨ ᠪᠠᠶᠢᠬᠤ ᠪᠠ 10-12 ᠰᠠᠷ᠎ᠠ ᠬᠦᠷᠢᠶ᠎ᠡ ᠳᠦ ᠭᠤᠤᠵᠢᠩ ᠰᠣᠯᠢᠭᠳᠠᠳᠠᠭ᠃ ᠬᠣᠰᠢᠭᠤ ᠨᠢ ᠨᠠᠰᠤ ᠪᠡᠶ᠎ᠡ ᠭᠦᠢᠴᠡᠲᠡᠯ᠎ᠡ ᠬᠠᠷ᠎ᠠ ᠥᠩᠭᠡᠲᠡᠢ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠦᠭᠡᠴᠢ ᠬᠠᠰᠬᠠ ᠬᠠᠭᠠᠨ
Ugch Hashha khan.jpg

ᠦᠭᠡᠴᠢ ᠬᠠᠱᠠᠭ᠎ᠠ ᠬᠠᠭᠠᠨ ᠨᠢ 1403 ᠤᠨ ᠤ ᠬᠠᠷᠠᠭᠴᠢᠨ ᠬᠣᠨᠢᠨ ᠵᠢᠯ ᠬᠠᠭᠠᠨ ᠰᠢᠷᠡᠭᠡ ᠶᠢ ᠪᠤᠯᠢᠶᠠᠨ ᠠᠪᠴᠠᠢ ᠃

ᠣᠢᠷᠠᠳ ᠤᠨ ᠦᠭᠡᠴᠢ ᠬᠠᠱᠠᠭ᠎ᠠ ᠭᠦᠨᠳᠡᠮᠦᠷ ᠬᠠᠭᠠᠨ ᠢ ᠬᠦᠨᠦᠭᠡᠭᠰᠡᠨ ᠦ ᠲᠠᠷᠠᠭ᠎ᠠ ᠦᠪᠡᠷ ᠢ ᠪᠠᠨ ᠭᠦᠢᠯᠡᠴᠢ ᠬᠠᠭᠠᠨ ᠡᠷᠬᠦᠮᠵᠢᠯᠡᠵᠥ ᠮᠣᠩᠭᠣᠯ ᠤᠨ ᠲᠦᠷᠦ ᠶᠢ ᠵᠠᠬᠢᠷᠣᠪᠠ ᠃ ᠭᠦᠢᠯᠡᠴᠢ ᠬᠠᠭᠠᠨ ᠤ ᠲᠦᠷᠦ ᠳᠦ ᠮᠠᠷᠭᠠᠰᠣᠨ ᠂ ᠡᠰᠡᠨᠳᠡᠢ ᠪᠣᠯᠣᠨ ᠠᠷᠣᠭᠳᠠᠢ ᠵᠡᠷᠭᠡ ᠶᠡᠭᠡ ᠲᠦᠰᠢᠮᠡᠳ ᠦᠶᠢᠯᠡᠴᠢᠯᠡᠵᠥ ᠪᠠᠶᠢᠵᠠᠢ ᠃

ᠭᠦᠢᠯᠡᠴᠢ ᠬᠠᠭᠠᠨ ᠪᠣᠯ ᠴᠢᠩᠬᠢᠰ ᠦᠨ ᠠᠯᠳᠠᠨ ᠣᠷᠣᠭ ᠤᠨ ᠬᠦᠮᠦᠨ ᠪᠢᠰᠢ ᠪᠣᠯᠬᠣᠷ ᠵᠠᠷᠢᠮ ᠮᠣᠩᠭᠣᠯ ᠤᠨ ᠰᠣᠳᠣᠷ ᠪᠢᠴᠢᠭ ᠲᠦ ᠲᠡᠬᠦᠨ ᠢ ᠮᠣᠩᠭᠣᠯ ᠤᠨ ᠶᠡᠭᠡ ᠬᠠᠭᠠᠳ ᠤᠨ ᠵᠢᠭᠰᠠᠭᠠᠯ ᠳᠤ ᠣᠷᠣᠭᠣᠯᠳᠠᠭ ᠦᠭᠡᠢ ᠃ ᠭᠡᠬᠦ ᠳᠦ ᠪᠠᠨ ᠶᠠᠭᠣᠳᠠᠢ ᠴᠤ ᠭᠦᠢᠯᠡᠴᠢ ᠬᠠᠭᠠᠨ ᠨᠢᠭᠡᠨ ᠦᠶ᠎ᠡ ᠮᠣᠩᠭᠣᠯ ᠤᠨ ᠲᠦᠷᠦ ᠶᠢ ᠠᠳᠬᠣᠭᠰᠠᠨ ᠨᠢ ᠲᠡᠦᠭᠡ ᠶᠢᠨ ᠦᠨᠡᠨ ᠶᠣᠮ ᠃ ᠲᠡᠭᠦᠨ ᠦ ᠨᠣᠶᠠᠷᠬᠠᠯ ᠨᠢ ᠲᠠᠶᠠᠭᠠᠷ ᠮᠣᠩᠭᠣᠯ ᠤᠨ ᠲᠡᠮᠵᠢᠯᠭᠡ ᠶᠢ ᠣᠯᠣᠭ᠎ᠠ ᠦᠭᠡᠢ ᠂ ᠲᠣᠩ ᠬᠡᠪᠡᠷᠡᠭ ᠪᠠᠭᠣᠷᠠᠢ ᠪᠠᠶᠢᠭᠰᠠᠨ ᠶᠣᠮ ᠃ ᠭᠡᠷᠡᠭ ᠲᠡᠭᠡᠷ᠎ᠡ ᠪᠠᠨ ᠲᠡᠷᠡ ᠴᠠᠭ ᠡᠴᠡ ᠡᠬᠢᠯᠡᠨ ᠠᠷᠣᠭᠳᠠᠢ ᠮᠡᠳᠥ ᠲᠣᠮᠣ ᠹᠸᠣᠳᠠᠯ ᠤᠳ ᠵᠡᠬᠦᠨ ᠮᠣᠩᠭᠣᠯ ᠤᠨ ᠴᠣᠬᠣᠮ ᠡᠷᠭᠡ ᠵᠢ ᠢᠳᠡᠭ ᠢᠳᠡᠭ ᠢᠶᠡᠷ ᠰᠢᠭᠦᠷᠡᠨ ᠠᠪᠣᠭᠰᠠᠨ ᠪᠠᠶᠢᠵᠠᠢ ᠃ ᠠᠭᠠᠵᠢᠮ ᠢᠶᠠᠷ ᠠᠰᠣᠳ ᠠᠷᠣᠭᠳᠠᠢ ᠨᠢ ᠣᠷᠪᠠᠭᠰᠠᠨ ᠰᠠᠶᠢᠳ ᠶᠢᠰᠤᠳᠡᠷ ᠡᠴᠡ ᠬᠣᠶᠢᠰᠢ ᠵᠡᠬᠦᠨ ᠮᠣᠩᠭᠣᠯ ᠤᠨ ᠬᠠᠮᠣᠭ ᠲᠣᠮᠣ ᠹᠸᠣᠳᠠᠯ ᠡᠵᠡᠨ ᠪᠣᠯᠣᠨ ᠬᠦᠴᠦᠷᠭᠡᠭᠵᠢᠭᠰᠡᠨ ᠶᠣᠮ ᠃

1408 ᠤᠨ ᠤ ᠬᠠᠷ᠎ᠠ ᠬᠤᠯᠤᠭᠠᠨ᠎ᠠ ᠵᠢᠯ ᠠᠰᠤᠳ ᠤᠨ ᠠᠷᠤᠭᠲᠠᠢ ᠲᠠᠶᠢᠰᠢ ᠳᠤ ᠬᠠᠭᠠᠨ ᠰᠢᠷᠡᠭᠡ ᠪᠡᠨ ᠠᠯᠳᠠᠨ ᠬᠥᠭᠡᠭᠡᠭᠳᠡᠵᠦ᠂ ᠥᠪᠡᠷ ᠦᠨ ᠡᠵᠡᠮᠰᠢᠯ ᠬᠠᠮᠢ ᠬᠣᠲᠠ ᠣᠷᠴᠢᠮ ᠳᠤ ᠣᠴᠢᠭᠠᠳ ᠡᠪᠡᠳᠴᠢᠨ ᠢᠶᠡᠷ ᠲᠠᠭᠠᠯᠠᠯ ᠲᠡᠭᠦᠰᠴᠡᠢ᠃ (ᠪᠦᠷᠢᠨ ᠠᠭᠤᠯᠭ᠎ᠠ ᠶᠢ ᠤᠩᠰᠢᠬᠤ)

ᠶᠣᠯᠣ
ᠶᠣᠯᠣ

ᠶᠣᠯᠣ ᠂ ᠮᠥᠨ ᠣᠭᠣᠴᠢ ᠶᠣᠯᠣ ᠭᠡᠭᠳᠡᠳᠡᠭ᠂ Gypaetus barbatus᠂ ᠨᠢ ᠬᠠᠷᠴᠠᠭ᠎ᠠ ᠶᠢᠨ ᠬᠢᠨ ᠣᠪᠤᠭ ᠤᠨ ᠰᠢᠪᠠᠭᠤ ᠪᠥᠭᠡᠳ ᠶᠣᠯᠣ ᠶᠢᠨ ᠲᠥᠷᠥᠯ ᠦᠨ ᠭᠠᠭᠴᠠ ᠲᠥᠯᠥᠭᠡᠯᠡᠭᠴᠢ ᠶᠤᠮ᠃ ᠲᠡᠳᠡ ᠧᠦ᠋ᠷᠣᠫᠠ ᠲᠢᠪ ᠍ ᠤᠨ ᠡᠮᠦᠨᠡᠲᠦ ᠬᠡᠰᠡᠭ᠂ ᠠᠹᠷᠢᠺᠠᠠᠽᠢᠶ᠎ᠠᠡᠨᠡᠳᠬᠡᠭᠲᠥᠪᠡᠳᠮᠣᠩᠭᠣᠯ  ᠤᠨ ᠥᠨᠳᠥᠷ ᠠᠭᠤᠯᠠᠷᠬᠠᠭ ᠭᠠᠵᠠᠷ ᠰᠠᠭᠤᠷᠢᠨ ᠨᠤᠲᠤᠭᠯᠠᠨ᠎ᠠ᠃ ᠠᠯᠫ ᠤᠨ ᠨᠢᠷᠤᠭᠤ ᠳᠤ ᠠᠪᠠᠴᠢᠵᠤ ᠰᠠᠭᠤᠷᠢᠰᠢᠭᠤᠯᠤᠭᠰᠠᠨ ᠪᠣᠯᠪᠠᠴᠤ ᠬᠣᠪᠣᠷ ᠬᠡᠪ ᠢᠶᠡᠷ ᠪᠠᠶᠢᠨ᠎ᠠ᠃ ᠲᠡᠳᠡ ᠭᠣᠣᠯᠳᠠᠭᠤ ᠤᠯᠠᠢ ᠰᠡᠭ ᠢᠶᠡᠷ ᠬᠣᠭᠣᠯᠠᠯᠠᠬᠤ ᠪᠠ ᠶᠠᠰᠤᠨ ᠴᠢᠮᠦᠭᠡ ᠪᠡᠷ ᠭᠣᠣᠯ ᠢᠳᠡᠰᠢ ᠪᠡᠨ ᠪᠣᠯᠳᠠᠭ᠃ ᠥᠨᠳᠥᠷ ᠡᠴᠡ ᠶᠠᠰᠤᠲᠤ ᠮᠡᠯᠡᠬᠡᠢ ᠪᠣᠯᠤᠨ ᠲᠣᠮᠣᠬᠠᠨ ᠶᠠᠰᠤ ᠶᠢ ᠤᠨᠠᠭᠠᠵᠤ ᠪᠢᠴᠠᠯᠤᠭᠠᠳ ᠢᠳᠡᠳᠡᠭ᠃ ᠶᠣᠯᠣ ᠠᠮᠢᠲᠠᠨ ᠤ ᠶᠠᠰᠤ ᠶᠢ 50-150ᠮᠧᠲ᠋ᠷ ᠦᠨ ᠥᠨᠳᠥᠷ ᠲᠦ ᠠᠪᠠᠴᠢᠨ ᠂ ᠳᠣᠷᠣᠭᠰᠢ ᠬᠠᠳᠠ ᠴᠢᠯᠠᠭᠤᠨ ᠳᠡᠭᠡᠷ᠎ᠡ ᠤᠨᠠᠭᠠᠵᠤ ᠂ ᠶᠠᠰᠤᠨ ᠤ ᠴᠢᠮᠦᠭᠡ ᠶᠢ ᠨᠢ ᠭᠠᠷᠭᠠᠨ ᠢᠳᠡᠳᠡᠭ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠨ ᠦᠨᠳᠦᠰᠦᠨ ᠦ ᠲᠡᠦᠬᠡ ᠶᠢᠨ ᠮᠦᠽᠧᠢ
ᠮᠣᠩᠭᠣᠯ ᠤᠨ ᠦᠨᠳᠦᠰᠦᠨ ᠦ ᠲᠡᠦᠬᠡ ᠶᠢᠨ ᠮᠦᠽᠧᠢ

ᠮᠣᠩᠭᠣᠯ ᠤᠨ ᠦᠨᠳᠦᠰᠦᠨ ᠦ ᠮᠦᠽᠧᠢ - ᠨᠢ ᠤᠯᠠᠭᠠᠨᠪᠠᠭᠠᠲᠤᠷ ᠬᠣᠳᠠ ᠳᠤ ᠪᠠᠶᠢᠳᠠᠭ ᠮᠦᠽᠧᠢ ᠶᠤᠮ᠃ ᠲᠤᠰ ᠮᠦᠽᠧᠢ ᠨᠢ ᠮᠣᠩᠭᠣᠯ ᠨᠤᠲᠤᠭ ᠲᠤ ᠬᠦᠮᠦᠨ ᠠᠩᠬ᠎ᠠ ᠠᠵᠤ ᠲᠥᠷᠥᠬᠦ ᠪᠣᠯᠤᠭᠰᠠᠨ ᠬᠠᠭᠤᠴᠢᠨ ᠴᠢᠯᠠᠭᠤᠨ ᠵᠡᠪᠰᠡᠭ ᠦᠨ ᠦᠶ᠎ᠡ ᠡᠴᠡ ᠡᠳᠦᠭᠡ ᠬᠦᠷᠲᠡᠯᠡᠬᠢ ᠨᠡᠭᠦᠳᠡᠯᠴᠢᠳ ᠦᠨ ᠲᠡᠦᠬᠡ᠂ ᠰᠤᠶᠤᠯ᠂ ᠥᠪ ᠳᠤᠷᠠᠰᠬᠠᠯ᠂ ᠤᠭᠰᠠᠭᠠᠲᠠᠨ ᠤ ᠵᠦᠢ᠂ ᠤᠯᠠᠮᠵᠢᠯᠠᠯᠲᠤ ᠵᠠᠩ ᠵᠠᠩᠰᠢᠯ ᠢ ᠲᠣᠪᠴᠢᠯᠠᠨ ᠦᠵᠡᠭᠦᠯᠦᠭᠰᠡᠨ ᠦᠵᠡᠪᠦᠷᠢ ᠶᠢᠨ 10 ᠲᠠᠩᠬᠢᠮ ᠪᠦᠬᠦᠢ᠂ ᠰᠠᠩ ᠬᠥᠮᠥᠷᠭᠡ ᠳᠦ ᠪᠡᠨ 50000 ᠭᠠᠷᠤᠢ ᠦᠵᠡᠮᠦᠷᠢ ᠲᠡᠢ᠂ ᠦᠨᠳᠦᠰᠦᠨ ᠦ ᠬᠡᠮᠵᠢᠶᠡᠨ ᠦ ᠲᠡᠷᠢᠭᠦᠯᠡᠬᠦ ᠮᠦᠽᠧᠢ ᠪᠢᠯᠡ᠃ ᠦᠨᠳᠦᠰᠦᠨ ᠦ ᠲᠡᠦᠬᠡ ᠶᠢᠨ ᠮᠦᠽᠧᠢ ᠨᠢ ᠮᠣᠩᠭᠣᠯ ᠤᠯᠤᠰ ᠤᠨ ᠨᠡᠶᠢᠲᠡ ᠮᠦᠽᠧᠢ ᠶᠢᠨ ᠦᠵᠡᠮᠦᠷᠢ ᠶᠢᠨ 30 ᠭᠠᠷᠤᠢ ᠬᠤᠪᠢ ᠶᠢ ᠬᠠᠳᠠᠭᠠᠯᠠᠵᠤ᠂ ᠳᠡᠯᠭᠡᠨ ᠦᠵᠡᠭᠦᠯᠳᠡᠭ ᠡᠷᠳᠡᠮ ᠰᠢᠨᠵᠢᠯᠡᠭᠡᠨ ᠦ ᠰᠤᠳᠤᠯᠭ᠎ᠠ ᠰᠤᠷᠲᠠᠯᠴᠢᠯᠠᠭᠠᠨ ᠦ ᠲᠥᠪ ᠪᠠᠶᠢᠭᠤᠯᠤᠯᠭ᠎ᠠ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠥᠯᠥᠭᠡᠢ
ᠥᠯᠥᠭᠡᠢ

ᠥᠯᠥᠭᠡᠢ ᠬᠣᠲᠠ ᠨᠢ ᠪᠠᠶᠠᠨ-ᠥᠯᠥᠭᠡᠢ ᠠᠶᠢᠮᠠᠭ ᠤᠨ ᠲᠥᠪ ᠶᠤᠮ᠃ ᠮᠣᠩᠭᠣᠯ ᠍ ᠤᠨ ᠪᠠᠷᠠᠭᠤᠨ ᠵᠠᠬ᠎ᠠ ᠳᠤ ᠪᠠᠶᠢᠷᠢᠯᠠᠨ᠎ᠠ᠃ ᠳᠠᠯᠠᠢ ᠶᠢᠨ ᠲᠦᠪᠰᠢᠨ ᠡᠴᠡ ᠳᠡᠭᠡᠭᠰᠢ 1710 ᠮᠧᠲ᠋ᠷ ᠲᠦ ᠪᠠᠶᠢᠷᠢᠯᠠᠨ᠎ᠠ᠃ ᠥᠯᠥᠭᠡᠢ ᠰᠤᠮᠤ ᠨᠢ 1940 ᠤᠨ ᠳᠤ ᠪᠠᠶᠢᠭᠤᠯᠤᠭᠳᠠᠭᠰᠠᠨ᠃ 1961 ᠤᠨ ᠠᠴᠠ ᠥᠯᠥᠭᠡᠢ ᠬᠣᠲᠠ ᠭᠡᠵᠦ ᠨᠡᠷᠡᠯᠡᠬᠦ ᠪᠣᠯᠤᠭᠰᠠᠨ᠃ 1972 ᠤᠨ ᠳᠤ ᠠᠷᠠᠳ ᠤᠨ ᠶᠡᠬᠡ ᠬᠤᠷᠠᠯ ᠤᠨ ᠲᠣᠭᠲᠠᠭᠠᠯ ᠢᠶᠠᠷ ᠥᠯᠥᠭᠡᠢ ᠬᠣᠲᠠ ᠶᠢᠨ ᠬᠢᠯᠢ ᠶᠢᠨ ᠼᠧᠰᠧ ᠶᠢ ᠲᠣᠭᠲᠠᠭᠠᠵᠤ ᠭᠠᠵᠠᠷ ᠤᠨ ᠬᠡᠮᠵᠢᠶ᠎ᠡ ᠶᠢ ᠲᠣᠭᠲᠠᠭᠠᠴᠠᠢ᠃ ᠰᠠᠭᠤᠷᠢᠨ ᠬᠦᠮᠦᠨ ᠠᠮᠠ ᠶᠢᠨ ᠲᠣᠭ᠎ᠠ 32000᠃ ᠥᠯᠥᠭᠡᠢ ᠬᠣᠲᠠ ᠨᠢ ᠲᠤᠰ ᠤᠯᠤᠰ ᠤᠨ ᠪᠠᠷᠠᠭᠤᠨ ᠬᠢᠵᠠᠭᠠᠷ ᠲᠤ᠂ ᠨᠡᠶᠢᠰᠯᠡᠯ ᠤᠯᠠᠭᠠᠨᠪᠠᠭᠠᠲᠤᠷ ᠠᠴᠠ 1686 ᠺᠢᠯᠣᠮᠧᠲ᠋ᠷ ᠵᠠᠢ ᠳᠤ ᠪᠠᠶᠢᠷᠢᠯᠠᠳᠠᠭ᠃ ᠥᠯᠥᠭᠡᠢ ᠰᠤᠮᠤ ᠨᠢ ᠨᠣᠣᠰᠣ᠂ ᠨᠣᠣᠯᠣᠭᠤᠷ ᠢ ᠰᠠᠮᠨᠠᠨ ᠤᠭᠢᠶᠠᠵᠤ ᠠᠩᠬᠠᠨ ᠱᠠᠲᠤᠨ ᠤ ᠪᠣᠯᠪᠠᠰᠤᠷᠠᠭᠤᠯᠤᠯᠲᠠ ᠬᠢᠵᠦ᠂ ᠪᠦᠲᠦᠭᠡᠭᠳᠡᠬᠦᠨ ᠢ ᠡᠺᠰᠫᠣᠷᠲᠣᠳ ᠭᠠᠷᠭᠠᠳᠠᠭ᠃ (ᠪᠦᠷᠢᠨ ᠠᠭᠤᠯᠭ᠎ᠠ ᠶᠢ ᠤᠩᠰᠢᠬᠤ)

ᠤᠯᠠᠭᠠᠨ ︱ 13  ᠶᠢᠨ ᠲᠠᠩ
ᠤᠯᠠᠭᠠᠨ ︱ 13  ᠶᠢᠨ ᠲᠠᠩ

ᠤᠯᠠᠭᠠᠨ ︱ 13  ᠶᠢᠨ ᠲᠠᠩ(乌兰十三味汤散) ᠪᠣᠯ ᠲᠤᠰ ᠨᠠᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ ᠡᠭᠦᠨ  ᠳᠦ ᠰᠢᠷ᠎ᠠ ᠲᠠᠩ ᠪᠠ ᠴᠠᠷᠠᠰᠤᠨ ᠦᠷ᠎ᠡ  ᠶᠢ ᠬᠦᠯ ᠪᠤᠯᠭᠠᠭᠰᠠᠨ ᠲᠤᠯᠠ ᠴᠢᠰᠤᠨ  ᠤ ᠢᠯᠭᠠᠷᠠᠯᠲᠠ  ᠶᠢ ᠰᠠᠢᠵᠢᠷᠠᠭᠤᠯᠬᠤ ᠪᠦᠭᠡᠳ ᠳᠦᠷᠪᠡᠨ ᠤᠯᠠᠭᠠᠨ ᠡᠮ  ᠢ ᠬᠦᠯ ᠪᠤᠯᠭᠠᠭᠰᠠᠨ ᠲᠤᠯᠠ ᠠᠭᠤᠰᠬᠢᠨ ᠬᠠᠯᠠᠭᠤᠨ ᠪᠠ ᠴᠢᠰᠤᠨ ᠬᠠᠯᠠᠭᠤᠨ  ᠢ ᠠᠷᠢᠯᠭᠠᠨ᠎ᠠ᠃ ᠮᠠᠨᠤ - 4  ᠶᠢᠨ ᠲᠠᠩ᠂ ᠠᠯᠲᠠᠨᠭᠬᠤᠸ᠎ᠠ ᠴᠡᠴᠡᠭ ᠢ ᠬᠦᠯ ᠪᠤᠯᠭᠠᠭᠰᠠᠨ ᠲᠤᠯᠠ ᠡᠰᠡ ᠪᠤᠯᠪᠠᠰᠤᠷᠠᠭᠰᠠᠨ ᠬᠠᠯᠠᠭᠤᠨ ᠂ ᠲᠠᠭᠰᠢᠭᠤᠷ ᠵᠡᠷᠭᠡ  ᠶᠢ ᠠᠨᠠᠭᠠᠬᠤ ᠴᠢᠳᠠᠯ  ᠲᠠᠢ ᠪᠤᠯᠵᠠᠢ ᠃ (ᠪᠦᠷᠢᠨ ᠠᠭᠤᠯᠭ᠎ᠠ ᠶᠢ ᠤᠩᠰᠢᠬᠤ)

ᠮᠢᠨᠤ ᠬᠥᠷᠰᠢ ᠲᠣᠲᠣᠷᠣ᠋
ᠮᠢᠨᠤ ᠬᠥᠷᠰᠢ ᠲᠣᠲᠣᠷᠣ᠋

ᠮᠢᠨᠤ ᠬᠥᠷᠰᠢ ᠲᠣᠲᠣᠷᠣ᠋ (ᠶᠠᠫᠣᠨ᠄となりのトトロ ᠂ ᠠᠪᠢᠶᠠᠯᠠᠪᠠᠯ᠄ ᠲᠣᠨᠠᠷᠢ ᠨᠤ ᠲᠣᠲᠣᠷᠣ᠋) ᠪᠣᠯ 1988 ᠤᠨ ᠳ᠋ᠤ ᠮᠢᠶᠠᠽᠠᠺᠢ ᠬᠠᠶᠠᠤ ᠶᠢᠨ ᠨᠠᠢᠷᠠᠭᠤᠯᠵᠤ᠂ ᠤᠳᠤᠷᠢᠳᠤᠭᠰᠠᠨ ᠵᠢᠪᠯᠢ ᠰᠲ᠋ᠦ᠋ᠳᠢ ᠡᠴᠡ ᠭᠠᠷᠭᠠᠭᠰᠠᠨ ᠶᠠᠫᠣᠨ ᠤ᠋ ᠤᠷᠠᠨ ᠵᠦᠩᠨᠡᠯᠲᠤ ᠬᠡᠦᠬᠡᠯᠳᠡᠢ ᠶ᠋ᠢᠨ ᠺᠢᠨᠣ᠋ ᠶᠤᠮ᠃ ᠶᠠᠫᠤᠨ  ᠤ᠋ ᠳᠠᠶᠢᠨ  ᠤ᠋ ᠳᠠᠷᠠᠭᠠᠬᠢ ᠬᠦᠳᠡᠭᠡ ᠨᠤᠲᠤᠭ ᠲᠤ ᠡᠭᠡᠯᠢᠰᠡᠭ ᠵᠠᠩ ᠲᠠᠢ ᠮᠣᠳᠣᠨ  ᠤ᠋ ᠰᠠᠪᠲᠠᠭ ᠪᠣᠯᠣᠨ ᠬᠣᠶᠠᠷ ᠵᠢᠭᠠᠯ ᠥᠬᠢᠨ  ᠤ᠋ ᠬᠣᠭᠣᠷᠣᠨᠳᠤᠬᠢ ᠦᠯᠢᠭᠡᠷ  ᠢ᠋ ᠥᠭᠦᠯᠡᠵᠡᠢ᠃ ᠲᠤᠰ ᠺᠢᠨᠣ᠋ 1988 ᠤᠨ ᠳ᠋ᠤ Animage Anime Grand Prix ᠱᠠᠩᠨᠠᠯ᠂ ᠮᠠᠶᠢᠨᠢᠴᠢ ᠱᠠᠩᠨᠠᠯ ᠪᠣᠯᠣᠨ ᠺᠢᠨᠧᠮᠠ ᠵᠦᠨᠥᠫᠣ᠋ ᠰᠢᠯᠢᠳᠡᠭ ᠹᠢᠯᠢᠮ ᠦ᠋ᠨ ᠱᠠᠩᠨᠠᠯ  ᠢ᠋ ᠬᠦᠷᠲᠡᠵᠦ᠂ ᠮᠥᠨ ᠵᠢᠯ ᠳ᠋ᠤ ᠪᠡᠨ Blue Ribbon Award ᠲᠤᠰᠬᠠᠢ ᠱᠠᠩᠨᠠᠯ ᠢ᠋ ᠬᠥᠷᠲᠡᠵᠡᠢ᠃ ᠲᠣᠲ᠋ᠣᠷᠣ᠋  ᠶ᠋ᠢᠨ ᠬᠦᠷᠦᠭ ᠨᠢ ᠮᠥᠨ ᠵᠢᠪᠯᠢ ᠰᠲ᠋ᠦ᠋ᠳᠢ  ᠶ᠋ᠢᠨ ᠰᠦᠯᠳᠡ ᠪᠣᠯᠣᠭᠰᠠᠨ ᠪᠠᠶᠢᠨ᠎ᠠ᠃ ᠲᠣᠲ᠋ᠣᠷᠣ᠋ ᠨᠢ ᠨᠢᠭᠡᠨᠲᠡ ᠨᠢᠭᠡᠨ ᠰᠣᠶᠣᠯ ᠦ᠋ᠨ ᠳᠡᠮᠳᠡᠭ ᠪᠣᠯᠵᠤ ᠪᠠᠶᠢᠨ᠎ᠠ᠃ ᠮᠢᠨᠤ ᠬᠥᠷᠰᠢ ᠲᠣᠲ᠋ᠣᠷᠣ᠋ 2010 ᠤᠨ ᠤ᠋ Empire ᠰᠡᠳᠬᠦᠯ  ᠦ᠋ᠨ 100 ᠰᠢᠯᠢᠳᠡᠭ ᠹᠢᠯᠢᠮ ᠦ᠋ᠨ ᠵᠢᠭ᠌ᠰᠠᠭᠠᠯᠲᠠ ᠳ᠋ᠤ 41 ᠳ᠋ᠤᠭᠡᠷ ᠲ᠋ᠦ ᠣᠷᠣᠭᠰᠠᠨ ᠪᠠ ᠲᠣᠲ᠋ᠣᠷᠣ᠋ Empire  ᠶ᠋ᠢᠨ 50 ᠰᠢᠯᠢᠳᠡᠭ ᠺᠢᠨᠣᠨ ᠤ᠋ ᠲᠦᠷᠢ  ᠶ᠋ᠢᠨ ᠵᠢᠭ᠌ᠰᠠᠭᠠᠯᠲᠠ ᠳ᠋ᠤ 18 ᠳ᠋ᠦ ᠣᠷᠣᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠾᠢᠷᠠᠭᠠᠨᠠ
ᠾᠢᠷᠠᠭᠠᠨᠠ

ᠾᠢᠷᠠᠭᠠᠨᠠ (ᠶᠠᠫᠣᠨ ᠬᠡᠯᠡ: 平仮名, ひらがな ᠯᠠᠲ᠋ᠢᠨ ᠭᠠᠯᠢᠭ: Hiragana) ᠨᠢ ᠶᠠᠫᠣᠨ ᠬᠡᠯᠡ ᠶᠢ ᠲᠡᠮᠳᠡᠭᠯᠡᠬᠦ ᠠᠪᠢᠶᠠᠨ ᠤ ᠦᠶᠡᠳᠦ ᠪᠢᠴᠢᠭ ᠶᠤᠮ᠃ ᠺᠠᠨᠠ ᠦᠰᠦᠭ ᠦᠨ ᠨᠢᠭᠡ ᠲᠥᠷᠦᠯ (ᠨᠥᠭᠥᠭᠡᠬᠢ ᠨᠢ ᠺᠠᠲ᠋ᠠᠺᠠᠨᠠ) ᠪᠥᠭᠡᠳ ᠬᠢᠲᠠᠳ ᠦᠰᠦᠭ ᠲᠦ ᠳᠤᠯᠳᠤᠶᠢᠳᠤᠨ ᠵᠣᠬᠢᠶᠠᠭᠰᠠᠨ ᠦᠰᠦᠭ ᠶᠤᠮ᠃ ᠥᠭᠡᠷ᠎ᠡ ᠪᠡᠷ ᠬᠡᠯᠡᠪᠡᠯ ᠬᠢᠲᠠᠳ ᠦᠰᠦᠭ ᠦᠨ ᠡᠪᠡᠰᠦᠨ ᠲᠢᠭ ᠡᠴᠡ ᠭᠠᠷᠤᠯ ᠲᠠᠢ ᠪᠣᠯᠤᠨ᠎ᠠ᠃ ᠾᠢᠷᠠᠭᠠᠨᠠ ᠦᠰᠦᠭ ᠢᠶᠡᠷ ᠶᠠᠫᠣᠨ ᠬᠡᠯᠡᠨ ᠦ ᠤᠤᠭᠠᠯ ᠦᠭᠡ ᠶᠢ ᠲᠡᠮᠳᠡᠭᠯᠡᠨ᠎ᠡ᠃ ᠾᠢᠷᠠᠭᠠᠨ ᠴᠠᠭᠠᠨ ᠲᠣᠯᠣᠭᠠᠢ ᠨᠢ ᠨᠡᠶᠢᠲᠡ 46 ᠦᠰᠦᠭ ᠲᠡᠢ᠃ ᠲᠠᠪᠤᠨ ᠦᠨᠳᠦᠰᠦᠨ ᠡᠬᠡᠰᠢᠭ ᠦᠰᠦᠭ ᠲᠡᠢ ᠂ ᠾᠢᠷᠠᠭᠠᠨᠠ ᠂ ᠺᠠᠲ᠋ᠠᠺᠠᠨᠠ ᠦᠰᠦᠭ ᠦᠳ ᠨᠢ ᠳᠠᠩ ᠢᠶᠠᠷ ᠬᠡᠯᠡᠭᠳᠡᠬᠦ ᠦᠭᠡᠢ ᠪᠠ んー[N] ᠦᠰᠦᠭ ᠡᠴᠡ ᠪᠤᠰᠤᠳ ᠨᠢ ᠠᠷᠤ ᠳᠠᠭᠠᠨ ᠡᠭᠡᠰᠢᠭ ᠠᠪᠤᠨ᠎ᠠ᠃ ᠮᠥᠨ ᠵᠠᠷᠢᠮ ᠲᠣᠬᠢᠶᠠᠯᠳᠤᠯ ᠳᠤ はー[Ha] ᠦᠰᠦᠭ [va] ᠍ ᠠᠪᠢᠶ᠎ᠠ ᠪᠠᠷ ᠂ひー[Hi] ᠦᠰᠦᠭ [e]ᠠᠪᠢᠶ᠎ᠠ ᠪᠠᠷ ᠳᠠᠭᠤᠳᠠᠭᠳᠠᠳᠠᠭ᠃ (ᠪᠦᠷᠢᠨ ᠠᠭᠤᠯᠭ᠎ᠠ ᠶᠢ ᠤᠩᠰᠢᠬᠤ)

ᠭᠦᠨᠲᠡᠮᠦᠷ ᠬᠠᠭᠠᠨ
Guntumur khan.jpg

ᠭᠦᠨᠲᠡᠮᠦᠷ ᠬᠠᠭᠠᠨ 1377 ᠤᠨ ᠤ ᠤᠯᠠᠭᠴᠢᠨ ᠮᠣᠭᠠᠢ ᠵᠢᠯ ᠳᠦ ᠲᠦᠷᠦᠭᠰᠡᠨ ᠪᠥᠭᠡᠳ 1400 ᠤᠨ ᠤ ᠴᠠᠭᠠᠨ ᠯᠤᠤ ᠵᠢᠯ ᠳᠣᠣᠷ᠎ᠠ ᠬᠠᠭᠠᠨ ᠰᠢᠷᠡᠭᠡᠨ ᠳᠦ ᠰᠠᠭᠤᠴᠠᠢ᠃ ᠡᠨᠡ ᠬᠠᠭᠠᠨ ᠤ ᠦᠶ᠎ᠡ ᠳᠦ ᠲᠡᠭᠦᠨ ᠦ ᠡᠴᠢᠭᠡ ᠶᠢᠨ ᠦᠶᠡᠰ ᠡᠬᠢᠯᠡᠭᠰᠡᠨ ᠪᠠᠷᠠᠭᠤᠨ ᠣᠶᠢᠷᠠᠳ ᠪᠠ ᠵᠡᠭᠦᠨ ᠲᠠᠲ᠋ᠠᠷ ᠤᠨ ᠬᠠᠭᠠᠷᠠᠯ ᠭᠦᠨᠵᠡᠭᠡᠶᠢᠷᠡᠪᠡ᠃ 1402 ᠤᠨ ᠳᠤ ᠨᠠᠰᠤᠨ ᠥᠭᠡᠳᠡ ᠪᠣᠯᠵᠠᠢ᠃

ᠡᠴᠢᠭᠡ ᠬᠠᠭᠠᠨ ᠡᠯᠪᠡᠭ ᠨᠢᠭᠦᠯᠡᠰᠦᠭᠴᠢ ᠶᠢᠨ ᠣᠷᠣ ᠶᠢ ᠵᠠᠯᠭᠠᠮᠵᠢᠯᠠᠨ ᠰᠠᠭᠣᠭᠰᠠᠨ ᠭᠦᠨᠳᠡᠮᠦᠷ ᠬᠠᠭᠠᠨ ᠤ ᠪᠣᠳᠠᠳᠣ ᠪᠠᠶᠢᠳᠠᠯ ᠭᠡᠪᠡᠯ ᠂ ᠬᠠᠮᠣᠭ ᠡᠷᠭᠡ ᠰᠦᠷ ᠢᠶᠡᠨ ᠡᠳ᠋ᠯᠡᠵᠥ ᠭᠡᠷᠡᠭᠯᠡᠵᠥ ᠴᠢᠳᠠᠬᠣ ᠦᠭᠡᠢ ᠣᠷᠣ ᠨᠡᠷ᠎ᠡ ᠶᠢᠨ ᠲᠡᠳᠦᠢ ᠮᠠᠨᠣᠣᠯ ᠪᠣᠯᠣᠭᠰᠠᠨ ᠪᠠᠶᠢᠪᠠ᠃ ᠡᠴᠢᠭᠡ ᠬᠠᠭᠠᠨ ᠤ ᠶᠣᠰᠣ ᠪᠣᠰᠣ ᠪᠣᠷᠣᠭᠣ ᠦᠶᠢᠯᠡᠳᠦᠯ ᠨᠡᠷ᠎ᠡ ᠬᠦᠨᠳᠦ ᠶᠢᠨ ᠣᠨᠠᠯᠳᠠ ᠬᠦᠦ ᠳ᠋ᠡᠭᠡᠨ ᠨᠦᠯᠦᠭᠡᠯᠡᠭᠰᠡᠨ ᠪᠠᠶᠢᠵᠣ ᠪᠣᠯᠬᠣ᠃

ᠪᠠᠳᠣᠪᠣᠯᠣᠳ ᠲᠠᠢ ᠬᠠᠮᠰᠠᠵᠣ ᠡᠯᠪᠡᠭ ᠬᠠᠭᠠᠨ ᠢ ᠬᠦᠨᠦᠭᠡᠭᠰᠡᠨ ᠣᠢᠷᠠᠳ ᠤᠨ ᠦᠭᠡᠴᠢ ᠬᠠᠱᠠᠭ᠎ᠠ 1402 ᠤᠨ ᠳᠤ ᠮᠦᠨ ᠢᠷᠡᠵᠥ ᠭᠦᠨᠳᠡᠮᠦᠷ ᠬᠠᠭᠠᠨ ᠢ ᠬᠦᠨᠦᠭᠡᠭᠰᠡᠨ ᠪᠦᠭᠡᠳ ᠦᠪᠡᠷ ᠢ ᠪᠡᠨ ᠬᠦᠢᠯᠢᠴᠢ ᠬᠠᠭᠠᠨ ᠡᠷᠬᠦᠮᠵᠢᠯᠡᠵᠥ ᠮᠣᠩᠭᠣᠯ ᠤᠨ ᠲᠦᠷᠦ ᠶᠢ ᠪᠣᠯᠢᠶᠠᠪᠠ ᠃ ᠡᠢᠨ ᠬᠦ ᠮᠣᠩᠭᠣᠯ ᠤᠨ ᠲᠦᠷᠥ ᠠᠯᠳᠠᠨ ᠣᠷᠣᠭ ᠤᠨ ᠪᠣᠰᠣ ᠬᠠᠭᠠᠨ ᠤ ᠨᠣᠶᠠᠷᠬᠠᠯ ᠳᠤ ᠰᠢᠯᠵᠢᠵᠠᠢ᠃ (ᠪᠦᠷᠢᠨ ᠠᠭᠤᠯᠭ᠎ᠠ ᠶᠢ ᠤᠩᠰᠢᠬᠤ)

ᠹᠧᠷᠷᠠᠷᠢ
ᠹᠧᠷᠷᠠᠷᠢ

ᠹᠧᠷᠷᠠᠷᠢ ᠨᠢ ᠢᠲ᠋ᠠᠯᠢ ᠶᠢᠨ ᠰᠫᠣᠷᠲ ᠵᠠᠭᠪᠤᠷ ᠤᠨ ᠮᠠᠰᠢᠨ ᠪᠣᠯᠤᠨ ᠹᠣᠷᠮᠤᠯ-1 ᠍ ᠶᠢᠨ ᠤᠷᠤᠯᠳᠤᠭᠠᠨ ᠤ ᠲᠡᠷᠭᠡ ᠦᠢᠯᠡᠳᠪᠦᠷᠢᠯᠡᠭᠴᠢ ᠬᠤᠪᠢᠴᠠᠭᠠᠲᠤ ᠺᠣᠮᠫᠠᠨᠢ ᠶᠤᠮ ᠂ ᠺᠣᠮᠫᠠᠨᠢ ᠶᠢᠨ ᠲᠥᠪ ᠪᠠᠶᠢᠷᠢ ᠨᠢ ᠠᠮᠰᠲ᠋ᠧᠷᠳᠠᠮ ᠳᠤ ᠪᠠᠶᠢᠷᠢᠯᠠᠬᠤ ᠪᠠ ᠬᠠᠷᠢᠨ ᠵᠠᠬᠢᠷᠭᠠᠨ ᠤ ᠲᠥᠪ ᠪᠠᠶᠢᠷᠢ ᠨᠢ ᠢᠲ᠋ᠠᠯᠢ ᠶᠢᠨ ᠮᠠᠷᠤᠨᠧᠯᠯᠠ  ᠳᠤ ᠪᠠᠶᠢᠳᠠᠭ᠃ ᠺᠣᠮᠫᠠᠨᠢ ᠵᠢ ᠤᠤᠯ  ᠳᠠᠭᠠᠨ ᠤᠷᠤᠯᠳᠤᠭᠠᠨ ᠤ ᠠᠦ᠋ᠲ᠋ᠣᠮᠠᠰᠢᠨ ᠤ ᠵᠢᠯᠣᠭᠣᠴᠢ ᠪᠠᠶᠢᠭᠰᠠᠨ ᠡᠧᠨᠽᠤ ᠹᠧᠷᠷᠠᠷᠢ ( Enzo Ferrari )1929 ᠤᠨ  ᠳᠤ ᠪᠠᠢᠭᠤᠯᠵᠠᠢ ᠃ ᠤᠷᠤᠯᠳᠤᠭᠠᠨ  ᠤ ᠮᠠᠰᠢᠨ ᠦᠢᠯᠡᠳᠪᠦᠷᠢᠯᠡᠬᠦ ᠪᠡᠷ ᠭᠤᠤᠯᠯᠠᠵᠤ᠂ 1947 ᠤᠨ ᠡᠴᠨ ᠬᠤᠪᠢ ᠪᠡᠷ ᠵᠢᠡᠨ ᠮᠠᠰᠢᠨ ᠲᠡᠷᠬᠡ ᠦᠢᠯᠡᠳᠪᠦᠷᠢᠯᠡᠵᠤ ᠡᠬᠢᠯᠡᠵᠡᠢ ᠃ ᠹᠧᠷᠷᠠᠷᠢ ᠮᠠᠰᠢᠨ  ᠤ ᠤᠯᠠᠨᠭᠬᠢ ᠬᠡᠰᠡᠭ  ᠢ ᠨᠢ ᠭᠠᠷ ᠵᠢᠡᠷ ᠤᠷᠠᠯᠠᠳᠠᠭ ᠡᠴᠨ ᠭᠠᠷᠤᠯᠳᠠ ᠨᠢ ᠲᠤᠢᠯ  ᠤᠨ ᠲᠤᠤᠷ ᠡ ᠪᠠᠢᠳᠠᠭ᠃ ᠪᠦᠷᠢᠳᠬᠡᠯ ᠵᠢᠡᠷ 2011 ᠤᠨ ᠬᠦᠷᠳᠡᠯ ᠡ ᠹᠧᠷᠷᠠᠷᠢ  ᠨᠡᠢᠳᠡ 195 ᠮᠠᠰᠢᠨ ᠦᠢᠯᠡᠳᠪᠦᠷᠢᠯᠡᠵᠤ᠂ ᠡᠨᠡ ᠨᠢ ᠹᠧᠷᠷᠠᠷᠢ ᠵᠢᠨ ᠲᠡᠤᠬᠡᠨ ᠲᠡᠬᠡᠷᠡᠬᠢ ᠬᠠᠮᠤᠭ  ᠤᠨ ᠦᠨᠳᠤᠷ ᠪᠤᠷᠤᠯᠠᠭᠤᠯᠤᠯᠳᠠ ᠵᠢᠨ ᠠᠮᠵᠢᠯᠳᠠ ᠪᠤᠯᠤᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠡᠷᠳᠡᠨᠢᠲᠦ
ᠡᠷᠳᠡᠨᠢᠲᠦ

ᠡᠷᠳᠡᠨᠢᠲᠦᠣᠷᠬᠣᠨ ᠠᠶᠢᠮᠠᠭ ᠤᠨ ᠲᠥᠪᠮᠣᠩᠭᠣᠯ ᠤᠯᠤᠰ ᠍ ᠤᠨ ᠭᠤᠷᠪᠠᠳᠤᠭᠠᠷ ᠶᠡᠬᠡ ᠬᠣᠲᠠ᠂ ᠤᠯᠤᠰ ᠤᠨ ᠢᠶᠠᠨ ᠠᠵᠤ ᠦᠢᠯᠡᠳᠪᠦᠷᠢ ᠶᠢᠨ ᠲᠣᠮᠣᠬᠠᠨ ᠲᠥᠪ᠃ ᠤᠯᠠᠭᠠᠨᠪᠠᠭᠠᠲᠤᠷ ᠬᠣᠲᠠ ᠠᠴᠠ ᠣᠶᠢᠷᠠᠯᠴᠠᠭ᠎ᠠ ᠪᠠᠷ 380 ᠺᠢᠯᠣᠮᠧᠲ᠋ᠷ ᠵᠠᠢ ᠳᠤ ᠤᠷᠤᠰᠢᠬᠤ ᠪᠥᠭᠡᠳ ᠠᠭᠠᠷ ᠤᠨ᠂ ᠵᠠᠰᠠᠮᠠᠯ ᠪᠣᠯᠤᠨ ᠲᠡᠮᠦᠷ ᠵᠠᠮ ᠢᠶᠠᠷ ᠨᠡᠶᠢᠰᠯᠡᠯ ᠬᠣᠲᠠ ᠲᠠᠢ ᠬᠣᠯᠪᠣᠭᠳᠠᠭᠰᠠᠨ ᠪᠠᠶᠢᠳᠠᠭ᠃ ᠵᠢᠯ ᠳᠤ ᠪᠡᠨ 26 ᠰᠠᠶ᠎ᠠ ᠲᠣᠨ ᠵᠡᠰᠮᠣᠯᠢᠪᠳᠧᠨ ᠶᠢ ᠪᠠᠶᠠᠵᠢᠮᠠᠯ᠂ ᠠᠭᠤᠷᠬᠠᠢ ᠶᠢᠨ ᠲᠡᠰᠦᠯᠦᠭᠡᠨ ᠦ ᠪᠣᠳᠠᠰ ᠦᠢᠯᠡᠳᠪᠵᠴᠢᠯᠡᠬᠦ ᠪᠣᠯᠤᠨ ᠵᠡᠰ ᠦᠨ ᠬᠥᠳᠡᠷ ᠪᠤᠲᠠᠯᠠᠬᠤ ᠭᠠᠩ ᠪᠥᠮᠪᠥᠯᠢᠭᠡᠨ ᠦ ᠦᠢᠯᠡᠳᠪᠦᠷᠢ ᠠᠵᠢᠯᠯᠠᠳᠠᠭ᠃ ᠮᠥᠨ ᠥᠩᠭᠡᠲᠦ ᠮᠧᠲ᠋ᠠᠯ ᠤᠨ᠂ ᠬᠦᠨᠡᠰᠦ ᠨᠢᠭᠢ᠂ ᠮᠣᠳᠣ ᠪᠣᠯᠪᠠᠰᠤᠷᠠᠭᠤᠯᠬᠤᠬᠡᠪᠢᠰ ᠨᠢᠭᠢ ᠵᠡᠷᠭᠡ ᠬᠥᠩᠭᠡᠨ ᠦᠢᠯᠡᠳᠪᠦᠷᠢ ᠨᠦᠭᠦᠳ ᠲᠡᠢ᠂ ᠰᠤᠶᠤᠯ ᠤᠷᠠᠯᠢᠭᠪᠣᠯᠪᠠᠰᠤᠷᠠᠯᠡᠮᠨᠡᠯᠭᠡ᠂ ᠦᠢᠯᠡᠴᠢᠯᠡᠭᠡᠨ ᠦ ᠭᠠᠵᠠᠷ ᠤᠳ ᠲᠠᠢ ᠲᠣᠮᠣᠬᠠᠨ ᠬᠡᠮᠵᠢᠶᠡᠨ ᠦ ᠠᠵᠤ ᠦᠢᠯᠡᠳᠪᠦᠷᠢ ᠶᠢᠨ ᠬᠣᠲᠠ ᠶᠤᠮ᠃ (ᠪᠦᠷᠢᠨ ᠠᠭᠤᠯᠭ᠎ᠠ ᠶᠢ ᠤᠩᠰᠢᠬᠤ)

ᠮᠠᠩᠭ᠎ᠠ
ᠮᠠᠩᠭ᠎ᠠ

ᠮᠠᠩᠭ᠎ᠠ (漢字: 漫画ᠬᠢᠷᠠᠭᠠᠨ᠎ᠠ: まんがᠺᠠᠲ᠋ᠠᠺᠠᠨ᠎ᠠ: マンガ) ᠭᠡᠳᠡᠭ ᠨᠢ ᠶᠠᠫᠣᠨ ᠤ ᠴᠤᠪᠤᠷᠠᠯ ᠵᠢᠷᠤᠭᠲᠤ ᠨᠣᠮ ᠶᠤᠮ᠃ ᠮᠠᠩᠭ᠎ᠠ  ᠶᠢ ᠺᠣᠮᠢᠺᠰ ᠨᠣᠮ ᠭᠡᠵᠦ ᠬᠡᠯᠡᠵᠦ ᠪᠣᠯᠬᠤ ᠴᠤ ᠺᠣᠮᠢᠺᠰ ᠨᠣᠮ ᠠᠴᠠ ᠪᠠᠭ᠎ᠠ ᠵᠡᠷᠭᠡ ᠢᠯᠭᠠᠭ᠎ᠠ ᠲᠠᠢ ᠶᠤᠮ᠃ ᠮᠠᠩᠭ᠎ᠠ (漫画) ᠭᠡᠬᠦ ᠦᠭᠡ ᠨᠢ ᠬᠣᠶᠠᠷ ᠬᠢᠲᠠᠳ ᠦᠰᠦᠭ ᠠᠴᠠ (ᠺᠠᠨᠵᠢ) ᠭᠠᠷᠤᠯ ᠲᠠᠢ᠃ 《ᠮᠠᠩ》 (漫) ᠭᠡᠬᠦ ᠦᠭᠡ ᠨᠢ 《ᠬᠥᠭᠵᠢᠯᠲᠡᠢ᠂ ᠵᠦᠵᠦᠭᠡᠯᠡᠯᠳᠦ》 ᠭᠡᠰᠡᠨ ᠤᠳᠬ᠎ᠠ ᠲᠠᠢ ᠪᠥᠭᠡᠳ ᠬᠠᠷᠢᠨ 《ᠭᠠ》 (画) ᠨᠢ 《ᠵᠢᠷᠤᠭ》 ᠭᠡᠰᠡᠨ ᠤᠳᠬ᠎ᠠ ᠶᠢ ᠢᠯᠡᠷᠬᠡᠶᠢᠯᠡᠳᠡᠭ ᠪᠠᠶᠢᠨ᠎ᠠ᠃ ᠮᠠᠩᠭ᠎ᠠ ᠨᠢ ᠣᠳᠣ ᠶᠢᠨ ᠬᠡᠪ ᠮᠠᠶ᠋ᠢᠭ ᠢᠶᠠᠨ 19 ᠍ ᠳᠦᠭᠡᠷ ᠵᠠᠭᠤᠨ ᠠᠴᠠ ᠣᠯᠵᠤ ᠠᠪᠤᠭᠰᠠᠨ ᠪᠠ ᠳᠡᠯᠡᠬᠡᠢ ᠶᠢᠨ 2 ᠍ ᠳᠦᠭᠡᠷ ᠳᠠᠶᠢᠨ ᠤ(1940 ᠍ ᠊ᠭᠡᠳ ᠤᠨ ᠠᠴᠠ) ᠳᠠᠷᠠᠭ᠎ᠠ ᠪᠦᠷᠢᠨ ᠤᠳᠬ᠎ᠠ ᠪᠠᠷ ᠢᠶᠠᠨ ᠬᠥᠭᠵᠢᠵᠦ ᠡᠬᠢᠯᠡᠭᠰᠡᠨ᠃  ᠶᠠᠫᠣᠨ ᠳᠤ ᠮᠠᠩᠭ᠎ᠠ ᠬᠦᠮᠦᠰ ᠦᠨ ᠨᠠᠰᠤᠨ ᠤ ᠣᠨᠴᠠᠯᠢᠭ ᠠᠴᠠ ᠨᠢ ᠰᠢᠯᠲᠠᠭᠠᠯᠠᠵᠤ ᠠᠳᠠᠯ ᠶᠠᠪᠤᠳᠠᠯᠳᠤ᠂ ᠠᠶᠤᠮᠰᠢᠭ ᠤᠨ᠂ ᠤᠷᠠᠨ ᠵᠥᠩᠨᠡᠯᠲᠡ᠂ ᠬᠠᠶᠢᠷ᠎ᠠ ᠳᠤᠷᠠᠯᠠᠯ ᠤᠨ᠂ ᠲᠡᠦᠬᠡ ᠶᠢᠨ ᠭᠡᠬᠦ ᠵᠡᠷᠭᠡ ᠣᠯᠠᠨ ᠲᠥᠷᠥᠯ ᠳᠦ ᠬᠤᠪᠢᠶᠠᠳᠠᠭ᠃ ᠬᠡᠳᠦᠢ ᠪᠡᠷ ᠶᠠᠫᠣᠨ ᠳᠤ 《ᠮᠠᠩᠭ᠎ᠠ》 ᠭᠡᠳᠡᠭ ᠢᠶᠡᠷ ᠣᠯᠠᠨ ᠲᠥᠷᠥᠯ ᠦᠨ ᠵᠢᠷᠤᠭᠲᠤ ᠨᠣᠮ᠂ ᠬᠡᠦᠬᠡᠯᠳᠡᠢ ᠶᠢᠨ ᠺᠢᠨᠣ᠋᠂ ᠠᠨᠢᠮᠧᠢᠰᠢᠨ ᠵᠡᠷᠭᠡ ᠵᠦᠢᠯ ᠦᠳ ᠢ ᠬᠠᠮᠤᠷᠤᠭᠤᠯᠤᠨ ᠣᠶᠢᠯᠠᠭᠠᠳᠠᠭ ᠪᠣᠯᠪᠠᠴᠤ ᠳᠡᠯᠡᠬᠡᠢ ᠶᠢᠨ ᠣᠯᠠᠨ ᠤᠯᠤᠰ ᠣᠷᠣᠨ ᠳᠤ 《ᠮᠠᠩᠭ᠎ᠠ》 ᠭᠡᠳᠡᠭ ᠢᠶᠡᠷ ᠵᠥᠪᠬᠡᠨ 《ᠶᠠᠫᠣᠨ ᠤ ᠵᠢᠷᠤᠭᠲᠤ ᠨᠣᠮ》 ᠭᠡᠵᠦ ᠣᠶᠢᠯᠠᠭᠠᠵᠤ ᠬᠡᠪᠰᠢᠵᠡᠢ᠃ ᠤᠷᠠᠯᠢᠭ ᠰᠤᠳᠤᠯᠤᠭᠠᠴᠢᠳ ᠮᠠᠩᠭ᠎ᠠ ᠰᠢᠩᠲᠠ ᠱᠠᠰᠢᠨ ᠤ (神道) ᠬᠠᠨ᠎ᠠ ᠶᠢᠨ ᠵᠢᠷᠤᠭ ᠠᠴᠠ ᠡᠭᠦᠰᠦᠯ ᠲᠡᠢ ᠭᠡᠵᠦ ᠦᠵᠡᠳᠡᠭ ᠪᠥᠭᠡᠳ ᠳᠡᠯᠡᠬᠡᠢ ᠳᠠᠶᠠᠭᠠᠷ ᠮᠠᠩᠭ᠎ᠠ ᠬᠦᠴᠦᠲᠡᠢ ᠪᠠᠶᠢᠷᠢ ᠰᠠᠭᠤᠷᠢ ᠪᠠᠨ ᠬᠠᠳᠠᠭᠠᠯᠠᠭᠰᠠᠭᠠᠷ ᠪᠠᠶᠢᠭ᠎ᠠ ᠪᠢᠯᠡ᠃ (ᠪᠦᠷᠢᠨ ᠠᠭᠤᠯᠭ᠎ᠠ ᠶᠢ ᠤᠩᠰᠢᠬᠤ)

ᠢᠨᠳᠠᠷ᠎ᠠ ︱4 ᠶᠢᠨ ᠲᠠᠩ
ᠢᠨᠳᠠᠷ᠎ᠠ ︱4 ᠶᠢᠨ ᠲᠠᠩ

ᠢᠨᠳᠠᠷ᠎ᠠ ︱4 ᠶᠢᠨ ᠲᠠᠩ᠎( ᠪᠠᠰᠠ 苏龙嘎 4汤 ᠭᠡᠳᠡᠭ ) ᠲᠤᠰ ᠨᠠᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ᠡᠭᠦᠨ  ᠳᠦ ᠰᠢᠷ᠎ᠠ  ᠶᠢ ᠠᠷᠢᠯᠭᠠᠬᠤ  ᠂ ᠬᠠᠯᠠᠭᠤᠨ  ᠢᠶᠠᠷ ᠰᠠᠭᠤᠯᠭᠠᠬᠤ  ᠶᠢ ᠵᠤᠭᠰᠤᠭᠠᠬᠤ ᠳ᠋ᠦᠭᠮᠤᠨᠢᠶᠦᠩ  ᠢᠶᠡᠷ ᠭᠤᠤᠯᠯᠠᠭᠴᠢ ᠡᠮ ᠪᠤᠯᠭᠠᠵᠤ᠂ ᠰᠢᠷ᠎ᠠ  ᠶᠢ ᠳᠠᠷᠤᠵᠤ᠂ ᠬᠠᠯᠠᠭᠤᠨ  ᠢ ᠠᠷᠢᠯᠭᠠᠬᠤ ᠴᠠᠭᠠᠨ ᠪᠤᠩ ᠠ  ᠶᠢ ᠬᠠᠪᠰᠤᠷᠤᠭᠴᠢ ᠡᠮ ᠪᠤᠯᠭᠠᠨ᠂ ᠰᠠᠪᠠᠨ ᠤ ᠬᠠᠯᠠᠭᠤᠨ  ᠢ ᠠᠷᠢᠯᠭᠠᠬᠤ  ᠳᠤ ᠪᠠᠯᠸᠭ᠎ᠠ  ᠶᠢ ᠲᠤᠰᠠᠯᠠᠭᠴᠢ ᠪᠤᠯᠭᠠᠨ᠂ ᠬᠤᠤᠷ  ᠤᠨ ᠬᠠᠯᠠᠭᠤᠨ  ᠢ ᠠᠷᠢᠯᠭᠠᠵᠤ ᠂ ᠰᠠᠭᠤᠯᠭᠠᠬᠤ  ᠶᠢ ᠵᠤᠭᠰᠤᠭᠠᠬᠤ  ᠳᠤ ᠮᠡᠭᠡᠷ  ᠢ ᠦᠢᠯᠡᠴᠢᠯᠡᠭᠦᠯᠦᠨ ᠨᠠᠢᠷᠠᠭᠤᠯᠤᠭᠰᠠᠨ ᠲᠤᠯᠠ ᠬᠠᠯᠠᠭᠤᠨ ᠢ ᠠᠷᠢᠯᠭᠠᠨ᠂ ᠰᠠᠭᠤᠯᠭᠠᠬᠤ  ᠶᠢ ᠵᠤᠭᠰᠤᠭᠠᠬᠤ ᠨᠠᠢᠷᠠᠯᠭ᠎ᠠ  ᠶᠢᠨ ᠴᠢᠳᠠᠯ ᠪᠦᠷᠢᠳᠴᠡᠢ᠃ (ᠪᠦᠷᠢᠨ ᠠᠭᠤᠯᠭ᠎ᠠ ᠶᠢ ᠤᠩᠰᠢᠬᠤ)

ᠰᠡᠳᠬᠦᠯ ᠵᠦᠢ
ᠰᠡᠳᠬᠦᠯ ᠵᠦᠢ

᠌᠌᠌ᠰᠡᠳᠬᠦᠯ ᠵᠦᠢ ( ᠦᠪᠦᠷ ᠮᠣᠩᠭᠤᠯᠴᠤᠳ《 ᠰᠤᠨᠢᠨ ᠮᠡᠳᠡᠭᠡᠯᠡᠯ ᠦᠨ ᠤᠬᠠᠭᠠᠨ》᠂ ᠬᠢᠲᠠᠳ ᠶ᠋ᠶ᠋ᠡᠷ 新闻学᠂ ᠠᠩᠭᠯᠢ ᠪᠡᠷ journalism ) ᠪᠣᠯ ᠦᠵᠡᠭᠴᠢᠳ ᠲᠦ ᠬᠠᠨᠳᠤᠭᠰᠠᠨ ᠠᠯᠢᠪᠠ ᠦᠢᠯᠡ ᠶᠠᠪᠤᠳᠠᠯ ᠤᠨ ᠰᠤᠳᠤᠯᠭ᠎ᠠ ᠰᠢᠨᠵᠢᠯᠡᠭᠡ ᠪᠠ ᠦᠷ᠎ᠡ ᠳ᠋ᠦᠩ ᠦᠨ ᠲᠠᠶᠢᠯᠤᠨ ᠶᠤᠮ᠃ ᠬᠡᠳᠦᠢ ᠮᠠᠰᠢ ᠣᠯᠠᠨ ᠲᠥᠷᠥᠯ ᠦᠨ ᠰᠡᠳᠬᠦᠯ ᠵᠦᠢ ᠪᠠᠶᠢᠳᠠᠭ ᠪᠣᠯᠪᠠᠴᠤ ᠲᠤᠶᠢᠯ ᠤᠨ ᠵᠣᠷᠢᠯᠭ᠎ᠠ ᠨᠢ ᠦᠵᠡᠭᠴᠢ᠂ ᠤᠩᠰᠢᠭᠴᠢᠳ ᠲᠤ ᠤᠯᠤᠰ ᠲᠥᠷᠥ᠂ ᠪᠢᠽᠢᠨ᠋ᠧᠰ ᠦᠨ ᠪᠦᠲᠦᠴᠡ ᠵᠣᠬᠢᠶᠠᠨ ᠪᠠᠶᠢᠭᠤᠯᠤᠯᠲᠠ᠂ ᠨᠡᠶᠢᠭᠡᠮ ᠤᠨ ᠰᠤᠶᠤᠯ ᠤᠨ ᠨᠢᠭᠤᠷ ᠴᠢᠷᠠᠢ ᠪᠣᠯᠤᠭᠰᠠᠨ ᠤᠷᠠᠯᠢᠭ ᠰᠤᠶᠤᠯ ᠤᠨ ᠲᠤᠬᠠᠢ ᠮᠡᠳᠡᠭᠡᠯᠡᠯ ᠦᠳ ᠢ ᠬᠦᠷᠭᠡᠬᠦ ᠳᠦ ᠣᠷᠣᠰᠢᠨ᠎ᠠ᠃ ᠣᠷᠴᠢᠨ ᠦᠶ᠎ᠡ ᠶᠢᠨ ᠨᠡᠶᠢᠭᠡᠮ ᠳᠦ ᠮᠡᠳᠡᠭᠡᠯᠡᠯ ᠦᠨ ᠬᠡᠷᠡᠭᠰᠡᠯ ᠨᠢ ᠮᠡᠳᠡᠭᠡᠯᠡᠯ ᠦᠨ ᠬᠠᠩᠭᠠᠨ ᠨᠡᠶᠢᠯᠡᠭᠦᠯᠦᠭᠴᠢ ᠪᠣᠯᠤᠨ ᠨᠡᠶᠢᠭᠡᠮ ᠤᠨ ᠬᠡᠷᠡᠭ ᠶᠠᠪᠤᠳᠠᠯ ᠤᠨ ᠪᠣᠳᠣᠯ ᠰᠠᠨᠠᠭ᠎ᠠ ᠨᠢ ᠪᠣᠯᠵᠤ ᠪᠠᠶᠢᠪᠠᠴᠤ ᠰᠡᠳᠬᠦᠯ ᠵᠦᠢ ᠶᠢᠨ ᠡᠭᠦᠷᠭᠡ᠂ ᠡᠷᠬᠡ ᠵᠦᠢ ᠶᠢᠨ ᠬᠡᠮ ᠬᠡᠮᠵᠢᠶ᠎ᠡ ᠨᠢ ᠥᠷᠭᠡᠨ ᠣᠯᠠᠨ ᠤ ᠮᠡᠳᠡᠭᠡᠯᠡᠯ ᠦᠨ ᠬᠡᠷᠡᠭᠰᠡᠯ ᠦᠳ᠂ ᠢᠨᠲ᠋ᠧᠷᠨᠡᠲ ᠦᠨ ᠦᠷ᠎ᠡ ᠳ᠋ᠦᠩ ᠦᠨ ᠥᠭᠡᠷᠡᠴᠢᠯᠡᠯᠲᠡ ᠶᠤᠮ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠬᠡᠯᠡᠨ ᠦ ᠪᠦᠯᠦᠭ
ᠮᠣᠩᠭᠣᠯ ᠬᠡᠯᠡᠨ ᠦ ᠪᠦᠯᠦᠭ

ᠮᠣᠩᠭᠣᠯ ᠬᠡᠯᠡᠨ ᠦ ᠪᠦᠯᠦᠭ ᠭᠡᠳᠡᠭ ᠨᠢ ᠵᠡᠭᠦᠨ ᠪᠣᠯᠤᠨ ᠲᠥᠪ ᠠᠽᠢᠶ᠎ᠠ ᠳᠤ᠂ ᠲᠣᠳᠣᠷᠠᠭᠤᠯᠪᠠᠯ ᠮᠣᠩᠭᠣᠯ ᠤᠯᠤᠰ᠂ ᠵᠠᠯᠭᠠᠨ ᠤᠷᠤᠰᠢᠬᠤ ᠣᠷᠣᠰ ᠬᠣᠯᠪᠣᠭᠠᠨ ᠤ ᠤᠯᠤᠰᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠠᠬᠢ ᠥᠪᠡᠷᠲᠡᠭᠡᠨ ᠵᠠᠰᠠᠬᠤ ᠣᠷᠣᠨ ᠨᠤᠭᠤᠳ ᠲᠤ ᠰᠠᠭᠤᠬᠤ ᠢᠵᠠᠭᠤᠷ ᠭᠠᠷᠪᠠᠯ ᠨᠢᠭᠡᠲᠡᠢ ᠠᠷᠠᠳ ᠲᠦᠮᠡᠨ ᠨᠦᠭᠦᠳ ᠦᠨ ᠬᠠᠷᠢᠯᠴᠠᠬᠤ ᠬᠡᠯᠡ ᠨᠦᠭᠦᠳ ᠦᠨ ᠪᠦᠯᠦᠭ ᠶᠤᠮ᠃ ᠡᠳᠡᠭᠡᠷ ᠬᠡᠯᠡᠨ ᠨᠦᠭᠦᠳ ᠳᠦᠷᠢᠮᠦᠭᠡᠠᠪᠢᠶ᠎ᠠ ᠵᠡᠷᠭᠡ ᠲᠠᠯ᠎ᠠ ᠪᠠᠷ ᠨᠢᠭᠲᠠᠴᠠ ᠬᠣᠯᠪᠣᠭ᠎ᠠ ᠲᠠᠢ ᠪᠥᠭᠡᠳ ᠡᠳᠡᠭᠡᠷ ᠬᠡᠯᠡ ᠪᠡᠷ ᠶᠠᠷᠢᠯᠴᠠᠭᠴᠢᠳ ᠢ ᠮᠣᠩᠭᠣᠯ ᠬᠡᠯᠡᠲᠡᠨ ᠦᠳ ᠭᠡᠵᠦ ᠨᠡᠷᠡᠯᠡᠬᠦ ᠨᠢ ᠴᠤ ᠪᠤᠢ᠃ ᠡᠨᠡ ᠪᠦᠯᠦᠭ ᠦᠨ ᠬᠡᠯᠡ ᠨᠦᠭᠦᠳ ᠨᠢ ᠡᠭᠡᠰᠢᠭ ᠵᠣᠬᠢᠴᠠᠬᠤ ᠶᠣᠰᠣ᠂ ᠦᠭᠡ ᠶᠢᠨ ᠲᠡᠭᠦᠰᠬᠡᠯ ᠳᠦ ᠨᠥᠬᠥᠴᠡᠯ᠂ ᠳᠠᠭᠠᠪᠤᠷᠢ ᠵᠠᠯᠭᠠᠵᠤ ᠤᠳᠬ᠎ᠠ ᠪᠦᠷᠢᠯᠳᠦᠭᠦᠯᠳᠡᠭ ᠵᠡᠷᠭᠡ ᠴᠢᠨᠠᠷ ᠢᠶᠠᠷ ᠢᠶᠠᠨ ᠲᠦᠷᠦᠭ ᠬᠡᠯᠡᠨ ᠦ ᠪᠦᠯᠦᠭ ᠪᠣᠯᠤᠨ ᠲ᠋ᠦᠩᠬᠦᠰ ᠬᠡᠯᠡᠨ ᠦ ᠪᠦᠯᠦᠭᠲᠡᠢ ᠲᠤᠩ ᠲᠥᠰᠲᠡᠢ ᠤᠴᠢᠷ ᠠᠴᠠ ᠡᠳᠡᠭᠡᠷ ᠢ ᠶᠡᠷᠦᠩᠬᠡᠢ ᠳᠤ ᠨᠢ ᠠᠯᠲᠠᠢ ᠬᠡᠯᠡᠨ ᠦ ᠢᠵᠠᠭᠤᠷ ᠲᠤ ᠪᠠᠭᠲᠠᠭᠠᠳᠠᠭ᠃ (ᠪᠦᠷᠢᠨ ᠠᠭᠤᠯᠭ᠎ᠠ ᠶᠢ ᠤᠩᠰᠢᠬᠤ)

ᠡᠯᠪᠡᠭ ᠨᠢᠭᠦᠯᠡᠰᠦᠭᠴᠢ ᠬᠠᠭᠠᠨ
Elbeg.png

ᠡᠯᠪᠡᠭ ᠨᠢᠭᠦᠯᠡᠰᠦᠭᠴᠢ ᠬᠠᠭᠠᠨ 1361 ᠤᠨ ᠤ ᠴᠠᠭᠠᠭᠴᠢᠨ ᠦᠬᠡᠷ ᠵᠢᠯ ᠲᠥᠷᠦᠵᠦ 1393 ᠤᠨ ᠤ ᠬᠠᠷᠠᠭᠴᠢᠨ ᠲᠠᠬᠢᠶ᠎ᠠ ᠵᠢᠯ ᠬᠠᠭᠠᠨ ᠣᠷᠣ ᠰᠠᠭᠤᠭᠰᠠᠨ1399 ᠤᠨ ᠤ ᠰᠢᠷᠠᠭᠴᠢᠨ ᠲᠠᠤᠯᠠᠢ ᠵᠢᠯ ᠲᠠᠭᠠᠯᠠᠯ ᠲᠡᠭᠦᠰᠴᠡᠢ᠃ 38 ᠨᠠᠰᠤᠯᠠᠵᠠᠢ᠃ ᠲᠡᠷᠡ ᠪᠡᠷ ᠡᠩᠬᠡᠵᠣᠷᠢᠭᠲᠤ ᠬᠠᠭᠠᠨ ᠤ ᠳᠡᠭᠦᠦ ᠪᠥᠭᠡᠳ ᠥᠪᠡᠷ ᠦᠨ ᠠᠬ᠎ᠠ ᠪᠠᠨ ᠬᠥᠨᠥᠭᠡᠵᠦ ᠬᠠᠭᠠᠨ ᠰᠢᠷᠡᠭᠡᠨ ᠳᠦ ᠰᠠᠭᠤᠭᠰᠠᠨ ᠭᠡᠬᠦ ᠵᠠᠷᠢᠮ ᠡᠬᠢ ᠰᠤᠷᠪᠤᠯᠵᠢ ᠳᠤ ᠲᠡᠮᠳᠡᠭᠯᠡᠭᠳᠡᠭᠰᠡᠨ ᠪᠠᠶᠢᠳᠠᠭ᠃ ᠵᠠᠷᠢᠮ ᠮᠠᠲᠸᠷᠢᠶᠠᠯ ᠳᠤ ᠡᠩᠭᠡ ᠵᠣᠷᠢᠭᠳᠣ ᠬᠠᠭᠠᠨ ᠢ ᠨᠠᠰᠣ ᠪᠠᠷᠠᠭᠰᠠᠨ ᠤ ᠲᠠᠷᠠᠭ᠎ᠠ ᠬᠡᠷᠢᠶᠡᠰᠦᠯᠡᠯ ᠵᠠᠷᠯᠢᠭ ᠤᠨ ᠶᠣᠰᠣᠭᠠᠷ ᠣᠷᠣ ᠰᠠᠭᠣᠷᠢ ᠶᠢ ᠵᠠᠯᠭᠠᠮᠵᠢᠯᠠᠭᠰᠠᠨ ᠴᠤ ᠭᠡᠵᠥ ᠪᠢᠴᠢᠳᠡᠭ᠃

ᠲᠡᠭᠦᠨ ᠢ ᠬᠠᠭᠠᠨ ᠰᠢᠷᠡᠭᠡᠨ ᠳᠦ ᠰᠠᠭᠤᠵᠤ ᠪᠠᠶᠢᠬᠤ ᠦᠶ᠎ᠡ ᠳᠦ ᠮᠢᠩ ᠪᠣᠯᠤᠨ ᠣᠶᠢᠷᠠᠳ ᠍ ᠤᠨ ᠬᠢᠯᠢ ᠳᠡᠭᠡᠷ᠎ᠡ ᠲᠤᠯᠤᠯᠳᠤᠭᠠᠨ ᠪᠣᠰᠤᠯᠭ᠎ᠠ ᠶᠡᠬᠡ ᠪᠣᠯᠳᠠᠭ ᠪᠠᠶᠢᠪᠠ᠃ ᠲᠤᠬᠠᠢ ᠶᠢᠨ ᠦᠶ᠎ᠡ ᠳᠦ ᠣᠶᠢᠷᠠᠳ ᠪᠣᠯᠤᠨ ᠪᠣᠷᠵᠢᠭᠢᠨ ᠣᠪᠤᠭ ᠤᠨ ᠬᠠᠷᠢᠯᠴᠠᠭ᠎ᠠ ᠮᠠᠭᠤ ᠪᠠᠶᠢᠭᠰᠠᠨ᠃ ᠯᠤᠪᠰᠠᠩᠳᠠᠨᠽᠠᠨ ᠤ ᠠᠯᠲᠠᠨ ᠲᠣᠪᠴᠢ ᠳ᠋ᠤ: 《ᠡᠯᠪᠡᠭ ᠬᠠᠭᠠᠨ ᠢ ᠣᠶᠢᠷᠠᠳ ᠤᠨ ᠪᠠᠲᠤᠯ ᠴᠢᠩᠰᠠᠩ ... ᠬᠣᠷᠢᠶᠠᠵᠤ ᠲᠩᠷᠢ ᠪᠣᠯᠭᠠᠪᠠ᠃ ᠪᠠᠲᠤᠯ ᠴᠢᠩᠰᠠᠩ ... ᠡᠬᠢᠯᠡᠨ ᠳᠥᠷᠪᠡᠨ ᠲᠦᠮᠡᠨ ᠣᠶᠢᠷᠠᠳ ᠢ ᠠᠪᠤᠨ ᠬᠠᠷᠢ ᠳᠠᠶᠢᠰᠤᠨ ᠪᠣᠯᠪᠠ᠃》 ᠭᠡᠵᠡᠢ᠃ ᠡᠢᠨ ᠬᠦ ᠡᠯᠪᠡᠭ ᠨᠢᠭᠦᠯᠡᠰᠦᠭᠴᠢ ᠬᠠᠭᠠᠨ ᠤ ᠵᠦᠢ ᠪᠤᠰᠤ ᠠᠪᠤᠷᠢ ᠮᠣᠩᠭᠣᠯ ᠳᠤ ᠬᠣᠣᠷ ᠪᠣᠯᠪᠠ᠃ ᠴᠣᠬᠣᠮ ᠡᠨᠡ ᠦᠶ᠎ᠡ ᠡᠴᠡ ᠮᠣᠩᠭᠣᠯ ᠬᠠᠭᠠᠳ ᠨᠣᠶᠠᠳ ᠤᠨ ᠬᠣᠭᠣᠷᠣᠨᠳᠣ ᠲᠣᠳᠣᠭᠠᠳᠣ ᠶᠢᠨ ᠲᠠᠢᠨ ᠰᠠᠮᠠᠭᠣᠨ ᠭᠠᠷᠴᠣ ᠡᠬᠢᠯᠡᠭᠰᠡᠨ ᠶᠣᠮ ᠃  (ᠪᠦᠷᠢᠨ ᠠᠭᠤᠯᠭ᠎ᠠ ᠶᠢ ᠤᠩᠰᠢᠬᠤ)

ᠨᠠᠴᠢᠨ ᠱᠣᠩᠬᠣᠷ
ᠨᠠᠴᠢᠨ ᠱᠣᠩᠬᠣᠷ

ᠨᠠᠴᠢᠨ ᠱᠣᠩᠬᠣᠷ (Falco tinnunculus) ᠨᠢ ᠱᠣᠩᠬᠣᠷ ᠤᠨ ᠬᠢᠨ ᠣᠪᠤᠭ ᠤᠨ ᠮᠢᠬᠠᠴᠢᠨ ᠰᠢᠪᠠᠭᠤ ᠶᠤᠮ᠃ ᠡᠨᠡᠬᠦ ᠰᠢᠪᠠᠭᠤ ᠨᠢ ᠥᠷᠭᠡᠨ ᠭᠠᠵᠠᠷ ᠨᠤᠲᠤᠭ ᠲᠤ ᠲᠠᠷᠬᠠᠨ ᠠᠮᠢᠳᠤᠷᠠᠨ᠎ᠠ᠃ ᠲᠡᠳᠡ ᠧᠦ᠋ᠷᠣᠫᠠᠠᠽᠢᠶ᠎ᠠᠠᠹᠷᠢᠺᠠ᠂ ᠮᠥᠨ ᠵᠠᠷᠢᠮ ᠦᠶ᠎ᠡ ᠳᠦ ᠬᠣᠶᠢᠳᠤ ᠠᠮᠧᠷᠢᠺᠠ ᠵᠢᠨ ᠵᠡᠭᠦᠨ ᠡᠷᠭᠢ ᠵᠡᠷᠭᠡ ᠳᠦ ᠤᠷᠤᠰᠢᠨ ᠠᠮᠢᠳᠤᠷᠠᠳᠠᠭ᠃ ᠥᠳᠥ ᠰᠥᠳᠥ ᠨᠢ ᠬᠦᠷᠡᠩ ᠪᠣᠷᠣ ᠥᠩᠭᠡ ᠪᠡᠷ ᠭᠣᠣᠯᠯᠠᠵᠤ᠂ ᠨᠢᠷᠤᠭᠤᠨ ᠬᠡᠰᠡᠭ ᠢᠶᠡᠷ ᠨᠢ ᠬᠠᠷ᠎ᠠ ᠲᠣᠯᠪᠣ  ᠲᠠᠢ᠃ ᠥᠪᠥᠷ ᠬᠡᠰᠡᠭ ᠨᠢ ᠪᠣᠷᠣ ᠰᠢᠷᠭᠠᠯ ᠪᠠ ᠪᠣᠭᠣᠨᠢ ᠬᠠᠷᠳᠠᠭᠤ ᠰᠤᠳᠠᠯ ᠤᠳ ᠲᠠᠢ ᠶᠤᠮ᠃ ᠳᠠᠯᠠᠪᠴᠢᠨ ᠤ ᠦᠵᠦᠭᠦᠷ ᠦᠨ ᠥᠳᠥ ᠨᠦᠭᠦᠳ ᠨᠢ ᠬᠠᠷᠠᠪᠲᠤᠷ ᠃ ᠡᠷᠡᠭᠴᠢᠨ ᠱᠣᠩᠬᠣᠷ ᠨᠢ ᠲᠣᠯᠪᠣ᠂ ᠰᠤᠳᠠᠯ ᠴᠥᠭᠡᠨ ᠲᠡᠢ ᠪᠠᠶᠢᠬᠤ ᠪᠠ ᠲᠣᠯᠣᠭᠠᠢ ᠶᠢᠨ ᠣᠷᠣᠢ᠂ ᠠᠷᠤ ᠪᠣᠯᠤᠨ ᠰᠡᠭᠦᠯ ᠨᠢ ᠴᠡᠩᠬᠡᠷ ᠰᠠᠷᠠᠯ ᠪᠠᠢᠳᠠᠭ᠃ ᠡᠮᠡᠭᠴᠢᠨ ᠱᠣᠩᠬᠣᠷ ᠤᠨ ᠰᠡᠭᠦᠯ ᠨᠢ ᠪᠣᠷᠣ ᠪᠥᠭᠡᠳ ᠬᠠᠷ᠎ᠠ ᠬᠥᠨᠳᠡᠯᠡᠨ ᠰᠤᠳᠠᠯ ᠲᠠᠢ᠃ (ᠪᠦᠷᠢᠨ ᠠᠭᠤᠯᠭ᠎ᠠ ᠶᠢ ᠤᠩᠰᠢᠬᠤ)

ᠠᠷᠰᠯᠠᠨ ᠵᠠᠭᠠᠨ
ᠠᠷᠰᠯᠠᠨ ᠵᠠᠭᠠᠨ

ᠵᠠᠭᠠᠨ ᠍ ᠤ ᠬᠢᠨ ᠣᠪᠤᠭ ᠤᠨ ᠲᠥᠷᠥᠯ ᠪᠣᠯᠬᠤ ᠠᠷᠰᠯᠠᠨ ᠵᠠᠭᠠᠨ (Mammuthus)(猛犸又称長毛象) ᠣᠳᠣ ᠠᠴᠠ 300000-200000 ᠵᠢᠯ ᠦᠨ ᠡᠮᠦᠨ᠎ᠡ ᠡᠴᠡ ᠧᠦ᠋ᠷᠣᠫᠠᠠᠽᠢᠶ᠎ᠠᠬᠣᠶᠢᠳᠤ ᠠᠮᠧᠷᠢᠺᠠ ᠶᠢᠨ ᠡᠬᠡ ᠭᠠᠵᠠᠷ ᠲᠤ ᠥᠷᠭᠡᠨ ᠲᠠᠷᠬᠠᠨ ᠨᠤᠲᠤᠭᠯᠠᠵᠤ ᠪᠠᠶᠢᠭᠰᠠᠨ ᠪᠠ 10000 ᠵᠢᠯ ᠦᠨ ᠡᠮᠦᠨ᠎ᠡ ᠤᠴᠢᠷ ᠪᠢᠲᠡᠭᠦᠯᠢᠭ ᠰᠢᠯᠲᠠᠭᠠᠨ ᠢᠶᠠᠷ ᠤᠰᠠᠳᠴᠠᠢ᠃ ᠵᠠᠭᠠᠨ ᠤ ᠣᠪᠤᠭ ᠤᠨ ᠪᠡᠶ᠎ᠡ ᠳᠠᠭᠠᠭᠰᠠᠨ ᠲᠥᠷᠥᠯ ᠵᠦᠢᠯ ᠠᠲᠠᠯ᠎ᠠ ᠣᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ ᠢᠶᠡᠷ ᠣᠳᠣ ᠶᠢᠨ ᠵᠠᠭᠠᠨ ᠤ ᠡᠪᠦᠭᠡ ᠮᠡᠲᠦ ᠪᠡᠷ ᠵᠠᠷᠯᠠᠵᠤ ᠪᠠᠶᠢᠭ᠎ᠠ ᠨᠢ ᠲᠤᠶᠢᠯ ᠤᠨ ᠪᠤᠷᠤᠭᠤ ᠶᠤᠮ᠃ ᠤᠴᠢᠷ ᠨᠢ ᠣᠳᠣ ᠶᠢᠨ ᠵᠠᠭᠠᠨ ᠴᠤ ᠠᠷᠰᠯᠠᠨ ᠵᠠᠭᠠᠨ ᠲᠠᠢ ᠨᠢᠭᠡᠨ ᠴᠠᠭ ᠦᠶ᠎ᠡ ᠳᠦ ᠨᠡᠶᠢᠲᠡᠯᠢᠭ ᠡᠪᠦᠭᠡ ᠡᠴᠡ ᠡᠭᠦᠰᠴᠦ ᠪᠤᠢ ᠪᠣᠯᠤᠭᠰᠠᠨ ᠠᠵᠡᠢ᠃ ᠣᠷᠣᠰ᠂ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ᠂ ᠠᠮᠧᠷᠢᠺᠠ ᠶᠢᠨ ᠨᠢᠭᠡᠳᠦᠭᠰᠡᠨ ᠤᠯᠤᠰ᠂ ᠺᠠᠨᠠᠳᠠ᠂ ᠰᠸᠧᠳᠧᠨ᠂ ᠪᠷᠢᠲ᠋ᠠᠨ(ᠠᠩᠭᠯᠢ) ᠤ ᠡᠷᠳᠡᠮᠲᠡᠳ ᠡᠴᠡ ᠪᠦᠷᠢᠳᠦᠭᠰᠡᠨ ᠣᠯᠠᠨ ᠤᠯᠤᠰ ᠤᠨ 《ᠶᠠᠨ᠎ᠠ-2012》 ᠪᠠᠭ ᠤᠨ ᠬᠢᠨ ᠣᠷᠣᠰ ᠬᠣᠯᠪᠣᠭᠠᠨ ᠤ ᠤᠯᠤᠰ ᠤᠨ ᠰᠠᠬ᠎ᠠ ᠤᠯᠤᠰ ᠤᠨ ᠨᠤᠲᠤᠭ ᠠᠴᠠ ᠥᠩᠭᠡᠷᠡᠭᠰᠡᠨ ᠵᠢᠯ ᠠᠷᠰᠯᠠᠨ ᠵᠠᠭᠠᠨ ᠤ ᠶᠠᠰᠤ ᠣᠯᠤᠭᠰᠠᠨ ᠪᠠᠶᠢᠨ᠎ᠠ᠃ ᠡᠯ᠎ᠡ ᠣᠯᠳᠠᠪᠤᠷᠢ ᠠᠴᠠ ᠠᠮᠢᠳᠤ ᠡᠰ ᠢᠯᠡᠷᠡᠭᠦᠯᠦᠭᠰᠡᠨ ᠲᠤᠬᠠᠢ ᠮᠡᠳᠡᠭᠡ ᠪᠠᠭ᠎ᠠ ᠦᠭᠡᠢ ᠱᠤᠤᠭᠢᠶᠠᠨ ᠲᠠᠷᠢᠭᠠᠳ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠲᠥᠭᠥᠷᠢᠭ
ᠲᠥᠭᠥᠷᠢᠭ

ᠲᠥᠭᠥᠷᠢᠭ ᠨᠢ ᠮᠣᠩᠭᠣᠯ ᠤᠯᠤᠰ ᠤᠨ ᠮᠥᠩᠭᠥᠨ ᠲᠡᠮᠳᠡᠭᠲᠦ ᠶᠤᠮ᠃ ᠮᠣᠩᠭᠣᠯ ᠠᠷᠠᠳ ᠤᠨ ᠵᠠᠰᠠᠭ ᠤᠨ ᠭᠠᠵᠠᠷ ᠠᠴᠠ 1925 ᠤᠨ ᠤ 2 ᠳ᠋ᠤᠭᠠᠷ ᠰᠠᠷ᠎ᠠ ᠶᠢᠨ 22 ᠍ ᠤ ᠡᠳᠦᠷ ᠮᠥᠩᠭᠥᠨ ᠦ ᠰᠢᠨᠡᠴᠢᠯᠡᠯ ᠬᠢᠬᠦ ᠲᠤᠬᠠᠢ ᠲᠡᠦᠬᠡᠨ ᠲᠣᠭᠲᠠᠭᠠᠯ ᠭᠠᠷᠭᠠᠵᠤ᠂ 1925 ᠤᠨ ᠤ 12 ᠳ᠋ᠤᠭᠠᠷ ᠰᠠᠷ᠎ᠠ ᠶᠢᠨ 9 ᠍ ᠳᠦ ᠠᠩᠬ᠎ᠠ 200100 ᠲᠥᠭᠥᠷᠢᠭ ᠢ ᠭᠦᠢᠯᠭᠡᠭᠡᠨ ᠳᠦ ᠭᠠᠷᠭᠠᠭᠰᠠᠨ ᠢᠶᠠᠷ ᠲᠥᠭᠥᠷᠢᠭ ᠭᠦᠢᠯᠭᠡᠭᠡᠨ ᠳᠦ ᠤᠷᠤᠪᠠ᠃ ᠮᠣᠩᠭᠣᠯ ᠤᠨ ᠦᠨᠳᠦᠰᠦᠨ ᠦ ᠰᠢᠨ᠎ᠡ ᠮᠥᠩᠭᠥᠨ ᠲᠡᠮᠳᠡᠭᠲᠦ ᠪᠡᠷ 900 ᠰᠣᠷᠢᠴᠠ ᠶᠢᠨ 18 ᠭᠷᠠᠮ ᠤᠨ ᠵᠢᠩ ᠪᠦᠬᠦᠢ ᠴᠠᠭᠠᠨ ᠮᠥᠩᠭᠥᠨ ᠵᠣᠭᠣᠰ ᠢ ᠪᠠᠲᠤᠯᠠᠨ ᠭᠠᠷᠭᠠᠵᠤ "ᠲᠥᠭᠥᠷᠢᠭ" ᠭᠡᠵᠦ ᠨᠡᠷᠡᠯᠡᠨ ᠴᠠᠭᠠᠨ ᠮᠥᠩᠭᠥᠨ ᠵᠣᠭᠣᠰᠤᠨ ᠤ ᠵᠡᠷᠭᠡᠴᠡᠭᠡ ᠪᠡᠷ ᠴᠠᠭᠠᠰᠤᠨ ᠲᠡᠮᠳᠡᠭᠲᠦ ᠶᠢ ᠭᠦᠢᠯᠭᠡᠭᠡᠨ ᠳᠦ ᠭᠠᠷᠭᠠᠵᠠᠢ᠃ ᠳᠠᠩ ᠭᠠᠭᠴᠠ ᠴᠠᠭᠠᠨ ᠮᠥᠩᠭᠥ ᠶᠢ ᠭᠦᠢᠯᠭᠡᠭᠡᠨ ᠳᠦ ᠭᠠᠷᠭᠠᠬᠤ ᠨᠢ ᠡᠨᠡ ᠬᠦᠨᠳᠦ ᠮᠧᠲ᠋ᠠᠯ ᠢ ᠬᠠᠳᠠᠭᠠᠯᠠᠬᠤ᠂ ᠵᠥᠭᠡᠬᠦ᠂ ᠲᠡᠭᠡᠭᠡᠪᠦᠷᠢᠯᠡᠬᠦ ᠶᠠᠪᠤᠳᠠᠯ ᠲᠠᠢ ᠬᠣᠯᠪᠣᠭᠳᠠᠭᠰᠠᠨ ᠲᠣᠬᠢᠷᠠᠮᠵᠢ ᠦᠭᠡᠢ ᠪᠠᠶᠢᠳᠠᠯ ᠢ ᠥᠭᠡᠷᠡᠴᠢᠯᠡᠬᠦ ᠱᠠᠭᠠᠷᠳᠠᠯᠭ᠎ᠠ ᠲᠠᠢ ᠤᠶᠠᠯᠳᠤᠭᠰᠠᠨ ᠠᠵᠡᠢ᠃ (ᠪᠦᠷᠢᠨ ᠠᠭᠤᠯᠭ᠎ᠠ ᠶᠢ ᠤᠩᠰᠢᠬᠤ)

ᠡᠷᠳᠡᠨᠢ ︱ 7
ᠡᠷᠳᠡᠨᠢ ︱ 7

ᠡᠷᠳᠡᠨᠢ ︱ 7(额日敦-7汤)᠄ ᠲᠤᠰ ᠨᠠᠢᠢᠷᠠᠯᠭ᠎ᠠ ᠪᠣᠯ ᠰᠡᠷᠢᠭᠦᠨ ᠴᠢᠨᠠᠷ  ᠲᠠᠢ  ᠨᠠᠢᠢᠷᠠᠯᠭ᠎ᠠ ᠪᠣᠯᠤᠨ᠎ᠠ ᠃ ᠬᠡᠢ ᠴᠢᠰᠤ ᠬᠢᠮᠤᠷᠠᠯᠳᠤᠭᠰᠠᠨ  ᠢ᠋ ᠳᠠᠷᠤᠬᠤ ᠮᠠᠨᠤ᠂ ᠬᠡᠢ ᠬᠠᠯᠠᠭᠤᠨ  ᠢ᠋ ᠠᠨᠠᠭᠠᠵᠤ᠂ ᠬᠢᠮᠤᠷᠠᠭᠰᠠᠨ ᠬᠠᠯᠠᠭᠤᠨ  ᠢ᠋ ᠠᠷᠢᠯᠭᠠᠬᠤ ᠪᠦᠭᠡᠷᠡᠯᠵᠢᠭᠡᠨ᠎᠎ᠡ ᠂ ᠪᠠᠳ᠌ᠭᠠᠨ ᠪᠦᠷᠬᠦᠭᠦᠯ  ᠢ᠋ ᠬᠠᠭᠤᠯᠬᠤ ᠴᠠᠭᠠᠨ ᠭᠠ᠂ ᠮᠠᠭᠤ ᠴᠢᠰᠤ ᠪᠤᠯᠤᠨ ᠲᠠᠮᠢᠷ  ᠦ᠋ᠨ ᠴᠢᠰᠤ  ᠶ᠋ᠢ᠋᠋᠋ ᠢᠯᠭᠠᠬᠤ ᠭᠤᠷᠪᠠᠨ ᠦᠷ᠎ᠡ ᠵᠡᠷᠭᠡ ᠡᠮ ᠦ᠋ᠨ ᠴᠢᠳᠠᠯ ᠨᠡᠢᠢᠯᠡᠭᠰᠡᠨ  ᠶ᠋ᠶ᠋᠋ᠡᠷ ᠬᠠᠯᠠᠭᠤᠨ ᠰᠠᠷᠨᠢᠭᠰᠠᠨ  ᠢ᠋ ᠬᠤᠷᠢᠶᠠᠬᠤ ᠨᠠᠢᠢᠷᠠᠯᠭ᠎ᠠ  ᠶ᠋ᠢᠨ ᠴᠢᠳᠠᠯ ᠪᠦᠷᠢᠳᠴᠡᠢ᠃ ᠡᠰᠡ ᠪᠤᠯᠪᠠᠰᠤᠷᠠᠭᠰᠠᠨ  ᠢ᠋ ᠪᠤᠯᠪᠠᠰᠤᠷᠠᠭᠤᠯᠬᠤ ᠴᠠᠭᠠᠨ ᠲᠠᠩ ᠪᠤᠯᠤᠨ ᠬᠢᠮᠤᠷᠠᠭᠰᠠᠨ ᠬᠠᠯᠠᠭᠤᠨ᠂ ᠬᠢᠵᠢᠭ᠌᠂ ᠰᠢᠨ᠎ᠡ ᠬᠠᠭᠤᠴᠢᠨ ᠬᠠᠯᠠᠭᠤᠨ  ᠢ᠋ ᠠᠷᠢᠯᠭᠠᠬᠤ ᠰᠢᠷ᠎ᠠ ᠲᠠᠩ  ᠦ᠋ᠨ᠋ ᠋ᠴᠢᠳᠠᠯ ᠬᠠᠮᠲᠤᠷᠠᠵᠤ᠂ ᠬᠠᠯᠠᠭᠤᠨ  ᠢ᠋ ᠨᠢᠲᠤᠯᠬᠤ ᠴᠢᠳᠠᠯ ᠪᠦᠷᠢᠳᠴᠡᠢ᠃ ᠡᠰᠡ ᠪᠤᠪᠠᠰᠤᠷᠠᠭᠰᠠᠨ  ᠢ᠋ ᠪᠤᠯᠪᠠᠰᠤᠷᠠᠭᠤᠯᠬᠤ ᠴᠠᠭᠠᠨ ᠲᠠᠩ ᠦ᠋ᠨ ᠴᠢᠳᠠᠯ ᠬᠠᠮᠲᠤᠷᠠᠵᠤ ᠂ ᠬᠠᠯᠠᠭᠤᠨ  ᠢ᠋ ᠨᠢᠲᠤᠯᠬᠤ ᠴᠢᠳᠠᠯ ᠪᠦᠷᠢᠳᠴᠡᠢ᠃ ᠪᠠᠳ᠌᠌ᠭᠠᠨ ᠬᠡᠢ ᠳᠠᠷᠤᠭᠳᠠᠪᠠᠯ ᠬᠠᠯᠠᠭᠤᠨ ᠪᠤᠯᠪᠠᠰᠤᠷᠠᠬᠤ᠂ ᠬᠡᠢ ᠳᠠᠷᠤᠭᠳᠠᠪᠠᠯ ᠬᠠᠯᠠᠭᠤᠨ ᠪᠤᠯᠪᠠᠰᠤᠷᠠᠬᠤ᠂ ᠬᠡᠢ ᠳᠠᠷᠤᠭᠳᠠᠪᠠᠯ ᠰᠠᠷᠨᠢᠭᠰᠠᠨ ᠨᠢ ᠬᠤᠷᠢᠶᠠᠭᠳᠠᠬᠤ ᠂ ᠰᠢᠷ᠎ᠠ ᠲᠠᠩ ᠮᠡᠲᠦ ᠶ᠋ᠢᠨ ᠴᠢᠰᠤ ᠰᠢᠷ᠎ᠠ  ᠶ᠋ᠢᠨ ᠬᠠᠯᠠᠭᠤᠨ  ᠢ᠋ ᠋ᠠᠷᠢᠯᠭᠠᠬᠤ ᠰᠡᠷᠢᠭᠦᠨ ᠨᠠᠢᠢᠷᠠᠯᠭ᠎ᠠ  ᠶ᠋ᠢ᠋  ᠨᠡᠮᠡᠭᠰᠡᠨ ᠤᠴᠢᠷ ᠡᠴᠡ ᠬᠠᠯᠠᠭᠤᠨ  ᠢ᠋ ᠨᠢᠲᠤᠯᠬᠤ ᠪᠤᠯᠤᠨ᠎ᠠ᠃ ᠡᠢᠢᠮᠦ  ᠡᠴᠡ ᠲᠤᠰ ᠨᠠᠢᠢᠷᠠᠯᠭ᠎ᠠ ᠨᠢ ᠬᠠᠯᠠᠭᠤᠨ  ᠢ᠋ ᠪᠤᠯᠪᠠᠰᠤᠷᠠᠭᠤᠯᠬᠤ᠂ ᠬᠤᠷᠢᠶᠠᠬᠤ᠂ ᠨᠢᠲᠤᠯᠬᠤ ᠨᠠᠢᠢᠷᠠᠯᠭ᠎ᠠ  ᠶ᠋ᠢᠨ ᠴᠢᠳᠠᠯ ᠪᠦᠷᠢᠳᠴᠡᠢ᠃ (ᠪᠦᠷᠢᠨ ᠠᠭᠤᠯᠭ᠎ᠠ ᠶᠢ ᠤᠩᠰᠢᠬᠤ)

ᠷᠠᠳᠢᠣ᠋ (ᠰᠡᠳᠬᠦᠯ ᠵᠦᠢ)
ᠤᠷᠲᠤ ᠳᠣᠯᠭᠢᠶᠠᠨ ᠤ ᠷᠠᠳᠢᠣ᠋ ᠰᠲ᠋ᠠᠨᠼ

ᠷᠠᠳᠢᠣ᠋ ᠨᠡᠪᠲᠡᠷᠡᠬᠦᠯᠭᠡ (电台广播) ᠄ 《 ᠷᠠᠳᠢᠣ᠋》 (Radio) ᠭᠡᠳᠡᠭ ᠨᠢ ᠯᠠᠲ᠋ᠢᠨ ᠬᠡᠯᠡᠨ ᠤ᠋ radiare — «ᠭᠡᠷᠡᠯ ᠴᠠᠴᠤᠬᠤ᠂ ᠰᠠᠴᠤᠷᠠᠬᠤ» ᠭᠡᠰᠡᠨ ᠦᠭᠡᠨ ᠡᠴᠡ ᠭᠠᠷᠤᠯ ᠲᠠᠢ᠃  ᠨᠡᠪᠲᠡᠷᠡᠭᠦᠯᠭᠡ ᠶ᠋ᠢ ᠳᠠᠭᠤᠤ ᠴᠢᠮᠡᠭᠡᠨ ᠤ᠋ ᠲᠤᠰᠠᠯᠠᠮᠵᠢ ᠲᠠᠢ ᠪᠠᠷ ᠬᠢᠵᠠᠭᠠᠷᠯᠠᠭᠳᠠᠮᠠᠯ ᠪᠤᠰᠤ ᠲᠣᠭᠠᠨ ᠤ᠋ ᠰᠣᠨᠣᠰᠤᠭᠴᠢᠳ ᠲᠤ ᠳᠠᠮᠵᠢᠭᠤᠯᠳᠠᠭ ᠲᠧᠭᠨᠢᠭ ᠬᠡᠷᠡᠭᠰᠡᠯ ᠢ᠋ ᠥᠷᠭᠡᠨ ᠤᠳᠬ᠎ᠠ ᠪᠠᠷ ᠨᠢ 《ᠷᠠᠳᠢᠣ᠋》 ᠭᠡᠵᠦ ᠨᠡᠷᠡᠯᠡᠳᠡᠭ᠃ ᠢᠪᠴᠤᠤ ᠤᠳᠬ᠎ᠠ ᠪᠠᠷ ᠨᠢ ᠠᠪᠴᠤ ᠦᠵᠡᠪᠡᠯ ᠣᠯᠠᠨ ᠨᠡᠶᠢᠲᠡ ᠶ᠋ᠢᠨ ᠮᠡᠳᠡᠭᠡᠯᠡᠯ ᠦ᠋ᠨ ᠬᠡᠷᠡᠭᠰᠡᠯ ᠶ᠋ᠢᠨ ᠨᠢᠭᠡ ᠲᠥᠷᠥᠯ᠂ ᠰᠡᠳᠬᠦᠯ ᠵᠦᠢ ᠶ᠋ᠢᠨ ᠰᠠᠯᠤᠰᠢ ᠦᠭᠡᠢ ᠪᠦᠷᠢᠯᠳᠦᠬᠦᠨ ᠬᠡᠰᠡᠭ ᠮᠥᠨ᠃ ᠷᠠᠳᠢᠣ᠋ ᠢ᠋ ᠴᠠᠭ ᠬᠤᠭᠤᠴᠠᠭ᠎ᠠ᠂ ᠡᠭᠦᠰᠦᠯ ᠬᠥᠭ᠍ᠵᠢᠯ ᠦ᠋ᠨ ᠬᠤᠪᠢ ᠳ᠋ᠤ ᠣᠯᠠᠨ ᠨᠡᠶᠢᠲᠡ ᠶ᠋ᠢᠨ ᠮᠡᠳᠡᠭᠡᠯᠡᠯ ᠦ᠋ᠨ ᠬᠡᠷᠡᠭᠰᠡᠯ ᠦ᠋ᠨ ᠬᠣᠶᠠᠷ ᠳ᠋ᠡᠬᠢ ᠭᠣᠣᠯ ᠬᠡᠷᠡᠭᠰᠡᠯ ᠭᠡᠵᠦ ᠦᠵᠡᠳᠡᠭ᠃ ᠲᠡᠭᠦᠨ  ᠤ᠋ ᠭᠣᠣᠯ ᠣᠨᠴᠠᠯᠢᠭ ᠰᠢᠨᠵᠢ ᠨᠢ ᠮᠡᠳᠡᠭᠡᠯᠡᠯ ᠢ᠋ ᠵᠥᠭᠡᠭᠡᠭ᠍ᠴᠢ ᠨᠢ ᠳᠠᠭᠤ ᠴᠢᠮᠡᠭᠡ ᠪᠣᠯᠳᠠᠭ ᠲᠤ ᠣᠷᠣᠰᠢᠨ᠎ᠠ᠃ (ᠪᠦᠷᠢᠨ ᠠᠭᠤᠯᠭ᠎ᠠ ᠶᠢ ᠤᠩᠰᠢᠬᠤ)

ᠵᠣᠷᠵᠢ ᠯᠤᠤᠶᠢᠰ
ᠵᠣᠷᠵᠢ ᠯᠤᠤᠶᠢᠰ

ᠵᠣᠷᠵᠢ ᠸᠠᠯᠲᠠᠨ ᠯᠤᠤᠶᠢᠰ (ᠠᠩᠭᠯᠢ ᠪᠠᠷ George Walton Lucas, 1944 ᠤᠨ ᠤ 5 ᠰᠠᠷ᠎ᠠ ᠶᠢᠨ 14) ᠨᠢ ᠣᠰᠺᠠᠷ ᠤᠨ ᠱᠠᠩᠨᠠᠯ ᠳᠤ ᠨᠡᠷ᠎ᠡ ᠳᠡᠪᠰᠢᠵᠦ ᠪᠠᠶᠢᠭᠰᠠᠨ ᠠᠮᠧᠷᠢᠺᠠᠡᠶᠢᠨ ᠺᠢᠨᠣ᠋ ᠨᠠᠶᠢᠷᠠᠭᠤᠯᠤᠭᠴᠢ᠂ ᠯᠤᠤᠶᠢᠰᠹᠢᠯᠮ ᠺᠣᠮᠫᠠᠨᠢᠢ ᠡᠭᠦᠰᠬᠡᠨ ᠪᠠᠶᠢᠭᠤᠯᠤᠭᠴᠢ ᠶᠤᠮ᠃ ᠲᠡᠭᠦᠨ ᠢ ᠣᠳᠣᠳ ᠤᠨ ᠳᠠᠶᠢᠨ(星球大战)᠂ ᠢᠨᠳᠢᠶᠠᠨ᠎ᠠ ᠵᠣᠩᠰᠣ (印第安納·瓊斯) ᠵᠡᠷᠭᠡ ᠰᠢᠨᠵᠢᠯᠡᠬᠦ ᠤᠬᠠᠭᠠᠨ ᠤ ᠬᠦᠦᠷᠨᠢᠯᠳᠦ ᠪᠠᠭᠠᠲᠤᠷᠯᠢᠭ ᠰᠡᠳᠦᠪᠲᠦ ᠪᠦᠲᠦᠭᠡᠯ ᠦᠳ ᠢᠶᠡᠷ ᠨᠢ ᠢᠯᠡᠭᠦᠦ ᠰᠠᠶᠢᠨ ᠮᠡᠳᠡᠬᠦ ᠤᠴᠢᠷᠲᠠᠢ᠃ ᠣᠳᠣ ᠪᠠᠷ ᠠᠮᠧᠷᠢᠺᠠ ᠶᠢᠨ ᠺᠢᠨᠣ᠋ ᠬᠦᠷᠢᠶᠡᠯᠡᠩ ᠦᠨ ᠨᠠᠶᠢᠷᠠᠭᠤᠯᠤᠭᠴᠢ᠂ ᠫᠷᠣᠳᠢᠶᠦ᠋ᠰᠧᠷ ᠤᠨ ᠠᠵᠢᠯᠯᠠᠭᠰᠠᠨ ᠪᠦᠲᠡᠭᠡᠯᠢ ᠨᠦᠭᠦᠳ ᠢᠶᠡᠷ ᠢᠶᠡᠨ ᠣᠯᠤᠭᠰᠠᠨ ᠠᠰᠢᠭ ᠣᠷᠣᠯᠭ᠎ᠠ ᠨᠢ 2009 ᠤᠨ ᠤ ᠪᠠᠶᠢᠳᠠᠯ ᠢᠶᠠᠷ 3 ᠲᠡᠷᠪᠤᠮ ᠳ᠋ᠣᠯᠯᠠᠷ ᠲᠤ ᠬᠦᠷᠦᠭᠰᠡᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠵᠣᠷᠢᠭᠲᠤ ᠬᠠᠭᠠᠨ
Enkejorigt.png

ᠡᠩᠭᠡᠵᠣᠷᠢᠭᠲᠤ (1358-1392) ᠬᠠᠭᠠᠨ ᠪᠣᠯ ᠶᠤᠸᠠᠨ ᠤᠯᠤᠰ ᠤᠨ ᠪᠤᠲᠠᠷᠠᠯ ᠤᠨ ᠳᠠᠷᠠᠭᠠᠬᠢ ᠶᠤᠸᠠᠨ ᠤᠯᠤᠰ ᠤᠨ ᠬᠠᠭᠠᠨ ᠪᠠᠶᠢᠪᠠ᠃ ᠵᠣᠷᠢᠭᠲᠤ ᠬᠠᠭᠠᠨ ᠤ ᠣᠳᠣᠮ ᠭᠠᠷᠣᠯ ᠬᠡᠨ ᠪᠣᠯᠬᠤ ᠲᠤᠬᠠᠢ ᠡᠷᠡᠭᠡᠯᠵᠡᠭᠡ ᠲᠡᠢ ᠠᠰᠠᠭᠤᠳᠠᠯ ᠤᠳ ᠪᠠᠶᠢᠳᠠᠭ᠃ ᠭᠣᠣᠯᠳᠠᠭᠤ ᠲᠡᠭᠦᠰᠲᠡᠮᠦᠷ ᠬᠠᠭᠠᠨ ᠤ ᠬᠦᠦ ᠬᠡᠮᠡᠨ ᠦᠵᠡᠳᠡᠭ᠃

ᠵᠣᠷᠢᠭᠳᠣ ᠬᠠᠭᠠᠨ ᠤ ᠡᠴᠢᠭᠡ ᠣᠰᠬᠠᠯ ᠬᠠᠭᠠᠨ ᠲᠡᠭᠦᠰᠳᠡᠮᠦᠷ ᠢᠯᠠᠭᠳᠠᠵᠣ ᠪᠡᠶ᠎ᠡ ᠪᠠᠷᠠᠭᠰᠠᠨ ᠶᠠᠪᠣᠳᠠᠯ ᠨᠢ ᠮᠢᠩ ᠭᠦᠷᠦᠨ ᠪᠣᠯᠣᠨ ᠣᠮᠠᠷᠠᠳᠣ ᠶᠣᠸᠠᠨ ᠣᠯᠣᠰ ᠤᠨ ᠬᠠᠷᠢᠴᠠᠭᠠᠨ ᠳᠤ ᠦᠨᠳᠦᠰᠦᠨ ᠬᠣᠪᠢᠷᠠᠯᠳᠠ ᠭᠠᠷᠭᠠᠭᠰᠠᠨ ᠪᠦᠭᠡᠳ ᠲᠠᠶᠠᠭᠠᠷ ᠮᠣᠩᠭᠣᠯ ᠳᠤ ᠯᠣᠳᠣ ᠶᠡᠭᠡ ᠲᠣᠩᠰᠣᠯᠳᠠ ᠪᠣᠯᠪᠠ ᠃ ᠮᠦᠨ ᠤᠨ ᠳᠤ ᠯᠢᠶᠣᠣᠳᠤᠩ ᠤᠨ ᠬᠠᠷᠢᠶᠠᠨ ᠤ ᠯᠢᠶᠣᠣ ᠸᠠᠩ ᠠᠵᠢᠰᠢᠷᠢ ᠂ ᠾᠣᠢ ᠨᠢᠩ ᠸᠠᠩ ᠲᠠᠪᠢᠨᠲᠡᠮᠦᠷ ᠮᠢᠩ ᠭᠦᠷᠦᠨ ᠳᠦ ᠪᠠᠭᠣᠵᠤ ᠦᠭᠴᠡᠢ᠃

1389 ᠤᠨ ᠳᠤ ᠮᠢᠩ ᠤᠯᠤᠰ ᠣᠳᠣ ᠶᠢᠨ ᠥᠪᠥᠷ ᠮᠣᠩᠭᠣᠯ ᠤᠨ ᠨᠤᠲᠤᠭ ᠂ ᠣᠣᠯ ᠤᠨ ᠨᠠᠭᠠᠴᠣ ᠶᠢᠨ ᠬᠠᠷᠢᠶᠠᠳᠣ ᠣᠷᠣᠨ ᠳᠤ ᠲᠡᠭᠦᠪᠡᠷ ᠤᠳᠤᠷᠢᠳᠤᠭᠤᠯᠤᠭᠰᠠᠨ ᠮᠣᠩᠭᠣᠯ ᠬᠠᠮᠠᠭᠠᠯᠠᠭᠴᠢᠳ ᠤᠨ ᠭᠣᠷᠪᠠᠨ ᠣᠢ ᠶᠢ ᠪᠤᠢ ᠪᠣᠯᠭᠠᠵᠣ ᠂ ᠨᠢᠭᠡ ᠲᠠᠯ᠎ᠠ ᠪᠡᠷ ᠪᠠᠭᠣᠵᠣ ᠦᠭᠭᠦᠭᠰᠡᠨ ᠮᠣᠩᠭᠣᠯᠴᠣᠳ ᠢ ᠵᠠᠬᠢᠷᠠᠭᠣᠯᠵᠣ ᠨᠦᠭᠦᠭᠡ ᠲᠠᠯ᠎ᠠ ᠪᠡᠷ ᠮᠢᠩ ᠭᠦᠷᠦᠨ ᠦ ᠬᠢᠯᠢ ᠬᠢᠵᠠᠭᠠᠷ ᠢ ᠰᠠᠬᠢᠨ ᠬᠠᠮᠠᠭᠠᠯᠠᠵᠣ ᠂ ᠲᠠᠢᠨ ᠤ ᠪᠠᠴᠢᠮ ᠴᠠᠭ ᠲᠤ ᠴᠡᠷᠢᠭ ᠭᠠᠷᠭᠠᠨ ᠮᠢᠩ ᠭᠦᠷᠦᠨ ᠳᠦ ᠲᠣᠰᠠᠯᠠᠬᠣ ᠭᠡᠷᠡᠭᠳᠡᠢ ᠭᠡᠪᠡ᠃ ᠲᠣᠬᠠᠢᠯᠠᠪᠠᠯ ᠲᠣᠰ ᠲᠣᠰ ᠲᠤ ᠶᠠᠨ ᠣᠢ 朵颜卫 (ᠣᠳᠣ ᠾᠸᠪᠸᠢ ᠣᠷᠴᠢᠮ) ᠂ ᠲᠠᠢ ᠨᠢᠩ ᠣᠢ 泰宁卫(ᠣᠳᠣᠬᠢ ᠬᠢᠷᠢᠨ ᠮᠣᠵᠢ ᠶᠢᠨ ᠲᠣᠣ ᠨᠠᠨ ᠣᠷᠴᠢᠮ) ᠪᠠ ᠹᠦ᠋ ᠢᠣᠢ ᠣᠢ 福余卫(ᠴᠢᠴᠢᠬᠠᠷ ᠬᠣᠳᠠ ᠡᠴᠡ ᠵᠡᠬᠦᠨᠰᠢ) ᠭᠡᠳᠡᠭ ᠪᠦᠭᠡᠳ ᠣᠷᠢᠶᠠᠩᠬᠠᠢ ᠮᠣᠩᠭᠣᠯᠴᠣᠳ ᠵᠣᠩᠬᠢᠯᠠᠬᠣ ᠪᠠᠢᠷᠢ ᠵᠢ ᠡᠵᠡᠯᠡᠵᠥ ᠪᠠᠢᠭᠰᠠᠨ ᠪᠣᠯᠬᠣᠷ ᠲᠡᠦᠭᠡᠨ ᠳᠦ ᠣᠷᠢᠶᠠᠩᠬᠠᠢ ᠶᠢᠨ ᠭᠣᠷᠪᠠᠨ ᠣᠢ ᠭᠡᠳᠡᠭ ᠃ ᠲᠡᠦᠭᠡᠨ ᠳᠦ ᠣᠷᠢᠶᠠᠩᠬᠠᠢ ᠶᠢᠨ ᠭᠣᠷᠪᠠᠨ ᠣᠢ ᠨᠢ ᠬᠠᠭᠠᠰ ᠪᠡᠶ᠎ᠡ ᠪᠠᠨ ᠲᠠᠭᠠᠭᠰᠠᠨ ᠲᠣᠰᠠᠭᠠᠷ ᠭᠡᠯᠪᠡᠷᠢ ᠪᠡᠷ ᠣᠷᠣᠰᠢᠵᠣ ᠪᠠᠢᠭᠰᠠᠨ ᠪᠦᠭᠡᠳ ᠮᠢᠩ ᠣᠯᠣᠰ ᠂ ᠮᠣᠩᠭᠣᠯ ᠤᠨ ᠠᠯᠢ ᠠᠯᠢᠨ ᠳᠤ ᠴᠤ ᠠᠶᠠᠯᠳᠣᠨ ᠲᠠᠭᠠᠵᠣ ᠪᠠᠢᠭᠰᠠᠨ ᠃ (ᠪᠦᠷᠢᠨ ᠠᠭᠤᠯᠭ᠎ᠠ ᠶᠢ ᠤᠩᠰᠢᠬᠤ)

ᠸᠠᠰᠢᠩᠲ᠋ᠣᠨ ᠬᠣᠲᠠ
ᠸᠠᠰᠢᠩᠲ᠋ᠣᠨ

ᠸᠠᠰᠢᠩᠲ᠋ᠣᠨ (ᠠᠩᠭᠯᠢ ᠪᠠᠷ Washington) ᠪᠤᠶᠤ ᠺᠣᠯᠤᠮᠪᠢᠶ ᠠ ᠶᠢᠨ ᠲᠣᠭᠣᠷᠢᠭ (ᠠᠩᠭᠯᠢ ᠪᠠᠷ Washington District Of Columbia) ᠨᠢ 1790  ᠤᠨ ᠤ 7 ᠰᠠᠷ᠎ᠠ ᠶᠢᠨ 16 ᠍ ᠍ ᠍ ᠳᠦ ᠪᠠᠶᠢᠭᠤᠯᠤᠭᠳᠠᠭᠰᠠᠨ᠂ ᠠᠮᠧᠷᠢᠺᠠ ᠶᠢᠨ ᠨᠢᠭᠡᠳᠦᠭᠰᠡᠨ ᠤᠯᠤᠰ ᠍ ᠍ ᠍ ᠤᠨ ᠨᠡᠶᠢᠰᠯᠡᠯ ᠶᠤᠮ᠃ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠠᠩᠬᠠᠨ ᠤ ᠶᠡᠷᠦᠩᠬᠡᠶᠢᠯᠡᠭᠴᠢ ᠵᠣᠷᠵᠢ ᠸᠠᠰᠢᠩᠲ᠋ᠣᠨ ᠤ ᠨᠡᠷ᠎ᠡ ᠪᠡᠷ ᠨᠡᠷᠡᠯᠡᠭᠰᠡᠨ᠃ ᠺᠣᠯᠤᠮᠪᠢᠶ ᠠ ᠶᠢᠨ ᠲᠣᠭᠣᠷᠢᠭ ᠨᠢ ᠫᠣᠲ᠋ᠣᠮᠠᠺ ᠭᠣᠣᠯ ᠍ ᠤᠨ ᠬᠣᠶᠢᠳᠤ ᠡᠷᠭᠢ ᠳᠡᠭᠡᠷ᠎ᠡ ᠤᠷᠤᠰᠢᠬᠤ ᠪᠥᠭᠡᠳ ᠪᠠᠷᠠᠭᠤᠨ ᠡᠮᠦᠨᠡᠲᠦ ᠲᠠᠯ᠎ᠠ ᠪᠠᠷ ᠢᠶᠠᠨ ᠸᠢᠷᠵᠢᠨᠢᠶ ᠠ  ᠲᠠᠢ᠂ ᠪᠠᠷᠠᠭᠤᠨ ᠬᠣᠶᠢᠳᠤ᠂ ᠵᠡᠭᠦᠨ ᠬᠣᠶᠢᠳᠤ᠂ ᠵᠡᠭᠦᠨ ᠡᠮᠦᠨᠡᠲᠦ ᠲᠠᠯ᠎ᠠ ᠪᠠᠷ ᠢᠶᠠᠨ ᠮᠡᠷᠢᠯᠢᠨᠳᠧ(Maryland ) ᠮᠤᠵᠢ ᠲᠠᠢ ᠬᠢᠯᠢᠯᠡᠨ᠎ᠡ᠃ ᠲᠣᠭᠣᠷᠢᠭ ᠤᠨ ᠰᠠᠭᠤᠭᠠᠯᠢ ᠠᠷᠠᠳ  ᠤᠨ ᠬᠦᠮᠦᠨ ᠠᠮᠠ ᠨᠢ 58 ᠲᠦᠮᠡ 8292 ᠪᠣᠯᠪᠠᠴᠤ ᠠᠵᠢᠯ  ᠤᠨ 7 ᠬᠣᠨᠣᠭ ᠤᠳ ᠲᠤ ᠢᠷᠡᠵᠦ ᠠᠵᠢᠯᠯᠠᠬᠤ ᠬᠦᠮᠦᠰ ᠢ ᠨᠡᠮᠡᠬᠦ ᠳᠦ ᠵᠠᠭᠤᠨ ᠲᠦᠮᠡ ᠭᠠᠷᠤᠢ ᠳᠤ ᠬᠦᠷᠤᠨ᠎ᠡ᠃ ᠸᠠᠰᠢᠩᠲ᠋ᠣᠨ ᠤ ᠮᠧᠲ᠋ᠷᠣᠫᠣᠯᠢ ᠭᠠᠵᠠᠷ ᠨᠤᠲᠤᠭ ᠤᠨ (ᠪᠦᠷᠢᠯᠳᠦᠬᠦᠨ ᠳᠦ ᠨᠢ ᠺᠣᠯᠤᠨᠢ ᠵᠢᠨ ᠲᠣᠭᠣᠷᠢᠭ ᠣᠷᠣᠨ᠎ᠠ) ᠬᠦᠮᠦᠨ ᠠᠮᠠ ᠨᠢ 530 ᠲᠦᠮᠡ ᠪᠥᠭᠡᠳ ᠡᠨᠡ ᠨᠢ ᠤᠯᠤᠰ ᠲᠤ ᠪᠠᠨ ᠨᠶᠢᠮᠠᠳᠤᠭᠠᠷ ᠲᠤ ᠵᠢᠭᠰᠠᠳᠠᠭ᠃ (ᠪᠦᠷᠢᠨ ᠠᠭᠤᠯᠭ᠎ᠠ ᠶᠢ ᠤᠩᠰᠢᠬᠤ)

ᠲᠠᠬᠢ
ᠲᠠᠬᠢ

ᠲᠠᠬᠢ (ᠫᠷᠵᠧᠸᠠᠯᠢᠰᠺ ᠤᠨ ᠠᠳᠤᠭᠤ) ᠨᠢ ᠮᠣᠩᠭᠣᠯ ᠍ ᠤᠨ ᠭᠣᠪᠢ ᠬᠡᠭᠡᠷ᠎ᠡ᠂ ᠲᠠᠯ᠎ᠠ ᠨᠤᠲᠤᠭ ᠲᠤ ᠠᠮᠢᠳᠤᠷᠠᠳᠠᠭ ᠵᠡᠷᠯᠢᠭ ᠠᠳᠤᠭᠤ ᠶᠤᠮ᠃ ᠣᠷᠣᠰ ᠤᠯᠤᠰ ᠤᠨ ᠰᠤᠳᠤᠯᠤᠭᠠᠴᠢ ᠨᠢᠺᠣᠯᠠᠢ ᠫᠷᠧᠵᠧᠸᠠᠯᠢᠰᠺ ᠦ 1879 ᠤᠨ ᠳᠤ ᠮᠣᠩᠭᠣᠯ ᠤᠨ ᠭᠣᠪᠢ ᠳᠤ ᠵᠡᠷᠯᠢᠭ ᠠᠳᠤᠭᠤᠨ ᠤ ᠲᠥᠷᠥᠯ ᠪᠣᠯᠬᠤ ᠲᠠᠬᠢ ᠶᠢ ᠠᠩᠬ᠎ᠠ ᠣᠯᠵᠤ ᠢᠯᠡᠷᠡᠭᠦᠯᠵᠡᠢ᠃ ᠢᠩᠭᠢᠭᠡᠳ ᠫᠷᠧᠵᠧᠸᠠᠯᠢᠰᠺ ᠤᠨ ᠠᠳᠤᠭᠤ ᠭᠡᠵᠦ ᠨᠡᠷᠡᠯᠡᠭᠳᠡᠬᠦ ᠪᠣᠯᠤᠭᠰᠠᠨ᠃ 1966 ᠤᠨ ᠠᠴᠠ ᠬᠣᠶᠢᠰᠢ ᠪᠠᠶᠢᠭᠠᠯᠢ ᠳᠤ ᠵᠡᠷᠯᠢᠭ ᠢᠶᠡᠷ ᠲᠠᠭᠠᠷᠠᠯᠳᠤᠬᠤ ᠪᠠᠨ ᠪᠣᠯᠢᠵᠤ᠂ ᠠᠭᠤᠭᠤᠯ ᠨᠤᠲᠤᠭ ᠲᠤ ᠪᠠᠨ ᠤᠰᠠᠳᠤᠭᠰᠠᠨ ᠳᠤ ᠲᠣᠭᠠᠴᠠᠭᠳᠠᠵᠤ ᠪᠠᠶᠢᠭᠰᠠᠨ ᠢ ᠨᠢᠳᠧᠷᠯᠠᠨᠲᠭᠧᠷᠮᠠᠨ ᠵᠡᠷᠭᠡ ᠤᠯᠤᠰ ᠤᠨ ᠠᠮᠢᠲᠠᠨ ᠤ ᠬᠦᠷᠢᠶᠡᠯᠡᠩ ᠦᠳ ᠡᠴᠡ ᠪᠤᠴᠠᠭᠠᠵᠤ ᠠᠪᠴᠢᠷᠠᠨ ᠬᠤᠰᠤᠲᠠᠢ ᠶᠢᠨ ᠨᠢᠷᠤᠭᠤᠳᠠᠭᠢ ᠶᠢᠨ ᠲᠠᠯ᠎ᠠᠬᠣᠮ ᠤᠨ ᠲᠠᠯ᠎ᠠ ᠳᠤ ᠳᠠᠬᠢᠨ ᠨᠤᠲᠤᠭᠰᠢᠭᠤᠯᠤᠨ᠂ ᠦᠷᠡᠵᠢᠭᠦᠯᠵᠦ ᠪᠠᠶᠢᠭ᠎ᠠ ᠶᠤᠮ᠃ ᠲᠠᠬᠢ ᠨᠢ ᠥᠨᠥᠳᠥᠷ ᠦᠨ ᠭᠡᠷ ᠦᠨ ᠲᠡᠵᠢᠭᠡᠮᠡᠯ ᠮᠣᠷᠢᠳ ᠤᠨ ᠡᠪᠦᠭᠡ ᠡᠴᠢᠭᠡ ᠶᠤᠮ᠃ ᠭᠡᠰᠡᠨ ᠬᠡᠳᠦᠢ ᠴᠤ ᠡᠨᠡ ᠲᠥᠷᠥᠯ ᠵᠦᠢᠯ ᠨᠢ ᠬᠡᠵᠢᠶ᠎ᠡ ᠴᠤ ᠭᠡᠷᠰᠢᠭᠡ ᠦᠭᠡᠢ ᠪᠠ ᠡᠶᠢᠮᠦ ᠴᠤ ᠤᠴᠢᠷ ᠠᠴᠠ ᠳᠡᠯᠡᠬᠡᠢ ᠶᠢᠨ ᠬᠠᠮᠤᠭ ᠤᠨ ᠰᠡᠭᠦᠯᠴᠢ ᠶᠢᠨ ᠵᠡᠷᠯᠢᠭ ᠠᠳᠤᠭᠤ ᠶᠤᠮ᠃ (ᠪᠦᠷᠢᠨ ᠠᠭᠤᠯᠭ᠎ᠠ ᠶᠢ ᠤᠩᠰᠢᠬᠤ)

Ivy League
Ivy League

Ivy league (ᠬᠢᠲᠠᠳ ᠢᠶᠠᠷ 常春藤盟校) ᠨᠢ 1954 ᠤᠨ ᠳᠤ ᠪᠠᠶᠢᠭᠤᠯᠤᠭᠳᠠᠭᠰᠠᠨ ᠠᠮᠧᠷᠢᠺᠠ ᠶᠢᠨ ᠨᠢᠭᠡᠳᠦᠭᠰᠡᠨ ᠤᠯᠤᠰ ᠤᠨ ᠪᠣᠯᠪᠠᠰᠤᠷᠠᠯ ᠤᠨ ᠰᠠᠭᠤᠷᠢ ᠶᠢ ᠲᠠᠯᠪᠢᠭᠰᠠᠨ ᠭᠡᠵᠦ ᠬᠡᠯᠡᠵᠦ ᠪᠣᠯᠬᠤ᠂ ᠣᠯᠠᠨ ᠵᠢᠯ ᠦᠨ ᠲᠡᠦᠬᠡ ᠲᠡᠢ ᠪᠥᠭᠡᠳ ᠰᠤᠷᠭᠠᠯᠲᠠ ᠶᠢᠨ ᠴᠢᠨᠠᠷ ᠢᠶᠠᠷ ᠢᠶᠠᠨ ᠲᠣᠯᠤᠭᠠᠶᠢᠯᠠᠯᠬᠤ 《ᠬᠠᠷᠠᠪᠤᠷ ᠲᠤ》᠂ 《ᠫᠧᠨᠰᠢᠯᠪᠠᠨᠢ》᠂ 《ᠺᠣᠷᠨᠡᠯ》᠂ 《ᠪᠷᠠᠤᠨ》᠂ 《ᠺᠣᠯᠤᠮᠪᠤ ᠶᠢᠨ ᠶᠡᠬᠡ ᠰᠤᠷᠭᠠᠭᠤᠯᠢ》᠂ 《ᠳ᠋ᠠᠷᠲ᠋ᠮᠠᠦ᠋ᠹ》᠂ 《ᠶᠠᠯ》᠂ 《ᠫᠷᠢᠨᠰᠲ᠋ᠣᠨ》 ᠍ᠵᠡᠷᠭᠡ 8 ᠶᠡᠬᠡ ᠰᠤᠷᠭᠠᠭᠤᠯᠢ ᠶᠢᠨ ᠨᠢᠬᠡᠲᠦᠮᠡᠯ ᠴᠤᠭᠴᠠ ᠶᠢ ᠵᠢᠭᠠᠳᠠᠭ᠃ ᠡᠳᠡᠭᠡᠷ ᠰᠤᠷᠭᠠᠭᠤᠯᠢ ᠶᠢᠨ ᠰᠤᠷᠭᠠᠯᠲᠠ ᠶᠢᠨ ᠴᠢᠨᠠᠷ ᠮᠠᠰᠢ ᠰᠠᠶᠢᠨ᠂ ᠬᠠᠮᠤᠭ ᠤᠨ ᠰᠢᠯᠢᠳᠡᠭ ᠪᠠᠭᠰᠢ ᠶᠢ ᠰᠣᠩᠭᠣᠨ ᠠᠵᠢᠯᠯᠠᠭᠤᠯᠵᠤ᠂ ᠰᠢᠯᠢᠳᠡᠭ ᠣᠶᠤᠲᠠᠨ ᠡᠯᠡᠰᠦᠨ ᠣᠷᠣᠳᠠᠭ᠃ ᠮᠠᠰᠢ ᠥᠨᠳᠥᠷ ᠨᠡᠷ᠎ᠡ ᠬᠦᠨᠳᠦᠲᠡᠢ᠂ ᠨᠡᠶᠢᠭᠡᠮ ᠳᠦ ᠪᠡᠨ ᠧᠯᠢᠲ ᠦᠳ ᠦᠨ ᠰᠤᠷᠭᠠᠭᠤᠯᠢ ᠭᠡᠵᠦ ᠲᠣᠭᠠᠴᠠᠭᠳᠠᠳᠠᠭ ᠶᠤᠮ ᠃ ᠮᠥᠨ ᠰᠠᠩᠬᠦᠦ ᠶᠢᠨ ᠬᠤᠪᠢ ᠳᠤ ᠪᠦᠷᠢᠨ ᠪᠡᠶ᠎ᠡ ᠪᠡᠨ ᠳᠠᠭᠠᠭᠰᠠᠨ ᠪᠠᠶᠢᠳᠠᠭ ᠤᠴᠢᠷ ᠠᠴᠠ ᠲᠡᠭᠦᠨ ᠢ ᠳᠠᠭᠠᠭᠰᠠᠨ ᠰᠤᠷᠤᠯᠴᠠᠬᠤ ᠣᠷᠴᠢᠨ᠂ ᠮᠠᠲ᠋ᠧᠷᠢᠶᠠᠯᠯᠢᠭ ᠪᠠᠭᠠᠵᠢ᠂ ᠨᠢᠭᠡ ᠣᠶᠤᠲᠠᠨ ᠳᠤ ᠵᠠᠷᠤᠴᠠᠭᠤᠯᠬᠤ ᠬᠥᠷᠥᠩᠭᠡ ᠮᠥᠩᠭᠥ ᠵᠡᠷᠭᠡ ᠨᠢ ᠬᠠᠩᠭᠠᠯᠲᠠ ᠲᠠᠢ ᠪᠠᠶᠢᠳᠠᠭ᠃ ᠲᠡᠶᠢᠮᠦ ᠡᠴᠡ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠬᠡ ᠳᠡᠭᠡᠳᠦ ᠰᠤᠷᠭᠠᠭᠤᠯᠢ ᠨᠤᠭᠤᠳ ᠤᠨ ᠡᠬᠢᠨ ᠦ 20 ᠍ ᠳᠦ ᠪᠠᠶᠢᠩᠭᠤ ᠪᠠᠭᠳᠠᠵᠣ ᠢᠷᠡᠭᠰᠡᠨ᠃ ᠶᠡᠷᠦ ᠨᠢ ᠳᠡᠯᠡᠬᠡᠢ ᠨᠡᠶᠢᠲᠡ ᠳᠦ 2 ᠰᠠᠶ᠎ᠠ ᠣᠶᠤᠲᠠᠨ ᠥᠪᠡᠷ ᠦᠨ ᠣᠷᠣᠨ ᠠᠴᠠ ᠪᠠᠨ ᠥᠭᠡᠷ᠎ᠡ ᠭᠠᠵᠠᠷ ᠳᠡᠭᠡᠳᠦ ᠪᠣᠯᠪᠠᠰᠤᠷᠠᠯ ᠡᠵᠡᠮᠰᠢᠵᠦ ᠪᠠᠶᠢᠨ᠎ᠠ᠃ ᠡᠨᠡ ᠲᠣᠭ᠎ᠠ 2025 ᠤᠨ ᠭᠡᠬᠦ ᠳᠦ 8 ᠰᠠᠶ᠎ᠠ ᠳᠤ ᠬᠦᠷᠡᠨ᠎ᠡ ᠭᠡᠰᠡᠨ ᠲᠣᠭᠠᠴᠠᠭ᠎ᠠ ᠴᠦ ᠪᠤᠢ᠃ ᠡᠳᠡᠭᠡᠷ ᠰᠤᠷᠭᠠᠭᠤᠯᠢ ᠨᠤᠭᠤᠳ ᠤᠨ ᠡᠯᠰᠡᠬᠦ  ᠪᠠᠷᠢᠮᠵᠢᠶ᠎ᠠ ᠥᠨᠳᠥᠷ ᠲᠡᠢ᠂ ᠰᠢᠷᠦᠭᠦᠨ ᠥᠷᠢᠰᠦᠯᠳᠦᠭᠡᠨ ᠲᠡᠢ ᠪᠥᠭᠡᠳ ᠬᠠᠮᠤᠭ ᠤᠨ ᠶᠡᠬᠡ ᠳᠦ ᠪᠡᠨ ᠯᠠ ᠨᠡᠶᠢᠲᠡ ᠡᠷᠭᠦᠳᠡᠯ ᠦᠨ 16% ᠍ ᠶᠢ ᠡᠯᠰᠡᠭᠦᠯᠵᠦ ᠠᠪᠳᠠᠭ᠃ (ᠪᠦᠷᠢᠨ ᠠᠭᠤᠯᠭ᠎ᠠ ᠶᠢ ᠤᠩᠰᠢᠬᠤ)


ᠡᠷᠳᠡᠨᠢ ᠦᠷᠢᠯ
ᠡᠷᠳᠡᠨᠢ ᠦᠷᠢᠯ

ᠡᠷᠳᠡᠨᠢ ᠦᠷᠢᠯ᠎(珍宝丸) ᠲᠤᠰ ᠨᠠᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ ᠡᠭᠦᠨ ᠳᠦ ᠲᠠᠷᠢᠬᠢ ᠴᠠᠭᠠᠨ ᠰᠤᠳᠠᠯ  ᠤᠨ ᠭᠡᠮᠲᠦᠯ  ᠢ ᠠᠨᠠᠭᠠᠬᠤ ᠰᠤᠪᠤᠳ ᠬᠢᠭᠡᠳ ᠰᠤᠳᠠᠯ  ᠤᠨ ᠡᠪᠡᠳᠴᠢᠨ  ᠢ ᠠᠷᠢᠯᠭᠠᠬᠤ ᠰᠢᠬᠢᠷ ᠡᠪᠡᠰᠦ  ᠪᠠᠷ ᠭᠣᠣᠯᠯᠠᠭᠴᠢ ᠡᠮ ᠪᠣᠯᠭᠠᠵᠤ ᠂ ᠭᠡᠢ ᠴᠢᠰᠤᠨ  ᠤ ᠬᠢᠮᠤᠷᠠᠯ  ᠢ ᠲᠡᠭᠰᠢᠳᠭᠡᠬᠦ ᠂ ᠡᠪᠡᠳᠬᠦ ᠵᠢ ᠵᠣᠭᠰᠤᠭᠠᠬᠤ ᠮᠠᠨᠤ ᠂ ᠷᠦᠳᠠ  ᠪᠠᠷ ᠬᠠᠪᠰᠤᠷᠬᠤ ᠡᠮ ᠪᠣᠯᠭᠠᠵᠤ ᠂ ᠭᠡᠢ ᠵᠢ ᠳᠠᠷᠤᠵᠤ ᠂ ᠲᠠᠢᠳᠭᠤᠷᠠᠭᠤᠯᠬᠤ ᠬᠠᠷ᠎ᠠ ᠠᠭᠠᠷᠤ ᠂ ᠬᠠᠯᠠᠭᠤᠨ  ᠢ ᠠᠷᠢᠯᠭᠠᠵᠤ ᠂ ᠲᠠᠢᠳᠭᠤᠷᠠᠭᠤᠯᠬᠤ ᠬᠢᠸᠠᠩ ᠂ ᠪᠠᠳ᠌ᠭᠠᠨ ᠭᠡᠢ ᠵᠢ ᠳᠠᠷᠤᠵᠤ ᠂ ᠡᠪᠡᠳᠬᠦ ᠵᠢ ᠵᠣᠭᠰᠤᠭᠠᠬᠤ ᠪᠢᠪᠢᠯᠢᠩ ᠂ ᠴᠢᠰᠤᠨ ᠵᠢ ᠵᠣᠭᠰᠤᠭᠠᠵᠤ ᠂ ᠰᠤᠳᠠᠯ  ᠤᠨ ᠬᠠᠯᠠᠭᠤᠨ  ᠢ ᠠᠷᠢᠯᠭᠠᠬᠤ ᠮᠠᠯᠠᠭᠠᠨ ᠵᠠᠯᠠᠭ᠎ᠠ ᠡᠪᠡᠰᠦ ᠂ ᠰᠢᠷ᠎ᠠ ᠤᠰᠤ ᠦᠭᠡᠷᠢ ᠮᠠᠭᠤ ᠴᠢᠰᠤ ᠵᠢ ᠬᠠᠳᠠᠭᠠᠬᠤ ᠤᠰᠤᠨ ᠦᠬᠡᠷ  ᠤᠨ ᠡᠪᠡᠷ  ᠤᠨ ᠠᠭᠰᠢᠭᠠᠮᠠᠯ ᠨᠤᠨᠲᠠᠭ ᠂ ᠨᠢᠶᠠᠨ  ᠢ ᠨᠢᠲᠤᠯᠵᠤ ᠂ ᠰᠦᠪᠡ ᠵᠢ ᠨᠡᠬᠡᠭᠡᠬᠦ ᠵᠢᠭᠠᠷ ᠮᠡᠲᠦ  ᠶᠢᠨ ᠴᠢᠳᠠᠯ ᠲᠠᠢ ᠡᠮ  ᠦᠳ  ᠢ ᠦᠨᠳᠦᠰᠦᠨ ᠵᠢᠷᠭᠤᠭᠠᠨ ᠡᠪᠡᠳᠴᠢᠨ ᠳᠦ ᠴᠢᠭᠯᠡᠬᠦᠯᠵᠡᠢ ᠃ ᠡᠳᠡᠭᠡᠷ ᠡᠮ ᠨᠡᠢᠯᠡᠭᠡᠳ ᠭᠣᠣᠯᠯᠠᠭᠴᠢ ᠡᠮ ᠂ ᠬᠠᠪᠰᠤᠷᠬᠤ ᠡᠮ ᠳᠡᠭᠡᠨ ᠲᠤᠰᠠᠯᠠᠭᠰᠠᠨ ᠪᠠᠢᠨ᠎ᠠ ᠃ ᠨᠠᠢᠷᠠᠯᠭ᠎ᠠ  ᠶᠢᠨ ᠦᠢᠯᠡᠳᠦᠯ  ᠢ ᠰᠠᠢᠵᠢᠷᠠᠭᠤᠯᠬᠤ  ᠶᠢᠨ ᠲᠤᠰᠠᠳᠠ ᠵᠢᠷᠭᠤᠭᠠᠨ ᠰᠠᠢᠨ ᠡᠮ  ᠢ ᠬᠥᠯ ᠪᠣᠯᠭᠠᠵᠤ ᠴᠤᠯᠤ ᠰᠠᠪᠠ  ᠶᠢᠨ ᠡᠪᠡᠳᠴᠢᠨ  ᠢ ᠵᠠᠰᠠᠵᠤ ᠂ ᠮᠠᠬᠠᠪᠤᠳ  ᠢ ᠲᠡᠭᠰᠢᠳᠭᠡᠵᠡᠢ ᠃ ᠰᠢᠷ᠎ᠠ ᠤᠰᠤ ᠵᠢ ᠬᠠᠳᠠᠭᠠᠬᠤ ᠰᠢᠷ᠎ᠠ ᠤᠰᠤᠨ  ᠤ ᠭᠤᠷᠪᠠᠨ ᠡᠮ ᠂ ᠪᠠᠷᠤᠷ᠎ᠠ ᠂ ᠠᠭᠤᠰᠭᠢ ᠵᠢᠷᠦᠬᠡᠨ  ᠤ ᠬᠢᠮᠤᠷᠠᠭᠰᠠᠨ ᠬᠠᠯᠠᠭᠤᠨ  ᠢ ᠠᠷᠢᠯᠭᠠᠬᠤ ᠴᠠᠭᠠᠨ ᠽᠠᠨᠳᠠᠨ ᠂ ᠴᠢᠰᠤᠨ ᠬᠠᠯᠠᠭᠤᠨ  ᠢ ᠠᠷᠢᠯᠭᠠᠬᠤ ᠤᠯᠠᠭᠠᠨ ᠽᠠᠨᠳᠠᠨ ᠂ ᠵᠦᠷᠤᠷ᠎ᠠ ᠵᠢ ᠬᠥᠯ ᠪᠣᠯᠭᠠᠭᠰᠠᠨ ᠲᠤᠯᠠ ᠬᠠᠯᠠᠭᠤᠨ ᠬᠠᠭᠤᠴᠢᠷᠠᠵᠤ ᠰᠤᠳᠠᠯ  ᠳᠦ ᠰᠠᠷᠨᠢᠭᠰᠠᠨ ᠂ ᠲᠤᠯᠠᠢ ᠂ ᠭᠡᠷᠦᠬᠦ ᠂ ᠦᠶ᠎ᠡ ᠭᠡᠰᠢᠭᠦᠦ ᠬᠥᠰᠢᠵᠦ ᠲᠠᠭᠢᠷᠳᠠᠬᠤ ᠂ ᠤᠶᠠᠮᠠᠨ ᠂ ᠰᠢᠷ᠎ᠠ ᠤᠰᠤᠨ ᠡᠪᠡᠳᠴᠢᠨ ᠳᠦ ᠲᠤᠰᠠᠲᠠᠢ ᠪᠣᠯᠵᠠᠢ ᠃ ᠰᠢᠭᠡᠯᠭᠡᠬᠦ ᠠᠯᠳᠠᠨ ᠡᠯᠡᠰᠦ ᠂ ᠨᠠᠢᠮᠠᠯᠵᠢ ᠵᠢ ᠬᠥᠯ ᠪᠣᠯᠭᠠᠭᠰᠠᠨ  ᠢᠶᠡᠷ ᠡᠪᠡᠳᠴᠢᠨ  ᠤ ᠤᠷᠬᠠᠭ  ᠢ ᠰᠢᠭᠡᠰᠦᠨ ᠮᠥᠷ  ᠢᠶᠡᠷ ᠠᠷᠢᠯᠭᠠᠨ ᠭᠠᠷᠭᠠᠵᠤ ᠪᠥᠭᠡᠷ᠎ᠡ  ᠶᠢᠨ ᠰᠤᠳᠠᠯ ᠳᠣᠷᠭᠢᠵᠤ ᠪᠡᠷᠳᠡᠭᠰᠡᠨ  ᠳᠦ ᠲᠤᠰᠠᠲᠠᠢ ᠪᠣᠯᠤᠭᠰᠠᠨ ᠪᠠᠢᠨ᠎ᠠ ᠃ ᠭᠡᠢ ᠴᠢᠰᠤ ᠬᠢᠮᠤᠷᠠᠭᠰᠠᠨ  ᠢ ᠳᠠᠷᠤᠵᠤ ᠂ ᠡᠪᠡᠳᠬᠦ ᠵᠢ ᠵᠣᠭᠰᠤᠭᠠᠬᠤ   ᠳᠦ ᠷᠦᠳᠠ ᠂ ᠮᠠᠨᠤ ᠂ ᠬᠣᠳᠤᠭᠤᠳᠤᠨ ᠢᠯᠴᠢ ᠵᠢ ᠬᠠᠮᠠᠭᠠᠯᠠᠬᠤ   ᠳᠦ ᠭᠠᠪᠢᠷ᠎ᠠ  ᠶᠢᠨ ᠬᠠᠯᠢᠰᠤ ᠂ ᠬᠠᠷ᠎ᠠ ᠰᠢᠷᠨ ᠵᠢ ᠂ ᠮᠠᠬᠠᠪᠤᠳ  ᠢ ᠲᠡᠭᠰᠢᠳᠭᠡᠬᠦ ᠳᠦ ᠠᠷᠤᠷ᠎ᠠ ᠵᠢ ᠬᠥᠯ ᠪᠣᠯᠭᠠᠭᠰᠠᠨ ᠲᠤᠯᠠ ᠮᠠᠬᠠᠪᠤᠳ  ᠢ ᠲᠡᠭᠰᠢᠳᠭᠡᠵᠦ᠂ ᠬᠣᠳᠤᠭᠤᠳᠤᠨ ᠢᠯᠴᠢ ᠵᠢ ᠬᠠᠮᠠᠭᠠᠯᠠᠵᠤ ᠴᠢᠳᠠᠭᠰᠠᠨ ᠪᠠᠢᠨ᠎ᠠ ᠃ ᠠᠨ ᠮᠡᠲᠦ ᠤᠯᠠᠨ ᠬᠥᠯ ᠡᠮ ᠨᠡᠢᠯᠡᠯᠳᠦᠵᠦ ᠡᠷᠳᠡᠮ ᠴᠢᠳᠠᠯ ᠪᠦᠷᠢᠳᠴᠦ ᠵᠣᠬᠢᠯᠳᠤᠭᠰᠠᠨ ᠲᠤᠯᠠ ᠴᠠᠭᠠᠨ ᠰᠤᠳᠠᠯ  ᠤᠨ ᠭᠡᠮᠲᠦᠯ  ᠢ ᠠᠷᠢᠯᠭᠠᠵᠤ ᠂ ᠬᠠᠭᠤᠴᠢᠷᠠᠭᠰᠠᠨ ᠬᠠᠯᠠᠭᠤᠨ  ᠢ ᠠᠷᠢᠯᠭᠠᠨ ᠂ ᠰᠢᠷ᠎ᠠ ᠤᠰᠤ ᠵᠢ ᠬᠠᠳᠠᠭᠠᠬᠤ ᠴᠢᠳᠠᠯ ᠲᠡᠭᠦᠯᠳᠡᠷ ᠨᠠᠢᠷᠠᠯᠭ᠎ᠠ ᠪᠣᠯᠵᠤ ᠪᠦᠷᠢᠯᠳᠦᠵᠡᠢ ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ