ᠣᠨᠴᠠᠯᠠᠬᠤ ᠥᠭᠦᠯᠡᠯ/2016 9 ᠍ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠧᠯᠸᠢᠰ
ᠲᠧᠯᠸᠢᠰ

ᠲᠧᠯᠸᠢᠰ ᠨᠢ ᠣᠯᠠᠨ ᠡᠷᠳᠡᠮᠲᠡᠳ ᠦᠨ ᠬᠥᠳᠡᠯᠮᠦᠷᠢ ᠵᠢᠳᠬᠦᠯ ᠦᠨ ᠦᠷ᠎ᠡ ᠳ᠋ᠦᠩ ᠳᠦ ᠪᠤᠢ ᠪᠣᠯᠤᠭᠰᠠᠨ ᠶᠤᠮ᠃ ᠠᠩᠭᠯᠢ ᠶᠢᠨ ᠡᠷᠳᠡᠮᠲᠡᠨ ᠵᠧᠮᠰ ᠺᠯᠧᠷᠺ ᠮᠠᠺᠰᠸᠧᠯᠯ ᠨᠢ ᠪᠠᠶᠢᠭᠠᠯᠢ ᠳᠤ ᠴᠠᠬᠢᠯᠭᠠᠨ ᠰᠣᠷᠢᠨᠵᠢᠨ ᠳᠤᠯᠭᠢᠶᠠᠨ ᠣᠷᠣᠰᠢᠳᠠᠭ ᠲᠤᠬᠠᠢ ᠲᠠᠭᠠᠮᠠᠭᠯᠠᠯ ᠢ ᠠᠩᠬ᠎ᠠ ᠳᠡᠪᠰᠢᠭᠦᠯᠵᠡᠢ᠃ ᠴᠠᠬᠢᠯᠭᠠᠨ ᠰᠣᠷᠢᠨᠵᠢᠨ ᠣᠷᠣᠨ ᠨᠢ ᠦᠨᠡᠬᠡᠷ ᠪᠣᠳᠠᠲᠠᠢ ᠣᠷᠣᠰᠢᠵᠤ ᠪᠠᠶᠢᠭ᠎ᠠ ᠶᠢ ᠭᠧᠷᠮᠠᠨ ᠤ ᠡᠷᠳᠡᠮᠲᠡᠨ ᠭᠧᠶᠢᠨᠷᠢᠺ ᠭᠧᠷᠼ ᠲᠤᠷᠰᠢᠯᠲᠠ ᠪᠠᠷ ᠪᠠᠲᠤᠯᠠᠭᠰᠠᠨ ᠶᠤᠮ᠃ ᠴᠠᠬᠢᠯᠭᠠᠨ ᠰᠣᠷᠢᠨᠵᠢᠨ ᠤ ᠲᠠᠷᠬᠠᠬᠤ ᠬᠤᠷᠳᠤᠴᠠ᠂ ᠲᠡᠭᠦᠨ ᠦ ᠹᠢᠽᠢᠺ ᠤᠨ ᠰᠢᠨᠵᠢ ᠴᠢᠨᠠᠷ ᠢ ᠴᠤ ᠭᠧᠷᠼ ᠨᠠᠷᠢᠪᠴᠢᠯᠠᠨ ᠰᠤᠳᠤᠯᠤᠭᠰᠠᠨ ᠪᠠᠶᠢᠨ᠎ᠠ᠃ ᠣᠷᠣᠰ ᠤᠨ ᠡᠷᠳᠡᠮᠲᠡᠨ ᠠᠯᠧᠺᠰᠠᠨᠳᠠᠷ ᠰᠲ᠋ᠧᠫᠠᠨᠨᠣᠸᠢᠴ ᠫᠣᠫᠣᠪ᠂ ᠢᠲ᠋ᠠᠯᠢ ᠶᠢᠨ ᠡᠷᠳᠡᠮᠲᠡᠨ ᠭᠤᠯᠧᠯᠮᠣ ᠮᠠᠷᠺᠣᠨᠢ ᠨᠠᠷ ᠴᠠᠬᠢᠯᠭᠠᠨ ᠰᠣᠷᠢᠨᠵᠢᠨ ᠳᠤᠯᠭᠢᠶᠠᠨ ᠢ ᠠᠰᠢᠭᠯᠠᠨ ᠠᠭᠠᠷ ᠤᠨ ᠣᠷᠣᠨ ᠵᠠᠢ ᠶᠢ ᠠᠰᠢᠭᠯᠠᠵᠤ ᠶᠠᠮᠠᠷ ᠨᠢᠭᠡᠨ ᠳᠣᠬᠢᠶ᠎ᠠ ᠳᠠᠮᠵᠢᠭᠤᠯᠬᠤ ᠠᠷᠭ᠎ᠠ ᠪᠣᠳᠣᠵᠤ ᠣᠯᠵᠠᠢ᠃ ᠲᠡᠳᠡᠨ ᠢ ᠠᠩᠬ᠎ᠠ ᠷᠠᠳᠢᠣ᠋ ᠵᠣᠬᠢᠶᠠᠨ ᠪᠦᠲᠦᠭᠡᠭᠰᠡᠨ ᠡᠷᠳᠡᠮᠲᠡᠳ ᠭᠡᠵᠦ ᠦᠵᠡᠳᠡᠭ᠃ 1880 ᠤᠨ ᠳᠤ ᠫ᠂ ᠢ᠂ ᠪᠠᠬᠠᠮᠸᠲᠸ ᠳᠦᠷᠰᠦ ᠶᠢ ᠠᠯᠤᠰ ᠲᠤ ᠳᠠᠮᠵᠢᠭᠤᠯᠬᠤ ᠶᠢᠨ ᠲᠤᠯᠠᠳᠠ ᠡᠬᠢᠯᠡᠭᠡᠳ ᠴᠠᠬᠢᠯᠭᠠᠨ ᠰᠣᠷᠢᠨᠵᠢᠨ ᠣᠷᠣᠨ ᠪᠣᠯᠭᠠᠵᠤ ᠵᠠᠳᠠᠯᠤᠭᠠᠳ᠂ ᠳᠠᠷᠠᠭ᠎ᠠ ᠨᠢ ᠬᠦᠯᠢᠶᠡᠨ ᠠᠪᠤᠭᠴᠢ ᠪᠠᠷ ᠡᠷᠭᠢᠵᠦ ᠴᠤᠭᠯᠠᠭᠤᠯᠬᠤ ᠬᠡᠷᠡᠭᠲᠡᠢ ᠭᠡᠳᠡᠭ ᠰᠠᠨᠠᠭ᠎ᠠ ᠶᠢ ᠳᠡᠪᠰᠢᠭᠦᠯᠦᠭᠰᠡᠨ ᠪᠠᠶᠢᠨ᠎ᠠ᠃ ᠡᠭᠦᠨ ᠦ ᠳᠠᠷᠠᠭ᠎ᠠ᠂ 1884 ᠤᠨ ᠳᠤ ᠭᠧᠷᠮᠠᠨ ᠤ ᠡᠷᠳᠡᠮᠲᠡᠨ ᠫᠠᠦ᠋ᠯ ᠨᠢᠫᠾᠸᠦ᠋ ᠳᠦᠷᠰᠦ ᠶᠢ ᠠᠯᠤᠰ ᠬᠣᠯᠠ ᠶᠢᠨ ᠣᠷᠣᠨ ᠵᠠᠢ ᠳᠤ ᠳᠠᠮᠵᠢᠭᠤᠯᠬᠤ ᠠᠩᠬᠠᠨ ᠤ ᠰᠢᠢᠳᠦᠯ ᠢ ᠣᠯᠵᠠᠢ᠃ ᠨᠢᠫᠾᠸᠦ᠋ ᠤᠨ ᠰᠠᠨᠠᠭᠠᠴᠢᠯᠠᠭᠰᠠᠨ ᠡᠨᠡ ᠠᠷᠭ᠎ᠠ ᠳᠡᠭᠡᠷ᠎ᠡ ᠲᠤᠯᠭᠠᠭᠤᠷᠢᠯᠠᠨ᠂ 1920 ᠤᠨ ᠳᠤ ᠠᠩᠭᠯᠢ ᠶᠢᠨ ᠵᠣᠬᠢᠶᠠᠨ ᠪᠦᠲᠦᠭᠡᠭᠴᠢ ᠵᠤᠤᠨ ᠪᠸᠳᠹᠤᠷᠳᠤ᠋ ᠮᠧᠬᠠᠨᠢᠭ ᠲᠧᠯᠸᠢᠰ ᠢ ᠪᠦᠲᠦᠭᠡᠭᠰᠡᠨ ᠶᠤᠮ᠃ (ᠪᠦᠷᠢᠨ ᠠᠭᠤᠯᠭ᠎ᠠ ᠶᠢ ᠤᠩᠰᠢᠬᠤ)

ᠬᠠᠯᠤᠪᠡᠨ
ᠬᠠᠯᠤᠪᠡᠨ

ᠬᠠᠯᠤᠪᠡᠨ(ᠬᠢᠲᠠᠳ ᠢᠶᠠᠷ 万圣节ᠠᠩᠭᠯᠢ ᠪᠠᠷ Halloween ᠪᠤᠶᠤ All Hallow even ᠭᠡᠳᠡᠭ ᠨᠢ ᠪᠦᠬᠦ ᠵᠦᠢᠯ ᠢ ᠰᠠᠶᠢᠨ ᠰᠠᠶᠢᠬᠠᠨ ᠪᠠᠶᠢᠯᠭᠠᠬᠤ᠂ ᠪᠢᠯᠢᠭᠡᠰᠢᠭᠡᠬᠦ ᠦᠳᠡᠰᠢ ᠭᠡᠰᠡᠨ ᠤᠳᠬ᠎ᠠ ᠲᠠᠢ᠃ ᠱᠠᠰᠢᠨ ᠲᠠᠯ᠎ᠠ ᠠᠴᠠ ᠵᠠᠷᠢᠮ ᠬᠦᠮᠦᠰ 《ᠲᠠᠬᠢᠯ ᠤᠨ ᠡᠳᠦᠷ》 ᠴᠤ ᠭᠡᠵᠦ ᠲᠠᠶᠢᠯᠪᠤᠷᠢᠯᠠᠳᠠᠭ ᠶᠤᠮ᠃ ᠡᠨᠡ ᠦᠭᠡᠨ ᠦ ᠤᠳᠬ᠎ᠠ ᠶᠢ ᠮᠡᠳᠡᠬᠦ ᠦᠭᠡᠢ ᠠᠲᠠᠯ᠎ᠠ ᠪᠠᠨ ᠲᠡᠮᠳᠡᠭᠯᠡᠬᠦ ᠰᠣᠨᠢᠷᠬᠠᠯᠲᠠᠢ ᠵᠠᠯᠠᠭᠤᠰ ᠣᠯᠠᠨ ᠪᠠᠶᠢᠳᠠᠭ᠃ ᠮᠣᠩᠭᠤᠯ ᠤᠯᠤᠰ ᠲᠤ ᠪᠣᠯ 《ᠬᠦᠮᠦᠨ ᠠᠶᠤᠯᠭᠠᠬᠤ ᠦᠳᠡᠰᠢ》 ᠭᠡᠰᠡᠨ ᠣᠶᠢᠯᠠᠭᠠᠯᠲᠠ ᠲᠠᠢ ᠪᠠᠶᠢᠨ᠎ᠠ᠃ ᠳᠡᠯᠡᠬᠡᠢ ᠳᠡᠭᠡᠷ᠎ᠡ ᠡᠨᠡ ᠪᠠᠶᠠᠷ ᠢ ᠬᠡᠦᠬᠡᠳ ᠦᠳ ᠨᠢ ᠬᠥᠷᠰᠢ ᠵᠡᠷᠭᠡᠯᠡᠳᠡᠭᠡ ᠠᠶᠢᠯ ᠤᠨ ᠬᠢ ᠪᠠᠷ ᠢᠶᠠᠨ ᠣᠷᠣᠵᠤ ᠰᠢᠬᠢᠷ ᠭᠤᠶᠤᠵᠤ᠂ ᠵᠠᠯᠠᠭᠤᠰ ᠨᠢ ᠪᠠᠭ ᠲᠤ ᠨᠠᠭᠠᠳᠤᠮ ᠤᠨ ᠦᠳᠡᠰᠢᠯᠡᠭᠡ ᠵᠣᠬᠢᠶᠠᠵᠤ᠂ ᠦᠯᠡᠳᠡᠭᠰᠡᠨ ᠨᠢ ᠭᠡᠷ ᠲᠦ ᠪᠡᠨ ᠠᠶᠤᠮᠰᠢᠭ ᠤᠨ ᠺᠢᠨᠣ᠋ ᠦᠵᠡᠨ ᠥᠩᠭᠡᠷᠡᠭᠡᠳᠡᠭ ᠤᠯᠠᠮᠵᠢᠯᠠᠯ ᠲᠠᠢ᠃ (ᠪᠦᠷᠢᠨ ᠠᠭᠤᠯᠭ᠎ᠠ ᠶᠢ ᠤᠩᠰᠢᠬᠤ)

ᠪᠢᠪᠢᠯᠢᠩ
ᠪᠢᠪᠢᠯᠢᠩ

ᠪᠢᠪᠢᠯᠢᠩ (荜茇 ) -ᠲᠤᠰ ᠡᠮ ᠪᠣᠯ ᠬᠤᠤᠵᠤᠤ ᠶᠢᠨ ᠢᠵᠠᠭᠤᠷ ᠤᠨ ᠡᠪᠡᠰᠦᠯᠢᠭ ᠤᠷᠭᠤᠮᠠᠯ ᠪᠣᠯᠬᠤ ᠪᠢᠪᠢᠯᠢᠩ  ᠤᠨ ᠬᠠᠲᠠᠭᠠᠭᠰᠠᠨ ᠵᠢᠮᠢᠰ ᠤᠨ ᠲᠦᠷᠦᠭᠦᠦ ᠮᠥᠨ ᠃ ᠢᠯᠴᠢ ᠶᠢ ᠰᠡᠯᠪᠢᠬᠦ ᠂ ᠪᠠᠳᠭᠠᠨ ᠬᠡᠢ ᠶᠢ ᠠᠷᠢᠯᠭᠠᠬᠤ ᠂ ᠮᠠᠬᠠᠪᠤᠳ ᠢ ᠲᠡᠭᠰᠢᠳᠭᠡᠬᠦ ᠂ ᠬᠦᠴᠦᠵᠢᠬᠦᠯᠬᠦ ᠂ ᠠᠮᠢᠰᠭᠤᠭᠠᠳᠠᠬᠤ ᠶᠢ ᠳᠠᠷᠤᠬᠤ ᠂ ᠴᠡᠷ ᠢ ᠠᠷᠢᠯᠭᠠᠬᠤ ᠂ ᠡᠪᠡᠳᠬᠦ  ᠶᠢ ᠵᠣᠭᠰᠤᠭᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠰᠠᠯᠠᠳᠢᠨ
ᠰᠠᠯᠠᠳᠢᠨ

ᠰᠠᠯᠠᠳᠢᠨ‍ ᠨᠢ 1138-1193 ᠤᠨ ᠤ ᠬᠣᠭᠣᠷᠣᠨᠳᠣ ᠠᠮᠢᠳᠤᠷᠠᠵᠤ ᠪᠠᠶᠢᠭᠰᠠᠨ ᠺᠦᠷᠳᠤ ᠭᠠᠷᠤᠯ ᠲᠠᠢ᠂ ᠶᠸᠵᠠᠫᠲᠰᠢᠷᠢᠢ ᠠ ᠶᠢᠨ ᠡᠵᠡᠨ ᠬᠠᠭᠠᠨ᠂ ᠤᠯᠤᠰ ᠲᠥᠷᠥᠴᠢᠨ᠂ ᠴᠡᠷᠢᠭ ᠦᠨ ᠵᠢᠳᠬᠦᠯᠲᠡᠨ᠂ ᠢᠰᠯᠠᠮ ᠱᠠᠰᠢᠨᠲᠠᠨ ᠪᠢᠯᠡ᠃ ᠲᠡᠷᠡᠪᠡᠷ ᠠᠶᠤᠪᠢᠳ ᠤᠭᠰᠠᠭᠠᠨ(Ayyub) ᠤ ᠬᠠᠭᠠᠨᠲᠤ ᠤᠯᠤᠰ ᠢ ᠦᠨᠳᠦᠰᠦᠯᠡᠭᠴᠢ ᠪᠥᠭᠡᠳ ᠲᠡᠭᠦᠨ ᠦ ᠡᠵᠡᠮᠰᠢᠯ ᠳᠦ ᠶᠸᠵᠠᠫᠲ᠂ ᠰᠢᠷᠢᠶ ᠠ᠂ ᠢᠷᠠᠺᠬᠢᠵᠠᠽ(Hijaz) ᠪᠣᠯᠤᠨ ᠶᠸᠮᠸᠨ ᠣᠷᠣᠵᠤ ᠪᠠᠶᠢᠪᠠ᠃ ᠵᠠᠭᠠᠯᠮᠠᠶᠢᠲᠠᠨ ᠨᠤᠭᠤᠳ ᠤᠨ ᠡᠰᠡᠷᠬᠦ ᠮᠦᠰᠦᠯᠢᠨ ᠨᠤᠭᠤᠳ ᠤᠨ ᠡᠰᠡᠷᠭᠦᠴᠡᠯ ᠢ ᠲᠡᠷᠢᠭᠦᠯᠡᠨ ᠠᠮᠵᠢᠯᠲᠠ ᠲᠠᠢ ᠲᠡᠮᠡᠴᠡᠵᠦ ᠪᠠᠶᠢᠭᠰᠠᠨ ᠢᠶᠠᠷ ᠢᠶᠠᠨ ᠨᠡᠷ᠎ᠡ ᠳᠦ ᠭᠠᠷᠤᠭᠰᠠᠨ ᠪᠥᠭᠡᠳ ᠫᠠᠯᠧᠰᠲ᠋ᠠᠨᠶᠸᠷᠤᠰᠠᠯᠢᠮ(Jerusalem) ᠢ ᠵᠠᠭᠠᠯᠮᠠᠶᠢᠲᠠᠨ(十字軍) ᠨᠤᠭᠤᠳ ᠠᠴᠠ ᠪᠤᠴᠠᠭᠠᠨ ᠠᠪᠤᠭᠰᠠᠨ ᠶᠤᠮ᠃ ᠲᠡᠭᠦᠨ ᠦ ᠠᠯᠳᠠᠷ ᠴᠤᠤ ᠨᠢ ᠠᠷᠠᠪ᠂ ᠺᠦᠷᠳᠤ ᠲᠡᠳᠦᠢ ᠦᠭᠡᠢ ᠨᠡᠶᠢᠲᠡ ᠠᠷᠠᠪ ᠤᠨ ᠶᠢᠷᠲᠢᠨᠴᠦ ᠳᠤ ᠣᠳᠣ ᠬᠦᠷᠲᠡᠯ᠎ᠡ ᠴᠤᠤᠷᠢᠶᠠᠲᠤᠭᠰᠠᠭᠠᠷ ᠪᠠᠶᠢᠳᠠᠭ᠃ ᠠᠭᠤᠤ᠂ ᠡᠷᠡᠮᠡᠭᠡᠢ ᠳᠠᠶᠢᠴᠢᠨ᠂ ᠤᠬᠠᠭᠠᠯᠢᠭ ᠬᠡᠷᠰᠡᠦ ᠠᠲᠠᠯ᠎ᠠ ᠪᠠᠨ ᠭᠠᠶᠢᠬᠠᠮᠠᠷ ᠡᠩ ᠦᠨ ᠠᠮᠢᠳᠤᠷᠠᠯ ᠲᠠᠢ᠂ ᠡᠶᠡᠯᠳᠡᠭ ᠵᠥᠭᠡᠯᠡᠨ ᠵᠠᠩ ᠠᠷᠠᠨᠰᠢᠨ ᠲᠠᠢ ᠠᠭᠠᠳ ᠲᠡᠭᠦᠨ ᠳᠦ ᠪᠤᠰᠤᠳ ᠢᠰᠯᠠᠮ ᠱᠠᠰᠢᠨᠳᠤ ᠴᠡᠷᠢᠭ ᠦᠨ ᠵᠠᠩᠵᠤᠨ ᠤᠳ ᠠᠴᠠ ᠪᠣᠭᠲᠣᠯᠠᠵᠤ ᠬᠦᠷᠭᠡᠨ ᠥᠭᠭᠦᠭᠰᠡᠨ ᠵᠠᠭᠠᠯᠮᠠᠢ ᠱᠠᠰᠢᠨᠳᠤ ᠪᠦᠰᠡᠭᠦᠶᠢᠴᠦᠳ ᠬᠦᠷᠲᠡᠯ᠎ᠡ ᠰᠡᠳᠬᠢᠯ ᠠᠯᠳᠠᠷᠠᠳᠠᠭ ᠪᠠᠶᠢᠭᠰᠠᠨ ᠭᠡᠵᠦ ᠭᠡᠯᠡᠯᠴᠡᠳᠡᠭ᠃ (ᠪᠦᠷᠢᠨ ᠠᠭᠤᠯᠭ᠎ᠠ ᠶᠢ ᠤᠩᠰᠢᠬᠤ)

ᠪᠠᠭᠠᠷᠢᠨ ᠵᠡᠭᠦᠨ ᠬᠤᠰᠢᠭᠤ
ᠪᠠᠭᠠᠷᠢᠨ ᠵᠡᠭᠦᠨ ᠬᠤᠰᠢᠭᠤ

ᠪᠠᠭᠠᠷᠢᠨ ᠵᠡᠭᠦᠨ ᠬᠤᠰᠢᠭᠤ ᠨᠢ ᠥᠪᠥᠷ ᠮᠤᠩᠭᠤᠯ ᠤᠨ ᠵᠡᠭᠦᠨ ᠡᠮᠦᠨ᠎ᠡ ᠬᠡᠰᠡᠭ ᠲᠤ ᠤᠷᠤᠰᠢᠵᠤ᠂ ᠤᠯᠠᠭᠠᠨᠬᠠᠳᠠ ᠬᠤᠳᠠ ᠵᠢᠨ ᠬᠤᠶᠢᠲᠦ ᠬᠡᠰᠡᠭ ᠲᠦ ᠤᠷᠤᠰᠢᠨ᠎ᠠ᠃ ᠵᠡᠭᠦᠨ ᠤᠷᠲᠤᠷᠢᠭ ᠤᠨ 118°44᠎᠍~119°48᠂ ᠤᠮᠠᠷᠠᠳᠤ ᠦᠷᠭᠡᠷᠢᠭ ᠤᠨ 43°~ 48°48᠋᠌᠋᠌‍ ᠤᠨ ᠤᠷᠤᠨ ᠳ᠋ᠦ ᠪᠠᠶᠢᠨ᠎ᠠ᠃ ᠵᠡᠭᠦᠨ ᠲᠠᠯ᠎ᠠ ᠪᠠᠷ ᠵᠢᠡᠨ ᠠᠷᠤ ᠬᠤᠷᠴᠢᠨ ᠬᠤᠰᠢᠭᠤ᠂ ᠪᠠᠷᠠᠭᠤᠨ ᠡᠮᠦᠨ᠎ᠡ ᠲᠠᠯ᠎ᠠ ᠪᠠᠷ ᠵᠢᠡᠨ ᠪᠠᠭᠠᠷᠢᠨ ᠪᠠᠷᠠᠭᠤᠨ ᠬᠤᠰᠢᠭᠤ᠂ ᠬᠤᠶᠢᠲᠦ ᠲᠠᠯ᠎ᠠ ᠪᠠᠷ ᠵᠢᠡᠨ ᠰᠢᠯᠢ ᠵᠢᠨ ᠭᠣᠣᠯ ᠠᠶᠢᠮᠠᠭ ᠤᠨ ᠪᠠᠷᠠᠭᠤᠨ ᠦᠵᠦᠮᠦᠴᠢᠨ ᠬᠣᠰᠢᠭᠤ ᠲᠠᠢ ᠬᠢᠯᠢ ᠵᠠᠯᠭᠠᠵᠤ ᠂ ᠶᠡᠷᠦᠩᠬᠡᠢ ᠲᠠᠯᠠᠪᠠᠢ 6644 ᠺᠦᠸᠠᠳ᠋ ᠺᠢᠯᠤᠮᠸᠲ᠋ᠷ᠃ ᠬᠦᠮᠦᠨ ᠠᠮᠠ 327765᠃ ᠬᠤᠰᠢᠭᠤᠨ ᠲᠥᠪ ᠨᠢ ᠯᠢᠨᠳᠦ᠋ᠩ ᠪᠠᠯᠭᠠᠰᠤ᠃ (ᠪᠦᠷᠢᠨ ᠠᠭᠤᠯᠭ᠎ᠠ ᠶᠢ ᠤᠩᠰᠢᠬᠤ)

ᠠᠷᠭᠤᠨ
ᠠᠷᠭᠤᠨ

ᠠᠷᠭᠤᠨ (ᠬᠢᠲᠠᠳ ᠶᠢᠡᠷ᠂ 氩᠂ ᠠᠩᠭᠯᠢ ᠪᠠᠷ Argon) ᠨᠢ ᠬᠢᠮᠢ ᠶᠢᠨ ᠡᠯᠧᠮᠧᠨᠲᠠᠲ᠋ᠣᠮ ᠤᠨ ᠳ᠋ᠤᠭᠠᠷ ᠨᠢ 18 ᠂ ᠬᠢᠮᠢ ᠶᠢᠨ ᠲᠡᠮᠳᠡᠭᠯᠡᠭᠡ ᠨᠢ Ar᠂ ᠬᠣᠪᠤᠷ ᠬᠡᠢ ᠪᠡᠶᠡᠲᠦ ᠳ᠋ᠤ ᠬᠠᠷᠢᠶᠠᠯᠠᠭᠳᠠᠨ᠎ᠠ ᠃ ᠠᠷᠭᠤᠨ ᠨᠢ ᠦᠶᠡᠯᠡᠬᠦ ᠰᠢᠰᠲ᠋ᠧᠮ ᠶᠢᠨ 18 ᠳ᠋ᠤᠭᠠᠷ ᠪᠦᠯᠦᠭ ᠪᠤᠶᠤ ᠬᠣᠪᠤᠷ ᠬᠡᠢ ᠪᠡᠶᠡᠲᠦ ᠶᠢᠨ ᠪᠦᠯᠦᠭ ᠦᠨ ᠭᠤᠷᠪᠠᠳᠠᠬᠢ ᠡᠯᠧᠮᠧᠨᠲ ᠪᠥᠭᠡᠳ ᠳᠡᠯᠡᠬᠡᠢ ᠢᠢᠨ ᠠᠭᠠᠷ ᠮᠠᠨᠳᠠᠯ ᠤᠨ 0.93% ᠍ ᠶᠢ ᠡᠵᠡᠯᠡᠨ᠎ᠡ᠃ ᠳᠡᠯᠡᠬᠡᠢ ᠳᠡᠭᠡᠷ᠎ᠡ ᠬᠠᠮᠤᠭ ᠤᠨ ᠥᠷᠭᠡᠨ ᠲᠠᠷᠬᠠᠯᠲᠠ ᠲᠠᠢ ᠬᠣᠪᠤᠷ ᠬᠡᠢ ᠪᠡᠶᠡᠲᠦ ᠶᠤᠮ᠃ ᠠᠷᠭᠤᠨ ᠤ ᠠᠲ᠋ᠣᠮ ᠤᠨ ᠪᠦᠲᠦᠴᠡ ᠢᠢᠨ ᠬᠠᠮᠤᠭ ᠤᠨ ᠭᠠᠳᠠᠨᠠᠬᠢ ᠡᠯᠧᠺᠲ᠋ᠷᠣᠨ ᠤ ᠲᠣᠭ᠎ᠠ ᠨᠢ 8᠂ ᠪᠦᠷᠢᠨ ᠳᠦᠭᠦᠷᠭᠡᠭᠳᠡᠭᠰᠡᠨ ᠪᠠᠶᠢᠳᠠᠭ ᠲᠤᠯᠠ ᠬᠠᠮᠤᠭ ᠤᠨ ᠲᠣᠭᠲᠠᠪᠤᠷᠢᠲᠠᠢ᠂ ᠥᠭᠡᠷ᠎ᠡ ᠡᠯᠧᠮᠧᠨᠲ ᠦᠳ ᠲᠡᠢ ᠬᠢᠮᠢ ᠶᠢᠨ ᠤᠷᠪᠠᠯ ᠡᠭᠦᠰᠬᠡᠳᠡᠭ ᠦᠭᠡᠢ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠫᠡᠢᠨᠲ᠋ᠪᠣᠯ
ᠫᠡᠢᠨᠲ᠋ᠪᠣᠯ

ᠫᠡᠢᠨᠲ᠋ᠪᠣᠯ (Cosplay of Counter Strike )ᠨᠢ ᠲᠣᠭᠯᠠᠭᠴᠢᠳ ᠪᠠᠭ ᠤᠳ ᠲᠤ ᠬᠤᠪᠢᠶᠠᠭᠳᠠᠵᠤ ᠪᠠᠶᠢᠯᠳᠤᠳᠠᠭ ᠲᠤᠭᠯᠠᠭᠠᠮ  ᠤᠨ  ᠵᠠᠷᠴᠢᠮ ᠢᠶᠠᠷ ᠨᠢᠭᠡ ᠨᠢᠭᠡᠨ ᠢᠶᠡᠨ ᠪᠤᠳᠤᠭ ᠲᠠᠢ ᠰᠤᠮᠤ ᠪᠠᠷ ᠠᠩᠨᠠᠵᠤ ᠲᠣᠭᠯᠠᠳᠠᠭ ᠲᠣᠭᠯᠠᠭᠠᠮ ᠶᠤᠮ᠃ ᠫᠡᠢᠨᠲ᠋ᠪᠣᠯ ᠤᠨ ᠰᠤᠮᠤ ᠨᠢ ᠬᠣᠣᠷ ᠦᠭᠡᠢ᠂ ᠵᠠᠳᠠᠷᠠᠳᠠᠭ᠂ ᠤᠰᠤᠨ ᠳᠤ ᠠᠭᠤᠰᠳᠠᠭ ᠫᠣᠯᠢᠮᠧᠷ ᠢᠶᠡᠷ ᠬᠢᠭᠳᠡᠭᠰᠡᠨ᠂ ᠨᠢᠮᠭᠡᠨ ᠵᠥᠭᠡᠯᠡᠨ ᠤᠭᠤᠲᠠᠨᠴᠢᠷ ᠲᠤ ᠪᠠᠶᠢᠳᠠᠭ᠃ ᠫᠡᠢᠨᠲ᠋ᠪᠣᠯ ᠢᠶᠠᠷ ᠶᠠᠩᠵᠤ ᠪᠦᠷᠢ ᠶᠢᠨ ᠲᠤᠯᠤᠯᠳᠠᠭᠠᠨ ᠤ ᠰᠫᠣᠷᠲ ᠤᠨ ᠲᠡᠮᠡᠴᠡᠭᠡᠨ ᠨᠦᠭᠦᠳ ᠵᠣᠬᠢᠶᠠᠭᠳᠠᠳᠠᠭ᠃ ᠫᠡᠢᠨᠲ᠋ᠪᠣᠯ ᠢ ᠮᠥᠨ ᠴᠡᠷᠢᠭ ᠦᠨ ᠬᠦᠴᠦᠨ᠂ ᠬᠠᠤᠯᠢ ᠰᠠᠬᠢᠭᠤᠯᠬᠤ᠂ ᠴᠡᠷᠢᠭ ᠦᠨ ᠪᠣᠯᠤᠨ ᠠᠶᠤᠯ ᠦᠭᠡᠢ ᠪᠠᠶᠢᠳᠠᠯ ᠤᠨ ᠪᠠᠶᠢᠭᠤᠯᠤᠯᠭ᠎ᠠ ᠨᠤᠭᠤᠳ ᠲᠤ ᠴᠡᠷᠢᠭ ᠦᠨ ᠪᠡᠯᠡᠳᠬᠡᠯ ᠪᠣᠯᠭᠠᠨ ᠠᠰᠢᠭᠯᠠᠳᠠᠭ᠃ (ᠪᠦᠷᠢᠨ ᠠᠭᠤᠯᠭ᠎ᠠ ᠶᠢ ᠤᠩᠰᠢᠬᠤ)

ᠠᠤᠭ᠎ᠠ ᠲᠢᠭᠷᠠᠨ᠋ᠧᠰ
ᠠᠤᠭ᠎ᠠ ᠲᠢᠭᠷᠠᠨ᠋ᠧᠰ

ᠶᠡᠬᠡ ᠲᠢᠭᠷᠠᠨ᠋ᠧᠰ ᠪᠤᠶᠤ ᠲᠢᠭᠷᠠᠨ᠋ᠧᠰ II (ᠠᠩᠭᠯᠢ ᠪᠠᠷ Tigranes the Great) ᠨᠢ ᠬᠡᠨ ᠳᠦ ᠴᠤ ᠦᠯᠦ ᠠᠩᠵᠠᠭᠠᠷᠠᠭᠳᠠᠮ᠎ᠠ ᠵᠢᠵᠢᠭ᠍ᠭᠡᠨ ᠠᠷᠮᠧᠨ ᠤᠯᠤᠰ ᠢ (The Republic of Armenia) ᠮᠠᠰᠢ ᠪᠣᠭᠣᠨᠢ ᠬᠤᠭᠤᠴᠠᠭᠠᠨ ᠳᠤ ᠬᠦᠴᠦᠷᠬᠡᠭ ᠷᠤᠮᠠ ᠲᠠᠢ ᠦᠷᠢᠰᠦᠯᠳᠦᠬᠦᠶᠢᠴᠠ ᠬᠡᠮᠵᠢᠶ᠎ᠡ ᠲᠡᠢ ᠠᠪᠤᠷᠭᠤ ᠭᠦᠷᠦᠨ ᠪᠣᠯᠭᠠᠭᠰᠠᠨ ᠠᠷᠮᠧᠨ ᠤ ᠬᠠᠭᠠᠨ ᠶᠤᠮ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 140ᠤᠨ ᠳᠤ ᠠᠷᠲ᠋ᠠᠸᠠᠽᠡᠳ ᠬᠠᠭᠠᠨ ᠤ(Artavazd I) ᠭᠡᠷ ᠲᠦ ᠢᠷᠡᠭᠡᠳᠦᠢ ᠶᠢᠨ ᠶᠡᠬᠡ ᠤᠳᠤᠷᠢᠳᠤᠭᠴᠢ᠂ ᠠᠷᠲ᠋ᠠᠺᠰᠢᠶᠠᠳ ᠤᠨ ᠤᠭᠰᠠᠭᠠᠨ ᠤ ᠬᠠᠮᠤᠭ ᠤᠨ ᠬᠦᠴᠦᠷᠬᠡᠭ ᠬᠠᠭᠠᠨ ᠲᠢᠭᠷᠠᠨ᠋ᠧᠰ ᠮᠡᠨᠳᠦᠯᠡᠵᠡᠢ᠃ ᠲᠡᠷᠡᠪᠡᠷ ᠫᠣᠨᠲ(蓬托斯) ᠤᠨ ᠮᠢᠲ᠋ᠸᠷᠢᠳᠠᠲ ᠬᠠᠭᠠᠨ ᠤ ᠥᠬᠢᠨ ᠺᠯᠶᠣᠫᠠᠲᠷᠠ ᠲᠠᠢ ᠭᠡᠷᠯᠡᠭᠰᠡᠨ ᠪᠥᠭᠡᠳ ᠬᠠᠭᠠᠨᠴᠢᠯᠠᠯ ᠤᠨ ᠬᠤᠭᠤᠴᠠᠭᠠᠨ ᠳᠤ ᠪᠠᠨ ᠮᠠᠰᠢ ᠣᠯᠠᠨ ᠳᠠᠶᠢᠨ ᠲᠤᠯᠤᠭᠠᠨ ᠬᠢᠵᠦ ᠪᠠᠶᠢᠭᠰᠠᠨ ᠠᠵᠢ᠃ (ᠪᠦᠷᠢᠨ ᠠᠭᠤᠯᠭ᠎ᠠ ᠶᠢ ᠤᠩᠰᠢᠬᠤ)

ᠮᠤᠤᠷ
ᠮᠤᠤᠷ

ᠮᠤᠤᠷ (Felis catus) ᠪᠤᠶᠤ ᠭᠡᠷ ᠦᠨ ᠮᠤᠤᠷ ᠬᠣᠣᠷᠲᠠᠨ ᠮᠡᠷᠡᠭᠴᠢ᠂ ᠮᠣᠭᠠᠢ᠂ ᠬᠢᠯᠢᠨᠴᠡᠲᠦ ᠬᠣᠷᠣᠬᠠᠢ ᠵᠡᠷᠭᠡ ᠭᠡᠷ ᠦᠨ ᠬᠣᠣᠷᠲᠠᠨ ᠢ ᠠᠩᠨᠠᠬᠤ ᠴᠢᠳᠠᠪᠤᠷᠢ᠂ ᠬᠥᠮᠦᠨ ᠳᠦ ᠳᠠᠰᠬᠤ ᠴᠢᠳᠠᠪᠤᠷᠢ ᠪᠠᠷ ᠢᠶᠠᠨ ᠬᠦᠨᠳᠦ ᠦᠨᠡᠯᠡᠭᠳᠡᠳᠡᠭ ᠮᠢᠬᠠᠨ ᠢᠳᠡᠰᠢᠳᠦ ᠬᠥᠬᠥᠲᠡᠨ᠃ ᠮᠤᠤᠷ 9500 ᠵᠢᠯ ᠦᠨ ᠡᠮᠦᠨ᠎ᠡ ᠬᠦᠮᠦᠨ ᠲᠡᠢ ᠬᠣᠯᠪᠣᠭ᠎ᠠ ᠲᠠᠢ ᠪᠣᠯᠤᠭᠰᠠᠨ᠃ ᠴᠢᠳᠠᠪᠤᠷᠢᠯᠢᠭ ᠮᠢᠬᠠᠴᠢᠨ ᠮᠤᠤᠷ 1000 ᠣᠷᠴᠢᠮ ᠵᠦᠢᠯ ᠦᠨ ᠠᠮᠢᠲᠠᠨ ᠪᠠᠷᠢᠵᠤ ᠬᠣᠭᠣᠯᠠᠯᠠᠳᠠᠭ᠃ ᠮᠤᠤᠷ ᠬᠠᠭᠠᠯᠭᠠᠨ ᠤ ᠪᠠᠷᠢᠭᠤᠯ ᠳᠣᠭᠣᠭᠰᠢ ᠳᠠᠷᠤᠵᠤ ᠣᠩᠭᠣᠶᠢᠯᠭᠠᠬᠤ ᠵᠡᠷᠭᠡ ᠡᠩ ᠦᠨ ᠮᠧᠬᠠᠨᠢᠰᠮ ᠢ ᠥᠪᠡᠷ ᠢᠶᠡᠨ ᠡᠵᠡᠮᠰᠢᠵᠦ ᠰᠤᠷᠠᠳᠠᠭ᠃ ᠮᠤᠤᠷ ᠶᠠᠩᠵᠤ ᠪᠦᠷᠢ ᠶᠢᠨ ᠳᠠᠭᠤᠤ ᠠᠪᠢᠶ᠎ᠠ ᠪᠠᠷ ᠬᠠᠷᠢᠯᠴᠠᠳᠠᠭ ᠠᠴᠠ ᠭᠠᠳᠠᠨ᠎ᠠ᠂ ᠪᠡᠶ᠎ᠡ ᠶᠢᠨ ᠬᠥᠳᠡᠯᠭᠡᠭᠡᠨ ᠢᠶᠡᠷ ᠬᠠᠷᠢᠯᠴᠠᠳᠠᠭ᠃ ᠪᠦᠷᠢᠳᠬᠡᠯ ᠲᠡᠢ ᠴᠡᠪᠡᠷ ᠡᠭᠦᠯᠳᠡᠷ ᠦᠨ ᠮᠤᠤᠷ ᠲᠡᠵᠢᠭᠡᠳᠡᠭ ᠬᠦᠮᠦᠰ ᠣᠯᠠᠨ ᠪᠤᠢ᠃ ᠮᠤᠤᠷ ᠢ ᠰᠢᠲᠦᠭᠡᠨ ᠢᠶᠡᠨ ᠪᠣᠯᠭᠠᠭᠰᠠᠨ ᠡᠷᠲᠡᠨ ᠦ ᠶᠸᠵᠠᠫᠲ ᠲᠦ ᠮᠤᠤᠷ ᠢ ᠠᠩᠬ᠎ᠠ ᠭᠡᠷᠰᠢᠭᠦᠯᠦᠭᠰᠡᠨ ᠭᠡᠵᠦ ᠦᠵᠡᠳᠡᠭ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠬᠡᠯᠡ ᠴᠣᠷᠭᠢᠭᠴᠢ ᠳᠠᠪᠤᠰᠤ
ᠬᠡᠯᠡ ᠴᠣᠷᠭᠢᠭᠴᠢ ᠳᠠᠪᠤᠰᠤ

ᠬᠡᠯᠡ ᠴᠣᠷᠭᠢᠭᠴᠢ ᠳᠠᠪᠤᠰᠤ(白硇砂) - ᠲᠤᠰ ᠡᠮ ᠪᠣᠯ ᠲᠡᠩᠴᠡᠭᠦᠦ ᠲᠡᠩᠭᠡᠯᠢᠭᠲᠦ ᠲᠠᠯᠠᠰᠲᠤ ᠶᠢᠨ ᠰᠢᠰᠲ᠋ᠧᠮ ᠤᠨ ᠬᠠᠯᠦᠭᠸᠨᠲᠦ ᠨᠢᠭᠡᠳᠪᠦᠷᠢ ᠶᠢᠨ ᠲᠥᠷᠦᠯ ᠶᠢᠨ ᠬᠦᠳᠡᠷ ᠡᠴᠡ ᠠᠪᠤᠭᠰᠠᠨ ᠾᠯᠦᠷᠲᠦ ᠠᠮᠮᠣᠨᠢ ᠶᠢᠨ ᠬᠦᠳᠡᠷ ︱ ᠬᠡᠯᠡ ᠴᠤᠷᠭᠢᠭᠴᠢ ᠳᠠᠪᠤᠰᠤ ᠮᠥᠨ ᠃ ᠥᠴᠦᠬᠡᠨ ᠬᠠᠭᠤᠷᠤᠨ᠎ᠠ ᠃ ᠲᠦᠯᠡᠵᠦ ᠤᠲᠤᠭ᠎ᠠ ᠶᠢ ᠠᠪᠤᠨ᠎ᠠ ᠃ ᠰᠢᠭᠡᠯᠭᠡᠬᠦ ᠂ ᠰᠤᠳᠠᠯ ᠢᠶᠠᠷ ᠲᠤᠭᠤᠯᠭᠠᠬᠤ ᠂ ᠬᠠᠪᠤᠩ ᠢ ᠠᠷᠢᠯᠭᠠᠬᠤ ᠂ ᠢᠯᠵᠢᠷᠡᠬᠦ ᠶᠢ ᠵᠣᠭᠰᠤᠭᠠᠬᠤ ᠂ ᠬᠣᠣᠷ᠎ᠠ ᠶᠢ ᠲᠠᠢᠯᠬᠤ ᠂ ᠬᠡᠦᠬᠡᠨ ᠬᠡᠪᠲᠡᠰᠢ ᠶᠢ ᠠᠭᠰᠢᠭᠤᠯᠬᠤ ᠂ ᠴᠠᠭ᠎ᠠ ᠶᠢ ᠠᠷᠢᠯᠭᠠᠬᠤ ᠂ ᠰᠢᠷ᠎ᠠ ᠤᠰᠤ ᠶᠢ ᠲᠠᠲᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠬᠠᠭᠠᠯᠭᠠᠨ
ᠬᠠᠭᠠᠯᠭᠠᠨ

ᠬᠠᠭᠠᠯᠭᠠᠨ ᠬᠣᠲᠠ (ᠬᠢᠲᠠᠳ ᠢᠶᠠᠷ 张家口 ᠨᠢ ᠮᠣᠩᠭᠣᠯ ᠤᠨ ᠨᠢᠭᠤᠴᠠ ᠲᠣᠪᠴᠢᠶᠠᠨ ᠤ ᠴᠢᠭᠤᠯᠠᠯᠲᠤ ᠬᠠᠭᠠᠯᠭ᠎ᠠ ᠨᠡᠷ᠎ᠡ ᠪᠡᠷ ᠨᠡᠷᠡᠯᠡᠭᠳᠡᠭᠰᠡᠨ ᠲᠦᠮᠡᠨ ᠭᠠᠵᠠᠷ ᠤᠨ ᠴᠠᠭᠠᠨ ᠬᠡᠷᠡᠮ ᠦᠨ ᠡᠭᠦᠳᠡᠨ ᠬᠣᠲᠠ ᠪᠥᠭᠡᠳ ᠪᠡᠭᠡᠵᠢᠩ ᠤᠨ ᠪᠠᠷᠠᠭᠤᠨ ᠬᠣᠶᠢᠨ᠎ᠠ ᠪᠠᠶᠢᠷᠢᠯᠠᠨ᠎ᠠ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠾᠸᠪᠸᠢ ᠮᠤᠵᠢ ᠳᠤ ᠬᠠᠷᠢᠶᠠᠯᠠᠭᠳᠠᠬᠤ ᠪᠥᠭᠡᠳ ᠠᠶᠢᠮᠠᠭ ᠤᠨ ᠵᠡᠷᠭᠡᠯᠡᠯ ᠪᠦᠬᠦᠢ ᠬᠣᠲᠠ ᠶᠤᠮ᠃ ᠬᠠᠭᠤᠴᠢᠨ ᠳᠤ ᠪᠠᠨ ᠮᠣᠩᠭᠣᠯ ᠦᠨᠳᠦᠰᠦᠲᠡᠨ ᠦ ᠣᠯᠠᠨ ᠢᠶᠠᠷ ᠰᠠᠭᠤᠳᠠᠭ ᠬᠣᠲᠠ ᠪᠠᠶᠢᠭᠰᠠᠨ ᠪᠠ ᠮᠠᠨᠵᠤ ᠶᠢᠨ ᠬᠠᠭᠠᠨ ᠲᠡᠨᠳᠡ ᠣᠷᠣᠰᠢᠨ ᠰᠠᠭᠤᠭᠴᠢ ᠴᠠᠬᠠᠷ ᠮᠣᠩᠭᠣᠯᠴᠤᠳ ᠢ ᠪᠠᠷᠠᠭᠤᠨ ᠬᠢᠵᠠᠭᠠᠷ ᠰᠢᠨᠵᠢᠶᠠᠩ ᠤᠷᠤᠭᠤ ᠨᠡᠭᠦᠯᠭᠡᠨ ᠴᠠᠬᠠᠷ ᠨᠠᠢᠮᠠᠨ ᠬᠣᠰᠢᠭᠤ ᠶᠢ ᠪᠠᠶᠢᠭᠤᠯᠬᠤ ᠵᠡᠷᠭᠡ ᠪᠡᠷ ᠮᠣᠩᠭᠣᠯ ᠬᠦᠮᠦᠨ ᠠᠮᠠ ᠶᠢ ᠴᠦᠬᠡᠳᠭᠡᠬᠦ ᠪᠣᠳᠣᠯᠭ᠎ᠠ ᠶᠠᠪᠤᠭᠤᠯᠵᠤ ᠪᠠᠶᠢᠵᠠᠢ᠃ ᠭᠡᠰᠡᠨ ᠬᠡᠳᠦᠢ ᠴᠤ ᠬᠠᠭᠠᠯᠭᠠᠨ ᠬᠣᠲᠠ ᠨᠢ 19 ᠳ᠋ᠦᠭᠡᠷ ᠵᠠᠭᠤᠨ ᠤ ᠡᠬᠢᠨ ᠬᠦᠷᠲᠡᠯ᠎ᠡ ᠮᠣᠩᠭᠣᠯᠴᠤᠳ ᠣᠯᠠᠨ ᠢᠶᠠᠷ ᠰᠠᠭᠤᠳᠠᠭ ᠬᠣᠲᠠ ᠪᠠᠶᠢᠭᠰᠠᠨ ᠪᠠᠶᠢᠨ᠎ᠠ᠃ ᠬᠢᠶᠠᠭᠲᠤ-ᠬᠦᠷᠢᠶ᠎ᠡ-ᠬᠠᠭᠠᠯᠭᠠᠨ ᠥᠷᠲᠡᠭᠡ ᠨᠢ ᠠᠯᠳᠠᠷᠲᠠᠢ ᠪᠠᠶᠢᠵᠠᠢ᠃ ᠣᠳᠣ ᠬᠦᠷᠲᠡᠯ᠎ᠡ ᠪᠠᠷᠠᠭᠤᠨ ᠳᠤ《Kalgan》ᠭᠡᠵᠦ ᠨᠡᠷᠡᠯᠡᠭᠳᠡᠳᠡᠭ ᠬᠣᠲᠠ ᠶᠢ ᠣᠷᠴᠢᠨ ᠦᠶ᠎ᠡ ᠶᠢᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠦ ᠵᠠᠩᠵᠠᠺᠣᠤ (ᠵᠠᠩᠴᠠᠬᠦᠦ) ᠪᠤᠶᠤ《ᠵᠠᠩ ᠣᠪᠣᠭᠲᠤ ᠶᠢᠨ ᠬᠠᠭᠠᠯᠭ᠎ᠠ》ᠭᠡᠵᠦ ᠠᠯᠪᠠᠨ ᠶᠣᠰᠣᠭᠠᠷ ᠨᠡᠷᠡᠶᠢᠳᠦᠨ᠎ᠡ᠃ (ᠪᠦᠷᠢᠨ ᠠᠭᠤᠯᠭ᠎ᠠ ᠶᠢ ᠤᠩᠰᠢᠬᠤ)

ᠰᠤᠸᠠᠮᠫᠠᠨ
ᠰᠤᠸᠠᠮᠫᠠᠨ

ᠰᠤᠸᠠᠮᠫᠠᠨ (ᠠᠩᠭᠯᠢ ᠪᠠᠷ Abacusᠣᠷᠣᠰ ᠶᠢᠡᠷ Счёты) ᠨᠢ ᠶᠡᠬᠡᠪᠴᠢᠯᠡᠨ ᠠᠽᠢᠶ᠎ᠠ ᠲᠢᠪ ᠲᠦ ᠲᠠᠷᠬᠠᠭᠰᠠᠨ ᠲᠣᠭ᠎ᠠ ᠪᠣᠳᠣᠬᠤ ᠦᠢᠯᠡᠳᠦᠯ ᠭᠦᠢᠴᠡᠳᠭᠡᠬᠦ ᠪᠠᠭᠠᠵᠢ ᠶᠤᠮ᠃ ᠠᠩᠬᠠᠨ ᠳᠤ ᠪᠠᠨ ᠡᠯᠡᠰᠦ᠂ ᠮᠣᠳᠣ᠂ ᠴᠢᠯᠠᠭᠤ᠂ ᠲᠡᠮᠦᠷᠯᠢᠭ ᠵᠡᠷᠭᠡ ᠶᠢ ᠤᠬᠠᠭᠰᠠᠨ ᠬᠣᠪᠢᠯ ᠤᠨ ᠳᠠᠭᠠᠤ ᠱᠣᠰᠢ᠂ ᠴᠢᠯᠠᠭᠤ ᠵᠡᠷᠭᠡ ᠶᠢ ᠬᠥᠳᠡᠯᠭᠡᠳᠡᠭ ᠪᠠᠶᠢᠭᠰᠠᠨ ᠪᠣᠯ ᠥᠨᠥ ᠦᠶ᠎ᠡ ᠳᠦ ᠡᠷᠡᠬᠢ ᠨᠢ ᠭᠤᠯᠭᠤᠬᠤ ᠨᠠᠷᠢᠨ ᠲᠡᠮᠦᠷ ᠱᠣᠷᠣ᠂ ᠬᠤᠯᠤᠰᠤᠨ ᠤ ᠬᠦᠷᠢᠶ᠎ᠡ ᠲᠡᠢ ᠬᠢᠭᠳᠡᠳᠡᠭ ᠪᠣᠯᠤᠭᠰᠠᠨ᠃ ᠣᠷᠴᠢᠨ ᠦᠶ᠎ᠡ ᠶᠢᠨ ᠲᠣᠭ᠎ᠠ ᠪᠣᠳᠣᠬᠤ ᠠᠷᠭᠠᠴᠢᠯᠠᠯ ᠡᠭᠦᠰᠬᠦ ᠡᠴᠡ ᠡᠮᠦᠨ᠎ᠡ ᠰᠤᠸᠠᠮᠫᠠᠨ ᠨᠢ ᠬᠡᠳᠦᠨ ᠵᠠᠭᠤᠨ ᠤ ᠲᠤᠷᠰᠢᠳᠠ ᠬᠡᠷᠡᠭᠯᠡᠭᠳᠡᠭᠰᠡᠭᠡᠷ ᠢᠷᠡᠭᠰᠡᠨ ᠪᠥᠭᠡᠳ ᠣᠳᠣ ᠴᠤ ᠭᠡᠰᠡᠨ ᠠᠽᠢᠶ᠎ᠠᠠᠹᠷᠢᠺᠠ ᠳᠤ ᠬᠤᠳᠠᠯᠳᠤᠭᠠᠴᠢ᠂ ᠪᠢᠴᠢᠭᠡᠴᠢ ᠨᠠᠷ ᠬᠡᠷᠡᠭᠯᠡᠭᠰᠡᠭᠡᠷ ᠪᠠᠶᠢᠳᠠᠭ᠃ ᠰᠠᠮᠫᠠᠨ ᠢᠶᠠᠷ ᠲᠣᠭ᠎ᠠ ᠪᠣᠳᠣᠬᠤ ᠦᠢᠯᠡ ᠶᠢ ᠰᠤᠸᠠᠮᠫᠠᠨ ᠴᠤᠬᠢᠬᠤ ᠭᠡᠳᠡᠭ᠃ (ᠪᠦᠷᠢᠨ ᠠᠭᠤᠯᠭ᠎ᠠ ᠶᠢ ᠤᠩᠰᠢᠬᠤ)

ᠯᠣᠰ-ᠠᠨᠵᠧᠯᠧᠰ
Hollywood sign.jpg

ᠯᠣᠰ-ᠠᠨᠵᠧᠯᠧᠰ (ᠠᠩᠭᠯᠢ ᠪᠠᠷ Los Angleles ᠮᠥᠨ L.A. ᠴᠤ ᠭᠡᠳᠡᠭ) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠺᠠᠯᠢᠹᠣᠷᠨᠢ ᠮᠤᠵᠢ ᠤᠯᠤᠰ ᠤᠨ ᠡᠮᠦᠨᠡᠲᠦ ᠬᠡᠰᠡᠭ ᠲᠦ ᠣᠷᠣᠰᠢᠬᠤ ᠬᠣᠲᠠ ᠶᠤᠮ᠃ ᠲᠤᠰ ᠬᠣᠲᠠ ᠳᠤ 3᠂ 847᠂ 400 ᠬᠦᠮᠦᠨ ᠣᠷᠣᠰᠢᠨ ᠰᠠᠭᠤᠳᠠᠭ ᠪᠥᠭᠡᠳ ᠯᠣᠰ-ᠠᠨᠵᠧᠯᠧᠰ ᠦᠨ ᠪᠦᠰᠡ ᠨᠡᠶᠢᠲᠡ 18 ᠰᠠᠶ᠎ᠠ ᠭᠠᠷᠤᠢ ᠬᠦᠮᠦᠨ ᠠᠮᠠ ᠲᠠᠢ᠃ ᠲᠤᠰ ᠬᠣᠲᠠ ᠶᠢᠨ ᠨᠤᠲᠤᠭ ᠳᠡᠪᠢᠰᠬᠡᠷ 1200 ᠺᠤᠸᠠᠲ km᠃ ᠬᠦᠮᠦᠨ ᠠᠮᠠ ᠪᠠᠷ ᠢᠶᠠᠨ ᠠᠮᠧᠷᠢᠺᠠ ᠶᠢᠨ ᠨᠢᠭᠡᠳᠦᠭᠰᠡᠨ ᠤᠯᠤᠰ ᠲᠤ ᠵᠥᠪᠬᠡᠨ ᠨᠶᠤ-ᠢᠣᠷᠺ ᠤᠨ ᠳᠠᠷᠠᠭ᠎ᠠ ᠯᠠ ᠣᠷᠣᠳᠠᠭ ᠪᠠ ᠺᠠᠯᠢᠹᠣᠷᠨᠢ ᠮᠤᠵᠢ ᠤᠯᠤᠰ ᠤᠨ ᠬᠠᠮᠤᠭ ᠤᠨ ᠲᠣᠮᠣ ᠬᠣᠲᠠ ᠶᠤᠮ᠃

ᠲᠡᠦᠬᠡ

ᠯᠣᠰ-ᠠᠨᠵᠧᠯᠧᠰ ᠬᠡᠮᠡᠬᠦ ᠨᠡᠷ᠎ᠡ ᠨᠢ ᠢᠰᠫᠠᠨᠢ ᠬᠡᠯᠡ ᠤ "ᠰᠠᠬᠢᠭᠤᠰᠤᠨ ᠲᠩᠷᠢ ᠨᠦᠭᠦᠳ" ᠭᠡᠰᠡᠨ ᠦᠭᠡᠨ ᠡᠴᠡ ᠭᠠᠷᠤᠯ ᠲᠠᠢ᠃ ᠡᠨᠡ ᠨᠡᠷ᠎ᠡ ᠨᠢ ᠲᠤᠰ ᠭᠠᠵᠠᠷ ᠤᠨ ᠠᠩᠬᠠᠨ ᠤ ᠨᠡᠷ᠎ᠡ ᠶᠢᠨ ᠲᠣᠪᠴᠢᠯᠠᠯ ᠶᠤᠮ᠃ ᠠᠩᠬᠠᠨ ᠤ ᠨᠡᠷ᠎ᠡ ᠨᠢ "El Pueblo de Nuestra Señora la Reina de los Ángeles de Porciuncula" (ᠠᠩᠭᠯᠢ ᠬᠡᠯᠡ ᠪᠡᠷ "town of our lady the Queen of Angels of the little Portion") ᠪᠠᠶᠢᠪᠠ᠃ ᠯᠣᠰ-ᠠᠨᠵᠧᠯᠧᠰ 1781 ᠤᠨ ᠳᠤ ᠪᠠᠶᠢᠭᠤᠯᠤᠭᠳᠠᠭᠰᠠᠨ᠃ ᠡᠨᠡ ᠨᠤᠲᠤᠭ ᠤᠷᠢᠳᠤ ᠡᠮᠦᠨ᠎ᠡ ᠢᠰᠫᠠᠨᠢ ᠶᠢᠨ ᠡᠵᠡᠮᠰᠢᠯ ᠪᠠᠶᠢᠵᠤ 1850 ᠤᠨ ᠤ ᠳᠥᠷᠪᠡᠳᠦᠭᠡᠷ ᠰᠠᠷ᠎ᠠ ᠶᠢᠨ 4 ᠍ ᠳᠤ ᠺᠠᠯᠢᠹᠣᠷᠨᠢ ᠠᠮᠧᠷᠢᠺᠠ ᠶᠢᠨ ᠨᠢᠭᠡᠳᠦᠭᠰᠡᠨ ᠤᠯᠤᠰ ᠤᠨ ᠨᠢᠭᠡ ᠮᠤᠵᠢ ᠤᠯᠤᠰ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

Unix
ᠵᠧᠰᠲ᠋ᠢᠨ ᠪᠧᠢ᠋ᠪᠧᠷ

Unix (ᠠᠯᠪᠠᠨ ᠶᠣᠰᠣᠨ ᠤ ᠬᠤᠳᠠᠯᠳᠤᠭᠠᠨ ᠤ ᠲᠡᠮᠳᠡᠭ ᠨᠢ UNIX᠂ ᠵᠠᠷᠢᠮ ᠳᠤ ᠪᠠᠨ Unix ᠭᠡᠵᠦ ᠪᠢᠴᠢᠳᠡᠭ) ᠨᠢ 1969 ᠤᠨ ᠳᠤ AT&T ᠺᠣᠮᠫᠠᠨᠢ ᠶᠢᠨ ᠺᠧᠨ ᠲᠣᠮᠫᠠᠭᠰᠠᠨ᠂ ᠳᠧᠨᠨᠢᠰ ᠷᠢᠨᠲ᠋ᠴᠢ᠂ ᠪᠷᠠᠶᠢᠨ ᠺᠧᠷᠨᠢᠭᠠᠨ᠂ ᠳᠤᠭᠯᠠᠰ ᠮᠠᠺᠢᠯᠤᠷᠠᠢ᠂ ᠮᠠᠶᠢᠺᠯ ᠯᠧᠰᠺ᠂ ᠵᠢᠢ ᠣᠰᠰᠠᠨᠠ ᠭᠡᠬᠦ ᠮᠡᠲᠦ ᠬᠡᠰᠡᠭ ᠠᠵᠢᠯᠴᠢᠳ Bell Labs ᠳᠤ ᠳᠠᠪᠬᠤᠷ ᠦᠢᠯᠡᠳᠦᠯᠬᠡᠳᠦ᠂ ᠣᠯᠠᠨ ᠬᠡᠷᠡᠭᠯᠡᠭᠴᠢᠳ  ᠤᠨ ᠦᠢᠯᠡᠳᠦᠯ ᠦᠨ ᠰᠢᠰᠲ᠋ᠧᠮ ᠢ ᠪᠦᠲᠦᠭᠡᠵᠡᠢ᠃

ᠠᠩᠬ᠎ᠠ ᠠᠰᠰᠧᠮᠪᠯᠧᠷ ᠬᠡᠯᠡᠪᠡᠷ ᠬᠢᠭᠳᠡᠭᠰᠡᠨ ᠴᠤ 1973 ᠤᠨ ᠳᠤ ᠴᠢᠨᠠᠭᠰᠢᠳᠠ ᠶᠢᠨ ᠬᠥᠭᠵᠢᠭᠦᠯᠦᠯᠲᠡ ᠪᠣᠯᠤᠨ ᠣᠯᠠᠨ ᠲᠥᠷᠥᠯ ᠦᠨ ᠲᠥᠬᠥᠭᠡᠷᠦᠮᠵᠢ ᠳᠦ ᠬᠢᠯᠪᠠᠷ ᠰᠠᠭᠤᠷᠢᠰᠢᠭᠤᠯᠬᠤ ᠵᠣᠷᠢᠯᠭ᠎ᠠ ᠪᠠᠷ ᠪᠠᠷᠤᠭ ᠪᠦᠭᠦᠳᠡ ᠶᠢ ᠨᠢ ᠰᠢ ᠬᠡᠯᠡ ᠤᠷᠤᠭᠤ ᠬᠥᠷᠪᠡᠭᠦᠯᠵᠡᠢ᠃

1974 ᠤᠨ ᠳᠤ UNIX ᠍ ᠶᠢᠨ ᠬᠠᠮᠤᠭ ᠤᠨ ᠠᠩᠬᠠᠨ ᠤ ᠯᠢᠼᠧᠨᠽᠢ ᠶᠢ ᠢᠯᠣᠨᠢᠢᠰ ᠤᠨ ᠶᠡᠬᠡ ᠰᠤᠷᠭᠠᠭᠤᠯᠢ ᠳᠤ ᠭᠷᠧᠭ ᠴᠧᠰᠰᠥᠨ᠂ ᠳᠤᠨᠠᠯᠳᠤ ᠪ᠂ᠭᠢᠯᠯᠢᠰ ᠨᠠᠷ ᠠᠪᠴᠠᠢ᠃ ᠥᠨᠥᠳᠥᠷ Unix ᠰᠢᠰᠲ᠋ᠧᠮ ᠢ AT&T ᠍ ᠡᠴᠡ ᠭᠠᠳᠠᠨ᠎ᠠ ᠣᠯᠠᠨ ᠬᠤᠳᠠᠯᠳᠤᠭᠠᠨ ᠤ ᠪᠠᠶᠢᠭᠤᠯᠤᠯᠭ᠎ᠠ᠂ ᠶᠡᠬᠡ ᠰᠤᠷᠭᠠᠭᠤᠯᠢ (ᠵᠢᠱᠢᠶ᠎ᠡ ᠨᠢ: ᠺᠠᠯᠢᠹᠣᠷᠨᠢ ᠡ ᠶᠡᠬᠡ ᠰᠤᠷᠭᠠᠭᠤᠯᠢ ᠶᠢᠨ BSD)᠂ ᠠᠰᠢᠭ ᠤᠨ ᠪᠤᠰᠤ ᠪᠠᠶᠢᠭᠤᠯᠤᠯᠭ᠎ᠠ ᠨᠤᠭᠤᠳ ᠲᠤᠰ ᠲᠤᠰ ᠲᠤ ᠪᠠᠨ ᠬᠥᠭᠵᠢᠭᠦᠯᠵᠦ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠴᠸᠩ ᠯᠦᠩ
ᠴᠸᠩ ᠯᠦᠩ

ᠴᠸᠩ ᠯᠦᠩ (ᠵᠧᠺᠢ ᠴᠢᠨ)(ᠬᠢᠲᠠᠳ ᠶᠢᠡᠷ᠂ 成龙᠂ ᠠᠩᠭᠯᠢ ᠪᠠᠷ Jackie Chan Kong Sang) ᠨᠢ 1954ᠤᠨ ᠤ 4 ᠰᠠᠷ᠎ᠠ ᠶᠢᠨ 7 ᠤ ᠡᠳᠦᠷ ᠰᠢᠶᠠᠩᠭᠠᠩ ᠳᠦ ᠮᠡᠨᠳᠦᠯᠡᠭᠰᠡᠨ ᠪᠥᠭᠡᠳ ᠵᠦᠵᠦᠭᠡᠴᠢᠨ᠂ ᠨᠠᠶᠢᠷᠠᠭᠤᠯᠤᠭᠴᠢ᠂ ᠺᠢᠨᠤ᠋ ᠦᠢᠯᠡᠳᠦᠭᠴᠢ᠂ ᠲᠤᠭᠯᠠᠭᠴᠢ᠂ ᠺᠢᠨᠣ᠋ ᠶᠢᠨ ᠵᠣᠬᠢᠶᠠᠯᠴᠢ᠂ ᠺᠢᠨᠤ᠋ ᠤᠳᠤᠷᠢᠳᠤᠭᠴᠢ᠂ ᠳᠠᠭᠤᠴᠢᠨ ᠶᠤᠮ᠃ ᠲᠡᠷᠡᠪᠡᠷ ᠠᠪᠢᠶᠠᠰ ᠴᠢᠳᠠᠪᠤᠷᠢ ᠱᠠᠭᠠᠷᠳᠠᠭᠰᠠᠨ ᠠᠺᠷᠣᠪᠠᠲ(杂技) ᠤᠨ ᠦᠵᠡᠭᠦᠯᠪᠦᠷᠢ ᠪᠣᠯᠤᠨ ᠬᠣᠱᠣᠩ ᠥᠩᠭᠡ ᠠᠶᠠᠰ ᠢᠶᠠᠷ ᠢᠶᠠᠨ ᠦᠵᠡᠭᠴᠢᠳ ᠢ ᠥᠪᠡᠷᠲᠡᠭᠡᠨ ᠲᠠᠲᠠᠵᠤ ᠴᠢᠳᠠᠭᠰᠠᠨ ᠨᠢᠭᠡᠨ ᠪᠢᠯᠡ᠃ ᠮᠥᠨ ᠲᠡᠷᠡᠪᠡᠷ 1960ᠤᠨ ᠠᠴᠠ ᠡᠬᠢᠯᠡᠨ 150 ᠊ᠭᠠᠳ ᠺᠢᠨᠣ᠋ ᠳᠤ ᠥᠪᠡᠷ ᠦᠨ ᠳᠦᠷᠢ ᠪᠡᠨ ᠮᠥᠩᠬᠡᠯᠡᠭᠰᠡᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠡᠮᠦᠨᠡᠭᠣᠪᠢ
ᠡᠮᠦᠨᠡᠭᠣᠪᠢ

ᠡᠮᠦᠨᠡᠭᠣᠪᠢ ᠨᠢ ᠮᠣᠩᠭᠣᠯ ᠤᠯᠤᠰ ᠍ ᠤᠨ ᠠᠶᠢᠮᠠᠭ ᠃ 1931 ᠤᠨ ᠳᠤ ᠪᠠᠶᠢᠭᠤᠯᠤᠭᠳᠠᠭᠰᠠᠨ᠃ᠡ ᠮᠦᠨᠡᠭᠣᠪᠢ ᠠᠶᠢᠮᠠᠭ ᠨᠢ 165᠂0 ᠮᠢᠩᠭᠠᠨ ᠬᠠᠪᠲᠠᠭᠠᠢ ᠳᠥᠷᠪᠡᠯᠵᠢᠨ ᠺᠢᠯᠣᠮᠧᠲ᠋ᠷ ᠨᠤᠲᠤᠭ ᠳᠡᠪᠢᠰᠬᠡᠷ ᠲᠡᠢ᠂ 15 ᠰᠤᠮᠤ᠂ 58 ᠪᠠᠭ ᠲᠠᠢ᠃ ᠠᠶᠢᠮᠠᠭ ᠤᠨ ᠲᠥᠪ ᠳᠠᠯᠠᠨᠵᠠᠳᠠᠭᠠᠲᠤ ᠬᠣᠲᠠ᠃1923 ᠤᠨ ᠤ ᠳᠤᠮᠳᠠᠭᠤᠷ ᠬᠠᠭᠤᠴᠢᠨ ᠳᠥᠷᠪᠡᠨ ᠠᠶᠢᠮᠠᠭ ᠢ ᠥᠭᠡᠷᠡᠴᠢᠯᠡᠨ ᠪᠠᠶᠢᠭᠤᠯᠬᠤ ᠵᠠᠰᠠᠭ ᠤᠨ ᠭᠠᠵᠠᠷ ᠤᠨ ᠰᠢᠢᠳᠪᠦᠷᠢ᠂ ᠮᠥᠨ ᠠᠶᠢᠮᠠᠭ ᠤᠨ ᠵᠠᠬᠢᠷᠭ᠎ᠠ (ᠶᠠᠮᠤ) ᠪᠠᠶᠢᠭᠤᠯᠬᠤ ᠳᠦᠷᠢᠮ ᠢ ᠪᠠᠲᠤᠯᠠᠨ ᠭᠠᠷᠭᠠᠵᠠᠢ᠃ ᠮᠣᠩᠭᠣᠯ ᠤᠯᠤᠰ ᠤᠨ ᠨᠤᠲᠤᠭ ᠳᠡᠪᠢᠰᠬᠡᠷ᠂ ᠵᠠᠰᠠᠭ ᠵᠠᠬᠢᠷᠭᠠᠨ ᠤ ᠬᠤᠪᠢᠶᠠᠷᠢ ᠳᠤ ᠥᠭᠡᠷᠡᠴᠢᠯᠡᠯᠲᠡ ᠤᠷᠤᠭᠤᠯᠬᠤ ᠲᠤᠬᠠᠢ ᠰᠢᠢᠳᠪᠦᠷᠢ 1928 ᠤᠨ ᠠᠴᠠ ᠡᠬᠢᠯᠡᠨ ᠱᠠᠲᠤ ᠳᠠᠷᠠᠭᠠᠯᠠᠨ ᠭᠠᠷᠴᠠᠢ᠃ ᠠᠶᠢᠮᠠᠭ᠂ ᠬᠣᠱᠤᠳ ᠤᠨ ᠭᠠᠵᠠᠷ ᠨᠤᠲᠤᠭ ᠤᠨ ᠬᠡᠮᠵᠢᠶ᠎ᠡ ᠠᠰᠤᠷᠤ ᠠᠭᠤᠳᠠᠮ᠂ ᠭᠠᠵᠠᠷ ᠤᠨ ᠳᠤᠮᠳᠠ ᠶᠢ ᠣᠯᠵᠤ ᠲᠥᠪᠯᠡᠵᠦ ᠴᠢᠳᠠᠭ᠎ᠠ ᠦᠭᠡᠢ ᠵᠡᠷᠭᠡ ᠶᠢ ᠬᠠᠷᠠᠭᠠᠯᠵᠠᠨ 1931 ᠤᠨ ᠳᠤ ᠣᠷᠣᠨ ᠨᠤᠲᠤᠭ ᠤᠨ ᠵᠠᠰᠠᠭ ᠵᠠᠬᠢᠷᠭᠠᠨ ᠤ ᠪᠦᠲᠦᠴᠡ ᠶᠢᠨ ᠥᠭᠡᠷᠡᠴᠢᠯᠡᠯᠲᠡ ᠬᠢᠭᠰᠡᠨ ᠪᠢᠯᠡ᠃ ᠡᠨᠡ ᠥᠭᠡᠷᠡᠴᠢᠯᠡᠯᠲᠡ ᠪᠡᠷ ᠤᠷᠢᠳᠤ ᠨᠢ 5 ᠠᠶᠢᠮᠠᠭ᠂ 72 ᠬᠣᠰᠢᠭᠤ᠂ 525 ᠰᠤᠮᠤ ᠪᠠᠶᠢᠭᠰᠠᠨ ᠢ 12 ᠠᠶᠢᠮᠠᠭ᠂ 324 ᠰᠤᠮᠤ ᠪᠣᠯᠭᠠᠨ ᠵᠣᠬᠢᠶᠠᠨ ᠪᠠᠶᠢᠭᠤᠯᠤᠭᠳᠠᠬᠤ ᠳᠤ ᠡᠮᠦᠨᠡᠭᠣᠪᠢ ᠠᠶᠢᠮᠠᠭ ᠰᠢᠨ᠎ᠡ ᠪᠡᠷ ᠪᠠᠶᠢᠭᠤᠯᠤᠭᠳᠠᠭᠰᠠᠨ ᠪᠠᠶᠢᠨ᠎ᠠ᠃ ᠢᠩᠭᠢᠬᠦ ᠳᠦ ᠪᠡᠨ ᠪᠣᠭᠳᠠ ᠬᠠᠨ ᠠᠭᠤᠯᠠ᠂ ᠴᠡᠴᠡᠷᠯᠢᠭ ᠮᠠᠨᠳᠠᠯ ᠤᠨ ᠠᠶᠢᠮᠠᠭ ᠤᠳ ᠠᠴᠠ ᠲᠠᠰᠤᠯᠤᠨ ᠵᠣᠬᠢᠶᠠᠨ ᠪᠠᠶᠢᠭᠤᠯᠤᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠰᠠᠭᠠᠷᠮᠠᠭ ᠵᠠᠮᠪᠠ
ᠰᠠᠭᠠᠷᠮᠠᠭ ᠵᠠᠮᠪᠠ

ᠰᠠᠭᠠᠷᠮᠠᠭ ᠵᠠᠮᠪᠠ(冬葵果) - ᠲᠤᠰ ᠡᠮ ᠪᠣᠯ ᠵᠠᠮᠪᠠ ᠴᠡᠴᠡᠭ ᠦᠨ ᠢᠵᠠᠭᠤᠷ ᠤᠨ ᠡᠪᠡᠰᠦᠯᠢᠭ ᠤᠷᠭᠤᠮᠠᠯ ᠪᠣᠯᠬᠤ ᠵᠠᠮᠪᠠ ᠴᠡᠴᠡᠭ ︵ 北锦葵 ︶ ᠦᠨ ᠬᠠᠲᠠᠭᠠᠭᠰᠠᠨ ᠪᠣᠯᠪᠠᠰᠤᠷᠠᠭᠰᠠᠨ ᠵᠢᠮᠢᠰ ᠮᠥᠨ ᠃ ᠰᠤᠳᠠᠯ ᠤᠨ ᠰᠦᠪᠡ ᠶᠢ ᠨᠡᠭᠡᠭᠡᠬᠦ ᠂ ᠰᠢᠭᠡᠯᠭᠡᠬᠦ ᠂ ᠬᠠᠪᠤᠩ ᠢ ᠠᠷᠢᠯᠭᠠᠬᠤ ᠂ ᠰᠢᠷ᠎ᠠ ᠶᠢ ᠠᠷᠢᠯᠭᠠᠬᠤ ᠂ ᠦᠭᠡᠷᠢ ᠶᠢ ᠬᠠᠲᠠᠭᠠᠬᠤ ᠂ ᠰᠠᠭᠤᠯᠭᠠᠬᠤ ᠶᠢ ᠵᠣᠭᠰᠤᠭᠠᠬᠤ ᠂ ᠤᠮᠳᠠᠭᠠᠰᠬᠤ ᠶᠢ ᠵᠣᠭᠰᠤᠭᠠᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠮᠢᠺᠧᠯᠠᠨᠵᠧᠯᠤ᠋
ᠮᠢᠺᠧᠯᠠᠨᠵᠧᠯᠤ᠋

ᠮᠢᠺᠧᠯᠠᠨᠵᠧᠯᠤ᠋ ᠳ᠋ᠢ ᠯᠣᠳᠣᠸᠢᠺᠣ ᠪᠦᠦᠨᠠᠷᠥᠲ᠋ᠢ ᠰᠢᠮᠣᠨᠢ (ᠢᠲ᠋ᠠᠯᠢ ᠬᠡᠯᠡ: Michelangelo di Lodovico Buonarroti Simoni᠂1475 ᠤᠨ ᠤ 3 ᠰᠠᠷ᠎ᠠ ᠶᠢᠨ 6 – 1564 ᠤᠨ ᠤ 2 ᠰᠠᠷ᠎ᠠ ᠶᠢᠨ 18) ᠨᠢ ᠢᠲ᠋ᠠᠯᠢ ᠶᠢᠨ ᠰᠡᠷᠭᠦᠨ ᠮᠠᠨᠳᠤᠯᠲᠠ ᠶᠢᠨ ᠦᠶ᠎ᠡ ᠶᠢᠨ ᠠᠯᠳᠠᠷᠲᠤ ᠵᠢᠷᠤᠭᠴᠢᠨ᠂ ᠵᠣᠬᠢᠶᠠᠯᠴᠢ᠂ ᠤᠷᠠᠨ ᠪᠠᠷᠢᠯᠭᠠᠴᠢᠨ᠂ ᠢᠷᠠᠭᠤ ᠨᠠᠶᠢᠷᠠᠭᠴᠢ᠂ ᠵᠣᠬᠢᠶᠠᠨ ᠪᠦᠲᠦᠭᠡᠭᠴᠢ ᠪᠥᠭᠡᠳ ᠥᠷᠥᠨᠡᠲᠦ ᠶᠢᠨ ᠤᠷᠠᠯᠢᠭ ᠪᠣᠯᠤᠨ ᠢᠨᠵᠧᠨᠧᠷᠢᠭ ᠦᠨ ᠬᠥᠭᠵᠢᠯ ᠳᠦ ᠶᠡᠬᠡᠬᠡᠨ ᠬᠤᠪᠢ ᠨᠡᠮᠡᠷᠢ ᠦᠵᠡᠭᠦᠯᠦᠭᠰᠡᠨ ᠬᠦᠮᠦᠨ ᠪᠢᠯᠡ᠃ ᠲᠡᠭᠦᠨ ᠦ ᠳᠠᠬᠢᠨ ᠳᠠᠪᠲᠠᠭᠳᠠᠰᠢ ᠦᠭᠡᠢ ᠠᠪᠢᠶᠠᠰ ᠰᠤᠤ ᠪᠢᠯᠢᠭ ᠨᠢ ᠲᠡᠷᠡ ᠦᠶ᠎ᠡ ᠶᠢᠨ ᠤᠷᠠᠯᠢᠭ ᠲᠤ ᠨᠣᠶᠠᠷᠬᠠᠵᠤ ᠪᠠᠶᠢᠭᠰᠠᠨ ᠬᠡᠪᠰᠢᠮᠡᠯ ᠰᠡᠳᠬᠢᠯᠭᠡ ᠶᠢ ᠦᠭᠡᠷᠡᠴᠢᠯᠡᠭᠰᠡᠨ ᠪᠤᠯᠬᠤᠷ᠂ ᠮᠢᠺᠧᠯᠠᠨᠵᠧᠯᠤ᠋᠂ᠯᠧᠣᠨᠠᠷᠳᠤ᠋ ᠳ᠂ ᠸᠢᠨᠴᠢ(Leonardo da Vinci)᠂ ᠷᠠᠹᠠᠥᠯ ᠰᠠᠨᠲ᠋ᠢ(Raffaello Sanzio) ᠨᠠᠷ ᠨᠢ ᠰᠡᠷᠭᠦᠨ ᠮᠠᠨᠳᠤᠯ ᠤᠨ ᠦᠶ᠎ᠡ ᠶᠢᠨ ᠭᠤᠷᠪᠠᠨ ᠶᠡᠬᠡ ᠤᠳᠤᠨ ᠬᠦᠮᠦᠰ ᠭᠡᠭᠳᠡᠳᠡᠭ᠃  (ᠪᠦᠷᠢᠨ ᠠᠭᠤᠯᠭ᠎ᠠ ᠶᠢ ᠤᠩᠰᠢᠬᠤ)

ᠪᠣᠷᠵᠢᠭᠢᠨ
ᠪᠣᠷᠵᠢᠭᠢᠨ

ᠪᠣᠷᠵᠢᠭᠢᠨ ᠨᠢ ᠶᠡᠬᠡ ᠮᠣᠩᠭᠣᠯ ᠤᠯᠤᠰ ᠍ ᠤᠨ ᠬᠠᠭᠠᠳ ᠢ ᠲᠥᠷᠥᠭᠦᠯᠦᠨ ᠭᠠᠷᠭᠠᠭᠰᠠᠨ᠂ ᠮᠣᠩᠭᠣᠯ ᠤᠨ ᠨᠢᠭᠡᠨ ᠣᠪᠤᠭ ᠠᠶᠢᠮᠠᠭ ᠶᠤᠮ᠃ 12 ᠍ ᠳᠦᠭᠡᠷ ᠵᠠᠭᠤᠨ ᠤ ᠦᠶ᠎ᠡ ᠳᠦ ᠮᠣᠩᠭᠣᠯ ᠤᠨ ᠲᠠᠯ᠎ᠠ ᠬᠡᠭᠡᠷ᠎ᠡ ᠶᠢᠨ ᠵᠡᠭᠦᠨ ᠬᠣᠶᠢᠳᠤ ᠬᠡᠰᠡᠭ ᠢᠶᠡᠷ ᠨᠤᠲᠤᠭᠯᠠᠵᠤ ᠪᠠᠶᠢᠭᠰᠠᠨ ᠮᠣᠩᠭᠣᠯ ᠠᠶᠢᠮᠠᠭ ᠤᠳ ᠤᠨ ᠨᠢᠭᠡ ᠬᠦᠴᠦᠷᠬᠡᠭ ᠣᠪᠤᠭ ᠨᠢ ᠪᠣᠳᠣᠨᠴᠠᠷ ᠮᠤᠩᠬᠠᠭ ᠠᠴᠠ ᠡᠭᠦᠰᠦᠯᠲᠡᠢ᠂ ᠪᠣᠷᠵᠢᠭᠢᠨ ᠣᠪᠤᠭ ᠪᠠᠶᠢᠭᠰᠠᠨ ᠶᠤᠮ᠃ ᠲᠡᠳᠡᠨ ᠦ ᠳᠤᠮᠳᠠ ᠠᠴᠠ ᠬᠠᠮᠤᠭ ᠮᠣᠩᠭᠣᠯ ᠍ ᠤᠨ ᠬᠠᠨ ᠬᠠᠪᠤᠯ ᠵᠡᠷᠭᠡ ᠠᠯᠳᠠᠷᠲᠤ ᠬᠦᠮᠦᠰ ᠲᠥᠷᠥᠨ ᠭᠠᠷᠴᠤ᠂ ᠮᠣᠩᠭᠣᠯ ᠠᠶᠢᠮᠠᠭ ᠤᠳ ᠢ ᠵᠠᠬᠢᠷᠴᠤ ᠢᠷᠡᠭᠰᠡᠨ ᠠᠵᠢ᠃ ᠤᠯᠠᠮ ᠢᠶᠠᠷ ᠪᠣᠷᠵᠢᠭᠢᠨ ᠣᠪᠤᠭ ᠤᠨ ᠴᠢᠩᠭᠢᠰ ᠬᠠᠭᠠᠨ ᠮᠣᠩᠭᠣᠯ ᠤᠭᠰᠠᠭᠠᠲᠠᠨ ᠨᠤᠭᠤᠳ ᠢ ᠨᠢᠭᠡᠳᠬᠡᠵᠦ᠂ ᠶᠡᠬᠡ ᠮᠣᠩᠭᠣᠯ ᠤᠯᠤᠰ ᠢ ᠪᠠᠶᠢᠭᠤᠯᠤᠭᠰᠠᠨ ᠶᠤᠮ᠃ (ᠪᠦᠷᠢᠨ ᠠᠭᠤᠯᠭ᠎ᠠ ᠶᠢ ᠤᠩᠰᠢᠬᠤ)

ᠤᠯᠠᠭᠠᠨᠬᠠᠳᠠ ᠳ᠋ᠡᠬᠢ ᠮᠣᠩᠭᠣᠯ ᠥᠨᠳᠤᠰᠤᠳᠡᠨ  ᠤ ᠲᠤᠮᠳᠠᠳᠤ ᠰᠤᠷᠭᠠᠭᠤᠯᠢ
Chifengmengzhonglogo.png

ᠤᠯᠠᠭᠠᠨᠬᠠᠳᠠ ᠳ᠋ᠡᠭᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ -- ᠥᠪᠤᠷ ᠮᠤᠩᠭᠤᠯ ‍ᠤᠨ ᠥᠪᠡᠷᠳᠡᠭᠡᠨ ᠵᠠᠰᠠᠬᠤ ᠲᠡᠭᠡᠳᠤ ᠰᠤᠷᠭᠠᠭᠤᠯᠢ ᠪᠤᠯ ᠤᠯᠠᠭᠠᠨᠬᠠᠳᠠ ᠳ᠋ᠡᠭᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ ᠵᠢᠨ ᠤᠷᠢᠳᠠᠴᠢ ᠪᠡᠶ᠎ᠡ ᠮᠦᠨ ‍᠃‍ ᠤᠯᠠᠭᠠᠨᠬᠥᠤ ᠨᠥᠭᠥᠷ ᠲᠤᠰ ᠰᠤᠷᠭᠠᠭᠤᠯᠢ ᠶ᠋ᠢ ᠴᠤᠭᠴᠠᠯᠠᠨ ᠪᠠᠶᠢᠭᠤᠯᠤᠭᠰᠠᠨ ᠪᠥᠭᠡᠳ 1946 ᠤᠨ  ᠤ 3 ᠰᠠᠷ᠎ᠠ ᠡᠴᠡ 1949 ᠤᠨ  ᠤ 8 ᠰᠠᠷ᠎ᠠ ᠪᠤᠯᠳᠠᠯ᠎ᠠ ᠵᠠᠭᠢᠷᠤᠯ ‍ᠤᠨ ᠲᠤᠰᠢᠶᠡᠯ  ᠢ ᠬᠠᠪᠰᠤᠷᠭᠠᠨ ᠬᠠᠷᠢᠭᠤᠴᠠᠵᠤ ᠪᠠᠶᠢᠪᠠ ‍᠃‍ ᠥᠪᠤᠷ ᠮᠤᠩᠭᠤᠯ ‍ᠤᠨ ᠥᠪᠡᠷᠳᠡᠭᠡᠨ ᠵᠠᠰᠠᠬᠤ ᠲᠡᠭᠡᠳᠤ ᠰᠤᠷᠭᠠᠭᠤᠯᠢ ᠪᠤᠯ ᠲᠤᠮᠳᠡᠳᠤ ᠤᠯᠤᠰ ‍ᠤᠨ ᠬᠤᠪᠢᠰᠬᠠᠯ ‍ᠤᠨ ᠭᠤᠯᠤᠮᠳᠠ ‍᠂‍ ᠪᠥᠭᠥ ᠤᠯᠤᠰ  ᠢ ᠴᠢᠯᠦᠭᠡᠯᠡᠬᠦ ᠲᠡᠮᠡᠴᠡᠯ ‍ᠤᠨ ᠲᠤᠭᠴᠢ ‍᠂‍ ᠡᠯ᠎ᠡ ᠥᠨᠳᠤᠰᠤᠳᠡᠨ  ᠤ ᠠᠷᠠᠳ ᠲᠥᠮᠡᠨ ᠤ ᠪᠥᠯᠭᠥᠮᠳᠡᠯ ᠨᠢᠭᠳᠠᠷᠠᠯ ‍ᠤᠨ ᠲᠠᠭᠰᠢᠨ ᠤᠷᠤᠨ ‍᠂‍ ᠮᠤᠩᠭᠤᠯ ᠥᠨᠳᠤᠰᠤᠳᠡᠨ  ᠤ ᠬᠤᠪᠢᠰᠬᠠᠯᠳᠤ ᠰᠡᠭᠡᠭᠡᠳᠡᠳ ᠢ ᠬᠦᠮᠦᠵᠢᠬᠦᠯᠦᠭᠰᠡᠨ ᠠᠷᠢᠭᠤᠨ ᠥᠯᠥᠭᠡᠢ ᠶᠤᠮ ‍᠃‍

ᠬᠤᠷᠢᠳᠤᠭᠠᠷ ᠵᠠᠭᠤᠨ ᠤ ᠲᠡᠭᠡᠷ᠎ᠡ ᠬᠠᠭᠠᠰ ᠲᠤ ‍᠂‍ ᠲᠤᠮᠳᠡᠳᠤ ᠤᠯᠤᠰ ᠲᠤᠡᠭ ᠶᠡᠭᠡ ᠲᠤᠩᠰᠤᠯᠤᠯᠳᠡ ᠵᠢᠨ ᠲᠤᠮᠳᠡ ᠤᠷᠤᠰᠢᠵᠦ ᠪᠠᠶᠢᠯ᠎ᠠ ‍᠃‍ ᠲᠤᠬᠠᠢ ᠵᠢᠨ ᠠᠬᠤᠢ ᠪᠠᠶᠢᠳᠠᠯ ‍ᠤᠨ ᠭᠥᠭᠵᠢᠯᠳᠡ ᠵᠢ ᠲᠠᠭᠠᠯᠳᠤᠨ ‍᠂‍ ᠮᠤᠩᠭᠤᠯ ᠥᠨᠳᠤᠰᠤᠳᠡᠨ ᠴᠤ ᠲᠡᠤᠭᠡ ᠵᠢᠨ ᠲᠤᠨᠤᠯᠵᠢᠨ ᠵᠠᠮ ᠳ᠋ᠤ ᠲᠤᠯᠭᠠᠷᠠᠯ᠎ᠠ ‍᠃‍ ᠡᠨᠡᠭᠥ ᠲᠡᠭᠷᠢ ᠭᠠᠵᠠᠷ ᠲᠤᠩᠰᠤᠯᠤᠨ ᠭᠥᠳᠡᠯᠥᠭᠰᠡᠨ ᠲᠡᠤᠭᠡᠨ ᠴᠠᠭ ᠥᠶ᠎ᠡ ᠳ᠋ᠤ ‍᠂‍ ᠤᠯᠠᠭᠠᠨᠬᠥᠤ ᠵᠡᠷᠭᠡ ᠮᠤᠩᠭᠤᠯ ᠰᠤᠶᠤᠯ ‍ᠤᠨ ᠰᠤᠳᠤᠴᠤᠤᠯ ᠥᠪᠡᠷ ‍ᠤᠨ ᠡᠷᠢᠯᠭᠢᠯᠡᠯ ‍᠂‍ ᠬᠠᠰᠭᠢᠷᠤᠯ ‍᠂‍ ᠲᠡᠮᠡᠴᠡᠯ ᠪᠤᠯᠤᠨ ᠮᠢᠩᠭᠠᠨ ᠭᠠᠯᠪᠠ ᠳ᠋ᠤ ᠲᠠᠭᠤᠷᠢᠰᠤᠯᠳᠠᠢ ᠮᠢᠳᠡᠷᠡᠰᠢ ᠥᠭᠡᠢ ᠵᠤᠷᠢᠭ ᠰᠠᠨᠠᠭ᠎᠎ᠠ ᠪᠡᠷ ᠥᠨᠳᠤᠰᠤᠳᠡᠨ ᠤ ᠴᠢᠯᠥᠭᠡᠯᠡᠯᠳᠡ ᠵᠢ ᠡᠷᠢᠯᠭᠢᠯᠡᠨ ‍᠂‍ ᠥᠨᠳᠤᠰᠤᠳᠡᠨ ᠤ ᠥᠪᠡᠷᠳᠡᠭᠡᠨ ᠵᠠᠰᠠᠬᠤ ᠵᠢ ᠤᠷᠠᠶᠢᠯᠠᠵᠤ ‍᠂‍ ᠥᠪᠤᠷ ᠮᠤᠩᠭᠤᠯ ‍ᠤᠨ ᠥᠪᠡᠷᠳᠡᠭᠡᠨ ᠵᠠᠰᠠᠬᠤ ᠭᠥᠳᠡᠯᠭᠡᠭᠡᠨ  ᠢ ᠥᠷᠨᠢᠭᠥᠯᠪᠡ ‍᠃‍ ᠶᠠᠫᠤᠨ ᠢ ᠡᠰᠡᠷᠭᠥᠴᠡᠭᠥ ᠲᠠᠶᠢᠨ ᠢᠯᠡᠯᠳᠡ ᠤᠯᠤᠭᠰᠠᠨ ᠤ ᠲᠠᠷᠠᠭ᠎᠎ᠠ ‍᠂‍ ᠲᠤᠳᠤᠭᠠᠳᠤ ᠵᠢᠨ ᠲᠠᠶᠢᠨ ᠲᠡᠭᠳᠡᠯ᠎ᠡ ‍᠃‍ ᠡᠳᠡᠭᠡᠷ ᠮᠤᠩᠭᠤᠯ ᠥᠨᠳᠤᠰᠤᠳᠡᠨ ᠤ ᠰᠤᠳᠤᠴᠤᠤᠯ ᠮᠠᠨᠢ ᠥᠨᠳᠤᠰᠤᠳᠡᠨ ᠤ ᠴᠢᠯᠤᠭᠡᠯᠡᠯᠳᠡ ᠪᠤᠯᠤᠨ ᠥᠨᠳᠤᠰᠤᠳᠡᠨ ᠤ ᠥᠪᠡᠷᠳᠡᠭᠡᠨ ᠵᠠᠰᠠᠬᠤ ᠭᠥᠰᠡᠯ ᠡᠷᠡᠮᠡᠯᠵᠡᠯ ᠵᠢᠨᠨ ᠲᠤᠮᠳᠡᠳᠤ ᠤᠯᠤᠰ ‍ᠤᠨ ᠡᠪ ᠬᠠᠮᠳᠤ ᠨᠠᠮ ‍ᠤᠨ ᠰᠤᠳᠤ ᠮᠡᠷᠭᠡᠨ ᠤᠳᠤᠷᠢᠳᠤᠯᠭ᠎᠎ᠠ ᠳ᠋ᠤ ᠲᠡᠪᠰᠢᠭᠥᠯᠪᠡ ‍᠃‍ ᠢᠩᠭᠢᠭᠡᠳ ᠲᠤᠮᠳᠡᠳᠤ ᠤᠯᠤᠰ ‍ᠤᠨ ᠡᠪ ᠬᠠᠮᠳᠤ ᠨᠠᠮ ‍ᠤᠨ ᠲᠥᠪ ᠬᠤᠷᠢᠶ᠎ᠠ ᠪᠤᠯᠤᠨ ᠤᠯᠠᠭᠠᠨᠬᠦᠦ ᠨᠥᠭᠥᠷ ‍ᠤᠨ ᠤᠷᠢᠶᠠᠯᠠᠭ᠎᠎ᠠ ᠲᠤᠤᠷ᠎ᠠ ‍᠂‍ ᠥᠪᠤᠷ ᠮᠤᠩᠭᠤᠯ ‍ᠤᠨ ᠥᠪᠡᠷᠳᠡᠭᠡᠨ ᠵᠠᠰᠠᠬᠤ ᠭᠥᠳᠡᠯᠭᠡᠭᠡᠨ ᠤ ᠬᠤᠯᠪᠤᠭᠠᠳᠤ ᠬᠤᠷᠠᠯ ᠪᠤᠯᠤᠨ ᠲᠤᠮᠳᠡᠳᠤ ᠤᠯᠤᠰ ‍ᠤᠨ ᠡᠪ ᠬᠠᠮᠳᠤ ᠨᠠᠮ ‍ᠤᠨ ᠵᠢᠢ ᠴᠠ ᠿᠸ ᠯᠢᠶᠤᠤ ᠵᠢᠨ ᠲᠥᠪ ᠬᠤᠷᠢᠶᠡᠨ ᠤ ᠬᠤᠪᠢᠶᠠᠷᠢ ᠲᠤᠪᠴᠢᠶᠡᠨ ᠡᠴᠡ ᠰᠢ᠋ᠳᠪᠤᠷᠢ ᠭᠠᠷᠭᠠᠵᠤ ᠿᠸ ᠡᠾᠸ ᠮᠤᠵᠢ ᠵᠢᠨ ᠵᠠᠰᠠᠭ ‍ᠤᠨ ᠤᠷᠳᠤᠨ ᠡᠴᠡ ᠭᠤᠤᠯᠯᠠᠨ ᠡᠷᠭᠢᠯᠡᠭᠰᠡᠨ ᠥᠪᠤᠷ ᠮᠤᠩᠭᠤᠯ ‍ᠤᠨ ᠥᠪᠡᠷᠳᠡᠭᠡᠨ ᠵᠠᠰᠠᠬᠤ ᠲᠡᠭᠡᠳᠤ ᠰᠤᠷᠭᠠᠭᠤᠯᠢ ᠵᠢ ᠤᠯᠠᠭᠠᠨᠬᠠᠳᠠ ᠳ᠋ᠥ ᠪᠠᠶᠢᠭᠤᠯᠤᠭᠠᠳ ‍᠂‍ ᠤᠤᠯ ‍ᠤᠨ ᠤᠯᠠᠭᠠᠨᠬᠠᠳᠠ ᠵᠢᠨ ᠵᠢᠷᠭᠤᠳᠤᠭᠠᠷ ᠵᠡᠭᠡᠯᠢ ᠳ᠋ᠤ ᠪᠠᠶᠢᠷᠢᠯᠠᠪᠠ ‍᠃‍ ᠤᠯᠠᠭᠠᠨᠬᠥᠤ ᠨᠥᠭᠥᠷ ᠵᠠᠭᠢᠷᠤᠯ ‍ᠤᠨ ᠲᠤᠰᠢᠶᠡᠯ ᠢ ᠬᠠᠪᠰᠤᠷᠭᠠᠨ ᠬᠠᠷᠢᠭᠤᠴᠠᠵᠤ ‍᠂‍ ᠰᠤᠷᠭᠠᠭᠤᠯᠢ ᠨᠢ 1946 ᠤᠨ  ᠤ 3 ᠰᠠᠷ᠎ᠠ ᠵᠢᠨ 15 ᠳ᠋ᠤ ᠵᠢᠩᠭᠢᠨᠢ ᠪᠡᠷ ᠭᠢᠴᠢᠶᠡᠯ ᠨᠡᠭᠡᠭᠡᠪᠡ ‍᠃‍ ᠡᠨᠡ ᠪᠤᠯ ᠲᠤᠮᠳᠡᠳᠤ ᠤᠯᠤᠰ ᠤᠨ ᠡᠪ ᠬᠠᠮᠳᠤ ᠨᠠᠮ ‍ᠤᠨ ᠥᠪᠤᠷ ᠮᠤᠩᠭᠤᠯ ᠤᠷᠤᠨ ᠳ᠋ᠤ ᠡᠭᠥᠰᠭᠡᠨ ᠪᠠᠶᠢᠭᠤᠯᠤᠭᠰᠠᠨ ᠤᠤᠭᠠᠨ ᠰᠤᠷᠭᠠᠭᠤᠯᠢ ᠪᠤᠯᠤᠨ᠎ᠠ ‍᠃‍ ᠲᠡᠷᠡ ᠨᠢ ᠶᠠᠫᠤᠨ ᠢ ᠡᠰᠡᠷᠭᠥᠴᠡᠭᠥ ᠲᠠᠶᠢᠨ ᠤ ᠬᠤᠭᠤᠴᠠᠭᠠᠨ ᠳ᠋ᠡᠭᠢ ᠶᠠᠨ ᠠᠨ ᠤ ᠶᠠᠫᠤᠨ ᠢ ᠡᠰᠡᠷᠭᠥᠴᠡᠭᠥ ᠶᠡᠭᠡ ᠰᠤᠷᠭᠠᠭᠤᠯᠢ ᠵᠢᠨ ᠪᠥᠷᠢᠨ ᠲᠥᠭᠥᠷ ᠭᠡᠪ ᠵᠠᠭᠪᠤᠷ ᠵᠢᠨᠷ ᠪᠠᠶᠢᠭᠤᠯᠤᠭᠳᠠᠭᠰᠠᠨ ᠪᠤᠯᠬᠤᠷ ‍᠂‍ ᠪᠠᠰᠠ ᠥᠪᠤᠷ ᠮᠤᠩᠭᠤᠯ ‍ᠤᠨ《‍ ᠶᠠᠫᠤᠨ  ᠢ ᠡᠰᠡᠷᠭᠥᠴᠡᠭᠥ ᠶᠡᠭᠡ ᠰᠤᠷᠭᠠᠭᠤᠯᠢ ‍》‍ ᠭᠡᠰᠡᠨ ᠢᠷᠠᠭᠤ ᠠᠯᠳᠠᠷ  ᠢ ᠭᠥᠷᠳᠡᠭᠰᠡᠨ ᠪᠢᠯᠡ ‍᠃‍ ᠨᠠᠮ ‍ᠤᠨ ᠲᠥᠪ ᠬᠤᠷᠢᠶᠠᠨ ᠤ ᠡᠶᠢᠮᠥᠷᠭᠥ ᠥᠨᠳᠤᠰᠤᠳᠡᠨ ᠤ ᠥᠪᠡᠷᠳᠡᠭᠡᠨ ᠵᠠᠰᠠᠬᠤ ᠲᠥᠷᠢᠮ ᠲᠤᠭᠳᠠᠭᠠᠯ ᠨᠢ ᠵᠥᠪᠯᠡᠯᠳᠤ ᠵᠢᠨ ᠵᠠᠭᠪᠤᠷ ᠢ ᠨᠡᠭᠥᠯᠭᠡᠨ ᠲᠤᠬᠤᠭᠰᠠᠨ ᠥᠭᠡᠢ ᠮᠥᠷᠳᠡᠭᠡᠨ ᠴᠥᠭᠡᠨ ᠲᠤᠭᠠᠳᠤ ᠥᠨᠳᠤᠰᠤᠳᠡᠨ ᠤ ᠤᠯᠤᠰ ᠲᠥᠷᠤ ᠵᠢᠨ ᠭᠥᠰᠡᠯ ᠡᠷᠡᠮᠡᠯᠵᠡᠯᠡᠯ ᠢ ᠴᠤ ᠭᠥᠰᠡᠷᠳᠡᠭᠥᠯᠤᠨ ᠬᠤᠭᠢᠷᠠᠭᠤᠯᠤᠭᠰᠠᠨ ᠦ᠋ᠭᠡᠢ ᠪᠠᠶᠢᠵᠤ ‍᠂‍ ᠲᠤᠮᠳᠡᠳᠤ ᠤᠯᠤᠰ ‍ᠤᠨ ᠡᠪ ᠬᠠᠮᠳᠤ ᠨᠠᠮ ‍ᠤᠨ ᠥᠨᠳᠤᠰᠤᠳᠡᠨ ᠤ ᠲᠥᠷᠤ ᠵᠢᠨ ᠪᠤᠳᠤᠯᠭ᠎᠎ᠠ ᠪᠤᠯᠤᠨ ᠠᠷᠠᠳᠴᠢᠯᠡᠯ ‍ᠤᠨ ᠪᠠᠶᠢᠭᠤᠯᠤᠯᠳᠡ ᠵᠢᠨ ᠲᠠᠯ᠎ᠠ ᠪᠡᠷ ᠬᠢ ᠡᠷᠡᠰ ᠲᠠᠰᠤᠷᠬᠠᠢ ᠪᠥᠭᠡᠳ ᠰᠤᠳᠤ ᠮᠡᠷᠭᠡᠨ ᠰᠢ᠋ᠳᠪᠦᠷᠢ ᠪᠤᠯᠵᠤ ᠴᠢᠳᠠᠭᠰᠠᠨ ᠶᠤᠮ ‍᠃‍ ᠶᠠᠭ ᠡᠨᠡᠭᠥ ᠰᠢ᠋ᠳᠪᠤᠷᠢ ᠵᠢ ᠭᠠᠷᠭᠠᠭᠰᠠᠨ ᠡᠴᠡ ᠪᠤᠯᠵᠤ ‍᠂‍ ᠰᠠᠶ᠋ᠢ ᠥᠪᠤᠷ ᠮᠤᠩᠭᠤᠯ ‍ᠤᠨ ᠥᠪᠡᠷᠳᠡᠭᠡᠨ ᠵᠠᠰᠠᠬᠤ ᠲᠡᠭᠡᠳᠤ ᠰᠤᠷᠭᠠᠭᠤᠯᠢ ᠵᠢᠨ ᠪᠠᠶᠢᠭᠤᠯᠤᠭᠳᠠᠬᠤ ᠪᠤᠯᠤᠨ《‍ ᠪᠥᠭᠥᠳᠡ ᠨᠠᠶᠢᠷᠠᠮᠳᠠᠬᠤ ᠲᠤᠮᠳᠡᠳᠤ ᠠᠷᠠᠳ ᠤᠯᠤᠰ ‍ᠤᠨ ᠥᠨᠳᠤᠰᠤᠳᠡᠨ ᠤ ᠤᠷᠤᠨ ᠤ ᠥᠪᠡᠷᠳᠡᠭᠡᠨ ᠵᠠᠰᠠᠬᠤ ᠬᠠᠤᠯᠢ ‍》‍ᠵᠢᠨ ᠮᠡᠨᠳᠤᠯᠡᠭᠥ ᠵᠢᠴᠢ ᠰᠡᠭᠥᠯᠠᠷ ᠨᠢ ᠪᠥᠭᠥ ᠤᠯᠤᠰ ‍ᠤᠨ ᠲᠠᠪᠤᠨ ᠥᠪᠡᠷᠳᠡᠭᠡᠨ ᠵᠠᠰᠠᠬᠤ ᠤᠷᠤᠨ ᠪᠤᠢ ᠪᠤᠯᠬᠤ ᠳ᠋ᠥ ᠪᠠᠳᠤ ᠪᠡᠭᠢ ᠰᠠᠭᠤᠷᠢ ᠵᠢ ᠲᠠᠯᠪᠢᠭᠰᠠᠨ ᠪᠢᠯᠡ ‍᠃‍

ᠲᠡᠷᠢᠬᠦᠨ ᠮᠦᠷ ᠵᠡᠬᠦᠨ ᠡᠴᠡ ᠄ ᠣᠯᠠᠭᠠᠨᠬᠦᠥ ᠂ ᠵᠢᠨ ᠴᠢ ᠰᠢᠶᠠᠨ᠂ ᠯᠢᠤ ᠴᠦᠨ ᠂ ᠴᠢ ᠼᠦᠨ ᠶᠦᠩ᠂ ᠽᠦᠸᠸ ᡁᠢ ᠂ ᠪᠦᠭᠡᠪᠠᠶᠠᠨ ᠂ ᠵᠢ ᠵᠢᠶᠦᠨ ᠱᠸᠩ ᠂ ᠡᠷᠭᠡ

ᠲᠣᠮᠳᠠ ᠮᠦᠷ ᠵᠡᠬᠦᠨ ᠡᠴᠡ ᠄ ᠲᠦᠪᠰᠢᠨ ᠂ ᠣᠴᠠᠷᠠᠯᠠᠳᠣ ᠂ ᠹᠦ᠋ ᠰᠢ ᠯᠢᠨ ᠂ ᠡᠴᠡᠩᠭᠡ ᠂ ᠡᠥ ᠵᠠᠨ ᠱᠸᠩ ᠂ ᠸᠠᠩ ᠱᠣᠣ ᠬᠣᠸᠠ ᠂ ᠠᠰᠢᠳᠠ ᠂ ᠴᠢᠨᠳᠠᠮᠣᠨᠢ

ᠲᠣᠣᠷ᠎ᠠ ᠮᠦᠷ ᠵᠡᠬᠦᠨ ᠡᠴᠡ ᠄ ᠢᠣᠢ ᠱᠠᠨ᠂ ᠪᠠᠶᠠᠰᠬᠣᠯᠠᠩ (ᠱᠦᠵᠢ)᠂ ᠪᠠᠭᠠᠳᠣᠷ (ᠱᠦᠵᠢ)᠂ ᠦᠷᠭᠡᠨ ᠂ ᠪᠠᠳᠣᠵᠢᠷᠭᠠᠯ

Jahirol.png

ᠣᠷᠢᠳ ᠬᠣᠵᠢᠳ ᠮᠠᠰᠢ ᠣᠯᠠᠨ ᠰᠢᠯᠢᠳᠡᠭ ᠪᠠᠭᠰᠢ ᠴᠣᠯᠭᠣᠷᠣᠨ ᠭᠠᠷᠴᠠᠢ᠃ Bagsh1.jpg (ᠪᠦᠷᠢᠨ ᠠᠭᠤᠯᠭ᠎ᠠ ᠶᠢ ᠤᠩᠰᠢᠬᠤ)

ᠵᠧᠰᠲ᠋ᠢᠨ ᠪᠧᠢ᠋ᠪᠧᠷ
ᠵᠧᠰᠲ᠋ᠢᠨ ᠪᠧᠢ᠋ᠪᠧᠷ

ᠵᠧᠰᠲ᠋ᠢᠨ ᠪᠧᠢ᠋ᠪᠧᠷ 1994  ᠤᠨ ᠤ ᠭᠤᠷᠪᠠᠳᠤᠭᠠᠷ ᠰᠠᠷ᠎ᠠ ᠶᠢᠨ 1 ᠍ ᠳᠤ ᠺᠠᠨᠠᠳᠠ ᠵᠢᠨ  ᠪᠠᠷᠠᠭᠤᠨ ᠡᠮᠦᠨᠡᠲᠦ ᠪᠦᠰᠡ ᠶᠢᠨ ᠯᠣᠨᠳᠣᠨ ᠬᠣᠲᠠᠨ  ᠳᠤ ᠲᠥᠷᠦᠵᠡᠢ᠃ ᠰᠲᠷᠠᠲ᠋ᠹᠣᠷᠲᠤ ᠬᠣᠲᠠ  ᠳᠤ ᠥᠰᠴᠤ ᠲᠣᠷᠨᠢᠭᠰᠠᠨ ᠪᠠ 18 ᠨᠠᠰᠤᠲᠠᠢ ᠳᠤ ᠪᠠᠨ ᠬᠦᠦ ᠪᠡᠨ ᠲᠥᠷᠦᠭᠦᠯᠦᠭᠰᠡᠨ ᠡᠬᠡ ᠨᠢ ᠠᠵᠢᠯ ᠤᠨ ᠬᠥᠯᠦᠰᠦ ᠪᠠᠭ᠎ᠠ ᠲᠠᠢ ᠲᠤᠰᠠᠯᠠᠬᠤ ᠠᠵᠢᠯᠴᠢᠨ ᠬᠢᠳᠡᠭ ᠪᠠᠶᠢᠪᠠ᠃ ᠡᠴᠢᠭᠡ ᠵᠧᠷᠧᠮᠢ ᠪᠧᠢ᠋ᠪᠧᠷ ᠨᠢ ᠬᠦᠦ ᠲᠡᠢ ᠪᠡᠨ ᠬᠠᠷᠢᠯᠴᠠᠭ᠎ᠠ ᠲᠠᠢ ᠪᠠᠶᠢᠳᠠᠭ ᠴᠤ ᠡᠬᠡᠨᠡᠷ᠂ ᠬᠣᠶᠠᠷ ᠬᠦᠦ ᠲᠡᠢ ᠭᠡᠳᠡᠭ᠃ ᠪᠧᠢ᠋ᠪᠧᠷ ᠦᠨ ᠡᠪᠦᠭᠡ ᠺᠠᠨᠠᠳᠠ  ᠳᠤ ᠢᠷᠡᠵᠤ ᠰᠠᠭᠤᠭᠰᠠᠨ ᠭᠧᠷᠮᠠᠨ ᠬᠦᠮᠦᠨ ᠠᠵᠢ᠃ᠪᠠᠯᠴᠢᠷ ᠠᠬᠤᠢ ᠳᠤ ᠪᠠᠨ ᠲᠡᠭᠦᠯᠳᠡᠷ ᠬᠤᠭᠤᠷ᠂ ᠪᠥᠮᠪᠥᠷ᠂ ᠭᠢᠲ᠋ᠠᠷ ᠪᠣᠯᠤᠨ ᠪᠦᠷᠢᠶ᠎ᠡ ᠵᠡᠷᠭᠡ ᠬᠥᠭᠵᠢᠮ ᠦᠨ ᠵᠥᠢᠯᠡᠰ ᠦᠳ ᠢ ᠲᠣᠭᠯᠠᠵᠤ ᠰᠤᠷᠤᠭᠰᠠᠨ ᠪᠧᠢ᠋ᠪᠧᠷ 2007  ᠤᠨ ᠳᠤ ᠰᠲᠷᠠᠲ᠋ᠹᠣᠷᠲᠤ ᠬᠣᠲᠠ  ᠳᠤ ᠵᠣᠬᠢᠶᠠᠭᠳᠠᠭᠰᠠᠨ ᠤᠷᠠᠯᠢᠭ ᠤᠨ ᠠᠪᠢᠶᠠᠰᠲᠠᠨ ᠰᠢᠯᠭᠠᠷᠠᠭᠤᠯᠬᠤ ᠤᠷᠤᠯᠳᠤᠭᠠᠨ ᠳᠤ ᠠᠮᠧᠷᠢᠺᠠ ᠶᠢᠨ R᠊B ᠳᠠᠭᠤᠴᠢᠨ Ne-Yo ᠍ ᠤᠨ 《So Sick》 ᠨᠡᠷ᠎ᠡ ᠲᠡᠢ ᠳᠠᠭᠤᠤ ᠶᠢ ᠳᠠᠭᠤᠯᠠᠵᠤ ᠬᠣᠶᠠᠳᠤᠭᠠᠷ ᠪᠠᠶᠢᠷᠢ ᠳᠤ ᠰᠢᠯᠭᠠᠷᠠᠭᠰᠠᠨ ᠢᠶᠠᠷ ᠤᠷᠠᠯᠢᠭ ᠤᠨ ᠲᠠᠪᠴᠠᠩ ᠢᠶᠠᠨ ᠠᠮᠵᠢᠯᠲᠠ ᠲᠠᠢ ᠪᠠᠷ ᠬᠥᠯ ᠲᠠᠯᠪᠢᠬᠤ ᠪᠣᠯᠤᠮᠵᠢ ᠨᠡᠭᠡᠭᠡᠭᠳᠡᠭᠰᠡᠨ ᠶᠤᠮ᠃ (ᠪᠦᠷᠢᠨ ᠠᠭᠤᠯᠭ᠎ᠠ ᠶᠢ ᠤᠩᠰᠢᠬᠤ)

ᠴᠢᠴᠧᠨ ᠢᠽᠠ
ᠴᠢᠴᠧᠨ ᠢᠽᠠ

ᠴᠢᠴᠧᠨ ᠢᠽᠠ (ᠠᠩᠭᠯᠢ ᠪᠠᠷ Chichen Itza)᠂(ᠬᠢᠲᠠᠳ ᠶᠢᠡᠷ 奇琴伊察) ᠨᠢ ᠥᠨᠥ ᠶᠢᠨ ᠮᠸᠺᠰᠢᠺᠣ ᠶᠢᠨ ᠨᠤᠲᠤᠭ ᠪᠣᠯᠬᠤ ᠶᠦᠺᠠᠲᠠᠨ ᠤ ᠬᠣᠶᠢᠭ(尤卡坦半岛) ᠤᠨ ᠤᠮᠠᠷᠠᠳᠤ ᠬᠡᠰᠡᠭ᠂ ᠤᠮᠠᠷᠠᠳᠤ ᠮᠠᠶ ᠠ ᠶᠢᠨ ᠨᠠᠮ ᠳᠣᠣᠷ᠎ᠠ ᠭᠠᠵᠠᠷ ᠲᠤ ᠪᠠᠶᠢᠷᠢᠯᠠᠬᠤ ᠮᠠᠶ ᠠ ᠶᠢᠨ ᠰᠤᠶᠤᠯ ᠢᠷᠭᠡᠨᠰᠢᠯ ᠢ ᠪᠤᠢ ᠪᠣᠯᠭᠠᠭᠰᠠᠨ ᠺᠣᠯᠤᠮᠪᠢᠶ ᠠ ᠠᠴᠠ ᠡᠮᠦᠨᠡᠬᠢ ᠦᠶ᠎ᠡ ᠶᠢᠨ ᠬᠠᠭᠤᠴᠢ ᠰᠤᠳᠤᠯᠤᠯ(ᠠᠷᠬᠧᠣᠯᠣᠭᠢ) ᠤᠨ ᠠᠪᠤᠷᠭᠤ ᠲᠣᠮᠣ ᠲᠥᠪ ᠶᠤᠮ᠃ 1988 ᠤᠨ ᠳᠤ ᠳᠡᠯᠡᠬᠡᠢ ᠶᠢᠨ ᠰᠤᠶᠤᠯ ᠤᠨ ᠦᠪ ᠶᠢᠡᠷ ᠲᠡᠮᠳᠡᠭᠯᠡᠭᠳᠡᠵᠦ᠂ ᠲᠤᠰ ᠲᠥᠪ ᠨᠢ ᠰᠣᠩᠭᠣᠳᠠᠭ ᠦᠶ᠎ᠡ ᠶᠢᠨ ᠲᠡᠭᠦᠰᠬᠡᠯ ᠡᠴᠡ ᠫᠣᠰᠲᠺᠯᠠᠰᠰᠢᠺ ᠦᠶ᠎ᠡ ᠶᠢᠨ ᠡᠬᠢᠨ ᠬᠦᠷᠲᠡᠯ᠎ᠡ(ᠨᠡᠶᠢᠲᠡ ᠶᠢᠨ ᠤᠨ ᠲᠤᠭᠠᠯᠠᠯ ᠤᠨ 600-900ᠤᠨ) ᠣᠷᠣᠰᠢᠨ ᠪᠠᠶᠢᠭᠰᠠᠨ ᠪᠠ ᠥᠪᠡᠷ ᠦᠨ ᠭᠡᠰᠡᠨ ᠣᠨᠴᠠᠯᠢᠭ ᠪᠦᠬᠦᠢ ᠮᠠᠶ ᠠ ᠶᠢᠨ ᠰᠤᠶᠤᠯ ᠢᠷᠭᠡᠨᠰᠢᠯ ᠢ ᠪᠤᠢ ᠪᠣᠯᠭᠠᠭᠰᠠᠨ ᠶᠤᠮ᠃ ᠴᠢᠴᠧᠨ ᠢᠽᠠ ᠶᠢᠨ ᠳᠤᠷᠠᠰᠬᠠᠯᠲᠤ ᠭᠠᠵᠠᠷ ᠪᠠᠪᠠᠴᠢᠨ᠎ᠠ ᠶᠢᠨ ᠭᠡᠷ ᠪᠦᠯᠢ ᠶᠢᠨ ᠬᠤᠪᠢ ᠤᠨ ᠡᠵᠡᠮᠰᠢᠯ ᠭᠠᠵᠠᠷ ᠣᠷᠣᠳᠠᠭ ᠴᠤ ᠮᠸᠺᠰᠢᠺᠣ ᠤᠨ ᠬᠦᠮᠦᠨᠯᠢᠭ ᠰᠤᠳᠤᠯᠤᠯ(ᠠᠨᠲᠷᠣᠫᠣᠯᠣᠭᠢ)᠂ ᠲᠡᠦᠬᠡ ᠰᠤᠳᠤᠯᠤᠯ ᠤᠨ ᠦᠨᠳᠦᠰᠦᠨ ᠦ ᠰᠤᠳᠤᠯᠤᠯ ᠤᠨ ᠬᠦᠷᠢᠶᠡᠯᠡᠩ ᠤᠨ ᠬᠢᠨᠠᠯᠲᠠ ᠳᠣᠣᠷ᠎ᠠ ᠬᠣᠯᠪᠣᠭᠠᠨ ᠤ ᠥᠮᠴᠢ ᠬᠡᠯᠪᠡᠷᠢ ᠲᠡᠢ ᠪᠡᠷ ᠣᠷᠣᠰᠢᠳᠠᠭ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠧᠦ᠋ᠷᠣᠫᠠ ᠶᠢᠨ ᠬᠥᠯ ᠪᠥᠮᠪᠥᠭᠡ ᠶᠢᠨ ᠬᠣᠯᠪᠣᠭ᠎ᠠ
ᠧᠦ᠋ᠷᠣᠫᠠ ᠶᠢᠨ ᠬᠥᠯ ᠪᠥᠮᠪᠥᠭᠡ ᠶᠢᠨ ᠬᠣᠯᠪᠣᠭ᠎ᠠ

ᠧᠦ᠋ᠷᠣᠫᠠ ᠶᠢᠨ ᠬᠥᠯ ᠪᠥᠮᠪᠥᠭᠡ ᠶᠢᠨ ᠬᠣᠯᠪᠣᠭ᠎ᠠ ( ᠠᠩᠭᠯᠢ ᠪᠠᠷ Union of European Football Associations᠂ ᠲᠣᠪᠴᠢᠯᠠᠯ UEFAᠬᠢᠲᠠᠳ ᠢᠶᠠᠷ 欧洲足球协会联盟) ᠨᠢ ᠧᠦ᠋ᠷᠣᠫᠠ ᠲᠢᠪ ᠲᠦ ᠬᠥᠯ ᠪᠥᠮᠪᠥᠭᠡ᠂ ᠽᠠᠯ ᠤᠨ ᠬᠥᠯ ᠪᠦᠮᠪᠦᠭᠡ (室内足球)᠂ ᠡᠯᠡᠰᠦᠨ ᠦ ᠬᠥᠯ ᠪᠥᠮᠪᠥᠭᠡ ᠶᠢᠨ ᠰᠫᠣᠷᠲ ᠢ ᠨᠢᠭᠡᠳᠦᠭᠰᠡᠨ ᠪᠠᠶᠢᠳᠠᠯ ᠢᠶᠠᠷ ᠤᠳᠤᠷᠢᠳᠤᠯᠬᠤ᠂ ᠴᠢᠭᠯᠡᠭᠦᠯᠬᠦ ᠪᠠᠶᠢᠭᠤᠯᠤᠯᠭ᠎ᠠ ᠶᠤᠮ᠃ ᠳᠡᠯᠡᠬᠡᠢ ᠶᠢᠨ ᠬᠥᠯ ᠪᠥᠮᠪᠥᠭᠡ ᠶᠢᠨ ᠬᠣᠯᠪᠣᠭᠠᠨ ᠤ ᠪᠦᠷᠢᠯᠳᠦᠬᠦᠨ 6 ᠲᠢᠪ ᠦᠨ ᠬᠣᠯᠪᠣᠭᠠᠳ ᠤᠨ ᠬᠠᠮᠤᠭ ᠤᠨ ᠲᠣᠮᠣ᠂ ᠴᠢᠨᠰᠠᠭ᠎ᠠ ᠲᠠᠢ᠂ ᠨᠡᠷ᠎ᠡ ᠬᠦᠨᠳᠦ ᠪᠦᠬᠦᠢ ᠬᠣᠯᠪᠣᠭ᠎ᠠ ᠶᠤᠮ᠃ (ᠪᠦᠷᠢᠨ ᠠᠭᠤᠯᠭ᠎ᠠ ᠶᠢ ᠤᠩᠰᠢᠬᠤ)

ᠳᠣᠭᠣᠯ ᠡᠪᠡᠰᠦ
ᠳᠣᠭᠣᠯ ᠡᠪᠡᠰᠦ

ᠳᠣᠭᠣᠯ ᠡᠪᠡᠰᠦ(苦参) - ᠲᠤᠰ ᠡᠮ ᠪᠣᠯ ᠪᠤᠷᠴᠠᠭ ᠤᠨ ᠢᠵᠠᠭᠤᠷ  ᠤᠨ ᠨᠠᠪᠴᠢ ᠵᠤᠯᠭᠠᠷᠠᠬᠤ ᠪᠠᠭᠠᠪᠲᠤᠷ ᠪᠤᠲᠠ ᠮᠣᠳᠤ ᠪᠣᠯᠬᠤ ᠲᠤᠭᠤᠯ ᠡᠪᠡᠰᠦ  ᠶᠢᠨ ᠬᠠᠲᠠᠭᠠᠭᠰᠠᠨ ᠦᠨᠳᠦᠰᠦ ᠮᠥᠨ ᠃ ᠬᠠᠯᠠᠭᠤᠨ ᠢ ᠪᠣᠯᠪᠠᠰᠤᠷᠠᠭᠤᠯᠬᠤ ᠂ ᠬᠦᠯᠦᠷᠡᠭᠦᠯᠬᠦ ᠂ ᠰᠢᠷ᠎ᠠ ᠤᠰᠤ ᠶᠢ ᠬᠠᠳᠠᠭᠠᠬᠤ ᠂ ᠮᠠᠬᠠᠪᠤᠳ ᠢ ᠲᠡᠭᠰᠢᠳᠬᠡᠭᠦ ᠪᠣᠯᠤᠨ᠎ᠠ ᠃ ᠴᠠᠭᠠᠨ ᠲᠠᠩ ᠳᠤ ᠬᠥᠯ ᠪᠣᠯᠭᠠᠨ ᠡᠰᠡ ᠪᠣᠯᠪᠠᠰᠤᠷᠠᠭᠰᠠᠨ ᠬᠠᠯᠠᠭᠤᠨ ᠵᠢᠴᠢ ᠬᠢᠵᠢᠭ᠌ ᠲᠠᠭᠰᠢᠭᠤᠷ ᠢ ᠵᠠᠰᠠᠬᠤ ᠳᠤ ᠬᠡᠷᠡᠭᠯᠡᠬᠦ ︔ ᠰᠢᠷ᠎ᠠ ᠴᠢᠪᠠᠭ᠎ᠠ ︱ 5 ᠶᠢᠨ ᠲᠠᠩ ᠳᠤ ᠬᠥᠯ ᠪᠣᠯᠭᠠᠨ ᠤᠯᠠᠭᠠᠨ ᠨᠤᠳ ᠵᠡᠷᠭᠡ ᠪᠣᠳᠤ ᠬᠦᠪᠳᠦᠷᠦᠦ   ᠵᠢ ᠳᠤᠭᠤᠷᠠᠭᠤᠯᠬᠤ ᠳᠤ ᠬᠡᠷᠡᠭᠯᠡᠬᠦ ︔ ᠵᠦᠬᠡᠯᠡᠷᠡᠬᠦᠯᠦᠭᠴᠢ ︱ 5 ᠶᠢᠨ ᠲᠠᠩ ᠳᠤ ᠭᠦᠯ ᠪᠣᠯᠭᠠᠨ ᠰᠤᠳᠠᠯ ᠰᠢᠷᠪᠦᠰᠦᠨ  ᠳᠤ ᠬᠠᠯᠠᠭᠤᠨ ᠰᠢᠨᠤᠵᠤ ᠬᠥᠰᠢᠵᠦ ᠲᠠᠬᠢᠷᠳᠠᠭᠰᠠᠨ ᠂ ᠲᠤᠯᠠᠢ ᠂ ᠭᠡᠷᠦᠬᠦ ᠂ ᠰᠢᠷ᠎ᠠ ᠤᠰᠤᠨ ᠡᠪᠡᠳᠴᠢᠨ  ᠳᠤ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠠᠷᠺᠢᠮᠧᠳ
ᠠᠷᠺᠢᠮᠧᠳ

ᠰᠧᠷᠢᠶᠠᠺᠦᠶᠢᠰ ᠤᠨ ᠠᠷᠺᠢᠮᠧᠳ(Archimedes᠋)(ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 287-212 ᠤᠨ) ᠨᠢ ᠡᠷᠲᠡᠨ ᠦ ᠭᠷᠧᠺ ᠤᠨ ᠠᠭᠤᠤ ᠶᠠᠭᠡ ᠲᠣᠭᠠᠨ ᠤ ᠣᠬᠠᠭᠠᠨᠲᠠᠨᠹᠢᠽᠢᠺᠴᠢᠢᠨᠵᠧᠨᠧᠷᠣᠳᠣᠨ ᠣᠷᠣᠨ ᠰᠤᠳᠤᠯᠤᠭᠠᠴᠢᠮᠦᠷᠲᠡᠭᠡᠨ ᠵᠣᠬᠢᠶᠠᠨ ᠪᠦᠲᠦᠭᠡᠭᠴᠢ ᠪᠠᠶᠢᠵᠠᠢ᠃ ᠬᠡᠳᠦᠢ ᠪᠡᠷ ᠲᠡᠭᠦᠨ ᠦ ᠠᠮᠢᠳᠤᠷᠠᠯ ᠤᠨ ᠲᠠᠯ᠎ᠠ ᠪᠠᠷ ᠪᠠᠭ᠎ᠠ ᠵᠦᠢᠯ ᠮᠡᠳᠡᠭᠳᠡᠵᠦ ᠪᠠᠶᠢᠭ᠎ᠠ ᠴᠤ ᠲᠡᠷᠡᠪᠡᠷ ᠬᠠᠮᠤᠭ ᠤᠨ ᠲᠣᠮᠣ ᠡᠷᠳᠡᠮᠲᠡᠳ ᠦᠨ ᠨᠢᠭᠡ ᠶᠤᠮ᠃ (ᠪᠦᠷᠢᠨ ᠠᠭᠤᠯᠭ᠎ᠠ ᠶᠢ ᠤᠩᠰᠢᠬᠤ)

ᠬᠣᠷᠢᠭᠠᠲᠠᠢ ᠬᠣᠲᠠ
ᠬᠣᠷᠢᠭᠠᠲᠠᠢ ᠬᠣᠲᠠ

ᠬᠣᠷᠢᠭᠠᠲᠠᠢ ᠬᠣᠲᠠ (Forbidden city) ᠮᠣᠩᠭᠣᠯ ᠤᠯᠠᠮᠵᠢᠯᠠᠯ ᠢᠶᠠᠷ ᠪᠣᠷᠣ ᠬᠣᠲᠠ ᠨᠢ ᠪᠡᠭᠡᠵᠢᠩ ᠳ᠋ᠡᠬᠢ ᠬᠠᠭᠠᠨ ᠤ ᠣᠷᠳᠣᠨ ᠶᠤᠮ᠃ ᠬᠣᠷᠢᠭᠠᠲᠠᠢ ᠬᠣᠲᠠ ᠨᠢ ᠮᠢᠩ ᠭᠦᠷᠦᠨ ᠦ ᠬᠠᠭᠠᠨᠴᠢᠯᠠᠯ ᠤᠨ ᠦᠶ᠎ᠡ ᠡᠴᠡ ᠡᠬᠢᠯᠡᠨ ᠴᠢᠩ ᠭᠦᠷᠦᠨ ᠦ ᠬᠠᠭᠠᠨᠴᠢᠯᠠᠯ ᠢ ᠳᠠᠭᠤᠰᠲᠠᠯ᠎ᠠ ᠳᠤᠮᠳᠠᠳᠤ ᠤᠯᠤᠰ ᠤᠨ ᠬᠠᠮᠤᠭ ᠤᠨ ᠴᠢᠬᠤᠯᠠ ᠭᠠᠵᠠᠷ ᠪᠠᠶᠢᠭᠰᠠᠨ ᠶᠤᠮ᠃ ᠡᠨᠡ ᠨᠢ ᠪᠡᠭᠡᠵᠢᠩ ᠬᠣᠲᠠ ᠶᠢᠨ ᠲᠥᠪ ᠲᠦ ᠪᠠᠶᠢᠷᠢᠯᠠᠳᠠᠭ ᠪᠥᠭᠡᠳ ᠣᠳᠣ 《ᠣᠷᠳᠣᠨ ᠮᠦᠽᠧᠢ》 ᠪᠣᠯᠤᠭᠠᠳ ᠪᠠᠶᠢᠭ᠎ᠠ ᠪᠢᠯᠡ᠃ ᠪᠠᠷᠤᠭ 500 ᠵᠠᠭᠤᠨ ᠵᠢᠯ ᠦᠨ ᠲᠤᠷᠰᠢ ᠬᠣᠷᠢᠭᠠᠲᠠᠢ ᠬᠣᠲᠠ ᠨᠢ ᠡᠵᠡᠨ ᠬᠠᠭᠠᠳ ᠪᠣᠯᠤᠨ ᠲᠡᠳᠡᠨ ᠦ ᠭᠡᠷ ᠪᠦᠯᠢ ᠶᠢᠨ ᠬᠢᠨ ᠦ ᠬᠤᠪᠢ ᠳᠤ ᠭᠡᠷ ᠨᠢ ᠪᠣᠯᠬᠤ ᠠᠴᠠ ᠭᠠᠳᠠᠨ᠎ᠠ ᠲᠥᠷᠥ ᠶᠢᠨ ᠬᠡᠷᠡᠭ ᠶᠠᠪᠤᠭᠤᠯᠬᠤ ᠲᠥᠪ ᠨᠢ ᠪᠠᠶᠢᠪᠠ᠃ 1406-1420 ᠤᠨ ᠤ ᠬᠣᠭᠣᠷᠣᠨᠳᠣ ᠪᠠᠷᠢᠭᠳᠠᠭᠰᠠᠨ ᠡᠨᠡᠬᠦ ᠴᠣᠭᠴᠠᠯᠠᠪᠤᠷᠢ ᠨᠢ 980 ᠪᠠᠷᠢᠯᠭ᠎ᠠ ᠠᠴᠠ ᠪᠥᠷᠢᠳᠬᠦ ᠪᠥᠭᠡᠳ 720000 ᠺᠢᠯᠣᠮᠧᠲ᠋ᠷ ᠲᠠᠯᠠᠪᠠᠢ ᠶᠢ ᠬᠠᠮᠤᠷᠴᠠᠢ᠃ ᠬᠣᠷᠢᠭᠠᠲᠠᠢ ᠬᠣᠲᠠ ᠨᠢ ᠳᠤᠮᠳᠠᠳᠤ ᠤᠯᠤᠰ ᠤᠨ ᠤᠯᠠᠮᠵᠢᠯᠠᠯᠲᠤ ᠠᠷᠬᠢᠲ᠋ᠧᠺᠲ᠋ᠣᠷ ᠤᠨ ᠬᠠᠮᠤᠭ ᠤᠨ ᠲᠣᠮᠣ ᠵᠢᠱᠢᠶ᠎ᠡ ᠪᠣᠯᠤᠭᠰᠠᠨ ᠪᠥᠭᠡᠳ ᠵᠡᠭᠦᠨ ᠠᠽᠢᠶ᠎ᠠ ᠶᠢᠨ ᠪᠣᠯᠤᠨ ᠪᠤᠰᠤᠳ ᠣᠷᠣᠨ ᠨᠤᠭᠤᠳ ᠤᠨ ᠠᠷᠬᠢᠲ᠋ᠧᠲ᠋ᠤᠷ ᠤᠨ ᠬᠥᠭᠵᠢᠯᠳᠦ ᠮᠠᠰᠢ ᠲᠣᠮᠣ ᠨᠥᠯᠥᠭᠡ ᠦᠵᠡᠭᠦᠯᠦᠭᠰᠡᠨ ᠶᠤᠮ᠃ 1984 ᠤᠨ ᠳᠤ ᠤᠭ ᠬᠣᠲᠠ ᠶᠢ ᠳᠡᠯᠡᠬᠡᠢ ᠶᠢᠨ ᠥᠪ ᠦᠨ ᠰᠠᠩ ᠳᠤ ᠳᠡᠯᠡᠬᠡᠢ ᠳᠡᠭᠡᠷ᠎ᠡ ᠬᠠᠳᠠᠭᠠᠯᠠᠭᠳᠠᠨ ᠦᠯᠡᠳᠡᠭᠰᠡᠨ ᠬᠠᠮᠤᠭ ᠤᠨ ᠲᠣᠮᠣ ᠮᠣᠳᠣᠨ ᠪᠠᠷᠢᠯᠭ᠎ᠠ ᠬᠡᠮᠡᠨ ᠪᠦᠷᠢᠳᠬᠡᠵᠦ ᠠᠪᠤᠭᠰᠠᠨ ᠪᠠᠶᠢᠨ᠎ᠠ᠃ 1925 ᠤᠨ ᠠᠴᠠ ᠬᠣᠶᠢᠰᠢ ᠬᠣᠷᠢᠭᠠᠲᠠᠢ ᠬᠣᠲᠠ ᠮᠦᠽᠧᠢ ᠶᠢᠨ ᠡᠭᠦᠷᠭᠡ ᠭᠦᠢᠴᠡᠳᠭᠡᠵᠦ ᠪᠠᠶᠢᠭ᠎ᠠ ᠪᠥᠭᠡᠳ ᠲᠡᠨᠳᠡ ᠡᠴᠡ ᠮᠢᠩ ᠪᠣᠯᠤᠨ ᠴᠢᠩ ᠭᠦᠷᠦᠨ ᠦ ᠦᠶ᠎ᠡ ᠳᠦ ᠪᠦᠲᠦᠭᠡᠭᠳᠡᠭᠰᠡᠨ ᠠᠰᠤᠷᠤ ᠶᠡᠬᠡ ᠤᠷᠠᠯᠢᠭ ᠤᠨ ᠪᠦᠲᠦᠭᠡᠯ ᠦᠳ ᠢ ᠬᠠᠷᠠᠵᠤ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠣᠯᠠᠨ ᠤᠯᠤᠰ ᠤᠨ ᠨᠢᠭᠡᠴᠡ ᠶᠢᠨ ᠰᠢᠰᠲ᠋ᠧᠮ
ᠣᠯᠠᠨ ᠤᠯᠤᠰ ᠤᠨ ᠨᠢᠭᠡᠴᠡ ᠶᠢᠨ ᠰᠢᠰᠲ᠋ᠧᠮ

ᠣᠯᠠᠨ ᠤᠯᠤᠰ ᠤᠨ ᠨᠢᠭᠡᠴᠡ ᠶᠢᠨ ᠰᠢᠰᠲ᠋ᠧᠮ (ᠹᠷᠠᠨᠼᠢ Le Système international d'unités ᠨᠡᠷᠡᠨ ᠦ ᠬᠤᠷᠢᠶᠠᠩᠭᠤᠢ ᠨᠢ SI ᠪᠤᠶᠤ ᠮᠣᠩᠭᠣᠯ ᠢᠶᠠᠷ СИ) - ᠮᠧᠲ᠋ᠷ ᠦᠨ ᠰᠢᠰᠲ᠋ᠧᠮ ᠶᠢᠨ ᠣᠷᠴᠢᠨ ᠦᠶ᠎ᠡ ᠶᠢᠨ ᠬᠤᠪᠢᠯᠪᠤᠷᠢ᠃ СИ ᠨᠢ ᠳᠡᠯᠡᠬᠡᠢ ᠳᠡᠭᠡᠷᠡᠬᠢ ᠬᠠᠮᠤᠭ ᠤᠨ ᠲᠦᠭᠡᠮᠡᠯ ᠬᠡᠷᠡᠭᠯᠡᠭᠳᠡᠵᠦ ᠪᠤᠢ ᠨᠢᠭᠡᠴᠡ ᠶᠢᠨ ᠰᠢᠰᠲ᠋ᠧᠮ ᠪᠥᠭᠡᠳ ᠬᠤᠳᠠᠯᠳᠤᠭ᠎ᠠ᠂ ᠠᠵᠤ ᠦᠢᠯᠡᠳᠪᠦᠷᠢ ᠪᠣᠯᠤᠨ ᠰᠢᠨᠵᠢᠯᠡᠬᠦ ᠤᠬᠠᠭᠠᠨ ᠢ ᠠᠯᠢ ᠠᠯᠢᠨ ᠳᠤ ᠨᠢ ᠡᠳᠦᠷ ᠲᠤᠲᠤᠮ ᠬᠡᠷᠡᠭᠯᠡᠭᠳᠡᠳᠡᠭ᠃

ᠬᠠᠭᠤᠴᠢᠨ ᠮᠧᠲ᠋ᠷ ᠦᠨ ᠰᠢᠰᠲ᠋ᠧᠮ ᠨᠢ ᠬᠡᠳᠦ ᠬᠡᠳᠦᠨ ᠨᠢᠭᠡᠴᠡ ᠶᠢᠨ ᠪᠦᠯᠦᠭ ᠦᠳ ᠡᠴᠡ ᠪᠦᠷᠢᠳᠳᠡᠭ᠃ 1960 ᠤᠨ ᠳᠤ ᠰᠠᠨᠲ᠋ᠢᠮᠧᠲ᠋ᠷ ᠭᠷᠠᠮ ᠰᠧᠺᠦᠶᠢᠨᠳ᠋ ᠰᠢᠰᠲ᠋ᠧᠮ ᠡᠴᠡ ᠢᠯᠡᠭᠦᠦ ᠲᠡᠢ ᠪᠡᠷ ᠮᠧᠲ᠋ᠷ-ᠺᠢᠯᠣᠭ᠍ᠷᠠᠮ-ᠰᠧᠺᠦᠶᠢᠨᠳ᠋ ᠰᠢᠰᠲ᠋ᠧᠮ ᠳᠡᠭᠡᠷ᠎ᠡ ᠦᠨᠳᠦᠰᠦᠯᠡᠨ СИ ᠨᠢᠭᠡᠴᠡ ᠶᠢᠨ ᠰᠢᠰᠲ᠋ᠧᠮ ᠢ ᠪᠤᠢ ᠪᠣᠯᠭᠠᠭᠰᠠᠨ᠃ (ᠪᠦᠷᠢᠨ ᠠᠭᠤᠯᠭ᠎ᠠ ᠶᠢ ᠤᠩᠰᠢᠬᠤ)

ᠳᠠᠭᠤᠴᠢᠨ ᠰᠢᠪᠠᠭᠤ
ᠠᠯᠲᠠᠨ ᠭᠤᠷᠭᠤᠤᠯᠳᠠᠢ

ᠠᠯᠲᠠᠨ ᠭᠤᠷᠭᠤᠤᠯᠳᠠᠢ ᠪᠣᠯ ᠫᠠᠰᠰᠧᠷᠢ ᠣᠪᠤᠭ ᠤᠨ ᠥᠨᠳᠥᠷᠯᠢᠭ ᠭᠠᠵᠠᠷ ᠤᠨ ᠴᠢᠯᠠᠭᠤ ᠪᠢᠯᠡ (ᠪᠣᠷᠣ ᠰᠢᠪᠠᠭᠤᠨ ᠤ). ᠬᠦᠮᠦᠰ ᠲᠡᠭᠦᠨ ᠢ ᠳᠠᠭᠤᠴᠢ ᠰᠢᠪᠠᠭᠤ ᠭᠡᠳᠡᠭ ᠢᠶᠡᠷ ᠨᠢ ᠠᠨᠳᠤᠬᠤ ᠦᠭᠡᠢ ᠪᠠ ᠯᠠᠲ᠋ᠢᠨ ᠍ ᠪᠠᠷ ᠳᠠᠭᠤᠯᠠᠬᠤ ᠭᠡᠰᠡᠨ ᠤᠳᠬ᠎ᠠ ᠲᠠᠢ ᠦᠭᠡᠨ ᠡᠴᠡ ᠭᠠᠷᠤᠯᠲᠠᠢ ᠠᠵᠡᠢ᠃ ᠳᠡᠯᠡᠬᠡᠢ ᠳᠡᠭᠡᠷ᠎ᠡ ᠡᠨᠡ ᠣᠪᠣᠭᠲᠤ 4000 ᠭᠠᠷᠤᠢ ᠲᠥᠷᠥᠯ ᠦᠨ ᠤᠷᠠᠨ ᠳᠠᠭᠤᠴᠢ ᠰᠢᠪᠠᠭᠤ ᠍ ᠳᠦ ᠪᠠᠭᠲᠠᠳᠠᠭ ᠪᠠᠶᠢᠨ᠎ᠠ᠃

ᠠᠯᠲᠠᠨ ᠭᠤᠷᠭᠤᠤᠯᠳᠠᠢ ᠪᠣᠯ ᠥᠨᠳᠥᠷᠯᠢᠭ ᠭᠠᠵᠠᠷ ᠤᠨ ᠰᠢᠪᠠᠭᠤᠨ ᠤ 2 ᠲᠣᠮᠣᠬᠠᠨ ᠲᠥᠷᠥᠯ ᠦᠨ ᠨᠢᠭᠡ ᠳᠦ ᠨᠢ ᠪᠠᠭᠲᠠᠳᠠᠭ ᠪᠠ ᠬᠠᠷᠢᠨ ᠨᠥᠭᠥᠭᠡᠬᠢ ᠲᠥᠷᠥᠯ ᠨᠢ ᠲᠠᠷᠠᠨᠢ ᠪᠥᠭᠡᠳ ᠨᠧᠣᠲ᠋ᠷᠣᠫᠢᠺ ᠤᠨ ᠬᠠᠮᠤᠭ ᠤᠨ ᠣᠯᠠᠨ ᠲᠥᠷᠥᠯ ᠲᠡᠢ ᠰᠢᠪᠠᠭᠤ ᠪᠥᠭᠡᠳ ᠳᠡᠯᠡᠬᠡᠢ ᠳᠡᠭᠡᠷ᠎ᠡ ᠬᠠᠮᠢᠭ᠎ᠠ ᠰᠠᠶ ᠦᠬᠡᠢ ᠲᠠᠷᠬᠠᠭᠰᠠᠨ ᠪᠠᠶᠢᠳᠠᠭ᠃ ᠡᠳᠡᠭᠡᠷ ᠰᠢᠪᠠᠭᠤᠳ ᠨᠢ ᠲᠠᠭᠤᠳᠤ ᠲᠥᠪᠦᠩᠬᠡᠢ ᠶᠢᠨ ᠪᠤᠯᠴᠢᠩ ᠢᠶᠠᠷ ᠢᠶᠠᠨ ᠳᠣᠩᠭᠣᠳᠳᠠᠭ ᠪᠥᠭᠡᠳ ᠡᠨᠡ ᠨᠢ ᠲᠡᠳᠡᠨ ᠢ ᠮᠠᠰᠢ ᠭᠠᠶᠢᠬᠠᠯᠲᠠᠢ ᠳᠠᠭᠤᠤ ᠬᠣᠭᠣᠯᠠᠢ ᠭᠠᠷᠭᠠᠬᠤ ᠳᠤ ᠨᠥᠯᠦᠭᠡᠯᠡᠳᠡᠭ ᠪᠠ ᠲᠡᠳᠡᠭᠡᠷ ᠰᠢᠪᠠᠭᠤᠳ ᠬᠠᠮᠲᠤ ᠳᠤ ᠪᠠᠨ ᠪᠠᠶᠢᠬᠤ ᠳᠤ ᠪᠠᠨ ᠶᠠᠭ ᠯᠠ ᠪᠦᠬᠦᠯᠢ ᠪᠦᠲᠦᠨ ᠴᠣᠭᠴᠠ ᠪᠦᠲᠦᠭᠡᠯ ᠰᠢᠭ ᠳᠣᠩᠭᠣᠳᠴᠤ ᠴᠢᠳᠠᠳᠠᠭ᠃ (ᠪᠦᠷᠢᠨ ᠠᠭᠤᠯᠭ᠎ᠠ ᠶᠢ ᠤᠩᠰᠢᠬᠤ)

ᠺᠦᠷᠦᠽᠠᠸᠠ ᠠᠺᠢᠷᠠ
ᠺᠦᠷᠦᠽᠠᠸᠠ ᠠᠺᠢᠷᠠ

ᠺᠦᠷᠦᠽᠠᠸᠠ ᠠᠺᠢᠷᠠ (ᠶᠠᠫᠣᠨ ᠢᠶᠠᠷ 黒澤 明᠂ くろさわ あきら) ᠨᠢ1910 ᠤᠨ ᠤ 3 ᠰᠠᠷ᠎ᠠ ᠶᠢᠨ 23 ᠤ ᠡᠳᠦᠷ ᠤᠳᠤ ᠶᠢᠨᠲᠣᠤᠺᠢᠣ᠋ ᠶᠢᠨ ᠰᠢᠨᠠᠭᠠᠸᠠ ᠲᠤᠭᠤᠷᠢᠭ ᠤᠨ ᠬᠢᠭᠠᠰᠢ ᠤᠤᠶᠢ ᠵᠡᠭᠡᠯᠢ(東京都品川区東大井町) ᠶᠢᠨ ᠶᠠᠫᠤᠨ ᠤ ᠲᠠᠮᠢᠷ ᠤᠨ ᠶᠡᠬᠡ ᠰᠤᠷᠭᠠᠭᠤᠯᠢ ᠶᠢᠨ ᠡᠸᠪᠠᠷᠠ ᠦᠨᠳᠦᠷ ᠵᠡᠷᠭᠡ ᠶᠢᠨ ᠰᠤᠷᠭᠠᠭᠤᠯᠢ(荏原高等学校) ᠶᠢᠨ ᠠᠵᠢᠯᠴᠢᠨ ᠤ ᠪᠠᠶᠢᠷᠢ ᠲᠤ᠂ ᠺᠦᠷᠦᠽᠠᠸᠠ ᠢᠰᠠᠮᠦ(黒澤 勇)᠂ ᠰᠢᠮᠠ(シマ) ᠬᠤᠶᠠᠷ ᠤᠨ ᠨᠠᠢᠮᠠ ᠳ᠋ᠠᠬᠢ ᠬᠡᠦᠬᠡᠳ ᠨᠢ ᠪᠣᠯᠤᠨ ᠮᠡᠨᠳᠦᠯᠡᠵᠡᠢ᠃ ᠲᠡᠷᠡ ᠪᠤᠯ ᠶᠠᠫᠣᠨ ᠤ ᠠᠯᠳᠠᠷᠲᠤ ᠺᠢᠨᠣ᠋ ᠨᠠᠶᠢᠷᠠᠭᠤᠯᠤᠭᠴᠢ᠂ ᠺᠢᠨᠤ᠋ ᠤᠳᠤᠷᠢᠳᠤᠭᠴᠢ ᠮᠦᠷᠲᠡᠭᠡᠨ ᠺᠢᠨᠤ᠋ ᠦᠢᠯᠡᠳᠦᠭᠴᠢ(Producer) ᠪᠢᠯᠡ᠃ ᠲᠡᠷᠡ ᠪᠡᠷ "姿三四郎" ᠬᠡᠮᠡᠬᠦ ᠨᠡᠷ᠎ᠡ ᠲᠡᠢ ᠠᠩᠬᠠᠨ ᠤ ᠺᠢᠨᠣ᠋ ᠪᠠᠨ 1943 ᠤᠨ ᠳᠤ ᠭᠠᠷᠭᠠᠭᠰᠠᠨ ᠪᠢᠯᠡ᠃ ᠰᠡᠭᠦᠯᠴᠢ ᠶᠢᠨ ᠺᠢᠨᠣ᠋ ᠪᠠᠨ 1993 ᠤᠨ ᠳᠤ "まあだだよ" ᠬᠡᠮᠡᠬᠦ ᠨᠡᠷ᠎ᠡ ᠲᠡᠢ ᠭᠠᠷᠭᠠᠵᠤ ᠪᠠᠶᠢᠭᠰᠠᠨ ᠶᠤᠮ᠃ (ᠪᠦᠷᠢᠨ ᠠᠭᠤᠯᠭ᠎ᠠ ᠶᠢ ᠤᠩᠰᠢᠬᠤ)

ᠳᠡᠯᠡᠬᠡᠢ ᠶᠢᠨ ᠠᠭᠠᠷ ᠮᠠᠨᠳᠠᠯ
ᠳᠡᠯᠡᠬᠡᠢ ᠶᠢᠨ ᠠᠭᠠᠷ ᠮᠠᠨᠳᠠᠯ

ᠳᠡᠯᠡᠬᠡᠢ ᠶᠢᠨ ᠠᠭᠠᠷ ᠮᠠᠨᠳᠠᠯ (ᠠᠩᠭᠯᠢ ᠪᠠᠷ atmosphere) ᠳᠡᠯᠡᠬᠡᠢ ᠶᠢᠨ ᠲᠠᠲᠠᠬᠤ ᠬᠦᠴᠦᠨ ᠳᠦ ᠵᠠᠬᠢᠷᠤᠭᠳᠠᠨ᠂ ᠳᠡᠯᠡᠬᠡᠢ ᠶᠢᠨ ᠭᠠᠳᠠᠨ᠎ᠠ ᠲᠠᠯ᠎ᠠ ᠪᠠᠷ ᠬᠦᠷᠢᠶᠡᠯᠡᠨ ᠪᠠᠶᠢᠭ᠎ᠠ ᠬᠡᠢ ᠶᠢᠨ ᠳᠠᠪᠬᠤᠷᠭ᠎ᠠ ᠶᠢ ᠬᠡᠯᠡᠨ᠎ᠡ᠃ ᠠᠭᠠᠷ ᠮᠠᠨᠳᠠᠯ ᠤᠨ 78% ᠨᠢ ᠠᠽᠣᠲ᠂ 20.95% ᠬᠦᠴᠢᠯᠲᠥᠷᠦᠭᠴᠢ᠂ 0.93% ᠠᠷᠭᠤᠨ᠂ 0.038% ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ᠂ 1% ᠤᠰᠤᠨ ᠤ ᠠᠭᠤᠷ ᠪᠣᠯᠤᠨ ᠮᠠᠰᠢ ᠪᠠᠭ᠎ᠠ ᠬᠡᠮᠵᠢᠶ᠎ᠡ ᠲᠡᠢ ᠪᠤᠰᠤᠳ ᠬᠡᠢ ᠨᠦᠭᠦᠳ ᠪᠠᠶᠢᠨ᠎ᠠ᠃ ᠡᠳᠡᠭᠡᠷ ᠬᠡᠢ ᠨᠦᠭᠦᠳ ᠢ ᠨᠡᠶᠢᠯᠡᠭᠦᠯᠦᠭᠡᠳ ᠪᠢᠳᠡ ᠠᠭᠠᠷ ᠭᠡᠵᠦ ᠨᠡᠷᠡᠯᠡᠳᠡᠭ᠃ ᠠᠭᠠᠷ ᠮᠠᠨᠳᠠᠯ ᠨᠢ ᠨᠠᠷᠠᠨ ᠠᠴᠠ ᠢᠷᠡᠬᠦ ᠬᠦᠷᠢᠨ ᠤ ᠭᠠᠳᠠᠨᠠᠬᠢ ᠲᠤᠶᠠᠭ᠎ᠠ ᠶᠢ ᠰᠢᠩᠭᠡᠭᠡᠵᠦ᠂ ᠡᠳᠦᠷᠰᠥᠨᠢ ᠶᠢᠨ ᠲᠣᠯᠠᠭᠠᠨ ᠤ ᠬᠡᠮᠵᠢᠶ᠎ᠡ ᠤᠨ ᠢᠯᠭᠠᠭ᠎ᠠ ᠶᠢ ᠲᠣᠭᠲᠠᠪᠤᠷᠢᠵᠢᠭᠤᠯᠠᠨ᠂ ᠳᠡᠯᠡᠬᠡᠢ ᠳᠡᠭᠡᠷ᠎ᠡ ᠠᠮᠢᠳᠤᠷᠠᠯ ᠪᠠᠶᠢᠬᠤ ᠨᠥᠬᠥᠴᠡᠯ ᠢ ᠪᠦᠷᠢᠳᠦᠭᠦᠯᠦᠨ᠎ᠡ᠃ ᠠᠭᠠᠷ ᠮᠠᠨᠳᠠᠯ ᠳᠤ ᠪᠠᠭ᠎ᠠ ᠬᠡᠮᠵᠢᠶ᠎ᠡ ᠲᠡᠢ ᠪᠠᠶᠢᠬᠤ ᠬᠦᠯᠡᠮᠵᠢ ᠶᠢᠨ ᠬᠡᠢ ᠨᠦᠭᠦᠳ (Greenhouse gas) ᠭᠠᠵᠠᠷ ᠤᠨ ᠭᠠᠳᠠᠷᠭᠤ ᠠᠴᠠ ᠣᠶᠢᠭᠰᠠᠨ ᠳᠤᠯᠠᠭᠠᠨ ᠤ ᠡᠨᠧᠷᠭᠢ ᠶᠢ ᠰᠢᠩᠭᠡᠭᠡᠵᠦ᠂ ᠳᠡᠯᠡᠬᠡᠢ ᠶᠢᠨ ᠳᠤᠯᠠᠭᠠᠨ ᠤ ᠲᠡᠩᠴᠡᠪᠦᠷᠢ ᠶᠢ ᠬᠠᠩᠭᠠᠨ᠎ᠠ᠃ ᠬᠡᠷᠪᠡ ᠡᠳᠡᠭᠡᠷ ᠬᠡᠢ ᠨᠦᠭᠦᠳ ᠠᠭᠠᠷ ᠮᠠᠨᠳᠠᠯ ᠳᠤ ᠪᠠᠶᠢᠬᠤ ᠦᠭᠡᠢ ᠪᠣᠯ ᠭᠠᠳᠠᠷᠭᠤ ᠶᠢᠨ ᠳᠤᠮᠳᠠᠴᠢ ᠲᠣᠯᠠᠭᠠᠨ ᠤ ᠬᠡᠮᠵᠢᠶ᠎ᠡ -18°C ᠪᠣᠯᠬᠤ ᠪᠥᠭᠡᠳ ᠳᠡᠯᠡᠬᠡᠢ ᠳᠡᠭᠡᠷ᠎ᠡ ᠠᠮᠢᠳᠤᠷᠠᠯ ᠪᠠᠶᠢᠬᠤ ᠨᠥᠬᠥᠴᠡᠯ ᠦᠭᠡᠢ ᠪᠣᠯᠤᠨ᠎ᠠ᠃ ᠨᠡᠭᠦᠰᠦᠲᠥ᠋ᠷᠥᠭᠴᠢ ᠶᠢᠨ ᠳᠠᠪᠬᠤᠷ ᠢᠰᠦᠯᠮᠧᠲ᠋ᠠᠨᠤᠰᠤᠨ ᠤ ᠠᠭᠤᠷᠣᠽᠣᠨ ᠨᠢ ᠠᠭᠠᠷ ᠮᠠᠨᠳᠠᠯ ᠳᠠᠬᠢ ᠦᠨᠳᠦᠰᠦᠨ ᠬᠦᠯᠡᠮᠵᠢ ᠶᠢᠨ ᠬᠡᠢ ᠨᠦᠭᠦᠳ ᠶᠤᠮ᠃ ᠭᠠᠵᠠᠷ ᠤᠨ ᠭᠠᠳᠠᠷᠭᠤ ᠣᠷᠴᠢᠮ ᠤᠨ ᠠᠭᠠᠷ ᠮᠠᠨᠳᠠᠯ ᠤᠨ ᠳᠤᠮᠳᠠᠴᠢ ᠲᠣᠯᠠᠭᠠᠨ ᠤ ᠬᠡᠮᠵᠢᠶ᠎ᠡ 15 °C ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ