ᠣᠨᠴᠠᠯᠠᠬᠤ ᠥᠭᠦᠯᠡᠯ/2017 1 ᠍ ᠳᠦᠭᠡᠷ ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠣᠯᠤᠭᠠᠢ ᠬᠡᠢ  ᠶᠢᠨ ᠠᠨᠠᠷ ︱ 13
ᠣᠯᠤᠭᠠᠢ ᠬᠡᠢ  ᠶᠢᠨ ᠠᠨᠠᠷ ︱ 13

ᠣᠯᠤᠭᠠᠢ ᠬᠡᠢ  ᠶᠢᠨ ᠠᠨᠠᠷ ︱ 13(顺气十三味散)᠄ ᠲᠤᠰ ᠨᠠᠢᠷᠠᠯᠭ᠎ᠠ ᠪᠣᠯ ᠬᠠᠯᠠᠭᠤᠨ ᠴᠢᠨᠠᠷ ᠲᠠᠢ ᠨᠠᠢᠷᠠᠯᠭ᠎ᠠ ᠪᠣᠯᠤᠨ᠎ᠠ ᠃ ᠡᠭᠦᠨ  ᠳᠦ ᠲᠤᠨᠭᠭᠠᠯᠠᠭ- 5 ᠪᠡᠷ ᠭᠤᠤᠯᠯᠠᠭᠴᠢ ᠪᠤᠯᠭᠠᠭᠰᠠᠨ ᠲᠤᠯᠠ ᠢᠯᠴᠢ ᠵᠢ ᠰᠡᠯᠪᠢᠵᠦ᠂ ᠪᠠᠳ᠌ᠭᠠᠨ  ᠢ ᠠᠷᠢᠯᠭᠠᠬᠤ ᠠᠨᠠᠷ-4  ᠶᠢᠨ ᠦᠢᠯᠡᠳᠦᠯ ᠡᠭᠦᠰᠬᠦ ᠪᠠ ᠡᠯᠢᠭᠡᠨ  ᠳᠦ ᠬᠠᠯᠠᠭᠤᠨ ᠲᠦᠷᠦᠭᠦᠯᠬᠦ ᠦᠭᠡᠢ ᠪᠦᠭᠡᠳ ᠲᠤᠨᠭᠭᠠᠯᠠᠭ ᠴᠦᠪ  ᠦᠨ ᠢᠯᠭᠠᠷᠠᠯᠲᠠ  ᠶᠢ ᠠᠬᠢᠭᠤᠯᠵᠤ ᠪᠡᠶ᠎ᠡ  ᠶᠢᠨ ᠬᠠᠯᠠᠭᠤᠨ ᠬᠦᠢᠲᠡᠨ  ᠢ ᠲᠡᠭᠰᠢᠳᠭᠡᠨ᠂ ᠲᠤᠨᠭᠭᠠᠯᠠᠭ  ᠢ ᠦᠪᠡᠷ  ᠦᠨ ᠤᠷᠤᠨ ᠳᠤ ᠨᠢ ᠲᠤᠭᠲᠠᠭᠠᠬᠤ ᠪᠤᠷᠤ ᠭᠠ᠂ ᠭᠠᠭᠤᠯᠠ  ᠶᠢ ᠬᠠᠪᠰᠤᠷᠬᠤ ᠡᠮ ᠪᠤᠯᠭᠠᠵᠤ ᠨᠠᠢᠷᠠᠭᠤᠯᠤᠭᠰᠠᠨ ᠮᠦᠷᠲᠡᠭᠡᠨ ᠬᠤᠳᠤᠭᠠᠳᠤ ᠤᠯᠤᠭᠠᠢ  ᠶᠢᠨ ᠬᠡᠢ  ᠶᠢ ᠳᠠᠷᠤᠬᠤ ᠬᠠᠷ᠎ᠠ ᠰᠡᠢᠷᠡ᠂ ᠮᠤᠯᠤᠷ ᠳᠠᠪᠤᠰᠤ᠂ ᠴᠠᠭᠠᠨ ᠬᠤᠤᠵᠤ ᠂ ᠦᠮᠡᠬᠡᠢ ᠳᠠᠪᠤᠰᠤ ᠮᠡᠲᠦ  ᠶᠢᠨ ᠡᠮ  ᠦᠳ  ᠢ ᠲᠤᠰᠠᠯᠠᠬᠤ ᠡᠮ ᠪᠤᠯᠭᠠᠵᠤ᠂ ᠪᠠᠳ᠌ᠭᠠᠨ ᠬᠡᠢ  ᠶᠢ ᠠᠷᠢᠯᠭᠠᠬᠤ ᠬᠦᠴᠦᠨ  ᠢ ᠨᠡᠮᠡᠭᠳᠡᠭᠦᠯᠬᠦ ᠂ᠴᠠᠭᠠᠨ ᠰᠠᠢᠷᠠ  ᠶᠢ ᠬᠦᠯ ᠪᠤᠯᠭᠠᠭᠰᠠᠨ ᠲᠤᠯᠠ ᠬᠠᠯᠠᠭᠤᠨ ᠪᠤᠰᠬᠤ  ᠶᠢ ᠰᠡᠷᠡᠮᠵᠢᠯᠡᠬᠦ᠂ ᠮᠠᠬᠠᠪᠤᠳ  ᠢ ᠲᠡᠭᠰᠢᠳᠭᠡᠬᠦ ᠠᠷᠤᠷ᠎ᠠ  ᠶᠢ ᠲᠤᠰᠠᠯᠠᠭᠤᠯᠤᠭᠰᠠᠨ ᠲᠤᠯᠠ ᠬᠦᠯ ᠡᠮ  ᠦᠳ  ᠦᠨ ᠮᠦᠨ ᠴᠢᠨᠠᠷ  ᠤᠨ ᠴᠢᠳᠠᠯ ᠵᠤᠬᠢᠯᠳᠤᠵᠤ ᠬᠦᠴᠦᠨ ᠪᠦᠷᠢᠳᠦᠭᠰᠡᠨ ᠬᠤᠳᠤᠭᠠᠳᠤ ᠤᠯᠤᠭᠠᠢ  ᠶᠢᠨ ᠬᠡᠢ  ᠶᠢᠨ ᠭᠦᠶᠦᠳᠡᠯ  ᠢ ᠰᠢᠯᠤᠭᠤᠳᠬᠠᠨ ᠂ᠡᠮ  ᠦᠨ ᠮᠦᠨ ᠴᠢᠨᠠᠷ   ᠦᠨ ᠴᠢᠳᠠᠯ  ᠢ ᠮᠦᠷᠳᠡᠵᠦ ᠨᠠᠢᠷᠠᠯᠭ᠎ᠠ  ᠪᠦᠷᠢᠯᠳᠦᠵᠡᠢ᠃ (ᠪᠦᠷᠢᠨ ᠠᠭᠤᠯᠭ᠎ᠠ ᠶᠢ ᠤᠩᠰᠢᠬᠤ)

ᠴᠠᠩᠲᠠ ᠶᠢᠨ ᠳᠠᠮᠳᠢᠨᠰᠦ᠋ᠷᠦᠩ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠴᠠᠩᠲᠠ ᠶᠢᠨ ᠳᠠᠮᠳᠢᠨᠰᠦ᠋ᠷᠦᠩ - ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠮᠠᠷᠱᠠᠯ ᠴᠣᠶᠢᠪᠠᠯᠰᠠᠩ ᠤᠨ ᠨᠡᠷᠡᠮᠵᠢᠲᠦ 3 ᠤᠳᠠᠭ᠎ᠠ ᠶᠢᠨ ᠱᠠᠩᠨᠠᠯ ᠬᠦᠷᠳᠡᠭᠴᠢ᠂ ᠠᠩᠬᠠᠨ ᠤ ᠠᠷᠠᠳ ᠤᠨ ᠤᠷᠠᠨ ᠵᠣᠬᠢᠶᠠᠯᠴᠢᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠍ ᠦᠨ ᠵᠢᠩᠬᠢᠨᠢ ᠭᠡᠰᠢᠭᠦᠨᠠᠷᠪᠠᠨ ᠲᠠᠪᠤᠳᠤᠭᠠᠷ ᠵᠠᠭᠤᠨ ᠤ ᠮᠠᠩᠯᠠᠢ ᠰᠣᠶᠣᠨ ᠭᠡᠭᠡᠷᠡᠭᠦᠯᠦᠭᠴᠢ᠂ ᠣᠷᠴᠢᠨ ᠴᠠᠭ ᠤᠨ ᠮᠣᠩᠭᠣᠯ ᠬᠡᠯᠡᠨ ᠦ ᠳᠦᠷᠢᠮ ᠢ ᠦᠨᠳᠦᠰᠦᠯᠡᠭᠴᠢ ᠡᠷᠳᠡᠮᠲᠡᠨ᠂ ᠣᠷᠴᠢᠭᠤᠯᠤᠭᠴᠢ᠂ ᠵᠣᠬᠢᠶᠠᠯᠴᠢ᠃ ᠵᠣᠬᠢᠶᠠᠯᠴᠢ ᠶᠢᠨ ᠠᠮᠢᠳᠤᠷᠠᠯ ᠤᠨ  ᠶᠡᠬᠡᠬᠡᠨ ᠬᠡᠰᠡᠭ ᠨᠢ ᠮᠣᠩᠭᠣᠯ ᠤᠨ ᠡᠷᠲᠡᠨ ᠦ ᠤᠷᠠᠨ ᠵᠣᠬᠢᠶᠠᠯ ᠤᠨ ᠰᠤᠳᠤᠯᠤᠯ ᠳᠤ ᠵᠣᠷᠢᠭᠤᠯᠤᠭᠳᠠᠭᠰᠠᠨ᠃ ᠲᠡᠷᠡᠪᠡᠷ 《ᠭᠡᠰᠡᠷ ᠦᠨ ᠲᠤᠭᠤᠵᠢ ᠶᠢᠨ ᠲᠡᠦᠬᠡᠨ ᠦᠨᠳᠦᠰᠦ》᠂ 《ᠰᠤᠪᠠᠰᠢᠳᠤ》᠂ 《ᠮᠣᠩᠭᠣᠯ ᠤᠨ ᠤᠷᠠᠨ ᠵᠣᠬᠢᠶᠠᠯ ᠤᠨ ᠳᠡᠭᠡᠵᠢ》᠂ 《 ᠵᠠᠭᠤᠨᠪᠢᠯᠢᠭ》᠂ 《ᠷᠠᠰᠢᠶᠠᠨ ᠤ ᠳᠤᠰᠤᠯ》᠂ 《ᠰᠠᠷᠠᠨ ᠬᠥᠬᠡᠭᠡ》 ᠵᠡᠷᠭᠡ ᠡᠷᠲᠡᠨ ᠦ ᠤᠷᠠᠨ ᠵᠣᠬᠢᠶᠠᠯ ᠤᠨ ᠨᠡᠯᠢᠶᠡᠳ ᠨᠣᠮ ᠬᠡᠪᠯᠡᠭᠦᠯᠵᠡᠢ᠃ ᠡᠷᠲᠡᠨ ᠦ ᠮᠣᠩᠭᠣᠯ ᠤᠨ ᠤᠷᠠᠨ ᠵᠣᠬᠢᠶᠠᠯ ᠢ ᠰᠤᠳᠤᠯᠵᠤ᠂ ᠡᠨᠡ ᠲᠠᠯ᠎ᠠ ᠶᠢᠨ ᠣᠯᠠᠨ ᠰᠤᠳᠤᠯᠭᠠᠨ ᠤ ᠪᠦᠲᠦᠭᠡᠯ ᠭᠠᠷᠭᠠᠨ ᠨᠣᠮ ᠵᠣᠬᠢᠶᠠᠯ ᠬᠡᠪᠯᠡᠭᠦᠯᠦᠭᠰᠡᠨ ᠲᠡᠭᠦᠨ ᠢ ᠦᠨᠳᠦᠰᠦᠷᠬᠡᠭ ᠦᠵᠡᠯᠲᠡᠨ ᠬᠡᠮᠡᠨ ᠣᠯᠠᠨᠲᠠ ᠬᠠᠪᠴᠢᠨ ᠭᠠᠳᠠᠭᠤᠷᠬᠠᠵᠤ ᠪᠠᠶᠢᠵᠠᠢ᠃ ᠴᠠᠩᠲᠠ ᠶᠢᠨ ᠳᠠᠮᠳᠢᠨᠰᠦ᠋ᠷᠦᠩ 1986 ᠤᠨ ᠤ ᠵᠢᠷᠭᠤᠳᠤᠭᠠᠷ ᠰᠠᠷ᠎ᠠ ᠶᠢᠨ 5 ᠍ ᠳᠦ ᠪᠤᠷᠬᠠᠨ ᠤ ᠣᠷᠣᠨ ᠳᠤ ᠵᠠᠯᠠᠷᠠᠵᠠᠢ᠃ (ᠪᠦᠷᠢᠨ ᠠᠭᠤᠯᠭ᠎ᠠ ᠶᠢ ᠤᠩᠰᠢᠬᠤ)

ᠲᠡᠭᠦᠰᠲᠡᠮᠦᠷ ᠬᠠᠭᠠᠨ
Togstumur Usgal khan.jpg

ᠲᠡᠭᠦᠰᠲᠡᠮᠦᠷ ᠬᠠᠭᠠᠨ ᠨᠢ ᠠᠶᠣᠰᠢᠷᠢᠳᠢᠷ᠎ᠠ ᠬᠠᠭᠠᠨ ᠦ ᠳᠡᠭᠦᠦ ᠪᠥᠭᠡᠳ 1342 ᠤᠨ ᠳᠤ ᠲᠥᠷᠦᠵᠦ 1378 ᠤᠨ ᠳᠤ ᠬᠠᠭᠠᠨ ᠰᠢᠷᠡᠭᠡᠨ ᠳᠦ ᠰᠠᠭᠤᠵᠤ ᠠᠷᠪᠠᠨ ᠵᠢᠯ ᠲᠥᠷᠥ ᠪᠠᠷᠢᠨ 1388 ᠤᠨ ᠳᠤ ᠬᠣᠣᠷᠯᠠᠭᠳᠠᠵᠠᠢ᠃ ᠲᠡᠭᠦᠨ ᠦ ᠬᠠᠭᠠᠨᠴᠢᠯᠠᠯ ᠤᠨ ᠵᠢᠯ ᠤᠨ ᠳᠤ ᠮᠣᠩᠭᠣᠯ-ᠮᠢᠩ ᠤᠯᠤᠰ ᠍ ᠤᠨ ᠬᠠᠷᠢᠯᠴᠠᠭ᠎ᠠ ᠳᠠᠬᠢᠨ ᠬᠤᠷᠴᠠᠳᠤᠵᠤ ᠪᠠᠶᠢᠯᠳᠤᠭᠠᠨ ᠤ ᠠᠵᠢᠯᠯᠠᠭ᠎ᠠ ᠡᠬᠢᠯᠡᠵᠡᠢ᠃

ᠲᠡᠭᠦᠰᠲᠡᠮᠦᠷ ᠬᠠᠭᠠᠨ ᠵᠠᠯᠭᠠᠮᠵᠢᠯᠠᠵᠤ ᠰᠠᠭᠤᠭᠰᠠᠨ ᠤ ᠪᠠᠨ ᠳᠠᠷᠠᠭ᠎ᠠ ᠮᠣᠩᠭᠣᠯ ᠤᠨ ᠨᠡᠯᠢᠶᠡᠳ ᠬᠡᠰᠡᠭ ᠢ ᠥᠪᠡᠷᠲᠡᠭᠡᠨ ᠲᠠᠲᠠᠨ ᠨᠢᠭᠡᠳᠬᠡᠵᠦ ᠴᠢᠳᠠᠭᠰᠠᠨ ᠪᠥᠭᠡᠳ ᠲᠡᠷᠡ ᠪᠡᠷ ᠬᠠᠷᠠᠬᠣᠷᠣᠮ ᠢᠩᠴᠠᠩ ᠦᠨ ᠣᠶᠢᠷᠠᠯᠴᠠᠭ᠎ᠠ ᠶᠡᠬᠡ ᠴᠡᠷᠢᠭ ᠬᠤᠷᠠᠮᠲᠤᠯᠠᠭᠤᠯᠤᠨ ᠬᠢᠲᠠᠳ ᠢ ᠤᠤᠯᠭᠠᠯᠠᠬᠤ ᠪᠣᠯᠵᠠᠢ᠃ ᠡᠭᠦᠨ ᠦ ᠬᠠᠷᠢᠭᠤ ᠳᠤ ᠮᠢᠩ ᠤᠯᠤᠰ 1380 ᠤᠨ ᠳᠤ ᠶᠡᠬᠡ ᠬᠡᠮᠵᠢᠶᠡᠨ ᠦ ᠴᠡᠷᠢᠭ ᠢ ᠮᠣᠩᠭᠣᠯ ᠣᠷᠣᠭᠣ ᠢᠯᠡᠭᠡᠭᠰᠡᠨ᠃ ᠮᠣ ᠶᠢᠩ (沐英) ᠵᠠᠩᠵᠤᠨ ᠢᠶᠠᠷ ᠤᠳᠤᠷᠢᠳᠤᠭᠤᠯᠤᠭᠰᠠᠨ ᠲᠡᠷᠡ ᠶᠡᠬᠡ ᠴᠡᠷᠢᠭ ᠨᠢ ᠳᠥᠷᠪᠡᠨ ᠴᠢᠭᠯᠡᠯ ᠢᠶᠡᠷ ᠮᠣᠩᠭᠣᠯ ᠣᠷᠣᠭᠣ ᠳᠣᠪᠲᠣᠯᠤᠨ ᠬᠠᠷᠠᠬᠣᠷᠣᠮ ᠢ ᠡᠵᠡᠯᠡᠨ ᠠᠪᠴᠤ ᠰᠦᠢᠳᠬᠡᠨ ᠶᠡᠬᠡ ᠬᠡᠮᠵᠢᠶᠡᠨ ᠦ ᠬᠦᠮᠦᠨ ᠠᠷᠠᠳ ᠢ ᠣᠯᠵᠠᠯᠠᠨ ᠠᠪᠴᠤ ᠪᠤᠴᠠᠭᠰᠠᠨ ᠠᠵᠢ᠃ 1384 ᠤᠨ ᠳᠤ ᠮᠢᠩ ᠤᠯᠤᠰ ᠺᠣᠷᠢᠶ᠎ᠠ ᠤᠯᠤᠰ ᠢ ᠳᠠᠭᠠᠷ᠎ᠠ ᠣᠷᠣᠭᠤᠯᠵᠤ ᠤᠯᠠᠮ ᠢᠶᠠᠷ ᠮᠣᠩᠭᠣᠯ ᠺᠣᠷᠢᠶ᠎ᠠ ᠬᠣᠶᠠᠷ ᠤᠯᠤᠰ ᠤᠨ ᠬᠠᠷᠢᠯᠴᠠᠭ᠎ᠠ ᠬᠣᠯᠪᠣᠭ᠎ᠠ ᠶᠢ ᠲᠠᠰᠤᠯᠤᠭᠰᠠᠨ ᠤᠴᠢᠷ ᠮᠣᠩᠭᠣᠯ ᠣᠷᠣᠭᠣ ᠳᠣᠪᠲᠣᠯᠬᠤ ᠲᠠᠭᠠᠲᠠᠢ ᠨᠥᠬᠥᠴᠡᠯ ᠪᠦᠷᠢᠳᠦᠭᠰᠡᠨ ᠠᠵᠢ᠃ 1387 ᠤᠨ ᠳᠤ ᠮᠢᠩ ᠤᠯᠤᠰ ᠯᠢᠶᠣᠣᠳᠣᠩ ᠳᠤ ᠲᠥᠪᠯᠡᠷᠡᠵᠦ ᠪᠠᠶᠢᠭᠰᠠᠨ ᠶᠤᠸᠠᠨ ᠤᠯᠤᠰ ᠤᠨ ᠨᠡᠷᠡᠲᠦ ᠵᠠᠩᠵᠤᠨ ᠨᠠᠭᠠᠴᠤ ᠶᠢᠨ ᠴᠡᠷᠢᠭ ᠦᠨ ᠬᠦᠴᠦ ᠶᠢ ᠤᠰᠠᠳᠬᠠᠬᠤ ᠰᠢᠢᠳ ᠭᠠᠷᠭᠠᠵᠤ ᠬᠣᠶᠠᠷ ᠵᠠᠭᠤᠨ ᠮᠢᠩᠭᠠᠨ ᠴᠡᠷᠢᠭ ᠦᠨ ᠬᠦᠴᠦ ᠶᠢ ᠡᠳᠦᠭᠡ ᠶᠢᠨ ᠭᠢᠷᠢᠨ ᠮᠤᠵᠢ ᠢᠶᠠᠷ ᠳᠠᠪᠰᠢᠭᠤᠯᠵᠤ ᠮᠠᠨᠵᠤ ᠨᠤᠲᠤᠭ ᠤᠨ ᠭᠦᠨ ᠳᠦ ᠣᠷᠣᠭᠤᠯᠤᠭᠰᠠᠨ ᠪᠠ ᠴᠠᠩᠴᠦ᠋ᠨ ᠬᠣᠲᠠ ᠶᠢᠨ ᠣᠶᠢᠷᠠᠯᠴᠠᠭ᠎ᠠ ᠬᠢᠲᠠᠳ ᠤᠨ ᠴᠡᠷᠢᠭ ᠨᠠᠭᠠᠴᠤ ᠶᠢᠨ ᠴᠡᠷᠢᠭ ᠲᠡᠢ ᠰᠢᠷᠦᠭᠦᠨ ᠲᠤᠯᠤᠯᠳᠤᠭᠠᠨ ᠳᠤ ᠣᠷᠣᠵᠤ ᠬᠣᠶᠠᠷ ᠲᠠᠯ᠎ᠠ ᠰᠦᠷᠡᠬᠡᠢ ᠬᠣᠬᠢᠷᠠᠯ ᠬᠦᠯᠢᠶᠡᠵᠡᠢ᠃ ᠭᠡᠪᠡᠴᠦ ᠬᠢᠲᠠᠳ ᠤᠨ ᠬᠦᠴᠦ ᠳᠠᠪᠠᠭᠤ ᠪᠠᠶᠢᠭᠰᠠᠨ ᠲᠤᠯᠠ ᠨᠠᠭᠠᠴᠤ ᠳᠠᠬᠢᠨ ᠲᠤᠯᠤᠯᠳᠤᠬᠤ ᠠᠷᠭ᠎ᠠ ᠦᠭᠡᠢ ᠳᠦ ᠬᠦᠷᠴᠦ ᠪᠠᠭᠤᠵᠤ ᠥᠭᠴᠡᠢ᠃ ᠨᠠᠭᠠᠴᠤ ᠶᠢ ᠪᠠᠭᠤᠯᠭᠠᠵᠤ ᠠᠪᠤᠭᠰᠠᠨ ᠤ ᠪᠠᠨ ᠳᠠᠷᠠᠭ᠎ᠠ ᠮᠢᠩ ᠤᠯᠤᠰ ᠮᠣᠩᠭᠣᠯ ᠤᠨ ᠶᠡᠬᠡ ᠬᠠᠭᠠᠨ ᠲᠡᠭᠦᠰᠲᠡᠮᠦᠷ ᠦᠨ ᠡᠰᠡᠷᠬᠦ ᠶᠡᠬᠡ ᠬᠡᠮᠵᠢᠶᠡᠨ ᠦ ᠴᠡᠷᠢᠭ ᠬᠥᠳᠡᠯᠭᠡᠵᠡᠢ᠃1388 ᠤᠨ ᠤ ᠬᠠᠪᠤᠷ ᠰᠢᠢᠳᠪᠦᠷᠢᠯᠡᠬᠦ ᠲᠤᠯᠤᠭᠠᠨ ᠪᠣᠯᠤᠭᠰᠠᠨ ᠪᠠ ᠡᠨᠡ ᠦᠶ᠎ᠡ ᠪᠡᠷ ᠮᠣᠩᠭᠣᠯ ᠤᠨ ᠴᠡᠷᠢᠭ ᠳᠡᠶᠢᠯᠦᠭᠳᠡᠵᠦ ᠲᠡᠭᠦᠰᠲᠡᠮᠦᠷ ᠬᠠᠭᠠᠨ ᠶᠡᠬᠡ ᠬᠦᠦ᠂ ᠰᠢᠳᠠᠷ ᠲᠦᠰᠢᠮᠡᠳ ᠨᠡᠴᠡᠯᠠᠢᠴᠢᠩᠰᠠᠩ ᠰᠢᠷᠡᠮᠦᠨ ᠨᠠᠷ ᠤᠨ ᠬᠠᠮᠲᠤ ᠴᠥᠭᠡᠨ ᠲᠣᠭᠠᠨ ᠤ ᠴᠡᠷᠢᠭ ᠢᠶᠡᠨ ᠠᠪᠴᠤ ᠲᠤᠯᠤᠯᠳᠤᠭᠠᠨ ᠤ ᠲᠠᠯᠠᠪᠤᠷ ᠠᠴᠠ ᠭᠠᠷᠴᠤ ᠬᠠᠷᠠᠬᠣᠷᠣᠮ ᠤᠨ ᠵᠦᠭ ᠬᠥᠳᠡᠯᠵᠡᠢ᠃ ᠲᠡᠭᠦᠰᠲᠡᠮᠦᠷ ᠬᠠᠭᠠᠨ ᠶᠠᠪᠤᠭᠰᠠᠭᠠᠷ ᠲᠣᠣᠯᠠ ᠭᠣᠣᠯ ᠬᠦᠷᠴᠦ ᠣᠴᠢᠬᠤ ᠳᠤ ᠠᠷᠢᠭᠪᠣᠬ᠎ᠠ ᠶᠢᠨ ᠤᠭᠰᠠᠭᠠᠨ ᠤ ᠨᠣᠶᠠᠨ ᠶᠡᠰᠦᠳᠡᠷ ᠲᠡᠳᠡᠨᠡᠷ ᠣᠷᠣᠭᠣ ᠳᠣᠪᠲᠣᠯᠵᠤ ᠡᠨᠡ ᠲᠤᠯᠤᠯᠳᠤᠭᠠᠨ ᠳᠤ ᠬᠠᠭᠠᠨ ᠤ ᠲᠠᠯ᠎ᠠ ᠢᠯᠠᠭᠳᠠᠵᠤ ᠲᠡᠭᠦᠰᠲᠡᠮᠦᠷ ᠬᠠᠭᠠᠨ ᠴᠥᠭᠡᠨ ᠬᠦᠮᠦᠨ ᠦ ᠬᠠᠮᠲᠤ ᠲᠤᠯᠤᠯᠳᠤᠭᠠᠨ ᠠᠴᠠ ᠭᠠᠷᠴᠤ ᠮᠠᠷᠬᠠᠰ ᠵᠠᠩᠵᠤᠨ ᠢᠶᠠᠷ ᠤᠳᠤᠷᠢᠳᠤᠭᠤᠯᠤᠭᠰᠠᠨ ᠴᠡᠷᠢᠭ ᠦᠨ ᠬᠦᠴᠦ ᠲᠡᠢ ᠨᠢᠭᠡᠳᠬᠦ ᠶᠢ ᠵᠠᠪᠳᠤᠵᠤ ᠪᠠᠶᠢᠪᠠ᠃ ᠭᠡᠪᠡᠴᠦ ᠭᠤᠷᠪᠠᠨ ᠬᠣᠨᠣᠭ ᠳᠠᠷᠠᠭᠠᠯᠠᠨ ᠶᠡᠬᠡ ᠬᠡᠮᠵᠢᠶᠡᠨ ᠦ ᠴᠠᠰᠤ ᠣᠷᠣᠭᠰᠠᠨ ᠲᠤᠯᠠ ᠲᠡᠭᠦᠰᠲᠡᠮᠦᠷ ᠬᠠᠭᠠᠨ ᠵᠠᠮ ᠳᠤ ᠭᠠᠷᠴᠤ ᠴᠢᠳᠠᠯ ᠦᠭᠡᠢ ᠰᠠᠭᠠᠲᠠᠵᠠᠢ᠃ ᠶᠠᠭ ᠡᠨᠡ ᠦᠶ᠎ᠡ ᠪᠡᠷ ᠶᠡᠰᠦᠳᠡᠷ ᠲᠡᠭᠦᠰᠲᠡᠮᠦᠷ ᠢ ᠪᠠᠷᠢᠪᠴᠢᠯᠬᠠᠣ ᠪᠠᠷ ᠨᠢᠭᠡᠨ ᠲᠦᠰᠢᠮᠡᠯ ᠢ ᠢᠯᠡᠭᠡᠵᠦ ᠲᠡᠷᠡ ᠨᠢ ᠲᠡᠭᠦᠰᠲᠡᠮᠦᠷ ᠢ ᠭᠦᠢᠴᠡᠵᠦ ᠪᠠᠷᠢᠪᠴᠢᠯᠠᠨ ᠨᠤᠮᠤ ᠰᠤᠮᠤ ᠶᠢᠨ ᠬᠥᠪᠴᠢ ᠪᠡᠷ ᠪᠣᠭᠣᠵᠤ ᠠᠯᠠᠵᠠᠢ᠃ ᠲᠡᠭᠦᠰᠲᠡᠮᠦᠷ ᠬᠠᠭᠠᠨ ᠬᠣᠣᠷᠯᠠᠭᠳᠠᠭᠰᠠᠨ᠎ᠠ ᠪᠠᠷ ᠮᠣᠩᠭᠣᠯ ᠤᠨ ᠭᠠᠳᠠᠭᠠᠳᠤ ᠳᠣᠲᠣᠭᠠᠳᠤ ᠤᠯᠤᠰ ᠲᠥᠷᠥ ᠶᠢᠨ ᠪᠠᠶᠢᠳᠠᠯ ᠲᠤᠶᠢᠯ ᠤᠨ ᠲᠣᠭᠲᠠᠪᠤᠷᠢ ᠦᠭᠡᠢ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠴᠠᠭᠠᠨ ᠰᠠᠷ᠎ᠠ
ᠴᠠᠭᠠᠨ ᠰᠠᠷ᠎ᠠ

ᠴᠠᠭᠠᠨ ᠰᠠᠷ᠎ᠠ (ᠲᠥᠪᠡᠳ ᠶᠢᠡᠷ ཟླ་བ་དག་པ།) - ᠮᠣᠩᠭᠣᠯ ᠦᠨᠳᠦᠰᠦᠲᠡᠨ ᠦ ᠤᠯᠠᠮᠵᠢᠯᠠᠯᠲᠤ ᠰᠢᠨ᠎ᠡ ᠵᠢᠯ ᠦᠨ ᠪᠠᠶᠠᠷ ᠶᠤᠮ᠃ ᠴᠢᠩᠭᠢᠰ ᠬᠠᠭᠠᠨ:

«
ᠡᠮᠡᠭᠡᠯ ᠬᠦᠨᠳᠦᠳᠡᠪᠡᠰᠦ ᠲᠣᠬᠣᠭᠰᠠᠨ ᠮᠣᠷᠢᠨ ᠳᠤ ᠳᠠᠷᠤᠰᠢ ᠪᠣᠯᠤᠨ᠎ᠠ
ᠡᠷᠬᠢᠮ ᠬᠡᠲᠦᠷᠡᠪᠡᠰᠦ ᠬᠥᠮᠥᠨ ᠦ ᠰᠡᠳᠬᠢᠯ ᠳᠦ ᠣᠰᠣᠯ ᠪᠣᠯᠤᠨ᠎ᠠ
ᠶᠠᠩᠵᠤ ᠬᠡᠲᠦᠷᠡᠪᠡᠰᠦ ᠶᠠᠳᠠᠭᠤ ᠳᠣᠣᠷᠠᠳᠤᠰ ᠲᠤ ᠵᠦᠳᠡᠭᠦᠷᠢ ᠪᠣᠯᠮᠣᠢ
ᠬᠣᠵᠢᠮ ᠤᠨ ᠦᠷ᠎ᠡ ᠰᠠᠳᠤ ᠡᠷᠬᠢᠮ ᠳᠦ ᠪᠡᠨ ᠡᠷᠡᠮᠰᠢᠨ᠂ ᠣᠰᠣᠯ ᠴᠠᠯᠭ᠎ᠠ ᠪᠠᠨ ᠶᠠᠪᠤᠨ᠎ᠠ᠂ ᠲᠡᠶᠢᠮᠦ ᠡᠴᠡ ᠡᠩ ᠦᠨ ᠳᠠᠷᠤᠤ ᠪᠣᠯᠭ᠎ᠠ

»

ᠭᠡᠵᠦ ᠠᠶᠢᠯᠠᠳᠤᠭᠰᠠᠨ ᠪᠠᠷᠢᠮᠲᠠ ᠪᠠᠶᠢᠳᠠᠭ᠃ ᠠᠷᠪᠠᠨ ᠭᠤᠷᠪᠠᠳᠤᠭᠠᠷ ᠵᠠᠭᠤᠨ ᠤ ᠦᠶᠡᠰ ᠲᠩᠷᠢ ᠰᠢᠲᠦᠯᠭᠡ᠂ ᠪᠥᠭᠡ ᠶᠢᠨ ᠶᠣᠰᠣᠭᠠᠷ ᠴᠠᠭᠠᠯᠠᠵᠤ ᠪᠠᠶᠢᠭᠰᠠᠨ ᠲᠤᠬᠠᠢ ᠮᠠᠷᠺᠣ ᠫᠣᠯᠣ ᠶᠢᠨ ᠵᠣᠬᠢᠶᠠᠯ ᠳᠤ ᠲᠣᠳᠣᠷᠬᠠᠢ ᠭᠠᠷᠳᠠᠭ᠃ ᠪᠦᠬᠦ ᠬᠦᠮᠦᠨ ᠴᠠᠭᠠᠨ ᠰᠠᠷ᠎ᠠ ᠪᠠᠷ ᠴᠠᠭᠠᠨ ᠵᠢᠰᠦᠮ ᠦᠨ ᠮᠣᠷᠢ ᠤᠨᠤᠵᠤ᠂ ᠴᠠᠭᠠᠨ ᠪᠥᠰ ᠢᠶᠡᠷ ᠬᠢᠭᠰᠡᠨ ᠬᠤᠪᠴᠠᠰᠤ ᠡᠮᠦᠰᠴᠦ᠂ ᠪᠡᠶ᠎ᠡ ᠪᠡᠶ᠎ᠡ ᠳᠡᠭᠡᠨ ᠴᠠᠭᠠᠨ ᠬᠠᠳᠠᠭ ᠡᠷᠭᠦᠵᠦ᠂ ᠴᠠᠭᠠᠨ ᠢᠳᠡᠭᠡ ᠵᠣᠭᠣᠭᠯᠠᠳᠠᠭ ᠨᠢ ᠬᠡᠨ ᠬᠡᠨ ᠳᠦ ᠪᠡᠨ ᠭᠬᠢᠷ ᠦᠭᠡᠢ ᠴᠠᠭᠠᠨ ᠰᠡᠳᠬᠢᠯ ᠢᠶᠡᠷ ᠶᠠᠪᠤᠵᠤ ᠪᠠᠶᠢᠶ᠎ᠠ ᠭᠡᠰᠡᠨ ᠡᠪ ᠨᠠᠶᠢᠷ ᠤᠨ ᠪᠡᠯᠭᠡᠳᠡᠯ ᠪᠠᠶᠢᠵᠠᠢ᠃ ᠠᠯᠠᠭ᠎ᠠ ᠪᠠᠨ ᠳᠡᠯᠭᠡᠨ᠎ᠡ ᠭᠡᠳᠡᠭ ᠨᠠᠳᠠ ᠳᠤ ᠵᠡᠷ ᠵᠡᠪᠰᠡᠭ ᠠᠯᠠᠭ᠎ᠠ᠂ ᠮᠢᠨᠦ ᠰᠡᠳᠬᠢᠯ ᠦᠨ ᠥᠩᠭᠡ ᠡᠨᠡ ᠭᠡᠰᠡᠨ ᠤᠳᠬ᠎ᠠ ᠪᠢᠯᠡ᠃ (ᠪᠦᠷᠢᠨ ᠠᠭᠤᠯᠭ᠎ᠠ ᠶᠢ ᠤᠩᠰᠢᠬᠤ)

ᠵᠠᠭᠠᠨ
ᠵᠠᠭᠠᠨ

ᠵᠠᠭᠠᠨ ᠨᠢ ᠣᠳᠣ ᠪᠠᠷ ᠬᠠᠭᠤᠷᠠᠢ ᠭᠠᠵᠠᠷ ᠳᠡᠭᠡᠷᠡᠬᠢ ᠬᠠᠮᠤᠭ ᠤᠨ ᠲᠣᠮᠣ ᠬᠥᠬᠥᠲᠡᠨ ᠠᠮᠢᠲᠠᠨ ᠶᠤᠮ᠃ ᠮᠠᠨ ᠤ ᠭᠠᠷᠠᠭ ᠳᠡᠭᠡᠷ᠎ᠡ 400 ᠭᠠᠷᠤᠢ ᠲᠥᠷᠥᠯ ᠵᠦᠢᠯ ᠦᠨ ᠵᠢᠭᠠᠨ ᠨᠤᠲᠤᠭᠯᠠᠵᠤ ᠪᠠᠶᠢᠭᠰᠠᠨ ᠠᠴᠠ ᠠᠽᠢᠶ᠎ᠠ ᠪᠣᠯᠤᠨ ᠠᠹᠷᠢᠺᠠ ᠭᠡᠰᠡᠨ ᠶᠡᠷᠦᠩᠬᠡᠢ 2 ᠲᠠᠩᠺᠷᠡᠯ ᠦᠯᠡᠳᠡᠵᠡᠢ᠃ ᠠᠹᠷᠢᠺᠠ ᠵᠠᠭᠠᠨ ᠨᠢ ᠪᠡᠶ᠎ᠡ ᠪᠡᠷ ᠲᠣᠮᠣ ᠪᠠ ᠲᠣᠮᠣ ᠴᠢᠬᠢ ᠲᠡᠢ ᠪᠠᠶᠢᠨ᠎ᠠ᠃ ᠮᠥᠨ ᠡᠮ ᠠᠹᠷᠢᠺᠠ ᠵᠠᠭᠠᠨ ᠰᠣᠶᠣᠭ᠎ᠠ ᠲᠠᠢ ᠪᠠᠶᠢᠬᠤ ᠳᠤ ᠠᠽᠢᠶ᠎ᠠ ᠡᠮ᠎ᠡ ᠵᠠᠭᠠᠨ ᠳᠤ ᠰᠣᠶᠣᠭ᠎ᠠ ᠪᠠᠶᠢᠳᠠᠭ ᠦᠭᠡᠢ᠃ ᠵᠠᠭᠠᠨ ᠤ ᠲᠣᠭ᠎ᠠ ᠲᠣᠯᠣᠭᠠᠢ ᠪᠠᠭᠠᠰᠠᠭᠰᠠᠭᠠᠷ ᠪᠠᠶᠢᠭ᠎ᠠ ᠪᠠ 2007 ᠤᠨ ᠤ ᠰᠤᠳᠤᠯᠭ᠎ᠠ ᠪᠠᠷ ᠠᠹᠷᠢᠺᠠ ᠲᠢᠪ ᠲᠦ 470,000-690,000 ᠣᠷᠴᠢᠮ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠡᠸᠡᠩᠬᠢ ᠬᠡᠯᠡ
ᠡᠸᠡᠩᠬᠢ ᠬᠡᠯᠡ

ᠡᠸᠡᠩᠬᠢ ᠬᠡᠯᠡ ᠨᠢ ᠶᠡᠷᠦᠩᠬᠡᠢ ᠳ᠋ᠤ ᠪᠡᠨ ᠣᠷᠣᠰ ᠤᠨ ᠰᠢᠪᠧᠷᠢᠶ᠎ᠠ᠂ ᠰᠠᠬᠠᠯᠢᠨ ᠳ᠋ᠤ ᠣᠷᠣᠰᠢᠨ ᠠᠮᠢᠳᠤᠷᠠᠬᠤ ᠡᠸᠡᠩᠬᠢ ᠵᠢᠴᠢ ᠳᠤᠮᠳᠠᠳᠤ ᠤᠯᠤᠰ ᠤᠨ ᠬᠦᠯᠦᠨ ᠪᠤᠶᠢᠷ ᠲᠤ ᠪᠠᠢᠭ᠎ᠠ ᠡᠸᠩᠬᠢᠴᠤᠳ  ᠤᠨ ᠬᠡᠷᠡᠭᠯᠡᠳᠡᠭ ᠬᠡᠯᠡ  ᠶᠢ ᠵᠢᠭᠠᠨ᠎ᠠ᠃ ᠡᠸᠡᠩᠬᠢ ᠶᠢᠨ ᠬᠡᠯᠡ  ᠶᠢ ᠬᠡᠷᠡᠭᠯᠡᠵᠦ ᠪᠠᠶᠢᠭ᠎ᠠ ᠠᠷᠠᠳ ᠲᠥᠮᠡᠨ  ᠤ ᠲᠠᠷᠬᠠᠯᠲᠠ ᠮᠠᠰᠢ ᠲᠠᠷᠬᠠᠢ ᠪᠤᠲᠠᠷᠬᠠᠢ ᠡᠴᠡ ᠪᠣᠯᠵᠤ᠂ ᠣᠯᠠᠨ ᠠᠶᠠᠯᠭᠤ ᠳ᠋ᠤ ᠬᠤᠪᠢᠶᠠᠭᠳᠠᠳᠠᠭ᠂ ᠵᠠᠷᠢᠮ ᠳ᠋ᠤ ᠪᠠᠨ ᠲᠤᠮᠳᠠᠳᠤ ᠤᠯᠤᠰ ᠤᠨ ᠡᠸᠩᠬᠢᠴᠤᠳ ᠤᠨ ᠬᠡᠷᠡᠭᠯᠡᠵᠦ ᠪᠠᠶᠢᠭ᠎ᠠ ᠬᠡᠯᠡ ᠶᠢ ᠲᠤᠰᠠᠭᠠᠷ ᠨᠢᠭᠡᠨ ᠬᠡᠯᠡ - ᠰᠣᠯᠣᠨ ᠬᠡᠯᠡ ᠪᠤᠶᠤ ᠰᠣᠯᠣᠨ ᠠᠶᠠᠯᠭᠤ ᠴᠤ ᠭᠡᠳᠡᠭ᠃ ᠣᠷᠣᠰ ᠲᠤ ᠪᠠᠶᠢᠭ᠎ᠠ ᠡᠸᠡᠩᠬᠢᠴᠤᠳ 1929 ᠤᠨ ᠡᠴᠡ ᠯᠠᠲ᠋ᠢᠨ ᠴᠠᠭᠠᠨ ᠲᠣᠯᠣᠭᠠᠢ ᠶᠢᠨ ᠦᠰᠦᠭ ᠪᠢᠴᠢᠭ ᠢ ᠭᠡᠷᠡᠭᠯᠡᠵᠦ ᠪᠠᠶᠢᠭᠰᠠᠨ ᠡᠴᠡ ᠪᠠᠨ 1937 ᠤᠨ ᠳ᠋ᠤ ᠰᠯᠠᠸ ᠦᠰᠦᠭ  ᠢ ᠬᠡᠷᠡᠭᠯᠡᠵᠦ ᠡᠬᠢᠯᠡᠵᠡᠢ᠃ ᠲᠤᠮᠳᠠᠳᠤ ᠤᠯᠤᠰ ᠲᠤ ᠪᠠᠶᠢᠭ᠎ᠠ ᠡᠸᠡᠩᠬᠢᠴᠤᠳ ᠮᠣᠩᠭᠣᠯ ᠪᠢᠴᠢᠭ ᠪᠠ ᠬᠢᠲᠠᠳ ᠪᠢᠴᠢᠭ  ᠤᠨ ᠭᠠᠯᠢᠭ  ᠢᠶᠠᠷ ᠦᠭᠡ ᠬᠡᠯᠡ ᠪᠡᠨ ᠲᠡᠮᠳᠡᠭᠯᠡᠵᠦ ᠪᠠᠶᠢᠨ᠎ᠠ᠂ ᠦᠩᠭᠷᠡᠭᠰᠡᠨ ᠳ᠋ᠦ ᠮᠠᠨᠵᠤ ᠦᠰᠦᠭ  ᠢ ᠬᠡᠷᠡᠭᠡᠯᠡᠵᠦ ᠪᠠᠶᠢᠭᠰᠠᠨ ᠲᠡᠮᠳᠡᠭᠯᠡᠯ ᠲᠠᠢ᠃ (ᠪᠦᠷᠢᠨ ᠠᠭᠤᠯᠭ᠎ᠠ ᠶᠢ ᠤᠩᠰᠢᠬᠤ)

ᠠᠯᠳᠠᠨ ᠳᠤᠰᠤᠯ ᠴᠡᠴᠡᠭ
ᠠᠯᠳᠠᠨ ᠳᠤᠰᠤᠯ ᠴᠡᠴᠡᠭ

ᠠᠯᠳᠠᠨ ᠳᠤᠰᠤᠯ ᠴᠡᠴᠡᠭ (旋覆花) ᠄ ᠲᠤᠰ ᠡᠮ ᠪᠣᠯ ᠤᠳᠪᠠᠯ᠎ᠠ ᠴᠡᠴᠡᠭ   ᠤᠨ ᠢᠵᠠᠭᠤᠷ ᠡᠪᠡᠰᠦᠯᠢᠭ ᠤᠷᠭᠤᠮᠠᠯ ᠪᠣᠯᠬᠣᠷ ᠠᠯᠳᠠᠨ ᠳᠤᠰᠤᠯ ᠴᠡᠴᠡᠭ  ᠤᠨ ᠬᠠᠲᠠᠭᠠᠭᠰᠠᠨ ᠲᠣᠯᠤᠭᠠᠢ ᠬᠡᠯᠪᠡᠷᠢᠳᠦ ᠪᠠᠭ ᠴᠡᠴᠡᠭ ᠮᠥᠨ ᠃ ᠨᠢᠶᠠᠨ ᠢ ᠨᠢᠲᠤᠯᠬᠤ ᠂ ᠬᠠᠳᠭᠤᠯᠭ᠎ᠠ ᠶᠢ ᠳᠠᠷᠤᠬᠤ ᠂ ᠰᠢᠷ᠎ᠠ ᠤᠰᠤ ᠶᠢ ᠬᠠᠳᠠᠭᠠᠬᠤ ᠂ ᠰᠢᠷᠬ᠎ᠠ ᠶᠢ ᠠᠨᠠᠭᠠᠬᠤ ᠪᠣᠯᠤᠨ᠎ᠠ ᠃ 《 ᠴᠠᠭᠠᠨ ᠪᠣᠯᠤᠷ ᠲᠣᠯᠢ》ᠳ᠋ᠤ《 ᠠᠯᠳᠠᠨ ᠳᠤᠰᠤᠯ ᠴᠡᠴᠡᠭ ᠪᠣᠯ ᠲᠣᠯᠤᠭᠠᠢ ᠬᠠᠭᠠᠷᠠᠭᠰᠠᠨ ᠢ ᠠᠨᠠᠭᠠᠬᠤ ᠪᠥᠭᠡᠳ ᠰᠢᠷ᠎ᠠ ᠤᠰᠤ ᠶᠢ ᠬᠠᠲᠠᠭᠠᠵᠤ ᠂ ᠬᠠᠳᠭᠤᠯᠭ᠎ᠠ ᠳᠤ ᠳᠤᠰᠠᠯᠠᠮᠤᠢ》ᠭᠡᠵᠦ ᠲᠡᠮᠳᠡᠭᠯᠡᠵᠡᠢ ᠃ ᠶᠡᠷᠦᠨᠳᠡᠭ ︱ 5 ᠳᠤ ᠭᠦᠯ ᠪᠣᠯᠭᠠᠨ ᠣᠬᠤᠷ ᠬᠠᠳᠭᠤᠯᠭ᠎ᠠ  ᠳᠦ ᠬᠡᠷᠡᠭᠯᠡᠬᠦ ᠂ ᠪᠠᠷᠢᠯᠳᠤᠭᠤᠯᠤᠭᠴᠢ ︱ 25 ᠳᠤ ᠭᠦᠯ ᠪᠣᠯᠭᠠᠨ ᠶᠠᠰᠤ ᠪᠡᠷᠲᠡᠭᠰᠡᠨ ᠂ ᠮᠡᠰᠡ ᠶᠢᠨ ᠰᠢᠷᠬ᠎ᠠ  ᠳᠦ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠪᠠᠯᠠᠷ ᠡᠷᠲᠡᠨ ᠦ ᠮᠣᠩᠭᠣᠯ
ᠪᠠᠯᠠᠷ ᠡᠷᠲᠡᠨ ᠦ ᠮᠣᠩᠭᠣᠯ

ᠪᠠᠯᠠᠷ ᠡᠷᠲᠡᠨ ᠦ ᠮᠣ᠌ᠨᠭᠭᠤᠯ ᠭᠡᠬᠦ ᠡᠨᠡ ᠬᠦ ᠦᠭᠦᠯᠡᠯ ᠨᠢ ᠭᠤᠤᠯᠳᠠᠭᠤ ᠪᠠᠯᠠᠷ ᠡᠷᠲᠡᠨ ᠦ ᠮᠣᠩᠭᠣᠯ ᠣᠷᠣᠨ ᠤ ᠪᠠᠶᠢᠭᠠᠯᠢ ᠠᠭᠤᠷ ᠠᠮᠢᠰᠬᠤᠯ᠂ ᠪᠠᠯᠠᠷ ᠡᠷᠲᠡᠨ ᠦ ᠬᠦᠮᠦᠰ᠂ᠴᠢᠯᠠᠭᠤᠨ ᠵᠡᠪᠰᠡᠭ ᠦᠨ ᠦᠶ᠎ᠡ᠂ ᠬᠦᠷᠡᠯ ᠵᠡᠪᠰᠡᠭ ᠦᠨ ᠦᠶ᠎ᠡ᠂ ᠲᠡᠮᠦᠷ ᠵᠡᠪᠰᠡᠭ ᠦᠨ ᠦᠶ᠎ᠡ᠂ ᠬᠠᠳᠠᠨ ᠵᠢᠷᠤᠭ᠂ ᠬᠠᠳᠠᠨ ᠤ ᠪᠢᠴᠢᠭᠡᠰᠦ ᠵᠡᠷᠭᠡ ᠬᠡᠳᠦᠨ ᠠᠭᠤᠯᠭ᠎ᠠ ᠡᠴᠡ ᠪᠦᠷᠢᠯᠳᠦᠵᠡᠢ᠃ ᠲᠠ ᠪᠦᠬᠦᠨ ᠲᠠᠭᠠᠯᠠᠨ ᠤᠨᠭᠰᠢᠵᠤ᠂ ᠠᠯᠳᠠᠭ᠎ᠠ ᠪᠤᠷᠤᠭᠤ ᠵᠢ ᠵᠠᠯᠠᠷᠠᠭᠤᠯᠤᠨ ᠵᠠᠰᠠᠵᠤ ᠨᠦᠬᠦᠪᠦᠷᠢᠯᠡᠭᠡᠷᠡᠢ᠃ (ᠪᠦᠷᠢᠨ ᠠᠭᠤᠯᠭ᠎ᠠ ᠶᠢ ᠤᠩᠰᠢᠬᠤ)

ᠠᠤᠬᠠᠨ ᠬᠣᠰᠢᠭᠤ
ᠠᠤᠬᠠᠨ ᠬᠣᠰᠢᠭᠤ

ᠠᠤᠬᠠᠨ ᠬᠣᠰᠢᠭᠤ ᠨᠢ ᠥᠪᠥᠷ ᠮᠣᠩᠭᠣᠯ ᠤᠨ ᠤᠯᠠᠭᠠᠨᠬᠠᠳᠠ ᠬᠣᠲᠠ ᠶᠢᠨ ᠵᠡᠭᠦᠨ ᠡᠮᠦᠨ᠎ᠡ ᠪᠡᠶ᠎ᠡ ᠳ᠋ᠤ ᠣᠷᠣᠰᠢᠵᠤ ᠡᠮᠦᠨ᠎ᠡ ᠪᠡᠨ ᠯᠢᠶᠣᠣᠨᠢᠩ ᠮᠤᠵᠢ ᠲᠠᠢ ᠬᠢᠯᠢ ᠨᠡᠶᠢᠯᠡᠵᠦ᠂ ᠵᠡᠭᠦᠨ ᠪᠡᠨ ᠲᠦᠩᠯᠢᠶᠣᠣ ᠬᠣᠲᠠ ᠲᠠᠢ ᠵᠠᠯᠭᠠᠯᠳᠤᠨ᠎ᠠ᠃ ᠨᠤᠲᠤᠭ ᠳᠡᠪᠢᠰᠭᠡᠷ ᠤᠨ ᠶᠡᠷᠦᠩᠬᠡᠢ ᠲᠠᠯᠠᠪᠠᠢ 8316 ᠲᠡᠭᠰᠢ ᠲᠦᠷᠪᠡᠯᠵᠢᠨ ᠺᠢᠯᠣᠮᠧᠲ᠋ᠷ ᠃ᠨᠡᠶᠢᠲᠡ ᠬᠦᠮᠦᠨ ᠠᠮᠠ 547043᠃ 18 ᠰᠤᠮᠤ ᠶᠢᠨ ᠳᠡᠰ ᠤᠨ ᠨᠢᠭᠡᠴᠡ ᠲᠡᠢ᠃ ᠳᠠᠶᠠᠨ ᠬᠠᠭᠠᠨ ᠤ ᠬᠦᠪᠡᠭᠦᠨ ᠲᠥᠷᠥᠪᠣᠯᠣᠳ ᠤᠨ ᠣᠮᠪᠣᠯ ᠳᠠᠶᠢᠴᠢᠩ ᠳᠦᠭᠦᠷᠡᠩ ᠠᠤᠬᠠᠨ ᠠᠶᠢᠮᠠᠭ ᠢ ᠵᠠᠬᠢᠷᠴᠤ ᠪᠠᠶᠢᠵᠠᠢ᠂ 16 ᠳᠤᠭᠠᠷ ᠵᠠᠭᠤᠨ ᠤ ᠰᠡᠭᠦᠯᠴᠢ ᠪᠡᠷ ᠳᠠᠶᠢᠴᠢᠩ ᠳᠦᠭᠦᠷᠡᠩ ᠳᠡᠭᠦᠦ ᠡᠰᠡᠨ ᠤᠶᠢᠵᠠᠩ ᠲᠠᠢ ᠪᠠᠨ ᠯᠤᠤᠬ᠎ᠠ ᠶᠢᠨ ᠭᠣᠣᠯ ᠤᠨ ᠰᠠᠪᠠ ᠳᠤ ᠨᠡᠭᠦᠨ ᠢᠷᠡᠵᠤ᠂ᠳᠠᠶᠢᠴᠢᠩ ᠳᠦᠭᠦᠷᠡᠩ ᠠᠤᠬᠠᠨ ᠢᠶᠠᠨ ᠵᠠᠬᠢᠷᠤᠨ᠂ ᠳᠡᠭᠦᠦ ᠡᠰᠡᠨ ᠤᠶᠢᠵᠠᠩ ᠨᠢ ᠭᠣᠣᠯ ᠤᠨ ᠨᠦᠭᠦᠭᠡ ᠬᠦᠪᠡᠭᠡᠨ ᠳᠤ ᠰᠠᠭᠤᠵᠤ ᠨᠠᠶ᠋ᠮᠠᠨ ᠠᠶᠢᠮᠠᠭ ᠢ ᠵᠠᠬᠢᠷᠴᠠᠢ᠃ 1627 ᠤᠨ ᠳᠤ ᠳᠠᠶᠢᠴᠢᠩ ᠳᠦᠭᠦᠷᠡᠩ ᠤᠨ ᠬᠦᠪᠡᠭᠦᠨ ᠰᠤᠨᠤᠮ ᠳᠦᠭᠦᠷᠡᠩ ᠳᠡᠭᠦᠦ ᠰᠠᠴᠡᠨᠵᠣᠷᠢᠭᠲᠤ ᠲᠠᠢ ᠪᠠᠨ ᠬᠣᠶᠢᠳᠤ ᠠᠯᠲᠠᠨ ᠤᠯᠤᠰ ᠢ ᠳᠠᠭᠠᠵᠠᠢ᠃ (ᠪᠦᠷᠢᠨ ᠠᠭᠤᠯᠭ᠎ᠠ ᠶᠢ ᠤᠩᠰᠢᠬᠤ)

ᠠᠶᠤᠱᠢᠷᠢᠳᠠᠷ ᠬᠠᠭᠠᠨ
Ayushirdari.jpg

ᠠᠶᠣᠰᠢᠷᠢᠳᠢᠷ᠎ᠠ ᠨᠢ 1338 ᠤᠨ ᠤ ᠰᠢᠷ᠎ᠠ ᠪᠠᠷᠰ ᠵᠢᠯ ᠲᠥᠷᠦᠵᠡᠢ᠃ ᠲᠣᠭᠠᠨᠲᠡᠮᠦᠷ ᠬᠠᠭᠠᠨ ᠤ ᠠᠬᠠᠮᠠᠳ ᠬᠥᠪᠡᠭᠦᠨ ᠶᠤᠮ᠃ ᠶᠤᠸᠠᠨ ᠤᠯᠤᠰ ᠤᠨ ᠣᠣᠭᠠᠯ ᠨᠤᠲᠤᠭ᠂ ᠬᠠᠷᠠᠬᠣᠷᠣᠮ ᠬᠣᠳᠠᠨ᠎ᠠ ᠨᠡᠶᠢᠰᠯᠡᠯᠯᠡᠵᠦ 1370 ᠤᠨ ᠤ ᠴᠠᠭᠠᠨ ᠨᠣᠬᠠᠢ ᠵᠢᠯ ᠳᠣᠣᠷ᠎ᠠ ᠶᠤᠸᠠᠨ ᠤᠯᠤᠰ ᠤᠨ ᠬᠠᠭᠠᠨ ᠰᠢᠷᠡᠭᠡᠨ ᠳᠦ ᠰᠠᠭᠤᠵᠠᠢ᠃ 1378 ᠤᠨ ᠤ ᠰᠢᠷ᠎ᠠ ᠮᠣᠷᠢᠨ ᠵᠢᠯ ᠲᠠᠭᠠᠯᠠᠯ ᠲᠡᠭᠦᠰᠴᠡᠢ᠃

ᠠᠶᠣᠰᠢᠷᠢᠳᠢᠷ᠎ᠠ ᠬᠠᠭᠠᠨ ᠬᠢᠳᠠᠳ ᠰᠣᠶᠣᠯ ᠢ ᠨᠢᠭᠡ ᠬᠡᠮᠵᠢᠶᠡᠨ ᠳᠦ ᠡᠵᠡᠮᠰᠢᠭᠰᠡᠨ ᠪᠦᠭᠡᠳ ᠡᠨᠳᠡ ᠲᠡᠬᠦᠨ ᠦ ᠨᠢᠭᠡᠨ ᠪᠠᠳᠠᠭ ᠰᠢᠯᠦᠭ ᠢ ᠰᠡᠢᠷᠡᠬᠦᠯᠪᠡᠯ᠄

昨夜严陵失钓钩,
何人移上碧云头。
虽然未得团圆相,
也有清光遍九州 (ᠪᠦᠷᠢᠨ ᠠᠭᠤᠯᠭ᠎ᠠ ᠶᠢ ᠤᠩᠰᠢᠬᠤ)
ᠪᠦᠬᠡ ᠮᠦᠷᠬᠦᠯ
ᠪᠦᠬᠡ ᠮᠦᠷᠬᠦᠯ

ᠪᠥᠭᠡ ᠶᠢᠨ ᠲᠠᠬᠢᠯᠭ᠎ᠠ ᠶᠣᠰᠣ ᠵᠢ ᠬᠦᠮᠦᠨ  ᠤ ᠤᠬᠠᠭᠠᠨ  ᠤ ᠲᠠᠢᠯᠪᠦᠷᠢ ᠵᠢᠨ ᠣᠨᠣᠯ ᠢᠶᠠᠷ ᠪᠣᠯ 《ᠶᠢᠷᠲᠢᠨᠴᠦ ᠶᠢ ᠦᠬᠦᠭᠰᠡᠨ ᠬᠦᠮᠦᠰ ᠦᠨ ᠰᠦᠨᠡᠰᠦ ᠵᠠᠬᠢᠷᠴᠤ ᠪᠠᠶᠢᠳᠠᠭ》 ᠭᠡᠵᠦ ᠡᠷᠲᠡᠨ ᠦ ᠬᠦᠮᠦᠰ ᠣᠶᠢᠯᠠᠭᠠᠵᠤ ᠢᠷᠡᠵᠡᠢ᠃ ᠡᠶᠢᠮᠦ ᠡᠴᠡ ᠲᠡᠳᠡᠨ ᠢ ᠠᠷᠭᠠᠳᠠᠵᠤ ᠲᠠᠶᠢᠪᠤᠰᠢᠷᠠᠭᠤᠯᠬᠤ ᠶᠢᠨ ᠲᠤᠯᠠᠳᠠ ᠶᠠᠩᠵᠤ ᠪᠦᠷᠢ ᠶᠢᠨ ᠲᠠᠬᠢᠯᠭ᠎ᠠ ᠦᠢᠯᠡᠳᠴᠦ ᠢᠷᠡᠭᠰᠡᠨ ᠭᠡᠵᠦ ᠦᠵᠡᠳᠡᠭ᠃ ᠡᠷᠲᠡᠨ ᠦ ᠬᠦᠮᠦᠰ ᠥᠪᠡᠷ ᠢ ᠨᠢ ᠨᠥᠯᠦᠭᠡᠯᠡᠵᠦ ᠪᠤᠢ ᠳᠠᠯᠳᠠ ᠶᠢᠨ ᠬᠦᠴᠦ ᠶᠢ ᠮᠠᠭᠤ ᠲᠩᠷᠢ᠂ ᠰᠠᠶᠢᠨ ᠲᠩᠷᠢ ᠭᠡᠵᠦ ᠬᠤᠪᠢᠶᠠᠨ ᠦᠵᠡᠵᠦ ᠰᠠᠶᠢᠨ ᠢ ᠨᠢ ᠬᠥᠬᠢᠭᠦᠯᠦᠨ ᠳᠡᠮᠵᠢᠵᠦ᠂ ᠮᠠᠭᠤ ᠶᠢ ᠨᠢ ᠵᠠᠶᠢᠯᠠᠭᠤᠯᠬᠤ ᠣᠯᠠᠨ ᠲᠥᠷᠦᠯ ᠦᠨ ᠶᠠᠩᠵᠤ ᠪᠦᠷᠢ ᠶᠢᠨ ᠶᠣᠰᠣᠯᠠᠯ ᠪᠤᠢ ᠪᠣᠯᠭᠠᠭᠰᠠᠨ ᠭᠡᠵᠦ ᠲᠠᠶᠢᠯᠪᠤᠷᠢᠯᠠᠳᠠᠭ᠃ (ᠪᠦᠷᠢᠨ ᠠᠭᠤᠯᠭ᠎ᠠ ᠶᠢ ᠤᠩᠰᠢᠬᠤ)

ᠳ ∙ ᠲᠷᠦ᠋ᠮᠫ
ᠳ ∙ ᠲᠷᠦ᠋ᠮᠫ

ᠳ ∙ ᠲᠷᠦ᠋ᠮᠫ ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ 45 ᠳᠠᠬᠢ ᠶᠡᠷᠦᠩᠬᠡᠶᠢᠯᠡᠭᠴᠢ᠃ ᠠᠮᠧᠷᠢᠺᠠ ᠶᠢᠨ ᠨᠢᠭᠡᠳᠦᠭᠰᠡᠨ ᠤᠯᠤᠰ ᠤᠨ 2016 ᠤᠨ ᠤ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠪᠦᠭᠦᠳᠡ ᠨᠠᠶᠢᠷᠠᠮᠳᠠᠬᠤ ᠨᠠᠮ ᠠᠴᠠ ᠨᠡᠷ᠎ᠡ ᠳᠡᠪᠰᠢᠵᠦ᠂ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠠᠰᠠᠨ ᠬᠢᠯᠠᠷᠢ ᠺᠯᠢᠨᠲ᠋ᠣᠨ ᠲᠠᠢ ᠥᠷᠢᠰᠦᠯᠳᠦᠵᠦ᠂ ᠲᠤᠰ ᠰᠣᠩᠭᠣᠭᠤᠯᠢ ᠳᠤ 2016 ᠤᠨ ᠤ 11 ᠰᠠᠷ᠎ᠠ ᠶᠢᠨ 8 ᠍ ᠤ ᠡᠳᠦᠷ ᠢᠯᠠᠯᠲᠠ ᠪᠠᠶᠢᠭᠤᠯᠵᠤ ᠰᠣᠩᠭᠣᠭᠳᠠᠭᠰᠠᠨ᠃ ᠪᠦᠷᠢᠨ ᠡᠷᠬᠡ ᠶᠢᠨ ᠬᠤᠭᠤᠴᠠᠭ᠎ᠠ 2017 ᠤᠨ ᠤ 1 ᠰᠠᠷ᠎ᠠ ᠶᠢᠨ 20 ᠍ ᠳᠦ ᠡᠬᠢᠯᠡᠨ᠎ᠡ᠃ ᠪᠦᠭᠦᠳᠡ ᠨᠠᠶᠢᠷᠠᠮᠳᠠᠬᠤ ᠨᠠᠮ ᠤᠨ ᠭᠡᠰᠢᠭᠦᠨ᠃ ᠤᠯᠠᠨ ᠳᠤ ᠲᠠᠨᠢᠭᠳᠠᠭᠰᠠᠨ ᠪᠢᠽᠢᠨ᠋ᠧᠰᠮᠧᠨ᠃ (ᠪᠦᠷᠢᠨ ᠠᠭᠤᠯᠭ᠎ᠠ ᠶᠢ ᠤᠩᠰᠢᠬᠤ)

ᠬᠠᠷᠠ᠋ᠥ᠋ᠬᠢᠨ ᠤ ᠳ᠋ᠠᠮᠪᠢᠵᠠᠯᠰᠠᠨ
ᠬᠠᠷᠠ᠋ᠥ᠋ᠬᠢᠨ ᠤ ᠳ᠋ᠠᠮᠪᠢᠵᠠᠯᠰᠠᠨ

ᠬᠠᠷᠠ᠋ᠥ᠋ᠬᠢᠨ ᠤ ᠳ᠋ᠠᠮᠪᠢᠵᠠᠯᠰᠠᠨ 1933 ᠤᠨ ᠤ 5 ᠰᠠᠷ᠎ᠠ ᠶᠢᠨ 5 ᠤ ᠡᠳᠥᠷ ᠵᠤᠤ ᠤᠳᠠ ᠠᠶᠢᠮᠠᠭ(ᠣᠳᠣ ᠶᠢᠨ ᠤᠯᠠᠭᠠᠨᠬᠠᠳᠠ ᠬᠣᠲᠠ) ᠤᠨ ᠪᠠᠭᠠᠷᠢᠨ ᠵᠡᠭᠦᠨ ᠬᠣᠰᠢᠭᠤᠨ ᠤ ᠪᠠᠶᠠᠨ᠍ᠠ᠋ᠭᠤᠯᠠ ᠰᠤᠮᠤ ᠶᠢᠨ ᠤᠯᠠᠭᠠᠨᠪᠠᠶᠢᠴᠠ ᠭᠠᠴᠠᠭ᠎ᠠ ᠶᠢᠨ ᠮᠠᠯᠴᠢᠨ ᠮᠡᠷᠭᠡᠨ ᠫᠤᠤᠴᠢ ᠬᠠᠷᠠ᠋ᠥ᠋ᠬᠢᠨ ᠤ ᠭᠤᠷᠪᠠᠳᠤᠭᠠᠷ ᠬᠦᠪᠡᠭᠦᠨ ᠨᠢ ᠪᠣᠯᠣᠨ ᠮᠡᠨᠳᠦᠯᠡᠵᠡᠢ᠃ ᠥᠪᠥᠷ ᠮᠣᠩᠭᠣᠯ ᠤᠨ ᠠᠯᠳᠠᠷᠲᠤ ᠰᠢᠯᠦᠭᠴᠢᠨ᠂ ᠡᠷᠳᠡᠮᠲᠡᠨ᠂ ᠳᠤᠮᠳᠠᠳᠤ ᠤᠯᠤᠰ ᠤᠨ ᠮᠣᠩᠭᠣᠯ ᠵᠠᠩ ᠦᠢᠯᠡ ᠤᠨ ᠰᠤᠳᠤᠯᠤᠯ ᠤᠨ ᠰᠠᠭᠤᠷᠢᠯᠠᠭᠴᠢ ᠂ ᠰᠤᠷᠭᠠᠨ ᠬᠦᠮᠦᠵᠢᠯ ᠤᠨ ᠭᠠᠷᠮᠠᠭᠠᠢ ᠵᠢᠳᠬᠦᠯᠲᠡᠨ᠃ 《ᠲᠥᠷᠤᠯᠬᠢ ᠨᠤᠳᠤᠭ》(ᠰᠢᠯᠦᠭ)᠂ 《 ᠪᠠᠭᠠᠳᠤᠷ ᠤᠨ ᠥᠯᠤᠭᠡᠢ》᠂ 《ᠠᠭᠤᠷᠳᠤ ᠠᠪᠤ》᠂ 《 ᠡᠶᠢᠮᠦ ᠨᠢᠭᠡᠨ ᠵᠠᠯᠠᠭᠤ》᠂ 《ᠯᠠᠷᠵᠠᠲᠤ ᠳᠣᠭᠮᠢᠳ ᠬᠢᠭᠡᠳ ᠲᠡᠭᠦᠨ ᠤ ᠴᠤᠤᠲᠠᠢ ᠬᠡᠦᠬᠡᠨ 》ᠵᠡᠷᠭᠡ ᠪᠦᠲᠦᠭᠡᠯ ᠲᠡᠢ᠃ (ᠪᠦᠷᠢᠨ ᠠᠭᠤᠯᠭ᠎ᠠ ᠶᠢ ᠤᠩᠰᠢᠬᠤ)

ᠣᠯᠠᠮᠵᠢᠯᠠᠯᠳᠦ ᠡᠪᠡᠷ ᠨᠣᠮᠣ ᠰᠣᠮᠣ ᠬᠢᠭᠡᠳ ᠰᠣᠷ ᠬᠠᠷᠪᠣᠯᠳᠠ
ᠰᠣᠷ ᠬᠠᠷᠪᠣᠯᠳᠠ

ᠣᠯᠠᠮᠵᠢᠯᠠᠯᠳᠦ ᠡᠪᠡᠷ ᠨᠣᠮᠣ ᠰᠣᠮᠣ ᠬᠢᠭᠡᠳ ᠰᠣᠷ ᠬᠠᠷᠪᠣᠯᠳᠠ  ᠢ ᠠᠯᠢ ᠡᠷᠡᠨ  ᠤ ᠠᠯᠢ ᠴᠠᠭ ᠲᠤ ᠬᠡᠨ ᠡᠭᠦᠳᠦᠯ᠎ᠡ ᠭᠡᠵᠦ ᠬᠡᠨ ᠬᠦᠮᠦᠨ ᠴᠦ ᠲᠠᠰᠣ ᠬᠡᠯᠡᠵᠦ ᠳᠡᠶᠢᠯᠬᠦ ᠦ᠋ᠭᠡᠢ ᠨᠢ ᠯᠠᠪᠳᠠᠢ ‍᠃‍ ᠭᠡᠪᠡᠴᠦ ᠮᠣᠩᠭᠣᠯᠴᠣᠳ ᠠᠯᠢ ᠡᠷᠳᠡ ᠦ᠋ᠰᠦᠭ ᠪᠢᠴᠢᠭ ᠪᠣᠢ ᠪᠣᠯᠬᠣ  ᠠᠴᠠ ᠡᠮᠦᠨᠡᠬᠢ ᠪᠠᠯᠠᠷ ᠡᠷᠳᠡ ᠶ᠋ᠢᠨ ᠴᠠᠭ ᠲᠤ ᠨᠣᠮᠣ ᠰᠣᠮᠣ  ᠢ ᠠᠩ ᠠᠮᠢᠳᠣᠷᠠᠯ ᠳ᠋ᠠᠭᠠᠨ ᠠᠮᠢᠳᠣᠯᠢᠭ ᠰᠠᠶᠢᠬᠠᠨ ᠬᠡᠷᠡᠭᠯᠡᠵᠦ ᠪᠠᠶᠢᠭᠰᠠᠨ  ᠢ ᠠᠰᠬ᠎ᠠ ᠬᠠᠳᠠᠨ  ᠤ ᠴᠢᠯᠠᠭᠣᠨ ᠵᠢᠷᠣᠭ ‍᠂‍ ᠮᠢᠩᠭᠠᠨ ᠠᠯᠤᠰᠯᠠᠭᠰᠠᠨ ᠮᠦᠩᠬᠡ ᠪᠡᠶ᠎ᠡ ᠪᠡᠷ ‍ᠢᠶ᠋ᠠᠨ ᠨᠢᠴᠣᠭᠠᠭᠳᠠᠰᠢ ᠦ᠋ᠭᠡᠢ ᠲᠡᠥᠭᠡ ᠶ᠋ᠢᠨ ᠭᠡᠷᠡᠴᠢ ᠪᠣᠯᠵᠠᠢ᠃‍ ᠬᠦᠢᠳᠡᠨ ᠵᠡᠪᠰᠡᠭ ‍ᠤᠨ ᠡᠷᠡᠨ ᠴᠠᠭ ᠲᠤ ᠨᠣᠮᠣ ᠰᠣᠮᠣ ᠨᠢ ᠲᠠᠩ ᠭᠠᠭᠴᠠ ᠠᠩ ᠠᠬᠣᠢ  ᠠᠴᠠ ᠠᠯᠠᠯᠳᠣᠭᠠᠨ ᠲᠠᠶᠢᠨ ᠳ᠋ᠤ ᠰᠢᠯᠵᠢᠭᠰᠡᠨ  ᠠᠴᠠ ᠭᠦᠭᠵᠢᠯᠲᠡ ᠶ᠋ᠢᠨ ᠰᠢᠵᠢᠷ ᠠᠯᠳᠠᠨ ᠴᠠᠭ ᠲᠠᠭᠠᠨ ᠣᠷᠣᠵᠣ ᠦ᠋ᠷᠭᠡᠨ ‍ᠢᠶ᠋ᠠᠷ ᠲᠦᠭᠡᠮᠡᠯᠵᠢᠯᠡᠭᠳᠡᠭᠰᠡᠨ ᠪᠠᠶᠢᠨ᠎ᠠ ‍᠃‍ ᠠᠷᠪᠠᠨ ᠨᠢᠭᠡᠳᠦᠭᠡᠷ ᠵᠠᠭᠣᠨ  ᠤ ᠦ᠋ᠶ᠎ᠡ ᠳ᠋ᠤ ᠴᠢᠩᠬᠢᠰ ᠬᠠᠭᠠᠨ ᠠᠷᠢᠭᠣᠨ ᠮᠣᠩᠭᠣᠯ ‍ᠢᠶ᠋ᠠᠨ ᠨᠢᠭᠡᠳᠬᠡᠨ ᠠᠽᠢᠶ᠎ᠠ ᠡᠸᠦᠷᠦ᠋ᠫᠡ  ᠵᠢ ᠲᠣᠭᠳᠠᠭᠠᠬᠣ ᠳ᠋ᠤ ᠨᠣᠮᠣ ᠰᠣᠮᠣ ᠨᠢ ᠠᠯᠣᠰ ᠬᠣᠯᠠ  ᠠᠴᠠ ᠠᠮᠣᠷ ᠲᠦᠪᠰᠢᠨ ᠳᠠᠭᠠᠷᠢᠬᠣ ‍᠂‍ ᠬᠣᠷᠴᠠ ᠲᠦᠷᠭᠡᠨ ᠬᠦᠩᠭᠡᠨ ᠭᠠᠪᠰᠢᠭᠠᠢ ‍᠂‍ ᠣᠯᠠᠨ ᠰᠣᠮᠣ ᠣᠨᠣᠪᠴᠢᠳᠠᠢ ᠲᠣᠰᠣᠯᠳᠠ ᠶ᠋ᠢᠨ ᠣᠳᠣᠬᠢᠴᠢᠯᠠᠭᠰᠠᠨ ᠣᠨᠴᠠᠯᠢᠭ ‍ᠢᠶ᠋ᠠᠷ ‍ᠢᠶ᠋ᠠᠨ ᠠᠭᠳᠠ ᠶ᠋ᠢᠨ ᠲᠣᠭᠣᠷᠠᠢ ᠳ᠋ᠤ ᠵᠢᠭᠦᠷ ᠣᠷᠭᠣᠯᠠᠨ ᠠᠷᠢᠯᠵᠦ ᠪᠠᠯᠠᠷᠠᠰᠢ ᠦ᠋ᠭᠡᠢ ᠭᠠᠪᠢᠶ᠎ᠠ ᠵᠢᠳᠭᠦᠯ ‍ᠢᠶ᠋ᠠᠨ ᠦ᠋ᠵᠡᠭᠦᠯᠡᠭᠰᠡᠨ ᠪᠠᠶᠢᠨ᠎ᠠ ‍᠃‍ (ᠪᠦᠷᠢᠨ ᠠᠭᠤᠯᠭ᠎ᠠ ᠶᠢ ᠤᠩᠰᠢᠬᠤ)

ᠨᠣᠮᠢᠨ ᠲᠠᠯᠠᠰᠲᠤ
ᠨᠣᠮᠢᠨ ᠲᠠᠯᠠᠰᠲᠤ ᠬᠠᠮᠲᠤᠯᠢᠭ

ᠨᠣᠮᠢᠨ ᠲᠠᠯᠠᠰᠲᠤ ᠬᠠᠮᠲᠤᠯᠢᠭ ᠨᠢ ᠮᠣᠩᠭᠣᠯ ᠍ ᠤᠨ ᠠᠩᠬᠠᠨ ᠤ ᠬᠥᠪᠡᠭᠦᠳ ᠦᠨ ᠬᠠᠮᠲᠤᠯᠢᠭ ᠤᠨ ᠨᠢᠭᠡ ᠶᠤᠮ᠃ 《ᠨᠣᠮᠢᠨ ᠲᠠᠯᠠᠰᠲᠤ》ᠨᠡᠷᠡᠨ ᠦ ᠬᠤᠪᠢ ᠳᠤ 《 ᠨᠣᠮᠢᠨ》 ᠭᠡᠬᠦ ᠦᠭᠡ ᠨᠢ ᠠᠯᠢᠪᠠ ᠵᠦᠢᠯ ᠦᠨ ᠥᠩᠭᠡ᠂ ᠵᠢᠰᠦ ᠪᠣᠯᠤᠭᠠᠳ ᠰᠢᠨᠵᠢ ᠲᠡᠮᠳᠡᠭ ᠢ ᠲᠣᠳᠣᠳᠬᠠᠬᠤ ᠪᠠᠶᠢᠳᠠᠯ ᠢᠶᠠᠷ ᠠᠰᠢᠭᠯᠠᠭᠳᠠᠳᠠᠭ ᠦᠭᠡ ᠶᠤᠮ᠃ ᠨᠣᠮᠢᠨ ᠴᠡᠩᠬᠡᠷ ᠳᠠᠯᠠᠢ᠂ ᠨᠣᠮᠢᠨ ᠨᠡᠷ᠎ᠡ ᠲᠡᠢ ᠴᠢᠯᠠᠭᠤ ᠭᠡᠬᠦ ᠮᠡᠲᠦᠴᠢᠯᠠᠨ ᠣᠯᠠᠨ ᠪᠠᠶᠢᠳᠠᠯ ᠢᠶᠠᠷ ᠬᠡᠷᠡᠭᠯᠡᠭᠳᠡᠳᠡᠭ ᠦᠭᠡ ᠪᠢᠯᠡ᠃ 1997 ᠤᠨ ᠳ᠋ᠤ ᠲᠤᠰ ᠬᠠᠮᠲᠤᠯᠢᠭ ᠨᠢ ᠪᠠᠲᠤᠰᠦ᠋ᠬᠡ( ᠰᠦᠬᠡ)᠂ ᠬᠠᠶᠠᠩᠬᠢᠷᠪᠠ(ᠬᠠᠶᠠᠨᠠ)᠂ ᠳᠡᠯᠭᠡᠷᠮᠥ᠋ᠷᠡᠨ(ᠳᠡᠭᠡᠭᠡᠢ)᠂ ᠬᠠᠨᠭᠡᠷᠡᠯ(ᠬᠠᠽᠠ)ᠨᠠᠷ ᠤᠨ 17-19 ᠨᠠᠰᠤᠨ ᠤ ᠵᠠᠯᠠᠭᠤᠰ ᠤᠨ ᠪᠦᠷᠢᠯᠳᠦᠬᠦᠨ ᠲᠡᠢ ᠪᠡᠷ ᠪᠠᠶᠢᠭᠤᠯᠤᠭᠳᠠᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠶᠠᠫᠣᠨ ᠬᠡᠯᠡ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠶᠠᠫᠣᠨ ᠬᠡᠯᠡ (ᠶᠠᠫᠣᠨ ᠬᠡᠯᠡ ᠪᠡᠷ: 日本語) ᠨᠢ ᠶᠠᠫᠣᠨ ᠤᠯᠤᠰ ᠪᠣᠯᠤᠨ ᠶᠠᠫᠣᠨ ᠬᠡᠯᠡ ᠪᠡᠷ ᠬᠡᠯᠡᠯᠴᠡᠭᠴᠢ ᠠᠷᠠᠳ ᠲᠦᠮᠡᠨ ᠦ ᠬᠡᠯᠡ ᠶᠤᠮ᠃ ᠶᠠᠫᠣᠨ ᠤ ᠬᠠᠤᠯᠢ ᠳᠤ 《ᠠᠯᠪᠠᠨ ᠶᠣᠰᠣᠨ ᠤ ᠬᠡᠯᠡ》 ᠬᠡᠮᠡᠨ ᠵᠢᠭᠠᠭᠰᠠᠨ ᠪᠠᠶᠢᠳᠠᠭ ᠪᠥᠭᠡᠳ ᠠᠯᠪᠠᠨ ᠬᠡᠷᠡᠭ ᠢ ᠤᠭ ᠬᠡᠯᠡ ᠪᠡᠷ ᠬᠥᠲᠦᠯᠵᠦ᠂ ᠪᠣᠯᠪᠠᠰᠤᠷᠠᠯ ᠤᠨ ᠰᠠᠯᠪᠤᠷᠢ ᠳᠤ ᠠᠯᠪᠠᠨ ᠶᠣᠰᠣᠭᠠᠷ 《ᠤᠯᠤᠰ ᠤᠨ ᠬᠡᠯᠡ》 ᠬᠡᠮᠡᠨ ᠵᠢᠭᠠᠭᠠᠳᠠᠭ᠃ ᠨᠡᠶᠢᠲᠡ ᠶᠠᠷᠢᠯᠴᠠᠭᠴᠢᠳ ᠤᠨ ᠲᠣᠭᠠᠨ ᠤ ᠬᠤᠪᠢ ᠳᠤ ᠲᠣᠳᠣᠷᠬᠠᠢ ᠲᠣᠭᠠᠴᠠᠭ᠎ᠠ ᠪᠠᠶᠢᠬᠤ ᠦᠭᠡᠢ ᠪᠣᠯᠪᠠᠴᠤ᠂ ᠶᠠᠫᠣᠨ ᠤᠯᠤᠰ ᠤᠨ ᠬᠠᠷᠢᠶᠠᠲᠤ ᠢᠷᠭᠡᠳ ᠮᠥᠨ ᠶᠠᠫᠣᠨ ᠤᠯᠤᠰ ᠠᠴᠠ ᠥᠭᠡᠷ᠎ᠡ ᠨᠤᠲᠤᠭ ᠲᠤ ᠠᠮᠢᠳᠤᠷᠠᠵᠤ ᠪᠠᠶᠢᠭ᠎ᠠ ᠶᠠᠫᠣᠨ ᠬᠦᠮᠦᠨ᠂ ᠶᠠᠫᠣᠨ (ᠶᠠᠮᠠᠲ᠋ᠣ) ᠤᠭᠰᠠᠭᠠᠨ ᠤ ᠬᠦᠮᠦᠨ ᠭᠡᠳ ᠲᠣᠭᠠᠴᠠᠪᠠᠯ 130 ᠰᠠᠶᠢ ᠡᠴᠡ ᠢᠯᠡᠭᠦᠦ ᠶᠠᠷᠢᠯᠴᠠᠭᠴᠢ ᠲᠠᠢ ᠬᠡᠮᠡᠨ ᠦᠵᠡᠳᠡᠭ᠃ ᠨᠡᠶᠢᠲᠡ ᠶᠠᠷᠢᠯᠴᠠᠭᠴᠢᠳ ᠤᠨ ᠲᠣᠭ᠎ᠠ ᠪᠠᠷ ᠳᠡᠯᠡᠬᠡᠢ ᠳᠦ 10 ᠍ ᠳᠦᠭᠡᠷ ᠪᠠᠶᠢᠷᠢᠨ ᠳᠤ ᠵᠢᠭᠰᠠᠭᠠᠬᠤ ᠬᠡᠯᠡ ᠠᠵᠢ᠃ ᠶᠠᠫᠣᠨ ᠳᠤ ᠲᠥᠷᠦᠵᠤ ᠥᠰᠦᠭᠰᠡᠨ ᠬᠦᠮᠦᠨ ᠳᠤ ᠶᠠᠫᠣᠨ ᠬᠡᠯᠡ ᠨᠢ ᠲᠡᠳᠡᠨ ᠦ ᠡᠬᠡ ᠬᠡᠯᠡ ᠪᠣᠯᠳᠠᠭ᠃ ᠬᠡᠰᠡᠭ ᠡᠷᠳᠡᠮᠲᠡᠳ ᠥᠭᠦᠯᠡᠪᠦᠷᠢ ᠵᠦᠢ᠂ ᠳᠠᠭᠤᠳᠠᠯᠭ᠎ᠠ ᠵᠡᠷᠭᠡ ᠶᠢ ᠬᠠᠷᠠᠭᠠᠯᠵᠠᠨ ᠦᠵᠡᠵᠦ ᠠᠯᠲᠠᠢ ᠢᠵᠠᠭᠤᠷ ᠤᠨ ᠬᠡᠯᠡᠨ ᠳᠦ ᠬᠠᠮᠢᠶᠠᠷᠤᠭᠤᠯᠳᠠᠭ ᠪᠣᠯᠪᠠᠴᠤ ᠥᠪᠡᠷ ᠡᠷᠳᠡᠮᠲᠡᠳ ᠣᠨᠣᠯ ᠤᠨ ᠱᠠᠲᠤᠨ ᠳᠤ ᠶᠠᠪᠤᠭ᠎ᠠ ᠹᠦᠶᠦ ᠬᠡᠯᠡᠨ ᠦ ᠢᠵᠠᠭᠤᠷ᠂ ᠶᠠᠫᠣᠨᠢᠺ ᠬᠡᠯᠡᠨ ᠦ ᠢᠵᠠᠭᠤᠷᠲᠤ ᠬᠠᠮᠢᠶᠠᠷᠤᠨ᠎ᠠ ᠭᠡᠵᠦ ᠦᠵᠡᠳᠡᠭ (ᠡᠳᠡᠭᠡᠷ ᠨᠢ ᠠᠯᠪᠠᠨ ᠶᠣᠰᠣᠨ ᠤ ᠪᠤᠰᠤ ᠶᠠᠭᠤᠮ᠎ᠠ)᠃ (ᠪᠦᠷᠢᠨ ᠠᠭᠤᠯᠭ᠎ᠠ ᠶᠢ ᠤᠩᠰᠢᠬᠤ)

ᠲᠣᠭᠠᠨᠲᠡᠮᠦᠷ ᠬᠠᠭᠠᠨ
ᠲᠣᠭᠠᠨᠲᠡᠮᠦᠷ ᠬᠠᠭᠠᠨ

ᠶᠤᠸᠠᠨ ᠱᠦᠨᠳᠢ ᠬᠤᠸᠠᠩᠳᠢ ᠲᠣᠭᠠᠨᠲᠡᠮᠦᠷ ᠨᠢ ᠮᠢᠩᠽᠣᠩ ᠬᠠᠭᠠᠨ ᠦ ᠬᠦᠦ ᠪᠥᠭᠡᠳ ᠶᠡᠬᠡ ᠶᠤᠸᠠᠨ ᠤᠯᠤᠰ ᠤᠨ 14 ᠳ᠋ᠡᠬᠢ ᠶᠡᠬᠡ ᠬᠠᠭᠠᠨ ᠶᠤᠮ[1][2][3]᠃ ᠲᠡᠭᠦᠨ ᠦ ᠬᠠᠭᠠᠨᠴᠢᠯᠠᠯ ᠤᠨ ᠰᠡᠭᠦᠯ ᠦᠨ ᠵᠢᠯ ᠦᠳ ᠲᠤ ᠶᠡᠬᠡ ᠮᠣᠩᠭᠣᠯ ᠤᠯᠤᠰ ᠬᠢᠲᠠᠳ ᠳᠠᠬᠢ ᠬᠢᠨᠠᠯᠲᠠ ᠪᠠᠨ ᠠᠯᠳᠠᠵᠤ᠂ ᠬᠢᠲᠠᠳ ᠲᠤ ᠮᠢᠩ ᠤᠯᠤᠰ ᠪᠠᠶᠢᠭᠤᠯᠤᠭᠳᠠᠭᠰᠠᠨ᠃

ᠪᠠᠭ᠎ᠠ ᠨᠠᠰᠤ

1320 ᠤᠨ ᠳᠤ ᠬᠦᠰᠡᠯᠨ ᠬᠠᠭᠠᠨ ᠤ ᠭᠡᠷ ᠲᠦ ᠮᠠᠯᠠᠭᠠᠳᠠᠢ ᠬᠠᠲᠤᠨ ᠠᠴᠠ ᠲᠦᠷᠦᠭᠰᠡᠨ᠃ ᠬᠦᠰᠡᠯᠨ ᠬᠠᠭᠠᠨ ᠢ ᠨᠠᠰᠤ ᠪᠠᠷᠠᠭᠰᠠᠨ ᠤ ᠳᠠᠷᠠᠭ᠎ᠠ ᠲᠡᠭᠦᠨ ᠢ ᠬᠦᠰᠡᠯᠡᠨ ᠬᠠᠭᠠᠨ ᠤ ᠬᠦᠦ ᠪᠢᠰᠢ ᠭᠡᠰᠡᠨ ᠬᠤᠳᠠᠯ ᠴᠤᠤ ᠦᠭᠡ ᠶᠢ ᠲᠥᠪᠲᠡᠮᠦᠷ ᠬᠠᠭᠠᠨ ᠤ ᠲᠠᠯ᠎ᠠ ᠶᠢᠨ ᠬᠢᠨ ᠲᠠᠷᠠᠭᠠᠭᠰᠠᠨ ᠪᠠ ᠲᠡᠷᠡ ᠶᠠᠪᠤᠳᠠᠯ ᠠᠴᠠ ᠪᠣᠯᠵᠤ ᠲᠡᠭᠦᠨ ᠢ ᠡᠬᠢᠯᠡᠭᠡᠳ ᠰᠣᠯᠣᠩᠭᠣᠰ ᠤᠨ ᠴᠡᠵᠦ ᠠᠷᠠᠯ(大青岛)ᠤᠷᠤᠭᠤ᠂ ᠳᠠᠷᠠᠭ᠎ᠠ ᠨᠢ ᠭᠣᠸᠠᠩᠰᠢ (广西静江) ᠳᠤ ᠲᠤᠰ ᠲᠤᠰ ᠴᠥᠯᠡᠭᠰᠡᠨ ᠪᠠᠶᠢᠨ᠎ᠠ᠃ 1332 ᠤᠨ ᠳᠤ ᠲᠥᠪᠲᠡᠮᠦᠷ ᠬᠠᠭᠠᠨ ᠨᠠᠰᠤ ᠪᠠᠷᠠᠬᠤ ᠳᠤ ᠪᠠᠨ ᠲᠡᠭᠦᠨ ᠢ ᠦᠶ᠎ᠡ ᠵᠠᠯᠭᠠᠮᠵᠢᠯᠠᠭᠴᠢ ᠪᠠᠷ ᠨᠡᠷᠡᠯᠡᠭᠰᠡᠨ ᠪᠥᠭᠡᠳ ᠲᠡᠭᠦᠨ ᠢ ᠬᠦᠷᠦᠯᠴᠡᠨ ᠢᠷᠡᠵᠦ ᠬᠠᠭᠠᠨ ᠰᠢᠷᠡᠭᠡᠨ ᠳᠦ ᠰᠠᠭᠤᠬᠤ ᠬᠦᠷᠲᠡᠯᠡᠬᠢ ᠲᠦᠷ ᠬᠤᠭᠤᠴᠠᠭᠠᠨ ᠳᠤ ᠲᠡᠭᠦᠨ ᠦ ᠳᠡᠭᠦᠦ ᠷᠢᠨᠴᠢᠨᠪᠠᠯ ᠢ ᠬᠠᠭᠠᠨ ᠪᠣᠯᠭᠠᠭᠰᠠᠨ᠃ ᠲᠡᠭᠦᠨ ᠦ ᠳᠡᠭᠦᠦ ᠷᠢᠨᠴᠢᠨᠪᠠᠯ ᠢ ᠬᠣᠣᠷᠳᠠᠭᠤᠯᠵᠤ ᠬᠣᠷᠣᠭᠠᠭᠠᠳ 6 ᠰᠠᠷ᠎ᠠ ᠶᠢᠨ ᠳᠠᠷᠠᠭ᠎ᠠ ᠪᠤᠶᠤ 1333 ᠤᠨ ᠳᠤ ᠲᠣᠭᠠᠨᠲᠡᠮᠦᠷ ᠨᠡᠶᠢᠰᠯᠡᠯ ᠳᠦ ᠢᠷᠡᠭᠰᠡᠨ ᠲᠤᠯᠠ ᠲᠡᠷᠡ ᠪᠡᠷ ᠬᠠᠭᠠᠨ ᠰᠢᠷᠡᠭᠡᠨ ᠳᠦ ᠡᠷᠭᠦᠮᠵᠢᠯᠡᠭᠳᠡᠭᠰᠡᠨ᠃ (ᠪᠦᠷᠢᠨ ᠠᠭᠤᠯᠭ᠎ᠠ ᠶᠢ ᠤᠩᠰᠢᠬᠤ)

QR ᠺᠣᠳ᠋
QR ᠺᠣᠳ᠋

QR ᠺᠣᠳ᠋ ( Quick Response᠂ 《ᠲᠦᠷᠭᠡᠨ ᠬᠠᠷᠢᠭᠤᠯᠲᠠ》᠂ ᠵᠠᠬ᠎ᠠ ᠵᠡᠭᠡᠯᠢ ᠳᠦ ᠬᠡᠷᠡᠭᠯᠡᠬᠦ ᠨᠡᠷᠡᠰᠢᠯ ᠨᠢ QR ᠺᠣᠳ᠋) ᠨᠢ ᠮᠡᠳᠡᠭᠡᠯᠡᠯ ᠢ ᠮᠠᠰᠢᠨ ᠢᠶᠠᠷ ᠮᠠᠰᠢ ᠲᠦᠷᠭᠡᠨ ᠬᠤᠭᠤᠴᠠᠭᠠᠨ ᠳᠤ ᠣᠯᠬᠤ ᠪᠣᠯᠤᠨ ᠤᠩᠰᠢᠬᠤ ᠠᠷᠭ᠎ᠠ ᠪᠠᠷᠢᠯ ᠶᠤᠮ᠃ ᠲᠡᠭᠦᠨ ᠦ ᠠᠯᠳᠠᠭ᠎ᠠ ᠶᠢ ᠠᠦ᠋ᠲ᠋ᠣ᠋ ᠢᠶᠠᠷ ᠵᠠᠰᠠᠬᠤ ᠲᠧᠭᠨᠣᠯᠣᠭᠢ ᠨᠢ ᠮᠠᠰᠢ ᠨᠠᠶᠢᠳᠠᠪᠤᠷᠢᠲᠠᠢ ᠠᠵᠢᠯᠯᠠᠬᠤ ᠤᠴᠢᠷ ᠬᠡᠷᠡᠭᠯᠡᠭᠡ ᠨᠢ ᠶᠡᠬᠡᠬᠡᠨ ᠥᠷᠭᠡᠨ ᠲᠠᠷᠬᠠᠭᠰᠠᠨ ᠪᠠᠶᠢᠳᠠᠭ᠃ QR ᠺᠣᠳ᠋ ᠰᠢᠰᠲ᠋ᠧᠮ ᠨᠢ ᠬᠤᠷᠳᠤᠨ ᠤᠩᠰᠢᠬᠤ ᠳᠤ ᠬᠢᠯᠪᠠᠷ ᠪᠥᠭᠡᠳ ᠢᠯᠡᠭᠦᠦ ᠬᠠᠳᠠᠭᠠᠯᠠᠬᠤ ᠬᠦᠴᠦᠨ ᠴᠢᠳᠠᠯ ᠨᠢ ᠠᠦ᠋ᠲ᠋ᠣ᠋ ᠮᠠᠰᠢᠨ ᠤ ᠦᠢᠯᠡᠳᠪᠦᠷᠢᠯᠡᠯ ᠡᠴᠡ ᠢᠯᠡᠬᠦᠤ ᠠᠯᠳᠠᠷ ᠲᠠᠢ ᠪᠣᠯᠤᠭᠰᠠᠨ᠃ ᠡᠨᠡᠬᠦ ᠫᠷᠣᠭᠷᠠᠮ ᠨᠢ ᠪᠦᠲᠦᠭᠡᠭᠳᠡᠬᠦᠨ ᠬᠢᠨᠠᠬᠤ᠂ ᠡᠳ᠋ ᠲᠣᠳᠣᠷᠬᠠᠶᠢᠯᠠᠬᠤ᠂ ᠴᠠᠭ ᠬᠤᠭᠤᠴᠠᠭ᠎ᠠ ᠬᠢᠨᠠᠬᠤ᠂ ᠪᠠᠷᠢᠮᠲᠠ ᠪᠢᠴᠢᠭ ᠤᠳᠤᠷᠢᠳᠤᠯᠭ᠎ᠠ᠂ ᠶᠡᠷᠦᠩᠬᠡᠢ ᠬᠤᠳᠠᠯᠳᠤᠯᠭ᠎ᠠ ᠵᠡᠷᠭᠡ ᠵᠢ ᠪᠠᠭᠳᠠᠭᠠᠨ᠎ᠠ᠃ (ᠪᠦᠷᠢᠨ ᠠᠭᠤᠯᠭ᠎ᠠ ᠶᠢ ᠤᠩᠰᠢᠬᠤ)

 ᠨᠡᠭᠦᠷᠡᠰᠦ
ᠨᠡᠭᠦᠷᠡᠰᠦ

ᠨᠡᠭᠦᠷᠡᠰᠦ ᠨᠢ ᠬᠠᠷ᠎ᠠ ᠪᠤᠶᠤ ᠬᠠᠷ᠎ᠠ ᠬᠦᠷᠡᠩ ᠥᠩᠭᠡ ᠲᠡᠢ᠂ ᠠᠮᠠᠷᠬᠠᠨ ᠰᠢᠲᠠᠳᠠᠭ ᠨᠢᠭᠡᠨ ᠲᠥᠷᠥᠯ ᠦᠨ ᠲᠤᠨᠤᠮᠠᠯ ᠴᠢᠯᠠᠭᠤᠯᠢᠭ ᠶᠤᠮ᠃ ᠨᠡᠭᠦᠷᠡᠰᠦ ᠨᠢ ᠳᠡᠭᠡᠳᠦ ᠤᠷᠭᠤᠮᠠᠯ ᠤᠨ ᠦᠯᠡᠳᠡᠭᠳᠡᠯ ᠡᠴᠡ ᠡᠭᠦᠰᠬᠦ ᠪᠦᠭᠡᠳ ᠬᠦᠷᠡᠩ ᠨᠡᠭᠦᠷᠡᠰᠦᠴᠢᠯᠠᠭᠤᠨ ᠨᠡᠭᠦᠷᠡᠰᠦᠤᠲᠤᠭ᠎ ᠠ ᠦᠭᠡᠢ ᠨᠡᠭᠦᠷᠡᠰᠦ ᠭᠡᠰᠡᠨ ᠬᠡᠳᠦᠨ ᠲᠥᠷᠥᠯ ᠳᠦ ᠬᠤᠪᠢᠶᠠᠭᠳᠠᠨ᠎ᠠ᠃ ᠨᠡᠭᠦᠷᠡᠰᠦ ᠶᠢ ᠪᠦᠷᠢᠳᠦᠭᠦᠯᠦᠭᠴᠢ ᠦᠨᠳᠦᠰᠦᠨ ᠬᠢᠮᠢ ᠶᠢᠨ ᠡᠯᠧᠮᠧᠨᠲ ᠨᠢ ᠨᠡᠭᠦᠷᠡᠰᠦᠲᠥ᠋ᠷᠥᠭᠴᠢᠤᠰᠤᠲᠥ᠋ᠷᠦᠭᠴᠢ ᠪᠥᠭᠡᠳ᠂ ᠬᠦᠴᠢᠯᠲᠥᠷᠦᠭᠴᠢᠬᠦᠬᠦᠷᠠᠽᠣᠲ ᠵᠡᠷᠭᠡ ᠴᠦ ᠵᠢᠭᠠᠬᠠᠨ ᠬᠡᠮᠵᠢᠶ᠎ᠡ ᠪᠡᠷ ᠠᠭᠤᠯᠤᠭᠳᠠᠨ᠎ᠠ᠃ ᠨᠡᠭᠦᠷᠡᠰᠦ ᠨᠢ ᠡᠨᠧᠷᠭᠢ ᠶᠢᠨ ᠦᠨᠳᠦᠰᠦᠨ ᠡᠬᠢ ᠡᠭᠦᠰᠪᠦᠷᠢ ᠪᠥᠭᠡᠳ ᠨᠡᠭᠦᠷᠡᠰᠦ ᠶᠢ ᠢᠯᠡ ᠪᠣᠯᠤᠨ ᠳᠠᠯᠳᠠ ᠠᠭᠤᠷᠬᠠᠢ ᠪᠠᠷ ᠠᠰᠢᠭᠯᠠᠨ᠎ᠠ᠃ ᠨᠡᠭᠦᠷᠡᠰᠦ ᠨᠢ ᠳᠡᠯᠡᠬᠡᠢ ᠶᠢᠨ ᠬᠡᠮᠵᠢᠶᠡᠨ ᠳᠦ ᠴᠠᠬᠢᠯᠭᠠᠨ ᠡᠨᠧᠷᠭᠢ ᠭᠠᠷᠭᠠᠨ ᠠᠪᠬᠤ ᠬᠠᠮᠤᠭ ᠤᠨ ᠭᠣᠣᠯ ᠲᠦᠭᠦᠬᠡᠢ ᠡᠳ᠋ ᠪᠥᠭᠡᠳ ᠮᠥᠨ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠤᠨ ᠭᠣᠣᠯ ᠡᠭᠦᠰᠪᠦᠷᠢ ᠪᠣᠯᠵᠤ᠂ ᠲᠡᠷᠡ ᠨᠢ ᠬᠦᠯᠡᠮᠵᠢ ᠶᠢᠨ ᠬᠡᠢ ᠪᠥᠭᠡᠳ ᠴᠠᠭ ᠠᠭᠤᠷ ᠤᠨ ᠥᠭᠡᠷᠡᠴᠢᠯᠡᠯᠲᠡ᠂ ᠳᠡᠯᠡᠬᠡᠢ ᠶᠢᠨ ᠪᠦᠮᠪᠦᠷᠴᠡᠭ ᠤᠨ ᠳᠤᠯᠠᠭᠠᠷᠠᠯ ᠤᠨ ᠭᠣᠣᠯ ᠰᠢᠯᠲᠠᠭᠠᠨ ᠭᠡᠵᠦ ᠦᠵᠡᠵᠦ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)


ᠴᠢᠩᠭᠢᠰ ᠬᠠᠭᠠᠨ
ᠴᠢᠩᠭᠢᠰ ᠬᠠᠭᠠᠨ

ᠶᠡᠬᠡ ᠡᠵᠡᠨ ᠪᠣᠭᠳᠠ ᠴᠢᠩᠭᠢᠰ ᠬᠠᠭᠠᠨ  (~1162 - 1227 ᠤᠨ ᠤ 8 ᠰᠠᠷ᠎ᠠ ᠶᠢᠨ 18) 1206 ᠤᠨ ᠳᠤ ᠮᠣᠩᠭᠣᠯ ᠠᠶᠢᠮᠠᠭ ᠤᠳ ᠢ ᠨᠢᠭᠡᠳᠬᠡᠵᠦ ᠶᠡᠬᠡ ᠮᠣᠩᠭᠣᠯ ᠤᠯᠤᠰ ᠪᠤᠶᠤ ᠮᠣᠩᠭᠣᠯ ᠤᠨ ᠡᠵᠡᠨᠲᠦ ᠭᠦᠷᠦᠨ ᠢ ᠪᠠᠶᠢᠭᠤᠯᠤᠭᠰᠠᠨ ᠮᠣᠩᠭᠣᠯ ᠤᠨ ᠬᠠᠭᠠᠨ ᠪᠠᠶᠢᠪᠠ᠃ ᠬᠢᠶᠠᠳ ᠪᠣᠷᠵᠢᠭᠢᠨ ᠶᠡᠰᠦᠭᠡᠢ ᠶᠢᠨ ᠲᠡᠮᠦᠵᠢᠨ ᠭᠡᠳᠡᠭ ᠨᠡᠷ᠎ᠡ ᠲᠡᠢ ᠪᠡᠷ ᠪᠣᠷᠵᠢᠭᠢᠨ ᠣᠪᠣᠭᠲᠤ ᠲᠦᠷᠦᠭᠰᠡᠨ ᠲᠡᠷᠡ ᠪᠡᠷ ᠲᠡᠦᠬᠡᠨ ᠳ᠋ᠡᠬᠢ ᠬᠠᠮᠤᠭ ᠤᠨ ᠭᠠᠷᠮᠠᠭᠠᠢ ᠤᠯᠤᠰ ᠲᠥᠷᠤᠴᠢᠨ ᠪᠠ ᠴᠡᠷᠢᠭ ᠦᠨ ᠤᠳᠤᠷᠢᠳᠤᠭᠴᠢᠳ ᠤᠨ ᠨᠢᠭᠡ ᠪᠣᠯᠤᠭᠰᠠᠨ ᠶᠤᠮ ᠃ ᠶᠡᠬᠡ ᠮᠣᠩᠭᠣᠯ ᠤᠯᠤᠰ ᠢ ᠪᠠᠶᠢᠭᠤᠯᠤᠭᠰᠠᠨ ᠤ ᠳᠠᠷᠠᠭ᠎ᠠ ᠲᠡᠷᠡᠪᠡᠷ ᠠᠮᠢᠳᠤᠷᠠᠯ ᠤᠨ ᠢᠶᠠᠨ ᠶᠠᠪᠤᠴᠠ ᠳᠤ ᠠᠽᠢᠶ᠎ᠠ᠂ ᠧᠦ᠋ᠷᠣᠫᠠ ᠶᠢᠨ ᠶᠡᠬᠡᠩᠬᠢ ᠨᠤᠲᠤᠭ ᠳᠡᠪᠢᠰᠬᠡᠷ ᠢ ᠡᠵᠡᠯᠡᠭᠰᠡᠨ ᠪᠥᠭᠡᠳ ᠬᠠᠷᠢᠨ ᠲᠡᠭᠦᠨ ᠦ ᠦᠷ᠎ᠡ ᠬᠡᠦᠬᠡᠳ ᠦᠳ ᠡᠭᠦᠨ ᠢ ᠨᠢ ᠦᠷᠭᠦᠯᠵᠢᠯᠡᠭᠦᠯᠵᠦ᠂ ᠲᠤᠬᠠᠢ ᠶᠢᠨ ᠦᠶ᠎ᠡ ᠳᠦ ᠰᠤᠶᠤᠯ ᠢᠷᠭᠡᠨᠰᠢᠯ ᠳᠦ ᠬᠦᠮᠦᠨ ᠲᠥᠷᠥᠯᠬᠢᠲᠡᠨ ᠳᠦ ᠨᠡᠭᠡᠭᠡᠭᠳᠡᠭᠡᠳ ᠪᠠᠶᠢᠭᠰᠠᠨ ᠳᠡᠯᠡᠬᠡᠢ ᠶᠢᠨ ᠬᠠᠭᠤᠷᠠᠢ ᠭᠠᠵᠠᠷ ᠢ ᠪᠠᠷᠤᠭ ᠪᠦᠬᠦᠯᠢ ᠳᠦ ᠨᠢ ᠡᠵᠡᠯᠡᠭᠰᠡᠨ ᠪᠠᠶᠢᠨ᠎ᠠ᠃ ᠴᠢᠩᠭᠢᠰ ᠬᠠᠭᠠᠨ ᠲᠠᠩᠨᠤᠳ ᠢ ᠡᠵᠡᠯᠡᠭᠰᠡᠨ ᠦ ᠳᠠᠷᠠᠭ᠎ᠠ 1227 ᠤᠨ ᠳᠤ ᠨᠠᠰᠤ ᠪᠠᠷᠠᠵᠠᠢ᠃ ᠲᠡᠭᠦᠨ ᠦ ᠣᠷᠣᠰᠢᠭᠤᠯᠤᠭᠳᠠᠭᠰᠠᠨ ᠭᠠᠵᠠᠷ ᠨᠢ ᠣᠳᠣ ᠬᠦᠷᠲᠡᠯ᠎ᠡ ᠣᠯᠳᠠᠭ᠎ᠠ ᠦᠭᠡᠢ ᠪᠣᠯᠤᠨ᠎ᠠ᠃ ᠴᠢᠩᠭᠢᠰ ᠦᠨ ᠦᠷ᠎ᠡ ᠤᠳᠤᠮ ᠥᠨᠥ ᠶᠢᠨ ᠬᠢᠲᠠᠳ᠂ ᠰᠣᠯᠣᠩᠭᠣᠰ᠂ ᠺᠠᠸᠬᠠᠰ᠂ ᠲᠥᠪ ᠠᠽᠢᠶ᠎ᠠ ᠶᠢᠨ ᠣᠷᠣᠨ ᠨᠤᠭᠤᠳ᠂ ᠮᠥᠨ ᠥᠨᠥ ᠶᠢᠨ ᠣᠷᠣᠰ᠂ ᠵᠡᠭᠦᠨ ᠧᠦ᠋ᠷᠣᠫᠠ᠂ ᠣᠶᠢᠷᠠᠬᠢ ᠳᠣᠷᠣᠨᠠᠲᠤ ᠶᠢᠨ ᠵᠠᠷᠢᠮ ᠬᠡᠰᠡᠭ ᠦᠳ ᠢ ᠡᠵᠡᠯᠡᠭᠰᠡᠨ ᠪᠤᠶᠤ ᠲᠦᠰᠢᠮᠡᠭ ᠤᠯᠤᠰ ᠤᠳ ᠢᠶᠠᠨ ᠪᠣᠯᠭᠠᠭᠰᠠᠨ ᠠᠵᠢ᠃ (ᠪᠦᠷᠢᠨ ᠠᠭᠤᠯᠭ᠎ᠠ ᠶᠢ ᠤᠩᠰᠢᠬᠤ)


ᠡᠯᠢᠭᠡᠨ ᠲᠠᠩ
ᠡᠯᠢᠭᠡᠨ ᠲᠠᠩ

ᠡᠯᠢᠭᠡᠨ ᠲᠠᠩ᠎(额力根汤) ᠲᠤᠰ ᠨᠠᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ᠡᠭᠦᠨ  ᠳᠦ ᠡᠯᠢᠭᠡᠨ ᠬᠠᠯᠠᠭᠤᠨ  ᠢ ᠠᠷᠢᠯᠭᠠᠬᠤ᠂ ᠮᠠᠬᠠᠪᠤᠳ  ᠢ ᠲᠡᠭᠰᠢᠳᠭᠡᠬᠦ ᠬᠠᠳᠠᠨ ᠬᠠᠢᠯᠤᠮᠠᠯ  ᠢᠶᠠᠷ ᠭᠤᠤᠯᠯᠠᠭᠴᠢ ᠡᠮ ᠪᠤᠯᠭᠠᠵᠤ ᠭᠠᠰᠢᠭᠤᠨ ᠠᠮᠲᠠ᠂ ᠰᠡᠷᠢᠭᠦᠨ ᠴᠢᠨᠠᠷ᠂ ᠡᠯᠢᠭᠡᠨ ᠬᠠᠯᠠᠭᠤᠨ  ᠢ ᠠᠷᠢᠯᠭᠠᠬᠤ ᠪᠠᠯᠸᠭ᠎᠎ᠠ ᠪᠡᠷ ᠳᠡᠳ᠋ᠯᠡᠭᠦᠯᠵᠦ᠂ ᠰᠢᠷ᠎ᠠ  ᠶᠢ ᠳᠠᠷᠤᠬᠤ ᠰᠤᠳᠠᠯ  ᠤᠨ ᠰᠦᠪᠡ  ᠶᠢ ᠪᠤᠭᠤᠬᠤ ᠪᠠᠭᠠᠪᠠᠭᠠᠢ  ᠶᠢᠨ ᠰᠦᠰᠦ  ᠶᠢ ᠃ ᠬᠤᠤᠷ   ᠢ ᠲᠠᠢᠯᠵᠤ᠂ ᠮᠠᠬᠠᠪᠤᠳ  ᠢ ᠲᠡᠭᠰᠢᠳᠭᠡᠬᠦ ᠠᠷᠤᠷ᠎ᠠ  ᠶᠢ ᠃ ᠡᠯᠢᠭᠡᠨ ᠴᠢᠰᠤᠨ ᠬᠠᠯᠠᠭᠤᠨ  ᠢ ᠠᠷᠢᠯᠭᠠᠬᠤ  ᠳᠤ ᠭᠦᠷᠭᠦᠮ ᠂ ᠭᠤᠶᠤ ᠪᠠᠱᠠᠭ᠎ᠠ᠂ ᠵᠦᠷᠦᠷ᠎ᠡ  ᠶᠢ ᠪᠠᠳ᠌ᠭᠠᠨ ᠰᠢᠷ᠎ᠠ  ᠶᠢ ᠠᠷᠢᠯᠭᠠᠵᠤ᠂ ᠰᠢᠷ᠎ᠠ ᠤᠰᠤ  ᠶᠢ ᠬᠠᠲᠠᠭᠠᠬᠤ  ᠳᠤ ᠪᠠᠷᠤᠷ᠎ᠠ  ᠶᠢ ᠬᠠᠪᠰᠤᠷᠭᠠᠵᠤ ᠬᠦᠯ ᠪᠤᠯᠭᠠᠭᠰᠠᠨ ᠲᠤᠯᠠ ᠡᠯᠢᠭᠡᠨ  ᠦ ᠬᠠᠯᠠᠭᠤᠨ ᠴᠢᠨᠠᠷ ᠲᠠᠢ ᠡᠪᠡᠳᠴᠢᠨ  ᠳᠦ ᠲᠤᠰᠠᠲᠠᠢ ᠨᠠᠢᠷᠠᠯᠭ᠎ᠠ  ᠶᠢᠨ ᠴᠢᠳᠠᠯ ᠪᠦᠷᠢᠳᠴᠡᠢ᠃ (ᠪᠦᠷᠢᠨ ᠠᠭᠤᠯᠭ᠎ᠠ ᠶᠢ ᠤᠩᠰᠢᠬᠤ)


ᠴᠠᠭᠠᠨ ᠮᠥᠭᠥ
ᠴᠠᠭᠠᠨ ᠮᠥᠭᠥ

ᠴᠠᠭᠠᠨ ᠮᠥᠭᠥ ᠨᠢ ᠰᠠᠯᠪᠠᠩᠲᠤ ᠮᠥᠭᠦᠨ ᠦ ᠣᠪᠣᠭ ᠲᠤ ᠬᠠᠷᠢᠶᠠᠯᠠᠭᠳᠠᠬᠤ ᠬᠠᠮᠤᠭ ᠤᠨ ᠶᠡᠬᠡ ᠲᠠᠷᠬᠠᠭᠰᠠᠨ ᠲᠡᠵᠢᠭᠡᠯᠯᠢᠭ ᠴᠢᠨᠠᠷ ᠢᠶᠠᠷ ᠢᠶᠠᠨ ᠨᠡᠯᠢᠶᠡᠳ ᠦᠨᠳᠦᠷ ᠦᠨᠡᠯᠡᠭᠳᠡᠳᠡᠭ ᠰᠠᠶᠢᠨ ᠴᠢᠨᠠᠷ ᠤᠨ ᠤᠷᠭᠤᠮᠠᠯ ᠶᠤᠮ᠃ ᠴᠠᠭᠠᠨ ᠮᠥᠭᠦᠨ ᠦ ᠮᠠᠯᠠᠭᠠᠢ ᠶᠢᠨ ᠣᠷᠣᠢ ᠨᠢ ᠴᠠᠭᠠᠨ᠂ ᠲᠣᠮᠣᠷᠠᠭᠰᠠᠨ ᠦᠶ ᠡ ᠳᠤ ᠭᠣᠣᠯᠴᠢ ᠪᠠᠷ ᠢᠶᠠᠨ 6-19 ᠰᠠᠨᠲ᠋ᠢᠮᠧᠲ᠋ᠷ᠂ ᠵᠠᠷᠢᠮ ᠨᠢ 21 ᠰᠠᠨᠲ᠋ᠢᠮᠧᠲ᠋ᠷ ᠴᠤ ᠪᠠᠶᠢᠳᠠᠭ᠃ ᠰᠢᠯᠪᠢ ᠨᠢ ᠰᠠᠭᠤᠷᠢ ᠤᠷᠤᠭᠤ ᠪᠠᠨ ᠪᠦᠳᠦᠭᠦᠷᠡᠭᠰᠡᠨ ᠪᠣᠭᠢᠨᠢᠪᠲᠤᠷ᠂ ᠮᠠᠯᠠᠭᠠᠢ ᠲᠠᠢ ᠪᠠᠨ ᠪᠠᠲᠤ ᠪᠡᠬᠢᠯᠡᠭᠳᠡᠭᠰᠡᠨ᠂ ᠮᠠᠯᠠᠭᠠᠢ ᠲᠠᠢ ᠪᠠᠨ ᠠᠳᠠᠯᠢ ᠴᠠᠭᠠᠨ ᠥᠩᠭᠡᠲᠡᠢ ᠪᠠᠶᠢᠳᠠᠭ᠃ ᠳᠣᠤᠷᠠᠳᠤ ᠲᠠᠯ᠎ᠠ ᠪᠤᠶᠤ ᠰᠫᠣᠷ ᠪᠦᠬᠦᠢ ᠳᠠᠪᠬᠤᠷᠭ᠎ᠠ ᠨᠢ ᠴᠠᠭᠠᠨ ᠥᠩᠭᠡ ᠶᠢᠨ ᠰᠠᠯᠪᠠᠩᠭ᠎ᠠ ᠨᠤᠭᠤᠳ ᠠᠴᠠ ᠲᠣᠭᠲᠠᠨ᠎ᠠ᠃ 6 ᠳ᠋ᠤᠭᠠᠷ ᠰᠠᠷ᠎ᠠ ᠠᠴᠠ 9-10 ᠳ᠋ᠤᠭᠠᠷ ᠰᠠᠷ᠎ᠠ ᠬᠦᠷᠲᠡᠯ᠎ᠡ ᠤᠷᠭᠤᠳᠠᠭ᠃ (ᠪᠦᠷᠢᠨ ᠠᠭᠤᠯᠭ᠎ᠠ ᠶᠢ ᠤᠩᠰᠢᠬᠤ)


ᠪᠠᠶᠠᠨ ᠠᠭᠤᠯᠠ ᠪᠠᠯᠭᠠᠰᠤ
ᠪᠠᠶᠠᠨ ᠠᠭᠤᠯᠠ ᠪᠠᠯᠭᠠᠰᠤ

ᠪᠠᠶᠠᠨ ᠠᠭᠤᠯᠠ ᠪᠠᠯᠭᠠᠰᠤ ᠭᠠᠵᠠᠷ ᠣᠷᠣᠨ ᠤ ᠪᠠᠷᠢᠮᠵᠢᠶ᠎ᠠ ᠪᠢᠴᠢᠯᠭᠡ ᠨᠢ ᠪᠠᠶᠠᠨ᠋ᠠᠭᠤᠯᠠ᠃ ᠵᠡᠭᠦᠨ ᠤᠷᠲᠤᠷᠢᠭ ᠤᠨ118°51′30″--118°54′30″ᠤᠮᠠᠷᠠᠳᠤ ᠦᠷᠭᠡᠷᠢᠭ ᠤᠨ 43°26′00″--44°27′30″。᠃ ᠪᠠᠶᠠᠨ᠋ᠠᠭᠤᠯᠠ ᠨᠤᠲᠤᠭ ᠨᠢ ᠪᠠᠭᠠᠷᠢᠨ ᠵᠡᠭᠦᠨ ᠬᠤᠰᠢᠭᠤᠨ  ᠤ ᠬᠣᠢᠨ᠎ᠠ ᠵᠠᠬ᠎ᠠ ᠳ᠋ᠤ ᠬᠤᠰᠢᠭᠤᠨ ᠲᠥᠪ ᠯᠢᠨᠳ᠋ᠦ᠋ᠩ ᠪᠠᠯᠭᠠᠰᠤᠨ ᠡᠴᠡ 60 ᠺᠢᠯᠣᠮᠧᠲ᠋ᠷ ᠵᠠᠢᠳᠠᠢ ᠪᠠᠢᠷᠢᠰᠢᠵᠤ ᠪᠠᠢᠭ᠎ᠠ ᠬᠠᠭᠠᠰ ᠮᠠᠯᠵᠢᠬᠤ ᠬᠠᠭᠠᠰ ᠲᠠᠷᠢᠶᠠᠯᠠᠬᠤ ᠣᠷᠣᠨ ᠶᠤᠮ᠃ ᠵᠡᠭᠦᠨᠰᠢ ᠪᠠᠷᠠᠭᠤᠨᠰᠢ ᠪᠠᠨ 66 ᠺᠢᠯᠣᠮᠧᠲ᠋ᠷ᠂ᠡᠮᠦᠨᠡᠰᠢ ᠤᠮᠠᠷᠠᠰᠢ ᠪᠠᠨ 25 ᠺᠢᠯᠣᠮᠧᠲ᠋ᠷ ᠂ᠪᠦᠬᠦ ᠲᠠᠯᠠᠪᠠᠢ 265 ᠲᠡᠭᠰᠢ ᠳᠥᠷᠪᠡᠯᠵᠢᠨ ᠺᠢᠯᠣᠮᠧᠲ᠋ᠷ᠃ᠬᠣᠢᠲᠤ ᠲᠠᠯ᠎ᠠ ᠪᠠᠷ  ᠢᠶᠡᠨ ᠰᠢᠯᠢ ᠢᠢᠨ ᠭᠣᠣᠯ ᠠᠢᠮᠠᠭ ᠤᠨ ᠪᠠᠷᠠᠭᠤᠨ ᠦᠵᠦᠮᠦᠴᠢᠨ ᠬᠤᠰᠢᠭᠤ ᠲᠠᠢ ᠬᠦᠷᠰᠢᠯᠡᠵᠦ᠂ᠪᠠᠷᠠᠭᠤᠨ ᠲᠠᠯ᠎ᠠ ᠪᠠᠷ  ᠢᠶᠡᠨ ᠪᠠᠭᠠᠷᠢᠨ ᠪᠠᠷᠠᠭᠤᠨ ᠬᠤᠰᠢᠭᠤᠨ ᠤ ᠵᠢᠷᠭᠠᠯ ᠵᠠᠮ ᠰᠤᠮᠤ ᠲᠠᠢ ᠵᠠᠯᠭᠠᠯᠳᠤᠨ᠂ ᠡᠮᠦᠨ᠎ᠡ ᠲᠠᠯ᠎ᠠ ᠪᠡᠷ  ᠢᠶᠡᠨ ᠬᠠᠷᠠᠬᠠᠳᠠ ᠰᠢᠶᠠᠩ᠂ ᠪᠢᠯᠡᠭᠦᠦᠲᠡᠢ ᠪᠠᠯᠭᠠᠰᠤ ᠲᠠᠢ ᠵᠠᠬ᠎ᠠ ᠨᠡᠢᠯᠡᠵᠦ᠂ ᠵᠡᠭᠦᠨ ᠲᠠᠯ᠎ᠠ ᠪᠠᠷ  ᠢᠶᠡᠨ ᠪᠢᠯᠡᠭᠦᠦᠲᠠᠢ ᠪᠠᠯᠭᠠᠰᠤ᠂ ᠬᠦᠬᠦᠭᠡ ᠪᠠᠯᠭᠠᠰᠤ(ᠹᠦ᠋ ᠾᠧ) ᠲᠠᠢ ᠬᠢᠯᠢ ᠨᠡᠢᠯᠡᠨ ᠂ ᠬᠣᠢᠨ᠎ᠠ ᠪᠠᠷ  ᠢᠶᠠᠨ ᠡᠷᠳᠡᠨᠢ ᠡᠪᠦᠷᠯᠡᠭᠰᠡᠨ ᠪᠠᠶᠠᠨ ᠬᠠᠢᠷᠬᠠᠨ ᠢ ᠲᠦᠰᠢᠵᠦ᠂ ᠡᠮᠦᠨ᠎ᠡ ᠪᠡᠨ ᠤᠰᠤᠨ ᠲᠦᠷᠦᠭᠦᠦ ᠬᠠᠨ ᠠᠭᠤᠯᠠ  ᠢᠢ ᠢᠰᠭᠦᠯᠵᠦ᠂ᠪᠠᠷᠠᠭᠤᠨ᠂ ᠵᠡᠭᠦᠨ ᠲᠠᠯ᠎ᠠ ᠪᠠᠷ  ᠢᠶᠠᠨ ᠪᠠᠭᠠᠷᠢᠨ ᠰᠠᠢᠬᠠᠨ ᠬᠠᠨ ᠠᠭᠤᠯᠠ ᠪᠣᠯᠣᠨ ᠬᠥᠬᠡ ᠨᠢᠷᠤᠭᠤ ᠬᠠᠨ ᠢᠶᠠᠷ ᠬᠦᠷᠢᠶᠡᠯᠡᠭᠳᠡᠭᠰᠡᠨ ᠠᠭᠤᠯᠠᠷᠬᠠᠭ ᠣᠷᠣᠨ ᠶᠤᠮ᠃ ᠮᠣᠩᠭᠣᠯ ᠦᠨᠳᠦᠰᠦᠲᠡᠨ ᠢᠶᠡᠷ ᠭᠣᠣᠯ ᠪᠣᠯᠭᠠᠨ ᠬᠢᠲᠠᠳ᠂ᠮᠠᠨᠵᠤ᠂ᠰᠢᠪᠡᠭᠡ ᠵᠡᠷᠭᠡ ᠦᠨᠳᠦᠰᠦᠲᠡᠨ ᠲᠠᠢ᠃ (ᠪᠦᠷᠢᠨ ᠠᠭᠤᠯᠭ᠎ᠠ ᠶᠢ ᠤᠩᠰᠢᠬᠤ)

ᠰᠢᠯᠦᠭᠦᠰᠦ
ᠰᠢᠯᠦᠭᠦᠰᠦ

ᠰᠢᠯᠦᠭᠦᠰᠦ ᠪᠣᠭᠣᠨᠢ ᠰᠡᠭᠦᠯ ᠲᠡᠢ᠂ ᠴᠢᠬᠢᠨ ᠦ ᠪᠡᠨ ᠦᠵᠦᠭᠦᠷ ᠲᠦ ᠲᠤᠭ ᠬᠠᠷ᠎ᠠ ᠦᠰᠦ ᠲᠡᠢ ᠪᠠᠶᠢᠳᠠᠭ ᠢᠶᠠᠷ ᠢᠶᠠᠨ ᠥᠪᠡᠷᠮᠢᠴᠡ᠃ ᠬᠦᠵᠦᠭᠦᠨ ᠦ ᠪᠡᠨ ᠳᠣᠣᠷ᠎ᠠ ᠵᠠᠩᠭᠢᠶ᠎ᠠ ᠰᠢᠭ ᠬᠠᠷᠠᠭᠳᠠᠳᠠᠭ ᠥᠷᠦᠪᠯᠡᠭ ᠲᠡᠢ᠃ ᠲᠣᠮᠣ ᠬᠠᠪᠲᠠᠭᠠᠢ ᠲᠠᠪᠠᠬᠠᠢ ᠲᠠᠢ ᠪᠠᠶᠢᠳᠠᠭ ᠨᠢ ᠴᠠᠰᠤᠨ ᠳᠡᠭᠡᠷ᠎ᠡ ᠶᠠᠪᠤᠬᠤ ᠳᠤ ᠵᠣᠬᠢᠮᠵᠢᠲᠠᠢ ᠪᠥᠭᠡᠳ ᠨᠢᠭᠤᠷ ᠳᠦ ᠪᠡᠨ ᠤᠷᠲᠤ ᠰᠠᠬᠠᠯ ᠲᠠᠢ᠃ ᠪᠡᠶ᠎ᠡ ᠶᠢᠨ ᠥᠩᠭᠡ ᠳᠤᠮᠳᠠ ᠵᠡᠷᠭᠡ ᠶᠢᠨ᠂ ᠠᠯᠲᠠᠯᠢᠭ᠂ ᠬᠤᠯᠠ ᠬᠤᠸᠠ ᠴᠠᠭᠠᠨ ᠥᠩᠭᠡ ᠲᠡᠢ᠂ ᠬᠠᠶᠠ ᠢᠯᠠᠩᠭᠤᠶ᠎ᠠ ᠮᠥᠴᠢᠨ ᠳᠡᠭᠡᠷ᠎ᠡ ᠪᠡᠨ ᠪᠠᠷᠠᠭᠠᠨ ᠬᠦᠷᠡᠩ ᠲᠣᠯᠪᠣ ᠲᠠᠢ᠃ ᠰᠢᠯᠦᠭᠦᠰᠦ ᠶᠢᠨ ᠪᠦᠬᠦ ᠵᠦᠢᠯ ᠴᠡᠭᠡᠵᠢ᠂ ᠭᠡᠳᠡᠰᠦ᠂ ᠬᠥᠯ ᠤᠨ ᠢᠶᠡᠨ ᠳᠣᠲᠣᠷ ᠲᠠᠯ᠎ᠠ ᠳᠤ ᠴᠠᠭᠠᠨ ᠦᠰᠦᠲᠡᠢ᠃ ᠮᠥᠨ ᠰᠢᠯᠦᠭᠦᠰᠦ ᠶᠢᠨ ᠥᠩᠭᠡ᠂ ᠦᠰᠦᠨ ᠦ ᠤᠷᠲᠤ᠂ ᠲᠠᠪᠠᠭ ᠤᠨ ᠬᠡᠮᠵᠢᠶ᠎ᠡ ᠴᠠᠭ ᠠᠭᠤᠷ ᠤᠨ ᠪᠥᠰᠡ ᠡᠴᠡ ᠬᠠᠮᠢᠶᠠᠷᠤᠨ ᠥᠭᠡᠷ᠎ᠡ ᠥᠭᠡᠷ᠎ᠡ ᠪᠠᠶᠢᠨ᠎ᠠ᠃ ᠪᠠᠷᠠᠭᠤᠨ ᠡᠮᠦᠨᠡᠲᠦ ᠠᠮᠧᠷᠢᠺᠠ ᠶᠢᠨ ᠨᠢᠭᠡᠳᠦᠭᠰᠡᠨ ᠤᠯᠤᠰ ᠳᠦ ᠦᠰᠦ ᠨᠢ ᠪᠣᠭᠣᠨᠢ᠂ ᠥᠩᠭᠡ ᠨᠢ ᠪᠠᠷᠠᠭᠠᠨ᠂ ᠲᠠᠪᠠᠬᠠᠢ ᠨᠢ ᠵᠢᠵᠢᠭ ᠪᠠᠶᠢᠳᠠᠭ ᠪᠣᠯ ᠤᠮᠠᠷᠠᠳᠤ ᠶᠢᠨ ᠬᠦᠢᠲᠡᠨ ᠴᠠᠭ ᠠᠭᠤᠷ ᠲᠠᠢ ᠭᠠᠵᠠᠷ ᠤᠨ ᠰᠢᠯᠦᠭᠦᠰᠦ ᠶᠢᠨ ᠦᠰᠦ ᠥᠳᠬᠡᠨ᠂ ᠥᠩᠭᠡ ᠨᠢ ᠴᠠᠶᠢᠪᠤᠷ (ᠬᠠᠷᠠᠭᠳᠠᠬᠤ ᠦᠭᠡᠢ ᠪᠠᠶᠢᠬᠤ), ᠲᠠᠪᠠᠬᠠᠢ ᠨᠢ ᠥᠷᠭᠡᠨ ᠪᠣᠯᠳᠠᠭ᠃ ᠪᠤᠰᠤᠳ ᠮᠤᠤᠷ ᠤᠨ ᠣᠪᠤᠭ ᠤᠨ ᠠᠮᠢᠲᠠᠳ ᠢ ᠪᠣᠳᠣᠪᠠᠯ ᠰᠢᠯᠦᠭᠦᠰᠦ ᠪᠠᠶᠢᠭᠠᠯᠢ ᠳᠤ ᠤᠷᠤᠰᠢᠬᠤ ᠦᠶ᠎ᠡ ᠳ᠋ᠦ ᠪᠡᠨ ᠠᠮᠢᠲᠠᠨ᠂ ᠬᠦᠮᠦᠨ ᠳ᠋ᠦ ᠠᠶᠤᠯ ᠲᠠᠢ ᠠᠮᠢᠲᠠᠨ ᠪᠣᠯᠪᠠᠴᠤ ᠭᠠᠷᠰᠢᠭᠤᠯᠤᠭᠰᠠᠨ ᠲᠣᠬᠢᠶᠠᠯᠳᠤᠯ ᠳᠤ ᠭᠡᠷ ᠦᠨ ᠮᠤᠤᠷ ᠰᠢᠭ ᠳᠠᠰᠤᠳᠠᠭ ᠠᠵᠡᠢ᠃ (ᠪᠦᠷᠢᠨ ᠠᠭᠤᠯᠭ᠎ᠠ ᠶᠢ ᠤᠩᠰᠢᠬᠤ)

ᠤᠬᠠᠭᠠᠯᠢᠭ ᠰᠺᠦ᠋ᠲ᠋ᠧᠷ
ᠤᠬᠠᠭᠠᠯᠢᠭ ᠰᠺᠦ᠋ᠲ᠋ᠧᠷ

《Skateboard》 ᠪᠣᠯᠤᠨ ᠲᠠᠨᠭᠴᠡᠬᠦᠷᠢ ᠪᠡᠨ ᠬᠠᠳᠠᠭᠠᠯᠠᠭᠴᠢ ᠰᠺᠦ᠋ᠲ᠋ᠧᠷ ᠦᠨ ᠬᠣᠯᠢᠮᠠᠭ ᠲᠤᠰ ᠰᠺᠦ᠋ᠲ᠋ᠧᠷ ᠢ 《Hoverboard》 ᠰᠺᠦ᠋ᠲ᠋ᠧᠷ ᠪᠤᠶᠤ ᠨᠢᠰᠳᠡᠭ ᠲᠠᠪᠴᠠᠩ ᠭᠡᠵᠦ ᠨᠡᠷᠡᠯᠡᠭᠡᠳ ᠪᠠᠶᠢᠭ᠎ᠠ ᠶᠤᠮ᠃ ᠭᠡᠬᠦ ᠳᠦ ᠪᠡᠨ ᠶᠠᠭ ᠴᠤ ᠨᠢᠰᠳᠡᠭ ᠦᠭᠡᠢ ᠯᠠ ᠳ᠋ᠡ᠃ ᠬᠦᠮᠦᠨ ᠳᠡᠭᠡᠷ᠎ᠡ ᠨᠢ ᠭᠠᠷᠴᠤ ᠵᠣᠭᠰᠣᠮᠠᠭᠴᠠ ᠰᠺᠦ᠋ᠲ᠋ᠧᠷ ᠭᠢᠰᠬᠢᠭᠦᠷ ᠳᠣᠣᠷᠠᠬᠢ ᠬᠣᠶᠠᠷ ᠴᠠᠬᠢᠯᠭᠠᠨ ᠭᠢᠷᠣᠰᠺᠣᠫ ᠢᠶᠠᠷ ᠲᠠᠨᠭᠴᠡᠬᠦᠷᠢ ᠪᠡᠨ ᠣᠯᠬᠤ ᠪᠥᠭᠡᠳ ᠵᠢᠯᠤᠭᠤᠳᠤᠭᠴᠢ ᠪᠡᠶ᠎ᠡ ᠶᠢᠨ ᠢᠶᠡᠨ ᠵᠢᠩ ᠢ ᠲᠣᠬᠢᠷᠠᠮᠵᠢᠲᠠᠢ ᠬᠡᠮᠵᠢᠶ᠎ᠡ ᠪᠡᠷ ᠬᠠᠵᠠᠶᠢᠯᠭᠠᠨ ᠤᠷᠤᠭᠰᠢ᠂ ᠬᠣᠶᠢᠰᠢ᠂ ᠲᠣᠭᠣᠷᠢᠭ ᠬᠡᠯᠪᠡᠷᠢ ᠪᠡᠷ ᠬᠥᠳᠡᠯᠵᠦ ᠪᠣᠯᠳᠠᠭ ᠭᠠᠶᠢᠬᠠᠯᠲᠠᠢ ᠪᠦᠲᠦᠭᠡᠯ ᠪᠢᠯᠡ᠃ (ᠪᠦᠷᠢᠨ ᠠᠭᠤᠯᠭ᠎ᠠ ᠶᠢ ᠤᠩᠰᠢᠬᠤ)

ᠭᠣᠪᠢ
ᠭᠣᠪᠢ

ᠭᠣᠪᠢ ᠭᠡᠳᠡᠭ ᠨᠢ ᠮᠣᠩᠭᠣᠯ ᠬᠡᠯᠡ ᠳᠤ ᠴᠦᠯᠯᠡᠷᠬᠡᠭ ᠭᠠᠵᠠᠷ ᠢ ᠵᠢᠭᠠᠭᠰᠠᠨ ᠤᠳᠬ᠎ᠠ ᠲᠠᠢ ᠦᠭᠡ ᠪᠥᠭᠡᠳ ᠮᠣᠩᠭᠣᠯ ᠤᠯᠤᠰ ᠤᠨ ᠡᠮᠦᠨᠡᠲᠦ ᠬᠡᠰᠡᠭ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠣᠶᠢᠳᠤ᠂ ᠪᠠᠷᠠᠭᠤᠨ ᠬᠣᠶᠢᠳᠤ ᠬᠡᠰᠡᠭ ᠢᠶᠡᠷ ᠦᠷᠭᠦᠯᠵᠢᠯᠡᠬᠦ ᠴᠥᠯ ᠢ ᠶᠡᠷᠦᠩᠬᠡᠢ ᠳᠤ ᠨᠢ ᠭᠣᠪᠢ ᠭᠡᠨ᠎ᠡ᠃ ᠮᠣᠩᠭᠣᠯ ᠤᠨ ᠭᠣᠪᠢ ᠪᠣᠯ ᠳᠡᠯᠡᠬᠡᠢ ᠶᠢᠨ ᠲᠣᠮᠣ ᠡᠯᠡᠰᠦᠨ ᠴᠥᠯ ᠦᠳ ᠦᠨ ᠨᠢᠭᠡ ᠶᠤᠮ᠃ ᠠᠽᠢᠶ᠎ᠠ ᠲᠢᠪ ᠲᠦ ᠤᠷᠤᠰᠢᠬᠤ ᠬᠠᠮᠤᠭ ᠤᠨ ᠲᠣᠮᠣ᠂ ᠳᠡᠯᠡᠬᠡᠢ ᠳᠦ 5 ᠍ᠳ᠋ᠦᠭᠡᠷ ᠲᠦ ᠤᠷᠤᠬᠤ ᠴᠥᠯ ᠦᠨ ᠪᠥᠰᠡ ᠶᠤᠮ᠃ ᠬᠣᠶᠢᠳᠤ ᠲᠠᠯ᠎ᠠ ᠪᠠᠷ ᠢᠶᠠᠨ ᠠᠯᠲᠠᠢ ᠶᠢᠨ ᠨᠢᠷᠤᠭᠤ᠂ ᠮᠣᠩᠭᠣᠯ ᠤᠨ ᠲᠠᠯ᠎ᠠ ᠬᠡᠭᠡᠷ᠎ᠡ ᠨᠤᠲᠤᠭ᠂ ᠪᠠᠷᠠᠭᠤᠨ ᠡᠮᠦᠨ᠎ᠡ ᠲᠠᠯ᠎ᠠ ᠪᠠᠷ ᠢᠶᠠᠨ ᠲᠥᠪᠡᠳ ᠦᠨ ᠥᠨᠳᠥᠷᠯᠢᠭ᠂ ᠵᠡᠭᠦᠨ ᠡᠮᠦᠨ᠎ᠡ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠭᠰᠢ ᠥᠨᠳᠥᠷᠯᠢᠭ ᠲᠡᠢ ᠬᠠᠶᠠᠭ᠎ᠠ ᠵᠠᠯᠭᠠᠨ᠎ᠠ᠃ ᠭᠣᠪᠢ ᠨᠢ ᠶᠡᠬᠡ ᠮᠣᠩᠭᠣᠯ ᠤᠯᠤᠰ ᠍ ᠤᠨ ᠦᠶ᠎ᠡ ᠳᠦ ᠴᠢᠬᠤᠯᠠ ᠠᠴᠢ ᠬᠣᠯᠪᠣᠭᠳᠠᠯ ᠪᠦᠬᠦᠢ ᠨᠤᠲᠤᠭ ᠪᠠᠶᠢᠭᠰᠠᠨ ᠪᠥᠭᠡᠳ ᠲᠣᠷᠭᠠᠨ ᠵᠠᠮ ᠤᠨ ᠳᠠᠭᠠᠤ ᠳ᠋ᠡᠬᠢ ᠬᠡᠳᠦ ᠬᠡᠳᠦᠨ ᠬᠣᠲᠠ ᠰᠠᠭᠤᠷᠢᠨ ᠭᠠᠵᠠᠷ ᠭᠣᠪᠢ ᠳᠤ ᠣᠷᠣᠰᠢᠨ᠎ᠠ᠃ (ᠪᠦᠷᠢᠨ ᠠᠭᠤᠯᠭ᠎ᠠ ᠶᠢ ᠤᠩᠰᠢᠬᠤ)

ᠰᠦᠬᠡᠪᠠᠭᠠᠲᠤᠷ ᠤᠨ ᠲᠠᠯᠠᠪᠠᠢ
ᠰᠦᠬᠡᠪᠠᠭᠠᠲᠤᠷ ᠤᠨ ᠲᠠᠯᠠᠪᠠᠢ

ᠰᠦᠬᠡᠪᠠᠭᠠᠲᠤᠷ ᠤᠨ ᠲᠠᠯᠠᠪᠠᠢ (ᠮᠥᠨ ᠴᠢᠩᠭᠢᠰ ᠦᠨ ᠲᠠᠯᠠᠪᠠᠢ) — ᠮᠣᠩᠭᠣᠯ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠣᠲᠠ ᠶᠢᠨ ᠲᠥᠪ ᠲᠠᠯᠠᠪᠠᠢ ᠶᠤᠮ᠃ ᠲᠠᠯᠠᠪᠠᠢ ᠶᠢ 1946 ᠤᠨ ᠤ ᠠᠷᠠᠳ ᠤᠨ ᠶᠡᠬᠡ ᠬᠤᠷᠠᠯ ᠤᠨ ᠲᠣᠭᠲᠠᠭᠠᠯ ᠢᠶᠠᠷ ᠳᠠᠮᠳᠢᠨ ᠤ ᠰᠦᠬᠡᠪᠠᠭᠠᠲᠤᠷ ᠤᠨ ᠨᠡᠷ᠎ᠡ ᠪᠡᠷ ᠨᠡᠷᠡᠶᠢᠳᠦᠭᠰᠡᠨ᠃ 2013 ᠤᠨ ᠤ 7 ᠰᠠᠷ᠎ᠠ ᠶᠢᠨ 15 ᠍ᠡᠴᠡ ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ ᠬᠤᠷᠠᠯᠳᠤᠭᠠᠨ ᠢᠶᠠᠷ ᠡᠵᠡᠨ ᠪᠣᠭᠳᠠ ᠴᠢᠩᠭᠢᠰ ᠬᠠᠭᠠᠨ ᠤ ᠨᠡᠷᠡᠮᠵᠢᠲᠦ ᠲᠠᠯᠠᠪᠠᠢ ᠭᠡᠵᠦ ᠨᠡᠷᠡᠶᠢᠳᠬᠦ ᠪᠡᠷ ᠵᠢᠭᠠᠵᠠᠢ᠃ ᠲᠣᠪᠴᠢ ᠪᠠᠷ ᠴᠢᠩᠭᠢᠰ ᠦᠨ ᠲᠠᠯᠠᠪᠠᠢ᠂ ᠴᠢᠩᠭᠢᠰ ᠬᠠᠭᠠᠨ ᠤ ᠲᠠᠯᠠᠪᠠᠢ ᠭᠡᠵᠦ ᠣᠯᠠᠨ ᠨᠡᠶᠢᠲᠡ ᠳᠦ ᠲᠦᠭᠡᠭᠰᠡᠨ᠃ 2016 ᠤᠨ ᠤ 8 ᠍ ᠳᠦᠭᠡᠷ ᠰᠠᠷ᠎ᠠ ᠶᠢᠨ ᠠᠩᠬᠠᠨ ᠱᠠᠲᠤᠨ ᠤ ᠰᠢᠭᠦᠬᠦ ᠶᠢᠨ ᠰᠢᠢᠳᠪᠦᠷᠢ ᠪᠡᠷ 2013 ᠤᠨ ᠤ ᠲᠣᠭᠲᠠᠭᠠᠯ ᠢ ᠬᠦᠴᠦᠨ ᠦᠭᠡᠢ ᠪᠣᠯᠭᠠᠵᠤ ᠰᠦᠬᠡᠪᠠᠭᠠᠲᠤᠷ ᠤᠨ ᠲᠠᠯᠠᠪᠠᠢ ᠨᠡᠷ᠎ᠡ ᠶᠢ ᠰᠡᠷᠭᠦᠭᠡᠭᠰᠡᠨ (ᠪᠦᠷᠢᠨ ᠠᠭᠤᠯᠭ᠎ᠠ ᠶᠢ ᠤᠩᠰᠢᠬᠤ)

ᠠᠯᠳᠠᠨ ᠠᠷᠤᠷ᠎ᠠ ︱5
金诃子5.png

ᠠᠯᠳᠠᠨ ᠠᠷᠤᠷ᠎ᠠ ︱5( 阿拉坦五味散) -ᠲᠤᠰ ᠨᠠᠢᠷᠠᠯᠭ᠎ᠠ ᠪᠣᠯ ᠴᠢᠳᠠᠯ  ᠢ ᠮᠦᠷᠳᠡᠭᠰᠡᠨ ᠲᠡᠭᠰᠢ ᠴᠢᠨᠠᠷ ᠲᠠᠢ ᠨᠠᠢᠷᠠᠯᠭ᠎ᠠ ᠪᠣᠯᠤᠨ᠎ᠠ ᠃ ᠡᠭᠦᠨ  ᠳ᠋ᠦ ᠪᠡᠨ ᠰᠢᠷ᠎ᠠ  ᠶᠢ ᠳᠠᠷᠤᠬᠤ ᠂ ᠡᠰᠡ ᠰᠢᠨᠭᠭᠡᠭᠡᠭᠰᠡᠨ  ᠢ ᠰᠢᠨᠭᠭᠡᠭᠡᠬᠦ ᠠᠯᠲᠠᠨ ᠦᠨᠭᠭᠡᠳᠦ ᠠᠷᠤᠷ᠎ᠠ ᠪᠤᠯᠤᠨ ᠬᠠᠷ᠎ᠠ ᠭᠠᠪᠤᠷ  ᠢᠶᠠᠷ ᠭᠤᠤᠯᠯᠠᠭᠴᠢ ᠡᠮ ᠪᠤᠯᠭᠠᠵᠤ᠂ ᠰᠠᠪᠠᠨ  ᠤ ᠰᠢᠷ᠎ᠠ   ᠵᠢᠨ ᠬᠠᠯᠠᠭᠤᠨ  ᠢ ᠠᠷᠢᠯᠭᠠᠬᠤ  ᠳᠤ ᠠᠯᠲᠠᠨ ᠴᠡᠴᠡᠭ  ᠦᠨ ᠦᠷ᠎ᠡ ᠂ ᠬᠠᠳᠠᠨ ᠬᠠᠢᠯᠤᠮᠤᠯ  ᠢ ᠃ ᠪᠠᠳ᠌ᠭᠠᠨ ᠬᠡᠢ  ᠶᠢ ᠠᠷᠢᠯᠭᠠᠵᠤ ᠂ ᠡᠰᠡ ᠰᠢᠨᠭᠭᠡᠭᠡᠭᠡᠨ  ᠢ ᠰᠢᠨᠭᠭᠡᠭᠡᠬᠦ  ᠳᠦ ᠠᠨᠠᠷ  ᠢ ᠲᠤᠰ ᠲᠤᠰ ᠬᠠᠪᠰᠤᠷᠭᠠᠨ ᠨᠠᠢᠷᠠᠭᠤᠯᠤᠭᠰᠠᠨ ᠲᠤᠯᠠ ᠢᠳᠡᠭᠡᠨ  ᠢ ᠰᠢᠨᠭᠭᠡᠭᠡᠬᠦ ᠂ᠰᠢᠷᠠᠯᠠᠬᠤ  ᠶᠢ ᠠᠷᠢᠯᠭᠠᠬᠤ ᠂ ᠰᠢᠷ᠎ᠠ  ᠶᠢ ᠳᠣᠷᠤᠬᠤ ᠴᠢᠳᠠᠯ ᠲᠠᠢ  ᠨᠠᠢᠷᠠᠯᠭ᠎ᠠ ᠪᠤᠯᠵᠤ ᠪᠦᠷᠢᠯᠳᠦᠵᠡᠢ ᠃ (ᠪᠦᠷᠢᠨ ᠠᠭᠤᠯᠭ᠎ᠠ ᠶᠢ ᠤᠩᠰᠢᠬᠤ)

ᠤᠰᠤ
ᠤᠰᠤ

ᠤᠰᠤ ᠨᠢ H20 ᠭᠡᠰᠡᠨ ᠬᠢᠮᠢ ᠶᠢᠨ ᠲᠣᠮᠢᠶ᠎ᠠ ᠪᠡᠷ ᠢᠯᠡᠷᠬᠡᠢᠯᠡᠬᠦ᠂ ᠤᠰᠤᠲᠥᠶᠢᠷᠦᠭᠴᠢᠬᠦᠴᠢᠯᠲᠥᠷᠦᠭᠴᠢ ᠶᠢᠨ ᠨᠢᠭᠡᠳᠦᠯ ᠪᠣᠳᠠᠰ ᠶᠤᠮ᠃  ᠶᠡᠷᠦᠳᠡ ᠶᠢᠨ ᠨᠥᠬᠥᠴᠡᠯ ᠳᠦ ᠥᠩᠭᠡᠦᠭᠡᠢ᠂ ᠦᠨᠦᠷᠦᠭᠡᠢ ᠪᠠᠶᠢᠳᠠᠭ᠃ ᠪᠠᠭ᠎ᠠ ᠵᠡᠷᠭᠡ ᠬᠥᠬᠡ ᠨᠣᠭᠣᠭᠠᠨ ᠲᠤᠶᠠᠭ᠎ᠠ ᠪᠦᠬᠦᠢ ᠲᠤᠩᠭᠠᠯᠠᠭ᠂ ᠰᠢᠩᠭᠡᠨ ᠲᠥᠯᠥᠪᠲᠡᠢ᠃ ᠬᠠᠷᠢᠨ ᠼᠧᠯᠰ ᠦᠨ 0 ᠭᠷᠠᠳᠦ᠋ᠰ ᠲᠦ ᠬᠠᠲᠠᠭᠤ (ᠮᠥᠰᠥ)᠂ 100 ᠭᠷᠠᠳᠦ᠋ᠰ ᠲᠦ ᠬᠡᠢ (ᠠᠭᠤᠷ) ᠲᠥᠯᠥᠪ ᠲᠦ ᠣᠷᠣᠨ᠎ᠠ᠃ ᠳᠡᠯᠡᠬᠡᠢ ᠳᠡᠭᠡᠷᠡᠬᠢ ᠠᠮᠢᠳᠤ ᠣᠷᠭᠠᠨᠢᠰᠮ ᠤᠳ ᠤᠨ ᠠᠮᠢᠳᠤᠷᠠᠯ ᠳᠤ ᠴᠢᠬᠤᠯᠠ ᠡᠭᠦᠷᠭᠡ ᠲᠡᠢ᠃ ᠬᠦᠮᠦᠨ ᠤ ᠪᠡᠶ᠎ᠡ ᠶᠢᠨ ᠶᠡᠬᠡᠩᠬᠢ ᠬᠡᠰᠡᠭ ᠢ ᠤᠰᠤ ᠪᠦᠷᠢᠳᠦᠭᠦᠯᠳᠡᠭ᠃ ᠤᠰᠤ ᠨᠢ ᠠᠮᠢᠳᠤᠷᠠᠯ ᠢ ᠲᠡᠳᠬᠦᠭᠴᠢ ᠷᠠᠰᠢᠶᠠᠨ ᠪᠤᠯᠠᠭ᠂ ᠴᠢᠨᠳᠠᠮᠠᠨᠢ ᠡᠷᠳᠡᠨᠢ ᠪᠢᠯᠡ᠃ (ᠪᠦᠷᠢᠨ ᠠᠭᠤᠯᠭ᠎ᠠ ᠶᠢ ᠤᠩᠰᠢᠬᠤ)

ᠴᠡᠩᠭᠡᠯᠲᠡᠢ
ᠴᠡᠩᠭᠡᠯᠲᠡᠢ

ᠴᠡᠩᠭᠡᠯᠲᠡᠢ ᠪᠣᠯ ᠲᠡᠯᠡᠭᠡᠢ ᠶᠢᠨ ᠨᠡᠷᠡᠳᠦ ᠮᠤᠩᠭ᠋ᠤᠯ ᠬᠡᠯᠡᠨ ᠤ ᠡᠷᠳᠡᠮᠳᠡᠨ᠂ ᠠᠯᠳᠠᠷᠳᠤ ᠰᠤᠷᠭᠠᠨ ᠬᠦᠮᠦᠵᠢᠯ ᠤᠨ ᠤᠬᠠᠭᠠᠨᠳᠠᠨ᠂ ᠲᠤᠮᠳᠠᠳᠤ ᠤᠯᠤᠰ ᠤᠨ ᠤᠳᠤ ᠦᠶ᠎ᠡ ᠶᠢᠨ ᠮᠤᠩᠭ᠋ᠤᠯ ᠰᠤᠳᠤᠯᠤᠯ ᠤᠨ ᠰᠠᠭᠤᠷᠢᠯᠠᠭᠴᠢ ᠪᠦᠭᠡᠳ ᠮᠤᠩᠭ᠋ᠤᠯ ᠰᠤᠳᠤᠯᠭᠠᠨ ᠤ ᠦᠢᠯᠡᠰ ᠤᠨ ᠭᠠᠷᠮᠠᠭᠠᠢ ᠤᠳᠤᠷᠢᠳᠤᠭᠴᠢ᠂ ᠥᠪᠥᠷ ᠮᠣᠩᠭᠣᠯ ᠤᠨ ᠮᠤᠩᠭ᠋ᠤᠯ ᠬᠡᠯᠡ ᠪᠢᠴᠢᠭ᠌ ᠤᠨ ᠠᠵᠢᠯ ᠤᠨ ᠭᠠᠷᠮᠠᠭᠠᠢ ᠲᠠᠭᠠᠭᠤᠯᠤᠭᠴᠢ ᠶᠤᠮ ᠃ ᠬᠢᠲᠠᠨ ᠪᠠᠭ᠎ᠠ ᠦᠰᠦᠭ ᠤᠨ ᠭᠠᠷᠮᠠᠭᠠᠢ ᠰᠤᠳᠤᠯᠭᠠᠲᠠᠨ᠃ 1924ᠣᠨ ᠳ᠋ᠤ ᠵᠣᠰᠣᠲᠤ ᠶᠢᠨ ᠴᠢᠭᠤᠯᠭᠠᠨ  ᠤ ᠬᠠᠷᠠᠴᠢᠨ ᠳᠤᠮᠳᠠᠳᠤ ᠬᠣᠰᠢᠭᠤᠨ ᠤ ᠪᠤᠷᠭᠠᠰᠤᠲᠠᠢ ᠠᠶᠢᠯ (ᠣᠳᠣ ᠶᠢᠨ ᠤᠯᠠᠭᠠᠨᠬᠠᠳᠠ ᠬᠣᠲᠠ ᠶᠢᠨ  ᠨᠢᠩᠴᠧᠩ ᠰᠢᠶᠠᠨ ᠤ ᠰᠢᠶᠣᠣ ᠴᠧᠩᠽᠢ ᠪᠠᠯᠭᠠᠰᠤᠨ ᠤ ᠯᠢᠤ ᠱᠦ ᠢᠩᠽᠢ ᠲᠤᠰᠬᠤᠨ) ᠳ᠋ᠤ ᠲᠦᠷᠦᠵᠡᠢ᠃2013 ᠤᠨ 12 ᠰᠠᠷ᠎ᠠ ᠶᠢᠨ 27 ᠡᠳᠦᠷ ᠬᠦᠬᠡᠬᠤᠲᠠ ᠳ᠋ᠤ ᠨᠠᠰᠤ ᠪᠠᠷᠠᠵᠠᠢ᠃ (ᠪᠦᠷᠢᠨ ᠠᠭᠤᠯᠭ᠎ᠠ ᠶᠢ ᠤᠩᠰᠢᠬᠤ)


ᠰᠢᠨ᠎ᠡ ᠵᠢᠯ ᠦᠨ ᠪᠠᠶᠠᠷ
ᠰᠢᠨ᠎ᠡ ᠵᠢᠯ ᠦᠨ ᠪᠠᠶᠠᠷ

ᠰᠢᠨ᠎ᠡ ᠵᠢᠯ ᠦᠨ ᠪᠠᠶᠠᠷ ᠨᠢ ᠤᠨ ᠲᠣᠭᠠᠯᠠᠯ ᠤᠨ ᠴᠠᠭᠠᠯᠪᠤᠷᠢ ᠍ ᠤᠨ ᠬᠠᠭᠤᠴᠢᠨ ᠤᠨ ᠤᠯᠠᠷᠢᠵᠤ᠂ ᠰᠢᠨ᠎ᠡ ᠤᠨ ᠭᠠᠷᠴᠤ ᠪᠤᠢ ᠶᠢ ᠲᠡᠮᠳᠡᠭᠯᠡᠬᠦ ᠪᠠᠶᠠᠷ ᠶᠤᠮ᠃ ᠶᠠᠮᠠᠷ ᠴᠠᠭᠠᠯᠪᠤᠷᠢ ᠬᠡᠷᠡᠭᠯᠡᠵᠦ ᠪᠤᠢ ᠠᠴᠠ ᠰᠢᠯᠲᠠᠭᠠᠯᠠᠨ ᠰᠢᠨ᠎ᠡ ᠵᠢᠯ ᠦᠨ ᠪᠠᠶᠠᠷ ᠨᠢ ᠣᠷᠣᠨ ᠪᠦᠷᠢ ᠳᠦ ᠢᠵᠢᠯᠢ ᠪᠠᠶᠢᠳᠠᠭ ᠦᠭᠡᠢ ᠴᠤ ᠳᠡᠯᠡᠬᠡᠢ ᠶᠢᠨ ᠶᠡᠬᠡᠩᠬᠢ ᠤᠯᠤᠰ ᠣᠷᠣᠨ ᠳᠤ ᠭᠠᠷᠣᠷ ᠤᠨ ᠲᠣᠭᠠᠯᠠᠯ ᠤᠨ ᠡᠬᠢᠨ ᠦ ᠡᠳᠦᠷ ᠪᠤᠶᠤ 1 ᠳᠦᠭᠡᠷ ᠰᠠᠷ᠎ᠠ ᠶᠢᠨ 1 ᠍ ᠳᠤ ᠰᠢᠨ᠎ᠡ ᠵᠢᠯ ᠦᠨ ᠪᠠᠶᠠᠷ ᠢ ᠲᠡᠮᠳᠡᠭᠯᠡᠳᠡᠭ᠃ ᠮᠣᠩᠭᠤᠯ ᠤᠯᠤᠰ ᠲᠤ ᠠᠷᠭ᠎ᠠ ᠶᠢᠨ ᠪᠣᠯᠤᠨ ᠪᠢᠯᠢᠭ ᠦᠨ ᠲᠣᠭᠠᠯᠠᠯ ᠤᠨ ᠰᠢᠨ᠎ᠡ ᠵᠢᠯ ᠦᠳ ᠦᠨ ᠠᠯᠢ ᠠᠯᠢ ᠢ ᠨᠢ ᠬᠦᠨᠳᠦᠳᠬᠡᠨ ᠤᠯᠤᠰ ᠳᠠᠶᠠᠭᠠᠷ ᠢᠶᠠᠨ ᠲᠡᠮᠳᠡᠭᠯᠡᠳᠡᠭ ᠪᠣᠯᠪᠠᠴᠤ ᠠᠷᠭ᠎ᠠ ᠶᠢᠨ ᠲᠣᠭᠠᠯᠠᠯ ᠤᠨ ᠰᠢᠨ᠎ᠡ ᠵᠢᠯ ᠢ ᠰᠢᠨ᠎ᠡ ᠵᠢᠯ ᠦᠨ ᠪᠠᠶᠠᠷ ᠬᠡᠮᠡᠨ ᠨᠡᠷᠡᠶᠢᠳᠳᠡᠭ᠃ ᠮᠣᠩᠭᠣᠯ ᠳᠤ ᠰᠢᠨ᠎ᠡ ᠤᠨ ᠤ ᠡᠬᠢᠨ ᠦ ᠡᠳᠦᠷ ᠨᠢ ᠤᠯᠤᠰ ᠨᠡᠶᠢᠲᠡ ᠪᠡᠷ ᠠᠮᠠᠷᠠᠬᠤ ᠪᠠᠶᠠᠷ ᠤᠨ ᠡᠳᠦᠷ ᠶᠤᠮ᠃ (ᠪᠦᠷᠢᠨ ᠠᠭᠤᠯᠭ᠎ᠠ ᠶᠢ ᠤᠩᠰᠢᠬᠤ)

  1. Micheal Prwadin - The Mongol Empire and its legacy
  2. J.J.Saunders - The history of Mongol conquests
  3. Rene Grousset - The Empire of Steppes

ᠪᠢᠴᠢᠭᠡᠰᠦ