ᠣᠨᠴᠠᠯᠠᠬᠤ ᠥᠭᠦᠯᠡᠯ/2016 6 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠷ᠎ᠠ ᠪᠠᠯᠭᠠᠰᠤ
ᠬᠠᠷ᠎ᠠ ᠪᠠᠯᠭᠠᠰᠤ

ᠬᠠᠷ᠎ᠠ ᠪᠠᠯᠭᠠᠰᠤ ᠪᠤᠶᠤᠤᠷᠳᠤ ᠪᠠᠯᠢᠺ ᠭᠡᠳᠡᠭ ᠶᠡᠬᠡ ᠬᠣᠲᠠ ᠍ ᠤᠨ ᠨᠤᠷᠠᠩᠬᠠᠢ ᠠᠷᠤᠬᠠᠩᠭᠠᠢ ᠠᠶᠢᠮᠠᠭ ᠤᠨ ᠬᠣᠲᠠᠨᠳᠤ ᠰᠤᠮᠤ ᠍ ᠤᠨ ᠨᠤᠲᠤᠭ ᠲᠤ᠂ ᠬᠠᠷᠠᠬᠣᠷᠢᠨ ᠠᠴᠠ ᠵᠡᠭᠦᠨ ᠬᠣᠶᠢᠰᠢ 40 km ᠳᠦ ᠣᠷᠬᠣᠨ ᠤ ᠬᠥᠨᠳᠡᠢ ᠳᠤ ᠪᠠᠶᠢᠳᠠᠭ᠃ ᠬᠠᠷ᠎ᠠ ᠪᠠᠯᠭᠠᠰᠤ ᠪᠤᠯ ᠲᠥᠪ ᠠᠽᠢᠶ᠎ᠠ ᠍ ᠶᠢᠨ ᠨᠡᠭᠦᠳᠡᠯᠴᠢ ᠠᠷᠠᠳ ᠲᠦᠮᠡᠨ ᠦ ᠳᠤᠮᠳᠠ ᠨᠠᠢ᠍ᠮᠠ ᠠᠴᠠ ᠶᠢᠰᠦᠳᠦᠭᠡᠷ ᠵᠠᠭᠤᠨ ᠤ ᠦᠶ᠎ᠡ ᠳᠦ ᠡᠭᠡᠯᠵᠢᠲᠦ ᠲᠥᠷᠦ ᠤᠯᠤᠰ ᠢᠶᠠᠨ ᠪᠠᠶᠢᠭᠤᠯᠤᠨ 100 ᠣᠷᠴᠢᠮ ᠵᠢᠯ ᠣᠷᠣᠰᠢᠨ ᠲᠣᠭᠲᠠᠨᠢᠵᠤ ᠪᠠᠶᠢᠭᠰᠠᠨ ᠤᠶᠢᠭᠤᠷ ᠤᠨ ᠬᠠᠭᠠᠨᠲᠤ ᠤᠯᠤᠰ(回鹘汗国) ᠍ ᠤᠨ ᠨᠡᠶᠢᠰᠯᠡᠯ ᠶᠤᠮ ᠃ ᠤᠶᠢᠭᠤᠷ ᠍ ᠤᠨ ᠶᠠᠭᠯᠠᠺᠠᠷ ᠣᠪᠤᠭ ᠤᠨ ᠨᠣᠶᠠᠨ ᠫᠡᠶᠢᠯᠠ 744 ᠣᠨ ᠳᠤ ᠪᠡᠶ᠎ᠡ ᠪᠡᠨ ᠺᠢᠲᠦᠯᠦᠭ ᠪᠢᠯᠢᠭᠡ ᠺᠦᠯ ᠬᠠᠭᠠᠨ (744-747) ᠬᠡᠮᠡᠨ ᠡᠷᠭᠦᠮᠵᠢᠯᠡᠵᠦ ᠬᠠᠭᠠᠨ ᠰᠢᠷᠡᠭᠡᠨ  ᠳᠦ ᠰᠠᠭᠤᠭᠰᠠᠨ ᠪᠠᠶᠢᠨ᠎ᠠ᠃ ᠲᠡᠭᠦᠨ ᠤ ᠤᠳᠤᠷᠢᠳᠤᠭᠰᠠᠨ ᠬᠦᠴᠦ 745 ᠣᠨ ᠳᠤ ᠲᠦᠷᠦᠭ ᠦᠨ ᠬᠠᠭᠠᠨᠲᠤ ᠤᠯᠤᠰ ᠍ ᠢ ᠪᠦᠷᠢᠮᠦᠰᠦᠨ ᠪᠤᠲᠠ ᠴᠣᠬᠢᠵᠤ ᠤᠶᠢᠭᠤᠷ ᠤᠯᠤᠰ ᠍ ᠢ ᠪᠠᠶᠢᠭᠤᠯᠪᠠ᠃ ᠲᠡᠷᠡᠪᠡᠷ 751 ᠣᠨ ᠳᠤ ᠣᠷᠬᠣᠨ ᠤ ᠬᠥᠨᠳᠡᠢ ᠳᠤ ᠤᠷᠳᠤ ᠪᠠᠯᠢᠺ ᠪᠤᠶᠤ ᠪᠠᠯᠢᠺᠯᠢᠺ (ᠬᠠᠷ᠎ᠠ ᠪᠠᠯᠭᠠᠰᠤ) ᠬᠡᠮᠡᠬᠦ ᠬᠣᠲᠠ ᠶᠢ ᠴᠣᠭᠴᠠᠯᠠᠨ ᠪᠠᠶᠢᠭᠤᠯᠵᠤ ᠤᠯᠤᠰ ᠤᠨ ᠨᠡᠶᠢᠰᠯᠡᠯ ᠪᠣᠯᠭᠠᠵᠠᠢ᠃ ᠡᠨᠡᠬᠦ ᠬᠣᠲᠠ ᠨᠢ ᠬᠥᠬᠡ ᠲᠦᠷᠦᠭ ᠦᠨ ᠬᠠᠭᠠᠨᠲᠤ ᠤᠯᠤᠰ ᠤᠨ ᠨᠡᠶᠢᠰᠯᠡᠯ ᠬᠣᠲᠠ ᠶᠢᠨ ᠲᠤᠭᠤᠷᠢᠨ ᠳᠡᠭᠡᠷ᠎ᠡ ᠪᠠᠶᠢᠭᠤᠯᠤᠭᠳᠠᠭᠰᠠᠨ ᠭᠡᠵᠦ ᠦᠵᠡᠳᠡᠭ᠃ (ᠪᠦᠷᠢᠨ ᠠᠭᠤᠯᠭ᠎ᠠ ᠶᠢ ᠤᠩᠰᠢᠬᠤ)

ᠪᠣᠬᠢᠷ ᠤᠰᠤ
ᠪᠣᠬᠢᠷ ᠤᠰᠤ

ᠪᠣᠬᠢᠷ ᠤᠰᠤ ᠪᠤᠶᠤ ᠬᠠᠶᠠᠭᠳᠠᠮᠠᠯ ᠤᠰᠤ ᠭᠡᠳᠡᠭ ᠨᠢ ᠤᠮᠳᠠ ᠠᠬᠤᠢ ᠶᠢᠨ ᠪᠣᠯᠤᠨ ᠦᠢᠯᠡᠳᠪᠦᠷᠢᠯᠡᠯ ᠦᠨ ᠵᠣᠷᠢᠭᠤᠯᠤᠯᠲᠠ ᠪᠠᠷ ᠬᠡᠷᠡᠭᠯᠡᠭᠳᠡᠨ ᠭᠠᠷᠴᠤ᠂ ᠠᠩᠬᠠᠳᠠᠭᠴᠢ ᠬᠢᠮᠢ ᠶᠢᠨ ᠨᠠᠶᠢᠷᠠᠯᠭ᠎ᠠ᠂ ᠹᠢᠽᠢᠺ ᠰᠢᠨᠵᠢ ᠴᠢᠨᠠᠷ ᠨᠢ ᠥᠭᠡᠷᠡᠴᠢᠯᠡᠭᠳᠡᠨ ᠪᠣᠬᠢᠷᠳᠠᠭᠰᠠᠨ ᠤᠰᠤ ᠶᠢ ᠬᠡᠯᠡᠨ᠎ᠡ᠃ ᠪᠣᠬᠢᠷ ᠤᠰᠤ ᠨᠢ ᠹᠢᠽᠢᠺ᠂ ᠬᠢᠮᠢ ᠶᠢᠨ ᠰᠢᠨᠵᠢ ᠴᠢᠨᠠᠷ ᠢᠶᠠᠷ ᠢᠶᠠᠨ ᠢᠯᠭᠠᠭᠳᠠᠬᠤ ᠪᠤᠬᠢᠷᠳᠤᠯ ᠤᠳ ᠢ ᠠᠭᠤᠯᠠᠭᠰᠠᠨ ᠪᠠᠶᠢᠨ᠎ᠠ᠃ ᠪᠤᠬᠢᠷᠳᠤᠯ ᠢ ᠬᠢᠮᠢ ᠶᠢᠨ ᠨᠠᠶᠢᠷᠠᠯᠭ᠎ᠠ ᠪᠠᠷ ᠨᠢ ᠡᠷᠦᠳᠡᠰᠦᠯᠢᠭ ᠪᠠ ᠣᠷᠭᠠᠨᠢᠭ ᠭᠠᠷᠤᠯᠲᠠᠢ ᠭᠡᠵᠦ ᠢᠯᠭᠠᠬᠤ ᠪᠠ ᠡᠷᠦᠳᠡᠰᠦᠯᠢᠭ ᠪᠤᠬᠢᠷᠳᠤᠯ ᠨᠢ ᠡᠯᠡᠰᠦ᠂ ᠡᠷᠦᠳᠡᠰᠦ ᠶᠢᠨ ᠳᠠᠪᠤᠰᠤᠨ ᠤ ᠬᠦᠴᠢᠯ᠂ ᠱᠦᠯᠲᠦ ᠶᠢᠨ ᠠᠭᠤᠰᠤᠮᠠᠯ᠂ ᠡᠷᠦᠳᠡᠰᠦ ᠶᠢᠨ ᠲᠣᠰᠤ ᠭᠡᠬᠦ ᠮᠡᠲᠦ ᠶᠢ ᠠᠭᠤᠯᠠᠳᠠᠭ ᠪᠣᠯ ᠣᠷᠭᠠᠨᠢᠭ ᠪᠤᠬᠢᠷᠳᠤᠯ ᠨᠢ ᠤᠷᠭᠤᠮᠠᠯ  ᠪᠠ ᠠᠮᠢᠲᠠᠨ ᠤ ᠭᠠᠷᠤᠯ ᠲᠠᠢ ᠪᠤᠬᠢᠷᠳᠤᠯ ᠢ ᠠᠭᠤᠯᠠᠨ᠎ᠠ᠃ ᠤᠷᠭᠤᠮᠠᠯ ᠤᠨ ᠭᠠᠷᠤᠯᠲᠠᠢ ᠪᠤᠬᠢᠷᠳᠤᠯ ᠤᠨ ᠦᠨᠳᠦᠰᠦᠨ ᠡᠯᠧᠮᠧᠨ᠋ᠲ ᠨᠢ ᠨᠡᠭᠦᠷᠡᠰᠦᠲᠥ᠋ᠷᠥᠭᠴᠢ᠂ ᠠᠮᠢᠲᠠᠨ ᠤ ᠭᠠᠷᠤᠯᠲᠠᠢ ᠪᠣᠬᠢᠷᠳᠤᠯ  ᠨᠢ ᠠᠽᠣᠲ ᠪᠠᠶᠢᠨ᠎ᠠ᠃ ᠣᠷᠭᠠᠨᠢᠭ ᠪᠤᠬᠢᠷᠳᠤᠯ ᠨᠢ ᠲᠥᠷᠥᠯ ᠪᠦᠷᠢ ᠶᠢᠨ ᠨᠢᠶᠠᠨ᠂ ᠢᠯᠠᠩᠭᠤᠶ᠎ᠠ ᠬᠠᠯᠳᠠᠪᠤᠷᠢᠲᠤ ᠡᠪᠡᠳᠴᠢᠨ ᠦ ᠨᠢᠶᠠᠨ ᠡᠭᠦᠰᠬᠦ ᠨᠥᠬᠥᠴᠡᠯ ᠢ ᠪᠦᠷᠢᠳᠦᠭᠦᠯᠳᠡᠭ ᠠᠶᠤᠯ ᠲᠠᠢ ᠶᠤᠮ᠃ ᠪᠣᠬᠢᠷ ᠤᠰᠤᠨ ᠳᠤ ᠠᠭᠤᠯᠤᠭᠳᠠᠬᠤ ᠪᠣᠬᠢᠷᠳᠤᠭᠤᠯᠤᠭᠴᠢ ᠪᠣᠳᠠᠰ ᠨᠢ ᠹᠢᠽᠢᠺ ᠤᠨ ᠲᠥᠯᠥᠪ ᠪᠠᠶᠢᠳᠠᠯ ᠢᠶᠠᠷ ᠢᠶᠠᠨ ᠤᠰᠤᠨ ᠳᠤ ᠠᠭᠤᠰᠤᠭᠰᠠᠨ᠂ ᠠᠭᠤᠰᠤᠭ᠎ᠠ ᠦᠭᠡᠢ ᠬᠡᠯᠪᠡᠷᠢ ᠪᠡᠷ ᠪᠠᠶᠢᠵᠤ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠤᠯᠠᠭᠠᠨᠪᠠᠭᠠᠲᠤᠷ
ᠤᠯᠠᠭᠠᠨᠪᠠᠭᠠᠲᠤᠷ

ᠤᠯᠠᠭᠠᠨᠪᠠᠭᠠᠲᠤᠷ ᠨᠢᠮᠣᠩᠭᠣᠯ ᠤᠯᠤᠰ ᠍ ᠤᠨ ᠨᠡᠶᠢᠰᠯᠡᠯ ᠪᠦᠭᠡᠳ ᠪᠠᠰᠠ ᠮᠣᠩᠭᠣᠯ ᠤᠯᠤᠰ ᠤᠨ ᠴᠣᠷ ᠤᠨ ᠭᠠᠭᠴᠠ ᠵᠠᠭᠤᠨ ᠲᠦᠮᠡ ᠡᠴᠡ ᠳᠡᠭᠡᠭᠰᠢ ᠬᠦᠮᠦᠨ ᠠᠮᠠ ᠲᠠᠢ ᠬᠣᠲᠠ ᠪᠤᠯᠤᠨ᠎ ᠠ᠃ 1992 ᠣᠨ ᠤ ᠰᠢᠨ᠎ᠡ ᠬᠤᠪᠢᠶᠠᠷᠢ ᠪᠠᠷ ᠦᠨᠳᠦᠰᠦᠨ 6 ᠲᠡᠭᠦᠷᠭᠡ ᠪᠤᠯᠤᠨ ᠳᠠᠭᠠᠭᠤᠯᠢ 3 ᠲᠡᠭᠦᠷᠭᠡ᠂ ᠨᠡᠶᠢᠲᠡ 9 ᠳᠡᠭᠦᠷᠭᠡ ᠲᠡᠢ᠂ 4704.4 ᠺᠦᠸᠠᠳ᠋ ᠺᠢᠯᠣᠮᠧᠲ᠋ᠷ ᠲᠠᠯᠠᠪᠠᠢ ᠨᠤᠲᠤᠭ ᠲᠡᠪᠢᠰᠭᠡᠷ ᠲᠠᠢ᠃ 2014 ᠣᠨ ᠤ ᠰᠡᠭᠦᠯᠡᠷᠬᠢ ᠲᠣᠭᠠᠴᠠᠭᠠᠯᠠᠭᠰᠠᠨ ᠢᠶᠠᠷ᠂ ᠨᠡᠶᠢᠰᠯᠡᠯ ᠤᠯᠠᠭᠠᠨᠪᠠᠭᠠᠲᠤᠷ ᠳᠦ 1244000 ᠬᠦᠮᠦᠨ ᠠᠮᠠ ᠣᠷᠣᠰᠢᠨ ᠰᠠᠭᠤᠵᠤ ᠪᠠᠶᠢᠨ᠎ᠠ᠃ ᠤᠯᠠᠭᠠᠨᠪᠠᠭᠠᠲᠤᠷ ᠬᠣᠲᠠ ᠨᠢ ᠮᠣᠩᠭᠣᠯ ᠤᠯᠤᠰ ᠤᠨ ᠲᠥᠪ ᠬᠡᠰᠡᠭ ᠲᠦ ᠪᠠᠶᠢᠷᠢᠯᠠᠵᠤ᠂ ᠬᠠᠭᠤᠴᠢᠨ ᠢᠶᠠᠷ ᠠᠯᠲᠠᠨ ᠲᠡᠪᠰᠢ ᠶᠢᠨ ᠬᠥᠨᠳᠡᠢ᠂ ᠥᠨᠥ ᠶᠢᠨ ᠬᠢ ᠪᠡᠷ ᠲᠤᠭᠤᠯ-ᠰᠡᠯᠪᠢ ᠶᠢᠨ(ᠲᠤᠭᠤᠯ ᠭᠤᠤᠯ ᠪᠤᠯᠤᠨ ᠰᠡᠯᠪᠢ ᠭᠤᠤᠯ ᠤᠨ) ᠪᠡᠯᠴᠢᠷ ᠬᠥᠨᠳᠡᠶ ᠳᠤ᠂ ᠳᠠᠯᠠᠢ ᠶᠢᠨ ᠲᠦᠪᠰᠢᠨ ᠡᠴᠡ ᠳᠡᠭᠡᠭᠰᠢ 1300-1350 ᠮᠧᠲ᠋ᠷ ᠥᠨᠳᠥᠷ ᠲᠦ ᠪᠣᠭᠳᠠ ᠬᠠᠨᠰᠣᠩᠭᠢᠨᠠᠬᠠᠶᠢᠷᠬᠠᠨᠴᠡᠩᠭᠡᠯᠲᠠᠢᠪᠠᠶᠠᠨᠵᠢᠷᠦᠬᠡ ᠵᠡᠷᠭᠡ ᠳᠥᠷᠪᠡᠨ ᠰᠠᠶᠢᠬᠠᠨ ᠠᠭᠤᠯᠠ ᠪᠠᠷ ᠬᠦᠷᠢᠶᠡᠯᠡᠭᠳᠡᠨ ᠣᠷᠣᠰᠢᠳᠠᠭ᠃ 1639 ᠣᠨ ᠳᠤ ᠰᠢᠷᠡᠭᠡᠲᠦ ᠴᠠᠭᠠᠨ ᠨᠠᠭᠤᠷ ᠲᠤ ᠥᠨᠳᠥᠷ ᠭᠡᠭᠡᠨ ᠢ ᠵᠠᠯᠠᠵᠤ ᠣᠷᠳᠣ ᠥᠷᠭᠥᠭᠡ ᠪᠣᠰᠤᠭᠠᠭᠰᠠᠨ ᠠᠴᠠ ᠡᠬᠢᠯᠡᠨ ᠨᠡᠶᠢᠰᠯᠡᠯ ᠬᠣᠲᠠ ᠶᠢᠨ ᠲᠡᠦᠬᠡ ᠶᠢ ᠲᠣᠭᠠᠯᠠᠨ᠎ᠠ᠃ 1778 ᠣᠨ ᠳᠤ ᠣᠳᠣ ᠶᠢᠨ ᠭᠠᠵᠠᠷ ᠠᠴᠠ ᠨᠡᠭᠦᠯ ᠦᠭᠡᠢ ᠲᠣᠭᠲᠠᠪᠠ᠃ ᠡᠮᠦᠨ᠎ᠡ ᠨᠢ ᠱᠠᠰᠢᠨ ᠰᠤᠷᠲᠠᠭᠤᠨ᠂ ᠠᠷᠠᠯᠵᠢᠶ ᠠ ᠬᠤᠳᠠᠯᠳᠤᠭᠠᠨ ᠤ ᠲᠥᠪ ᠪᠠᠶᠢᠭᠰᠠᠨ ᠪᠣᠯ 1911 ᠣᠨ ᠠᠴᠠ ᠤᠯᠤᠰ ᠤᠨ ᠨᠡᠶᠢᠰᠯᠡᠯ ᠪᠣᠯᠵᠤ᠂ ᠬᠣᠷᠢᠳᠤᠭᠠᠷ ᠵᠠᠭᠤᠨ ᠳᠤ ᠪᠠᠷᠢᠯᠭᠠᠵᠢᠵᠤᠠᠵᠤ ᠦᠢᠯᠡᠳᠪᠦᠷᠢᠵᠢᠵᠤ21 ᠳ᠋ᠤᠭᠠᠷ ᠵᠠᠭᠤᠨ ᠳᠤ ᠤᠯᠠᠮ ᠶᠡᠬᠡ ᠬᠣᠲᠠ ᠶᠢᠨ ᠲᠥᠷᠬᠥ ᠪᠥᠷᠢᠳᠴᠦ ᠪᠠᠶᠢᠨ᠎ᠠ᠃ ᠤᠯᠠᠭᠠᠨᠪᠠᠭᠠᠲᠤᠷ ᠨᠢ ᠮᠣᠩᠭᠣᠯ ᠤᠯᠤᠰ ᠍ ᠤᠨ ᠤᠯᠤᠰ ᠲᠥᠷᠥᠡᠳ᠋ ᠍ ᠦᠨ ᠵᠠᠰᠠᠭᠡᠷᠳᠡᠮ ᠪᠣᠯᠪᠠᠰᠤᠷᠠᠯ ᠍ ᠤᠨ ᠲᠥᠪ ᠪᠢᠯᠡ᠃ (ᠪᠦᠷᠢᠨ ᠠᠭᠤᠯᠭ᠎ᠠ ᠶᠢ ᠤᠩᠰᠢᠬᠤ)

ᠪᠦᠬᠦ ᠨᠡᠶᠢᠲᠡ ᠶᠢᠨ ᠰᠠᠨᠠᠯ ᠠᠰᠠᠭᠤᠯᠭ᠎ᠠ‎
ᠪᠦᠬᠦ ᠨᠡᠶᠢᠲᠡ ᠶᠢᠨ ᠰᠠᠨᠠᠯ ᠠᠰᠠᠭᠤᠯᠭ᠎ᠠ

ᠪᠦᠬᠦ ᠨᠡᠶᠢᠲᠡ ᠶᠢᠨ ᠰᠠᠨᠠᠯ ᠠᠰᠠᠭᠤᠯᠭ᠎ᠠ (ᠠᠩᠭᠯᠢ ᠪᠠᠷ referendum or plebisciteᠬᠢᠲᠠᠳ ᠢᠶᠠᠷ 公民投票) ( ᠪᠦᠬᠦ ᠠᠷᠠᠳ ᠤᠨ ᠰᠠᠨᠠᠯ ᠬᠤᠷᠢᠶᠠᠯᠲᠠ ᠪᠣᠶᠤ ᠪᠦᠬᠦ ᠨᠡᠶᠢᠲᠡ ᠶᠢᠨ ᠰᠠᠨᠠᠯ ᠬᠤᠷᠢᠶᠠᠯᠲᠠ ᠭᠡᠵᠦ ᠴᠦ ᠬᠡᠯᠡᠳᠡᠭ) ᠠᠯᠢᠪᠠ ᠤᠯᠤᠰ ᠣᠷᠣᠨ᠂ ᠡᠰᠡᠪᠡᠯ ᠣᠷᠣᠨ ᠨᠤᠲᠤᠭ ᠲᠤ ᠳᠠᠶᠠᠭᠠᠷ ᠣᠯᠠᠨ ᠤ ᠡᠷᠬᠡ ᠠᠰᠢᠭ ᠲᠤ ᠬᠠᠮᠢᠶᠠᠲᠠᠢ ᠣᠨᠴᠠ ᠴᠢᠬᠤᠯᠠ ᠠᠰᠠᠭᠤᠳᠠᠯ ᠢ ᠳᠡᠮᠵᠢᠬᠦ᠂ ᠡᠰᠡ ᠳᠡᠮᠵᠢᠬᠦ᠂ ᠬᠡᠷᠬᠢᠬᠦ ᠲᠠᠯ᠎ᠠ ᠪᠠᠷ ᠪᠦᠬᠦ ᠢᠷᠭᠡᠳᠣᠷᠣᠰᠢᠨ ᠰᠠᠭᠤᠭᠴᠢᠠᠷᠠᠳ ᠲᠦᠮᠡᠨ ᠡᠴᠡ ᠰᠢᠭᠤᠳ ᠰᠠᠨᠠᠯ ᠬᠤᠷᠢᠶᠠᠬᠤ ᠶᠢ ᠵᠢᠭᠠᠳᠠᠭ ᠃ ᠰᠠᠨᠠᠯ ᠠᠰᠠᠭᠤᠯᠭ᠎ᠠ ᠳᠤ ᠰᠣᠩᠭᠣᠭᠤᠯᠢ ᠶᠢᠨ ᠡᠷᠬᠡ ᠪᠦᠬᠦᠢ ᠢᠷᠭᠡᠳ ᠨᠡᠶᠢᠲᠡ ᠪᠡᠷ ᠢᠶᠡᠨ᠂ ᠴᠢᠯᠦᠭᠡᠲᠡᠢ᠂ ᠰᠢᠭᠤᠳ ᠣᠷᠣᠯᠴᠠᠵᠤ᠂ ᠰᠠᠨᠠᠯ ᠠᠰᠠᠭᠤᠯᠭ᠎ᠠ ᠪᠠᠷ ᠰᠢᠢᠳᠪᠦᠷᠢᠯᠡᠬᠦ ᠠᠰᠠᠭᠤᠳᠠᠯ ᠤᠨ ᠲᠠᠯ᠎ᠠ ᠪᠠᠷ ᠰᠠᠨᠠᠯ ᠢᠶᠠᠨ ᠨᠢᠭᠤᠴᠠ ᠪᠠᠷ ᠭᠠᠷᠭᠠᠨ᠎ᠠ᠃ 18 ᠨᠠᠰᠤᠨ ᠳᠤ ᠬᠦᠷᠦᠭᠰᠡᠨ ᠢᠷᠭᠡᠳ ᠦᠨᠳᠦᠰᠦ ᠤᠭᠰᠠᠭ᠎ᠠ᠂ ᠬᠡᠯᠡ᠂ ᠠᠷᠠᠰᠤᠨ ᠤ ᠥᠩᠭᠡ᠂ ᠬᠦᠢᠰᠦ᠂ ᠨᠡᠶᠢᠭᠡᠮ ᠤᠨ ᠭᠠᠷᠤᠯ᠂ ᠪᠠᠶᠢᠳᠠᠯ᠂ ᠬᠥᠷᠥᠩᠭᠡ ᠴᠢᠨᠡᠭᠡ᠂ ᠡᠷᠬᠢᠯᠡᠭᠰᠡᠨ ᠠᠵᠢᠯ᠂ ᠠᠯᠪᠠᠨ ᠲᠤᠰᠢᠶᠠᠯ᠂ ᠱᠠᠰᠢᠨ ᠰᠢᠲᠦᠯᠭᠡ᠂ ᠦᠵᠡᠯ ᠪᠣᠳᠣᠯ᠂ ᠪᠣᠯᠪᠠᠰᠤᠷᠠᠯ ᠢᠯᠭᠠᠪᠤᠷᠢᠯᠠᠬᠤ ᠦᠭᠡᠢ ᠪᠡᠷ ᠰᠠᠨᠠᠯ ᠠᠰᠠᠭᠤᠯᠭ᠎ᠠ ᠳᠤ ᠣᠷᠣᠯᠴᠠᠵᠤ ᠰᠠᠨᠠᠯ᠎ᠠ ᠥᠭᠬᠦ ᠡᠷᠬᠡ ᠲᠡᠢ᠃ ᠰᠢᠭᠦᠬᠦ ᠶᠢᠨ ᠬᠦᠴᠦᠨ ᠲᠡᠭᠦᠯᠳᠡᠷ ᠰᠢᠢᠳᠪᠦᠷᠢ ᠪᠡᠷ ᠤᠬᠠᠭᠠᠨ ᠰᠣᠯᠢᠶᠠᠲᠠᠢ ᠨᠢ ᠨᠣᠲᠠᠯᠠᠭᠳᠠᠭᠰᠠᠨ᠂ ᠲᠡᠭᠦᠨᠴᠢᠯᠡᠨ ᠬᠤᠷᠢᠬᠤ ᠭᠠᠵᠠᠷ ᠶᠠᠯ᠎ᠠ ᠡᠳ᠋ᠯᠡᠵᠦ ᠪᠠᠶᠢᠭ᠎ᠠ ᠬᠦᠮᠦᠨ ᠰᠠᠨᠠᠯ ᠠᠰᠠᠭᠤᠯᠭ᠎ᠠ ᠳᠤ ᠣᠷᠣᠯᠴᠠᠬᠤ ᠦᠭᠡᠢ᠃ (ᠪᠦᠷᠢᠨ ᠠᠭᠤᠯᠭ᠎ᠠ ᠶᠢ ᠤᠩᠰᠢᠬᠤ)

ᠪᠠᠶᠠᠷᠪᠠᠭᠠᠲᠤᠷ


ᠠᠪᠤᠷᠭᠤ ᠪᠠᠶᠠᠷᠪᠠᠭᠠᠳᠤᠷ᠂ ᠥᠪᠦᠷ ᠮᠤᠩᠭᠤᠯ ᠤᠷᠤᠨ ᠤ ᠴᠠᠭ ᠢ ᠡᠵᠡᠯᠡᠭᠰᠡᠨ ᠶᠡᠬᠡ ᠠᠪᠤᠷᠭᠤ᠂ ᠪᠦᠬᠡ ᠶ᠋ᠢᠨ ᠪᠠᠬᠠᠳᠠᠳ ᠠᠮᠪᠠ ᠭᠡᠮᠡᠨ ᠬᠦᠨᠳᠦᠳᠬᠡᠨ ᠲᠠᠭᠤᠳᠠᠳᠠᠭ᠃ 1978 ᠤᠨ ᠤ ᠪᠢᠯᠢᠭ ᠤᠨ ᠤᠯᠠᠷᠢᠯ ᠤᠨ 3 ᠰᠠᠷ᠎ᠠ ᠶ᠋ᠢᠨ 8 ᠤ ᠡᠳᠦᠷ ᠵᠡᠬᠦᠨ ᠦᠵᠦᠮᠦᠴᠢᠨ ᠬᠤᠰᠢᠭᠤᠨ ᠤ ᠮᠠᠨᠳᠤᠬᠤᠪᠤᠯᠠᠭ ᠰᠤᠮᠤᠨ ‍ᠤ ᠮᠠᠨᠳᠤᠬᠤᠪᠤᠯᠠᠭ ᠭᠠᠴᠠᠭᠠᠨ ᠤ ᠮᠠᠯᠴᠢᠨ ᠳᠠᠰᠢᠳᠤᠩᠷᠤᠪ ᠤᠨ ᠬᠤᠶᠠᠳᠤᠭᠠᠷ ᠬᠦᠦ ᠪᠤᠯᠤᠨ ᠵᠠᠶᠠᠭᠠᠵᠠᠢ ᠃

 • 2006ᠤᠨ ᠳ᠋ᠤ ᠰᠢᠯᠢ ᠶ᠋ᠢᠨ ᠭᠤᠤᠯ ᠠᠶᠢᠮᠠᠭ ᠤᠨ ᠬᠤᠶᠠᠳᠤᠭᠠᠷ ᠤᠳᠠᠭᠠᠨ ᠤ ᠴᠤᠯᠠ ᠤᠯᠭᠠᠬᠤ ᠨᠠᠶᠢᠷ ᠲᠦ ᠲᠡᠷᠢᠭᠦᠯᠡᠵᠦ ᠠᠪᠤᠷᠭᠤ ᠴᠤᠯᠠ ᠬᠦᠷᠲᠡᠪᠡ᠃
 • 2010 ᠤᠨ ᠳ᠋ᠤ ᠤᠯᠠᠭᠠᠨᠬᠠᠳᠠ ᠬᠤᠳᠠ ᠶ᠋ᠢᠨ ᠠᠷᠤ ᠬᠤᠷᠴᠢᠨ ᠬᠤᠰᠢᠭᠤᠨ ᠤ ᠬᠤᠷᠢᠨ ᠬᠤᠶᠠᠳᠤᠭᠠᠷ ᠨᠠᠭᠠᠳᠤᠮ ᠤᠨ 1024 ᠪᠦᠬᠡ ᠶ᠋ᠢᠨ ᠪᠠᠷᠢᠯᠳᠤᠭᠠᠨ ᠳ᠋ᠤ ᠠᠷᠪᠠ ᠳᠠᠪᠠᠨ ᠳᠡᠷᠢᠭᠦᠯᠡᠭᠰᠡᠨ
 • 2012 ᠤᠨ ᠤ ︽ ᠵᠢᠷᠭᠠᠯᠠᠩᠳᠤ ᠳᠠᠯ᠎ᠠ ᠨᠤᠳᠤᠭ ᠰᠢᠯᠢ ᠶ᠋ᠢᠨ ᠭᠤᠤᠯ ︾ ᠤᠨ ᠨᠠᠭᠠᠳᠤᠮ ᠤᠨ 1024 ᠪᠦᠬᠡ ᠶ᠋ᠢᠨ ᠪᠠᠷᠢᠯᠳᠤᠭᠠᠨ ᠳ᠋ᠤ ᠠᠯᠳᠠᠨᠰᠦᠢᠬᠡ ᠂ ᠪᠠᠳᠤᠵᠢᠷᠭᠠᠯ ᠵᠡᠷᠭᠡ ᠨᠡᠷᠡᠳᠡᠢ ᠪᠦᠬᠡᠴᠤᠳ ᠢ ᠬᠠᠶᠠᠵᠦ ᠠᠷᠪᠠ ᠳᠠᠪᠠᠵᠤ ᠳᠡᠷᠢᠭᠦᠯᠡᠭᠰᠡᠨ
 • 2015 ᠣᠨ ᠳᠤ ᠰᠦᠨᠢᠳ ᠪᠠᠷᠠᠭᠤᠨ ᠬᠤᠰᠢᠭᠤᠨ  ᠤ 512 ᠪᠦᠬᠡ ᠲᠠᠢ ᠶᠡᠬᠡ ᠨᠠᠶᠢᠷ ᠲᠦ ᠲᠡᠷᠢᠭᠦᠯᠡᠭᠰᠡᠨ
 • 2016 ᠣᠨ  ᠤ 6 ᠰᠠᠷ᠎ᠠ ᠶ᠋ᠢᠨ 20 ᠤ ᠡᠳᠦᠷ ᠂ ᠪᠠᠷᠠᠭᠤᠨ ᠦᠵᠦᠮᠦᠴᠢᠨ ᠬᠤᠰᠢᠭᠤᠨ ᠳ᠋ᠤ ᠶᠠᠪᠤᠭᠳᠠᠭᠰᠠᠨ ᠲᠥᠭᠦᠷᠡᠩᠵᠠᠭᠠᠨ ᠤᠪᠣᠭᠠᠨ ᠲᠠᠬᠢᠯᠭ᠎ᠠ ᠶ᠋ᠢᠨ ᠨᠠᠶᠢᠷ ᠤᠨ 256 ᠬᠦᠴᠥᠲᠦ ᠪᠦᠬᠡ ᠪᠠᠷᠢᠯᠳᠤᠭᠠᠨ ᠲᠥᠷᠦᠭᠦᠯᠡᠪᠡ ᠂ ᠡᠨᠡ ᠨᠢ ᠮᠦᠨ ᠴᠦ ᠠᠪᠤᠷᠭᠤ ᠶ᠋ᠢᠨ ᠮᠠᠨᠢ 256 ᠬᠦᠴᠥᠲᠦ ᠪᠦᠬᠡ ᠶ᠋ᠢᠨ ᠪᠠᠷᠢᠯᠳᠤᠭᠠᠨ ᠳ᠋ᠤ 30 ᠳ᠋ᠠᠬᠢ ᠤᠳᠠᠭ᠎ᠠ ᠪᠠᠨ ᠲᠥᠷᠦᠭᠥᠯᠡᠵᠥ ᠪᠠᠶᠢᠭ᠎ᠠ ᠶᠡᠬᠡ ᠠᠮᠵᠢᠯᠲᠠ ᠪᠣᠯᠬᠤ ᠶᠤᠮ ᠃
 • ᠢᠩᠭᠢᠭᠡᠳ ᠨᠡᠶᠢᠲᠡ ᠳᠦ ᠪᠡᠨ 256 ᠪᠦᠬᠡ ᠳ᠋ᠤ ᠭᠤᠴᠢ ᠤᠳᠠᠭ᠎ᠠ ᠂ 512 ᠪᠦᠬᠡ ᠳ᠋ᠤ ᠲᠠᠪᠤ ᠤᠳᠠᠭ᠎ᠠ ᠲᠡᠷᠢᠭᠦᠯᠡᠵᠦ ᠂ ᠨᠠᠢᠮᠠ ᠤᠳᠠᠭ᠎ᠠ ᠲᠡᠳᠡᠯᠡᠵᠦ ᠂ 1024 ᠪᠦᠬᠡ ᠲᠠᠢ ᠶᠡᠬᠡ ᠨᠠᠶᠢᠷ ᠲᠦ ᠬᠤᠶᠠᠷ ᠤᠳᠠᠭ᠎ᠠ ᠲ᠋ᠡᠷᠢᠭᠦᠯᠡᠵᠦ ᠲᠦᠷᠪᠡ ᠤᠳᠠᠭ᠎ᠠ ᠲ᠋ᠡᠳᠡᠯᠡᠪᠡ᠃ᠨᠤᠳᠤᠭ ᠨᠤᠳᠤᠭ ᠤᠨ ᠶᠡᠬᠡ ᠪᠠᠭ᠎ᠠ ᠨᠠᠭᠠᠳᠤᠮ ᠢᠶᠠᠷ ᠨᠡᠶᠢᠳᠡ ᠲᠥᠷᠪᠡᠨ ᠵᠠᠭᠤ ᠢᠯᠡᠬᠦᠦ ᠤᠳᠠᠭ᠎ᠠ ᠲᠡᠷᠢᠭᠦᠯᠡᠭᠰᠡᠨ ᠠᠮᠵᠢᠯᠳᠠ ᠵᠢ ᠡᠭᠦᠳᠪᠡ᠃ (ᠪᠦᠷᠢᠨ ᠠᠭᠤᠯᠭ᠎ᠠ ᠶᠢ ᠤᠩᠰᠢᠬᠤ)
ᠪᠤᠷᠢᠶᠠᠳ ᠠᠶᠠᠯᠭᠤ
ᠪᠤᠷᠢᠶᠠᠳ ᠠᠶᠠᠯᠭᠤ

ᠵᠥᠪᠯᠡᠯᠲᠦ ᠣᠷᠣᠰ ᠲᠤ 1958 ᠣᠨ ᠬᠦᠷᠲᠡᠯ᠎ᠡ ᠣᠷᠣᠰ ᠢᠶᠠᠷ ᠪᠤᠷᠢᠲ ᠮᠣᠩᠭᠣᠯᠢᠰᠺ ᠦᠨ ᠢᠵᠤᠺᠪᠤᠷᠢᠶᠠᠳ ᠺᠢᠷᠢᠯ ᠢᠶᠡᠷ ᠪᠤᠷᠢᠶᠠᠳ ᠮᠣᠩᠭᠣᠯ ᠬᠡᠯᠡᠨ1958 ᠣᠨ ᠠᠴᠠ ᠡᠮᠦᠨᠡᠬᠢ ᠤᠳᠬ᠎ᠠ ᠶᠢ ᠨᠢ ᠮᠣᠩᠭᠣᠯ ᠺᠢᠷᠢᠯ ᠢᠶᠡᠷ ᠪᠢᠴᠢᠪᠡᠯ ᠪᠤᠷᠢᠶᠠᠳ ᠮᠣᠩᠭᠣᠯ ᠬᠡᠯᠡ ᠭᠡᠨ᠎ᠡ᠃ 1958 ᠣᠨ ᠠᠴᠠ ᠬᠣᠶᠢᠰᠢᠬᠢ ᠶᠢ ᠨᠢ ᠺᠢᠷᠢᠯ ᠮᠣᠩᠭᠣᠯ ᠢᠶᠠᠷ ᠪᠢᠴᠢᠪᠡᠯ ᠪᠤᠷᠢᠶᠠᠳ ᠬᠡᠯᠡ ᠭᠡᠨ᠎ᠡ᠃ ᠳᠡᠯᠬᠡᠶᠢᠴᠢᠯᠡᠯ᠂ ᠬᠣᠲᠠᠵᠢᠯᠲᠠ ᠲᠠᠢ ᠵᠠᠮ ᠨᠡᠶᠢᠯᠡᠭᠰᠡᠨ ᠣᠷᠣᠰᠴᠢᠯᠠᠯ ᠢ ᠡᠰᠡᠨ ᠮᠡᠨᠳᠦ ᠭᠡᠲᠦᠯᠦᠨ ᠶᠣᠰᠣ ᠤᠯᠠᠮᠵᠢᠯᠠᠯ ᠢᠶᠠᠨ ᠠᠪᠴᠤ ᠦᠯᠡᠳᠡᠬᠦ ᠳᠦ ᠬᠡᠷᠡᠭ ᠪᠣᠯᠤᠨ᠎ᠠ ᠭᠡᠳᠡᠭ ᠡᠭᠦᠳᠡᠨ ᠡᠴᠡ ᠴᠤ ᠲᠡᠷᠡ ᠦᠦ ᠣᠳᠣ ᠴᠠᠭ ᠲᠤ ᠴᠤ ᠭᠡᠰᠡᠨ ᠬᠥᠭᠰᠢᠨ ᠵᠠᠯᠠᠭᠤ ᠪᠦᠬᠦᠨ ᠴᠢᠭᠢ ᠢᠯᠭᠠᠭ᠎ᠠ ᠦᠭᠡᠢ ᠮᠣᠩᠭᠣᠯᠤᠷᠬᠠᠬ ᠦᠵᠡᠯ ᠲᠡᠢ ᠪᠤᠷᠢᠶᠠᠳ ᠬᠦᠮᠦᠰ ᠥᠪᠡᠷ ᠢ ᠪᠡᠨ ᠪᠤᠷᠢᠶᠠᠳ ᠮᠣᠩᠭᠣᠯ᠂ ᠬᠡᠯᠡ ᠪᠡᠨ ᠪᠤᠷᠢᠶᠠᠳ ᠮᠣᠩᠭᠣᠯ ᠬᠡᠯᠡᠨ ᠭᠡᠵᠦ ᠶᠠᠷᠢᠵᠤ ᠪᠢᠴᠢᠭᠰᠡᠭᠡᠷ ᠪᠠᠶᠢᠭ᠎ᠠ᠃1958 ᠣᠨ ᠤ 7 ᠰᠠᠷ᠎ᠠ ᠶᠢᠨ 7 ᠍ ᠤ ᠵᠥᠪᠯᠡᠯᠲᠦ ᠬᠣᠯᠪᠣᠭᠠᠲᠤ ᠤᠯᠤᠰ ᠤᠨ ᠳᠡᠭᠡᠳᠦ ᠵᠥᠪᠯᠡᠯ ᠦᠨ ᠲᠡᠷᠢᠭᠦᠯᠡᠭᠴᠢᠳ ᠦᠨ ᠵᠠᠷᠯᠢᠭ ᠢᠶᠠᠷ ᠣᠷᠣᠨ᠂ ᠠᠷᠠᠳ ᠲᠦᠮᠡᠨ᠂ ᠬᠡᠯᠡ ᠭᠡᠬᠦ ᠮᠡᠲᠦ ᠪᠤᠷᠢᠶᠠᠳ ᠲᠠᠢ ᠬᠣᠯᠪᠣᠭᠳᠠᠬᠤ ᠪᠦᠬᠦ ᠨᠡᠷᠡᠰ ᠡᠴᠡ ᠮᠣᠩᠭᠣᠯ ᠭᠡᠰᠡᠨ ᠦᠭᠡ ᠶᠢ ᠬᠠᠰᠤᠵᠤ ᠤᠯᠤᠰ ᠳᠠᠶᠠᠭᠠᠷ ᠢᠶᠠᠨ ᠵᠦᠭᠡᠷ ᠯᠠ ᠪᠤᠷᠢᠲ᠂ ᠪᠤᠷᠢᠶᠠᠳ ᠭᠡᠳᠡᠭ ᠪᠣᠯᠤᠭᠰᠠᠨ᠃ (ᠪᠦᠷᠢᠨ ᠠᠭᠤᠯᠭ᠎ᠠ ᠶᠢ ᠤᠩᠰᠢᠬᠤ)

ᠯᠢᠣᠨᠧᠯ ᠮᠧᠰᠰᠢ
ᠯᠢᠣᠨᠧᠯ ᠮᠧᠰᠰᠢ

ᠯᠢᠣᠨᠧᠯ ᠮᠧᠰᠰᠢ (ᠢᠰᠫᠠᠨᠢ ᠪᠠᠷ Lionel Messi) ᠨᠢ ᠠᠷᠭᠸᠨ᠋ᠲ᠋ᠢᠨ ᠤ ᠬᠥᠯ ᠪᠥᠮᠪᠦᠭᠡᠴᠢᠨ ᠶᠤᠮ᠃ 2009᠂ 2010᠂ 2011᠂ 2012 ᠂ 2015 ᠣᠨ ᠤ ᠳᠡᠯᠡᠬᠡᠢ ᠶᠢᠨ ᠬᠥᠯ ᠪᠥᠮᠪᠥᠭᠡ ᠶᠢᠨ ᠬᠣᠯᠪᠤᠭᠠᠨ ᠤ ᠣᠨ ᠤ ᠰᠢᠯᠢᠳᠡᠭ ᠬᠥᠯ ᠪᠥᠮᠪᠦᠭᠡᠴᠢᠨ (国际足联年度最佳球员) (FIFA World Player of the Year) ᠶᠢᠡᠷ ᠰᠤᠩᠭᠤᠭᠳᠠᠵᠤ᠂ ᠬᠦᠯ ᠪᠦᠮᠪᠦᠭᠡ ᠶᠢᠨ ᠲᠡᠥᠬᠡᠨ ᠳᠡᠬᠢ 5 ᠤᠳᠠᠭ᠎ᠠ ᠠᠯᠳᠠᠨ ᠪᠦᠮᠪᠦᠭᠡ ᠶᠢ ‍(金球奖) ᠲᠤᠰᠤᠭᠰᠠᠨ ᠠᠩᠬᠠᠨ ᠤ ᠬᠦᠮᠦᠨ ᠪᠤᠯᠵᠠᠢ᠃ ᠃ ᠲᠡᠷᠡᠪᠡᠷ ᠡᠳᠦᠭᠡ ᠢᠰᠫᠠᠨᠢ ᠍ ᠶᠢᠨ ᠪᠠᠷᠰᠧᠯᠤᠨᠠ (巴塞罗那) ᠪᠠᠭ ᠪᠣᠯᠤᠨ ᠠᠷᠭᠸᠨ᠋ᠲ᠋ᠢᠨ ᠤ ᠰᠢᠭᠰᠢᠭᠡ ᠪᠠᠭ ᠲᠤ ᠳᠣᠪᠲᠣᠯᠤᠭᠴᠢ ᠶᠢᠨ ᠪᠠᠶᠢᠷᠢᠯᠠᠯ ᠳᠤ ᠲᠣᠭᠯᠠᠳᠠᠭ᠃ ᠮᠧᠰᠰᠢ 21 ᠨᠠᠰᠤᠨ ᠳᠤ ᠪᠠᠨ(2009 ᠣᠨ ᠳᠤ) ᠠᠩᠬ᠎ᠠ ᠤᠳᠠᠭ᠎ ᠠ ᠠᠯᠳᠠᠨ ᠪᠦᠮᠪᠦᠭᠡ ᠶᠢᠨ ᠱᠠᠩᠨᠠᠯ ᠢ ᠬᠦᠷᠲᠡᠵᠠᠢ᠃ ᠲᠡᠭᠦᠨ ᠦ ᠬᠥᠯ ᠪᠥᠮᠪᠥᠭᠡ ᠲᠣᠭᠯᠠᠬᠤ ᠤᠨᠴᠠᠯᠢᠭ ᠨᠢ ᠮᠠᠷᠠᠳᠣᠨᠠ(马拉多纳) ᠲᠠᠢ ᠲᠥᠰᠲᠡᠢ ᠤᠴᠢᠷ ᠠᠴᠠ ᠵᠠᠷᠢᠮ ᠳᠤ ᠪᠠᠨ ᠲᠡᠭᠦᠨ ᠢ ᠮᠠᠷᠠᠳᠣᠨᠠ ᠶᠢᠨ ᠵᠠᠯᠭᠠᠮᠵᠢᠯᠠᠭᠴᠢ ᠭᠡᠵᠤ ᠴᠤ ᠬᠡᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠮᠡᠷᠢᠯᠢᠨ ᠮᠣᠩᠷᠣ
ᠮᠡᠷᠢᠯᠢᠨ ᠮᠣᠩᠷᠣ

ᠮᠡᠷᠢᠯᠢᠨ ᠮᠣᠩᠷᠣ (ᠠᠩᠭᠯᠢ ᠪᠠᠷ Marilyn Monroeᠬᠢᠲᠠᠳ ᠢᠶᠠᠷ 玛丽莲·梦露 ᠂ 1926 ᠣᠨ ᠤ 6 ᠰᠠᠷ᠎ᠠ ᠶᠢᠨ 1 - 1962 ᠣᠨ ᠤ 8 ᠰᠠᠷ᠎ᠠ ᠶᠢᠨ 5) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠺᠠᠯᠢᠹᠤᠷᠨᠢᠶ᠎ᠠ ᠮᠤᠵᠢ ᠶᠢᠨ ᠯᠠᠣᠰ-ᠠᠩᠵᠧᠯᠧᠰ ᠲᠤ ᠲᠦᠷᠦᠭᠰᠡᠨ ᠵᠦᠵᠦᠭᠡᠴᠢᠨ. ᠵᠢᠩᠬᠢᠨᠢ ᠨᠡᠷ᠎ᠡ ᠨᠢ ᠨᠣᠷᠮᠠ ᠵᠢᠩ ᠮᠣᠷᠲ᠋ᠧᠨᠰᠧᠨ (Norma Jeane Mortensen)᠂ ᠰᠡᠭᠦᠯ ᠳᠦ ᠨᠣᠷᠮᠠ ᠵᠢᠩ ᠪᠡᠶᠢᠺ (Norma Jeane Baker) ᠪᠣᠯᠤᠭᠰᠠᠨ᠃ 1950 ᠍ ᠊ᠭᠠᠳ ᠣᠨ ᠤ ᠳᠤᠮᠳᠠ ᠦᠶᠡᠰ ᠠᠮᠧᠷᠢᠺᠠ ᠶᠢᠨ ᠰᠧᠺᠰ ᠪᠢᠯᠢᠭ ᠲᠡᠮᠳᠡᠭ ᠭᠡᠭᠡᠭᠳᠡᠬᠦ ᠪᠣᠯᠤᠭᠰᠠᠨ ᠪᠥᠭᠡᠳ ᠡᠳᠦᠭᠡ ᠴᠤ ᠲᠡᠭᠦᠨ ᠢ ᠰᠢᠲᠦᠨ ᠪᠢᠰᠢᠷᠡᠭᠴᠢᠳ ᠣᠯᠠᠨ ᠪᠠᠶᠢᠳᠠᠭ᠃ ᠮᠣᠩᠷᠣ ᠭᠡᠳᠡᠭ ᠨᠢ ᠲᠡᠭᠦᠨ ᠦ ᠡᠵᠢ ᠶᠢᠨ ᠬᠠᠭᠤᠴᠢᠨ ᠣᠪᠤᠭ ᠠᠵᠡᠢ᠃ᠲᠡᠷᠡᠪᠡᠷ 1962 ᠣᠨ ᠤ 8 ᠰᠠᠷ᠎ᠠ ᠳᠤ 36 ᠍ᠨᠠᠰᠤᠨ ᠳᠤ ᠪᠠᠨ ᠬᠣᠷᠸ᠎ᠠ ᠶᠢ ᠣᠷᠬᠢᠭᠰᠠᠨ᠃ ᠲᠡᠭᠦᠨ ᠦ ᠨᠠᠰᠤ ᠪᠠᠷᠠᠭᠰᠠᠨ ᠰᠢᠯᠲᠠᠭᠠᠨ ᠢ ᠬᠡᠪᠯᠡᠯ ᠢᠶᠡᠷ ᠨᠣᠢᠷ ᠤᠨ ᠡᠮ ᠦᠨ ᠲᠤᠩ ᠢ ᠬᠡᠲᠦᠷᠡᠭᠦᠯᠦᠨ ᠬᠡᠷᠡᠭᠯᠡᠭᠰᠡᠨ ᠡᠴᠡ ᠪᠣᠯᠵᠤ ᠬᠣᠣᠷᠳᠠᠵᠤ ᠨᠠᠰᠤ ᠪᠠᠷᠠᠭᠰᠠᠨ᠂ ᠮᠣᠩᠷᠣ ᠠᠮᠢ ᠪᠠᠨ ᠬᠣᠣᠷᠯᠠᠭᠰᠠᠨ ᠭᠡᠬᠦ ᠮᠡᠲᠦ ᠶᠠᠩᠵᠤ ᠪᠦᠷᠢ ᠪᠡᠷ ᠮᠡᠳᠡᠭᠡᠯᠡᠵᠦ ᠪᠠᠶᠢᠯ᠎ᠠ᠃ ᠭᠡᠪᠡᠴᠦ 1980 ᠣᠨ ᠤ ᠣᠷᠴᠢᠮ ᠠᠴᠠ ᠠᠮᠢ ᠪᠠᠨ ᠬᠣᠣᠷᠯᠠᠭᠰᠠᠨ ᠲᠤᠬᠠᠢ ᠶᠠᠷᠢᠶ᠎ᠠ ᠵᠠᠮᠬᠠᠷᠠᠵᠤ᠂ ᠬᠡᠨ ᠨᠢᠭᠡᠨ ᠳᠦ ᠬᠣᠣᠷᠯᠠᠭᠳᠠᠭᠰᠠᠨ ᠪᠠᠶᠢᠬᠤ ᠮᠠᠭᠠᠳᠯᠠᠯ ᠲᠠᠢ ᠬᠡᠮᠡᠨ ᠶᠠᠷᠢᠭᠳᠠᠬᠤ ᠪᠣᠯᠤᠭᠰᠠᠨ᠃ ᠡᠮ ᠤᠭᠤᠬᠤ ᠳᠤ ᠪᠠᠨ ᠳᠠᠷᠤᠭᠤᠯᠵᠤ ᠤᠭᠤᠭᠰᠠᠨ ᠤᠰᠤᠨ ᠤ ᠰᠠᠪᠠ ᠣᠯᠳᠠᠭ᠎ᠠ ᠦᠭᠡᠢ᠂ ᠬᠠᠷᠢᠯᠴᠠᠭᠤᠷ ᠤᠲᠠᠰᠤ ᠪᠠᠷᠢᠭᠰᠠᠨ ᠪᠠᠶᠢᠳᠠᠯ ᠲᠠᠢ ᠣᠯᠳᠠᠭᠰᠠᠨ ᠬᠡᠳᠦᠢ ᠴᠤ АТС ᠍ ᠳᠦ ᠶᠠᠷᠢᠶᠠᠨ ᠤ ᠲᠡᠮᠳᠡᠭᠯᠡᠯ ᠪᠦᠷᠢᠳᠬᠡᠭᠳᠡᠭᠡ ᠦᠭᠡᠢ ᠪᠠᠶᠢᠭᠰᠠᠨ᠂ ᠮᠥᠨ ᠲᠡᠭᠦᠨ ᠦ ᠤᠯᠠᠭᠠᠨ ᠥᠩᠭᠡᠲᠡᠢ ᠲᠡᠮᠳᠡᠭᠯᠡᠯ ᠦᠨ ᠳᠡᠪᠲᠡᠷ ᠠᠯᠠᠭ᠎ᠠ ᠪᠣᠯᠤᠭᠰᠠᠨ ᠨᠢ ᠲᠡᠭᠦᠨ ᠦ ᠦᠬᠦᠯ ᠢ ᠣᠨᠢᠰᠤᠭ᠎ᠠ ᠪᠣᠯᠭᠠᠭᠰᠠᠨ ᠶᠤᠮ᠃ (ᠪᠦᠷᠢᠨ ᠠᠭᠤᠯᠭ᠎ᠠ ᠶᠢ ᠤᠩᠰᠢᠬᠤ)

ᠳᠠᠷᠬᠠᠨ ᠬᠣᠲᠠ
ᠳᠠᠷᠬᠠᠨ ᠬᠣᠲᠠ

ᠳᠠᠷᠬᠠᠨ ᠳᠠᠷᠬᠠᠨ» ᠭᠡᠳᠡᠭ ᠤᠳᠬ᠎ᠠ ᠠᠴᠠ ᠨᠡᠷᠡᠯᠡᠭᠳᠡᠭᠰᠡᠨ)ᠳᠠᠷᠬᠠᠨ-ᠠᠭᠤᠯᠠ ᠠᠶᠢᠮᠠᠭ ᠤᠨ ᠵᠠᠰᠠᠭ ᠵᠠᠬᠢᠷᠭᠠᠨ ᠤ ᠲᠥᠪ ᠪᠣᠯᠤᠭᠰᠠᠨ ᠬᠣᠲᠠ᠂ ᠵᠠᠰᠠᠭ ᠵᠠᠬᠢᠷᠭᠠᠨ ᠤ ᠬᠤᠪᠢᠶᠠᠷᠢ ᠶᠣᠰᠣᠭᠠᠷ ᠠᠳᠠᠯᠢ ᠨᠡᠷ᠎ᠡ ᠲᠡᠢ ᠰᠤᠮᠤ ᠪᠣᠯᠳᠠᠭ᠃

2009 ᠣᠨ ᠤ ᠲᠣᠭᠠᠴᠠᠭ᠎ᠠ ᠪᠠᠷ 91,358 ᠣᠷᠣᠰᠢᠨ ᠰᠠᠭᠤᠭᠴᠢ ᠲᠠᠢ ᠪᠠᠶᠢᠨ᠎ᠠ᠂ᠮᠧᠲ᠋ᠷ ᠪᠦᠷᠢ ᠭᠠᠵᠠᠷ ᠨᠤᠲᠤᠭ ᠲᠤ 120,000 ᠣᠷᠣᠰᠢᠨ ᠰᠠᠭᠤᠭᠴᠢ ᠲᠠᠢ ᠪᠠᠶᠢᠨ᠎ᠠ᠃ ᠳᠠᠷᠬᠠᠨ (ᠣᠷᠣᠰ ᠶᠢᠡᠷ )</ref> ᠡᠭᠦᠨ ᠡᠴᠡ ᠦᠵᠡᠪᠡᠯ ᠤᠯᠠᠭᠠᠨᠪᠠᠭᠠᠲᠤᠷ ᠍ ᠤᠨ ᠳᠠᠷᠠᠭᠠᠬᠢ ᠤᠯᠤᠰ ᠤᠨ ᠬᠣᠶᠠᠳᠤᠭᠠᠷ ᠶᠡᠬᠡ ᠬᠣᠲᠠ ᠪᠣᠯᠬᠤ ᠶᠤᠮ᠃ ᠳᠠᠷᠬᠠᠨ ᠬᠣᠳᠠ ᠳᠤ ᠣᠶᠢᠷ᠎ᠠ ᠶᠢᠨ ᠦᠶ᠎ᠡ ᠳᠦ ᠣᠯᠠᠨ ᠰᠠᠶᠢᠬᠠᠨ ᠪᠠᠷᠢᠯᠭ᠎ᠠ ᠪᠠᠶᠢᠭᠤᠯᠤᠮᠵᠢ ᠪᠠᠷᠢᠭᠳᠠᠭᠰᠠᠨ᠃ ᠡᠳᠡᠭᠡᠷ ᠨᠢ ᠮᠣᠷᠢᠨ ᠬᠤᠭᠤᠷ ᠴᠣᠭᠴᠠᠯᠠᠪᠤᠷᠢ᠂ ᠪᠤᠷᠬᠠᠨ ᠲᠠᠢ ᠠᠭᠤᠯᠠ᠂ ᠮᠥᠨ ᠬᠡᠦᠬᠡᠳ ᠵᠠᠯᠠᠭᠤᠴᠤᠳ ᠤᠨ ᠴᠢᠯᠦᠭᠡᠲᠦ ᠴᠠᠭ ᠢᠶᠠᠨ ᠥᠩᠭᠡᠷᠡᠭᠦᠯᠬᠦ ᠴᠡᠴᠡᠷᠯᠢᠭ  ᠢ ᠰᠢᠨᠡᠴᠢᠯᠡᠵᠦ ᠰᠠᠶᠢᠵᠢᠷᠠᠭᠤᠯᠤᠭᠰᠠᠨ᠃ (ᠪᠦᠷᠢᠨ ᠠᠭᠤᠯᠭ᠎ᠠ ᠶᠢ ᠤᠩᠰᠢᠬᠤ)

ᠠᠯᠲᠠᠨᠭᠠᠳᠠᠰᠤ ᠶᠢᠨ ᠬᠦᠴᠦᠲᠦᠪᠠᠭᠠᠲᠤᠷ
ᠠᠯᠲᠠᠨᠭᠠᠳᠠᠰᠤ ᠶᠢᠨ ᠬᠦᠴᠦᠲᠤᠪᠠᠭᠠᠲᠤᠷ

ᠠᠯᠲᠠᠨᠭᠠᠳᠠᠰᠤ ᠶᠢᠨ ᠬᠦᠴᠦᠲᠦᠪᠠᠭᠠᠲᠤᠷ ᠨᠢ 1979 ᠣᠨ ᠤ 9 ᠰᠠᠷ᠎ᠠ ᠶᠢᠨ 10 - ) ᠳᠤ ᠮᠣᠩᠭᠣᠯ ᠤᠯᠤᠰ ᠍ ᠤᠨ ᠲᠥᠪ ᠠᠶᠢᠮᠠᠭ ᠤᠨ ᠠᠯᠲᠠᠨᠪᠤᠯᠠᠭ ᠰᠤᠮᠤᠨ ᠳᠤ ᠲᠦᠷᠦᠵᠡᠢ᠃ ᠶᠠᠫᠤᠨ ᠤ ᠮᠡᠷᠭᠡᠵᠢᠯ ᠤᠨ ᠰᠦᠮᠤ ᠶᠢᠨ ᠲᠤᠺᠢᠽᠡᠺᠠᠽᠸ ᠳᠡᠪᠵᠢᠶ ᠡ (時津風部屋) ᠶᠢᠨ ᠰᠦᠮᠤᠴᠢᠨ ᠪᠢᠯᠡ᠃ ᠪᠡᠶ ᠡ ᠶᠢᠨ ᠦᠨᠳᠦᠷ 185 ᠰᠠᠨᠲ᠋ᠢᠮᠧᠲ᠋ᠷ᠂ ᠪᠡᠶ ᠡ ᠶᠢᠨ ᠵᠢᠩ ᠨᠢ 141ᠺᠢᠯᠣᠭ᠍ᠷᠠᠮ ᠪᠠᠶᠢᠳᠠᠭ᠃ ᠲᠡᠭᠦᠨ ᠤ ᠰᠦᠮᠤ ᠶᠢᠨ ᠨᠡᠷ ᠡ ᠨᠢ ᠲᠣᠺᠢᠲᠢᠶᠠᠨᠺᠦ᠋ ᠶᠣᠰᠢᠠᠺᠢ (時天空 慶晃᠂ ときてんくう よしあき) ᠭᠡᠳᠡᠭ᠃ ᠲᠡᠷᠡ 2007 ᠤᠨ ᠤ 7 ᠰᠠᠷ ᠠ ᠶᠢᠨ ᠪᠠᠱᠤ ᠪᠡᠷ ᠵᠡᠭᠦᠨ ᠤ ᠵᠠᠭᠠᠨ(ᠺᠣᠮᠡᠰᠦᠪᠢ᠂ 小結) ᠴᠤᠯᠠ ᠳᠤ ᠬᠦᠷᠴᠤ ᠦᠩᠭᠡᠷᠡᠪᠡ᠃ ᠦᠨᠳᠦᠰᠦᠨ ᠳᠤ ᠪᠨ ᠬᠠᠴᠢᠷᠳᠠᠨ ᠲᠦᠯᠬᠢᠬᠦ (突っ張り)᠂ ᠪᠠᠷᠠᠭᠤᠨ ᠲᠠᠯ᠎ ᠠ ᠪᠡᠷ ᠶᠢᠡᠨ ᠵᠤᠯᠭᠠᠬᠤ (右四つ)᠂ ᠤᠨᠠᠭᠠᠬᠤ ‍(投げ)᠂ ᠵᠤᠯᠭᠠᠭᠰᠠᠨ ᠪᠠᠷᠢᠴᠠ ᠪᠡᠷ ᠲᠦᠯᠬᠢᠵᠤ ᠭᠠᠷᠭᠠᠬᠤ (寄り)᠂ ᠬᠦᠯ ᠤᠨ ᠮᠡᠬᠡ (足癖) ᠵᠡᠷᠭᠡ ᠤᠯᠠᠨ ᠮᠡᠬᠡ ᠤᠳ ᠢ ᠤᠯᠠᠷᠢᠭᠤᠯᠤᠨ ᠬᠦᠢᠴᠡᠳᠭᠡᠳᠡᠭ᠃ ᠬᠦᠴᠦᠲᠦᠪᠠᠭᠠᠲᠤᠷ ᠨᠢ ᠪᠠᠭ᠎ ᠠ ᠳᠤ ᠪᠠᠨ ᠤᠯᠠᠭᠠᠨᠪᠠᠭᠠᠲᠤᠷ ᠬᠤᠲᠠ ᠶᠢᠨ ᠵᠢᠶᠦᠦᠳᠤ᠋ ᠶᠢᠨ ᠺᠡᠯᠤᠪ ᠳᠤ ᠳᠠᠪᠠᠭᠳᠤᠷᠵᠢ (朝青龍)᠂ ᠳᠠᠰᠢᠨᠢᠮ᠎ ᠠ(朝赤龍)᠂ ᠪᠢᠮᠪᠠᠳᠤᠷᠵᠢ (日馬富士) ᠨᠠᠷ ᠲᠠᠢ ᠳᠠᠰᠬᠠᠯ ᠬᠢᠵᠤ ᠪᠠᠶᠢᠵᠠᠢ᠃ ᠰᠡᠭᠦᠯ ᠳᠤ ᠨᠢ ᠮᠤᠩᠭᠤᠯ ᠤᠯᠤᠰ ᠤᠨ ᠲᠡᠷᠢᠶᠠᠯᠠᠩ ᠤᠨ ᠶᠡᠬᠡ ᠰᠤᠷᠭᠠᠭᠤᠯᠢ (国立農業大学) ᠳᠤ ᠳᠠᠪᠰᠢᠭᠰᠠᠨ ᠪᠤᠯᠪᠠᠴᠤ ᠳᠤᠮᠳᠠ ᠡᠴᠡ ᠨᠢ ᠲᠤᠤᠺᠢᠤ᠋ ᠶᠢᠨ ᠲᠠᠷᠢᠶᠠᠯᠠᠩ ᠤᠨ ᠶᠡᠬᠡ ᠰᠤᠷᠭᠠᠭᠤᠯᠢ ᠶᠢᠨ ᠤᠯᠠᠨ ᠤᠯᠤᠰ ᠤᠨ ᠢᠳᠡᠭᠡᠨ ᠤᠨ ᠴᠢᠮᠡᠭᠡ ᠵᠠᠩᠭᠢ (東京農業大学国際食料情報学部) ᠢᠶᠨ ᠰᠠᠯᠪᠤᠷᠢ ᠳᠤ ᠲᠠᠮᠢᠷ ᠤᠨ ᠰᠤᠯᠢᠯᠴᠠᠭᠠᠨ ᠤ ᠰᠤᠷᠤᠭᠴᠢ ᠪᠡᠷ ᠰᠢᠯᠵᠢᠨ ᠤᠴᠢᠵᠠᠢ᠃ ᠲᠡᠭᠡᠭᠳ ᠲᠤᠰ ᠰᠤᠷᠭᠠᠭᠤᠯᠢ ᠶᠢᠨ ᠰᠦᠮᠤ ᠶᠢᠨ ᠠᠩᠬᠢ ᠳᠤ ᠤᠷᠤᠵᠤ᠂ ᠲᠤᠰ ᠵᠢᠯ ᠳᠤ ᠪᠠᠨ ᠶᠠᠫᠤᠨ ᠤ ᠪᠦᠬᠦ ᠤᠯᠤᠰ ᠤᠨ ᠰᠦᠮᠤ ᠶᠢᠨ ᠪᠡᠶ ᠡ ᠶᠢᠨ ᠵᠢᠩ ᠬᠤᠪᠢᠶᠠᠭᠰᠠᠨ ᠮᠦᠷᠦᠶᠢᠴᠡᠭᠡᠨ (全国学生相撲個人体重別選手権大会) ᠤ 100 ᠺᠢᠯᠣᠭ᠍ᠷᠠᠮ ᠡᠴᠡ ᠳᠤᠷᠤᠭᠰᠢ ᠳᠡᠰ ᠲᠤ ᠲᠡᠷᠢᠭᠦᠯᠡᠵᠡᠢ᠃ ᠦᠪᠡᠷᠲᠡᠭᠡᠨ ᠴᠤ ᠰᠦᠮᠤ ᠳᠤ ᠲᠤᠩ ᠰᠤᠨᠢᠷᠬᠠᠯ ᠲᠠᠢ ᠪᠠᠶᠢᠵᠤ᠂ ᠲᠤᠬᠠᠢ ᠶᠢᠨ ᠦᠶᠡᠰ ᠲᠡᠭᠦᠨ ᠤ ᠨᠠᠰᠤ ᠨᠢ ᠰᠦᠮᠤ ᠶᠢᠨ ᠳᠡᠪᠵᠢᠶ ᠡ ᠳᠤ ᠤᠷᠤᠬᠤ ᠬᠢᠵᠠᠭᠠᠷ ᠪᠤᠯᠬᠤ 23 ᠨᠠᠰᠤ ᠳᠤ ᠲᠦᠬᠦᠵᠤ ᠪᠠᠶᠢᠭᠰᠠᠨ ᠪᠤᠯᠬᠤᠷ᠂ ᠰᠤᠷᠭᠠᠭᠤᠯᠢ ᠪᠠᠨ ᠲᠡᠭᠦᠰᠦᠭᠡ ᠦᠭᠡᠢ ᠪᠡᠷ ᠲᠤᠺᠢᠽᠡᠺᠠᠽᠸ ᠳᠡᠪᠵᠢᠶ ᠡ (時津風部屋) ᠳᠤ ᠤᠷᠤᠵᠠᠢ᠃ 2002 ᠤᠨ ᠤ 7 ᠰᠠᠷ  ᠠ ᠶᠢᠨ ᠪᠠᠱᠤ ᠡᠴᠡ ᠡᠬᠢᠯᠡᠨ ᠪᠠᠷᠢᠯᠳᠤᠵᠤ᠂ ᠵᠠᠯᠭᠠᠪᠡᠷ 3 ᠪᠠᠱᠤ᠂ ᠳᠠᠷᠤᠢ ᠵᠢᠤᠨᠦᠺᠦ᠋ᠴᠢ᠂ ᠵᠣᠨᠢᠳᠠᠨ ᠪᠤᠯᠤᠨ ᠰᠠᠨᠳᠠᠨᠮᠠᠢ ᠵᠢᠩᠳᠠᠭᠠᠨ ᠳᠤ ᠲᠤᠰ ᠲᠤᠰ ᠪᠦᠬᠦᠨ ᠢ ᠢᠯᠠᠵᠤ ᠲᠡᠷᠢᠭᠦᠯᠡᠵᠡᠢ᠃ ᠵᠢᠤᠨᠦᠺᠦ᠋ᠴᠢ ᠵᠢᠩᠳᠠᠭᠠᠨ ᠳᠤ ᠵᠠᠯᠭᠠᠵᠤ 22 ᠢᠯᠠᠭᠰᠠᠨ ᠲᠡᠮᠳᠡᠭᠯᠡᠯ ᠢ ᠡᠭᠦᠳᠴᠠᠢ᠃ ᠤᠤᠯ ᠨᠢ ᠵᠢᠶᠦᠦᠳᠤ᠋ ᠪᠠᠷᠢᠯᠳᠤᠵᠤ ᠪᠠᠶᠢᠭᠰᠠᠨ ᠪᠤᠯᠬᠤᠷ᠂ ᠠᠷᠦ ᠳᠤ ᠨᠢ ᠬᠢᠰᠬᠢᠭᠦ (二枚蹴り)᠂ ᠳᠡᠭᠡᠯᠡᠬᠦ (内掛け) ᠵᠡᠷᠭᠡ ᠬᠦᠯ ᠤᠨ ᠮᠡᠬᠡ ᠤᠳ ᠢ ᠬᠢᠵᠤ ᠤᠷᠠᠨ ᠪᠠᠷᠢᠯᠳᠤᠭᠠᠨ ᠶᠢᠡᠨ ᠭᠠᠷᠭᠠᠵᠤ ᠪᠠᠶᠢᠵᠠᠢ᠃ (ᠪᠦᠷᠢᠨ ᠠᠭᠤᠯᠭ᠎ᠠ ᠶᠢ ᠤᠩᠰᠢᠬᠤ)

ᠲᠤᠩᠭᠠᠯᠠᠭ ᠲᠠᠮᠢᠷ (ᠷᠣᠮᠠᠨ)
ᠲᠤᠩᠭᠠᠯᠠᠭ ᠲᠠᠮᠢᠷ (ᠷᠣᠮᠠᠨ)

ᠲᠤᠩᠭᠠᠯᠠᠭ ᠲᠠᠮᠢᠷ (ᠷᠣᠮᠠᠨ) ᠨᠢ ᠮᠣᠩᠭᠣᠯ ᠤᠯᠤᠰ ᠤᠨ ᠲᠥᠷᠥ ᠶᠢᠨ ᠰᠣᠶᠤᠷᠬᠠᠯ ᠳᠤ ᠬᠦᠷᠲᠡᠭᠰᠡᠨ ᠰᠢᠯᠢᠳᠡᠭ ᠪᠦᠲᠦᠭᠡᠯ ᠦᠨ ᠨᠢ ᠨᠢᠭᠡ ᠪᠥᠭᠡᠳ ᠬᠢᠲᠠᠳ ᠤᠨ ᠴᠡᠷᠢᠭ ᠦᠨ ᠡᠷᠬᠡᠲᠡᠨ ᠳᠠᠷᠬᠠᠲᠠᠨ᠂ ᠡᠵᠡᠷᠬᠡᠭ ᠲᠦᠷᠢᠮᠡᠭᠡᠢ ᠨᠠᠷ᠂ ᠳᠣᠲᠣᠭᠠᠳᠤ ᠶᠢᠨ ᠬᠠᠷ᠎ᠠ ᠰᠢᠷ᠎ᠠ ᠹᠧᠣᠳᠠᠯ᠂ ᠬᠠᠮᠵᠢᠯᠭ᠎ᠠ ᠶᠢᠨ ᠡᠵᠡᠳ ᠲᠡᠢ ᠬᠤᠤᠪᠢᠯᠳᠤᠨ ᠮᠣᠩᠭᠣᠯ ᠤᠨ ᠠᠦ᠋ᠲ᠋ᠣᠨᠣᠮᠢᠲᠤ ᠲᠥᠷᠥ ᠶᠢ ᠤᠰᠠᠳᠬᠠᠵᠤ᠂ ᠡᠨᠡᠷᠢᠯ  ᠦᠭᠡᠢ ᠪᠡᠷ ᠬᠦᠮᠦᠨ ᠠᠷᠠᠳ ᠢ ᠭᠠᠯ ᠤᠰᠤᠨ ᠤ ᠬᠠᠯᠠᠭᠤᠨ ᠵᠣᠪᠠᠯᠠᠩ ᠳᠤ ᠤᠴᠠᠷᠠᠭᠤᠯᠵᠤ ᠪᠠᠶᠢᠭᠰᠠᠨ ᠡᠴᠨ ᠬᠤᠪᠢᠰᠬᠠᠯ ᠢᠯᠠᠭᠰᠠᠨ ᠤ ᠳ᠋ᠦᠩ ᠳᠦ ᠠᠷᠠᠳ ᠲᠦᠮᠡᠨ ᠲᠥᠷᠦ ᠶᠢᠨ ᠬᠡᠷᠡᠭ ᠢ ᠠᠪᠴᠤ ᠤᠷᠢᠳ ᠪᠣᠳᠤᠵᠤ ᠪᠠᠶᠢᠭ᠎ᠠ ᠦᠭᠡᠢ ᠶᠢ ᠪᠣᠳᠣᠵᠤ ᠪᠦᠬᠦ ᠶᠠᠭᠤᠮ᠎ᠠ ᠶᠢ ᠲᠥᠷᠦ ᠤᠯᠤᠰ ᠤᠨ ᠡᠮᠦᠨ᠎ᠡ ᠡᠴᠡ ᠬᠠᠷᠠᠬᠤ ᠪᠣᠯᠤᠭᠰᠠᠨ ᠢ ᠪᠢᠴᠢᠵᠡᠢ᠃ ᠲᠤᠰ ᠷᠣᠮᠠᠨ ᠳᠤ ᠨᠡᠶᠢᠭᠡᠮ ᠦᠨ ᠲᠡᠦᠬᠡ ᠶᠢᠨ ᠪᠣᠭᠣᠨᠢ ᠬᠤᠭᠤᠴᠠᠭ᠎ᠠ ᠪᠣᠯᠪᠠᠴᠤ ᠮᠣᠩᠭᠣᠯ ᠦᠨᠳᠦᠰᠦᠲᠡᠨ ᠦ ᠬᠤᠪᠢ ᠵᠠᠶᠠᠭᠠᠨ ᠤ ᠡᠭᠡᠵᠢᠭᠲᠡᠢ ᠦᠶ᠎ᠡ ᠶᠢᠨ 20 ᠍ ᠳᠤᠭᠠᠷ ᠵᠠᠭᠤᠨ ᠤ ᠡᠬᠢᠨ ᠦ 30 ᠍ ᠊ᠭᠠᠳ ᠵᠢᠯ ᠤᠨ ᠪᠦᠭᠦᠳᠡ ᠨᠠᠢᠷᠠᠮᠳᠠᠬᠤ ᠮᠣᠩᠭᠤᠯ ᠤᠯᠤᠰ ᠪᠠᠢᠭᠤᠯᠤᠭᠳᠠᠭᠰᠠᠨ ᠠᠴᠠ ᠡᠬᠢᠯᠡᠭᠡᠳ ᠳᠡᠯᠡᠬᠡᠢ ᠶᠢᠨ ᠨᠢᠭᠡᠳᠦᠭᠡᠷ ᠳᠠᠶᠢᠨ᠂ ᠣᠺᠲ᠋ᠢᠶᠠᠪᠧᠷ ᠤᠨ ᠰᠣᠴᠢᠶᠠᠯᠢᠰᠲᠤ ᠶᠡᠬᠡ ᠬᠤᠪᠢᠰᠬᠠᠯ ᠤᠨ ᠦᠷᠨᠢᠯᠲᠡ ᠪᠠ 1921 ᠣᠨ ᠤ ᠠᠷᠠᠳ ᠤᠨ ᠬᠤᠪᠢᠰᠬᠠᠯ ᠤᠨ ᠢᠯᠠᠯᠲᠠ ᠪᠡᠬᠢᠵᠢᠯᠲᠡ ᠶᠢᠨ ᠶᠠᠪᠤᠴᠠ ᠲᠠᠢ ᠨᠢᠭᠲᠠ ᠬᠣᠯᠪᠣᠨ ᠲᠠᠮᠢᠷ ᠤᠨ ᠭᠣᠣᠯ ᠤᠨ ᠬᠢᠨ ᠤ ᠨᠤᠲᠤᠭ ᠳᠡᠪᠢᠰᠬᠡᠷ ᠳᠡᠭᠡᠷ᠎ᠡ ᠲᠥᠪᠯᠡᠷᠡᠭᠦᠯᠦᠨ ᠦᠵᠡᠭᠦᠯᠵᠡᠢ᠃ ᠵᠣᠬᠢᠶᠠᠯ ᠤᠨ ᠬᠡᠯᠡᠨ ᠦ ᠨᠠᠶᠢᠷᠠᠭᠤᠯᠭ᠎ᠠ ᠰᠠᠶᠢᠬᠠᠨ ᠪᠦᠭᠡᠳ ᠳᠦᠷᠰᠦᠯᠡᠯ ᠳᠦ ᠪᠡᠨ ᠨᠢᠭᠲᠠ ᠵᠣᠬᠢᠴᠠᠭᠰᠠᠨ ᠂ ᠳᠦᠷᠢ ᠪᠦᠷᠢ ᠳᠦ ᠬᠡᠯᠡ ᠶᠠᠷᠢᠶ᠎ᠠ ᠶᠢᠨ ᠦᠭᠡ ᠬᠡᠯᠡᠯᠭᠡ ᠲᠡᠢ ᠪᠡᠷ ᠲᠤᠰ ᠪᠦᠷᠢ ᠢᠯᠭᠠᠷᠠᠭᠤᠯᠤᠯᠲᠠ ᠲᠠᠢ ᠪᠢᠴᠢᠭᠳᠡᠭᠰᠡᠨ ᠢᠶᠡᠷ ᠢᠶᠡᠨ ᠣᠨᠴᠠᠯᠢᠭ ᠲᠠᠢ ᠶᠤᠮ᠃ (ᠪᠦᠷᠢᠨ ᠠᠭᠤᠯᠭ᠎ᠠ ᠶᠢ ᠤᠩᠰᠢᠬᠤ)

ᠮᠣᠯᠤᠷ ᠳᠠᠪᠤᠰᠤ ︱ 4  ᠶᠢᠨ ᠲᠠᠩ
ᠮᠣᠯᠤᠷ_ᠳᠠᠪᠤᠰᠤ_︱_4_ ᠶᠢᠨ_ᠲᠠᠩ

ᠮᠣᠯᠤᠷ ᠳᠠᠪᠤᠰᠤ ︱ 4  ᠶᠢᠨ ᠲᠠᠩ(光明盐) - ᠲᠤᠰ ᠨᠠᠢᠢᠷᠠᠯᠭ᠎ᠠ ᠪᠣᠯ ᠪᠦᠯᠢᠶᠡᠨ ᠴᠢᠨᠠᠷ  ᠲᠠᠢ ᠃ ᠢᠳᠡᠭᠡᠨ  ᠢ ᠰᠢᠨᠭᠭᠡᠭᠡᠵᠦ ᠂ ᠳᠤᠷ᠎ᠠ  ᠶᠢ ᠨᠡᠬᠡᠬᠡᠬᠦ  ᠳᠦ ᠮᠣᠯᠤᠷ ᠳᠠᠪᠤᠰᠤ  ᠶᠢ ᠭᠣᠣᠯᠯᠠᠭᠴᠢ ᠪᠣᠯᠭᠠᠨ ᠂ ᠢᠯᠴᠢ  ᠶᠢ ᠰᠠᠯᠪᠢᠠ ᠂ ᠪᠠᠳ᠌ᠭᠠᠨ  ᠢ ᠠᠷᠢᠯᠭᠠᠬᠤ  ᠳᠦ ᠭᠠ ᠂ ᠪᠢᠪᠢᠯᠢᠩ  ᠢ ᠬᠠᠪᠰᠤᠷᠤᠭᠴᠢ ᠪᠣᠯᠭᠠᠨ ᠂ ᠮᠠᠬᠠᠪᠤᠤᠠ  ᠢ ᠲᠡᠭᠰᠢᠳᠭᠡᠨ ᠂ ᠬᠣᠣᠷ  ᠢ ᠲᠠᠢᠯᠠᠬᠤ ᠠᠷᠤᠷ᠎ᠠ  ᠶᠢ ᠲᠤᠰᠠᠯᠠᠭᠴᠢ ᠪᠣᠯᠭᠠᠨ ᠨᠠᠢᠷᠠᠭᠤᠯᠤᠭᠰᠠᠠ ᠲᠤᠯᠠ ᠡᠰᠡ ᠰᠢᠩᠭᠡᠭᠰᠡᠨ  ᠢ ᠰᠢᠨᠭᠭᠡᠭᠡᠵᠦ ᠂ ᠪᠠᠳ᠌ᠭᠠᠨ  ᠢ ᠠᠷᠢᠯᠭᠠᠬᠤ ᠴᠢᠳᠠᠯ ᠪᠦᠷᠢᠯᠳᠦᠵᠦ ᠢᠯᠠᠩᠭᠤᠶ᠎ᠠ ᠬᠦᠢᠲᠡᠨ ᠡᠪᠡᠳᠴᠢᠨ  ᠨᠤᠭᠦᠳ ᠲᠤ ᠲᠤᠰᠠᠲᠠᠢ ᠃

 1. ᠡᠮ ᠪᠠ ᠢᠳᠡᠭᠡᠨ ᠡᠰᠡ ᠰᠢᠩᠭᠡᠭᠰᠡᠨ
 2. ᠪᠠᠳ᠌ᠭᠠᠨ ᠪᠣᠷᠤ ᠂ᠪᠠᠳ᠌ᠭᠠᠨ  ᠢᠶᠡᠷ ᠪᠦᠭᠡᠯᠵᠢᠵᠦ ᠰᠠᠭᠤᠯᠭᠠᠬᠤ
 3. ᠬᠣᠳᠤᠭᠤᠳᠤ ᠴᠦᠩᠬᠦᠢᠬᠦ ᠂ᠭᠡᠬᠡᠷᠡᠭᠦᠯᠬᠦ᠂
 4. ᠢᠯᠴᠢ ᠨᠢ ᠪᠠᠭᠤᠷᠠᠭᠰᠠᠠ ᠡᠪᠡᠳᠴᠢᠨ  ᠳᠦ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)
ᠮᠣᠩᠭᠣᠯ ᠬᠠᠲᠤᠳ
ᠮᠣᠩᠭᠣᠯ ᠬᠠᠲᠤᠳ

ᠮᠣᠩᠭᠣᠯ ᠬᠠᠲᠤᠳ ᠭᠡᠳᠡᠭ ᠨᠢ ᠲᠡᠦᠬᠡᠨ ᠳᠦ ᠴᠢᠩᠭᠢᠰ ᠬᠠᠭᠠᠨ ᠤ ᠪᠠᠶᠢᠭᠤᠯᠤᠭᠰᠠᠨ ᠶᠡᠬᠡ ᠮᠣᠩᠭᠣᠯ ᠤᠯᠤᠰ ᠍ ᠢ ᠲᠥᠪᠬᠢᠨᠡᠭᠦᠯᠦᠨ ᠠᠪᠴᠤ ᠶᠠᠪᠤᠬᠤ ᠶᠢᠨ ᠲᠥᠯᠥᠭᠡ ᠠᠯᠳᠠᠷ ᠨᠡᠷ᠎ᠡ ᠪᠡᠨ ᠳᠠᠭᠤᠷᠢᠰᠬᠠᠭᠰᠠᠨ᠂ ᠴᠢᠩᠭᠢᠰ ᠬᠠᠭᠠᠨ ᠤ ᠡᠬᠡ᠂ ᠬᠠᠲᠤᠳᠥᠬᠢᠳ᠂ ᠲᠡᠳᠡᠨ ᠦ ᠠᠴᠢ ᠵᠢᠭᠡ ᠥᠬᠢᠳ᠂ ᠰᠠᠳᠤᠨ ᠲᠥᠷᠥᠯ᠂ ᠤᠷᠤᠭ ᠪᠠᠷᠢᠯᠳᠤᠭᠰᠠᠨ ᠣᠯᠠᠨ ᠡᠷ᠎ᠡ ᠵᠣᠷᠢᠭᠲᠠᠢ ᠬᠠᠲᠤᠳ ᠪᠠᠶᠢᠳᠠᠭ᠃ ᠡᠭᠦᠨ ᠳᠦ: ᠥᠭᠡᠯᠦᠨ ᠦᠵᠢᠨᠪᠥᠷᠲᠡ ᠦᠵᠢᠨᠶᠢᠰᠦᠭᠡᠨ ᠬᠠᠲᠤᠨᠶᠢᠰᠦᠢ ᠬᠠᠲᠤᠨᠬᠤᠯᠠᠨ ᠬᠠᠲᠤᠨᠠᠯᠠᠭ᠎ᠠ ᠪᠡᠬᠢᠴᠡᠵᠡᠶᠢᠬᠡᠨ ᠪᠡᠬᠢᠠᠯᠤᠯᠲᠤᠨ ᠪᠡᠬᠢᠳᠥᠷᠦᠭᠡᠨ᠎ᠠ ᠶᠡᠬᠡ ᠬᠠᠲᠤᠨᠣᠭᠤᠯ ᠬᠠᠶᠢᠮᠥᠰ ᠶᠡᠬᠡ ᠬᠠᠲᠤᠨᠰᠣᠷᠬᠠᠭᠲᠠᠨᠢ ᠪᠡᠬᠢᠪᠤᠯᠤᠭᠠᠨᠬᠥᠬᠥᠴᠢᠨᠬᠣᠲᠠᠯᠠ ᠴᠠᠭᠠᠨᠰᠠᠮᠤᠷ ᠭᠦᠨᠵᠤᠮᠠᠨᠳᠤᠬᠠᠢ ᠰᠡᠴᠡᠨ ᠬᠠᠲᠤᠨ ᠭᠡᠬᠦ ᠮᠡᠲᠦ ᠣᠯᠠᠨ ᠮᠣᠩᠭᠣᠯ ᠡᠮᠡᠭᠲᠡᠶᠢᠴᠦᠳ ᠪᠠᠶᠢᠳᠠᠭ᠃ ᠬᠠᠲᠤᠨ ᠭᠡᠳᠡᠭ ᠦᠭᠡ ᠨᠢ ᠰᠡᠴᠡᠨ ᠬᠡᠷᠰᠡᠦ ᠬᠠᠲᠠᠨ ᠤᠬᠠᠭᠠᠨ᠂ ᠦᠵᠡᠰᠬᠦᠯᠡᠩ ᠭᠣᠸ᠎ᠠ᠂ ᠡᠯᠪᠡᠷᠢᠯ ᠨᠢᠩᠵᠢᠨ ᠰᠡᠳᠬᠢᠯ᠂ ᠡᠷᠬᠢᠮᠰᠦᠭ᠂ ᠳᠠᠶᠢᠴᠢᠨ ᠵᠣᠷᠢᠭ᠂ ᠤᠷᠪᠠᠰᠢ ᠦᠭᠡᠢ ᠦᠨᠡᠨᠴᠢ ᠰᠡᠳᠬᠢᠯ᠂ ᠳᠡᠭᠡᠳᠦ ᠢᠵᠠᠭᠤᠷ ᠭᠡᠰᠡᠨ ᠣᠯᠠᠨ ᠤᠳᠬ᠎ᠠ ᠰᠠᠨᠠᠭ᠎ᠠ ᠶᠢ ᠢᠯᠡᠷᠬᠡᠶᠢᠯᠡᠳᠡᠭ ᠠᠵᠢ᠃ ᠵᠠᠷᠢᠮ ᠡᠷᠳᠡᠮᠲᠡᠳ ᠬᠠᠲᠤᠨ ᠭᠡᠰᠡᠨ ᠦᠭᠡ ᠶᠢ ᠢᠷᠡᠨ ᠭᠠᠷᠤᠯᠲᠠᠢ ᠭᠡᠵᠦ ᠲᠠᠶᠢᠯᠪᠤᠷᠢᠯᠠᠳᠠᠭ᠃ (ᠪᠦᠷᠢᠨ ᠠᠭᠤᠯᠭ᠎ᠠ ᠶᠢ ᠤᠩᠰᠢᠬᠤ)

ᠳ᠋ᠠᠸᠠ ᠶᠢᠨ ᠪᠠᠲᠤᠪᠠᠶᠠᠷ
ᠳ᠋ᠠᠸᠠ ᠶᠢᠨ ᠪᠠᠲᠤᠪᠠᠶᠠᠷ

ᠳ᠋ᠠᠸᠠ ᠶᠢᠨ ᠪᠠᠲᠤᠪᠠᠶᠠᠷᠨᠢ 1973 ᠣᠨ ᠤ 3 ᠰᠠᠷ᠎ᠠ ᠶᠢᠨ 8 - ) ᠳᠤ ᠮᠣᠩᠭᠣᠯ ᠤᠯᠤᠰ ᠍ ᠤᠨ ᠬᠣᠪᠳᠣ ᠬᠣᠳᠠ ᠳᠤ ᠲᠦᠷᠦᠵᠡᠢ᠃ ᠮᠤᠩᠭᠤᠯ ᠤᠯᠤᠰ ᠤᠨ ᠬᠠᠮᠤᠭ ᠠᠩᠬᠠᠨ ᠤ ᠰᠦᠮᠤᠴᠢᠳ ᠤᠨ ᠨᠢᠭᠡ ᠪᠤᠯᠬᠤ ᠮᠦᠷᠲᠡᠭᠡᠨ ᠪᠠᠰᠠ ᠤᠯᠤᠰ ᠲᠦᠷᠦᠴᠢᠨ ᠪᠤᠯᠤᠨ᠎ ᠠ᠃ ᠰᠦᠮᠤ ᠶᠢᠨ ᠨᠡᠷ ᠡ ᠨᠢ ᠺᠢᠣᠺᠦᠰᠢᠶᠦ᠋ᠽᠠᠨ ᠨᠣᠪᠤᠷᠦ᠋ (旭鷲山 昇᠂ きょくしゅうざん のぼる) ᠭᠡᠳᠡᠭ᠃ ᠳ᠋ᠠᠸᠠ ᠶᠢᠨ ᠪᠠᠲᠤᠪᠠᠶᠠᠷ ᠨᠢ ᠪᠠᠰᠠ ᠶᠠᠫᠤᠨ ᠤ ᠮᠡᠷᠭᠡᠵᠢᠯ ᠤᠨ ᠰᠦᠮᠤ ᠶᠢᠨ ᠬᠠᠮᠤᠭ ᠳᠡᠭᠡᠳᠦ ᠵᠢᠩᠳᠠᠭᠠᠨ ᠪᠣᠯᠬᠤ ᠮᠠᠺᠦᠦ᠋ᠴᠢ ᠵᠢᠩᠳᠠᠭᠠᠨ ᠳᠤ ᠬᠦᠷᠦᠭᠰᠡᠨ ᠠᠩᠬᠠᠨ ᠤ ᠮᠣᠩᠭᠣᠯ ᠰᠦᠮᠦᠴᠢᠨ ᠪᠥᠭᠡᠳ ᠲᠡᠭᠦᠨ ᠤ ᠬᠠᠮᠤᠭ ᠤᠨ ᠥᠨᠳᠥᠷ ᠴᠣᠯᠠ ᠨᠢ ᠵᠠᠭᠠᠨ ‍(ᠺᠣᠮᠡᠰᠦᠪᠢ᠂ 小結) ᠪᠤᠯᠤᠨ᠎ ᠠ᠃ ᠪᠠᠷᠠᠭᠤᠨ ᠲᠠᠯ ᠠ ᠪᠡᠷ ᠵᠣᠯᠭᠠᠬᠤ (右四つ)᠂ ᠭᠠᠳᠠᠷ ᠪᠠᠷᠢᠴᠠ ᠲᠠᠢ ᠭᠠᠨᠵᠤᠭᠠᠯᠠᠬᠤ (上手投げ) ᠵᠡᠷᠭᠡ ᠦᠨᠳᠦᠰᠦᠨ ᠮᠡᠬᠡ ᠤᠳ ᠢ ᠮᠠᠰᠢ ᠤᠷᠠᠨ ᠭᠦᠢᠴᠡᠳᠬᠡᠳᠡᠭ᠃ ᠤᠷᠢᠳ ᠬᠤᠵᠢᠳ ᠵᠢᠶᠦᠦᠷᠢᠤ᠋ ᠵᠢᠩᠳᠠᠭᠠᠨ 2 ᠤᠳᠠᠭ᠎ ᠠ᠂ ᠮᠠᠺᠦᠰᠢᠲ᠋ᠠ ᠵᠢᠩᠳᠠᠭᠠᠨ ᠳᠤ 1ᠤᠳᠠᠭ᠎ ᠠ ᠲᠡᠷᠢᠭᠦᠯᠡᠵᠤ᠂ ᠭᠠᠷᠮᠠᠭᠠᠢ ᠪᠠᠷᠢᠯᠳᠤᠭᠠᠨ ᠤ ᠱᠠᠩᠨᠠᠯ 1ᠤᠳᠠᠭ᠎ ᠠ᠂ ᠳᠠᠶᠢᠴᠢᠨ ᠪᠠᠷᠢᠯᠳᠤᠭᠠᠨ ᠤ ᠱᠠᠩᠨᠠᠯ 2ᠤᠳᠠᠭ᠎ ᠠ᠂ ᠤᠷᠠᠨ ᠪᠠᠷᠢᠯᠳᠤᠭᠠᠨ ᠤ ᠱᠠᠩᠨᠠᠯ 2 ᠤᠳᠠᠭ᠎ ᠠ ᠲᠤᠰᠴᠠᠢ᠃ ᠪᠠᠲᠤᠪᠠᠶᠠᠷ ᠨᠢ ᠮᠤᠩᠭᠤᠯ ᠰᠦᠮᠤᠴᠢᠳ ᠤᠨ ᠠᠬᠠᠮᠠᠳ ᠪᠤᠯᠤᠭᠰᠠᠨ ᠤ ᠬᠤᠪᠢ ᠳᠤ᠂ ᠰᠡᠭᠦᠯ ᠳᠤ ᠨᠢ ᠤᠯᠠᠨ ᠤᠯᠠᠨ ᠵᠠᠯᠠᠭᠤ ᠰᠦᠮᠦᠴᠢᠳ ᠢ ᠶᠠᠫᠤᠨ ᠤ ᠰᠦᠮᠤ ᠶᠢᠨ ᠳᠡᠪᠵᠢᠶ ᠡ ᠳᠤ ᠲᠠᠨᠢᠯᠴᠠᠭᠤᠯᠵᠤ ᠤᠷᠤᠭᠤᠯᠵᠠᠢ᠃ ᠪᠠᠰᠠ ᠺᠢᠣᠺᠦᠰᠢᠶᠦ᠋ᠽᠠᠨ ᠰᠠᠭᠤᠷᠢ ᠮᠦᠩᠭᠦᠨ ᠤ ᠨᠡᠶᠢᠭᠡᠮᠯᠢᠭ (旭鷲山発展基金) ᠢ ᠪᠠᠶᠢᠭᠤᠯᠵᠤ᠂ ᠮᠤᠩᠭᠤᠯ ᠶᠠᠳᠠᠭᠤ ᠬᠦᠴᠢᠷᠳᠡᠯ ᠲᠠᠢ ᠬᠡᠦᠬᠡᠳ ᠳᠡᠭᠦᠦ ᠨᠠᠷ ᠶᠢᠡᠨ ᠲᠡᠳᠬᠦᠬᠦ ᠵᠡᠷᠭᠡ ᠤᠯᠠᠨ ᠤᠯᠠᠨ ᠪᠤᠶᠠᠨᠲᠤ ᠦᠢᠯᠡᠰ ᠬᠢᠵᠠᠢ᠃ ᠮᠤᠩᠭᠤᠯ ᠤᠯᠤᠰ ᠲᠤ ᠲᠤᠩ ᠬᠦᠨᠳᠦᠳᠭᠡᠯ ᠲᠠᠢ ᠪᠠᠶᠢᠵᠤ᠂ ᠤᠯᠠᠭᠠᠨᠪᠠᠭᠠᠲᠤᠷ ᠬᠤᠲᠠ ᠶᠢᠨ ᠵᠠᠰᠠᠭ ᠤᠨ ᠭᠠᠵᠠᠷ ᠨᠢ ᠲᠡᠭᠦᠨ ᠢ ᠤᠯᠠᠭᠠᠨᠪᠠᠭᠠᠲᠤᠷ ᠬᠤᠲᠠ ᠶᠢᠨ ᠢᠷᠠᠭᠤ ᠠᠯᠳᠠᠷᠲᠤ ᠢᠷᠭᠡᠨ ᠶᠢᠡᠷ ᠦᠨᠡᠯᠡᠵᠡᠢ᠃ ᠲᠡᠷᠡ ᠵᠣᠳᠣᠭ ᠲᠠᠶᠢᠯᠤᠭᠰᠠᠨ ᠤ ᠪᠠᠨ ᠳᠠᠷᠠᠭ᠎ᠠ ᠮᠣᠩᠭᠣᠯ ᠤᠯᠤᠰ  ᠤᠨ ᠠᠷᠠᠳᠴᠢᠯᠠᠭᠰᠠᠨ ᠨᠠᠮ ᠠᠴᠠ 2008 ᠣᠨ ᠤ ᠤᠯᠤᠰ ᠤᠨ ᠶᠡᠬᠡ ᠬᠤᠷᠠᠯ ᠤᠨ ᠰᠣᠩᠭᠣᠭᠤᠯᠢ ᠳᠤ ᠰᠣᠩᠭᠢᠨ᠎ᠠ ᠪᠠᠶᠠᠨᠬᠠᠶᠢᠷᠬᠠᠨ ᠳᠡᠭᠦᠷᠭᠡ ᠳᠦ ᠳᠡᠪᠰᠢᠵᠦ ᠰᠣᠩᠭᠣᠭᠳᠠᠵᠤ᠂ 4 ᠵᠢᠯ ᠠᠵᠢᠯᠯᠠᠭᠰᠠᠨ ᠶᠤᠮ᠃ ᠬᠠᠷᠢᠨ 2012 ᠣᠨ ᠤ ᠰᠣᠩᠭᠣᠭᠤᠯᠢ ᠳᠤ ᠬᠣᠪᠳᠣ ᠠᠶᠢᠮᠠᠭ ᠲᠤ ᠨᠡᠷ᠎ᠡ ᠳᠡᠪᠰᠢᠭᠰᠡᠨ ᠴᠤ ᠰᠣᠩᠭᠣᠭᠳᠠᠵᠤ ᠴᠢᠳᠠᠭ᠎ᠠ ᠦᠭᠡᠢ᠃ (ᠪᠦᠷᠢᠨ ᠠᠭᠤᠯᠭ᠎ᠠ ᠶᠢ ᠤᠩᠰᠢᠬᠤ)

ᠵᠠᠶᠢᠰᠠᠩ ᠲᠣᠯᠣᠭᠠᠢ
ᠵᠠᠶᠢᠰᠠᠩ ᠲᠣᠯᠣᠭᠠᠢ

ᠵᠠᠶᠢᠰᠠᠩ ᠲᠣᠯᠣᠭᠠᠢ ᠨᠢ ᠤᠯᠠᠭᠠᠨᠪᠠᠭᠠᠲᠤᠷ ᠬᠣᠲᠠ ᠶᠢᠨ ᠡᠮᠦᠨ᠎ᠡ ᠲᠠᠯ᠎ᠠ ᠳᠤ ᠤᠷᠤᠰᠢᠬᠤ ᠲᠣᠯᠣᠭᠠᠢ ᠶᠤᠮ᠃ ᠤᠯᠠᠭᠠᠨᠪᠠᠭᠠᠲᠤᠷ ᠬᠣᠲᠠ ᠶᠢᠨ ᠲᠥᠪ ᠬᠡᠰᠡᠭ ᠢ ᠲᠣᠯᠢᠳᠠᠨ ᠬᠠᠷᠠᠬᠤ ᠪᠣᠯᠤᠮᠵᠢ ᠲᠠᠢ᠂ ᠤᠯᠠᠭᠠᠨᠪᠠᠭᠠᠲᠤᠷ ᠤᠨ ᠬᠢᠨ ᠤ ᠴᠢᠯᠦᠭᠡᠲᠦ ᠴᠠᠭ ᠢᠶᠠᠨ ᠥᠩᠭᠡᠷᠡᠭᠡᠬᠦ ᠪᠣᠯᠤᠨ ᠵᠢᠭᠤᠯᠴᠢᠳ ᠤᠨ ᠣᠴᠢᠬᠤ ᠳᠤᠷᠠᠲᠠᠢ ᠭᠠᠵᠠᠷ ᠤᠳ ᠤᠨ ᠨᠢᠭᠡ᠃ ᠵᠠᠶᠢᠰᠠᠩ ᠲᠣᠯᠣᠭᠠᠢ ᠶᠢᠨ ᠣᠷᠣᠢ ᠳᠤ ᠵᠥᠪᠯᠡᠯᠲᠦ ᠶᠢᠨ ᠳᠠᠶᠢᠴᠢᠳ ᠤᠨ ᠳᠤᠷᠠᠰᠬᠠᠯ ᠤᠨ ᠴᠣᠭᠴᠠᠯᠠᠪᠤᠷᠢ ᠪᠤᠢ᠃ ᠬᠠᠯᠬ᠎ᠠ ᠶᠢᠨ ᠭᠣᠣᠯ ᠤᠨ ᠪᠠᠶᠢᠯᠳᠤᠭᠠᠨ ᠳᠤ ᠡᠷᠡᠯᠬᠡᠭ ᠢᠶᠡᠷ ᠪᠠᠶᠢᠯᠳᠤᠵᠤ ᠠᠮᠢ ᠪᠠᠨ ᠠᠯᠠᠳᠠᠭᠰᠠᠨ ᠵᠥᠪᠯᠡᠯᠲᠦ ᠶᠢᠨ ᠴᠡᠷᠢᠭ ᠦᠳ ᠦᠨ ᠳᠤᠷᠠᠰᠬᠠᠯ ᠪᠣᠯᠭᠠᠵᠤ ᠪᠠᠷᠢᠭᠰᠠᠨ ᠤᠭ ᠴᠣᠭᠴᠠᠯᠠᠪᠤᠷᠢ ᠶᠢ 1971 ᠣᠨ ᠳᠤ ᠬᠡᠰᠢᠭᠲᠦ ᠪᠡᠷ ᠠᠬᠠᠯᠠᠭᠤᠯᠤᠭᠰᠠᠨ ᠤᠷᠠᠨ ᠪᠠᠷᠢᠯᠭᠠᠴᠢᠳ ᠪᠠᠷᠢᠵᠤ ᠡᠬᠢᠯᠡᠭᠰᠡᠨ ᠪᠥᠭᠡᠳ 1979 ᠣᠨ ᠪᠤᠶᠤ ᠬᠠᠯᠬ᠎ᠠ ᠶᠢᠨ ᠭᠣᠣᠯ ᠤᠨ ᠪᠠᠶᠢᠯᠳᠤᠭᠠᠨ ᠤ 40 ᠵᠢᠯ ᠦᠨ ᠣᠢ ᠪᠠᠷ ᠨᠡᠭᠡᠭᠡᠯᠲᠡ ᠪᠡᠨ ᠬᠢᠭᠰᠡᠨ ᠶᠤᠮ᠃ ᠤᠭ ᠴᠣᠭᠴᠠᠯᠠᠪᠤᠷᠢ ᠶᠢᠨ ᠣᠷᠣᠢ ᠳᠤ ᠪᠠᠶᠢᠷᠢᠯᠠᠬᠤ ᠴᠠᠭᠠᠷᠢᠭ ᠳᠣᠲᠣᠷ᠎ᠠ ᠨᠢ 1921 ᠣᠨ ᠤ ᠠᠷᠠᠳ ᠤᠨ ᠬᠤᠪᠢᠰᠬᠠᠯ᠂ 1939 ᠣᠨ ᠤ ᠬᠠᠯᠬ᠎ᠠ ᠶᠢᠨ ᠭᠣᠣᠯ ᠤᠨ ᠪᠠᠶᠢᠯᠳᠤᠭᠠᠨ ᠤ ᠦᠶ᠎ᠡ ᠪᠡᠷ ᠦᠵᠡᠭᠦᠯᠦᠭᠰᠡᠨ ᠵᠥᠪᠯᠡᠯᠲᠦ ᠶᠢᠨ ᠲᠤᠰᠠᠯᠠᠯᠴᠠᠭ᠎ᠠ ᠳᠡᠮᠵᠢᠯᠭᠡ ᠶᠢ ᠳᠦᠷᠰᠦᠯᠡᠭᠰᠡᠨ ᠪᠠᠶᠢᠳᠠᠭ᠃ ᠮᠥᠨ ᠵᠠᠶᠢᠰᠠᠩ ᠲᠣᠯᠣᠭᠠᠢ ᠶᠢᠨ ᠬᠣᠷᠮᠣᠢ ᠳᠤ ᠪᠠᠶᠢᠷᠢᠯᠠᠬᠤ ᠲᠠᠩᠺ ᠲᠠᠢ ᠬᠥᠰᠢᠶ᠎ᠡ ᠶᠢ 2003 ᠣᠨ ᠳᠤ ᠬᠣᠲᠠ ᠶᠢᠨ ᠲᠥᠪ ᠪᠣᠯᠤᠨ ᠵᠠᠶᠢᠰᠠᠩ ᠤᠨ ᠬᠣᠭᠣᠷᠣᠨᠳᠣᠬᠢ ᠵᠠᠮ ᠤᠨ ᠠᠭᠤᠯᠵᠠᠪᠤᠷᠢ ᠠᠴᠠ ᠨᠡᠭᠦᠯᠭᠡᠵᠦ ᠵᠠᠶᠢᠰᠠᠩ ᠳᠤ ᠠᠪᠠᠴᠢᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠲᠤᠩᠭᠠᠯᠠᠭ- 5
ᠲᠤᠩᠭᠠᠯᠠᠭ- 5

ᠲᠤᠩᠭᠠᠯᠠᠭ- 5 ᠨᠠᠢᠢᠷᠠᠯᠭ᠎ᠠ ᠪᠣᠯ ᠪᠦᠯᠢᠶᠡᠨ ᠴᠢᠨᠠᠷ ᠲᠠᠢ ᠨᠠᠢᠢᠷᠠᠯᠭ᠎ᠠ ᠪᠣᠯᠤᠨ᠎ᠠ ᠃ ᠡᠭᠦᠨ  ᠳᠤ ᠢᠯᠴᠢ  ᠶᠢ ᠰᠡᠯᠪᠢᠵᠦ ᠂ ᠳᠤᠷ᠎ᠠ  ᠶᠢ ᠨᠡᠬᠡᠬᠡᠬᠦ ᠂ ᠪᠠᠳ᠌ᠭᠠᠨ ᠬᠡᠢ ᠶᠢ ᠠᠷᠢᠯᠭᠠᠬᠤ ᠠᠨᠠᠷ  ᠢᠶᠠᠷ ᠭᠣᠣᠯᠯᠠᠭᠴᠢ ᠡᠮ ᠪᠣᠯᠭᠠᠵᠤ ᠂ ᠡᠯᠢᠭᠡᠨ ᠳᠦ ᠬᠠᠯᠠᠭᠤᠨ ᠲᠦᠷᠦᠭᠦᠯᠬᠦ  ᠦᠭᠡᠢ ᠪᠦᠭᠡᠳ ᠲᠤᠩᠭᠠᠯᠠᠭ ᠴᠥᠪ  ᠤᠨ ᠢᠯᠭᠠᠷᠠᠯᠲᠠ  ᠶᠢ ᠰᠠᠢᠢᠵᠢᠷᠠᠭᠤᠯᠬᠤ  ᠳᠤ ᠭᠦᠷᠭᠦᠮ  ᠢ ᠬᠠᠪᠰᠤᠷᠬᠤ ᠡᠮ ᠪᠣᠯᠭᠠᠵᠤ ᠂ ᠢᠯᠴᠢ  ᠶᠢ ᠰᠡᠯᠪᠢᠵᠦ ᠂ ᠳᠤᠷ᠎ᠠ  ᠶᠢ ᠨᠡᠭᠡᠭᠡᠬᠦ ᠂ᠢᠳᠡᠭᠡᠨ  ᠢ ᠰᠢᠩᠭᠡᠭᠡᠬᠦ  ᠳᠤ ᠰᠦᠭᠮᠧᠯ  ᠢ ᠂ ᠢᠯᠴᠢ  ᠶᠢ ᠰᠡᠯᠪᠢᠵᠦ ᠂ ᠢᠳᠡᠭᠡᠨ  ᠢ ᠰᠢᠩᠭᠡᠭᠡᠬᠦ ᠂ ᠮᠠᠬᠠᠪᠤᠤᠠ  ᠢ ᠲᠡᠭᠰᠢᠳᠭᠡᠬᠦ  ᠳᠤ ᠪᠢᠪᠢᠯᠢᠩ  ᠢ ᠂ ᠢᠯᠴᠢ  ᠶᠢ ᠰᠡᠯᠪᠢᠵᠦ ᠂ ᠢᠳᠡᠭᠡᠨ  ᠢ ᠰᠢᠩᠭᠡᠭᠡᠬᠦ ᠂ ᠪᠠᠳ᠌ᠭᠠᠨ ᠬᠡᠢ  ᠶᠢ ᠠᠷᠢᠯᠭᠠᠬᠤ ᠳᠤ ᠭᠠᠪᠢᠷ᠎ᠠ  ᠶᠢᠨ ᠬᠠᠯᠢᠰᠤ ᠵᠡᠷᠭᠡ  ᠶᠢ ᠲᠤᠰᠠᠯᠠᠬᠤ ᠡᠮ ᠪᠣᠯᠭᠠᠵᠤ ᠨᠠᠢᠢᠷᠠᠭᠤᠯᠤᠭᠰᠠᠠ ᠲᠤᠯᠠ ᠪᠠᠳ᠌ᠭᠠᠨ ᠬᠡᠢ ᠶᠢ ᠠᠷᠢᠯᠭᠠᠬᠤ ᠮᠦᠷᠲᠡᠭᠡᠨ ᠬᠠᠯᠠᠭᠤᠨ ᠲᠦᠷᠦᠭᠦᠯᠬᠦ ᠦᠭᠡᠢ ᠂ ᠪᠡᠶ᠎ᠡ  ᠶᠢᠨ ᠬᠦᠢᠲᠡᠨ ᠬᠠᠯᠠᠭᠤᠨ  ᠢ ᠲᠡᠭᠰᠢᠳᠭᠡᠵᠦ ᠂ ᠲᠤᠩᠭᠠᠯᠠᠭ ᠵᠡᠷᠭᠡ ᠲᠠᠮᠢᠷ  ᠤᠨ ᠪᠤᠯᠪᠠᠰᠤᠷᠠᠭᠤᠯᠤᠯᠲᠠ  ᠶᠢ ᠰᠠᠢᠢᠵᠢᠷᠠᠭᠤᠯᠵᠤ ᠥᠪᠡᠷ ᠥᠪᠡᠷ  ᠤᠨ ᠣᠷᠤᠨ ᠳᠤᠨᠢ ᠠᠬᠤᠭᠤᠯᠬᠤ ᠨᠠᠢᠢᠷᠠᠯᠭ᠎ᠠ ᠪᠣᠯᠤᠭᠰᠠᠨ ᠪᠠᠢᠨ᠎ᠠ ᠃ (ᠪᠦᠷᠢᠨ ᠠᠭᠤᠯᠭ᠎ᠠ ᠶᠢ ᠤᠩᠰᠢᠬᠤ)

ᠡᠩᠬᠡᠲᠦᠪᠰᠢᠨ
ᠡᠩᠬᠡᠲᠦᠪᠰᠢᠨ

ᠡᠩᠬᠡᠲᠦᠪᠰᠢᠨ 1984 ᠣᠨ ᠤ 1 ᠰᠠᠷ᠎ᠠ ᠶᠢᠨ 9 ᠤ ᠡᠳᠦᠷ ᠦᠪᠦᠷ ᠮᠣᠩᠭᠣᠯ ᠍ ᠤᠨ ᠪᠠᠭᠠᠷᠢᠨ ᠪᠠᠷᠠᠭᠤᠨ ᠬᠤᠰᠢᠭᠤᠨ ᠳᠤ ᠲᠦᠷᠦᠵᠡᠢ᠃ ᠲᠡᠭᠦᠨ ᠤ ᠰᠦᠮᠤ ᠶᠢᠨ ᠨᠡᠷ ᠡ ᠨᠢ ᠰᠤᠺᠥᠺᠦ᠋ᠷᠠᠢ ᠡᠶᠢᠴᠢ (ᠶᠠᠫᠣᠨ ᠢᠶᠠᠷ 蒼国来栄吉᠂ そうこくらい えいきち ᠭᠡᠳᠡᠭ᠃ ᠶᠠᠫᠤᠨ ᠤ ᠮᠡᠷᠭᠡᠵᠢᠯ ᠤᠨ ᠰᠦᠮᠤ ᠶᠢᠨ ᠠᠷᠠᠰᠢᠤ᠋ ᠳᠡᠪᠵᠢᠶ᠎ᠡ ᠶᠢᠨ ᠰᠦᠮᠦᠴᠢᠨ ᠮᠦᠷᠲᠡᠭᠡᠨ ᠤᠳᠤᠬᠠᠨ ᠳᠤ ᠪᠠᠨ ᠦᠪᠦᠷ ᠮᠣᠩᠭᠣᠯ ᠤᠨ ᠴᠤᠷ ᠤᠨ ᠭᠠᠭᠴᠠ ᠰᠦᠮᠤᠴᠢᠨ ᠪᠢᠯᠡ᠃ ᠪᠡᠶ ᠡ ᠶᠢᠨ ᠥᠨᠳᠥᠷ ᠨᠢ 185 ᠰᠠᠨᠲ᠋ᠢᠮᠧᠲ᠋ᠷ᠂ ᠪᠡᠶ ᠡ ᠶᠢᠨ ᠵᠢᠩ ᠨᠢ 140 ᠺᠢᠯᠣᠭ᠍ᠷᠠᠮ ᠪᠠᠶᠢᠳᠠᠭ᠃ ᠬᠠᠮᠤᠭ ᠤᠨ ᠳᠡᠭᠡᠳᠦ ᠪᠠᠶᠢᠷᠢ ᠨᠢ ᠪᠠᠷᠠᠭᠤᠨ ᠤ ᠮᠠᠭᠠᠰᠢᠷᠠ4 ᠳ᠋ᠦ᠋ᠭᠡᠷ (西前頭4枚目) (2016 ᠣᠨ ᠤ 3 ᠰᠠᠷ᠎ᠠ )᠃ ᠵᠢᠤᠨᠦᠺᠦ᠋ᠴᠢ ᠵᠢᠩᠳᠠᠭᠠᠨ(序ノ口) ᠳᠤ ᠨᠢᠭᠡ ᠤᠳᠠᠭ᠎ᠠ ᠲᠡᠷᠢᠭᠦᠯᠡᠵᠤ᠂ ᠰᠠᠨᠳᠠᠨᠮᠠᠢ ᠵᠢᠩᠳᠠᠭᠠᠨ (三段目) ᠳᠤ 1 ᠤᠳᠠᠭ᠎ ᠠ ᠲᠡᠷᠢᠭᠦᠯᠡᠵᠡᠢ᠃ ᠦᠨᠳᠦᠰᠦᠨ ᠳᠤ ᠪᠠᠨ ᠪᠠᠷᠠᠭᠤᠨ ᠲᠠᠯ ᠠ ᠪᠡᠷ ᠵᠣᠯᠭᠠᠬᠤ(右四つ)᠂ ᠵᠤᠯᠭᠠᠨᠰᠠᠨ ᠪᠠᠷᠢᠴᠠᠨ ᠶᠢᠡᠷ ᠲᠦᠯᠬᠢᠵᠤ ᠭᠠᠷᠭᠠᠬᠤ (ᠶᠣᠷᠢ᠂ 寄り)᠂ ᠤᠨᠠᠭᠠᠬᠤ (ᠨᠠᠭ᠍ᠸ᠂ 投げ) ᠵᠡᠷᠭᠡ ᠮᠡᠬᠡ ᠤᠳ ᠢ ᠭᠠᠷᠭᠠᠵᠤ ᠤᠷᠠᠨ ᠪᠠᠷᠢᠯᠳᠤᠭᠠᠨ ᠶᠢᠡᠨ ᠦᠵᠡᠭᠦᠯᠳᠡᠭ᠃ ᠡᠩᠬᠡᠲᠦᠪᠰᠢᠨ ᠬᠠᠷᠠᠬᠠᠨ ᠪᠠᠭ᠎᠎ᠠ ᠡᠴᠡ ᠪᠠᠨ ᠪᠦᠬᠡ ᠪᠠᠷᠢᠯᠳᠤᠬᠤ ᠳᠤᠷᠠᠲᠠᠢ ᠪᠠᠶᠢᠭᠰᠠᠨ ᠭᠡᠳᠡᠭ᠃ 16 ᠨᠠᠰᠤ ᠳᠤ ᠪᠠᠨ ᠦᠪᠦᠷ ᠮᠤᠩᠭᠤᠯ ᠤᠨ ᠲᠠᠮᠢᠷ ᠤᠨ ᠭᠤᠷᠪᠠᠳᠤᠭᠠᠷ ᠠᠩᠬᠢ ᠳᠤ ᠲᠠᠮᠢᠷᠴᠢᠨ ᠶᠢᠡᠷ ᠡᠯᠰᠡᠭᠳᠡᠵᠤ᠂ ᠴᠢᠯᠦᠭᠡᠲᠤ ᠪᠦᠬᠡ ᠪᠡᠷ ᠬᠢᠴᠢᠶᠡᠯᠯᠡᠵᠤ ᠪᠠᠶᠢᠭᠰᠠᠨ ᠪᠦᠭᠡᠳ ᠪᠦᠭᠦᠲᠡ ᠨᠠᠶᠢᠷᠠᠮᠳᠠᠲᠤ ᠳᠤᠮᠳᠠᠳᠤ ᠠᠷᠠᠳ ᠤᠯᠤᠰ ᠤᠨ ᠵᠠᠯᠠᠭᠤᠴᠤᠳ ᠪᠠᠭᠠᠴᠤᠳ ᠤᠨ ᠴᠢᠯᠦᠭᠡᠲᠤ ᠪᠦᠬᠡ ᠶᠢᠨ ᠲᠡᠮᠡᠴᠡᠭᠡᠨ ᠳᠤ ᠱᠢᠪᠦᠭᠡ ᠶᠢᠨ 8 ᠳᠤ ᠴᠤᠯᠭᠠᠷᠠᠵᠤ ᠪᠠᠶᠢᠭᠰᠠᠨ ᠶᠤᠮ᠃ ᠍2003 ᠤᠨ ᠤ 4 ᠰᠠᠷ  ᠠ ᠳᠤ ᠠᠷᠠᠰᠢᠤ᠋ ᠳᠡᠪᠵᠢᠶ᠎ᠡ(荒汐部屋) ᠶᠢᠨ ᠡᠵᠡᠨᠲᠡᠨ ᠦᠪᠦᠷ ᠮᠤᠩᠭᠤᠯ ᠳᠤ ᠬᠦᠷᠴᠤ ᠱᠠᠪᠢ ᠰᠤᠩᠭᠤᠵᠤ ᠶᠠᠪᠤᠵᠤ ᠪᠠᠶᠢᠭᠰᠠᠨ ᠦᠶ ᠡ ᠳᠤ ᠡᠩᠬᠡᠲᠦᠪᠰᠢᠨ ᠲᠠᠢ ᠠᠭᠤᠯᠵᠠᠵᠤ᠂ ᠲᠡᠭᠦᠨ ᠢ ᠦᠪᠡᠷ ᠤᠨ ᠳᠡᠪᠵᠢᠶᠡᠨ ᠳᠤ ᠪᠠᠨ ᠡᠯᠰᠡᠵᠡᠢ᠃ ᠲᠡᠭᠡᠭᠡᠳ ᠲᠤᠰ ᠵᠢᠯ ᠤᠨ ᠬᠢᠨᠢ 6 ᠰᠠᠷ  ᠠ ᠳᠤ ᠨᠢ ᠶᠠᠫᠤᠨ ᠳᠤ ᠢᠷᠡᠵᠤ᠂ 9 ᠰᠠᠷ  ᠠ ᠡᠴᠡ ᠨᠢ ᠡᠬᠢᠯᠡᠨ ᠪᠠᠷᠢᠯᠳᠤᠵᠠᠢ᠃ (ᠪᠦᠷᠢᠨ ᠠᠭᠤᠯᠭ᠎ᠠ ᠶᠢ ᠤᠩᠰᠢᠬᠤ)

ᠭᠠᠷᠤᠳᠢ-5 1
ᠭᠠᠷᠤᠳᠢ-5

ᠭᠠᠷᠤᠳᠢ-5 ᠨᠠᠢᠢᠷᠠᠯᠭ᠎ᠠ ᠪᠣᠯ ᠪᠦᠯᠢᠶᠡᠨ ᠴᠢᠨᠠᠷ  ᠲᠠᠢ ᠨᠠᠢᠢᠷᠠᠯᠭ᠎ᠠ ᠪᠣᠯᠤᠨ᠎ᠠ᠃ ᠲᠤᠰ ᠨᠠᠢᠢᠷᠠᠯᠭ᠎ᠠ  ᠶᠢᠨ ᠴᠢᠳᠠᠯ ᠨᠢ ᠰᠠᠢᠢᠲᠠᠢ ᠨᠠᠢᠢᠷᠠᠯᠭ᠎ᠠ ᠪᠣᠯᠬᠤ ᠲᠤᠯᠠ ᠭᠠᠷᠤᠳᠢ  ᠯᠤᠭ᠎ᠠ ᠵᠦᠢᠷᠯᠡᠵᠦ ᠂ ᠲᠡᠭᠦᠨ  ᠤ ᠲᠠᠪᠤᠨ ᠬᠥᠯ ᠡᠮ  ᠢ ᠭᠠᠷᠤᠳᠢ  ᠶᠢᠨ ᠲᠠᠪᠤᠨ ᠡᠷᠬᠡᠲᠡᠨ  ᠢᠶᠠᠷ ᠦᠯᠢᠭᠡᠷᠯᠡᠵᠦ ᠂ ᠪᠤᠩ ᠠ  ᠶᠢ ᠭᠠᠷᠤᠳᠢ  ᠶᠢᠨ ᠵᠢᠷᠦᠬᠡ ᠂ ᠵᠢᠭᠠᠷ  ᠢ ᠭᠠᠷᠤᠳᠢ  ᠶᠢᠨ ᠴᠢᠰᠤ ᠂ ᠬᠠᠷ᠎ᠠ ᠦᠮᠡᠬᠡᠢ ᠵᠡᠭᠡᠰᠦ  ᠶᠢ ᠭᠠᠷᠤᠳᠢ  ᠶᠢᠨ ᠰᠤᠳᠠᠯ ᠰᠢᠷᠪᠤᠰᠤ ᠂ ᠷᠦᠳᠠ  ᠶᠢ ᠭᠠᠷᠤᠳᠢ  ᠶᠢᠨ ᠶᠠᠰᠤ ᠂ ᠠᠷᠤᠷ᠎ᠠ  ᠶᠢ ᠭᠠᠷᠤᠳᠢ  ᠶᠢᠨ ᠮᠢᠬ᠎ᠠ  ᠪᠡᠷ ᠦᠯᠢᠭᠡᠷᠯᠡᠭᠰᠡᠨ ᠶᠤᠮ ᠃ ᠨᠢᠶᠠᠨ  ᠢ ᠨᠢᠲᠤᠯᠬᠤ ᠂ ᠰᠢᠷ᠎ᠠ ᠤᠰᠤ  ᠶᠢ ᠠᠷᠢᠯᠭᠠᠬᠤ ᠂ ᠡᠪᠡᠳᠬᠦ  ᠶᠢ ᠵᠣᠭᠰᠤᠭᠠᠬᠤ ᠪᠤᠩ ᠠ ᠪᠤᠯᠤᠨ ᠵᠢᠭᠠᠷ  ᠶᠢ ᠭᠣᠣᠯᠯᠠᠭᠴᠢ ᠡᠮ ᠪᠣᠯᠭᠠᠵᠤ ᠂ ᠨᠢᠶᠠᠨ  ᠢ ᠨᠢᠲᠤᠯᠬᠤ ᠂ ᠰᠢᠷ᠎ᠠ ᠤᠰᠤ  ᠶᠢ ᠲᠠᠲᠠᠬᠤ ᠬᠠᠷ᠎ᠠ ᠦᠮᠡᠬᠡᠢ ᠵᠡᠭᠡᠰᠦ  ᠶᠢ ᠬᠠᠪᠰᠤᠷᠬᠤ ᠡᠮ ᠪᠣᠯᠭᠠᠵᠤ ᠮᠠᠬᠠᠪᠤᠳ ᠢ ᠲᠡᠭᠰᠢᠳᠭᠡᠬᠦ ᠂ ᠭᠡᠢ ᠴᠢᠰᠤ ᠬᠠᠷᠰᠢᠯᠳᠤᠭᠰᠠᠨ  ᠢ ᠳᠠᠷᠤᠬᠤ ᠂ ᠡᠪᠡᠳᠬᠦ  ᠶᠢ ᠵᠣᠭᠰᠤᠭᠠᠬᠤ ᠷᠦᠳᠠ ᠂ ᠮᠠᠬᠠᠪᠤᠳ  ᠢ ᠲᠡᠭᠰᠢᠳᠭᠡᠬᠦ ᠂ ᠬᠣᠣᠷ  ᠢ ᠲᠠᠢᠯᠬᠤ ᠠᠷᠤᠷ᠎ᠠ  ᠶᠢ ᠲᠤᠰᠠᠯᠠᠬᠤ ᠡᠮ ᠪᠣᠯᠭᠠᠨ ᠨᠠᠢᠢᠷᠠᠭᠤᠯᠤᠭᠰᠠᠨ ᠲᠤᠯᠠ ᠂ ᠨᠢᠶᠠᠠ ᠂ ᠰᠢᠷ᠎ᠠ ᠤᠰᠤᠨ  ᠡᠴᠡ ᠪᠣᠯᠤᠭᠰᠠᠨ ᠮᠠᠬᠠᠪᠤᠤᠠ  ᠤᠨ ᠬᠢᠮᠤᠷᠠᠯ  ᠢ ᠲᠡᠭᠰᠢᠳᠭᠡᠨ᠂ ᠪᠤᠩ ᠠ  ᠶᠢᠨ ᠬᠣᠣᠷ  ᠢ ᠲᠠᠢᠢᠯᠠᠬᠤ ᠂ ᠪᠦᠬᠦ ᠨᠠᠢᠢᠷᠠᠯᠭ᠎ᠠ  ᠶᠢᠨ ᠴᠢᠳᠠᠯ  ᠢ ᠭᠠᠷᠤᠳᠢ ᠮᠡᠲᠦ ᠬᠦᠴᠦᠵᠢᠭᠦᠯᠵᠦ ᠂ ᠨᠢᠶᠠᠠ  ᠢ ᠨᠢᠲᠤᠯᠬᠤ ᠂ ᠰᠢᠷ᠎ᠠ ᠤᠰᠤ  ᠶᠢ ᠠᠷᠢᠯᠭᠠᠵᠤ ᠂ ᠬᠠᠤᠬᠠᠤᠯᠠᠬᠤ  ᠶᠢ ᠳᠠᠷᠤᠬᠤ ᠴᠢᠳᠠᠯ ᠲᠠᠢ ᠨᠠᠢᠢᠷᠠᠯᠭ᠎ᠠ ᠪᠣᠯᠵᠤ ᠪᠦᠷᠢᠯᠳᠦᠵᠡᠢ ᠃ ᠬᠡᠷᠪᠡ ᠳᠣᠭᠰᠢᠨ ᠬᠠᠲᠠᠭᠤ ᠭᠠᠷᠤᠳᠢ ︱ 5 ︵ ᠴᠦᠩ ᠭᠣᠳ ᠷᠠᠭᠪᠤ ᠨᠢᠶᠠᠮᠵᠤᠷ︶ ᠬᠤᠤᠷᠲᠠᠢ ᠨᠠᠢᠢᠷᠠᠭᠤᠯᠪᠠᠯ ᠠᠷᠤᠷ᠎ᠠ ᠂ ᠷᠦᠳᠠ ᠂ ᠬᠠᠷ᠎ᠠ ᠦᠮᠡᠬᠡᠢ ᠵᠡᠭᠡᠰᠦ ᠂ ᠵᠢᠭᠠᠷ ᠂ ᠪᠤᠩ ᠠ  ᠵᠢ ᠲᠠᠯᠠᠭᠳᠠᠵᠤ ᠭᠥᠬᠦᠯ  ᠤᠨ ᠲᠠᠩ  ᠢᠶᠡᠷ ᠵᠢᠭᠤᠷᠠᠵᠤ ᠦᠷᠢᠯᠳᠦᠵᠦ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠬᠠᠷᠢᠴᠠᠩᠭᠤᠢ ᠶᠢᠨ ᠲᠤᠰᠬᠠᠢ ᠣᠨᠣᠯ
ᠬᠠᠷᠢᠴᠠᠩᠭᠤᠢ ᠶᠢᠨ ᠲᠤᠰᠬᠠᠢ ᠣᠨᠣᠯ

ᠬᠠᠷᠢᠴᠠᠩᠭᠤᠢ ᠶᠢᠨ ᠲᠤᠰᠬᠠᠢ ᠣᠨᠣᠯ ᠨᠢ 1905 ᠣᠨ ᠳᠤ ᠠᠯᠪᠧᠷᠲ·ᠠᠶᠢᠨᠰᠲ᠋ᠠᠨ ᠥᠪᠡᠷ ᠦᠨ 《ᠬᠥᠳᠡᠯᠵᠦ ᠪᠤᠢ ᠪᠡᠶ᠎ᠡ ᠶᠢᠨ ᠡᠯᠧᠺᠲ᠋ᠷᠣᠳ᠋ᠢᠨᠠᠮᠢᠺᠲᠤ》 ᠠᠵᠢᠯ ᠳᠤ ᠪᠠᠨ ᠳᠡᠪᠰᠢᠭᠦᠯᠦᠭᠰᠡᠨ ᠢᠨᠧᠷᠼᠢ ᠲᠣᠭᠠᠯᠠᠯ ᠤᠨ ᠰᠢᠰᠲ᠋ᠧᠮ ᠳᠡᠬᠢ ᠬᠡᠮᠵᠢᠯᠲᠡ ᠶᠢᠨ ᠲᠤᠬᠠᠢ ᠹᠢᠽᠢᠺ ᠤᠨ ᠣᠨᠣᠯ ᠶᠤᠮ᠃ ᠡᠨᠡ ᠨᠢ ᠭᠠᠯᠢᠯᠧᠢ ᠶᠢᠨ ᠬᠠᠷᠢᠴᠠᠩᠭᠤᠢ ᠵᠠᠷᠴᠢᠮ ᠤᠨ ᠥᠷᠭᠡᠳᠬᠡᠯ ᠪᠥᠭᠡᠳ ᠲᠣᠳᠣᠷᠠᠭᠤᠯᠪᠠᠯ ᠮᠧᠬᠠᠨᠢᠭ ᠠᠴᠠ ᠡᠬᠢᠯᠡᠨ ᠴᠠᠬᠢᠯᠭᠠᠨ ᠰᠣᠷᠢᠨᠵᠢᠨ ᠢ ᠣᠷᠣᠭᠤᠯᠤᠭᠠᠳ ᠪᠦᠬᠦᠶᠢᠯᠠ ᠹᠢᠽᠢᠺ ᠦᠨ ᠬᠠᠤᠯᠢ ᠨᠤᠭᠤᠳ ᠲᠤ ᠪᠦᠬᠦ ᠰᠢᠯᠤᠭᠤᠨ ᠵᠢᠭᠳᠡ ᠬᠥᠳᠡᠯᠭᠡᠭᠡᠨ ᠨᠢ ᠬᠠᠷᠢᠴᠠᠩᠭᠤᠢ᠂ ᠥᠭᠡᠷ᠎ᠡ ᠪᠡᠷ ᠬᠡᠯᠡᠪᠡᠯ ᠬᠠᠷᠢᠴᠠᠩᠭᠤᠢ ᠪᠤᠶᠤ ᠨᠡᠩ ᠰᠠᠶᠢᠨ ᠲᠣᠳᠣᠷᠬᠠᠶᠢᠯᠠᠭᠳᠠᠭᠰᠠᠨ ᠲᠠᠶᠢᠪᠤᠩ ᠲᠥᠯᠥᠪ ᠭᠡᠵᠦ ᠪᠠᠶᠢᠳᠠᠭ ᠦᠭᠡᠢ ᠭᠡᠵᠦ ᠰᠤᠷᠭᠠᠳᠠᠭ᠃ ᠴᠠᠭᠠᠰᠢᠯᠠᠪᠠᠯ ᠠᠶᠢᠨᠰᠲ᠋ᠠᠨ ᠳᠠᠩ ᠭᠠᠭᠴᠠ ᠬᠠᠷᠢᠴᠠᠩᠭᠤᠢ ᠶᠢᠨ ᠵᠠᠷᠴᠢᠮ ᠢ ᠥᠷᠭᠡᠳᠬᠡᠭᠰᠡᠨ ᠢᠶᠡᠷ ᠵᠣᠭᠰᠣᠬᠤ ᠦᠭᠡᠢ ᠨᠢᠭᠡᠨ ᠰᠢᠨ᠎ᠡ ᠲᠤᠯᠭᠠᠭᠤᠷᠢ ᠵᠠᠷᠴᠢᠮ (ᠲᠦᠰᠦᠭᠡᠯᠡᠯ) ᠢ ᠹᠢᠽᠢᠺ ᠲᠤ ᠣᠷᠣᠭᠤᠯᠤᠭᠰᠠᠨ᠃ ᠡᠨᠡ ᠬᠣᠶᠠᠷ ᠳ᠋ᠡᠬᠢ ᠲᠦᠰᠦᠭᠡᠯᠡᠯ ᠨᠢ ᠪᠦᠬᠦ ᠠᠵᠢᠭᠯᠠᠭᠴᠢ ᠶᠢᠨ ᠬᠤᠪᠢ ᠳᠤ ᠲᠡᠳᠡᠭᠡᠷ ᠦᠨ ᠰᠢᠯᠤᠭᠤᠨ ᠵᠢᠭᠳᠡ ᠬᠥᠳᠡᠯᠭᠡᠭᠡᠨ ᠡᠴᠡ ᠦᠯᠦ ᠬᠠᠮᠢᠶᠠᠷᠤᠨ ᠭᠡᠷᠡᠯ ᠦᠨ ᠬᠤᠷᠳᠤᠴᠠ ᠶᠢᠨ ᠲᠣᠭᠠᠨ ᠬᠡᠮᠵᠢᠶ᠎ᠡ ᠠᠳᠠᠯᠢ ᠪᠠᠶᠢᠨ᠎ᠠ ᠭᠡᠰᠡᠨ ᠲᠦᠰᠦᠭᠡᠯᠡᠯ ᠶᠤᠮ᠃ (ᠪᠦᠷᠢᠨ ᠠᠭᠤᠯᠭ᠎ᠠ ᠶᠢ ᠤᠩᠰᠢᠬᠤ)

ᠵᠣᠷᠵᠢ ᠤᠣᠺᠧᠷ ᠪᠤᠱ
ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ

ᠵᠣᠷᠵᠢ ᠤᠣᠺᠧᠷ ᠪᠤᠱ (ᠠᠩᠭᠯᠢ ᠪᠠᠷ George Walker Bush, 1946 ᠣᠨ ᠤ 7 ᠰᠠᠷ᠎ᠠ ᠶᠢᠨ 6 -) ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ 43 ᠳᠠᠬᠢ ᠶᠡᠷᠦᠩᠬᠡᠶᠢᠯᠡᠭᠴᠢ ᠪᠠ 2 ᠤᠳᠠᠭ᠎ᠠ ᠰᠣᠩᠭᠣᠭᠳᠠᠭᠰᠠᠨ᠃ ᠲᠡᠭᠦᠨ ᠦ ᠡᠴᠢᠭᠡ ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ ᠬᠠᠭᠤᠴᠢᠨ ᠶᠡᠷᠦᠩᠬᠡᠶᠢᠯᠡᠭᠴᠢ ᠵᠣᠷᠵᠢ ᠬᠡᠷᠡᠪᠦᠷᠲᠦ ᠤᠣᠺᠧᠷ ᠪᠤᠱ ᠪᠠᠶᠢᠭᠰᠠᠨ ᠶᠤᠮ᠃ ᠲᠡᠷᠡ 2001 ᠣᠨ ᠤ 1 ᠰᠠᠷ᠎ᠠ ᠶᠢᠨ 20 ᠍ ᠳᠦ ᠠᠯᠪᠠᠨ ᠲᠤᠰᠢᠶᠠᠯ ᠬᠦᠯᠢᠶᠡᠨ ᠠᠪᠴᠠᠢ᠃ ᠠᠯᠪᠠᠨ ᠲᠤᠰᠢᠶᠠᠯ ᠢᠶᠠᠨ ᠬᠦᠯᠢᠶᠡᠨ ᠠᠪᠤᠭᠰᠠᠨ ᠠᠴᠠ ᠬᠣᠶᠢᠰᠢ ᠪᠤᠱ ᠤᠳᠤᠷᠢᠳᠤᠯᠭ᠎ᠠ ᠰᠤᠷᠲᠠᠯᠴᠢᠯᠠᠭᠠᠨ ᠳᠡᠭᠡᠷ᠎ᠡ ᠪᠡᠨ ᠠᠮᠠᠯᠠᠭᠰᠠᠨ ᠲᠠᠲᠠᠪᠤᠷᠢ ᠶᠢᠨ ᠬᠥᠩᠭᠡᠯᠡᠯᠲᠡ ᠪᠡᠨ ᠬᠡᠷᠡᠭᠵᠢᠭᠦᠯᠵᠦ᠂ ᠡᠳ᠋ ᠍ ᠦᠨ ᠵᠠᠰᠠᠭ ᠤᠨ ᠲᠡᠰᠦᠷᠡᠯᠲᠡ᠂ ᠲᠣᠮᠣ ᠺᠣᠷᠫᠣᠷᠠᠼᠢ ᠶᠢᠨ ᠬᠡᠮᠵᠢᠶᠡᠨ ᠦ ᠢᠯᠵᠠᠷᠠᠯ᠂ ᠬᠡᠭᠡᠯᠢ ᠬᠠᠬᠤᠤᠯᠢ ᠳᠤ ᠬᠢᠵᠠᠭᠠᠷ ᠲᠠᠯᠪᠢᠵᠤ ᠴᠢᠳᠠᠭᠰᠠᠨ ᠤᠯᠤᠰ ᠲᠥᠷᠥ ᠶᠢᠨ ᠠᠮᠵᠢᠯᠲᠠ ᠲᠠᠢ ᠪᠠᠶᠢᠨ᠎ᠠ᠃ 9 ᠰᠠᠷ᠎ᠠ ᠶᠢᠨ 11 ᠍ ᠤ ᠡᠳᠦᠷ ᠦᠨ ᠰᠦᠷᠳᠡᠭᠦᠯᠦᠭᠴᠢ ᠳᠣᠪᠲᠣᠯᠭᠠᠨ ᠤ ᠳᠠᠷᠠᠭ᠎ᠠ ᠪᠤᠱ ᠰᠦᠷᠳᠡᠭᠦᠯᠦᠭᠴᠢ  ᠶᠢᠨ ᠡᠰᠡᠷᠬᠦ ᠳᠠᠶᠢᠨ ᠵᠠᠷᠯᠠᠨ ᠠᠮᠧᠷᠢᠺᠠ ᠶᠢᠨ ᠨᠢᠭᠡᠳᠦᠭᠰᠡᠨ ᠤᠯᠤᠰ ᠤᠨ ᠭᠠᠳᠠᠭᠠᠳᠤ ᠪᠣᠳᠣᠯᠭ᠎ᠠ ᠳᠤ ᠲᠡᠦᠬᠡᠨ ᠳᠦ ᠰᠢᠢᠳᠮᠡᠭᠡᠢ ᠪᠡᠶ᠎ᠡ ᠳᠠᠭᠠᠭᠰᠠᠨ ᠠᠯᠬᠤᠮ ᠠᠯᠬᠤᠪᠠ᠃ (ᠪᠦᠷᠢᠨ ᠠᠭᠤᠯᠭ᠎ᠠ ᠶᠢ ᠤᠩᠰᠢᠬᠤ)

ᠮᠠᠩᠭᠠᠯᠵᠠᠯᠠᠪ ᠤᠨ ᠠᠨᠠᠨᠳᠠ
ᠮᠠᠩᠭᠠᠯᠵᠠᠯᠠᠪ ᠤᠨ ᠠᠨᠠᠨᠳᠠ

ᠮᠠᠩᠭᠠᠯᠵᠠᠯᠠᠪ ᠤᠨ ᠠᠨᠠᠨᠳᠠ ( 1985 ᠣᠨ ᠤ 8 ᠰᠠᠷ᠎ᠠ ᠶᠢᠨ 10 - ) ᠨᠢ ᠮᠣᠩᠭᠣᠯ ᠤᠯᠤᠰ ᠍ ᠤᠨ ᠤᠯᠠᠭᠠᠨᠪᠠᠭᠠᠲᠤᠷ ᠬᠣᠳᠠ ᠳᠤ ᠲᠦᠷᠦᠭᠰᠡᠨ ᠰᠦᠮᠤᠴᠢᠨ ᠪᠢᠯᠡ᠃ ᠲᠡᠭᠦᠨ ᠤ ᠰᠦᠮᠤ ᠶᠢᠨ ᠨᠡᠷ ᠡ ᠨᠢ ᠺᠠᠺᠥᠷᠢᠶᠦ ᠷᠢᠺᠢᠰᠠᠪᠦᠷᠣ᠋ (鶴竜力三郎᠂ かくりゅう りきさぶろう) ᠭᠡᠳᠡᠭ᠃ ᠢᠼᠡᠽ ᠳᠡᠪᠵᠢᠶ ᠡ (井筒部屋)  ᠶᠢᠨ ᠰᠦᠮᠦᠴᠢᠨ ᠪᠦᠭᠡᠳ ᠶᠠᠫᠤᠨ ᠤ ᠮᠡᠷᠭᠡᠵᠢᠯ ᠤᠨ ᠰᠦᠮᠤ ᠶᠢᠨ 71 ᠳ᠋ᠡᠬᠢ ᠠᠪᠤᠷᠭᠤ (ᠶᠤᠺᠤᠽᠡᠨᠠ) ᠂ ᠮᠤᠩᠭᠤᠯ  ᠰᠦᠮᠤᠴᠢᠳ ᠤᠨ ᠳᠤᠲᠤᠷ  ᠠ ᠲᠦᠷᠪᠡᠳᠡᠬᠢ ᠠᠪᠤᠷᠭᠤ ᠪᠤᠯᠤᠨ  ᠠ᠃ ᠪᠡᠶ ᠡ ᠶᠢᠨ ᠦᠨᠳᠦᠷ 186 ᠰᠡᠨᠲ᠋ᠢᠮᠸᠲᠷ᠂ ᠪᠡᠶ ᠡ ᠶᠢᠨ ᠵᠢᠩ ᠨᠢ 155 ᠺᠢᠯᠣᠭ᠍ᠷᠠᠮ ᠪᠠᠶᠢᠳᠠᠭ᠃ ᠦᠨᠳᠦᠰᠦᠨ ᠮᠡᠬᠡ ᠨᠢ ᠪᠠᠷᠠᠭᠤᠨ ᠲᠠᠯ ᠠ ᠪᠡᠷ ᠵᠤᠯᠭᠠᠬᠤ (右四つ)᠂ ᠵᠤᠯᠭᠠᠭᠰᠠᠨ ᠪᠠᠷᠢᠴᠠ ᠪᠡᠷ ᠲᠦᠯᠬᠢᠬᠦ (寄り)᠂ ᠳᠤᠲᠤᠷ  ᠠ ᠪᠠᠷᠢᠴᠠ ᠲᠠᠢ ᠭᠠᠨᠵᠤᠭᠠᠯᠠᠬᠤ (下手投げ)᠂ ᠰᠤᠭᠤᠳᠠᠵᠤ ᠲᠡᠪᠡᠷᠢᠬᠦ (もろ差し) ᠵᠡᠷᠭᠡ ᠪᠤᠯᠤᠨ᠎ ᠠ᠃ ᠪᠠᠷᠢᠯᠳᠤᠭᠠᠨ ᠤ ᠠᠮᠵᠢᠯᠲᠠ ᠶᠢ ᠨᠢ ᠳᠤᠷᠠᠳᠤᠪᠠᠯ᠂ ᠰᠠᠨᠳᠠᠨᠮᠠᠢ ᠵᠢᠩᠳᠠᠭᠠᠨ (三段目) ᠳᠤ 1 ᠤᠳᠠᠭ᠎ ᠠ ᠲᠡᠷᠢᠭᠦᠯᠡᠵᠤ᠂ ᠮᠠᠺᠦᠦᠴᠢ ᠵᠢᠩᠳᠠᠭᠠᠨ (幕内) ᠳᠤ 2 ᠤᠳᠠᠭ᠎ ᠠ ᠲᠡᠷᠢᠭᠦᠯᠡᠵᠤ᠂ ᠲᠠᠶᠢᠴᠢᠨ ᠪᠠᠷᠢᠯᠳᠤᠭᠠᠨ ᠤ ᠱᠠᠩᠨᠠᠯ (殊勲賞) ᠢ 2 ᠤᠳᠠᠭ᠎ ᠠ ᠲᠤᠰᠴᠤ᠂ ᠤᠷᠠᠨ ᠪᠠᠷᠢᠯᠳᠤᠭᠠᠨ ᠤ ᠱᠠᠩᠨᠠᠯ (技能賞) ᠢ 7 ᠤᠳᠠᠭ᠎ ᠠ ᠲᠤᠰᠴᠠᠢ᠃ (ᠪᠦᠷᠢᠨ ᠠᠭᠤᠯᠭ᠎ᠠ ᠶᠢ ᠤᠩᠰᠢᠬᠤ)

ᠪᠠᠷᠤᠷ᠎ᠠ
ᠪᠠᠷᠤᠷ᠎ᠠ

ᠪᠠᠷᠤᠷ᠎ᠠ — ᠲᠤᠰ ᠡᠮ ᠪᠣᠯ ᠪᠥᠬᠡ ᠴᠠᠭᠠᠨ ᠮᠣᠳᠤᠨ ᠤ ᠢᠵᠠᠭᠤᠷ ᠤᠨ ᠤᠷᠭᠤᠮᠠᠯ ᠪᠣᠯᠬᠤ ᠪᠥᠬᠡ ᠴᠠᠭᠠᠨ ᠮᠣᠳᠤ ︵ 川楝 ︶ ᠶᠢᠨ ᠬᠠᠲᠠᠭᠠᠭᠰᠠᠨ ᠪᠣᠯᠪᠠᠰᠤᠷᠠᠭᠰᠠᠨ ᠵᠢᠮᠢᠰ ᠮᠥᠨ᠃ ᠭᠠᠭᠴᠠ ᠲᠠᠩ ᠢᠶᠠᠷ ᠪᠤᠶᠤ ᠠᠷᠠᠰᠤᠨ ᠡᠪᠡᠳᠴᠢᠨ ᠪ ᠲᠦᠷᠬᠢᠯᠡᠭᠡ  ᠳᠤ ᠬᠥᠯ ᠪᠣᠯᠭᠠᠵᠤ ᠦᠰᠦ ᠬᠠᠯᠴᠠᠷᠠᠬᠤ ᠂ ᠨᠢᠱᠤᠭᠤ ᠂ ᠢᠯᠢᠳᠦ ᠂ ᠬᠠᠮᠠᠭᠤ ᠵᠡᠷᠭᠡ ᠠᠷᠠᠰᠤᠨ ᠡᠪᠡᠳᠴᠢᠨ ᠢ ᠵᠠᠰᠠᠬᠤ   ᠳᠦ ᠬᠡᠷᠡᠭᠯᠡᠬᠦ ︔ ᠴᠠᠭᠠᠨ ᠭᠦᠭᠦᠯ ︱ 10 ᠂ ᠡᠯᠵᠢᠭᠡᠨ ᠴᠢᠰᠤ ︱ 25 ᠵᠡᠷᠭᠡ   ᠳᠦ ᠬᠥᠯ ᠪᠣᠯᠭᠠᠵᠤ ᠂ ᠲᠤᠯᠠᠢ ᠂ ᠬᠡᠷᠦᠬᠦ ᠂ ᠪᠠᠮ ᠂ ᠦᠶ᠎ᠡ ᠭᠡᠰᠢᠭᠦᠨ  ᠦ ᠰᠢᠷ᠎ᠠ ᠤᠰᠤᠨ ᠡᠪᠡᠳᠴᠢᠨ ᠵᠡᠷᠭᠡ ᠶᠢ ᠵᠠᠰᠠᠬᠤ  ᠳᠦ ᠬᠡᠷᠡᠭᠯᠡᠬᠦ ︔ ᠰᠡᠩᠳᠡᠩ ︱ 9 ᠶᠢᠨ ᠲᠠᠩ ᠪᠤᠶᠤ ᠰᠣᠶᠤᠭ᠎ᠠ ︱ 13 ᠳᠦ ᠬᠥᠯ ᠪᠣᠯᠭᠠᠵᠤ ᠪᠤᠯᠠᠩᠬᠢᠷᠲᠤᠭᠰᠠᠨ ᠬᠠᠯᠠᠭᠤᠨ ᠢ ᠵᠠᠰᠠᠬᠤ  ᠳᠦ ᠬᠡᠷᠡᠭᠯᠡᠬᠦ ︔ ᠲᠡᠮᠦᠷ ᠦᠨ ᠲᠠᠯᠬ᠎ᠠ ︱ 5 ᠶᠢᠨ ᠲᠠᠩ   ᠳᠦ ᠬᠥᠯ ᠪᠣᠯᠭᠠᠵᠤ ᠨᠢᠳᠦ ᠤᠯᠠᠢᠵᠤ ᠬᠠᠪᠤᠳᠬᠤ ᠂ ᠨᠢᠳᠦ ᠪᠦᠷᠬᠦᠯᠵᠡᠬᠦ ᠂ ᠬᠠᠷᠠᠭ᠎ᠠ ᠮᠠᠭᠤᠳᠠᠭᠰᠠᠨ ᠵᠡᠷᠭᠡ ᠶᠢ ᠵᠠᠰᠠᠬᠤ   ᠳᠤ ᠬᠡᠷᠡᠭᠯᠡᠬᠦ ︔ ᠰᠢᠷ᠎ᠠ ᠲᠠᠩ   ᠳᠦ ᠬᠥᠯ ᠪᠣᠯᠭᠠᠵᠤ ᠰᠢᠨ᠎ᠡ ᠪᠠ ᠬᠠᠭᠤᠴᠢᠷᠠᠭᠰᠠᠨ ᠬᠠᠯᠠᠭᠤᠨ ᠂ ᠬᠢᠮᠤᠷᠠᠭᠰᠠᠨ ᠬᠠᠯᠠᠭᠤᠨ ᠢ ᠵᠠᠰᠠᠬᠤ   ᠳᠤ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠠᠷᠤᠷ᠎ᠠ
ᠠᠷᠤᠷ᠎ᠠ

ᠠᠷᠤᠷ᠎ᠠ - ᠲᠤᠰ ᠡᠮ ᠪᠣᠯ ᠠᠷᠤᠷ᠎ᠠ ᠶᠢᠨ ᠢᠵᠠᠭᠤᠷ ᠤᠨ ᠨᠠᠪᠴᠢ ᠵᠤᠯᠭᠠᠷᠠᠬᠤ ᠲᠤᠷᠤᠭ ᠮᠣᠳᠤ ᠪᠣᠯᠬᠤ ᠠᠷᠤᠷ᠎ᠠ ᠵᠡᠷᠭᠡ ᠶᠢᠨ ᠬᠠᠲᠠᠭᠠᠭᠰᠠᠨ ᠪᠣᠯᠪᠠᠰᠤᠷᠠᠮᠠᠯ ᠵᠢᠮᠢᠰ ᠮᠥᠨ᠃ ᠳᠦᠷᠢ ᠤᠷᠪᠠᠭᠰᠠᠨ ᠭᠡᠮ ᠢ ᠠᠷᠢᠯᠭᠠᠬᠤ ᠂ ᠬᠣᠣᠷ᠎ᠠ ᠶᠢ ᠲᠠᠢᠢᠯᠬᠤ ᠂ ᠮᠠᠬᠠᠪᠤᠳ ᠢ ᠲᠡᠭᠰᠢᠳᠭᠡᠬᠦ ᠪᠣᠯᠤᠨ᠎ᠠ᠃ᠬᠠᠪᠰᠤᠷᠤᠭᠰᠠᠨ ᠂ ᠬᠤᠷᠠᠭᠰᠠᠨ ᠡᠪᠡᠳᠴᠢᠨ ᠢ ᠵᠠᠰᠠᠬᠤ  ᠳᠦ ᠲᠤᠬᠠᠢ ᠶᠢᠨ ᠡᠪᠡᠳᠴᠢᠨ  ᠦ ᠶᠡᠷᠦᠨᠳᠡᠭ  ᠦᠳ  ᠲᠠᠢ ᠨᠢ ᠬᠠᠪᠰᠤᠷᠭᠠᠵᠤ ᠬᠡᠷᠡᠭᠯᠡᠳᠡᠭ ᠃ ᠵᠢᠱᠢᠶᠡᠯᠡᠪᠡᠯ ᠂ ᠬᠠᠷ᠎ᠠ ᠠᠭᠠᠷᠤ ᠂ ᠭᠤᠤᠯᠲᠤ ᠪᠣᠷᠤ ᠂ ᠲᠠᠤᠯᠠᠢ ᠶᠢᠨ ᠵᠢᠷᠦᠬᠡ ᠂ ᠦᠮᠡᠬᠡᠢ ᠳᠠᠪᠠᠷᠬᠠᠢ ᠂ ᠵᠢᠷᠦᠬᠡᠨ ᠱᠤᠱᠠ ᠵᠡᠷᠭᠡ  ᠲᠠᠢ ᠬᠠᠪᠰᠤᠷᠭᠠᠵᠤ ᠠᠮᠢ ᠪᠠᠷᠢᠭᠴᠢ ︱ 11 ᠳᠦ ᠬᠥᠯ ᠪᠣᠯᠭᠠᠨ ᠬᠥᠬᠦ ᠂ ᠰᠤᠭᠤ ᠪᠠᠷ ᠬᠠᠳᠬᠤᠯᠬᠤ ᠂ ᠬᠡᠢ ᠬᠡᠯᠡᠭᠡᠢᠷᠡᠯ ᠵᠡᠷᠭᠡ ᠬᠡᠢ ᠡᠪᠡᠳᠴᠢᠨ ᠢ ᠵᠠᠰᠠᠬᠤ  ᠳᠦ ᠬᠡᠷᠡᠭᠯᠡᠬᠦ ︔ ᠠᠯᠲᠠᠨᠴᠡᠴᠡᠭ  ᠤᠨ ᠦᠷ᠎ᠡ ᠂ ᠵᠠᠮᠤᠷ ᠴᠡᠴᠡᠭ  ᠲᠠᠢ ᠬᠠᠪᠰᠤᠷᠭᠠᠵᠤ ᠰᠢᠷ᠎ᠠ ᠶᠢ ᠢᠯᠠᠭᠴᠢ ᠲᠠᠯᠬ᠎ᠠ  ᠳᠦ ᠬᠥᠯ ᠪᠣᠯᠭᠠᠨ ᠠᠮᠠ ᠭᠠᠰᠢᠭᠤᠷᠠᠬᠤ ᠂ ᠨᠢᠳᠦ ᠰᠢᠷᠠᠯᠠᠬᠤ ᠂ ᠬᠠᠯᠠᠭᠤᠷᠠᠬᠤ ᠂ ᠲᠣᠯᠤᠭᠠᠢ ᠡᠪᠡᠳᠬᠦ ᠵᠡᠷᠭᠡ ᠰᠢᠷ᠎ᠠ ᠶᠢᠨ ᠡᠪᠡᠳᠴᠢᠨ ᠢ ᠵᠠᠰᠠᠬᠤ  ᠳᠦ ᠬᠡᠷᠡᠭᠯᠡᠬᠦ ︔ ᠭᠠ ᠂ ᠮᠣᠯᠤᠷ ᠳᠠᠪᠤᠰᠤ ᠂ ᠪᠢᠪᠢᠯᠢᠩ ᠲᠠᠢ ᠬᠠᠪᠰᠤᠷᠭᠠᠵᠤ ᠮᠣᠯᠤᠷ ᠳᠠᠪᠤᠰᠤ ︱ 4 ᠶᠢᠨ ᠲᠠᠩ  ᠳᠦ ᠬᠥᠯ ᠪᠣᠯᠭᠠᠨ ᠬᠣᠳᠤᠭᠤᠳᠤ ᠴᠦᠩᠬᠦᠢᠵᠦ ᠬᠡᠬᠡᠷᠡᠭᠦᠯᠬᠦ ᠂ ᠡᠮ ᠪᠠ ᠢᠳᠡᠭᠡᠨ ᠡᠰᠡ ᠰᠢᠩᠭᠡᠬᠦ ᠂ ᠪᠠᠳᠭᠠᠨ ᠪᠣᠷᠤ ᠂ ᠪᠠᠳᠭᠠᠨ ᠢᠶᠠᠷ ᠪᠥᠭᠡᠯᠵᠢᠵᠦ ᠰᠠᠭᠤᠯᠭᠠᠬᠤ ᠶᠢ ᠵᠠᠰᠠᠬᠤ  ᠳᠦ ᠬᠡᠷᠡᠭᠯᠡᠬᠦ ︔ ᠵᠣᠩᠰᠢ ᠂ ᠠᠨᠠᠷ ᠂ ᠴᠢᠴᠠᠷᠭᠠᠨ᠎ᠠ ᠂ ᠬᠠᠳᠠᠨ ᠬᠠᠢᠯᠤᠮᠠᠯ ᠂ ᠷᠦᠳᠠ ᠵᠡᠷᠭᠡ  ᠲᠠᠢ ᠬᠠᠪᠰᠤᠷᠭᠠᠵᠤ ᠵᠣᠩᠰᠢ ︱ 21 ᠳᠦ ᠬᠥᠯ ᠪᠣᠯᠭᠠᠨ ᠪᠣᠷᠤ ᠶᠢᠨ ᠡᠪᠡᠳᠴᠢᠨ ᠢ ᠵᠠᠰᠠᠬᠤ  ᠳᠦ ᠬᠡᠷᠡᠭᠯᠡᠬᠦ ︔ (ᠪᠦᠷᠢᠨ ᠠᠭᠤᠯᠭ᠎ᠠ ᠶᠢ ᠤᠩᠰᠢᠬᠤ)

ᠵᠦᠷᠦᠷ᠎ᠠ
ᠵᠦᠷᠦᠷ᠎ᠠ

ᠵᠦᠷᠦᠷ ᠡ - ᠲᠤᠰ ᠡᠮ ᠪᠣᠯ ᠮᠠᠷᠢᠨ᠎ᠠ ᠶᠢᠨ ᠢᠵᠠᠭᠤᠷ ᠤᠨ ᠤᠷᠭᠤᠮᠠᠯ ᠪᠣᠯᠬᠤ ᠵᠦᠷᠦᠷ᠎ ᠡ ᠢᠢᠨ ᠬᠠᠲᠠᠭᠠᠭᠰᠠᠨ ᠪᠣᠯᠪᠠᠰᠤᠷᠠᠭᠰᠠᠨ ᠵᠢᠮᠢᠰ ᠮᠥᠨ ᠃ ᠴᠢᠰᠤᠨ ᠬᠠᠯᠠᠭᠤᠨ ᠢ ᠠᠷᠢᠯᠭᠠᠬᠤ ᠂ ᠪᠠᠳ᠌ᠭᠠᠨ ᠰᠢᠷ᠎ᠠ ᠶᠢ ᠳᠠᠷᠤᠬᠤ ᠴᠢᠳᠠᠯ ᠲᠠᠢ ᠪᠣᠯᠬᠣᠷ ᠭᠢᠸᠠᠩ ᠂ ᠭᠦᠷᠭᠦᠮ ᠂ ᠵᠢᠭᠠᠷ ᠵᠡᠷᠭᠡ  ᠲᠠᠢ ᠬᠠᠪᠰᠤᠷᠭᠠᠵᠤ ᠶᠡᠬᠡ ᠬᠠᠷ᠎ᠠ ︱ 12 ᠳᠦ ᠬᠥᠯ ᠪᠣᠯᠭᠠᠨ ᠨᠢᠳᠦ ᠪᠡᠶ᠎ᠡ ᠰᠢᠷᠠᠯᠠᠬᠤ ᠂ ᠡᠯᠢᠭᠡᠨ  ᠤ ᠬᠠᠯᠠᠭᠤᠨ ᠰᠠᠪᠠᠨ   ᠳᠦ ᠤᠨᠠᠭᠰᠠᠨ ᠰᠢᠷ᠎ᠠ ᠶᠢᠨ ᠬᠠᠯᠠᠭᠤᠨ ᠢ ᠵᠠᠰᠠᠬᠤ   ᠳᠦ ᠬᠡᠷᠡᠭᠯᠡᠬᠦ ︔ ᠠᠷᠤᠷ᠎ᠠ ᠂ ᠪᠠᠷᠤᠷ᠎ᠠ ᠲᠠᠢ ᠬᠠᠪᠰᠤᠷᠭᠠᠵᠤ ᠭᠤᠷᠪᠠᠨ ᠦᠷ᠎ᠡ ᠶᠢᠨ ᠲᠠᠩ   ᠳᠦ ᠬᠥᠯ ᠪᠣᠯᠭᠠᠨ ᠬᠢᠮᠤᠷᠠᠭᠰᠠᠨ ᠬᠠᠯᠠᠭᠤᠨ ᠂ ᠰᠢᠨ᠎ᠡ ᠪᠠ ᠬᠠᠭᠤᠴᠢᠷᠠᠭᠰᠠᠨ ᠬᠠᠯᠠᠭᠤᠨ ᠢ ᠵᠠᠰᠠᠬᠤ   ᠳᠦ ᠬᠡᠷᠡᠭᠯᠡᠨ᠎ᠡ ᠃ ᠴᠢᠰᠤᠨ ᠬᠠᠯᠠᠭᠤᠨ ᠢ ᠠᠷᠢᠯᠭᠠᠬᠤ ᠴᠢᠳᠠᠯ ᠲᠠᠢ ᠪᠣᠯᠬᠣᠷ ᠵᠦᠷᠦᠷ᠎ᠡ  ᠶᠢᠨ ᠭᠠᠭᠴᠠ ᠲᠠᠩ ᠢ ᠬᠡᠷᠡᠭᠯᠡᠵᠦ ᠴᠢᠰᠤᠨ ᠬᠠᠯᠠᠭᠤᠨ ᠳᠡᠯᠭᠡᠷᠡᠭᠰᠡᠨ ᠪᠠ ᠮᠠᠭᠤ ᠴᠢᠰᠤ ᠶᠢ ᠢᠯᠭᠠᠬᠤ   ᠳᠦ ᠬᠡᠷᠡᠭᠯᠡᠬᠦ ︔ ᠰᠢᠷ᠎ᠠ ᠭᠠ ᠂ ᠢᠮᠠᠭᠠᠨ ᠵᠠᠩᠭᠤᠤ ᠂ ᠰᠢᠷ᠎ᠠ ᠮᠣᠳᠤᠨ ᠤ ᠳᠤᠷᠤᠰᠤ ᠲᠠᠢ ᠬᠠᠪᠰᠤᠷᠭᠠᠵᠤ ᠰᠢᠷ᠎ᠠ ᠭᠠ ︱ 4 ᠶᠢᠨ ᠲᠠᠩ   ᠳᠦ ᠬᠥᠯ ᠪᠣᠯᠭᠠᠨ ᠪᠥᠭᠡᠷ᠎ᠡ ᠂ ᠳᠠᠪᠤᠰᠠᠩ ᠤᠨ ᠬᠠᠯᠠᠭᠤᠨ ᠂ ᠰᠢᠭᠡᠰᠦ ᠴᠢᠪᠳᠠᠭᠰᠢᠬᠤ ᠵᠡᠷᠭᠡ ᠶᠢ ᠵᠠᠰᠠᠬᠤ ᠬᠡᠷᠡᠭᠯᠡᠨ᠎ᠡ ᠃ ᠴᠢᠰᠤᠨ ᠬᠠᠯᠠᠭᠤᠨ ᠢ ᠠᠷᠢᠯᠭᠠᠬᠤ ᠂ ᠬᠠᠷᠠᠭ᠎ᠠ ᠰᠠᠢᠵᠢᠷᠠᠭᠤᠯᠬᠤ ᠴᠢᠳᠠᠯ ᠲᠠᠢ ᠪᠣᠯᠬᠣᠷ ᠰᠢᠷ᠎ᠠ ᠮᠣᠳᠤ ᠂ ᠲᠡᠮᠦᠷ ᠦᠨ ᠲᠠᠯᠬ᠎ᠠ ᠵᠡᠷᠭᠡ  ᠲᠠᠢ ᠬᠠᠪᠰᠤᠷᠭᠠᠵᠤ ᠲᠡᠮᠦᠷ ᠦᠨ ᠲᠠᠯᠬ᠎ᠠ ︱ 5 ᠶᠢᠨ ᠲᠠᠩ   ᠳᠦ ᠬᠥᠯ ᠪᠣᠯᠭᠠᠨ ᠴᠢᠰᠤ ᠰᠢᠷ᠎ᠠ ᠶᠢᠨ ᠴᠢᠨᠠᠷᠲᠠᠢ ᠨᠢᠳᠦᠨ ᠡᠪᠡᠳᠴᠢᠨ ᠢ ᠵᠠᠰᠠᠬᠤ   ᠳᠦ ᠬᠡᠷᠡᠭᠯᠡᠨ᠎ᠡ ᠃ ᠰᠢᠮᠡᠵᠢᠭᠦᠯᠬᠦ ᠴᠢᠳᠠᠯ ᠲᠠᠢ ᠪᠣᠯᠬᠣᠷ ᠤᠬᠤᠨ᠎ᠠ ᠶᠢᠨ ᠭᠠᠳᠠᠷ ᠪᠥᠭᠡᠷ᠎ᠡ ᠂ ᠪᠢᠪᠢᠯᠢᠩ ᠲᠠᠢ ᠬᠠᠪᠰᠤᠷᠭᠠᠵᠤ ᠳᠤᠰᠤᠯ ᠬᠠᠲᠠᠭᠰᠠᠨ ᠂ ᠲᠠᠮᠢᠷ ᠲᠣᠷᠤᠢ ᠂ ᠳᠤᠰᠤᠯ ᠴᠤᠪᠤᠷᠠᠬᠤ ᠵᠡᠷᠭᠡ ᠶᠢ ᠵᠠᠰᠠᠬᠤ   ᠳᠦ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠰᠢᠷ᠎ᠠ ᠲᠠᠩ
ᠰᠢᠷ᠎ᠠ ᠲᠠᠩ

ᠰᠢᠷ᠎ᠠ ᠲᠠᠩ ᠭᠡᠳᠡᠭ ᠨᠢ ᠵᠦᠷᠦᠷ᠎ᠠ30 g ᠂ ᠠᠷᠤᠷ᠎ᠠ 25g ᠂ ᠪᠠᠷᠤᠷ᠎ᠠ 15g ᠡᠳᠡᠭᠡᠷ  ᠢ ᠪᠦᠳᠦᠭᠦᠯᠢᠭ ᠲᠠᠯᠠᠭᠳᠠᠵᠤ ᠲᠠᠩ ᠡᠮ ᠪᠤᠶᠤ ᠪᠦᠷᠢᠮᠡᠯ ︵ᠮᠦᠬᠦᠯᠢᠭ ︶ ᠡᠮ  ᠢᠶᠡᠷ ᠬᠡᠷᠡᠭᠯᠡᠬᠦ ᠶᠢ ᠬᠡᠯᠡᠨ᠎ᠡ᠃ ᠲᠤᠰ ᠨᠠᠢᠢᠷᠠᠯᠭ᠎ᠠ ᠪᠣᠯ ᠭᠠᠰᠢᠭᠤᠨ ᠂ ᠢᠰᠭᠦᠯᠡᠩ ᠂ ᠠᠮᠲᠠᠯᠢᠭ ᠂ ᠡᠬᠡᠭᠦᠨ ᠂ ᠭᠤᠱᠤᠭᠤᠨ ᠵᠡᠷᠭᠡ ᠲᠠᠪᠤᠨ ᠠᠮᠲᠠ  ᠶᠢᠨ ᠨᠠᠢᠢᠷᠠᠯᠭ᠎ᠠ ᠪᠣᠯᠬᠤ ᠮᠥᠷᠲᠡᠭᠡᠨ ᠭᠠᠰᠢᠭᠤᠨ ᠂ ᠠᠮᠲᠠᠯᠢᠭ ᠲᠡᠳᠦᠢ ᠂ ᠢᠰᠭᠦᠯᠡᠩ ᠲᠡᠳᠦᠢ ᠂ ᠭᠤᠱᠤᠭᠤᠨ ᠵᠡᠷᠭᠡ ᠰᠢᠩᠭᠡᠭᠡᠯᠲᠡ ᠶᠢᠨ ᠠᠮᠲᠠ ᠪᠦᠬᠦᠢ ᠠᠮᠲᠠ ᠂ ᠰᠢᠩᠭᠡᠭᠡᠯᠲᠡ ᠂ ᠴᠢᠳᠠᠯ ᠵᠣᠬᠢᠯᠳᠤᠭᠰᠠᠨ ᠂ ᠰᠡᠷᠢᠭᠦᠨ ᠴᠢᠨᠠᠷ ᠲᠠᠢ ᠨᠠᠢᠢᠷᠠᠯᠭ᠎ᠠ ᠪᠣᠯᠤᠨ᠎ᠠ ᠃ ᠡᠭᠦᠨ  ᠳᠤ ᠢᠰᠭᠦᠯᠡᠩ ᠭᠠᠰᠢᠭᠤᠨ ᠠᠮᠲᠠ ᠂ ᠮᠣᠬᠤᠳᠠᠭ ᠡᠷᠳᠡᠮ ᠪᠦᠬᠦᠢ ᠴᠢᠰᠤᠨ ᠬᠠᠯᠠᠭᠤᠨ  ᠢ ᠠᠷᠢᠯᠭᠠᠬᠤ ᠵᠦᠷᠤᠷ᠎ᠠ  ᠪᠡᠷ ᠭᠣᠣᠯᠯᠠᠭᠴᠢ ᠪᠣᠯᠭᠠᠵᠤ ᠂ ᠳᠠᠪᠤᠰᠤᠯᠢᠭ  ᠡᠴᠡ ᠪᠤᠰᠤᠳ ᠲᠠᠪᠤᠨ ᠠᠮᠲᠠ ᠂ ᠨᠠᠢ᠍ᠮᠠᠨ ᠴᠢᠳᠠᠯ ᠲᠡᠬᠦᠰᠦᠭᠰᠡᠨ ᠂ ᠮᠠᠬᠠᠪᠤᠳ  ᠢ ᠲᠡᠭᠰᠢᠳᠭᠡᠬᠦ ᠠᠷᠤᠷ᠎ᠠ  ᠶᠢ ᠬᠠᠪᠰᠤᠷᠬᠤ ᠡᠮ ᠪᠣᠯᠭᠠᠵᠤ ᠂ ᠭᠠᠰᠢᠭᠤᠨ ᠂ ᠡᠬᠡᠭᠦᠨ ᠠᠮᠲᠠ ᠂ ᠬᠥᠩᠭᠡᠨ ᠡᠷᠳᠡᠮ ᠪᠦᠬᠦᠢ ᠬᠠᠷ᠎ᠠ ᠰᠢᠷ᠎ᠠ ᠤᠰᠤ  ᠶᠢ ᠬᠠᠲᠠᠭᠠᠵᠤ ᠂ ᠪᠠᠳ᠌ᠭᠠᠨ ᠰᠢᠷ᠎ᠠ  ᠶᠢ ᠠᠷᠢᠯᠭᠠᠬᠤ ᠪᠠᠷᠤᠷ᠎ᠠ  ᠶᠢ ᠲᠤᠰᠠᠯᠠᠬᠤ ᠡᠮ ᠨᠠᠢᠢᠷᠠᠭᠤᠯᠤᠭᠰᠠᠠ ᠲᠤᠯᠠ ᠴᠢᠰᠤᠨ ᠬᠠᠯᠠᠭᠤᠨ  ᠢ ᠠᠷᠢᠯᠭᠠᠬᠤ ᠮᠥᠷᠲᠡᠭᠡᠨ ᠮᠠᠭᠤ ᠴᠢᠰᠤ ᠂ ᠲᠠᠮᠢᠷ  ᠤᠨ ᠴᠢᠰᠤ  ᠶᠢ ᠢᠯᠭᠠᠬᠤ ᠴᠢᠳᠠᠯ ᠪᠦᠷᠢᠳᠦᠭᠰᠨ ᠶᠤᠮ ᠃ (ᠪᠦᠷᠢᠨ ᠠᠭᠤᠯᠭ᠎ᠠ ᠶᠢ ᠤᠩᠰᠢᠬᠤ)

ᠦᠢᠯᠡᠳᠦᠯ ᠦᠨ ᠰᠢᠰᠲ᠋ᠧᠮ
ᠺᠣᠮᠫᠢᠶᠦ᠋ᠲ᠋ᠧᠷ ᠤᠨ "ᠰᠣᠩᠭᠢᠨ᠎ᠠ

ᠦᠢᠯᠡᠳᠦᠯ ᠦᠨ ᠰᠢᠰᠲ᠋ᠧᠮ (ᠠᠩᠭᠯᠢ ᠪᠠᠷ Operating system, OS) ᠬᠠᠷᠢᠯᠴᠠᠨ ᠤᠶᠠᠯᠳᠤᠭ᠎ᠠ ᠲᠠᠢ ᠰᠢᠰᠲ᠋ᠧᠮ ᠦᠨ ᠫᠷᠣᠭᠷᠠᠮ ᠦᠳ ᠤᠨ ᠴᠣᠭᠴᠠ ᠶᠤᠮ᠃

ᠺᠣᠮᠫᠢᠶᠦ᠋ᠲ᠋ᠧᠷ ᠤᠨ ᠠᠵᠢᠯᠯᠠᠭ᠎ᠠ ᠶᠢ 2 ᠳᠠᠪᠬᠤᠷᠭ᠎ᠠ ᠠᠴᠠ ᠲᠣᠭᠲᠠᠭᠰᠠᠨ ᠰᠣᠩᠭᠢᠨ᠎ᠠ ᠲᠠᠢ ᠵᠦᠢᠷᠯᠡᠵᠦ ᠪᠣᠯᠤᠨ᠎ᠠ᠃ ᠰᠣᠩᠭᠢᠨ᠎ᠠ ᠶᠢᠨ ᠬᠠᠮᠤᠭ ᠤᠨ ᠳᠣᠲᠣᠷ᠎ᠠ ᠲᠠᠯ᠎ᠠ ᠳᠤ ᠺᠣᠮᠫᠢᠶᠦ᠋ᠲ᠋ᠧᠷ ᠤᠨ ᠲᠧᠭᠨᠢᠭ ᠬᠠᠩᠭᠠᠮᠵᠢ ᠪᠠᠶᠢᠷᠢᠯᠠᠨ᠎ᠠ᠃ ᠲᠡᠭᠦᠨ ᠦ ᠭᠠᠳᠠᠭᠤᠷ ᠫᠷᠣᠭᠷᠠᠮ ᠬᠠᠩᠭᠠᠮᠵᠢ ᠶᠢᠨ ᠳᠠᠪᠬᠤᠷᠭ᠎ᠠ ᠪᠠᠶᠢᠷᠢᠯᠠᠨ᠎ᠠ᠃ ᠬᠠᠷᠢᠨ ᠬᠠᠮᠤᠭ ᠤᠨ ᠭᠠᠳᠠᠨ᠎ᠠ ᠲᠠᠯ᠎ᠠ ᠳᠤ ᠬᠡᠷᠡᠭᠯᠡᠭᠴᠢ ᠤᠭ ᠰᠣᠩᠭᠢᠨ᠎ᠠ ᠶᠢ 《ᠬᠠᠷᠠᠵᠤ》 ᠪᠠᠶᠢᠭ᠎ᠠ᠃

ᠲᠡᠭᠡᠪᠡᠯ ᠫᠷᠣᠭᠷᠠᠮ ᠬᠠᠩᠭᠠᠮᠵᠢ ᠶᠢᠨ ᠳᠠᠪᠬᠤᠷ ᠢ ᠳᠣᠲᠣᠷ᠎ᠠ ᠨᠢ ᠳᠠᠬᠢᠭᠠᠳ ᠬᠣᠶᠠᠷ ᠳᠠᠪᠬᠤᠷᠭ᠎ᠠ ᠳᠤ ᠬᠤᠪᠢᠶᠠᠨ ᠦᠵᠡᠵᠦ ᠪᠣᠯᠤᠨ᠎ᠠ:

 • ᠳᠣᠲᠣᠷ᠎ᠠ ᠲᠠᠯ᠎ᠠ ᠶᠢᠨ ᠳᠠᠪᠬᠤᠷᠭ᠎ᠠ - ᠦᠢᠯᠡᠳᠦᠯ ᠦᠨ ᠰᠢᠰᠲ᠋ᠧᠮ (ᠲᠣᠪᠴᠢ ᠪᠠᠷ: OS)
 • ᠭᠠᠳᠠᠨ᠎ᠠ ᠲᠠᠯ᠎ᠠ ᠶᠢᠨ ᠳᠠᠪᠬᠤᠷᠭ᠎ᠠ - ᠪᠤᠰᠤᠳ ᠫᠷᠣᠭᠷᠠᠮ᠃ (ᠪᠦᠷᠢᠨ ᠠᠭᠤᠯᠭ᠎ᠠ ᠶᠢ ᠤᠩᠰᠢᠬᠤ)
ᠰᠣᠯᠣᠩᠭᠣᠰ ᠤᠨ ᠳᠠᠶᠢᠨ
ᠰᠣᠯᠣᠩᠭᠣᠰ ᠤᠨ ᠳᠠᠶᠢᠨ

ᠰᠣᠯᠣᠩᠭᠣᠰ ᠤᠨ ᠳᠠᠶᠢᠨ ᠨᠢ ᠡᠮᠦᠨᠡᠲᠦ ᠪᠠ ᠬᠣᠶᠢᠳᠤ ᠰᠣᠯᠣᠩᠭᠣᠰ ᠍ ᠤᠨ ᠬᠣᠭᠣᠷᠣᠨᠳᠣ 1950 ᠣᠨ ᠤ 6 ᠰᠠᠷ᠎ᠠ ᠶᠢᠨ 25 ᠍  ᠠᠴᠠ 1953 ᠣᠨ ᠤ 7 ᠰᠠᠷ᠎ᠠ ᠶᠢᠨ 27 ᠍ ᠤ ᠬᠣᠭᠣᠷᠣᠨᠳᠣ ᠪᠣᠯᠤᠭᠰᠠᠨ ᠳᠠᠶᠢᠨ ᠶᠤᠮ᠃ ᠬᠣᠶᠠᠷ ᠰᠣᠯᠣᠩᠭᠣᠰ ᠤᠨ ᠠᠯᠢ ᠠᠯᠢ ᠨᠢ ᠨᠡᠶᠢᠲᠡ ᠰᠣᠯᠣᠩᠭᠣᠰ ᠢ ᠥᠪᠡᠷ ᠦᠨ ᠤᠳᠤᠷᠢᠳᠤᠯᠭ᠎ᠠ ᠳᠣᠣᠷ᠎ᠠ ᠨᠢᠭᠡᠳᠬᠡᠬᠦ ᠵᠣᠷᠢᠯᠭ᠎ᠠ ᠲᠠᠢ ᠪᠠᠶᠢᠪᠠ᠃ ᠡᠮᠦᠨᠡᠲᠦ ᠰᠣᠯᠣᠩᠭᠣᠰ ᠢ ᠠᠮᠧᠷᠢᠺᠠ ᠶᠢᠨ ᠨᠢᠭᠡᠳᠦᠭᠰᠡᠨ ᠤᠯᠤᠰ ᠪᠠ ᠥᠷᠥᠨᠡᠲᠦ ᠶᠢᠨ ᠬᠢᠨ᠂ ᠬᠣᠶᠢᠳᠤ ᠰᠣᠯᠣᠩᠭᠣᠰ ᠢ ᠵᠥᠪᠯᠡᠯᠲᠦ ᠬᠣᠯᠪᠣᠭᠠᠲᠤ ᠤᠯᠤᠰᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠵᠡᠷᠭᠡ ᠺᠣᠮᠮᠤᠨᠢᠰᠲᠤ ᠣᠷᠣᠨ ᠨᠤᠭᠤᠳ ᠳᠡᠮᠵᠢᠵᠦ ᠪᠠᠶᠢᠪᠠ᠃ ᠲᠤᠰ ᠳᠠᠶᠢᠨ ᠨᠢ ᠬᠦᠢᠲᠡᠨ ᠳᠠᠶᠢᠨ ᠤ ᠦᠶ᠎ᠡ ᠶᠢᠨ ᠬᠠᠮᠤᠭ ᠤᠨ ᠲᠣᠮᠣ ᠳᠠᠶᠢᠨ ᠪᠠᠶᠢᠯ᠎ᠠ᠃ (ᠪᠦᠷᠢᠨ ᠠᠭᠤᠯᠭ᠎ᠠ ᠶᠢ ᠤᠩᠰᠢᠬᠤ)

ᠬᠠᠷᠤᠮᠠᠹᠦᠵᠢ ᠺᠣᠬᠡᠢ
ᠳᠠᠸᠠᠨᠢᠮ᠎ᠠ ᠶᠢᠨ ᠪᠢᠮᠪᠠᠳᠣᠷᠵᠢ

ᠬᠠᠷᠤᠮᠠᠹᠦᠵᠢ ᠺᠣᠬᠡᠢ (ᠶᠠᠫᠣᠨ ᠢᠶᠠᠷ 日馬富士 公平᠂ はるまふじ こうへい1984 ᠣᠨ ᠤ 4 ᠰᠠᠷ᠎ᠠ ᠶᠢᠨ 14-) ᠨᠢ ᠮᠣᠩᠭᠣᠯ ᠍ ᠤᠨ ᠤᠯᠠᠭᠠᠨᠪᠠᠭᠠᠲᠤᠷ ᠬᠣᠳᠠ ᠳᠤ ᠲᠦᠷᠦᠭᠰᠡᠨ᠂ ᠭᠣᠪᠢ-ᠠᠯᠲᠠᠢ ᠠᠶᠢᠮᠠᠭ ᠤᠨ ᠴᠢᠨᠳᠠᠮᠤᠨᠢ ᠰᠤᠮᠤ ᠶᠢᠨ ᠤᠤᠭᠠᠯ᠂ ᠢᠰᠦᠭᠠᠬᠠᠮ᠎ᠠ ᠳᠡᠪᠵᠢᠶ᠎ᠡ(伊勢ヶ濱部屋) ᠳᠤ ᠬᠠᠷᠢᠶᠠᠯᠠᠭᠳᠠᠳᠠᠭ᠂ ᠮᠡᠷᠭᠡᠵᠢᠯ ᠦᠨ ᠰᠦᠮᠣ ᠶᠢᠨ 70 ᠳ᠋ᠠᠬᠢ ᠠᠪᠤᠷᠭᠤ ᠶᠣᠺᠣᠽᠦᠨᠠ (ᠠᠪᠤᠷᠭᠤ) ‍‍(横綱)᠂ ᠭᠠᠳᠠᠭᠠᠳᠤ ᠶᠢᠨ ᠰᠦᠮᠤᠴᠢᠳ ᠤᠨ ᠳᠤᠲᠤᠷ  ᠠ 5 ᠳ᠋ᠠᠬᠢ ᠠᠪᠤᠷᠭᠤ᠂ ᠮᠣᠩᠭᠣᠯ ᠤᠯᠤᠰ ᠤᠨ ᠰᠦᠮᠤᠴᠢᠳ ᠤᠨ ᠳᠤᠲᠤᠷ  ᠠ 3 ᠳ᠋ᠠᠬᠢ ᠠᠪᠤᠷᠭᠤ᠂ ᠮᠣᠩᠭᠣᠯ ᠤᠯᠤᠰ ᠤᠨ ᠭᠠᠪᠢᠶᠠᠳᠤ ᠲᠠᠮᠢᠷᠴᠢᠨ ᠪᠢᠯᠡ᠃ ᠮᠤᠩᠭᠤᠯ ᠨᠡᠷ᠎ᠡ ᠨᠢ ᠳᠠᠸᠠᠨᠢᠮ᠎ᠠ ᠶᠢᠨ ᠪᠢᠮᠪᠠᠳᠣᠷᠵᠢ ᠭᠡᠳᠡᠭ᠃ 2008 ᠣᠨ ᠤ 11 ᠰᠠᠷ᠎ᠠ ᠬᠦᠷᠲᠡᠯ᠎ᠡ ᠠᠮ᠎ᠠ ᠺᠣᠬᠡᠢ (安馬 公平) ᠬᠡᠮᠡᠬᠦ ᠰᠦᠮᠤ ᠶᠢᠨ ᠨᠡᠷ᠎ᠡ ᠲᠠᠢ ᠪᠠᠷᠢᠯᠳᠤᠳᠠᠭ ᠪᠠᠶᠢᠭᠰᠠᠨ ᠪᠦᠭᠡᠳ ᠲᠡᠭᠦᠨ ᠡᠴᠡ ᠰᠡᠭᠦᠯ ᠳᠤ ᠬᠠᠷᠦᠮᠠᠹᠦᠵᠢ (日馬富士) ᠭᠡᠰᠡᠨ ᠨᠡᠷ ᠡ ᠲᠠᠢ ᠪᠤᠯᠵᠠᠢ᠃ ᠪᠡᠶ ᠡ ᠶᠢᠨ ᠥᠨᠳᠥᠷ ᠨᠢ 186 ᠰᠠᠨᠲ᠋ᠢᠮᠧᠲ᠋ᠷ᠂ ᠵᠢᠩ 136 ᠺᠢᠯᠣ᠋᠋᠌ᠷᠠᠮ᠃ ᠬᠠᠮᠤᠭ ᠤᠨ ᠳᠡᠭᠡᠳᠦ ᠴᠣᠯᠠ ᠨᠢ ᠶᠣᠺᠣᠽᠦᠨᠠ (ᠠᠪᠤᠷᠭᠤ) (2012 ᠣᠨ ᠤ 11 ᠰᠠᠷ᠎ᠠ ᠠᠴᠠ)᠃ 2009 ᠣᠨ ᠤ 5 ᠰᠠᠷ᠎ᠠ ᠶᠢᠨ ᠪᠠᠱᠤ ᠳᠤ ᠬᠠᠺᠥᠬᠤ᠋ ᠠᠪᠤᠷᠭᠤ  ᠲᠠᠢ ᠨᠡᠮᠡᠯᠲᠡ ᠪᠠᠷᠢᠯᠳᠤᠭᠠᠨ ᠬᠢᠵᠦ ᠳᠠᠪᠠᠨ ᠠᠩᠬ᠎ᠠ ᠤᠳᠠᠭ᠎ᠠ ᠮᠠᠺᠦᠦᠴᠢ ᠵᠢᠩᠳᠠᠭᠠᠨ ᠳᠤ ᠲᠡᠷᠢᠭᠦᠯᠡᠭᠰᠡᠨ ᠶᠤᠮ᠃ ᠮᠥᠨ 2011 ᠣᠨ ᠤ 7 ᠰᠠᠷ᠎ᠠ ᠳᠤ 14 ᠳᠠᠪᠠᠵᠤ ᠲᠡᠷᠢᠭᠦᠯᠡᠭᠰᠡᠨ ᠪᠣᠯ 2012 ᠣᠨ ᠤ 7᠂ 9 ᠰᠠᠷ᠎ᠠ ᠶᠢᠨ ᠪᠠᠱᠤ ᠪᠡᠷ ᠨᠢᠭᠡ ᠴᠤ ᠤᠨᠠᠯ ᠦᠭᠡᠢ ᠲᠡᠷᠢᠭᠦᠯᠡᠵᠦ᠂ ᠶᠣᠺᠣᠽᠦᠨᠠ (ᠠᠪᠤᠷᠭᠤ) ᠴᠣᠯᠠ ᠳᠤ ᠬᠦᠷᠴᠡᠢ᠃ ᠳᠠᠷᠠᠭ᠎ᠠ ᠨᠢ 2013 ᠣᠨ ᠤ 1 ᠰᠠᠷ᠎ᠠ ᠶᠢᠨ ᠪᠠᠱᠤ ᠳᠤ ᠨᠢᠭᠡ ᠴᠤ ᠤᠨᠠᠯ ᠦᠭᠡᠢ ᠲᠡᠷᠢᠭᠦᠯᠡᠵᠤ᠂ ᠲᠡᠷᠡ ᠵᠢᠯ ᠦᠨ 11 ᠰᠠᠷ᠎ᠠ ᠳᠤ ᠪᠠᠰᠠ ᠲᠡᠷᠢᠭᠦᠯᠡᠵᠤ᠂ ᠲᠡᠭᠦᠨ ᠡᠴᠡ ᠰᠡᠭᠦᠯ ᠳᠤ 2015 ᠤᠨ ᠤ 11 ᠰᠠᠷ  ᠠ ᠶᠢᠨ ᠪᠠᠱᠤ ᠳᠤ ᠲᠡᠷᠢᠭᠦᠯᠡᠭᠡᠳ ᠣᠳᠣ ᠶᠢᠨ ᠪᠠᠶᠢᠳᠠᠯ ᠢᠶᠠᠷ 7 ᠤᠳᠠᠭ᠎᠎ᠠ ᠲᠡᠷᠢᠭᠦᠯᠡᠭᠰᠡᠨ ᠪᠠᠶᠢᠨ᠎ᠠ᠃ ᠦᠨᠳᠦᠰᠦᠨ ᠮᠡᠬᠡ ᠤᠳ ᠨᠢ ᠽᠸᠫᠫᠠᠷᠢ(突っ張り)᠂ ᠪᠠᠷᠠᠭᠤᠨ ᠲᠠᠯ ᠠ ᠪᠡᠷ ᠵᠣᠯᠭᠠᠬᠤ(右四つ)᠂ ᠵᠤᠯᠭᠠᠨᠰᠠᠨ ᠪᠠᠷᠢᠴᠠᠨ ᠶᠢᠡᠷ ᠲᠦᠯᠬᠢᠵᠤ ᠭᠠᠷᠭᠠᠬᠤ (ᠶᠣᠷᠢ᠂ 寄り)᠂ ᠲᠦᠯᠬᠢᠵᠤ ᠭᠠᠷᠭᠠᠬᠤ (ᠤᠰᠢᠳᠠᠰᠢ᠂ 押し出し)᠂ ᠍ᠬᠦᠵᠦᠭᠦᠲᠡᠵᠤ ᠬᠦᠮᠦᠷᠢᠬᠦ (ᠺᠥᠪᠢᠨᠠᠭᠠᠢ᠂ 首投げ) ᠵᠡᠷᠭᠡ ᠪᠠᠶᠢᠵᠤ᠂ ᠲᠡᠭᠦᠨ ᠤ ᠪᠠᠷᠢᠯᠳᠤᠭᠠᠨ ᠤ ᠬᠠᠮᠦᠭ᠋ ᠶᠡᠬᠡ ᠤᠨᠴᠠᠯᠢᠭ ᠨᠢ᠂ ᠪᠡᠶ  ᠡ ᠶᠢᠨ ᠵᠢᠩ ᠨᠢ ᠪᠠᠭ᠎᠎ᠠ ᠪᠤᠯᠬᠤᠷ ᠲᠤᠩ ᠬᠤᠷᠳᠤᠨ ᠭᠦᠳᠡᠯᠭᠡᠭᠡᠨ ᠲᠠᠢ᠂ ᠤᠯᠠᠨ ᠮᠡᠬᠡ ᠶᠢ ᠤᠯᠠᠷᠢᠭᠤᠯᠵᠤ ᠬᠢᠳᠡᠭ᠃ (ᠪᠦᠷᠢᠨ ᠠᠭᠤᠯᠭ᠎ᠠ ᠶᠢ ᠤᠩᠰᠢᠬᠤ)


 ᠨᠣᠮ ᠤᠨ ᠰᠠᠩ
ᠨᠣᠮ ᠤᠨ ᠰᠠᠩ

ᠨᠣᠮ ᠤᠨ ᠰᠠᠩ ᠭᠡᠵᠦ ᠨᠣᠮ ᠬᠡᠪᠯᠡᠯ᠂ ᠰᠣᠨᠢᠨ ᠰᠡᠳᠬᠦᠯ᠂ ᠮᠧᠳᠢᠶᠠ ᠮᠠᠲ᠋ᠧᠷᠢᠶᠠᠯ ᠵᠡᠷᠭᠡ ᠮᠡᠳᠡᠭᠡᠯᠡᠯ ᠠᠭᠤᠯᠠᠭᠰᠠᠨ ᠵᠦᠢᠯᠡᠰ ᠢ ᠴᠤᠭᠯᠠᠭᠤᠯᠵᠤ ᠬᠠᠳᠠᠭᠠᠯᠠᠨ᠂ ᠦᠢᠯᠡᠴᠢᠯᠡᠭᠦᠯᠦᠭᠴᠢᠳ ᠲᠦ ᠤᠩᠰᠢᠭᠤᠯᠵᠤ᠂ ᠦᠵᠡᠭᠦᠯᠵᠦ᠂ ᠰᠣᠨᠣᠰᠤᠭᠤᠯᠬᠤ ᠦᠢᠯᠡᠴᠢᠯᠡᠭᠡ ᠦᠵᠡᠭᠦᠯᠳᠡᠭ ᠭᠠᠵᠠᠷ᠂ ᠪᠠᠶᠢᠭᠤᠯᠤᠯᠭ᠎ᠠ ᠶᠢ ᠬᠡᠯᠡᠨ᠎ᠡ᠃ᠳᠡᠯᠡᠬᠡᠢ ᠶᠢᠨ ᠬᠠᠮᠤᠭ ᠤᠨ ᠡᠷᠲᠡᠨ ᠦ ᠨᠣᠮ ᠤᠨ ᠰᠠᠩ ᠮᠠᠨ ᠤ ᠡᠷᠡᠨ ᠦ ᠡᠮᠦᠨ᠎ᠡ 7 ᠳᠦᠭᠡᠷ ᠵᠠᠭᠤᠨ ᠳᠤ ᠪᠠᠶᠢᠭᠰᠠᠨ ᠠᠰᠰᠢᠷᠢ ᠶᠢᠨ (亚述) ᠬᠠᠭᠠᠨ ᠤ ᠨᠣᠮ ᠤᠨ ᠰᠠᠩ ᠶᠤᠮ᠃ ᠠᠰᠰᠢᠷ ᠦᠨ ᠮᠥᠬᠥᠯ ᠦᠨ ᠳᠠᠷᠠᠭ᠎ᠠ ᠲᠡᠷᠡ ᠴᠢᠭ ᠢᠶᠡᠷ ᠢᠶᠡᠨ ᠭᠠᠵᠠᠷ ᠳᠣᠣᠷ᠎ᠠ ᠬᠠᠳᠠᠭᠠᠯᠠᠭᠳᠠᠵᠤ ᠪᠠᠶᠢᠭᠰᠠᠨ ᠲᠤᠰ ᠨᠣᠮ ᠤᠨ ᠰᠠᠩ ᠤᠨ ᠪᠢᠴᠢᠭᠡᠰᠦ ᠨᠦᠭᠦᠳ ᠡᠷᠲᠡᠨ ᠦ ᠮᠧᠰᠣᠫᠣᠲ᠋ᠠᠮᠢ ᠶᠢᠨ (美索不达米亚) ᠰᠤᠶᠤᠯ ᠢ ᠰᠤᠳᠤᠯᠬᠤ ᠳᠤ ᠲᠣᠮᠣᠬᠠᠨ ᠲᠦᠯᠬᠢᠴᠡ ᠦᠵᠡᠭᠦᠯᠦᠭᠰᠡᠨ ᠪᠢᠯᠡ᠃ ᠮᠥᠨ ᠮᠠᠨ ᠤ ᠡᠷᠡᠨ ᠦ ᠡᠮᠦᠨ᠎ᠡ 3 ᠳᠦᠭᠡᠷ ᠵᠠᠭᠤᠨ ᠤ ᠦᠶ᠎ᠡ ᠶᠢᠨ ᠠᠯᠧᠺᠰᠠᠨᠳᠠᠷᠠᠭᠢ ᠶᠢᠨ ᠨᠣᠮ ᠤᠨ ᠰᠠᠩ (亚历山大图书馆) ᠠᠯᠳᠠᠷᠲᠠᠢ᠃ ᠲᠤᠰ ᠨᠣᠮ ᠤᠨ ᠰᠠᠩ ᠨᠢ ᠡᠮ ᠦᠨ ᠤᠷᠭᠤᠮᠠᠯ ᠤᠨ ᠴᠡᠴᠡᠷᠯᠢᠭ ᠲᠡᠢ᠂ ᠣᠷᠴᠢᠨ ᠦᠶ᠎ᠡ ᠶᠢᠨ ᠬᠢ ᠪᠡᠷ ᠪᠣᠯ ᠪᠣᠲ᠋ᠠᠨᠢᠺ ᠤᠨ ᠴᠡᠴᠡᠷᠯᠢᠭ (植物园) ᠲᠡᠢ ᠨᠣᠮ ᠤᠨ ᠰᠠᠩ ᠪᠠᠶᠢᠪᠠ᠃ ᠲᠡᠦᠬᠡ ᠶᠢᠨ ᠲᠤᠷᠰᠢᠳᠠ ᠰᠤᠳᠤᠯᠭ᠎ᠠ ᠰᠢᠨᠵᠢᠯᠡᠭᠡᠨ ᠦ ᠵᠣᠷᠢᠯᠭ᠎ᠠ ᠪᠠᠷ ᠨᠣᠮ᠂ ᠬᠡᠪᠯᠡᠮᠡᠯ ᠮᠠᠲ᠋ᠧᠷᠢᠶᠠᠯ ᠤᠳ ᠢ ᠴᠤᠭᠯᠠᠭᠤᠯᠳᠠᠭ ᠭᠠᠵᠠᠷ ᠤᠳ ᠨᠢ ᠡᠷᠳᠡᠮᠲᠡᠳᠢᠵᠠᠭᠤᠷᠲᠠᠨ ᠨᠤᠭᠤᠳ ᠯᠠ ᠠᠰᠢᠭᠯᠠᠬᠤ ᠪᠣᠯᠤᠮᠵᠢ ᠲᠠᠢ᠂ ᠡᠰᠡᠪᠡᠯ ᠡᠩ ᠦᠨ ᠢᠷᠭᠡᠳ ᠠᠰᠢᠭᠯᠠᠬᠤ ᠪᠣᠯᠤᠮᠵᠢ ᠲᠠᠢ ᠴᠤ ᠥᠨᠳᠥᠷ ᠲᠥᠯᠥᠪᠦᠷᠢ ᠲᠡᠢ ᠪᠠᠶᠢᠵᠠᠢ᠃ ᠳᠤᠮᠳᠠᠳᠤ ᠵᠠᠭᠤᠨ ᠤ ᠦᠶ᠎ᠡ ᠳᠦ ᠨᠣᠮ ᠨᠢ ᠪᠠᠶᠢᠰᠢᠩ ᠲᠠᠢ ᠲᠡᠩᠴᠡᠭᠦᠦ ᠦᠨᠡᠲᠡᠢ ᠪᠠᠶᠢᠭᠰᠠᠨ ᠲᠤᠯᠠ ᠲᠠᠯᠪᠢᠭᠤᠷ ᠡᠴᠡ ᠤᠶᠠᠭ᠎ᠠ ᠲᠠᠢ ᠪᠠᠶᠢᠳᠠᠭ ᠪᠠᠶᠢᠪᠠ᠃ ᠢᠣᠬᠣᠨ ᠭᠤᠲ᠋ᠧᠨᠪᠧᠺᠭ (约翰内斯·古腾堡) ᠨᠣᠮ ᠬᠡᠪᠯᠡᠯᠲᠡ ᠶᠢᠨ ᠲᠧᠭᠨᠣᠯᠣᠭᠢ ᠶᠢ ᠨᠡᠭᠡᠭᠡᠭᠰᠡᠨ ᠢᠶᠡᠷ ᠨᠣᠮ ᠢ ᠣᠯᠠᠨ ᠢᠶᠠᠷ ᠨᠢ ᠬᠡᠪᠯᠡᠬᠦ ᠪᠣᠯᠤᠮᠵᠢ ᠲᠠᠢ ᠪᠣᠯᠵᠤ᠂ ᠦᠨ᠎ᠡ ᠥᠷᠲᠡᠭ ᠨᠢ ᠴᠤ ᠪᠠᠭᠤᠷᠠᠭᠰᠠᠨ ᠢᠶᠠᠷ ᠡᠩ ᠦᠨ ᠢᠷᠭᠡᠳ ᠲᠦ ᠬᠦᠷᠲᠡᠭᠡᠯᠲᠡᠢ ᠵᠦᠢᠯ ᠪᠣᠯᠵᠤ ᠡᠬᠢᠯᠡᠵᠡᠢ᠃ (ᠪᠦᠷᠢᠨ ᠠᠭᠤᠯᠭ᠎ᠠ ᠶᠢ ᠤᠩᠰᠢᠬᠤ)


ᠠᠯᠲᠠᠢ ᠶᠢᠨ ᠤᠷᠢᠶᠠᠩᠬᠠᠢ
ᠠᠯᠲᠠᠢ ᠶᠢᠨ ᠤᠷᠢᠶᠠᠩᠬᠠᠢ

ᠠᠯᠲᠠᠢ ᠶᠢᠨ ᠤᠷᠢᠶᠠᠩᠬᠠᠢ ᠨᠢ ᠣᠶᠢᠷᠠᠳ ᠤᠨ ᠨᠢᠭᠡᠨ ᠲᠣᠮᠣᠬᠠᠨ ᠶᠠᠰᠤᠲᠠᠨ ᠤ ᠨᠢᠭᠡ᠃ ᠶᠡᠬᠡ ᠬᠠᠭᠠᠳ ᠤᠨ ᠬᠤᠷᠢᠶ ᠠ ᠵᠢ ᠰᠠᠬᠢᠭᠰᠠᠨ ᠤᠷᠢᠶᠠᠩᠬᠠᠢ ᠨᠠᠷ ᠨᠠᠢᠮᠠ ᠡᠴᠡ ᠠᠷᠪᠠᠨ ᠳᠥᠷᠪᠡᠳᠦᠭᠡᠷ ᠵᠠᠭᠤᠨ ᠤ ᠡᠬᠢᠨ ᠦᠶ᠎ᠡ ᠬᠦᠷᠲᠡᠯ᠎ᠡ ᠬᠡᠨᠲᠡᠢ ᠠᠭᠤᠯᠠ ᠵᠢᠨ ᠬᠠᠪᠢ ᠪᠡᠷ ᠨᠤᠲᠤᠭᠯᠠᠨ ᠰᠠᠭᠤᠭᠰᠠᠭᠠᠷ ᠪᠠᠶᠢᠵᠠᠢ᠃ ᠲᠡᠳᠡ ᠨᠠᠢᠮᠠ ᠡᠴᠡ ᠠᠷᠪᠠᠨ ᠳᠥᠷᠪᠡᠳᠦᠭᠡᠷ ᠵᠠᠭᠤᠨ ᠤ ᠡᠬᠢᠨ ᠳᠦ ᠮᠣᠩᠭᠣᠯ ᠤᠨ ᠶᠡᠬᠡ ᠬᠠᠭᠠᠨ ᠢ ᠦᠶ᠎ᠡ ᠦᠶ᠎ᠡ ᠡᠰᠡᠷᠭᠦᠴᠡᠨ ᠪᠣᠰᠴᠤ ᠪᠠᠶᠢᠭᠰᠠᠨ ᠲᠤᠯᠠ ᠲᠡᠳᠡᠨ ᠢ ᠪᠤᠰᠤᠳ ᠲᠦᠮᠡᠨ ᠨᠦᠭᠦᠳ ᠲᠦ ᠲᠠᠷᠬᠠᠭᠠᠨ ᠥᠭᠴᠦ ᠬᠦᠴᠦ ᠶᠢ ᠰᠠᠷᠨᠢᠭᠤᠯᠤᠭᠰᠠᠨ ᠠᠵᠢ᠃ ᠳᠡᠭᠡᠷᠡᠬᠢ ᠵᠡᠭᠦᠨ ᠮᠣᠩᠭᠣᠯ ᠤᠨ ᠤᠷᠢᠶᠠᠩᠬᠠᠢ ᠨᠠᠷ ᠤᠨ ᠵᠠᠷᠢᠮ ᠨᠢ ᠲᠠᠪᠤ ᠵᠢᠷᠭᠤᠳᠤᠭᠠᠷ ᠵᠠᠭᠤᠨ ᠤ ᠳᠤᠮᠳᠠ ᠦᠶ᠎ᠡ ᠳᠦ ᠪᠠᠲᠤᠮᠦ᠋ᠩᠬᠡ ᠳᠠᠶᠠᠩ ᠬᠠᠭᠠᠨ ᠤ ᠣᠳᠬᠣᠨ ᠬᠥᠪᠡᠭᠦᠨ ᠭᠡᠷᠰᠡᠩᠵᠡ ᠶᠢᠨ ᠵᠠᠬᠢᠷᠭᠠᠨ ᠳᠤ ᠪᠠᠶᠢᠭᠰᠠᠨ ᠠᠵᠢ᠃ ᠬᠡᠨᠲᠡᠢ ᠠᠭᠤᠯᠠ ᠵᠢᠨ ᠬᠠᠪᠢ ᠪᠡᠷ ᠨᠤᠲᠤᠭᠯᠠᠵᠤ ᠪᠠᠶᠢᠭᠰᠠᠨ ᠲᠡᠳᠡᠭᠡᠷ ᠤᠷᠢᠶᠠᠩᠬᠠᠢ ᠨᠠᠷ ᠭᠡᠷᠰᠡᠩᠵᠡ ᠶᠢᠨ ᠮᠡᠳᠡᠯ ᠳᠦ ᠣᠴᠢᠭᠰᠠᠨ ᠤ ᠪᠠᠨ ᠳᠠᠷᠠᠭ᠎ᠠ ᠲᠠᠪᠤ ᠵᠢᠷᠭᠤᠳᠤᠭᠠᠷ ᠵᠠᠭᠤᠨ ᠤ ᠡᠬᠢ ᠪᠡᠷ ᠪᠠᠷᠠᠭᠤᠨᠰᠢ ᠲᠠᠢ᠋ᠯᠠᠨ᠂ ᠬᠠᠩᠭᠠᠢ ᠠᠭᠤᠯᠠᠨ ᠳᠤ ᠣᠴᠢᠵᠤ ᠬᠡᠰᠡᠭ ᠰᠠᠭᠤᠭᠰᠠᠨ ᠢᠶᠠᠨ᠂ ᠤᠳᠠᠯ ᠦᠭᠡᠢ ᠴᠢᠨᠠᠭᠰᠢᠯᠠᠨ᠂ ᠠᠯᠲᠠᠢ ᠠᠭᠤᠯᠠᠨ ᠳᠤ ᠬᠦᠷᠴᠡᠢ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ