ᠣᠨᠴᠠᠯᠠᠬᠤ ᠥᠭᠦᠯᠡᠯ/2016 5 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠢᠮᠠᠵᠠᠪ ᠤᠨ ᠴᠸᠪᠡᠭᠨᠢᠮ᠎ᠠ
ᠨᠢᠮᠠᠵᠠᠪ ᠤᠨ ᠴᠸᠪᠡᠭᠨᠢᠮ᠎ᠠ

ᠨᠢᠮᠠᠵᠠᠪ ᠤᠨ ᠴᠸᠪᠡᠭᠨᠢᠮ᠎ᠠ (1974 ᠣᠨ ᠤ 9 ᠰᠠᠷ᠎ᠠ ᠶᠢᠨ 13 - ) ᠨᠢ ᠮᠣᠩᠭᠣᠯ ᠤᠯᠤᠰ ᠍ ᠤᠨ ᠤᠯᠠᠭᠠᠨᠪᠠᠭᠠᠲᠤᠷ ᠬᠣᠳᠠ ᠳᠤ ᠲᠦᠷᠦᠵᠠᠢ᠃ ᠬᠠᠮᠤᠭ ᠠᠩᠬ ᠠ ᠶᠠᠫᠤᠨ ᠳᠤ ᠢᠷᠡᠭᠰᠡᠨ ᠮᠤᠩᠭᠤᠯ ᠰᠦᠮᠤᠴᠢᠳ ᠤᠨ ᠨᠢᠭᠡ ᠨᠢ ᠪᠤᠯᠤᠨ᠎ ᠠ᠃ ᠰᠦᠮᠤ ᠶᠢᠨ ᠨᠡᠷ ᠡ ᠶᠢ ᠨᠢ ᠺᠢᠶᠣᠺᠥᠲ᠋ᠢᠶᠠᠨᠬᠤ᠋ ᠮᠠᠰᠠᠷᠦ᠋ (旭天鵬 勝᠂ きょくてんほう まさる) ᠭᠡᠳᠡᠭ᠃ ᠰᠦᠮᠤ ᠶᠢᠨ ᠳᠡᠪᠵᠢᠶᠡᠨ ᠳᠡᠭᠡᠷᠡᠬᠢ ᠬᠠᠮᠤᠭ ᠤᠨ ᠥᠨᠳᠥᠷ ᠴᠣᠯᠠ ᠨᠢ ᠰᠡᠬᠢᠸᠠᠺᠢ (ᠭᠠᠷᠤᠳᠢ) ᠶᠤᠮ᠃ ᠨᠢᠮᠠᠵᠠᠪ ᠤᠨ ᠴᠸᠪᠡᠭᠨᠢᠮ᠎ᠠ 2005 ᠣᠨ ᠳᠤ ᠶᠠᠫᠣᠨ ᠤ ᠢᠷᠭᠡᠨ ᠪᠣᠯᠬᠤ ᠳᠤ ᠪᠠᠨ ᠣᠣᠲ᠋ᠠ ᠮᠠᠰᠠᠷᠦ᠋ (太田勝) ᠭᠡᠰᠡᠨ ᠶᠠᠫᠤᠨ ᠨᠡᠷ ᠠ ᠠᠪᠴᠠᠢ᠃ 2012 ᠣᠨ ᠤ 5 ᠰᠠᠷ᠎ᠠ ᠳᠤ ᠮᠠᠭᠦᠦᠴᠢ ᠵᠢᠩᠳᠠᠭᠠᠨ (ᠳᠡᠭᠡᠳᠦ ᠵᠢᠩᠳᠠᠭᠠᠨ) ᠳᠤ ᠠᠩᠬ᠎ᠠ ᠤᠳᠠᠭ᠎ᠠ ᠲᠡᠷᠢᠭᠦᠯᠡᠵᠦ᠂ ᠲᠡᠷᠡ ᠨᠢ ᠲᠡᠭᠦᠨ ᠤ 37 ᠨᠠᠰᠤᠲᠠᠢ ᠳᠤ ᠪᠠᠨ᠂ ᠮᠦᠨ ᠴᠤ ᠰᠦᠮᠦ ᠶᠢᠨ ᠳᠡᠪᠵᠢᠶᠡᠨ ᠳᠤ ᠬᠦᠯ ᠬᠡᠰᠬᠢᠭᠰᠡᠨ ᠡᠴᠡ ᠪᠠᠨ 20 ᠳ᠋ᠤᠭᠠᠷ ᠵᠢᠯ ᠳᠤ ᠨᠢ ᠭᠠᠷᠭᠠᠭᠰᠠᠨ ᠬᠠᠮᠤᠭ ᠦᠨᠳᠦᠷ ᠠᠮᠵᠢᠯᠲᠠ ᠪᠠᠶᠢᠵᠤ᠂ ᠪᠠᠰᠠ ᠶᠠᠫᠤᠨ ᠤ ᠰᠦᠮᠤ ᠶᠢᠨ ᠳᠡᠪᠵᠢᠶᠡᠨ ᠳᠡᠭᠡᠷ ᠠ ᠬᠠᠮᠤᠭ ᠤᠨ ᠥᠨᠳᠥᠷ ᠨᠠᠰᠤ ᠲᠠᠢ ᠲᠡᠷᠢᠭᠦᠯᠡᠭᠰᠡᠨ ᠰᠦᠮᠦᠴᠢᠨ ᠪᠣᠯᠤᠭᠰᠠᠨ ᠪᠠᠶᠢᠨ᠎ ᠠ᠃ (ᠪᠦᠷᠢᠨ ᠠᠭᠤᠯᠭ᠎ᠠ ᠶᠢ ᠤᠩᠰᠢᠬᠤ)

ᠰᠡᠷᠭᠦᠭᠡᠭᠳᠡᠬᠦ ᠡᠨᠧᠷᠭᠢ
ᠰᠡᠷᠭᠦᠭᠡᠭᠳᠡᠬᠦ ᠡᠨᠧᠷᠭᠢ

ᠰᠡᠷᠭᠦᠭᠡᠭᠳᠡᠬᠦ ᠡᠨᠧᠷᠭᠢ (ᠠᠩᠭᠯᠢ ᠪᠠᠷ renewable energyᠬᠢᠲᠠᠳ ᠢᠶᠠᠷ 可再生能源) ᠭᠡᠳᠡᠭ ᠨᠢ ᠨᠠᠷᠠᠰᠠᠯᠬᠢᠪᠣᠷᠣᠭ᠎ᠠᠳᠠᠯᠠᠢ ᠶᠢᠨ ᠳᠠᠪᠠᠯᠭ᠎ᠠᠭᠠᠵᠠᠷ ᠤᠨ ᠭᠦᠨ ᠦ ᠳᠤᠯᠠᠭᠠᠨ ᠵᠡᠷᠭᠡ ᠡᠴᠡ ᠭᠠᠷᠭᠠᠨ ᠠᠪᠳᠠᠭ᠂ ᠲᠠᠰᠤᠷᠠᠯᠲᠠ ᠦᠭᠡᠢ ᠨᠥᠬᠥᠨ ᠰᠡᠷᠭᠡᠭᠳᠡᠳᠡᠭ ᠡᠨᠧᠷᠭᠢ ᠍ ᠶᠢ ᠬᠡᠯᠡᠨ᠎ᠡ᠃ 2005- 2006 ᠣᠨ ᠤ ᠪᠠᠶᠢᠳᠠᠯ ᠢᠶᠠᠷ ᠳᠡᠯᠡᠬᠡᠢ ᠶᠢᠨ ᠨᠡᠶᠢᠲᠡ ᠡᠷᠴᠢᠮ ᠬᠦᠴᠦᠨ ᠦ 18% ᠍ ᠶᠢ ᠰᠡᠷᠭᠦᠭᠡᠭᠳᠡᠬᠦ ᠡᠷᠴᠢᠮ ᠬᠦᠴᠦᠨ ᠡᠴᠡ ᠭᠠᠷᠭᠠᠨ ᠠᠪᠤᠭᠰᠠᠨ ᠪᠠᠶᠢᠨ᠎ᠠ᠃ ᠡᠭᠦᠨ ᠦ 13% ᠍ ᠶᠢ ᠤᠯᠠᠮᠵᠢᠯᠠᠯᠲᠤ ᠲᠦᠯᠡᠰᠢ ᠪᠣᠯᠬᠤ ᠮᠣᠳᠣᠨ ᠠᠴᠠ᠂ 3% ᠍ ᠶᠢ ᠤᠰᠤᠨ ᠠᠴᠠ (ᠳᠡᠯᠡᠬᠡᠢ ᠶᠢᠨ ᠴᠠᠬᠢᠯᠭᠠᠨ ᠡᠷᠴᠢᠮ ᠬᠦᠴᠦᠨ ᠦ 15%)᠂ 1.3% ᠍ ᠶᠢ ᠨᠠᠷᠠᠨ ᠤ ᠡᠷᠴᠢᠮ ᠬᠦᠴᠦᠨ ᠡᠴᠡ (solar hot water - ᠨᠠᠷᠠᠨ ᠤ ᠳᠤᠯᠠᠭᠠᠨ ᠢᠶᠠᠷ ᠤᠰᠤ ᠶᠢ ᠬᠠᠯᠠᠭᠠᠨ ᠬᠡᠷᠡᠭᠯᠡᠬᠦ)᠂ ᠦᠯᠡᠳᠡᠬᠦ 0.8% ᠣᠷᠴᠢᠮ ᠢ ᠨᠢ ᠭᠠᠵᠠᠷ ᠤᠨ ᠭᠦᠨ ᠦ ᠳᠤᠯᠠᠭᠠᠨᠰᠠᠯᠬᠢᠨᠠᠷᠠᠳᠠᠯᠠᠢ ᠶᠢᠨ ᠡᠨᠧᠷᠭᠢ ᠶᠢ ᠠᠰᠢᠭᠯᠠᠨ ᠭᠠᠷᠭᠠᠨ ᠠᠪᠴᠤ ᠪᠠᠶᠢᠨ᠎ᠠ᠃ ᠳᠡᠯᠡᠬᠡᠢ ᠶᠢᠨ ᠳᠤᠯᠠᠭᠠᠷᠠᠯᠴᠢᠯᠠᠭᠣᠨ ᠲᠤᠰᠤᠨ ᠤ ᠦᠨ᠎ᠡ ᠶᠢᠨ ᠥᠰᠦᠯᠲᠡ ᠵᠡᠷᠭᠡ ᠨᠢ ᠰᠡᠭᠦᠯ ᠦᠨ ᠦᠶ᠎ᠡ ᠳᠦ ᠰᠡᠷᠭᠦᠭᠡᠭᠳᠡᠬᠦ ᠡᠷᠴᠢᠮ ᠬᠦᠴᠦᠨ ᠦ ᠲᠠᠯ᠎ᠠ ᠪᠠᠷ ᠳᠠᠯᠠᠶᠢᠴᠠᠲᠠᠢ ᠰᠤᠳᠤᠯᠭ᠎ᠠ ᠶᠠᠪᠤᠭᠤᠯᠬᠤ᠂ ᠰᠤᠳᠤᠯᠭᠠᠨ ᠳᠤ ᠶᠡᠬᠡᠬᠡᠨ ᠬᠥᠷᠥᠩᠭᠡ ᠤᠷᠤᠭᠤᠯᠬᠤ᠂ ᠦᠢᠯᠡᠳᠪᠦᠷᠢᠯᠡᠬᠦ᠂ ᠬᠡᠷᠡᠭᠯᠡᠬᠦ ᠦᠨᠳᠦᠰᠦᠨ ᠰᠢᠯᠲᠠᠭᠠᠨ ᠪᠣᠯᠵᠤ ᠪᠠᠶᠢᠨ᠎ᠠ᠃ ᠡᠨᠡ ᠴᠢᠭᠯᠡᠯ ᠳᠦ ᠣᠷᠣᠭᠤᠯᠤᠭᠰᠠᠨ ᠬᠥᠷᠥᠩᠭᠡ ᠣᠷᠣᠭᠤᠯᠤᠯᠲᠠ ᠶᠢᠨ ᠬᠡᠮᠵᠢᠶ᠎ᠡ 2005 ᠣᠨ ᠳᠤ 80 ᠲᠡᠷᠪᠤᠮ ᠠᠴᠠ 2006 ᠣᠨ ᠳᠤ 100 ᠲᠡᠷᠪᠤᠮ ᠳ᠋ᠣᠯᠯᠠᠷ ᠪᠣᠯᠵᠤ ᠨᠡᠮᠡᠭᠳᠡᠭᠰᠡᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠰᠦ᠋
ᠰᠦ᠋

ᠰᠦ᠋ ᠪᠣᠯ ᠡᠮᠡᠭᠴᠢᠨ ᠬᠥᠬᠥᠲᠡᠨ ᠠᠮᠢᠲᠠᠨ ᠬᠥᠬᠦᠨ ᠦ ᠪᠤᠯᠴᠢᠷᠬᠠᠢ ᠠᠴᠠ ᠢᠯᠭᠠᠷᠠᠳᠠᠭ ᠲᠡᠵᠢᠭᠡᠯᠯᠢᠭ ᠰᠢᠩᠭᠡᠨ᠃ ᠬᠥᠬᠥᠲᠡᠨ ᠠᠮᠢᠲᠠᠳ ᠤᠨ ᠡᠮᠡᠭᠴᠢᠨ ᠨᠢ ᠰᠦ᠋ ᠢᠯᠭᠠᠷᠠᠭᠤᠯᠬᠤ ᠡᠨᠡᠬᠦ ᠴᠢᠳᠠᠪᠤᠷᠢ ᠨᠢ ᠲᠡᠳᠡᠨ ᠢ ᠬᠥᠬᠥᠲᠡᠨ ᠠᠮᠢᠲᠠᠨ ᠬᠡᠮᠡᠨ ᠲᠣᠳᠣᠷᠬᠠᠶᠢᠯᠠᠭᠴᠢ ᠰᠢᠨᠵᠢ ᠨᠦᠭᠦᠳ ᠦᠨ ᠨᠢᠭᠡ ᠨᠢ ᠶᠤᠮ᠃ ᠨᠢᠷᠠᠢ ᠲᠥᠯ ᠠᠮᠢᠲᠠᠳ ᠦᠨᠳᠦᠰᠦᠨ ᠬᠦᠨᠡᠰᠦ ᠲᠡᠵᠢᠭᠡᠯ ᠢᠶᠡᠨ ᠢᠳᠡᠵᠦ ᠰᠣᠷᠳᠠᠯ᠎ᠠ ᠰᠦ᠋ ᠨᠢ ᠲᠡᠵᠢᠭᠡᠯ ᠦᠨ ᠭᠣᠣᠯ ᠡᠬᠢ ᠡᠭᠦᠰᠪᠦᠷᠢ ᠪᠠᠶᠢᠳᠠᠭ᠃ ᠲᠦᠷᠦᠭᠰᠡᠨ ᠦ ᠳᠠᠷᠠᠭ᠎ᠠ ᠳᠡᠯᠡᠩᠨᠡᠬᠦ ᠰᠦ᠋ ᠍ ᠶᠢ ᠤᠭᠤᠷᠠᠭ ᠭᠡᠳᠡᠭ᠃ ᠤᠭᠤᠷᠠᠭ ᠨᠢ ᠡᠬᠡ ᠠᠮᠢᠲᠠᠨ ᠤ ᠨᠢᠷᠠᠢ ᠦᠷ᠎ᠡ ᠲᠥᠯ ᠳᠦ ᠪᠡᠨ ᠳᠠᠮᠵᠢᠭᠤᠯᠤᠭᠴᠢ ᠰᠦ᠋ ᠶᠤᠮ᠃ ᠡᠨᠡ ᠨᠢ ᠡᠬᠡ᠂ ᠦᠷ᠎ᠡ ᠲᠥᠯ ᠬᠣᠶᠠᠷ ᠲᠥᠷᠥᠯ ᠪᠦᠷᠢ ᠶᠢᠨ ᠡᠪᠡᠳᠴᠢᠨ ᠦ ᠬᠠᠯᠳᠠᠪᠤᠷᠢ ᠠᠪᠬᠤ ᠡᠷᠡᠰᠳᠡᠯ ᠢ ᠪᠠᠭᠠᠰᠬᠠᠳᠠᠭ᠃ (ᠪᠦᠷᠢᠨ ᠠᠭᠤᠯᠭ᠎ᠠ ᠶᠢ ᠤᠩᠰᠢᠬᠤ)

ᠴᠠᠬᠢᠶ ᠠ ᠶᠢᠨ ᠡᠯᠪᠡᠭᠳᠣᠷᠵᠢ
ᠴᠠᠬᠢᠶ ᠠ ᠶᠢᠨ ᠡᠯᠪᠡᠭᠳᠣᠷᠵᠢ

ᠴᠠᠬᠢᠶ ᠠ ᠶᠢᠨ ᠡᠯᠪᠡᠭᠳᠣᠷᠵᠢ ᠨᠢ ᠮᠣᠩᠭᠣᠯ ᠤᠯᠤᠰ ᠲᠤ ᠠᠷᠠᠳᠴᠢᠯᠠᠭᠰᠠᠨ ᠨᠡᠶᠢᠭᠡᠮ ᠪᠤᠢ ᠪᠣᠯᠭᠠᠬᠤ ᠪᠠᠷ ᠠᠩᠬ᠎ᠠ ᠵᠣᠷᠢᠭᠯᠠᠨ ᠰᠠᠨᠠᠭᠠᠴᠢᠯᠠᠵᠤ᠂ 75 ᠵᠢᠯ ᠡᠪ ᠬᠠᠮᠳᠣ ᠵᠠᠰᠠᠭᠯᠠᠯ ᠲᠠᠢ ᠪᠠᠶᠢᠭᠰᠠᠨ ᠮᠣᠩᠭᠣᠯ ᠣᠷᠣᠨ ᠢ ᠲᠠᠶᠢᠪᠤᠩ ᠬᠤᠪᠢᠰᠬᠠᠯ ᠤᠨ ᠵᠠᠮ ᠢᠶᠠᠷ ᠠᠷᠠᠳᠴᠢᠯᠠᠭᠰᠠᠨ᠂ ᠴᠢᠯᠦᠭᠡᠲᠦ ᠡᠳ᠋ ᠍ ᠦᠨ ᠵᠠᠰᠠᠭ ᠲᠠᠢ ᠪᠣᠯᠭᠠᠵᠤ ᠥᠭᠡᠷᠡᠴᠢᠯᠡᠭᠰᠡᠨ ᠠᠷᠠᠳᠴᠢᠯᠠᠭᠰᠠᠨ ᠬᠤᠪᠢᠰᠬᠠᠯ ᠤᠨ 13 ᠤᠳᠤᠷᠢᠳᠤᠭᠴᠢ ᠶᠢᠨ ᠨᠢᠭᠡ ᠴ᠂ᠡᠯᠪᠡᠭᠳᠣᠷᠵᠢ ᠨᠢ ᠮᠣᠩᠭᠣᠯ ᠤᠯᠤᠰ ᠤᠨ ᠶᠡᠷᠦᠩᠬᠡᠶᠢᠯᠡᠭᠴᠢ᠂ ᠡᠮᠦᠨ᠎ᠡ ᠨᠢ ᠲᠡᠷᠡᠪᠡᠷ ᠮᠣᠩᠭᠣᠯ ᠤᠯᠤᠰ ᠤᠨ ᠶᠡᠷᠦᠩᠬᠡᠢ ᠰᠠᠶᠢᠳ ᠢᠶᠠᠷ ᠬᠣᠶᠠᠷ ᠤᠳᠠᠭ᠎ᠠ᠂ ᠮᠣᠩᠭᠣᠯ ᠤᠯᠤᠰ ᠤᠨ ᠶᠡᠬᠡ ᠬᠤᠷᠠᠯ ᠤᠨ ᠳᠡᠳ᠋ ᠳᠠᠷᠤᠭ᠎ᠠ ᠪᠠᠷ ᠨᠢᠭᠡ ᠤᠳᠠᠭ᠎ᠠ᠂ ᠤᠯᠤᠰ ᠤᠨ ᠶᠡᠬᠡ ᠬᠤᠷᠠᠯ ᠤᠨ ᠣᠯᠠᠩᠬᠢ ᠶᠢᠨ ᠪᠦᠯᠦᠭ ᠦᠨ ᠳᠠᠷᠤᠭ᠎ᠠ ᠪᠠᠷ ᠨᠢᠭᠡ ᠤᠳᠠᠭ᠎ᠠ᠂ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ ᠳᠥᠷᠪᠡᠨ ᠤᠳᠠᠭ᠎ᠠ ᠲᠤᠰ ᠲᠤᠰ ᠰᠣᠩᠭᠣᠭᠳᠠᠨ ᠠᠵᠢᠯᠯᠠᠭᠰᠠᠨ᠃ ᠴ᠂ ᠡᠯᠪᠡᠭᠳᠣᠷᠵᠢ ᠨᠢ ᠠᠷᠠᠳᠴᠢᠯᠠᠯ ᠤᠨ ᠲᠥᠯᠥᠭᠡ᠂ ᠬᠦᠮᠦᠨ ᠦ ᠡᠷᠬᠡ᠂ ᠡᠷᠬᠡ ᠴᠢᠯᠦᠭᠡ ᠶᠢ ᠳᠡᠭᠡᠳᠦᠯᠡᠳᠡᠭ ᠤᠯᠤᠰ ᠲᠥᠷᠦᠴᠢᠨ᠃ (ᠪᠦᠷᠢᠨ ᠠᠭᠤᠯᠭ᠎ᠠ ᠶᠢ ᠤᠩᠰᠢᠬᠤ)

ᠠᠶᠢᠷᠠᠭ
ᠠᠶᠢᠷᠠᠭ

ᠠᠶᠢᠷᠠᠭᠮᠠᠯ ᠍ ᠤᠨ ᠰᠦ᠋ ᠶᠢ ᠬᠥᠷᠥᠩᠭᠡᠯᠡᠨ ᠪᠦᠯᠢᠵᠦ ᠢᠰᠬᠡᠭᠰᠡᠨ ᠴᠠᠭᠠᠨ ᠢᠳᠡᠭᠡ ᠪᠣᠯᠤᠨ ᠤᠮᠳᠠᠭᠠᠨ ᠢ ᠬᠡᠯᠡᠨ᠎ ᠠ᠃ ᠠᠶᠢᠷᠠᠭ ᠨᠢ ᠭᠠᠰᠢᠭᠤᠪᠲᠤᠷ ᠢᠰᠬᠦᠯᠡᠩ ᠠᠮᠲᠠᠲᠠᠢ᠂ ᠴᠠᠭᠠᠨ ᠥᠩᠭᠡ ᠲᠡᠢ᠃ ᠭᠤᠤᠯᠳᠠᠭᠤ ᠭᠡᠭᠦᠦ ᠶᠢᠨ ᠰᠦ᠋ ᠪᠤᠶᠤ ᠦᠨᠢᠶᠡᠨ ᠰᠦ᠋ ᠍ ᠪᠡᠷ ᠬᠢᠳᠡᠭ᠃ ᠬᠠᠯᠬ᠎ᠠ ᠮᠣᠩᠭᠣᠯᠴᠤᠳ ᠭᠡᠭᠦᠦ ᠶᠢᠨ ᠰᠦ᠋ ᠍ ᠪᠡᠷ᠂ ᠪᠠᠷᠠᠭᠤᠨ ᠮᠣᠩᠭᠣᠯᠴᠤᠳ ᠪᠠ ᠦᠪᠦᠷ ᠮᠤᠩᠭᠤᠯᠴᠤᠳ ᠨᠢ ᠭᠡᠭᠦᠦ ᠪᠤᠶᠤ ᠦᠨᠢᠶᠡᠨ ᠰᠦ᠋ ᠍ ᠪᠡᠷ ᠠᠶᠢᠷᠠᠭ ᠢᠰᠬᠡᠳᠡᠭ᠃ ᠠᠶᠢᠷᠠᠭ ᠢ ᠦᠪᠦᠷ ᠮᠤᠩᠭᠤᠯ ᠳᠤ ᠴᠡᠭᠡ ᠭᠡᠵᠤ ᠪᠠᠰᠠ ᠶᠠᠷᠢᠳᠠᠭ᠃ ᠦᠨᠢᠶᠡᠨ ᠰᠦ᠋ ᠶᠢᠨ ᠠᠶᠢᠷᠠᠭ ᠢ ᠨᠡᠷᠡᠵᠦ ᠰᠢᠮ᠎ᠡ ᠶᠢᠨ ᠠᠷᠢᠬᠢ ᠪᠣᠯᠤᠨ ᠠᠭᠠᠷᠴᠠ ᠭᠠᠷᠭᠠᠵᠤ ᠠᠪᠳᠠᠭ᠃ ᠮᠣᠩᠭᠣᠯ ᠣᠷᠣᠨ ᠳᠤ ᠭᠡᠭᠦᠦ ᠶᠢᠨ ᠰᠦ᠋ ᠪᠡᠷ ᠠᠶᠢᠷᠠᠭ ᠦᠢᠯᠡᠳᠪᠦᠷᠢᠯᠡᠬᠦ ᠶᠠᠪᠤᠳᠠᠯ ᠣᠯᠠᠨ ᠵᠠᠭᠤᠨ ᠵᠢᠯ ᠦᠨ ᠲᠡᠦᠬᠡ ᠤᠯᠠᠮᠵᠢᠯᠠᠯ ᠲᠠᠢ ᠶᠤᠮ᠃ ᠭᠡᠭᠦᠦ ᠶᠢᠨ ᠰᠦ᠋ ᠶᠢᠨ ᠠᠶᠢᠷᠠᠭ ᠢ ᠮᠣᠩᠭᠣᠯᠴᠤᠳ ᠠᠴᠠ ᠭᠠᠳᠠᠨ᠎ᠠ ᠬᠠᠰᠠᠭᠰᠲᠠᠨ ᠪᠠ ᠭᠢᠷᠭᠢᠰᠲᠠᠨ᠂ ᠪᠠᠱᠺᠢᠷ᠂ ᠬᠠᠯᠢᠮᠠᠭ ᠤᠯᠤᠰ ᠤᠳ ᠴᠤ ᠬᠢᠳᠡᠭ᠃ ᠮᠣᠩᠭᠣᠯ ᠤᠯᠤᠰ ᠲᠤ ᠠᠶᠢᠷᠠᠭ ᠪᠣᠯ ᠥᠷᠭᠡᠨ ᠳᠡᠯᠭᠡᠷᠡᠭᠰᠡᠨ ᠤᠮᠳᠠᠭ᠎ᠠ ᠪᠥᠭᠡᠳ ᠪᠤᠯᠠᠭᠠᠨ᠂ᠠᠷᠤᠬᠠᠩᠭᠠᠢ᠂ ᠥᠪᠦᠷᠬᠠᠩᠭᠠᠢ᠂ ᠲᠥᠪ᠂ ᠳᠤᠮᠳᠠᠭᠤᠪᠢ ᠠᠶᠢᠮᠠᠭ ᠤᠳ ᠠᠶᠢᠷᠠᠭ ᠦᠢᠯᠡᠳᠪᠦᠷᠢᠯᠡᠳᠡᠭ ᠭᠣᠣᠯ ᠨᠤᠲᠤᠭ ᠶᠤᠮ᠃ ᠭᠡᠭᠦᠦ ᠤ ᠰᠦ᠋  ᠪᠡᠷ ᠪᠦᠯᠡᠭᠰᠡᠨ ᠠᠶᠢᠷᠠᠭ ᠢ ᠵᠤᠨ᠂ ᠨᠠᠮᠤᠷ ᠤᠨ ᠤᠯᠠᠷᠢᠯ ᠳᠤ ᠬᠢᠳᠡᠭ ᠤᠯᠠᠮᠵᠢᠯᠠᠯ ᠲᠠᠢ ᠪᠣᠯᠪᠠᠴᠤ ᠭᠡᠭᠦᠦ ᠶᠢ ᠨᠡᠮᠡᠭᠳᠡᠯ ᠲᠡᠵᠢᠭᠡᠯ ᠢᠶᠡᠷ ᠲᠡᠵᠢᠭᠡᠭᠰᠡᠨ ᠨᠥᠬᠥᠴᠡᠯ ᠳᠦ ᠵᠢᠯ ᠲᠣᠭᠣᠷᠢᠨ ᠰᠠᠭᠠᠵᠤ ᠠᠶᠢᠷᠠᠭ ᠢᠰᠬᠡᠵᠦ ᠪᠣᠯᠤᠨ᠎ᠠ᠃ ᠭᠡᠭᠦᠦ ᠤ ᠰᠦ᠋  ᠪᠡᠷ ᠪᠦᠯᠡᠭᠰᠡᠨ ᠠᠶᠢᠷᠠᠭ ᠪᠣᠯ ᠮᠤᠩᠭ᠋᠋᠌ᠤᠯ ᠤᠯᠤᠰ ᠤᠨ ᠬᠦᠮᠦᠨ ᠠᠷᠠᠳ ᠤᠨ ᠵᠤᠨ ᠴᠠᠭ ᠲᠤ ᠡᠳᠦᠷ ᠲᠤᠲᠤᠮ ᠤᠨ ᠬᠡᠷᠡᠭᠴᠡᠭᠡᠲᠦ ᠬᠦᠨᠡᠰᠦᠨ ᠦ ᠴᠢᠬᠤᠯᠠ ᠵᠦᠢᠯ ᠪᠣᠯᠬᠤ ᠠᠴᠠ ᠭᠠᠳᠠᠨ᠎ᠠ ᠡᠮᠴᠢᠯᠡᠭᠡ ᠰᠤᠪᠢᠯᠭᠠᠨ ᠤ ᠴᠢᠨᠠᠷᠲᠠᠢ ᠪᠦᠲᠦᠭᠡᠭᠳᠡᠬᠦᠨ ᠪᠣᠯᠳᠠᠭ᠃ (ᠪᠦᠷᠢᠨ ᠠᠭᠤᠯᠭ᠎ᠠ ᠶᠢ ᠤᠩᠰᠢᠬᠤ)

ᠬᠢᠮᠢ ᠶᠢᠨ ᠡᠯᠧᠮᠧᠨᠲ ᠦᠨ ᠦᠶᠡᠯᠡᠬᠦ ᠰᠢᠰᠲ᠋ᠧᠮ
ᠦᠶᠡᠯᠡᠬᠦ ᠰᠢᠰᠲ᠋ᠧᠮ

ᠬᠢᠮᠢ ᠶᠢᠨ ᠡᠯᠧᠮᠧᠨᠲ ᠦᠨ ᠦᠶᠡᠯᠡᠬᠦ ᠰᠢᠰᠲ᠋ᠧᠮ ᠭᠡᠳᠡᠭ ᠨᠢ ᠮᠡᠳᠡᠭᠳᠡᠵᠦ ᠪᠤᠢ ᠬᠢᠮᠢ ᠶᠢᠨ ᠡᠯᠧᠮᠧᠨᠲ ᠦᠳ ᠦᠨ ᠵᠢᠭ᠌ᠰᠠᠭᠠᠯᠳᠠ ᠶᠤᠮ᠃ ᠦᠶᠡᠯᠡᠬᠦ ᠰᠢᠰᠲ᠋ᠧᠮ ᠳᠦ ᠬᠢᠮᠢ ᠶᠢᠨ ᠡᠯᠧᠮᠧᠨᠲ ᠦᠳ ᠨᠢ ᠥᠪᠡᠷᠰᠡᠳ ᠦᠨ ᠠᠲ᠋ᠣᠮ ᠤᠨ ᠳ᠋ᠤᠭᠠᠷ ᠤᠨ ᠳᠠᠷᠠᠭᠠᠯᠠᠯ ᠢᠶᠠᠷ ᠢᠶᠠᠨ (ᠪᠠᠭ᠎ᠠ ᠠᠴᠠ ᠶᠡᠬᠡ ᠤᠷᠤᠭᠤ) ᠪᠠᠶᠢᠷᠢᠯᠠᠨ᠎ᠠ᠃ ᠬᠢᠮᠢ ᠶᠢᠨ ᠡᠯᠧᠮᠧᠨᠲ ᠦᠳ ᠢ ᠦᠶᠡᠯᠡᠬᠦ ᠰᠢᠰᠲ᠋ᠧᠮ ᠳᠦ ᠦᠶ᠎ᠡ ᠪᠣᠯᠤᠨ ᠪᠦᠯᠦᠭ ᠦᠳ ᠲᠦ ᠬᠤᠪᠢᠶᠠᠨ᠎ᠠ᠃ ᠦᠶᠡᠯᠡᠬᠦ ᠰᠢᠰᠲ᠋ᠧᠮ ᠦᠨ ᠮᠥᠷ ᠦᠨ ᠳᠠᠭᠠᠤ᠂ 7 ᠦᠶ᠎ᠡ ᠪᠠᠶᠢᠬᠤ ᠪᠠ ᠡᠬᠢᠨ ᠦ ᠦᠶ᠎ᠡ ᠳᠦ (ᠦᠶ᠎ᠡ 1) ᠵᠥᠪᠬᠡᠨ ᠤᠰᠤᠲᠥᠶᠢᠷᠦᠭᠴᠢᠭᠧᠯ ᠭᠡᠰᠡᠨ 2 ᠡᠯᠧᠮᠧᠨᠲ᠂ 2 ᠪᠠ 3 ᠍ ᠳᠦᠭᠡᠷ ᠦᠶ᠎ᠡ ᠲᠤᠰ ᠪᠦᠷᠢ 8 ᠡᠯᠧᠮᠧᠨᠲ ᠠᠭᠤᠯᠠᠨ᠎ᠠ᠃ ᠪᠤᠰᠤᠳ ᠦᠶ᠎ᠡ ᠨᠦᠭᠦᠳ ᠬᠠᠷᠢᠴᠠᠩᠭᠤᠢ ᠣᠯᠠᠨ ᠬᠢᠮᠢ ᠶᠢᠨ ᠡᠯᠧᠮᠧᠨᠲ ᠤᠳ ᠢ ᠠᠭᠤᠯᠠᠨ᠎ᠠ᠃ ᠦᠶᠡᠯᠡᠬᠦ ᠰᠢᠰᠲ᠋ᠧᠮ ᠦᠨ ᠪᠠᠭᠠᠨ᠎ᠠ ᠶᠢ ᠪᠦᠯᠦᠭ ᠭᠡᠵᠦ ᠨᠡᠷᠡᠯᠡᠬᠦ ᠪᠠ ᠪᠠᠷᠢᠮᠵᠢᠶᠠᠲᠤ ᠦᠶᠡᠯᠡᠬᠦ ᠰᠢᠰᠲ᠋ᠧᠮ ᠳᠦ ᠨᠡᠶᠢᠲᠡ ᠳᠦ ᠪᠡᠨ 18 ᠪᠦᠯᠦᠭ ᠢᠯᠭᠠᠨ᠎ᠠ᠃ ᠨᠢᠭᠡ ᠪᠦᠯᠦᠭ ᠲᠦ ᠪᠠᠭᠠᠳᠬᠤ ᠬᠢᠮᠢ ᠶᠢᠨ ᠡᠯᠧᠮᠧᠨᠲ ᠦᠳ ᠦᠨ ᠡᠯᠧᠺᠲ᠋ᠷᠣᠨ ᠪᠠᠶᠢᠭᠤᠯᠤᠯᠲᠠ ᠨᠢ ᠲᠥᠰᠲᠡᠢ ᠪᠠᠶᠢᠬᠤ ᠤᠴᠢᠷ ᠡᠴᠨ ᠬᠢᠮᠢ ᠶᠢᠨ ᠰᠢᠨᠵᠢ ᠴᠢᠨᠠᠷ ᠨᠢ ᠣᠶᠢᠷᠠᠯᠴᠠᠭ᠎ᠠ ᠪᠠᠶᠢᠨ᠎ᠠ᠃ ᠵᠢᠱᠢᠶᠡᠯᠡᠪᠡᠯ᠂ 18 ᠍ ᠳᠦᠭᠡᠷ ᠪᠦᠯᠦᠭ ᠦᠨ ᠡᠯᠧᠮᠧᠨᠲ ᠦᠳ ᠢ ᠢᠨᠧᠷᠲᠦ ᠬᠡᠢ ᠨᠦᠭᠦᠳ ᠭᠡᠵᠦ ᠨᠡᠷᠡᠯᠡᠬᠦ ᠪᠠ ᠡᠳᠡᠭᠡᠷ ᠨᠢ ᠥᠪᠡᠷ ᠡᠯᠧᠮᠧᠨᠲ ᠦᠳ ᠲᠡᠢ ᠤᠷᠪᠠᠯ ᠳᠤ ᠣᠷᠣᠳᠠᠭ ᠦᠭᠡᠢ᠃ ᠦᠶᠡᠯᠡᠬᠦ ᠰᠢᠰᠲ᠋ᠧᠮ ᠢ ᠣᠷᠣᠰ ᠍ ᠤᠨ ᠬᠢᠮᠢᠴᠢᠳ᠂ ᠮᠧᠨᠳᠧᠯᠧᠸ (1834-1907) 1869 ᠣᠨ ᠳᠤ ᠪᠢᠴᠢᠵᠠᠢ᠃ (ᠪᠦᠷᠢᠨ ᠠᠭᠤᠯᠭ᠎ᠠ ᠶᠢ ᠤᠩᠰᠢᠬᠤ)

ᠡᠺᠣᠯᠣᠭᠢ
ᠡᠺᠣᠯᠣᠭᠢ

ᠡᠺᠣᠯᠣᠭᠢ(ᠠᠮᠢᠳᠤ ᠠᠬᠤᠢ ᠵᠢᠨ ᠤᠬᠠᠭᠠᠨ᠂ Ecology) (ᠭᠷᠧ: οἶκος᠂ 《ᠣᠷᠴᠢᠨ》᠂ -λογία᠂ 《ᠰᠤᠳᠤᠯᠤᠯ》) ᠭᠡᠳᠡᠭ ᠨᠢ ᠠᠮᠢᠳᠤ ᠪᠠᠶᠢᠭᠠᠯᠢ ᠳᠠᠬᠢ ᠣᠷᠭᠠᠨᠢᠰᠮ(organism᠂ᠤᠷᠭᠠᠨᠢᠭ ᠪᠤᠳᠠᠰ )  ᠨᠤᠭᠤᠳ ᠤᠨ ᠬᠠᠷᠢᠯᠴᠠᠨ ᠦᠢᠯᠡᠴᠢᠯᠡᠯ ᠢ ᠰᠤᠳᠤᠯᠳᠠᠭ ᠪᠠ ᠲᠡᠳᠡᠭᠡᠷ ᠦᠨ ᠨᠡᠶᠢᠲᠡᠯᠢᠭ ᠣᠷᠴᠢᠨ ᠢ ᠰᠤᠳᠤᠯᠳᠠᠭ ᠴᠣᠭᠴᠠ ᠰᠢᠨᠵᠢᠯᠡᠬᠦ ᠤᠬᠠᠭᠠᠨ ᠤ ᠰᠤᠳᠤᠯᠭ᠎ᠠ ᠠᠷᠭ᠎ᠠ ᠵᠦᠢ ᠶᠤᠮ᠃

ᠡᠺᠣᠯᠣᠭᠢ ᠥᠨᠥᠳᠥᠷ ᠵᠥᠪᠬᠡᠨ ᠪᠢᠣᠯᠣᠭᠢ ᠍(ᠠᠮᠢᠳᠤ ᠪᠤᠳᠠᠰ  ᠤᠨ ᠤᠬᠠᠭᠠᠨ᠂Biology) ᠍ ᠍ᠵᠢᠨ ᠰᠢᠨᠵᠢᠯᠡᠬᠦ ᠤᠬᠠᠭᠠᠨ ᠤ ᠨᠢᠭᠡ ᠰᠠᠯᠪᠤᠷᠢ ᠲᠡᠳᠦᠢ ᠦᠭᠡᠢ ᠪᠠᠶᠢᠭᠠᠯᠢ᠂ ᠨᠡᠶᠢᠭᠡᠮ ᠤᠨ ᠠᠰᠠᠭᠤᠳᠠᠯ ᠢ ᠠᠳᠠᠯᠢᠬᠠᠨ ᠬᠠᠮᠤᠷᠤᠭᠰᠠᠨ ᠨᠢᠭᠡᠳᠦᠮᠡᠯ ᠰᠢᠨᠵᠢᠯᠡᠬᠦ ᠤᠬᠠᠭᠠᠨ ᠪᠣᠯᠵᠠᠢ᠃ ᠡᠶᠢᠮᠦ ᠳᠦ ᠣᠷᠭᠠᠨᠢᠰᠮ ᠂ ᠣᠷᠴᠢᠨ ᠬᠣᠶᠠᠷ ᠤᠨ ᠬᠠᠷᠢᠯᠴᠠᠭᠠᠨ ᠤ ᠲᠤᠬᠠᠢ ᠡᠺᠣᠯᠣᠬᠢ ᠵᠢᠨ  ᠰᠢᠨᠵᠢᠯᠡᠬᠦ ᠤᠬᠠᠭᠠᠨ ᠤ ᠲᠣᠳᠣᠷᠬᠠᠶᠢᠯᠠᠯᠲᠠ ᠪᠠᠶᠠᠵᠢᠵᠤ ᠂ ᠬᠠᠮᠤᠷᠬᠤ ᠬᠦᠷᠢᠶ᠎ᠡ ᠨᠢ ᠥᠷᠭᠡᠰᠴᠦ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠬᠢᠷᠭᠢᠰ ᠦᠨᠳᠦᠰᠦᠲᠡᠨ
ᠬᠢᠷᠭᠢᠰ ᠦᠨᠳᠦᠰᠦᠲᠡᠨ

ᠬᠢᠷᠭᠢᠰ ᠦᠨᠳᠦᠰᠦᠲᠡᠨ ᠨᠢ (ᠠᠩᠭᠯᠢ ᠪᠠᠷ Kyrgyzᠬᠢᠲᠠᠳ ᠢᠶᠠᠷ 吉尔吉斯族) ᠬᠢᠷᠭᠢᠰ ᠤᠯᠤᠰ ᠍ ᠤᠨ ᠦᠨᠳᠦᠰᠦᠨ ᠬᠦᠮᠦᠨ ᠠᠮᠠ ᠪᠠᠶᠢᠵᠤ᠂ ᠲᠦᠷᠦᠭ ᠤᠭᠰᠠᠭ᠎ᠠ ᠲᠠᠢ ᠠᠷᠠᠳ ᠲᠦᠮᠡᠨ ᠪᠢᠯᠡ᠃ ᠪᠦᠷᠢᠳᠬᠡᠯ ᠢ ᠦᠨᠳᠦᠰᠦᠯᠡᠪᠡᠯ᠂ ᠬᠢᠷᠭᠢᠰ ᠦᠨᠳᠦᠰᠦᠲᠡᠨ ᠤ ᠬᠦᠮᠦᠨ ᠠᠮᠠ ᠨᠢ ᠬᠢᠷᠭᠢᠰ ᠤᠯᠤᠰ ᠲᠤ ᠪᠠᠷᠤᠭ 400 ᠲᠦᠮᠡ ᠪᠠᠶᠢᠵᠤ᠂ ᠪᠠᠰᠠ ᠬᠠᠵᠠᠭᠤ ᠬᠠᠪᠢ ᠶᠢᠨ ᠬᠠᠭᠤᠴᠢᠨ ᠵᠦᠪᠯᠡᠯᠲᠦ ᠬᠤᠯᠪᠤᠭᠠᠲᠤ ᠤᠯᠤᠰ᠂ ᠵᠢᠱᠢᠶᠡᠯᠡᠪᠡᠯ᠂ ᠦᠽᠡᠪᠸᠺᠢᠰᠲᠠᠨᠣᠷᠣᠰᠲᠠᠵᠢᠺᠢᠰᠲᠠᠨ ᠪᠠ ᠳᠤᠮᠳᠠᠳᠤ ᠤᠯᠤᠰ ᠤᠨ ᠰᠢᠨᠵᠢᠶᠠᠩ ᠤᠨ ᠤᠶᠢᠭᠤᠷ ᠦᠨᠳᠦᠰᠦᠲᠡᠨ ᠤ ᠦᠪᠡᠷᠲᠡᠭᠡᠨ ᠵᠠᠰᠠᠬᠤ ᠤᠷᠤᠨ ᠵᠡᠷᠭᠡ ᠭᠠᠵᠠᠷ ᠶᠢᠡᠷ ᠬᠡᠳᠤᠨ ᠠᠷᠪᠠᠨ ᠲᠦᠮᠡᠨ ᠬᠦᠮᠦᠨ ᠠᠮᠠ ᠲᠠᠷᠬᠠᠨ ᠠᠮᠢᠳᠤᠷᠠᠵᠤ᠂ ᠪᠦᠭᠦᠲᠡ ᠨᠠᠶᠢᠷᠠᠮᠳᠠᠲᠤ ᠳᠤᠮᠳᠠᠳᠤ ᠠᠷᠠᠳ ᠤᠯᠤᠰ ᠤᠨ ᠬᠢᠯᠢ ᠳᠤ ᠤᠷᠤᠰᠢᠨ ᠰᠠᠭᠤᠭ᠎ ᠠ ᠭᠢᠷᠭᠢᠰᠴᠤᠳ ᠨᠢ ᠳᠤᠮᠳᠠᠳᠤ ᠤᠯᠤᠰ ᠤᠨ ᠍56 ᠦᠨᠳᠦᠰᠦᠲᠡᠨ ᠤ ᠨᠢᠭᠡᠨ ᠭᠡᠰᠢᠭᠦᠨ ᠨᠢ ᠪᠤᠯᠳᠠᠭ᠃ ᠲᠥᠷᠥᠯᠬᠢ ᠬᠢᠷᠭᠢᠰ ᠬᠡᠯᠡ ᠨᠢ ᠠᠯᠲᠠᠢ ᠢᠵᠠᠭᠤᠷ ᠤᠨ ᠲᠦᠷᠦᠭ ᠰᠠᠯᠪᠤᠷᠢ ᠶᠢᠨ ᠺᠤᠫᠴᠠᠺ ᠪᠦᠯᠦᠭ ᠲᠦ ᠬᠠᠮᠢᠶᠠᠷᠳᠠᠭ᠃ ᠬᠢᠷᠭᠢᠰ ᠠᠷᠠᠳ ᠤᠨ ᠤᠷᠠᠯᠢᠭ ᠤᠨ ᠨᠣᠶᠠᠨ ᠣᠷᠭᠢᠯ ᠨᠢ «ᠮᠠᠨᠠᠰ» ᠲᠤᠤᠯᠢ ᠪᠤᠯᠤᠨ᠎ ᠠ᠃ ᠡᠨᠡ ᠲᠤᠤᠯᠢ ᠨᠢ ᠬᠠᠮᠤᠭ ᠤᠨ ᠤᠷᠲᠤ ᠪᠤᠶᠤ 100 ᠲᠦᠮᠡᠨ ᠳᠠᠪᠠᠭᠰᠠᠨ ᠮᠥᠷ ᠦᠨ ᠲᠣᠭ᠎ᠠ ᠪᠠᠷ ᠶᠢᠡᠨ ᠭᠢᠨᠢᠰ ᠦᠨ ᠨᠣᠮ ᠳᠤ ᠲᠡᠮᠳᠡᠭᠯᠡᠭᠳᠡᠭᠰᠡᠨ ᠪᠥᠭᠡᠳ ᠤᠯᠠᠨ ᠤᠯᠤᠰ ᠤᠨ ᠰᠤᠷᠭᠠᠨ ᠬᠦᠮᠦᠵᠢᠯ᠂ ᠰᠢᠨᠵᠢᠯᠡᠬᠦ ᠤᠬᠠᠭᠠᠨ ᠪᠠ ᠰᠤᠶᠤᠯ ᠤᠨ ᠪᠠᠶᠢᠭᠤᠯᠤᠯᠭ᠎ ᠠ(United Nations Educational Scientific and Cultural Organization) ᠍ ᠶᠢᠨ ᠳᠡᠯᠡᠬᠡᠢ ᠶᠢᠨ ᠪᠤᠳᠠᠰ ᠤᠨ ᠪᠤᠰᠤ ᠰᠤᠶᠤᠯ ᠤᠨ ᠥᠪ ᠦᠨ ᠵᠢᠭ᠌ᠰᠠᠭᠠᠯᠳᠠᠨ ᠳᠤ ᠪᠠᠰᠠ ᠪᠦᠷᠢᠳᠬᠡᠭᠳᠡᠵᠡᠢ᠃ (ᠪᠦᠷᠢᠨ ᠠᠭᠤᠯᠭ᠎ᠠ ᠶᠢ ᠤᠩᠰᠢᠬᠤ)

ᠬᠣᠭ ᠬᠠᠶᠠᠭᠳᠠᠯ
ᠬᠣᠭ ᠬᠠᠶᠠᠭᠳᠠᠯ

ᠬᠣᠭ ᠬᠠᠶᠠᠭᠳᠠᠯ ᠬᠢᠲᠠᠳ ᠢᠶᠠᠷ 垃圾︶ ᠨᠢ ᠬᠡᠷᠡᠭᠯᠡᠭᠳᠡᠬᠦ ᠦᠭᠡᠢ ᠪᠣᠯᠤᠭᠰᠠᠨ ᠡᠳ᠋ ᠶᠠᠭᠤᠮᠠᠰ ᠢ ᠬᠡᠯᠡᠨ᠎ᠡ᠃ ᠬᠣᠭ ᠬᠠᠶᠠᠭᠳᠠᠯ ᠢ ᠠᠬᠤᠢ ᠶᠢᠨ ᠬᠣᠭ ᠬᠠᠶᠠᠭᠳᠠᠯ᠂ ᠠᠶᠤᠯᠲᠠᠢ ᠬᠣᠭ ᠬᠠᠶᠠᠭᠳᠠᠯ᠂ ᠪᠠᠷᠢᠯᠭ᠎ᠠ ᠶᠢᠨ ᠬᠣᠭ ᠬᠠᠶᠠᠭᠳᠠᠯ᠂ ᠡᠷᠡᠭᠦᠯ ᠮᠡᠨᠳᠦ ᠶᠢᠨ ᠪᠠᠶᠢᠭᠤᠯᠤᠯᠭ᠎ᠠ ᠶᠢᠨ ᠲᠤᠰᠬᠠᠢ ᠬᠣᠭ ᠬᠠᠶᠠᠭᠳᠠᠯ᠂ ᠳᠠᠬᠢᠨ ᠠᠰᠢᠭᠯᠠᠭᠳᠠᠬᠤ ᠪᠣᠯᠤᠮᠵᠢ ᠲᠠᠢ ᠬᠣᠭ ᠬᠠᠶᠠᠭᠳᠠᠯ ᠵᠡᠷᠭᠡ ᠳᠦ ᠬᠤᠪᠢᠶᠠᠷᠠᠯᠠᠨ᠎ᠠ᠃ ᠬᠣᠭ ᠬᠠᠶᠠᠭᠳᠠᠯ ᠢ ᠪᠠᠭᠤᠷᠠᠭᠤᠯᠬᠤ᠂ ᠠᠩᠭᠢᠯᠠᠬᠤ᠂ ᠴᠤᠭᠯᠠᠭᠤᠯᠬᠤ᠂ ᠲᠡᠭᠡᠭᠡᠪᠦᠷᠢᠯᠡᠬᠦ᠂ ᠬᠠᠳᠠᠭᠠᠯᠠᠬᠤ᠂ ᠳᠠᠪᠲᠠᠨ ᠪᠣᠯᠪᠠᠰᠤᠷᠠᠭᠤᠯᠬᠤ᠂ ᠡᠷᠭᠢᠭᠦᠯᠦᠨ ᠠᠰᠢᠭᠯᠠᠬᠤ᠂ ᠤᠰᠠᠳᠬᠠᠬᠤ᠂ ᠡᠺᠰᠫᠣᠷᠲᠯᠠᠬᠤ (输出) ᠪᠣᠯᠤᠨ ᠬᠣᠭ ᠬᠠᠶᠠᠭᠳᠠᠯ ᠢ ᠢᠮᠫᠤᠷᠲᠯᠠᠬᠤ (输入)᠂ ᠬᠢᠯᠢ ᠳᠠᠮᠵᠢᠭᠤᠯᠤᠨ ᠲᠡᠭᠡᠭᠡᠪᠦᠷᠢᠯᠡᠬᠦ  ᠵᠡᠷᠭᠡ ᠨᠢ ᠳᠡᠯᠡᠬᠡᠢ ᠶᠢᠨ ᠴᠢᠨᠠᠷᠲᠠᠢ ᠠᠰᠠᠭᠤᠳᠠᠯ ᠤᠳ ᠪᠤᠯᠵᠤ ᠪᠠᠶᠢᠭ᠎ᠠ ᠶᠤᠮ᠃ (ᠪᠦᠷᠢᠨ ᠠᠭᠤᠯᠭ᠎ᠠ ᠶᠢ ᠤᠩᠰᠢᠬᠤ)

ᠺᠣᠮᠫᠢᠶᠦ᠋ᠲ᠋ᠧᠷ ᠦᠨ ᠰᠦᠯᠵᠢᠶ᠎ᠡ
ᠺᠣᠮᠫᠢᠦ᠋ᠲ᠋ᠸᠷ ᠦᠨ ᠰᠦᠯᠵᠢᠶᠡᠨ ᠦ ᠰᠢᠢᠳᠦᠯ ᠦᠳ

ᠺᠣᠮᠫᠢᠦ᠋ᠲ᠋ᠸᠷ ᠦᠨ ᠰᠦᠯᠵᠢᠶ᠎ᠡ ᠭᠡᠳᠡᠭ ᠨᠢ ᠬᠣᠯᠪᠣᠯᠲᠠ ᠶᠢᠨ ᠰᠤᠪᠠᠭ ᠤᠳ ᠢ ᠠᠰᠢᠭᠯᠠᠨ ᠬᠣᠯᠪᠣᠭᠳᠠᠭᠰᠠᠨ ᠺᠣᠮᠫᠢᠦ᠋ᠲ᠋ᠸᠷ᠂ ᠪᠤᠰᠤᠳ ᠮᠡᠳᠡᠭᠡᠯᠡᠯ ᠦᠨ ᠲᠥᠬᠥᠭᠡᠷᠦᠮᠵᠢ ᠨᠦᠭᠦᠳ ᠦᠨ (ᠬᠡᠪᠯᠡᠭᠴᠢ (打印机)᠂ ᠺᠠᠮᠧᠷ (相机)) ᠴᠣᠭᠴᠠᠯᠠᠪᠤᠷᠢ ᠪᠠᠶᠢᠭᠤᠯᠤᠮᠵᠢ ᠺᠠᠪᠧᠯ (光缆) ᠢᠶᠠᠷ ᠪᠣᠯᠤᠨ ᠠᠭᠠᠷ ᠢᠶᠠᠷ ᠳᠣᠯᠭᠢᠶᠠᠨ ᠢᠶᠠᠷ ᠬᠣᠯᠪᠣᠭᠳᠠᠵᠤ ᠠᠵᠢᠯᠯᠠᠬᠤ ᠶᠢ ᠬᠡᠯᠡᠨ᠎ᠡ᠃ ᠺᠣᠮᠫᠢᠦ᠋ᠲ᠋ᠸᠷ ᠦᠨ ᠰᠦᠯᠵᠢᠶᠡᠨ ᠦ ᠠᠴᠢ ᠪᠠᠷ ᠬᠣᠭᠣᠷᠣᠨᠳᠣ ᠪᠠᠨ ᠬᠣᠯᠪᠣᠭᠳᠠᠭᠰᠠᠨ ᠲᠥᠬᠥᠭᠡᠷᠦᠮᠵᠢ ᠨᠦᠭᠦᠳ ᠨᠢ ᠮᠡᠳᠡᠭᠡᠯᠡᠯ ᠦᠨ ᠨᠥᠭᠡᠴᠡ ᠪᠠ ᠪᠣᠯᠤᠮᠵᠢ ᠨᠤᠭᠤᠳ ᠢ ᠬᠣᠭᠣᠷᠣᠨᠳᠣ ᠪᠠᠨ ᠬᠤᠪᠢᠶᠠᠯᠴᠠᠵᠤ ᠬᠦᠮᠦᠨ ᠦ ᠪᠦᠲᠦᠭᠡᠮᠵᠢ ᠶᠢ ᠥᠰᠬᠡᠵᠦ᠂ ᠮᠡᠳᠡᠭᠡᠯᠡᠯ ᠢ ᠤᠯᠠᠮ ᠪᠠᠶᠠᠵᠢᠭᠤᠯᠵᠤ ᠴᠢᠨᠠᠷᠵᠢᠭᠤᠯᠵᠤ ᠥᠭᠳᠡᠭ᠃ 1960 ᠍ ᠊ᠭᠠᠳ ᠣᠨ ᠤ ᠦᠶ᠎ᠡ ᠳᠦ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠪᠠᠲᠤᠯᠠᠨ ᠬᠠᠮᠠᠭᠠᠯᠠᠬᠤ ᠶᠠᠮᠤᠨ ᠤ ᠬᠡᠷᠡᠭᠯᠡᠬᠦ ᠵᠣᠷᠢᠭᠤᠯᠤᠯᠲᠠ ᠪᠠᠷ ᠳᠡᠪᠰᠢᠯᠲᠡᠲᠦ ᠰᠤᠳᠤᠯᠭᠠᠨ ᠤ ᠲᠥᠰᠥᠯ ᠦᠳ ᠦᠨ ᠠᠭᠧᠨᠲᠯᠢᠭ ᠤᠨ ᠰᠦᠯᠵᠢᠶ᠎ᠡ (Advanced Research Projects Agency Network, ARPANET) ᠍(高级研究项目局-NET) ᠢ ᠡᠬᠢᠯᠡᠭᠦᠯᠵᠡᠢ᠃ ᠡᠨᠡ ᠨᠢ ᠳᠡᠯᠡᠬᠡᠢ ᠶᠢᠨ ᠠᠩᠬᠠᠨ ᠤ ᠺᠣᠮᠫᠢᠦ᠋ᠲ᠋ᠸᠷ ᠦᠨ ᠰᠦᠯᠵᠢᠶ᠎ᠡ ᠪᠠᠶᠢᠪᠠ᠃ 1960 ᠍ ᠊ᠭᠠᠳ ᠣᠨ ᠤ ᠦᠶ᠎ᠡ ᠳᠦ ᠬᠥᠭᠵᠢᠭᠦᠯᠦᠭᠰᠡᠨ ᠵᠠᠭᠪᠤᠷ ᠤᠳ ᠤᠨ ᠳᠠᠭᠠᠤ ᠰᠦᠯᠵᠢᠶ᠎ᠡ ᠶᠢ 1969 ᠣᠨ ᠠᠴᠠ ᠬᠥᠭᠵᠢᠭᠦᠯᠵᠦ ᠡᠬᠢᠯᠡᠵᠡᠢ᠃ (ᠪᠦᠷᠢᠨ ᠠᠭᠤᠯᠭ᠎ᠠ ᠶᠢ ᠤᠩᠰᠢᠬᠤ)

ᠤᠷᠤᠭ ᠲᠥᠷᠥᠯ
ᠤᠷᠤᠭ ᠲᠥᠷᠥᠯ

ᠤᠷᠤᠭ ᠲᠥᠷᠥᠯ (ᠬᠢᠲᠠᠳ ᠢᠶᠠᠷ 亲属ᠠᠩᠭᠯᠢ ᠪᠠᠷ kinship)᠎ ᠤᠨ ᠬᠡᠯᠬᠢᠶ᠎ᠡ ᠬᠣᠯᠪᠣᠭ᠎ᠠ ᠶᠢ ᠮᠣᠩᠭᠣᠯᠴᠤᠳ ᠬᠦᠮᠦᠨ ᠦ ᠡᠰᠢ᠂ ᠤᠷᠤᠭ ᠤᠳᠤᠮ ᠭᠡᠵᠦ ᠬᠣᠶᠠᠷ ᠠᠢ ᠪᠦᠯᠦᠭ ᠪᠣᠯᠭᠠᠵᠤ ᠂ ᠡᠰᠢᠨ ᠳᠦ ᠡᠷᠡᠭᠲᠡᠢ ᠶᠢᠨ᠂ ᠤᠷᠤᠭ ᠤᠳᠤᠮ ᠳᠤ ᠡᠮᠡᠭᠲᠡᠢ ᠶᠢᠨ ᠲᠠᠯ᠎ᠠ ᠶᠢ ᠬᠠᠮᠢᠶᠠᠷᠤᠭᠤᠯᠤᠨ ᠬᠡᠯᠡᠯᠴᠡᠳᠡᠭ ᠵᠢᠷᠤᠮ ᠵᠠᠩᠰᠢᠯ ᠲᠠᠢ ᠶᠤᠮ᠃ ᠬᠦᠮᠦᠨ ᠦ ᠤᠷᠤᠭ ᠨᠢ ᠶᠠᠰᠤᠨ ᠲᠥᠷᠥᠯ᠂ ᠴᠢᠰᠤᠨ ᠲᠥᠷᠥᠯ᠂ ᠮᠢᠬᠠᠨ ᠲᠥᠷᠥᠯ ᠭᠡᠵᠦ ᠢᠯᠭᠠᠭᠳᠠᠳᠠᠭ ᠪᠥᠭᠡᠳ ᠡᠴᠢᠭᠡ ᠶᠢᠨ ᠲᠠᠯ᠎ᠠ ᠶᠢ 《ᠶᠠᠰᠤᠨ》᠂ ᠡᠬᠡ ᠶᠢᠨ ᠲᠠᠯ᠎ᠠ ᠶᠢ 《ᠴᠢᠰᠤᠨ》᠂ ᠦᠷ᠎ᠡ ᠬᠡᠦᠬᠡᠳ ᠢᠶᠡᠨ 《ᠮᠢᠬᠠᠨ》 ᠲᠥᠷᠥᠯ ᠳᠦ ᠬᠠᠮᠢᠶᠠᠷᠤᠭᠤᠯᠳᠠᠭ᠃ 《ᠶᠠᠰᠤᠨ》 ᠲᠥᠷᠥᠯ ᠦᠨ ᠭᠣᠣᠯ ᠵᠠᠩᠭᠢᠯᠠᠭ᠎ᠠ ᠨᠢ ᠡᠴᠢᠭᠡ᠂ 《ᠴᠢᠰᠤᠨ》 ᠲᠥᠷᠥᠯ ᠦᠨ ᠬᠢ ᠨᠢ ᠡᠬᠡ ᠶᠤᠮ᠃ ᠶᠠᠰᠤᠨ ᠲᠥᠷᠥᠯ ᠦᠨ ᠬᠠᠵᠠᠭᠤ ᠱᠤᠭᠤᠮ ᠠᠪᠠᠭ᠎ᠠ᠂ ᠴᠢᠰᠤᠨ ᠲᠥᠷᠥᠯ ᠦᠨ ᠬᠢ ᠨᠠᠭᠠᠴᠤ ᠪᠣᠯᠤᠨ᠎ᠠ᠃ ᠡᠭᠦᠨ ᠳᠦ ᠲᠥᠷᠥᠯ ᠭᠡᠳᠡᠭ ᠨᠢ ᠡᠴᠢᠭᠡ ᠶᠢᠨ ᠲᠠᠯ᠎ᠠ ᠶᠢᠨ ᠨᠢᠭᠡ ᠣᠪᠤᠭ ᠤᠭᠰᠠᠭᠠᠨ ᠤ ᠶᠠᠰᠤᠨ ᠲᠥᠷᠥᠯ ᠦᠨ ᠬᠢᠨ ᠪᠣᠯᠤᠨ᠎ᠠ᠃ ᠰᠠᠳᠤᠨ ᠭᠡᠳᠡᠭ ᠨᠢ ᠡᠬᠡ ᠶᠢᠨ ᠲᠠᠯ᠎ᠠ ᠶᠢᠨ ᠨᠠᠭᠠᠴᠤ ᠨᠠᠷ ᠪᠣᠯᠤᠨ ᠠᠪᠠᠭ᠎ᠠ ᠡᠭᠡᠴᠢ ᠨᠠᠷ ᠬᠦᠷᠭᠡᠳ ᠪᠠ ᠲᠡᠳᠡᠨ ᠦ ᠬᠡᠦᠬᠡᠳ ᠪᠠᠭᠠᠳᠤᠨ᠎ᠠ᠃ ᠰᠦᠯᠪᠡᠭᠡ(ᠬᠣᠯᠠ ᠶᠢᠨ ᠰᠠᠳᠤᠨ ᠪᠣᠶᠤ ᠳᠠᠮ ᠰᠠᠳᠤᠨ ᠴᠤ ᠬᠡᠯᠡᠳᠡᠭ) ᠨᠢ ᠡᠴᠢᠭᠡ ᠡᠬᠡ ᠶᠢᠨ ᠲᠥᠷᠥᠯ ᠰᠠᠳᠤᠨ ᠠᠴᠠ ᠬᠣᠯᠠᠳᠠᠭᠤ ᠥᠭᠡᠷ᠎ᠡ ᠣᠪᠤᠭ ᠤᠨ ᠬᠠᠮᠢᠶᠠᠲᠠᠨ ᠪᠣᠯᠤᠨ᠎ᠠ᠃ ᠬᠤᠳᠠ᠂ ᠬᠤᠳᠳᠤᠭᠠᠢ ᠭᠡᠵᠦ ᠪᠡᠷᠢ ᠪᠣᠭᠲᠣᠯᠠᠨ ᠠᠪᠴᠤ᠂ ᠤᠬᠢᠨ ᠶᠢᠡᠨ ᠪᠠᠭᠤᠯᠭᠠᠨ ᠥᠭᠭᠦᠭᠰᠡᠨ ᠬᠣᠶᠠᠷ ᠲᠠᠯ᠎ᠠ ᠶᠢᠨ ᠬᠢᠨ ᠪᠡᠶ᠎ᠡ ᠪᠡᠶᠡᠨ ᠳᠦ ᠪᠡᠨ ᠬᠤᠳᠠ ᠤᠷᠤᠭ ᠪᠣᠯᠤᠯᠴᠠᠨ᠎ᠠ᠃ ᠮᠣᠩᠭᠣᠯᠴᠤᠳ 《ᠤᠳᠤᠮ ᠤᠭᠰᠠᠭ᠎ᠠ ᠶᠢ ᠪᠠᠨ ᠮᠡᠳᠡᠬᠦ ᠦᠭᠡᠢ ᠬᠦᠮᠦᠨ ᠣᠢ ᠳᠤ ᠲᠥᠭᠡᠷᠢᠭᠰᠡᠨ ᠪᠡᠴᠢ ᠯᠤᠭ᠎ᠠ ᠠᠳᠠᠯᠢ》 ᠬᠡᠮᠡᠨ ᠶᠠᠷᠢᠳᠠᠭ ᠪᠥᠭᠡᠳ ᠨᠥᠭᠥᠭᠡ ᠲᠠᠯ᠎ᠠ ᠠᠴᠠ ᠬᠦᠮᠦᠨ ᠪᠦᠷᠢ ᠥᠪᠡᠷ ᠦᠨ ᠤᠭ ᠦᠨᠳᠦᠰᠦ᠂ ᠤᠷᠤᠭ ᠲᠥᠷᠥᠯ ᠢᠶᠡᠨ ᠰᠠᠶᠢᠲᠤᠷ ᠮᠡᠳᠡᠨ᠂ ᠦᠷ᠎ᠡ ᠵᠠᠯᠭᠠᠮᠵᠢ ᠳᠤ ᠪᠠᠨ ᠤᠴᠢᠷ ᠲᠡᠦᠬᠡ ᠶᠢ ᠨᠢ ᠵᠥᠪ ᠤᠬᠠᠭᠠᠷᠠᠭᠤᠯᠳᠠᠭ ᠤᠯᠠᠮᠵᠢᠯᠠᠯ ᠲᠠᠢ ᠪᠢᠯᠡ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠲᠡᠦᠬᠡᠨ ᠪᠢᠴᠢᠭ ᠦᠰᠦᠭ ᠦᠳ
ᠮᠣᠩᠭᠣᠯ ᠲᠡᠦᠬᠡᠨ ᠪᠢᠴᠢᠭ ᠦᠰᠦᠭ ᠦᠳ

ᠤᠯᠠᠨ ᠵᠠᠭᠤᠨ ᠤ ᠲᠤᠷᠰᠢᠳᠠ ᠮᠣᠩᠭᠣᠯ ᠬᠡᠯᠡ ᠵᠢ ᠪᠢᠴᠢᠭ ᠲᠦ ᠪᠠᠭᠤᠯᠭᠠᠬᠤ ᠲᠥᠷᠥᠯ ᠪᠦᠷᠢ ᠶᠢᠨ ᠰᠢᠰᠲ᠋ᠧᠮ ᠦᠳ ᠵᠣᠬᠢᠶᠠᠭᠳᠠᠭᠰᠠᠭᠠᠷ ᠢᠷᠡᠵᠡᠢ᠃ ᠬᠠᠮᠤᠭ  ᠤᠨ ᠬᠠᠭᠤᠴᠢᠨ  ᠪᠣᠯᠬᠤ ᠮᠣᠩᠭᠣᠯ ᠪᠢᠴᠢᠭᠨᠢ ᠣᠳᠣ ᠬᠦᠷᠲᠡᠯ᠎ᠡ ᠬᠡᠷᠡᠭᠯᠡᠳᠡᠭᠰᠡᠭᠡᠷ ᠪᠠᠢ᠋ᠵᠤ ᠬᠠᠮᠤᠭ ᠤᠨ ᠶᠡᠬᠡ ᠠᠮᠵᠢᠯᠲᠠ ᠣᠯᠤᠭᠰᠠᠨ ᠰᠢᠰᠲ᠋ᠧᠮ ᠪᠤᠯᠵᠠᠢ᠃ ᠮᠣᠩᠭᠣᠯ ᠪᠢᠴᠢᠭ ᠢ ᠥᠭᠡᠷ᠎ᠡ ᠪᠡᠷ ᠪᠣᠰᠤᠭ᠎ᠠ ᠪᠢᠴᠢᠭ᠂ ᠬᠠᠭᠤᠴᠢᠨ ᠮᠣᠩᠭᠣᠯ ᠪᠢᠴᠢᠭ᠂ ᠤᠶᠢᠭᠤᠷᠵᠢᠨ ᠪᠢᠴᠢᠭ ᠭᠡᠵᠦ ᠣᠯᠠᠨ ᠶᠠᠩᠵᠤ ᠪᠠᠷ ᠨᠡᠷᠡᠯᠡᠳᠡᠭ᠃ ᠮᠣᠩᠭᠣᠯ ᠶᠡᠬᠡ ᠭᠦᠷᠦᠨ ᠮᠥᠬᠦᠭᠰᠡᠨ ᠦ ᠳᠠᠷᠠᠭᠠᠬᠢ ᠬᠣᠶᠠᠷ ᠵᠠᠭᠤᠨ ᠵᠢᠯ ᠳᠤ ᠮᠣᠩᠭᠣᠯᠴᠤᠳ ᠤᠨ ᠳᠤᠮᠳᠠ ᠤᠳᠬ᠎ᠠ ᠵᠣᠬᠢᠶᠠᠯ᠂ ᠣᠷᠴᠢᠭᠤᠯᠭ᠎ᠠ ᠶᠢᠨ ᠠᠵᠢᠯ ᠲᠠᠰᠤᠯᠳᠠᠵᠤ ᠵᠣᠭᠰᠣᠭᠰᠠᠨ ᠦᠭᠡᠢ᠂ ᠬᠠᠷᠢᠨ ᠪᠠᠭ᠎ᠠ ᠬᠡᠮᠵᠢᠶ᠎ᠡ ᠪᠡᠷ ᠪᠣᠯᠪᠠᠴᠤ ᠦᠷᠭᠦᠯᠵᠢᠯᠡᠨ ᠶᠠᠪᠤᠭᠳᠠᠵᠤ ᠪᠠᠶᠢᠭᠰᠠᠨ ᠢ 1944 ᠣᠨ ᠳᠤ ᠥᠪᠥᠷ ᠮᠣᠩᠭᠣᠯ ᠤᠨ ᠣᠯᠠᠨ ᠰᠦᠮ᠎ᠡ ᠶᠢᠨ ᠨᠤᠷᠠᠩᠬᠠᠢ ᠰᠤᠪᠤᠷᠭᠠᠨ ᠠᠴᠠ ᠣᠯᠳᠠᠭᠰᠠᠨ 211 ᠭᠠᠷ ᠪᠢᠴᠢᠮᠡᠯ ᠲᠠᠰᠤᠷᠬᠠᠢ ᠬᠠᠭᠤᠳᠠᠰᠤᠨ ᠨᠤᠭᠤᠳ ᠤᠨ ᠪᠣᠭᠣᠳᠠᠯ ᠭᠡᠷᠡᠴᠢᠯᠡᠵᠦ ᠪᠠᠶᠢᠭ᠎ᠠ ᠶᠤᠮ᠃ (ᠪᠦᠷᠢᠨ ᠠᠭᠤᠯᠭ᠎ᠠ ᠶᠢ ᠤᠩᠰᠢᠬᠤ)

ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ
ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ

ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠨᠢ 960 ᠲᠦᠮᠡᠨ ᠬᠠᠪᠲᠠᠭᠠᠢ ᠲᠦᠷᠪᠡᠯᠵᠢᠨ ᠭᠠᠵᠠᠷ ᠨᠤᠲᠤᠭ ᠲᠠᠢ ᠪᠠᠶᠢᠵᠤ᠂ ᠳᠡᠯᠡᠬᠡᠢ ᠶᠢᠨ ᠤᠯᠤᠰ ᠣᠷᠣᠨ ᠨᠤᠭᠤᠳ ᠤᠨ ᠳᠤᠲᠤᠷ᠎ ᠠ ᠣᠷᠣᠰ ᠪᠤᠯᠤᠨ ᠺᠠᠨᠠᠳᠠ ᠬᠣᠶᠠᠷ ᠤᠨ ᠳᠠᠷᠠᠭ᠎ ᠠ᠂ ᠠᠮᠧᠷᠢᠺᠠ ᠲᠠᠢ ᠵᠡᠷᠭᠡᠴᠡᠵᠦ᠂ 3 ᠳ᠋ᠤᠭᠠᠷ ᠲᠤ ᠵᠢᠭᠰᠠᠳᠠᠭ᠃ ᠳᠤᠮᠳᠠᠳᠤ ᠤᠯᠤᠰ ᠤᠨ ᠬᠦᠮᠦᠨ ᠠᠮᠠ ᠶᠢᠨ ᠲᠤᠭ᠎ ᠠ ᠨᠢ 13 ᠳ᠋ᠦᠩᠰᠢᠭᠤᠷ ᠪᠠᠶᠢᠵᠤ᠂ ᠳᠡᠯᠡᠬᠡᠢ ᠶᠢᠨ ᠬᠠᠮᠤᠭ ᠤᠯᠠᠨ ᠬᠦᠮᠦᠨ ᠠᠮᠠ ᠲᠠᠢ ᠤᠯᠤᠰ ᠪᠢᠯᠡ᠃ ᠳᠤᠮᠳᠠᠳᠤ ᠤᠯᠤᠰ ᠨᠢ ᠠᠽᠢᠶ᠎ᠠ ᠲᠢᠪ ᠶᠢᠨ ᠲᠥᠪᠵᠡᠭᠦᠨ ᠪᠡᠶ᠎ᠡ ᠳᠦ ᠣᠷᠣᠰᠢᠳᠠᠭ᠃ ᠬᠦᠮᠦᠨ ᠠᠮᠠ ᠶᠢᠨ ᠵᠤᠩᠬᠢᠯᠠᠬᠤ ᠬᠡᠰᠡᠭ ᠨᠢ ᠬᠢᠲᠠᠳ ᠦᠨᠳᠦᠰᠦᠲᠡᠨ ᠶᠢᠡᠷ ᠭᠤᠤᠯᠯᠠᠵᠤ᠂ ᠠᠯᠪᠠᠨ ᠶᠣᠰᠣᠨ ᠤ ᠤᠯᠤᠰ ᠤᠨ ᠬᠡᠯᠡ ᠨᠢ ᠬᠢᠲᠠᠳ ᠬᠡᠯᠡ ᠪᠢᠯᠡ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠨᠢ 1949 ᠣᠨ ᠤ 10 ᠍ᠰᠠᠷ᠎ᠠ ᠶᠢᠨ 1 ᠤ ᠡᠳᠦᠷ ᠪᠠᠶᠢᠭᠤᠯᠤᠭᠳᠠᠵᠠᠢ᠃ ᠳᠤᠮᠳᠠᠳᠤ ᠤᠯᠤᠰ  ᠨᠢ 960 ᠲᠦᠮᠡᠨ ᠬᠠᠪᠳᠠᠭᠠᠢ ᠳᠦᠷᠪᠡᠯᠵᠢᠨ ᠺᠢᠯᠣᠮᠧᠲ᠋ᠷ ᠲᠠᠯᠠᠪᠠᠢ ᠲᠠᠢ ᠦᠷᠭᠡᠨ ᠠᠭᠤᠳᠠᠮ ᠪᠠᠶᠢᠭᠠᠯᠢ ᠨᠤᠲᠤᠭ ᠪᠠᠶᠢᠳᠠᠭ ᠪᠤᠯᠬᠤᠷ᠂ ᠣᠯᠠᠨ ᠶᠠᠩᠵᠤ ᠶᠢᠨ ᠭᠠᠵᠠᠷ ᠵᠦᠢ ᠶᠢᠨ ᠪᠠᠶᠢᠴᠠ ᠲᠠᠢ ᠪᠠᠶᠢᠳᠠᠭ᠃ ᠪᠠᠷᠠᠭᠤᠨ ᠬᠢᠯᠢ ᠬᠢᠵᠠᠭᠠᠷ ᠲᠤ ᠭᠢᠮᠠᠯᠢᠶ ᠠᠺᠠᠷᠠᠺᠣᠷᠣᠮᠫᠠᠮᠢᠷᠲᠩᠷᠢ ᠠᠭᠤᠯᠠᠭᠦᠢᠯᠢᠨᠬᠥᠬᠡᠨᠠᠭᠤᠷ ᠲᠥᠪᠡᠳ ᠦᠨ ᠥᠨᠳᠥᠷᠯᠢᠭ ᠵᠡᠷᠭᠡ ᠠᠭᠤᠯᠠᠷᠬᠠᠭ ᠣᠷᠣᠨ ᠪᠠᠶᠢᠵᠤ ᠂ ᠪᠠᠷᠠᠭᠤᠨ ᠬᠤᠶᠢᠲᠤ ᠬᠢᠵᠠᠭᠠᠷ ᠢᠶᠠᠷ ᠲᠠᠺᠠᠯᠢᠮᠠᠺᠠᠨᠭᠣᠪᠢ ᠵᠡᠷᠭᠡ ᠭᠣᠪᠢ ᠴᠥᠯ ᠤᠳ ᠪᠠᠶᠢᠳᠠᠭ᠃ ᠵᠡᠭᠦᠨ ᠡᠮᠦᠨᠡᠲᠤ ᠬᠡᠰᠡᠭ ᠢᠶᠠᠷ ᠬᠥᠬᠡ ᠮᠥᠷᠡᠨᠬᠠᠲᠤᠨ ᠭᠤᠤᠯ ᠭᠡᠵᠦ ᠳᠡᠯᠡᠬᠡᠢ ᠶᠢᠨ ᠬᠣᠶᠠᠷ ᠲᠣᠮᠣ ᠮᠥᠷᠡᠨ ᠦ ᠰᠠᠪᠠ ᠭᠠᠵᠠᠷ ᠪᠠᠶᠢᠨ᠎ᠠ᠃ ᠵᠡᠭᠦᠨ ᠡᠷᠭᠢ ᠬᠡᠰᠡᠭ ᠨᠢ ᠬᠡᠳᠦᠨ ᠬᠡᠳᠦᠨ ᠲᠡᠩᠭᠢᠰ ᠢᠶᠡᠷ ᠨᠣᠮᠣᠬᠠᠨ ᠳᠠᠯᠠᠢ ᠳᠤ ᠲᠤᠯᠵᠤ᠂ ᠵᠡᠭᠦᠨ ᠡᠮᠦᠨ᠎ ᠡ ᠡᠴᠡ ᠨᠠᠷᠠ ᠵᠦᠪ ᠲᠤᠭᠤᠷᠢᠭᠰᠠᠨ ᠴᠢᠭᠯᠡᠯ ᠶᠢᠡᠷ᠂ ᠸᠢᠶᠧᠲ᠋ᠨᠠᠮᠯᠠᠤᠤᠪᠢᠷᠮᠪᠤᠲᠤᠩᠡᠨᠡᠳᠬᠡᠭᠨᠢᠫᠸᠯᠫᠠᠺᠢᠰᠲᠠᠨᠠᠹᠭᠠᠨᠢᠰᠲᠠᠨᠲᠠᠵᠢᠺᠢᠰᠲᠠᠨᠬᠢᠷᠭᠢᠰᠲᠠᠨᠬᠠᠰᠠᠭᠰᠲᠠᠨᠮᠣᠩᠭᠣᠯᠣᠷᠣᠰᠤᠮᠠᠷᠠᠲᠤ ᠰᠣᠯᠣᠩᠭᠣᠰ ᠵᠡᠷᠭᠡ 14 ᠤᠯᠤᠰ ᠤᠷᠤᠨ ᠲᠠᠢ ᠡᠬᠡ ᠭᠠᠵᠠᠷ ᠢᠶᠠᠷ ᠬᠢᠯᠢ ᠵᠠᠯᠭᠠᠳᠠᠭ᠃ ᠡᠪ ᠬᠠᠮᠳᠣ ᠤᠯᠤᠰ ᠲᠥᠷᠥ ᠶᠢᠨ ᠳᠢᠭᠯᠢᠮ ᠲᠡᠢ ᠃ ᠡᠳᠦᠭᠡ GDP ᠍ ᠦᠨ ᠬᠡᠮᠵᠢᠶ᠎ᠡ ᠪᠡᠷ ᠳᠡᠯᠡᠬᠡᠢ ᠳᠦ ᠠᠮᠧᠷᠢᠺᠠ ᠶᠢᠨ ᠨᠢᠭᠡᠳᠦᠭᠰᠡᠨ ᠤᠯᠤᠰ ᠍ ᠶᠢᠨ ᠳᠠᠷᠠᠭ᠎ᠠ ᠣᠷᠣᠳᠠᠭ᠃ ᠣᠷᠣᠨ ᠨᠤᠲᠤᠭ ᠢᠶᠠᠨ 5 ᠱᠠᠲᠤ᠂ ᠪᠠᠰᠠ ᠣᠯᠠᠨ ᠨᠢᠭᠡᠴᠡ ᠪᠣᠯᠭᠠᠨ ᠬᠤᠪᠢᠶᠠᠭᠰᠠᠨ ᠪᠠᠶᠢᠳᠠᠭ᠃ ᠨᠢᠭᠡᠳᠦᠭᠡᠷ ᠱᠠᠲᠤᠨ ᠳᠦ 23 ᠮᠤᠵᠢ᠂ 5 ᠥᠪᠡᠷᠲᠡᠭᠡᠨ ᠵᠠᠰᠠᠬᠤ ᠣᠷᠣᠨ᠂ 4 ᠲᠥᠪ ᠡᠴᠡ ᠵᠠᠬᠢᠷᠤᠳᠠᠭ ᠬᠣᠲᠠ᠂ 2 ᠣᠨᠴᠠᠭᠠᠢ ᠵᠠᠬᠢᠷᠭᠠᠳᠤ ᠣᠷᠣᠨ  ᠢ ᠬᠠᠷᠢᠶᠠᠯᠠᠵᠤ ᠪᠠᠶᠢᠨ᠎ᠠ᠃ 13 ᠳ᠋ᠤᠩᠰᠢᠭᠤᠷ ᠬᠦᠮᠦᠨ ᠡᠴᠡ ᠨᠡᠶᠢᠰᠯᠡᠯ ᠪᠡᠭᠡᠵᠢᠩ ᠳᠤ 1800 ᠲᠦᠮᠡ᠂ ᠲᠡᠷᠢᠭᠦᠨ ᠬᠣᠲᠠ ᠱᠠᠩᠬᠠᠢ ᠳᠤ 2300 ᠲᠦᠮᠡ ᠨᠢ ᠠᠮᠢᠳᠤᠷᠠᠳᠠᠭ᠃ (ᠪᠦᠷᠢᠨ ᠠᠭᠤᠯᠭ᠎ᠠ ᠶᠢ ᠤᠩᠰᠢᠬᠤ)

ᠳᠡᠯᠡᠬᠡᠢ ᠶᠢᠨ ᠬᠣᠶᠠᠳᠤᠭᠠᠷ ᠳᠠᠶᠢᠨ
ᠳᠡᠯᠡᠬᠡᠢ ᠶᠢᠨ ᠬᠣᠶᠠᠳᠤᠭᠠᠷ ᠳᠠᠶᠢᠨ

ᠳᠡᠯᠡᠬᠡᠢ ᠶᠢᠨ ᠬᠣᠶᠠᠳᠤᠭᠠᠷ ᠳᠠᠶᠢᠨ ᠨᠢ 1939-1945 ᠬᠣᠭᠤᠷᠤᠨᠳᠤ ᠦᠷᠭᠦᠯᠵᠢᠯᠡᠭᠰᠡᠨ ᠳᠡᠯᠡᠬᠡᠢ ᠳᠠᠬᠢᠨ ᠤ ᠲᠣᠮᠣᠬᠠᠨ ᠵᠥᠷᠢᠴᠡᠯ ᠪᠠᠶᠢᠭᠰᠠᠨ ᠪᠥᠭᠡᠳ ᠬᠦᠮᠦᠨ ᠲᠥᠷᠥᠯᠬᠢᠲᠡᠨ ᠦ ᠲᠡᠦᠬᠡᠨ ᠳ᠋ᠡᠬᠢ ᠬᠠᠮᠤᠭ ᠤᠨ ᠠᠶᠤᠮᠰᠢᠭᠲᠤ ᠳᠠᠶᠢᠨ ᠪᠠᠶᠢᠭᠰᠠᠨ ᠪᠢᠯᠡ᠃ ᠳᠡᠯᠡᠬᠡᠢ ᠶᠢᠨ ᠠᠭᠤᠤ ᠬᠦᠴᠦᠨ ᠨᠦᠭᠦᠳ ᠢ ᠬᠤᠷᠠᠮᠲᠤᠯᠠᠭᠤᠯᠤᠭᠰᠠᠨ ᠡᠨᠡᠬᠦ ᠳᠠᠶᠢᠨ ᠳᠤ ᠤᠯᠤᠰ ᠣᠷᠣᠨ ᠨᠤᠭᠤᠳ 2 ᠬᠡᠰᠡᠭ ᠲᠦ ᠬᠤᠪᠢᠶᠠᠭᠳᠠᠭᠰᠠᠨ ᠨᠢ ᠬᠣᠯᠪᠣᠭᠠᠲᠠᠨ ᠨᠤᠭᠤᠳ ︵同盟国︶ ᠪᠣᠯᠤᠨ ᠲᠡᠩᠬᠡᠯᠢᠭ ᠦᠨ ᠬᠢᠨ ︵轴心国︶ ᠪᠠᠶᠢᠯ᠎ᠠ᠃ ᠡᠨᠡᠬᠦ ᠳᠠᠶᠢᠨ ᠳᠤ 61 ᠤᠯᠤᠰ ᠣᠷᠣᠨ᠂ ᠳᠡᠯᠡᠬᠡᠢ ᠶᠢᠨ ᠬᠦᠮᠦᠨ ᠠᠮᠠ ᠶᠢᠨ 80% ᠰᠢᠬᠠᠮ ᠣᠷᠣᠯᠴᠠᠵᠤ᠂ 110 ᠰᠠᠶ᠎ᠠ ᠭᠠᠷᠤᠢ ᠬᠦᠮᠦᠨ ᠴᠡᠷᠢᠭ ᠦᠨ ᠠᠯᠪᠠᠨ ᠳᠤ ᠲᠠᠲᠠᠭᠳᠠᠵᠠᠢ᠃ ᠨᠡᠶᠢᠲᠡ 60 ᠍ ᠠᠴᠠ ᠢᠯᠡᠭᠦᠦ ᠰᠠᠶ᠎ᠠ ᠬᠦᠮᠦᠨ ᠠᠮᠢ ᠦᠷᠡᠭᠳᠡᠭᠰᠡᠨ ᠦ ᠶᠡᠬᠡᠩᠬᠢ ᠨᠢ ᠡᠩ ᠦᠨ ᠢᠷᠭᠡᠳ ᠪᠠᠶᠢᠭᠰᠠᠨ ᠪᠠ ᠨᠡᠶᠢᠲᠡ ᠬᠦᠮᠦᠨ ᠠᠮᠠ ᠶᠢᠨ 2.5% ᠪᠠᠶᠢᠵᠠᠢ᠃ ᠡᠨᠡᠬᠦ ᠳᠠᠶᠢᠨ ᠨᠢ 1939 ᠣᠨ ᠤ 9 ᠰᠠᠷ᠎ᠠ ᠶᠢᠨ 1 ᠳᠦ ᠭᠧᠷᠮᠠᠨ ᠤᠯᠤᠰ ᠫᠣᠯᠢᠰᠢ ︵波兰︶ ᠤᠷᠤᠭᠤ ᠳᠣᠪᠲᠣᠯᠤᠭᠰᠠᠨ ᠢᠶᠠᠷ ᠡᠬᠢᠯᠡᠭᠰᠡᠨ ᠶᠤᠮ᠃ ᠭᠧᠷᠮᠠᠨ ᠤᠯᠤᠰ ᠤᠨ ᠳᠠᠶᠢᠨ ᠵᠠᠷᠯᠠᠭᠰᠠᠨ ᠢ ᠢᠯᠡᠳᠭᠡᠬᠦ ᠳᠠᠷᠠᠭ᠎ᠠ ᠶᠢᠨ ᠦᠢᠯᠡ ᠠᠵᠢᠯᠯᠠᠭ᠎ᠠ ᠨᠢ ᠹᠷᠠᠨᠼᠢ ᠪᠣᠯᠤᠨ ᠶᠡᠬᠡ ᠪᠷᠢᠲ᠋ᠠᠨ(ᠠᠩᠭᠯᠢ)᠂ ᠲᠡᠭᠦᠨ ᠦ ᠬᠣᠯᠪᠣᠭᠠᠲᠠᠨ ᠤᠯᠤᠰ ᠤᠳ ᠤᠷᠤᠭᠤ ᠳᠣᠪᠲᠣᠯᠤᠭᠰᠠᠨ ᠶᠠᠪᠤᠳᠠᠯ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠳᠠᠰᠢᠳᠣᠷᠵᠢ ᠶᠢᠨ ᠨᠠᠴᠤᠭᠳᠣᠷᠵᠢ
ᠳᠠᠰᠢᠳᠣᠷᠵᠢ ᠶᠢᠨ ᠨᠠᠴᠤᠭᠳᠣᠷᠵᠢ

ᠳᠠᠰᠢᠳᠣᠷᠵᠢ ᠶᠢᠨ ᠨᠠᠴᠤᠭᠳᠣᠷᠵᠢ ᠨᠢ ᠮᠣᠩᠭᠣᠯ ᠤᠨ ᠣᠷᠴᠢᠨ ᠦᠶ᠎ᠡ ᠶᠢᠨ ᠤᠷᠠᠨ ᠵᠣᠬᠢᠶᠠᠯ ᠤᠨ ᠰᠠᠭᠤᠷᠢᠯᠠᠭᠴᠢᠳ ᠦᠨ ᠨᠢᠭᠡ᠂ ᠵᠣᠬᠢᠶᠠᠯᠴᠢ᠂ ᠢᠷᠠᠭᠤ ᠨᠠᠶᠢᠷᠠᠭᠴᠢ ᠪᠠᠶᠢᠪᠠ᠃ ᠨᠠᠴᠤᠭᠳᠣᠷᠵᠢ 1906 ᠣᠨ ᠤ 11 ᠰᠠᠷ᠎ᠠ ᠶᠢᠨ 17 ᠳᠤ ᠬᠠᠭᠤᠴᠢᠨ ᠲᠦᠰᠢᠶᠡᠲᠦ ᠬᠠᠨ ᠠᠶᠢᠮᠠᠭ ᠤᠨ ᠳᠠᠷᠬᠠᠨ ᠴᠢᠨ ᠸᠠᠩ ᠤᠨ ᠬᠣᠰᠢᠭᠤ᠂ ᠡᠳᠦᠭᠡ ᠶᠢᠨ ᠲᠥᠪ ᠠᠶᠢᠮᠠᠭ ᠤᠨ ᠪᠠᠶᠠᠨᠳᠡᠯᠭᠡᠷ ᠰᠤᠮᠤ ᠶᠢᠨ ᠨᠤᠲᠤᠭ ᠬᠤᠨ ᠭᠠᠯᠠᠭᠤᠲᠠᠢ ᠭᠡᠳᠡᠭ ᠭᠠᠵᠠᠷ ᠲᠤ᠂ ᠶᠠᠳᠠᠭᠤ ᠲᠠᠶᠢᠵᠢ ᠶᠢᠨ ᠭᠡᠷ ᠪᠦᠯᠢ ᠳᠦ ᠲᠥᠷᠦᠵᠠᠢ᠃ 1921 ᠣᠨ ᠳᠤ ᠠᠷᠠᠳ ᠤᠨ ᠬᠤᠪᠢᠰᠬᠠᠯ ᠢᠯᠠᠭᠰᠠᠨ ᠤ ᠳᠠᠷᠠᠭ᠎ᠠ᠂ ᠨᠡᠶᠢᠭᠡᠮ ᠤᠯᠤᠰ ᠲᠥᠷᠥ ᠶᠢᠨ ᠠᠵᠢᠯ ᠳᠤ ᠢᠳᠡᠪᠬᠢᠲᠡᠢ ᠣᠷᠣᠯᠴᠠᠵᠤ᠂ ᠬᠤᠪᠢᠰᠬᠠᠯ ᠳᠤ ᠰᠢᠨ᠎ᠡ ᠰᠤᠶᠤᠯ ᠤᠷᠠᠯᠢᠭ ᠤᠨ ᠠᠵᠢᠯ ᠳᠤ ᠴᠢᠷᠮᠠᠶᠢᠨ ᠵᠢᠳᠬᠦᠵᠦ ᠪᠠᠶᠢᠪᠠ᠃ 1924 ᠣᠨ ᠳᠤ 18 ᠨᠠᠰᠤᠲᠠᠢ ᠨᠠᠴᠤᠭᠳᠣᠷᠵᠢ ᠤᠯᠤᠰ ᠤᠨ ᠠᠩᠬᠠᠳᠤᠭᠠᠷ ᠶᠡᠬᠡ ᠬᠤᠷᠠᠯ ᠤᠨ ᠵᠣᠬᠢᠶᠠᠨ ᠪᠠᠶᠢᠭᠤᠯᠤᠯᠲᠠ ᠶᠢᠨ ᠠᠵᠢᠯ ᠳᠤ ᠣᠷᠣᠯᠴᠠᠵᠤ ᠪᠠᠶᠢᠵᠠᠢ᠃ ᠨᠠᠴᠤᠭᠳᠣᠷᠵᠢ ᠵᠥᠪᠯᠡᠯᠲᠦ ᠬᠣᠯᠪᠣᠭᠠᠲᠤ ᠤᠯᠤᠰ ᠪᠣᠯᠤᠨ ᠭᠧᠷᠮᠠᠨ ᠳᠤ ᠬᠡᠳᠦᠨ ᠵᠢᠯ ᠰᠤᠷᠤᠯᠴᠠᠵᠤ᠂ ᠥᠷᠥᠨᠡᠲᠦ ᠶᠢᠨ ᠰᠤᠶᠤᠯ ᠤᠨ ᠰᠢᠯᠢᠳᠡᠭ ᠥᠪ ᠰᠠᠩ ᠲᠠᠢ ᠭᠦᠨᠵᠡᠭᠡᠢ ᠲᠠᠨᠢᠯᠴᠠᠵᠠᠢ᠃ ᠨᠠᠴᠤᠭᠳᠣᠷᠵᠢ 《ᠤᠱᠠᠩᠳᠠᠷ》᠂ 《ᠰᠠᠨᠳᠣ ᠠᠮᠪᠠᠨ ᠤ ᠬᠠᠷᠭᠢᠰ ᠶᠠᠪᠤᠳᠠᠯᠵᠦᠵᠦᠭᠡ᠂ 《ᠤᠴᠢᠷ ᠲᠠᠢ ᠭᠤᠷᠪᠠᠨ ᠲᠣᠯᠣᠭᠠᠢᠳᠠᠭᠤᠷᠢ᠂ 《ᠮᠢᠨᠦ ᠨᠤᠲᠤᠭ》᠂ 《ᠣᠳᠣ》᠂ 《ᠣᠺᠲ᠋ᠶᠠᠪᠷᠢ》 ᠵᠡᠷᠭᠡ ᠣᠯᠠᠨ ᠠᠷᠪᠠᠨ ᠰᠢᠯᠦᠭ᠂ 《ᠬᠠᠭᠤᠴᠢᠨ ᠬᠦᠦ》᠂ 《ᠴᠠᠭᠠᠨ ᠰᠠᠷ᠎ᠠ ᠪᠠ ᠬᠠᠷ᠎ᠠ ᠨᠢᠯᠪᠤᠰᠤ》᠂ 《ᠬᠠᠷᠠᠩᠭᠤᠢ ᠬᠠᠳᠠ》 ᠵᠡᠷᠭᠡ ᠥᠭᠦᠯᠡᠯᠭᠡ ᠨᠦᠭᠦᠳ ᠢᠶᠡᠷ ᠢᠶᠡᠨ ᠠᠯᠳᠠᠷᠰᠢᠵᠠᠢ᠃ (ᠪᠦᠷᠢᠨ ᠠᠭᠤᠯᠭ᠎ᠠ ᠶᠢ ᠤᠩᠰᠢᠬᠤ)

ᠴᠧᠷᠨᠣᠪᠢᠯᠢ ᠶᠢᠨ ᠰᠦᠢᠷᠡᠯ
ᠴᠧᠷᠨᠣᠪᠢᠯᠢ ᠶᠢᠨ ᠰᠦᠢᠷᠡᠯ

1986 ᠣᠨ ᠤ 4 ᠰᠠᠷ᠎ᠠ ᠶᠢᠨ 26 ᠍ ᠳᠦ ᠪᠣᠯᠤᠭᠰᠠᠨ ᠴᠧᠷᠨᠣᠪᠢᠯᠢ ᠶᠢᠨ ᠴᠥᠮ᠎ᠡ ᠶᠢᠨ ᠡᠷᠴᠢᠮ ᠬᠦᠴᠦᠨ ᠦ ᠦᠢᠯᠡᠳᠪᠦᠷᠢ ᠳᠦ ᠭᠠᠷᠤᠭᠰᠠᠨ ᠳᠡᠯᠪᠡᠷᠡᠯᠲᠡ ᠨᠢ ᠮᠠᠰᠢ ᠶᠡᠬᠡ ᠭᠠᠷᠤᠵᠠ ᠬᠣᠬᠢᠷᠠᠯ ᠢ ᠠᠪᠴᠢᠷᠠᠭᠰᠠᠨ ᠰᠦᠢᠷᠡᠯ ᠪᠢᠯᠡ᠂ BBC ᠠᠭᠧᠨᠲᠯᠢᠭ ᠤᠨ ᠮᠡᠳᠡᠭᠡᠯᠡᠭᠰᠡᠨ ᠢᠶᠡᠷ᠂ ᠡᠨᠡᠬᠦ ᠳᠡᠯᠪᠡᠷᠡᠯᠲᠡ ᠶᠢᠨ ᠤᠯᠠᠮ ᠠᠴᠠ ᠮᠠᠰᠢ ᠶᠡᠬᠡ ᠬᠡᠮᠵᠢᠶᠡᠨ ᠦ ᠰᠠᠴᠤᠷᠠᠭ ᠢᠳᠡᠪᠬᠢᠲᠦ ᠪᠣᠳᠠᠰ ᠲᠠᠷᠬᠠᠭᠰᠠᠨ ᠭᠡᠵᠡᠢ᠃ ᠡᠭᠦᠨ ᠦ ᠤᠯᠠᠮ ᠠᠴᠠ 29 ᠬᠦᠮᠦᠨ ᠭᠠᠵᠠᠷ ᠳᠡᠭᠡᠷ᠎ᠡ ᠪᠡᠨ ᠨᠠᠰᠤ ᠪᠠᠷᠠᠭᠰᠠᠨ ᠪᠣᠯᠪᠠᠴᠤ᠂ ᠲᠡᠭᠦᠨ ᠦ ᠬᠣᠣᠷᠲᠤ ᠪᠣᠳᠠᠰ ᠤᠨ ᠨᠥᠯᠥᠭᠡ ᠥᠨᠥ ᠲᠤᠯᠳᠠᠯ ᠡ ᠦᠺᠷᠠᠶᠢᠨ ᠤ ᠠᠷᠠᠳ ᠲᠦᠮᠡᠨ ᠢ ᠰᠢᠨᠠᠯᠤᠭᠠᠭᠰᠠᠭᠠᠷ ᠪᠠᠶᠢᠨ᠎ᠠ᠃1986 ᠣᠨ ᠤ 4 ᠰᠠᠷ᠎ᠠ ᠶᠢᠨ 26 ᠍ ᠦ ᠰᠥᠨᠢ 1 ᠴᠠᠭ 23 ᠮᠢᠨ᠋ᠦ᠋ᠲ ᠲᠤ ᠴᠧᠷᠨᠣᠪᠢᠯᠢ  ᠵᠢᠨ ᠠᠲ᠋ᠣᠮ ᠤᠨ ᠴᠠᠬᠢᠯᠭᠠᠨ ᠰᠲ᠋ᠠᠨᠼ  ᠤᠨ 4 ᠍ ᠳᠦᠭᠡᠷ ᠪᠯᠣᠺ ᠲᠤ ᠳᠡᠯᠡᠬᠡᠢ ᠶᠢᠨ ᠲᠡᠦᠬᠡᠨ ᠳᠦ ᠭᠠᠷᠤᠭᠰᠠᠨ ᠬᠠᠮᠤᠭ ᠤᠨ ᠲᠣᠮᠣ ᠴᠥᠮ᠎ᠡ ᠶᠢᠨ ᠭᠠᠮᠰᠢᠭ ᠭᠠᠷᠤᠭᠰᠠᠨ ᠶᠤᠮ᠃ ᠤᠭ ᠰᠥᠨᠢ ᠴᠧᠷᠨᠣᠪᠢᠯᠢ  ᠵᠢᠨ ᠠᠲ᠋ᠣᠮ ᠤᠨ ᠴᠠᠬᠢᠯᠭᠠᠨ ᠰᠲ᠋ᠠᠨᠼ ᠍ ᠳᠦ ᠨᠡᠮᠡᠯᠲᠡ ᠡᠨᠧᠷᠭᠢ ᠭᠠᠷᠭᠠᠵᠤ ᠠᠪᠬᠤ ᠲᠤᠷᠰᠢᠯᠲᠠ ᠬᠢᠵᠦ ᠪᠠᠶᠢᠵᠠᠢ᠃ ᠴᠧᠷᠨᠣᠪᠢᠯᠢ  ᠵᠢᠨ ᠠᠲ᠋ᠣᠮ ᠤᠨ ᠴᠠᠬᠢᠯᠭᠠᠨ ᠰᠲ᠋ᠠᠨᠼ ᠍ ᠳᠦ ᠳᠡᠯᠪᠡᠷᠡᠯᠲᠡ ᠪᠣᠯᠬᠤ ᠦᠶ᠎ᠡ ᠳᠦ ᠠᠭᠠᠷ ᠲᠤ 190 ᠲᠣᠨ ᠰᠠᠴᠤᠷᠠᠭ ᠢᠳᠡᠪᠬᠢᠳᠦ ᠪᠣᠳᠠᠰ ᠠᠯᠳᠠᠭᠳᠠᠭᠰᠠᠨ ᠪᠠᠶᠢᠨ᠎ᠠ᠃ ᠴᠥᠮ᠎ᠡ ᠶᠢᠨ ᠬᠥᠳᠡᠯᠭᠡᠭᠦᠷ ᠲᠦ ᠪᠠᠶᠢᠭᠰᠠᠨ 140 ᠲᠣᠨ ᠰᠠᠴᠤᠷᠠᠭ ᠢᠳᠡᠪᠬᠢᠳᠦ ᠲᠦᠯᠡᠰᠢᠨ ᠦ 8 ᠲᠣᠨ ᠨᠢ ᠭᠠᠳᠠᠭᠠᠳᠤ ᠤᠷᠴᠢᠨ ᠳᠤ ᠲᠠᠷᠬᠠᠭᠰᠠᠨ ᠢ ᠬᠣᠵᠢᠮ ᠲᠣᠭᠲᠠᠭᠠᠭᠰᠠᠨ ᠶᠤᠮ᠃ ᠴᠧᠷᠨᠣᠪᠢᠯᠢ  ᠵᠢᠨ ᠠᠲ᠋ᠣᠮ ᠤᠨ ᠴᠠᠬᠢᠯᠭᠠᠨ ᠰᠲ᠋ᠠᠨᠼ ᠍ ᠳᠦ ᠳᠡᠯᠪᠡᠷᠡᠯᠲᠡ ᠪᠣᠯᠣᠭᠰᠠᠨ ᠠᠴᠠ ᠬᠣᠶᠢᠰᠢ 14 ᠬᠣᠨᠣᠭ ᠤᠨ ᠲᠤᠷᠰᠢ ᠲᠦᠢᠮᠡᠷ ᠳᠡᠭᠳᠡᠵᠡᠢ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ (ᠬᠢᠲᠠᠳ ᠢᠶᠠᠷ 蒙古国科学院 ᠠᠩᠭᠯᠢ ᠪᠠᠷ Mongolian Academy of Sciences) ᠨᠢ ᠮᠣᠩᠭᠣᠯ ᠤᠯᠤᠰ  ᠲᠤ ᠰᠢᠨᠵᠢᠯᠡᠬᠦ ᠤᠬᠠᠭᠠᠨ᠂ ᠲᠡᠷᠢᠭᠦᠨ ᠦ ᠲᠧᠭᠨᠣᠯᠣᠭᠢ ᠶᠢ ᠬᠥᠭᠵᠢᠭᠦᠯᠬᠦ ᠵᠣᠷᠢᠯᠭ᠎ᠠ ᠪᠦᠬᠦᠢ ᠰᠢᠨᠵᠢᠯᠡᠬᠦ ᠤᠬᠠᠭᠠᠨ ᠤ ᠲᠥᠪ ᠪᠠᠶᠢᠭᠤᠯᠤᠯᠭ᠎ᠠ ᠪᠣᠯᠬᠤ ᠭᠡᠵᠦ ᠮᠣᠩᠭᠣᠯ ᠤᠯᠤᠰ ᠤᠨ ᠶᠡᠬᠡ ᠬᠤᠷᠠᠯ ᠠᠴᠠ 1996 ᠣᠨ ᠳᠤ ᠪᠠᠲᠤᠯᠠᠭᠰᠠᠨ 《ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠡᠷᠬᠡ ᠵᠦᠢ ᠶᠢᠨ ᠪᠠᠶᠢᠳᠠᠯ ᠤᠨ ᠲᠤᠬᠠᠢ》 ᠬᠠᠤᠯᠢ ᠳᠤ ᠬᠠᠤᠯᠢᠴᠢᠯᠠᠨ ᠵᠢᠭᠠᠭᠰᠠᠨ ᠶᠤᠮ᠃ ᠥᠨᠥᠳᠥᠷ ᠦᠨ ᠪᠠᠶᠢᠳᠠᠯ ᠢᠶᠠᠷ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠬᠠᠷᠢᠶᠠᠯᠠᠯ ᠳᠤ 11 ᠬᠦᠷᠢᠶᠡᠯᠡᠩ᠂ 793 ᠡᠷᠳᠡᠮ ᠰᠢᠨᠵᠢᠯᠡᠭᠡᠨ ᠦ ᠠᠵᠢᠯᠲᠠᠨ ᠠᠵᠢᠯᠯᠠᠵᠤ ᠪᠠᠶᠢᠨ᠎ᠠ᠃ ᠰᠢᠨᠵᠢᠯᠡᠬᠦ ᠤᠬᠠᠭᠠᠨ ᠤ ᠠᠺᠠᠳᠧᠮᠢ ᠶᠢᠨ ᠵᠢᠩᠬᠢᠨᠢ ᠭᠡᠰᠢᠭᠦᠨ ᠤ 62 ᠠᠺᠠᠳᠧᠮᠢᠴᠢ ᠶᠢᠨ 42% ᠨᠢ ᠰᠢᠨᠵᠢᠯᠡᠬᠦ ᠤᠬᠠᠭᠠᠨ ᠤ ᠠᠺᠠᠳᠧᠮᠢ ᠳᠦ᠂ 34% ᠬᠤᠪᠢ ᠨᠢ ᠶᠡᠬᠡ᠂ ᠳᠡᠭᠡᠳᠦ ᠰᠤᠷᠭᠠᠭᠤᠯᠢ ᠳᠤ᠂ 24% ᠨᠢ ᠪᠤᠰᠤᠳ ᠰᠠᠯᠪᠤᠷᠢ ᠳᠤ ᠲᠤᠰ ᠠᠵᠢᠯᠯᠠᠵᠤ ᠪᠠᠶᠢᠭ᠎ᠠ ᠶᠢᠨ ᠵᠡᠷᠭᠡᠴᠡᠭᠡ ᠪᠡᠷ 231 ᠡᠷᠳᠡᠮᠲᠡᠨ ᠡᠴᠡ ᠪᠦᠷᠢᠳᠦᠭᠰᠡᠨ 5 ᠪᠠᠭ᠎ᠠ ᠴᠢᠭᠤᠯᠭᠠᠨ᠂ ᠠᠨᠠᠭᠠᠬᠤ ᠤᠬᠠᠭᠠᠨ᠂ ᠬᠥᠳᠡᠭᠡ ᠠᠵᠤ ᠠᠬᠤᠢ ᠶᠢᠨ ᠲᠥᠷᠦᠯᠵᠢᠭᠰᠡᠨ ᠬᠣᠶᠠᠷ ᠠᠺᠠᠳᠧᠮᠢ ᠲᠣᠭᠲᠠᠮᠠᠯ ᠠᠵᠢᠯᠯᠠᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠬᠠᠷᠠᠬᠤᠷᠤᠮ
ᠬᠠᠷᠠᠬᠤᠷᠤᠮ

ᠬᠠᠷᠠᠬᠤᠷᠤᠮ ᠪᠤᠶᠤ ᠺᠠᠷᠠᠺᠣᠷᠣᠮ ᠬᠣᠲᠠ ᠨᠢ ᠶᠠᠬᠡ ᠮᠣᠩᠭᠣᠯ ᠤᠯᠤᠰ ᠤᠨ ᠠᠩᠬᠠᠨ ᠤ ᠠᠯᠪᠠᠨ ᠶᠣᠰᠣᠨ ᠤ ᠨᠡᠶᠢᠰᠯᠡᠯ ᠶᠤᠮ᠃ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠪᠠᠶᠢᠭᠤᠯᠤᠭᠳᠠᠭᠰᠠᠨ ᠪᠥᠭᠡᠳ ᠤᠭ ᠬᠣᠲᠠ ᠨᠢ ᠮᠢᠩ ᠤᠯᠤᠰ ᠠᠴᠠ ᠶᠠᠪᠤᠭᠤᠯᠤᠭᠰᠠᠨ ᠳᠣᠪᠲᠣᠯᠭᠠᠨ ᠤ ᠦᠷ᠎ᠡ ᠳ᠋ᠦᠩ ᠳᠦ ᠰᠦᠢᠳᠦᠭᠰᠡᠨ ᠶᠤᠮ᠃ ᠰᠡᠭᠦᠯ ᠦᠨ ᠵᠢᠯ ‍ ‍ᠤᠳ ᠲᠤ ᠲᠥᠷᠥ ᠵᠠᠰᠠᠭ ᠪᠣᠯᠤᠨ ᠠᠷᠠᠳ ᠲᠦᠮᠡᠨ ᠦ ᠳᠤᠮᠳᠠ ᠤᠭ ᠬᠣᠲᠠ ᠶᠢᠨ ᠪᠠᠶᠢᠭᠰᠠᠨ ᠭᠠᠵᠠᠷ ᠲᠤ ᠰᠢᠨ᠎ᠡ ᠬᠣᠲᠠ ᠡᠭᠦᠰᠬᠡᠨ ᠪᠠᠶᠢᠭᠤᠯᠵᠤ ᠨᠡᠶᠢᠰᠯᠡᠯ ᠬᠣᠲᠠ ᠪᠣᠯᠭᠠᠬᠤ ᠰᠠᠨᠠᠯ ᠰᠠᠨᠠᠭᠠᠴᠢᠯᠭ᠎ᠠ ᠭᠠᠷᠴᠤ ᠪᠠᠶᠢᠭᠰᠠᠨ ᠪᠣᠯᠤᠨ᠎ᠠ᠃ ᠬᠠᠷᠠᠬᠣᠷᠣᠮ ᠬᠣᠲᠠ ᠶᠢ 1220 ᠣᠨ ᠳᠤ ᠴᠢᠩᠭᠢᠰ ᠬᠠᠭᠠᠨ ᠦᠨᠳᠦᠰᠦᠯᠡᠵᠦ ᠂ ᠬᠤᠪᠢᠯᠠᠢ ᠬᠠᠭᠠᠨ ᠤ ᠦᠶ᠎ᠡ ᠳᠦ ᠪᠠᠷᠢᠨ ᠳᠠᠭᠤᠰᠬᠠᠵᠠᠢ᠃ 1985 ᠣᠨ ᠳᠤ ᠱᠠᠩᠬᠠᠢ ᠬᠣᠲᠠᠨ ᠳ᠋᠋ᠦ  ᠬᠡᠪᠯᠡᠭᠳᠡᠭᠰᠡᠨ 《ᠬᠢᠲᠠᠳ ᠤᠨ ᠨᠡᠪᠲᠡᠷᠬᠡᠢ ᠲᠣᠯᠢ ᠪᠢᠴᠢᠭ-ᠶᠤᠸᠠᠨ ᠭᠦᠷᠦᠨ ᠦ ᠲᠡᠦᠬᠡ》 ᠬᠡᠮᠡᠬᠦ ᠵᠣᠬᠢᠶᠠᠯ ᠳᠤ 《ᠬᠠᠷᠠᠬᠣᠷᠣᠮ ᠨᠢ ᠬᠤᠶᠢᠨ᠎ ᠠ ᠡᠴᠡ ᠡᠮᠦᠨᠡᠰᠢ ᠪᠠᠨ 2304 ᠮᠸᠲᠷ᠂ ᠵᠡᠭᠦᠨ ᠡᠴᠡ ᠪᠠᠷᠠᠭᠤᠨ ᠲᠡᠰᠢ ᠪᠠᠷᠤᠭᠴᠠᠭᠠᠯᠠᠪᠠᠯ 1152 ᠮᠸᠲᠷ ᠬᠡᠮᠵᠢᠶ᠎ᠡ ᠲᠡᠢ》 ᠭᠡᠵᠡᠢ᠃ᠨᠣᠭᠣᠭᠠᠨ ᠵᠦᠯᠭᠡ᠂ ᠴᠡᠴᠡᠭ᠂ ᠨᠠᠪᠴᠢ ᠠᠯᠠᠭᠯᠠᠭᠰᠠᠨ ᠬᠠᠷᠠᠬᠣᠷᠣᠮ ᠬᠣᠲᠠ ᠶᠢᠨ ᠬᠡᠷᠡᠮ ᠨᠢ ᠬᠣᠶᠢᠨ᠎ᠠ ᠠᠴᠠ ᠤᠷᠤᠭᠰᠢ᠂ ᠪᠠᠷᠠᠭᠤᠨ ᠠᠴᠠ ᠵᠡᠭᠦᠨ ᠲᠡᠰᠢ ᠨᠡᠪᠲᠡ ᠭᠠᠷᠤᠭᠰᠠᠨ ᠲᠣᠮᠣᠬᠠᠨ ᠭᠤᠳᠤᠮᠵᠢ ᠲᠠᠢ ᠪᠠ ᠲᠡᠳᠡᠭᠡᠷ ᠨᠢ ᠲᠥᠪ ᠳᠤᠮᠳᠠ ᠪᠠᠨ ᠣᠭᠲᠣᠯᠤᠯᠴᠠᠵᠤ᠂ ᠬᠣᠲᠠ ᠶᠢ ᠳᠥᠷᠪᠡᠨ ᠲᠣᠭᠣᠷᠢᠭ ᠲᠤ ᠬᠣᠪᠢᠶᠠᠳᠠᠭ ᠪᠠᠶᠢᠪᠠ᠃ ᠡᠭᠦᠨ ᠳᠦ ᠨᠢᠭᠡᠳᠦᠭᠡᠷ ᠲᠣᠭᠣᠷᠢᠭ ᠲᠤ ᠭᠠᠵᠠᠷ ᠪᠦᠷᠢ ᠡᠴᠡ ᠢᠷᠡᠭᠰᠡᠨ ᠮᠥᠰᠥᠯᠢᠨ ᠬᠤᠳᠠᠯᠳᠤᠭᠠᠴᠢᠳ᠂ ᠬᠣᠶᠠᠳᠤᠭᠠᠷ ᠲᠣᠭᠣᠷᠢᠭ ᠲᠤ ᠬᠢᠲᠠᠳ ᠬᠤᠳᠠᠯᠳᠤᠭᠠᠴᠢᠳ᠂ ᠭᠠᠷ ᠤᠷᠠᠴᠤᠳ ᠤᠨ ᠵᠠᠬ᠎ᠠ ᠵᠡᠭᠡᠯᠢ ᠤᠳ ᠪᠠᠶᠢᠵᠤ᠂ ᠭᠤᠷᠪᠠᠳᠤᠭᠠᠷ ᠲᠣᠭᠣᠷᠢᠭ ᠲᠤ ᠭᠣᠣᠯᠳᠠᠭᠤ ᠂ ᠡᠵᠡᠨ ᠬᠠᠭᠠᠨ ᠤ ᠬᠠᠲᠤᠳ᠂ ᠬᠥᠪᠡᠭᠦᠳ ᠦᠨ ᠣᠷᠳᠣ ᠬᠠᠷᠰᠢ ᠪᠣᠯᠤᠨ ᠴᠢᠩᠭᠢᠰ ᠦᠨ ᠠᠯᠲᠠᠨ ᠤᠷᠤᠭ ᠤᠨ ᠨᠣᠶᠠᠳ ᠳᠡᠭᠡᠳᠦᠰ᠂ ᠶᠡᠬᠡ ᠵᠠᠩᠵᠤᠳ ᠤᠨ ᠪᠠᠶᠢᠷᠢ᠂ ᠣᠷᠳᠣ ᠥᠷᠭᠥᠭᠡ ᠵᠡᠷᠭᠡ ᠪᠠᠶᠢᠵᠤ᠂ ᠳᠥᠷᠪᠡᠳᠦᠭᠡᠷ ᠲᠣᠭᠣᠷᠢᠭ ᠲᠤ᠂ ᠪᠤᠳ᠋ᠳ᠋ᠾᠠᠾᠷᠢᠰᠲ᠋ᠦ᠋ᠰᠯᠠᠯᠤ ᠍ ᠤᠨ ᠱᠠᠰᠢᠨ ᠤ ᠰᠦᠮ᠎ᠡ ᠬᠡᠶᠢᠳ᠂ ᠳ᠋ᠢᠫᠯᠣᠮᠠᠲ ᠡᠯᠴᠢ ᠲᠥᠯᠥᠭᠡᠯᠡᠭᠴᠢᠳ ᠦᠨ ᠪᠠᠭᠤᠳᠠᠯ᠂ ᠮᠥᠷᠭᠥᠯ ᠦᠨ ᠭᠠᠵᠠᠷ ᠪᠦᠬᠦᠢ ᠬᠣᠲᠠ ᠪᠠᠶᠢᠭᠤᠯᠤᠯᠲᠠ ᠶᠢᠨ ᠬᠤᠪᠢ ᠳᠤ ᠨᠠᠷᠢᠨ ᠵᠣᠬᠢᠶᠠᠨ ᠪᠠᠶᠢᠭᠤᠯᠤᠯ ᠲᠠᠢ ᠲᠣᠮᠣ ᠬᠣᠲᠠ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠪᠠᠳᠮᠠᠨᠢᠩᠪᠤᠤ ᠶᠢᠨ ᠪᠠᠲᠤ-ᠡᠷᠳᠡᠨᠢ
ᠪᠠᠳᠮᠠᠨᠢᠩᠪᠤᠤ ᠶᠢᠨ_ᠪᠠᠲᠤ-ᠡᠷᠳᠡᠨᠢ

ᠮᠤᠩᠭᠤᠯᠴᠤᠳ ᠭᠡᠵᠦ ᠪᠦᠬᠡ ᠳ᠋ᠡᠭᠡᠨ ᠬᠠᠶᠢᠷᠠᠲᠠᠢ ᠠᠷᠠᠳ ᠲᠦᠮᠡᠨ᠃ ᠪᠦᠭᠡ ᠪᠤᠯ ᠮᠤᠩᠭᠤᠯ ᠦᠨᠳᠦᠰᠦᠲᠡᠨ ᠤ ᠰᠤᠶᠤᠯ  ᠦᠨ ᠤᠯᠠᠨ ᠠᠭᠤᠯᠭ᠎ᠠ ᠵᠢ ᠨᠢᠭᠡ ᠴᠤᠭᠴᠠ ᠳ᠋ᠦ ᠲᠥᠪᠯᠡᠷᠡᠭᠦᠯᠦᠨ ᠤᠩᠭᠤᠨ ᠳᠠᠷᠬᠠᠨ ᠬᠡᠪ  ᠢᠶᠠᠷ ᠨᠢ ᠠᠪᠴᠤ ᠶᠠᠪᠤᠵᠤ ᠪᠠᠶᠢᠭ᠎ᠠ ᠬᠠᠮ ᠰᠤᠶᠤᠯ ᠶᠤᠮ᠃ ᠮᠤᠩᠭᠤᠯ ᠪᠦᠬᠡ ᠶᠢᠨ ᠲᠡᠦᠬᠡᠨ ᠳᠡᠭᠡᠷ᠎ᠡ ᠮᠠᠰᠢ ᠤᠯᠠᠨ ᠭᠢᠯᠠᠯᠵᠠᠮ᠎ᠠ ᠠᠮᠵᠢᠯᠲᠠ ᠵᠢ ᠪᠠᠶᠢᠭᠤᠯᠠᠭᠰᠠᠨ ᠠᠪᠤᠷᠭᠤᠴᠤᠳ ᠥᠪᠦᠷ ᠮᠤᠩᠭᠤᠯ ᠳ᠋ᠦ ᠤᠯᠠᠨ ᠪᠠᠶᠢᠭᠰᠠᠨ᠂ ᠵᠢᠱᠢᠶᠡᠯᠡᠵᠦ ᠬᠡᠯᠡᠬᠦ ᠳ᠋ᠦ ᠠᠨᠵᠤᠤ᠂ ᠪᠠᠭᠰᠢ  ᠶᠢᠨ ᠤᠯᠠᠭᠠᠨ᠂ ᠳᠤᠮᠤᠭᠳᠦ ᠪᠦᠬᠡ ᠳᠦᠭᠦᠷᠡᠩᠵᠠᠭᠠᠨ᠎ᠠ᠂ ᠢᠨᠵᠠᠭᠠᠨ ᠶᠤᠨᠳᠤᠨ᠂ ᠪᠠᠭᠰᠢ ᠶᠢᠨ ᠪᠤᠷᠤᠪᠠᠭᠠᠲᠤᠷ᠂ ᠠᠪᠤᠷᠭᠤ ᠰᠡᠩᠭᠡ᠂ ᠶᠠᠰᠤᠨ  ᠤ ᠪᠦᠬᠡ ᠡᠷᠳᠡᠨᠢᠪᠠᠶᠠᠷ᠂ ᠵᠤᠭᠰᠤᠭ᠎ᠠ ᠠᠪᠤᠷᠭᠤ ᠴᠠᠭᠠᠨᠵᠠᠭᠠᠨ ᠭᠡᠬᠦ ᠮᠡᠳᠦ᠃ ᠤᠳᠤ ᠴᠦ ᠭᠡᠰᠡᠨ ᠰᠠᠶᠢᠨ ᠪᠠᠷᠢᠯᠳᠤᠵᠤ ᠪᠠᠶᠢᠭ᠎ᠠ ᠪᠦᠬᠡᠴᠦᠳ ᠡᠴᠡ ᠠᠯᠳᠠᠨ ᠵᠠᠩᠭᠢᠶᠠᠳᠦ ᠳᠠᠯᠠᠢ ᠠᠪᠤᠷᠭᠤ ᠮᠢ‌ ᠰᠤᠶᠤᠯ᠂ ᠠᠪᠤᠷᠭᠤ ᠪᠠᠶᠠᠷᠪᠠᠭᠠᠲᠤᠷ᠂ ᠳᠠᠯᠠᠢ ᠠᠪᠤᠷᠭᠤ ᠴᠠᠭᠠᠨᠵᠠᠭᠠᠨ᠂ ᠠᠷᠰᠯᠠᠨ ᠪᠠᠳᠤᠵᠢᠷᠭᠠᠯ᠂ ᠭᠡᠭᠡᠷᠡᠬᠦ᠂ ᠠᠯᠳᠠᠨᠰᠦᠬᠡ᠂ ᠠᠯᠳᠠᠨᠱᠠᠭ᠎ᠠ᠂ ᠢᠳᠡᠷ ᠭᠡᠬᠦ ᠮᠡᠲᠦ ᠤᠯᠠᠨ ᠰᠠᠶᠢᠬᠠᠨ ᠠᠪᠤᠷᠭᠤ ᠲᠠᠢ ᠪᠢᠯᠡ᠃ ᠡᠳᠡᠭᠡᠷ ᠠᠪᠤᠷᠭᠤᠴᠤᠳ ᠦᠨ ᠢᠶᠠᠨ ᠨᠠᠮᠲᠠᠷ ᠲᠡᠦᠬᠡ᠂ ᠪᠠᠶᠢᠭᠤᠯᠤᠭᠰᠠᠨ ᠠᠮᠵᠢᠯᠲᠠ ᠵᠢ ᠨᠠᠷᠢᠨ ᠲᠡᠮᠳᠡᠭᠯᠡᠵᠦ ᠲᠡᠦᠬᠡᠨ ᠳ᠋ᠦ ᠦᠯᠡᠳᠡᠭᠡᠬᠦ ᠶᠤᠰᠤᠲᠠᠢ᠃ ᠪᠦᠬᠡ ᠶᠢᠨ ᠬᠤᠷᠤᠬᠠᠶᠢᠲᠠᠳ ᠬᠠᠮᠲᠤᠷᠠᠨ ᠥᠪᠦᠷ ᠮᠤᠩᠭᠤᠯ ᠪᠦᠬᠡᠴᠤᠳ ᠦᠨ ᠢᠶᠠᠨ ᠨᠠᠮᠲᠠᠷ ᠲᠡᠦᠬᠡ ᠢ ᠪᠦᠷᠢᠨ ᠪᠦᠳᠦᠨ ᠪᠤᠯᠭᠠᠴᠠᠭᠠᠶ᠎ᠠ᠃ ᠮᠤᠩᠭᠤᠯ ᠤᠯᠤᠰ ᠲᠦ ᠪᠦᠬᠡᠴᠦᠳ ᠤᠨ ᠨᠠᠮᠳᠠᠷ ᠲᠡᠦᠬᠡ᠂ ᠠᠮᠵᠢᠯᠳᠠ ᠪᠦᠳᠦᠭᠡᠯ ᠢ ᠪᠦᠷᠢᠨ ᠭᠦᠢᠴᠡᠳ ᠲᠡᠮᠳᠡᠭᠯᠡᠳᠡᠭ᠃ ᠳᠤᠤᠷᠡᠬᠢ ᠵᠤᠬᠢᠶᠠᠯ ᠳ᠋ᠦ ᠮᠤᠩᠭᠤᠯ ᠤᠯᠤᠰ ᠦᠨ ᠪᠦᠬᠡ ᠶᠢᠨ ᠲᠠᠪᠴᠠᠩ ᠢ ᠠᠷᠪᠠᠭᠠᠳ ᠵᠢᠯ ᠡᠵᠡᠷᠬᠡᠭᠰᠡᠨ ᠳᠠᠷᠬᠠᠨ ᠠᠪᠤᠷᠭᠤ ᠪᠠᠲᠤᠡᠷᠳᠡᠨᠢ ᠤ ᠲᠤᠬᠠᠢ ᠲᠠᠨᠢᠯᠴᠠᠭᠤᠯᠵᠠᠢ᠃ (ᠪᠦᠷᠢᠨ ᠠᠭᠤᠯᠭ᠎ᠠ ᠶᠢ ᠤᠩᠰᠢᠬᠤ)

ᠦᠨᠳᠦᠰᠦᠨ ᠦ ᠪᠥᠬᠡ
ᠦᠨᠳᠦᠰᠦᠨ ᠦ ᠪᠥᠬᠡ

ᠪᠥᠬᠡ ᠨᠢ ᠮᠣᠩᠭᠣᠯ ᠳᠤ ᠣᠯᠠᠨ ᠵᠠᠭᠤᠨ ᠤ ᠲᠤᠷᠰᠢ ᠪᠠᠶᠢᠭᠰᠠᠨ᠂ ᠦᠨᠳᠦᠰᠦᠨ ᠦ ᠰᠫᠣᠷᠲ ᠶᠤᠮ᠃ ᠮᠤᠩᠭᠤᠯ ᠪᠦᠬᠡ ᠨᠢ ᠤᠯᠠᠷᠢᠯ ᠬᠦᠭᠵᠢᠯ  ᠤᠨ ᠶᠠᠪᠤᠴᠠ ᠳ᠋ᠦ ᠪᠠᠨ ᠬᠡᠳᠦᠨ ᠵᠦᠢᠯ  ᠤᠨ ᠰᠠᠯᠪᠤᠷᠢ ᠪᠤᠯᠤᠭᠰᠠᠨ ᠶᠤᠮ᠃ ᠮᠤᠩᠭᠤᠯ ᠤᠯᠤᠰ ᠲᠦ ᠮᠤᠩᠭᠤᠯ ᠪᠦᠬᠡ  ᠶᠢ ᠳᠡᠯᠡᠬᠡᠢ  ᠶᠢᠨ ᠪᠦᠬᠡ  ᠶᠢᠨ ᠴᠢᠭᠯᠡᠯ ᠲᠡᠰᠢ ᠬᠦᠭᠵᠢᠭᠦᠯᠦᠨ ᠦᠨᠳᠦᠰᠦᠲᠠᠨ ᠤ ᠪᠦᠬᠡ ᠭᠡᠵᠦ ᠨᠡᠷᠡᠯᠡᠵᠦ ᠂ ᠦᠪᠦᠷ ᠮᠤᠩᠭᠤᠯ  ᠤᠨ ᠤᠯᠠᠩᠬᠢ ᠭᠠᠵᠠᠷ ᠲᠦ ᠵᠠᠩᠭᠢᠶᠠᠳᠦ ᠪᠦᠭᠡ ᠶᠢ ᠪᠠᠷᠢᠯᠳᠤᠭᠤᠯᠵᠦ᠂ ᠡᠭᠦᠨ ᠡᠴᠡ ᠭᠠᠳᠠᠨ᠎ᠠ ᠪᠠᠰᠠ ᠬᠦᠯᠦᠨ ᠪᠦᠢᠷ ᠲᠦ ᠬᠡᠷᠡᠡᠭᠵᠢᠭᠦᠯᠵᠦ ᠪᠠᠶᠢᠭ᠎ᠠ ᠲᠤᠯᠢᠶᠠᠳᠦ ᠪᠦᠬᠡ ᠪᠠ ᠠᠯᠠᠱᠠ ᠳ᠋ᠦ ᠪᠠᠷᠢᠯᠳᠤᠭᠤᠯᠵᠦ ᠪᠠᠶᠢᠭ᠎ᠠ ᠱᠠᠯᠪᠤᠷ ᠪᠦᠬᠡ ᠭᠡᠵᠦ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠳᠣᠯᠭᠠᠷᠰᠦ᠋ᠷᠦᠩ ᠦᠨ ᠳᠠᠭᠪᠠᠳᠣᠷᠵᠢ
ᠳᠣᠯᠭᠠᠷᠰᠦ᠋ᠷᠦᠩ ᠦᠨ ᠳᠠᠭᠪᠠᠳᠣᠷᠵᠢ

ᠳᠣᠯᠭᠠᠷᠰᠦ᠋ᠷᠦᠩ ᠦᠨ ᠳᠠᠭᠪᠠᠳᠣᠷᠵᠢ ᠤᠨ ᠰᠦᠮᠤ ᠶᠢᠨ ᠨᠡᠷ᠎ ᠡ ᠨᠢ ᠠᠰᠠᠱᠢᠤᠷᠢᠶᠦ ᠠᠺᠢᠨᠣᠷᠢ (朝青龍 明徳᠂ 1980 ᠣᠨ ᠤ 9 ᠰᠠᠷ᠎ᠠ ᠶᠢᠨ 27 - ) ᠨᠢ ᠮᠣᠩᠭᠣᠯ ᠤᠯᠤᠰ ᠍ ᠤᠨ ᠤᠯᠠᠭᠠᠨᠪᠠᠭᠠᠲᠤᠷ ᠬᠣᠳᠠ ᠳᠤ ᠲᠦᠷᠦᠭᠰᠡᠨ ᠰᠦᠮᠣ ᠪᠥᠬᠡ ᠶᠤᠮ᠃ ᠵᠢᠩᠬᠢᠨᠢ ᠨᠡᠷ᠎ᠡ ᠨᠢ ᠳᠣᠯᠭᠠᠷᠰᠦ᠋ᠷᠦᠩ ᠦᠨ ᠳᠠᠭᠪᠠᠳᠣᠷᠵᠢ ᠭᠡᠳᠡᠭ᠃ ᠲᠡᠷᠡ ᠪᠡᠷ ᠶᠠᠫᠤᠨ ᠤ ᠮᠡᠷᠭᠡᠵᠢᠯ ᠤᠨ ᠰᠦᠮᠦ ᠶᠢᠨ 68 ᠳ᠋ᠠᠬᠢ ᠠᠪᠤᠷᠭᠤ (ᠶᠣᠺᠣᠽᠦᠨᠠ) ᠪᠦᠭᠡᠳ᠂ ᠡᠶᠢᠮᠦᠷᠬᠦ ᠠᠪᠤᠷᠭᠤ ᠪᠣᠯᠤᠭᠰᠠᠨ ᠠᠩᠬᠠᠨ ᠤ ᠮᠣᠩᠭᠣᠯ ᠬᠦᠮᠦᠨ ᠪᠢᠯᠡ᠃ ᠲᠡᠷᠡᠬᠦ ᠴᠣᠯᠠ ᠪᠠᠨ 2003 ᠣᠨ ᠤ 1 ᠰᠠᠷ᠎ᠠ ᠳᠤ ᠠᠪᠴᠠᠢ᠃ ᠠᠰᠠᠱᠢᠤᠷᠢᠶᠦ᠋ ᠨᠢ ᠰᠦᠮᠦ ᠶᠢᠨ ᠲᠡᠦᠬᠡᠨ ᠳ᠋ᠡᠬᠢ ᠬᠠᠮᠤᠭ ᠤᠨ ᠠᠮᠵᠢᠯᠲᠠ ᠲᠠᠢ ᠪᠠᠷᠢᠯᠳᠤᠭᠰᠠᠨ ᠶᠣᠺᠣᠽᠦᠨᠠ (ᠠᠪᠤᠷᠭᠤ) ᠨᠠᠷ ᠤᠨ ᠨᠢᠭᠡ ᠪᠥᠭᠡᠳ ᠮᠠᠺᠦᠦ᠋ᠴᠢ ᠵᠢᠩᠳᠠᠭᠠᠨ ᠶᠢᠨ ᠵᠢᠩᠳᠠᠭᠠᠨ ᠳᠤ ᠨᠡᠶᠢᠲᠡ 25 ᠤᠳᠠᠭ᠎ᠠ ᠲᠡᠷᠢᠭᠦᠯᠡᠭᠰᠡᠨ ᠪᠠᠶᠢᠨ᠎ᠠ᠃ 2005 ᠣᠨ ᠳᠤ ᠨᠢᠭᠡ ᠵᠢᠯ ᠦᠨ ᠪᠦᠬᠦ ᠲᠠᠯᠠᠪᠠᠢ (ᠪᠠᠱᠤ) ᠳᠤ ᠲᠡᠷᠢᠭᠦᠯᠡᠭᠰᠡᠨ ᠠᠩᠬᠠᠨ ᠤ ᠰᠦᠮᠣᠴᠢ ᠪᠣᠯᠤᠭᠰᠠᠨ ᠶᠤᠮ᠃ 2004 ᠣᠨ ᠠᠴᠠ 2007 ᠣᠨ ᠬᠦᠷᠲᠡᠯ᠎ᠡ᠂ ᠠᠰᠠᠱᠢᠤᠷᠢᠶᠦ᠋ ᠨᠢ ᠰᠦᠮᠤ ᠶᠢᠨ ᠴᠣᠷ ᠤᠨ ᠭᠠᠭᠴᠠ ᠶᠣᠺᠣᠽᠦᠨᠠ (ᠠᠪᠤᠷᠭᠤ) ᠪᠠᠶᠢᠭᠰᠠᠨ ᠪᠥᠭᠡᠳ ᠲᠡᠷᠡᠬᠦ ᠴᠣᠯᠠ ᠤᠨ ᠶᠢᠡᠨ ᠪᠥᠬᠦ ᠱᠠᠭᠠᠷᠳᠠᠯᠭ᠎ᠠ ᠶᠢ ᠬᠠᠩᠭᠠᠳᠠᠭ ᠦᠭᠡᠢ ᠬᠡᠮᠡᠨ ᠬᠡᠪᠯᠡᠯ ᠮᠡᠳᠡᠭᠡᠯᠡᠯ᠂ ᠶᠠᠫᠣᠨ ᠤ ᠰᠦᠮᠣ ᠪᠥᠬᠡ ᠶᠢᠨ ᠬᠣᠯᠪᠣᠭ᠎ᠠ ᠪᠠᠷ ᠣᠯᠠᠨ ᠤᠳᠠᠭ᠎ᠠ ᠰᠢᠭᠦᠮᠵᠢᠯᠡᠭᠳᠡᠭᠰᠡᠨ ᠪᠥᠭᠡᠳ 2010 ᠣᠨ ᠤ 1 ᠍ ᠳᠦᠭᠡᠷ ᠰᠠᠷ᠎ᠠ ᠶᠢᠨ ᠲᠡᠮᠡᠴᠡᠭᠡᠨ ᠦ ᠦᠶ᠎ᠡ ᠪᠡᠷ᠂ ᠣᠷᠣᠢ ᠨᠢᠭᠡ ᠬᠦᠮᠦᠨ ᠳᠤ ᠭᠠᠷ ᠬᠦᠷᠦᠭᠰᠡᠨ ᠭᠡᠵᠦ ᠬᠡᠪᠯᠡᠯ ᠢᠶᠡᠷ ᠱᠤᠤᠭᠢᠭᠰᠠᠨ ᠶᠠᠪᠤᠳᠠᠯ ᠤᠨ ᠡᠴᠦᠰ ᠲᠤ ᠲᠡᠭᠦᠨ ᠢ ᠵᠣᠳᠣᠭ ᠲᠠᠶᠢᠯᠬᠤ ᠳᠤ ᠬᠦᠷᠭᠡᠭᠰᠡᠨ ᠪᠢᠯᠡ᠃ ᠲᠡᠭᠦᠨ ᠦ ᠵᠣᠳᠣᠭ ᠲᠠᠶᠢᠯᠬᠤ ᠶᠣᠰᠣᠯᠠᠯ 2010 ᠣᠨ ᠤ 10 ᠰᠠᠷ᠎ᠠ ᠶᠢᠨ 3 ᠍ ᠳᠦ ᠪᠣᠯᠵᠠᠢ᠃ ᠮᠣᠩᠭᠣᠯ ᠤᠯᠤᠰ ᠤᠨ ᠭᠠᠪᠢᠶᠠᠳᠤ ᠲᠠᠮᠢᠷᠴᠢᠨ᠂ ᠬᠥᠳᠡᠯᠮᠦᠷᠢ ᠶᠢᠨ ᠪᠠᠭᠠᠲᠤᠷ ᠴᠣᠯᠠ ᠲᠠᠢ᠃ (ᠪᠦᠷᠢᠨ ᠠᠭᠤᠯᠭ᠎ᠠ ᠶᠢ ᠤᠩᠰᠢᠬᠤ)

ᠠᠮᠧᠷᠢᠺᠠ ᠶᠢᠨ ᠨᠢᠭᠡᠳᠦᠭᠰᠡᠨ ᠤᠯᠤᠰ ᠤᠨ ᠵᠡᠪᠰᠡᠭᠲᠦ ᠬᠦᠴᠦᠨ
ᠠᠮᠧᠷᠢᠺᠠ ᠶᠢᠨ ᠨᠢᠭᠡᠳᠦᠭᠰᠡᠨ ᠤᠯᠤᠰ ᠤᠨ ᠵᠡᠪᠰᠡᠭᠲᠦ ᠬᠦᠴᠦᠨ

ᠠᠮᠧᠷᠢᠺᠠ ᠶᠢᠨ ᠨᠢᠭᠡᠳᠦᠭᠰᠡᠨ ᠤᠯᠤᠰ ᠤᠨ ᠵᠡᠪᠰᠡᠭᠲᠦ ᠬᠦᠴᠦᠨ ᠠᠩᠭᠯᠢ ᠪᠠᠷ United States Armed Forces ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ ᠴᠡᠷᠢᠭ ᠦᠨ ᠨᠢᠭᠡᠳᠦᠭᠰᠡᠨ ᠬᠦᠴᠦᠨ ᠶᠤᠮ᠃ ᠠᠮᠧᠷᠢᠺᠠ ᠶᠢᠨ ᠬᠤᠪᠢᠰᠬᠠᠯ ᠤᠨ ᠳᠠᠶᠢᠨ ᠤ ᠦᠶ᠎ᠡ ᠪᠡᠷ ᠠᠩᠭᠯᠢ ᠵᠢᠨ ᠡᠰᠡᠷᠬᠦ ᠰᠢᠨ᠎ᠡ ᠲᠤᠯᠭᠤᠷ ᠤᠯᠤᠰ ᠢᠶᠠᠨ ᠬᠠᠮᠠᠭᠠᠯᠠᠬᠤ ᠵᠣᠷᠢᠯᠭ᠎ᠠ ᠪᠠᠷ ᠲᠢᠪ ᠦᠨ ᠺᠣᠩᠷᠧᠰ ᠠᠴᠠ ᠠᠮᠧᠷᠢᠺᠠ ᠶᠢᠨ ᠨᠢᠭᠡᠳᠦᠭᠰᠡᠨ ᠤᠯᠤᠰ ᠤᠨ ᠵᠡᠪᠰᠡᠭᠲᠦ ᠬᠦᠴᠦᠨ ᠢ ᠠᠩᠬ᠎ᠠ ᠪᠠᠶᠢᠭᠤᠯᠤᠭᠰᠠᠨ ᠶᠤᠮ᠃ 1776 ᠣᠨ ᠳᠤ ᠲᠤᠰᠠᠭᠠᠷ ᠲᠣᠭᠲᠠᠨᠢᠯ ᠢᠶᠠᠨ ᠲᠤᠩᠬᠠᠭᠯᠠᠬᠤ ᠠᠴᠠ ᠡᠮᠦᠨ᠎ᠡ 1775 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠠᠷᠮᠢ (army)᠂ ᠠᠮᠧᠷᠢᠺᠠ ᠶᠢᠨ ᠨᠢᠭᠡᠳᠦᠭᠰᠡᠨ ᠤᠯᠤᠰ ᠤᠨ ᠲᠡᠩᠭᠢᠰ ᠦᠨ ᠶᠠᠪᠠᠭᠠᠨ ᠴᠡᠷᠢᠭ ᠦᠨ ᠺᠣᠷᠫᠤᠶᠢᠰᠠᠮᠧᠷᠢᠺᠠ ᠶᠢᠨ ᠨᠢᠭᠡᠳᠦᠭᠰᠡᠨ ᠤᠯᠤᠰ ᠤᠨ ᠲᠡᠩᠭᠢᠰ ᠦᠨ ᠴᠡᠷᠢᠭ ᠦᠨ ᠬᠦᠴᠦᠨ  ᠢ ᠲᠤᠰ ᠲᠤᠰ ᠪᠠᠶᠢᠭᠤᠯᠵᠠᠢ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠭᠢ ᠶᠢᠨ ᠬᠠᠷᠠᠭᠤᠯ ᠨᠢ1790 ᠣᠨ ᠳᠤ ᠪᠠᠶᠢᠭᠤᠯᠤᠭᠳᠠᠭᠰᠠᠨ᠃ (ᠪᠦᠷᠢᠨ ᠠᠭᠤᠯᠭ᠎ᠠ ᠶᠢ ᠤᠩᠰᠢᠬᠤ)

ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ
ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ

ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ (ᠬᠢᠲᠠᠳ ᠢᠶᠠᠷ 内蒙古自治区) — ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠡᠷᠲᠡᠭᠡᠨ ᠵᠠᠰᠠᠬᠤ ᠣᠷᠣᠨ (ᠨᠢᠭᠡᠳᠦᠭᠡᠷ ᠲᠦᠪᠰᠢᠨ ᠦ ᠨᠢᠭᠡᠴᠡ)᠃ ᠬᠣᠶᠢᠳᠤ ᠲᠠᠯ᠎ᠠ ᠪᠠᠷ ᠢᠶᠠᠨ ᠮᠣᠩᠭᠣᠯ ᠤᠯᠤᠰᠣᠷᠣᠰ ᠬᠣᠯᠪᠣᠭᠠᠨ ᠤ ᠤᠯᠤᠰ ᠍ ᠲᠠᠢ ᠬᠢᠯᠢ ᠵᠠᠯᠭᠠᠳᠠᠭ ᠪᠣᠯ ᠤᠯᠤᠰ ᠳᠣᠲᠣᠷ᠎ᠠ ᠬᠠᠷᠠᠮᠦ᠋ᠷᠡᠨᠭᠢᠷᠢᠨᠯᠢᠶᠤᠤᠨᠢᠩᠾᠸᠪᠸᠢᠱᠠᠨ ᠰᠢᠱᠠᠨᠰᠢᠭᠠᠨᠰᠤᠨᠢᠩᠰᠢᠶᠠ ᠭᠡᠬᠦ 8 ᠮᠤᠵᠢ ᠣᠷᠣᠨ ᠲᠠᠢ ᠬᠠᠶᠠᠭᠠᠯᠠᠨ᠎ᠠ᠃ ᠨᠡᠶᠢᠰᠯᠡᠯ ᠨᠢ ᠬᠦᠬᠡᠬᠤᠲᠠ᠂ ᠬᠠᠮᠤᠭ ᠤᠨ ᠲᠣᠮᠣ ᠬᠣᠲᠠ ᠨᠢ ᠪᠤᠭᠤᠳᠤ᠃ 1947 ᠣᠨ ᠤ 5 ᠰᠠᠷ᠎ᠠ ᠶᠢᠨ 1 ᠍ ᠳᠦ ᠤᠯᠠᠭᠠᠨᠬᠣᠲᠠ ᠳᠦ ᠲᠥᠪᠯᠡᠨ ᠪᠠᠶᠢᠭᠤᠯᠤᠭᠳᠠᠭᠰᠠᠨ᠃ 1,183,000 ᠺᠦᠸᠠᠳ᠋ ᠺᠢᠯᠣᠮᠧᠲ᠋ᠷ ᠲᠠᠯᠠᠪᠠᠢ ᠲᠠᠢ᠂ 2010 ᠣᠨ ᠤ ᠪᠠᠶᠢᠳᠠᠯ ᠢᠶᠠᠷ 24,706,321 ᠬᠦᠮᠦᠨ ᠠᠮᠠ ᠲᠠᠢ᠃ 2000 ᠣᠨ ᠤ ᠪᠠᠶᠢᠳᠠᠯ ᠢᠶᠠᠷ ᠬᠦᠮᠦᠨ ᠠᠮᠠ ᠶᠢᠨ 79.17% ᠍ ᠢ ᠬᠢᠲᠠᠳ ᠦᠨᠳᠦᠰᠦᠲᠡᠨ᠂ 17.13% ᠍ ᠶᠢ ᠮᠣᠩᠭᠣᠯ ᠦᠨᠳᠦᠰᠦᠲᠡᠨ᠂ 3.70% ᠍ ᠶᠢ ᠪᠤᠰᠤᠳ ᠤᠭᠰᠠᠭᠠᠲᠠᠨ ᠡᠵᠡᠯᠡᠵᠦ ᠪᠠᠶᠢᠨ᠎ᠠ᠃ ᠥᠪᠡᠷᠲᠡᠭᠡᠨ ᠵᠠᠰᠠᠬᠤ ᠣᠷᠣᠨ ᠤ ᠳᠣᠲᠣᠷ᠎ᠠ ᠬᠢᠲᠠᠳ ᠮᠣᠩᠭᠣᠯ 2 ᠠᠯᠪᠠᠨ ᠶᠣᠰᠣᠨ ᠤ ᠬᠡᠯᠡ ᠲᠠᠢ᠃ (ᠪᠦᠷᠢᠨ ᠠᠭᠤᠯᠭ᠎ᠠ ᠶᠢ ᠤᠩᠰᠢᠬᠤ)

ᠠᠽᠢᠶ᠎ᠠ ᠲᠢᠪ ᠦᠨ ᠤᠯᠤᠰ ᠣᠷᠣᠨ ᠨᠤᠭᠤᠳ ᠤᠨ ᠭᠠᠳᠠᠭᠠᠳᠤ ᠫᠠᠰᠫᠣᠷᠲ
ᠠᠽᠢᠶ᠎ᠠ ᠲᠢᠪ ᠦᠨ ᠤᠯᠤᠰ ᠣᠷᠣᠨ ᠨᠤᠭᠤᠳ ᠤᠨ ᠭᠠᠳᠠᠭᠠᠳᠤ ᠫᠠᠰᠫᠣᠷᠲ

ᠫᠠᠰᠫᠣᠷᠲ (护照) ᠨᠢ ᠲᠤᠰ ᠤᠯᠤᠰ ᠤᠨ ᠶᠢᠡᠨ ᠢᠷᠭᠡᠨ ᠤ ᠤᠯᠤᠰ ᠪᠤᠯᠤᠨ ᠪᠡᠶ ᠡ ᠶᠢᠨ ᠬᠠᠤᠯᠢ ᠶᠤᠰᠤᠨ ᠤ ᠭᠡᠷᠡᠴᠢ ᠪᠢᠴᠢᠭ ᠪᠤᠯᠤᠨ᠎ ᠠ᠃ ᠳᠠᠷᠤᠢ ᠲᠤᠰ ᠤᠯᠤᠰ ᠤᠨ ᠢᠷᠭᠡᠨ ᠨᠢ ᠤᠯᠤᠰ ᠤᠨ ᠬᠢᠯᠢ ᠳᠠᠪᠠᠬᠤ ᠪᠤᠶᠤ ᠪᠤᠰᠤᠳ ᠤᠯᠤᠰ ᠲᠤ ᠬᠦᠷᠴᠤ ᠲᠤᠭᠤᠷᠢᠨ ᠵᠤᠭᠠᠴᠠᠬᠤ ᠪᠤᠶᠤ ᠰᠠᠭᠤᠷᠢᠰᠢᠬᠤ ᠳᠤ ᠵᠤᠷᠢᠭᠤᠯᠤᠭᠰᠠᠨ᠂ ᠢᠷᠭᠡᠨ ᠤ ᠤᠯᠤᠰ ᠪᠤᠯᠤᠨ ᠪᠡᠶ ᠡ ᠶᠢᠨ ᠬᠠᠤᠯᠢ ᠶᠤᠰᠤᠨ ᠤ ᠭᠡᠷᠡᠴᠢ ᠪᠢᠴᠢᠭ ᠪᠤᠯᠤᠨ᠎ ᠠ᠃ ᠲᠡᠷᠡ ᠨᠢ ᠠᠩᠭᠯᠢ ᠬᠡᠯᠡᠨ ᠤ Passport ᠭᠡᠰᠡᠨ ᠦᠭᠡᠨ ᠡᠴᠡ ᠢᠷᠡᠯᠲᠡ ᠲᠠᠢ᠃ ᠳᠠᠷᠤᠢ ᠪᠤᠭᠤᠮᠲᠠ ᠦᠩᠭᠡᠷᠡᠬᠦ ᠭᠡᠷᠡᠴᠢ ᠭᠡᠰᠡᠨ ᠤᠳᠬ᠎ ᠠ ᠲᠠᠢ᠃ ᠳᠠᠷᠤᠢ᠂ ᠢᠷᠭᠡᠨ  ᠤ ᠤᠯᠠᠨ ᠤᠯᠤᠰ ᠤᠨ ᠪᠤᠭᠤᠮᠲᠠ ᠦᠩᠭᠡᠷᠡᠬᠦ ᠭᠡᠷᠡᠴᠢ ᠪᠤᠯᠤᠨ᠎᠎ᠠ᠃ ᠲᠡᠶᠢᠮᠦ ᠪᠤᠯᠬᠤᠷ᠂ ᠲᠡᠯᠡᠬᠡᠢ ᠶᠢᠨ ᠤᠯᠠᠨ ᠤᠯᠤᠰ ᠤᠳ ᠡᠶᠢᠮᠦᠷᠬᠦ ᠭᠡᠷᠡᠴᠢ ᠪᠢᠴᠢᠭ ᠢ ᠬᠡᠷᠡᠭᠯᠡᠵᠤ ᠪᠠᠶᠢᠨ᠎ ᠠ᠃ ᠡᠨᠡ ᠬᠠᠭᠤᠳᠠᠰᠤᠨ ᠳᠤ ᠠᠽᠢᠶ᠎ᠠ ᠲᠢᠪ ᠳᠤ ᠣᠷᠣᠰᠢᠳᠠᠭ ᠪᠦᠷᠢᠨ ᠡᠷᠬᠡᠲᠦ ᠤᠯᠤᠰ᠂ ᠵᠠᠷᠢᠮᠳᠤᠭ ᠡᠷᠬᠡᠲᠦ ᠬᠣᠶᠠᠷ ᠣᠷᠣᠨ ( ᠲᠠᠶᠢᠸᠠᠨ ᠪᠤᠯᠤᠨ ᠫᠠᠯᠧᠰᠲ᠋ᠠᠨ)᠂ ᠤᠨᠴᠠᠭᠠᠢ ᠵᠠᠰᠠᠭ ᠵᠠᠬᠢᠷᠭᠠᠨ ᠤ ᠬᠣᠶᠠᠷ ᠣᠷᠣᠨ (ᠰᠢᠶᠠᠩᠭᠠᠩ ᠪᠤᠯᠤᠨ ᠤᠤᠮᠸᠨᠨ) ᠵᠡᠷᠭᠡ ᠤᠷᠤᠨ ᠨᠤᠭᠤᠳ ᠤᠨ ᠢᠷᠭᠡᠳ ᠤᠳ ᠭᠠᠳᠠᠭᠠᠳᠤ ᠤᠯᠤᠰ ᠲᠤ ᠠᠶᠠᠯᠠᠵᠤ ᠵᠢᠭᠤᠯᠴᠢᠯᠠᠬᠤ ᠳᠤ ᠱᠠᠭᠠᠷᠳᠠᠳᠠᠭ ᠫᠠᠰᠫᠣᠷᠲ ᠤᠨ ᠨᠢᠭᠤᠷ ᠬᠠᠪᠲᠠᠰᠤᠨ ᠤ ᠵᠢᠷᠤᠭ ᠤᠳ ᠢ ᠬᠠᠷᠠᠭᠤᠯᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠲᠠᠪᠤᠨ ᠰᠠᠷ᠎ᠠ  ᠶᠢᠨ ᠡᠪᠡᠳᠴᠢᠨ
ᠲᠠᠪᠤᠨ ᠰᠠᠷ᠎ᠠ  ᠶᠢᠨ  ᠡᠪᠡᠳᠴᠢᠨ

ᠲᠠᠪᠤᠨ ᠰᠠᠷ᠎ᠠ  ᠶᠢᠨ ᠡᠪᠡᠳᠴᠢᠨ ( ᠪᠤᠶᠤ ᠵᠦᠬᠡᠢ ᠵᠢᠨ ᠡᠪᠡᠳᠴᠢᠨ )  ᠢ ᠪᠠᠰᠠ ᠤᠯᠠᠷᠢᠯ   ᠤᠨ ᠴᠢᠨᠠᠷᠳᠠᠢ ᠵᠠᠯᠬᠠᠭᠤ ᠡᠪᠡᠳᠴᠢᠨ ᠬᠡᠳᠡᠭ ᠃ ᠲᠤᠬᠠᠢ ᠵᠢᠨ ᠴᠠᠭ ᠦᠶ᠎ᠡ ᠬᠦ᠋ᠷᠴᠤ ᠢᠷᠡᠬᠦᠯᠡᠷ ᠂ ᠬᠦᠮᠦᠨ  ᠤ ᠪᠡᠶ ᠡ ᠨᠣᠵᠣᠭᠠᠷᠠᠵᠤ᠂ ᠵᠠᠯᠬᠠᠭᠤ ᠬᠦᠷᠤᠨ ᠂ ᠦᠷᠭᠦᠯᠵᠢ ᠶᠠᠳᠠᠷᠠᠭᠠᠳ ᠡᠷᠴᠢ ᠬᠦᠴᠦ  ᠦᠭᠡᠢ ᠂ ᠪᠦᠬᠦ ᠪᠡᠶ ᠡ ᠬᠦᠴᠤ ᠲᠠᠮᠢᠷ ᠦᠬᠡᠢ ᠂ ᠲᠤᠳᠤᠷ᠎ᠠ ᠪᠤᠬᠢᠨᠢᠳᠤᠬᠤ ᠂ ᠭᠠᠰᠢᠭᠤᠳᠠᠨ ᠬᠡᠮᠤᠷᠬᠦ ᠵᠡᠷᠬᠡ ᠢᠯᠡᠷᠡᠯ  ᠭᠠᠷᠳᠠᠭ ᠃ 《ᠲᠠᠪᠤᠨ ᠰᠠᠷ᠎ᠠ  ᠶᠢᠨ ᠡᠪᠡᠳᠴᠢᠨ》  ᠨᠢ  ᠶᠠᠫᠤᠨ  ᠡᠴᠠ ᠢᠷᠡᠯᠳᠠ  ᠲᠠᠢ ᠃   ᠶᠠᠫᠤᠨ  ᠳᠤ᠂ ᠬᠠᠪᠤᠷ   ᠤᠨ ᠤᠯᠠᠷᠢᠯ  ᠪᠤᠯᠬᠤ  ᠳᠤ ᠰᠤᠷᠤᠭᠴᠢᠳ ᠰᠤᠷᠭᠠᠭᠤᠯᠢ ᠲᠡᠬᠦᠰᠬᠦ ᠪᠠ ᠰᠢᠨ᠎ᠠ ᠰᠤᠷᠤᠯᠭ᠎ᠠ  ᠶᠢᠨ ᠬᠤᠭᠤᠴᠠᠭ᠎ᠠ ᠪᠡᠨ ᠡᠬᠢᠯᠡᠬᠦᠯᠳᠡᠭ ᠃ ᠲᠦᠷᠪᠡ ᠲᠠᠪᠤᠨ ᠰᠠᠷ᠎ᠠ  ᠨᠢ  ᠶᠠᠭ ᠰᠠᠶ᠋ᠢᠬᠠᠨ ᠰᠤᠷᠤᠭᠴᠢᠳ   ᠤᠨ ᠰᠢᠨ᠎ᠡ  ᠨᠢᠬᠡᠨ ᠬᠤᠭᠤᠴᠠᠭᠠᠨ   ᠤ ᠰᠤᠷᠤᠯᠴᠠᠯᠭ᠎ᠠ  ᠪᠠᠨ ᠡᠬᠢᠯᠡᠬᠦᠯᠬᠦ ᠪᠤᠶᠤ ᠰᠠᠶ᠋ᠢ ᠲᠡᠬᠦᠰᠦᠭᠰᠡᠨ ᠰᠤᠷᠤᠭᠴᠢᠳ  ᠤᠨ  ᠨᠡᠶᠢᠬᠡᠮ ᠲᠡᠬᠡᠷ᠎ᠡ ᠭᠠᠷᠴᠤ ᠡᠬᠢᠯᠡᠵᠤ ᠠᠵᠢᠯᠯᠠᠬᠤ ᠴᠠᠭ ᠦᠶ᠎ᠡ ᠪᠤᠯᠤᠨ᠎ᠠ ᠂ ᠲᠠᠷᠠ ᠦᠶᠡᠰ ᠪᠤᠯᠬᠤ  ᠳᠤ ᠤᠯᠠᠨᠭᠬᠢ ᠲᠤᠭᠠᠨ   ᠤ  ᠶᠠᠫᠤᠨᠴᠤᠳ ᠠᠵᠢᠯᠯᠠᠬᠤ ᠡᠷᠴᠢ ᠬᠦ᠋ᠴᠦᠨ ᠦᠬᠡᠢ ᠂ ᠠᠯᠵᠢᠭᠤᠷᠠᠨ  ᠨᠤᠵᠤᠭᠠᠷᠠᠵᠤ ᠂ ᠠᠵᠢᠯᠯᠠᠵᠤ ᠬᠢᠴᠢᠶᠡᠯᠯᠡᠬᠦ ᠲᠤᠷ᠎ᠠ ᠠᠯᠳᠠᠷᠠᠬᠤ ᠢᠯᠡᠷᠡᠯ ᠭᠠᠷᠳᠠᠭ ᠂ ᠲᠤᠰ ᠢᠯᠡᠷᠡᠯ ᠲᠠᠢ ᠡᠪᠳᠴᠢᠨ  ᠢ 《ᠲᠠᠪᠤᠨ ᠰᠠᠷ᠎ᠠ  ᠶᠢᠨ ᠡᠪᠡᠳᠴᠢᠨ 》 ᠬᠡᠳᠡᠭ ᠃ (ᠪᠦᠷᠢᠨ ᠠᠭᠤᠯᠭ᠎ᠠ ᠶᠢ ᠤᠩᠰᠢᠬᠤ)

ᠳᠠᠷᠬᠠᠯᠠᠯ ᠤᠨ ᠣᠯᠳᠠᠮᠠᠯ ᠬᠣᠮᠰᠠᠳᠠᠯ
ᠳᠠᠷᠬᠠᠯᠠᠯ ᠤᠨ ᠣᠯᠳᠠᠮᠠᠯ ᠬᠣᠮᠰᠠᠳᠠᠯ

ᠳᠠᠷᠬᠠᠯᠠᠯ ᠤᠨ ᠣᠯᠳᠠᠮᠠᠯ ᠬᠣᠮᠰᠠᠳᠠᠯᠠᠩᠭᠯᠢ ᠪᠠᠷ acquired immune deficiency syndrome(Aids)ᠬᠢᠲᠠᠳ ᠢᠶᠠᠷ 获得性免疫缺陷综合征 ︵艾滋病︶︶ ᠨᠢ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ (ᠠᠩᠭᠯᠢ ᠪᠠᠷ Human immunodeficiency virus (HIV)) ᠬᠦᠮᠦᠰ ᠲᠦ ᠬᠠᠯᠳᠠᠪᠤᠷᠢᠯᠠᠵᠤ᠂ ᠳᠠᠷᠬᠠᠯᠠᠯ ᠤᠨ ᠲᠣᠭᠲᠠᠯᠴᠠᠭ᠎ᠠ ᠶᠢ (免疫系统) ᠭᠡᠮᠲᠦᠭᠡᠭᠰᠡᠨ ᠡᠴᠡ ᠡᠭᠦᠰᠳᠡᠭ ᠡᠪᠡᠳᠴᠢᠨ ᠶᠤᠮ᠃ ᠲᠤᠰ ᠡᠪᠡᠳᠴᠢᠨ ᠦ ᠲᠡᠭᠦᠰᠬᠡᠯ ᠦᠨ ᠱᠠᠲᠤ ᠨᠢ ᠲᠤᠬᠠᠢ ᠶᠢᠨ ᠬᠦᠮᠦᠨ ᠢ ᠠᠯᠢᠪᠠ ᠬᠠᠯᠳᠠᠪᠤᠷᠢ ᠪᠣᠯᠤᠨ ᠬᠠᠪᠤᠳᠠᠷ ᠤᠨ ᠡᠪᠡᠳᠴᠢᠨ ᠦ ᠡᠰᠡᠷᠬᠦ ᠬᠠᠮᠠᠭᠠᠯᠠᠬᠤ ᠴᠢᠳᠠᠪᠤᠷᠢ ᠦᠭᠡᠢ ᠪᠣᠯᠭᠠᠳᠠᠭ᠃ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠦᠨ ᠡᠰᠡᠷᠬᠦ ᠡᠮᠴᠢᠯᠡᠭᠡ ᠨᠢ ᠵᠥᠪᠬᠡᠨ ᠸᠢᠷᠦᠰ ᠤᠨ ᠬᠥᠭᠵᠢᠯ ᠢ ᠰᠠᠭᠠᠷᠮᠠᠭᠵᠢᠭᠤᠯᠬᠤ ᠯᠠ ᠲᠡᠳᠦᠢ ᠪᠠᠶᠢᠭ᠎ᠠ ᠪᠥᠭᠡᠳ ᠣᠳᠣ ᠪᠠᠷ ᠮᠡᠳᠡᠭᠳᠡᠵᠦ ᠪᠤᠢ ᠪᠦᠷᠢᠨ ᠲᠡᠭᠦᠰ ᠡᠮᠴᠢᠯᠡᠭᠡ ᠪᠠᠶᠢᠬᠤ ᠦᠭᠡᠢ ᠪᠠᠶᠢᠨ᠎ᠠ᠃ 2009 ᠣᠨ ᠤ ᠪᠠᠶᠢᠳᠠᠯ ᠢᠶᠠᠷ 3000 ᠲᠦᠮᠡ ᠰᠢᠬᠠᠮ ᠬᠦᠮᠦᠨ ᠡᠨᠡ ᠡᠪᠡᠳᠴᠢᠨ ᠢᠶᠡᠷ ᠨᠠᠰᠤ ᠪᠠᠷᠠᠭᠰᠠᠨ ᠪᠣᠯ 2010 ᠣᠨ ᠤ ᠪᠠᠶᠢᠳᠠᠯ ᠢᠶᠠᠷ ᠳᠡᠯᠡᠬᠡᠢ ᠳᠡᠭᠡᠷ᠎ᠡ ᠳᠠᠷᠬᠠᠯᠠᠯ ᠤᠨ ᠣᠯᠳᠠᠮᠠᠯ ᠬᠣᠮᠰᠠᠳᠠᠯ ᠶᠢᠨ ᠬᠠᠯᠳᠠᠪᠤᠷᠢ ᠠᠪᠤᠭᠰᠠᠨ ᠨᠡᠶᠢᠲᠡ 3400 ᠲᠦᠮᠡ ᠰᠢᠬᠠᠮ ᠬᠦᠮᠦᠨ ᠠᠮᠢᠳᠤᠷᠠᠵᠤ ᠪᠠᠶᠢᠭ᠎ᠠ ᠶᠢᠨ 2500 ᠲᠦᠮᠡ ᠨᠢ 15 ᠬᠦᠷᠲᠡᠯᠡᠬᠢ ᠨᠠᠰᠤᠨ ᠤ ᠬᠡᠦᠬᠡᠳ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠰᠢᠨᠵᠢᠶᠠᠩ  ᠤᠨ ᠤᠶᠢᠭᠤᠷ ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ
ᠰᠢᠨᠵᠢᠶᠠᠩ  ᠤᠨ ᠤᠶᠢᠭᠤᠷ ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ

ᠰᠢᠨᠵᠢᠶᠠᠩ  ᠤᠨ ᠤᠶᠢᠭᠤᠷ ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ ᠡᠰᠡᠪᠡᠯ ᠰᠢᠨᠵᠢᠶᠠᠩ ᠭᠡᠳᠡᠭ ᠨᠢ ᠠᠯᠪᠠᠨ ᠶᠣᠰᠣᠭᠠᠷ 1949 ᠣᠨ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠪᠦᠷᠢᠯᠳᠦᠬᠦᠨ ᠳᠤ ᠪᠠᠭᠲᠠᠭᠰᠠᠨ ᠪᠥᠭᠡᠳ ᠳᠤᠮᠳᠠᠳᠤ ᠤᠯᠤᠰ ᠤᠨ ᠪᠠᠷᠠᠭᠤᠨ ᠬᠣᠶᠢᠳᠤ ᠲᠠᠯ᠎ᠠ ᠶᠢ ᠡᠵᠡᠯᠡᠨ ᠣᠷᠣᠰᠢᠳᠠᠭ ᠲᠣᠮᠣ ᠥᠪᠡᠷᠲᠡᠭᠡᠨ ᠵᠠᠰᠠᠬᠤ ᠣᠷᠣᠨ ᠶᠤᠮ᠃ ᠭᠠᠵᠠᠷ ᠨᠤᠲᠤᠭ ᠨᠢ166 ᠲᠦᠮᠡᠨ ᠲᠡᠭᠰᠢ ᠳᠦᠷᠪᠡᠯᠵᠢᠨ ᠺᠢᠯᠤᠮᠸᠲᠷ ᠪᠠᠶᠢᠵᠤ ᠂ 2005 ᠣᠨ ᠤ ᠪᠠᠶᠢᠳᠠᠯ ᠢᠶᠠᠷ 2100 ᠲᠦᠮᠡᠨ ᠬᠦᠮᠦᠨ ᠠᠮᠢᠳᠤᠷᠠᠵᠤ ᠪᠠᠶᠢᠨ᠎ᠠ᠃ ᠳᠤᠮᠳᠠᠳᠤ ᠤᠯᠤᠰ ᠲᠤ ᠨᠡᠶᠢᠲᠡ 56 ᠦᠨᠳᠦᠰᠦᠲᠡᠨ ᠶᠠᠰᠤᠲᠠᠨ ᠪᠠᠶᠢᠳᠠᠭ ᠠᠴᠠ 34 ᠨᠢ ᠰᠢᠨᠵᠢᠶᠠᠩ ᠳᠤ ᠠᠮᠢᠳᠤᠷᠠᠵᠤ ᠪᠠᠶᠢᠨ᠎ᠠ᠃ ᠬᠦᠮᠦᠨ ᠠᠮᠠ ᠶᠢᠨ ᠡᠵᠡᠯᠡᠬᠦ ᠲᠣᠭ᠎ᠠ ᠪᠠᠷ ᠢᠶᠠᠨ ᠬᠢᠲᠠᠳ᠂ ᠤᠶᠢᠭᠤᠷᠬᠠᠰᠠᠭ ᠦᠳ ᠡᠬᠢᠨ ᠦ ᠭᠤᠷᠪᠠ ᠳᠤ ᠣᠷᠣᠨ᠎ᠠ᠃ ᠮᠣᠩᠭᠣᠯ᠂ ᠺᠢᠷᠭᠢᠰ᠂ ᠰᠢᠪᠣ᠂ ᠲᠠᠵᠢᠺᠢᠰᠲᠠᠨᠦᠽᠡᠪᠸᠺᠢᠰᠲᠠᠨᠮᠠᠨᠵᠤᠳᠠᠭᠤᠷᠲᠠᠲ᠋ᠠᠷᠣᠷᠣᠰᠳ᠋ᠦᠩᠰᠢᠶᠠᠩ᠂ ᠲᠤᠵᠢ᠂ ᠵᠤᠨᠰᠠᠯᠠᠷ ᠵᠡᠷᠭᠡ ᠦᠨᠳᠦᠰᠦᠲᠡᠨ ᠪᠤᠢ᠃ ᠣᠷᠤᠨ ᠦ ᠲᠦᠪ ᠨᠢ ᠥᠷᠦᠮᠴᠢ ᠬᠣᠲᠠ᠃ ᠪᠠᠷᠠᠭᠤᠨ ᠬᠣᠶᠢᠳᠤ᠂ ᠬᠣᠶᠢᠳᠤ᠂ ᠵᠡᠭᠦᠨ ᠬᠣᠶᠢᠳᠤ ᠲᠠᠯ᠎ᠠ ᠪᠠᠷ ᠢᠶᠠᠨ ᠺᠢᠷᠭᠢᠽᠰᠲ᠋ᠠᠨᠬᠠᠰᠠᠭᠰᠲ᠋ᠠᠨᠠᠹᠬᠠᠨᠨᠢᠰᠲ᠋ᠠᠨᠡᠨᠡᠳᠬᠡᠭ ᠪᠠ ᠫᠠᠺᠢᠰᠲ᠋ᠠᠨ ᠤ ᠬᠢᠨᠠᠯᠲᠠ ᠶᠢᠨ ᠵᠠᠮᠮᠤ-ᠺᠠᠰᠮᠢᠷᠯᠳᠠᠺᠬ ᠮᠤᠵᠢ᠂ ᠣᠷᠣᠰ ᠬᠣᠯᠪᠣᠭᠠᠨ ᠤ ᠤᠯᠤᠰᠮᠣᠩᠭᠣᠯ ᠤᠯᠤᠰ ᠲᠠᠢ᠂ ᠳᠣᠲᠣᠭᠠᠳᠤ ᠳᠤ ᠪᠠᠨ ᠲᠥᠪᠡᠳ ᠦᠨ ᠨᠤᠲᠤᠭ᠂ ᠭᠠᠨᠰᠤᠬᠥᠬᠡᠨᠠᠭᠤᠷ ᠮᠤᠵᠢ ᠲᠠᠢ ᠬᠢᠯᠢᠯᠡᠨ᠎ᠡ᠃ᠰᠢᠨᠵᠢᠶᠠᠩ ᠦᠨ ᠵᠠᠰᠠᠭ ᠵᠠᠬᠢᠷᠭᠠᠨ ᠤ ᠲᠥᠪ ᠬᠣᠲᠠ ᠨᠢ ᠥᠷᠦᠮᠴᠢ ᠶᠤᠮ᠃ ᠥᠷᠦᠮᠴᠢ ᠭᠡᠳᠡᠭ ᠨᠢ ᠲᠩᠷᠢ ᠠᠭᠤᠯᠠ ᠍ ᠤᠨ ᠮᠥᠩᠬᠡ ᠴᠠᠰᠤᠲᠤ ᠠᠭᠤᠯᠠᠨ ᠠᠴᠠ ᠡᠬᠢ ᠠᠪᠤᠨ ᠤᠷᠤᠰᠳᠠᠭ ᠭᠣᠣᠯ ᠤᠨ ᠮᠣᠩᠭᠣᠯ ᠨᠡᠷ᠎ᠡ ᠶᠤᠮ᠃ ᠬᠢᠲᠠᠳ ᠶᠢᠡᠷ ᠦ᠋ ᠯᠤ ᠍ ᠮᠤ ᠴᠢ(乌鲁木齐) ᠭᠡᠵᠤ᠂ ᠭᠠᠯᠢᠭ ᠦᠰᠦᠭ ᠢᠶᠡᠷ 《Urumqi》 ᠭᠡᠵᠦ ᠭᠠᠯᠢᠭᠯᠠᠬᠤ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠲᠡᠯᠡᠬᠡᠢ ᠵᠢᠨ ᠰᠢᠯᠢᠳᠡᠭ ᠶᠡᠬᠡ ᠰᠤᠷᠭᠠᠭᠤᠯᠢ
ᠲᠡᠯᠡᠬᠡᠢ ᠵᠢᠨ ᠰᠢᠯᠢᠳᠡᠭ ᠶᠡᠬᠡ ᠰᠤᠷᠭᠠᠭᠤᠯᠢ

ᠰᠠᠶᠢᠬᠠᠨ ᠠᠮᠢᠳᠤᠷᠠᠬᠤ ᠶᠢᠨ ᠲᠤᠯᠠᠳᠠ ᠬᠡᠨ ᠪᠦᠬᠦᠨ ᠳᠦ ᠮᠡᠳᠡᠯᠭᠡ ᠪᠣᠯᠪᠠᠰᠤᠷᠠᠯ ᠬᠡᠷᠡᠭᠲᠡᠢ᠃ ᠮᠡᠳᠡᠯᠭᠡ ᠪᠣᠯᠪᠠᠰᠤᠷᠠᠯ ᠢ ᠣᠯᠵᠤ ᠠᠪᠬᠤ ᠬᠠᠮᠤᠭ ᠤᠨ ᠭᠣᠣᠯ ᠵᠦᠢᠯ ᠪᠣᠯ ᠰᠠᠶᠢᠨ ᠪᠠᠭᠰᠢ᠂ ᠰᠤᠷᠭᠠᠭᠤᠯᠢ ᠯᠠ ᠪᠠᠶᠢᠳᠠᠭ ᠃ ᠥᠪᠡᠷ ᠦᠨ ᠬᠦᠴᠤ ᠪᠡᠷ ᠳᠡᠯᠡᠬᠡᠢ ᠳᠦ ᠨᠡᠷ᠎ᠡ ᠪᠡᠨ ᠮᠥᠩᠬᠡᠯᠡᠭᠰᠡᠨ ᠨᠢᠭᠡᠨ ᠢ ᠦᠭᠡᠶᠢᠰᠬᠡᠬᠦ  ᠦᠭᠡᠢ ᠴᠤ ᠶᠡᠬᠡᠩᠬᠢ ᠬᠦᠮᠦᠰ ᠰᠢᠯᠢᠳᠡᠭ ᠶᠡᠬᠡ ᠳᠡᠭᠡᠳᠦ ᠰᠤᠷᠭᠠᠭᠤᠯᠢ ᠳᠤ ᠰᠤᠷᠤᠯᠴᠠᠵᠤ᠂ ᠰᠠᠶᠢᠨ ᠮᠡᠳᠡᠯᠭᠡ ᠡᠵᠡᠮᠰᠢᠨ ᠡᠬᠡ ᠣᠷᠣᠨ ᠳᠤ ᠪᠠᠨ ᠵᠠᠯᠠᠭᠤ ᠬᠠᠯᠠᠭᠤᠨ ᠪᠣᠯᠪᠠᠰᠤᠨ ᠬᠦᠴᠦᠨ ᠪᠣᠯᠬᠤ ᠶᠢ ᠡᠷᠡᠮᠡᠯᠵᠡᠳᠡᠭ᠃ ᠲᠤᠤᠷ᠎ᠠ ᠲᠠ ᠪᠦᠬᠦᠨ ᠳᠦ ᠪᠡᠨ 2016 ᠣᠨ ᠤ ᠲᠡᠯᠡᠬᠡᠢ ᠵᠢᠨ ᠰᠢᠯᠢᠳᠡᠭ ᠶᠡᠬᠡ ᠰᠤᠷᠭᠠᠭᠤᠯᠢ ᠨᠤᠭᠤᠳ ᠡᠴᠡ ᠲᠠᠨᠢᠯᠴᠠᠭᠤᠯᠤᠶ᠎ᠠ᠄ NO.15 ᠺᠤᠯᠤᠮᠪᠢᠶ᠎ᠠ  ᠶᠡᠬᠡ ᠰᠤᠷᠭᠠᠭᠤᠯᠢ ᠂ NO.14 ᠯᠣᠨᠳᠣᠨ ᠶᠡᠬᠡ ᠰᠤᠷᠭᠠᠭᠤᠯᠢ᠂No.13 ᠪᠧᠷᠺᠯᠢ ᠳ᠋ᠡᠬᠢ ᠺᠠᠯᠢᠹᠤᠷᠨᠢᠶ᠎ᠠ  ᠶᠡᠬᠡ ᠰᠤᠷᠭᠠᠭᠤᠯᠢ᠂ NO.12 ᠢᠧᠯ ᠶᠡᠬᠡ ᠰᠤᠷᠭᠠᠭᠤᠯᠢ᠂NO.11 ᠵᠣᠨᠰ ᠬᠣᠫᠬᠢᠩᠰ  ᠶᠡᠬᠡ ᠰᠤᠷᠭᠠᠭᠤᠯᠢ ᠁ NO.5᠁ NO.1᠁ (ᠪᠦᠷᠢᠨ ᠠᠭᠤᠯᠭ᠎ᠠ ᠶᠢ ᠤᠩᠰᠢᠬᠤ)

ᠶᠠᠳᠠᠭᠤᠷᠠᠯ
ᠶᠠᠳᠠᠭᠤᠷᠠᠯ

ᠶᠠᠳᠠᠭᠤᠷᠠᠯ (ᠠᠩᠭᠯᠢ ᠪᠠᠷ Poverty; ᠬᠢᠲᠠᠳ ᠢᠶᠠᠷ 贫困) ᠭᠡᠵᠦ ᠠᠮᠢᠳᠤᠷᠠᠯ ᠤᠨ ᠴᠢᠨᠠᠷ ᠢ ᠲᠣᠳᠤᠷᠬᠠᠶᠢᠯᠠᠬᠤ ᠬᠦᠨᠡᠰᠦ ᠲᠡᠵᠢᠭᠡᠯᠬᠤᠪᠴᠠᠰᠤᠭᠡᠷ ᠣᠷᠣᠨ ᠵᠡᠷᠭᠡ ᠶᠡᠷᠦᠳᠡ ᠶᠢᠨ ᠬᠡᠷᠡᠭᠴᠡᠭᠡᠨ ᠦ ᠳᠤᠲᠠᠭᠳᠠᠯ ᠭᠠᠴᠢᠭᠳᠠᠯ ᠢ ᠬᠡᠯᠡᠨ᠎ᠡ᠃ ᠡᠭᠦᠨ ᠡᠴᠡ ᠭᠠᠳᠠᠨ᠎ᠠ ᠶᠠᠳᠠᠭᠤᠷᠠᠯ ᠠᠴᠠ ᠭᠠᠷᠬᠤ ᠳᠤ ᠪᠤᠶᠤ ᠬᠦᠮᠦᠰ ᠤᠨ ᠳᠤᠮᠳᠠ ᠪᠠᠶᠢᠷᠢ ᠰᠠᠭᠤᠷᠢ ᠲᠠᠢ ᠪᠣᠯᠬᠤ ᠳᠤ ᠵᠠᠶᠢᠯᠠᠰᠢ ᠦᠭᠡᠢ ᠬᠡᠷᠡᠭᠲᠡᠢ ᠪᠣᠯᠪᠠᠰᠤᠷᠠᠯ ︵ᠰᠤᠷᠭᠠᠨ ᠬᠦᠮᠦᠵᠢᠯ︶᠂ ᠠᠵᠢᠯ ᠤᠨ ᠪᠠᠶᠢᠷᠢ ᠬᠦᠷᠲᠡᠬᠦ ᠵᠡᠷᠭᠡ ᠪᠣᠯᠤᠮᠵᠢ ᠨᠤᠭᠤᠳ ᠲᠤ ᠬᠦᠷᠴᠦ ᠴᠢᠳᠠᠬᠤ ᠦᠭᠡᠢ ᠪᠠᠶᠢᠳᠠᠯ ᠢ ᠢᠯᠡᠳᠬᠡᠵᠦ ᠪᠣᠯᠤᠨ᠎ᠠ᠃ ᠳᠡᠯᠡᠬᠡᠢ ᠶᠢᠨ ᠪᠠᠩᠬᠢ ᠨᠢ ᠲᠤᠶᠢᠯ ᠤᠨ ᠶᠠᠳᠠᠭᠤᠷᠠᠯ ᠢ ᠡᠳᠦᠷ ᠲᠦ 1 ᠠᠮᠧᠷᠢᠺᠠ ᠳ᠋ᠣᠯᠯᠠᠷ ᠠᠴᠠ ᠳᠣᠭᠣᠭᠰᠢ ᠮᠥᠩᠭᠥ ᠪᠡᠷ ᠠᠮᠢᠳᠤᠷᠠᠵᠤ ᠪᠠᠶᠢᠭ᠎ᠠ᠂ ᠳᠤᠮᠳᠠ ᠵᠡᠷᠭᠡ ᠶᠢᠨ ᠶᠠᠳᠠᠭᠤᠷᠠᠯ ᠢ ᠬᠣᠶᠠᠷ ᠠᠮᠧᠷᠢᠺᠠ ᠳ᠋ᠣᠯᠯᠠᠷ ᠠᠴᠠ ᠳᠣᠭᠣᠭᠰᠢ ᠮᠥᠩᠭᠥ ᠪᠡᠷ ᠠᠮᠢᠳᠤᠷᠠᠵᠤ ᠪᠠᠶᠢᠭ᠎ᠠ ᠬᠡᠮᠡᠨ ᠲᠣᠳᠣᠷᠬᠠᠶᠢᠯᠠᠳᠠᠭ᠃ (ᠪᠦᠷᠢᠨ ᠠᠭᠤᠯᠭ᠎ᠠ ᠶᠢ ᠤᠩᠰᠢᠬᠤ)

ᠰᠠᠮᠪᠣ
ᠰᠠᠮᠪᠣ

ᠰᠠᠮᠪᠣ (ᠣᠷᠣᠰ ᠶᠢᠡᠷ ᠰᠠᠮᠪᠣ) ᠭᠡᠳᠡᠭ ᠨᠢ ᠬᠠᠷᠢᠴᠠᠩᠭᠤᠢ ᠪᠡᠷ ᠣᠷᠴᠢᠨ ᠦᠶ᠎ᠡ ᠳᠦ ᠡᠭᠦᠰᠦᠭᠰᠡᠨ᠂ ᠲᠤᠯᠤᠭᠠᠨ ᠤ ᠤᠷᠠᠯᠢᠭ᠂ ᠲᠠᠮᠢᠷ (ᠰᠫᠣᠷᠲ) ᠪᠥᠭᠡᠳ ᠵᠥᠪᠯᠡᠯᠲᠦ ᠬᠣᠯᠪᠣᠭᠠᠲᠤ ᠤᠯᠤᠰ ᠳᠤ ᠪᠤᠢ ᠪᠣᠯᠵᠤ᠂ ᠴᠡᠷᠢᠭ ᠤᠨ ᠪᠠᠶᠢᠯᠳᠤᠭᠠᠨ ᠤ ᠮᠡᠷᠭᠡᠵᠢᠯ ᠤᠨ ᠬᠡᠯᠪᠡᠷᠢ ᠪᠡᠷ ᠬᠦᠭᠵᠢᠵᠤ ᠢᠷᠡᠵᠡᠢ᠃ 1938 ᠣᠨ ᠳᠤ ᠵᠥᠪᠯᠡᠯᠲᠦ ᠬᠣᠯᠪᠣᠭᠠᠲᠤ ᠤᠯᠤᠰ ᠤᠨ ᠪᠦᠬᠦ ᠬᠣᠯᠪᠣᠭᠠᠲᠤ ᠶᠢᠨ ᠰᠫᠣᠷᠲ ᠤᠨ ᠵᠥᠪᠯᠡᠯ ᠡᠴᠡ ᠠᠯᠪᠠᠨ ᠶᠣᠰᠣᠭᠠᠷ ᠰᠫᠣᠷᠲ ᠤᠨ ᠲᠦᠷᠦᠯ ᠭᠡᠵᠦ ᠬᠦᠯᠢᠶᠡᠨ ᠵᠥᠪᠰᠢᠶᠡᠷᠡᠭᠰᠡᠨ ᠪᠡᠶ᠎ᠡ ᠬᠠᠮᠠᠭᠠᠯᠠᠬᠤ ᠤᠷᠠᠯᠢᠭ ᠪᠣᠯᠤᠨ᠎ᠠ᠃ 《ᠰᠠᠮᠪᠣ》 ᠬᠡᠮᠡᠬᠦ ᠦᠭᠡ ᠨᠢ ᠣᠷᠣᠰ ᠬᠡᠯᠡ ᠪᠡᠷ (Самбо᠄ самооборона без оружия) ᠭᠡᠵᠤ᠂ 《ᠵᠡᠪᠰᠡᠭ ᠦᠭᠡᠢ ᠪᠡᠷ ᠥᠪᠡᠷ ᠢ ᠪᠡᠨ ᠬᠠᠮᠠᠭᠠᠯᠠᠬᠤ》 ᠭᠡᠰᠡᠨ ᠤᠳᠬ᠎ᠠ ᠲᠠᠢ ᠦᠭᠡᠨ ᠦ ᠲᠣᠪᠴᠢᠯᠠᠯ ᠪᠣᠯᠤᠨ᠎ᠠ᠃ ᠶᠠᠫᠣᠨ ᠤ ᠵᠢᠦ᠋ᠳᠣ᠋ᠠᠷᠮᠧᠨ ᠤ ᠺᠣᠤᠴᠢᠭᠦᠷᠦᠵᠢᠶ ᠠ ᠶᠢᠨ ᠴᠢᠳᠠᠣᠪᠠᠮᠣᠯᠳᠤᠪᠠ ᠶᠢᠨ ᠲᠷᠢᠩᠲᠠᠲᠠᠲ᠋ᠠᠷ ᠍ ᠍ ᠤᠨ ᠺᠷᠡᠰᠢᠦᠽᠡᠪᠸᠺᠢᠰᠲᠠᠨ ᠦ ᠺᠦ᠋ᠷᠠᠰᠢᠮᠣᠩᠭᠣᠯ ᠤᠨ ᠦᠨᠳᠦᠰᠦᠨ ᠦ ᠪᠥᠬᠡ ᠪᠣᠯᠤᠨ ᠠᠽᠧᠷᠪᠠᠶᠢᠵᠠᠨ ᠤ ᠭᠦᠯᠧᠱ ᠵᠡᠷᠭᠡ ᠪᠥᠬᠡ ᠶᠢᠨ ᠲᠥᠷᠥᠯ ᠦᠳ ᠡᠴᠡ ᠰᠠᠨᠠᠭ᠎ᠠ ᠠᠪᠤᠭᠰᠠᠨ ᠭᠡᠭᠳᠡᠳᠡᠭ᠃ (ᠪᠦᠷᠢᠨ ᠠᠭᠤᠯᠭ᠎ᠠ ᠶᠢ ᠤᠩᠰᠢᠬᠤ)

ᠡᠬᠡᠴᠦᠳ ᠦᠨ ᠪᠠᠶᠠᠷ
ᠡᠬᠡᠴᠦᠳ ᠦᠨ ᠪᠠᠶᠠᠷ

ᠡᠬᠡᠴᠦᠳ ᠦᠨ ᠪᠠᠶᠠᠷ ᠪᠣᠯ ᠬᠠᠮᠤᠭ ᠤᠨ ᠭᠡᠭᠡᠯᠢᠭ᠂ ᠡᠷᠬᠢᠮ ᠰᠠᠶᠢᠬᠠᠨ ᠪᠠᠶᠠᠷ ᠤᠨ ᠨᠢᠭᠡ ᠪᠣᠯᠬᠤ ᠪᠦᠭᠡᠳ ᠵᠢᠯ ᠪᠦᠷᠢ ᠶᠢᠨ ᠲᠠᠪᠤᠳᠤᠭᠠᠷ ᠰᠠᠷ᠎ᠠ ᠶᠢᠨ ᠬᠣᠶᠠᠷ ᠳ᠋ᠠᠬᠢ ᠭᠠᠷᠠᠭ ᠤᠨ ᠡᠳᠦᠷ ᠲᠤ ᠧᠦ᠋ᠷᠣᠫᠠ ᠶᠢᠨ ᠣᠯᠠᠨ ᠣᠷᠣᠨ᠂ ᠠᠮᠧᠷᠢᠺᠠ ᠶᠢᠨ ᠨᠢᠭᠡᠳᠦᠭᠰᠡᠨ ᠤᠯᠤᠰ᠂ ᠺᠠᠨᠠᠳᠠ᠂ ᠳᠤᠮᠳᠠᠳᠤ ᠤᠯᠤᠰ᠂ ᠶᠠᠫᠣᠨ ᠳᠤ ᠲᠡᠮᠳᠡᠭᠯᠡᠳᠡᠭ ᠶᠤᠮ᠃ ᠡᠨᠡ ᠪᠠᠶᠠᠷ ᠢ ᠲᠡᠮᠳᠡᠭᠯᠡᠬᠦ ᠪᠤᠯᠤᠭᠰᠠᠨ ᠠᠴᠠ ᠵᠠᠭᠤ ᠭᠠᠷᠤᠢ ᠵᠢᠯ ᠪᠣᠯᠵᠤ ᠪᠠᠶᠢᠭ᠎ᠠ ᠠᠵᠢ᠃ ᠡᠨᠡ ᠡᠳᠦᠷ ᠡᠵᠢ ᠨᠦᠭᠦᠳ ᠲᠦ ᠬᠦᠨᠳᠦᠳᠬᠡᠯ ᠦᠵᠡᠭᠦᠯᠳᠡᠭ ᠪᠥᠭᠡᠳ ᠦᠷ᠎ᠡ ᠬᠡᠦᠬᠡᠳ ᠦᠳ ᠨᠢ ᠡᠵᠢ ᠶᠢ ᠪᠡᠨ ᠪᠠᠶᠠᠷᠯᠠᠭᠤᠯᠵᠤ ᠪᠠᠶᠠᠷ ᠤᠨ ᠮᠡᠨᠳᠦᠴᠢᠯᠡᠭᠡ ᠳᠡᠪᠰᠢᠭᠦᠯᠵᠦ᠂ ᠪᠡᠯᠡᠭ ᠪᠡᠯᠡᠭᠯᠡᠳᠡᠭ᠃ ᠬᠦᠮᠦᠨ ᠪᠦᠷᠢ ᠡᠵᠢ ᠶᠢᠨ ᠳᠦ ᠪᠡᠨ ᠪᠣᠯᠤᠨ ᠡᠮᠧ ᠶᠢᠨ ᠳᠦ ᠪᠡᠨ ᠵᠣᠴᠢᠯᠠᠵᠤ ᠨᠢᠭᠡ ᠡᠳᠦᠷ ᠢ ᠬᠠᠮᠲᠤ ᠳᠤ ᠪᠠᠨ ᠳᠤᠷᠠᠰᠬᠠᠯ ᠲᠠᠢ ᠥᠩᠭᠡᠷᠡᠭᠦᠯᠳᠡᠭ ᠪᠠᠶᠢᠨ᠎ᠠ᠃ ᠮᠥᠨ ᠰᠤᠷᠭᠠᠭᠤᠯᠢ ᠶᠢᠨ ᠰᠤᠷᠤᠭᠴᠢᠳ ᠡᠵᠢ ᠳᠦ ᠪᠡᠨ ᠥᠪᠡᠷᠰᠡᠳ ᠦᠨ ᠭᠠᠷ ᠢᠶᠠᠷ ᠬᠢᠭᠰᠡᠨ ᠪᠦᠲᠦᠭᠡᠯ ᠢᠶᠡᠨ ᠪᠡᠯᠡᠭᠯᠡᠳᠡᠭ ᠶᠤᠮ᠃ ᠡᠨᠡ ᠡᠳᠦᠷ ᠵᠥᠪᠬᠡᠨ ᠡᠵᠢ ᠪᠤᠰᠤ᠂ ᠡᠮᠧ ᠨᠠᠷ᠂ ᠡᠷᠭᠦᠭᠰᠡᠨ ᠡᠵᠢ᠂ ᠡᠬᠡ ᠪᠠᠷᠢᠵᠤ ᠠᠪᠤᠭᠰᠠᠨ ᠡᠵᠢ ᠵᠡᠷᠭᠡ ᠶᠢ ᠬᠠᠮᠲᠤ ᠳᠤ ᠨᠢ ᠪᠠᠶᠠᠷᠯᠠᠭᠤᠯᠳᠠᠭ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠢᠶᠠᠷ ᠰᠢᠯᠭᠠᠭᠣᠯᠣᠭᠰᠠᠳ ᠤᠨ ᠲᠡᠷᠢᠬᠦᠨ
ᠮᠣᠩᠭᠣᠯ ᠢᠶᠠᠷ ᠰᠢᠯᠭᠠᠭᠣᠯᠣᠭᠰᠠᠳ ᠤᠨ ᠲᠡᠷᠢᠬᠦᠨ

ᠮᠣᠩᠭᠣᠯ ᠢᠶᠠᠷ ᠰᠢᠯᠭᠠᠭᠣᠯᠣᠭᠰᠠᠳ ᠤᠨ ᠲᠡᠷᠢᠬᠦᠨ ᠋᠋᠋᠋-- ᠤᠷᠴᠢᠮ ᠤᠨ ᠠᠷᠪᠠᠨ ᠲᠠᠪᠥᠨ ᠵᠢᠯ ᠤᠨ ᠶᠡᠭᠡ ᠰᠤᠷᠭᠠᠭᠤᠯᠢ ᠳᠦ ᠲᠠᠪᠰᠢᠬᠤ ᠤᠯᠤᠰ ᠤᠨ ᠨᠢᠭᠡᠳᠦᠯᠳᠡᠢ ᠰᠢᠯᠭᠠᠯᠳᠠ ᠪᠡᠷ ᠪᠦᠬᠦ ᠤᠷᠥᠨ ᠤ ᠮᠣᠩᠭᠣᠯ ᠢᠶᠠᠷ ᠰᠢᠯᠭᠠᠭᠣᠯᠣᠭᠰᠠᠳ ᠲᠤ ᠮᠠᠩᠯᠠᠢᠯᠠᠭᠰᠠᠳ ᠨᠡᠡᠢᠳᠡ 35 ᠬᠦᠮᠦᠰ ᠪᠦᠷᠢᠳᠭᠡᠭᠳᠡᠯ᠎ᠡ᠃ ᠲᠡᠳᠡᠭᠡᠷ ᠦᠨ ᠲᠤᠮᠳᠠ ᠵᠢᠷᠢᠮ(ᠲᠦᠩᠯᠢᠶᠥᠥ) ᠨᠤᠳᠤᠭ ᠲᠠᠢ 15 ᠲᠡᠷᠢᠬᠦᠨ ᠴᠣᠯᠭᠣᠷᠠᠨ ᠪᠦᠬᠦᠶᠢᠯᠡ ᠠᠶᠢᠮᠠᠭ ᠬᠣᠳᠠ ᠶᠢᠨ ᠲᠣᠮᠳᠠ ᠮᠠᠷᠭᠣᠰᠢ ᠦᠭᠡᠢ ᠨᠢᠭᠡᠳᠦᠭᠡᠷ ᠪᠠᠶᠢᠷᠢᠨ ᠳᠤ ᠲᠣᠳᠣᠷᠠᠯ᠎ᠠ᠃ ᠲᠡᠪᠰᠢᠨ ᠰᠣᠷᠣᠯᠴᠠᠭᠰᠠᠨ ᠶᠡᠭᠡ ᠰᠣᠷᠭᠠᠭᠣᠯᠢ ᠡᠴᠡ ᠬᠠᠷᠠᠬᠣ ᠳᠤ ᠪᠠᠶᠢᠭᠠᠯᠢ ᠶᠢᠨ ᠰᠢᠨᠵᠢᠯᠡᠬᠦ ᠣᠬᠠᠭᠠᠨ ᠤ ᠲᠡᠷᠢᠬᠦᠨ ᠨᠦᠭᠦᠳ ᠴᠢᠩᠬᠣᠸᠠ ᠶᠡᠭᠡ ᠰᠣᠷᠭᠠᠭᠣᠯᠢ ᠳᠤ ᠢᠯᠡᠳᠳᠡ ᠲᠦᠪᠯᠡᠷᠡᠨ ᠰᠣᠷᠣᠯᠴᠠᠵᠣ ᠪᠠᠶᠢᠭᠰᠠᠨ ᠪᠣᠯ ᠨᠡᠢᠭᠡᠮ ᠦᠨ ᠰᠢᠨᠵᠢᠯᠡᠬᠦ ᠣᠬᠠᠭᠠᠨ ᠤ ᠰᠠᠯᠪᠣᠷᠢ ᠨᠢ ᠪᠡᠭᠡᠵᠢᠩ ᠶᠡᠭᠡ ᠰᠣᠷᠭᠠᠭᠣᠯᠢ ᠂ ᠣᠯᠣᠰ ᠲᠦᠷᠦ ᠬᠠᠣᠯᠢ ᠴᠠᠭᠠᠵᠠ ᠶᠢᠨ ᠶᠡᠭᠡ ᠰᠣᠷᠭᠠᠭᠣᠯᠢ ᠂ ᠪᠠᠭᠰᠢ ᠶᠢᠨ ᠶᠡᠭᠡ ᠰᠣᠷᠭᠠᠭᠣᠯᠢ ᠵᠡᠷᠭᠡ ᠳᠦ ᠡᠳᠦᠢ ᠲᠡᠳᠦᠢ ᠪᠠᠶᠢᠯᠴᠠᠵᠠᠢ᠃ ᠲᠡᠬᠦᠰᠭᠡᠭᠰᠡᠨ ᠲᠡᠭᠡᠳᠦ ᠲᠣᠮᠳᠠᠳᠣ ᠰᠣᠷᠭᠠᠭᠣᠯᠢ ᠶᠢᠨ ᠬᠣᠪᠢ ᠳᠤ ᠬᠠᠷᠢᠶᠠᠳᠥ ᠲᠣᠮᠳᠠᠳᠣ ᠰᠣᠷᠭᠠᠭᠣᠯᠢ ᠡᠴᠡ ᠲᠡᠬᠦᠰᠦᠭᠰᠡᠳ 14 ᠲᠣᠭ᠎ᠠ ᠪᠡᠷ ᠬᠢᠯᠠᠯᠵᠠᠭᠰᠠᠨ ᠪᠣᠯ ᠲᠡᠬᠦᠨ ᠦ ᠲᠠᠷᠠᠭ᠎ᠠ ᠳᠤ ᠲᠦᠩᠯᠢᠶᠥᠥ ᠮᠣᠩᠭᠣᠯ ᠲᠣᠮᠳᠠᠳᠣ ᠰᠣᠷᠭᠠᠭᠣᠯᠢ ᠡᠴᠡ 13 ᠲᠡᠷᠢᠬᠦᠨ ᠴᠣᠯᠭᠣᠷᠠᠵᠣ ᠬᠣᠶᠠᠳᠣᠭᠠᠷ ᠲᠥ ᠵᠢᠭᠰᠠᠵᠠᠢ ᠃ ᠬᠠᠷᠢᠨ ᠤᠯᠠᠭᠠᠨᠬᠠᠳᠠ ᠡᠴᠡ ᠠᠷᠥ ᠬᠣᠷᠴᠢᠨ ᠬᠣᠰᠢᠭᠣ ᠨᠢ ᠬᠣᠰᠢᠭᠣᠨ ᠲᠣᠮᠳᠠᠳᠥ ᠰᠣᠷᠭᠠᠭᠣᠯᠢ ᠡᠴᠡ ᠣᠷᠣᠨ ᠤ ᠲᠡᠷᠢᠬᠦᠨ 2 ᠬᠦᠮᠦᠵᠢᠬᠦᠯᠦᠭᠰᠡᠨ ᠪᠣᠶᠣ ᠨᠢᠭᠡ ᠬᠣᠰᠢᠭᠣ ᠨᠣᠳᠣᠭ ᠡᠴᠡ 5 ᠮᠠᠩᠯᠠᠢ ᠴᠣᠯᠭᠣᠷᠠᠭᠰᠠᠨ ᠢᠶᠠᠷ ᠰᠠᠭᠣᠷᠢ ᠰᠣᠷᠭᠠᠨ ᠬᠦᠮᠦᠵᠢᠯ ᠦᠨ ᠬᠠᠷᠢᠴᠠᠩᠭᠣᠢ ᠦᠨᠳᠦᠷ ᠲᠦᠪᠰᠢᠨ ᠳᠦ ᠪᠠᠢᠭᠰᠠᠨ ᠭᠡᠳᠡᠭ ᠢᠶᠡᠨ ᠬᠠᠷᠠᠭᠣᠯᠣᠯ᠎ᠠ ᠃ ᠠᠷᠠᠢ ᠬᠣᠶᠠᠷ ᠲᠦᠮᠡ ᠭᠠᠷᠣᠶᠢᠬᠠᠨ ᠮᠣᠩᠭᠣᠯᠴᠤᠳ ᠲᠠᠢ ᠬᠦᠯᠦᠨ ᠪᠣᠢᠷ ᠤᠨ ᠬᠠᠭᠣᠴᠢᠨ ᠪᠠᠷᠭᠣ ᠬᠣᠰᠢᠭᠣᠨ ᠡᠴᠡ ᠣᠷᠢᠳ ᠬᠣᠵᠢᠳ 3 ᠮᠠᠩᠯᠠᠢ ᠲᠣᠳᠣᠷᠠᠭᠰᠠᠨ ᠨᠢ ᠮᠦᠨ ᠴᠤ ᠭᠠᠶᠢᠬᠠᠯᠳᠠᠢ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠥᠩᠭᠡ
ᠥᠩᠭᠡ

ᠥᠩᠭᠡ ᠭᠡᠳᠡᠭ ᠨᠢ ᠬᠦᠮᠦᠨ ᠳᠦ ᠬᠠᠷᠠᠭᠳᠠᠵᠤ ᠪᠤᠢ ᠮᠡᠳᠡᠷᠡᠮᠵᠢ ᠪᠥᠭᠡᠳ ᠤᠯᠠᠭᠠᠨ᠂ ᠰᠢᠷ᠎ᠠ᠂ ᠬᠥᠬᠡ᠂ ᠬᠠᠷ᠎ᠠ ᠵᠡᠷᠭᠡ ᠪᠡᠷ ᠠᠩᠭᠢᠯᠠᠨ᠎ᠠ᠃ ᠭᠡᠷᠡᠯ ᠦᠨ ᠰᠫᠧᠺᠲ᠋ᠷ ︵spectrum of light︶᠂ ᠬᠦᠮᠦᠨ ᠦ ᠨᠢᠳᠦ ᠳ᠋ᠡᠬᠢ ᠭᠡᠷᠡᠯ ᠮᠡᠳᠡᠷᠡᠭᠴᠢ ᠡᠰ ᠲᠡᠢ ᠬᠠᠷᠢᠯᠴᠠᠨ ᠦᠢᠯᠡᠴᠢᠯᠡᠯᠴᠡᠭᠰᠡᠨ ᠢᠶᠡᠷ ᠥᠩᠭᠡ ᠡᠭᠦᠰᠳᠡᠭ ᠪᠠᠶᠢᠨ᠎ᠠ᠃ ᠥᠩᠭᠡ ᠨᠢ ᠭᠡᠷᠡᠯ ᠦᠨ ᠡᠬᠢ ᠡᠭᠦᠰᠪᠦᠷᠢ ᠪᠠ ᠭᠡᠷᠡᠯ ᠲᠤᠰᠴᠤ ᠪᠤᠢ ᠪᠡᠶᠡᠲᠦ ︵object ︶᠂ ᠮᠠᠲ᠋ᠧᠷᠢᠶᠠᠯ ᠤᠨ ᠹᠢᠽᠢᠺ ᠤᠨ ᠰᠢᠨᠵᠢ ᠴᠢᠨᠠᠷ ᠠᠴᠠ᠂ ᠥᠭᠡᠷ᠎ᠡ ᠪᠡᠷ ᠬᠡᠯᠡᠪᠡᠯ ᠲᠤᠬᠠᠢ ᠶᠢᠨ ᠮᠠᠲ᠋ᠧᠷᠢᠶᠠᠯ ᠤᠨ ᠭᠡᠷᠡᠯ ᠰᠢᠩᠭᠡᠭᠡᠯᠲᠡ᠂ ᠣᠶᠢᠯᠠᠭᠠᠯᠲᠠ ᠵᠡᠷᠭᠡ ᠡᠴᠡ ᠬᠠᠮᠢᠶᠠᠷᠤᠨ᠎ᠠ᠃ ᠭᠡᠷᠡᠯ ᠢ ᠰᠤᠳᠤᠯᠳᠠᠭ ᠤᠬᠠᠭᠠᠨ ᠢ ᠾᠷᠣᠮᠠᠲ᠋ᠢᠭ ︵chromatics︶ ᠭᠡᠵᠦ ᠨᠡᠷᠡᠯᠡᠬᠦ ᠨᠢ ᠪᠤᠢ᠃ ᠡᠨᠡ ᠰᠢᠨᠵᠢᠯᠡᠬᠦ ᠤᠬᠠᠭᠠᠨ ᠨᠢ ᠬᠦᠮᠦᠨ ᠦ ᠨᠢᠳᠦ ᠪᠠ ᠲᠠᠷᠢᠬᠢ ᠥᠩᠭᠡ ᠶᠢ ᠮᠡᠳᠡᠷᠡᠬᠦ᠂ ᠮᠠᠲ᠋ᠧᠷᠢᠶᠠᠯ ᠤᠨ ᠥᠩᠭᠡ᠂ ᠤᠷᠠᠯᠢᠭ ᠤᠨ ᠥᠩᠭᠡ ᠶᠢᠨ ᠣᠨᠣᠯ᠂ ᠦᠵᠡᠭᠳᠡᠬᠦ ᠭᠡᠷᠡᠯ ᠦᠨ ᠬᠡᠪᠴᠢᠶᠡᠨ ᠳᠡᠬᠢ ᠴᠠᠬᠢᠯᠭᠠᠨ ᠰᠣᠷᠢᠨᠵᠢᠨ ᠰᠠᠴᠤᠷᠠᠭᠠᠯᠲᠠ ᠶᠢᠨ ᠹᠢᠽᠢᠺ ᠤᠨ ᠰᠢᠨᠵᠢ ᠵᠡᠷᠭᠡ ᠶᠢ ᠰᠤᠳᠤᠯᠤᠨ᠎ᠠ᠃ (ᠪᠦᠷᠢᠨ ᠠᠭᠤᠯᠭ᠎ᠠ ᠶᠢ ᠤᠩᠰᠢᠬᠤ)


GPS
GPS ᠪᠠᠶᠢᠷᠢᠰᠢᠯ ᠲᠣᠭᠲᠠᠭᠠᠬᠤ ᠰᠢᠰᠲ᠋ᠧᠮ

GPS ᠨᠢ (ᠠᠩᠭᠯᠢ ᠶᠢᠡᠷ Global Positioning System) ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠪᠠᠲᠤᠯᠠᠨ ᠬᠠᠮᠠᠭᠠᠯᠠᠬᠤ ᠶᠠᠮᠤᠨ ᠠᠴᠠ ᠬᠡᠷᠡᠭᠵᠢᠭᠦᠯᠦᠭᠰᠡᠨ ᠴᠡᠷᠢᠭ ᠢᠷᠭᠡᠨ ᠦ ᠵᠣᠷᠢᠭᠤᠯᠤᠯᠲᠠ ᠶᠢᠨ ᠪᠠᠶᠢᠷᠢᠰᠢᠯ ᠲᠣᠭᠲᠠᠭᠠᠬᠤ ᠰᠢᠰᠲ᠋ᠧᠮ ᠶᠤᠮ᠃ ᠣᠳᠣ ᠪᠠᠷ ᠣᠯᠠᠨ ᠨᠡᠶᠢᠲᠡ ᠶᠢᠨ ᠬᠡᠷᠡᠭᠴᠡᠭᠡᠨ ᠳᠦ ᠠᠮᠧᠷᠢᠺᠠ ᠶᠢᠨ ᠨᠢᠭᠡᠳᠦᠭᠰᠡᠨ ᠤᠯᠤᠰ ᠍ ᠤᠨ GPS ᠪᠠ ᠣᠷᠣᠰ ᠤᠨ ᠬᠣᠯᠪᠣᠭᠠᠨ ᠤ ᠤᠯᠤᠰ ᠍ ᠤᠨ ᠭᠯᠤᠨᠠᠰᠰ ᠰᠢᠰᠲ᠋ᠧᠮ ᠦᠳ ᠢ ᠠᠮᠵᠢᠯᠲᠠ ᠲᠠᠢ ᠠᠰᠢᠭᠯᠠᠵᠤ ᠪᠠᠶᠢᠨ᠎ᠠ᠃ ᠡᠳᠡᠭᠡᠷ ᠰᠢᠰᠲ᠋ᠧᠮ ᠦᠳ ᠨᠢ ᠲᠤᠰ ᠪᠦᠷᠢ 24 ᠬᠢᠮᠡᠯ ᠳᠠᠭᠠᠭᠤᠯᠢ ( ᠬᠢᠮᠡᠯ ᠳᠠᠭᠠᠭᠤᠯᠢ ᠣᠳᠣ ) ᠤᠳ ᠢ ᠳᠡᠯᠡᠬᠡᠢ ᠡᠴᠡ 20000 ᠺᠢᠯᠣᠮᠧᠲ᠋ᠷ ᠵᠠᠶᠢᠲᠠᠢ ᠲᠣᠭᠣᠷᠢᠭ ᠵᠠᠮ ᠳᠤ ᠪᠠᠶᠢᠷᠢᠯᠠᠭᠤᠯᠵᠤ ᠪᠠᠶᠢᠷᠢᠰᠢᠯ ᠤᠨ ᠳᠣᠬᠢᠶᠠᠯᠠᠯ ᠢ ᠬᠡᠷᠡᠭᠯᠡᠭᠴᠢ ᠶᠢᠨ ᠪᠠᠶᠢᠷᠢᠰᠢᠯ ᠲᠣᠭᠲᠠᠭᠠᠭᠴᠢ ᠳᠤ ᠲᠠᠰᠤᠷᠠᠯᠲᠠ ᠦᠭᠡᠢ ᠳᠠᠮᠵᠢᠭᠤᠯᠵᠤ ᠠᠵᠢᠯᠯᠠᠳᠠᠭ᠃ (ᠪᠦᠷᠢᠨ ᠠᠭᠤᠯᠭ᠎ᠠ ᠶᠢ ᠤᠩᠰᠢᠬᠤ)

ᠠᠶᠠᠯᠠᠯ ᠵᠤᠭᠠᠴᠠᠯ
ᠦᠯᠢᠭᠡᠷ ᠦᠨ ᠮᠡᠲᠦ ᠭᠠᠶᠢᠬᠠᠯᠲᠠᠢ ᠭᠠᠵᠠᠷ ᠤᠳ

ᠠᠶᠠᠯᠠᠯ ᠵᠤᠭᠠᠴᠠᠯ  ᠤᠨ ᠡᠷᠡᠨ ᠦᠶ᠎ᠡ ᠠᠶᠢᠯᠴᠢᠯᠠᠨ ᠢᠷᠡᠵᠦ᠂ ᠬᠦᠮᠦᠨ ᠪᠦᠷᠢ ᠯᠠ ᠬᠠᠮᠢᠭᠠᠰᠢ ᠪᠠᠨ ᠶᠠᠪᠤᠵᠤ ᠠᠮᠠᠷᠠᠬᠤ ᠪᠤᠢ ᠬᠡᠮᠡᠨ ᠲᠣᠯᠣᠭᠠᠢ ᠶᠢ ᠪᠠᠨ ᠭᠠᠰᠢᠯᠭᠠᠵᠤ ᠪᠤᠢ ᠪᠢᠵᠡ ᠃ ᠮᠡᠳᠡᠭᠡᠵᠢ ᠡᠬᠢᠯᠡᠭᠡᠳ ᠤᠯᠤᠰ ᠤᠨ ᠢᠶᠠᠨ ᠦᠵᠡᠰᠬᠦᠯᠡᠩᠲᠦ ᠭᠠᠵᠠᠷ ᠤᠳ ᠢᠶᠠᠷ ᠶᠠᠪᠤᠵᠤ᠂ ᠨᠢᠳᠦ ᠪᠡᠨ ᠪᠠᠶᠠᠰᠭᠠᠬᠤ ᠨᠢ ᠵᠦᠢᠲᠡᠢ ᠪᠣᠯᠪᠠᠴᠤ ᠥᠨᠥᠳᠥᠷ ᠲᠠ ᠪᠦᠬᠦᠨ ᠳᠦ ᠪᠡᠨ ᠳᠡᠯᠡᠬᠡᠢ ᠳᠡᠭᠡᠷᠡᠬᠢ ᠬᠠᠮᠤᠭ ᠤᠨ ᠶᠡᠷᠦ ᠪᠤᠰᠤ ᠶᠢᠨ ᠬᠠᠷᠠᠭ᠎ᠠ ᠪᠤᠯᠢᠶᠠᠮ᠎ᠠ ᠭᠠᠵᠠᠷ ᠤᠳ ᠢ ᠲᠠᠨᠢᠯᠴᠠᠭᠤᠯᠬᠤ ᠪᠠᠷ ᠪᠠᠶᠢᠨ᠎ᠠ᠃ ᠡᠳᠡᠭᠡᠷ ᠨᠢ ᠪᠠᠶᠢᠭᠠᠯᠢ ᠡᠬᠡ ᠶᠢᠨ ᠪᠦᠲᠦᠭᠡᠭᠰᠡᠨ ᠪᠦᠲᠦᠭᠡᠯ ᠪᠥᠭᠡᠳ ᠬᠦᠮᠦᠨ ᠦ ᠭᠠᠷ ᠣᠭᠲᠣ ᠬᠦ᠋ᠷᠦᠬᠡ  ᠦᠭᠡᠢ ᠣᠩᠭᠣᠨ ᠳᠠᠭᠰᠢᠨ ᠭᠠᠵᠠᠷ ᠤᠳ ᠶᠤᠮ᠃ ᠢᠩᠭᠢᠭᠡᠳ ᠦᠨᠤᠳᠤᠷ ᠲᠠ ᠪᠦᠬᠦᠨ ᠳᠦ ᠪᠡᠨ ᠨᠢᠳᠦ ᠤᠨᠠᠭᠠᠮ᠎ᠠ ᠦᠵᠡᠰᠬᠦᠯᠡᠩᠲᠤ᠂ ᠦᠯᠢᠭᠡᠷ ᠦᠨ ᠮᠡᠲᠦ ᠭᠠᠶᠢᠬᠠᠯᠲᠠᠢ ᠶᠡᠷᠦ ᠪᠤᠰᠤ ᠶᠢᠨ ᠭᠠᠵᠠᠷ ᠤᠳ ᠢ ᠲᠠᠨᠢᠯᠴᠠᠭᠤᠯᠤᠶ᠎ᠠ᠃ (ᠪᠦᠷᠢᠨ ᠠᠭᠤᠯᠭ᠎ᠠ ᠶᠢ ᠤᠩᠰᠢᠬᠤ)


ᠤᠰᠤᠨ ᠡᠨᠧᠷᠭᠢ
ᠤᠰᠤᠨ ᠤ ᠡᠨᠧᠷᠭᠢ

ᠤᠰᠤᠨ ᠤ ᠤᠷᠤᠰᠬᠠᠯ ᠤᠨ ᠬᠥᠳᠡᠯᠭᠡᠭᠡᠨ ᠦ ᠡᠨᠧᠷᠭᠢ ᠨᠢ ᠤᠰᠤᠨ ᠠᠴᠠ ᠡᠨᠧᠷᠭᠢ ᠦᠢᠯᠡᠳᠪᠦᠷᠢᠯᠡᠬᠦ ᠦᠨᠳᠦᠰᠦᠨ ᠡᠯᠧᠮᠧᠨᠲ ᠪᠣᠯᠳᠠᠭ ᠪᠥᠭᠡᠳ ᠡᠨᠡ ᠨᠢ ᠲᠤᠬᠠᠢ ᠶᠢᠨ ᠪᠥᠰᠡ ᠨᠤᠲᠤᠭ ᠤᠨ ᠴᠠᠭ ᠠᠭᠤᠷ᠂ ᠤᠰᠤᠨ ᠤ ᠤᠷᠤᠰᠴᠠ᠂ ᠭᠠᠵᠠᠷ ᠵᠦᠢ ᠶᠢᠨ ᠪᠣᠯᠤᠨ ᠭᠧᠣᠳᠢᠽᠢ ᠶᠢᠨ ᠨᠥᠬᠥᠴᠡᠯ ᠡᠴᠡ ᠬᠠᠮᠢᠶᠠᠷᠳᠠᠭ᠃ ᠤᠰᠤᠨ ᠴᠠᠬᠢᠯᠭᠠᠨ ᠰᠲ᠋ᠠᠨᠼᠠᠳᠠ ᠤᠰᠤᠨ ᠤ ᠤᠷᠤᠰᠬᠠᠯ ᠤᠨ ᠫᠣᠲ᠋ᠧᠨᠼᠢᠶᠠᠯᠺᠢᠨᠧᠲ᠋ᠢᠭ ᠡᠨᠧᠷᠭᠢ ᠍ ᠶᠢ ᠲᠦᠷᠪᠢᠨ  ᠤ ᠮᠧᠬᠠᠨᠢᠭ ᠡᠨᠧᠷᠭᠢ ᠪᠡᠷ ᠳᠠᠮᠵᠢᠭᠤᠯᠠᠨ ᠭᠧᠨᠧᠷᠠᠲ᠋ᠣᠷ ᠲᠤ ᠴᠠᠬᠢᠯᠭᠠᠨ ᠡᠨᠧᠷᠭᠢ ᠳᠦ ᠬᠤᠪᠢᠷᠠᠭᠠᠬᠤ ᠬᠤᠪᠢᠷᠠᠭᠠᠯᠲᠠ ᠬᠢᠭᠳᠡᠨ᠎ᠡ᠃ ᠤᠷᠤᠰᠬᠠᠯ ᠤᠨ ᠡᠨᠧᠷᠭᠢ ᠶᠢ ᠠᠰᠢᠭᠯᠠᠬᠤ ᠨᠥᠬᠥᠴᠡᠯ ᠨᠢ ᠵᠢᠯ ᠦᠨ ᠲᠤᠷᠰᠢᠳᠠ ᠭᠣᠣᠯ ᠤᠨ ᠤᠷᠤᠰᠴᠠ ᠶᠢᠨ ᠥᠭᠡᠷᠡᠴᠢᠯᠡᠯᠲᠡ᠂ ᠴᠠᠭ ᠠᠭᠤᠷ ᠤᠨ ᠨᠥᠬᠥᠴᠡᠯ᠂ ᠭᠣᠣᠯ ᠤᠨ ᠪᠣᠯᠤᠨ ᠤᠰᠤᠨ ᠰᠠᠩ  ᠤᠨ ᠤᠰᠤᠨ ᠤ ᠲᠦᠪᠰᠢᠨ ᠦ ᠥᠭᠡᠷᠡᠴᠢᠯᠡᠯᠲᠡ᠂ ᠣᠯᠠᠨ ᠵᠢᠯ ᠦᠨ ᠳᠤᠮᠳᠠᠴᠢ ᠦᠵᠡᠭᠦᠯᠦᠯᠲᠡ ᠭᠡᠬᠦ ᠮᠡᠲᠦ ᠣᠯᠠᠨ ᠵᠦᠢᠯ ᠡᠴᠡ ᠬᠠᠮᠢᠶᠠᠷᠳᠠᠭ᠃ (ᠪᠦᠷᠢᠨ ᠠᠭᠤᠯᠭ᠎ᠠ ᠶᠢ ᠤᠩᠰᠢᠬᠤ)

ᠬᠠᠯᠬ᠎ᠠ ᠶᠢᠨ ᠭᠣᠣᠯ ᠤᠨ ᠳᠠᠶᠢᠨ
ᠬᠠᠯᠬ᠎ᠠ ᠶᠢᠨ ᠭᠣᠣᠯ ᠤᠨ ᠳᠠᠶᠢᠨ

ᠬᠠᠯᠬ᠎ᠠ ᠶᠢᠨ ᠭᠣᠣᠯ ᠤᠨ ᠳᠠᠶᠢᠨ(ᠨᠣᠮᠣᠨ ᠬᠠᠨ ᠤ ᠳᠠᠶᠢᠨ) ᠢ ᠳᠡᠯᠡᠬᠡᠢ ᠶᠢᠨ II ᠳᠠᠶᠢᠨ ᠡᠬᠢᠯᠡᠬᠦ ᠳᠦ ᠰᠢᠭᠤᠳ ᠨᠥᠯᠥᠭᠡ ᠦᠵᠡᠭᠦᠯᠦᠭᠰᠡᠨ᠂ ᠥᠭᠡᠷ᠎ᠡ ᠪᠡᠷ ᠬᠡᠯᠡᠪᠡᠯ᠂ ᠪᠠᠶᠢᠯᠳᠤᠭᠠᠨ ᠤ ᠠᠵᠢᠯᠯᠠᠭ᠎ᠠ ᠠᠯᠤᠰ ᠳᠣᠷᠣᠨᠠᠲᠤ ᠶᠢᠨ ᠲᠢᠶᠠᠲ᠋ᠷ ᠠᠴᠠ ᠧᠦ᠋ᠷᠣᠫᠠ ᠶᠢᠨ ᠲᠢᠶᠠᠲ᠋ᠷ ᠣᠷᠣᠭᠣ ᠰᠢᠯᠵᠢᠬᠦ ᠳᠦ ᠬᠦᠷᠭᠡᠭᠰᠡᠨ ᠭᠡᠵᠦ ᠦᠵᠡᠪᠡᠯ ᠳᠡᠯᠡᠬᠡᠢ ᠶᠢᠨ ᠲᠡᠦᠬᠡᠨ ᠳᠦ᠂ ᠢᠯᠠᠩᠭᠤᠶ᠎ᠠ ᠳᠡᠯᠡᠬᠡᠢ ᠶᠢᠨ II ᠳᠠᠶᠢᠨ ᠤ ᠶᠠᠪᠤᠴᠠ ᠳᠤ ᠲᠡᠭᠦᠨ ᠡᠴᠡ ᠴᠤ ᠳᠤᠲᠠᠭᠤ ᠦᠭᠡᠢ ᠨᠥᠯᠥᠭᠡ ᠶᠢ ᠮᠥᠨ ᠬᠠᠯᠬ᠎ᠠ ᠶᠢᠨ ᠭᠣᠣᠯ ᠤᠨ ᠳᠠᠶᠢᠨ ᠦᠵᠡᠭᠦᠯᠵᠡᠢ ᠭᠡᠵᠦ ᠪᠢᠳᠡ ᠦᠵᠡᠵᠦ ᠪᠠᠶᠢᠨ᠎ᠠ᠃ ᠰᠡᠭᠦᠯ ᠦᠨ ᠦᠶ᠎ᠡ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠰᠤᠳᠤᠯᠤᠭᠠᠴᠢ ᠰᠲ᠋ᠶᠤᠸᠠᠷᠲ ᠭᠣᠯᠣᠳᠠᠮᠠᠨ ᠨᠠᠷ ᠤᠨ ᠡᠷᠳᠡᠮᠲᠡᠳ ᠨᠢᠭᠡᠨ ᠰᠣᠨᠢᠷᠬᠠᠯᠲᠠᠢ ᠰᠠᠨᠠᠭ᠎ᠠ ᠳᠡᠪᠰᠢᠭᠦᠯᠬᠦ ᠪᠣᠯᠤᠭᠰᠠᠨ ᠨᠢ ᠬᠠᠯᠬ᠎ᠠ ᠶᠢᠨ ᠭᠣᠣᠯ ᠤᠨ ᠳᠠᠶᠢᠨ ᠳᠤ ᠶᠠᠫᠣᠨ ᠤ ᠬᠦᠯᠢᠶᠡᠭᠰᠡᠨ ᠢᠯᠠᠭᠳᠠᠯ᠂ 1941 ᠣᠨ ᠤ 12 ᠳ᠋ᠤᠭᠠᠷ ᠰᠠᠷ᠎ᠠ ᠶᠢᠨ 7 ᠍ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠲᠡᠩᠭᠢᠰ ᠦᠨ ᠴᠡᠷᠢᠭ ᠦᠨ ᠬᠦᠴᠦᠨ ᠣᠷᠣᠭᠣ ᠬᠢᠭᠰᠡᠨ ᠳᠣᠪᠲᠣᠯᠭ᠎ᠠ ᠬᠣᠶᠠᠷ ᠤᠨ ᠰᠢᠭᠤᠳ ᠬᠣᠯᠪᠣᠭ᠎ᠠ ᠬᠠᠮᠢᠶᠠᠷᠤᠯ ᠤᠨ ᠠᠰᠠᠭᠤᠳᠠᠯ ᠶᠤᠮ᠃ ᠲᠤᠬᠠᠶᠢᠯᠠᠪᠠᠯ 《... ᠶᠠᠫᠣᠨ 1941 ᠣᠨ ᠤ ᠰᠡᠭᠦᠯᠴᠢ ᠪᠡᠷ ᠵᠥᠪᠯᠡᠯᠲᠦ ᠬᠣᠯᠪᠣᠭᠠᠲᠤ ᠤᠯᠤᠰ ᠢ ᠳᠣᠪᠲᠣᠯᠤᠭᠰᠠᠨ ᠪᠣᠯ ᠰᠲ᠋ᠠᠯᠢᠨ ᠠᠯᠤᠰ ᠳᠣᠷᠣᠨᠠᠲᠤ ᠳᠠᠬᠢ ᠠᠷᠮᠢ ᠶᠢᠨ 18 ᠳ᠋ᠢᠸᠢᠽ᠂ 1700 ᠲᠠᠩᠺ᠂ 1500 ᠨᠢᠰᠬᠦ ᠣᠩᠭᠣᠴᠠ ᠪᠦᠬᠦᠢ ᠨᠥᠭᠡᠴᠡ ᠬᠦᠴᠦᠨ ᠢ ᠮᠣᠰᠺᠸᠠ ᠶᠢᠨ ᠲᠥᠯᠦᠭᠡᠬᠢ ᠲᠤᠯᠤᠯᠳᠤᠭᠠᠨ ᠳᠤ ᠲᠠᠲᠠᠨ ᠣᠷᠤᠯᠴᠠᠭᠤᠯᠬᠤ ᠪᠣᠯᠤᠮᠵᠢ ᠦᠭᠡᠢ ᠪᠠᠶᠢᠬᠤ ᠪᠠᠶᠢᠭᠰᠠᠨ ... ᠬᠡᠷᠡᠭ ᠶᠠᠪᠤᠳᠠᠯ ᠢᠩᠭᠢᠵᠦ ᠡᠷᠭᠢᠭᠰᠡᠨ ᠪᠣᠯ ᠭᠧᠷᠮᠠᠨ ᠤ ᠢᠯᠠᠯᠲᠠ᠂ ᠮᠠᠭᠠᠳ ᠦᠭᠡᠢ ᠰᠢᠢᠳᠪᠦᠷᠢᠯᠡᠬᠦ ᠢᠯᠠᠯᠲᠠ ᠪᠠᠷ ᠴᠤ ᠲᠡᠭᠦᠰᠬᠦ ᠪᠣᠯᠤᠮᠵᠢ ᠲᠠᠢ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠺᠣᠺᠠ-ᠺᠣᠯᠠ
ᠺᠣᠺᠠ-ᠺᠣᠯᠠ

ᠺᠣᠺᠠ-ᠺᠣᠯᠠ (Coca-Cola᠂ ᠬᠢᠲᠠᠳ ᠢᠶᠠᠷ 可口可乐)ᠨᠢ ᠳᠡᠯᠡᠬᠡᠢ ᠶᠢᠨ 200 ᠭᠠᠷᠤᠢ ᠤᠯᠤᠰ ᠣᠷᠣᠨ ᠤ ᠳᠡᠯᠭᠡᠭᠦᠷ᠂ ᠵᠣᠴᠢᠳ ᠤᠨ ᠪᠠᠭᠤᠳᠠᠯ ᠪᠣᠯᠤᠨ ᠦᠢᠯᠡᠴᠢᠯᠡᠭᠡᠨ ᠦ ᠭᠠᠵᠠᠷ ᠤᠳ ᠲᠤ ᠵᠠᠷᠤᠭᠳᠠᠳᠠᠭ ᠬᠡᠶᠢᠵᠢᠭᠦᠯᠦᠭᠰᠡᠨ ᠤᠮᠳᠠᠭ᠎ᠠ ᠶᠤᠮ᠃ 19 ᠍ ᠳᠦᠭᠡᠷ ᠵᠠᠭᠤᠨ ᠤ ᠰᠡᠭᠦᠯᠴᠢ ᠪᠡᠷ ᠠᠮᠧᠷᠢᠺᠠ ᠶᠢᠨ ᠠᠲ᠋ᠯᠠᠨᠲ᠋ᠠ (Atlanta)ᠮᠤᠵᠢ ᠶᠢᠨ ᠺᠣᠺᠠ-ᠺᠣᠯᠠ ᠺᠣᠮᠫᠠᠨᠢ ᠳᠤ ᠦᠢᠯᠡᠳᠪᠦᠷᠢᠯᠡᠭᠳᠡᠵᠡᠢ᠃ ᠠᠩᠬ᠎ᠠ ᠵᠤᠨ ᠫᠧᠮᠪᠧᠷᠲ᠋ᠣᠨ (John Pemberton) ᠡᠭᠦᠨ ᠢ ᠡᠮ ᠦᠨ ᠵᠣᠷᠢᠯᠭ᠎ᠠ ᠲᠠᠢ ᠪᠡᠷ ᠡᠭᠦᠳᠦᠨ ᠭᠠᠷᠭᠠᠭᠰᠠᠨ ᠶᠤᠮ᠃ ᠡᠭᠦᠨ ᠤ ᠳᠠᠷᠠᠭ᠎ᠠ ᠠᠰᠠ ᠭᠷᠢᠭᠰ ᠺᠠᠨᠳ᠋ᠯᠸᠷ (Asa Griggs Candler)ᠭᠡᠭᠴᠢ ᠪᠢᠽᠢᠨ᠋ᠸᠰ ᠡᠷᠬᠢᠯᠡᠭᠴᠢ ᠺᠣᠺᠠ-ᠺᠣᠯᠠ ᠢ ᠬᠢᠯᠢ ᠶᠢᠨ ᠴᠢᠨᠠᠳᠤ ᠤᠷᠤᠭᠤ ᠬᠤᠳᠠᠯᠳᠤᠭᠠᠨ ᠳᠤ ᠭᠠᠷᠭᠠᠨ᠂ ᠲᠡᠭᠦᠨ ᠦ ᠨᠥᠯᠥᠭᠡ ᠪᠡᠷ 20 ᠍ ᠳᠦᠭᠡᠷ ᠵᠠᠭᠤᠨ ᠪᠣᠯᠬᠤ ᠳᠤ ᠳᠡᠯᠡᠬᠡᠢ ᠶᠢᠨ ᠨᠣᠶᠠᠷᠬᠠᠯ ᠢᠶᠠᠨ ᠲᠣᠭᠲᠠᠭᠠᠭᠰᠠᠨ᠃ ᠺᠣᠺᠠ-ᠺᠣᠯᠠ ᠶᠢᠨ ᠨᠡᠷ᠎ᠡ ᠨᠢ ᠬᠣᠶᠠᠷ ᠠᠩᠬᠠᠨ ᠤ ᠨᠠᠶᠢᠷᠠᠯᠭ᠎ᠠ ᠶᠢᠨ ᠨᠡᠶᠢᠯᠪᠦᠷᠢ ᠡᠴᠡ ᠢᠷᠡᠯᠲᠡ ᠶᠤᠮ᠃ ᠲᠠᠷᠤᠢ kola nuts (ᠨᠢᠭᠡᠨ ᠵᠦᠢᠯ ᠤᠨ ᠺᠣᠹᠧᠢᠨ 咖啡因 ) ᠪᠤᠯᠤᠨ coca ᠨᠠᠪᠴᠢ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠪᠣᠭᠣᠮᠲᠠ
ᠪᠣᠭᠣᠮᠲᠠ

ᠪᠣᠭᠣᠮᠲᠠ ᠭᠡᠳᠡᠭ ᠨᠢ ᠭᠠᠳᠠᠷᠭᠤ ᠶᠢᠨ ᠤᠰᠤ ᠶᠢ ᠬᠠᠷᠢᠮᠲᠠᠯᠠᠭᠤᠯᠵᠤ ᠬᠢᠮᠡᠯ ᠨᠠᠭᠤᠷ᠂ ᠭᠠᠵᠠᠷ ᠳᠣᠣᠷᠠᠬᠢ ᠤᠰᠤ ᠶᠢ ᠬᠤᠷᠠᠮᠲᠤᠯᠠᠭᠤᠯᠵᠤ ᠤᠰᠤᠨ ᠤ ᠨᠥᠭᠡᠴᠡ ᠪᠦᠬᠦᠢ ᠰᠠᠩ ᠪᠠᠶᠢᠭᠤᠯᠬᠤ ᠳᠤ ᠠᠰᠢᠭᠯᠠᠭᠳᠠᠳᠠᠭ ᠪᠠᠷᠢᠯᠭ᠎ᠠ ᠶᠤᠮ᠃ ᠪᠣᠭᠣᠮᠲᠠ ᠪᠠᠷ ᠬᠠᠰᠢᠭᠳᠠᠨ ᠪᠤᠢ ᠪᠣᠯᠤᠭᠰᠠᠨ ᠬᠢᠮᠡᠯ ᠨᠠᠭᠤᠷ ᠨᠢ ᠦᠶᠡᠷ ᠡᠴᠡ ᠳᠠᠩ ᠭᠠᠭᠴᠠ ᠬᠠᠮᠠᠭᠠᠯᠠᠬᠤ ᠦᠭᠡᠢ᠂ ᠤᠰᠤᠵᠢᠭᠤᠯᠤᠯᠲᠠᠤᠰᠤ ᠬᠠᠩᠭᠠᠮᠵᠢᠦᠢᠯᠡᠳᠪᠦᠷᠢ ᠶᠢᠨ ᠤᠰᠤᠨ ᠤ ᠬᠡᠷᠡᠭᠯᠡᠭᠡᠤᠰᠤᠨ ᠣᠷᠴᠢᠨ ᠤ ᠠᠬᠤᠢ ᠪᠣᠯᠤᠨ ᠤᠰᠤᠨ ᠲᠡᠭᠡᠭᠡᠪᠦᠷᠢ ᠵᠡᠷᠭᠡ ᠳᠦ ᠠᠴᠢ ᠬᠣᠯᠪᠣᠭᠳᠠᠯ ᠲᠠᠢ᠃ ᠤᠰᠤᠨ ᠤ ᠡᠨᠧᠷᠭᠢ ᠪᠣᠯ ᠪᠣᠭᠣᠮᠲᠠ ᠪᠠᠷᠢᠵᠤ ᠡᠨᠧᠷᠭᠢ ᠦᠢᠯᠡᠳᠪᠦᠷᠢᠯᠡᠬᠦ ᠭᠣᠣᠯ ᠱᠠᠭᠠᠷᠳᠠᠯᠭ᠎ᠠ ᠶᠤᠮ᠃ ᠪᠣᠭᠣᠮᠲᠠ ᠨᠢ ᠮᠥᠨ ᠤᠰᠤ ᠶᠡᠬᠡᠲᠡᠢ ᠭᠠᠵᠠᠷ ᠲᠤ ᠤᠷᠤᠰᠴᠠ ᠲᠣᠬᠢᠷᠠᠭᠤᠯᠭ᠎ᠠ ᠬᠢᠵᠤ ᠬᠤᠷᠠᠮᠲᠤᠯᠠᠭᠤᠯᠤᠨ ᠤᠰᠤ ᠪᠠᠭ᠎ᠠ ᠲᠠᠢ ᠭᠠᠵᠠᠷ ᠲᠤ ᠬᠤᠪᠢᠶᠠᠷᠢᠯᠠᠬᠤ ᠵᠣᠷᠢᠯᠭ᠎ᠠ ᠲᠠᠢ ᠪᠠᠷ ᠪᠠᠷᠢᠭᠳᠠᠳᠠᠭ᠃ ᠦᠶᠡᠷ ᠦᠨ ᠬᠠᠭᠠᠯᠲᠠ ᠡᠰᠡᠪᠡᠯ ᠲᠠᠯᠠᠩ ᠭᠡᠬᠦ ᠮᠡᠲᠦ ᠨᠢ ᠭᠠᠵᠠᠷ ᠨᠤᠲᠤᠭ ᠢ ᠤᠰᠤᠨ ᠤ ᠠᠶᠤᠯ ᠠᠴᠠ ᠬᠠᠮᠠᠭᠠᠯᠠᠬᠤ᠂ ᠤᠰᠤ ᠶᠢ ᠵᠠᠶᠢᠯᠠᠭᠤᠯᠬᠤ ᠡᠭᠦᠷᠭᠡᠲᠡᠢ ᠪᠡᠷ ᠭᠣᠣᠯ ᠪᠠ ᠤᠰᠤᠨ ᠤ ᠤᠷᠤᠰᠬᠠᠯ ᠤᠨ ᠴᠢᠭᠯᠡᠯ ᠦᠨ ᠳᠠᠭᠠᠤ ᠳᠤ ᠡᠰᠡᠪᠡᠯ ᠴᠢᠭᠯᠡᠭᠦᠯᠬᠦ ᠪᠠᠶᠢᠳᠠᠯ ᠢᠶᠠᠷ ᠪᠠᠷᠢᠭᠳᠠᠳᠠᠭ ᠪᠣᠯ ᠪᠣᠭᠣᠮᠲᠠ ᠨᠢ ᠤᠰᠤ ᠶᠢ ᠬᠤᠷᠠᠮᠲᠤᠯᠠᠭᠤᠯᠬᠤ ᠡᠭᠦᠷᠭᠡ ᠲᠡᠢ ᠪᠡᠷ ᠭᠣᠣᠯ ᠤᠨ ᠤᠷᠤᠰᠬᠠᠯ ᠳᠤ ᠬᠥᠨᠳᠡᠯᠡᠨ ᠴᠢᠭᠯᠡᠯ ᠳᠦ ᠪᠠᠷᠢᠭᠳᠠᠳᠠᠭ ᠪᠠᠷᠢᠯᠭ᠎ᠠ ᠶᠤᠮ᠃ (ᠪᠦᠷᠢᠨ ᠠᠭᠤᠯᠭ᠎ᠠ ᠶᠢ ᠤᠩᠰᠢᠬᠤ)


ᠬᠠᠪᠤᠷ ᠤᠨ ᠪᠠᠶᠠᠷ
ᠬᠠᠪᠤᠷ ᠤᠨ ᠪᠠᠶᠠᠷ

ᠬᠠᠪᠤᠷ ᠤᠨ ᠪᠠᠶᠠᠷ (ᠶᠠᠫᠣᠨ ᠶᠢᠡᠷ ハワリンバヤル) ᠨᠢ ᠵᠢᠯ ᠪᠦᠷᠢ ᠶᠢᠨ 5 ᠍ ᠳ᠋ᠤᠭᠠᠷ ᠰᠠᠷ᠎ᠠ ᠶᠢᠨ ᠡᠬᠢᠨ ᠦ ᠠᠮᠠᠷᠠᠯᠲᠠ ᠶᠢᠨ ᠡᠳᠦᠷ ᠦᠳ ᠲᠦ ᠶᠠᠫᠤᠨ ᠤ ᠲᠣᠤᠺᠢᠣ᠋ ᠬᠣᠲᠠ ᠶᠢᠨ ᠬᠢᠺᠠᠷᠢᠭᠠᠣᠺᠠ ᠴᠡᠴᠡᠷᠯᠢᠭᠲᠦ ᠬᠦᠷᠢᠶᠡᠯᠡᠩ (光が丘公園) ᠳᠦ ᠵᠣᠬᠢᠶᠠᠨ ᠪᠠᠶᠢᠭᠤᠯᠤᠭᠳᠠᠳᠠᠭ ᠮᠣᠩᠭᠣᠯ ᠨᠠᠭᠠᠳᠤᠮ ᠶᠤᠮ᠃ ᠶᠠᠫᠣᠨ ᠤᠯᠤᠰ ᠲᠤ ᠪᠤᠢ ᠮᠣᠩᠭᠣᠯᠴᠤᠳ ᠡᠨᠡ ᠦᠶ᠎ᠡ ᠳᠦ ᠲᠣᠤᠺᠢᠣ᠋ ᠬᠣᠲᠠᠨ᠎ᠠ ᠬᠤᠷᠠᠨ ᠴᠤᠭᠯᠠᠷᠠᠵᠤ᠂ ᠮᠣᠩᠭᠣᠯ ᠤᠯᠤᠰ ᠠᠴᠠ ᠶᠠᠫᠣᠨ ᠤᠯᠤᠰ ᠲᠤ ᠰᠠᠭᠤᠭ᠎ᠠ ᠡᠯᠴᠢᠨ ᠰᠠᠶᠢᠳ᠂ ᠲᠣᠤᠺᠢᠣ᠋ ᠬᠣᠲᠠ ᠶᠢᠨ ᠵᠠᠬᠢᠷᠭᠠᠨ ᠤ ᠲᠥᠯᠥᠭᠡᠯᠡᠯ ᠲᠡᠷᠢᠭᠦᠲᠡᠢ ᠬᠦᠨᠳᠦᠲᠦ ᠵᠣᠴᠢᠳ ᠨᠠᠭᠠᠳᠤᠮ ᠢ ᠨᠡᠭᠡᠭᠡᠨ ᠦᠭᠡ ᠬᠡᠯᠡᠵᠦ᠂ ᠠᠷᠠᠯ ᠤᠨ ᠶᠠᠫᠣᠨ ᠳᠤ ᠨᠡᠷ᠎ᠡ ᠪᠡᠨ ᠳᠠᠭᠤᠷᠢᠰᠬᠠᠵᠤ ᠶᠠᠪᠤᠭ᠎ᠠ ᠰᠦᠮᠥᠥ ᠶᠢᠨ ᠶᠡᠬᠡ ᠠᠪᠤᠷᠭᠤ ᠨᠤᠭᠤᠳ ᠬᠦᠷᠦᠯᠴᠡᠨ ᠢᠷᠡᠵᠦ ᠬᠤᠷᠠᠨ ᠴᠤᠭᠯᠠᠭᠰᠠᠨ ᠮᠢᠩᠭ᠎ᠠ ᠮᠢᠩᠭᠠᠨ ᠮᠣᠩᠭᠣᠯ ᠪᠠ ᠶᠠᠫᠣᠨ ᠬᠦᠮᠦᠰ ᠲᠦ ᠮᠡᠨᠳᠦᠴᠢᠯᠡᠭᠡ ᠳᠡᠪᠰᠢᠭᠦᠯᠬᠦ ᠶᠢᠨ ᠳᠡᠭᠡᠷ᠎ᠡ ᠮᠣᠩᠭᠣᠯ ᠠᠴᠠ ᠷᠣᠺ ᠫᠦᠫ ᠤᠨ ᠲᠣᠮᠣᠬᠠᠨ ᠤᠷᠠᠨ ᠪᠦᠲᠦᠭᠡᠯᠴᠢᠳ ᠢᠷᠡᠵᠦ ᠠᠶ᠎ᠠ ᠳᠠᠭᠤᠤ ᠪᠠᠨ ᠡᠷᠭᠦᠳᠡᠭ ᠤᠯᠠᠮᠵᠢᠯᠠᠯ ᠲᠠᠢ᠃ ᠡᠨᠡᠬᠦ ᠨᠠᠭᠠᠳᠤᠮ ᠢ ᠶᠠᠫᠣᠨ ᠳᠠᠬᠢ ᠮᠣᠩᠭᠣᠯ ᠣᠶᠤᠲᠠᠨ ᠤ ᠬᠣᠯᠪᠣᠭ᠎ᠠ ᠵᠣᠬᠢᠶᠠᠨ ᠪᠠᠶᠢᠭᠤᠯᠵᠤ᠂ ᠮᠣᠩᠭᠣᠯ ᠤᠯᠤᠰ ᠤᠨ ᠡᠯᠴᠢᠨ ᠰᠠᠶᠢᠳ ᠤᠨ ᠶᠠᠮᠤᠨ᠂ ᠨᠡᠷᠢᠮᠠ ᠳᠡᠭᠦᠷᠭᠡ (練馬区) ᠵᠢᠨ ᠵᠠᠬᠢᠷᠭ᠎ᠠ᠂ ᠮᠣᠩᠭᠣᠯ ᠤᠯᠤᠰ ᠲᠠᠢ ᠨᠠᠶᠢᠷᠠᠮᠳᠠᠯ᠂ ᠰᠤᠶᠤᠯ ᠢᠶᠠᠷ ᠬᠠᠮᠲᠤᠷᠠᠨ ᠠᠵᠢᠯᠯᠠᠳᠠᠭ ᠶᠠᠫᠣᠨ ᠤ ᠣᠯᠠᠨ ᠨᠡᠶᠢᠲᠡ ᠶᠢᠨ ᠪᠠᠶᠢᠭᠤᠯᠤᠯᠭ᠎ᠠ ᠨᠤᠭᠤᠳ᠂ ᠬᠤᠪᠢ ᠬᠦᠮᠦᠰ ᠳᠡᠮᠵᠢᠯᠭᠡ ᠦᠵᠡᠭᠦᠯᠳᠡᠭ᠃ (ᠪᠦᠷᠢᠨ ᠠᠭᠤᠯᠭ᠎ᠠ ᠶᠢ ᠤᠩᠰᠢᠬᠤ)


ᠳᠡᠯᠡᠬᠡᠢ ᠶᠢᠨ ᠪᠠᠩᠬᠢ
ᠳᠡᠯᠡᠬᠡᠢ ᠶᠢᠨ ᠪᠠᠩᠬᠢ

ᠳᠡᠯᠡᠬᠡᠢ ᠶᠢᠨ ᠪᠠᠩᠬᠢᠠᠩᠭᠯᠢ ᠪᠠᠷ World Bank) ᠨᠢ ᠬᠥᠭᠵᠢᠵᠦ ᠪᠤᠢ ᠣᠷᠣᠨ ᠨᠤᠭᠤᠳ ᠲᠤ ᠶᠠᠳᠠᠭᠤᠷᠠᠯ ᠢ ᠪᠠᠭᠤᠷᠠᠭᠤᠯᠬᠤ ᠵᠣᠷᠢᠯᠭ᠎ᠠ ᠪᠠᠷ ᠵᠢᠭᠡᠯᠡᠯᠭᠡ ᠲᠤᠰᠠᠯᠠᠮᠵᠢ ᠣᠯᠭᠤᠳᠠᠭ ᠪᠠᠩᠬᠢ ᠶᠤᠮ᠃ ᠳᠡᠯᠡᠬᠡᠢ ᠶᠢᠨ ᠪᠠᠩᠬᠢ ᠨᠢ ᠠᠩᠬ᠎ᠠ "ᠰᠡᠷᠭᠦᠭᠡᠨ ᠪᠣᠰᠬᠠᠯᠲᠠ᠂ ᠬᠥᠭᠵᠢᠯ ᠦᠨ ᠣᠯᠠᠨ ᠤᠯᠤᠰ ᠤᠨ ᠪᠠᠩᠬᠢ" ᠨᠡᠷ᠎ᠡ ᠲᠡᠢ ᠪᠡᠷ 1944 ᠣᠨ ᠳᠤ ᠡᠭᠦᠰᠬᠡᠨ ᠪᠠᠶᠢᠭᠤᠯᠤᠭᠳᠠᠭᠰᠠᠨ᠃ ᠠᠩᠬ᠎ᠠ ᠦᠢᠯᠡ ᠠᠵᠢᠯᠯᠠᠭ᠎ᠠ ᠶᠢ ᠪᠠᠨ ᠳᠡᠯᠡᠬᠡᠢ ᠶᠢᠨ ᠬᠣᠶᠠᠳᠤᠭᠠᠷ ᠳᠠᠶᠢᠨ ᠤ ᠳᠠᠷᠠᠭᠠᠬᠢ ᠰᠡᠷᠭᠦᠭᠡᠨ ᠪᠣᠰᠬᠠᠯᠲᠠ ᠶᠢᠨ ᠠᠵᠢᠯ ᠢ ᠬᠤᠷᠳᠤᠪᠴᠢᠯᠠᠭᠤᠯᠬᠤ ᠵᠣᠷᠢᠯᠭ᠎ᠠ ᠲᠠᠢ ᠪᠠᠷ ᠡᠬᠢᠯᠡᠵᠦ ᠂ ᠲᠤᠬᠠᠢ ᠶᠢᠨ ᠦᠶ᠎ᠡ ᠳᠦ ᠳᠡᠯᠡᠬᠡᠢ ᠶᠢᠨ ᠪᠠᠩᠬᠢ 38 ᠭᠡᠰᠢᠭᠦᠨ ᠲᠡᠢ ᠪᠠᠶᠢᠭᠰᠠᠨ ᠪᠣᠯ ᠣᠳᠣ 188 ᠭᠡᠰᠢᠭᠦᠨ ᠲᠡᠢ ᠪᠣᠯᠤᠭᠰᠠᠨ ᠨᠢ ᠳᠡᠯᠡᠬᠡᠢ ᠶᠢᠨ ᠤᠯᠤᠰ ᠣᠷᠣᠨ ᠨᠤᠭᠤᠳ ᠤᠨ ᠪᠠᠷᠤᠭ ᠪᠥᠭᠥᠳᠡᠭᠡᠷ ᠢ ᠪᠠᠭᠲᠠᠭᠠᠭᠰᠠᠨ ᠪᠠᠶᠢᠨ᠎ᠠ᠃ ᠭᠡᠰᠢᠭᠦᠨ ᠤᠯᠤᠰ ᠤᠳ ᠤᠨ ᠲᠣᠭ᠎ᠠ ᠨᠡᠮᠡᠭᠳᠡᠵᠦ ᠲᠡᠳᠡᠨ ᠦ ᠬᠡᠷᠡᠭᠴᠡᠭᠡ ᠥᠭᠡᠷᠡᠴᠢᠯᠡᠭᠳᠡᠬᠦ ᠶᠢᠨ ᠬᠢᠷᠢ ᠪᠡᠷ ᠳᠡᠯᠡᠬᠡᠢ ᠶᠢᠨ ᠪᠠᠩᠬᠢ ᠥᠷᠭᠡᠵᠢᠨ ᠳᠡᠯᠭᠡᠷᠡᠭᠰᠡᠭᠡᠷ ᠣᠳᠣ ᠪᠠᠷ ᠪᠠᠶᠢᠳᠠᠯ ᠢᠶᠠᠷ ᠲᠠᠪᠤᠨ ᠪᠠᠶᠢᠭᠤᠯᠤᠯᠭ᠎ᠠ ᠠᠴᠠ ᠪᠥᠷᠢᠳᠴᠦ ᠪᠠᠶᠢᠭ᠎ᠠ ᠪᠥᠭᠡᠳ ᠣᠶᠢᠷᠠᠯᠴᠠᠭ᠎ᠠ ᠪᠠᠷ 100 ᠣᠷᠣᠨ ᠳᠤ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠷᠠᠭᠦᠪᠢ ᠬᠥᠯ ᠪᠥᠮᠪᠥᠭᠡ
ᠷᠠᠭᠦᠪᠢ

ᠷᠠᠭᠦᠪᠢ ᠬᠥᠯ ᠪᠥᠮᠪᠥᠭᠡ (ᠬᠢᠲᠠᠳ ᠢᠶᠠᠷ 橄榄球ᠠᠩᠭᠯᠢ ᠪᠠᠷ Rugby football) ᠨᠢ ᠠᠮᠧᠷᠢᠺᠠ ᠬᠡᠯᠪᠡᠷᠢ ᠶᠢᠨ ᠬᠥᠯ ᠪᠥᠮᠪᠦᠭᠡ ᠪᠤᠯᠤᠨ᠎ ᠠ᠃ ᠺᠠᠨᠠᠳᠠ ᠬᠥᠯ ᠪᠥᠮᠪᠥᠭᠡ ᠨᠢ ᠴᠤ ᠷᠠᠭᠦᠪᠢ ᠬᠥᠯ ᠪᠥᠮᠪᠥᠭᠡ ᠡᠴᠡ ᠢᠷᠡᠯᠲᠡ ᠲᠠᠢ ᠶᠤᠮ᠃ ᠷᠠᠭᠦᠪᠢ ᠨᠢ ᠪᠷᠢᠲ᠋ᠠᠨ(ᠠᠩᠭᠯᠢ) ᠠᠴᠠ ᠭᠠᠷᠤᠯ ᠲᠠᠢ ᠷᠠᠭᠦᠪᠢ ᠰᠤᠷᠭᠠᠭᠤᠯᠢ ᠶᠢᠨ ᠨᠡᠷ᠎ᠡ ᠪᠡᠷ ᠨᠡᠷᠡᠯᠡᠭᠳᠡᠭᠰᠡᠨ ᠨᠢᠭᠡᠨ ᠲᠥᠷᠥᠯ ᠦᠨ ᠬᠥᠯ ᠪᠥᠮᠪᠥᠭᠡ ᠶᠤᠮ᠃ 19 ᠍ ᠳᠦᠭᠡᠷ ᠵᠠᠭᠤᠨ ᠤ ᠦᠶ᠎ᠡ ᠳᠦ ᠠᠩᠭᠯᠢ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠡᠨᠡᠬᠦ ᠬᠥᠯ ᠪᠥᠮᠪᠥᠭᠡ ᠶᠢ ᠲᠣᠭᠯᠠᠳᠠᠭ ᠪᠠᠶᠢᠵᠠᠢ᠃ ᠷᠠᠭᠦᠪᠢ ᠨᠢ ᠳᠣᠲᠣᠷ᠎ᠠ ᠪᠠᠨ ᠬᠣᠶᠠᠷ ᠶᠡᠷᠦᠩᠬᠡᠢ ᠬᠡᠰᠡᠭ ᠲᠦ ᠬᠤᠪᠢᠶᠠᠭᠳᠠᠬᠤ ᠪᠥᠭᠡᠳ 《ᠷᠠᠭᠦᠪᠢ ᠯᠢᠭ》᠂ 《ᠷᠠᠭᠦᠪᠢ ᠨᠢᠭᠡᠳᠦᠯ》 ᠭᠡᠰᠡᠨ ᠨᠡᠷ᠎ᠡ ᠲᠡᠢ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠫᠠᠷᠺᠢᠨᠰᠤᠨ ᠡᠪᠡᠳᠴᠢᠨ
ᠫᠠᠷᠺᠢᠨᠰᠤᠨ ᠡᠪᠡᠳᠴᠢᠨ

ᠫᠠᠷᠺᠢᠨᠰᠤᠨ ᠡᠪᠡᠳᠴᠢᠨ ᠪᠣᠶᠤ ᠴᠡᠴᠡᠷᠡᠭᠡ ᠡᠪᠡᠳᠴᠢᠨᠠᠩᠭᠯᠢ ᠪᠠᠷ Parkinson's disease (PD)ᠬᠢᠲᠠᠳ ᠢᠶᠠᠷ 帕金森病 ︶ ᠨᠢ ᠭᠠᠷ ᠢ ᠰᠠᠯᠢᠭ ᠪᠣᠯᠭᠠᠵᠤ᠂ ᠠᠯᠬᠤᠬᠤ ᠭᠢᠰᠬᠢᠬᠦ ᠶᠢ ᠪᠡᠷᠬᠡᠰᠢᠶᠡᠯ ᠲᠡᠢ ᠪᠣᠯᠭᠠᠳᠠᠭ ᠡᠪᠡᠳᠴᠢᠨ ᠪᠦᠭᠡᠳ ᠬᠦᠨᠳᠦ ᠲᠣᠬᠢᠶᠠᠯᠳᠤᠯ ᠳᠤ ᠦᠬᠦᠯ ᠳᠦ ᠬᠦᠷᠭᠡᠬᠦ ᠠᠶᠤᠯᠲᠠᠢ ᠪᠠᠶᠢᠳᠠᠭ᠃ ᠬᠠᠷᠢᠨ ᠵᠠᠷᠢᠮ ᠲᠣᠬᠢᠶᠠᠯᠳᠤᠯ ᠳᠤ ᠡᠪᠡᠳᠦᠭᠰᠡᠨ ᠬᠦᠮᠦᠨ ᠤᠯᠠᠨ ᠵᠢᠯ ᠦᠨ ᠲᠤᠷᠰᠢ ᠠᠮᠢᠳᠤᠷᠠᠬᠤ ᠴᠢᠳᠠᠪᠤᠷᠢ ᠲᠠᠢ ᠶᠤᠮ᠃ ᠫᠠᠷᠺᠢᠨᠰᠤᠨ ᠡᠪᠡᠳᠴᠢᠨ ᠦ ᠭᠣᠣᠯ ᠰᠢᠯᠲᠠᠭᠠᠨ ᠢ ᠣᠳᠣᠬᠠᠨ ᠳᠤ ᠪᠠᠨ ᠲᠣᠳᠣᠷᠬᠠᠶᠢᠯᠠᠵᠤ ᠴᠢᠳᠠᠭ᠎ᠠ ᠦᠭᠡᠢ ᠪᠠᠶᠢᠨ᠎ᠠ᠃ ᠭᠡᠪᠡᠴᠦ ᠫᠠᠷᠺᠢᠨᠰᠤᠨ ᠡᠪᠡᠳᠴᠢᠨ ᠨᠢ ᠲᠠᠷᠢᠬᠢᠨ ᠠᠴᠠ ᠳ᠋ᠤᠫᠠᠮᠢᠨ ᠪᠣᠳᠠᠰ ︵Dopamine︶ ᠢ ᠢᠯᠭᠠᠷᠠᠭᠤᠯᠬᠤ ᠮᠡᠳᠡᠷᠡᠯ ᠦᠨ ᠰᠢᠰᠲ᠋ᠧᠮ ᠳᠦ ᠭᠡᠮᠲᠦᠯ ᠤᠴᠠᠷᠠᠨ ᠭᠠᠷ ᠰᠠᠯᠭᠠᠯᠠᠬᠤ᠂ ᠲᠠᠲᠠᠬᠤ᠂ ᠬᠥᠳᠡᠯᠭᠡᠭᠡᠨ ᠦ ᠤᠳᠠᠭᠠᠰᠢᠷᠠᠯ ᠡᠭᠦᠰᠬᠦ᠂ ᠪᠡᠶ᠎ᠡ ᠶᠢᠨ ᠲᠡᠩᠴᠡᠪᠦᠷᠢ ᠠᠯᠳᠠᠭᠳᠠᠬᠤ ᠵᠡᠷᠭᠡ ᠪᠡᠷ ᠶᠡᠷᠦᠳᠡ ᠶᠢᠨ ᠬᠥᠳᠡᠯᠭᠡᠭᠡᠨ ᠳᠦ ᠭᠠᠵᠢ ᠨᠥᠯᠥᠭᠡ ᠢᠯᠡᠷᠡᠬᠦ᠂ ᠲᠠᠷᠢᠬᠢᠨ ᠤ ᠤᠳᠤᠷᠢᠳᠤᠯᠭ᠎ᠠ ᠶᠢᠨ ᠰᠢᠰᠲ᠋ᠧᠮ ᠳᠦ ᠥᠭᠡᠷᠡᠴᠢᠯᠡᠯᠲᠡ ᠪᠤᠢ ᠪᠣᠯᠳᠠᠭ ᠲᠠᠷᠢᠬᠢᠨ ᠤ ᠠᠷᠬᠠᠭ ᠡᠮᠭᠡᠭ ᠭᠡᠵᠦ ᠦᠵᠡᠵᠦ ᠪᠤᠢ᠃ ᠶᠡᠷᠦᠩᠬᠡᠢ ᠳᠦ ᠪᠡᠨ 60 ᠍ ᠠᠴᠠ ᠳᠡᠭᠡᠭᠰᠢ ᠨᠠᠰᠤᠨ ᠤ ᠬᠢᠨ ᠳᠤ ᠰᠢᠨᠵᠢ ᠲᠡᠮᠳᠡᠭ ᠢᠯᠡᠷᠡᠬᠦ ᠪᠣᠯᠪᠠᠴᠤ ᠤᠷᠴᠢᠮ ᠤᠨ ᠵᠢᠯ ᠤᠳ ᠳᠤ ᠡᠪᠡᠳᠴᠢᠲᠡᠨ ᠦ ᠲᠣᠭ᠎ᠠ ᠡᠷᠡᠰ ᠨᠡᠮᠡᠭᠳᠡᠬᠦ ᠡᠴᠡ ᠭᠠᠳᠠᠨ᠎ᠠ ᠰᠢᠨᠵᠢ ᠲᠡᠮᠳᠡᠭ ᠢᠯᠡᠷᠡᠬᠦ ᠦᠶ᠎ᠡ ᠨᠢ ᠴᠤ ᠤᠯᠠᠮ ᠵᠠᠯᠠᠭᠤᠵᠢᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠠᠯᠤᠰ ᠢ ᠬᠠᠷᠠᠭᠴᠢ
ᠠᠯᠤᠰ ᠢ ᠬᠠᠷᠠᠭᠴᠢ

ᠠᠯᠤᠰ ᠢ ᠬᠠᠷᠠᠭᠴᠢ (ᠬᠢᠲᠠᠳ ᠢᠶᠠᠷ 摩天轮ᠠᠩᠭᠯᠢ ᠪᠠᠷ ferris wheel) ᠭᠡᠳᠡᠭ ᠨᠢ ᠮᠠᠰᠢ ᠲᠣᠮᠣ ᠲᠣᠭᠣᠷᠢᠭ ᠬᠡᠯᠪᠡᠷᠢ ᠶᠢᠨ ᠬᠦᠷᠢᠶᠡᠨ ᠦ ᠵᠠᠬ᠎ᠠ ᠪᠠᠷ ᠪᠦᠬᠦᠭᠡᠭ (ᠵᠢᠵᠢᠭ ᠭᠡᠷ) ᠦᠳ ᠰᠠᠭᠤᠷᠢᠯᠠᠭᠤᠯᠵᠤ᠂ ᠲᠥᠪ ᠢᠶᠡᠨ ᠲᠣᠭᠣᠷᠢᠨ ᠪᠠᠭ᠎ᠠ ᠬᠤᠷᠳᠤᠴᠠ ᠪᠠᠷ ᠡᠷᠭᠢᠯᠳᠦᠬᠦ ᠬᠥᠳᠡᠯᠭᠡᠭᠡᠨ ᠬᠢᠵᠦ᠂ ᠪᠦᠬᠦᠭᠡᠭ ᠲᠦ ᠰᠠᠭᠤᠨ ᠥᠨᠳᠥᠷ ᠲᠦ ᠭᠠᠷᠴᠤ ᠠᠯᠤᠰ ᠢ ᠬᠠᠷᠠᠬᠤ ᠵᠣᠷᠢᠭᠤᠯᠤᠯᠲᠠ ᠪᠦᠬᠦᠢ ᠲᠦᠬᠦᠭᠡᠷᠦᠮᠵᠢ ᠶᠤᠮ᠃ ᠠᠩᠬ᠎ᠠ 1893 ᠣᠨ ᠳᠤ ᠠᠮᠸᠷᠢᠺᠠ ᠶᠢᠨ ᠨᠢᠭᠡᠳᠦᠭᠰᠡᠨ ᠤᠯᠤᠰ ᠤᠨ ᠢᠯᠯᠢᠨᠣᠢ ᠮᠤᠵᠢ ᠶᠢᠨ ᠴᠢᠺᠠᠭᠣ ᠳᠤ ᠪᠣᠯᠤᠭᠰᠠᠨ ᠳᠡᠯᠡᠬᠡᠢ ᠶᠢᠨ ᠦᠵᠡᠭᠦᠯᠦᠯᠲᠡ ᠶᠢᠨ (World Columbian Exposition) ᠦᠶ᠎ᠡ ᠪᠡᠷ ᠵᠣᠷᠵᠢ ᠸᠠᠰᠢᠩᠲ᠋ᠣᠨ ᠹᠸᠷᠢᠰ ᠬᠢᠭᠰᠡᠨ ᠪᠥᠭᠡᠳ ᠣᠳᠣ ᠳᠡᠯᠡᠬᠡᠢ ᠳᠡᠭᠡᠷ᠎ᠡ ᠮᠠᠰᠢ ᠣᠯᠠᠨ ᠪᠠᠶᠢᠳᠠᠭ᠃ ᠮᠣᠩᠭᠣᠯ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠣᠲᠠ ᠳᠠᠬᠢ ᠦᠨᠳᠦᠰᠦᠨ ᠦ ᠰᠤᠶᠤᠯ ᠠᠮᠠᠷᠠᠯᠲᠠ ᠶᠢᠨ ᠬᠦᠷᠢᠶᠡᠯᠡᠩ ᠳᠤ ᠠᠯᠤᠰ ᠢ ᠬᠠᠷᠠᠭᠴᠢ ᠪᠤᠢ᠃ ᠪᠠᠰᠠ᠂ ᠦᠪᠦᠷ ᠮᠤᠩᠭᠤᠯ ᠤᠨ ᠲᠦᠪ ᠬᠦᠬᠡᠬᠤᠲᠠ ᠶᠢᠨ ᠴᠢᠩᠴᠸᠡᠩ ᠴᠡᠴᠡᠷᠯᠢᠭ ᠪᠤᠯᠤᠨ ᠠᠷᠲᠠᠢ ᠴᠡᠴᠡᠷᠯᠢᠭ ᠲᠤ ᠠᠯᠤᠰ ᠢ ᠬᠠᠷᠠᠭᠴᠢ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ