ᠣᠨᠴᠠᠯᠠᠬᠤ ᠥᠭᠦᠯᠡᠯ/2016 7 ᠍ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠷᠢᠶᠠᠲᠦ ᠲᠣᠮᠳᠠᠳᠦ ᠰᠣᠷᠭᠠᠭᠤᠯᠢ ᠶᠢᠨ ᠮᠣᠩᠭᠣᠯ ᠢᠶᠠᠷ ᠬᠢᠴᠢᠶᠡᠯᠯᠡᠬᠦ ᠬᠡᠯᠲᠡᠰ
ᠪᠠᠨᠭᠰᠢ ᠨᠠᠷ ᠠᠨᠭᠬ ᠠ ᠲᠤᠮᠳᠠ.jpg

ᠬᠠᠷᠢᠶᠠᠲᠦ ᠲᠣᠮᠳᠠᠳᠦ ᠰᠣᠷᠭᠠᠭᠤᠯᠢ ᠶᠢᠨ ᠮᠣᠩᠭᠣᠯ ᠢᠶᠠᠷ ᠬᠢᠴᠢᠶᠡᠯᠯᠡᠬᠦ ᠬᠡᠯᠲᠡᠰ - ᠲᠣᠰ ᠰᠤᠷᠭᠠᠭᠤᠯᠢ ᠶᠢᠨ ᠮᠤᠩᠭᠤᠯ ᠢᠶᠡᠷ ᠬᠢᠴᠢᠶᠡᠯᠯᠡᠬᠦ ᠬᠡᠯᠳᠡᠰ ᠲᠤ ᠨᠡᠶᠢᠳᠡ 65 ᠪᠠᠭᠰᠢ ᠠᠵᠢᠯᠳᠠᠨ ᠳᠠᠢ᠂ ᠬᠢᠴᠢᠶᠡᠯᠯᠡᠵᠤ ᠪᠠᠶᠢᠭ᠎ᠠ ᠪᠠᠭᠰᠢ 65 ᠬᠦᠮᠦᠨ ᠪᠤᠢ᠃ ᠡᠬᠦᠨ  ᠤ ᠳᠤᠳᠤᠷ᠎ᠠ ᠠᠰᠫᠢᠷᠠᠨᠲ ᠤᠨ ᠰᠤᠷᠤᠯᠭ᠎ᠠ ᠶᠢᠨ ᠴᠤᠯᠠ ᠳᠠᠢ ᠪᠠᠭᠰᠢ 29 ᠂ ᠤᠨᠴᠠ ᠳᠡᠰ  ᠤᠨ ᠪᠠᠭᠰᠢ 3 ᠂ ᠨᠡᠷᠡᠳᠦ ᠪᠠᠭᠰᠢ 3 ᠂ ᠪᠦᠬᠦ ᠤᠷᠤᠨ ᠤ ᠬᠢᠴᠢᠶᠡᠯ ᠳᠦ᠋ᠷᠦᠯ ᠤᠨ ᠳᠠᠭᠠᠭᠤᠯᠤᠭᠴᠢ ᠪᠠᠭᠰᠢ 3 ᠂ ᠠᠰᠫᠢᠷᠠᠨᠲ ᠤᠨ ᠵᠢᠯᠤᠭᠤᠳᠤᠭᠴᠢ ᠪᠠᠭᠰᠢ 10 ᠪᠤᠢ ᠃ (ᠪᠦᠷᠢᠨ ᠠᠭᠤᠯᠭ᠎ᠠ ᠶᠢ ᠤᠩᠰᠢᠬᠤ)

ᠰᠠᠴᠤᠷᠠᠭ ᠢᠳᠡᠪᠬᠢᠲᠦ ᠵᠠᠳᠠᠷᠠᠯ
ᠰᠠᠴᠤᠷᠠᠭ ᠢᠳᠡᠪᠬᠢᠲᠦ ᠵᠠᠳᠠᠷᠠᠯ

ᠰᠠᠴᠤᠷᠠᠭ ᠢᠳᠡᠪᠬᠢᠲᠦ ᠵᠠᠳᠠᠷᠠᠯ (ᠯᠠᠲ᠋ᠢᠨ ᠶᠢᠡᠷ radius - ᠰᠠᠴᠤᠷᠠᠭ᠂ ᠲᠤᠶᠠᠭ᠎ᠠ ᠪᠠ ᠯᠠᠲ᠋ᠢᠨ ᠶᠢᠡᠷ āctīvus - ᠢᠳᠡᠪᠬᠢᠲᠡᠢ᠂ ᠦᠢᠯᠡᠴᠢᠯᠡᠭᠡ ᠲᠡᠢ) — ᠲᠣᠭᠲᠠᠪᠤᠷᠢ ᠦᠭᠡᠢ ᠠᠲ᠋ᠣᠮ ᠳᠠᠬᠢ ᠴᠥᠮ᠎ᠡ ᠦᠳ ᠦᠨ᠂ ᠭᠠᠳᠠᠨ᠎ᠠ ᠶᠢᠨ ᠨᠥᠯᠦᠭᠡ ᠦᠭᠡᠢ ᠪᠡᠷ᠂ ᠪᠦᠲᠦᠴᠡ ᠪᠠ ᠳᠣᠲᠣᠭᠠᠳᠤ ᠵᠣᠬᠢᠶᠠᠨ ᠪᠠᠶᠢᠭᠤᠯᠤᠯᠲᠠ ᠶᠢᠨ᠂ ᠡᠭᠡᠯ ᠪᠥᠭᠡᠮ ᠦᠳ ᠢ (ᠭᠠᠮᠠ ᠺᠸᠠᠨᠲᠺᠯᠠᠰᠲ᠋ᠸᠷ ᠬᠡᠬᠦ ᠮᠡᠳᠦ) ᠢᠯᠭᠠᠷᠠᠭᠤᠯᠤᠨ ᠬᠤᠪᠢᠷᠠᠬᠤ ᠥᠭᠡᠷᠡᠴᠢᠯᠡᠯᠲᠡ᠃ ᠴᠥᠮ᠎ᠡ ᠶᠢᠨ ᠡᠨᠡ ᠥᠭᠡᠷᠡᠴᠢᠯᠡᠯᠲᠡ ᠶᠢ ᠴᠥᠮ᠎ᠡ ᠶᠢᠨ ᠴᠡᠨᠡᠭ ᠦᠨ ᠲᠣᠭ᠎ᠠ <math>Z</math> ᠪᠠ ᠵᠢᠩ ᠦᠨ ᠲᠣᠭ᠎ᠠ <math>A</math> ᠬᠣᠶᠠᠷ ᠤᠨ ᠥᠭᠡᠷᠡᠴᠢᠯᠡᠯᠲᠡ ᠭᠡᠵᠦ ᠬᠡᠯᠡᠵᠦ ᠪᠣᠯᠤᠨ᠎ᠠ᠃ ᠰᠠᠴᠤᠷᠠᠭ ᠢᠳᠡᠪᠬᠢᠲᠦ ᠵᠠᠳᠠᠷᠠᠯ ᠤᠨ ᠶᠠᠪᠤᠴᠠ ᠢ ᠮᠥᠨ ᠰᠠᠴᠤᠷᠠᠭ ᠢᠳᠡᠪᠬᠢᠵᠢᠯ ᠭᠡᠵᠦ ᠨᠡᠷᠡᠯᠡᠳᠡᠭ ᠪᠠ ᠲᠡᠭᠦᠨ ᠳᠦ ᠬᠠᠮᠢᠶᠠᠷᠬᠤ ᠴᠥᠮ᠎ᠡᠦᠳ ᠢ (ᠨᠢᠺᠯᠢᠲᠢᠽᠣᠲ᠋ᠣᠫ ᠪᠠ ᠬᠢᠮᠢ ᠶᠢᠨ ᠡᠯᠧᠮᠧᠨ᠋ᠲ ᠦᠳ) ᠰᠠᠴᠤᠷᠠᠭ ᠢᠳᠡᠪᠬᠢᠲᠦ ᠭᠡᠳᠡᠭ᠃ ᠰᠠᠴᠤᠷᠠᠭ ᠢᠳᠡᠪᠬᠢᠲᠦ ᠴᠥᠮ᠎ᠡ ᠵᠢ  ᠠᠭᠤᠯᠠᠭᠰᠠᠨ ᠪᠣᠳᠠᠰ ᠤᠳ ᠢ ᠰᠠᠴᠤᠷᠠᠭ ᠢᠳᠡᠪᠬᠢᠲᠦ ᠪᠣᠳᠠᠰ ᠤᠳ ᠭᠡᠨ᠎ᠡ᠃ (ᠪᠦᠷᠢᠨ ᠠᠭᠤᠯᠭ᠎ᠠ ᠶᠢ ᠤᠩᠰᠢᠬᠤ)

ᠯᠢᠭᠳᠡᠨ ᠬᠠᠭᠠᠨ
ᠯᠢᠭᠳᠡᠨ ᠬᠠᠭᠠᠨ

ᠯᠢᠭᠳᠡᠨ ᠬᠠᠭᠠᠨ (15881634) ᠨᠢ 1604-1634 ᠤᠨ ᠤ ᠦᠶ᠎ᠡ ᠳᠦ ᠶᠡᠬᠡ ᠮᠣᠩᠭᠣᠯ ᠤᠯᠤᠰ ᠍ ᠤᠨ ᠬᠠᠭᠠᠨ ᠰᠢᠷᠡᠭᠡᠨ ᠳᠦ ᠰᠠᠭᠤᠭᠰᠠᠨ ᠴᠢᠩᠭᠢᠰ ᠬᠠᠭᠠᠨ ᠤ ᠤᠳᠤᠮ᠂ ᠪᠣᠷᠵᠢᠭᠢᠨ ᠣᠪᠤᠭ ᠤᠨ ᠮᠣᠩᠭᠣᠯ ᠤᠨ ᠬᠠᠭᠠᠳ ᠤᠨ ᠰᠡᠭᠦᠯᠴᠢ ᠶᠢᠨ ᠬᠠᠭᠠᠨ ᠶᠤᠮ᠃ ᠲᠡᠭᠦᠨ ᠦ ᠦᠶ᠎ᠡ ᠳᠦ ᠮᠣᠩᠭᠣᠯ ᠤᠨ ᠨᠡᠭᠦᠳᠡᠯᠴᠢᠳ ᠨᠢᠭᠡᠨ ᠬᠠᠭᠠᠨ ᠳᠤ ᠵᠠᠬᠢᠷᠤᠭᠳᠠᠳᠠᠭ ᠦᠭᠡᠢ᠂ ᠣᠯᠠᠨ ᠵᠢᠵᠢᠭ ᠨᠣᠶᠠᠳ ᠤᠨ ᠮᠡᠳᠡᠯ ᠳᠦ ᠬᠤᠪᠢᠶᠠᠭᠳᠠᠵᠤ᠂ ᠪᠤᠲᠠᠷᠠᠵᠤ ᠪᠠᠶᠢᠭᠰᠠᠨ ᠪᠠ ᠯᠢᠭᠳᠡᠨ ᠬᠠᠭᠠᠨ ᠤ ᠵᠠᠬᠢᠷᠭᠠᠨ ᠳᠤ ᠵᠥᠪᠬᠡᠨ ᠴᠠᠬᠠᠷ ᠲᠦᠮᠡᠨ ᠯᠠ ᠣᠷᠣᠰᠢᠵᠤ ᠪᠠᠶᠢᠵᠠᠢ᠃ ᠬᠡᠳᠦᠢ ᠲᠡᠶᠢᠮᠦ ᠪᠣᠯᠪᠠᠴᠤ ᠲᠡᠷᠡᠪᠡᠷ ᠪᠦᠬᠦ ᠮᠣᠩᠭᠣᠯ ᠢ ᠡᠷᠬᠡᠨ ᠳᠦ ᠪᠡᠨ ᠤᠷᠤᠭᠤᠯᠬᠤ ᠲᠥᠷᠥ ᠶᠢᠨ ᠪᠣᠳᠣᠯᠭ᠎ᠠ ᠶᠠᠪᠤᠭᠤᠯᠵᠤ ᠪᠠᠶᠢᠭᠰᠠᠨ ᠶᠤᠮ᠃ ᠯᠢᠭᠳᠡᠨ ᠬᠠᠭᠠᠨ ᠤ ᠬᠤᠪᠢ ᠳᠤ ᠴᠢᠩᠭᠢᠰ ᠦᠨ ᠤᠳᠤᠮ ᠤᠨ ᠰᠡᠭᠦᠯᠴᠢ ᠶᠢᠨ ᠬᠠᠭᠠᠨ᠂ ᠮᠣᠩᠭᠣᠯ ᠤᠯᠤᠰ ᠤᠨ ᠨᠢᠭᠡᠳᠦᠮᠡᠯ ᠪᠠᠶᠢᠳᠠᠯ ᠢ ᠰᠡᠷᠭᠦᠭᠡᠬᠦ ᠶᠢᠨ ᠲᠥᠯᠥᠭᠡ ᠲᠡᠮᠡᠴᠡᠵᠦ ᠶᠠᠪᠤᠭᠰᠠᠨ ᠡᠬᠡ ᠣᠷᠣᠨᠴᠢ ᠦᠵᠡᠯ ᠲᠡᠢ ᠬᠦᠮᠦᠨ ᠪᠠᠶᠢᠵᠠᠢ᠃ ᠯᠢᠭᠳᠡᠨ ᠬᠠᠭᠠᠨ ᠡᠨᠡᠳᠬᠡᠭ᠂ ᠲᠥᠪᠡᠳ ᠬᠡᠯᠡ ᠪᠢᠴᠢᠭ ᠲᠦ ᠰᠠᠶᠢᠲᠤᠷ ᠰᠤᠷᠤᠯᠴᠠᠨ ᠣᠶᠤᠨ ᠤ ᠥᠨᠳᠥᠷ ᠪᠣᠯᠪᠠᠰᠤᠷᠠᠯ ᠡᠵᠡᠮᠰᠢᠵᠡᠢ᠃ ᠮᠥᠨ ᠪᠤᠷᠬᠠᠨ ᠱᠠᠰᠢᠨ ᠢ ᠳᠡᠯᠭᠡᠷᠡᠭᠦᠯᠬᠦ ᠳᠦ ᠮᠠᠰᠢ ᠠᠩᠬᠠᠷᠴᠤ ᠣᠯᠠᠨ ᠰᠦᠮ᠎ᠡ ᠬᠡᠶᠢᠳ ᠪᠠᠷᠢᠭᠤᠯᠤᠭᠰᠠᠨ ᠪᠢᠯᠡ᠃ ᠲᠡᠭᠦᠨ ᠦ ᠮᠣᠩᠭᠣᠯ ᠤᠨ ᠲᠡᠦᠬᠡᠨ ᠳᠦ ᠭᠦᠢᠴᠡᠳᠭᠡᠭᠰᠡᠨ ᠨᠢᠭᠡᠨ ᠯᠤᠲᠤ ᠶᠡᠬᠡ ᠦᠢᠯᠡ ᠪᠣᠯ ᠪᠤᠷᠬᠠᠨ ᠤ ᠱᠠᠰᠢᠨ ᠤ ᠬᠥᠯᠭᠡᠨ ᠶᠡᠬᠡ ᠰᠤᠳᠤᠷ 108 ᠪᠣᠲᠢ 《ᠭᠠᠨᠵᠤᠤᠷ》 ᠍ ᠢ ᠣᠷᠴᠢᠭᠤᠯᠤᠭᠤᠯᠤᠨ᠂ ᠠᠯᠲᠠᠨ ᠦᠰᠦᠭ ᠢᠶᠡᠷ ᠪᠠᠷᠯᠠᠭᠤᠯᠬᠤ ᠠᠵᠢᠯ ᠢ ᠭᠠᠷᠳᠠᠨ ᠵᠣᠬᠢᠶᠠᠨ ᠪᠠᠶᠢᠭᠤᠯᠵᠠᠢ᠃ (ᠪᠦᠷᠢᠨ ᠠᠭᠤᠯᠭ᠎ᠠ ᠶᠢ ᠤᠩᠰᠢᠬᠤ)

ᠣᠳᠣ
ᠣᠳᠣ

ᠣᠳᠣ (ᠠᠩᠭᠯᠢ ᠪᠠᠷ starᠬᠢᠲᠠᠳ ᠢᠶᠠᠷ 恒星) ᠭᠡᠳᠡᠭ ᠨᠢ ᠫᠡᠯᠠᠰᠮᠠ(Plasma) ᠠᠴᠠ ᠲᠣᠭᠲᠠᠬᠤ ᠭᠡᠷᠡᠯᠲᠦᠭᠴᠢ᠂ ᠴᠤᠯᠤ ᠪᠥᠮᠪᠥᠯᠢᠭ ᠶᠤᠮ᠃ ᠨᠠᠷᠠ ᠨᠢ ᠳᠡᠯᠡᠬᠡᠢ ᠠᠴᠠ ᠬᠠᠮᠤᠭ ᠤᠨ ᠣᠶᠢᠷ᠎ᠠ ᠤᠷᠤᠰᠢᠬᠤ ᠣᠳᠣ ᠪᠥᠭᠡᠳ ᠳᠡᠯᠡᠬᠡᠢ ᠶᠢᠨ ᠡᠨᠧᠷᠭᠢ ᠍ ᠶᠢᠨ ᠭᠣᠣᠯ ᠡᠭᠦᠰᠬᠡᠭᠦᠷ ᠪᠣᠯᠤᠨ᠎ᠠ᠃ ᠬᠠᠷᠢᠨ ᠪᠤᠰᠤᠳ ᠣᠳᠣ ᠶᠢ ᠰᠥᠨᠢ ᠬᠠᠷᠠᠬᠤ ᠪᠣᠯᠤᠮᠵᠢ ᠲᠠᠢ᠃ ᠣᠳᠣ ᠨᠢ ᠲᠡᠭᠦᠨ ᠦ ᠴᠥᠮ᠎ᠡ ᠳᠦ ᠶᠠᠪᠤᠭᠳᠠᠵᠤ ᠪᠤᠢ ᠴᠥᠮ᠎ᠡ ᠶᠢᠨ ᠨᠢᠭᠡᠳᠬᠦ ᠤᠷᠪᠠᠯ ᠠᠴᠠ (ᠤᠰᠤᠲᠥᠶᠢᠷᠦᠭᠴᠢ ᠾᠧᠯᠢ ᠤᠷᠤᠭᠤ ᠬᠤᠪᠢᠷᠠᠬᠤ) ᠢᠯᠭᠠᠷᠠᠵᠤ ᠪᠤᠢ ᠡᠨᠧᠷᠭᠢ ᠡᠴᠡ ᠰᠢᠯᠲᠠᠭᠠᠯᠠᠨ ᠭᠡᠷᠡᠯᠲᠦᠳᠡᠭ ᠪᠠᠶᠢᠨ᠎ᠠ᠃ ᠤᠰᠤᠲᠥᠶᠢᠷᠦᠭᠴᠢ ᠪᠠ ᠾᠧᠯᠢ ᠡᠴᠡ ᠬᠦᠨᠳᠦ ᠡᠯᠧᠮᠧᠨᠲ ᠦᠳ ᠪᠠᠷᠤᠭ ᠪᠦᠭᠦᠳᠡ ᠣᠳᠣᠳ ᠤᠨ ᠴᠥᠮ᠎ᠡ ᠳᠦ ᠶᠠᠪᠤᠭᠳᠠᠬᠤ ᠡᠨᠡᠬᠦ ᠤᠷᠪᠠᠯ ᠤᠨ ᠦᠷ᠎ᠡ ᠳ᠋ᠦᠩ ᠳᠦ ᠡᠭᠦᠰᠦᠭᠰᠡᠨ ᠪᠣᠯᠤᠨ᠎ᠠ᠃ ᠣᠳᠣᠨ ᠤ ᠮᠠᠰ᠂ ᠨᠠᠰᠤ᠂ ᠬᠢᠮᠢ ᠶᠢᠨ ᠨᠠᠶᠢᠷᠠᠯᠭ᠎ᠠ ᠵᠡᠷᠭᠡ ᠣᠯᠠᠨ ᠰᠢᠨᠵᠢ ᠴᠢᠨᠠᠷ ᠢ᠂ ᠲᠡᠭᠦᠨ ᠦ ᠰᠫᠧᠺᠲ᠋ᠷ (spectrum)᠂ ᠭᠡᠷᠡᠯᠲᠦᠯᠲᠡ᠂ ᠬᠥᠳᠡᠯᠭᠡᠭᠡᠨ ᠳᠡᠭᠡᠷ᠎ᠡ ᠲᠤᠯᠭᠠᠭᠤᠷᠢᠯᠠᠨ ᠲᠣᠭᠲᠠᠭᠠᠵᠤ ᠪᠣᠯᠤᠨ᠎ᠠ᠃ ᠣᠳᠣᠨ ᠤ ᠨᠡᠶᠢᠲᠡ ᠮᠠᠰ ᠨᠢ ᠲᠡᠭᠦᠨ ᠦ ᠬᠥᠭᠵᠢᠯ ᠦᠨ ᠦᠶ᠎ᠡ ᠱᠠᠲᠤ ᠶᠢ ᠲᠣᠳᠣᠷᠬᠠᠶᠢᠯᠠᠳᠠᠭ ᠦᠨᠳᠦᠰᠦᠨ ᠦᠵᠡᠭᠦᠯᠦᠯᠲᠡ ᠶᠤᠮ᠃ ᠪᠤᠰᠤᠳ ᠰᠢᠨᠵᠢ ᠨᠦᠭᠦᠳ ᠵᠢᠱᠢᠶᠡᠯᠡᠪᠡᠯ᠂ ᠳ᠋ᠢᠶᠠᠮᠧᠲ᠋ᠷ᠂ ᠡᠷᠭᠢᠯᠲᠡ᠂ ᠬᠥᠳᠡᠯᠭᠡᠭᠡᠨ᠂ ᠲᠣᠯᠠᠭᠠᠨ ᠤ ᠬᠡᠮᠵᠢᠶ᠎ᠡ ᠵᠡᠷᠭᠡ ᠨᠢ ᠲᠡᠭᠦᠨ ᠦ ᠬᠥᠭᠵᠢᠯ ᠦᠨ ᠦᠶ᠎ᠡ ᠱᠠᠲᠤ ᠪᠠᠷ ᠲᠣᠳᠣᠷᠬᠠᠶᠢᠯᠠᠭᠳᠠᠨ᠎ᠠ᠃ ᠣᠳᠣᠨ ᠤ ᠲᠣᠯᠠᠭᠠᠨ ᠤ ᠬᠡᠮᠵᠢᠶ᠎ᠡ ᠪᠠ ᠭᠡᠷᠡᠯᠲᠦᠯᠲᠡ ᠶᠢ ᠨᠢ ᠠᠰᠢᠭᠯᠠᠨ ᠣᠳᠣᠨ ᠤ ᠬᠥᠭᠵᠢᠯ᠂ ᠨᠠᠰᠤ ᠶᠢ ᠲᠣᠳᠣᠷᠬᠠᠶᠢᠯᠠᠵᠤ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

Ice top ᠬᠠᠮᠲᠤᠯᠢᠭ
Ice top ᠬᠠᠮᠲᠤᠯᠢᠭ

Ice top ᠬᠠᠮᠲᠤᠯᠢᠭ  ᠨᠢ ᠨᠡᠢᠢᠲᠡ 250 ᠭᠠᠷᠤᠢ ᠤᠷᠠᠨ ᠪᠦᠲᠦᠭᠡᠯ ᠲᠡᠢ᠂ ᠮᠣᠩᠭᠣᠯ ᠤᠨ ᠬᠢᠫ ᠬᠣᠫ ᠬᠠᠮᠲᠤᠯᠢᠭ ᠤᠨ ᠰᠢᠯᠢᠳᠡᠭ ᠦᠳ ᠦᠨ ᠨᠢᠭᠡ ᠪᠢᠯᠡ᠃ ᠲᠡᠳᠡ 1998 ᠤᠨ ᠠᠴᠠ ᠡᠬᠢᠯᠡᠨ ᠦᠵᠡᠯ ᠪᠣᠳᠣᠯ ᠢᠶᠠᠨ ᠪᠦᠵᠢᠭ ᠢᠶᠡᠷ᠂ ᠬᠢᠫ ᠬᠣᠫ ᠦᠭᠡ ᠬᠡᠯᠡᠯᠭᠡ ᠪᠡᠷ᠂ ᠲᠡᠭᠦᠨ ᠳᠣᠲᠣᠷ᠎ᠠ ᠪᠠᠨ ︽ᠤᠷᠠᠯᠢᠭ ᠢᠷᠠᠭᠤ ᠨᠠᠢᠢᠷᠠᠭ ᠰᠢᠳᠤᠷᠭᠤ ᠦᠨᠡᠨ ᠦᠭᠡ ᠶᠢ ᠬᠡᠯᠡᠬᠦ ᠶᠣᠰᠣᠲᠠᠢ︾ ᠭᠡᠵᠦ ᠦᠵᠡᠨ᠂ 1998 ᠤᠨ ᠤ ᠠᠷᠪᠠᠳᠤᠭᠠᠷ ᠰᠠᠷ᠎ᠠ ᠶᠢᠨ 13 ᠍ ᠤ ᠡᠳᠦᠷ ᠮᠣᠩᠭᠣᠯ ᠤᠨ ᠠᠩᠬᠠᠨ ᠤ ᠬᠢᠫ ᠬᠣᠫ ᠬᠠᠮᠲᠤᠯᠢᠭ ᠤᠳ ᠤᠨ ᠨᠢᠭᠡ ᠪᠣᠯᠵᠤ᠂ ᠪ ∙ ᠬᠠᠲᠠᠨᠪᠠᠭᠠᠲᠤᠷ︵hagii︶ ᠂ ᠰ ∙ ᠪᠠᠲᠤᠣ᠋ᠳᠬᠣᠨ︵badga︶ ᠂ ᠰ ∙ ᠴᠢᠯᠠᠭᠤᠨᠪᠠᠶᠠᠷ︵Cobi︶ ᠂ ᠪᠠᠲᠤᠣ᠋ᠷᠭᠢᠯ︵ᠲᠠᠲ᠋ᠠᠷ ︶᠂ ᠍ ᠪ ∙ ᠣᠷᠭᠢᠯ︵Ice Cool ︶᠂ ᠮᠠᠩᠯᠠᠢ ᠵᠡᠷᠭᠡ ᠨᠠᠢ᠍ᠮᠠᠨ ᠬᠦᠮᠦᠨ ᠦ ᠪᠦᠷᠢᠯᠳᠦᠬᠦᠨ ᠲᠡᠢ ᠪᠠᠢᠢᠭᠤᠯᠤᠭᠳᠠᠵᠤ ᠪᠠᠢᠢᠭᠰᠠᠨ ᠪᠥᠭᠡᠳ ᠭᠡᠰᠢᠭᠦᠳ ᠨᠢ ᠣᠯᠠᠨ ᠤᠳᠠᠭ᠎ᠠ ᠰᠣᠯᠢᠭᠳᠠᠭᠰᠠᠨ ᠶᠤᠮ᠃ ᠃ Ice top ᠬᠠᠮᠲᠤᠯᠢᠭ ᠠᠩᠬ᠎ᠠ 16 ᠬᠦᠮᠦᠨ ᠦ ᠪᠦᠷᠢᠯᠳᠦᠬᠦᠨ ᠲᠡᠢ ᠷᠧᠫ ᠪᠦᠵᠢᠭ ᠦᠨ ᠬᠠᠮᠲᠤᠯᠢᠭ ᠪᠠᠢᠢᠭᠰᠠᠨ ᠪᠢᠯᠡ ᠃ ᠪᠦᠵᠢᠭ ᠦᠨ ᠬᠠᠮᠲᠤᠯᠢᠭ ᠨᠢ ᠠᠩᠬ᠎ᠠ 1996 ᠤᠨ ᠳᠤ ᠨᠢᠭᠡᠳᠦᠨ ᠨᠡᠢᠢᠯᠡᠭᠰᠡᠨ ᠪᠥᠭᠡᠳ ᠡᠭᠦᠨ ᠡᠴᠡ ᠪᠡᠨ ᠬᠣᠶᠠᠷ ᠵᠢᠯ ᠦᠨ ᠳᠠᠷᠠᠭ᠎ᠠ ᠪᠤᠶᠤ 1998 ᠤᠨ ᠤ ᠠᠷᠪᠠᠳᠤᠭᠠᠷ ᠰᠠᠷ᠎ᠠ ᠶᠢᠨ 13 ᠍ ᠳᠦ ᠨᠠᠢ᠍ᠮᠠᠨ ᠭᠡᠰᠢᠭᠦᠨ ᠲᠡᠢ ᠪᠡᠷ ᠮᠣᠩᠭᠣᠯ ᠤᠨ ᠠᠩᠬᠠᠨ ᠤ ᠬᠢᠫ ᠬᠣᠫ ᠬᠠᠮᠲᠤᠯᠢᠭ ᠤᠳ ᠤᠨ ᠨᠢᠭᠡ ᠪᠣᠯᠤᠨ ᠪᠠᠢᠢᠭᠤᠯᠤᠭᠳᠠᠵᠠᠢ ᠃ ᠎ (ᠪᠦᠷᠢᠨ ᠠᠭᠤᠯᠭ᠎ᠠ ᠶᠢ ᠤᠩᠰᠢᠬᠤ)

ᠰᠠᠮᠤᠷ ᠲᠠᠶᠢᠬᠤ ᠬᠠᠲᠤᠨ
ᠰᠠᠮᠤᠷ ᠲᠠᠶᠢᠬᠤ ᠬᠠᠲᠤᠨ

ᠬᠢᠶᠠᠳ ᠠᠶᠢᠮᠠᠭ ᠤᠨ ᠪᠣᠷᠵᠢᠭᠢᠨ ᠣᠪᠣᠭᠲᠤ ᠰᠠᠮᠤᠷ ᠭᠦᠨᠵᠢ (1422-1452) ᠲᠡᠷᠡᠪᠡᠷ ᠡᠯᠪᠡᠭ ᠨᠢᠭᠦᠯᠡᠰᠦᠭᠴᠢ ᠬᠠᠭᠠᠨ](1399-1402) ᠤ ᠥᠷᠦᠨ ᠡᠰᠢ ᠬᠠᠲᠤᠨ ᠠᠴᠠ ᠲᠦᠷᠦᠭᠰᠡᠨ ᠥᠬᠢᠨ ᠪᠥᠭᠡᠳ ᠠᠯᠲᠠᠨ ᠤᠷᠤᠭ ᠤᠨ ᠤᠳᠤᠮ ᠤᠨ ᠭᠦᠨᠵᠢ ᠪᠢᠯᠡ᠃ ᠡᠯᠪᠡᠭ ᠨᠢᠭᠦᠯᠰᠦᠭᠴᠢ ᠬᠠᠭᠠᠨ ᠰᠠᠮᠤᠷ ᠭᠦᠨᠵᠢ ᠶᠢ ᠣᠶᠢᠷᠠᠳ ᠤᠨ ᠨᠣᠶᠠᠨ ᠤ ᠬᠦᠦ ᠳᠤ ᠦᠭᠴᠠᠢ᠃ ᠰᠠᠮᠤᠷ ᠲᠠᠶᠢᠬᠤ ᠬᠠᠲᠤᠨ ᠪᠣᠷᠵᠢᠭᠢᠨ ᠣᠪᠣᠭ ᠤᠨ ᠠᠯᠲᠠᠨ ᠤᠷᠤᠭ ᠤᠨ ᠤᠭᠰᠠᠭ᠎ᠠ ᠶᠢ ᠲᠡᠳᠦᠢ ᠦᠭᠡᠢ ᠬᠣᠵᠢᠮ ᠤᠨ ᠮᠣᠩᠭᠣᠯ ᠤᠯᠤᠰ ᠤᠨ ᠶᠡᠬᠡ ᠬᠠᠭᠠᠨ ᠪᠠᠲᠤᠮᠦ᠋ᠩᠬᠡ ᠳᠠᠶᠠᠩ ᠬᠠᠭᠠᠨ ᠤ ᠡᠴᠢᠭᠡ ᠪᠣᠯᠬᠤ ᠪᠠᠶᠠᠨᠮᠦ᠋ᠩᠬᠡ ᠶᠢ ᠠᠪᠤᠷᠠᠨ ᠮᠣᠩᠭᠣᠯ ᠤᠨ ᠬᠣᠶᠢᠴᠢ ᠶᠢᠨ ᠡᠪ ᠨᠢᠭᠡᠳᠦᠯᠲᠦ ᠤᠯᠤᠰ ᠲᠥᠷᠦ ᠶᠢᠨ ᠬᠤᠪᠢ ᠵᠠᠶᠠᠭ᠎ᠠ ᠶᠢ ᠨᠢ ᠠᠪᠤᠷᠠᠵᠤ᠂ ᠬᠣᠵᠢᠮ ᠤᠨ ᠮᠣᠩᠭᠣᠯ ᠤᠯᠤᠰ ᠤᠨ ᠲᠡᠦᠬᠡᠨ ᠳᠦ ᠦᠯᠡᠮᠵᠢ ᠶᠡᠬᠡ ᠭᠠᠪᠢᠶ᠎ᠠ ᠪᠠᠶᠢᠭᠤᠯᠤᠭᠰᠠᠨ ᠪᠠᠲᠤᠮᠥ᠋ᠩᠬᠡ᠂ ᠪᠠᠶᠠᠨᠮᠦ᠋ᠩᠬᠡ᠂ ᠮᠠᠨᠳᠤᠬᠠᠢ ᠵᠡᠷᠭᠡ ᠬᠦᠮᠦᠰ ᠢ ᠮᠣᠩᠭᠣᠯ ᠤᠨ ᠲᠡᠦᠬᠡᠨ ᠳᠦ ᠲᠣᠳᠣ ᠲᠣᠮᠣᠷᠠᠭᠤᠨ ᠢᠶᠠᠷ ᠲᠡᠮᠳᠡᠭᠯᠡᠭᠳᠡᠨ ᠦᠯᠡᠳᠡᠬᠦ ᠳᠦ ᠨᠥᠯᠦᠭᠡᠯᠡᠭᠰᠡᠨ ᠶᠡᠬᠡ ᠦᠢᠯᠡ ᠬᠡᠷᠡᠭ ᠢ ᠨᠢ ᠡᠬᠢᠯᠡᠬᠦ ᠡᠬᠢ ᠶᠢ ᠨᠢ ᠲᠠᠯᠪᠢᠭᠰᠠᠨ ᠡᠭᠡᠯ ᠦᠭᠡᠢ ᠤᠬᠠᠭᠠᠯᠢᠭ ᠮᠣᠩᠭᠣᠯ ᠤᠨ ᠬᠠᠲᠤᠨ ᠪᠠᠶᠢᠵᠠᠢ᠃ ᠰᠠᠮᠤᠷ ᠬᠠᠲᠤᠨ ᠪᠣᠯ ᠰᠡᠴᠡᠨ ᠴᠡᠯᠮᠡᠭ ᠤᠬᠠᠭᠠᠨ ᠲᠠᠢ᠂ ᠡᠨᠡᠷᠢᠯ ᠲᠡᠢ᠂ ᠬᠠᠨᠢ ᠢᠵᠢᠯᠢ ᠳᠦ ᠪᠡᠨ ᠬᠠᠯᠠᠮᠵᠢᠲᠠᠢ᠂ ᠮᠣᠩᠭᠣᠯ ᠤᠨ ᠡᠷᠡᠯᠬᠡᠭ ᠬᠠᠲᠤᠳ ᠤᠨ ᠨᠢᠭᠡ ᠪᠠᠶᠢᠭᠰᠠᠨ ᠲᠡᠷᠡᠪᠡᠷ ᠥᠪᠡᠷ ᠦᠨ ᠠᠮᠢᠳᠤᠷᠠᠯ ᠢᠶᠠᠨ ᠮᠣᠩᠭᠣᠯ ᠣᠷᠣᠨ ᠤ ᠲᠥᠯᠥᠭᠡ ᠮᠣᠩᠭᠣᠯ ᠦᠨᠳᠦᠰᠦᠲᠡᠨ ᠦ ᠲᠥᠯᠥᠭᠡ ᠵᠣᠷᠢᠭᠤᠯᠵᠤ ᠴᠢᠳᠠᠭᠰᠠᠨ ᠪᠢᠯᠡ᠃ (ᠪᠦᠷᠢᠨ ᠠᠭᠤᠯᠭ᠎ᠠ ᠶᠢ ᠤᠩᠰᠢᠬᠤ)

ᠳᠠᠷᠠᠰᠤ
ᠳᠠᠷᠠᠰᠤ

ᠳᠠᠷᠠᠰᠤ ᠪᠤᠶᠤ ᠸᠢᠨᠣ᠋ (ᠠᠩᠭᠯᠢ ᠪᠠᠷ Wineᠬᠢᠲᠠᠳ ᠢᠶᠠᠷ 葡萄酒) ᠨᠢ ᠤᠰᠤᠨ ᠦᠵᠦᠮ ᠦᠨ ᠰᠢᠭᠦᠰᠦ ᠶᠢ ᠢᠰᠬᠡᠵᠦ ᠬᠢᠭᠰᠡᠨ ᠰᠤᠭᠳᠤᠭᠤᠷᠠᠭᠤᠯᠬᠤ ᠤᠮᠳᠠᠭ᠎ᠠ ᠶᠤᠮ᠃ ᠳᠠᠷᠠᠰᠤ ᠨᠢ ᠬᠠᠮᠤᠭ ᠤᠨ ᠡᠷᠲᠡᠨ ᠦ ᠲᠡᠦᠬᠡ ᠲᠡᠢ ᠠᠷᠢᠬᠢᠨ ᠤ ᠲᠥᠷᠥᠯ ᠦᠨ ᠨᠢᠭᠡ ᠳᠦ ᠲᠣᠭᠠᠴᠠᠭᠳᠠᠬᠤ ᠪᠠ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 6000 ᠤᠨ ᠤ ᠦᠶ᠎ᠡ ᠳᠦ ᠮᠧᠰᠣᠫᠣᠲ᠋ᠠᠮ ᠤᠨ ᠰᠢᠮᠧᠷ ᠦᠨᠳᠦᠰᠦᠲᠡᠨ ᠨᠦᠭᠦᠳ ᠠᠩᠬ᠎ᠠ ᠬᠢᠭᠰᠡᠨ ᠭᠡᠵᠦ ᠲᠣᠭᠠᠴᠠᠭᠳᠠᠳᠠᠭ᠃ ᠰᠫᠢᠷᠲ᠋ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 5000 ᠤᠨ ᠤ ᠦᠶᠡᠰ ᠮᠥᠨ ᠰᠢᠷ᠎ᠠ ᠠᠶᠢᠷᠠᠭ ᠬᠢᠬᠦ ᠪᠣᠯᠤᠭᠰᠠᠨ ᠪᠥᠭᠡᠳ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 3000 ᠤᠨ ᠤ ᠦᠶ᠎ᠡ ᠳᠦ ᠡᠷᠲᠡᠨ ᠦ ᠶᠸᠵᠠᠫᠲ ᠤᠯᠤᠰ ᠲᠤ ᠳᠠᠮᠵᠢᠭ᠌ᠰᠠᠨ᠃ ᠫᠢᠷᠠᠮᠢᠳ ᠍ ᠤᠨ ᠳᠣᠲᠣᠷᠠᠬᠢ ᠬᠠᠨ᠎ᠠ ᠶᠢᠨ ᠵᠢᠷᠤᠭ ᠤᠳ ᠲᠤ ᠳᠠᠷᠠᠰᠤ᠂ ᠰᠢᠷ᠎ᠠ ᠠᠶᠢᠷᠠᠭ ᠬᠡᠷᠬᠢᠨ ᠬᠢᠵᠦ ᠪᠤᠢ ᠶᠢ ᠳᠦᠷᠰᠦᠯᠡᠭᠰᠡᠨ ᠪᠠᠶᠢᠳᠠᠭ᠃ ᠰᠢᠷ᠎ᠠ ᠠᠶᠢᠷᠠᠭ ᠢᠰᠬᠡᠬᠦ ᠨᠢ ᠬᠠᠷᠢᠴᠠᠩᠭᠤᠢ ᠬᠢᠯᠪᠠᠷ ᠪᠠᠶᠢᠭᠰᠠᠨ ᠲᠤᠯᠠ ᠡᠳᠦᠷ ᠲᠤᠲᠤᠮ᠂ ᠬᠠᠷᠢᠨ ᠳᠠᠷᠠᠰᠤ ᠶᠢ ᠲᠠᠩᠰᠤᠭ ᠬᠡᠷᠡᠭᠯᠡᠭᠡᠨ ᠳᠦ ᠤᠤᠭᠤᠵᠤ ᠪᠠᠶᠢᠵᠠᠢ᠃ (ᠪᠦᠷᠢᠨ ᠠᠭᠤᠯᠭ᠎ᠠ ᠶᠢ ᠤᠩᠰᠢᠬᠤ)

ᠺᠠᠶᠢᠯᠤ ᠰᠢᠶᠠᠨ
ᠺᠠᠶᠢᠯᠤ ᠰᠢᠶᠠᠨ

ᠺᠠᠶᠢᠯᠤ ᠰᠢᠶᠠᠨ ᠨᠢ ᠦᠪᠦᠷ ᠮᠤᠩᠭᠤᠯ ᠤᠨ ᠲᠦᠩᠯᠢᠶᠣᠤ ᠬᠣᠲᠠ ᠶ᠋ᠢᠨ ᠪᠠᠷᠠᠭᠤᠨ ᠬᠡᠰᠡᠭ ᠲᠤ ᠪᠠᠶᠢᠷᠢᠯᠠᠵᠤ ᠪᠠᠶᠢᠭ᠎ᠠ ᠶᠤᠮ ᠃ ᠵᠡᠭᠦᠨ ᠤᠷᠲᠤᠷᠢᠭ ᠤᠨ 120º25´ -- 121º52´ ᠂ ᠤᠮᠠᠷᠠᠲᠤ ᠥᠷᠭᠡᠷᠢᠭ ᠦᠨ 43º9´ -- 44º10´ ᠬᠣᠭᠣᠷᠣᠨᠳᠤ ᠪᠠᠶᠢᠳᠠᠭ ᠂ ᠵᠡᠬᠦᠨ ᠲᠠᠯ᠎ᠠ ᠪᠠᠷ ᠢᠶᠡᠨ ᠬᠣᠷᠴᠢᠨ ᠲᠣᠭᠣᠷᠠᠭ ᠲᠠᠢ ᠬᠥᠷᠰᠢ ᠵᠡᠷᠭᠡᠯᠡᠳᠡᠵᠦ ᠂ ᠪᠠᠷᠠᠭᠤᠨ ᠲᠠᠯ᠎ᠡ ᠪᠠᠷ ᠢᠶᠡᠨ ᠣᠩᠨᠢᠭᠤᠳ ᠬᠣᠰᠢᠭᠤᠠᠷᠤ ᠬᠣᠷᠴᠢᠨ ᠬᠤᠰᠢᠭᠤ ᠲᠠᠢ ᠵᠠᠬ᠎ᠠ ᠨᠡᠶᠢᠯᠡᠵᠦ ᠂ ᠡᠮᠦᠨ᠎ᠡ ᠲᠠᠯ᠎ᠠ ᠪᠠᠷ ᠢᠶᠡᠨ ᠨᠠᠢᠮᠠᠨ ᠬᠤᠰᠢᠭᠤᠬᠣᠷᠴᠢᠨ ᠵᠡᠬᠦᠨ ᠭᠠᠷᠤᠨ ᠬᠣᠶᠢᠲᠤ ᠬᠤᠰᠢᠭᠤ ᠲᠠᠢ ᠵᠠᠯᠭᠠᠯᠳᠤᠵᠤ ᠂ ᠬᠣᠶᠢᠲᠤ ᠲᠠᠯ᠎ᠠ ᠪᠠᠷ ᠢᠶᠡᠨ ᠵᠠᠷᠤᠳ ᠬᠣᠰᠢᠭᠤᠬᠣᠷᠴᠢᠨ ᠵᠡᠭᠦᠨ ᠭᠠᠷᠤᠨ ᠳᠤᠮᠳᠠᠳᠤ ᠬᠣᠰᠢᠭᠤ ᠶ᠋ᠢᠨ ᠠᠭᠤᠯᠵᠠᠷ  ᠲᠤ ᠪᠠᠶᠢᠨ᠎ᠠ ᠃ ᠪᠦᠬᠦ ᠰᠢᠶᠠᠨ ᠶᠡᠷᠦᠩᠬᠡᠢ ᠲᠠᠯᠠᠪᠠᠢ ᠨᠢ 4488 ᠲᠡᠭᠰᠢ ᠳᠥᠷᠪᠡᠯᠵᠢᠨ ᠺᠢᠯᠣᠮᠧᠲ᠋ᠷ ᠂ ᠭᠠᠵᠠᠷ ᠤᠨ ᠪᠠᠶᠢᠴᠠ ᠨᠢ ᠨᠠᠮ ᠲᠡᠭᠰᠢᠬᠡᠨ ᠂ 2012 ᠤᠨ ᠤ ᠲᠣᠭ᠎ᠠ ᠪᠠᠷᠢᠮᠳᠠ ᠶᠢ ᠦᠨᠳᠦᠰᠦᠯᠡᠪᠡᠯ ᠪᠠᠷᠤᠭ 397591 ᠬᠦᠮᠦᠨ ᠠᠮᠠ ᠲᠠᠢ ᠂ ᠴᠦᠬᠡᠨ ᠲᠣᠭᠠᠲᠤ ᠦᠨᠳᠦᠰᠦᠲᠡᠨ ᠤ ᠬᠦᠮᠦᠨ ᠠᠮᠠ ᠪᠠᠷᠤᠭ 70434 ᠂ ᠪᠦᠬᠦ ᠬᠦᠮᠦᠨ ᠠᠮᠠ ᠶᠢᠨ 17.72% ᠬᠣᠪᠢ ᠶᠢ ᠡᠵᠡᠯᠡᠨ᠎ᠠ ᠃ (ᠪᠦᠷᠢᠨ ᠠᠭᠤᠯᠭ᠎ᠠ ᠶᠢ ᠤᠩᠰᠢᠬᠤ)

ᠠᠨᠵᠧᠯᠢᠨᠠ ᠵᠧᠦ᠋ᠯᠢ
 ᠠᠨᠵᠧᠯᠢᠨᠠ ᠵᠧᠦ᠋ᠯᠢ

ᠠᠨᠵᠧᠯᠢᠨᠠ ᠵᠧᠦ᠋ᠯᠢ  ᠪᠤᠯ  ᠬᠣᠯᠯᠢᠦ᠋ᠳ᠋ (Hollywood)  ᠤᠨ ᠬᠠᠮᠤᠭ ᠤᠨ ᠰᠠᠶᠢᠬᠠᠨ ᠪᠦᠰᠡᠭᠦᠶᠢᠴᠦᠳ ᠦᠨ ᠨᠢᠭᠡ᠂ ᠰᠠᠢ᠋ᠨ ᠦᠢᠯᠡᠰ ᠦᠨ ᠡᠯᠴᠢ ᠭᠡᠬᠦ ᠮᠡᠲᠦ ᠣᠯᠠᠨ ᠲᠣᠳᠣᠳᠬᠠᠯ ᠢ ᠵᠡᠭᠦᠭᠰᠡᠨ ᠨᠡᠷᠡᠲᠦ ᠵᠦᠵᠦᠭᠡᠴᠢᠨ ᠠᠨᠵᠧᠯᠢᠨᠠ ᠵᠧᠦ᠋ᠯᠢ (Angelina Jolie) 1975 ᠤᠨ  ᠤ 6 ᠰᠠᠷ᠎ᠠ ᠵᠢᠨ 4  ᠤ ᠡᠳᠤᠷ ᠠᠮᠧᠷᠢᠺᠡ ᠵᠢᠨ ᠯᠤᠰ ᠠᠨᠭᠵᠧᠯᠢᠰ ᠲᠤ᠋ ᠮᠡᠨᠳᠤᠯᠡᠵᠤ The Lee Strasberg Theatre and Film Institute ᠪᠠ ᠨᠢᠤ᠋ -ᠶᠤᠷᠺ ᠺᠢᠨᠤ᠋ ᠦᠢᠯᠡᠳᠪᠤᠷᠢ ᠵᠢᠨ ᠲᠡᠬᠡᠳᠤ ᠰᠤᠷᠭᠠᠭᠤᠯᠢ ᠡᠴᠡ ᠲᠡᠬᠦᠰᠴᠠᠢ᠃ ᠠᠨᠵᠧᠯᠢᠨᠠ ᠵᠧᠦ᠋ᠯᠢ  ᠨᠢᠤ᠋ -ᠶᠤᠷᠺ ᠬᠣᠲᠠ  ᠳᠤ ᠪᠠᠶᠢᠷᠢᠯᠠᠳᠠᠭ ᠨᠢᠭᠡᠳᠦᠭᠰᠡᠨ ᠦᠨᠳᠦᠰᠦᠳᠡᠨ ᠦ ᠪᠠᠶᠢᠭᠤᠯᠤᠯᠭ᠎ᠠ ᠵᠢᠨ ᠲᠥᠪ ᠪᠠᠶᠢᠷᠢᠨ ᠳᠤ ᠵᠣᠬᠢᠶᠠᠨ ᠪᠠᠶᠢᠭᠤᠯᠤᠭᠳᠠᠭᠰᠠᠨ ᠬᠤᠷᠠᠯ ᠳᠤ ᠥᠪᠡᠷ ᠦᠨ ᠪᠠᠶᠢᠷᠢ ᠰᠠᠭᠤᠷᠢ ᠪᠠᠨ ᠢᠯᠡᠷᠬᠡᠶᠢᠯᠡᠭᠰᠡᠨ ᠪᠠᠶᠢᠨ᠎ᠠ᠃ 2015 ᠤᠨ ᠤ 4 ᠍ ᠳᠤᠭᠠᠷ ᠰᠠᠷ᠎ᠠ ᠶᠢᠨ 24 ᠍ ᠳᠤ ᠪᠣᠯᠵᠤ ᠥᠩᠭᠡᠷᠡᠭᠰᠡᠨ ᠲᠤᠰ ᠬᠤᠷᠠᠯ ᠳᠤ ᠲᠡᠷᠡᠪᠡᠷᠨᠢᠭᠡᠳᠦᠭᠰᠡᠨ ᠦᠨᠳᠦᠰᠦᠳᠡᠨ ᠦ ᠪᠠᠶᠢᠭᠤᠯᠤᠯᠭ᠎ᠠ ᠤᠨ ᠳᠦᠷᠪᠡᠭᠰᠡᠳ ᠦᠨ ᠠᠰᠠᠭᠤᠳᠠᠯ ᠬᠠᠷᠢᠭᠤᠴᠠᠭᠰᠠᠨ ᠲᠤᠰᠬᠠᠢ ᠡᠯᠴᠢ ᠪᠡᠷ ᠣᠷᠣᠯᠴᠠᠭᠰᠠᠨ ᠪᠢᠯᠡ᠃ ᠲᠡᠭᠦᠨ ᠦ ᠬᠡᠯᠡᠵᠦ ᠪᠠᠶᠢᠭ᠎ᠠ ᠦᠭᠡᠰ ᠪᠦᠷ ᠨᠢ ᠣᠯᠠᠨ ᠢ ᠠᠯᠮᠠᠶᠢᠷᠠᠭᠤᠯᠵᠤ ᠪᠠᠶᠢᠭᠰᠠᠨ ᠪᠥᠭᠡᠳ ᠬᠦᠮᠦᠨ ᠪᠦᠷᠢ ᠲᠡᠭᠦᠨ ᠢ ᠵᠦᠵᠦᠭᠡᠴᠢᠨ ᠪᠤᠰᠤ ᠤᠯᠤᠰ ᠲᠥᠷᠦᠴᠢᠨ ᠭᠡᠬᠦ ᠨᠢᠳᠦ ᠪᠡᠷ ᠬᠠᠷᠠᠵᠤ᠂ ᠪᠢᠰᠢᠷᠡᠵᠦ ᠪᠠᠶᠢᠭᠰᠠᠨ ᠭᠡᠳᠡᠭ᠃ (ᠪᠦᠷᠢᠨ ᠠᠭᠤᠯᠭ᠎ᠠ ᠶᠢ ᠤᠩᠰᠢᠬᠤ)

ᠬᠤᠯᠠᠨ ᠬᠠᠲᠤᠨ
ᠬᠤᠯᠠᠨ ᠬᠠᠲᠤᠨ

ᠳᠠᠭᠠᠷᠢ-ᠦᠰᠦᠨ ᠦ ᠥᠬᠢᠨ ᠬᠤᠯᠠᠨ ᠨᠢ ᠴᠢᠩᠭᠢᠰ ᠬᠠᠭᠠᠨ ᠤ ᠳᠥᠷᠪᠡᠳᠦᠭᠡᠷ ᠪᠤᠶᠤ ᠬᠠᠮᠤᠭ ᠪᠠᠭ᠎ᠠ ᠬᠠᠲᠤᠨ ᠨᠢ ᠪᠠᠶᠢᠪᠠ᠃ ᠬᠤᠯᠠᠨ ᠨᠢ ᠬᠡᠳᠦᠢᠢᠪᠡᠷ ᠴᠢᠩᠭᠢᠰ ᠬᠠᠭᠠᠨ ᠤ ᠬᠠᠮᠤᠭ ᠪᠠᠭ᠎ᠠ ᠬᠠᠲᠤᠨ ᠪᠣᠯᠪᠠᠴᠤ ᠴᠢᠩᠭᠢᠰ ᠬᠠᠭᠠᠨ ᠤ ᠬᠤᠪᠢ ᠳᠤ ᠮᠠᠰᠢ ᠴᠢᠬᠤᠯᠠ ᠮᠦᠷᠲᠡᠭᠡᠨ ᠦᠨᠡᠬᠡᠷ ᠯᠠ ᠴᠢᠩᠭᠢᠰ ᠬᠠᠭᠠᠨ ᠤ ᠬᠠᠶᠢᠷ᠎ᠠ ᠶᠢ ᠲᠠᠲᠠᠭᠰᠠᠨ ᠵᠠᠯᠠᠭᠤᠬᠠᠨ ᠬᠠᠲᠤᠨ ᠪᠠᠶᠢᠭᠰᠠᠨ ᠶᠤᠮ᠃ ᠥᠪᠡᠷ ᠦᠨ ᠠᠪᠬᠤ ᠶᠢ ᠬᠦᠰᠡᠭᠰᠡᠨ ᠪᠦᠬᠦᠢᠢᠯᠠ ᠵᠦᠢᠯ ᠢ ᠠᠪᠬᠤ ᠶᠢ ᠬᠦᠰᠡᠳᠡᠭ ᠲᠡᠷᠡ ᠪᠡᠷ ᠴᠢᠩᠭᠢᠰ ᠬᠠᠭᠠᠨ ᠳᠤ ᠨᠢᠯᠬᠠᠷᠠᠳᠠᠭ ᠨᠢᠭᠡᠨ ᠪᠠᠶᠢᠯ᠎ᠠ᠃ ᠲᠤᠬᠠᠢ ᠶᠢᠨ ᠦᠶᠡᠰ ᠬᠤᠯᠠᠨ ᠬᠠᠲᠤᠨ ᠬᠡᠳᠦᠢᠢᠪᠡᠷ ᠠᠷᠪᠠᠨ ᠨᠠᠶᠢᠮᠠᠬᠠᠨ ᠨᠠᠰᠤᠲᠠᠢ ᠴᠤ ᠡᠴᠢᠭᠡ ᠶᠢᠨ ᠭᠡᠷ ᠲᠦ ᠡᠷᠬᠡ ᠲᠠᠩᠬᠢ ᠥᠰᠦᠭᠰᠡᠨ ᠮᠦᠷᠲᠡᠭᠡᠨ ᠣᠮᠣᠭᠯᠠᠩ ᠵᠠᠩ ᠲᠠᠢ᠂ ᠬᠣᠯᠠ ᠣᠶᠢᠷ᠎ᠠ ᠶᠢ ᠤᠬᠠᠨ ᠪᠣᠳᠣᠬᠤ ᠴᠢᠳᠠᠪᠤᠷᠢ ᠲᠠᠢ ᠰᠡᠷᠭᠦᠯᠡᠩ ᠪᠦᠰᠡᠭᠦᠢ ᠪᠠᠶᠢᠪᠠ᠃ ᠲᠡᠶᠢᠮᠦ ᠳᠦ ᠪᠡᠨ ᠮᠡᠷᠭᠡᠳ ᠠᠶᠢᠮᠠᠭ ᠢ ᠨᠥᠮᠥᠷᠦᠨ ᠢᠷᠡᠬᠦ ᠠᠶᠤᠯ ᠢ ᠮᠡᠳᠡᠷᠡᠵᠦ᠂ ᠪᠠᠰᠠ ᠡᠴᠢᠭᠡ ᠡᠪᠦᠭᠡᠳ ᠦᠨ ᠡᠰᠡᠷᠭᠦᠴᠡᠯ ᠢᠯᠠᠭᠳᠠᠭᠰᠠᠨ ᠤᠷᠰᠢᠭ ᠢᠶᠠᠷ ᠠᠯᠠᠭᠳᠠᠬᠤ ᠶᠢ ᠬᠦᠰᠡᠬᠦ ᠦᠭᠡᠢ ᠪᠠᠶᠢᠯ᠎ᠠ᠃ ᠬᠠᠮᠤᠭ ᠤᠨ ᠭᠣᠣᠯ ᠨᠢ ᠲᠡᠷᠡ ᠲᠠᠯ᠎ ᠠ ᠨᠤᠲᠤᠭ ᠤᠨ ᠪᠠᠭᠠᠲᠤᠷ ᠲᠡᠮᠦᠵᠢᠨ ᠲᠡᠢ ᠬᠠᠮᠲᠤ ᠲᠠᠯ᠎ᠠ ᠨᠤᠲᠤᠭ ᠲᠤ ᠴᠤ᠋ ᠰᠢᠨ᠎ᠡ ᠠᠮᠢᠳᠤᠷᠠᠯ᠂ ᠴᠤ᠋ ᠰᠢᠨ᠎ᠡ ᠴᠠᠭ ᠦᠶ᠎ᠡ ᠢᠷᠡᠵᠦ ᠪᠠᠶᠢᠭ᠎ᠠ ᠶᠢ ᠬᠤᠯᠠᠨ ᠵᠠᠯᠠᠭᠤ ᠬᠦᠮᠦᠨ ᠦ ᠶᠣᠰᠣᠭᠠᠷ ᠣᠶᠢᠯᠠᠭᠠᠵᠤ ᠮᠡᠳᠡᠷᠡᠭᠰᠡᠨ ᠶᠠᠪᠤᠳᠠᠯ ᠶᠤᠮ᠃ 1204 ᠤᠨ ᠪᠤᠶᠤ ᠬᠤᠯᠤᠭᠠᠨ᠎ᠠ ᠵᠢᠯ ᠦᠨ ᠨᠠᠮᠤᠷ᠂ ᠴᠢᠩᠭᠢᠰ ᠬᠠᠭᠠᠨ ᠬᠤᠯᠠᠨ ᠢ ᠬᠠᠲᠤᠨ ᠰᠠᠭᠤᠳᠠᠯ ᠳᠤ ᠵᠠᠯᠠᠵᠠᠢ᠃ ᠬᠤᠯᠠᠨ ᠬᠠᠲᠤᠨ ᠬᠠᠭᠠᠨ ᠤ ᠳᠡᠷᠭᠡᠳᠡ ᠪᠠᠶᠢᠵᠤ ᠪᠠᠷᠠᠭᠤᠨ ᠵᠦᠭ ᠰᠠᠷᠲᠠᠭᠤᠯ ᠢᠷᠭᠡᠨ ᠳᠦ ᠳᠠᠶᠢᠯᠠᠷ᠎ᠠ ᠮᠣᠷᠳᠠᠬᠤ ᠳᠤ ᠮᠥᠨ ᠳᠠᠭᠠᠯᠳᠤᠨ ᠶᠠᠪᠤᠵᠤ ᠪᠠᠶᠢᠵᠠᠢ᠃ (ᠪᠦᠷᠢᠨ ᠠᠭᠤᠯᠭ᠎ᠠ ᠶᠢ ᠤᠩᠰᠢᠬᠤ)

ᠳᠠᠯᠠᠩ
ᠳᠠᠯᠠᠩ

ᠳᠠᠯᠠᠩ (ᠠᠩᠭᠯᠢ ᠪᠠᠷ dike, dyke, embankment, floodbank ᠡᠰᠡᠪᠡᠯ stopbank) ᠨᠢ ᠪᠠᠶᠢᠭᠠᠯᠢ ᠶᠢᠨ ᠬᠦᠴᠦᠨ ᠵᠦᠢᠯ ᠢᠶᠡᠷ ᠪᠤᠢ ᠪᠣᠯᠤᠭᠰᠠᠨ ᠡᠰᠡᠪᠡᠯ ᠬᠦᠮᠦᠨ ᠦ ᠭᠠᠷ ᠢᠶᠠᠷ ᠪᠠᠷᠢᠭᠳᠠᠭᠰᠠᠨ ᠬᠠᠨ᠎ᠠ ᠮᠠᠶ᠋ᠢᠭ ᠤᠨ ᠪᠠᠷᠢᠯᠭ᠎ᠠ ᠪᠠᠶᠢᠭᠤᠯᠤᠮᠵᠢ᠂ ᠨᠢᠷᠤᠭᠤ ᠶᠢ ᠬᠡᠯᠡᠬᠦ ᠪᠠ ᠶᠡᠬᠡᠩᠬᠢ ᠳᠦ ᠪᠡᠨ ᠤᠰᠤᠨ ᠤ ᠲᠦᠪᠰᠢᠨ ᠢ ᠲᠣᠬᠢᠷᠠᠭᠤᠯᠬᠤ ᠵᠣᠷᠢᠯᠭ᠎ᠠ ᠪᠠᠷ ᠪᠠᠷᠢᠭᠳᠠᠳᠠᠭ᠃ ᠳᠠᠯᠠᠩ ᠤᠨ ᠬᠡᠷᠡᠭᠯᠡᠭᠡ ᠶᠡᠬᠡ ᠪᠠᠶᠢᠬᠤ ᠪᠠ ᠶᠡᠬᠡᠪᠴᠢᠯᠡᠨ ᠭᠠᠵᠠᠷ ᠨᠤᠲᠤᠭ ᠢ ᠤᠰᠤ᠂ ᠦᠶᠡᠷ ᠡᠴᠡ ᠬᠠᠮᠠᠭᠠᠯᠠᠬᠤ ᠵᠣᠷᠢᠯᠭ᠎ᠠ ᠲᠠᠢ ᠤᠴᠢᠷ ᠠᠴᠠ ᠭᠣᠣᠯ ᠤᠨ ᠤᠷᠤᠰᠬᠠᠯ ᠤᠨ ᠴᠢᠭᠯᠡᠯ᠂ ᠳᠠᠯᠠᠢ ᠶᠢᠨ ᠡᠷᠭᠢ ᠶᠢᠨ ᠱᠤᠭᠤᠮ ᠭᠡᠬᠦ ᠮᠡᠲᠦ ᠣᠪᠢᠶᠧᠺᠲ ᠲᠤ ᠂ ᠶᠡᠬᠡᠪᠴᠢᠯᠡᠨ ᠤᠯᠠ ᠬᠥᠷᠦᠰᠦ ᠪᠡᠷ ᠪᠠᠷᠢᠭᠳᠠᠳᠠᠭ᠃ (ᠪᠦᠷᠢᠨ ᠠᠭᠤᠯᠭ᠎ᠠ ᠶᠢ ᠤᠩᠰᠢᠬᠤ)

ᠽᠠᠨᠳᠠᠨ ︱ 3 ᠶ᠋ᠢᠨ ᠲᠠᠩ
ᠽᠠᠨᠳᠠᠨ ︱ 3 ᠶ᠋ᠢᠨ ᠲᠠᠩ

ᠽᠠᠨᠳᠠᠨ ︱ 3 ᠶ᠋ᠢᠨ ᠲᠠᠩ(三味檀香汤散) - ᠲᠤᠰ ᠨᠠᠢᠢᠷᠠᠯᠭ᠎ᠠ ᠪᠣᠯ ᠡᠬᠡᠬᠦᠨ ᠠᠮᠲᠠ᠂ ᠰᠡᠷᠢᠭᠦᠨ᠂ ᠮᠣᠬᠤᠳᠠᠭ ᠴᠢᠨᠠᠷ ᠲᠠᠢ ᠂ ᠵᠢᠷᠦᠬᠡᠨ  ᠤ ᠬᠢᠮᠤᠷᠠᠭᠰᠠᠨ ᠬᠠᠯᠠᠭᠤᠨ  ᠢ ᠠᠷᠢᠯᠭᠠᠬᠤ ᠂ ᠴᠠᠭᠠᠨ ᠽᠠᠨᠳᠠᠨ  ᠢᠶᠠᠷ ᠭᠣᠣᠯᠯᠠᠭᠴᠢ ᠡᠮ ᠪᠣᠯᠭᠠᠵᠤ ᠂ ᠵᠢᠷᠦᠬᠡᠨ ᠬᠠᠯᠠᠭᠤᠨ  ᠢ ᠠᠷᠢᠯᠭᠠᠵᠤ ᠂ ᠵᠢᠷᠦᠬᠡᠨ ᠲᠠᠮᠢᠷ  ᠢ ᠰᠠᠢᠢᠵᠢᠷᠠᠭᠤᠯᠬᠤ ᠵᠢᠷᠦᠬᠡᠨ ᠱᠤᠱᠠ ᠪᠤᠯᠤᠨ ᠲᠣᠰᠤᠯᠢᠭ᠂ ᠪᠦᠯᠢᠶᠡᠨ ᠴᠢᠨᠠᠷ ᠲᠠᠢ᠂ ᠵᠢᠷᠦᠬᠡᠨ ᠭᠡᠢ ᠵᠢ ᠳᠠᠷᠤᠬᠤ ᠵᠢᠷᠦᠬᠡᠨ  ᠤ ᠰᠠᠢᠢᠨ ᠡᠮ ᠽᠠᠳᠢ  ᠶᠢ ᠬᠠᠪᠰᠤᠷᠤᠬᠴᠢ ᠡᠮ ᠪᠣᠯᠭᠠᠨ ᠨᠠᠢᠢᠷᠠᠭᠤᠯᠤᠭᠰᠠᠨ ᠲᠤᠯᠠ ᠡᠬᠡᠭᠦᠨ ᠠᠮᠲᠠ᠂ ᠰᠡᠷᠢᠭᠦᠨ᠂ ᠮᠣᠬᠤᠳᠠᠭ ᠴᠢᠨᠠᠷ  ᠢᠶᠡᠷ  ᠢᠶᠡᠨ ᠬᠠᠯᠠᠭᠤᠨ  ᠢ ᠠᠷᠢᠯᠭᠠᠵᠤ᠂ ᠲᠣᠰᠤᠯᠢᠭ ᠪᠦᠯᠢᠶᠡᠨ ᠴᠢᠨᠠᠷ  ᠢᠶᠡᠷ  ᠢᠶᠡᠨ ᠲᠠᠮᠢᠷ  ᠢ ᠰᠠᠢᠢᠵᠢᠷᠠᠭᠤᠯᠵᠤ᠂ ᠵᠢᠷᠦᠬᠡᠨ ᠬᠠᠯᠠᠭᠤᠨ  ᠢ ᠠᠷᠢᠯᠭᠠᠬᠤ ᠂ ᠵᠢᠷᠦᠬᠡᠨ ᠲᠠᠮᠢᠷ  ᠢ ᠰᠠᠢᠢᠵᠢᠷᠠᠭᠤᠯᠬᠤ ᠴᠢᠳᠠᠯ ᠲᠠᠢ ᠨᠠᠢᠢᠷᠠᠯᠭ᠎ᠠ ᠪᠣᠯᠵᠤ ᠪᠦᠷᠢᠯᠳᠦᠵᠡᠢ ᠃ (ᠪᠦᠷᠢᠨ ᠠᠭᠤᠯᠭ᠎ᠠ ᠶᠢ ᠤᠩᠰᠢᠬᠤ)

ᠬᠠᠪᠤᠯ ᠬᠠᠭᠠᠨ
ᠬᠠᠪᠤᠯ ᠬᠠᠭᠠᠨ

ᠬᠠᠪᠤᠯ ᠬᠠᠭᠠᠨ ᠨᠢ ᠴᠢᠩᠭᠢᠰ ᠬᠠᠭᠠᠨ ᠤ ᠡᠯᠦᠨᠴᠡ ᠡᠴᠢᠭᠡ ᠪᠥᠭᠡᠳ ᠬᠠᠮᠤᠭ ᠮᠣᠩᠭᠣᠯ ᠤᠨ ᠠᠩᠬᠠᠨ ᠤ ᠬᠠᠭᠠᠨ ᠶᠤᠮ᠃ ᠬᠠᠪᠤᠯ ᠬᠠᠭᠠᠨ ᠠᠷᠪᠠᠨ ᠨᠢᠭᠡᠳᠦᠭᠡᠷ ᠵᠠᠭᠤᠨ ᠤ ᠰᠡᠭᠦᠯᠴᠢ ᠪᠡᠷ (1084 ᠤᠨ) ᠲᠤᠮᠪᠢᠨᠠᠢ ᠰᠡᠴᠡᠨ ᠤ ᠬᠣᠶᠠᠷ ᠬᠥᠪᠡᠭᠦᠨ ᠦ ᠬᠢᠨᠢ ᠠᠬᠠᠮᠠᠳ ᠨᠢ ᠪᠣᠯᠤᠨ ᠵᠠᠶᠠᠭᠠᠭᠰᠠᠨ ᠭᠡᠵᠦ ᠨᠢᠭᠤᠴᠠ ᠲᠣᠪᠴᠢᠶᠠᠨ ᠳᠤ ᠳᠤᠷᠠᠳᠤᠭᠰᠠᠨ ᠪᠣᠯ «ᠰᠤᠳᠤᠷ ᠤᠨ ᠴᠢᠭᠤᠯᠭᠠᠨ» ᠍ ᠳᠦ ᠲᠤᠮᠪᠢᠨᠠᠢ ᠬᠠᠨ ᠤ ᠵᠢᠷᠭᠤᠭᠠᠳᠠᠬᠢ ᠬᠥᠪᠡᠭᠦᠨ᠂ ᠲᠡᠭᠦᠨ ᠦ ᠪᠠᠭ᠎ᠠ ᠬᠠᠲᠤᠨ ᠤ ᠤᠤᠭᠠᠨ ᠬᠦᠦ ᠪᠣᠯᠤᠨ ᠵᠠᠶᠠᠭᠠᠭᠰᠠᠨ ᠭᠡᠵᠦ ᠦᠭᠦᠯᠡᠭᠰᠡᠨ ᠪᠠᠶᠢᠳᠠᠭ᠃ ᠬᠠᠪᠤᠯ ᠬᠠᠭᠠᠨ ᠪᠣᠯ ᠪᠣᠳᠣᠨᠴᠠᠷ ᠤᠨ ᠨᠠᠶᠢᠮᠠᠳᠤᠭᠠᠷ ᠦᠶ᠎ᠡ ᠶᠢᠨ ᠠᠴᠢ ᠶᠤᠮ᠃ ᠬᠠᠪᠤᠯ ᠬᠠᠭᠠᠨ ᠬᠠᠷ᠎ᠠ ᠪᠠᠭ᠎ᠠ ᠠᠴᠠ ᠪᠠᠨ ᠣᠨᠣᠨ ᠮᠥᠷᠡᠨ ᠦ ᠤᠰᠤᠨ ᠳᠤ ᠱᠤᠩᠪᠠᠵᠤ᠂ ᠰᠠᠶᠢᠨ ᠤᠰᠤᠴᠢᠨ ᠪᠣᠯᠵᠠᠢ᠃ ᠲᠡᠷᠡᠪᠡᠷ ᠪᠦᠲᠦᠨ ᠬᠣᠨᠢᠨ ᠤ ᠮᠢᠬ᠎ᠠ ᠶᠢ ᠢᠳᠡᠵᠦ ᠳᠠᠭᠤᠰᠲᠠᠯ᠎ᠠ ᠤᠰᠤᠨ ᠳᠣᠣᠷ᠎ᠠ ᠪᠠᠶᠢᠵᠤ ᠴᠢᠳᠠᠳᠠᠭ ᠠᠵᠢ᠃ ᠬᠠᠮᠤᠭ ᠮᠣᠩᠭᠣᠯ ᠤᠯᠤᠰ ᠬᠠᠪᠤᠯ ᠬᠠᠭᠠᠨ ᠤ ᠦᠶ᠎ᠡ ᠳᠦ ᠬᠦᠴᠦᠷᠬᠡᠭᠵᠢᠵᠦ᠂ ᠭᠠᠳᠠᠭᠠᠳᠤ ᠳᠤ ᠨᠡᠷ᠎ᠡ ᠨᠢ ᠠᠯᠳᠠᠷᠰᠢᠪᠠ᠃ ᠬᠠᠪᠤᠯ ᠬᠠᠭᠠᠨ ᠤ ᠳᠣᠲᠣᠭᠠᠳᠤ ᠳᠤ ᠪᠠᠨ ᠭᠦᠢᠴᠡᠳᠭᠡᠭᠰᠡᠨ ᠭᠣᠣᠯ ᠭᠠᠪᠢᠶ᠎ᠠ ᠪᠣᠯ ᠤᠯᠤᠰ ᠢ ᠪᠠᠶᠢᠭᠤᠯᠤᠭᠰᠠᠨ᠂ ᠶᠡᠬᠡᠰ ᠳᠡᠭᠡᠳᠦᠰ ᠦᠨ ᠬᠤᠷᠠᠯᠳᠠᠢ ᠶᠢ ᠬᠤᠷᠠᠭᠤᠯᠤᠨ ᠬᠠᠭᠠᠨ ᠰᠣᠩᠭᠣᠵᠤ᠂ ᠪᠣᠷᠵᠢᠭᠢᠨ ᠤ ᠤᠭᠰᠠᠭ᠎ᠠ ᠵᠠᠯᠭᠠᠮᠵᠢᠯᠠᠯ ᠢ ᠪᠤᠢ ᠪᠣᠯᠭᠠᠭᠰᠠᠨ ᠶᠠᠪᠤᠳᠠᠯ ᠶᠤᠮ᠃ ᠬᠠᠪᠤᠯ ᠬᠠᠭᠠᠨ ᠮᠣᠩᠭᠣᠯ ᠤᠨ ᠲᠡᠦᠬᠡᠨ ᠳᠦ ᠶᠡᠬᠡ ᠭᠠᠪᠢᠶ᠎ᠠ ᠪᠠᠶᠢᠭᠤᠯᠤᠭᠰᠠᠨ ᠤᠯᠤᠰ ᠲᠥᠷᠥ᠂ ᠴᠡᠷᠢᠭ ᠦᠨ ᠲᠣᠮᠣ ᠵᠢᠳᠬᠦᠯᠲᠡᠨ ᠪᠠᠶᠢᠵᠠᠢ᠃ ᠬᠠᠮᠤᠭ ᠮᠣᠩᠭᠣᠯ ᠤᠯᠤᠰ ᠢ ᠬᠠᠪᠤᠯ ᠬᠠᠭᠠᠨ ᠪᠠᠶᠢᠭᠤᠯᠤᠭ᠎ᠠ ᠦᠭᠡᠢ ᠪᠣᠯ ᠮᠣᠩᠭᠣᠯᠴᠤᠳ ᠤᠨ ᠨᠢᠭᠡᠳᠦᠯ ᠨᠡᠩ ᠤᠳᠠᠭᠠᠰᠢᠷᠠᠵᠤ ᠶᠡᠬᠡ ᠮᠣᠩᠭᠣᠯ ᠤᠯᠤᠰ ᠪᠠᠶᠢᠭᠤᠯᠤᠭᠳᠠᠬᠤ ᠳᠤ ᠴᠤ ᠪᠡᠷᠬᠡᠰᠢᠶᠡᠯ ᠤᠴᠠᠷᠠᠬᠤ ᠪᠠᠶᠢᠭᠰᠠᠨ ᠶᠤᠮ᠃ (ᠪᠦᠷᠢᠨ ᠠᠭᠤᠯᠭ᠎ᠠ ᠶᠢ ᠤᠩᠰᠢᠬᠤ)

ᠠᠽᠢᠶ᠎ᠠ-ᠧᠦ᠋ᠷᠣᠫᠠ ᠶᠢᠨ ᠠᠭᠤᠯᠵᠠᠯᠲᠠ (АSЕМ)
ᠠᠽᠢᠶ᠎ᠠ-ᠧᠦ᠋ᠷᠣᠫᠠ ᠶᠢᠨ ᠠᠭᠤᠯᠵᠠᠯᠲᠠ (АSЕМ)

ASEM (ᠠᠩᠭᠯᠢ ᠪᠠᠷ Asia-Europe Meeting,ASEMᠬᠢᠲᠠᠳ ᠢᠶᠠᠷ 亚欧会议)  ᠨᠢ ᠠᠽᠢᠶ᠎ᠠ᠂ ᠧᠦ᠋ᠷᠣᠫᠠ ᠶᠢᠨ ᠣᠷᠣᠨ ᠨᠤᠭᠤᠳ ᠤᠨ ᠡᠷᠬᠡ ᠲᠡᠭᠰᠢ ᠬᠠᠷᠢᠯᠴᠠᠭᠠᠨ ᠳᠤ ᠰᠠᠭᠤᠷᠢᠯᠠᠭᠰᠠᠨ ᠤᠯᠤᠰ ᠲᠥᠷᠥ᠂ ᠡᠳ᠋ ᠍ ᠦᠨ ᠵᠠᠰᠠᠭ᠂ ᠨᠡᠶᠢᠭᠡᠮ ᠰᠤᠶᠤᠯ ᠤᠨ ᠨᠡᠶᠢᠲᠡᠯᠢᠭ ᠲᠤᠯᠭᠠᠮᠳᠠᠭᠰᠠᠨ ᠠᠰᠠᠭᠤᠳᠠᠯ ᠢ ᠬᠡᠯᠡᠯᠴᠡᠳᠡᠭ ᠵᠠᠰᠠᠭ ᠤᠨ ᠭᠠᠵᠠᠷ ᠬᠣᠭᠣᠷᠣᠨᠳᠣ ᠶᠢᠨ ᠠᠯᠪᠠᠨ ᠪᠤᠰᠤ ᠶᠠᠷᠢᠶ᠎ᠠ ᠬᠡᠯᠡᠯᠴᠡᠭᠡᠨ ᠦ ᠬᠠᠮᠲᠤ ᠶᠢᠨ ᠠᠵᠢᠯᠯᠠᠭ᠎ᠠ ᠪᠥᠭᠡᠳ 2 ᠵᠢᠯ ᠲᠤᠲᠤᠮ ᠳᠤ ᠬᠤᠷᠠᠯᠳᠤᠳᠠᠭ᠃ 1996 ᠤᠨ ᠳᠤ 26 ᠭᠡᠰᠢᠭᠦᠨ ᠲᠡᠢ ᠦᠢᠯᠡ ᠠᠵᠢᠯᠯᠠᠭ᠎ᠠ ᠶᠢ ᠪᠠᠨ ᠡᠬᠢᠯᠡᠵᠦ ᠪᠠᠶᠢᠭᠰᠠᠨ ᠠᠽᠢᠶ᠎ᠠ-ᠧᠦ᠋ᠷᠣᠫᠠ ᠶᠢᠨ ᠶᠠᠷᠢᠶ᠎ᠠ ᠬᠡᠯᠡᠯᠴᠡᠭᠡᠨ ᠦ ᠴᠢᠭᠤᠯᠭᠠᠨ ᠡᠳᠦᠭᠡ 51 ᠣᠷᠣᠨ᠂ 2 ᠣᠯᠠᠨ ᠤᠯᠤᠰ ᠤᠨ ᠪᠠᠶᠢᠭᠤᠯᠤᠯᠭ᠎ᠠ ᠶᠢ ᠡᠩᠨᠡᠭᠡᠨ ᠳᠦ ᠪᠡᠨ ᠨᠢᠭᠡᠳᠬᠡᠨ ᠥᠷᠭᠡᠵᠢᠵᠡᠢ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠰᠯᠡᠯ ᠪᠡᠭᠡᠵᠢᠩ ᠬᠣᠲᠠᠨ᠎ᠠ 2008 ᠤᠨ ᠳᠤ ᠴᠢᠭᠤᠯᠤᠭᠰᠠᠨ 7 ᠳᠠᠬᠢ ᠤᠳᠠᠭ᠎ᠠ ᠶᠢᠨ ᠴᠢᠭᠤᠯᠭ᠎ᠠ ᠠᠭᠤᠯᠵᠠᠯᠲᠠ ᠪᠠᠷ ᠮᠣᠩᠭᠣᠯ ᠤᠯᠤᠰ ASEM ᠍ ᠤᠨ ᠭᠡᠰᠢᠭᠦᠨ ᠢᠶᠡᠷ ᠡᠯᠰᠡᠭᠳᠡᠭᠰᠡᠨ᠃ (ᠪᠦᠷᠢᠨ ᠠᠭᠤᠯᠭ᠎ᠠ ᠶᠢ ᠤᠩᠰᠢᠬᠤ)

ᠭᠠᠦ᠋ᠲᠠᠮ᠎ᠠ_ᠪᠤᠳ᠋ᠳ᠋ᠾᠠ
 ᠭᠠᠦ᠋ᠲᠠᠮ᠎ᠠ ᠪᠤᠳ᠋ᠳ᠋ᠾᠠ

ᠭᠠᠦ᠋ᠲᠠᠮ᠎ᠠ ᠪᠤᠳ᠋ᠳ᠋ᠾᠠ (ᠰᠠᠨᠰᠺᠷᠢᠳ᠋: गौतम बुद्ध) ᠪᠤᠶᠤ ᠰᠢᠳ ᠲᠠᠲ᠋ᠠ ᠭᠠᠦ᠋ᠲᠠᠮ᠎ᠠ ᠨᠢ ᠡᠷᠲᠡᠨ ᠦ ᠡᠨᠡᠳᠬᠡᠭ ᠦᠨ ᠱᠠᠰᠢᠨ ᠤ ᠪᠠᠭᠰᠢ ᠪᠠ ᠪᠤᠷᠬᠠᠨ ᠤ ᠱᠠᠰᠢᠨ  ᠦ ᠦᠨᠳᠦᠰᠦᠯᠡᠭᠴᠢ ᠪᠠᠶᠢᠪᠠ᠃ ᠪᠤᠳ᠋ᠳ᠋ᠾᠠ ᠶᠢᠨ ᠱᠠᠰᠢᠨᠲᠠᠨ ᠨᠤᠭᠤᠳ ᠨᠢ ᠲᠡᠭᠦᠨ ᠢ ᠳᠡᠭᠡᠳᠦ ᠪᠤᠳ᠋ᠳ᠋ᠾᠠ ᠭᠡᠵᠦ ᠦᠵᠡᠳᠡᠭ᠃ ᠲᠡᠷᠡ ᠯᠦᠮᠪᠢᠨᠢ ᠳᠤ ᠬᠠᠭᠠᠨ ᠡᠴᠢᠭᠡ ᠰᠠᠬᠢᠶ᠎ᠠ ᠣᠪᠤᠭ ᠤᠨ ᠰᠢᠳᠦᠳᠬᠣᠳᠠᠨ᠎ᠠ᠂ ᠡᠬᠡ ᠮᠢᠬᠠᠮᠠᠶᠠ ᠬᠠᠲᠠᠨ ᠤ ᠠᠭᠢ ᠬᠦᠪᠡᠭᠦᠨ ᠪᠣᠯᠤᠨ ᠲᠦᠷᠦᠪᠡ᠃ ᠲᠡᠭᠦᠨ ᠦ ᠲᠦᠷᠦᠭᠰᠡᠨ ᠵᠢᠯ᠂ ᠨᠠᠰᠤ ᠪᠠᠷᠠᠭᠰᠠᠨ ᠵᠢᠯ  ᠲᠣᠳᠣᠷᠬᠠᠢ ᠪᠤᠰᠤ᠃ ᠶᠡᠬᠡᠩᠬᠢ ᠲᠡᠦᠬᠡᠴᠢᠳ  ᠲᠡᠭᠦᠨ ᠦ ᠠᠮᠢᠳᠤᠷᠠᠵᠤ ᠪᠠᠢᠭᠰᠠᠨ ᠴᠠᠭ  ᠢ  ᠨᠡᠢᠳᠡ ᠶᠢᠨ ᠤᠨ ᠲᠣᠭᠠᠯᠠᠯ ᠡᠴᠠ ᠡᠮᠦᠨ᠎ᠡ 536 ᠤᠨ ᠠᠴᠠ ᠨᠡᠢᠳᠡ ᠶᠢᠨ ᠤᠨ ᠲᠣᠭᠠᠯᠠᠯ ᠡᠴᠠ ᠡᠮᠦᠨ᠎ᠡ 483 ᠤᠨ  ᠦ ᠬᠣᠭᠣᠷᠣᠨᠳᠣ ᠪᠠᠶᠢᠭᠰᠠᠨ ᠭᠡᠵᠦ ᠦᠵᠡᠳᠡᠭ᠃ (ᠪᠦᠷᠢᠨ ᠠᠭᠤᠯᠭ᠎ᠠ ᠶᠢ ᠤᠩᠰᠢᠬᠤ)

 ᠳᠢᠽᠧᠨᠢ
 ᠳᠢᠽᠧᠨᠢ

ᠲᠡᠯᠡᠬᠡᠢ  ᠳᠤ ᠠᠯᠳᠠᠷᠳᠠᠢ  ᠳᠢᠽᠧᠨᠢ( ᠳᠢᠽᠧᠨᠢ ᠺᠤᠮᠫᠠᠨᠢ) ᠵᠢᠨ ᠪᠦᠬᠦᠯᠢ ᠨᠡᠷ ᠡ ᠨᠢ The Walt Disney Company ᠬᠡᠳᠡᠭ᠂ ᠡᠬᠦᠰᠬᠡᠨ ᠪᠠᠢ᠋ᠭᠤᠯᠤᠭᠴᠢ ᠸᠤᠯᠲ  ᠳᠢᠽᠧᠨᠢ ᠵᠢᠨ ᠨᠡᠷ ᠡ ᠡᠴᠡ ᠢᠷᠡᠯᠳᠠᠳᠠᠢ᠃ ᠶᠡᠷᠦᠨᠭᠬᠡᠢ ᠺᠤᠮᠫᠠᠨᠢ ᠨᠢ ᠠᠮᠧᠷᠢᠺᠡ ᠵᠢᠨ ᠪᠧᠷᠪᠠᠨᠭᠬᠢ (Burbank ) ᠬᠤᠳᠠ  ᠳᠤ ᠪᠠᠢ᠋ᠷᠢᠯᠠᠳᠠᠭ ᠤᠯᠤᠰ ᠠᠯᠰᠤᠯᠠᠭᠰᠠᠨ ᠲᠤᠮᠤ ᠺᠤᠮᠫᠠᠨᠢ ᠪᠤᠯᠤᠨ᠎ᠠ᠃ ᠭᠤᠤᠯᠳᠠᠭᠤ ᠰᠤᠶᠤᠯ ᠤᠷᠠᠯᠢᠭ  ᠤᠨ ᠲᠤᠭᠯᠠᠯᠳᠠ ᠵᠢᠨ ᠪᠦᠳᠦᠬᠡᠯ ᠂ ᠭᠤᠤᠯ ᠰᠡᠳᠤᠪᠳᠤ ᠴᠡᠴᠡᠷᠯᠢᠭ᠂ ᠲᠤᠭᠯᠠᠭᠠᠮ᠂ ᠡᠯᠧᠺᠲᠷᠤᠨ ᠲᠤᠭᠯᠠᠭᠠᠮ ᠪᠠ ᠵᠠᠭᠤᠴᠢᠯᠠᠭᠤᠷ  ᠤᠨ ᠢᠨᠲ᠋ᠧᠷᠨᠧᠲ ᠵᠡᠷᠬᠡ ᠵᠢ ᠪᠠᠭᠳᠠᠭᠠᠳᠠᠭ᠃ PIXAR Animation StudioMarvel Entertainment IncTouchstone PicturesMiramax ᠺᠢᠨᠤ᠋ ᠵᠢᠨ ᠦᠢᠯᠡᠳᠪᠦᠷᠢBuena Vista Home EntertainmentHollywood PicturesESPN᠂ᠠᠮᠧᠷᠢᠺᠡ ᠵᠢᠨ ᠷᠠᠳᠢᠤ᠋ ᠨᠡᠪᠳᠡᠷᠡᠬᠦᠯᠦᠬᠡ ᠵᠢᠨ ᠺᠤᠮᠫᠠᠨᠢ ᠨᠢ ᠪᠦᠷ ᠲᠡᠬᠦᠨ  ᠤ ᠬᠠᠷᠢᠶᠠᠨ  ᠳᠤ ᠪᠠᠭᠳᠠᠨ᠎ᠠ᠃ 2012 ᠤᠨ  ᠤ 11 ᠰᠠᠷ ᠡ  ᠳᠤ Lucas ᠺᠢᠨᠤ᠋ ᠵᠢᠨ ᠦᠢᠯᠡᠰ  ᠢ ᠬᠤᠳᠠᠯᠳᠤᠨ ᠠᠪᠤᠭᠰᠠᠨ ᠪᠠᠢ᠋ᠨ᠎ᠠ ᠃ (ᠪᠦᠷᠢᠨ ᠠᠭᠤᠯᠭ᠎ᠠ ᠶᠢ ᠤᠩᠰᠢᠬᠤ)

ᠡᠭ ᠦᠨ ᠭᠣᠣᠯ
ᠡᠭ ᠦᠨ ᠭᠣᠣᠯ

ᠡᠭ ᠦᠨ ᠭᠣᠣᠯ ᠨᠢ ᠬᠥᠪᠰᠥᠭᠥᠯ ᠨᠠᠭᠤᠷ ᠠᠴᠠ ᠡᠬᠢ ᠠᠪᠤᠨ ᠬᠥᠪᠰᠥᠭᠥᠯᠪᠤᠯᠠᠭᠠᠨ ᠠᠶᠢᠮᠠᠭ ᠤᠳ ᠤᠨ ᠨᠤᠲᠤᠭ ᠢᠶᠠᠷ ᠤᠷᠤᠰᠤᠨ ᠰᠡᠯᠡᠩᠭᠡ ᠮᠥᠷᠡᠨ ᠳᠤ ᠵᠡᠭᠦᠨ ᠭᠠᠷ ᠠᠴᠠ ᠨᠢ ᠴᠢᠳᠬᠤᠳᠠᠭ ᠮᠣᠩᠭᠣᠯ ᠣᠷᠣᠨ ᠤ ᠬᠠᠮᠤᠭ ᠤᠨ ᠭᠦᠨ ᠴᠡᠩᠭᠡᠭ ᠭᠣᠣᠯ ᠶᠤᠮ᠃ ᠡᠭ ᠦᠨ ᠭᠣᠣᠯ ᠤᠨ ᠤᠷᠲᠤ ᠨᠢ 475 ᠺᠢᠯᠤᠮᠸᠲᠷ᠂ ᠤᠰᠤ ᠬᠤᠷᠢᠶᠠᠬᠤ ᠰᠠᠪᠠ ᠶᠢᠨ ᠲᠠᠯᠠᠪᠠᠢ ᠨᠢ 40454 ᠬᠠᠪᠲᠠᠭᠠᠢ ᠳᠥᠷᠪᠡᠯᠵᠢᠨ ᠺᠢᠯᠤᠮᠸᠲᠷ ᠪᠥᠭᠡᠳ ᠤᠰᠤᠨ ᠤ ᠤᠨᠠᠯ ᠨᠢ ᠨᠡᠶᠢᠲᠡ ᠤᠷᠲᠤ ᠳᠤ 815 ᠮᠸᠲᠷ ᠪᠤᠶᠤ km ᠪᠦᠷᠢ ᠳᠤ 2 ᠮᠸᠲᠷ ᠣᠷᠴᠢᠮ ᠪᠣᠯᠤᠨ᠎ᠠ᠃ ᠳᠤᠮᠳᠠᠴᠢ ᠬᠡᠪᠡᠭᠡᠢ ᠨᠢ 0.0017% ᠪᠠᠶᠢᠳᠠᠭ᠃ ᠡᠭ ᠦᠨ ᠭᠣᠣᠯ ᠣᠢ ᠬᠥᠪᠴᠢ ᠪᠦᠬᠦᠢ ᠪᠡᠰᠡᠷᠡᠭ ᠠᠭᠤᠯᠠᠰ ᠤᠨ ᠳᠤᠮᠳᠠᠭᠤᠷ ᠤᠷᠤᠰᠳᠠᠭ ᠪᠦᠭᠡᠳ ᠬᠤᠶᠠᠷ ᠲᠠᠯ᠎ᠠ ᠶᠢᠨ ᠠᠭᠤᠯᠠᠰ ᠨᠢ ᠵᠠᠷᠢᠮ ᠭᠠᠵᠠᠷ ᠲᠤ 100-150 ᠮᠸᠲᠷ ᠬᠦᠷᠲᠡᠯ᠎ᠡ ᠢᠪᠴᠤᠤᠷᠠᠵᠤ᠂ ᠡᠭᠴᠡ ᠥᠨᠳᠥᠷ ᠬᠠᠳᠠᠨ ᠬᠢᠰᠠᠭ᠎ᠠ ᠲᠠᠢ ᠬᠠᠪᠴᠢᠯ ᠡᠭᠦᠰᠭᠡᠬᠦ ᠲᠤᠯᠠ ᠭᠣᠣᠯ ᠤᠨ ᠬᠥᠨᠳᠡᠢ ᠶᠢᠨ ᠲᠥᠷᠬᠥ ᠪᠠᠶᠢᠳᠠᠯ ᠮᠠᠰᠢ ᠦᠵᠡᠰᠬᠦᠯᠡᠩ ᠲᠡᠢ ᠪᠠᠶᠢᠳᠠᠭ᠃ ᠭᠣᠣᠯ ᠤᠨ ᠤᠷᠤᠰᠬᠠᠯ ᠨᠢ ᠡᠬᠢᠨ ᠡᠴᠡ ᠪᠡᠨ ᠠᠳᠠᠭ ᠲᠤ ᠬᠦᠷᠲᠡᠯ᠎ᠡ ᠰᠢᠨᠡᠰᠦ᠂ ᠨᠠᠷᠠᠰᠤ᠂ ᠤᠯᠢᠶᠠᠰᠤ᠂ ᠬᠠᠶᠢᠯᠠᠰᠤ᠂ ᠲᠥᠷᠥᠯ ᠪᠦᠷᠢ ᠶᠢᠨ ᠵᠢᠮᠢᠰᠦᠨ ᠦ ᠪᠤᠲᠠ ᠵᠡᠷᠭᠡ ᠦᠵᠡᠰᠬᠦᠯᠡᠩᠲᠦ ᠪᠠᠶᠢᠭᠠᠯᠢ ᠶᠢᠨ ᠲᠣᠭᠲᠠᠴᠠ ᠲᠠᠢ ᠣᠢ ᠳᠤᠮᠳᠠᠭᠤᠷ ᠤᠷᠤᠰᠤᠨ᠎ᠠ᠃ ᠡᠭ ᠭᠤᠤᠯ ᠤᠨ ᠥᠷᠭᠡᠨ ᠡᠭᠦᠷ ᠭᠣᠣᠯ ᠍ ᠤᠨ ᠪᠠᠯᠴᠢᠷ ᠬᠦᠷᠲᠡᠯ᠎ᠡ 20-70 ᠮᠸᠲᠷ᠂ ᠲᠡᠭᠦᠨ ᠡᠴᠡ ᠳᠣᠭᠣᠭᠰᠢ ᠨᠢ 50-150 ᠮᠸᠲᠷ ᠪᠠᠶᠢᠳᠠᠭ ᠶᠤᠮ᠃ (ᠪᠦᠷᠢᠨ ᠠᠭᠤᠯᠭ᠎ᠠ ᠶᠢ ᠤᠩᠰᠢᠬᠤ)

ᠦᠨᠳᠦᠰᠦᠨ ᠦ ᠶᠡᠬᠡ ᠪᠠᠶᠠᠷ ᠨᠠᠭᠠᠳᠤᠮ
ᠦᠨᠳᠦᠰᠦᠨ ᠦ ᠶᠡᠬᠡ ᠪᠠᠶᠠᠷ ᠨᠠᠭᠠᠳᠤᠮ

ᠨᠠᠭᠠᠳᠤᠮ ᠨᠢ ᠵᠤᠨ ᠤ ᠳᠤᠮᠳᠠ ᠰᠠᠷ᠎ᠠ ᠳᠤ ᠶᠠᠪᠤᠭᠳᠠᠬᠤ᠂ ᠡᠷ᠎ᠡ ᠶᠢᠨ ᠭᠤᠷᠪᠠᠨ ᠨᠠᠭᠠᠳᠤᠮ ᠪᠤᠶᠤ ᠦᠨᠳᠦᠰᠦᠨ ᠦ ᠪᠥᠬᠡᠰᠤᠷ ᠬᠠᠷᠪᠤᠭ᠎ᠠᠮᠣᠷᠢᠨ ᠤ ᠤᠷᠤᠯᠳᠤᠭᠠᠨ ᠪᠣᠯᠤᠨ ᠱᠠᠭ᠎ᠠ ᠶᠢᠨ ᠬᠠᠷᠪᠤᠭ᠎ᠠ ᠲᠡᠮᠡᠴᠡᠭᠡᠨ ᠨᠦᠭᠦᠳ ᠶᠠᠪᠤᠭᠳᠠᠬᠤ ᠪᠠᠶᠠᠷ ᠶᠤᠮ᠃ ᠤᠯᠤᠰ ᠤᠨ ᠭᠣᠣᠯ ᠨᠠᠭᠠᠳᠤᠮ ᠤᠨ ᠦᠢᠯᠡ ᠠᠵᠢᠯᠯᠠᠭ᠎ᠠ ᠨᠢ 7 ᠰᠠᠷ᠎ᠠ ᠶᠢᠨ 11 ᠍ ᠡᠴᠡ 13 ᠍ ᠤ ᠬᠣᠭᠣᠷᠣᠨᠳᠣ ᠤᠯᠠᠭᠠᠨᠪᠠᠭᠠᠲᠤᠷ ᠳᠠᠬᠢ ᠲᠥᠪ ᠴᠡᠩᠭᠡᠯᠳᠦᠬᠦ ᠬᠦᠷᠢᠶᠡᠯᠡᠩ ᠳᠦ ᠶᠠᠪᠤᠭᠳᠠᠨ᠎ᠠ᠃ ᠮᠣᠷᠢᠨ ᠤᠷᠤᠯᠳᠤᠭᠠᠨ ᠨᠢ ᠬᠦᠢ ᠳᠣᠯᠣᠭᠠᠨ ᠬᠤᠳᠳᠤᠭ ᠭᠡᠳᠡᠭ ᠭᠠᠵᠠᠷ 30 ᠺᠢᠯᠣᠮᠧᠲ᠋ᠷ ᠭᠠᠵᠠᠷ ᠤᠷᠤᠯᠳᠤᠵᠤ ᠬᠤᠷᠳᠤᠨ ᠬᠦᠯᠢᠭ ᠢᠶᠡᠨ ᠪᠦᠬᠦ ᠨᠠᠰᠤᠨ ᠳᠤ ᠲᠣᠳᠣᠷᠠᠭᠤᠯᠳᠠᠭ ᠪᠠᠶᠢᠨ᠎ᠠ᠃ ᠬᠠᠷᠢᠨ ᠰᠤᠷ ᠬᠠᠷᠪᠤᠭ᠎ᠠ ᠨᠢ ᠲᠥᠪ ᠴᠡᠩᠭᠡᠯᠳᠦᠬᠦ ᠬᠦᠷᠢᠶᠡᠯᠡᠩ ᠦᠨ ᠬᠠᠵᠠᠭᠤ ᠲᠠᠯ᠎ᠠ ᠳᠤ ᠤᠷᠤᠰᠢᠬᠤ ᠰᠤᠷ ᠬᠠᠷᠪᠤᠭᠠᠨ ᠤ ᠲᠠᠯᠠᠪᠠᠢ ᠳᠤ 2 ᠡᠳᠦᠷ ᠦᠨ ᠲᠤᠷᠰᠢᠳᠠ ᠶᠠᠪᠤᠭᠳᠠᠳᠠᠭ ᠪᠠᠶᠢᠨ᠎ᠠ᠃ ᠨᠠᠭᠠᠳᠤᠮ ᠢ ᠶᠡᠬᠡ ᠮᠣᠩᠭᠣᠯ ᠭᠦᠷᠦᠨ ᠦ ᠦᠶ᠎ᠡ ᠪᠡᠨ ᠡᠴᠡ ᠡᠬᠢ ᠲᠡᠢ ᠭᠡᠵᠦ ᠲᠡᠦᠬᠡ ᠰᠤᠳᠤᠯᠤᠭᠠᠴᠢᠳ ᠲᠡᠮᠳᠡᠭᠯᠡᠳᠡᠭ ᠪᠥᠭᠡᠳ ᠮᠣᠩᠭᠣᠯᠴᠤᠳ ᠬᠠᠮᠢᠭ᠎ᠠ ᠴᠤ ᠶᠠᠪᠤᠵᠤ ᠪᠠᠶᠢᠭᠰᠠᠨ ᠴᠤ ᠤᠭ ᠨᠠᠭᠠᠳᠤᠮ ᠢᠶᠠᠨ ᠲᠡᠮᠳᠡᠭᠯᠡᠳᠡᠭ ᠤᠯᠠᠮᠵᠢᠯᠠᠯ ᠲᠠᠢ ᠪᠠᠶᠢᠨ᠎ᠠ᠃ ᠤᠭ ᠭᠤᠷᠪᠠᠨ ᠲᠥᠷᠥᠯ ᠦᠨ ᠲᠣᠭᠯᠠᠭᠠᠮ ᠨᠢ ᠨᠢᠭᠡᠨ ᠵᠡᠷᠭᠡ ᠶᠠᠪᠤᠭᠳᠠᠳᠠᠭ ᠪᠥᠭᠡᠳ ᠪᠥᠬᠡ ᠶᠢᠨ ᠪᠠᠷᠢᠯᠳᠤᠭᠠᠨ ᠤ ᠰᠢᠪᠲᠤᠷᠭ᠎ᠠ ᠠᠴᠠ ᠡᠮᠦᠨ᠎ᠡ ᠰᠤᠷ ᠬᠠᠷᠪᠤᠭ᠎ᠠ᠂ ᠬᠤᠷᠳᠤᠨ ᠮᠣᠷᠢᠨ ᠤ ᠤᠷᠤᠯᠳᠤᠭᠠᠨ ᠳᠤ ᠲᠦᠷᠦᠭᠦᠯᠡᠭᠰᠡᠳ ᠲᠣᠳᠣᠷᠠᠵᠤ ᠳᠠᠭᠤᠰᠳᠠᠭ ᠤᠯᠠᠮᠵᠢᠯᠠᠯ ᠲᠠᠢ᠃ ᠨᠠᠭᠠᠳᠤᠮ ᠢ 2010 ᠤᠨ ᠳᠤ United Nations Educational Scientific and Cultural Organization «ᠬᠦᠮᠦᠨ ᠲᠥᠷᠦᠯᠬᠢᠲᠡᠨ ᠦ ᠰᠣᠶᠣᠯ ᠤᠨ ᠪᠡᠶᠡᠲᠦ ᠪᠤᠰᠤ ᠥᠪ ᠦᠨ ᠵᠢᠭᠰᠠᠭᠠᠯᠲᠠ» ᠍ ᠲᠤ ᠪᠦᠷᠢᠳᠬᠡᠨ ᠠᠪᠴᠠᠢ᠃ (ᠪᠦᠷᠢᠨ ᠠᠭᠤᠯᠭ᠎ᠠ ᠶᠢ ᠤᠩᠰᠢᠬᠤ)

ᠽᠠᠳᠢ ︱ 51
ᠽᠠᠳᠢ ︱ 5

ᠽᠠᠳᠢ ︱ 5(肉蔻五味散) - ᠵᠢᠷᠦᠬᠡᠨ  ᠤ ᠬᠡᠢ ᠂ ᠵᠢᠷᠦᠬᠡ ᠴᠡᠴᠡᠷᠡᠬᠦ ᠂ ᠰᠡᠳᠭᠢᠯ ᠠᠮᠤᠷ ᠦᠭᠡᠢ ᠂ ᠵᠢᠷᠦᠬᠡᠨ ᠳᠤᠯᠭᠢᠰᠤᠯ ᠂ ᠰᠠᠨᠠᠭ᠎ᠠ ᠠᠯᠳᠠᠬᠤ ᠂ ᠳᠣᠲᠤᠷ ᠪᠠᠴᠢᠮᠳᠠᠬᠤ ᠂ ᠠᠮᠢᠰᠬᠤᠭ᠎ᠠ ᠳᠠᠪᠬᠤᠴᠠᠬᠤ ᠂ ᠵᠢᠷᠦᠬᠡᠨ ᠬᠠᠤᠬᠠᠤᠯᠭ᠎ᠠ ᠵᠡᠷᠭᠡ   ᠳᠤ ᠬᠡᠷᠡᠭᠯᠡᠨ᠎ᠡ ᠃ ᠲᠤᠰ ᠨᠠᠢᠢᠷᠠᠯᠭ᠎ᠠ ᠪᠣᠯ ᠪᠦᠯᠢᠶᠡᠨ ᠴᠢᠨᠠᠷ ᠲᠠᠢ ᠨᠠᠢᠢᠷᠠᠯᠭ᠎ᠠ ᠪᠣᠯᠤᠨ᠎ᠠ ᠃ ᠡᠭᠦᠨ  ᠳᠦ ᠰᠢᠷᠤᠢ ᠮᠠᠬᠠᠪᠤᠳ ᠲᠠᠢ ᠽᠠᠳᠢ  ᠪᠠᠷ ᠭᠤᠤᠯᠯᠠᠭᠰᠠᠨ ᠂ ᠲᠣᠰᠤᠯᠢᠭ ᠂ ᠪᠦᠯᠢᠶᠡᠨ ᠡᠷᠳᠡᠮ ᠪᠦᠷᠢᠳᠴᠦ ᠵᠢᠷᠦᠬᠡᠨ ᠬᠡᠢ  ᠶᠢ ᠳᠠᠷᠤᠨ᠎ᠠ᠃ ᠮᠠᠨᠤ᠂ ᠷᠦᠳᠠ  ᠶᠢ ᠬᠠᠪᠰᠤᠷᠭᠠᠭᠰᠠᠨ ᠲᠤᠯᠠ ᠬᠡᠢ ᠴᠢᠰᠤᠨ  ᠤ ᠬᠢᠮᠤᠷᠠᠯ  ᠢ ᠲᠡᠭᠰᠢᠳᠭᠡᠨ᠎ᠡ ᠃ ᠵᠢᠷᠦᠬᠡᠨ ᠲᠠᠮᠢᠷ  ᠢ ᠰᠠᠢᠢᠵᠢᠷᠠᠭᠤᠯᠬᠤ ᠵᠢᠷᠦᠬᠡᠨ ᠱᠤᠱᠠ ᠶᠢ ᠬᠥᠯ ᠪᠣᠯᠭᠠᠭᠰᠠᠨ ᠲᠤᠯᠠ ᠵᠢᠷᠦᠬᠡᠨ ᠲᠠᠮᠢᠷ  ᠢ ᠰᠠᠢᠢᠵᠢᠷᠠᠭᠤᠯᠤᠨ᠎ᠠ᠃ ᠭᠠᠯ  ᠤᠨ ᠮᠠᠬᠠᠪᠤᠳ ᠲᠠᠢ᠂ ᠭᠤᠱᠤᠭᠤᠨ ᠠᠮᠲᠠ ᠪᠦᠬᠦᠢ ᠪᠢᠪᠢᠯᠢᠩ ᠬᠦᠯ ᠪᠣᠯᠤᠭᠰᠠᠨ ᠲᠤᠯᠠ ᠢᠯᠴᠢ  ᠶᠢ ᠰᠡᠯᠪᠢᠵᠦ᠂ ᠮᠠᠬᠠᠪᠤᠳ  ᠢ ᠲᠡᠭᠰᠢᠳᠭᠡᠨ᠎ᠡ᠃ ᠲᠤᠰ ᠨᠠᠢᠢᠷᠠᠯᠭ᠎ᠠ ᠪᠣᠯ ᠵᠢᠷᠦᠬᠡᠨ ᠬᠡᠢ  ᠶᠢ ᠳᠠᠷᠤᠬᠤ ᠂ ᠬᠡᠢ ᠴᠢᠰᠤᠨ  ᠤ ᠬᠢᠮᠤᠷᠠᠯ  ᠢ ᠲᠡᠭᠰᠢᠳᠭᠡᠬᠦ  ᠨᠠᠢᠢᠷᠠᠯᠭ᠎ᠠ ᠶᠢᠨ ᠴᠢᠳᠠᠯ ᠪᠦᠷᠢᠳᠦᠭᠰᠡᠨ ᠶᠤᠮ ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠪᠥᠭᠡ ᠶᠢᠨ ᠱᠠᠰᠢᠨ ᠤ ᠡᠭᠦᠰᠦᠯ ᠬᠥᠭᠵᠢᠯ
ᠮᠣᠩᠭᠣᠯ ᠪᠥᠭᠡ ᠶᠢᠨ ᠱᠠᠰᠢᠨ ᠤ ᠡᠭᠦᠰᠦᠯ ᠬᠥᠭᠵᠢᠯ

ᠮᠣᠩᠭᠣᠯ ᠪᠥᠭᠡ ᠶᠢᠨ ᠱᠠᠰᠢᠨ ᠤ ᠡᠭᠦᠰᠦᠯ ᠬᠥᠭᠵᠢᠯ ᠤᠨ ᠲᠤᠬᠠᠢ ᠡᠷᠳᠡᠮᠲᠡᠳ᠂ ᠮᠣᠩᠭᠣᠯ ᠤᠨ ᠲᠡᠦᠬᠡ ᠶᠢᠨ ᠤᠨ ᠤ ᠳᠠᠷᠠᠭᠠᠯᠠᠯ ᠤᠨ ᠳᠠᠭᠠᠤ ᠦᠶᠡᠴᠢᠯᠡᠨ ᠠᠪᠴᠤ ᠦᠵᠡᠭᠰᠡᠭᠡᠷ ᠢᠷᠡᠵᠡᠢ᠃ 1959 ᠤᠨ ᠳᠤ ᠴᠤ᠂ ᠳᠠᠯᠠᠢ ᠶᠢᠨ 《ᠡᠷᠲᠡᠨ ᠦ ᠦᠶ᠎ᠡ ᠶᠢᠨ ᠪᠥᠭᠡ ᠮᠥᠷᠭᠥᠯ᠂ ᠳᠤᠮᠳᠠᠳᠤ ᠵᠠᠭᠤᠨ ᠤ ᠦᠶ᠎ᠡ ᠶᠢᠨ ᠪᠥᠭᠡ ᠮᠥᠷᠭᠥᠯ》 ᠭᠡᠰᠡᠨ ᠦᠶᠡᠴᠢᠯᠡᠯ ᠢ 1985 ᠤᠨ ᠳᠤ ᠬ᠂ ᠪᠤᠶᠠᠨᠪᠠᠲᠤ ᠤᠯᠠᠮ ᠨᠠᠷᠢᠪᠴᠢᠯᠠᠨ ᠦᠵᠡᠭᠡᠳ ᠮᠣᠩᠭᠣᠯ ᠪᠥᠭᠡ ᠶᠢᠨ ᠱᠠᠰᠢᠨ ᠤ ᠲᠡᠦᠬᠡ ᠶᠢ ᠳᠣᠣᠷᠠᠬᠢ ᠮᠡᠲᠤ ᠲᠠᠪᠤᠨ ᠦᠶ᠎ᠡ ᠳᠦ ᠬᠤᠪᠢᠶᠠᠵᠤ ᠦᠵᠡᠭᠰᠡᠨ ᠪᠠᠶᠢᠨ᠎ᠠ᠃ ᠡᠭᠦᠨ ᠳᠦ  ᠨᠢᠭᠡ᠂ ᠡᠬᠡ ᠶᠢᠨ ᠡᠷᠬᠡᠲᠦ ᠣᠪᠤᠭ ᠤᠨ ᠪᠠᠶᠢᠭᠤᠯᠤᠯ ᠤᠨ ᠦᠶᠡᠰ ᠨᠡᠶᠢᠲᠡ ᠶᠢᠨ ᠤᠨ ᠲᠤᠭᠠᠯᠠᠯ ᠤᠨ ᠳᠤᠯᠤᠳᠤᠭᠠᠷ ᠵᠠᠭᠤᠨ ᠪᠤᠶᠤ ᠪᠥᠷᠲᠡ ᠴᠢᠨᠣ᠎ᠠ ᠶᠢᠨ ᠦᠶ᠎ᠡ ᠬᠦᠷᠲᠡᠯᠡᠬᠢ ᠦᠶ᠎ᠡ ᠶᠢ 《ᠮᠣᠩᠭᠣᠯ ᠪᠥᠭᠡ ᠶᠢᠨ ᠱᠠᠰᠢᠨ ᠤ ᠡᠭᠦᠰᠦᠯ ᠦᠶ᠎ᠡ》 ᠬᠤᠶᠠᠷ᠂ ᠳᠤᠯᠤᠳᠤᠭᠠᠷ ᠵᠠᠭᠤᠨ ᠠᠴᠠ ᠶᠡᠬᠡ ᠮᠣᠩᠭᠣᠯ ᠤᠯᠤᠰ ᠤᠨ ᠢᠶᠠᠨ ᠨᠡᠷ᠎ᠡ ᠶᠢ 《ᠶᠤᠸᠠᠨ》 ᠬᠡᠮᠡᠭᠰᠡᠨ 1271 ᠤᠨ ᠬᠦᠷᠲᠡᠯᠡᠬᠢ ᠦᠶ᠎ᠡ ᠶᠢ 《ᠮᠣᠩᠭᠣᠯ ᠪᠥᠭᠡ ᠶᠢᠨ ᠱᠠᠰᠢᠨ ᠤ ᠬᠥᠭᠵᠢᠯ ᠦᠶ᠎ᠡ》 ᠭᠤᠷᠪᠠ᠂ 1271 ᠤᠨ ᠠᠴᠠ ᠶᠤᠸᠠᠨ ᠤᠯᠤᠰ ᠵᠠᠳᠠᠷᠠᠵᠤ ᠮᠣᠩᠭᠣᠯ ᠤᠨ ᠤᠯᠤᠰ ᠲᠥᠷᠥ ᠶᠢᠨ ᠲᠥᠪ ᠡᠬᠡ ᠨᠤᠲᠤᠭ ᠲᠤ ᠪᠠᠨ ᠡᠷᠭᠢᠨ ᠢᠷᠡᠭᠰᠡᠨ 1368 ᠤᠨ ᠬᠦᠷᠲᠡᠯᠡᠬᠢ ᠦᠶ᠎ᠡ ᠶᠢ 《ᠮᠣᠩᠭᠣᠯ ᠪᠥᠭᠡ ᠶᠢᠨ ᠱᠠᠰᠢᠨ ᠤ ᠪᠠᠭᠤᠷᠠᠯ ᠦᠶ᠎ᠡ》 ᠳᠦᠷᠪᠡ᠂ 1368 ᠤᠨ ᠠᠴᠠ ᠰᠢᠷ᠎ᠠ ᠶᠢᠨ ᠱᠠᠰᠢᠨ ᠮᠣᠩᠭᠣᠯ ᠳᠤ ᠨᠣᠶᠠᠷᠬᠠᠬᠤ ᠪᠣᠯᠤᠭᠰᠠᠨ ᠠᠷᠪᠠᠨ ᠵᠢᠷᠭᠤᠳᠤᠭᠠᠷ ᠵᠠᠭᠤᠨ ᠤ 70 ᠍ ᠊ᠭᠠᠳ ᠤᠨ ᠬᠦᠷᠲᠡᠯᠡᠬᠢ ᠦᠶ᠎ᠡ ᠶᠢ 《 ᠮᠣᠩᠭᠣᠯ ᠪᠥᠭᠡ ᠶᠢᠨ ᠱᠠᠰᠢᠨ ᠤ ᠰᠡᠷᠭᠦᠯᠲᠡ ᠶᠢᠨ ᠦᠶ᠎ᠡ》 ᠲᠠᠪᠤ᠂ ᠠᠷᠪᠠᠨ ᠵᠢᠷᠭᠤᠳᠤᠭᠠᠷ ᠵᠠᠭᠤᠨ ᠤ ᠳᠠᠯᠠᠭᠠᠳ ᠤᠨ ᠠᠴᠠ ᠬᠤᠷᠢᠳᠤᠭᠠᠷ ᠵᠠᠭᠤᠨ ᠤ ᠡᠬᠢᠨ ᠦᠶ᠎ᠡ ᠶᠢ 《 ᠮᠣᠩᠭᠣᠯ ᠪᠥᠭᠡ ᠶᠢᠨ ᠱᠠᠰᠢᠨ ᠤ ᠤᠰᠤᠲᠤᠯ ᠤᠨ ᠦᠶ᠎ᠡ》 ᠬᠡᠮᠡᠨ ᠦᠶᠡᠴᠢᠯᠡᠭᠰᠡᠨ ᠪᠠᠶᠢᠳᠠᠭ᠃ ᠲᠡᠦᠬᠡᠴᠢ ᠭ᠂ ᠰᠦᠬᠡᠪᠠᠭᠠᠲᠤᠷ ᠮᠣᠩᠭᠣᠯ ᠤᠨ 《ᠪᠥᠭᠡ ᠶᠢᠨ ᠱᠠᠰᠢᠨ ᠤ ᠬᠥᠭᠵᠢᠯ ᠦᠨ ᠳᠡᠭᠡᠳᠦ ᠱᠠᠲᠤ ᠪᠣᠯᠬᠤ ᠮᠡᠷᠭᠡᠰᠢᠯ ᠦᠨ ᠪᠥᠭᠡ ᠨᠢ ᠾᠦᠩᠨᠦ  ᠶᠢᠨ ᠦᠶᠡᠰ ᠨᠢᠭᠡᠨᠲᠡ ᠪᠤᠢ ᠪᠣᠯᠵᠠᠢ》 ᠭᠡᠰᠡᠨ ᠳ᠋ᠦᠩᠨᠡᠯᠲᠡ ᠶᠢ ᠾᠦᠩᠨᠦ ᠶᠢᠨ ᠨᠡᠶᠢᠭᠡᠮ᠂ ᠡᠳ᠋ ᠍ ᠦᠨ ᠵᠠᠰᠠᠭ᠂ ᠤᠯᠤᠰ ᠲᠥᠷᠥ ᠶᠢᠨ ᠲᠡᠦᠬᠡ ᠶᠢ ᠰᠤᠳᠤᠯᠬᠤ ᠶᠠᠪᠤᠴᠠ ᠳᠤ ᠪᠠᠨ ᠭᠠᠷᠭᠠᠭᠰᠠᠨ ᠪᠢᠯᠡ᠃ ᠮᠣᠩᠭᠣᠯ ᠪᠥᠭᠡ ᠶᠢᠨ ᠱᠠᠰᠢᠨ ᠤ ᠰᠤᠳᠤᠯᠭᠠᠴᠢᠳ᠂ ᠪᠥᠭᠡ ᠶᠢᠨ ᠱᠠᠰᠢᠨ ᠡᠭᠦᠰᠦᠯ ᠨᠢ ᠣᠯᠠᠨ ᠮᠢᠩᠭᠠᠨ ᠵᠢᠯ ᠦᠨ ᠲᠡᠷᠲᠡᠭᠡ ᠡᠴᠡ ᠪᠤᠶᠤ ᠥᠭᠡᠷ᠎ᠡ ᠪᠡᠷ ᠬᠡᠯᠡᠪᠡᠯ ᠠᠩᠬᠠᠨ ᠤ ᠬᠦᠢ ᠨᠢᠭᠡᠳᠦᠯ ᠦᠨ ᠦᠶᠡᠰ ᠡᠭᠦᠰᠦᠯᠲᠡᠢ ᠭᠡᠳᠡᠭ ᠢ ᠰᠠᠨᠠᠯ ᠨᠢᠭᠡᠲᠠᠢ ᠪᠠᠷ ᠪᠠᠲᠤᠯᠠᠨ ᠲᠣᠭᠲᠠᠭᠠᠵᠠᠢ᠃ ᠲᠡᠭᠡᠬᠦ ᠳᠦ ᠪᠡᠨ ᠬᠦᠢ ᠨᠢᠭᠡᠳᠦᠯ ᠦᠨ ᠨᠡᠶᠢᠭᠡᠮ ᠤᠨ ᠴᠤᠬᠤᠮ ᠠᠯᠢ ᠦᠶ ᠡ ᠳᠤ ᠨᠢ ᠡᠭᠦᠰᠦᠭᠰᠡᠨ ᠲᠤᠬᠠᠢ ᠤᠯᠠᠨ ᠲᠠᠯ᠎ ᠠ ᠶᠢᠨ ᠦᠵᠡᠯᠲᠡ ᠤᠳ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠾᠷᠢᠰᠲ᠋ᠣᠰ ᠤᠨ ᠱᠠᠰᠢᠨ
ᠾᠷᠢᠰᠲ᠋ᠣᠰ ᠤᠨ ᠱᠠᠰᠢᠨ

ᠾᠷᠢᠰᠲ᠋ᠣᠰ ᠤᠨ ᠱᠠᠰᠢᠨ ᠡᠰᠡᠪᠡᠯ ᠾᠷᠢᠰᠲ᠋ᠢᠳᠬᠡᠯ (ХристИтгэл) ᠨᠢ ᠶᠡᠰᠦᠰ ᠾᠷᠢᠰᠲ᠋ ᠭᠡᠬᠦ ᠪᠤᠷᠬᠠᠨ ᠤ ᠬᠦᠦ᠂ ᠬᠦᠮᠦᠨ ᠲᠥᠷᠥᠯᠬᠢᠲᠡᠨ ᠢ ᠠᠪᠤᠷᠠᠬᠤ ᠪᠠᠷ ᠮᠧᠰᠰᠢᠶᠠ (ᠢᠪᠡᠷᠡᠢ ᠪᠡᠷ ᠠᠪᠤᠷᠠᠭᠴᠢ) ᠢᠷᠡᠵᠦ ᠠᠪᠤᠷᠠᠨ᠎ᠠ ᠭᠡᠰᠡᠨ ᠣᠨᠣᠯ ᠢ ᠵᠢᠭᠠᠭᠠᠳᠠᠭ ᠱᠠᠰᠢᠨ/ᠢᠲᠡᠭᠡᠯ᠃ ᠲᠣᠭᠠᠴᠠᠭ᠎ᠠ ᠪᠠᠷ ᠨᠡᠶᠢᠲᠡ ᠳᠡᠯᠡᠬᠡᠢ ᠶᠢᠨ ᠬᠦᠮᠦᠨ ᠠᠮᠠ ᠶᠢᠨ 1.5 ᠲᠡᠷᠪᠤᠮ ᠠᠴᠠ 2.1 ᠲᠡᠷᠪᠤᠮ ᠬᠦᠮᠦᠨ ᠨᠢ ᠾᠷᠢᠰᠲ᠋ᠢᠳᠬᠡᠯ ᠳᠦ ᠢᠲᠡᠭᠡᠳᠡᠭ ᠪᠠ ᠡᠨᠡ ᠨᠢ ᠳᠡᠯᠡᠬᠡᠢ ᠶᠢᠨ ᠨᠡᠶᠢᠲᠡ ᠬᠦᠮᠦᠨ ᠠᠮᠠ ᠶᠢᠨ 33.32% ᠶᠤᠮ᠃ ᠠᠩᠬᠠᠨ ᠤ ᠾᠷᠢᠰᠲ᠋ᠢᠳᠬᠡᠯ ᠴᠢᠭᠤᠯᠭᠠᠨ ᠨᠢ ᠭᠠᠭᠴᠠ ᠰᠤᠷᠭᠠᠯ᠂ ᠭᠠᠭᠴᠠ ᠤᠷᠤᠰᠬᠠᠯ ᠲᠠᠢ ᠪᠠᠶᠢᠭᠰᠠᠨ ᠪᠣᠯᠪᠠᠴᠤ ᠾᠷᠢᠰᠲ᠋ᠢᠳᠬᠡᠯ ᠦᠨ ᠲᠡᠦᠬᠡᠨ ᠳᠦ ᠪᠢᠪᠯᠢ ᠶᠢᠨ ᠲᠠᠶᠢᠯᠪᠤᠷᠢ᠂ ᠣᠨᠣᠯ ᠰᠤᠷᠭᠠᠯ ᠠᠴᠠ ᠣᠯᠠᠨ ᠤᠷᠤᠰᠬᠠᠯ ᠳᠤ ᠬᠤᠪᠢᠶᠠᠭᠳᠠᠭᠰᠠᠨ᠃ ᠬᠠᠮᠤᠭ ᠤᠨ ᠲᠣᠮᠣ 3 ᠤᠷᠤᠰᠬᠠᠯ ᠨᠢ ᠺᠠᠲ᠋ᠣᠯᠢᠭ(天主教)᠂ ᠣᠲᠣᠳᠣᠺᠰ(東正教)᠂ ᠫᠷᠣᠲ᠋ᠧᠰᠲ᠋ᠠᠨᠲ ( 新教) ᠪᠣᠯᠤᠨ᠎ᠠ᠃ ᠮᠣᠩᠭᠣᠯ ᠬᠡᠯᠡᠨ ᠳᠦ ᠨᠡᠷᠡᠰᠢᠯ ᠢ ᠾᠷᠢᠰᠲ᠋ᠢᠳᠬᠡᠯ᠂ ᠾᠷᠢᠰᠲ ᠤᠨ ᠱᠠᠰᠢᠨ᠂ ᠾᠷᠢᠰᠲ᠋ᠦ᠋ᠰ ᠭᠡᠬᠦ ᠮᠡᠲᠦ ᠪᠡᠷ ᠨᠡᠷᠡᠯᠡᠭᠰᠡᠨ ᠪᠠᠶᠢᠳᠠᠭ ᠪᠥᠭᠡᠳ ᠡᠳᠡᠭᠡᠷ ᠡᠴᠡ ᠾᠷᠢᠰᠲ᠋ᠢᠳᠬᠡᠯ ᠨᠢ ᠵᠥᠪ ᠭᠡᠵᠦ ᠦᠵᠡᠳᠡᠭ᠃ ᠤᠴᠢᠷ ᠨᠢ ᠾᠷᠢᠰᠲ ᠲᠦ ᠢᠲᠡᠭᠡᠳᠡᠭ ᠤᠴᠢᠷ ᠠᠴᠠ ᠪᠤᠶᠤ ᠢᠲᠡᠭᠡᠯ ᠨᠢ ᠾᠷᠢᠰᠲ ᠲᠦ ᠪᠠᠶᠢᠭᠰᠠᠨ ᠲᠤᠯᠠ ᠾᠷᠢᠰᠲ᠋ᠢᠳᠬᠡᠯ ᠭᠡᠳᠡᠭ ᠨᠡᠷ᠎ᠡ ᠲᠣᠮᠢᠶ᠎ᠠ ᠢᠯᠡᠭᠦᠦ ᠣᠶᠢᠷ᠎ᠠ ᠪᠠᠭᠤᠳᠠᠭ᠃ (ᠪᠦᠷᠢᠨ ᠠᠭᠤᠯᠭ᠎ᠠ ᠶᠢ ᠤᠩᠰᠢᠬᠤ)

ᠴᠢᠮᠡᠳᠳᠤᠷᠵᠢ
ᠴᠢᠮᠡᠳᠳᠤᠷᠵᠢ

ᠴᠢᠮᠡᠳᠳᠤᠷᠵᠢ ( 1924 — 1980 ) ᠮᠤᠩᠭᠤᠯ ᠦᠨᠳᠦᠰᠦᠳᠡᠨ ᠂ ᠡᠷᠡᠭᠳᠠᠢ ᠂ ᠪᠦ᠋ᠬᠡᠴᠤᠳ ᠤᠪᠤᠭᠳᠠᠨ ᠂ 1924 ᠤᠨ  ᠳᠤ ᠦᠪᠦᠷ ᠮᠤᠩᠭᠤᠯ  ᠤᠨ ᠪᠠᠭᠠᠷᠢᠨ ᠪᠠᠷᠠᠭᠤᠨ ᠬᠤᠰᠢᠭᠤᠨ  ᠤ ᠰᠢᠪᠠᠷᠳᠠᠢ  ᠶᠢᠨ ᠮᠠᠯᠴᠢᠨ  ᠨᠢᠮ᠎ᠠ  ᠶᠢᠨ ᠬᠡᠷ  ᠲᠤ ᠲᠦ᠋ᠷᠦᠵᠠᠢ ᠃ ᠲᠡᠷᠠ ᠬᠠᠷᠠᠬᠠᠨ ᠪᠠᠭ᠎ᠠ  ᠡᠴᠡ  ᠪᠠᠨ ᠡᠴᠢᠬᠡ  ᠪᠡᠨ ᠲᠠᠭᠠᠵᠤ ᠪᠠᠭᠠᠷᠢᠨ  ᠨᠤᠳᠤᠭ  ᠲᠤ ᠮᠠᠯ ᠬᠠᠷᠢᠭᠤᠯᠵᠤ  ᠶᠠᠪᠤᠬᠤ ᠳᠠᠭᠠᠨ ᠰᠠᠶᠢᠬᠠᠨ ᠦᠩᠬᠡ ᠦᠵᠡᠮᠵᠢ  ᠲᠠᠢ ᠂ ᠣᠰᠤ ᠪᠡᠯᠴᠢᠬᠡᠷ ᠰᠢᠮᠡᠯᠢᠭ ᠠᠮᠢᠳᠤᠷᠠᠯ  ᠤᠨ ᠤᠷᠴᠢᠨ ᠲᠤᠭᠤᠷᠢᠨ  ᠤ ᠨᠦ᠋ᠯᠦᠬᠡᠯᠡᠯ  ᠢᠶᠠᠷ ᠮᠤᠩᠭᠤᠯ ᠦᠨᠳᠦᠰᠦᠳᠡᠨ  ᠤ  ᠪᠡᠨ ᠭᠤᠶᠢᠳᠠ ᠪᠠᠶᠠᠯᠢᠭ ᠠᠷᠠᠳ  ᠤᠨ ᠲᠠᠭᠤᠤ ᠪᠠ ᠠᠮᠠᠨ ᠵᠤᠬᠢᠶᠠᠯ  ᠳᠤ ᠰᠤᠭᠳᠤᠭᠤᠷᠠᠵᠤ ᠂ ᠢᠯᠠᠩᠭᠤᠶ᠎ᠠ ᠬᠤᠭᠤᠷ  ᠤᠨ ᠦᠯᠢᠬᠡᠷ ᠬᠡᠯᠡᠬᠦ ᠲᠤᠷᠠᠳᠠᠢ ᠪᠠᠶᠢᠵᠠᠢ ᠃ ᠲᠠᠷᠠ ᠦᠶ᠎ᠡ  ᠳᠤ ᠂ ᠬᠡᠷ  ᠤᠨ ᠠᠮᠢᠳᠤᠷᠠᠯ  ᠨᠢ  ᠶᠠᠳᠠᠭᠤ ᠵᠦ᠋ᠳᠡᠬᠦᠦ ᠪᠠᠶᠢᠭᠰᠠᠨ ᠪᠤᠯᠬᠤᠷ ᠪᠢᠴᠢᠭ ᠦᠵᠡᠵᠤ ᠲᠡᠶᠢᠯᠦᠭᠰᠡᠨ ᠦᠬᠡᠢ ᠂ ᠠᠷᠭ᠎ᠠ ᠪᠤᠰᠤ ᠰᠦ᠋ᠮ᠎ᠡ  ᠳᠤ ᠠᠷᠰᠠᠷ ᠠᠵᠢᠯ ᠬᠢᠵᠤ ᠦᠭᠬᠦ  ᠶᠢᠨ ᠵᠡᠷᠬᠡ ᠯᠠᠮᠠ  ᠨᠠᠷ  ᠡᠴᠡ ᠮᠤᠩᠭᠤᠯ ᠲᠦ᠋ᠪᠡᠳ ᠪᠢᠴᠢᠭ ᠰᠤᠷᠴᠦ ᠪᠠᠶᠢᠪᠠ ᠃ ᠰᠡᠬᠦᠯᠡᠷ  ᠨᠢ ᠲᠠᠷᠠ ᠳ᠋ᠠᠪᠠᠨ  ᠳᠤ ᠪᠢᠴᠢᠭ ᠦᠵᠡᠪᠡ ᠃ ᠲᠡᠷᠠ ᠰᠢᠷᠭᠠᠭᠤ ᠬᠠᠳᠠᠭᠤᠵᠢᠯᠳᠠᠢ ᠰᠢᠮᠳᠠᠨ ᠰᠤᠷᠤᠯᠴᠠᠳᠠᠭ  ᠡᠴᠡ ᠰᠤᠷᠤᠯᠭ᠎ᠠ  ᠶᠢᠨ ᠬᠢᠷᠢ ᠪᠦ᠋ᠳᠦᠮᠵᠢ  ᠨᠢ ᠢᠯᠡᠳᠳᠠ ᠰᠠᠶᠢᠨ ᠪᠠᠶᠢᠵᠠᠢ ᠃ ᠡᠨᠡ ᠦᠶ᠎ᠡ  ᠪᠡᠷ ᠲᠡᠷᠡ ᠮᠤᠩᠭᠤᠯ ᠦᠨᠳᠦᠰᠦᠳᠡᠨ  ᠤ  ᠪᠡᠨ ᠡᠷᠳᠡᠨ  ᠤ ᠰᠤᠩᠭᠤᠳᠠᠭ ᠵᠤᠬᠢᠶᠠᠯ  ᠳᠤ ᠠᠶᠢᠬᠤᠪᠳᠤᠷ ᠤᠷᠮ᠎ᠠ ᠪᠠᠬ᠎ᠠ  ᠲᠠᠢ ᠪᠤᠯᠵᠠᠢ ᠃ (ᠪᠦᠷᠢᠨ ᠠᠭᠤᠯᠭ᠎ᠠ ᠶᠢ ᠤᠩᠰᠢᠬᠤ)

ᠰᠲ᠋ᠢᠸᠧᠨ ᠬᠣᠺᠢᠩ
ᠰᠲ᠋ᠢᠸᠧᠨ ᠬᠣᠺᠢᠩ

ᠰᠲ᠋ᠢᠸᠧᠨ ᠬᠣᠺᠢᠩ (Stephen Hawking᠂ 1942ᠤᠨ  ᠤ 1ᠰᠠᠷ ᠡ ᠵᠢᠨ 8  ᠳᠤ ᠮᠡᠨᠳᠤᠯᠡᠵᠡᠢ ) ᠪᠣᠯ ᠹᠢᠽᠢᠺ ᠦᠨ ᠰᠢᠨᠵᠢᠯᠡᠬᠦ ᠤᠬᠠᠭᠠᠨ ᠤ ᠬᠠᠮᠤᠭ ᠤᠨ ᠠᠯᠳᠠᠷᠲᠠᠢ ᠡᠷᠳᠡᠮᠲᠡᠳ ᠦᠨ ᠨᠢᠭᠡ ᠪᠢᠯᠡ᠃ ᠲᠡᠷᠡᠪᠡᠷ ᠳᠡᠯᠡᠬᠡᠢ ᠭᠡᠳᠡᠭ ᠭᠠᠷᠠᠭ ᠤᠨ ᠪᠦᠲᠦᠴᠡ᠂ ᠣᠷᠣᠰᠢᠬᠤᠢ ᠶᠢᠨ ᠨᠢᠭᠤᠴᠠ ᠶᠢᠨ ᠲᠠᠯ᠎ᠠ ᠪᠠᠷ ᠣᠯᠠᠨ ᠰᠣᠨᠢᠷᠬᠠᠯᠲᠠᠢ ᠨᠡᠭᠡᠭᠡᠯᠲᠡ ᠨᠦᠭᠦᠳ ᠢ ᠬᠢᠭᠰᠡᠨ ᠶᠤᠮ᠃ᠺᠸᠠᠨ᠋ᠲ ᠤᠨ ᠮᠧᠬᠠᠨᠢᠭ ᠤᠨ ᠣᠨᠣᠯ ᠤᠨ ᠰᠤᠳᠤᠯᠭᠠᠨ ᠤ ᠦᠷ᠎ᠡ   ᠳᠦᠩ ᠳᠦ ᠬᠣᠺᠢᠩ ᠨᠢ ᠪᠢᠳᠡᠨ ᠦ ᠠᠮᠢᠳᠤᠷᠠᠯ ᠤᠨ ᠥᠩᠭᠡᠷᠡᠭᠰᠡᠨ ᠳᠦ ᠪᠣᠯᠤᠭᠰᠠᠨ ᠵᠦᠢᠯᠡᠰ ᠨᠢ ᠶᠠᠮᠠᠷ ᠨᠢᠭᠡᠨ ᠲᠣᠳᠣᠷᠬᠠᠢ ᠬᠡᠯᠪᠡᠷᠢ ᠪᠡᠷ ᠥᠷᠨᠢᠭᠡ  ᠦᠭᠡᠢ ᠪᠠᠶᠢᠳᠠᠭ ᠢ ᠲᠠᠶᠢᠯᠪᠤᠷᠢᠯᠠᠵᠠᠢ᠃ ᠡᠭᠦᠨ ᠦ ᠣᠷᠣᠨ ᠳᠤ ᠥᠩᠭᠡᠷᠡᠭᠰᠡᠨ ᠳᠦ ᠪᠣᠯᠤᠭᠰᠠᠨ ᠦᠢᠯᠡ ᠶᠠᠪᠤᠳᠠᠯ ᠨᠢ ᠮᠠᠰᠢ ᠣᠯᠠᠨ ᠬᠡᠯᠪᠡᠷᠢ ᠪᠡᠷ ᠥᠷᠨᠢᠵᠦ ᠪᠣᠯᠬᠤ ᠪᠠᠶᠢᠭᠰᠠᠨ ᠢ ᠬᠡᠯᠡᠭᠰᠡᠨ ᠪᠠᠶᠢᠨ᠎ᠠ᠃ ᠡᠨᠡ ᠨᠢ ᠶᠠᠭᠤᠮᠠᠰ ᠤᠨ ᠮᠠᠭᠠᠳᠯᠠᠯ ᠤᠨ ᠣᠨᠣᠯ ᠪᠣᠯᠤᠨ ᠺᠸᠠᠨ᠋ᠲ ᠤᠨ ᠮᠧᠬᠠᠨᠢᠭ ᠤᠨ ᠡᠨᠧᠷᠭᠢ ᠶᠢᠨ ᠣᠨᠣᠯ ᠲᠠᠢ ᠬᠣᠯᠪᠣᠭ᠎ᠠ ᠲᠠᠢ᠃ ᠲᠡᠷᠡᠪᠡᠷ ᠬᠥᠨᠳᠡᠯᠡᠡ  ᠤ ᠠᠵᠢᠭᠯᠠᠭᠴᠢ ᠭᠠᠷᠴᠤ ᠢᠷᠡᠬᠦ ᠡᠴᠡ ᠨᠠᠰᠢ ᠦᠢᠯᠡ ᠶᠠᠪᠤᠳᠠᠯ ᠪᠦᠬᠦᠨ ᠲᠣᠳᠣᠷᠬᠠᠢ ᠪᠤᠰᠤ ᠵᠠᠮ ᠢᠶᠠᠷ ᠥᠷᠨᠢᠬᠦ ᠪᠣᠯᠤᠨ᠎ᠠ ᠭᠡᠳᠡᠭ ᠢ ᠨᠣᠲᠠᠯᠠᠵᠠᠢ᠃ ᠬᠣᠺᠢᠩ ᠬᠡᠯᠡᠬᠦ ᠳᠦ ᠪᠡᠨ᠄ 《ᠣᠳᠣ ᠴᠠᠭ ᠲᠤ ᠲᠠ ᠥᠩᠭᠡᠷᠡᠭᠰᠡᠨ ᠦ ᠲᠠᠯ᠎ᠠ ᠪᠠᠷ ᠶᠠᠮᠠᠷ ᠳᠤᠷᠠᠰᠤᠮᠵᠢ ᠶᠢ ᠰᠠᠨᠠᠵᠤ ᠪᠠᠶᠢᠭ᠎ᠠ ᠠᠴᠠ ᠦᠯᠦ ᠬᠠᠮᠢᠶᠠᠷᠤᠨ᠂ ᠥᠩᠭᠡᠷᠡᠭᠰᠡᠨ ᠦᠶ᠎ᠡ ᠴᠤ ᠭᠡᠰᠡᠨ ᠢᠷᠡᠭᠡᠳᠦᠢ ᠲᠡᠢ ᠠᠳᠠᠯᠢᠬᠠᠨ᠂ ᠰᠣᠩᠭᠣᠯᠲᠠ᠂ ᠪᠣᠯᠤᠮᠵᠢ ᠨᠤᠭᠤᠳ ᠲᠠᠢ ᠪᠠᠶᠢᠳᠠᠭ》 ᠭᠡᠵᠦ ᠬᠡᠯᠡᠵᠡᠢ᠃ ᠥᠭᠡᠷ᠎ᠡ ᠪᠡᠷ ᠬᠡᠯᠡᠪᠡᠯ ᠪᠢᠳᠡ ᠣᠶᠤᠨ ᠪᠣᠳᠣᠯ ᠤᠨ ᠢᠶᠠᠨ ᠲᠤᠰᠠᠯᠠᠮᠵᠢ  ᠪᠠᠷ ᠢᠷᠡᠭᠡᠳᠦᠢ ᠪᠡᠨ ᠴᠤ᠂ ᠥᠩᠭᠡᠷᠡᠭᠰᠡᠨ ᠢᠶᠡᠨ ᠴᠤ ᠥᠭᠡᠷᠡᠴᠢᠯᠡᠬᠦ ᠪᠣᠯᠤᠮᠵᠢ ᠲᠠᠢ ᠶᠤᠮ ᠃ (ᠪᠦᠷᠢᠨ ᠠᠭᠤᠯᠭ᠎ᠠ ᠶᠢ ᠤᠩᠰᠢᠬᠤ)

 ᠨᠣᠶᠠᠨ ᠠᠭᠤᠯᠠ ᠶᠢᠨ ᠪᠤᠯᠠᠰᠢ
ᠨᠣᠶᠠᠨ ᠠᠭᠤᠯᠠ ᠶᠢᠨ ᠪᠤᠯᠠᠰᠢ

ᠨᠣᠶᠠᠨ ᠠᠭᠤᠯᠠ ᠶᠢᠨ ᠪᠤᠯᠠᠰᠢ ᠨᠢ ᠬᠤᠷᠢᠳᠤᠭᠠᠷ ᠵᠠᠭᠤᠨ ᠤ ᠳᠡᠯᠡᠬᠡᠢ ᠶᠢᠨ ᠬᠠᠭᠤᠴᠢ ᠰᠤᠳᠤᠯᠤᠯ ᠤᠨ ᠤᠬᠠᠭᠠᠨ (ᠠᠷᠬᠧᠣᠯᠣᠭᠢ ᠶᠢᠨ ᠰᠢᠨᠵᠢᠯᠡᠬᠦ ᠤᠬᠠᠭᠠᠨ) ᠤ ᠬᠠᠮᠤᠭ ᠤᠨ ᠲᠣᠮᠣ ᠨᠡᠭᠡᠭᠡᠯᠲᠡ ᠨᠦᠭᠦᠳ ᠦᠨ ᠨᠢᠭᠡ ᠳᠦ ᠲᠣᠭᠠᠴᠠᠭᠳᠠᠳᠠᠭ᠃ ᠲᠥᠪ ᠠᠽᠢᠶ᠎ᠠ ᠶᠢᠨ ᠨᠡᠭᠦᠳᠡᠯ ᠦᠨ ᠰᠤᠶᠤᠯ ᠢᠷᠭᠡᠨᠰᠢᠯ ᠦᠨ ᠲᠡᠦᠬᠡ ᠰᠤᠳᠤᠯᠤᠯ ᠤᠨ ᠬᠠᠮᠤᠭ ᠤᠨ ᠭᠣᠣᠯ ᠰᠠᠯᠪᠤᠷᠢ ᠤᠳ ᠤᠨ ᠨᠢᠭᠡ ᠨᠢ ᠾᠦᠩᠨᠦ ᠰᠤᠳᠤᠯᠤᠯ ᠶᠤᠮ᠃ ᠾᠦᠩᠨᠦ ᠶᠢᠨ ᠲᠡᠦᠬᠡ ᠰᠤᠶᠤᠯ ᠤᠨ ᠤᠯᠠ ᠮᠥᠷ᠂ ᠪᠤᠯᠠᠰᠢ ᠪᠤᠩᠬᠤᠨ ᠨᠤᠭᠤᠳ ᠮᠣᠩᠭᠣᠯ ᠨᠤᠲᠤᠭ ᠲᠤ ᠣᠯᠠᠨ ᠪᠠᠶᠢᠳᠠᠭ᠃ ᠡᠭᠦᠨ ᠳᠦ᠂ ᠨᠣᠶᠠᠨ ᠠᠭᠤᠯᠠ᠂ ᠲᠠᠬᠢᠯᠲᠤ ᠶᠢᠨ ᠬᠣᠲᠣᠭᠣᠷ᠂ ᠭᠣᠣᠯ ᠮᠣᠳᠣ᠂ ᠡᠭ ᠦᠨ ᠭᠣᠣᠯ᠂ ᠲᠤᠭᠤᠯ ᠭᠣᠣᠯ ᠤᠨ ᠬᠥᠨᠳᠡᠢ ᠮᠣᠷᠢᠨ ᠲᠣᠯᠣᠭᠠᠢ᠂ ᠪᠠᠭ᠎ᠠ ᠭᠠᠵᠠᠷ ᠤᠨ ᠴᠢᠯᠠᠭᠤ ᠭᠡᠬᠦ ᠮᠡᠲᠦ ᠣᠯᠠᠨ ᠳᠤᠷᠠᠰᠬᠠᠯᠲᠤ ᠭᠠᠵᠠᠷ ᠤᠳ ᠪᠤᠢ᠃ ᠡᠳᠡᠭᠡᠷ ᠦᠨ ᠳᠣᠲᠣᠷ᠎ᠠ ᠠᠴᠠ ᠨᠣᠶᠠᠨ ᠠᠭᠤᠯᠠ ᠠᠴᠠ ᠣᠯᠳᠠᠭᠰᠠᠨ ᠣᠯᠳᠠᠪᠤᠷᠢ ᠨᠤᠭᠤᠳ ᠴᠢᠬᠤᠯᠠ ᠪᠠᠶᠢᠷᠢ ᠰᠠᠭᠤᠷᠢ ᠲᠠᠢ᠃ (ᠪᠦᠷᠢᠨ ᠠᠭᠤᠯᠭ᠎ᠠ ᠶᠢ ᠤᠩᠰᠢᠬᠤ)

ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ
ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ

ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ (ᠠᠩᠭᠯᠢ ᠪᠠᠷ World Health Organization ) ᠨᠢ ᠣᠯᠠᠨ ᠤᠯᠤᠰ ᠤᠨ ᠡᠷᠡᠭᠦᠯ ᠮᠡᠨᠳᠦ ᠶᠢᠨ ᠠᠰᠠᠭᠤᠳᠠᠯ᠂ ᠳᠡᠯᠡᠬᠡᠢ ᠶᠢᠨ ᠬᠦᠮᠦᠨ ᠠᠮᠠ ᠶᠢᠨ ᠡᠷᠡᠭᠦᠯ ᠮᠡᠨᠳᠦ ᠶᠢ ᠬᠠᠮᠠᠭᠠᠯᠠᠬᠤ ᠳᠤ ᠦᠢᠯᠡ ᠠᠵᠢᠯᠯᠠᠭ᠎ᠠ ᠶᠢ ᠪᠠᠨ ᠴᠢᠭᠯᠡᠭᠦᠯᠳᠡᠭ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠲᠤᠰᠬᠠᠢ ᠰᠠᠯᠪᠤᠷᠢ ᠪᠠᠶᠢᠭᠤᠯᠤᠯᠭ᠎ᠠ᠃ 1948 ᠤᠨ ᠳᠤ ᠪᠠᠶᠢᠭᠤᠯᠤᠭᠳᠠᠭᠰᠠᠨ᠃ ᠰᠸᠢᠰ ᠤᠯᠤᠰ ᠤᠨ ᠵᠧᠨᠧᠸ ᠬᠣᠲᠠᠨ᠎ᠠ ᠲᠥᠪᠯᠡᠷᠡᠨ ᠦᠢᠯᠡ ᠠᠵᠢᠯᠯᠠᠭ᠎ᠠ ᠶᠢ ᠪᠠᠨ ᠶᠠᠪᠤᠭᠤᠯᠳᠠᠭ᠃ 193 ᠣᠷᠣᠨ ᠢ ᠡᠩᠨᠡᠭᠡᠨ ᠳᠦ ᠪᠡᠨ ᠨᠢᠭᠡᠳᠬᠡᠭᠰᠡᠨ᠃ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠨᠢ 1962 ᠤᠨ ᠠᠴᠠ ᠮᠣᠩᠭᠣᠯ ᠤᠯᠤᠰ ᠳᠦ 3 ᠦᠨᠳᠦᠰᠦᠨ ᠴᠢᠭᠯᠡᠯ ᠦᠨ 30 ᠭᠠᠷᠤᠢ ᠬᠥᠲᠥᠯᠪᠦᠷᠢ ᠬᠡᠷᠡᠭᠵᠢᠭᠦᠯᠦᠨ ᠬᠠᠮᠲᠤᠷᠠᠵᠤ ᠠᠵᠢᠯᠯᠠᠵᠤ ᠡᠬᠢᠯᠡᠭᠰᠡᠨ᠃ ᠡᠨᠡᠬᠦ ᠬᠤᠭᠤᠴᠠᠭᠠᠨ ᠳᠤ ᠡᠷᠡᠭᠦᠯ ᠮᠡᠨᠳᠦ ᠶᠢᠨ ᠶᠠᠮᠤᠨ ᠲᠠᠢ ᠬᠠᠮᠲᠤᠷᠠᠨ ᠡᠬᠡ ᠨᠢᠯᠬᠠᠰ ᠤᠨ ᠡᠷᠡᠭᠦᠯ ᠮᠡᠨᠳᠦ᠂ ᠬᠠᠯᠳᠠᠪᠤᠷᠢᠲᠤ ᠡᠪᠡᠳᠴᠢᠨ᠂ ᠬᠠᠮᠲᠤ ᠣᠯᠠᠨ ᠳᠤ ᠲᠤᠯᠭᠠᠭᠤᠷᠢᠯᠠᠭᠰᠠᠨ ᠬᠠᠯᠠᠮᠵᠢ ᠦᠢᠯᠡᠴᠢᠯᠡᠭᠡ᠂ ᠡᠷᠡᠭᠦᠯ ᠮᠡᠨᠳᠦ ᠶᠢᠨ ᠲᠣᠭᠲᠠᠯᠴᠠᠭᠠᠨ ᠤ ᠥᠭᠡᠷᠡᠴᠢᠯᠡᠯᠲᠡ ᠵᠡᠷᠭᠡ ᠣᠯᠠᠨ ᠰᠠᠯᠪᠤᠷᠢ ᠳᠤ 32 ᠰᠠᠶ᠎ᠠ ᠳ᠋ᠣᠯᠯᠠᠷ ᠤᠨ ᠲᠥᠰᠥᠯ ᠬᠥᠲᠥᠯᠪᠦᠷᠢ ᠬᠡᠷᠡᠭᠵᠢᠭᠦᠯᠦᠭᠰᠡᠨ ᠦ 30 ᠬᠤᠪᠢ ᠨᠢ ᠬᠦᠮᠦᠨ ᠦ ᠨᠥᠭᠡᠴᠡ ᠶᠢᠨ ᠬᠥᠭᠵᠢᠯᠳᠦ ᠵᠣᠷᠢᠭᠤᠯᠤᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠴᠢᠴᠠᠷᠭᠠᠨ᠎ᠠ ︱5
ᠴᠢᠴᠠᠷᠭᠠᠨ᠎ᠠ ︱5

ᠴᠢᠴᠠᠷᠭᠠᠨ᠎ᠠ ︱5(五味沙棘散) - ᠠᠭᠤᠰᠭᠢᠨ ᠤ ᠬᠠᠭᠤᠴᠢᠷᠠᠭᠰᠠᠨ ᠬᠠᠯᠠᠭᠤᠨ ᠂ ᠨᠢᠭᠤᠭᠳᠠᠭᠰᠠᠨ ᠬᠠᠯᠠᠭᠤᠨ ᠂ ᠬᠢᠮᠤᠷᠠᠭᠰᠠᠨ ᠬᠠᠯᠠᠭᠤᠨ ᠂ ᠠᠭᠤᠰᠭᠢ ᠦᠭᠡᠷᠢᠯᠡᠭᠰᠡᠨ ᠂ ᠠᠷᠬᠠᠭ ᠬᠠᠨᠢᠶᠠᠳᠤ ᠵᠡᠷᠭᠡ  ᠳᠤ ᠬᠡᠷᠡᠭᠯᠡᠨ᠎ᠡ ᠃ ᠡᠸᠥ᠋ᠷᠥᠫᠡ ᠡᠮᠨᠡᠯᠭᠡ  ᠶᠢᠨ ᠣᠨᠤᠰᠢᠯᠠᠭᠰᠠᠨ ᠮᠦᠭᠡᠷᠰᠦᠨ ᠬᠣᠭᠤᠯᠠᠢ ᠪᠤᠯᠤᠨ ᠰᠠᠯᠪᠤᠷᠢ ᠮᠦᠭᠡᠷᠰᠦᠨ ᠬᠣᠭᠤᠯᠠᠢ  ᠶᠢᠨ ᠤᠵᠢᠭ ᠦᠷᠪᠢᠰᠦᠯ ᠂ ᠰᠠᠯᠪᠤᠷᠢ ᠮᠦᠭᠡᠷᠰᠦᠨ ᠬᠣᠭᠤᠯᠠᠢ  ᠶᠢᠨ ᠲᠡᠯᠡᠭᠳᠡᠯ᠂ ᠠᠭᠤᠰᠭᠢᠨ  ᠤ ᠸᠢᠷᠦ᠋ᠰᠲᠦ ᠦᠷᠪᠢᠰᠦᠯ ᠂ ᠠᠭᠤᠰᠭᠢᠨ  ᠤ ᠪᠤᠭᠯᠠᠭ᠎ᠠ᠂ ᠬᠦᠬᠦᠬᠦᠯᠳᠡᠭ ᠬᠠᠨᠢᠶᠠᠳᠤ  ᠳᠦ ᠲᠤᠰ ᠨᠠᠢᠢᠷᠠᠯᠭ᠎ᠠ ᠵᠢ ᠬᠡᠷᠡᠭᠯᠡᠵᠦ ᠪᠣᠯᠤᠨ᠎ᠠ ᠃ ᠲᠤᠰ ᠨᠠᠢᠢᠷᠠᠯᠭ᠎ᠠ ᠪᠣᠯ ᠲᠡᠭᠰᠢ ᠴᠢᠨᠠᠷ ᠲᠠᠢ ᠨᠠᠢᠢᠷᠠᠯᠭ᠎ᠠ ᠪᠣᠯᠤᠨ᠎ᠠ ᠃ᠡᠭᠦᠨ ᠳᠦ ᠪᠠᠳ᠌ᠭᠠᠨ  ᠢ ᠠᠷᠢᠯᠭᠠᠬᠤ᠂ ᠴᠢᠰᠤ  ᠶᠢ ᠰᠢᠨᠭᠭᠡᠷᠡᠭᠦᠯᠬᠦ᠂ ᠴᠡᠷ  ᠢ ᠬᠤᠪᠬᠤᠯᠬᠤ᠂ ᠬᠠᠨᠢᠶᠠᠳᠤ  ᠶᠢ  ᠵᠤᠭᠰᠤᠭᠠᠬᠤ ᠴᠢᠴᠠᠷᠭᠠᠨ᠎ᠠ ᠪᠡᠷ ᠭᠤᠤᠯᠯᠠᠭᠴᠢ ᠡᠮ ᠪᠤᠯᠭᠠᠵᠤ ᠂ ᠠᠭᠤᠰᠬᠢᠨ ᠭᠡᠮ  ᠢ ᠠᠷᠢᠯᠭᠠᠬᠤ᠂ ᠦᠭᠡᠷᠢ ᠴᠡᠷ ᠢ ᠲᠠᠲᠠᠬᠤ᠂ ᠮᠠᠬᠠᠪᠤᠳ ᠢ ᠲᠡᠭᠰᠢᠳᠭᠡᠬᠦ ᠷᠦᠳᠡ  ᠶᠢ ᠬᠠᠪᠰᠤᠷᠤᠬᠴᠢ ᠡᠮ ᠪᠤᠯᠭᠠᠵᠤ᠂ ᠠᠭᠤᠰᠭᠢᠨ ᠬᠠᠯᠠᠭᠤᠨ ᠢ ᠠᠷᠢᠯᠭᠠᠬᠤ᠂ ᠬᠠᠨᠢᠶᠠᠳᠤ  ᠶᠢ ᠵᠤᠭᠰᠤᠭᠠᠬᠤ᠂ ᠠᠮᠢᠰᠬᠤᠭᠠᠳᠠᠬᠤ  ᠶᠢ ᠳᠠᠷᠤᠬᠤ᠂ ᠮᠠᠬᠠᠪᠤᠳ ᠢ ᠴᠢᠬᠢᠷᠠᠭᠵᠢᠭᠤᠯᠬᠤ ᠴᠠᠭᠠᠨ ᠦᠵᠦᠮ ᠪᠤᠯᠤᠨ ᠠᠭᠤᠰᠭᠢᠨ ᠬᠠᠯᠠᠭᠤᠨ  ᠢ ᠠᠷᠢᠯᠭᠠᠬᠤ ᠂ ᠴᠡᠷ ᠢ ᠠᠷᠢᠯᠭᠠᠬᠤ᠂ ᠬᠠᠨᠢᠶᠠᠬᠤ  ᠶᠢ ᠵᠣᠭᠰᠤᠭᠠᠬᠤ ᠰᠢᠬᠢᠷ ᠡᠪᠡᠰᠦ ᠪᠡᠷ ᠲᠤᠰᠠᠯᠠᠬᠴᠢ ᠡᠮ ᠪᠤᠯᠭᠠᠵᠤ᠂ ᠴᠢᠰᠤᠨ ᠬᠠᠯᠠᠭᠤᠨ  ᠢ ᠠᠷᠢᠯᠭᠠᠬᠤ ᠂ ᠪᠠᠳ᠌ᠭᠠᠨ ᠰᠢᠷ᠎ᠠ  ᠶᠢ ᠠᠷᠢᠯᠭᠠᠬᠤ᠂ ᠮᠠᠬᠠᠪᠤᠳ ᠢ ᠲᠡᠭᠰᠢᠳᠭᠡᠬᠦ ᠵᠦᠷᠦᠷ᠎ᠠ  ᠪᠡᠷ ᠦᠢᠯᠡᠴᠢᠯᠡᠭᠴᠢ ᠡᠮ ᠪᠤᠯᠭᠠᠵᠤ ᠨᠠᠢᠢᠷᠠᠭᠤᠯᠤᠭᠰᠠᠨ ᠲᠤᠯᠠ ᠴᠡᠷ  ᠢ ᠬᠤᠪᠬᠤᠯᠬᠤ᠂ ᠠᠭᠤᠰᠭᠢᠨ ᠬᠠᠯᠠᠭᠤᠨ ᠬᠭᠤᠴᠢᠷᠠᠵᠤ ᠰᠠᠷᠨᠢᠭᠰᠠᠨ  ᠢ ᠠᠷᠢᠯᠭᠠᠬᠤ᠂ ᠬᠠᠨᠢᠶᠠᠳᠤ  ᠶᠢ ᠵᠤᠭᠰᠤᠭᠠᠬᠤ ᠴᠢᠳᠠᠯ ᠲᠠᠢ ᠨᠠᠢᠢᠷᠠᠯᠭ᠎ᠠ ᠪᠤᠯᠵᠤ ᠪᠦᠷᠢᠯᠳᠦᠵᠡᠢ᠃ (ᠪᠦᠷᠢᠨ ᠠᠭᠤᠯᠭ᠎ᠠ ᠶᠢ ᠤᠩᠰᠢᠬᠤ)

ᠬᠠᠨᠳᠤᠳᠣᠷᠵᠢ
ᠬᠠᠨᠳᠤᠳᠣᠷᠵᠢ

ᠡᠷᠳᠡᠨᠢ ᠳᠠᠶᠢᠴᠢᠨ ᠴᠢᠨ ᠸᠠᠩ ᠮᠢᠵᠢᠳᠳᠣᠷᠵᠢ ᠶᠢᠨ ᠬᠠᠨᠳᠤᠳᠣᠷᠵᠢ ᠨᠢ 1869 ᠤᠨ ᠪᠤᠶᠤ ᠰᠢᠷᠠᠭᠴᠢᠨ ᠮᠣᠭᠠᠢ ᠵᠢᠯ ᠳᠤ ᠡᠷᠳᠡᠨᠢ ᠴᠢᠨ ᠸᠠᠩ ᠰᠡᠷᠡᠩᠳᠣᠷᠵᠢ ᠶᠢᠨ ᠬᠦᠦ ᠮᠢᠨᠵᠢᠳᠳᠣᠷᠵᠢ ᠭᠦᠩ ᠤᠨ ᠭᠡᠷ ᠪᠦᠯᠢ ᠳᠦ ᠮᠡᠨᠳᠦᠯᠡᠵᠡᠢ᠃ ᠲᠡᠷᠡ ᠪᠤᠯ ᠮᠣᠩᠭᠣᠯ ᠤᠯᠤᠰ ᠤᠨ ᠲᠥᠷᠥ ᠶᠢᠨ ᠨᠡᠷᠡᠲᠦ ᠵᠢᠳᠬᠦᠯᠲᠡᠨ᠂ ᠲᠤᠰᠠᠭᠠᠷ ᠲᠣᠭᠲᠠᠨᠢᠯ ᠤᠨ ᠲᠥᠯᠥᠭᠡ᠂ ᠮᠠᠨᠵᠤ ᠶᠢᠨ ᠳᠠᠷᠤᠯᠠᠯ ᠤᠨ ᠡᠰᠡᠷᠬᠦ ᠲᠤᠤᠱᠲᠠᠢ ᠲᠡᠮᠡᠴᠡᠭᠴᠢ᠂ ᠪᠣᠭᠳᠠ ᠬᠠᠭᠠᠨᠲᠤ ᠮᠣᠩᠭᠣᠯ ᠤᠯᠤᠰ ᠢ ᠡᠭᠦᠰᠬᠡᠨ ᠪᠠᠶᠢᠭᠤᠯᠤᠭᠴᠢ ᠭᠣᠣᠯ ᠤᠳᠤᠷᠢᠳᠤᠭᠴᠢᠳ ᠤᠨ ᠨᠢᠭᠡ ᠮᠦᠷᠲᠡᠭᠡᠨ ᠮᠣᠩᠭᠣᠯ ᠤᠨ ᠭᠠᠳᠠᠭᠠᠲᠤ ᠶᠠᠪᠤᠳᠠᠯ ᠤᠨ ᠰᠠᠶᠢᠳ ᠤᠨ ᠠᠯᠪᠠ ᠶᠢ ᠡᠭᠦᠰᠬᠡᠨ ᠪᠠᠶᠢᠭᠤᠯᠤᠭᠴᠢ ᠪᠤᠯᠬᠤ ᠶᠤᠮ᠃ᠬᠠᠨᠳᠤᠳᠣᠷᠵᠢ ᠸᠠᠩ ᠨᠢ ᠪᠠᠰᠠ ᠪᠠᠲᠤᠮᠦ᠋ᠩᠬᠡ ᠳᠠᠶᠠᠩ ᠬᠠᠭᠠᠨ ᠤ ᠣᠳᠬᠣᠨ ᠬᠦᠦ ᠭᠡᠷᠰᠡᠩ ᠵᠠᠯᠠᠶᠢᠷ ᠤᠨ ᠬᠤᠩᠲᠠᠶᠢᠵᠢ ᠶᠢᠨ ᠰᠢᠭᠤᠳ ᠤᠳᠤᠮ ᠤᠨ ᠠᠯᠲᠠᠨ ᠤᠷᠤᠭ ᠤᠨ ᠰᠤᠷᠪᠤᠯᠵᠢᠲᠤ ᠬᠦᠮᠦᠨ ᠪᠢᠯᠡ᠃ (ᠪᠦᠷᠢᠨ ᠠᠭᠤᠯᠭ᠎ᠠ ᠶᠢ ᠤᠩᠰᠢᠬᠤ)

ᠥᠨᠳᠡᠭᠡ
ᠥᠨᠳᠡᠭᠡ

ᠥᠨᠳᠡᠭᠡ ᠨᠢ ᠰᠢᠷ᠎ᠠ ᠤᠭᠤᠷᠠᠭ᠂ ᠴᠠᠭᠠᠨ ᠤᠭᠤᠷᠠᠭ᠂ ᠴᠤᠬᠤᠶᠢᠯᠢᠭ ᠬᠠᠯᠢᠰᠤ ᠭᠡᠰᠡᠨ ᠭᠤᠷᠪᠠᠨ ᠦᠨᠳᠦᠰᠦᠨ ᠬᠡᠰᠡᠭ ᠡᠴᠡ ᠪᠥᠷᠢᠳᠬᠦ ᠬᠦᠮᠦᠨ ᠦ ᠠᠮᠢᠳᠤᠷᠠᠯ ᠳᠤ ᠵᠠᠶᠢᠯᠠᠰᠢ ᠦᠭᠡᠢ ᠱᠠᠭᠠᠷᠳᠠᠭᠳᠠᠬᠤ ᠲᠡᠵᠢᠭᠡᠯ ᠦᠨ ᠪᠣᠳᠠᠰ ᠤᠳ ᠢ ᠠᠭᠤᠯᠤᠭᠴᠢ ᠬᠦᠨᠡᠰᠦ ᠶᠤᠮ᠃ ᠥᠨᠳᠡᠭᠡᠨ ᠦ ᠬᠢᠮᠢ ᠶᠢᠨ ᠨᠠᠶᠢᠷᠠᠯᠭ᠎ᠠ ᠬᠠᠯᠢᠰᠤ ᠶᠢ ᠡᠰᠡ ᠲᠣᠭᠠᠴᠠᠨ ᠳᠤᠮᠳᠠᠴᠢ ᠪᠠᠷ ᠦᠵᠡᠭᠦᠯᠪᠡᠯ᠄ 73᠂6% ᠨᠢ ᠤᠰᠤ᠂ 13% ᠨᠢ ᠤᠭᠤᠷᠠᠭ᠂ 12% ᠨᠢ ᠥᠭᠡᠬᠦ ᠲᠣᠰᠣ᠂ 0᠂6% ᠨᠢ ᠨᠡᠭᠦᠷᠡᠰᠦ ᠤᠰᠤ᠂ 1 % ᠨᠢ ᠺᠠᠯᠼᠢ᠂ ᠹᠣᠰᠹᠣᠷ ᠵᠡᠷᠭᠡ ᠡᠷᠦᠳᠡᠰᠦ ᠪᠣᠳᠠᠰ ᠪᠠᠶᠢᠳᠠᠭ᠃ ᠥᠨᠳᠡᠭᠡᠨ ᠦ ᠬᠠᠮᠤᠭ ᠤᠨ ᠦᠨ᠎ᠡ ᠴᠡᠨ᠎ᠡ ᠲᠡᠢ ᠬᠡᠰᠡᠭ ᠪᠣᠯ ᠰᠢᠷ᠎ᠠ ᠨᠢ ᠪᠥᠭᠡᠳ ᠡᠭᠦᠨ ᠳᠦ ᠤᠭᠤᠷᠠᠭ᠂ ᠥᠭᠡᠬᠦ᠂ ᠨᠡᠭᠦᠷᠡᠰᠦ ᠤᠰᠤ᠂ ᠡᠷᠦᠳᠡᠰᠦ ᠸᠢᠲ᠋ᠠᠮᠢᠨ ᠡᠴᠡ ᠭᠠᠳᠠᠨ᠎ᠠ ᠪᠠᠰᠠ A᠂ B᠂ D᠂ E ᠸᠢᠲ᠋ᠠᠮᠢᠨ ᠠᠭᠤᠯᠤᠭᠳᠠᠨ᠎ᠠ᠃ ᠮᠡᠳᠡᠷᠡᠯ ᠦᠨ ᠪᠣᠯᠤᠨ ᠤᠭᠤᠷᠠᠭ ᠲᠠᠷᠢᠬᠢᠨ ᠤ ᠡᠳ᠋ ᠡᠰ ᠢ ᠯᠧᠼᠢᠲ᠋ᠢᠨ ︵lecithin︶ ᠬᠡᠮᠡᠬᠦ ᠵᠠᠶᠢᠯᠠᠰᠢ ᠦᠭᠡᠢ ᠴᠢᠬᠤᠯᠠ ᠪᠣᠳᠠᠰ ᠢᠶᠠᠷ ᠬᠠᠮᠤᠭ ᠤᠨ ᠶᠡᠬᠡ ᠪᠡᠷ ᠬᠠᠩᠭᠠᠳᠠᠭ ᠨᠢ ᠥᠨᠳᠡᠭᠡ ᠶᠤᠮ᠃  (ᠪᠦᠷᠢᠨ ᠠᠭᠤᠯᠭ᠎ᠠ ᠶᠢ ᠤᠩᠰᠢᠬᠤ)

MS SQL ᠦᠢᠯᠡᠴᠢᠯᠡᠭᠦᠷ
SQL Server 2016

MS SQL ᠦᠢᠯᠡᠴᠢᠯᠡᠭᠦᠷ MS SQL Server ᠪᠣᠯ microsoft ᠺᠣᠮᠫᠠᠨᠢ ᠶᠢᠨ ᠦᠢᠯᠡᠳᠪᠦᠷᠢᠯᠡᠭᠰᠡᠨ ᠬᠣᠯᠪᠣᠭ᠎ᠠ ᠲᠠᠢ ᠥᠭᠭᠥᠭᠳᠡᠯ ᠦᠨ ᠰᠠᠩ ᠤᠨ ᠤᠳᠤᠷᠢᠳᠤᠯᠭ᠎ᠠ ᠶᠢᠨ ᠰᠢᠰᠲ᠋ᠧᠮ ᠶᠤᠮ᠃ ᠲᠡᠭᠦᠨ ᠦ ᠠᠯᠪᠠᠨ ᠶᠣᠰᠣᠨ ᠤ ᠬᠡᠯᠡ ᠨᠢ Transact-SQL ᠪᠥᠭᠡᠳ ᠮᠥᠨ ANSI/ISO ᠪᠠᠷᠢᠮᠵᠢᠶ᠎ᠠ ᠶᠢᠨ ᠵᠣᠬᠢᠶᠠᠨ ᠪᠠᠶᠢᠭᠤᠯᠤᠯᠲᠠ ᠲᠠᠢ ᠳᠠᠷᠠᠭᠠᠯᠠᠯ ᠤᠨ ᠬᠡᠯᠡ 《SQL》 ᠢ Microsoft ᠪᠣᠯᠤᠨ Sybase ᠬᠣᠶᠠᠷ ᠬᠣᠶᠠᠭᠤᠯᠠ ᠪᠠᠨ ᠬᠡᠷᠡᠭᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠭᠣᠣᠯ ᠤᠨ ᠬᠠᠯᠢᠭᠤ
ᠭᠣᠣᠯ ᠤᠨ ᠬᠠᠯᠢᠭᠤ

ᠭᠣᠣᠯ ᠤᠨ ᠬᠠᠯᠢᠭᠤ (Lutra lutra) ᠨᠢ ᠪᠤᠯᠠᠭ᠎ ᠠ ᠶᠢᠨ ᠠᠶᠢᠮᠠᠭ  ᠤᠨ ᠮᠢᠬᠠᠴᠢᠨ ᠠᠮᠢᠲᠠᠨ ᠪᠥᠭᠡᠳ ᠧᠦ᠋ᠷᠣᠫᠠᠠᠽᠢᠶ᠎ᠠ ᠳᠤ ᠲᠠᠷᠬᠠᠨ ᠨᠤᠲᠤᠭᠯᠠᠳᠠᠭ᠃ ᠡᠨᠡ ᠲᠦᠷᠦᠯ ᠤᠨ ᠭᠣᠣᠯ ᠤᠨ ᠬᠠᠯᠢᠭᠤ ᠨᠢ ᠬᠣᠶᠢᠳᠤ ᠠᠮᠧᠷᠢᠺᠠ ᠶᠢᠨ ᠭᠣᠣᠯ ᠤᠨ ᠬᠠᠯᠢᠭᠤ ᠠᠴᠠ ᠪᠣᠭᠣᠨᠢ ᠬᠥᠵᠦᠭᠦᠦ ᠲᠠᠢ᠂ ᠴᠢᠬᠢᠨ ᠦ ᠬᠣᠭᠤᠷᠤᠨᠳᠤᠬᠢ ᠵᠠᠢ᠂ ᠤᠷᠲᠤ ᠰᠡᠭᠦᠯ ᠢᠶᠡᠷ ᠶᠢᠡᠨ ᠢᠯᠭᠠᠭ᠎ᠠ ᠲᠠᠢ᠃ᠮᠣᠩᠭᠣᠯ ᠤᠯᠤᠰ ᠤᠨ ᠬᠤᠪᠢ ᠳᠤ᠂ ᠮᠣᠩᠭᠣᠯ ᠠᠯᠲᠠᠢ᠂ ᠬᠠᠩᠭᠠᠢ᠂ ᠬᠥᠪᠰᠥᠭᠥᠯ᠂ ᠬᠡᠨᠲᠡᠢ᠂ ᠬᠢᠩᠭᠠᠨ ᠤ ᠬᠠᠶᠠᠭ᠎ᠠ ᠵᠡᠷᠭᠡ ᠠᠭᠤᠯᠠᠰ  ᠤᠨ ᠭᠣᠣᠯ ᠮᠦᠷᠡᠨ᠂ ᠵᠠᠷᠢᠮ ᠴᠡᠩᠭᠡᠭ ᠨᠠᠭᠤᠷ ᠲᠤ ᠲᠠᠷᠬᠠᠮᠠᠯ ᠪᠠᠶᠢᠭᠰᠠᠨ ᠶᠢᠡᠨ ᠰᠡᠭᠦᠯ ᠳᠤ ᠨᠢ ᠦᠭᠡᠢ ᠪᠣᠯᠵᠠᠢ᠃ ᠲᠤᠰ ᠵᠠᠭᠤᠨ ᠤ ᠬᠣᠷᠢ᠂ ᠭᠤᠴᠢᠭᠠᠳ ᠣᠨ ᠤ ᠦᠶ᠎ ᠡ ᠪᠡᠷ᠂ ᠣᠨᠣᠨ᠂ ᠮᠢᠨᠵᠢ᠂ ᠵᠠᠪᠬᠠᠨ᠂ ᠲᠡᠰ᠂ ᠲᠠᠮᠢᠷ᠂ ᠴᠢᠯᠠᠭᠤᠲᠤ᠂ ᠳᠡᠯᠭᠡᠷ ᠮᠥᠷᠡᠨ᠂ ᠡᠭᠡ᠂ ᠬᠠᠯᠬ᠎ᠠ ᠭᠣᠣᠯ ᠤᠨ ᠰᠠᠪᠠ ᠳᠤ ᠬᠣᠪᠣᠷᠬᠠᠨ ᠦᠵᠡᠭᠳᠡᠳᠡᠭ ᠪᠠᠶᠢᠵᠠᠢ᠃ 1995 ᠣᠨ ᠤ ᠪᠠᠶᠢᠳᠠᠯ ᠢᠶᠠᠷ᠂ ᠬᠠᠯᠬ᠎ᠠ ᠭᠣᠣᠯ ᠳᠤ᠂ ᠠᠮᠤᠭᠤᠯᠠᠩᠲᠤ ᠠᠴᠠ ᠤᠯᠤᠰ ᠤᠨ ᠬᠢᠯᠢ ᠬᠦᠷᠲᠡᠯᠡᠬᠢ ᠵᠠᠬ᠎ᠠ ᠬᠢᠵᠠᠭᠠᠷ ᠲᠤ ᠮᠠᠰᠢ ᠴᠥᠭᠡᠨ ᠦᠯᠡᠳᠡᠵᠦ᠂ ᠪᠡᠯᠲᠡᠰ᠂ ᠡᠭᠡ᠂ ᠲᠡᠰ᠂ ᠬᠤᠷᠢᠮᠳᠤ ᠭᠣᠣᠯ ᠤᠨ ᠵᠠᠷᠢᠮ ᠬᠡᠰᠡᠭ ᠲᠦ ᠬᠠᠶᠠ ᠭᠦᠶᠦᠳᠡᠯ ᠢᠶᠡᠷ ᠦᠵᠡᠭᠳᠡᠨ᠎ᠡ᠃ ᠬᠠᠯᠬ᠎ᠠ᠂ ᠨᠥᠮᠥᠷᠭᠡ ᠭᠣᠣᠯ ᠤᠨ ᠰᠢᠭᠢᠭᠦᠦ ᠪᠤᠷᠭᠠᠰᠤ᠂ ᠮᠣᠨᠣᠰᠣ᠂ ᠵᠡᠭᠡᠰᠦ ᠰᠢᠭᠤᠶᠢᠳᠤ ᠵᠡᠯᠢᠭᠦᠳ ᠰᠢᠷᠢᠩᠭᠢ ᠲᠣᠬᠣᠢ ᠳᠤ ᠠᠮᠢᠳᠤᠷᠠᠳᠠᠭ᠃ ᠲᠠᠶᠢᠭ᠎ᠠ ᠶᠢᠨ ᠭᠦᠨ ᠬᠠᠪᠴᠢᠯ᠂ ᠥᠳᠬᠡᠨ ᠰᠢᠭᠢᠭᠦᠦ ᠣᠢ ᠳᠤᠮᠳᠠᠭᠤᠷ ᠡᠪᠦᠯ ᠬᠠᠷᠠᠭᠳᠠᠳᠠᠭ᠂ ᠰᠢᠷᠦᠭᠦᠨ ᠤᠷᠤᠰᠬᠠᠯ ᠲᠠᠢ ᠪᠣᠷᠭᠢᠶ᠎ᠠ ᠲᠠᠢ ᠬᠡᠰᠡᠭ ᠲᠦ ᠲᠠᠭᠠᠷᠠᠯᠳᠤᠳᠠᠭ᠃ (ᠪᠦᠷᠢᠨ ᠠᠭᠤᠯᠭ᠎ᠠ ᠶᠢ ᠤᠩᠰᠢᠬᠤ)

ᠠᠯᠲᠠᠢ ᠶᠢᠨ ᠤᠷᠢᠶᠠᠩᠬᠠᠢ
ᠶᠠᠫᠤᠨ ᠤ ᠪᠠᠷᠢᠯᠭ᠎ ᠠ ᠶᠢᠨ ᠲᠡᠦᠬᠡ

ᠶᠠᠫᠤᠨ ᠤ ᠪᠠᠷᠢᠯᠭ᠎ ᠠ ᠄ ᠪᠠᠶᠢᠭᠠᠯᠢ ᠶᠢᠨ ᠥᠪᠡᠷᠮᠢᠴᠡ ᠨᠥᠬᠥᠴᠡᠯ᠂ ᠨᠡᠩ ᠢᠯᠠᠩᠭᠤᠶ ᠠ ᠳᠠᠯᠠᠢ ᠶᠢᠨ ᠳᠠᠪᠠᠯᠭᠠᠨ᠂ ᠭᠠᠵᠠᠷ ᠬᠥᠳᠡᠯᠦᠯ ᠂ ᠦᠶᠡᠷ  ᠵᠡᠷᠭᠡ ᠨᠢ ᠶᠠᠫᠣᠨᠴᠤᠳ ᠢ ᠪᠠᠲᠤ ᠪᠡᠬᠢ ᠪᠥᠭᠡᠳ ᠠᠷᠪᠢᠴᠢ ᠬᠢᠮᠠᠭᠠᠴᠢ᠂ ᠥᠭᠡᠷ᠎ᠡ ᠪᠡᠷ ᠬᠡᠯᠡᠪᠡᠯ ᠬᠡᠷ ᠢᠶᠡᠨ ᠲᠣᠬᠢᠲᠠᠢ ᠪᠠᠷᠢᠯᠭ᠎ ᠠ ᠪᠠᠶᠢᠭᠤᠯᠤᠮᠵᠢ ᠪᠦᠲᠦᠭᠡᠬᠦ ᠰᠠᠨᠠᠯ ᠲᠠᠯᠪᠢᠵᠤ ᠪᠠᠶᠢᠯ᠎ᠠ᠃ ᠡᠷᠲᠡᠨ ᠡᠴᠡ ᠮᠣᠳᠣ ᠶᠢ  ᠪᠠᠷᠢᠯᠭ᠎ᠠ ᠶᠢᠨ ᠭᠣᠣᠯ ᠮᠠᠲ᠋ᠧᠷᠢᠶᠠᠯ ᠪᠣᠯᠭᠠᠭᠰᠠᠨ ᠨᠢ ᠬᠥᠩᠭᠡᠨ ᠠᠪᠰᠠᠷᠬᠠᠨ᠂ ᠬᠠᠨ᠎ ᠠ ᠨᠤᠭᠤᠳ ᠢ ᠨᠢ  ᠤᠯᠠᠷᠢᠯ ᠤᠨ ᠪᠠᠶᠢᠳᠠᠯ ᠳᠤ ᠲᠣᠬᠢᠷᠠᠭᠤᠯᠤᠨ ᠦᠭᠡᠷᠡᠴᠢᠯᠡᠬᠦ ᠵᠡᠷᠭᠡ ᠳᠠᠪᠠᠭᠤ ᠳᠠᠯ᠎ᠠ ᠲᠠᠢ ᠪᠠᠢᠢᠪᠠ᠃ ᠶᠡᠬᠡᠩᠬᠢ ᠲᠣᠬᠢᠶᠠᠯᠳᠤᠯ ᠳᠤ  ᠪᠠᠷᠢᠯᠭ᠎ᠠ  ᠭᠠᠵᠠᠷ ᠠᠴᠠ ᠬᠥᠨᠳᠡᠢ᠂  ᠮᠣᠳᠣᠨ ᠲᠤᠯᠭᠠᠭᠤᠷ ᠳᠡᠭᠡᠷ ᠠ ᠪᠠᠶᠢᠷᠢᠯᠠᠬᠤ ᠨᠢ ᠳᠣᠷᠭᠢᠯᠲᠠ ᠪᠠ ᠴᠢᠭᠢᠭ ᠡᠴᠡ  ᠬᠠᠮᠠᠭᠠᠯᠠᠬᠤ ᠵᠣᠷᠢᠭᠤᠯᠤᠯᠲᠠ ᠲᠠᠢ ᠶᠤᠮ᠃ ᠡᠷᠲᠡᠨ ᠦ ᠶᠠᠫᠣᠨ ᠤ ᠭᠡᠷ ᠪᠠᠷᠢᠯᠭ᠎ ᠠ ᠶᠢᠨ ᠭᠣᠣᠯ ᠨᠢᠭᠡᠨ ᠰᠢᠨᠵᠢ ᠴᠢᠨᠠᠷ ᠪᠣᠯ ᠪᠠᠷᠢᠯᠭ᠎ᠠ ᠶᠢᠨ ᠳᠡᠭᠡᠪᠦᠷ ᠶᠤᠮ᠃ ᠰᠦᠷᠡᠯ ᠢᠶᠡᠷ ᠬᠢᠭᠰᠡᠨ ᠡᠨᠡᠬᠦ ᠳᠡᠭᠡᠪᠦᠷ ᠦᠳ ᠨᠢ ᠣᠯᠠᠨ ᠲᠥᠷᠥᠯ ᠪᠠᠶᠢᠬᠤ ᠪᠥᠭᠡᠳ ᠶᠠᠫᠣᠨ ᠤᠯᠤᠰ ᠲᠤ ᠵᠠᠭᠤ ᠵᠠᠭᠤᠨ ᠳᠠᠮᠵᠢᠨ ᠤᠯᠠᠮᠵᠢᠯᠠᠭᠳᠠᠵᠤ ᠢᠷᠡᠭᠰᠡᠨ ᠶᠤᠮ᠃ ᠡᠷᠲᠡᠨ ᠦ ᠶᠠᠫᠣᠨ ᠤ ᠪᠠᠷᠢᠯᠭ᠎ᠠ ᠨᠤᠭᠤᠳ ᠤᠨ ᠳᠡᠭᠡᠪᠦᠷ ᠦᠳ ᠨᠢ ᠦᠯᠡᠮᠵᠢ ᠲᠣᠮᠣ ᠬᠡᠮᠵᠢᠶ᠎ᠡ ᠲᠡᠢ ᠪᠥᠭᠡᠳ ᠡᠨᠡ ᠨᠢ ᠪᠠᠷᠢᠯᠭ᠎ᠠ ᠶᠢ ᠰᠦᠷᠯᠢᠭ ᠦᠵᠡᠮᠵᠢᠲᠡᠢ ᠬᠠᠷᠠᠭᠳᠠᠭᠤᠯᠳᠠᠭ ᠢᠶᠠᠷ ᠢᠶᠠᠨ ᠪᠤᠰᠤᠳ ᠣᠷᠣᠨ ᠤ ᠭᠡᠷ ᠪᠠᠷᠢᠯᠭ᠎ ᠠ ᠠᠴᠠ ᠢᠯᠭᠠᠵᠤ ᠥᠭᠴᠦ ᠪᠠᠶᠢᠭ᠎ᠠ ᠣᠨᠴᠠᠯᠢᠭ ᠲᠠᠢ ᠶᠤᠮ᠃ ᠮᠥᠨ ᠪᠠᠷᠢᠯᠭ᠎ᠠ ᠶᠢᠨ ᠳᠣᠲᠣᠷ᠎ᠠ ᠬᠠᠨ᠎ᠠ ᠨᠤᠭᠤᠳ ᠨᠢ ᠴᠢᠯᠦᠭᠡᠲᠡᠢ ᠬᠥᠳᠡᠯᠬᠦ ᠲᠤᠬᠢᠷᠠᠭᠤᠯᠤᠯᠲᠠ ᠲᠠᠢ ᠪᠦᠭᠡᠳ ᠴᠣᠩᠬᠣᠨ ᠤ ᠰᠢᠯ ᠢ ᠨᠢᠮᠭᠡᠨ ᠴᠠᠭᠠᠰᠤ ᠣᠷᠣᠯᠠᠵᠤ ᠪᠠᠶᠢᠭᠰᠠᠨ ᠨᠢ ᠬᠤᠷᠴᠠ ᠨᠠᠷᠠᠨ ᠤ ᠭᠡᠷᠡᠯ ᠢ ᠥᠷᠦᠭᠡ ᠤᠷᠤᠭᠤ ᠵᠢᠭᠳᠡ ᠵᠥᠭᠡᠯᠡᠨ ᠢᠶᠡᠷ ᠲᠤᠰᠬᠠᠬᠤ ᠪᠣᠯᠤᠮᠵᠢ ᠶᠢ ᠣᠯᠭᠤᠵᠤ ᠪᠠᠶᠢᠪᠠ᠃ ᠬᠥᠳᠡᠯᠭᠡᠭᠡᠨᠳᠦ ᠬᠠᠨ᠎ᠠ ᠶᠢᠨ ᠠᠴᠢ ᠪᠠᠷ ᠪᠠᠷᠢᠯᠭ᠎ᠠ ᠶᠢᠨ ᠳᠣᠲᠣᠭᠠᠳᠤ ᠣᠷᠣᠨ ᠵᠠᠢ ᠶᠢ ᠬᠦᠰᠡᠭᠰᠡᠨ ᠢᠶᠡᠷ ᠢᠶᠡᠨ ᠦᠭᠡᠷᠡᠴᠢᠯᠡᠵᠦ ᠣᠯᠠᠨ ᠴᠥᠭᠡᠨ ᠡᠰᠡᠪᠡᠯ ᠠᠭᠤᠵᠢᠮ ᠵᠢᠵᠢᠭ ᠥᠪᠡᠷᠰᠡᠳ ᠦᠨ ᠬᠡᠷᠡᠭᠯᠡᠭᠡᠨ ᠳᠦ ᠲᠣᠬᠢᠷᠠᠭᠤᠯᠤᠨ ᠦᠭᠡᠷᠡᠴᠢᠯᠡᠵᠦ ᠪᠣᠯᠬᠤ ᠶᠤᠮ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ