ᠣᠨᠴᠠᠯᠠᠬᠤ ᠥᠭᠦᠯᠡᠯ/2016 8 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠯᠦᠮᠢᠨᠣ ᠬᠠᠮᠲᠤᠯᠢᠭ
 ᠯᠦᠮᠢᠨᠣ ᠬᠠᠮᠲᠤᠯᠢᠭ

ᠯᠦᠮᠢᠨᠣ ᠬᠠᠮᠲᠤᠯᠢᠭ(Lumino) - ᠯᠦᠮᠢᠨᠣ ᠪᠤᠶᠤ Lumino ᠬᠠᠮᠲᠤᠯᠢᠭ ᠨᠢ ᠮᠣᠩᠭᠣᠯ ᠤᠯᠤᠰ ᠤᠨ ᠤᠯᠠᠭᠠᠨᠪᠠᠭᠠᠲᠤᠷ ᠬᠣᠲᠠ ᠠᠴᠠ ᠭᠠᠷᠤᠯᠲᠠᠢ ︽ᠫᠧᠨ᠋ᠲ᠋ᠠ ᠲ᠋ᠣᠨᠢᠺ︾ ᠱᠠᠩᠨᠠᠯ ᠢ 4 ᠤᠳᠠᠭ᠎ᠠ ᠬᠦᠷᠲᠡᠵᠦ ᠪᠠᠢᠭᠰᠠᠨ ᠮᠣᠩᠭᠣᠯ ᠳᠤ ᠨᠡᠷ᠎ᠡ ᠳᠦ ᠭᠠᠷᠤᠭᠰᠠᠨ ᠷᠧᠫ ᠰᠲ᠋ᠢᠯ  ᠢᠶᠡᠷ ᠳᠠᠭᠤᠯᠠᠳᠠᠭ ᠬᠥᠪᠡᠭᠦᠳ ᠦᠨ ᠬᠢᠫ ᠬᠣᠫ ᠬᠠᠮᠲᠤᠯᠢᠭ ᠶᠤᠮ᠃ ᠯᠦᠮᠢᠨᠣ ᠬᠠᠮᠲᠤᠯᠢᠭ ᠨᠢ ᠠᠯᠪᠠᠨ ᠶᠣᠰᠣᠭᠠᠷ 1998 ᠤᠨ ᠳᠤ 5 ᠬᠦᠮᠦᠨ ᠦ ᠪᠦᠷᠢᠯᠳᠦᠬᠦᠨ ᠲᠡᠢ ᠪᠡᠷ ᠪᠠᠢᠭᠤᠯᠤᠭᠳᠠᠵᠤ᠂ 2000 ᠤᠨ ᠤ ᠰᠡᠭᠦᠯ ᠡᠴᠡ 3 ᠬᠦᠮᠦᠨ ᠦ ᠪᠦᠷᠢᠯᠳᠦᠬᠦᠨ ᠲᠡᠢ ᠪᠣᠯᠵᠤ ᠥᠭᠡᠷᠡᠴᠢᠯᠡᠭᠳᠡᠭᠰᠡᠨ ᠶᠤᠮ᠃ ᠮᠣᠩᠭᠣᠯ ᠤᠯᠤᠰ ᠲᠤ ᠬᠢᠫ ᠬᠣᠫ ᠤᠷᠤᠰᠬᠠᠯ ᠢ ᠣᠯᠠᠨ ᠳᠤ ᠲᠠᠨᠢᠭᠤᠯᠵᠤ ᠬᠦᠮᠦᠰ ᠦᠨ ᠬᠦᠷᠲᠡᠭᠡᠯ ᠪᠣᠯᠭᠠᠬᠤ ᠳᠤ ᠬᠠᠮᠤᠭ ᠤᠨ ᠶᠡᠬᠡ ᠬᠤᠪᠢ ᠨᠡᠮᠡᠷᠢ ᠣᠷᠣᠭᠤᠯᠤᠭᠰᠠᠨ ᠬᠠᠮᠲᠤᠯᠢᠭ ᠤᠳ ᠤᠨ ᠨᠢᠭᠡ ᠪᠣᠯᠤᠨ᠎ᠠ᠃ ᠲᠡᠳᠡᠨ ᠦ ᠠᠩᠬᠠᠨ ᠤ hit ᠳᠠᠭᠤᠤ ᠨᠤᠭᠤᠳ ᠬᠠᠢᠷ᠎ᠠ ᠶᠢᠨ ᠥᠩᠭᠡ ᠠᠶᠠᠰ ᠪᠣᠯᠤᠨ ᠬᠤᠳᠠᠯᠳᠤᠭᠠᠨ ᠤ ᠴᠠᠭ ᠬᠠᠨᠳᠤᠯᠭ᠎ᠠ ᠶᠢ ᠢᠯᠡᠭᠦᠦ ᠲᠡᠢ ᠪᠡᠷ ᠲᠤᠰᠬᠠᠵᠤ ᠪᠠᠢᠭᠰᠠᠨ ᠢᠶᠠᠷ ᠢᠶᠠᠨ ᠣᠨᠴᠠᠯᠢᠭ ᠳᠤᠤᠭᠠᠷᠤᠯᠲᠠ ᠲᠠᠢ ᠪᠠᠢᠳᠠᠭ᠃ ᠲᠡᠳᠡᠨ ᠦ ᠤᠷᠢᠳᠤ ᠡᠮᠦᠨ᠎ᠡ ᠨᠢ ᠬᠢᠭᠰᠡᠨ ᠳᠠᠭᠤᠨ ᠤ ᠳᠤᠤᠭᠠᠷᠤᠯᠲᠠ ᠨᠤᠭᠤᠳ ᠥᠨᠥᠳᠥᠷ ᠴᠦ ᠭᠡᠰᠡᠨ ᠰᠣᠨᠣᠰᠬᠤ ᠳᠤ ᠴᠢᠨᠠᠷ ᠤᠨ ᠱᠠᠭᠠᠷᠳᠠᠯᠭ᠎ᠠ ᠬᠠᠩᠭᠠᠭᠰᠠᠨ ᠬᠡᠪ ᠢᠶᠡᠷ ᠪᠠᠢᠭ᠎ᠠ ᠠᠴᠠ ᠬᠠᠷᠠᠪᠠᠯ ᠮᠠᠰᠢ ᠴᠢᠨᠠᠷᠯᠢᠭ ᠵᠦᠢᠯᠡᠰ ᠢ ᠠᠩᠬᠠᠨ ᠠᠴᠠ ᠪᠠᠨ ᠲᠥᠯᠥᠪᠯᠡᠵᠦ ᠬᠢᠵᠦ ᠢᠷᠡᠭᠰᠡᠨ ᠨᠢ ᠠᠵᠢᠭᠯᠠᠭᠳᠠᠳᠠᠭ᠃ (ᠪᠦᠷᠢᠨ ᠠᠭᠤᠯᠭ᠎ᠠ ᠶᠢ ᠤᠩᠰᠢᠬᠤ)

 ᠨᠢᠺᠤᠯᠠᠢ ᠷᠸᠷᠢᠺ
ᠨᠢᠺᠤᠯᠠᠢ ᠷᠸᠷᠢᠺ

ᠨᠢᠺᠣᠯᠠᠢ ᠺᠣᠨᠰᠲ᠋ᠠᠨᠲ᠋ᠢᠨᠣᠸᠢᠴ ᠷᠧᠷᠢᠺ(Nikolai Konstantinovich Roerich)(1874 ᠤᠨ ᠤ10 ᠰᠠᠷ᠎ᠠ ᠶᠢᠨ 9 -1947ᠤᠨ ᠤ12 ᠰᠠᠷ᠎ᠠ ᠶᠢᠨ 13) ᠨᠢ ᠭᠧᠷᠮᠠᠨ ᠭᠠᠷᠤᠯᠲᠠᠢ ᠣᠷᠣᠰ ᠤᠨ ᠵᠢᠷᠤᠭᠠᠴᠢ ᠪᠢᠯᠡ᠃ ᠤᠷᠠᠯᠢᠭ ᠤᠨ ᠶᠢᠷᠲᠢᠨᠴᠦ ᠳᠤ ᠲᠡᠳᠦᠢ ᠦᠭᠡᠢ ᠡᠷᠬᠡ ᠵᠦᠢ ᠶᠢᠨ ᠰᠠᠯᠪᠤᠷᠢ ᠳᠤ ᠴᠤ ᠠᠮᠵᠢᠯᠲᠠ ᠣᠯᠤᠭᠰᠠᠨ ᠡᠷᠳᠡᠮᠲᠡᠨ ᠪᠢᠯᠡ᠃ ᠰᠠᠨᠺᠲ ᠫᠧᠲ᠋ᠧᠷᠪᠦᠷᠢᠭ ᠲᠤ ᠴᠢᠨᠡᠭᠡᠯᠢᠭ ᠠᠮᠢᠳᠤᠷᠠᠯ ᠲᠠᠢᠨᠣᠲ᠋ᠠᠷᠢᠶᠠᠲᠴᠢ ᠶᠢᠨ ᠭᠡᠷ ᠲᠦ ᠮᠡᠨᠳᠦᠯᠡᠵᠦ᠂ ᠳᠡᠯᠡᠬᠡᠢ ᠶᠢᠨ ᠣᠯᠠᠨ ᠣᠷᠣᠨ ᠶᠢᠡᠷ ᠠᠮᠢᠳᠤᠷᠠᠵᠤ ᠪᠠᠶᠢᠭᠰᠠᠨ ᠪᠦᠭᠡᠳᠡᠨᠡᠳᠬᠡᠭ ᠤᠨ ᠫᠠᠩᠵᠠᠪ ᠲᠤ ᠨᠠᠰᠤ ᠨᠦᠬᠦᠴᠡᠭᠰᠡᠨ ᠶᠤᠮ᠃ ᠠᠮᠧᠷᠢᠺᠠ ᠳᠤ ᠠᠮᠢᠳᠤᠷᠠᠵᠤ ᠪᠠᠶᠢᠬᠤ ᠳᠤ ᠪᠠᠨ ᠠᠩᠭᠯᠢ ᠬᠡᠯᠡ ᠤ ᠳᠠᠭᠤᠳᠠᠯᠭ᠎ᠠ ᠳᠤ ᠲᠣᠬᠢᠷᠠᠭᠤᠯᠵᠤ "ᠨᠢᠺᠣᠯᠠᠰ" (Nicholas) ᠭᠡᠵᠦ ᠳᠠᠭᠤᠳᠠᠭᠤᠯᠳᠠᠭ ᠪᠠᠶᠢᠭᠰᠠᠨ ᠲᠤᠯᠠ ᠲᠡᠷᠡ ᠨᠡᠷ᠎ᠡ ᠪᠡᠷ ᠢᠶᠡᠨ ᠠᠯᠳᠠᠷᠰᠢᠵᠠᠢ᠃ ᠡᠬᠡᠨᠡᠷ ᠶᠡᠯᠠᠨ᠎ᠠᠲᠠᠢ ᠪᠠᠨ ᠬᠠᠮᠲᠤ ᠪᠠᠷ ᠠᠨᠭᠨᠢ-ᠶᠣᠭ ᠶᠢᠨ ᠨᠡᠶᠢᠭᠡᠮᠯᠢᠭ ᠶᠢᠡᠨ ᠦᠨᠳᠦᠰᠦᠯᠡᠭᠰᠡᠨ ᠶᠤᠮ᠃ ᠳᠠᠶᠢᠨ ᠤ ᠦᠶ᠎ᠡ ᠪᠡᠷ ᠲᠡᠭᠦᠨ ᠦ ᠪᠦᠲᠦᠭᠡᠯ ᠦᠳ ᠨᠢ ᠤᠷᠠᠨ ᠵᠢᠷᠤᠭ ᠤᠨ ᠪᠣᠯᠤᠨ ᠪᠠᠷᠢᠯᠭ᠎ ᠠ(ᠠᠷᠬᠧᠲ᠋ᠢᠺᠲ᠋ᠣᠷ) ᠶᠢᠨ ᠥᠪ ᠢ ᠬᠠᠮᠠᠭᠠᠯᠠᠬᠤ ᠶᠢᠨ ᠲᠥᠯᠥᠭᠡ ᠴᠢᠭᠯᠡᠭᠳᠡᠵᠦ ᠪᠠᠶᠢᠭᠰᠠᠨ ᠶᠤᠮ᠃ ᠲᠡᠷᠡ ᠪᠠᠰᠠ ᠠᠯᠲᠠᠢ ᠶᠢᠨ ᠠᠭᠤᠯᠠᠰ᠂ ᠮᠤᠩᠭᠤᠯ ᠤᠨ ᠬᠢᠵᠠᠭᠠᠷ ᠨᠤᠲᠤᠭ᠂ ᠭᠠᠨᠰᠤ᠂ ᠲᠦᠪᠡᠳ ᠵᠡᠷᠭᠡ ᠠᠽᠢᠶ ᠠ ᠨᠤᠲᠤᠭ ᠶᠢᠡᠷ ᠴᠤ ᠠᠶᠠᠯᠠᠯ ᠪᠠᠶᠢᠴᠠᠭᠠᠯᠲᠠ ᠬᠢᠵᠤ ᠦᠩᠭᠡᠷᠡᠵᠡᠢ᠃ ᠲᠡᠭᠦᠨ ᠢ ᠣᠯᠠᠨ ᠤᠳᠠᠭ᠎ᠠ ᠨᠣᠪᠧᠯ ᠤᠨ ᠱᠠᠩᠨᠠᠯ ᠳᠤ ᠨᠡᠷ᠎ᠡ ᠳᠡᠪᠰᠢᠭᠦᠯᠦᠭᠰᠡᠨ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠤᠰᠤᠨ ᠳᠤ ᠰᠡᠯᠢᠯᠲᠡ
ᠤᠰᠤᠨ ᠳᠤ ᠰᠡᠯᠢᠯᠲᠡ

ᠤᠰᠤᠨ ᠳᠤ ᠰᠡᠯᠢᠯᠲᠡ ᠨᠢ ᠣᠷᠴᠢᠨ ᠦᠶ᠎ᠡ ᠶᠢᠨ ᠪᠦᠬᠦ ᠵᠤᠨ ᠤ ᠣᠯᠢᠮᠫᠢᠺ ᠤᠨ ᠬᠥᠲᠥᠯᠪᠦᠷᠢ ᠳᠦ ᠪᠠᠭᠳᠠᠵᠣ ᠢᠷᠡᠭᠰᠡᠨ᠃ 1912 ᠤᠨ ᠠᠴᠠ ᠡᠮᠡᠭᠲᠡᠶᠢᠴᠦᠳ ᠴᠤ ᠣᠯᠢᠮᠫᠢᠺ ᠤᠨ ᠤᠰᠤᠨ ᠳᠤ ᠰᠡᠯᠢᠯᠲᠡ ᠳᠤ ᠥᠷᠢᠰᠥᠯᠳᠥᠬᠦ ᠪᠣᠯᠤᠭᠰᠠᠨ᠃ ᠬᠥᠩᠭᠡᠨ ᠠᠲᠯᠧᠲ᠋ᠢᠭ(田径)᠂ ᠭᠢᠮᠨᠡᠰᠲ᠋ᠢᠺ ᠦᠨ(体操) ᠬᠠᠮᠲᠤ ᠪᠠᠷ ᠣᠯᠢᠮᠫᠢᠺ ᠤᠨ ᠬᠠᠮᠤᠭ ᠤᠨ ᠨᠡᠷ᠎ᠡ ᠬᠦᠨᠳᠦᠲᠡᠢ᠂ ᠣᠯᠠᠨ ᠦᠵᠡᠭᠴᠢ ᠲᠡᠢ᠂ ᠬᠠᠮᠤᠭ ᠤᠨ ᠣᠯᠠᠨ ᠮᠧᠳᠠᠯ ᠭᠠᠷᠳᠠᠭᠤᠯᠳᠠᠭ ᠲᠥᠷᠥᠯ ᠦᠳ ᠦᠨ ᠨᠢᠭᠡ ᠨᠢ ᠪᠢᠯᠡ᠃ᠠᠩᠬᠠᠨ ᠤ ᠭᠷᠧᠺ ᠦᠨ ᠣᠯᠢᠮᠫ ᠤᠨ ᠶᠡᠬᠡ ᠨᠠᠭᠠᠳᠤᠮ ᠳᠤ ᠵᠣᠬᠢᠶᠠᠭᠳᠠᠵᠤ ᠪᠠᠶᠢᠭᠰᠠᠨ ᠴᠥᠭᠡᠬᠡᠨ ᠲᠥᠷᠥᠯ ᠤᠨ ᠰᠫᠣᠷᠲ ᠤᠨ ᠨᠢᠭᠡ ᠨᠢ ᠤᠰᠤᠨ ᠰᠡᠯᠢᠯᠲᠡ ᠶᠢᠨ ᠲᠥᠷᠥᠯ ᠪᠠᠶᠢᠭᠰᠠᠨ᠃ 1908 ᠤᠨ ᠳᠤ ᠣᠯᠠᠨ ᠤᠯᠤᠰ ᠤᠨ ᠤᠰᠤᠨ ᠰᠫᠣᠷᠲ ᠤᠨ ᠺᠢᠯᠤᠪ ᠪᠠᠶᠢᠭᠤᠯᠤᠭᠳᠠᠭᠰᠠᠨ ᠪᠥᠭᠡᠳ 2008 ᠤᠨ ᠳᠤ 100 ᠵᠢᠯ ᠦᠨ ᠣᠢ ᠪᠣᠯᠤᠭᠰᠠᠨ᠃ (ᠪᠦᠷᠢᠨ ᠠᠭᠤᠯᠭ᠎ᠠ ᠶᠢ ᠤᠩᠰᠢᠬᠤ)

 ᠶᠡᠬᠡ ᠬᠣᠷᠢ
ᠶᠡᠬᠡ ᠬᠣᠷᠢ ᠶᠢᠨ ᠭᠠᠵᠠᠷ ᠤᠨ ᠵᠢᠷᠤᠭ

ᠶᠡᠬᠡ ᠬᠣᠷᠢ ᠪᠤᠶᠤ ᠠᠯᠪᠠᠨ ᠶᠣᠰᠣᠭᠠᠷ ᠬᠣᠷᠢᠨ ᠰᠠᠩ ᠤᠨ ᠰᠠᠶᠢᠳ᠂ ᠲᠥᠪ ᠪᠠᠩᠬᠢᠨ ᠤ ᠤᠳᠤᠷᠢᠳᠤᠭᠴᠢ ᠨᠠᠷ ᠤᠨ ᠪᠦᠯᠬᠦᠮ ᠨᠢ ᠳᠡᠯᠡᠬᠡᠢ ᠶᠢᠨ ᠬᠠᠮᠤᠭ ᠤᠨ ᠲᠣᠮᠣ ᠡᠳ᠋ ᠍ ᠦᠨ ᠵᠠᠰᠠᠭ ᠲᠠᠢ 25 ᠣᠷᠣᠨ ᠤ 19 ᠨᠢ ᠪᠠ ᠧᠦ᠋ᠷᠣᠫᠠ ᠶᠢᠨ ᠬᠣᠯᠪᠣᠭ᠎ᠠ ᠶᠢᠨ ᠰᠠᠩ ᠤᠨ ᠰᠠᠶᠢᠳ ᠨᠠᠷ ᠪᠠ ᠲᠥᠪ ᠪᠠᠩᠬᠢᠨ ᠤ ᠤᠳᠤᠷᠢᠳᠤᠭᠴᠢᠳ ᠤᠨ ᠪᠦᠯᠬᠦᠮ ᠶᠤᠮ᠃ ᠶᠡᠬᠡ ᠬᠣᠷᠢ ᠶᠢᠨ ᠡᠳ᠋ ᠍ ᠦᠨ ᠵᠠᠰᠠᠭ ᠤᠳ ᠨᠢ ᠨᠡᠶᠢᠯᠡᠭᠡᠳ ᠳᠡᠯᠡᠬᠡᠢ ᠶᠢᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨᠢ 90%, ᠳᠡᠯᠡᠬᠡᠢ ᠶᠢᠨ ᠬᠤᠳᠠᠯᠳᠤᠭᠠᠨ ᠤ 80% ᠍ ᠶᠢ (ᠡᠭᠦᠨ ᠳᠦ ᠧᠦ᠋ᠷᠣᠫᠠ ᠶᠢᠨ ᠬᠣᠯᠪᠣᠭ᠎ᠠ ᠤ ᠳᠣᠲᠣᠭᠠᠳᠤ ᠶᠢᠨ ᠬᠤᠳᠠᠯᠳᠤᠭ᠎ᠠ ᠣᠷᠣᠨ᠎ᠠ) ᠥᠪᠡᠷᠲᠡᠭᠡᠨ ᠪᠠᠭᠲᠠᠭᠠᠬᠤ ᠪᠠ ᠨᠡᠶᠢᠲᠡ ᠳᠡᠯᠡᠬᠡᠢ ᠶᠢᠨ ᠬᠦᠮᠦᠨ ᠠᠮᠠ ᠶᠢᠨ ᠭᠤᠷᠪᠠᠨ ᠤ ᠬᠣᠶᠠᠷ ᠠᠮᠢᠳᠤᠷᠠᠳᠠᠭ᠃ ᠶᠡᠬᠡ ᠬᠣᠷᠢ ᠨᠢ ᠣᠯᠠᠨ ᠤᠯᠤᠰ ᠤᠨ ᠰᠠᠩᠬᠦᠦ ᠶᠢᠨ ᠰᠢᠰᠲ᠋ᠧᠮ ᠳᠦ ᠬᠣᠯᠪᠣᠭ᠎ᠠ ᠲᠠᠢ ᠠᠰᠠᠭᠤᠳᠠᠯ ᠤᠳ ᠢ ᠰᠢᠢᠳᠪᠦᠷᠢᠯᠡᠬᠦ ᠳᠦ ᠬᠠᠮᠲᠤ ᠶᠢᠨ ᠠᠵᠢᠯᠯᠠᠭ᠎ᠠ᠂ ᠵᠥᠪᠯᠡᠭᠡᠨ ᠢ ᠥᠭᠬᠦ ᠴᠤᠭᠯᠠᠭᠠᠨ ᠶᠤᠮ᠃ ᠣᠯᠠᠨ ᠤᠯᠤᠰ ᠤᠨ ᠰᠠᠩᠬᠦᠦ ᠶᠢᠨ ᠲᠣᠭᠲᠠᠪᠤᠷᠢᠲᠠᠢ ᠪᠠᠶᠢᠳᠠᠯ ᠢ ᠬᠠᠩᠭᠠᠬᠤ ᠳᠤ ᠠᠵᠤ ᠦᠢᠯᠡᠳᠪᠦᠷᠵᠢᠭᠰᠡᠨ ᠪᠠ ᠬᠥᠭᠵᠢᠵᠦ ᠪᠤᠢ ᠤᠯᠤᠰ ᠤᠳ ᠤᠨ ᠬᠣᠭᠣᠷᠣᠨᠳᠣᠬᠢ ᠬᠡᠯᠡᠯᠴᠡᠭᠦᠯᠭᠡ ᠶᠢ ᠳᠡᠮᠵᠢᠨ ᠰᠤᠳᠤᠯᠵᠤ᠂ ᠳ᠋ᠦᠩᠨᠡᠯᠲᠡ ᠥᠭᠳᠡᠭ ᠪᠥᠭᠡᠳ ᠭᠠᠭᠴᠠ ᠪᠠᠶᠢᠭᠤᠯᠤᠯᠭ᠎ᠠ ᠶᠢᠨ ᠬᠠᠷᠢᠭᠤᠴᠠᠬᠤ ᠠᠰᠠᠭᠤᠳᠠᠯ ᠠᠴᠠ ᠢᠯᠡᠭᠦᠦ ᠶᠡᠬᠡ ᠶᠢ ᠬᠢᠬᠦ ᠶᠢ ᠣᠷᠣᠯᠳᠤᠳᠠᠭ᠃ (ᠪᠦᠷᠢᠨ ᠠᠭᠤᠯᠭ᠎ᠠ ᠶᠢ ᠤᠩᠰᠢᠬᠤ)

《ᠳᠠᠶᠢᠨ ᠤ ᠭᠣᠯᠣᠮᠲᠠ》
《ᠳᠠᠶᠢᠨ ᠤ ᠭᠣᠯᠣᠮᠲᠠ》

《ᠳᠠᠶᠢᠨ ᠤ ᠭᠣᠯᠣᠮᠲᠠ》 ᠦᠨ ᠤᠭ ᠭᠡᠷᠡᠯ ᠵᠢᠷᠤᠭ ᠢ 《Los Angeles Times》 ᠍ ᠦᠨ ᠭᠡᠷᠡᠯ ᠵᠢᠷᠤᠭᠴᠢᠨ ᠺᠡᠶᠢᠷᠣᠯᠢᠨ ᠺᠣᠤᠯ ᠭᠡᠭᠴᠢ ᠠᠹᠷᠢᠺᠠ ᠶᠢᠨ ᠯᠢᠪᠧᠷᠢᠶ᠋ ᠡ ᠤᠯᠤᠰ ᠲᠤ ᠠᠵᠢᠯᠯᠠᠵᠤ ᠪᠠᠶᠢᠬᠤ ᠦᠶᠡᠳᠡᠭᠡᠡ ᠠᠪᠴᠠᠢ᠃ ᠡᠨᠡᠬᠦ ᠵᠢᠷᠤᠭ  ᠠᠴᠠ ᠯᠢᠪᠧᠷᠢᠶ᠋ ᠡ ᠤᠯᠤᠰ ᠤᠨ ᠦᠨᠳᠦᠰᠦᠳᠡᠨ ᠦ ᠳᠠᠶᠢᠨ ᠶᠠᠮᠠᠷ ᠬᠤᠷᠴᠠᠳᠤᠮᠠᠯ ᠪᠠᠶᠢᠳᠠᠯ ᠳᠤ ᠪᠠᠶᠢᠭᠰᠠᠨ ᠢ ᠬᠠᠷᠠᠵᠤ ᠪᠣᠯᠬᠤ ᠶᠤᠮ᠃ ᠰᠤᠮᠤᠨ ᠤ ᠭᠠᠳᠠᠨᠠᠬᠢ ᠭᠡᠷ ᠮᠣᠩᠷᠣᠪᠢᠶ᠎ᠠ ᠭᠤᠳᠤᠮ ᠢᠶᠠᠷ ᠡᠨᠳᠡ ᠲᠡᠨᠳᠡ ᠦᠬᠡᠢ ᠬᠦᠭᠯᠡᠷᠡᠬᠦ ᠠᠵᠡᠢ᠃ ᠤᠭ ᠭᠠᠵᠠᠷ ᠬᠦᠮᠦᠨ ᠬᠠᠷᠠᠬᠤ ᠶᠢᠨ ᠠᠷᠭ᠎ᠠ ᠦᠭᠡᠢ ᠪᠣᠯᠤᠭᠰᠠᠨ ᠪᠠᠶᠢᠭᠰᠠᠨ ᠪᠥᠭᠡᠳ ᠡᠨᠳᠡ ᠯᠢᠪᠧᠷᠢᠶ᠋ ᠡ ᠤᠯᠤᠰ ᠤᠨ ᠵᠠᠰᠠᠭ ᠤᠨ ᠭᠠᠵᠠᠷ ᠤᠨ ᠴᠡᠷᠢᠭ ᠦᠳ ᠪᠣᠯᠤᠨ ᠠᠷᠠᠳ ᠢᠷᠭᠡᠳ ᠢ ᠲᠥᠯᠥᠭᠡᠯᠡᠨ ᠡᠰᠡᠷᠭᠦᠴᠡᠯ ᠢᠯᠡᠷᠬᠡᠶᠢᠯᠡᠵᠦ ᠪᠤᠢ ᠪᠣᠰᠤᠭᠴᠢᠳ ᠤᠨ ᠬᠣᠭᠣᠷᠣᠨᠳᠣ ᠰᠢᠷᠦᠭᠦᠨ ᠲᠡᠮᠡᠴᠡᠯ ᠪᠣᠯᠵᠤ ᠪᠠᠶᠢᠵᠠᠢ᠃ (ᠪᠦᠷᠢᠨ ᠠᠭᠤᠯᠭ᠎ᠠ ᠶᠢ ᠤᠩᠰᠢᠬᠤ)

 ᠶᠠᠮᠸᠨ ᠤ ᠲᠤᠯᠤᠯᠳᠤᠭᠠᠨ
ᠶᠠᠮᠸᠨ ᠤ ᠲᠤᠯᠤᠯᠳᠤᠭᠠᠨ

ᠶᠠᠮᠸᠨ ᠦ ᠳᠠᠯᠠᠢ ᠶᠢᠨ ᠲᠤᠯᠤᠯᠳᠤᠭᠠᠨ(ᠬᠢᠲᠠᠳ ᠢᠶᠠᠷ: 崖门战役)ᠪᠤᠶᠤ ᠶᠠᠱᠠᠨ ᠤ ᠲᠤᠯᠤᠯᠳᠤᠭᠠᠨ(ᠬᠢᠲᠠᠳ ᠢᠶᠠᠷ: 崖山之战) ᠨᠢ 1279 ᠤᠨ ᠤ 3 ᠳ᠋ᠤᠭᠠᠷ ᠰᠠᠷ᠎ᠠ ᠶᠢᠨ 19 ᠤ ᠡᠳᠦᠷ ᠡᠭᠦᠰᠦᠭᠰᠡᠨ ᠪᠢᠯᠡ᠃ ᠡᠨᠡ ᠲᠤᠯᠤᠯᠳᠤᠭᠠᠨ ᠨᠢ ᠡᠮᠦᠨᠡᠲᠦ ᠰᠦᠩ ᠤᠯᠤᠰ ᠨᠢ ᠶᠤᠸᠠᠨ ᠤᠯᠤᠰ ᠤᠨ ᠡᠰᠡᠷᠬᠦ ᠶᠠᠪᠤᠭᠤᠯᠤᠭᠰᠠᠨ ᠰᠡᠭᠦᠯ ᠦᠨ ᠲᠤᠯᠤᠯᠳᠤᠭᠠᠨ ᠪᠤᠯᠬᠤ ᠶᠤᠮ᠃ ᠬᠡᠳᠦᠶᠢᠪᠡᠷ ᠶᠤᠸᠠᠨ ᠭᠦᠷᠦᠨ ᠦ ᠬᠦᠴᠦ 10:1 ᠬᠠᠷᠢᠴᠠᠭ᠎ᠠ ᠪᠠᠷ ᠳᠤᠤᠷ ᠠ ᠪᠠᠶᠢᠭᠰᠠᠨ ᠴᠤ᠂ ᠴᠦᠬᠡᠨ ᠶᠢᠡᠷ ᠤᠯᠠᠨ ᠢ ᠢᠯᠠᠵᠤ᠂ ᠰᠦᠩ ᠤᠯᠤᠰ ᠢ ᠮᠥᠬᠥᠭᠡᠭᠰᠡᠨ ᠪᠢᠯᠡ᠃ ᠰᠦᠩ ᠤᠯᠤᠰ ᠤᠨ ᠡᠵᠡᠨ ᠬᠠᠭᠠᠨ ᠵᠤᠤ ᠪᠢᠩ ᠨᠢ ᠰᠦᠩ ᠤᠯᠤᠰ ᠤᠨ ᠬᠠᠮᠤᠭ ᠤᠨ ᠰᠡᠭᠦᠯ ᠦᠨ ᠬᠠᠭᠠᠨ ᠪᠠᠶᠢᠭᠰᠠᠨ ᠤᠴᠢᠷ ᠡᠴᠡ ᠲᠡᠭᠦᠨ ᠦ ᠦᠬᠦᠯ ᠨᠢ ᠰᠦᠩ ᠤᠯᠤᠰ ᠤᠨ ᠮᠥᠬᠥᠯ ᠪᠠᠶᠢᠭᠰᠠᠨ ᠪᠢᠯᠡ᠃ ᠲᠡᠭᠡᠭᠡᠳᠬᠤᠪᠢᠯᠠᠢ ᠬᠠᠭᠠᠨ ᠤ ᠮᠡᠳᠡᠯ ᠳᠦ ᠪᠠᠶᠢᠭᠰᠠᠨ ᠶᠤᠸᠠᠨ ᠭᠦᠷᠦᠨ ᠨᠢ ᠬᠢᠲᠠᠳ ᠤᠯᠤᠰ ᠢ ᠲᠡᠷᠡ ᠴᠢᠭ ᠢᠶᠡᠷ ᠨᠢ ᠠᠳᠬᠤᠨ ᠳᠤ ᠪᠠᠨ ᠣᠷᠣᠭᠤᠯᠤᠭᠰᠠᠨ ᠶᠤᠮ᠃ (ᠪᠦᠷᠢᠨ ᠠᠭᠤᠯᠭ᠎ᠠ ᠶᠢ ᠤᠩᠰᠢᠬᠤ)

ᠬᠣᠷᠯᠤ᠎ᠠ ᠶᠢᠨ ᠴᠣᠶᠢᠪᠠᠯᠰᠠᠩ
ᠬᠣᠷᠯᠤ᠎ᠠ ᠶᠢᠨ ᠴᠣᠶᠢᠪᠠᠯᠰᠠᠩ

ᠬᠣᠷᠯᠤ᠎ᠠ ᠶᠢᠨ ᠴᠣᠶᠢᠪᠠᠯᠰᠠᠩ (ᠵᠠᠮᠴᠤ ᠡᠴᠢᠭᠡ ᠶᠢᠨ ᠬᠦᠦ ᠪᠣᠯᠪᠠᠴᠤ ᠬᠣᠷᠯᠤ᠎ᠠ ᠭᠡᠵᠦ ᠡᠬᠡ ᠶᠢᠨ ᠢᠶᠡᠨ ᠨᠡᠷ᠎ᠡ ᠪᠡᠷ ᠣᠪᠣᠭᠯᠠᠭᠳᠠᠵᠠᠢ᠂ ᠲᠥᠷᠥᠬᠦ ᠳᠦ ᠪᠡᠨ ᠳᠤᠤᠭᠠᠷ ᠭᠡᠰᠡᠨ ᠨᠡᠷ᠎ᠡ ᠲᠡᠢ ᠪᠠᠶᠢᠭᠰᠠᠨ᠂ 1895 ᠤᠨ ᠤ 2 ᠰᠠᠷ᠎ᠠ ᠶᠢᠨ 81952 ᠤᠨ ᠤ 1 ᠰᠠᠷ᠎ᠠ ᠶᠢᠨ 26) 1930 ᠍ ᠊ᠭᠠᠳ ᠤᠨ ᠠᠴᠠ ᠨᠠᠰᠤ ᠪᠠᠷᠠᠬᠤ ᠬᠦᠷᠲᠡᠯ᠎ᠡ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠢ ᠤᠳᠤᠷᠢᠳᠥᠵᠤ ᠪᠠᠶᠢᠯ᠎ᠠ᠃ ᠬ᠂ ᠴᠣᠶᠢᠪᠠᠯᠰᠠᠩ ᠣᠯᠠᠨ ᠬᠦᠮᠦᠨ ᠢ ᠬᠡᠯᠮᠡᠭᠳᠡᠭᠦᠯᠦᠨ ᠠᠯᠠᠭᠰᠠᠨ ᠪᠣᠯᠪᠠᠴᠤ ᠮᠣᠩᠭᠣᠯ ᠤᠯᠤᠰ ᠤᠨ ᠲᠤᠰᠠᠭᠠᠷ ᠲᠣᠭᠲᠠᠨᠢᠯ ᠢ ᠣᠯᠠᠨ ᠤᠯᠤᠰ ᠲᠤ ᠬᠦᠯᠢᠶᠡᠨ ᠵᠥᠪᠰᠢᠶᠡᠷᠡᠭᠦᠯᠦᠭᠰᠡᠨ ᠢᠶᠡᠷ ᠭᠠᠢ ᠭᠠᠪᠢᠶ᠎ᠠ ᠶᠡᠬᠡ ᠲᠡᠢ ᠬᠦᠮᠦᠨ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠦᠵᠦᠮ
ᠦᠵᠦᠮ

ᠦᠵᠦᠮ(葡萄) - ᠲᠤᠰ ᠡᠮ ᠪᠣᠯ ᠦᠵᠦᠮ  ᠤᠨ ᠢᠵᠠᠭᠤᠷ ᠤᠨ ᠨᠠᠪᠴᠢ ᠵᠤᠯᠭᠠᠷᠠᠭᠴᠢ ᠲᠣᠮᠤ ᠲᠡᠩᠰᠡᠯᠢᠭ᠌ ᠤᠷᠭᠤᠮᠠᠯ ᠦᠵᠦᠮ ᠤᠨ ᠪᠤᠯᠪᠠᠰᠤᠷᠠᠭᠰᠠᠨ ᠵᠢᠮᠢᠰ ᠤᠨ ᠬᠠᠲᠠᠭᠠᠮᠠᠯ ᠮᠥᠨ ᠃ ᠠᠭᠤᠰᠭᠢᠨ ᠬᠠᠯᠠᠭᠤᠨ ᠢ ᠠᠷᠢᠯᠭᠠᠬᠤ ᠂ ᠬᠠᠨᠢᠶᠠᠬᠤ ᠶᠢ ᠵᠣᠭᠰᠤᠭᠠᠬᠤ ᠂ ᠠᠮᠢᠰᠭᠤᠭᠠᠳᠠᠬᠤ ᠶᠢ ᠳᠠᠷᠤᠬᠤ ᠂ ᠮᠠᠬᠠᠪᠤᠳ ᠢ ᠲᠡᠭᠰᠢᠳᠭᠡᠬᠦ ᠪᠣᠯᠤᠨ᠎ᠠ ᠃︽ ᠨᠠᠢ᠍ᠮᠠᠨ ᠭᠡᠰᠢᠭᠦᠨᠳᠦ ︾ᠳ᠋ᠤ ᠄《 ᠦᠵᠦᠮ ᠪᠤᠯᠪᠠᠰᠤ ᠭᠦᠴᠦᠵᠢᠭᠦᠯᠭᠦ ᠂ ᠨᠢᠳᠦᠨ  ᠳᠤ ᠲᠤᠰᠠᠯᠠᠬᠤ ᠪᠡ ᠬᠣᠷᠭᠤᠰᠤ ᠶᠢ ᠰᠢᠩᠭᠡᠷᠡᠭᠦᠯᠭᠦ ᠪᠤᠯᠠᠢ ᠂ ᠠᠮᠲᠠᠯᠢᠭ ᠠᠮᠲᠠ  ᠲᠡᠢ ᠂ ᠰᠢᠩᠭᠡᠭᠡᠯᠲᠡ ᠢᠨᠦ ᠲᠣᠰᠤᠯᠢᠭ ᠂ ᠶᠠᠯᠢᠮ  ᠦᠭᠡᠢ ᠡᠬᠡᠭᠦᠨ ᠂ ᠰᠡᠷᠢᠭᠦᠨ ᠂ ᠭᠦᠨᠳᠦ ᠳᠤᠯᠨ ᠭᠡᠢ ᠰᠢᠷ᠎ᠠ ᠶᠢ ᠠᠷᠢᠯᠭᠠᠮᠤᠢ ᠃ ᠠᠮᠠ ᠭᠠᠰᠢᠭᠤᠷᠠᠬᠤ ᠂ ᠠᠷᠢᠬᠢᠨ ᠤ ᠡᠪᠡᠳᠴᠢᠨ ᠂ ᠤᠮᠳᠠᠭᠠᠰᠬᠤ ᠂ ᠬᠠᠨᠢᠶᠠᠬᠤ ᠂ ᠬᠠᠯᠠᠭᠤᠨ ᠬᠢᠵᠢᠭ᠌ ᠂ ᠠᠮᠢᠰᠭᠤᠭᠠᠳᠠᠬᠤ ᠂ ᠲᠠᠭᠤ ᠰᠦᠭᠡᠩᠭᠡᠳᠦᠭᠦ ᠂ ᠠᠭᠤᠰᠭᠢ ᠨᠡᠪᠴᠢᠷᠡᠭᠦ ᠂ ᠠᠭᠤᠰᠭᠢᠨ ᠤ ᠠᠷᠬᠠᠭ ᠢ ᠠᠷᠢᠯᠭᠠᠮᠤᠢ ᠃》ᠭᠡᠵᠦ ᠲᠡᠮᠳᠡᠭᠯᠡᠵᠡᠢ᠃ ᠪᠠᠰᠠ︽ ᠴᠠᠭᠠᠨ ᠪᠣᠯᠤᠷ ᠳᠤᠯᠢ ︾ᠳ᠋ᠤ ᠄《 ᠦᠵᠦᠮ ᠪᠤᠯᠪᠠᠰᠤ ᠨᠢᠳᠦᠨ ᠡᠪᠡᠳᠴᠢᠨ ᠢ ᠠᠷᠢᠯᠭᠠᠵᠤ ᠂ ᠬᠠᠯᠠᠭᠤᠨ ᠢ ᠳᠤᠭᠤᠯᠭᠠᠮᠤᠢ ᠃》ᠭᠡᠵᠦ ᠲᠡᠮᠳᠡᠭᠯᠡᠭᠰᠡᠨ ᠪᠠᠢᠢᠳᠠᠭ᠃ (ᠪᠦᠷᠢᠨ ᠠᠭᠤᠯᠭ᠎ᠠ ᠶᠢ ᠤᠩᠰᠢᠬᠤ)

ᠾᠦᠩᠨᠦ ᠤᠯᠤᠰ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠾᠦᠩᠨᠦ ᠤᠯᠤᠰ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 209 ᠤᠨ ᠳᠤ ᠪᠠᠶᠢᠭᠤᠯᠤᠭᠳᠠᠵᠠᠢ᠃ ᠭᠡᠪᠡᠴᠦ ᠲᠡᠭᠦᠨ ᠡᠴᠡ ᠡᠮᠦᠨ᠎ᠡ ᠮᠣᠳᠣᠨᠢ ᠬᠠᠭᠠᠨ ᠤ ᠡᠴᠢᠭᠡ ᠲᠦᠮᠡᠨ ᠱᠠᠨᠦᠢ ᠭᠡᠬᠦ ᠮᠡᠲᠦ ᠬᠡᠳᠦ ᠬᠡᠳᠦᠨ ᠱᠠᠨᠦᠢ ᠪᠠᠶᠢᠭᠰᠠᠨ ᠭᠡᠵᠦ ᠦᠵᠡᠳᠡᠭ᠃ ᠥᠭᠡᠷ᠎ᠡ ᠪᠡᠷ ᠬᠡᠯᠡᠪᠡᠯ ᠾᠦᠩᠨᠦ ᠶᠢᠨ ᠲᠥᠷᠥᠳᠦ ᠶᠣᠰᠣᠨ ᠤ ᠲᠡᠦᠬᠡ ᠪᠦᠷ ᠡᠷᠲᠡᠨ ᠦ ᠤᠯᠠᠮᠵᠢᠯᠠᠯ ᠲᠠᠢ ᠶᠤᠮ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 198 ᠤᠨ ᠳᠤ ᠬᠠᠨ ᠣᠯᠣᠰᠲᠠᠢ ᠨᠠᠶᠢᠷᠠᠮᠳᠠᠯ ᠤᠨ ᠭᠡᠷ᠎ᠡ ᠪᠠᠶᠢᠭᠤᠯᠵᠤ 50 ᠵᠢᠯ ᠦᠨ ᠲᠤᠷᠰᠢ ᠠᠯᠲᠠ ᠮᠥᠩᠭᠥ᠂ ᠲᠠᠷᠢᠶ᠎ᠠ ᠪᠠᠷ ᠠᠯᠪᠠ ᠠᠪᠴᠤ ᠪᠠᠶᠢᠭᠰᠠᠨ ᠪᠦᠭᠡᠳ ᠲᠣᠷᠭᠠᠨ ᠵᠠᠮ ᠢ ᠬᠢᠨᠠᠯᠲᠠᠨ ᠳᠤ ᠪᠠᠨ ᠪᠠᠶᠢᠯᠭᠠᠭᠰᠠᠨ ᠶᠤᠮ᠃ ᠾᠦᠩᠨᠦ ᠭᠦᠷᠦᠨ ᠨᠢ ᠮᠣᠩᠭᠣᠯ ᠨᠤᠲᠤᠭ ᠳ᠋ᠠᠬᠢ ᠠᠩᠬᠠᠨ ᠤ ᠲᠥᠷᠥᠳᠦ ᠤᠯᠤᠰ ᠪᠥᠭᠡᠳ ᠬᠠᠮᠤᠭ ᠤᠨ ᠠᠩᠬᠠᠨ ᠤ ᠲᠥᠷᠥ ᠶᠢᠨ ᠵᠠᠬᠢᠷᠭ᠎ᠠ ᠶᠢ ᠪᠤᠢ ᠪᠣᠯᠭᠠᠭᠰᠠᠨ ᠶᠤᠮ᠃ ᠠᠯᠪᠠᠨ ᠶᠣᠰᠣᠭᠠᠷ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 209 ᠤᠨ ᠠᠴᠠ ᠪᠤᠶᠤ ᠮᠣᠳᠣᠨ ᠱᠠᠨᠤᠢ ᠬᠠᠭᠠᠨ ᠣᠷᠣ ᠰᠠᠭᠤᠭᠰᠠᠨ ᠠᠴᠠ ᠡᠨᠡ ᠭᠦᠷᠦᠨ ᠦ ᠤᠨ ᠲᠣᠭᠠᠯᠠᠯ ᠢ ᠲᠣᠭᠠᠴᠠᠳᠠᠭ᠃ ᠡᠷᠲᠡᠨ ᠦ ᠲᠥᠷᠥᠳᠦ ᠤᠯᠤᠰ ᠤᠳ ᠤᠨ ᠨᠢᠭᠡ ᠳᠦ ᠵᠦᠢ ᠶᠣᠰᠣᠭᠠᠷ ᠣᠷᠣᠭᠤᠯᠳᠠᠭ᠃ᠡᠨᠡ ᠦᠶ᠎ᠡ ᠳᠦ ᠾᠦᠩᠨᠦ ᠭᠦᠷᠦᠨ ᠬᠦᠴᠦᠷᠬᠡᠭᠵᠢᠯᠲᠡ ᠶᠢᠨ ᠢᠶᠡᠨ ᠲᠤᠶᠢᠯ ᠳᠤ ᠬᠦᠷᠴᠦ ᠤᠮᠠᠷᠠᠳᠤ ᠳᠤ ᠪᠠᠶᠢᠭᠠᠯ ᠨᠠᠭᠤᠷ᠂ ᠡᠮᠦᠨᠡᠰᠢ ᠪᠠᠨ ᠬᠢᠲᠠᠳ ᠤᠨ ᠴᠠᠭᠠᠨ ᠬᠡᠷᠡᠮ᠂ ᠪᠠᠷᠠᠭᠤᠨᠰᠢ ᠪᠠᠨ ᠲᠦᠷᠺᠧᠰᠲᠠᠨ᠂ ᠵᠡᠭᠦᠨ ᠲᠡᠰᠢ ᠪᠠᠨ ᠣᠳᠣ ᠶᠢᠨ ᠣᠷᠳᠣᠰ ᠬᠦᠷᠲᠡᠯᠡᠬᠢ ᠥᠷᠭᠡᠨ ᠠᠭᠤᠳᠠᠮ ᠨᠤᠲᠤᠭ ᠢ ᠡᠷᠬᠡᠰᠢᠶᠡᠯ ᠳᠦ ᠪᠡᠨ ᠣᠷᠣᠭᠤᠯᠵᠤ ᠴᠢᠳᠠᠭᠰᠠᠨ ᠶᠤᠮ᠃ ᠣᠳᠣ ᠶᠢᠨ ᠳᠤᠮᠳᠠᠳᠤ ᠤᠯᠤᠰ ᠤᠨ ᠨᠤᠲᠤᠭ ᠲᠤ ᠲᠡᠷᠡ ᠦᠶ᠎ᠡ ᠳᠦ ᠰᠢᠨ᠎ᠡ ᠪᠡᠷ ᠡᠭᠦᠰᠦᠭᠰᠡᠨ ᠬᠠᠨ ᠣᠯᠣᠰ ᠮᠣᠳᠣᠨ ᠱᠠᠨᠦᠢ ᠳᠤ ᠠᠯᠪᠠ ᠭᠤᠪᠴᠢᠭᠤᠷ ᠪᠠᠷᠢᠵᠤ ᠪᠠᠶᠢᠭᠰᠠᠨ ᠲᠡᠳᠦᠢ ᠦᠭᠡᠢ ᠬᠠᠭᠠᠨ ᠤ ᠤᠷᠤᠭ ᠤᠨ ᠭᠦᠨᠵᠢ ᠶᠢ ᠲᠡᠭᠦᠨ ᠳᠦ ᠬᠠᠲᠤᠨ (ᠶᠠᠨᠵᠢ) ᠪᠣᠯᠭᠠᠨ ᠥᠭᠴᠦ ᠪᠠᠶᠢᠵᠠᠢ᠃ ᠾᠦᠩᠨᠦᠴᠦᠳ ᠪᠠᠶᠢᠯᠳᠤᠭᠠᠨ ᠤ ᠠᠷᠭ᠎ ᠠ ᠬᠡᠯᠪᠡᠷᠢ ᠳᠤ ᠪᠠᠨ ᠣᠳᠣ ᠶᠢᠨ ᠲᠤᠰᠬᠠᠢ ᠠᠯᠪᠠᠳ ᠤᠨ ᠨᠢᠭᠤᠴᠠ ᠠᠷᠭ᠎ᠠ ᠶᠢ ᠬᠡᠷᠡᠭᠯᠡᠵᠦ ᠪᠠᠶᠢᠭᠰᠠᠨ ᠨᠢ ᠰᠣᠨᠢᠷᠬᠠᠯ ᠲᠠᠲᠠᠳᠠᠭ᠃ ᠮᠣᠳᠣᠨ ᠱᠠᠨᠦᠢ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 174 ᠤᠨ ᠳᠤ ᠲᠠᠭᠠᠯᠠᠯ ᠪᠣᠯᠤᠭᠰᠠᠨ ᠠᠴᠠ ᠬᠣᠶᠢᠰᠢ 100 ᠭᠠᠷᠤᠢ ᠵᠢᠯ ᠾᠦᠩᠨᠦᠴᠤᠳ ᠲᠥᠪ ᠠᠽᠢᠶ᠎ᠠ ᠳᠤ ᠨᠣᠶᠠᠷᠬᠠᠭᠰᠠᠨ ᠬᠡᠪ ᠢᠶᠡᠷ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠪᠣᠭᠣᠳᠠᠭ
ᠪᠣᠭᠣᠳᠠᠭ

ᠪᠣᠭᠣᠳᠠᠭ(боодог) ᠭᠡᠳᠡᠭ ᠨᠢ ᠲᠠᠷᠪᠠᠭ᠎ᠠ᠂ ᠢᠮᠠᠭ᠎ᠠ ᠶᠢ ᠲᠤᠯᠤᠮᠯᠠᠨ ᠥᠪᠴᠢᠵᠦ ᠶᠠᠰᠤ᠂ ᠭᠡᠳᠡᠰᠦ ᠳᠣᠲᠣᠷ ᠢ ᠨᠢ ᠠᠪᠤᠭᠠᠳ᠂ ᠳᠠᠪᠤᠰᠤ᠂ ᠨᠣᠭᠣᠭ᠎ᠠ ᠪᠠᠷ ᠠᠮᠲᠠᠯᠠᠨ ᠳᠣᠲᠣᠷ᠎ᠠ ᠨᠢ ᠤᠯᠠᠶᠢᠰᠬᠠᠭᠰᠠᠨ ᠴᠢᠯᠠᠭᠤ ᠬᠢᠵᠦ᠂ ᠦᠰᠦ ᠶᠢ ᠨᠢ ᠵᠤᠮᠠᠯᠤᠨ ᠢᠯᠡ ᠭᠠᠯ ᠳᠤ ᠰᠢᠷᠠᠵᠤ ᠪᠣᠯᠭᠣᠳᠠᠭ ᠮᠣᠩᠭᠣᠯ ᠦᠨᠳᠦᠰᠦᠨ ᠦ ᠬᠦᠨᠳᠦᠳᠬᠡᠯ ᠦᠨ ᠮᠣᠩᠭᠣᠯ ᠬᠣᠭᠣᠯᠠ ᠶᠤᠮ ᠃ ᠲᠡᠦᠬᠡᠨ ᠤ ᠡᠭᠦᠳᠡᠨ ᠡᠴᠡ ᠠᠪᠴᠤ ᠦᠵᠡᠪᠡᠯ ᠨᠡᠭᠦᠳᠡᠯᠴᠢᠨ ᠮᠣᠩᠭᠣᠯᠴᠤᠳ ᠬᠦᠨᠡᠰᠦ ᠢ ᠪᠢᠲᠡᠭᠦᠦ ᠰᠠᠪᠠᠨ ᠳᠤ ᠴᠢᠨᠠᠵᠤ ᠪᠡᠯᠡᠳᠬᠡᠳᠡᠭ ᠥᠪᠡᠷᠮᠢᠴᠡ ᠠᠷᠭ᠎ᠠ ᠲᠠᠢ ᠪᠠᠶᠢᠵᠠᠢ᠃ ᠰᠠᠪᠠ ᠰᠠᠭᠤᠯᠭ᠎ᠠ ᠣᠳᠣ ᠠᠴᠠ 200 ᠍ ᠊ᠭᠠᠳ ᠵᠢᠯ ᠦᠨ ᠲᠡᠷᠲᠡᠭᠡ ᠳᠦ ᠯᠠ ᠡᠳᠦᠷ ᠲᠤᠲᠤᠮ ᠤᠨ ᠬᠡᠷᠡᠭᠯᠡᠭᠡᠨ ᠳᠦ ᠭᠠᠷᠴᠤ ᠢᠷᠡᠭᠰᠡᠨ ᠲᠤᠯᠠ ᠲᠡᠷᠡ ᠬᠦᠷᠲᠡᠯᠡᠬᠢ ᠬᠤᠭᠤᠴᠠᠭᠠᠨ ᠳᠤ ᠮᠢᠬ᠎ᠠ ᠶᠢ ᠮᠠᠯ ᠤᠨ ᠥᠪᠡᠷ ᠦᠨ ᠬᠢᠨ ᠠᠷᠠᠰᠤᠨ ᠳᠤ ᠲᠤᠯᠤᠮᠯᠠᠨ ᠴᠢᠨᠠᠬᠤ ᠠᠷᠭ᠎ᠠ ᠪᠠᠷ ᠪᠡᠯᠡᠳᠬᠡᠨ ᠪᠣᠯᠪᠠᠰᠤᠷᠠᠭᠤᠯᠳᠠᠭ ᠪᠠᠶᠢᠪᠠ᠃ ᠬᠠᠷᠢᠨ ᠥᠨᠦᠳᠦᠷ ᠤᠷᠢᠭᠳᠠᠨ ᠢᠷᠡᠭᠰᠡᠨ ᠵᠣᠴᠢᠨ ᠳᠤ ᠪᠠᠨ ᠬᠦᠨᠳᠦᠳᠭᠡᠯ ᠦᠨ ᠮᠠᠶ᠋ᠢᠭ ᠢᠶᠠᠷ ᠲᠤᠰᠬᠠᠶᠢᠯᠠᠨ ᠪᠡᠯᠡᠳᠬᠡᠭᠰᠡᠨ ᠪᠣᠭᠣᠳᠠᠭ ᠬᠡᠮᠡᠬᠦ ᠠᠮᠲᠠᠲᠤ ᠬᠣᠭᠣᠯᠠ ᠶᠢ ᠡᠷᠭᠦᠨ ᠪᠠᠷᠢᠳᠠᠭ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠴᠠᠭᠠᠨ ᠦᠨᠡᠭᠡ
ᠴᠠᠭᠠᠨ ᠦᠨᠡᠭᠡ

ᠴᠠᠭᠠᠨ ᠦᠨᠡᠭᠡ (Alopex lagopus ᠡᠰᠡᠪᠡᠯ Vulpes lagopus)᠂ ᠮᠥᠨ ᠲᠤᠶᠢᠯ ᠤᠨ ᠦᠨᠡᠭᠡᠴᠠᠰᠤᠨ ᠤ ᠦᠨᠡᠭᠡ ᠭᠡᠭᠳᠡᠳᠡᠭ᠃ ᠡᠨᠡ ᠠᠮᠢᠲᠠᠨ ᠨᠢ ᠳᠡᠯᠡᠬᠡᠢ ᠶᠢᠨ ᠪᠥᠮᠪᠥᠷᠴᠡᠭ ᠦᠨ ᠬᠣᠶᠢᠳᠤ ᠬᠠᠭᠠᠰ᠂ ᠲᠤᠶᠢᠯ ᠤᠨ ᠬᠦᠢᠲᠡᠨ ᠪᠥᠰᠡ ᠡᠴᠡ ᠭᠠᠷᠤᠯ ᠲᠠᠢ ᠦᠨᠡᠭᠡ ᠶᠤᠮ᠃ ᠴᠠᠭᠠᠨ ᠦᠨᠡᠭᠡ 85.3 ᠰᠠᠨᠲ᠋ᠢᠮᠧᠲ᠋ᠷ ᠣᠷᠴᠢᠮ ᠤᠷᠲᠤ᠂ ᠮᠥᠷᠡᠨ ᠦ ᠥᠨᠳᠥᠷ ᠨᠢ 25-30 ᠰᠠᠨᠲ᠋ᠢᠮᠧᠲ᠋ᠷ , ᠰᠡᠭᠦᠯ ᠨᠢ 31 ᠰᠠᠨᠲ᠋ᠢᠮᠧᠲ᠋ᠷ ᠤᠷᠲᠤ ᠪᠠᠶᠢᠨ᠎ᠠ᠃ ᠡᠷᠡᠭᠴᠢᠨ ᠨᠢ ᠦᠯᠦ ᠶᠠᠯᠢᠭ ᠪᠡᠶ᠎ᠡ ᠪᠡᠷ ᠲᠣᠮᠣ ᠶᠤᠮ᠃ ᠪᠡᠶ᠎ᠡ ᠶᠢᠨ ᠵᠢᠩ ᠨᠢ 3.2-9.4 ᠺᠢᠯᠣᠭ᠍ᠷᠠᠮ ᠬᠦᠷᠡᠨ᠎ᠡ᠃ (ᠪᠦᠷᠢᠨ ᠠᠭᠤᠯᠭ᠎ᠠ ᠶᠢ ᠤᠩᠰᠢᠬᠤ)

 ᠨᠠᠷᠠᠰᠢᠯᠳᠠ
ᠨᠠᠷᠠᠰᠢᠬᠤ

ᠨᠠᠷᠠᠰᠢᠯᠳᠠ ᠬᠡᠳᠡᠭ ᠨᠢ ᠬᠤᠷᠴᠠ ᠨᠠᠷᠠᠨ  ᠳᠤ ᠬᠡᠳᠤ ᠰᠢᠷᠠᠭᠳᠠᠭᠰᠠᠨ ᠡᠴᠡ ᠪᠤᠶᠤ ᠦᠨᠳᠤᠷ ᠲᠤᠯᠠᠭᠠᠴᠠ ᠲᠤᠤᠷ ᠡ ᠬᠡᠳᠤ ᠤᠷᠳᠤ ᠬᠤᠭᠤᠴᠠᠭ᠎ᠠ ᠪᠠᠢ᠋ᠭᠰᠠᠨ ᠡᠴᠡ ᠪᠤᠯᠵᠤ ᠬᠦᠮᠦᠨ  ᠤ ᠪᠡᠶ ᠡ ᠲᠤᠯᠠᠭᠠᠴᠠ ᠪᠡᠨ ᠲᠤᠬᠢᠷᠠᠭᠤᠯᠬᠤ ᠴᠢᠳᠠᠪᠤᠷᠢ ᠪᠡᠨ ᠠᠯᠳᠠᠵᠤ ᠡᠪᠡᠳᠴᠢᠨ  ᠤ ᠢᠯᠡᠷᠡᠯ ᠭᠠᠷᠬᠤ ᠵᠢ ᠵᠢᠭᠠᠨ ᠡ᠃

 ᠨᠠᠷᠠᠰᠢᠭᠰᠠᠨ ᠦᠶ᠎ᠡ ᠳᠦ ᠶᠠᠭᠠᠬᠢᠬᠤ  ᠶᠣᠰᠣᠲᠠᠢ ᠪᠤᠢ[ᠺᠣᠳ᠋ ᠢᠶᠠᠷ ᠵᠠᠰᠠᠬᠣ]

ᠵᠤᠨ ᠤ ᠤᠯᠠᠷᠢᠯ ᠳᠤ᠂ ᠭᠠᠳᠠᠭ᠎ᠠ ᠬᠤᠷᠴᠠ ᠨᠠᠷᠠᠨ ᠳᠤ ᠤᠳᠠᠭᠠᠨ ᠠᠵᠢᠯᠯᠠᠬᠤ᠂ ᠠᠯᠬᠤᠬᠤ ᠦᠶ᠎ᠡ ᠳᠦ ᠨᠠᠷᠠᠰᠢᠬᠤ ᠠᠰᠠᠭᠤᠳᠠᠯ ᠲᠤᠯᠭᠠᠷᠠᠳᠠᠭ᠃ ᠲᠡᠷᠡ ᠳᠤᠮᠳᠠ ᠪᠠᠨ ᠪᠠᠭ᠎ᠠ ᠨᠠᠰᠤᠨ ᠤ ᠬᠡᠦᠬᠡᠳ ᠦᠳ᠂ ᠲᠣᠮᠣᠴᠤᠳ ᠠᠴᠠ ᠢᠯᠡᠭᠦᠦ ᠬᠤᠷᠳᠤᠨ ᠨᠠᠷᠠᠨ ᠤ ᠬᠣᠣᠷᠳᠠᠯᠭ᠎ᠠ ᠠᠪᠳᠠᠭ᠃ ᠲᠡᠶᠢᠮᠦ ᠡᠴᠡ ᠬᠤᠷᠴᠠ ᠨᠠᠷᠠ ᠲᠠᠢ ᠬᠠᠯᠠᠭᠤᠨ ᠡᠳᠦᠷ ᠬᠡᠦᠬᠡᠳ ᠦᠳ ᠢᠶᠡᠨ ᠠᠯᠢ ᠪᠣᠯᠬᠤ ᠭᠡᠷ ᠡᠴᠡ ᠭᠠᠷᠭᠠᠬᠤ  ᠦᠭᠡᠢ ᠪᠠᠶᠢᠬᠤ᠂ ᠵᠠᠶᠢᠯᠠᠰᠢ  ᠦᠭᠡᠢ ᠱᠠᠭᠠᠷᠳᠠᠯᠭ᠎ᠠ ᠲᠠᠢ ᠲᠣᠬᠢᠶᠠᠯᠳᠤᠯ ᠳᠤ ᠨᠠᠷᠠᠰᠢᠬᠤ ᠠᠴᠠ ᠰᠡᠷᠭᠡᠶᠢᠯᠡᠬᠦ ᠠᠷᠭ᠎ᠠ ᠨᠤᠭᠤᠳ ᠢ ᠬᠡᠷᠡᠭᠯᠡᠬᠦ ᠬᠡᠷᠡᠭᠳᠠᠢ᠃

ᠬᠠᠯᠠᠭᠤᠨ ᠨᠠᠷᠠ ᠲᠥᠭᠡᠨᠡᠵᠦ ᠪᠠᠶᠢᠭ᠎ᠠ ᠣᠷᠴᠢᠨ ᠳᠤ ᠤᠳᠠᠭᠠᠨ ᠬᠤᠭᠤᠴᠠᠭ᠎ᠠ ᠪᠠᠷ ᠠᠵᠢᠯᠯᠠᠵᠤ᠂ ᠠᠶᠠᠯᠠᠵᠤ ᠪᠠᠶᠢᠭ᠎ᠠ ᠬᠦᠮᠦᠰ ᠪᠡᠶ᠎ᠡ ᠳᠦ ᠬᠤᠷᠠᠮᠳᠤᠭᠰᠠᠨ ᠬᠠᠯᠠᠭᠤᠨ ᠤ ᠬᠡᠮᠵᠢᠶ᠎ᠡ ᠶᠢ ᠭᠠᠳᠠᠭᠰᠢᠯᠠᠭᠤᠯᠬᠤ  ᠦᠭᠡᠢ ᠪᠣᠯ ᠪᠡᠶ᠎ᠡ ᠶᠢᠨ ᠬᠠᠯᠠᠭᠤᠨ ᠤ ᠵᠣᠬᠢᠴᠠᠭᠤᠯᠤᠯᠲᠠ ᠠᠯᠳᠠᠭᠳᠠᠳᠠᠭ᠃ ᠵᠠᠷᠢᠮ ᠳᠤ ᠪᠠᠨ ᠬᠠᠯᠠᠭᠤᠨ ᠤ ᠬᠡᠮᠵᠢᠶ᠎ᠡ ᠥᠨᠳᠥᠷ ᠬᠡᠮᠵᠢᠶᠡᠨ ᠳᠦ ᠬᠦᠷᠦᠬᠡ ᠦᠬᠡᠢ  ᠴᠤ ᠨᠠᠰᠤ ᠠᠬᠢᠭᠰᠠᠨ᠂ ᠶᠠᠳᠠᠷᠠᠭ᠎ᠠ ᠶᠡᠬᠡᠰᠦᠭᠰᠡᠨ᠂ ᠶᠡᠬᠡ ᠲᠠᠷᠭᠤᠯᠠᠭᠰᠠᠨ᠂ ᠠᠷᠢᠬᠢ ᠤᠤᠭᠤᠭᠰᠠᠨ᠂ ᠥᠯᠥᠰᠴᠦ ᠴᠠᠩᠭᠠᠭᠰᠠᠨ᠂ ᠤᠰᠤ ᠳᠠᠪᠤᠰᠤ ᠳᠤᠲᠠᠭᠳᠠᠭᠰᠠᠨ᠂ ᠬᠠᠯᠠᠭᠤᠨ ᠲᠠᠢ᠂ ᠵᠢᠷᠦᠬᠡ ᠰᠤᠳᠠᠰᠤᠨ ᠤ ᠡᠪᠡᠳᠴᠢᠨ᠂ ᠰᠢᠬᠢᠷ ᠰᠢᠵᠢᠩ ᠵᠡᠷᠭᠡ ᠨᠢ ᠨᠠᠷᠠᠰᠢᠬᠤ ᠡᠪᠡᠳᠴᠢᠨ ᠳᠦ ᠨᠡᠷᠪᠡᠭᠳᠡᠬᠦ ᠶᠢᠨ ᠭᠣᠣᠯ ᠰᠢᠯᠲᠠᠭᠠᠨ ᠪᠣᠯᠳᠠᠭ ᠪᠠᠶᠢᠨ᠎ᠠ᠃

ᠲᠦᠷᠦᠭᠦᠨ ᠳᠦ[ᠺᠣᠳ᠋ ᠢᠶᠠᠷ ᠵᠠᠰᠠᠬᠣ]

ᠠᠯᠢ ᠪᠣᠯᠬᠤ ᠰᠡᠷᠢᠭᠦᠨ ᠭᠠᠵᠠᠷ ᠣᠴᠢᠵᠤ᠂ ᠴᠢᠳᠠᠬᠤ ᠴᠢᠨᠡᠭᠡ ᠪᠡᠷ ᠢᠶᠡᠨ ᠰᠡᠷᠢᠭᠦᠴᠡᠬᠦ ᠬᠡᠷᠡᠭᠲᠡᠢ᠃ ᠭᠠᠳᠠᠭᠤᠷ ᠬᠣᠭᠣᠯᠠᠨ ᠳᠤ ᠣᠷᠣᠬᠤ᠂ ᠠᠮᠠᠷᠠᠬᠤ ᠪᠠᠷ ᠪᠠᠶᠢᠭ᠎ᠠ ᠪᠣᠯ ᠰᠡᠷᠢᠭᠦᠴᠡᠭᠦᠯᠦᠭᠴᠢ ᠲᠡᠢ ᠭᠠᠵᠠᠷ ᠢ ᠰᠣᠩᠭᠣᠭᠠᠷᠠᠢ᠃ ᠡᠨᠡ ᠨᠢ ᠲᠠᠨ ᠳᠤ ᠪᠣᠯᠤᠨ ᠲᠠᠨ ᠤ ᠭᠡᠷ ᠪᠦᠯᠢ ᠳᠦ ᠢᠯᠡᠭᠦᠦ ᠲᠠᠭᠠᠳᠠᠢ ᠪᠠᠶᠢᠬᠤ ᠪᠣᠯᠤᠨ᠎ᠠ᠃

ᠵᠤᠵᠠᠭᠠᠨ ᠬᠤᠪᠴᠠᠰᠤ ᠪᠠᠨ ᠨᠢᠮᠭᠡᠯᠡᠬᠦ[ᠺᠣᠳ᠋ ᠢᠶᠠᠷ ᠵᠠᠰᠠᠬᠣ]

ᠮᠡᠳᠡᠭᠡᠵᠢ ᠭᠠᠳᠠᠭ᠎ᠠ ᠬᠠᠯᠠᠭᠤᠨ᠂ ᠪᠦᠭᠴᠢᠮ ᠪᠠᠶᠢᠬᠤ ᠳᠤ ᠵᠤᠵᠠᠭᠠᠨ ᠴᠠᠮᠴᠠ᠂ ᠬᠤᠪᠴᠠᠰᠤ ᠨᠢ ᠪᠡᠶ᠎ᠡ ᠳᠦ ᠮᠠᠰᠢ ᠶᠡᠬᠡ ᠪᠡᠷ ᠲᠥᠪᠡᠭ ᠤᠴᠠᠷᠠᠭᠤᠯᠵᠤ᠂ ᠶᠠᠳᠠᠷᠠᠭᠠᠳᠠᠭ᠃ ᠲᠡᠶᠢᠮᠦ ᠡᠴᠡ ᠠᠯᠢ ᠪᠣᠯᠬᠤ ᠪᠡᠷ ᠲᠡᠭᠦᠨ ᠡᠴᠡ ᠰᠠᠯᠵᠤ᠂ ᠪᠡᠶ᠎ᠡ ᠳᠦ ᠡᠪᠲᠡᠶᠢᠬᠡᠨ᠂ ᠬᠥᠯᠦᠰᠦ ᠭᠠᠷᠭᠠᠬᠤ  ᠦᠭᠡᠢ᠂ ᠠᠭᠠᠷ ᠰᠠᠶᠢᠨ ᠨᠡᠪᠲᠡᠷᠡᠭᠦᠯᠳᠡᠭ ᠴᠡᠪᠡᠷ ᠬᠥᠩᠭᠡᠨ ᠬᠤᠪᠴᠠᠰᠤ ᠶᠢ ᠰᠣᠩᠭᠣᠬᠤ ᠨᠢ ᠵᠦᠢᠲᠡᠢ᠃


ᠬᠥᠯ ᠰᠣᠶᠢᠵᠤ ᠬᠡᠪᠲᠡᠬᠦ[ᠺᠣᠳ᠋ ᠢᠶᠠᠷ ᠵᠠᠰᠠᠬᠣ]

 ᠨᠠᠷᠠᠨ ᠤ ᠬᠣᠣᠷᠳᠠᠯᠭ᠎ᠠ ᠠᠪᠤᠭᠰᠠᠨ ᠪᠣᠯ ᠶᠠᠭᠤᠨ ᠲᠦᠷᠦᠭᠦᠨ ᠳᠦ᠂ ᠣᠷᠣᠨ ᠳᠡᠭᠡᠷ᠎ᠡ ᠬᠥᠯ ᠢᠶᠡᠨ ᠰᠣᠶᠢᠨ ᠬᠡᠪᠲᠡᠭᠡᠷᠡᠢ᠃ ᠬᠥᠯ ᠡᠴᠡ ᠪᠡᠨ ᠰᠡᠷᠢᠭᠦᠴᠡᠬᠦ ᠶᠢᠨ ᠲᠤᠯᠠᠳᠠ ᠰᠡᠩᠰᠡ ᠲᠠᠯᠪᠢᠵᠤ ᠪᠣᠯᠤᠨ᠎ᠠ᠃ ᠮᠥᠨ ᠬᠦᠢᠲᠡᠨ ᠤᠰᠤ ᠪᠠᠷ ᠲᠣᠯᠣᠭᠠᠢ ᠳᠡᠭᠡᠷ᠎ᠡ ᠪᠡᠨ ᠵᠢᠩ ᠲᠠᠯᠪᠢᠬᠤ᠂ ᠪᠦᠯᠢᠶᠡᠪᠲᠦᠷ ᠬᠦᠢᠲᠡᠨ ᠤᠰᠤᠨ ᠳᠤ ᠪᠦᠬᠦ ᠪᠡᠶ᠎ᠡ ᠪᠡᠷ ᠢᠶᠡᠨ ᠤᠷᠤᠬᠤ ᠵᠡᠷᠭᠡ ᠡᠩ ᠦᠨ ᠠᠷᠭ᠎ᠠ ᠨᠤᠭᠤᠳ ᠢ ᠬᠡᠷᠡᠭᠯᠡᠨ᠎ᠡ᠃

ᠳᠠᠪᠤᠰᠤ ᠲᠠᠢ ᠤᠰᠤ ᠤᠤᠭᠤᠬᠤ[ᠺᠣᠳ᠋ ᠢᠶᠠᠷ ᠵᠠᠰᠠᠬᠣ]

 ᠨᠠᠷᠠᠰᠢᠬᠤ ᠨᠢ ᠬᠣᠣᠷᠳᠠᠯᠭ᠎ᠠ ᠶᠢᠨ ᠨᠢᠭᠡᠨ ᠬᠡᠯᠪᠡᠷᠢ ᠤᠴᠢᠷ ᠠᠴᠠ ᠪᠥᠭᠡᠯᠵᠢᠬᠦ᠂ ᠲᠣᠯᠣᠭᠠᠢ ᠡᠪᠡᠳᠬᠦ᠂ ᠪᠡᠶ᠎ᠡ ᠬᠢᠮᠤᠷᠠᠬᠤ ᠵᠡᠷᠭᠡ ᠰᠢᠨᠵᠢ ᠲᠡᠮᠳᠡᠭ ᠦᠳ ᠢᠯᠡᠷᠡᠳᠡᠭ᠃ ᠭᠡᠷ ᠦᠨ ᠨᠥᠬᠥᠴᠡᠯ ᠳᠦ ᠳᠠᠪᠤᠰᠤ ᠪᠣᠯᠤᠨ ᠡᠯᠡᠰᠦᠨ ᠰᠢᠬᠢᠷ ᠦᠨ ᠲᠤᠰᠠᠯᠠᠮᠵᠢ ᠲᠠᠢ ᠪᠡᠯᠡᠳᠬᠡᠵᠤ ᠪᠣᠯᠳᠠᠭ᠃ ᠬᠠᠮᠤᠭ ᠤᠨ ᠭᠣᠣᠯ ᠨᠢ ᠪᠦᠯᠢᠶᠡᠨ ᠢᠶᠡᠷ ᠨᠢ ᠤᠤᠭᠤᠬᠤ ᠬᠡᠷᠡᠭᠲᠡᠢ᠃

ᠬᠦᠢᠲᠡᠨ ᠪᠦᠯᠢᠶᠡᠨ ᠵᠢᠩ ᠲᠠᠯᠪᠢᠬᠤ[ᠺᠣᠳ᠋ ᠢᠶᠠᠷ ᠵᠠᠰᠠᠬᠣ]

ᠪᠡᠶ᠎ᠡ ᠪᠡᠨ ᠰᠡᠷᠢᠭᠦᠴᠡᠭᠦᠯᠬᠦ  ᠶᠢᠨ ᠲᠤᠯᠠᠳᠠ᠂ ᠶᠠᠭᠤᠨ  ᠤ ᠲᠦᠷᠦᠭᠦᠨ ᠳᠦ ᠪᠠᠭ᠎ᠠ ᠵᠡᠷᠭᠡ ᠬᠦᠢᠲᠡᠨ ᠪᠦᠯᠢᠶᠡᠨ ᠤᠰᠤᠨ ᠳᠤ ᠠᠯᠴᠢᠭᠤᠷ ᠪᠠᠵᠠᠵᠤ᠂ ᠪᠦᠬᠦᠢ ᠯᠠ ᠪᠡᠶ᠎ᠡ ᠪᠡᠨ ᠠᠷᠴᠢᠵᠤ᠂ ᠵᠢᠩ ᠲᠠᠯᠪᠢᠬᠤ ᠬᠡᠷᠡᠭᠲᠡᠢ᠃ ᠢᠩᠭᠢᠭᠰᠡᠨ ᠢᠶᠡᠷ ᠵᠠᠪᠠᠭᠤᠷᠢ ᠪᠠᠭᠠᠰᠴᠤ᠂ ᠪᠡᠶ᠎ᠡ ᠰᠡᠷᠭᠦᠬᠦ ᠪᠣᠯᠤᠨ᠎ᠠ᠃

ᠪᠡᠶ᠎ᠡ ᠶᠢᠨ ᠬᠠᠯᠠᠭᠤᠨ ᠬᠡᠰᠡᠭ ᠦᠳ ᠢ ᠰᠡᠷᠢᠭᠦᠴᠡᠭᠦᠯᠬᠦ[ᠺᠣᠳ᠋ ᠢᠶᠠᠷ ᠵᠠᠰᠠᠬᠣ]

ᠵᠢᠷᠤᠭ ᠲᠤ ᠦᠵᠡᠭᠦᠯᠦᠭᠰᠡᠨ ᠲᠡᠢ ᠠᠳᠠᠯᠢ ᠪᠡᠶ᠎ᠡ ᠶᠢᠨ ᠬᠠᠯᠠᠭᠤᠨ ᠬᠡᠰᠡᠭ ᠦᠳ ᠢ ᠰᠡᠷᠢᠭᠦᠴᠡᠭᠦᠯᠵᠦ᠂ ᠬᠥᠷᠥᠭᠡᠬᠦ ᠬᠡᠷᠡᠭᠲᠡᠢ᠃ ᠬᠥᠵᠦᠭᠦᠦ᠂ ᠰᠤᠭᠤ᠂ ᠴᠠᠪᠢ᠂ ᠬᠥᠯ ᠦᠨ ᠤᠯᠠ᠂ ᠲᠠᠪᠠᠭ ᠵᠢᠡᠨ ᠰᠡᠷᠢᠭᠦᠴᠡᠭᠦᠯᠦᠭᠰᠡᠨ ᠢᠶᠡᠷ ᠪᠡᠶ᠎ᠡ ᠬᠥᠩᠭᠡᠷᠡᠴᠤ᠂ ᠢᠯᠡᠭᠦᠦ ᠶᠡᠬᠡ ᠪᠡᠷ ᠠᠮᠠᠷᠠᠳᠠᠭ᠃

ᠡᠪᠡᠳᠴᠢᠨ ᠨᠠᠮᠳᠠᠭᠠᠬᠤ᠂ ᠲᠣᠯᠣᠭᠠᠢ ᠶᠢᠨ  ᠡᠮ ᠤᠤᠭᠤᠬᠤ[ᠺᠣᠳ᠋ ᠢᠶᠠᠷ ᠵᠠᠰᠠᠬᠣ]

ᠬᠡᠷᠪᠡ ᠡᠪᠡᠳᠦᠯᠲᠡ ᠪᠠᠭᠤᠷᠠᠬᠤ  ᠦᠭᠡᠢ᠂ ᠲᠣᠯᠣᠭᠠᠢ ᠮᠠᠰᠢ ᠶᠡᠬᠡ ᠪᠡᠷ ᠡᠪᠡᠳᠴᠦ ᠪᠠᠶᠢᠭ᠎ᠠ ᠪᠣᠯ ᠲᠣᠯᠣᠭᠠᠢ ᠶᠢᠨ ᠪᠣᠯᠤᠨ ᠡᠪᠡᠳᠴᠢᠨ ᠨᠠᠮᠳᠠᠭᠠᠬᠤ ᠡᠮ ᠢ ᠤᠤᠭᠤᠬᠤ ᠬᠡᠷᠡᠭᠲᠡᠢ᠃ ᠢᠩᠭᠢᠭᠰᠡᠨ ᠢᠶᠡᠷ ᠡᠪᠡᠳᠴᠢᠨ ᠳᠠᠭᠠᠮᠵᠢᠷᠠᠬᠤ᠂ ᠥᠪᠡᠷ ᠲᠦ ᠮᠡᠳᠡᠷᠡᠭᠳᠡᠬᠦ ᠵᠠᠪᠠᠭᠤᠷᠢ ᠶᠢ ᠡᠷᠡᠰ ᠪᠠᠭᠠᠰᠬᠠᠳᠠᠭ᠃

ᠱᠠᠭᠠᠷᠳᠠᠯᠭ᠎ᠠ  ᠦᠭᠡᠢ ᠡᠮ ᠡᠴᠡ ᠲᠠᠲᠠᠭᠠᠯᠵᠠᠬᠤ[ᠺᠣᠳ᠋ ᠢᠶᠠᠷ ᠵᠠᠰᠠᠬᠣ]

ᠬᠡᠳᠦᠢ ᠪᠡᠷ ᠡᠪᠡᠳᠦᠯᠲᠡ ᠨᠠᠮᠳᠠᠬᠤ  ᠦᠭᠡᠢ᠂ ᠰᠢᠨᠵᠢ ᠲᠡᠮᠳᠡᠭ ᠪᠠᠭᠤᠷᠠᠬᠤ  ᠦᠭᠡᠢ ᠪᠣᠯ ᠡᠪᠡᠳᠴᠢᠨ ᠨᠠᠮᠳᠠᠭᠠᠬᠤ᠂ ᠲᠣᠯᠣᠭᠠᠢ ᠶᠢᠨ ᠡᠮ ᠢ ᠤᠤᠭᠤᠵᠤ ᠪᠣᠯᠬᠤ ᠴᠤ᠂ ᠡᠮᠴᠢ ᠶᠢᠨ ᠵᠢᠭᠠᠪᠤᠷᠢ  ᠦᠭᠡᠢ ᠪᠡᠷ ᠳᠤᠷ᠎ᠠ ᠮᠡᠳᠡᠨ ᠬᠦᠴᠦᠲᠡᠢ ᠡᠮ ᠤᠤᠭᠤᠬᠤ ᠠᠴᠠ ᠪᠣᠯᠭᠣᠮᠵᠢᠯᠠᠬᠤ ᠬᠡᠷᠡᠭᠲᠡᠢ᠃

ᠡᠮᠴᠢ ᠳᠦ ᠦᠵᠡᠬᠦᠯᠬᠦ[ᠺᠣᠳ᠋ ᠢᠶᠠᠷ ᠵᠠᠰᠠᠬᠣ]

ᠬᠡᠷᠪᠡ ᠪᠠᠶᠢᠳᠠᠯ ᠳᠡᠭᠡᠷᠡᠳᠡᠬᠦ  ᠦᠭᠡᠢ ᠪᠣᠯ ᠮᠡᠷᠭᠡᠵᠢᠯ ᠦᠨ ᠡᠮᠴᠢ ᠳᠦ ᠬᠠᠨᠳᠤᠵᠤ᠂ ᠵᠥᠪᠯᠡᠭᠡ ᠲᠤᠰᠠᠯᠠᠮᠵᠢ ᠬᠦᠰᠡᠬᠦ ᠬᠡᠷᠡᠭᠲᠡᠢ᠃ ᠦᠵᠡᠭᠦᠯᠬᠦ  ᠦᠭᠡᠢ ᠤᠳᠠᠭᠰᠠᠨ ᠠᠴᠠ ᠪᠥᠭᠡᠯᠵᠢᠯᠲᠡ ᠶᠡᠬᠡᠰᠬᠦ᠂ ᠲᠣᠯᠣᠭᠠᠢ ᠡᠷᠭᠢᠵᠦ ᠡᠪᠡᠳᠬᠦ᠂ ᠬᠣᠭᠣᠯᠠᠨ ᠤ ᠳᠤᠷᠠᠰᠢᠯ ᠪᠠᠭᠤᠷᠠᠬᠤ ᠵᠡᠷᠭᠡ ᠣᠯᠠᠨ ᠰᠥᠷᠭᠦ ᠨᠥᠯᠦᠭᠡ ᠲᠡᠢ᠃

ᠠᠯᠢ ᠪᠣᠯᠬᠤ ᠪᠡᠷ ᠲᠠᠶᠢᠪᠤᠩ ᠪᠠᠶᠢᠬᠤ ᠬᠡᠷᠡᠭᠲᠡᠢ[ᠺᠣᠳ᠋ ᠢᠶᠠᠷ ᠵᠠᠰᠠᠬᠣ]

 ᠨᠠᠷᠠᠰᠢᠭᠰᠠᠨ ᠬᠦᠮᠦᠨ ᠢ ᠬᠡᠪᠲᠡᠭᠦᠯᠬᠦ᠂ ᠪᠣᠯᠤᠮᠵᠢ  ᠦᠭᠡᠢ ᠪᠣᠯ ᠰᠠᠭᠤᠯᠭᠠᠵᠤ᠂ ᠠᠯᠢ ᠪᠣᠯᠬᠤ ᠲᠠᠶᠢᠪᠤᠰᠢᠷᠠᠭᠤᠯᠬᠤ ᠬᠡᠷᠡᠭᠲᠡᠢ᠃ ᠪᠡᠶ᠎ᠡ᠂ ᠮᠥᠷ᠂ ᠬᠥᠵᠦᠭᠦᠦ ᠬᠡᠰᠡᠭ ᠦᠨ ᠴᠢᠯᠡᠭᠡ ᠶᠢ ᠭᠠᠷᠭᠠᠬᠤ ᠨᠢ ᠴᠢᠰᠤᠨ ᠤ ᠡᠷᠭᠢᠯᠲᠡ ᠶᠢ ᠲᠦᠷᠭᠡᠰᠬᠡᠨ᠂ ᠬᠤᠷᠳᠤᠨ ᠲᠡᠩᠬᠡᠷᠡᠬᠦ ᠳᠦ ᠲᠤᠰᠠᠯᠠᠳᠠᠭ᠃ ᠪᠤᠯᠴᠢᠩ ᠤᠳ ᠢ ᠵᠥᠭᠡᠯᠡᠨ ᠢᠯᠡᠵᠦ᠂ ᠢᠯᠢᠯᠡᠯᠬᠡ ᠬᠢᠭᠡᠷᠡᠢ᠃

ᠶᠠᠮᠠᠷ ᠬᠦᠮᠦᠰ ᠠᠮᠠᠷᠬᠠᠨ ᠨᠠᠷᠠᠰᠢᠳᠠᠭ ᠪᠤᠢ[ᠺᠣᠳ᠋ ᠢᠶᠠᠷ ᠵᠠᠰᠠᠬᠣ]

ᠴᠢᠰᠤᠨ ᠤ ᠳᠠᠷᠤᠯᠲᠠ ᠶᠡᠬᠡ ᠲᠡᠢ ᠥᠨᠳᠥᠷ ᠨᠠᠰᠤᠲᠠᠢ ᠬᠦᠮᠦᠰ᠂ ᠪᠠᠭ᠎ᠠ ᠨᠠᠰᠤᠨ ᠤ ᠬᠡᠦᠬᠡᠳ ᠦᠳ᠂ ᠪᠡᠶ᠎ᠡ ᠳᠠᠪᠬᠤᠷ ᠡᠬᠡᠴᠦᠳ᠂ ᠭᠠᠳᠠᠭ᠎ᠠ ᠠᠵᠢᠯᠯᠠᠵᠤ ᠪᠠᠶᠢᠭ᠎ᠠ ᠬᠦᠮᠦᠰ ᠠᠮᠠᠷᠬᠠᠨ ᠨᠠᠷᠠᠰᠢᠳᠠᠭ ᠃ ᠲᠡᠶᠢᠮᠦ ᠡᠴᠡ ᠲᠡᠳᠡᠭᠡᠷ ᠬᠦᠮᠦᠰ ᠨᠠᠷᠠᠨ ᠤ ᠬᠠᠭᠠᠯᠲᠠ᠂ ᠰᠠᠷᠠᠪᠴᠢ ᠶᠢ ᠵᠡᠭᠦᠬᠦ᠂ ᠬᠦᠢᠲᠡᠨ ᠪᠦᠯᠢᠶᠡᠨ ᠠᠯᠴᠢᠭᠤᠷ ᠢᠶᠠᠷ ᠲᠣᠭᠲᠠᠮᠠᠯ ᠵᠢᠩ ᠲᠠᠯᠪᠢᠬᠤ᠂ ᠰᠢᠩᠭᠡᠨ ᠵᠦᠢᠯ ᠰᠠᠶᠢᠲᠤᠷ ᠤᠤᠭᠤᠬᠤ ᠵᠡᠷᠭᠡ ᠪᠡᠷ ᠤᠷᠢᠳᠴᠢᠯᠠᠨ ᠰᠡᠷᠭᠡᠶᠢᠯᠡᠬᠦ ᠨᠢ ᠵᠥᠪ ᠶᠤᠮ᠃

ᠴᠠᠭ ᠠᠭᠠᠷ ᠤᠨ ᠮᠡᠳᠡᠭᠡ ᠦᠵᠡ[ᠺᠣᠳ᠋ ᠢᠶᠠᠷ ᠵᠠᠰᠠᠬᠣ]

ᠬᠡᠷᠪᠡ ᠭᠠᠳᠠᠭ᠎ᠠ 25 ᠭᠷᠠᠳᠦ᠋ᠰ ᠡᠴᠡ ᠬᠠᠯᠠᠭᠤᠨ᠂ ᠡᠭᠦᠯᠡ  ᠦᠭᠡᠢ᠂ ᠬᠤᠷᠴᠠ ᠨᠠᠷᠠ ᠲᠠᠢ ᠪᠣᠯ ᠠᠯᠢ ᠪᠣᠯᠬᠤ ᠭᠡᠷ ᠡᠴᠡ ᠪᠡᠨ ᠭᠠᠷᠬᠤ  ᠦᠭᠡᠢ ᠪᠠᠶᠢᠬᠤ᠂ ᠰᠡᠭᠦᠳᠡᠷ ᠲᠦ ᠪᠠᠶᠢᠬᠤ ᠬᠡᠷᠡᠭᠲᠡᠢ᠃ ᠮᠥᠨ ᠠᠯᠢ ᠪᠣᠯᠬᠤ ᠴᠡᠪᠡᠷ  ᠨᠢᠮᠭᠡᠨ ᠴᠠᠮᠴᠠ ᠡᠮᠦᠰᠬᠦ᠂ ᠥᠪᠡᠷ ᠢ ᠪᠡᠨ ᠨᠠᠷᠠᠨ ᠤ ᠬᠣᠣᠷᠲᠤ ᠲᠤᠶᠠᠭᠠᠨ ᠠᠴᠠ ᠬᠠᠮᠠᠭᠠᠯᠠᠬᠤ ᠶᠢ ᠬᠢᠴᠢᠶᠡᠭᠡᠷᠡᠢ᠃

ᠰᠢᠭᠤᠳ ᠨᠠᠷᠠᠨ ᠤ ᠭᠡᠷᠡᠯ ᠡᠴᠡ ᠬᠣᠯᠠ ᠪᠠᠶᠢᠬᠤ[ᠺᠣᠳ᠋ ᠢᠶᠠᠷ ᠵᠠᠰᠠᠬᠣ]

ᠬᠠᠮᠤᠭ ᠤᠨ ᠴᠢᠬᠤᠯᠠ ᠨᠢ ᠲᠠ ᠭᠠᠳᠠᠭ᠎ᠠ ᠢᠯᠡ᠂ ᠨᠠᠷᠠᠨ ᠤ ᠭᠡᠷᠡᠯ ᠰᠢᠭᠤᠳ ᠲᠤᠰᠴᠤ ᠪᠠᠶᠢᠬᠤ ᠭᠠᠵᠠᠷ ᠲᠤ ᠤᠳᠠᠭᠠᠨ ᠰᠠᠭᠤᠬᠤ ᠬᠡᠷᠡᠭ  ᠦᠭᠡᠢ ᠶᠤᠮ᠃ ᠠᠯᠢ ᠪᠣᠯᠬᠤ ᠰᠡᠭᠦᠳᠡᠷ ᠲᠡᠢ᠂ ᠰᠡᠷᠢᠭᠦᠨ ᠭᠠᠵᠠᠷ ᠪᠠᠷᠠᠭᠠᠳᠠᠵᠤ᠂ ᠨᠠᠷᠠᠨ ᠤ ᠰᠢᠯ᠂ ᠮᠠᠯᠠᠭᠠᠢ ᠶᠢ ᠪᠠᠨ ᠮᠠᠷᠲᠠᠯ  ᠦᠭᠡᠢ ᠡᠮᠦᠰᠦᠭᠡᠷᠡᠢ᠃

ᠠᠯᠢ ᠪᠣᠯᠬᠤ ᠪᠡᠷ  ᠤᠰᠤ ᠤᠤᠭᠤ[ᠺᠣᠳ᠋ ᠢᠶᠠᠷ ᠵᠠᠰᠠᠬᠣ]

 ᠨᠠᠷᠠᠰᠢᠭᠰᠠᠨ ᠲᠣᠬᠢᠶᠠᠯᠳᠤᠯ ᠳᠤ ᠰᠢᠭᠡᠰᠦᠨ ᠦ ᠪᠡᠨ ᠥᠩᠭᠡ ᠶᠢ ᠠᠵᠢᠭᠯᠠᠬᠤ ᠬᠡᠷᠡᠭᠲᠡᠢ᠃ ᠬᠡᠪ ᠦᠨ ᠰᠢᠭᠡᠰᠦ᠂ ᠴᠠᠶᠢᠪᠤᠷ ᠰᠢᠷᠭᠠᠯ ᠥᠩᠭᠡ ᠲᠡᠢ᠂ ᠡᠯᠳᠡᠪ ᠪᠤᠯᠠᠩᠭᠢᠷ᠂ ᠦᠨᠦᠷ  ᠦᠭᠡᠢ ᠪᠠᠶᠢᠳᠠᠭ᠃ ᠰᠢᠭᠡᠰᠦ ᠬᠤᠷᠴᠠ ᠦᠨᠦᠷ ᠲᠡᠢ ᠪᠣᠯᠬᠤ᠂ ᠪᠤᠯᠠᠩᠭᠢᠷᠲᠤᠵᠤ᠂ ᠬᠦᠷᠡᠩ ᠰᠢᠷ᠎ᠠ ᠪᠣᠯᠬᠤ ᠨᠢ ᠠᠯᠢᠪᠠ ᠡᠪᠡᠳᠴᠢᠨ ᠦ ᠬᠠᠮᠤᠭ ᠤᠨ ᠡᠩ ᠦᠨ ᠰᠢᠨᠵᠢ ᠲᠡᠮᠳᠡᠭ ᠶᠤᠮ᠃

ᠥᠭᠡᠳᠡᠢ ᠬᠠᠭᠠᠨ
ᠥᠭᠡᠳᠡᠢ ᠬᠠᠭᠠᠨ

ᠥᠭᠡᠲᠡᠢ ᠬᠠᠭᠠᠨ (1186-1241) ᠨᠢ ᠴᠢᠩᠭᠢᠰ ᠬᠠᠭᠠᠨ ᠤ ᠭᠤᠷᠪᠠᠳᠤᠭᠠᠷ ᠬᠥᠪᠡᠭᠦᠨ᠂ ᠶᠡᠬᠡ ᠮᠣᠩᠭᠣᠯ ᠤᠯᠤᠰ ᠤᠨ ᠬᠣᠶᠠᠳᠤᠭᠠᠷ ᠶᠡᠬᠡ ᠬᠠᠭᠠᠨ ᠪᠠᠶᠢᠪᠠ᠃ ᠥᠭᠡᠳᠡᠢ ᠪᠣᠯ ᠮᠣᠩᠭᠣᠯ ᠤᠨ ᠪᠣᠷᠵᠢᠭᠢᠨ ᠣᠪᠤᠭ ᠤᠨ ᠬᠦᠮᠦᠨ ᠶᠤᠮ᠃ 1228 ᠤᠨ ᠤ 9 ᠍ ᠳ᠋ᠦ᠋ᠭᠡᠷ ᠰᠠᠷ᠎ᠠ ᠳᠤ ᠬᠡᠷᠯᠡᠩ ᠦᠨ ᠬᠥᠳᠡᠭᠡ ᠠᠷᠠᠯ ᠳᠤ ᠪᠣᠯᠤᠭᠰᠠᠨ ᠶᠡᠬᠡ ᠬᠤᠷᠠᠯᠳᠠᠢ ᠪᠠᠷ ᠬᠠᠭᠠᠨ ᠳᠤ ᠡᠷᠭᠦᠮᠵᠢᠯᠡᠵᠡᠢ᠃ ᠦᠭᠡᠳᠡᠢ ᠬᠠᠭᠠᠨ ᠪᠤᠯ ᠮᠤᠩᠭᠤᠯ ᠤᠨ ᠶᠡᠬᠡ ᠲᠦᠷᠦ ᠶᠢᠨ ᠤᠷᠤᠰᠢᠨ ᠲᠤᠭᠲᠠᠨᠢᠯ᠂ ᠬᠦᠴᠦᠷᠭᠡᠭᠵᠢᠯ ᠵᠢᠴᠢ ᠦᠷᠭᠡᠳᠬᠡᠯ ᠤᠨ ᠲᠦᠯᠦᠭᠡ ᠵᠢᠳᠬᠦᠵᠤ ᠶᠠᠪᠤᠭᠰᠠᠨ ᠠᠭᠤᠤ ᠶᠡᠬᠡ ᠤᠯᠤᠰ ᠲᠦᠷᠦᠴᠢᠨ ᠮᠦᠷᠲᠡᠭᠡᠨ ᠤᠳᠤᠷᠢᠳᠤᠭᠴᠢ ᠪᠤᠯᠬᠤ ᠶᠤᠮ᠃ (ᠪᠦᠷᠢᠨ ᠠᠭᠤᠯᠭ᠎ᠠ ᠶᠢ ᠤᠩᠰᠢᠬᠤ)

ᠵᠢᠦ᠋ᠳᠣ᠋ ᠍ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ
ᠵᠢᠦ᠋ᠳᠣ᠋ ᠍ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ

ᠵᠢᠦ᠋ᠳᠣ᠋ ᠍ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ (ᠬᠢᠲᠠᠳ ᠢᠶᠠᠷ 世界柔道锦标赛)ᠨᠢ ᠣᠯᠢᠮᠫᠢᠺ ᠤᠨ ᠵᠢᠦ᠋ᠳᠣ᠋ ᠍ ᠶᠢᠨ ᠲᠡᠮᠡᠴᠡᠭᠡᠨᠲᠡᠢ ᠬᠠᠮᠲᠤ ᠳᠤ ᠪᠠᠨ ᠣᠯᠠᠨ ᠤᠯᠤᠰ ᠤᠨ ᠵᠢᠦ᠋ᠳᠣ᠋ ᠶᠢᠨ ᠬᠠᠮᠤᠭ ᠤᠨ ᠥᠨᠳᠥᠷ ᠵᠡᠷᠭᠡᠯᠡᠯ ᠦᠨ ᠲᠡᠮᠡᠴᠡᠭᠡᠨ ᠪᠣᠯᠤᠨ᠎ᠠ᠃ ᠲᠤᠰ ᠲᠡᠮᠡᠴᠡᠭᠡᠨ ᠢ ᠣᠯᠢᠮᠢᠫ ᠦᠨ ᠪᠤᠰᠤ ᠵᠢᠯ ᠤᠳ ᠲᠤ ᠣᠯᠠᠨ ᠤᠯᠤᠰ ᠤᠨ ᠵᠢᠦ᠋ᠳᠣ᠋ ᠍ ᠶᠢᠨ ᠬᠣᠯᠪᠣᠭ᠎ᠠ ᠠᠴᠠ ᠵᠣᠬᠢᠶᠠᠨ ᠪᠠᠶᠢᠭᠤᠯᠳᠠᠭ᠃ ᠪᠠᠭ ᠤᠨ ᠲᠡᠮᠡᠴᠡᠭᠡᠨ 1994 ᠤᠨ ᠠᠴᠠ ᠡᠬᠢᠯᠡᠨ ᠵᠣᠬᠢᠶᠠᠭᠳᠠᠵᠤ ᠪᠤᠢ᠃ ᠡᠷᠡᠭᠲᠡᠶᠢᠴᠦᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ 1956 ᠤᠨ ᠠᠴᠠ ᠡᠬᠢᠯᠡᠯ ᠲᠡᠢ ᠪᠥᠭᠡᠳ ᠲᠡᠮᠡᠴᠡᠭᠡᠨ ᠦ ᠵᠢᠷᠤᠮ ᠴᠠᠭ ᠬᠤᠭᠤᠴᠠᠭᠠᠨ ᠤ ᠲᠤᠷᠰᠢᠳᠠ ᠥᠭᠡᠷᠡᠴᠢᠯᠡᠭᠳᠡᠵᠦ ᠢᠷᠡᠵᠡᠢ᠃ (ᠪᠦᠷᠢᠨ ᠠᠭᠤᠯᠭ᠎ᠠ ᠶᠢ ᠤᠩᠰᠢᠬᠤ)

ᠳᠣᠭᠣᠯ ᠡᠪᠡᠰᠦ
ᠳᠣᠭᠣᠯ ᠡᠪᠡᠰᠦ

ᠳᠣᠭᠣᠯ ᠡᠪᠡᠰᠦ(苦参) - ᠲᠤᠰ ᠡᠮ ᠪᠣᠯ ᠪᠤᠷᠴᠠᠭ ᠤᠨ ᠢᠵᠠᠭᠤᠷ  ᠤᠨ ᠨᠠᠪᠴᠢ ᠵᠤᠯᠭᠠᠷᠠᠬᠤ ᠪᠠᠭᠠᠪᠲᠤᠷ ᠪᠤᠲᠠ ᠮᠣᠳᠤ ᠪᠣᠯᠬᠤ ᠲᠤᠭᠤᠯ ᠡᠪᠡᠰᠦ  ᠶᠢᠨ ᠬᠠᠲᠠᠭᠠᠭᠰᠠᠨ ᠦᠨᠳᠦᠰᠦ ᠮᠥᠨ ᠃ ᠬᠠᠯᠠᠭᠤᠨ ᠢ ᠪᠣᠯᠪᠠᠰᠤᠷᠠᠭᠤᠯᠬᠤ ᠂ ᠬᠦᠯᠦᠷᠡᠭᠦᠯᠬᠦ ᠂ ᠰᠢᠷ᠎ᠠ ᠤᠰᠤ ᠶᠢ ᠬᠠᠳᠠᠭᠠᠬᠤ ᠂ ᠮᠠᠬᠠᠪᠤᠳ ᠢ ᠲᠡᠭᠰᠢᠳᠬᠡᠭᠦ ᠪᠣᠯᠤᠨ᠎ᠠ ᠃ᠴᠠᠭᠠᠨ ᠲᠠᠩ ᠳᠤ ᠬᠥᠯ ᠪᠣᠯᠭᠠᠨ ᠡᠰᠡ ᠪᠣᠯᠪᠠᠰᠤᠷᠠᠭᠰᠠᠨ ᠬᠠᠯᠠᠭᠤᠨ ᠵᠢᠴᠢ ᠬᠢᠵᠢᠭ᠌ ᠲᠠᠭᠰᠢᠭᠤᠷ ᠢ ᠵᠠᠰᠠᠬᠤ ᠳᠤ ᠬᠡᠷᠡᠭᠯᠡᠬᠦ ︔ ᠰᠢᠷ᠎ᠠ ᠴᠢᠪᠠᠭ᠎ᠠ ︱ 5 ᠶᠢᠨ ᠲᠠᠩ ᠳᠤ ᠬᠥᠯ ᠪᠣᠯᠭᠠᠨ ᠤᠯᠠᠭᠠᠨ ᠨᠤᠳ ᠵᠡᠷᠭᠡ ᠪᠣᠳᠤ ᠬᠦᠪᠳᠦᠷᠦᠦ   ᠵᠢ ᠳᠤᠭᠤᠷᠠᠭᠤᠯᠬᠤ ᠳᠤ ᠬᠡᠷᠡᠭᠯᠡᠬᠦ ︔ ᠵᠦᠬᠡᠯᠡᠷᠡᠬᠦᠯᠦᠭᠴᠢ ︱ 5 ᠶᠢᠨ ᠲᠠᠩ ᠳᠤ ᠭᠦᠯ ᠪᠣᠯᠭᠠᠨ ᠰᠤᠳᠠᠯ ᠰᠢᠷᠪᠦᠰᠦᠨ  ᠳᠤ ᠬᠠᠯᠠᠭᠤᠨ ᠰᠢᠨᠤᠵᠤ ᠬᠥᠰᠢᠵᠦ ᠲᠠᠬᠢᠷᠳᠠᠭᠰᠠᠨ ᠂ ᠲᠤᠯᠠᠢ ᠂ ᠭᠡᠷᠦᠬᠦ ᠂ ᠰᠢᠷ᠎ᠠ ᠤᠰᠤᠨ ᠡᠪᠡᠳᠴᠢᠨ  ᠳᠤ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠡᠷᠲᠡᠨ ᠦ ᠭᠷᠧᠺ
ᠡᠷᠲᠡᠨ ᠦ ᠭᠷᠧᠺ

ᠡᠷᠲᠡᠨ ᠦ ᠭᠷᠧᠺ ᠤᠨ ᠰᠤᠶᠤᠯ ᠢᠷᠭᠡᠨᠰᠢᠯ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 4 ᠳ᠋ᠠᠬᠢ ᠮᠢᠩᠭᠠᠨ ᠵᠢᠯ ᠡᠴᠡ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ I ᠵᠠᠭᠤᠨ ᠬᠦᠷᠲᠡᠯ᠎ᠡ ᠭᠠᠵᠠᠷ ᠤᠨ ᠳᠤᠮᠳᠠᠳᠤ ᠲᠡᠩᠭᠢᠰ ᠤᠨ ᠣᠷᠴᠢᠮ ᠳᠤ ᠴᠡᠴᠡᠭᠯᠡᠨ ᠬᠥᠭᠵᠢᠵᠦ ᠪᠠᠶᠢᠭᠰᠠᠨ ᠰᠤᠶᠤᠯ ᠶᠤᠮ᠃ ᠡᠨᠡ ᠰᠤᠶᠤᠯ ᠢᠷᠭᠡᠨᠰᠢᠯ ᠨᠢ ᠳᠡᠯᠡᠬᠡᠢ ᠳᠠᠬᠢᠨ ᠳᠤ ᠰᠢᠨᠵᠢᠯᠡᠬᠦ ᠤᠬᠠᠭᠠᠨ᠂ ᠹᠢᠯᠣᠰᠣᠹᠢ᠂ ᠵᠠᠰᠠᠭᠯᠠᠯ᠂ ᠤᠷᠠᠯᠢᠭ᠂ ᠪᠠᠷᠢᠯᠭ᠎ ᠠ ᠪᠡᠷ ᠢᠶᠠᠨ ᠮᠠᠰᠢ ᠠᠯᠳᠠᠷᠲᠠᠢ ᠪᠢᠯᠡ᠃ ᠡᠷᠲᠡᠨ ᠦ ᠭᠷᠧᠺ ᠲᠦ ᠭᠷᠧᠺ ᠬᠡᠯᠡ ᠪᠡᠷ ᠶᠠᠷᠢᠭᠰᠠᠳ ᠠᠴᠠ ᠭᠠᠳᠠᠨ᠎ᠠ ᠵᠠᠩ ᠵᠠᠩᠰᠢᠯ᠂ ᠱᠠᠰᠢᠨ ᠰᠢᠲᠦᠯᠭᠡ᠂ ᠠᠮᠢᠳᠤᠷᠠᠯ᠂ ᠵᠠᠰᠠᠭᠯᠠᠯ ᠤᠨ ᠬᠡᠯᠪᠡᠷᠢ ᠨᠢ ᠢᠵᠢᠯ ᠭᠠᠵᠠᠷ ᠤᠨ ᠳᠤᠮᠳᠠᠳᠤ ᠲᠡᠩᠭᠢᠰ ᠦᠨ ᠡᠷᠭᠢ ᠣᠷᠴᠢᠮ ᠤᠨ ᠬᠦᠮᠦᠰ ᠢ ᠣᠷᠣᠭᠤᠯᠤᠨ ᠠᠪᠴᠤ ᠦᠵᠡᠳᠡᠭ᠃ ᠡᠷᠲᠡᠨ ᠦ ᠭᠷᠧᠺ ᠦᠨ ᠬᠠᠮᠤᠭ ᠤᠨ ᠠᠯᠳᠠᠷᠲᠠᠢ ᠦᠶ᠎ᠡ ᠨᠢ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 480-323ᠤᠨ ᠬᠦᠷᠲᠡᠯᠡᠬᠢ ᠬᠤᠭᠤᠴᠠᠭ᠎ᠠ ᠶᠢ ᠬᠠᠮᠤᠷᠬᠤ ᠰᠣᠩᠭᠣᠳᠠᠭ ᠡᠷᠢᠨ ᠪᠥᠭᠡᠳ ᠭᠷᠧᠺᠴᠦᠳ ᠬᠥᠭᠵᠢᠯ ᠳᠡᠪᠰᠢᠯ ᠦᠨ ᠢᠶᠡᠨ ᠣᠷᠭᠢᠯ ᠳᠤ ᠬᠦᠷᠴᠦ᠂ ᠭᠠᠶᠢᠬᠠᠯᠲᠠᠢ ᠤᠷᠠᠯᠢᠭ ᠤᠨ ᠪᠦᠲᠦᠭᠡᠯ ᠦᠳ ᠢ ᠦᠢᠯᠡᠳᠴᠦ ᠦᠯᠡᠳᠡᠭᠡᠭᠰᠡᠨ ᠪᠢᠯᠡ᠃ ᠡᠨᠡ ᠦᠶ᠎ᠡ ᠳᠦ ᠭᠷᠧᠺ ᠦᠳ ᠶᠡᠬᠡᠪᠴᠢᠯᠡᠨ ᠶᠠᠮᠠᠷ ᠨᠢᠭᠡᠨ ᠬᠠᠭᠠᠨ ᠶᠢᠡᠷ ᠤᠳᠤᠷᠢᠳᠤᠭᠤᠯᠤᠭᠳᠠᠭ᠎ ᠠ ᠦᠭᠡᠢ ᠪᠠᠶᠢᠪᠠ᠃ ᠲᠡᠳᠡ ᠥᠪᠡᠷ ᠢᠶᠡᠨ ᠤᠳᠤᠷᠢᠳᠬᠤ ᠶᠣᠰᠣ ᠶᠢ ᠡᠷᠬᠢᠮᠯᠡᠨ ᠭᠷᠧᠺ ᠦᠨ ᠬᠣᠲᠠ ᠤᠯᠤᠰ ᠤᠳ ᠤᠨ ᠬᠣᠯᠪᠣᠭ᠎ᠠ ᠶᠢ ᠪᠤᠢ ᠪᠣᠯᠭᠠᠨ ᠣᠷᠣᠰᠢᠵᠤ ᠪᠠᠶᠢᠭᠰᠠᠨ ᠶᠤᠮ᠃ ᠪᠠᠰᠠ ᠱᠠᠰᠢᠨ ᠰᠢᠲᠦᠯᠭᠡ᠂ ᠬᠡᠯᠡ ᠰᠤᠶᠤᠯ᠂ ᠤᠷᠠᠯᠢᠭ᠂ ᠠᠬᠤᠢ ᠢᠵᠢᠯ ᠭᠷᠧᠺ ᠦᠨ ᠬᠣᠲᠠ ᠨᠤᠭᠤᠳ ᠣᠯᠢᠮᠫᠢᠺ ᠤᠨ ᠨᠠᠭᠠᠳᠤᠮ ᠢ ᠠᠩᠬ᠎ᠠ ᠵᠣᠬᠢᠶᠠᠨ ᠪᠠᠶᠢᠭᠤᠯᠤᠭᠰᠠᠨ ᠶᠤᠮ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 146ᠤᠨ ᠳᠤ ᠭᠷᠧᠺ ᠦᠨ ᠬᠣᠲᠠ ᠤᠯᠤᠰ ᠤᠳ ᠷᠤᠮᠠ ᠤᠨ ᠲᠦᠷᠢᠮᠡᠭᠡᠶᠢᠯᠡᠯ ᠳᠦ ᠡᠪᠦᠳᠦᠭ ᠰᠥᠬᠦᠷᠡᠭᠰᠡᠨ ᠴᠤ ᠨᠡᠶᠢᠲᠡ ᠶᠢᠨ ᠤᠨ ᠲᠤᠭᠠᠯᠠᠯ ᠤᠨ ᠳᠦᠷᠪᠡᠳᠦᠭᠡᠷ ᠵᠠᠭᠤᠨ ᠤ ᠦᠶ᠎ᠡ ᠳᠦ ᠲᠡᠳᠡᠨ ᠦ ᠬᠠᠷᠢᠶᠠᠨ ᠠᠴᠠ ᠭᠠᠷᠴᠤ ᠸᠢᠽᠠᠨᠲ᠋ᠢ ᠍ ᠶᠢᠨ ᠡᠵᠡᠨᠲᠦ ᠤᠯᠤᠰ ᠤᠨ ᠮᠡᠳᠡᠯ ᠳᠦ ᠣᠷᠣᠵᠠᠢ᠃ ᠣᠳᠲᠠᠮᠠᠨ ᠤ ᠲᠦᠷᠦᠭ ᠦᠳ 1453ᠤᠨ ᠳᠤ ᠸᠢᠽᠠᠨᠲ ᠢ ᠲᠦᠯᠬᠢᠨ ᠤᠨᠠᠭᠠᠭᠰᠠᠨ ᠪᠢᠯᠡ᠃ ᠤᠷᠲᠤ ᠤᠳᠠᠭᠠᠨ ᠬᠤᠭᠤᠴᠠᠭᠠᠨ ᠤ ᠲᠤᠷᠰᠢ ᠣᠷᠣᠰᠢᠨ ᠲᠣᠭᠲᠠᠨᠢᠭᠰᠠᠨ ᠡᠷᠲᠡᠨ ᠦ ᠭᠷᠧᠺ ᠦᠨ ᠤᠯᠤᠰ ᠲᠥᠷᠥ᠂ ᠡᠳ᠋ ᠍ ᠦᠨ ᠵᠠᠰᠠᠭ ᠤᠨ ᠨᠣᠶᠠᠷᠬᠠᠬᠤ ᠪᠠᠶᠢᠳᠠᠯ ᠨᠢ ᠥᠪᠡᠷ ᠦᠨ ᠥᠨᠳᠥᠷ ᠬᠥᠭᠵᠢᠯᠲᠡᠢ ᠰᠤᠶᠤᠯ ᠢᠷᠭᠡᠨᠰᠢᠯ ᠢ ᠪᠤᠢ ᠪᠣᠯᠭᠠᠭᠰᠠᠨ ᠪᠥᠭᠡᠳ ᠭᠦᠨ ᠤᠬᠠᠭᠠᠨ᠂ ᠪᠢᠴᠢᠭ ᠰᠤᠶᠤᠯ᠂ ᠵᠦᠴᠦᠭᠡ ᠶᠢᠨ ᠤᠷᠠᠯᠢᠭ ᠨᠢ ᠷᠣᠮᠠᠴᠤᠳ᠂ ᠳᠤᠮᠳᠠᠳᠤ ᠵᠠᠭᠤᠨ ᠤ ᠠᠷᠠᠪ ᠤᠳ᠂ ᠰᠡᠷᠭᠦᠨ ᠮᠠᠨᠳᠤᠯᠲᠠ ᠶᠢᠨ ᠦᠶ᠎ᠡ ᠶᠢᠨ ᠧᠦ᠋ᠷᠣᠫᠠ ᠳᠠᠶᠠᠭᠠᠷ ᠭᠦᠨᠵᠡᠭᠡᠢ ᠨᠥᠯᠥᠭᠡ ᠦᠵᠡᠭᠦᠯᠦᠭᠰᠡᠭᠡᠷ ᠪᠠᠶᠢᠭᠰᠠᠨ ᠪᠢᠯᠡ᠃ (ᠪᠦᠷᠢᠨ ᠠᠭᠤᠯᠭ᠎ᠠ ᠶᠢ ᠤᠩᠰᠢᠬᠤ)

 ᠮᠣᠩᠭᠣᠯ ᠤᠯᠤᠰ 2016 ᠣᠯᠢᠮᠫᠢᠺ ᠤᠨ ᠨᠠᠭᠠᠳᠤᠮ ᠳᠤ
ᠮᠣᠩᠭᠣᠯ ᠤᠯᠤᠰ 2016 ᠣᠯᠢᠮᠫᠢᠺ ᠤᠨ ᠨᠠᠭᠠᠳᠤᠮ ᠳᠤ

ᠮᠣᠩᠭᠣᠯ ᠤᠯᠤᠰ ᠍ ᠤᠨ ᠪᠠᠭ ᠲᠠᠮᠢᠷᠴᠢᠳ 2016  ᠤᠨ ᠤ ᠵᠤᠨ ᠤ ᠣᠯᠢᠮᠫᠢᠺ  ᠳᠦ ᠵᠢᠦ᠋ᠳᠣ᠋ᠪᠣᠺᠰᠴᠢᠯᠦᠭᠡᠲᠦ ᠪᠥᠬᠡᠪᠤᠤᠳᠠᠯᠭ᠎ᠠᠪᠠᠶᠢᠲᠤ ᠬᠠᠷᠪᠤᠭ᠎ᠠᠬᠥᠩᠭᠡᠨ ᠠᠲᠯᠧᠲ᠋ᠢᠺᠤᠰᠤᠨ ᠳᠤ ᠰᠡᠯᠢᠯᠲᠡ ᠶᠢᠨ ᠲᠥᠷᠥᠯ ᠢᠶᠡᠷ 29 ᠡᠷᠬᠡ ᠠᠪᠤᠭᠠᠳ ᠥᠷᠢᠰᠦᠯᠳᠦᠵᠦ ᠪᠤᠢ᠃ ᠲᠤᠰ ᠤᠳᠠᠭᠠᠨ  ᠤ ᠨᠠᠭᠠᠳᠤᠮ 2016 ᠤᠨ ᠤ ᠨᠠᠶᠢᠮᠠᠳᠤᠭᠠᠷ ᠰᠠᠷ᠎ᠠ ᠶᠢᠨ 5 ᠠᠴᠠ 21 ᠬᠦᠷᠲᠡᠯ᠎ᠡ ᠪᠷᠠᠽᠢᠯ ᠦᠨ ᠷᠢᠤ᠋ ᠳ᠋ᠸ ᠵᠠᠨ᠋ᠸᠶᠢᠷᠤ᠋ ᠬᠣᠲᠠᠨ᠎ᠠ ᠪᠣᠯᠬᠤ ᠭᠡᠵᠦ ᠪᠠᠶᠢᠨ᠎ᠠ᠃ ᠮᠣᠩᠭᠣᠯ ᠤᠯᠤᠰ ᠵᠤᠨ ᠤ ᠣᠯᠢᠮᠫ ᠤᠨ ᠨᠠᠭᠠᠳᠤᠮ ᠳᠤ ᠲᠡᠦᠬᠡᠨ ᠳᠦ ᠪᠡᠨ ᠬᠠᠮᠤᠭ ᠤᠨ ᠥᠷᠭᠡᠨ ᠪᠦᠷᠢᠯᠳᠦᠬᠦᠨ ᠲᠡᠢ ᠪᠤᠶᠤ 50 ᠲᠠᠮᠢᠷᠴᠢᠨ ᠢᠶᠠᠨ ᠢᠯᠡᠭᠡᠵᠦ᠂ ᠡᠬᠢᠨ ᠦ ᠡᠭᠡᠯᠵᠢ ᠶᠢᠨ ᠪᠠᠭ ᠲᠠᠮᠢᠷᠴᠢᠳ ᠢᠶᠠᠨ ᠦᠳᠡᠭᠡᠳ ᠪᠠᠶᠢᠭ᠎ᠠ᠃ ᠮᠣᠩᠭᠣᠯᠴᠤᠳ ᠣᠯᠢᠮᠫ ᠤᠨ ᠨᠠᠭᠠᠳᠤᠮ ᠠᠴᠠ 2 ᠠᠯᠲᠠ᠂ 9 ᠮᠥᠩᠭᠥ᠂ 13 ᠬᠦᠷᠡᠯ ᠮᠧᠳᠠᠯ ᠪᠤᠶᠤ ᠨᠡᠶᠢᠲᠡ 24 ᠮᠧᠳᠠᠯ ᠲᠠᠢ᠃ ᠲᠤᠰ ᠤᠳᠠᠭᠠᠨ ᠤ ᠨᠠᠭᠠᠳᠤᠮ ᠳᠤ ᠳᠣᠷᠵᠢᠰᠦ᠋ᠷᠦᠩ ᠦᠨ ᠰᠤᠮᠢᠶ᠎ᠠ ᠣᠯᠢᠮᠫ ᠤᠨ 25 ᠳᠠᠬᠢ ᠮᠧᠳᠠᠯᠢᠲᠠᠨ ᠲᠠᠮᠢᠷᠴᠢᠨ ᠪᠣᠯᠤᠯ᠎ᠠ᠃ (ᠪᠦᠷᠢᠨ ᠠᠭᠤᠯᠭ᠎ᠠ ᠶᠢ ᠤᠩᠰᠢᠬᠤ)

ᠮᠠᠰᠢᠨ ᠦᠢᠯᠡᠳᠪᠦᠷᠢᠯᠡᠯ
ᠣᠶᠣᠳᠠᠯ ᠤᠨ ᠮᠠᠰᠢᠨ᠂ ᠣᠶᠢᠷᠠᠯᠴᠠᠭ᠎ᠠ ᠪᠠᠷ 1900 ᠤᠨ: ᠣᠶᠣᠳᠠᠯ ᠤᠨ ᠮᠠᠰᠢᠨ ᠤ ᠠᠵᠢᠯᠯᠠᠬᠤ ᠶᠡᠷᠦᠩᠬᠡᠢ ᠵᠠᠷᠴᠢᠮ ᠥᠨᠥᠳᠥᠷ ᠢ ᠬᠦᠷᠲᠡᠯ᠎ᠡ ᠬᠡᠪ ᠢᠶᠡᠷ ᠢᠶᠡᠨ ᠦᠯᠡᠳᠡᠭᠰᠡᠨ

ᠮᠠᠰᠢᠨ ᠦᠢᠯᠡᠳᠪᠦᠷᠢᠯᠡᠯ ᠨᠢ (ᠮᠥᠨ ᠮᠠᠰᠢᠨ ᠰᠤᠳᠤᠯᠤᠯ ᠴᠤ ᠭᠡᠵᠦ ᠨᠡᠷᠡᠯᠡᠳᠡᠭ) ᠠᠵᠤ ᠦᠢᠯᠡᠳᠪᠦᠷᠢ ᠶᠢᠨ ᠰᠣᠩᠭᠣᠳᠠᠭ ᠰᠠᠯᠪᠤᠷᠢ ᠪᠤᠶᠤ ᠢᠨᠵᠧᠨᠧᠷ ᠦᠨ ᠰᠣᠩᠭᠣᠳᠠᠭ ᠰᠢᠨᠵᠢᠯᠡᠬᠦ ᠤᠬᠠᠭᠠᠨ ᠶᠤᠮ᠃ ᠡᠨᠡ ᠰᠠᠯᠪᠤᠷᠢ ᠨᠢ ᠮᠠᠰᠢᠨ ᠤ ᠬᠥᠭᠵᠢᠯᠬᠢᠴᠡ ᠪᠣᠯᠤᠨ ᠦᠢᠯᠡᠳᠪᠦᠷᠢᠯᠡᠯ ᠢ ᠳᠣᠲᠣᠷ᠎ᠠ ᠪᠠᠨ ᠠᠭᠤᠯᠠᠳᠠᠭ᠃

ᠮᠠᠰᠢᠨ ᠦᠢᠯᠡᠳᠪᠦᠷᠢᠯᠡᠯ ᠨᠢ ᠠᠵᠤ ᠦᠢᠯᠡᠳᠪᠦᠷᠢᠯᠡᠯ ᠦᠨ ᠰᠠᠯᠪᠤᠷᠢ ᠪᠣᠯᠤᠨ ᠬᠥᠭᠵᠢᠬᠦ ᠰᠢᠯᠲᠠᠭᠠᠨ ᠨᠢ ᠭᠠᠷ ᠠᠷᠭ᠎ᠠ ᠪᠠᠷ ᠮᠧᠲ᠋ᠠᠯ ᠪᠣᠯᠪᠠᠰᠤᠷᠠᠭᠤᠯᠬᠤ ᠳᠠᠷᠬᠠᠨ (ᠲᠡᠮᠦᠷ ᠢ ᠬᠠᠶᠢᠯᠠᠭᠤᠯᠤᠨ ᠲᠡᠭᠦᠪᠡᠷ ᠡᠳ᠋ ᠮᠠᠲ᠋ᠧᠷᠢᠶᠠᠯ ᠬᠢᠳᠡᠭ ᠬᠦᠮᠦᠨ) ᠪᠣᠯᠤᠨ ᠮᠤᠵᠢᠶᠠᠩ ᠠᠴᠠ ᠡᠬᠢᠯᠡᠯ ᠲᠡᠢ ᠪᠣᠯ ᠢᠨᠵᠧᠨᠧᠷ ᠦᠨ ᠰᠣᠩᠭᠣᠳᠠᠭ ᠰᠢᠨᠵᠢᠯᠡᠬᠦ ᠤᠬᠠᠭᠠᠨ ᠪᠣᠯᠤᠨ ᠬᠥᠭᠵᠢᠬᠦ ᠨᠢ ᠣᠷᠴᠢᠨ ᠦᠶ᠎ᠡ ᠶᠢᠨ ᠰᠢᠨᠵᠢᠯᠡᠬᠦ ᠤᠬᠠᠭᠠᠨ ᠤ ᠰᠢᠰᠲ᠋ᠧᠮ ᠪᠣᠯᠬᠤ ᠰᠣᠩᠭᠣᠳᠠᠭ ᠹᠢᠽᠢᠺ᠂ ᠢᠯᠠᠩᠭᠤᠶ᠎ᠠ ᠰᠣᠩᠭᠣᠳᠠᠭ ᠮᠧᠬᠠᠨᠢᠭ ᠳᠡᠭᠡᠷ᠎ᠡ ᠲᠤᠯᠭᠠᠭᠤᠷᠢᠯᠠᠨ ᠬᠥᠭᠵᠢᠭᠰᠡᠨ ᠶᠠᠪᠤᠳᠠᠯ ᠶᠤᠮ᠃ (ᠪᠦᠷᠢᠨ ᠠᠭᠤᠯᠭ᠎ᠠ ᠶᠢ ᠤᠩᠰᠢᠬᠤ)

ᠳᠣᠷᠵᠢᠰᠦ᠋ᠷᠦᠩ ᠦᠨ ᠰᠤᠮᠢᠶ᠎ᠠ
ᠳᠣᠷᠵᠢᠰᠦ᠋ᠷᠦᠩ ᠦᠨ ᠰᠤᠮᠢᠶ᠎ᠠ

ᠳᠣᠷᠵᠢᠰᠦ᠋ᠷᠦᠩ ᠦᠨ ᠰᠤᠮᠢᠶ᠎ᠠ (1991ᠤᠨ ᠳᠤ ᠤᠪᠰᠤ ᠠᠶᠢᠮᠠᠭ ᠤᠨ ᠪᠠᠷᠠᠭᠤᠨᠲᠤᠷᠤᠨ ᠰᠤᠮᠤᠨ ᠳᠤ ᠲᠦᠷᠦᠭᠰᠡᠨ) — ᠵᠢᠦ᠋ᠳᠣ᠋ ᠪᠠᠷᠢᠯᠳᠤᠭᠠᠨ ᠤ 63 kg ᠵᠢᠩ ᠦᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠦ ᠬᠦᠷᠡᠯ (2012᠂ 2013) ᠮᠧᠳᠠᠯᠳᠤ᠂ 2012 ᠤᠨ ᠤ ᠣᠯᠢᠮᠫᠢᠺ ᠳᠤ ᠣᠷᠣᠯᠴᠠᠭᠰᠠᠨ ᠮᠣᠩᠭᠣᠯ ᠤᠯᠤᠰ ᠤᠨ ᠡᠮᠡᠭᠲᠡᠢ ᠵᠢᠦ᠋ᠳᠣ᠋ ᠲᠠᠮᠢᠷᠴᠢᠨ ᠶᠤᠮ᠃ ᠪᠷᠠᠽᠢᠯ ᠦᠨ ᠷᠢᠤ᠋ ᠳ᠋ᠸ ᠵᠠᠨ᠋ᠸᠶᠢᠷᠤ᠋ ᠬᠣᠲᠠᠨ᠎ᠠ ᠪᠣᠯᠵᠤ ᠪᠤᠢ ᠵᠤᠨ ᠤ ᠣᠯᠢᠮᠫᠢᠺ ᠤᠨ ᠨᠠᠭᠠᠳᠤᠮ ᠤᠨ ᠭᠤᠷᠪᠠ ᠳᠠᠬᠢ ᠡᠳᠦᠷ ᠵᠢᠦ᠋ᠳᠣ᠋ ᠪᠥᠬᠡ ᠶᠢᠨ ᠡᠮᠡᠭᠲᠡᠶᠢᠴᠦᠳ ᠦᠨ 57 kg ᠤᠨ ᠵᠢᠩ ᠳᠦ ᠪᠠᠷᠢᠯᠳᠤᠭᠰᠠᠨ ᠳᠣᠷᠵᠢᠰᠦ᠋ᠷᠦᠩ ᠦᠨ ᠰᠤᠮᠢᠶ᠎ᠠ ᠪᠷᠠᠽᠢᠯ ᠤᠨ ᠷᠠᠹᠠᠥᠯ ᠰᠢᠯᠪᠠ ᠳᠤ ᠢᠯᠠᠭᠳᠠᠭᠰᠠᠨ᠎ᠠ ᠪᠠᠷ ᠣᠯᠢᠮᠫᠢᠺ ᠤᠨ ᠮᠥᠩᠭᠥᠨ ᠮᠧᠳᠠᠯᠢᠲᠠᠨ ᠪᠣᠯᠤᠯ᠎ᠠ᠃ ᠡᠶᠢᠨᠬᠦᠦ ᠳ ∙ ᠰᠤᠮᠢᠶ᠎ᠠ ᠡᠨᠡ ᠤᠳᠠᠭ᠎ᠠ ᠶᠢᠨ ᠮᠣᠩᠭᠣᠯ ᠤᠨ ᠪᠠᠭ ᠤᠨ ᠠᠩᠬᠠᠨ ᠤ ᠮᠧᠳᠠᠯ ᠢ ᠠᠪᠴᠢᠷᠠᠭᠰᠠᠨ ᠠᠴᠠ ᠭᠠᠳᠠᠨ᠎ᠠ ᠵᠢᠦ᠋ᠳᠣ᠋ ᠪᠥᠬᠡ ᠶᠢᠨ ᠲᠥᠷᠥᠯ ᠢᠶᠡᠷ ᠣᠯᠢᠮᠫᠢᠺ ᠠᠴᠠ ᠮᠧᠳᠠᠯ ᠬᠦᠷᠲᠡᠭᠰᠡᠨ ᠠᠩᠬᠠᠨ ᠤ ᠡᠮᠡᠭᠲᠡᠢ ᠵᠢᠦ᠋ᠳᠣ᠋ ᠲᠠᠮᠢᠷᠴᠢᠨ ᠪᠣᠯᠵᠤ ᠪᠠᠶᠢᠨ᠎ᠠ᠃ ᠳᠣᠷᠵᠢᠰᠦ᠋ᠷᠦᠩ ᠦᠨ ᠰᠤᠮᠢᠶ᠎ᠠ ᠮᠣᠩᠭᠤᠯ ᠤᠯᠤᠰ ᠤᠨ ᠣᠯᠢᠮᠫᠢᠺ ᠤᠨ 25 ᠳᠠᠬᠢ ᠮᠧᠳᠠᠯᠢᠲᠠᠨ ᠲᠠᠮᠢᠷᠴᠢᠨ ᠪᠣᠯᠤᠯ᠎ᠠ᠃ (ᠪᠦᠷᠢᠨ ᠠᠭᠤᠯᠭ᠎ᠠ ᠶᠢ ᠤᠩᠰᠢᠬᠤ)

 ᠨᠠᠸᠠᠩ ᠶᠦᠩᠳᠦᠩ
ᠨᠠᠸᠠᠩ ᠶᠦᠩᠳᠦᠩ

ᠨᠠᠰᠤᠨ-ᠣᠴᠢᠷ ᠤᠨ ᠨᠠᠸᠠᠩ-ᠶᠦᠩᠳᠦᠩ(1908-1985) ᠨᠢ ᠰᠡᠯᠡᠩᠭᠡ ᠠᠶᠢᠮᠠᠭ ᠤᠨ ᠮᠠᠨᠳᠤᠯ ᠰᠤᠮᠤ ᠍ ᠤᠨ ᠨᠤᠲᠤᠭ ᠲᠤ ᠨᠠᠰᠤᠨ-ᠣᠴᠢᠷ ᠤᠨ ᠬᠦᠦ ᠪᠣᠯᠤᠨ ᠮᠡᠨᠳᠦᠯᠡᠵᠡᠢ᠃ ᠬᠠᠷ᠎ᠠ ᠶᠢᠨ ᠪᠠᠭᠠᠲᠤᠷ ᠸᠠᠩ᠂ ᠨᠠᠰᠤᠨ-ᠣᠴᠢᠷ ᠤᠨ ᠨᠠᠸᠠᠩ-ᠶᠦᠩᠳᠦᠩ ᠨᠢ 1985 ᠤᠨ ᠬᠦᠷᠲᠡᠯ᠎ᠡ ᠮᠣᠩᠭᠣᠯ ᠬᠠᠭᠠᠳ ᠤᠨ ᠤᠭᠰᠠᠭᠠᠨ ᠤ ᠬᠠᠮᠤᠭ ᠤᠨ ᠰᠡᠭᠦᠯ ᠳᠦ ᠠᠮᠢᠳᠤ ᠰᠡᠷᠡᠭᠦᠨ ᠦᠯᠡᠳᠡᠭᠰᠡᠨ ᠨᠣᠶᠠᠨ ᠭᠠᠷᠤᠯ ᠲᠠᠢ᠂ ᠰᠠᠶᠢᠨ ᠨᠣᠶᠠᠨ ᠬᠠᠨ ᠨᠠᠮᠨᠠᠨᠰᠦ᠋ᠷᠦᠩᠬᠢᠴᠢᠶᠡᠩᠭᠦᠢ ᠰᠠᠶᠢᠳ ᠰᠡᠷᠡᠩᠳᠣᠷᠵᠢ ᠶᠢᠨ ᠭᠠᠷ ᠤᠨ ᠱᠠᠪᠢ᠂ ᠠᠷᠠᠳ ᠤᠨ ᠬᠤᠪᠢᠰᠬᠠᠯ ᠤᠨ ᠨᠢᠭᠤᠴᠠ 2 ᠪᠦᠯᠬᠦᠮ ᠦᠨ 13 ᠭᠡᠰᠢᠭᠦᠨ ᠦ ᠬᠢᠨᠢ ᠨᠢᠭᠡᠨ᠂ 13 ᠨᠠᠰᠤᠲᠠᠢ ᠫᠠᠷᠲ᠋ᠢᠽᠠᠨ᠂ ᠠᠷᠠᠳ ᠤᠨ ᠨᠠᠮ ᠤᠨ ᠲᠠᠮᠠᠭ᠎ᠠ ᠶᠢ ᠰᠡᠶᠢᠯᠦᠭᠰᠡᠨ᠂ ᠠᠷᠠᠳ ᠤᠨ ᠨᠠᠮ ᠤᠨ ᠲᠤᠰᠠᠯᠠᠮᠵᠢ ᠪᠢᠴᠢᠭ ᠦᠨ ᠠᠮᠢᠳᠤ ᠭᠡᠷᠡᠴᠢ᠂ ᠮᠣᠩᠭᠣᠯ ᠍ ᠤᠨ ᠣᠷᠴᠢᠨ ᠴᠠᠭ ᠤᠨ ᠤᠷᠠᠨ ᠵᠣᠬᠢᠶᠠᠯ ᠢ ᠡᠭᠦᠰᠬᠡᠭᠴᠢᠳ ᠦᠨ ᠨᠢᠭᠡ ᠪᠢᠯᠡ᠃ ᠮᠦᠨᠴᠤ᠂ ᠪᠣᠯᠪᠠᠰᠤᠷᠠᠯ ᠰᠤᠶᠤᠯ ᠤᠨ ᠦᠷ᠎ᠡ ᠶᠢ ᠲᠠᠷᠢᠭᠴᠢ᠂ 1926 ᠤᠨ ᠠᠴᠠ ᠭᠧᠷᠮᠠᠨ ᠳᠤ ᠰᠤᠷᠤᠯᠴᠠᠭᠰᠠᠨ ᠠᠩᠬᠠᠨ ᠤ 35 ᠣᠶᠤᠲᠠᠨ ᠤ ᠨᠢᠭᠡᠨ᠂ ᠠᠷᠠᠳ ᠲᠦᠮᠡᠨ ᠦ ᠳᠤᠮᠳᠠ ᠠᠷᠠᠳ ᠤᠨ ᠳᠠᠭᠤᠤ ᠮᠡᠲᠦ ᠲᠦᠭᠡᠭᠰᠡᠨ ᠪᠠᠶᠠᠨ ᠮᠣᠩᠭᠣᠯ᠂ ᠰᠤᠶᠤᠯ-ᠡᠷᠳᠡᠨᠢ᠂ ᠦᠬᠡᠷᠴᠢᠨ ᠬᠦᠦ ᠰᠡᠷᠡᠩᠳᠣᠷᠵᠢ ᠵᠡᠷᠭᠡ ᠳᠠᠭᠤᠤ᠂ ᠵᠣᠬᠢᠶᠠᠯ ᠤᠨ ᠡᠵᠡᠨ᠂ ᠪ᠂ ᠷᠢᠨᠴᠢᠨ ᠤ ᠬᠠᠮᠲᠤ ᠱᠣᠷᠣᠩ ᠳᠤ 12 ᠵᠢᠯ ᠰᠠᠭᠤᠵᠤ᠂ ᠬᠠᠶᠢᠷᠠᠲᠤ ᠬᠠᠨᠢ᠂ ᠲᠦᠷᠦᠭᠰᠡᠨ ᠳᠡᠭᠦᠦ ᠪᠡᠨ ᠠᠯᠳᠠᠵᠤ᠂ ᠬᠡᠯᠮᠡᠭᠳᠡᠯ ᠦᠨ ᠵᠣᠪᠠᠯᠠᠩ ᠢ ᠪᠡᠶ᠎ᠡ ᠪᠡᠷ ᠢᠶᠡᠨ ᠠᠮᠰᠠᠭᠰᠠᠨ ᠡᠰᠡᠷᠭᠦᠦ ᠨᠡᠷᠡᠲᠦ᠂ ᠳᠡᠯᠡᠬᠡᠢ ᠶᠢᠨ ᠰᠣᠩᠭᠣᠳᠠᠭ ᠵᠣᠬᠢᠶᠠᠯ  ᠤᠨ ᠣᠠᠴᠠ ᠳᠠᠭᠤᠨ ᠬᠥᠷᠪᠡᠭᠦᠯᠦᠭᠴᠢ᠂ ᠮᠣᠩᠭᠣᠯ ᠬᠡᠯᠡ ᠪ ᠲᠣᠪᠴᠢ ᠲᠠᠶᠢᠯᠪᠤᠷᠢ ᠲᠣᠯᠢ᠂ ᠣᠷᠣᠰ ᠮᠣᠩᠭᠣᠯ ᠲᠣᠯᠢ ᠶᠢ ᠵᠣᠬᠢᠶᠠᠬᠤ ᠳᠤ ᠪᠡᠶ᠎ᠡ ᠪᠡᠷ ᠣᠷᠣᠯᠴᠠᠭᠴᠢ᠂ ᠬᠡᠯᠡ ᠰᠢᠨᠵᠢᠭᠡᠴᠢᠡᠮᠴᠢ᠂ ᠬᠣᠵᠢᠮ ᠨᠢ ᠣᠷᠣᠰᠭᠧᠷᠮᠠᠨᠮᠠᠨᠵᠤ᠂ ᠲᠦᠪᠡᠳ ᠬᠡᠯᠡᠨ ᠦ ᠪᠣᠯᠪᠠᠰᠤᠷᠠᠯ ᠲᠠᠢ ᠂ ᠰᠤᠷᠭᠠᠨ ᠬᠦᠮᠦᠵᠢᠭᠦᠯᠦᠭᠴᠢ᠂ ᠲᠥᠷᠥ ᠶᠢᠨ ᠠᠯᠲᠠᠨ ᠠᠷᠭᠠᠮᠵᠢ ᠪᠠᠷᠢᠭᠴᠢ᠂ ᠲᠥᠷᠥ ᠶᠢᠨ ᠲᠦᠰᠢᠶ᠎ᠡᠲᠡᠦᠬᠡᠴᠢᠵᠣᠬᠢᠶᠠᠯᠴᠢ ᠪᠣᠯᠤᠨ ᠮᠣᠩᠭᠣᠯ ᠲᠦᠮᠡᠨ ᠦ ᠰᠣᠷ ᠪᠣᠯᠤᠭᠰᠠᠨ ᠰᠡᠬᠡᠭᠡᠲᠡᠨ᠂ ᠠᠷᠠᠳ ᠤᠨ ᠳᠠᠭᠤᠨ ᠳᠤ ᠮᠥᠩᠬᠡᠷᠡᠭᠰᠡᠨ ᠶᠦᠩᠳᠦᠩ ᠭᠡ ᠭᠡ ᠰᠢᠭ ᠰᠠᠶᠢᠬᠠᠨ ᠡᠷ᠎ᠡ ᠶᠤᠮ᠃ (ᠪᠦᠷᠢᠨ ᠠᠭᠤᠯᠭ᠎ᠠ ᠶᠢ ᠤᠩᠰᠢᠬᠤ)

ᠹᠢᠯᠣᠰᠣᠹᠢ
ᠹᠢᠯᠣᠰᠣᠹᠢ

ᠹᠢᠯᠣᠰᠣᠹᠢ ᠪᠤᠶᠤ ᠭᠦᠨ ᠤᠬᠠᠭᠠᠨ ᠨᠢ ᠬᠣᠷᠸ᠎ᠠ ᠶᠢᠷᠲᠢᠨᠴᠦ ᠪᠠ ᠬᠦᠮᠦᠨ ᠦ ᠨᠡᠶᠢᠭᠡᠮ ᠤᠨ ᠮᠥᠨ ᠴᠢᠨᠠᠷ᠂ ᠲᠡᠭᠦᠨᠴᠢᠯᠡᠨ ᠬᠦᠮᠦᠨ ᠦ ᠠᠮᠢᠳᠤᠷᠠᠯ ᠤᠨ ᠤᠳᠬ᠎ᠠ ᠤᠴᠢᠷ ᠤᠨ ᠲᠠᠯ᠎ᠠ ᠪᠠᠷ ᠡᠴᠦᠰᠯᠡᠨ ᠲᠤᠩᠭᠠᠵᠤ᠂ ᠠᠯᠢ ᠪᠣᠯᠬᠤ ᠲᠦᠭᠡᠭᠡᠮᠡᠯ ᠢᠶᠡᠷ ᠵᠥᠪᠰᠢᠶᠡᠷᠡᠭᠳᠡᠬᠦᠶᠢᠴᠡ ᠲᠠᠶᠢᠯᠪᠤᠷᠢ ᠶᠢ ᠬᠠᠶᠢᠵᠤ ᠰᠤᠳᠤᠯᠬᠤ ᠤᠬᠠᠭᠠᠨ ᠶᠤᠮ᠃ ᠹᠢᠯᠣᠰᠣᠹᠢ ᠭᠡᠳᠡᠭ ᠨᠢ ᠭᠷᠧᠺ ᠬᠡᠯᠡᠨ ᠦ 《φίλος》 ᠪᠤᠶᠤ ᠳᠤᠷᠠᠯᠠᠬᠤ᠂ 《σοφία》 ᠪᠤᠶᠤ ᠴᠡᠴᠡ ᠮᠡᠷᠭᠡᠨ ᠭᠡᠰᠡᠨ ᠬᠣᠶᠠᠷ ᠦᠭᠡᠨ ᠦ ᠨᠡᠶᠢᠯᠡᠪᠦᠷᠢ ᠡᠴᠡ ᠭᠠᠷᠤᠯ ᠲᠠᠢ ᠪᠥᠭᠡᠳ 《ᠴᠡᠴᠡ ᠮᠡᠷᠭᠡᠨ ᠳᠦ ᠳᠤᠷᠠᠯᠠᠬᠤ》 ᠭᠡᠳᠡᠭ ᠤᠳᠬ᠎ᠠ ᠪᠠᠷ ᠬᠡᠷᠡᠭᠯᠡᠭᠳᠡᠵᠦ ᠪᠠᠶᠢᠪᠠ᠃ ᠹᠢᠯᠣᠰᠣᠹᠢ ᠭᠡᠳᠡᠭ ᠪᠣᠯ ᠪᠢᠳᠡ ᠤᠯᠠᠮ ᠢᠯᠡᠭᠦᠦ ᠮᠡᠷᠭᠡᠨ ᠤᠬᠠᠭᠠᠨ ᠲᠠᠢ ᠪᠣᠯᠬᠤ᠂ ᠥᠪᠡᠷ ᠢ ᠪᠡᠨ ᠭᠦᠨ ᠭᠦᠨᠵᠡᠭᠡᠢ ᠤᠬᠠᠮᠰᠠᠷᠯᠠᠨ ᠤᠯᠠᠮ ᠰᠠᠶᠢᠨ ᠬᠦᠮᠦᠨ ᠪᠣᠯᠬᠤ ᠵᠣᠷᠢᠯᠭ᠎ᠠ ᠪᠠᠷ ᠦᠢᠯᠡᠳᠴᠦ᠂ ᠦᠨᠡᠯᠡᠵᠦ ᠴᠡᠩᠨᠡᠵᠦ᠂ ᠣᠶᠤᠨ ᠳ᠋ᠦᠩᠨᠡᠯᠲᠡ ᠭᠠᠷᠭᠠᠵᠤ ᠪᠠᠶᠢᠭ᠎ᠠ ᠲᠡᠷᠡ ᠠᠷᠭ᠎ᠠ ᠶᠢ ᠪᠦᠲᠦᠭᠡᠯᠴᠢ ᠰᠢᠭᠦᠮᠵᠢᠯᠡᠯ ᠲᠡᠢ ᠪᠡᠷ᠂ ᠰᠢᠰᠲ᠋ᠧᠮ ᠲᠡᠢ ᠰᠢᠨᠵᠢᠯᠡᠨ ᠰᠤᠳᠤᠯᠬᠤ ᠶᠠᠪᠤᠳᠠᠯ ᠶᠤᠮ᠃ ᠠᠩᠬᠠᠨ ᠤ ᠠᠭᠤᠤ ᠶᠡᠬᠡ ᠹᠢᠯᠣᠰᠣᠹᠢᠴᠢ ᠰᠣᠺᠷᠠᠲ (苏格拉底) ᠹᠢᠯᠣᠰᠣᠹᠢ ᠪᠣᠯ ᠠᠮᠢᠳᠤᠷᠠᠯ ᠤᠨ ᠰᠣᠩᠭᠣᠯᠲᠠ᠂ ᠦᠢᠯᠡ ᠠᠵᠢᠯᠯᠠᠭ᠎ᠠ ᠪᠣᠯᠤᠨ ᠰᠡᠳᠬᠢᠨ ᠪᠣᠳᠣᠬᠤ ᠶᠢᠨ ᠵᠥᠪ ᠵᠠᠷᠴᠢᠮ ᠢ ᠤᠯᠬᠤ ᠵᠣᠷᠢᠯᠭ᠎ᠠ ᠲᠠᠢ ᠥᠪᠡᠷ ᠢ ᠪᠡᠨ ᠰᠢᠭᠦᠮᠵᠢᠯᠡᠯ ᠲᠡᠢ ᠪᠡᠷ ᠲᠠᠨᠢᠨ ᠮᠡᠳᠡᠬᠦ ᠦᠢᠯᠡ ᠶᠠᠪᠤᠴᠠ ᠮᠥᠨ ᠭᠡᠵᠦ ᠦᠵᠡᠵᠦ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠢᠮᠠᠭᠠᠨ ᠵᠠᠩᠭᠤᠤ
ᠢᠮᠠᠭᠠᠨ ᠵᠠᠩᠭ᠋ᠤᠤ

ᠢᠮᠠᠭᠠᠨ ᠵᠠᠩᠭ᠋ᠤᠤ(蒺藜) - ᠲᠤᠰ ᠡᠮ ᠪᠣᠯ ᠢᠮᠠᠭᠠᠨ ᠵᠠᠩᠭ᠋ᠤᠤ ᠶᠢᠨ ᠢᠵᠠᠭᠤᠷ  ᠨᠢᠭᠡ ᠨᠠᠰᠤᠲᠤ ᠡᠪᠡᠰᠦᠯᠢᠭ ᠤᠷᠭᠤᠮᠠᠯ ᠪᠣᠯᠬᠤ ᠢᠮᠠᠭᠠᠨ ᠵᠠᠩᠭ᠋ᠤᠤ ︵ 蒺藜 ︶ ᠶᠢᠨ ᠬᠠᠲᠠᠭᠠᠭᠰᠠᠨ ᠪᠣᠯᠪᠠᠰᠤᠷᠠᠮᠠᠯ ᠵᠢᠮᠢᠰ ᠮᠥᠨ ᠃ ᠪᠥᠭᠡᠷᠡᠨ  ᠤ ᠬᠦᠢᠲᠡᠨ ᠬᠡᠢ ᠶᠢ ᠠᠷᠢᠯᠭᠠᠬᠤ ᠂ ᠬᠦᠴᠦᠵᠢᠭᠦᠯᠬᠦ ᠂ ᠰᠢᠭᠡᠯᠭᠡᠬᠦ ᠂ ᠬᠠᠪᠤᠩ ᠢ ᠠᠷᠢᠯᠭᠠᠬᠤ ᠪᠣᠯᠤᠨ᠎ᠠ ᠃ ᠥᠴᠦᠬᠡᠨ ᠬᠠᠭᠤᠷᠴᠤ ᠬᠠᠲᠠᠭᠤ ᠥᠷᠭᠡᠰᠦ ᠶᠢ ᠨᠢ ᠠᠷᠢᠯᠭᠠᠵᠤ ᠬᠠᠶᠠᠨ᠎ᠠ ᠃ ᠵᠠᠩᠭᠤᠤ ᠶᠢᠨ ᠠᠷᠢᠬᠢᠨ ᠡᠮ ᠨᠠᠢᠷᠠᠭᠤᠯᠵᠤ ᠪᠥᠭᠡᠷᠡᠨ ᠬᠦᠢᠲᠡᠨ ᠂ ᠪᠥᠭᠡᠷᠡᠨ  ᠤ ᠬᠡᠢ ᠪᠦᠷᠢᠯᠳᠦᠭᠰᠡᠨ ᠡᠪᠡᠳᠴᠢᠨ ᠢ ᠵᠠᠰᠠᠬᠤ  ᠳᠦ ᠬᠡᠷᠡᠭᠯᠡᠬᠦ ︔ ᠲᠠᠪᠤᠨ ᠦᠨᠳᠦᠰᠦᠨ  ᠤ ᠲᠤᠰᠤᠨ ᠡᠮ  ᠳᠤ ᠬᠥᠯ ᠪᠣᠯᠭᠠᠨ ᠬᠡᠷᠡᠭᠯᠡᠬᠦ ᠪᠤᠶᠤ ᠡᠷᠬᠡᠲᠡᠨ  ᠤ ᠭᠠᠷ ᠂ ᠲᠠᠪᠤᠨ ᠦᠨᠳᠦᠰᠦ ᠵᠡᠷᠭᠡ  ᠲᠠᠢ ᠬᠠᠪᠰᠤᠷᠭᠠᠵᠤ ᠬᠦᠴᠦᠵᠢᠭᠦᠯᠦᠭᠴᠢ ︱ 13 ᠳᠤ ᠬᠥᠯ ᠪᠣᠯᠭᠠᠨ ᠳᠤᠰᠤᠯ ᠴᠤᠪᠤᠷᠢᠬᠤ ᠂ ᠡᠷ᠎ᠡ ᠪᠡᠯᠭᠡ ᠰᠤᠯᠠᠷᠠᠭᠰᠠᠨ ᠂ ᠳᠤᠰᠤᠯ ᠬᠠᠲᠠᠭᠰᠠᠨ ᠵᠡᠷᠭᠡ ᠶᠢ ᠵᠠᠰᠠᠬᠤ  ᠳᠦ ᠬᠡᠷᠡᠭᠯᠡᠬᠦ ︔ ᠵᠠᠩᠭᠤᠤ ︱ 3 ᠶᠢᠨ ᠲᠠᠩ  ᠳᠦ ᠬᠥᠯ ᠪᠤᠯᠭᠠᠨ ᠰᠢᠭᠡᠰᠦ ᠬᠠᠭᠠᠭᠳᠠᠭᠰᠠᠨ ᠂ ᠰᠢᠭᠡᠰᠦ ᠴᠢᠪᠳᠠᠭᠰᠢᠬᠤ ᠂ ᠤᠰᠤᠨ ᠬᠠᠪᠤᠩ ᠂ ᠴᠠᠢᠪᠤᠷ ᠬᠠᠪᠤᠩ ᠵᠡᠷᠭᠡ ᠡᠪᠡᠳᠴᠢᠨ  ᠳᠤ ᠬᠡᠷᠡᠭᠯᠡᠬᠦ ︔ ᠲᠠᠪᠤᠨ ᠦᠨᠳᠦᠰᠦᠨ  ᠤ ᠭᠤᠯᠢᠷ ᠤᠨ ᠠᠷᠢᠬᠢᠨ ᠡᠮ  ᠳᠤ ᠬᠥᠯ ᠪᠣᠯᠭᠠᠨ ᠴᠠᠭᠠᠨ ᠬᠡᠷᠦᠬᠦ ᠶᠢ ᠵᠠᠰᠠᠬᠤ  ᠳᠦ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠬᠦᠯᠢᠬᠦ ᠬᠠᠭᠠᠨ
ᠬᠦᠯᠢᠬᠦ ᠬᠠᠭᠠᠨ

ᠬᠦᠯᠢᠭᠦ ᠬᠠᠭᠠᠨ( 1217-᠎᠎1265.8) ᠨᠢ ᠪᠠᠷᠠᠭᠤᠨ ᠡᠮᠦᠨᠡᠲᠦ ᠠᠽᠢᠶ᠎ᠠ ᠍ ᠶᠢᠨ ᠶᠡᠬᠡᠬᠡᠨ ᠬᠡᠰᠡᠭ ᠢ ᠡᠵᠡᠯᠡᠨ ᠠᠪᠤᠭᠰᠠᠨ ᠮᠣᠩᠭᠣᠯ ᠤᠨ ᠤᠳᠤᠷᠢᠳᠤᠭᠴᠢ ᠪᠠᠶᠢᠪᠠ᠃ ᠬᠦᠯᠢᠭᠦ ᠲᠤᠯᠤᠢ ᠪᠣᠯᠤᠨ ᠬᠡᠷᠡᠶᠢᠳ ᠤᠨ ᠰᠣᠷᠬᠠᠭᠲᠠᠨᠢ ᠪᠡᠬᠢ ᠬᠣᠶᠠᠷ ᠤᠨ ᠳᠤᠮᠳᠠ ᠠᠴᠠ ᠮᠡᠨᠳᠦᠯᠡᠭᠰᠡᠨ ᠭᠤᠲᠠᠭᠠᠷ ᠬᠦᠦ ᠨᠢ ᠪᠦᠭᠡᠳ ᠴᠢᠩᠭᠢᠰ ᠬᠠᠭᠠᠨ ᠤ ᠠᠴᠢ᠂ ᠠᠷᠭᠦᠪᠡᠬᠦ ᠶᠢᠨ ᠠᠬ᠎ᠠ᠂ ᠮᠥᠩᠬᠡ ᠬᠠᠭᠠᠨᠬᠤᠪᠢᠯᠠᠢ ᠬᠠᠭᠠᠨ ᠨᠠᠷ ᠤᠨ ᠳᠡᠭᠦᠦ ᠨᠢ ᠶᠤᠮ᠃ ᠬᠦᠯᠢᠭᠦ ᠬᠠᠭᠠᠨ ᠤ ᠴᠡᠷᠢᠭ ᠨᠢ ᠮᠣᠩᠭᠣᠯ ᠤᠨ ᠡᠵᠡᠨᠲᠦ ᠭᠦᠷᠦᠨ ᠦ ᠪᠠᠷᠠᠭᠤᠨ ᠡᠮᠦᠨᠡᠲᠦ ᠬᠡᠰᠡᠭ ᠢ ᠠᠰᠤᠷᠤ ᠠᠭᠤᠳᠠᠮ ᠨᠤᠲᠤᠭ ᠢᠶᠠᠷ ᠥᠷᠭᠡᠵᠢᠭᠦᠯᠵᠦ ᠫᠧᠷᠰ ᠦᠨ ᠢᠯ ᠬᠠᠭᠠᠨᠲᠤ ᠤᠯᠤᠰ ᠢ ᠪᠠᠶᠢᠭᠤᠯᠵᠠᠢ᠃ ᠬᠦᠯᠢᠬᠦ ᠪᠡᠷ ᠤᠳᠤᠷᠢᠳᠤᠭᠤᠯᠤᠭᠰᠠᠨ ᠮᠣᠩᠭᠣᠯᠴᠤᠳ ᠯᠠᠯᠤ ᠶᠢᠨ ᠱᠠᠰᠢᠨ ᠤ ᠬᠣᠶᠠᠷ ᠲᠣᠮᠣ ᠲᠥᠪ᠂ ᠪᠠᠭᠳᠠᠳ᠋ᠳᠠᠮᠤᠰᠺ ᠬᠣᠲᠠ ᠨᠤᠭᠤᠳ ᠢ ᠡᠵᠡᠯᠡᠵᠦ᠂ ᠯᠠᠯᠤ ᠶᠢᠨ ᠱᠠᠰᠢᠨ ᠤ ᠨᠥᠯᠥᠭᠡᠯᠡᠯ ᠢ ᠺᠠᠢᠷ ᠳ᠋ᠠᠬᠢ ᠮᠠᠮᠤᠯᠶᠤᠶᠢᠺ ᠦᠳ ᠤᠷᠤᠭᠤ ᠰᠢᠯᠵᠢᠬᠦ ᠳᠦ ᠬᠦᠷᠭᠡᠵᠡᠢ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠬᠣᠭᠣᠯᠠ
ᠮᠣᠩᠭᠣᠯ ᠬᠣᠭᠣᠯᠠ

ᠮᠣᠩᠭᠣᠯ ᠬᠣᠭᠣᠯᠠМонгол хоол) - 《ᠬᠤᠪᠴᠠᠰᠤ ᠨᠢ ᠠᠨᠤ ᠠᠷᠠᠰᠤ᠂ ᠢᠳᠡᠭᠡᠨ ᠠᠨᠤ ᠮᠠᠬ᠎ᠠ᠂ ᠤᠮᠳᠠᠭᠠᠨ ᠨᠢ ᠠᠨᠤ ᠰᠦ᠋》 ᠮᠣᠩᠭᠣᠯᠴᠤᠳ ᠡᠷᠲᠡᠨ ᠡᠴᠡ ᠨᠠᠰᠢ ᠮᠠᠯ ᠠᠵᠤ ᠠᠬᠤᠢ ᠳᠤ ᠭᠣᠣᠯᠯᠠᠨ ᠰᠢᠲᠦᠵᠦ ᠠᠮᠢᠳᠤᠷᠠᠭᠰᠠᠭᠠᠷ ᠢᠷᠡᠭᠰᠡᠨ ᠤᠴᠢᠷ ᠡᠴᠡ ᠢᠳᠡᠭᠡ ᠤᠮᠳᠠᠭᠠᠨ ᠳᠤ ᠪᠠᠨ ᠶᠡᠬᠡᠪᠴᠢᠯᠡᠨ ᠮᠠᠯ ᠤᠨ ᠰᠦ᠋ ᠰᠢᠮ᠎ᠡ᠂ ᠮᠢᠬ᠎ᠠ ᠍ ᠢ ᠶᠠᠩᠵᠤ ᠪᠦᠷᠢ ᠶᠢᠨ ᠠᠷᠭ᠎ᠠ ᠪᠠᠷ ᠪᠣᠯᠪᠠᠰᠤᠷᠠᠭᠤᠯᠤᠨ ᠬᠡᠷᠡᠭᠯᠡᠳᠡᠭ ᠪᠥᠭᠡᠳ ᠮᠣᠩᠭᠣᠯ ᠬᠣᠭᠣᠯᠠ ᠭᠡᠵᠦ ᠨᠡᠷᠡᠯᠡᠳᠡᠭ᠃ ᠪᠠᠰᠠ ᠠᠩ ᠠᠮᠢᠲᠠᠨ᠂ ᠵᠡᠷᠯᠢᠭ ᠪᠤᠶᠤ ᠲᠠᠷᠢᠮᠠᠯ ᠨᠣᠭᠣᠭ᠎ᠠ᠂ ᠦᠷ᠎ᠡ ᠪᠤᠷᠴᠠᠭ᠂ ᠠᠮᠤ ᠲᠠᠷᠢᠶ᠎ᠠ᠂ ᠵᠢᠮᠢᠰ ᠵᠢᠮᠢᠰᠬᠡᠨ᠎ᠡ᠂ ᠠᠭᠠᠭ ᠠᠮᠲᠠᠲᠠᠨ ᠤ ᠵᠦᠢᠯ ᠢ ᠬᠠᠴᠢᠷ ᠪᠣᠯᠭᠠᠭᠰᠠᠭᠠᠷ ᠢᠷᠡᠵᠡᠢ᠃ ᠮᠣᠩᠭᠣᠯ ᠬᠣᠭᠣᠯᠠᠨ ᠤ ᠵᠦᠢᠯ ᠢ ᠮᠢᠬᠠᠨ ᠬᠣᠭᠣᠯᠠᠴᠠᠭᠠᠨ ᠬᠣᠭᠣᠯᠠ ᠭᠡᠵᠦ 2 ᠠᠩᠭᠢᠯᠠᠵᠤ ᠪᠣᠯᠤᠨ᠎ᠠ᠃ ᠮᠢᠬᠠᠨ ᠬᠣᠭᠣᠯᠠ ᠭᠡᠳᠡᠭ ᠪᠣᠯ ᠳᠠᠪᠤᠰᠤᠰᠣᠩᠭᠢᠨ᠎ᠠᠰᠠᠷᠮᠢᠰᠬᠠᠯᠠᠭᠤᠨ ᠨᠣᠭᠣᠭ᠎ᠠ ᠵᠡᠷᠭᠡ ᠪᠡᠷ ᠠᠮᠲᠠ ᠣᠷᠣᠭᠤᠯᠵᠤ᠂ ᠳᠠᠩ ᠮᠢᠬᠠᠨ ᠤ ᠵᠦᠢᠯ ᠢᠶᠡᠷ ᠬᠢᠭᠰᠡᠨ ᠬᠣᠭᠣᠯᠠ ᠬᠦᠨᠡᠰᠦ  ᠶᠢ ᠬᠡᠯᠡᠨ᠎ᠡ᠃ ᠳᠣᠲᠣᠷ᠎ᠠ ᠪᠠᠨ ᠲᠤᠷᠤᠭ ᠮᠢᠬ᠎ᠠᠳᠣᠲᠣᠷ᠎ᠠ ᠮᠢᠬ᠎ᠠᠲᠣᠯᠣᠭᠠᠢ ᠰᠢᠭᠢᠷ᠎ᠠ ᠶᠢᠨ ᠬᠣᠭᠣᠯᠠ ᠭᠡᠬᠦ ᠮᠡᠲᠦ ᠢᠯᠭᠠᠭ᠎ᠠ ᠲᠠᠢ᠃ ᠲᠤᠷᠤᠭ ᠮᠢᠬ᠎ᠠ ᠭᠡᠳᠡᠭ ᠨᠢ ᠮᠠᠯ ᠤᠨ ᠶᠡᠬᠡ ᠪᠡᠶ᠎ᠡ ᠶᠢᠨ᠂ ᠳᠣᠲᠣᠷ᠎ᠠ ᠮᠢᠬ᠎ᠠ ᠭᠡᠳᠡᠭ ᠨᠢ ᠵᠢᠷᠦᠬᠡᠠᠭᠤᠰᠭᠢᠡᠯᠢᠭᠡᠪᠥᠭᠡᠷ᠎ᠡᠬᠣᠳᠣᠭᠣᠳᠣᠭᠡᠳᠡᠰᠦ ᠵᠡᠷᠭᠡ ᠶᠡᠬᠡ ᠪᠡᠶ᠎ᠡ ᠶᠢᠨ ᠪᠤᠰᠤ ᠮᠢᠬᠠᠨ ᠤ ᠨᠡᠷ᠎ᠡ ᠶᠤᠮ᠃ ᠲᠤᠷᠤᠭ ᠮᠢᠬᠠᠨ ᠬᠣᠭᠣᠯᠠᠨ ᠳᠤ ᠪᠦᠬᠦᠯᠢ ᠮᠢᠬᠠᠨ ᠬᠣᠭᠣᠯᠠ᠂ ᠬᠤᠶᠢᠬ᠎ᠠᠲᠠᠢ ᠡᠪᠴᠢᠭᠦᠦ᠂ ᠥᠪᠴᠢᠭᠦᠨ ᠦ ᠦᠳᠡᠮᠡᠭ᠂ ᠬᠠᠷ᠎ᠠ ᠱᠥᠯᠥᠮᠢᠬᠠᠨ ᠬᠠᠭᠤᠷᠭ᠎ᠠ᠂ ᠲᠣᠰᠤᠨ ᠳᠤ ᠴᠢᠨᠠᠭᠰᠠᠨ ᠮᠢᠬ᠎ᠠ ᠣᠷᠣᠨ᠎ᠠ᠃ ᠳᠣᠲᠣᠷ᠎ᠠ ᠮᠢᠬᠠᠨ ᠬᠣᠭᠣᠯᠠᠨ ᠳᠤ ᠳᠡᠭᠡᠷ᠎ᠡ ᠳᠤᠷᠠᠳᠤᠭᠰᠠᠨ ᠳᠣᠲᠣᠷ ᠮᠢᠬ᠎ᠠ ᠶᠢ ᠲᠡᠷᠡ ᠴᠢᠭ ᠢᠶᠡᠷ ᠨᠢ ᠳᠠᠪᠤᠰᠤ ᠲᠠᠢ ᠤᠰᠤᠨ ᠳᠤ ᠴᠢᠨᠠᠵᠤ ᠪᠣᠯᠭᠠᠭᠰᠠᠨ ᠠᠴᠠ ᠭᠠᠳᠠᠨ᠎ᠠ ᠦᠩᠬᠦᠯᠴᠡᠭᠰᠣᠷᠰᠣᠵᠠᠶᠢᠳᠠᠰᠤᠱᠠᠪᠠᠢᠪᠥᠰᠬᠦᠮᠡᠯ ᠴᠢᠰᠤᠣᠷᠢᠶᠠᠮᠠᠭᠦᠳᠡᠮᠡᠭ᠂ ᠬᠣᠳᠣᠭᠣᠳᠣ᠂ ᠳᠣᠲᠣᠷ᠎ᠠ ᠮᠢᠬᠠᠨ ᠬᠠᠭᠤᠷᠭ᠎ᠠ᠂ ᠬᠢᠮ᠎ᠠᠬᠠᠭᠠᠷᠢᠮᠠᠭ᠂ ᠵᠢᠩᠨᠡᠮᠡᠯ ᠵᠠᠭᠤᠰᠢ᠂ ᠪᠤᠤᠵᠠᠬᠤᠤᠱᠤᠤᠷ ᠣᠷᠣᠨ᠎ᠠ᠃ ᠮᠣᠩᠭᠣᠯᠴᠤᠳ ᠤᠨ ᠪᠠᠰᠠ ᠨᠢᠭᠡ ᠥᠪᠡᠷᠮᠢᠴᠡ ᠬᠣᠭᠣᠯᠠ ᠨᠢ ᠪᠣᠭᠣᠳᠠᠭ ᠭᠡᠳᠡᠭ ᠬᠣᠭᠣᠯᠠ ᠪᠥᠭᠡᠳ ᠲᠡᠭᠦᠨ ᠢ ᠲᠠᠷᠪᠠᠭ᠎ᠠᠬᠣᠨᠢ ᠢᠮᠠᠭ᠎ᠠ  ᠪᠠᠷ ᠬᠢᠳᠡᠭ ᠪᠠ ᠤᠭᠰᠢᠯ ᠨᠢ ᠴᠢᠯᠠᠭᠤᠨ ᠵᠡᠪᠰᠡᠭ ᠦᠨ ᠦᠶ᠎ᠡᠡᠴᠡ ᠡᠬᠢ ᠲᠡᠢ ᠪᠠᠶᠢᠬᠤ ᠮᠠᠭᠠᠳᠯᠠᠯ ᠲᠠᠢ ᠶᠤᠮ᠃ (ᠪᠦᠷᠢᠨ ᠠᠭᠤᠯᠭ᠎ᠠ ᠶᠢ ᠤᠩᠰᠢᠬᠤ)

ᠠᠪᠤᠷᠭᠤ ᠰᠡᠩᠭᠡ
ᠠᠪᠤᠷᠭᠤ ᠰᠡᠩᠭᠡ

ᠰᠡᠨᠭᠬᠡ ᠤᠯᠠᠭᠠᠨ ᠪᠠᠷᠰ (1925 ᠤᠨ ) ᠵᠢᠯ  ᠤᠨ5 ᠰᠠᠷ᠎ᠡ  ᠶᠢᠨ26  ᠤ ᠡᠳᠤᠷ ᠪᠠᠷᠠᠭᠤᠨ ᠦᠵᠦᠮᠦᠴᠢᠨ ᠬᠤᠰᠢᠭᠤᠨ  ᠤ ᠪᠠᠴᠢ ᠰᠤᠮᠤᠨ  ᠤ ᠵᠠᠩᠭᠢ ᠤᠷᠢᠶᠠᠨᠭᠬᠠᠨ ᠤᠪᠤᠬᠳᠤ ᠠᠷᠠᠳ ᠪᠠᠳᠦᠰᠦᠬᠡ ᠵᠢᠨ ᠭᠡᠷ  ᠲᠤ ᠲᠦ᠋ᠷᠦᠪᠡ᠃ (ᠪᠦᠷᠢᠨ ᠠᠭᠤᠯᠭ᠎ᠠ ᠶᠢ ᠤᠩᠰᠢᠬᠤ)

2016  ᠤᠨ ᠤ ᠵᠤᠨ ᠤ ᠣᠯᠢᠮᠫᠢᠺ
2016  ᠤᠨ ᠤ ᠵᠤᠨ ᠤ ᠣᠯᠢᠮᠫᠢᠺ

2016  ᠤᠨ ᠤ ᠵᠤᠨ ᠤ ᠣᠯᠢᠮᠫᠢᠺ (ᠠᠩᠭᠯᠢ ᠪᠠᠷ 2016 Summer Olympicsᠬᠢᠲᠠᠳ ᠢᠶᠠᠷ 2016年夏季奥林匹克运动会) ᠂ ᠠᠯᠪᠠᠨ ᠶᠣᠰᠣᠭᠠᠷ ᠵᠤᠨ ᠤ ᠣᠯᠢᠮᠫᠢᠺ ᠤᠨ ᠭᠤᠴᠢᠨ ᠨᠢᠬᠡᠳᠤᠬᠡᠷ ᠤᠳᠠᠭᠠᠨ  ᠤ  ᠨᠠᠭᠠᠳᠤᠮ ᠨᠢ 2016 ᠤᠨ ᠤ 8 ᠰᠠᠷ᠎ᠠ ᠶᠢᠨ 5 ᠡᠴᠡ 8 ᠰᠠᠷ᠎ᠠ ᠶᠢᠨ 21 ᠳᠤ ᠪᠷᠠᠽᠢᠯ ᠤᠨ ᠷᠢᠤ᠋ ᠳ᠋ᠸ ᠵᠠᠨ᠋ᠸᠶᠢᠷᠤ᠋ ︵Rio de Janeiro︶ ᠬᠣᠳᠠ ᠳᠤ ᠵᠣᠬᠢᠶᠠᠭᠳᠠᠬᠤ ᠵᠤᠨ ᠤ ᠣᠯᠢᠮᠫᠢᠺ ᠶᠤᠮ᠃ ᠲᠤᠰ ᠤᠳᠠᠭᠠᠨ ᠤ ᠣᠯᠢᠮᠫᠢᠺ ᠨᠢ ᠡᠮᠦᠨᠡᠲᠦ ᠠᠮᠧᠷᠢᠺᠠ ᠶᠢᠨ ᠬᠣᠲᠠ ᠳᠦ ᠪᠣᠯᠬᠤ ᠠᠩᠬᠠᠨ ᠤ ᠣᠯᠢᠮᠫᠢᠺ ᠤᠨ ᠨᠠᠭᠠᠳᠤᠮ ᠪᠦᠭᠡᠳ ᠷᠢᠤ᠋ ᠳ᠋ᠸ ᠵᠠᠨ᠋ᠸᠶᠢᠷᠤ᠋ ᠨᠢ ᠣᠯᠢᠮᠫᠢᠺ ᠤᠨ ᠨᠠᠭᠠᠳᠤᠮ ᠢ ᠵᠣᠬᠢᠶᠠᠨ ᠪᠠᠶᠢᠭᠤᠯᠬᠤ ᠠᠩᠬᠠᠨ ᠤ ᠫᠣᠷᠲ᠋ᠦ᠋ᠭᠠᠯ ᠬᠡᠯᠡᠲᠡᠨ ᠤ ᠬᠣᠲᠠ ᠪᠣᠯᠬᠤ ᠶᠤᠮ᠃ ᠮᠥᠨ ᠴᠦ ᠠᠮᠧᠷᠢᠺᠠ ᠶᠢᠨ ᠨᠢᠭᠡᠳᠦᠭᠰᠡᠨ ᠤᠯᠤᠰ ᠶᠢᠨ ᠳᠠᠷᠠᠭ᠎ᠠ ᠬᠣᠶᠠᠳᠠᠬᠢ ᠳᠡᠯᠡᠬᠡᠢ ᠶᠢᠨ ᠴᠣᠮᠣ ᠶᠢᠨ ᠬᠥᠯ ᠪᠥᠮᠪᠥᠭᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ︵世界杯︶ ᠡᠷᠬᠢᠯᠡᠭᠰᠡᠨ ᠤ ᠳᠠᠷᠠᠭ᠎ᠠ ᠣᠯᠢᠮᠫᠢᠺ ᠡᠷᠬᠢᠯᠡᠬᠦ ᠪᠤᠯᠤᠭᠰᠠᠨ ᠤᠯᠤᠰ ᠣᠷᠤᠨ ᠶᠤᠮ᠃ (ᠪᠦᠷᠢᠨ ᠠᠭᠤᠯᠭ᠎ᠠ ᠶᠢ ᠤᠩᠰᠢᠬᠤ)

ᠬᠠᠲᠠᠨᠪᠠᠭᠠᠲᠤᠷ ᠮᠠᠭᠰᠤᠷᠵᠠᠪ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠠᠷᠠᠳ ᠤᠨ ᠬᠠᠲᠠᠨᠪᠠᠭᠠᠲᠤᠷ ᠮᠠᠭᠰᠤᠷᠵᠠᠪ ᠪᠤᠶᠤ ᠰᠠᠨᠳᠤᠭᠳᠣᠷᠵᠢ ᠶᠢᠨ ᠮᠠᠭᠰᠤᠷᠵᠠᠪ (1878- 1927.9.3) ᠨᠢ ᠣᠳᠣ ᠶᠢᠨ ᠮᠤᠩᠭᠤᠯ ᠤᠯᠤᠰ ᠤᠨᠪᠤᠯᠠᠭᠠᠨ ᠠᠶᠢᠮᠠᠭ ᠤᠨ ᠬᠤᠲᠤᠭ-ᠥᠨᠳᠥᠷ ᠰᠤᠮᠤ ᠍ ᠶᠢᠨ ᠨᠤᠲᠤᠭ ᠲᠤ᠂ ᠶᠠᠳᠠᠭᠤ ᠲᠠᠶᠢᠵᠢ ᠰᠠᠨᠳᠤᠭᠳᠣᠷᠵᠢ ᠶᠢᠨ ᠬᠦᠦ ᠪᠣᠯᠤᠨ ᠵᠠᠶᠠᠭᠠᠵᠠᠢ᠃ 11ᠨᠠᠰᠤᠨ ᠡᠴᠡ 25 ᠨᠠᠰᠤ ᠬᠦᠷᠲᠡᠯ᠎ ᠠ ᠪᠠᠨ ᠰᠠᠶᠢᠨ ᠨᠣᠶᠠᠨ ᠠᠶᠢᠮᠠᠭ ᠤᠨ ᠬᠣᠰᠢᠭᠤ ᠨᠣᠶᠠᠨ ᠭᠠᠨᠵᠤᠷᠵᠠᠪ ᠭᠦᠩ ᠳᠤ ᠱᠠᠪᠢ ᠣᠷᠣᠵᠤ᠂ ᠦᠰᠦᠭ ᠪᠢᠴᠢᠭ ᠵᠢᠭᠠᠯᠭᠠᠭᠰᠠᠨ ᠪᠢᠯᠡ᠃ 1905 ᠤᠨ ᠤ 7 ᠰᠠᠷ᠎ᠠ ᠳᠤ ᠢᠵᠠᠭᠤᠷᠲᠠᠨ ᠤ ᠵᠡᠷᠭᠡ ᠵᠠᠯᠭᠠᠨ᠂ ᠮᠠᠭᠰᠤᠷᠵᠠᠪ ᠢ ᠬᠣᠪᠳᠣ ᠳ᠋ᠠᠬᠢ ᠠᠮᠪᠠᠨ ᠶᠠᠮᠤᠨ ᠤ ᠳᠡᠷᠭᠡᠳᠡ ᠬᠤᠭᠤᠴᠠᠭᠠᠯᠠᠨ ᠰᠠᠭᠤᠯᠭᠠᠬᠤ ᠬᠠᠯᠬ᠎ᠠ ᠶᠢᠨ ᠵᠢᠰᠠᠨ ᠳᠤ ᠲᠣᠮᠢᠯᠠᠭᠰᠠᠨ ᠪᠠᠶᠢᠨ᠎ᠠ᠃ 1912 ᠤᠨ ᠤ ᠵᠤᠨ᠂ ᠦᠨᠳᠦᠰᠦᠨ ᠦ ᠡᠷᠬᠡ ᠴᠢᠯᠦᠭᠡᠨ ᠦ ᠬᠥᠳᠡᠯᠭᠡᠭᠡᠨ ᠳᠦ ᠬᠣᠪᠳᠣ ᠶᠢ ᠴᠢᠯᠦᠭᠡᠯᠡᠭᠰᠡᠨ ᠭᠠᠷᠮᠠᠭᠠᠢ ᠭᠠᠪᠢᠶ᠎ᠠ ᠪᠠᠶᠢᠭᠤᠯᠵᠤ᠂ ᠪᠣᠭᠳᠠ ᠬᠠᠭᠠᠨᠲᠤ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠮᠠᠭᠰᠤᠷᠵᠠᠪ ᠤᠨ ᠲᠡᠷᠡᠬᠦ ᠭᠠᠪᠢᠶ᠎ ᠠ ᠶᠢ ᠨᠢ ᠦᠨᠡᠯᠡᠨ᠂ ᠦᠶ᠎ᠡ ᠤᠯᠠᠷᠢᠨ ᠵᠠᠯᠭᠠᠮᠵᠢᠯᠠᠬᠤ ᠬᠠᠲᠠᠨᠪᠠᠭᠠᠲᠤᠷ ᠸᠠᠩ ᠴᠣᠯᠠ ᠪᠠᠷ ᠱᠠᠩᠨᠠᠵᠠᠢ᠃ ᠮᠠᠭᠰᠤᠷᠵᠠᠪ ᠨᠢ ᠮᠣᠩᠭᠣᠯ ᠍ ᠤᠨ ᠴᠡᠷᠢᠭ ᠦᠨ ᠨᠡᠷᠡᠲᠦ ᠵᠠᠩᠵᠤᠨ᠂ ᠲᠤᠰᠠᠭᠠᠷ ᠲᠣᠭᠲᠠᠨᠢᠯ ᠤᠨ ᠲᠥᠯᠥᠭᠡᠨ ᠤ ᠴᠣᠭᠲᠠᠢ ᠲᠡᠮᠡᠴᠡᠭᠴᠢ ᠪᠦᠭᠡᠳ᠂ 1921 ᠤᠨ ᠤ 2 ᠰᠠᠷ᠎ᠠ ᠶᠢᠨ 15 ᠍ ᠠᠴᠠ 1921 ᠤᠨ ᠤ 3 ᠰᠠᠷ᠎ᠠ ᠬᠦᠷᠲᠡᠯ᠎ᠡ ᠪᠤᠭᠤᠨᠢ ᠬᠤᠭᠤᠴᠠᠭᠠᠨ ᠳᠤ ᠠᠵᠢᠯᠯᠠᠭᠰᠠᠨ ᠶᠡᠷᠦᠩᠬᠡᠢ ᠰᠠᠶᠢᠳ ᠪᠠᠶᠢᠵᠠᠢ᠃ (ᠪᠦᠷᠢᠨ ᠠᠭᠤᠯᠭ᠎ᠠ ᠶᠢ ᠤᠩᠰᠢᠬᠤ)

ᠷᠤᠮᠠ ᠬᠠᠭᠠᠨᠲᠤ ᠤᠯᠤᠰ
ᠷᠤᠮᠠ ᠬᠠᠭᠠᠨᠲᠤ ᠤᠯᠤᠰ

ᠷᠤᠮᠠ ᠬᠠᠭᠠᠨᠲᠤ ᠤᠯᠤᠰ ᠪᠤᠶᠤ ᠷᠤᠮᠠ ᠡᠵᠡᠨᠲᠦ ᠭᠦᠷᠦᠨ (ᠠᠩᠭᠯᠢ ᠪᠠᠷ Imperium Romanumᠬᠢᠲᠠᠳ ᠢᠶᠠᠷ 罗马帝国ᠶᠠᠫᠣᠨ ᠶᠢᠡᠷ ローマ帝国) ᠨᠢ ᠢᠲ᠋ᠠᠯᠢ ᠬᠣᠶᠢᠭ ᠲᠦ ᠡᠭᠦᠰᠦᠭᠰᠡᠨ ᠬᠣᠲᠠ ᠤᠯᠤᠰ ᠡᠴᠡ ᠡᠬᠢᠯᠡᠨ ᠬᠦᠭᠵᠢᠵᠦ ᠂ ᠰᠡᠭᠦᠯᠡᠷ ᠨᠢ ᠭᠠᠵᠠᠷ ᠦᠨ ᠳᠤᠮᠳ᠋ᠠᠳ᠋ᠤ ᠲᠠᠩᠬᠢᠰ ᠢ ᠪᠠᠭᠲᠠᠭᠠᠭᠰᠠᠨ ᠡᠷᠲᠡᠨ ᠤ ᠲᠣᠮᠤ ᠬᠠᠭᠠᠨᠲᠤ ᠤᠯᠤᠰ ᠪᠣᠯᠤᠨ ᠦᠷᠭᠡᠵᠢᠭᠰᠡᠨ ᠪᠠᠶᠢᠨ᠎ᠠ ᠃ ᠦᠷᠭᠡᠨ ᠬᠡᠪᠴᠢᠶᠡᠨ ᠤ ᠤᠳᠬ᠎ᠠ ᠡᠴᠡ ᠠᠪᠴᠤ ᠬᠡᠯᠡᠪᠡᠯ ᠡᠷᠲᠡᠨ ᠤ ᠷᠤᠮᠠ ᠢᠢᠨ ᠪᠦᠭᠦᠳ᠋ᠡ ᠨᠠᠶᠢᠷᠠᠮᠳ᠋ᠠᠬᠤ ᠪᠠᠶᠢᠭᠤᠯᠤᠯ ᠦᠨ ᠦᠶ᠎ᠠ ᠡᠴᠡ 1453 ᠤᠨ ᠳ᠋ᠥ ᠬᠠᠭᠠᠨᠲᠤ ᠤᠯᠤᠰ ᠮᠦᠬᠦᠭᠰᠡᠨ ᠬᠦᠷᠲᠡᠯᠡᠬᠢ ᠬᠤᠭᠤᠴᠠᠭ᠎ᠠ ᠢᠢ ᠵᠢᠭᠠᠨ᠎ᠠ ᠃ ᠬᠠᠮᠤᠭ ᠦᠨ ᠬᠦᠭᠵᠢᠨ ᠮᠠᠨᠳ᠋ᠤᠭᠰᠠᠨ 117 ᠤᠨ ᠤ ᠦᠶᠡᠰ ᠭᠠᠵᠠᠷ ᠦᠨ ᠳᠤᠮᠳ᠋ᠠᠳ᠋ᠤ ᠲᠠᠩᠬᠢᠰ ᠦᠨ ᠡᠷᠭᠢᠨ ᠲᠣᠭᠤᠷᠢᠨ ᠪᠦᠬᠦᠶᠢᠯᠡ ᠂ ᠪᠠᠷᠢᠲ᠋ᠠᠨ ᠂ ᠳ᠋ᠠᠺᠢᠶᠠ ( Dacia ) ᠂ ᠬᠣᠶᠠᠷ ᠮᠦᠷᠡᠨ ᠤ ᠰᠠᠪᠠ ᠭᠠᠵᠠᠷ ( Mesopotamia ) ᠬᠦᠷᠲᠡᠯᠡᠬᠢ ᠦᠷᠭᠡᠨ ᠠᠭᠤᠳ᠋ᠠᠮ ᠭᠠᠵᠠᠷ ᠨᠤᠲᠤᠭ  ᠢ ᠡᠵᠡᠯᠡᠵᠦ ᠪᠠᠶᠢᠵᠠᠢ ᠃ ᠷᠤᠮᠠ ᠬᠠᠭᠠᠨᠲᠤ ᠤᠯᠤᠰ ᠭᠡᠳ᠋ᠡᠭ ᠨᠢ ᠯᠠᠲ᠋ᠢᠨ ᠬᠡᠯᠡ 《 Imperium Romanum 》  ᠵᠢᠨ ᠤᠷᠴᠢᠭᠤᠯᠭ᠎ᠠ ᠂ imperium ᠭᠡᠳ᠋ᠡᠭ ᠦᠭᠡ ᠢᠢᠨ ᠤᠤᠯ ᠤᠳᠬ᠎ᠠ ᠨᠢ ‍〔‍ ᠨᠣᠶᠠᠷᠬᠠᠬᠤ ᠡᠷᠭᠡ ‍〕‍ ᠂ ᠳᠠᠷᠤᠢ ᠨᠣᠶᠠᠷᠬᠠᠬᠤ ᠡᠷᠬᠡ ᠢᠢᠨ ᠶᠠᠪᠤᠭᠳ᠋ᠠᠬᠤ ᠬᠦᠷᠢᠶ᠎ᠠ ᠬᠡᠪᠴᠢᠶ᠎ᠠ ᠢᠢ ᠵᠢᠭᠠᠨ᠎ᠠ ᠃ imperium ᠭᠡᠳ᠋ᠡᠭ ᠨᠢ ᠮᠦᠨ ᠴᠦ ‍〔‍ ᠤᠯᠠᠨ ᠦᠨᠳ᠋ᠦᠰᠦᠲᠡᠨ ᠂ ᠤᠯᠠᠨ ᠠᠷᠠᠰᠤᠲᠠᠨ ᠂ ᠤᠯᠠᠨ ᠱᠠᠰᠢᠨᠲᠠᠨ  ᠢ ᠪᠠᠭᠲᠠᠭᠠᠭᠰᠠᠨ ᠦᠷᠭᠡᠨ ᠬᠦᠷᠢᠶ᠎ᠠ ᠬᠡᠪᠴᠢᠶ᠎ᠠ ᠢᠢ ᠨᠣᠶᠠᠷᠬᠠᠬᠣ ᠤᠯᠤᠰ ‍〕‍  ᠢ ᠵᠢᠭᠠᠵᠤ ᠪᠦᠭᠦᠳ᠋ᠡ ᠨᠠᠶᠢᠷᠠᠮᠳ᠋ᠠᠬᠤ ᠴᠠᠭ ᠦᠶ᠎ᠠ ᠢᠢᠨ ᠡᠷᠲᠡᠨ ᠤ ᠷᠤᠮᠠ ᠢᠢ ᠵᠢᠭᠠᠳ᠋ᠠᠭ ᠨᠡᠷᠡᠶᠢᠳ᠋ᠦᠯ ᠃ ᠳᠤᠮᠳ᠋ᠠᠳ᠋ᠤ ᠵᠠᠭᠤᠨ ᠤ ᠦᠶ᠎ᠠ ᠢᠢᠨ ᠵᠡᠭᠦᠨ ᠷᠤᠮᠠ ᠬᠠᠭᠠᠨᠲᠤ ᠤᠯᠤᠰ ( ᠪᠢᠽᠠᠨᠲ᠋ᠢᠨ ᠬᠠᠭᠠᠨᠲᠤ ᠤᠯᠤᠰ ) ᠂ ᠭᠧᠷᠮᠡᠨ ᠦ ᠳᠠᠷᠬᠠᠨ ᠷᠤᠮᠠ ᠬᠠᠭᠠᠨᠲᠤ ᠤᠯᠤᠰ ᠲᠠᠢ ᠢᠯᠭᠠᠬᠤ ᠢᠢᠨ ᠲᠦᠯᠦᠭᠡ ᠪᠠᠷᠠᠭᠤᠨ ᠷᠤᠮᠠ ᠬᠠᠭᠠᠨᠲᠤ ᠤᠯᠤᠰ ᠮᠦᠬᠦᠬᠦ ᠬᠦᠷᠲᠡᠯᠡᠬᠢ ᠬᠤᠭᠤᠴᠠᠭ᠎ᠠ ᠢᠢ ᠡᠷᠲᠡᠨ ᠤ ᠷᠤᠮᠠ ᠬᠠᠭᠠᠨᠲᠤ ᠤᠯᠤᠰ ᠭᠡᠳ᠋ᠡᠭ ᠃ (ᠪᠦᠷᠢᠨ ᠠᠭᠤᠯᠭ᠎ᠠ ᠶᠢ ᠤᠩᠰᠢᠬᠤ)

ᠭᠠᠪᠠᠯᠠ - 3  ᠶᠢᠨ ᠲᠠᠩ
ᠭᠠᠪᠠᠯᠠ - 3  ᠲᠠᠩ

ᠭᠠᠪᠠᠯᠠ - 3 ᠲᠠᠩ(清热止痛三味汤散) - ᠲᠤᠰ ᠨᠠᠢᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠢᠷᠠᠯᠭ᠎ᠠ ᠪᠣᠯᠤᠨ᠎ᠠ ᠃ ᠬᠠᠯᠠᠭᠤᠨ  ᠢ ᠠᠷᠢᠯᠭᠠᠵᠤ ᠂ ᠡᠪᠡᠳᠬᠦ ᠵᠢ ᠵᠣᠭᠰᠤᠭᠠᠨ᠎ᠠ ᠃ ᠡᠭᠦᠨ ᠳᠦ ᠬᠠᠯᠠᠭᠤᠨ  ᠢ ᠠᠷᠢᠯᠭᠠᠬᠤ ᠂ ᠲᠠᠷᠢᠬᠢᠨ ᠬᠠᠳᠬᠤᠯᠠᠭ᠎ᠠ  ᠶᠢ ᠳᠠᠷᠤᠬᠤ ᠬᠠᠭᠤᠴᠢᠷᠠᠭᠰᠠᠨ ᠭᠠᠪᠠᠯᠠ ᠪᠡᠷ ᠭᠤᠤᠯᠯᠠᠭᠴᠢ ᠡᠮ ᠪᠤᠯᠭᠠᠵᠤ᠂ ᠠᠮᠲᠠᠯᠢᠭ᠂ ᠡᠭᠡᠬᠦᠨ ᠠᠮᠲᠠ ᠲᠠᠢ᠂ ᠲᠠᠷᠢᠬᠢᠨ ᠬᠠᠳᠬᠤᠯᠠᠭ᠎ᠠ  ᠶᠢ ᠲᠠᠷᠤᠬᠤ ᠯᠤᠤ ᠶᠠᠰᠤ ᠪᠡᠷ ᠬᠠᠪᠰᠤᠷᠤᠭᠴᠢ ᠡᠮ ᠪᠤᠯᠭᠠᠵᠤ᠂ ᠢᠯᠠᠨᠭᠭᠤᠶ᠎ᠠ ᠴᠢᠰᠤ ᠰᠢᠷ᠎ᠠ  ᠶᠢᠨ ᠬᠠᠯᠠᠭᠤᠨ  ᠢᠶᠠᠷ ᠲᠤᠯᠤᠭᠠᠢ ᠡᠪᠡᠳᠬᠦ᠂ ᠰᠢᠨᠠ᠂ ᠨᠢᠳᠦᠨ ᠤᠬᠤᠷᠬᠠᠢ ᠴᠢᠨᠤᠷᠬᠤ᠂ ᠠᠮᠠ ᠭᠠᠰᠢᠭᠤᠷᠠᠬᠤ᠂ ᠲᠠᠷᠢᠬᠢᠨ ᠬᠠᠳᠬᠤᠯᠠᠭ᠎ᠠ᠂ ᠬᠠᠷ᠎ᠠ ᠴᠠᠭᠠᠨ ᠶᠠᠮ᠎ᠠ  ᠳᠤ ᠲᠤᠰᠠᠲᠠᠢ᠃ (ᠪᠦᠷᠢᠨ ᠠᠭᠤᠯᠭ᠎ᠠ ᠶᠢ ᠤᠩᠰᠢᠬᠤ)

ᠬᠢᠲᠠᠨ ᠤᠯᠤᠰ
ᠬᠢᠲᠠᠨ ᠤᠯᠤᠰ

ᠬᠢᠳᠠᠨ ᠦᠨᠳᠦᠰᠦᠲᠡᠨ ᠨᠢ ᠠᠩᠬ᠎ᠠ ᠯᠤᠤᠬ᠎ᠠᠶᠢᠨ ᠭᠣᠣᠯ ᠤᠨ ᠪᠠᠷᠠᠭᠤᠨ ᠲᠠᠯ᠎ᠠ ᠪᠠᠷ᠂ ᠰᠢᠷ᠎ᠠ ᠮᠥᠷᠡᠨ ᠦ ᠤᠮᠠᠷᠠᠳᠤ ᠰᠠᠪᠠ ᠪᠠᠷ ᠨᠤᠲᠤᠭᠯᠠᠵᠤ ᠪᠠᠶᠢᠭᠰᠠᠨ ᠪᠣᠯᠤᠯᠲᠠᠢ ᠪᠥᠭᠡᠳ ᠶᠠᠪᠤᠭᠠᠨ ᠳᠠᠭᠠᠨ ᠰᠢᠷ᠎ᠠ ᠲᠡᠩᠭᠢᠰ ᠦᠨ ᠡᠷᠭᠢ ᠬᠦᠷᠲᠡᠯᠡᠬᠢ ᠨᠤᠲᠤᠭ ᠲᠤ ᠲᠠᠷᠬᠠᠨ ᠰᠠᠭᠤᠵᠠᠢ᠃ ᠲᠡᠳᠡ ᠰᠢᠶᠠᠨᠪᠢ ᠨᠠᠷ ᠲᠠᠢ ᠠᠳᠠᠯᠢ ᠳ᠋ᠦᠩᠬᠤ ᠨᠠᠷ ᠤᠨ ᠤᠳᠤᠮ ᠪᠠᠶᠢᠭᠰᠠᠨ ᠪᠠ ᠲᠡᠳᠡᠨ ᠦ ᠶᠡᠬᠡᠩᠬᠢ ᠨᠢ ᠥᠨᠥ ᠶᠢᠨ ᠮᠣᠩᠭᠣᠯ ᠨᠤᠲᠤᠭ ᠲᠤ ᠲᠥᠪᠯᠡᠷᠡᠨ ᠰᠠᠭᠤᠷᠰᠢᠵᠤ ᠪᠠᠶᠢᠭ᠎ᠠ ᠦᠭᠡᠢ ᠴᠤ 923 ᠤᠨ ᠠᠴᠠ ᠠᠯᠲᠠᠢ ᠠᠴᠠ ᠵᠡᠭᠦᠨ ᠲᠡᠰᠢ ᠬᠡᠷᠡᠯᠦᠨ ᠭᠣᠣᠯ ᠍ ᠤᠨ ᠬᠣᠶᠢᠲᠤ ᠪᠡᠶ᠎ᠡ ᠬᠦᠷᠲᠡᠯ᠎ᠡ ᠨᠤᠲᠤᠭ ᠢᠶᠠᠨ ᠲᠡᠯᠡᠵᠦ᠂ ᠰᠤᠶᠤᠯ ᠲᠡᠦᠬᠡ ᠶᠢᠨ ᠣᠯᠠᠨ ᠵᠦᠢᠯ ᠳᠤᠷᠠᠰᠬᠠᠯ ᠶᠢᠡᠨ ᠮᠣᠩᠭᠣᠯ ᠨᠤᠲᠤᠭ ᠲᠤ ᠦᠯᠡᠳᠡᠭᠡᠪᠡ᠃ ᠬᠢᠲᠠᠨ ᠨᠠᠷ ᠪᠤᠶᠤ ᠬᠢᠳᠠᠨ ᠦᠨᠳᠦᠰᠦᠲᠡᠨ ᠨᠢ ᠤᠭ ᠤᠳᠤᠮ ᠤᠨ ᠬᠤᠪᠢ ᠳᠤ ᠳᠤᠩᠬᠤ ᠠᠶᠢᠮᠠᠭ ᠤᠨ ᠰᠢᠶᠠᠨᠪᠢ ᠨᠠᠷ ᠠᠴᠠ ᠭᠠᠷᠤᠯᠲᠠᠢ ᠤᠴᠢᠷ ᠤᠳᠤᠮ ᠭᠠᠷᠤᠯ ᠤᠨ ᠬᠤᠪᠢ ᠳᠤ ᠡᠪᠦᠭᠡ ᠳᠡᠭᠡᠳᠦᠰ ᠨᠢ ᠮᠣᠩᠭᠣᠯᠴᠤᠳ ᠭᠡᠵᠦ ᠦᠵᠡᠳᠡᠭ᠃ ᠬᠡᠯᠡ ᠰᠤᠳᠤᠯᠤᠯ ᠤᠨ ᠲᠠᠯ᠎ᠠ ᠪᠠᠷ ᠬᠢᠭᠰᠡᠨ ᠰᠤᠳᠤᠯᠭ᠎ᠠ ᠪᠠᠷ ᠴᠤ ᠮᠣᠩᠭᠣᠯ ᠬᠡᠯᠡᠲᠡᠨ ᠪᠠᠶᠢᠭᠰᠠᠨ ᠨᠢ ᠨᠣᠲᠠᠯᠠᠭᠳᠠᠭᠰᠠᠨ ᠪᠢᠯᠡ᠃ ᠬᠢᠲᠠᠨ ᠨᠠᠷ ᠤᠨ 100 ᠦᠭᠡ ᠡᠴᠡ 70 ᠬᠤᠪᠢ ᠨᠢ ᠮᠣᠩᠭᠣᠯ ᠦᠭᠡ ᠪᠠᠶᠢᠳᠠᠭ᠃ ᠵᠢᠱᠢᠶ᠎ᠡ ᠨᠢ: ᠪᠤᠶᠢᠯ-ᠪᠣᠭᠣᠯ᠂ ᠰᠢᠪᠠ-ᠰᠢᠪᠠᠭᠤ᠂ ᠢᠺᠧ-ᠶᠡᠬᠡ᠂ ᠨᠤᠬᠢ-ᠨᠣᠬᠠᠢ᠂ ᠲᠣᠯᠢ-ᠲᠠᠤᠯᠠᠢ ᠭᠡᠬᠦ ᠮᠡᠲᠦ᠃ ᠲᠠᠩ ᠤᠯᠤᠰ ᠤᠨ ᠰᠤᠳᠤᠷ ᠲᠤ ᠬᠢᠲᠠᠨ ᠨᠠᠷ ᠤᠨ ᠠᠵᠤ ᠠᠬᠤᠢ᠂ ᠦᠭᠡ ᠬᠡᠯᠡ ᠵᠠᠩ ᠵᠠᠩᠰᠢᠯ ᠨᠢ ᠮᠣᠩᠭᠣᠯ ᠤᠨ ᠰᠢᠪᠡᠢ ᠨᠠᠷ ᠲᠠᠢ ᠠᠳᠠᠯᠢ ᠭᠡᠰᠡᠨ ᠪᠠᠶᠢᠳᠠᠭ᠃ ᠠᠨᠲᠷᠣᠫᠣᠯᠣᠭᠢ ᠍ ᠶᠢᠨ ᠰᠤᠳᠤᠯᠭ᠎ᠠ ᠪᠠᠷ ᠮᠣᠩᠭᠣᠯ ᠲᠥᠷᠬᠥᠲᠡᠨ ᠪᠣᠯᠬᠤ ᠶᠢ ᠨᠢ ᠰᠤᠳᠤᠯᠵᠠᠢ᠃ (ᠪᠦᠷᠢᠨ ᠠᠭᠤᠯᠭ᠎ᠠ ᠶᠢ ᠤᠩᠰᠢᠬᠤ)

Pokémon GO
Pokémon GO

Pokémon Go (ᠬᠢᠲᠠᠳ ᠢᠶᠠᠷ 精灵宝可梦GOᠮᠣᠩᠭᠣᠯ ᠢᠶᠠᠷ ᠫᠣᠺᠧᠮᠣᠨᠳᠬᠤ) ᠲᠣᠭᠯᠠᠭᠠᠮ ᠨᠢ 1997 ᠤᠨ ᠳᠤ ᠡᠭᠦᠰᠦᠭᠰᠡᠨ ᠶᠠᠫᠣᠨ ᠤ ᠠᠨᠢᠮᠸ (日本动画)《Pokemon》ᠴᠤᠪᠤᠷᠠᠯ ᠳᠡᠭᠡᠷ᠎ᠡ ᠰᠠᠭᠤᠷᠢᠯᠠᠭᠰᠠᠨ Niantic Inc ᠍ ᠦᠨ ᠬᠥᠭᠵᠢᠭᠦᠯᠦᠭᠰᠡᠨ ᠲᠣᠭᠯᠠᠭᠠᠮ ᠪᠥᠭᠡᠳ Android᠂ iOS ᠦᠢᠯᠡᠳᠦᠯ ᠦᠨ ᠰᠢᠰᠲ᠋ᠧᠮ ᠲᠡᠢ ᠤᠲᠠᠰᠤᠨ ᠨᠤᠭᠤᠳ ᠳᠡᠭᠡᠷ᠎ᠡ ᠲᠣᠭᠯᠠᠬᠤ ᠪᠣᠯᠤᠮᠵᠢ ᠲᠠᠢ ᠶᠤᠮ᠃ ᠠᠨᠢᠮᠸ ᠳᠡᠭᠡᠷ᠎ᠡ ᠪᠡᠨ ᠫᠣᠺᠧᠮᠣᠨ ᠨᠤᠭᠤᠳ ᠢ ᠪᠦᠮᠪᠦᠭᠡᠨ ᠳᠡᠭᠡᠨ ᠣᠷᠣᠭᠤᠯᠵᠤ ᠥᠪᠡᠷ ᠦᠨ ᠪᠡᠨ ᠪᠣᠯᠭᠠᠵᠤ ᠬᠣᠭᠣᠷᠣᠨᠳᠣ ᠪᠠᠨ ᠲᠤᠯᠤᠯᠳᠤᠬᠤ ᠲᠠᠯ᠎ᠠ ᠪᠠᠷ ᠭᠠᠷᠳᠠᠭ ᠪᠣᠯ ᠡᠨᠡ ᠲᠣᠭᠯᠠᠭᠠᠮ ᠴᠤ ᠭᠡᠰᠡᠨ ᠲᠡᠭᠦᠨ ᠲᠡᠢ ᠶᠠᠭ ᠠᠳᠠᠯᠢ᠃ ᠲᠤᠰ ᠠᠫᠫ (App)  ᠢ ᠤᠬᠠᠭᠠᠯᠢᠭ ᠤᠲᠠᠰᠤ ᠳᠡᠭᠡᠷ᠎ᠡ ᠪᠡᠨ ᠰᠠᠭᠤᠯᠭᠠᠵᠤ᠂ ᠠᠵᠢᠯᠯᠠᠭᠤᠯᠤᠭᠰᠠᠨ ᠤ ᠳᠠᠷᠠᠭ᠎ᠠ ᠪᠤᠰᠤᠳ ᠡᠴᠡ ᠫᠣᠺᠧᠮᠣᠨ (ᠶᠠᠩᠵᠤ ᠪᠦᠷᠢ ᠶᠢᠨ ᠠᠮᠢᠲᠠᠳ᠂ ᠲᠤᠯᠤᠯᠳᠤᠭᠠᠨᠴᠢᠳ) ᠍ ᠢ ᠤᠯᠬᠤ ᠪᠥᠭᠡᠳ ᠲᠡᠳᠡᠨ ᠤᠷᠤᠭᠤ ᠪᠥᠮᠪᠥᠭᠡ ᠪᠡᠨ ᠰᠢᠳᠡᠨ ᠥᠪᠡᠷ ᠦᠨ ᠪᠣᠯᠭᠠᠬᠤ ᠪᠣᠯᠤᠮᠵᠢ ᠲᠠᠢ ᠶᠤᠮ᠃ ᠡᠨᠡ ᠮᠡᠲᠦ ᠪᠡᠷ ᠮᠠᠰᠢ ᠣᠯᠠᠨ ᠫᠣᠺᠧᠮᠣᠨ ᠨᠤᠭᠤᠳ ᠢ ᠥᠪᠡᠷ ᠦᠨ ᠪᠠᠨ ᠪᠣᠯᠭᠠᠵᠤ᠂ ᠯᠡᠪᠡᠯ ᠠᠬᠢᠵᠤ᠂ ᠬᠦᠴᠦ ᠶᠢ ᠨᠢ ᠰᠠᠶᠢᠵᠢᠷᠠᠭᠤᠯᠵᠤ ᠪᠤᠰᠤᠳ ᠲᠣᠭᠯᠠᠭᠴᠢᠳ ᠲᠠᠢ ᠲᠤᠯᠤᠯᠳᠤᠬᠤ ᠪᠣᠯᠤᠮᠵᠢ ᠲᠠᠢ ᠃ Pokemon Go ᠍ ᠦᠨ ᠭᠣᠣᠯ ᠣᠨᠴᠠᠯᠠᠬᠤ ᠵᠦᠢᠯ ᠨᠢ ᠲᠣᠭᠯᠠᠭᠠᠮ ᠢ ᠨᠢᠭᠡ ᠭᠠᠵᠠᠷ ᠢᠶᠠᠨ ᠰᠠᠭᠤᠭᠠᠳ ᠲᠣᠭᠯᠠᠬᠤ ᠪᠢᠰᠢ᠂ ᠭᠠᠳᠠᠭᠤᠷ ᠠᠶᠠᠯᠠᠵᠤ᠂ ᠠᠯᠬᠤᠵᠤ ᠪᠠᠶᠢᠵᠤ ᠲᠣᠭᠯᠠᠬᠤ ᠪᠣᠯᠤᠮᠵᠢ ᠶᠢ ᠨᠡᠭᠡᠭᠡᠵᠦ ᠥᠭᠴᠦ ᠪᠠᠶᠢᠭ᠎ᠠ ᠳᠤ ᠶᠤᠮ᠃ ᠭᠠᠳᠠᠭᠤᠷ ᠶᠠᠪᠤᠬᠤ ᠳᠤ ᠪᠠᠨ ᠵᠥᠪᠬᠡᠨ ᠫᠣᠺᠧᠮᠣᠨ ᠬᠠᠶᠢᠭᠠᠳ ᠶᠠᠪᠤᠬᠤ ᠠᠴᠠ ᠭᠠᠳᠠᠨ᠎ᠠ ᠫᠣᠺᠧ ᠵᠣᠭᠰᠣᠭᠠᠯ (Pokestop) ᠍ ᠤᠳ ᠳᠡᠭᠡᠷ᠎ᠡ ᠣᠴᠢᠵᠤ ᠦᠨ᠎ᠡ ᠦᠭᠡᠢ Item ᠠᠪᠬᠤ ᠮᠥᠨ ᠥᠨᠳᠡᠭᠡ ᠣᠯᠤᠭᠰᠠᠨ ᠪᠣᠯ ᠲᠡᠷᠡᠬᠦ ᠥᠨᠳᠡᠭᠡ ᠪᠡᠨ ᠵᠠᠳᠠᠯᠵᠤ ᠫᠣᠺᠧᠮᠣᠨ ᠪᠣᠯᠭᠠᠬᠤ ᠶᠢᠨ ᠲᠤᠯᠠᠳᠠ 2-10 ᠺᠢᠯᠣᠮᠧᠲ᠋ᠷ ᠠᠯᠬᠤᠵᠤ ᠪᠠᠶᠢᠵᠤ ᠵᠠᠳᠠᠯᠬᠤ ᠭᠡᠬᠦ ᠮᠡᠲᠦ ᠰᠣᠨᠢᠷᠬᠠᠯᠲᠠᠢ ᠵᠦᠢᠯ ᠦᠳ ᠲᠡᠢ᠃ ᠲᠧᠭᠨᠢᠭ ᠦᠨ ᠵᠠᠭᠤᠨ ᠡᠬᠢᠯᠡᠵᠦ ᠪᠦᠬᠦ ᠵᠦᠢᠯ ᠬᠥᠭᠵᠢᠵᠦ ᠪᠠᠶᠢᠭ᠎ᠠ ᠨᠢ ᠰᠠᠶᠢᠬᠠᠨ ᠪᠣᠯᠪᠠᠴᠤ ᠬᠦᠮᠦᠰ ᠦᠨ ᠬᠥᠳᠡᠯᠭᠡᠭᠡᠨ ᠦ ᠦᠢᠯᠡ ᠶᠠᠪᠤᠴᠠ ᠤᠯᠠᠮ ᠪᠦᠷ ᠪᠠᠭ᠎ᠠ ᠪᠣᠯᠤᠭᠰᠠᠭᠠᠷ ᠪᠠᠶᠢᠭ᠎ᠠ ᠰᠥᠷᠭᠦ ᠲᠠᠯ᠎ᠠ ᠨᠤᠭᠤᠳ ᠣᠯᠠᠨ ᠭᠠᠷᠴᠤ ᠡᠬᠢᠯᠡᠵᠦ ᠪᠠᠶᠢᠭᠰᠠᠨ᠃ ᠭᠡᠬᠦ ᠳᠦ ᠪᠡᠨ ᠡᠨᠡᠬᠦ ᠰᠤᠯᠠ ᠲᠠᠯ᠎ᠠ ᠪᠠᠨ ᠳᠠᠪᠠᠭᠤ ᠲᠠᠯ᠎ᠠ ᠪᠣᠯᠭᠠᠨ᠂ ᠰᠢᠨ᠎ᠡ ᠶᠢ ᠰᠡᠳᠡᠭᠰᠡᠨ ᠲᠤᠰ ᠲᠣᠭᠯᠠᠭᠠᠮ ᠨᠢ ᠳᠡᠯᠡᠬᠡᠢ ᠨᠡᠶᠢᠲᠡ ᠶᠢᠨ ᠬᠠᠮᠤᠭ ᠤᠨ ᠰᠣᠨᠢᠷᠬᠠᠯ ᠲᠠᠲᠠᠭᠰᠠᠨ ᠰᠢᠯᠢᠳᠡᠭ ᠠᠫᠫ ᠪᠣᠯᠤᠭᠠᠳ ᠪᠠᠶᠢᠭ᠎ᠠ ᠶᠤᠮ᠃  (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ