ᠣᠨᠴᠠᠯᠠᠬᠤ ᠥᠭᠦᠯᠡᠯ/2016 4 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
2016 ᠣᠨ ᠤ ᠵᠤᠨ ᠤ ᠣᠯᠢᠮᠫᠢᠺ‎
2016 ᠣᠨ ᠤ ᠵᠤᠨ ᠤ ᠣᠯᠢᠮᠫᠢᠺ

2016 ᠣᠨ ᠤ ᠵᠤᠨ ᠤ ᠣᠯᠢᠮᠫᠢᠺ (ᠠᠩᠭᠯᠢ ᠪᠠᠷ 2016 Summer Olympicsᠬᠢᠲᠠᠳ ᠢᠶᠠᠷ 2016年夏季奥林匹克运动会) ᠂ ᠠᠯᠪᠠᠨ ᠶᠣᠰᠣᠭᠠᠷ ᠵᠤᠨ ᠤ ᠣᠯᠢᠮᠫᠢᠺ ᠤᠨ ᠭᠤᠴᠢᠨ ᠨᠢᠬᠡᠳᠤᠬᠡᠷ ᠤᠳᠠᠭᠠᠨ  ᠤ ᠨᠠᠭᠠᠳᠤᠮ ᠨᠢ 2016 ᠣᠨ ᠤ 8 ᠰᠠᠷ᠎ᠠ ᠶᠢᠨ 5 ᠡᠴᠡ 8 ᠰᠠᠷ᠎ᠠ ᠶᠢᠨ 21 ᠳᠤ ᠪᠷᠠᠽᠢᠯ ᠤᠨ ᠷᠢᠤ᠋ ᠳ᠋ᠸ ᠵᠠᠨ᠋ᠸᠶᠢᠷᠤ᠋ ︵Rio de Janeiro︶ ᠬᠣᠳᠠ ᠳᠤ ᠵᠣᠬᠢᠶᠠᠭᠳᠠᠬᠤ ᠵᠤᠨ ᠤ ᠣᠯᠢᠮᠫᠢᠺ ᠶᠤᠮ᠃ ᠲᠤᠰ ᠤᠳᠠᠭᠠᠨ ᠤ ᠣᠯᠢᠮᠫᠢᠺ ᠨᠢ ᠡᠮᠦᠨᠡᠲᠦ ᠠᠮᠧᠷᠢᠺᠠ ᠶᠢᠨ ᠬᠣᠲᠠ ᠳᠦ ᠪᠣᠯᠬᠤ ᠠᠩᠬᠠᠨ ᠤ ᠣᠯᠢᠮᠫᠢᠺ ᠤᠨ ᠨᠠᠭᠠᠳᠤᠮ ᠪᠦᠭᠡᠳ ᠷᠢᠤ᠋ ᠳ᠋ᠸ ᠵᠠᠨ᠋ᠸᠶᠢᠷᠤ᠋ ᠨᠢ ᠣᠯᠢᠮᠫᠢᠺ ᠤᠨ ᠨᠠᠭᠠᠳᠤᠮ ᠢ ᠵᠣᠬᠢᠶᠠᠨ ᠪᠠᠶᠢᠭᠤᠯᠬᠤ ᠠᠩᠬᠠᠨ ᠤ ᠫᠣᠷᠲ᠋ᠦ᠋ᠭᠠᠯ ᠬᠡᠯᠡᠲᠡᠨ ᠤ ᠬᠣᠲᠠ ᠪᠣᠯᠬᠤ ᠶᠤᠮ᠃ ᠮᠥᠨ ᠴᠦ ᠠᠮᠧᠷᠢᠺᠠ ᠶᠢᠨ ᠨᠢᠭᠡᠳᠦᠭᠰᠡᠨ ᠤᠯᠤᠰ ᠶᠢᠨ ᠳᠠᠷᠠᠭ᠎ᠠ ᠬᠣᠶᠠᠳᠠᠬᠢ ᠳᠡᠯᠡᠬᠡᠢ ᠶᠢᠨ ᠴᠣᠮᠣ ᠶᠢᠨ ᠬᠥᠯ ᠪᠥᠮᠪᠥᠭᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ︵世界杯︶ ᠡᠷᠬᠢᠯᠡᠭᠰᠡᠨ ᠤ ᠳᠠᠷᠠᠭ᠎ᠠ ᠣᠯᠢᠮᠫᠢᠺ ᠡᠷᠬᠢᠯᠡᠬᠦ ᠪᠤᠯᠤᠭᠰᠠᠨ ᠤᠯᠤᠰ ᠣᠷᠤᠨ ᠶᠤᠮ᠃ (ᠪᠦᠷᠢᠨ ᠠᠭᠤᠯᠭ᠎ᠠ ᠶᠢ ᠤᠩᠰᠢᠬᠤ)

ᠰᠢᠨᠵᠢᠯᠡᠬᠦ ᠤᠬᠠᠭᠠᠨ
ᠰᠢᠨᠵᠢᠯᠡᠬᠦ ᠤᠬᠠᠭᠠᠨ

ᠰᠢᠨᠵᠢᠯᠡᠬᠦ ᠤᠬᠠᠭᠠᠨ (《ᠮᠡᠳᠡᠯᠭᠡ》 ᠭᠡᠰᠡᠨ ᠤᠳᠬ᠎ᠠ ᠲᠠᠢ᠂ scientia ᠭᠡᠰᠡᠨ ᠯᠠᠲ᠋ᠢᠨ ᠦᠭᠡᠨ ᠡᠴᠡ ᠡᠭᠦᠰᠦᠯᠲᠡᠢ) ᠭᠡᠳᠡᠭ ᠨᠢ ᠰᠢᠨᠵᠢᠯᠡᠬᠦ ᠤᠬᠠᠭᠠᠨ ᠤ ᠰᠤᠳᠤᠯᠭᠠᠨ ᠤ ᠠᠷᠭ᠎ᠠ ᠳᠡᠭᠡᠷ᠎ᠡ ᠲᠤᠯᠭᠠᠭᠤᠷᠢᠯᠠᠭᠰᠠᠨ ᠮᠡᠳᠡᠯᠭᠡ ᠶᠢᠨ ᠴᠣᠭᠴᠠ᠂ ᠥᠭᠡᠷ᠎ᠡ ᠪᠡᠷ ᠬᠡᠯᠡᠪᠡᠯ ᠰᠤᠳᠤᠯᠭᠠᠨ ᠤ ᠦᠷ᠎ᠡ ᠳ᠋ᠦᠩ ᠪᠡᠷ ᠭᠠᠷᠭᠠᠨ ᠠᠪᠤᠭᠰᠠᠨ᠂ ᠵᠣᠬᠢᠶᠠᠨ ᠪᠠᠶᠢᠭᠤᠯᠤᠯᠲᠠ ᠳᠤ ᠣᠷᠣᠭᠤᠯᠤᠭᠰᠠᠨ ᠮᠡᠳᠡᠯᠭᠡ ᠶᠤᠮ᠃ ᠰᠢᠨᠵᠢᠯᠡᠬᠦ ᠤᠬᠠᠭᠠᠨ ᠢ ᠪᠠᠶᠢᠭᠠᠯᠢ ᠶᠢᠨ ᠰᠢᠨᠵᠢᠯᠡᠬᠦ ᠤᠬᠠᠭᠠᠨᠨᠡᠶᠢᠭᠡᠮ ᠤᠨ ᠰᠢᠨᠵᠢᠯᠡᠬᠦ ᠤᠬᠠᠭᠠᠨ ᠬᠡᠬᠦ ᠬᠤᠶᠠᠷ ᠦᠨᠳᠦᠰᠦᠨ ᠲᠣᠮᠣ ᠪᠦᠯᠦᠭ ᠲᠦ ᠬᠤᠪᠢᠶᠠᠵᠤ ᠪᠣᠯᠤᠨ᠎ᠠ᠃ ᠵᠠᠷᠢᠮ ᠲᠣᠬᠢᠶᠠᠯᠳᠤᠯ ᠳᠤ ᠲᠣᠭᠠᠨ ᠤ ᠣᠬᠠᠭᠠᠨ  ᠢ ᠭᠤᠷᠪᠠᠳᠡᠬᠢ ᠪᠦᠯᠦᠭ ᠪᠤᠶᠤ ᠬᠡᠶᠢᠰᠪᠦᠷᠢ ᠰᠢᠨᠵᠢᠯᠡᠬᠦ ᠤᠬᠠᠭᠠᠨ (formal science) ᠪᠣᠯᠭᠠᠨ ᠢᠯᠭᠠᠵᠤ ᠪᠠᠶᠢᠳᠠᠭ᠃ ᠤᠴᠢᠷ ᠨᠢ ᠲᠣᠭᠠᠨ ᠤ ᠣᠬᠠᠭᠠᠨ ᠨᠢ ᠪᠠᠶᠢᠭᠠᠯᠢ ᠶᠢᠨ ᠪᠣᠯᠤᠨ ᠨᠡᠶᠢᠭᠡᠮ ᠤᠨ ᠰᠢᠨᠵᠢᠯᠡᠬᠦ ᠤᠬᠠᠭᠠᠨ ᠨᠤᠭᠤᠳ ᠤᠨ ᠠᠯᠢ ᠠᠯᠢᠨ ᠲᠠᠢ ᠨᠢ ᠲᠥᠰᠲᠡᠢ ᠪᠣᠯᠤᠨ ᠢᠯᠭᠠᠭ᠎ᠠ ᠲᠠᠢ ᠲᠠᠯ᠎ᠠ ᠨᠤᠭᠤᠳ ᠢ ᠠᠭᠤᠯᠠᠭᠰᠠᠨ ᠪᠠᠶᠢᠳᠠᠭ ᠪᠠᠶᠢᠨ᠎ᠠ᠃ ᠬᠡᠶᠢᠰᠪᠦᠷᠢ ᠰᠢᠨᠵᠢᠯᠡᠬᠦ ᠤᠬᠠᠭᠠᠨ ᠳᠤ ᠪᠦᠷᠢᠳᠭᠡᠯᠯᠣᠭᠢᠭ ᠤᠨ ᠰᠢᠨᠵᠢᠯᠡᠬᠦ ᠤᠬᠠᠭᠠᠨ ᠨᠤᠭᠤᠳ ᠪᠠᠭᠳᠠᠨ᠎ᠠ᠃ (ᠪᠦᠷᠢᠨ ᠠᠭᠤᠯᠭ᠎ᠠ ᠶᠢ ᠤᠩᠰᠢᠬᠤ)

ᠵᠠᠭᠪᠤᠷ ᠣᠷᠭᠠᠨᠢᠰᠮ‎
ᠵᠠᠭᠪᠤᠷ ᠣᠷᠭᠠᠨᠢᠰᠮ‎

ᠵᠠᠭᠪᠤᠷ ᠣᠷᠭᠠᠨᠢᠰᠮ (ᠬᠢᠲᠠᠳ ᠢᠶᠠᠷ 模式生物ᠠᠩᠭᠯᠢ ᠪᠠᠷ model organism) ᠭᠡᠳᠡᠭ ᠨᠢ ᠶᠠᠮᠠᠷ ᠨᠢᠭᠡᠨ ᠪᠢᠣᠯᠣᠭᠢ ᠶᠢᠨ ᠦᠵᠡᠭᠳᠡᠯ ᠢ ᠤᠶᠢᠯᠠᠭᠠᠬᠤ ᠶᠢᠨ ᠲᠥᠯᠦᠭᠡ ᠰᠣᠳᠤᠯᠭᠠᠨ ᠳᠤ ᠬᠡᠷᠡᠭᠯᠡᠳᠡᠭ ᠠᠮᠢᠳᠤ ᠪᠣᠳᠠᠰ ᠪᠣᠶᠤ ᠣᠷᠭᠠᠨᠢᠰᠮ ᠶᠤᠮ᠃ ᠵᠠᠭᠪᠤᠷ  ᠣᠷᠭᠠᠨᠢᠰᠮ ᠳᠦ ᠬᠢᠭᠰᠡᠨ ᠨᠡᠭᠡᠭᠡᠯᠲᠡ ᠪᠤᠶᠤ ᠰᠤᠳᠤᠯᠭᠠᠨ ᠤ ᠦᠷ᠎ᠡ ᠪᠦᠲᠦᠭᠡᠯ ᠨᠢ ᠪᠤᠰᠤᠳ ᠤᠯᠠᠨ ᠲᠥᠷᠦᠯ ᠤᠨ ᠣᠷᠭᠠᠨᠢᠰᠮ ᠤᠨ ᠠᠵᠢᠯᠯᠠᠭᠠᠨ ᠢ ᠥᠢᠯᠭᠠᠬᠤ ᠳᠦ ᠭᠦᠨᠵᠡᠭᠡᠢ ᠨᠦᠯᠦᠭᠡ ᠲᠠᠢ ᠶᠤᠮ᠃ ᠬᠦᠮᠦᠨ ᠦ ᠡᠪᠡᠳᠴᠢᠨ ᠰᠤᠳᠤᠯᠬᠤ ᠳᠤ ᠵᠠᠭᠪᠤᠷ ᠣᠷᠭᠠᠨᠢᠰᠮ ᠢ ᠬᠡᠷᠡᠭᠯᠡᠬᠦ ᠪᠡᠷ ᠳᠠᠮᠵᠢᠨ ᠬᠦᠮᠦᠨ ᠳᠦ ᠬᠣᠬᠢᠷᠠᠯ ᠤᠴᠠᠷᠠᠭᠤᠯᠬᠤ ᠦᠭᠡᠢ ᠪᠡᠷ ᠶᠠᠮᠠᠷ ᠨᠢᠭᠡᠨ ᠡᠪᠡᠳᠴᠢᠨ ᠤ ᠦᠢᠯᠡ ᠶᠠᠪᠤᠴᠠ ᠶᠢ ᠤᠶᠢᠯᠠᠭᠠᠬᠤ ᠪᠣᠯᠤᠮᠵᠢ ᠣᠯᠭᠤᠳᠠᠭ᠃ ᠵᠠᠭᠪᠤᠷ ᠣᠷᠭᠠᠨᠢᠰᠮ ᠤᠨ ᠨᠡᠶᠢᠳᠡᠯᠢᠭ ᠤᠨᠴᠠᠯᠢᠭ ᠨᠢ ᠠᠮᠢᠳᠤᠷᠠᠯ ᠤᠨ ᠮᠥᠴᠡᠯᠭᠡ ︵生命周期︶ ᠤᠷᠲᠤ ᠪᠢᠰᠢ᠂ ᠪᠡᠶ᠎ᠡ ᠶᠢᠨ ᠬᠡᠮᠵᠢᠶ᠎ᠡ ᠠᠵᠢᠭᠯᠠᠯᠲᠠ ᠳᠤ ᠲᠠᠭᠠᠲᠠᠢ᠂ ᠬᠤᠷᠳᠤᠨ ᠦᠷᠡᠵᠢᠬᠦ ᠴᠢᠳᠠᠪᠤᠷᠢ ᠲᠠᠢ ᠂ ᠭᠧᠨ ᠤ ᠬᠡᠮᠵᠢᠶ᠎ᠡ ᠪᠠᠭ᠎ᠠ᠂ ᠤᠯᠠᠨ ᠰᠤᠳᠤᠯᠤᠭᠠᠴᠢᠳ ᠬᠡᠷᠡᠭᠯᠡᠵᠦ ᠳᠡᠶᠢᠯᠬᠦ᠂ ᠭᠠᠳᠠᠭᠠᠳᠤ ᠶᠢᠨ ᠤᠯᠤᠰ ᠣᠷᠣᠨ ᠨᠤᠭᠤᠳ ᠲᠤ ᠢᠯᠡᠭᠡᠵᠦ ᠠᠰᠢᠭᠯᠠᠬᠤ ᠪᠣᠯᠤᠮᠵᠢ ᠲᠠᠢ ᠪᠠᠶᠢᠬᠤ ᠵᠡᠷᠭᠡ᠃ (ᠪᠦᠷᠢᠨ ᠠᠭᠤᠯᠭ᠎ᠠ ᠶᠢ ᠤᠩᠰᠢᠬᠤ)

ᠬᠦᠯᠦᠷᠡᠯᠳᠠ
ᠬᠥᠯᠥᠷᠡᠯᠲᠡ

ᠬᠥᠯᠥᠷᠡᠯᠲᠡ ᠬᠡᠳᠡᠭ  ᠨᠢ ᠠᠮᠢᠳᠠᠨ   ᠤ ᠪᠠᠶ᠎ᠡ  ᠶᠢᠨ  ᠨᠢᠬᠡ ᠵᠦᠢᠯ   ᠦᠨ ᠤᠷᠴᠢᠨ ᠲᠤᠭᠤᠷᠢᠨ ᠳᠤ ᠪᠠᠨ ᠵᠤᠬᠢᠴᠠᠯᠳᠤᠬᠤ ᠴᠢᠳᠠᠮᠵᠢ ᠪᠠᠶᠢᠵᠤ ᠂ ᠬᠦᠯᠦᠰᠦᠨ ᠪᠤᠯᠴᠢᠷᠬᠠᠢ  ᠠᠴᠠ ᠬᠦᠯᠦᠰᠦ ᠱᠦᠬᠦᠷᠡᠬᠦᠯᠬᠦ  ᠶᠢ ᠵᠢᠭᠠᠨ᠎ᠠ ᠃ ᠬᠥᠯᠥᠷᠡᠯᠲᠡ ᠶᠢ ᠰᠤᠯᠢᠪᠴᠢᠮᠠᠯ ᠮᠡᠳᠡᠷᠡᠯ ᠡᠵᠡᠮᠳᠡᠳᠡᠭ ᠪᠠᠶᠢᠵᠤ᠂ ᠲᠡᠷᠡ ᠨᠢ ᠬᠣᠯᠢᠨᠡᠷᠭᠡ ᠶᠢᠨ ᠮᠡᠳᠡᠷᠡᠯ ᠤᠨ ᠰᠢᠷᠬᠡᠭ ᠪᠤᠯᠤᠨ᠎ ᠠ᠃ ᠬᠥᠯᠥᠷᠡᠯᠲᠡ ᠶᠢ ᠡᠵᠡᠮᠳᠡᠳᠡᠭ ᠲᠦᠪ ᠮᠡᠳᠡᠷᠡᠯ ᠨᠢ ᠠᠳᠠᠯᠢ ᠪᠤᠰᠤ ᠠᠮᠢᠲᠠᠨ ᠳᠤ ᠠᠳᠠᠯᠢ ᠪᠤᠰᠤ ᠪᠠᠶᠢᠳᠠᠭ᠃ ᠵᠠᠷᠢᠮ ᠠᠮᠢᠲᠠᠨ ᠤ ᠨᠤᠭᠤᠰᠤ ᠳᠤ ᠪᠠᠶᠢᠵᠤ᠂ ᠵᠠᠷᠢᠮ ᠠᠠᠮᠢᠲᠠᠨ ᠤ ᠳᠤᠪᠤ ᠲᠠᠷᠢᠬᠢᠨ ᠤ ᠳᠤᠤᠷᠠᠳᠤ ᠬᠡᠰᠡᠭ ᠲᠤ ᠪᠠᠶᠢᠳᠠᠭ᠃ ᠬᠥᠯᠥᠷᠡᠯᠲᠡ ᠳᠤ ᠭᠤᠤᠯᠳᠠᠭᠤ ᠬᠠᠯᠠᠭᠤᠳᠠᠬᠤ  ᠠᠴᠠ ᠪᠤᠯᠤᠭᠰᠠᠨ ᠬᠥᠯᠥᠷᠡᠯᠲᠡ᠂ ᠮᠠᠳᠡᠷᠡᠯ  ᠠᠴᠠ ᠪᠤᠯᠤᠭᠰᠠᠨ ᠬᠥᠯᠥᠷᠡᠯᠲᠡ᠂ ᠠᠮᠳᠠᠯᠠᠬᠤ ᠰᠡᠷᠡᠯ  ᠠᠴᠠ ᠪᠤᠯᠤᠭᠰᠠᠨ ᠬᠥᠯᠥᠷᠡᠯᠲᠡ᠂ ᠬᠦᠳᠡᠯᠬᠡᠬᠡᠨ  ᠠᠴᠠ ᠪᠤᠯᠤᠭᠰᠠᠨ ᠬᠥᠯᠥᠷᠡᠯᠲᠡ ᠵᠡᠷᠬᠡ ᠬᠡᠳᠦᠨ ᠵᠥ᠋ᠢᠢᠯ ᠪᠠᠭᠳᠠᠳᠠᠭ ᠃ (ᠪᠦᠷᠢᠨ ᠠᠭᠤᠯᠭ᠎ᠠ ᠶᠢ ᠤᠩᠰᠢᠬᠤ)

ᠠᠮᠧᠷᠢᠺᠠ ᠶᠢᠨ ᠨᠢᠭᠡᠳᠦᠭᠰᠡᠨ ᠤᠯᠤᠰ ᠤᠨ ᠲᠠᠩᠨᠠᠭᠤᠯ ᠤᠨ ᠲᠥᠪ ᠭᠠᠵᠠᠷ
ᠠᠮᠧᠷᠢᠺᠠ ᠶᠢᠨ ᠨᠢᠭᠡᠳᠦᠭᠰᠡᠨ ᠤᠯᠤᠰ ᠤᠨ ᠲᠠᠩᠨᠠᠭᠤᠯ ᠤᠨ ᠲᠥᠪ ᠭᠠᠵᠠᠷ

ᠠᠮᠧᠷᠢᠺᠠ ᠶᠢᠨ ᠨᠢᠭᠡᠳᠦᠭᠰᠡᠨ ᠤᠯᠤᠰ ᠤᠨ ᠲᠠᠩᠨᠠᠭᠤᠯ ᠤᠨ ᠲᠥᠪ ᠭᠠᠵᠠᠷᠠᠩᠭᠯᠢ ᠪᠠᠷ Central Intelligence Agency (CIA) ᠬᠢᠲᠠᠳ ᠢᠶᠠᠷ 中央情报局 ︶ ᠨᠢ ᠭᠠᠳᠠᠭᠠᠳᠤ ᠶᠢᠨ ᠢᠷᠭᠡᠨ᠂ ᠭᠠᠳᠠᠭᠠᠳᠤ ᠶᠢᠨ ᠪᠠᠶᠢᠭᠤᠯᠤᠯᠭ᠎ᠠ ᠶᠢᠨ ᠲᠤᠬᠠᠢ ᠮᠡᠳᠡᠭᠡᠯᠡᠯ ᠴᠤᠭᠯᠠᠭᠤᠯᠵᠤ᠂ ᠵᠠᠳᠠᠯᠤᠨ ᠰᠢᠨᠵᠢᠯᠡᠭᠡ ᠬᠢᠬᠦ ᠡᠭᠦᠷᠭᠡ ᠲᠡᠢ ᠪᠠᠶᠢᠭᠤᠯᠤᠯᠭ᠎ᠠ ᠶᠤᠮ᠃ ᠲᠥᠪ ᠨᠢ ᠸᠢᠷᠵᠢᠨᠢᠶ ᠠ ᠮᠤᠵᠢ  (Virginia)  ᠵᠢᠨ ᠯᠢᠩᠭᠯᠢ ᠬᠣᠳᠠ(Langley )  ᠳᠤ ᠪᠠᠶᠢᠷᠢᠯᠠᠳᠠᠭ᠃ ᠠᠮᠧᠷᠢᠺᠠ ᠶᠢᠨ ᠲᠠᠩᠨᠠᠭᠤᠯ ᠤᠨ ᠬᠠᠮᠲᠤ ᠶᠢᠨ ᠨᠡᠶᠢᠭᠡᠮᠯᠢᠭ ︵ U.S. Intelligence Community (IC)︶ ᠵᠢᠨ ᠭᠣᠣᠯ ᠭᠡᠰᠢᠭᠦᠳ ᠦᠨ ᠨᠢᠭᠡ ᠪᠣᠯᠬᠤ ᠪᠦᠭᠡᠳ᠂ ᠦᠨᠳᠦᠰᠦᠨ ᠦ ᠲᠠᠩᠨᠠᠭᠤᠯ ᠤᠨ ᠭᠠᠵᠠᠷ ᠤᠨ ᠳᠠᠷᠤᠭ᠎ᠠ ᠲᠦ ᠮᠡᠳᠡᠭᠦᠯᠦᠯᠲᠡ ᠬᠢᠳᠡᠭ᠃ ᠶᠡᠷᠦᠩᠬᠡᠶᠢᠯᠡᠭᠴᠢ ᠪᠤᠯᠤᠨ ᠲᠡᠭᠦᠨ ᠦ ᠵᠠᠰᠠᠭ ᠤᠨ ᠭᠠᠵᠠᠷ ᠤᠨ ᠬᠤᠪᠢ ᠳᠤ ᠴᠢᠮᠡᠭᠡ ᠵᠠᠩᠬᠢ ᠬᠠᠩᠭᠠᠬᠤ ᠲᠠᠯ᠎ᠠ ᠪᠠᠷ ᠭᠣᠣᠯᠴᠢᠯᠠᠨ ᠠᠵᠢᠯᠯᠠᠠᠳᠠᠭ᠃ ᠬᠣᠯᠪᠣᠭᠠᠨ ᠤ ᠮᠥᠷᠳᠡᠬᠦ ᠲᠣᠪᠴᠢᠶ᠎ᠠ ︵Federal Bureau of Investigation (FBI)︶ ᠨᠢ ᠳᠣᠲᠣᠭᠠᠳᠤ ᠶᠢᠨ ᠠᠶᠤᠯ ᠦᠭᠡᠢ ᠪᠠᠶᠢᠳᠠᠯ ᠤᠨ ᠦᠢᠯᠡᠴᠢᠯᠡᠭᠡ ᠬᠠᠩᠭᠠᠳᠠᠭ ᠪᠤᠯ᠂ ᠲᠠᠩᠨᠠᠭᠤᠯ ᠤᠨ ᠲᠥᠪ ᠭᠠᠵᠠᠷ ᠨᠢ ᠭᠤᠤᠯᠳᠠᠭᠤ ᠭᠠᠳᠠᠭᠠᠳᠤ ᠳᠠᠬᠢ ᠲᠠᠩᠨᠠᠭᠤᠯ ᠤᠨ ᠮᠡᠳᠡᠭᠡ ᠴᠤᠭᠯᠠᠭᠤᠯᠬᠤ ᠪᠡᠷ ᠢᠯᠭᠠᠭᠳᠠᠳᠠᠭ᠃ (ᠪᠦᠷᠢᠨ ᠠᠭᠤᠯᠭ᠎ᠠ ᠶᠢ ᠤᠩᠰᠢᠬᠤ)

ᠵᠣᠷᠵᠢ ᠸᠠᠰᠢᠩᠲ᠋ᠣᠨ
ᠵᠣᠷᠵᠢ ᠸᠠᠰᠢᠩᠲ᠋ᠣᠨ

ᠵᠣᠷᠵᠢ ᠸᠠᠰᠢᠩᠲ᠋ᠣᠨ (1732 ᠣᠨ ᠤ 2 ᠰᠠᠷ᠎ᠠ ᠶᠢᠨ 22 - 1799 ᠣᠨ ᠤ 12 ᠰᠠᠷ᠎ᠠ ᠶᠢᠨ 14 ) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠤᠯᠤᠰ ᠲᠥᠷᠦᠴᠢᠨ ᠪᠦᠭᠡᠳ ᠬᠠᠮᠤᠭ ᠠᠩᠬᠠᠨ ᠤ ᠶᠡᠷᠦᠩᠬᠡᠶᠢᠯᠡᠭᠴᠢ ᠶᠤᠮ᠃ ᠵᠣᠷᠵᠢ ᠸᠠᠰᠢᠩᠲ᠋ᠣᠨ ᠨᠢ 1775 ᠤᠨ ᠡᠴᠡ 1783 ᠤᠨ ᠤ ᠬᠤᠭᠤᠷᠤᠨᠳᠤ᠂ ᠳᠠᠷᠤᠢ ᠠᠮᠸᠷᠢᠺᠠ ᠶᠢᠨ ᠲᠤᠰᠭᠠᠷ ᠲᠤᠭᠲᠠᠨᠢᠯ ᠤᠨ ᠳᠠᠶᠢᠨ ᠤ ᠦᠶ ᠡ ᠳᠤ ᠬᠠᠭᠤᠷᠠᠢ ᠵᠠᠮ ᠤᠨ ᠴᠡᠷᠢᠭ ᠤᠨ ᠶᠠᠷᠦᠩᠬᠡᠢ ᠵᠠᠬᠢᠷᠤᠭᠴᠢ᠂ ᠬᠠᠮᠤᠭ ᠤᠨ ᠴᠢᠳᠠᠪᠤᠷᠢᠯᠢᠭ ᠤᠳᠤᠷᠢᠳᠤᠭᠴᠢ ᠪᠠᠶᠢᠭᠰᠠᠨ ᠪᠦᠭᠡᠳ ᠠᠮᠸᠷᠢᠺᠠ ᠤᠯᠤᠰ ᠲᠤ ᠤᠯᠤᠰ ᠤᠨ ᠡᠴᠢᠭᠡ ᠬᠡᠮᠡᠭᠳᠡᠳᠡᠭ᠃ ᠸᠠᠰᠢᠩᠲ᠋ᠣᠨ ᠨᠢ ᠮᠦᠨᠴᠦ ᠦᠨᠳᠦᠰᠦᠨ ᠬᠠᠤᠯᠢ ᠪᠠᠲᠤᠯᠠᠬᠤ᠂ ᠬᠠᠤᠯᠢ ᠲᠣᠭᠲᠠᠭᠠᠬᠤ ᠪᠠᠶᠢᠭᠤᠯᠤᠯᠭ᠎ᠠ ᠶᠢᠨ ᠶᠡᠷᠦᠩᠬᠡᠶᠢᠯᠡᠭᠴᠢ ᠪᠠᠶᠢᠭᠰᠠᠨ ᠶᠤᠮ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠦᠨᠳᠦᠰᠦᠨ ᠬᠠᠤᠯᠢ ᠶᠢ ᠵᠠᠷᠢᠮ ᠮᠤᠵᠢ ᠤᠯᠤᠰ ᠤᠨ ᠵᠠᠰᠠᠭ ᠤᠨ ᠭᠠᠵᠠᠷ ᠢᠶᠠᠷ ᠪᠠᠲᠤᠯᠠᠭᠤᠯᠬᠤ ᠳᠤ ᠲᠡᠭᠦᠨ ᠦ ᠨᠡᠷ᠎ᠡ ᠬᠦᠨᠳᠦ᠂ ᠳᠡᠮᠵᠢᠯᠭᠡ ᠰᠢᠢᠳᠪᠦᠷᠢᠯᠡᠬᠦ ᠡᠭᠦᠷᠭᠡ ᠭᠦᠢᠴᠡᠳᠭᠡᠭᠰᠡᠨ ᠪᠢᠯᠡ᠃ ᠠᠩᠬᠠᠨ ᠤ ᠶᠡᠷᠦᠩᠬᠡᠶᠢᠯᠡᠭᠴᠢ ᠪᠠᠶᠢᠭᠰᠠᠨ ᠤ ᠬᠤᠪᠢ ᠳᠤ ᠬᠠᠭᠠᠨ᠂ ᠳᠠᠷᠤᠩᠭᠤᠶᠢᠯᠠᠭᠴᠢ ᠪᠣᠯᠬᠤ ᠶᠢ ᠬᠦᠰᠡᠭᠡ ᠦᠭᠡᠢ ᠪᠠ ᠡᠷᠬᠡ ᠮᠡᠳᠡᠯ ᠢ ᠲᠠᠶᠢᠪᠤᠩ ᠵᠠᠮ ᠢᠶᠠᠷ ᠰᠢᠯᠵᠢᠭᠦᠯᠵᠦ ᠪᠠᠶᠢᠬᠤ ᠲᠥᠷᠦ᠂ ᠵᠠᠰᠠᠭ ᠤᠨ ᠲᠣᠭᠲᠠᠯᠴᠠᠭ᠎ᠠ ᠶᠢ ᠠᠩᠬ᠎ᠠ ᠪᠤᠢ ᠪᠣᠯᠭᠠᠭᠰᠠᠨ ᠢ ᠨᠢ ᠥᠨᠥ ᠦᠶ᠎ᠡ ᠬᠦᠷᠲᠡᠯ᠎ᠡ ᠨᠠᠨᠳᠢᠩᠨᠠᠨ ᠬᠠᠳᠠᠭᠠᠯᠠᠭᠰᠠᠭᠠᠷ ᠪᠠᠶᠢᠭ᠎ᠠ ᠶᠤᠮ᠃ (ᠪᠦᠷᠢᠨ ᠠᠭᠤᠯᠭ᠎ᠠ ᠶᠢ ᠤᠩᠰᠢᠬᠤ)

ᠸᠸᠯᠯᠢᠶᠠᠮ ᠱᠧᠺᠰᠫᠸᠷ
ᠸᠸᠯᠯᠢᠶᠠᠮ ᠱᠧᠺᠰᠫᠸᠷ

ᠸᠸᠯᠯᠢᠶᠠᠮ ᠱᠧᠺᠰᠫᠸᠷ (ᠠᠩᠭᠯᠢ ᠪᠠᠷ William Shakespeareᠬᠢᠲᠠᠳ ᠢᠶᠠᠷ 威廉·莎士比亚 1564- 1616) ᠨᠢ ᠠᠩᠭᠯᠢ ᠶᠢᠨ ᠠᠯᠳᠠᠷᠲᠤ ᠵᠣᠬᠢᠶᠠᠯᠴᠢᠢᠷᠠᠭᠤ ᠨᠠᠶᠢᠷᠠᠭᠴᠢ ᠶᠤᠮ᠃ ᠤᠳᠬ᠎ᠠ ᠤᠷᠠᠯᠢᠭ  ᠤᠨ ᠰᠡᠷᠭᠦᠯ  ᠤᠨ ᠦᠶ᠎ᠡ  ᠶᠢᠨ ᠡᠸᠦ᠋ᠷᠦᠫᠡ  ᠶᠢᠨ ᠤᠳᠬ᠎ᠠ ᠵᠤᠬᠢᠶᠠᠯ  ᠤᠨ ᠰᠢᠯᠭᠠᠷᠠᠭᠰᠠᠨ ᠲᠦᠯᠦᠭᠡᠯᠡᠭᠴᠢ ᠪᠦ᠋ᠭᠡᠳ ᠳᠡᠯᠡᠬᠡᠢ  ᠶᠢᠨ ᠬᠠᠮᠤᠭ  ᠤᠨ ᠠᠭᠤᠤ ᠶᠡᠬᠡ ᠵᠤᠬᠢᠶᠠᠯᠴᠢ  ᠶᠢᠨ  ᠨᠢᠭᠡ ᠪᠤᠯᠤᠨ᠎ᠠ ᠃ ᠲᠡᠭᠦᠨ  ᠤ ᠭᠤᠨᠢᠭᠲᠤ ᠵᠥ᠋ᠴᠥᠭᠡ ᠂ ᠪᠠᠶᠠᠷᠲᠤ ᠵᠥ᠋ᠴᠥᠭᠡ ᠂ ᠲᠡᠦᠬᠡᠨ ᠵᠥ᠋ᠴᠥᠭᠡ ᠂ ᠰᠢᠳᠢᠳᠣ ᠵᠦ᠋ᠴᠦᠭᠡ ᠪᠤᠯᠤᠨ ᠰᠢᠯᠦᠭ ᠳᠠᠭᠤᠯᠠᠯ  ᠳᠤ ᠣᠳᠬ᠎ᠠ ᠣᠷᠠᠯᠢᠭ  ᠤᠨ ᠰᠡᠷᠭᠦᠯ  ᠤᠨ ᠦᠶ᠎ᠡ  ᠶᠢᠨ ᠠᠩᠭᠯᠢ  ᠶᠢᠨ ᠤᠯᠤᠰ ᠲᠦ᠋ᠢᠷᠦ ᠂ ᠠᠵᠤ ᠠᠬᠤᠢ ᠂ ᠦᠵᠡᠯ ᠰᠠᠨᠠᠭ᠎ᠠ ᠂ ᠰᠣᠶᠣᠯ ᠬᠢᠭᠡᠳ ᠵᠠᠩ ᠵᠠᠩᠰᠢᠯ  ᠢ ᠦᠷᠭᠡᠨ ᠬᠡᠪᠴᠢᠶ᠎ᠡ  ᠪᠡᠷ ᠳᠣᠰᠬᠠᠨ ᠬᠠᠷᠠᠭᠤᠯᠵᠤ ᠂ ᠡᠨᠡ ᠴᠠᠭ ᠦᠶ᠎ᠡ  ᠶᠢᠨ ᠵᠦ᠋ᠢᠴᠦᠭᠡ  ᠶᠢᠨ ᠵᠤᠬᠢᠶᠠᠯᠴᠢ ᠪᠸᠨ᠂ ᠵᠤᠨᠰᠤᠨ ᠦ ︵Ben Johnson ︶   ᠬᠡᠯᠡᠭᠰᠡᠨ ᠮᠡᠳᠣ  ᠪᠡᠷ ᠱᠸᠰᠺᠫᠸᠷ ᠪᠤᠯ 《 ᠴᠠᠭ ᠡᠷᠡᠨ  ᠤ ᠰᠦᠭ ᠰᠦᠨᠡᠰᠦ ᠮᠦᠨ 》 ᠂ 《 ᠵᠦᠪᠬᠡᠨ ᠨᠢᠭᠡ ᠯᠡ ᠴᠠᠭ ᠡᠷᠡᠨ  ᠳᠤ ᠬᠠᠷᠢᠶᠠᠯᠠᠭᠳᠠᠬᠤ ᠪᠢᠰᠢ ᠂ ᠬᠠᠷᠢᠨ ᠮᠥᠴᠡᠯᠭᠡ ᠪᠦᠬᠦᠨ  ᠳᠤ ᠬᠠᠷᠢᠶᠠᠯᠠᠭᠳᠠᠨ᠎ᠠ 》 ᠃ ᠲᠡᠭᠦᠨ  ᠤ ᠰᠢ ᠵᠦᠴᠦᠭᠡ ᠨᠢ ᠡᠧᠦᠢᠷᠦᠫᠠ  ᠶᠢᠨ ᠰᠢ ᠵᠦᠴᠦᠭᠡ  ᠶᠢᠨ ᠬᠦᠭᠵᠢᠯᠳᠡ  ᠶᠢᠨ ᠲᠡᠤᠭᠡ ᠪᠠ ᠤᠳᠬ᠎ᠠ ᠵᠤᠬᠢᠶᠠᠯ  ᠤᠨ ᠬᠦᠭᠵᠢᠯᠳᠡ  ᠢᠢᠨ ᠲᠡᠤᠭᠡᠨ  ᠳᠤ ᠮᠠᠰᠢ ᠴᠢᠬᠤᠯᠠ ᠪᠠᠶᠢᠷᠢ  ᠶᠢ ᠡᠵᠡᠯᠡᠳᠡᠭ ᠪᠢᠯᠡ ᠃ (ᠪᠦᠷᠢᠨ ᠠᠭᠤᠯᠭ᠎ᠠ ᠶᠢ ᠤᠩᠰᠢᠬᠤ)

ᠪᠠᠲᠤ ᠬᠠᠨ
ᠪᠠᠲᠤ ᠬᠠᠨ

ᠪᠠᠲᠤ ᠬᠠᠨ (1205–1255) ᠨᠢ ᠮᠣᠩᠭᠣᠯ ᠤᠨ ᠨᠥᠯᠥᠭᠡ ᠪᠦᠬᠦᠢ ᠤᠳᠤᠷᠢᠳᠤᠭᠴᠢ᠂ ᠠᠯᠲᠠᠨ ᠣᠷᠳᠣ ᠬᠠᠨᠯᠢᠭ ᠤᠯᠤᠰ ᠍ ᠢ ᠦᠨᠳᠦᠰᠦᠯᠡᠨ ᠪᠠᠶᠢᠭᠤᠯᠤᠭᠴᠢ ᠂ ᠧᠦ᠋ᠷᠣᠫᠠ ᠤᠷᠤᠭᠤ ᠬᠢᠭᠰᠡᠨ ᠮᠣᠩᠭᠣᠯ ᠤᠨ ᠡᠵᠡᠨᠲᠦ ᠭᠦᠷᠦᠨ ᠦ ᠪᠠᠶᠢᠯᠳᠤᠨ ᠳᠠᠭᠠᠭᠤᠯᠤᠯᠲᠠ ᠶᠢ ᠤᠳᠤᠷᠢᠳᠤᠭᠰᠠᠨ ᠢᠶᠠᠷ ᠢᠶᠠᠨ ᠮᠣᠩᠭᠣᠯ ᠤᠨ ᠪᠤᠰᠤᠳ ᠬᠠᠭᠠᠳ ᠠᠴᠠ ᠥᠷᠦᠨᠡᠳᠠᠬᠢᠨ ᠳᠤ ᠢᠯᠡᠭᠦᠦ ᠠᠯᠳᠠᠷᠰᠢᠭᠰᠠᠨ᠃ ᠪᠠᠲᠤ ᠴᠢᠩᠭᠢᠰ ᠬᠠᠭᠠᠨ ᠤ ᠣᠮᠪᠤᠯᠤ ᠂ ᠵᠦᠴᠢ ᠍ ᠶᠢᠨ ᠬᠦᠦ ᠪᠠᠶᠢᠯ᠎ᠠ᠃ ᠲᠡᠭᠦᠨ ᠦ ᠠᠯᠲᠠᠨ ᠣᠷᠳᠣ (ᠪᠤᠶᠤ ᠺᠢᠫᠴᠠᠺ ᠤᠨ ᠬᠠᠨᠯᠢᠭ) ᠨᠢ᠂ ᠣᠷᠣᠰ ᠪᠣᠯᠤᠨ ᠺᠠᠸᠬᠠᠰ ︵高加索︶ ᠍ ᠢ 250 ᠣᠷᠴᠢᠮ ᠵᠢᠯ ᠵᠠᠬᠢᠷᠴᠤ ᠪᠠᠶᠢᠭᠰᠠᠨ᠃ ᠲᠡᠭᠦᠨ ᠦ ᠴᠡᠷᠢᠭ ᠫᠣᠯᠢᠰᠢᠬᠠᠩᠭᠠᠷᠢ ᠍ ᠤᠨ ᠴᠡᠷᠢᠭ ᠢ ᠪᠤᠲᠠ ᠴᠤᠬᠢᠵᠤ ᠪᠠᠶᠢᠵᠠᠢ᠃ᠺᠢᠫᠴᠠᠺ ᠤᠨ ᠬᠠᠨᠯᠢᠭ ᠢ ᠣᠷᠣᠰ᠂ ᠧᠦ᠋ᠷᠣᠫᠠ ᠳᠤ ᠠᠯᠲᠠᠨ ᠣᠷᠳᠣ ᠨᠡᠷ᠎ᠡ ᠪᠡᠷ ᠮᠡᠳᠡᠳᠡᠭ ᠪᠠᠶᠢᠭᠰᠠᠨ ᠪᠥᠭᠡᠳ ᠵᠠᠷᠢᠮ ᠲᠡᠦᠬᠡᠴᠢᠳ ᠡᠨᠡ ᠨᠡᠷᠡᠨ ᠦ ᠭᠠᠷᠤᠯ ᠢ ᠬᠠᠨ ᠤ ᠭᠡᠷ ᠠᠯᠲᠠᠯᠢᠭ ᠥᠩᠭᠡ ᠲᠡᠢ ᠪᠠᠶᠢᠭᠰᠠᠨ ᠲᠠᠢ ᠬᠣᠯᠪᠣᠭᠠᠲᠠᠢ ᠭᠡᠵᠦ ᠦᠵᠡᠳᠡᠭ ᠠᠵᠡᠢ᠃ "ᠠᠯᠲᠠᠨ" ᠭᠡᠳᠡᠭ ᠦᠭᠡ ᠨᠢ "ᠬᠠᠨ ᠤ" ᠭᠡᠰᠡᠨ ᠲᠡᠢ ᠠᠳᠠᠯᠢ ᠤᠳᠬ᠎ᠠ ᠲᠠᠢ ᠭᠡᠵᠦ ᠪᠠᠰᠠ ᠦᠵᠡᠳᠡᠭ ᠠᠵᠢ᠃ ᠮᠣᠩᠭᠣᠯ ᠤᠨ ᠪᠦᠬᠦ ᠬᠠᠨᠯᠢᠭ ᠤᠳ ᠳᠤᠮᠳᠠ ᠠᠴᠠ ᠠᠯᠲᠠᠨ ᠣᠷᠳᠣ ᠬᠠᠮᠤᠭ ᠤᠨ ᠤᠳᠠᠭᠠᠨ ᠣᠷᠣᠰᠢᠨ ᠲᠣᠭᠲᠠᠨᠢᠭᠰᠠᠨ᠃ (ᠪᠦᠷᠢᠨ ᠠᠭᠤᠯᠭ᠎ᠠ ᠶᠢ ᠤᠩᠰᠢᠬᠤ)

ᠯᠢᠣᠨᠧᠯ ᠮᠧᠰᠰᠢ
ᠯᠢᠣᠨᠧᠯ ᠮᠧᠰᠰᠢ

ᠯᠢᠣᠨᠧᠯ ᠮᠧᠰᠰᠢ (ᠢᠰᠫᠠᠨᠢ ᠪᠠᠷ Lionel Messi) ᠨᠢ ᠠᠷᠭᠸᠨ᠋ᠲ᠋ᠢᠨ ᠤ ᠬᠥᠯ ᠪᠥᠮᠪᠦᠭᠡᠴᠢᠨ ᠶᠤᠮ᠃ 2009᠂ 2010᠂ 2011᠂ 2012 ᠂ 2015 ᠣᠨ ᠤ ᠳᠡᠯᠡᠬᠡᠢ ᠶᠢᠨ ᠬᠥᠯ ᠪᠥᠮᠪᠥᠭᠡ ᠶᠢᠨ ᠬᠣᠯᠪᠤᠭᠠᠨ ᠤ ᠣᠨ ᠤ ᠰᠢᠯᠢᠳᠡᠭ ᠬᠥᠯ ᠪᠥᠮᠪᠦᠭᠡᠴᠢᠨ ︵国际足联年度最佳球员︶ ︵FIFA World Player of the Year︶ ᠶᠢᠡᠷ ᠰᠤᠩᠭᠤᠭᠳᠠᠵᠤ᠂ ᠬᠦᠯ ᠪᠦᠮᠪᠦᠭᠡ ᠶᠢᠨ ᠲᠡᠥᠬᠡᠨ ᠳᠡᠬᠢ 5 ᠤᠳᠠᠭ᠎ᠠ ᠠᠯᠳᠠᠨ ᠪᠦᠮᠪᠦᠭᠡ ᠶᠢ ︵金球奖︶ ᠲᠤᠰᠤᠭᠰᠠᠨ ᠠᠩᠬᠠᠨ ᠤ ᠬᠦᠮᠦᠨ ᠪᠤᠯᠵᠠᠢ᠃ ᠃ ᠲᠡᠷᠡᠪᠡᠷ ᠡᠳᠦᠭᠡ ᠢᠰᠫᠠᠨᠢ ᠍ ᠶᠢᠨ ᠪᠠᠷᠰᠧᠯᠤᠨᠠ (巴塞罗那) ᠪᠠᠭ ᠪᠣᠯᠤᠨ ᠠᠷᠭᠸᠨ᠋ᠲ᠋ᠢᠨ ᠤ ᠰᠢᠭᠰᠢᠭᠡ ᠪᠠᠭ ᠲᠤ ᠳᠣᠪᠲᠣᠯᠤᠭᠴᠢ ᠶᠢᠨ ᠪᠠᠶᠢᠷᠢᠯᠠᠯ ᠳᠤ ᠲᠣᠭᠯᠠᠳᠠᠭ᠃ ᠮᠧᠰᠰᠢ 21 ᠨᠠᠰᠤᠨ ᠳᠤ ᠪᠠᠨ︵ 2009 ᠣᠨ ᠳᠤ︶ ᠠᠩᠬ᠎ᠠ ᠠᠯᠳᠠᠨ ᠪᠦᠮᠪᠦᠭᠡ ᠶᠢᠨ ᠱᠠᠩᠨᠠᠯ ᠢ ᠬᠦᠷᠲᠡᠵᠠᠢ᠃ ᠲᠡᠭᠦᠨ ᠦ ᠬᠥᠯ ᠪᠥᠮᠪᠥᠭᠡ ᠲᠣᠭᠯᠠᠵᠤ ᠪᠠᠶᠢᠭ᠎ᠠ ᠨᠢ ᠮᠠᠷᠠᠳᠣᠨᠠ(马拉多纳) ᠲᠠᠢ ᠲᠥᠰᠲᠡᠢ ᠤᠴᠢᠷ ᠠᠴᠠ ᠵᠠᠷᠢᠮ ᠳᠤ ᠪᠠᠨ ᠲᠡᠭᠦᠨ ᠢ ᠮᠠᠷᠠᠳᠣᠨᠠ ᠶᠢᠨ ᠵᠠᠯᠭᠠᠮᠵᠢᠯᠠᠭᠴᠢ ᠭᠡᠭᠳᠡᠳᠡᠭ᠃ (ᠪᠦᠷᠢᠨ ᠠᠭᠤᠯᠭ᠎ᠠ ᠶᠢ ᠤᠩᠰᠢᠬᠤ)

ᠰᠠᠨᠺᠲ ᠫᠧᠲ᠋ᠧᠷᠪᠦ᠋ᠷᠡᠭ
ᠰᠠᠨᠺᠲ ᠫᠧᠲ᠋ᠧᠷᠪᠦ᠋ᠷᠡᠭ

ᠰᠠᠨᠺᠲ ᠫᠧᠲ᠋ᠧᠷᠪᠦ᠋ᠷᠡᠭ (ᠣᠷᠤᠰ  ᠢᠢᠡᠷ Санкт-Петербург᠂ ᠠᠩᠭᠯᠢ ᠪᠡᠷ Saint Petersburg ᠂ ᠬᠢᠲᠠᠳ ᠢᠢᠡᠷ 圣彼得堡 ) ᠨᠢ ᠣᠷᠣᠰ ᠤᠨ ᠬᠣᠯᠪᠣᠭᠠᠨ ᠤ ᠤᠯᠤᠰ ᠍ ᠤᠨ ᠬᠣᠲᠠ ᠶᠤᠮ᠃ ᠯᠧᠨᠢᠩᠷᠠᠳ᠋ ᠮᠤᠵᠢ ᠢᠢᠨ ᠲᠥᠪ ᠪᠥᠭᠡᠳ ᠣᠷᠣᠰ ᠤᠨ ᠬᠣᠯᠪᠣᠭᠠᠨ ᠤ ᠤᠯᠤᠰ ᠤᠨ ᠬᠤᠲᠠ ᠶᠤᠮ᠃ ᠬᠠᠭᠠᠨᠲᠤ ᠣᠷᠣᠰ ᠤᠯᠤᠰ ᠍ ᠤᠨ ᠨᠡᠶᠢᠰᠯᠡᠯ ᠪᠠᠶᠢᠭᠰᠠᠨ᠃ ᠬᠣᠲᠠ ᠶᠢᠨ ᠨᠡᠷ᠎ᠡ ᠨᠢ "ᠭᠡᠭᠡᠨ ᠫᠧᠲ᠋ᠷ ᠤᠨ ᠬᠣᠲᠠ" ᠬᠡᠮᠡᠬᠦ ᠤᠳᠬ᠎ᠠ ᠲᠠᠢ᠃ ᠲᠤᠰ ᠬᠣᠲᠠ ᠶᠢ ᠪᠠᠶᠢᠭᠤᠯᠤᠭᠰᠠᠨ ᠫᠧᠲ᠋ᠷ ᠨᠢᠭᠡᠳᠦᠭᠡᠷ ᠬᠠᠭᠠᠨ ᠤ ᠨᠡᠷ᠎ᠡ ᠪᠡᠷ ᠨᠡᠷᠡᠯᠡᠭᠳᠡᠵᠡᠢ᠃ ᠳᠡᠯᠡᠬᠡᠢ ᠶᠢᠨ ᠨᠢᠭᠡᠳᠦᠭᠡᠷ ᠳᠠᠶᠢᠨ ᠡᠴᠠ ᠬᠣᠶᠢᠰᠢ (1914–1924) ᠫᠧᠲ᠋ᠷᠤᠭ᠍ᠷᠠᠳ᠋ ᠭᠡᠵᠦ ᠨᠡᠷᠡᠯᠡᠭᠳᠡᠵᠦ ᠪᠠᠶᠢᠭᠠᠳ᠂ ᠸᠯᠠᠳᠢᠮᠢᠷ ᠯᠧᠨᠢᠨ ᠢ ᠨᠠᠰᠤ ᠪᠠᠷᠠᠬᠤ ᠳᠤ ᠲᠡᠭᠦᠨ ᠦ ᠳᠤᠷᠠᠰᠬᠠᠯ ᠳᠤ ᠵᠣᠷᠢᠭᠤᠯᠵᠤ ᠯᠧᠨᠢᠩᠷᠠᠳ᠋ (列宁格勒 1924–1991) ᠭᠡᠵᠦ ᠨᠡᠷᠡᠯᠡᠵᠦ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠲᠣᠭᠠᠨ ᠤ ᠣᠬᠠᠭᠠᠨ
ᠲᠣᠭᠠᠨ ᠤ ᠣᠬᠠᠭᠠᠨ

ᠲᠣᠭᠠᠨ ᠤ ᠣᠬᠠᠭᠠᠨ (ᠭᠷᠧᠺ: μάθημα᠂ ᠠᠩᠭᠯᠢ: mathematics) ᠪᠤᠶᠤ ᠲᠣᠭᠠᠨ ᠤᠬᠠᠭᠠᠨ ᠨᠢ ᠲᠣᠭ᠎ᠠ ᠬᠡᠮᠵᠢᠶ᠎ᠡᠪᠦᠲᠦᠴᠡᠣᠭᠲᠠᠷᠭᠤᠢᠥᠭᠡᠷᠡᠴᠢᠯᠡᠯᠲᠡ ᠵᠡᠷᠭᠡ ᠣᠶᠢᠯᠠᠭᠠᠯᠲᠠ ᠨᠤᠭᠤᠳ ᠳᠡᠭᠡᠷ᠎ᠡ ᠲᠥᠪᠯᠡᠷᠡᠭᠰᠡᠨ ᠮᠡᠳᠡᠯᠭᠡ ᠶᠢᠨ ᠴᠣᠭᠴᠠ᠂ ᠮᠥᠨ ᠲᠡᠳᠡᠭᠡᠷ ᠦᠨ ᠲᠤᠬᠠᠢ ᠰᠤᠳᠤᠯᠳᠠᠭ ᠰᠢᠨᠵᠢᠯᠡᠬᠦ ᠤᠬᠠᠭᠠᠨ ᠶᠤᠮ᠃ ᠲᠣᠭᠠᠨ ᠤ ᠣᠬᠠᠭᠠᠨ ᠨᠢ ᠲᠣᠭᠠᠯᠠᠬᠤᠲᠣᠭᠠᠴᠠᠭᠠᠯᠠᠬᠤ ᠪᠠ ᠬᠡᠮᠵᠢᠬᠦ ᠦᠢᠯᠡᠳᠦᠯ ᠦᠳ᠂ ᠮᠥᠨ ᠹᠢᠽᠢᠺ ᠣᠪᠶᠧᠺᠲ ᠤᠳ ᠤᠨ ᠬᠡᠯᠪᠡᠷᠢ ᠳᠦᠷᠰᠦ ᠪᠠ ᠬᠥᠳᠡᠯᠭᠡᠭᠡᠨ ᠦ ᠰᠢᠰᠲ᠋ᠧᠮ ᠲᠡᠢ ᠰᠤᠳᠤᠯᠭᠠᠨ ᠳᠡᠭᠡᠷ᠎ᠡ ᠬᠡᠶᠢᠰᠪᠦᠷᠢᠯᠡᠯᠯᠣᠭᠢᠭ ᠰᠡᠳᠬᠢᠯᠭᠡ ᠶᠢ ᠬᠡᠷᠡᠭᠯᠡᠭᠰᠡᠨ ᠦ ᠦᠷ᠎ᠡ ᠳ᠋ᠦᠩ ᠳᠦ ᠡᠭᠦᠰᠦᠭᠰᠡᠨ᠃ ᠮᠠᠲ᠋ᠧᠮᠠᠲ᠋ᠢᠭᠴᠢᠳ ᠡᠳᠡᠭᠡᠷ ᠣᠶᠢᠯᠠᠭᠠᠯᠲᠠ ᠨᠤᠭᠤᠳ ᠤᠨ ᠲᠠᠯ᠎ᠠ ᠪᠠᠷ ᠰᠢᠨ᠎ᠡ ᠲᠠᠭᠠᠮᠠᠭᠯᠠᠯ ᠳᠡᠪᠰᠢᠭᠦᠯᠵᠦ᠂ ᠲᠡᠳᠡᠭᠡᠷ ᠦᠨ ᠦᠨᠡᠨ ᠪᠣᠯᠬᠤ ᠶᠢ ᠵᠣᠬᠢᠬᠤ ᠠᠺᠰᠢᠣᠮ ᠤᠳ ᠪᠠ ᠲᠣᠳᠣᠷᠬᠠᠶᠢᠯᠠᠯᠲᠠ ᠨᠤᠭᠤᠳ ᠠᠴᠠ ᠯᠣᠭᠢᠭ ᠳᠦᠷᠢᠮ ᠦᠳ ᠢ ᠴᠢᠨᠭᠭ᠎ᠠ ᠪᠠᠷᠢᠮᠲᠠᠯᠠᠨ ᠪᠠᠲᠤᠯᠠᠬᠤ ᠵᠣᠷᠢᠯᠭ᠎ᠠ ᠲᠠᠢ ᠰᠤᠳᠤᠯᠭ᠎ᠠ ᠬᠢᠳᠡᠭ᠃ (ᠪᠦᠷᠢᠨ ᠠᠭᠤᠯᠭ᠎ᠠ ᠶᠢ ᠤᠩᠰᠢᠬᠤ)

ᠴᠠᠮ
ᠴᠠᠮ

ᠴᠠᠮ ᠨᠢ ᠰᠢᠷ᠎ᠠ ᠶᠢᠨ ᠱᠠᠰᠢᠨ ᠤ ᠪᠠᠭᠲᠤ ᠪᠦᠵᠢᠭ ᠶᠤᠮ᠃ᠡᠨᠡᠳᠬᠡᠭ ᠦᠨ ᠪᠤᠷᠬᠠᠨ  ᠱᠠᠰᠢᠨ ᠤ ᠨᠢᠭᠤᠴᠠ ᠲᠠᠷᠨᠢ᠂ ᠳᠣᠲᠣᠭᠠᠳᠤ ᠪᠢᠰᠢᠯᠭᠠᠯ ᠤᠨ ᠪᠦᠵᠢᠭ ᠡᠴᠡ ᠤᠯᠠᠮᠵᠢᠯᠠᠯ ᠲᠠᠢ ᠪᠥᠭᠡᠳ 8 ᠍ ᠳᠦᠭᠡᠷ ᠵᠠᠭᠤᠨ ᠤ ᠰᠡᠭᠦᠯ ᠦᠨ ᠦᠶ᠎ᠡ ᠡᠴᠡ ᠲᠥᠪᠡᠳ ᠲᠦ᠂ 18 ᠍ ᠳᠦᠭᠡᠷ ᠵᠠᠭᠤᠨ ᠤ ᠳᠤᠮᠳᠠ ᠦᠶᠡᠰ ᠮᠣᠩᠭᠣᠯ ᠭᠠᠵᠠᠷ ᠲᠤ ᠶᠡᠬᠡᠳᠡ ᠳᠡᠯᠭᠡᠷᠡᠵᠡᠢ᠃ ᠮᠣᠩᠭᠣᠯ ᠪᠥᠭᠡ ᠶᠢᠨ ᠪᠦᠵᠢᠭ ᠨᠢ ᠨᠡᠩ ᠡᠷᠲᠡᠨ ᠦ ᠢᠵᠠᠭᠤᠷ ᠴᠢᠨᠠᠷ ᠢ ᠠᠭᠤᠯᠠᠭᠰᠠᠨ ᠪᠠᠶᠢᠳᠠᠭ ᠪᠣᠯ ᠴᠠᠮ ᠨᠢ ᠪᠤᠳ᠋ᠳ᠋ᠾᠠ ᠶᠢᠨ ᠱᠠᠰᠢᠨ ᠢ ᠳᠡᠯᠭᠡᠷᠡᠭᠦᠯᠬᠦ᠂ ᠭᠠᠵᠠᠷ ᠯᠤᠤᠰ ᠤᠨ ᠡᠵᠡᠳ ᠦᠨ ᠠᠭᠤᠷ ᠬᠢᠯᠢᠩ ᠢ ᠨᠠᠮᠵᠢᠭᠠᠬᠤ᠂ ᠬᠦᠮᠦᠨ ᠠᠷᠠᠳ ᠲᠤ ᠤᠴᠠᠷᠠᠭᠰᠠᠨ ᠭᠠᠢ ᠵᠣᠪᠠᠯᠠᠩ᠂ ᠠᠳᠠ ᠴᠢᠳᠬᠥᠷ ᠢ ᠠᠷᠢᠯᠭᠠᠬᠤ ᠰᠢᠯᠲᠠᠭᠠᠨ ᠤ ᠤᠯᠠᠮ ᠠᠴᠠ ᠦᠢᠯᠡᠳᠳᠡᠭ ᠱᠠᠰᠢᠨ ᠤ ᠲᠣᠮᠣᠬᠠᠨ ᠪᠠᠶᠠᠷ ᠪᠦᠬᠦᠢ ᠵᠠᠩ ᠦᠢᠯᠡ ᠶᠤᠮ᠃ ᠴᠠᠮ ᠨᠢ ᠲᠥᠪᠡᠳ ᠬᠡᠯᠡ ᠪᠡᠷ ᠪᠣᠯ ᠨᠠᠮ ᠳᠠᠷᠤᠬᠤ ᠭᠡᠰᠡᠨ ᠤᠳᠬ᠎ᠠ ᠲᠠᠢ ᠦᠭᠡ ᠪᠥᠭᠡᠳ ᠱᠠᠰᠢᠨ ᠤ ᠳᠠᠶᠢᠰᠤᠨ ᠢ ᠳᠠᠷᠤᠬᠤ ᠤᠳᠬ᠎ᠠ ᠶᠢ ᠠᠭᠤᠯᠵᠤ ᠪᠤᠳ᠋ᠳ᠋ᠾᠠ ᠶᠢᠨ ᠱᠠᠰᠢᠨ ᠤ ᠦᠯᠢᠭᠡᠷ ᠳᠣᠮᠣᠭ ᠤᠨ ᠳᠦᠷᠢ ᠦᠳ ᠢ ᠪᠡᠶᠡᠲᠦ ᠪᠡᠷ ᠦᠵᠡᠭᠦᠯᠦᠨ ᠪᠤᠷᠬᠠᠨ ᠴᠢᠳᠬᠥᠷ᠂ ᠪᠤᠶᠠᠨ ᠨᠢᠭᠦᠯ ᠦᠨ ᠤᠳᠬ᠎ᠠ ᠤᠴᠢᠷ ᠢ ᠰᠦᠰᠦᠭᠲᠡᠨ ᠣᠯᠠᠨ ᠳᠤ ᠤᠬᠠᠭᠤᠯᠬᠤ ᠵᠣᠷᠢᠯᠭ᠎ᠠ ᠲᠠᠢ ᠪᠠᠶᠢᠵᠠᠢ᠃ (ᠪᠦᠷᠢᠨ ᠠᠭᠤᠯᠭ᠎ᠠ ᠶᠢ ᠤᠩᠰᠢᠬᠤ)

ᠰᠢᠶᠠᠩᠭᠠᠩ
ᠰᠢᠶᠠᠩᠭᠠᠩ

ᠰᠢᠶᠠᠩᠭᠠᠩ (ᠬᠢᠲᠠᠳ ᠢᠶᠠᠷ 香港ᠠᠩᠭᠯᠢ ᠪᠠᠷ Hong Kong) ᠠᠽᠢᠶ᠎ᠠ ᠳ᠋ᠠᠬᠢ ᠳᠡᠯᠡᠬᠡᠢ ᠶᠢᠨ ᠮᠦᠩᠭᠦᠨ ᠭᠦᠢᠯᠭᠡᠭᠡᠨ  ᠤ ᠲᠣᠮᠣᠬᠠᠨ ᠲᠥᠪ ᠬᠣᠲᠠ ᠪᠦᠭᠡᠳ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠤᠨᠴᠠᠭᠠᠢ ᠵᠠᠬᠢᠷᠭᠠᠨ ᠤ ᠬᠣᠶᠠᠷ ᠤᠷᠤᠨ  ᠤ  (香港特別行政區) ᠬᠢᠨᠢ ᠨᠢᠭᠡ ᠨᠢ ᠪᠤᠯᠤᠨ᠎ ᠠ᠃ ᠨᠥᠭᠥᠭᠡ ᠨᠢ ᠤᠤᠮᠸᠨ(澳门) ᠪᠤᠯᠤᠨ᠎ ᠠ᠃ ᠰᠢᠶᠠᠩᠭᠠᠩ ᠨᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠮᠦᠨᠡᠲᠦ ᠬᠡᠰᠡᠭ ᠲᠦ ᠤᠷᠤᠰᠢᠬᠤ ᠪᠥᠭᠡᠳ ᠬᠣᠶᠢᠳᠤ ᠲᠠᠯ᠎ᠠ ᠪᠠᠷ ᠢᠶᠠᠨ ᠭᠤᠸᠠᠩᠳᠦ᠋ᠩ ᠮᠤᠵᠢ ᠲᠠᠢ ᠬᠢᠯᠢᠯᠡᠳᠡᠭ᠃ ᠵᠡᠭᠦᠨ᠂ ᠪᠠᠷᠠᠭᠤᠨ᠂ ᠡᠮᠦᠨᠡᠲᠦ ᠲᠠᠯ᠎ᠠ ᠳᠤ ᠨᠢ ᠡᠮᠦᠨᠡᠲᠦ ᠲᠡᠩᠭᠢᠰ (南海) ᠣᠷᠣᠰᠢᠨ᠎ᠠ᠃ (ᠪᠦᠷᠢᠨ ᠠᠭᠤᠯᠭ᠎ᠠ ᠶᠢ ᠤᠩᠰᠢᠬᠤ)

ᠬᠥᠳᠡᠭᠡ ᠠᠵᠤ ᠠᠬᠤᠢ
ᠬᠥᠳᠡᠭᠡ ᠠᠵᠤ ᠠᠬᠤᠢ

ᠬᠥᠳᠡᠭᠡ ᠠᠵᠤ ᠠᠬᠤᠢ ᠨᠢ ᠭᠠᠷᠰᠢᠭᠤᠯᠤᠭᠰᠠᠨ ᠠᠮᠢᠲᠠᠨ ᠪᠣᠯᠤᠨ ᠤᠷᠭᠤᠮᠠᠯ ᠢ ᠲᠣᠳᠣᠷᠬᠠᠢ ᠵᠣᠬᠢᠶᠠᠨ ᠪᠠᠶᠢᠭᠤᠯᠤᠯᠲᠠ ᠲᠠᠢ ᠪᠠᠷ ᠥᠰᠬᠡᠨ ᠦᠷᠡᠵᠢᠭᠦᠯᠬᠦ ᠵᠠᠮ ᠢᠶᠠᠷ ᠬᠦᠨᠡᠰᠦᠲᠡᠵᠢᠭᠡᠯᠴᠠᠷᠳᠠᠭᠤᠯ ᠪᠣᠯᠤᠨ ᠪᠤᠰᠤᠳ ᠪᠦᠲᠦᠭᠡᠭᠳᠡᠬᠦᠨ ᠨᠦᠭᠦᠳ ᠢ ᠦᠢᠯᠡᠳᠪᠦᠷᠢᠯᠡᠬᠦ ᠦᠢᠯᠡ ᠶᠠᠪᠤᠴᠠ ᠶᠤᠮ᠃ ᠣᠷᠴᠢᠨ ᠴᠠᠭ ᠤᠨ ᠬᠡᠯᠡᠨ ᠳᠦ ᠬᠥᠳᠡᠭᠡ ᠠᠵᠤ ᠠᠬᠤᠢ (ХАА) ᠭᠡᠳᠡᠭ ᠨᠡᠷ᠎ᠡ ᠲᠣᠮᠢᠶᠠᠨ ᠳᠤ ᠮᠠᠯ ᠠᠮᠢᠲᠠᠨ ᠥᠰᠬᠡᠨ ᠦᠷᠡᠵᠢᠭᠦᠯᠬᠦ ᠡᠴᠡ ᠡᠬᠢᠯᠡᠭᠡᠳ ᠲᠡᠳᠡᠭᠡᠷ ᠡᠴᠡ ᠠᠪᠴᠤ ᠪᠣᠯᠬᠤ ᠲᠦᠭᠦᠬᠡᠢ ᠡᠳ᠋ ᠍ ᠢ ᠪᠣᠯᠪᠠᠰᠤᠷᠠᠭᠤᠯᠬᠤ᠂ ᠮᠥᠨ ᠬᠦᠨᠡᠰᠦ᠂ ᠲᠡᠵᠢᠭᠡᠯ᠂ ᠴᠠᠷᠳᠠᠭᠤᠯ ᠦᠢᠯᠡᠳᠪᠦᠷᠢᠯᠡᠬᠦ ᠪᠦᠬᠦᠢ ᠯᠠ ᠦᠢᠯᠡ ᠠᠵᠢᠯᠯᠠᠭ᠎ᠠ ᠶᠢ ᠬᠠᠮᠤᠷᠤᠭᠤᠯᠤᠨ ᠣᠶᠢᠯᠠᠭᠠᠳᠠᠭ᠃ ᠬᠥᠳᠡᠭᠡ ᠠᠵᠤ ᠠᠬᠤᠢ ᠭᠡᠳᠡᠭ ᠨᠢ ᠮᠥᠨ ХАА ᠍ ᠦᠨ ᠫᠷᠠᠺᠲ᠋ᠢᠭ (practical ᠪᠤᠳᠠᠳᠤ) ᠦᠢᠯᠡ ᠠᠵᠢᠯᠯᠠᠭᠠᠨ ᠤ ᠰᠤᠳᠤᠯᠭ᠎ᠠ ᠪᠥᠭᠡᠳ ᠡᠭᠦᠨ ᠢ ᠬᠥᠳᠡᠭᠡ ᠠᠵᠤ ᠠᠬᠤᠢ ᠶᠢᠨ ᠰᠢᠨᠵᠢᠯᠡᠬᠦ ᠤᠬᠠᠭᠠᠨ ᠭᠡᠳᠡᠭ᠃ (ᠪᠦᠷᠢᠨ ᠠᠭᠤᠯᠭ᠎ᠠ ᠶᠢ ᠤᠩᠰᠢᠬᠤ)

ᠴᠢᠩᠭᠢᠰ ᠬᠠᠭᠠᠨ  ᠤ ᠣᠩᠭᠣᠨ
ᠴᠢᠩᠭᠢᠰ ᠬᠠᠭᠠᠨ  ᠤ ᠣᠩᠭᠣᠨ

ᠴᠢᠩᠭᠢᠰ ᠬᠠᠭᠠᠨ  ᠤ ᠣᠩᠭᠣᠨ ᠥᠪᠥᠷ ᠮᠣᠩᠭᠣᠯ ᠤᠨ ᠣᠷᠳᠣᠰ ᠬᠣᠲᠠ ᠶᠢᠨ ᠡᠵᠡᠨ ᠬᠣᠷᠤᠭ᠎ᠠ ᠬᠣᠰᠢᠭᠤᠨ ᠤ ᠭᠠᠨᠳᠢᠷ ᠣᠪᠤᠭ᠎ᠠ ᠳᠤ ᠪᠠᠶᠢᠳᠠᠭ ᠪᠥᠭᠡᠳ ᠣᠷᠳᠣᠰ ᠬᠣᠲᠠ ᠶᠢᠨ ᠲᠥᠪ ᠳ᠋ᠦᠩᠱᠧᠩ ᠬᠣᠲᠠ ᠠᠴᠠ 65 ᠺᠢᠯᠣᠮᠧᠲ᠋ᠷ ᠵᠠᠶᠢᠲᠠᠢ᠃ ᠲᠤᠰ ᠣᠩᠭᠣᠨ ᠨᠢ ᠴᠢᠩᠭᠢᠰ ᠬᠠᠭᠠᠨ ᠤ ᠵᠢᠩᠬᠢᠨᠢ ᠣᠩᠭᠣᠨ ᠪᠢᠰᠢ ᠶᠤᠮ᠃ ᠮᠣᠩᠭᠣᠯᠴᠤᠳ ᠡᠷᠲᠡ ᠳᠡᠭᠡᠷ᠎ᠡ ᠦᠶᠡᠰ ᠨᠠᠰᠤ ᠪᠠᠷᠠᠬᠤ ᠭᠡᠵᠦ ᠪᠤᠢ ᠬᠦᠮᠦᠨ ᠦ ᠪᠡᠨ ᠡᠴᠦᠰ ᠦᠨ ᠠᠮᠢᠰᠬᠤᠯ ᠢ ᠴᠠᠭᠠᠨ ᠲᠡᠮᠡᠭᠡᠨ ᠦ ᠤᠩᠭᠠᠰᠤ ᠳᠤ ᠰᠢᠩᠭᠡᠭᠡᠨ ᠬᠠᠳᠠᠭᠠᠯᠠᠳᠠᠭ ᠤᠯᠠᠮᠵᠢᠯᠠᠯ ᠲᠠᠢ ᠪᠠᠶᠢᠵᠠᠢ᠃ ᠡᠨᠡ ᠤᠯᠠᠮᠵᠢᠯᠠᠯ ᠤᠨ ᠢᠶᠠᠨ ᠳᠠᠭᠠᠤ ᠴᠢᠩᠭᠢᠰ ᠬᠠᠭᠠᠨ ᠢ ᠮᠥᠩᠬᠡ ᠬᠥᠬᠡ ᠲᠩᠷᠢ ᠳᠦ ᠪᠡᠨ ᠬᠠᠯᠢᠬᠤ ᠳᠤ ᠰᠡᠭᠦᠯᠴᠢ ᠶᠢᠨ ᠠᠮᠢᠰᠬᠤᠯ ᠢ ᠨᠢ ᠣᠩᠭᠣᠨ ᠴᠠᠭᠠᠨ ᠲᠡᠮᠡᠭᠡᠨ ᠦ ᠮᠠᠩᠨᠠᠢ ᠶᠢᠨ ᠪᠥᠭᠡᠮ ᠦᠰᠦᠨ ᠳᠦ ᠰᠢᠩᠭᠡᠭᠡᠨ ᠠᠪᠴᠤ ᠬᠠᠳᠠᠭᠠᠯᠠᠵᠠᠢ᠃ ᠡᠨᠡ ᠡᠷᠬᠢᠮ ᠨᠠᠨᠳᠢᠨ ᠡᠳ᠋ ᠍ ᠢ ᠨᠡᠭᠡᠭᠡᠵᠦ ᠬᠠᠷᠠᠬᠤ ᠶᠢ ᠪᠠᠶᠢᠲᠤᠭᠠᠢ ᠬᠡᠨ ᠳᠦ ᠴᠤ ᠦᠵᠡᠭᠦᠯᠳᠡᠭ ᠦᠭᠡᠢ ᠬᠠᠲᠠᠭᠤ ᠬᠠᠤᠯᠢ ᠲᠠᠢ᠃ ᠴᠢᠩᠭᠢᠰ ᠬᠠᠭᠠᠨ ᠤ ᠰᠦᠨᠡᠰᠦ ᠰᠦᠯᠳᠡ ᠶᠢ ᠰᠢᠩᠭᠡᠭᠡᠭᠰᠡᠨ ᠲᠤᠰ ᠨᠣᠣᠰᠣ ᠶᠢ ᠳᠠᠷᠬᠠᠳ ᠤᠨ 500 ᠡᠷᠦᠬᠡ 13 ᠳ᠋ᠤᠭᠠᠷ ᠵᠠᠭᠤᠨ ᠠᠴᠠ ᠥᠨᠥ ᠶᠢ ᠬᠦᠷᠲᠡᠯ᠎ᠡ ᠦᠶ᠎ᠡ ᠤᠯᠠᠮᠵᠢᠯᠠᠭᠤᠯᠤᠨ ᠬᠠᠳᠠᠭᠠᠯᠠᠵᠤ ᠢᠷᠡᠭᠰᠡᠨ ᠪᠥᠭᠡᠳ ᠣᠳᠣ ᠲᠡᠳᠡᠭᠡᠷ ᠡᠷᠦᠬᠡ ᠡᠴᠡ 200 ᠡᠷᠦᠬᠡ ᠯᠠ ᠦᠯᠡᠳᠡᠭᠰᠡᠨ ᠪᠠᠶᠢᠨ᠎ᠠ ᠭᠡᠳᠡᠭ᠃ (ᠪᠦᠷᠢᠨ ᠠᠭᠤᠯᠭ᠎ᠠ ᠶᠢ ᠤᠩᠰᠢᠬᠤ)

ᠢᠷᠡᠨ ᠤᠯᠤᠰ
Flag of Iran.svg

ᠢᠷᠡᠨ ᠨᠢ ᠠᠯᠪᠠᠨ ᠶᠣᠰᠣᠭᠠᠷ ᠢᠰᠯᠠᠮ ᠤᠨ ᠪᠦᠭᠦᠳᠡ ᠨᠠᠶᠢᠷᠠᠮᠳᠠᠬᠤ ᠢᠷᠡᠨ ᠤᠯᠤᠰ (ᠫᠧᠷᠰ ᠬᠡᠯᠡ ᠪᠡᠷ جمهوری اسلامی ایران᠂ ᠬᠢᠲᠠᠳ ᠬᠡᠯᠡ ᠪᠡᠷ 伊朗伊斯兰共和国 ᠂ ᠠᠩᠭᠯᠢ ᠬᠡᠯᠡ ᠪᠡᠷ Islamic Republic of Iran) ᠬᠡᠮᠡᠨ ᠨᠡᠷᠡᠯᠡᠭᠳᠡᠵᠤ᠂ ᠪᠠᠷᠠᠭᠤᠨ ᠠᠽᠢᠶ᠎ᠠ᠂ ᠥᠷᠦᠨᠡᠳᠠᠬᠢᠨ  ᠳᠤ 1935 ᠣᠨ ᠠᠴᠠ ᠡᠮᠦᠨ᠎ᠡ ᠫᠧᠷᠰ ᠭᠡᠭᠳᠡᠳᠡᠭ ᠪᠠᠶᠢᠭᠰᠠᠨ ᠤᠴᠢᠷ ᠠᠴᠠ ᠢᠷᠠᠨ ᠤ ᠰᠤᠶᠤᠯ ᠤᠨ ᠲᠠᠶᠢᠯᠪᠤᠷᠢ ᠳᠤ ᠫᠧᠷᠰ ᠭᠡᠳᠡᠭ ᠨᠡᠷ᠎ᠡ ᠨᠢ ᠣᠳᠣ ᠴᠤ ᠬᠡᠷᠡᠭᠯᠡᠭᠳᠡᠳᠡᠭ᠃ ᠢᠷᠡᠨ ᠨᠢ ᠪᠦᠬᠦᠯᠢ ᠳᠦ ᠪᠡᠨ 1,648,195 ᠺᠦᠸᠠᠳ᠋ ᠺᠢᠯᠣᠮᠧᠲ᠋ᠷ ᠨᠤᠲᠤᠭ ᠲᠠᠢ (ᠳᠡᠯᠡᠬᠡᠢ ᠶᠢᠨ 18 ᠳ᠋ᠠᠬᠢ ᠲᠣᠮᠣ)᠂ 78 ᠰᠠᠶ᠎ᠠ ᠬᠦᠮᠦᠨ ᠲᠡᠢ᠃ ᠳᠠᠯᠠᠢ ᠶᠢᠨ ᠥᠷᠭᠡᠨ ᠡᠷᠭᠢ ᠭᠠᠵᠠᠷ ᠲᠠᠢ᠂ ᠧᠦ᠋ᠷᠠᠽᠢ ᠍ ᠶᠢᠨ ᠲᠥᠪ ᠳᠡᠬᠢ ᠭᠠᠵᠠᠷ ᠵᠦᠢ ᠶᠢᠨ ᠠᠰᠢᠭᠲᠠᠢ ᠪᠠᠶᠢᠷᠢᠯᠠᠯ ᠲᠠᠢ ᠣᠷᠣᠨ ᠶᠤᠮ᠃ (ᠪᠦᠷᠢᠨ ᠠᠭᠤᠯᠭ᠎ᠠ ᠶᠢ ᠤᠩᠰᠢᠬᠤ)

ᠬᠦᠮᠦᠨ ᠰᠤᠳᠤᠯᠤᠯ
ᠬᠦᠮᠦᠨ ᠰᠤᠳᠤᠯᠤᠯ

ᠬᠦᠮᠦᠨ ᠰᠤᠳᠤᠯᠤᠯ ᠪᠤᠶᠤ ᠠᠨᠲᠷᠣᠫᠣᠯᠣᠭᠢ (ᠠᠩᠭᠯᠢ ᠪᠠᠷ Anthropology; ᠣᠷᠣᠰ ᠢᠶᠠᠷ ᠠᠨᠲᠷᠣᠫᠣᠯᠣᠭᠢᠶ᠎ᠠ) ᠭᠡᠳᠡᠭ ᠨᠢ ᠬᠦᠮᠦᠨᠬᠦᠮᠦᠨ ᠲᠥᠷᠥᠯᠬᠢᠲᠡᠨ  ᠢ ᠰᠤᠳᠤᠯᠬᠤ ᠪᠠᠶᠢᠭᠠᠯᠢ ᠶᠢᠨ ᠪᠣᠯᠤᠨ ᠨᠡᠶᠢᠭᠡᠮ ᠤᠨ ᠰᠢᠨᠵᠢᠯᠡᠬᠦ ᠤᠬᠠᠭᠠᠨ ᠶᠤᠮ᠃ 1501 ᠣᠨ ᠳᠤ ᠭᠧᠷᠮᠠᠨ ᠤ ᠭᠦᠨ ᠤᠬᠠᠭᠠᠨᠴᠢ ᠮᠠᠭᠨᠦᠰ ᠬᠤᠨᠳᠲ ᠠᠨᠲᠷᠣᠫᠣᠯᠣᠭᠢ (ᠡᠷᠲᠡᠨ ᠦ ᠭᠷᠧᠺ ᠬᠡᠯᠡᠨ ᠦ ᠠᠨᠲᠷᠣᠫᠣᠰ ᠬᠡᠮᠡᠬᠦ ἄνθρωπος᠂ "ᠬᠦᠮᠦᠨ"᠂ ᠍ ᠯᠣᠭᠢ  ᠬᠡᠮᠡᠬᠦ λογία᠂ "ᠰᠤᠳᠤᠯᠤᠯ") ᠭᠡᠳᠡᠭ ᠨᠡᠷ᠎ᠡ ᠲᠣᠮᠢᠶ᠎ᠠ ᠶᠢ ᠠᠩᠬ᠎ᠠ ᠬᠡᠷᠡᠭᠯᠡᠵᠡᠢ᠃19  ᠳ᠋ᠤᠭᠠᠷ ᠵᠠᠭᠤᠨ ᠳᠤ ᠹᠷᠠᠨᠼᠢ ᠶᠢᠨ ᠶᠡᠬᠡ ᠰᠡᠳᠬᠢᠭᠴᠢ ᠠᠤᠭᠤᠰᠲ᠋ᠧ ᠺᠣᠮᠲ᠋ᠧ (Auguste Comte 1798-1857) ᠬᠦᠮᠦᠨ ᠦ ᠨᠡᠶᠢᠭᠡᠮ ᠢ ᠰᠤᠳᠤᠯᠬᠤ ᠱᠠᠭᠠᠷᠳᠠᠯᠭ᠎ᠠ ᠪᠠᠶᠢᠭ᠎ᠠ ᠶᠢ ᠳᠤᠷᠠᠳᠤᠭᠠᠳ ᠡᠶᠢᠮᠦ ᠰᠤᠳᠤᠯᠭ᠎ᠠ ᠶᠢ ᠠᠩᠬ᠎ᠠ ᠰᠣᠴᠢᠶᠠᠯᠣᠭᠢ (sociology) ᠪᠤᠶᠤ 《ᠨᠡᠶᠢᠭᠡᠮ ᠰᠤᠳᠤᠯᠤᠯ》 (Hendry 1999: 8) ᠭᠡᠵᠦ ᠨᠡᠷᠡᠯᠡᠬᠦ ᠰᠠᠨᠠᠯ ᠲᠠᠯᠪᠢᠭᠰᠠᠨ ᠠᠴᠠ ᠬᠣᠶᠢᠰᠢ ᠨᠡᠶᠢᠭᠡᠮ ᠤᠨ ᠰᠢᠨᠵᠢᠯᠡᠬᠦ ᠤᠬᠠᠭᠠᠨ ᠪᠤᠰᠤᠳ ᠰᠢᠨᠵᠢᠯᠡᠬᠦ ᠤᠬᠠᠭᠠᠨ ᠤ ᠠᠳᠠᠯᠢ ᠬᠥᠭᠵᠢᠯ ᠦᠨ ᠠᠯᠬᠤᠮ ᠢᠶᠠᠨ ᠡᠬᠢᠯᠡᠵᠦ ᠪᠠᠶᠢᠵᠠᠢ᠃ 19  ᠳ᠋ᠤᠭᠠᠷ ᠵᠠᠭᠤᠨ ᠤ ᠲᠡᠭᠦᠰᠬᠡᠯ ᠠᠷᠪᠠᠨ ᠲᠠᠪᠤᠳᠤᠭᠠᠷ ᠵᠠᠭᠤᠨ ᠤ ᠡᠬᠢᠨ ᠦᠶᠡᠰ ᠡᠨᠡ ᠰᠠᠨᠠᠭ᠎ᠠ ᠤᠯᠠᠮ ᠨᠠᠷᠢᠪᠴᠢᠯᠠᠨ ᠰᠠᠯᠵᠤ 《ᠨᠡᠶᠢᠭᠡᠮ ᠰᠤᠳᠤᠯᠤᠯ 》 ᠡᠴᠡ ᠭᠠᠳᠠᠨ᠎ᠠ ᠪᠠᠰᠠ ᠲᠡᠭᠦᠨ ᠲᠡᠢ ᠲᠥᠰᠲᠡᠢ 《ᠨᠡᠶᠢᠭᠡᠮ ᠰᠤᠶᠤᠯ ᠤᠨ ᠠᠨᠲᠷᠣᠫᠣᠯᠣᠭᠢ》 (social-cultural anthropology), ᠡᠲᠨᠣᠯᠣᠭᠢ (ethnology), ᠡᠲᠨᠣᠭᠷᠠᠹᠢ (ethnography) ᠵᠡᠷᠭᠡ ᠪᠤᠰᠤᠳ ᠬᠦᠮᠦᠨ ᠦ ᠨᠡᠶᠢᠭᠡᠮ᠂ ᠰᠤᠶᠤᠯ ᠢ ᠰᠤᠳᠤᠯᠳᠠᠭ ᠰᠠᠯᠪᠤᠷᠢ  ᠨᠤᠭᠤᠳ ᠳᠣᠣᠷ᠎ᠠ ᠳᠣᠣᠷ᠎ᠠ ᠪᠠᠨ ᠧᠦ᠋ᠷᠣᠫᠠ ᠶᠢᠨ ᠤᠯᠤᠰ ᠣᠷᠣᠨ ᠨᠤᠭᠤᠳ ᠲᠤ ᠭᠠᠷᠴᠤ ᠢᠷᠡᠭᠰᠡᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠬᠠᠭᠠᠳ
ᠮᠣᠩᠭᠣᠯ ᠬᠠᠭᠠᠳ

ᠮᠣᠩᠭᠣᠯ ᠬᠠᠭᠠᠳ ᠭᠡᠳᠡᠭ ᠨᠢ ᠭᠣᠣᠯᠳᠠᠭᠤ ᠴᠢᠩᠬᠢᠰ ᠬᠠᠭᠠᠨ  ᠲᠡᠮᠦᠵᠢᠨ 1206 ᠤᠨ ᠳᠤ ᠬᠠᠭᠠᠨ ᠰᠠᠭᠤᠷᠢᠨ ᠳᠤ ᠰᠠᠭᠤᠭᠰᠠᠨ ᠡᠴᠡ 1634 ᠤᠨ  ᠳᠦ ᠮᠣᠩᠭᠣᠯ ᠤᠨ ᠬᠠᠮᠤᠭ ᠡᠴᠤᠰ ᠤᠨ ᠬᠠᠭᠠᠨ ᠯᠢᠭ᠍ᠳᠡᠨ ᠬᠤᠳᠤᠭᠳᠤ ᠬᠠᠭᠠᠨ ᠰᠠᠭᠤᠷᠢᠨ ᠠᠴᠠ ᠪᠠᠭᠤᠭᠰᠠᠨ ᠬᠦᠷᠲᠡᠯᠡᠬᠢ 35 ᠬᠠᠭᠠᠨ ᠦᠷᠭᠦᠯᠵᠢᠯᠡᠵᠤ ᠮᠣᠩᠭᠣᠯ ᠤᠷᠤᠨ ᠢ ᠨᠤᠶᠠᠷᠬᠠᠭᠰᠠᠨ ᠢ ᠵᠢᠭᠠᠵᠤ ᠪᠠᠶᠢᠨ᠎ᠠ᠃ ᠡᠨᠡᠬᠦ ᠲᠠᠪᠤᠨ ᠵᠠᠭᠤ ᠰᠢᠬᠠᠮ ᠵᠢᠯ ᠤᠨ ᠬᠤᠭᠤᠷᠤᠨᠳᠤ ᠴᠢᠩᠬᠢᠰ ᠤᠨ ᠪᠠᠠᠢᠭᠤᠯᠤᠭᠰᠠᠨ ᠠᠯᠳᠠᠨ ᠲᠦᠷᠦ ᠬᠠᠶᠠ ᠬᠦᠭ᠍ᠵᠢᠨ ᠬᠠᠶᠠ ᠲᠤᠷᠤᠠᠢᠳᠠᠵᠤ ᠂ 428 ᠤᠨ ᠦᠷᠭᠦᠯᠵᠢᠯᠡᠵᠡᠢ᠃ ᠬᠡᠷᠪᠡ1911 ᠤᠨ ᠳᠦ ᠬᠠᠯᠬ ᠡ ᠮᠠᠨᠵᠦ ᠴᠢᠩ ᠡᠴᠡ ᠲᠤᠰᠬᠠᠷᠯᠠᠵᠤ ᠪᠤᠭᠳᠠ ᠬᠠᠭᠠᠨ ᠵᠢᠪᠽᠤᠨᠳᠠᠮᠪᠠ ᠬᠠᠭᠠᠨ ᠰᠢᠷᠡᠭᠡᠨ ᠳᠦ ᠰᠠᠭᠤᠭᠰᠠᠨ ᠢ ᠪᠤᠳᠤᠪᠠᠯ ᠨᠡᠡᠢᠳᠡ 36 ᠬᠠᠭᠠᠨ ᠪᠤᠯᠤᠨ᠋ ᠡ᠃ ᠪᠠᠰᠠ ᠵᠠᠷᠢᠮ ᠨᠢ ᠮᠣᠩᠭᠣᠯ ᠤᠨ ᠲᠡᠦᠬᠡᠨ ᠳᠡᠭᠡᠷ᠎ᠠ ᠨᠡᠶᠢᠲᠡ ᠭᠤᠴᠢ ᠶᠢ᠍ᠰᠦᠨ ᠬᠠᠭᠠᠨ ᠪᠠᠶᠢᠨ᠎ᠠ ᠭᠡᠵᠦ ᠠᠳᠠᠯᠢ ᠪᠤᠰᠤ ᠪᠡᠷ ᠲᠣᠭᠠᠴᠠᠯᠳᠠᠭ᠃ (ᠪᠦᠷᠢᠨ ᠠᠭᠤᠯᠭ᠎ᠠ ᠶᠢ ᠤᠩᠰᠢᠬᠤ)

ᠵᠢᠦ᠋ᠳᠣ᠋
ᠵᠢᠦ᠋ᠳᠣ᠋

ᠵᠢᠦ᠋ᠳᠣ᠋ ᠪᠤᠶᠤ ᠵᠤᠤᠳᠣ ᠪᠥᠬᠡ (柔道) ᠨᠢ 1882 ᠣᠨ ᠳᠤ ᠺᠠᠨᠤᠤ᠋ ᠵᠢᠭᠤᠷᠤᠤ᠋ (嘉納治五郎) ᠠᠩᠬᠠᠯᠠᠨ ᠵᠣᠬᠢᠶᠠᠭᠰᠠᠨ ᠶᠠᠫᠣᠨ ᠤ ᠴᠡᠷᠢᠭ᠂ ᠪᠠᠶᠢᠯᠳᠤᠭᠠᠨ ᠤ ᠤᠷᠠᠯᠢᠭ ᠤᠨ ᠨᠢᠭᠡ ᠶᠤᠮ᠃ ᠪᠡᠶ᠎ᠡ ᠬᠠᠮᠠᠭᠠᠯᠠᠬᠤ ᠤᠷᠠᠯᠢᠭ ᠪᠣᠯᠤᠨ ᠰᠫᠣᠷᠲ ᠤᠨ ᠲᠥᠷᠥᠯ ᠴᠤ ᠪᠣᠯᠳᠠᠭ᠃

ᠬᠣᠶᠠᠷ ᠬᠦᠮᠦᠨ ᠬᠣᠭᠣᠷᠣᠨᠳᠣ ᠪᠠᠨ ᠵᠣᠯᠭᠠᠨ᠂ ᠮᠡᠬᠡ ᠬᠢᠯᠴᠡᠨ ᠥᠷᠢᠰᠦᠯᠳᠦᠭᠴᠢ ᠪᠡᠨ ᠠᠷᠤ ᠨᠢᠷᠤᠭᠤ ᠪᠠᠷ ᠨᠢ ᠤᠨᠠᠭᠠᠬᠤ ᠡᠰᠡᠪᠡᠯ ᠬᠡᠪᠲᠡᠭᠡ ᠪᠠᠷᠢᠯᠳᠤᠭᠠᠨ ᠳᠤ ᠲᠣᠭᠲᠠᠭᠠᠭᠰᠠᠨ ᠬᠤᠭᠤᠴᠠᠭᠠᠨ ᠠᠴᠠ ᠳᠡᠭᠡᠭᠰᠢ ᠬᠤᠭᠤᠴᠠᠭᠠᠨ ᠳᠤ ᠴᠡᠪᠡᠷ ᠳᠠᠷᠤᠵᠤ ᠴᠢᠳᠠᠪᠠᠯ ᠢᠯᠠᠯᠲᠠ ᠤᠯᠳᠠᠭ᠃

ᠵᠢᠦ᠋ᠳᠣ᠋ ᠳᠤ "ᠥᠷᠢᠰᠦᠯᠳᠥᠭᠴᠢ ᠶᠢᠨ ᠢᠶᠡᠨ ᠬᠦᠴᠦ ᠶᠢ ᠠᠰᠢᠭᠯᠠᠨ ᠢᠯᠠᠯᠲᠠ ᠳᠤ ᠬᠦᠷᠬᠦ" (柔よく剛を制す) ᠭᠡᠰᠡᠨ ᠳᠣᠲᠣᠭᠠᠳᠤ ᠰᠡᠳᠬᠢᠯᠭᠡ ᠶᠢ ᠴᠢᠬᠤᠯᠠᠴᠢᠯᠠᠨ ᠦᠵᠡᠳᠡᠭ᠃

ᠦᠨᠳᠦᠰᠦᠨ ᠤᠬᠠᠭᠳᠠᠬᠤᠨ ᠨᠢ:

  • ᠪᠢ᠂ ᠴᠢ᠂ ᠪᠥᠭᠥᠳᠡᠭᠡᠷ ᠢᠶᠡᠨ ᠰᠠᠶᠢᠨ ᠰᠠᠶᠢᠬᠠᠨ - "ᠥᠷᠢᠰᠦᠯᠳᠦᠭᠴᠢᠳ ᠳᠤ ᠪᠠᠨ ᠬᠠᠨᠳᠤᠵᠤ ᠲᠠᠯᠠᠷᠬᠠᠯ᠂ ᠬᠦᠨᠳᠦᠳᠬᠡᠯ ᠦᠵᠡᠭᠦᠯᠵᠦ ᠬᠣᠭᠣᠷᠣᠨᠳᠣ ᠪᠠᠨ ᠢᠲᠡᠭᠡᠯᠴᠡᠭᠰᠡᠨ ᠦ ᠦᠨᠳᠦᠰᠦᠨ ᠳᠡᠭᠡᠷ᠎ᠡ ᠪᠤᠰᠤᠳ ᠤᠨ ᠲᠥᠯᠦᠭᠡ ᠬᠢ ᠰᠡᠳᠬᠢᠯ ᠢ ᠥᠪᠡᠷᠲᠡᠭᠡᠨ ᠲᠥᠯᠦᠪᠰᠢᠭᠦᠯᠦᠨ᠂ ᠵᠥᠪᠬᠡᠨ ᠥᠪᠡᠷ ᠢᠶᠡᠨ ᠪᠢᠰᠢ ᠪᠤᠰᠤᠳ ᠬᠦᠮᠦᠰ ᠲᠦ ᠴᠤ ᠭᠡᠰᠡᠨ ᠰᠠᠶᠢᠨ ᠰᠠᠶᠢᠬᠠᠨ ᠪᠠᠶᠢᠬᠤ ᠣᠷᠴᠢᠨ ᠪᠦᠷᠢᠳᠦᠭᠦᠯᠦᠶ᠎ᠡ"
  • ᠪᠦᠬᠦ ᠴᠢᠳᠠᠯ᠎ ᠶᠢᠡᠨ ᠰᠠᠶᠢᠨ ᠰᠠᠶᠢᠬᠠᠨ ᠤ ᠲᠥᠯᠥᠭᠡ - "ᠥᠪᠡᠷ ᠦᠨ ᠢᠶᠡᠨ ᠪᠦᠬᠦ ᠬᠦᠴᠦᠨ ᠴᠢᠳᠠᠯ ᠢ ᠠᠰᠢᠭᠯᠠᠨ ᠪᠦᠬᠦ ᠨᠡᠶᠢᠲᠡ ᠨᠡᠶᠢᠭᠡᠮ ᠤᠨ ᠲᠥᠯᠥᠭᠡ ᠰᠠᠶᠢᠨ ᠦᠢᠯᠡᠰ ᠪᠦᠲᠦᠭᠡᠶ᠎ᠡ"᠃

ᠳᠠᠩ ᠭᠠᠭᠴᠠ ᠢᠯᠠᠯᠲᠠ ᠳᠤ ᠬᠦᠷᠬᠦ ᠶᠢᠨ ᠲᠤᠯᠠᠳᠠ ᠪᠠᠰᠠ ᠥᠪᠡᠷ ᠦᠨ ᠢᠶᠡᠨ ᠳᠣᠲᠣᠭᠠᠳᠤ ᠰᠡᠳᠬᠢᠯ ᠢ ᠴᠤ ᠭᠡᠰᠡᠨ ᠴᠢᠩᠭᠠᠯᠠᠬᠤ ᠵᠣᠷᠢᠯᠭ᠎ᠠ ᠲᠠᠢ᠃ (ᠪᠦᠷᠢᠨ ᠠᠭᠤᠯᠭ᠎ᠠ ᠶᠢ ᠤᠩᠰᠢᠬᠤ)

ᠣᠫᠧᠯ
ᠣᠫᠧᠯ

ᠠᠳᠠᠮ ᠣᠫᠧᠯ (Adam Opel᠂欧宝) ᠬᠤᠪᠢᠴᠠᠭᠠᠲᠤ ᠺᠣᠮᠫᠠᠨᠢ ᠨᠢ ᠭᠧᠷᠮᠠᠨ ᠤ ᠠᠦ᠋ᠲ᠋ᠣ᠋ ᠮᠠᠰᠢᠨ ᠦᠢᠯᠡᠳᠪᠦᠷᠢᠯᠡᠭᠴᠢ ᠪᠥᠭᠡᠳ 1929 ᠣᠨ ᠳᠤ ᠬᠤᠪᠢᠴᠠᠭᠠᠲᠤ ᠺᠣᠮᠫᠠᠨᠢ ᠪᠣᠯᠤᠭᠰᠠᠨ ᠴᠠᠭ ᠠᠴᠠ ᠪᠠᠨ ᠬᠣᠶᠢᠰᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠠᠦ᠋ᠲ᠋ᠣ᠋ ᠮᠠᠰᠢᠨ ᠦᠢᠯᠡᠳᠪᠦᠷᠢᠯᠡᠭᠴᠢ ᠺᠣᠨᠼᠧᠷᠢᠨ ᠪᠣᠯᠬᠤ ᠵᠧᠨᠧᠷᠠᠯ ᠮᠣᠲ᠋ᠣᠷᠰ (ᠠᠩᠭᠯᠢ ᠵᠢᠡᠷ General Motors-GM᠂美国通用汽车公司 ᠮᠣᠩᠭᠣᠯ ᠲᠣᠪᠴᠢᠯᠠᠯ: ЖМ) ᠺᠣᠮᠫᠠᠨᠢ ᠳᠤ ᠬᠠᠷᠢᠶᠠᠯᠠᠭᠳᠠᠬᠤ ᠪᠣᠯᠤᠭᠰᠠᠨ᠃ ᠧᠦ᠋ᠷᠣᠫᠠ ᠳᠤ ᠨᠡᠶᠢᠲᠡ 35,000 ᠠᠵᠢᠯᠴᠢᠨ(ᠡᠭᠦᠨ ᠡᠴᠡ 19,000 ᠭᠠᠷᠤᠢ ᠠᠵᠢᠯᠴᠢᠨ ᠭᠧᠷᠮᠠᠨ ᠳᠤ᠂ ᠡᠨᠡ ᠲᠣᠭᠠᠨ ᠦᠵᠡᠭᠦᠯᠦᠯᠲᠡ ᠨᠢ 2013 ᠣᠨ ᠤ 12 ᠰᠠᠷ᠎ᠠ ᠳᠤ ᠭᠠᠷᠤᠭᠰᠠᠨ ᠪᠣᠯᠤᠨ᠎ᠠ) ᠣᠫᠧᠯ ᠳᠤ ᠠᠵᠢᠯᠯᠠᠳᠠᠭ ᠪᠠ ᠡᠨᠡ ᠲᠣᠭ᠎ᠠ ᠪᠠᠷ ᠢᠶᠠᠨ ᠳᠡᠯᠡᠬᠡᠢ ᠶᠢᠨ ᠲᠣᠮᠣᠬᠠᠨ ᠠᠦ᠋ᠲ᠋ᠣ᠋ ᠦᠢᠯᠡᠳᠪᠦᠷᠢᠯᠡᠭᠴᠢᠳ ᠦᠨ ᠨᠢᠭᠡ ᠳᠦ ᠲᠣᠭᠠᠴᠠᠭᠳᠠᠵᠤ ᠶᠠᠪᠤᠳᠠᠭ᠃ ᠭᠧᠷᠮᠠᠨ ᠤ ᠺᠠᠶᠢᠽᠧᠷᠯᠠᠦ᠋ᠲ᠋ᠧᠷᠠᠨᠠᠶᠢᠽᠧᠨᠠᠬᠤ (ᠭᠧᠷᠮᠠᠨ ᠵᠢᠡᠷ Kaiserlautern᠂ Eisenach) ᠵᠡᠷᠭᠡ ᠬᠣᠲᠠ ᠨᠤᠭᠤᠳ ᠲᠤ ᠦᠢᠯᠡᠳᠪᠦᠷᠢ ᠶᠢᠨ ᠰᠠᠯᠪᠤᠷᠢ ᠲᠠᠢ ᠪᠠ ᠬᠠᠮᠤᠭ ᠤᠨ ᠠᠩᠬᠠᠨ ᠤ ᠦᠢᠯᠡᠳᠪᠦᠷᠢ ᠪᠠᠶᠢᠭᠤᠯᠤᠭᠳᠠᠭᠰᠠᠨ ᠭᠠᠵᠠᠷ ᠨᠢ ᠭᠧᠷᠮᠠᠨ ᠤ ᠷᠢᠶᠦ᠋ᠰᠰᠧᠯᠰᠬᠠᠶᠢᠮ (Russelsheim) ᠬᠣᠳᠠ ᠳᠤ ᠪᠠᠶᠢᠭᠤᠯᠤᠭᠳᠠᠭᠰᠠᠨ ᠪᠥᠭᠡᠳ ᠣᠳᠣ ᠴᠤ ᠡᠨᠡ ᠬᠣᠳᠠ ᠳᠤ ᠺᠣᠮᠫᠠᠨᠢ  ᠶᠢᠨ ᠲᠥᠪ ᠨᠢ ᠪᠠᠶᠢᠷᠢᠯᠠᠳᠠᠭ᠃ ᠪᠬᠤᠮ ᠬᠣᠳᠠ ᠳᠤ ᠪᠠᠶᠢᠭᠰᠠᠨ ᠰᠠᠯᠪᠤᠷᠢ ᠦᠢᠯᠡᠳᠪᠦᠷᠢ ᠶᠢ ЖМ ᠺᠣᠮᠫᠠᠨᠢ ᠵᠠᠷᠤᠳᠠᠯ ᠬᠡᠮᠨᠡᠬᠦ ᠡᠭᠦᠳᠡᠨ ᠡᠴᠡ 2014 ᠣᠨ ᠳᠤ ᠬᠠᠭᠠᠭᠰᠠᠨ᠃ (ᠪᠦᠷᠢᠨ ᠠᠭᠤᠯᠭ᠎ᠠ ᠶᠢ ᠤᠩᠰᠢᠬᠤ)

ᠡᠰᠡᠨ ᠲᠠᠶᠢᠱᠢ
ᠡᠰᠡᠨ ᠲᠠᠶᠢᠱᠢ

ᠡᠰᠡᠨ ᠲᠠᠶᠢᠱᠢ (ᠬᠢᠲᠠᠳ ᠢᠶᠠᠷ 也先太师) ᠬᠠᠭᠠᠨ ᠨᠢ ᠲᠠᠶᠢᠰᠤᠩ ᠬᠠᠭᠠᠨ ᠲᠣᠭᠲᠠᠬᠤ ᠪᠤᠬ᠎ᠠ ᠶᠢᠨ ᠶᠡᠷᠦᠩᠬᠡᠢ ᠰᠠᠶᠢᠳ ᠪᠠᠶᠢᠭᠰᠠᠨ ᠣᠶᠢᠷᠠᠳ ᠍ ᠤᠨ ᠲᠣᠭᠣᠭᠠᠨ ᠲᠠᠶᠢᠱᠢ ᠶᠢᠨ ᠬᠦᠦ ᠪᠥᠭᠡᠳ 1407 ᠣᠨ ᠤ ᠤᠯᠠᠭᠴᠢᠨ ᠭᠠᠬᠠᠢ ᠵᠢᠯ ᠲᠥᠷᠦᠵᠡᠢ᠃ ᠲᠡᠷᠡᠪᠡᠷ ᠠᠷᠪᠠᠨ ᠲᠠᠪᠤᠳᠤᠭᠠᠷ ᠵᠠᠭᠤᠨ ᠤ ᠳᠤᠮᠳᠠ ᠦᠶ᠎ᠡ ᠣᠶᠢᠷᠠᠳ ᠮᠣᠩᠭᠣᠯ ᠢ ᠨᠢᠭᠡᠳᠬᠡᠨ 1452 ᠣᠨ ᠤ ᠬᠠᠷ᠎ᠠ ᠪᠡᠴᠢᠨ ᠵᠢᠯ ᠪᠦᠬᠦ ᠮᠣᠩᠭᠣᠯ ᠤᠨ ᠬᠠᠭᠠᠨ ᠪᠣᠯᠵᠠᠢ᠃ ᠮᠢᠩ ᠤᠯᠤᠰ ᠲᠠᠢ ᠬᠠᠮᠤᠭ ᠤᠨ ᠴᠢᠳᠠᠪᠤᠷᠢᠯᠢᠭ ᠲᠡᠮᠡᠴᠡᠭᠰᠡᠨ (ᠲᠤᠮᠤ ᠶᠢᠨ ᠲᠤᠯᠤᠯᠳᠤᠭᠠᠨ‍土木堡之变) ᠶᠡᠬᠡ ᠵᠠᠩᠵᠤᠨ ᠶᠤᠮ᠃ ᠠᠯᠲᠠᠨ ᠤᠷᠤᠭ ᠤᠨ ᠪᠢᠰᠢ ᠤᠴᠢᠷ ᠡᠴᠡ ᠢᠵᠠᠭᠤᠷᠲᠠᠨ ᠨᠤᠭᠤᠳ ᠲᠦᠯᠬᠢᠨ ᠤᠨᠠᠭᠠᠵᠠᠢ᠃ 1455 ᠣᠨ ᠤ ᠬᠥᠬᠡᠭᠴᠢᠨ ᠭᠠᠬᠠᠢ ᠵᠢᠯ ᠠᠯᠠᠭᠳᠠᠵᠠᠢ᠃ (ᠪᠦᠷᠢᠨ ᠠᠭᠤᠯᠭ᠎ᠠ ᠶᠢ ᠤᠩᠰᠢᠬᠤ)

ᠲᠠᠵᠢᠺᠢᠰᠲᠠᠨ ᠤᠯᠤᠰ
ᠲᠠᠵᠢᠺᠢᠰᠲᠠᠨ ᠤᠯᠤᠰ

ᠪᠦᠭᠦᠳᠡ ᠨᠠᠶᠢᠷᠠᠮᠳᠠᠲᠤ ᠲᠠᠵᠢᠺᠢᠰᠲᠠᠨ ᠤᠯᠤᠰ (ᠲᠠᠵᠢᠺ ᠶᠢᠡᠷ ҶумҳурииТоҷикистон᠂ ᠬᠢᠲᠠᠳ ᠶᠢᠡᠷ 塔吉克斯坦共和国 ᠂ ᠠᠩᠭᠯᠢ ᠪᠡᠷ The Republic of Tajikistan) ᠨᠢ ᠲᠥᠪ ᠠᠽᠢᠶ᠎ᠠ ᠲᠤ ᠤᠷᠤᠰᠢᠵᠤ᠂ 143 ᠮᠢᠩᠭᠠᠨ km2 ᠨᠤᠲᠤᠭ ᠳᠡᠪᠢᠰᠭᠡᠷ ᠢ ᠡᠵᠡᠯᠡᠭᠰᠡᠨ ᠳᠡᠯᠡᠬᠡᠢ ᠶᠢᠨ 94 ᠍ ᠳᠦᠭᠡᠷ ᠲᠣᠮᠣ ᠤᠯᠤᠰ ᠪᠤᠯᠤᠨ᠎ ᠠ᠃ ᠲᠠᠵᠢᠺᠢᠰᠲᠠᠨ ᠣᠷᠣᠨ ᠨᠢ ᠲᠦᠪ ᠠᠽᠢᠶ᠎ᠠ ᠍ ᠶᠢᠨ ᠢᠶᠠᠨ ᠬᠢᠷᠭᠢᠰᠲᠠᠨᠦᠽᠡᠪᠸᠺᠢᠰᠲᠠᠨ ᠪᠣᠯᠤᠨ ᠲᠥᠷᠥᠯ ᠬᠡᠯᠡᠲᠡᠨ ᠦ ᠠᠹᠬᠠᠨᠨ ᠪᠤᠯᠤᠨ ᠠᠭᠤᠯᠠ ᠶᠢᠨ ᠴᠠᠭᠠᠳᠤᠬᠢ ᠪᠦᠭᠦᠳᠡ ᠨᠠᠶᠢᠷᠠᠮᠳᠠᠲᠤ ᠳᠤᠮᠳᠠᠳᠤ ᠠᠷᠠᠳ ᠤᠯᠤᠰ ᠵᠡᠷᠭᠡ ᠳᠥᠷᠪᠡᠨ ᠤᠯᠤᠰ ᠤᠨ ᠨᠤᠲᠤᠭ ᠢᠶᠠᠷ ᠬᠦᠷᠢᠶᠡᠯᠡᠭᠦᠯᠵᠦ᠂ ᠸᠠᠬᠠᠨ ᠠᠭᠤᠯᠠ ᠶᠢᠨ ᠵᠢᠮ ᠶᠢᠡᠷ ᠲᠠᠰᠤᠯᠤᠭᠳᠠᠨ ᠫᠠᠺᠢᠰᠲᠠᠨ ᠲᠠᠢ ᠮᠠᠰᠢ ᠣᠶᠢᠷ᠎ᠠ ᠣᠷᠣᠰᠢᠳᠠᠭ᠃ ᠦᠨᠳᠦᠰᠦᠨ ᠳᠦ ᠪᠡᠨ ᠠᠭᠤᠯᠠᠷᠬᠠᠭ᠂ ᠢᠯᠠᠩᠭᠤᠶ᠎ᠠ ᠳᠣᠷᠣᠨᠠᠲᠤ ᠬᠠᠭᠠᠰ ᠲᠤ ᠨᠢ ᠫᠠᠮᠢᠷ ᠤᠨ ᠨᠢᠷᠤᠭᠤ ᠰᠦᠨᠳᠡᠷᠯᠡᠨ ᠪᠤᠢ᠃ (ᠪᠦᠷᠢᠨ ᠠᠭᠤᠯᠭ᠎ᠠ ᠶᠢ ᠤᠩᠰᠢᠬᠤ)

ᠵᠥᠭᠡᠢ ᠶᠢᠨ ᠠᠵᠤ ᠠᠬᠤᠢ
ᠵᠥᠭᠡᠢ ᠶᠢᠨ ᠠᠵᠤ ᠠᠬᠤᠢ

ᠵᠥᠭᠡᠢ ᠶᠢᠨ ᠠᠵᠤ ᠠᠬᠤᠢ ᠨᠢ ᠬᠦᠮᠦᠨ ᠲᠥᠷᠥᠯᠬᠢᠲᠡᠨ ᠠᠰᠢᠭ ᠰᠢᠮ᠎ᠡ ᠶᠢ ᠨᠢ ᠬᠦᠷᠳᠡᠨ ᠠᠰᠢᠭᠯᠠᠵᠤ ᠢᠷᠡᠭᠰᠡᠨ ᠡᠷᠲᠡᠨ ᠦ ᠠᠵᠤ ᠠᠬᠤᠢ ᠶᠢᠨ ᠨᠢᠭᠡ ᠶᠤᠮ᠃ ᠣᠯᠠᠨ ᠲᠥᠷᠥᠯ ᠵᠦᠢᠯ  ᠣᠨ ᠵᠥᠭᠡᠢ ᠪᠠᠶᠢᠬᠤ ᠪᠣᠯᠪᠠᠴᠤ ᠲᠡᠭᠦᠨ ᠦ ᠳᠣᠲᠣᠷ᠎ᠠ ᠠᠴᠠ ᠪᠦᠯᠢ ᠪᠦᠯᠢ ᠪᠡᠷ ᠢᠶᠡᠨ ᠨᠡᠶᠢᠭᠡᠮᠴᠢ ᠮᠠᠶ᠋ᠢᠭ ᠤᠨ ᠵᠣᠬᠢᠶᠠᠨ ᠪᠠᠶᠢᠭᠤᠯᠤᠯᠲᠠ ᠲᠠᠢ ᠠᠮᠢᠳᠤᠷᠠᠳᠠᠭ ᠪᠠᠯᠳᠤ ᠵᠥᠭᠡᠢ ᠶᠢ ᠬᠦᠮᠦᠰ ᠭᠠᠷᠰᠢᠭᠤᠯᠵᠤ᠂ ᠠᠷᠠᠴᠢᠯᠠᠵᠤ ᠥᠰᠬᠡᠨ ᠲᠡᠭᠦᠨ ᠦ ᠪᠦᠲᠦᠭᠡᠭᠳᠡᠬᠦᠨ ᠢ ᠠᠪᠴᠤ ᠠᠰᠢᠭᠯᠠᠭᠰᠠᠭᠠᠷ ᠢᠷᠡᠭᠰᠡᠨ᠃ ᠪᠠᠯᠳᠤ ᠵᠥᠭᠡᠢ ᠶᠢ ᠠᠷᠠᠴᠢᠯᠠᠵᠤ ᠦᠷᠡᠵᠢᠭᠦᠯᠵᠦ᠂ ᠪᠦᠲᠦᠭᠡᠭᠳᠡᠬᠦᠨ ᠢ ᠠᠪᠴᠤ ᠠᠰᠢᠭᠯᠠᠬᠤ ᠴᠢᠭᠯᠡᠯ ᠲᠡᠢ ᠦᠢᠯᠡᠳᠪᠦᠷᠢᠯᠡᠯ ᠶᠠᠪᠤᠭᠤᠯᠬᠤ ᠠᠵᠤ ᠠᠬᠤᠢ ᠶᠢᠨ ᠰᠠᠯᠪᠤᠷᠢ ᠶᠢ ᠵᠥᠭᠡᠢ ᠠᠵᠤ ᠠᠬᠤᠢ ᠭᠡᠵᠦ ᠨᠡᠷᠡᠯᠡᠵᠦ ᠪᠠᠶᠢᠨ᠎ᠠ᠃ ᠲᠡᠬᠡᠪᠡᠯᠵᠥᠭᠡᠢ ᠶᠢᠨ ᠪᠠᠯ ᠣᠯᠠᠨ ᠵᠢᠯ ᠴᠢᠨᠠᠷ ᠢᠶᠠᠨ ᠠᠯᠳᠠᠳᠠᠭ ᠦᠭᠡᠢ᠂ ᠬᠥᠭᠡᠴᠦᠷᠡᠵᠤ ᠮᠠᠭᠤᠳᠠᠳᠠᠭ ᠦᠭᠡᠢ ᠭᠠᠶᠢᠬᠠᠯᠲᠠᠢ ᠠᠷᠢᠭᠤᠳᠬᠠᠭᠴᠢ ᠰᠢᠨᠵᠢ ᠴᠢᠨᠠᠷ ᠲᠠᠢ᠃ ᠪᠠᠯ  ᠳᠤ 18 ᠬᠤᠪᠢ ᠤᠨ ᠤᠰᠤ᠂ 80 ᠬᠤᠪᠢ ᠵᠢᠨ ᠰᠢᠬᠢᠷᠯᠢᠭ ᠦᠨ ᠵᠦᠢᠯ ᠪᠠᠶᠢᠳᠠᠭ ᠠᠴᠠ ᠭᠠᠳᠠᠨ᠎ᠠ ᠴᠠᠷᠳᠠᠭᠤᠯ᠂ ᠤᠭᠤᠷᠠᠭ᠂ ᠸᠢᠲ᠋ᠠᠮᠢᠨA᠂ B᠂ C ᠂ ᠶᠠᠩᠵᠤ ᠪᠦᠷᠢ ᠶᠢᠨ ᠬᠣᠣᠷᠲᠤ ᠪᠢᠴᠢᠯ ᠮᠠᠬᠠᠪᠣᠳ ᠢ ᠤᠰᠠᠳᠬᠠᠭᠴᠢ ᠵᠡᠷᠭᠡ ᠨᠡᠶᠢᠲᠡ ᠳᠦ ᠪᠡᠨ 100 ᠭᠠᠷᠤᠢ ᠲᠥᠷᠥᠯ ᠦᠨ ᠪᠣᠳᠠᠰ ᠠᠭᠤᠯᠤᠭᠳᠠᠭᠰᠠᠨ ᠪᠠᠶᠢᠳᠠᠭ ᠪᠠᠶᠢᠨ᠎ᠠ᠃ ᠲᠡᠶᠢᠮᠦ ᠡᠴᠡ ᠵᠥᠭᠡᠢ ᠶᠢᠨ ᠪᠠᠯ ᠢ ᠬᠦᠨᠡᠰᠦ ᠲᠡᠵᠢᠭᠡᠯ ᠡᠴᠡ ᠭᠠᠳᠠᠨ᠎ᠠ ᠪᠡᠶ᠎ᠡ ᠶᠢᠨ ᠪᠠᠶᠢᠳᠠᠯ ᠢ ᠰᠠᠶᠢᠵᠢᠷᠭᠠᠭᠤᠯᠬᠤ᠂ ᠲᠠᠶᠢᠪᠤᠰᠢᠷᠠᠭᠤᠯᠬᠤ ᠂ᠬᠠᠨᠢᠶᠠᠳᠤ᠂ ᠬᠡᠦᠬᠡᠳ ᠦᠨ ᠠᠮᠠᠨ ᠤ ᠭᠡᠮᠲᠦᠯ᠂ ᠲᠦᠯᠡᠩᠬᠡᠢ᠂ ᠡᠯᠳᠡᠪ ᠰᠢᠷᠬ᠎ᠠ ᠵᠡᠷᠭᠡ ᠡᠪᠡᠳᠴᠢᠨ ᠠᠨᠠᠭᠠᠬᠤ ᠳᠤ ᠠᠰᠢᠭᠯᠠᠳᠠᠭ᠃ (ᠪᠦᠷᠢᠨ ᠠᠭᠤᠯᠭ᠎ᠠ ᠶᠢ ᠤᠩᠰᠢᠬᠤ)

ᠵᠡᠪᠡ
ᠵᠡᠪᠡ ᠵᠠᠩᠵᠤᠨ

ᠵᠡᠪᠡ ᠨᠢ ᠴᠢᠩᠭᠢᠰ ᠬᠠᠭᠠᠨ ᠤ ᠬᠠᠮᠤᠭ ᠤᠨ ᠠᠯᠳᠠᠷᠲᠠᠢ᠂ ᠳᠣᠮᠣᠭᠲᠤ ᠵᠠᠩᠵᠤᠳ ᠤᠨ ᠨᠢᠭᠡ ᠶᠤᠮ᠃ ᠪᠠᠶᠢᠭᠤᠯᠤᠭᠰᠠᠨ ᠭᠠᠪᠢᠶ᠎ᠠ ᠵᠢᠳᠬᠦᠯ᠂ ᠠᠮᠵᠢᠯᠲᠠ ᠪᠠᠷ ᠢᠶᠠᠨ ᠰᠦᠪᠡᠭᠡᠳᠡᠢ ᠪᠠᠭᠠᠲᠤᠷ ᠲᠠᠢ ᠵᠡᠷᠭᠡᠴᠡᠬᠦᠶᠢᠴᠡ ᠴᠡᠷᠢᠭ ᠦᠨ ᠵᠠᠩᠵᠤᠨ ᠪᠠᠶᠢᠵᠠᠢ᠃ ᠲᠡᠷᠡᠪᠡᠷ ᠬᠠᠮᠤᠭ ᠮᠣᠩᠭᠣᠯ ᠍ ᠤᠨ ᠪᠦᠷᠢᠯᠳᠦᠬᠦᠨ ᠬᠡᠰᠡᠭ ᠦᠨ ᠨᠢᠭᠡ ᠲᠠᠶᠢᠴᠢᠭᠤᠳ ᠳᠤ ᠬᠠᠷᠢᠶᠠᠯᠠᠭᠳᠠᠳᠠᠭ ᠪᠡᠰᠦᠲᠤ ᠠᠶᠢᠮᠠᠭ ᠠᠴᠠ ᠭᠠᠷᠤᠯᠲᠠᠢ ᠬᠦᠮᠦᠨ ᠪᠠᠶᠢᠪᠠ᠃ ᠨᠢᠷᠤᠨ ᠮᠣᠩᠭᠣᠯ ᠠᠶᠢᠮᠠᠭ ᠤᠨ ᠪᠡᠰᠦᠲᠤ ᠣᠪᠣᠭᠲᠠᠨ᠃ ᠴᠢᠩᠭᠢᠰ ᠬᠠᠭᠠᠨ ᠤ 4 ᠬᠣᠰᠢᠭᠤᠴᠢ᠂ 9 ᠥᠷᠯᠥᠭ ᠦᠨ ᠨᠢᠭᠡ ᠪᠠᠶᠢᠵᠠᠢ᠃ ᠡᠷᠡᠯᠬᠡᠭ ᠪᠠᠭᠠᠲᠤᠷ ᠮᠥᠷᠲᠡᠭᠡᠨ᠂ ᠠᠷᠭ᠎ᠠ ᠤᠬᠠᠭᠠᠨ ᠶᠡᠬᠡ ᠲᠡᠢ  ᠪᠡᠷᠭᠡ ᠶᠢᠨ ᠡᠷᠳᠡᠮᠲᠡᠨ᠂ ᠤᠯᠤᠰ ᠲᠥᠷᠥ ᠶᠢᠨ ᠵᠢᠳᠬᠦᠯᠲᠡᠨ ᠬᠦᠮᠦᠨ ᠶᠤᠮ᠃ ᠲᠡᠭᠦᠨ ᠦ ᠲᠦᠷᠦᠭᠰᠡᠨ ᠣᠨ ᠨᠢ ᠲᠣᠳᠣᠷᠬᠠᠢ ᠦᠭᠡᠢ ᠪᠠᠶᠢᠳᠠᠭ ᠪᠥᠭᠡᠳ 1225 ᠣᠨ ᠳᠤ ᠨᠠᠰᠤ ᠪᠠᠷᠠᠭᠰᠠᠨ ᠲᠡᠮᠳᠡᠭᠯᠡᠯ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠠᠯᠵᠢᠷᠢᠶ ᠠ
ᠠᠯᠵᠢᠷᠢᠶ ᠠ

ᠠᠯᠵᠢᠷᠢᠶ ᠠ ᠶᠢ ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠠᠯᠵᠢᠷᠢᠶ ᠠ ᠠᠷᠠᠳ ᠤᠯᠤᠰ (ᠬᠢᠲᠠᠳ ᠶᠢᠡᠷ 阿尔及利亚民主人民共和国᠂ ᠠᠩᠭᠯᠢ ᠶᠢᠡᠷ People's Democratic Republic of Algeria) ᠭᠡᠵᠤ᠂ ᠲᠡᠷᠡ ᠨᠢ ᠬᠣᠶᠢᠳᠤ ᠠᠹᠷᠢᠺᠠ ᠲᠢᠪ ᠳᠤ ᠤᠷᠤᠰᠢᠬᠤ ᠤᠯᠤᠰ ᠶᠤᠮ᠃ ᠭᠠᠵᠠᠷ ᠨᠤᠲᠤᠭ ᠢᠶᠠᠷ ᠢᠶᠠᠨ ᠲᠢᠪ ᠲᠦ ᠪᠡᠨ 2 ᠳ᠋ᠤᠭᠠᠷ ᠲᠤ᠂ ᠳᠡᠯᠡᠬᠡᠢ ᠳᠦ 11 ᠍ᠳ᠋ᠦᠭᠡᠷ ᠲᠤ ᠵᠢᠭ᠌ᠰᠠᠳᠠᠭ᠃ ᠵᠡᠭᠦᠨ ᠬᠣᠶᠢᠳᠤ ᠲᠠᠯ᠎ᠠ ᠪᠠᠷ ᠢᠶᠠᠨ ᠲᠤᠨᠢᠰ᠂ ᠵᠡᠭᠦᠨ ᠲᠠᠯ᠎ᠠ ᠪᠠᠷ ᠢᠶᠠᠨ ᠯᠢᠪᠢᠶ ᠠ᠂ ᠵᠡᠭᠦᠨ ᠡᠮᠦᠨᠡᠲᠦ ᠲᠠᠯ᠎ᠠ ᠪᠠᠷ ᠢᠶᠠᠨ ᠨᠢᠭᠧᠷ᠂ ᠪᠠᠷᠠᠭᠤᠨ ᠡᠮᠦᠨᠡᠲᠦ ᠲᠠᠯ᠎ᠠ ᠪᠠᠷ ᠢᠶᠠᠨ ᠮᠠᠯᠢᠮᠠᠸᠷᠢᠲ᠋ᠠᠨ᠂ ᠪᠠᠷᠠᠭᠤᠨ ᠬᠣᠶᠢᠳᠤ ᠲᠠᠯ᠎ᠠ ᠪᠠᠷ ᠢᠶᠠᠨ ᠮᠠᠷᠣᠺᠺᠣ ᠤᠯᠤᠰ ᠤᠳ ᠲᠠᠢ ᠲᠤᠰ ᠲᠤᠰ ᠬᠢᠯᠢᠯᠡᠨ᠎ᠡ᠃ ᠪᠠᠷᠠᠭᠤᠨ ᠲᠠᠯ᠎ᠠ ᠳᠤ ᠨᠢ ᠮᠠᠷᠭᠤᠭᠠᠨ ᠲᠠᠢ ᠭᠠᠵᠠᠷ ᠨᠤᠲᠤᠭ ᠪᠣᠯᠬᠤ ᠪᠠᠷᠠᠭᠤᠨ ᠰᠠᠬᠠᠷᠠ ᠤᠷᠤᠰᠢᠬᠤ ᠪᠥᠭᠡᠳ ᠬᠣᠶᠢᠳᠤ ᠲᠠᠯ᠎ᠠ ᠳᠤ ᠨᠢ ᠭᠠᠵᠠᠷ ᠤᠨ ᠳᠤᠮᠳᠠᠳᠤ ᠲᠡᠩᠭᠢᠰ ᠪᠠᠶᠢᠷᠢᠯᠠᠨ᠎ᠠ᠃ ᠤᠯᠤᠰ ᠤᠨ ᠬᠡᠯᠡ ᠨᠢ ᠠᠷᠠᠪ ᠬᠡᠯᠡ ᠪᠠᠶᠢᠵᠤ᠂ ᠪᠠᠰᠠ ᠹᠷᠠᠨᠽᠢ ᠬᠡᠯᠡ ᠶᠢ ᠨᠡᠶᠢᠳᠡ ᠳᠦ ᠪᠠᠨ ᠬᠡᠷᠡᠭᠯᠡᠳᠡᠭ᠃ (ᠪᠦᠷᠢᠨ ᠠᠭᠤᠯᠭ᠎ᠠ ᠶᠢ ᠤᠩᠰᠢᠬᠤ)

ATM
АТМ

ATM (ᠠᠩᠭᠯᠢ ᠪᠠᠷ ATM, Automated Teller Machine自动取款机) ᠪᠤᠶᠤ ABM (automated banking machine) ᠨᠢ ᠬᠦᠮᠦᠰ ᠲᠦ ᠪᠡᠯᠡᠨ ᠮᠥᠩᠭᠥ ᠣᠯᠭᠣᠬᠤ ᠪᠣᠯᠤᠨ ᠪᠤᠰᠤᠳ ᠨᠡᠮᠡᠯᠲᠡ ᠪᠣᠯᠤᠮᠵᠢ᠂ ᠡᠭᠦᠷᠭᠡ ᠪᠦᠬᠦᠢ ᠠᠦ᠋ᠲ᠋ᠣᠮᠠᠳᠤ ᠲᠥᠬᠥᠭᠡᠷᠦᠮᠵᠢ ᠃ АТМ ᠨᠢ ᠪᠠᠩᠬᠢᠵᠢᠨ ᠲᠧᠯᠯᠧᠷ (teller᠂ 出纳) ᠎᠎  ᠦᠨ ᠭᠦᠢᠯᠭᠡᠭᠡᠨ ᠦ ᠡᠭᠦᠷᠭᠡ ᠶᠢ ᠣᠷᠣᠯᠠᠨ ᠭᠦᠢᠴᠡᠳᠭᠡᠬᠦ᠂ ᠬᠡᠷᠡᠭᠯᠡᠭᠴᠢ ᠶᠢᠨ ᠴᠠᠭ ᠵᠠᠪ ᠢ ᠬᠡᠮᠨᠡᠬᠦ ᠳᠠᠪᠠᠭᠤ ᠲᠠᠯ᠎ᠠ ᠲᠠᠢ᠃ ᠶᠡᠬᠡᠩᠬᠢ ATM–    ᠨᠤᠭᠤᠳ ᠨᠢ ATM  ᠮᠠᠰᠢᠨ ᠤ ᠰᠣᠷᠢᠨᠵᠢᠨ ᠲᠤᠤᠵᠠ ᠲᠠᠢ ᠲᠤᠰᠬᠠᠢ ᠫᠠᠯᠰᠲ᠋ᠢᠺ ᠺᠠᠷᠲ ᠪᠣᠯᠤᠨ ᠴᠢᠫᠲ ᠰᠪᠠᠷᠲᠤ ᠺᠠᠷᠲ ᠤᠳ ᠢ ᠤᠩᠰᠢᠬᠤ ᠪᠣᠯᠤᠮᠵᠢ ᠲᠠᠢ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠣᠲᠣᠭ ᠤᠨ ᠡᠮᠦᠨᠡᠲᠦ ᠬᠣᠰᠢᠭᠤ
ᠣᠲᠣᠭ ᠤᠨ ᠡᠮᠦᠨᠡᠲᠦ ᠬᠣᠰᠢᠭᠤ

ᠣᠲᠣᠭ ᠤᠨ ᠡᠮᠦᠨᠡᠲᠦ ᠬᠣᠰᠢᠭᠤ ( ᠬᠢᠲᠠᠳ ᠢᠶᠠᠷ 鄂托克前旗) — ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠥᠪᠥᠷ ᠮᠣᠩᠭᠣᠯ ᠤᠨ ᠦᠪᠡᠷᠳᠡᠭᠡᠨ ᠵᠠᠰᠠᠬᠤ ᠣᠷᠣᠨ  ᠤ ᠶᠠᠬᠡ ᠵᠤᠤ ᠠᠶᠢᠮᠠᠭ ︵ᠣᠷᠳᠣᠰ ᠬᠣᠲᠠ ︶ ᠤᠨ ᠬᠠᠷᠢᠶᠠᠲᠤ ᠬᠣᠰᠢᠭᠤ᠃ ᠴᠢᠩ ᠤᠯᠤᠰ ᠤᠨ ᠡᠬᠢᠨ ᠦ ᠦᠶ᠎ᠡ ᠳᠦ ᠣᠷᠳᠣᠰ ᠪᠠᠷᠠᠭᠤᠨ ᠭᠠᠷᠤᠨ ᠳᠤᠮᠳᠠᠳᠤ ᠬᠣᠰᠢᠭᠤ ᠭᠡᠵᠤ ᠪᠠᠶᠢᠵᠠᠢ᠃ ᠢᠷᠭᠡᠨ ᠤᠯᠤᠰ ᠤᠨ ᠦᠶ᠎ᠡ ᠳᠦ ᠤᠳᠤᠭ ᠬᠣᠰᠢᠭᠤ  ᠲᠠᠢ ᠬᠠᠮᠲᠤ ᠪᠠᠶᠢᠵᠠᠢ ᠃ 1980 ᠤᠨ  ᠤ 8 ᠰᠠᠷᠠᠶᠢᠨ12 ᠳᠤ ᠂ ᠤᠯᠤᠰ  ᠤᠨ 208 ᠳ᠋ᠤᠭᠠᠷ ᠲᠣᠭᠠᠲᠤ ᠪᠢᠴᠢᠭ ᠮᠠᠲ᠋ᠧᠷᠢᠶᠠᠯ  ᠢᠶᠠᠷ ᠣᠲᠣᠭ ᠤᠨ ᠡᠮᠦᠨᠡᠲᠦ ᠬᠣᠰᠢᠭᠤ ᠭᠡᠵᠤ ᠵᠥᠪᠰᠢᠶᠡᠷᠡᠭᠰᠡᠨ ᠪᠠᠶᠢᠨ᠎ᠠ᠃ ᠮᠤᠩᠭᠤᠯ ᠦᠨᠳᠦᠰᠦᠲᠡᠨ 23406᠂ ᠂ᠪᠦᠬᠦ ᠬᠦᠮᠦᠨ ᠠᠮᠠ ᠶᠢᠨ29.89% ᠢ ᠡᠵᠡᠯᠡᠨ᠎ᠡ᠃ (ᠪᠦᠷᠢᠨ ᠠᠭᠤᠯᠭ᠎ᠠ ᠶᠢ ᠤᠩᠰᠢᠬᠤ)

ᠡᠨᠡᠳᠬᠡᠭ
ᠡᠨᠡᠳᠬᠡᠭ

ᠪᠦᠭᠦᠳᠡ ᠨᠠᠶᠢᠷᠠᠮᠳᠠᠬᠤ ᠡᠨᠡᠳᠬᠡᠭ ᠤᠯᠤᠰ (ᠡᠨᠡᠳᠬᠡᠭ ᠶᠢᠡᠷ भारत गणराज्य᠂ ᠬᠢᠲᠠᠳ ᠶᠢᠡᠷ 印度共和国᠂ ᠠᠩᠭᠯᠢ ᠶᠢᠡᠷ Republic of India ) ᠪᠤᠶᠤ ᠡᠨᠡᠳᠬᠡᠭ ᠪᠣᠯ ᠡᠮᠦᠨᠡᠲᠦ ᠠᠽᠢᠶ᠎ᠠ ᠍ ᠶᠢᠨ ᠡᠨᠡᠳᠬᠡᠭ ᠦᠨ ᠬᠣᠶᠢᠭ ᠲᠤ ᠤᠷᠤᠰᠢᠬᠤ ᠪᠦᠷᠢᠨ ᠡᠷᠬᠡᠲᠦ ᠤᠯᠤᠰ ᠶᠤᠮ᠃ ᠮᠥᠨ ᠳᠡᠯᠡᠬᠡᠢ ᠶᠢᠨ ᠳᠣᠯᠣᠳᠤᠭᠠᠷ ᠲᠣᠮᠣ ᠭᠠᠵᠠᠷ ᠨᠤᠲᠤᠭ ᠲᠠᠢ ᠣᠷᠣᠨ᠂ ᠬᠣᠶᠠᠳᠤᠭᠠᠷ ᠣᠯᠠᠨ ᠬᠦᠮᠦᠨ ᠠᠮᠠ ᠲᠠᠢ᠂ ᠳᠥᠷᠪᠡᠳᠦᠭᠡᠷ ᠶᠡᠬᠡ ᠡᠳ᠋ ᠍ ᠦᠨ ᠵᠠᠰᠠᠭ ᠲᠠᠢ ᠭᠦᠷᠦᠨ ᠭᠡᠭᠳᠡᠨ᠎ᠡ᠃ ᠫᠠᠺᠢᠰᠲᠠᠨᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰᠪᠠᠯᠪᠠᠪᠤᠲᠤᠩᠪᠧᠩᠭᠠᠯᠮᠢᠶᠠᠭ᠍ᠮᠠᠷ ᠵᠢᠷᠭᠤᠭᠠᠨ ᠤᠯᠤᠰ ᠣᠷᠣᠨ ᠲᠠᠢ ᠡᠬᠡ ᠭᠠᠵᠠᠷ ᠢᠶᠠᠷ ᠬᠢᠯᠢᠯᠡᠵᠤ᠂ ᠡᠨᠡᠳᠬᠡᠭ ᠦᠨ ᠳᠠᠯᠠᠢ ᠪᠠᠷ ᠬᠦᠷᠢᠶᠡᠯᠡᠭᠳᠡᠨ ᠣᠷᠣᠰᠢᠳᠠᠭ᠃ ᠪᠠᠰᠠ ᠡᠨᠡᠳᠬᠡᠭ ᠦᠨ ᠳᠠᠯᠠᠢ ᠳᠤ ᠮᠠᠯᠳᠢᠪᠰᠷᠢᠯᠠᠩᠺᠠᠢᠨᠳᠦ᠋ᠨᠢᠱᠢᠶ ᠠ ᠵᠡᠷᠭᠡ ᠭᠤᠷᠪᠠᠨ ᠤᠯᠤᠰ ᠲᠠᠢ ᠤᠰᠤ ᠪᠠᠷ ᠬᠢᠯᠢᠯᠡᠳᠡᠭ ᠪᠦᠭᠡᠳ ᠫᠠᠺᠢᠰᠲᠠᠨ ᠤ ᠬᠢᠨᠠᠵᠤ ᠪᠠᠶᠢᠳᠠᠭ ᠨᠤᠲᠤᠭ ᠢ ᠵᠠᠮᠮᠤ-ᠺᠠᠰᠮᠢᠷ ᠮᠤᠵᠢ ᠶᠢᠨ ᠬᠢ ᠭᠡᠵᠦ ᠵᠢᠳᠬᠦᠳᠡᠭ ᠢᠶᠡᠷ ᠪᠤᠳᠤᠪᠠᠯ ᠠᠹᠬᠠᠨᠨᠢᠰᠲᠠᠨᠲᠠᠢ ᠪᠠᠰᠠ ᠬᠢᠯᠢᠯᠡᠨ᠎ᠡ᠃ (ᠪᠦᠷᠢᠨ ᠠᠭᠤᠯᠭ᠎ᠠ ᠶᠢ ᠤᠩᠰᠢᠬᠤ)

ᠠᠭᠠᠷ ᠤᠨ ᠪᠣᠬᠢᠷᠳᠤᠯ
ᠠᠭᠠᠷ ᠤᠨ ᠪᠣᠬᠢᠷᠳᠤᠯ

ᠠᠭᠠᠷ ᠤᠨ ᠪᠣᠬᠢᠷᠳᠤᠯ ᠭᠡᠵᠦ ᠬᠦᠮᠦᠨ ᠪᠠ ᠪᠤᠰᠤᠳ ᠠᠮᠢᠳᠤ ᠪᠡᠶᠡᠲᠦ ᠡᠴᠡ ᠰᠢᠯᠲᠠᠭᠠᠯᠠᠭᠰᠠᠨ ᠬᠤᠪᠢᠯᠠᠬᠤᠢ ᠶᠢᠨ ᠪᠣᠯᠤᠨ ᠠᠮᠢᠨ ᠪᠣᠳᠠᠰ ᠤᠳ᠂ ᠡᠯᠳᠡᠪ ᠲᠣᠭᠣᠰᠣᠵᠢᠯᠲᠠ ᠶᠢᠨ ᠨᠥᠯᠦᠭᠡᠨ ᠳᠦ ᠠᠭᠠᠷ ᠮᠠᠨᠳᠠᠯ ᠍ ᠍ ᠤᠨ ᠪᠠᠶᠢᠭᠠᠯᠢ ᠶᠢᠨ ᠰᠢᠨᠵᠢ ᠴᠢᠨᠠᠷ ᠥᠭᠡᠷᠡᠴᠢᠯᠡᠭᠳᠡᠬᠦ ᠶᠢ ᠬᠡᠯᠡᠳᠡᠭ᠃ ᠠᠭᠠᠷ ᠤᠨ ᠪᠣᠬᠢᠷᠳᠤᠯ ᠠᠴᠠ ᠰᠢᠯᠲᠠᠭᠠᠯᠠᠨ ᠠᠭᠠᠷ ᠤᠨ ᠳᠡᠭᠡᠳᠦ ᠳᠠᠪᠬᠤᠷᠭ᠎ᠠ ᠳᠤ ᠤᠽᠣᠨ ᠤ ᠬᠣᠮᠰᠠᠳᠠᠯ ᠪᠤᠢ ᠪᠣᠯᠵᠤ᠂ ᠲᠡᠭᠦᠨ ᠦ ᠤᠷᠰᠢᠭ ᠢᠶᠠᠷ ᠬᠦᠮᠦᠨ ᠲᠥᠷᠥᠯᠬᠢᠲᠡᠨ ᠦ ᠡᠷᠡᠭᠦᠯ ᠮᠡᠨᠳᠦ᠂ ᠳᠡᠯᠡᠬᠡᠢ ᠶᠢᠨ ᠡᠺᠣ ᠰᠢᠰᠲ᠋ᠧᠮ ᠳᠦ ᠠᠶᠤᠯ ᠨᠢᠭᠤᠷᠯᠠᠭᠰᠠᠭᠠᠷ ᠠᠭᠠᠷ ᠪᠠᠶᠢᠩᠭᠤ ᠶᠢᠨ ᠬᠥᠳᠡᠯᠭᠡᠭᠡᠨ ᠳᠦ ᠣᠷᠣᠰᠢᠳᠠᠭ ᠲᠤᠯᠠ ᠠᠭᠠᠷ ᠤᠨ ᠪᠣᠬᠢᠷᠳᠤᠯ ᠨᠢ ᠵᠥᠪᠬᠡᠨ ᠨᠢᠭᠡ ᠬᠡᠰᠡᠭ ᠣᠷᠣᠨ ᠤ ᠲᠡᠳᠦᠢ ᠪᠢᠰᠢ ᠳᠡᠯᠡᠬᠡᠢ ᠬᠡᠮᠵᠢᠶᠡᠨ ᠦ ᠠᠰᠠᠭᠤᠳᠠᠯ ᠪᠤᠯᠬᠤ ᠶᠤᠮ᠃ ᠠᠭᠠᠷ ᠢ ᠪᠣᠬᠢᠷᠳᠠᠭᠤᠯᠤᠭᠴᠢ ᠡᠯᠳᠡᠪ ᠲᠥᠷᠥᠯ ᠦᠨ ᠬᠡᠢ ᠬᠠᠲᠠᠭᠤ ᠬᠣᠯᠢᠴᠠ ᠨᠤᠭᠤᠳ ᠬᠦᠮᠦᠨ ᠦ ᠦᠢᠯᠡ ᠠᠵᠢᠯᠯᠠᠭ᠎ᠠ ᠂ ᠦᠢᠯᠡᠳᠪᠦᠷᠢ ᠲᠦᠯᠡᠰᠢᠨ ᠦ ᠰᠢᠲᠠᠯᠲᠠ ᠭᠡᠬᠦ ᠮᠡᠲᠦ ᠡᠴᠡ ᠡᠭᠦᠰᠬᠦ ᠡᠴᠡ ᠭᠠᠳᠠᠨ᠎ᠠ ᠪᠠᠶᠢᠭᠠᠯᠢ ᠶᠢᠨ ᠵᠠᠮ ᠢᠶᠠᠷ ᠡᠭᠦᠰᠦᠨ᠎ᠡ᠃ (ᠪᠦᠷᠢᠨ ᠠᠭᠤᠯᠭ᠎ᠠ ᠶᠢ ᠤᠩᠰᠢᠬᠤ)

ᠶᠤᠸᠠᠨ ᠤᠯᠤᠰ
ᠶᠤᠸᠠᠨ ᠤᠯᠤᠰ

ᠶᠤᠸᠠᠨ ᠤᠯᠤᠰ (ᠳᠠᠢ ᠦᠨ ᠦᠯᠦᠰ) (1271–1368) ᠨᠢ ᠮᠣᠩᠭᠣᠯ ᠤᠭᠰᠠᠭᠠᠲᠠᠨ ᠤ ᠪᠠᠶᠢᠭᠤᠯᠤᠭᠰᠠᠨ ᠮᠣᠩᠭᠣᠯ᠂ ᠬᠢᠲᠠᠳ᠂ ᠰᠣᠯᠣᠩᠭᠣᠰ ᠤᠯᠤᠰ ᠤᠳ ᠤᠨ ᠭᠠᠵᠠᠷ ᠨᠤᠲᠤᠭ ᠢ ᠡᠵᠡᠯᠡᠨ ᠣᠷᠣᠰᠢᠵᠤ ᠪᠠᠶᠢᠭᠰᠠᠨ ᠹᠧᠣᠳᠠᠯ ᠤᠨ ᠨᠡᠶᠢᠭᠡᠮᠳᠦ ᠬᠠᠭᠠᠨᠲᠤ ᠤᠯᠤᠰ ᠪᠠᠶᠢᠭᠰᠠᠨ ᠶᠤᠮ᠃ ᠲᠤᠰ ᠤᠯᠤᠰ ᠨᠢ ᠴᠢᠩᠭᠢᠰ ᠬᠠᠭᠠᠨ ᠤ ᠪᠠᠶᠢᠭᠤᠯᠤᠭᠰᠠᠨ᠂ ᠶᠡᠬᠡ ᠮᠣᠩᠭᠣᠯ ᠤᠯᠤᠰ ᠤᠨ ᠦᠷᠭᠦᠯᠵᠢᠯᠡᠯ ᠲᠤᠯᠠ ᠲᠡᠦᠬᠡᠨ ᠳ᠋ᠡᠬᠢ ᠬᠠᠮᠤᠭ ᠤᠨ ᠲᠣᠮᠣ ᠦᠷᠭᠦᠯᠵᠢᠯᠡᠭᠰᠡᠨ ᠭᠠᠵᠠᠷ ᠨᠤᠲᠤᠭ ᠲᠠᠢ ᠡᠵᠡᠨᠲᠦ ᠭᠦᠷᠦᠨ ᠢ ᠤᠳᠤᠷᠢᠳᠬᠤ ᠲᠥᠪ ᠨᠢ ᠪᠠᠶᠢᠭᠰᠠᠨ᠃ 1260 ᠣᠨ ᠳᠤ ᠬᠤᠪᠢᠯᠠᠢ ᠥᠪᠡᠷ ᠢ ᠪᠡᠨ ᠬᠠᠭᠠᠨ ᠳᠤ ᠡᠷᠭᠦᠮᠵᠢᠯᠡᠵᠦ᠂ ᠤᠯᠠᠮ ᠢᠶᠠᠷ 1267 ᠣᠨ ᠳᠤ ᠮᠣᠩᠭᠣᠯ ᠤᠨ ᠨᠡᠶᠢᠰᠯᠡᠯ ᠢ ᠬᠠᠷᠠᠬᠣᠷᠣᠮ ᠬᠣᠲᠠ ᠠᠴᠠ ᠵᠦᠩᠳᠦ (ᠳᠠᠶᠢᠳᠤ) (ᠣᠳᠣ ᠶᠢᠨ ᠪᠡᠭᠡᠵᠢᠩ ᠬᠣᠲᠠ ᠶᠢᠨ ᠪᠠᠷᠠᠭᠤᠨ ᠬᠣᠶᠢᠲᠤ ᠲᠠᠯ᠎ᠠ ᠳᠤ ᠪᠠᠶᠢᠭᠰᠠᠨ) ᠬᠣᠲᠠᠨ ᠳᠤ ᠰᠢᠯᠵᠢᠭᠦᠯᠪᠡ᠃ 1271 ᠣᠨ ᠳᠤ ᠶᠡᠬᠡ ᠮᠣᠩᠭᠣᠯ ᠤᠯᠤᠰ ᠤᠨ ᠨᠡᠷ᠎ᠡ ᠶᠢ ᠥᠭᠡᠷᠡᠴᠢᠯᠡᠵᠦ᠂ ᠶᠤᠸᠠᠨ ᠬᠡᠮᠡᠨ ᠨᠡᠷᠡᠶᠢᠳᠦᠭᠰᠡᠨ ᠢᠶᠡᠷ ᠮᠣᠩᠭᠣᠯ ᠤᠨ ᠡᠵᠡᠨᠲᠦ ᠭᠦᠷᠦᠨ ᠠᠯᠲᠠᠨ ᠣᠷᠳᠣᠢᠯ ᠬᠠᠭᠠᠨᠲᠤ ᠤᠯᠤᠰᠴᠠᠭᠠᠳᠠᠢ ᠶᠢᠨ ᠤᠯᠤᠰᠶᠤᠸᠠᠨ ᠤᠯᠤᠰ ᠭᠡᠰᠡᠨ ᠳᠥᠷᠪᠡᠨ ᠬᠠᠭᠠᠨᠲᠤ ᠤᠯᠤᠰ ᠲᠤ ᠬᠤᠪᠢᠶᠠᠭᠳᠠᠪᠠ᠃ (ᠪᠦᠷᠢᠨ ᠠᠭᠤᠯᠭ᠎ᠠ ᠶᠢ ᠤᠩᠰᠢᠬᠤ)

ᠰᠢᠨ᠎ ᠡ ᠽᠸᠨᠯᠠᠨᠲᠤ᠋
ᠰᠢᠨ᠎ ᠡ ᠽᠸᠨᠯᠠᠨᠲᠤ᠋

ᠰᠢᠨ᠎ ᠡ ᠽᠸᠨᠯᠠᠨᠲᠤ᠋ (ᠬᠢᠲᠠᠳ ᠶᠢᠡᠷ 新西兰᠂ ᠠᠩᠭᠯᠢ ᠪᠡᠷ New Zealand) ᠪᠠᠷᠠᠭᠤᠨ ᠡᠮᠦᠨᠡᠲᠦ ᠨᠣᠮᠣᠬᠠᠨ ᠳᠠᠯᠠᠢ ᠳᠤ ᠤᠷᠤᠰᠢᠬᠤ ᠬᠣᠶᠠᠷ ᠲᠣᠮᠣ ᠠᠷᠠᠯ (ᠬᠣᠶᠢᠳᠤ ᠠᠷᠠᠯ᠂ ᠡᠮᠦᠨᠡᠲᠦ ᠠᠷᠠᠯ) ᠪᠣᠯᠤᠨ ᠣᠯᠠᠨ ᠲᠣᠭᠠᠨ ᠤ ᠵᠢᠵᠢᠭ ᠠᠷᠠᠯ ᠠᠴᠠ (ᠲᠣᠮᠣᠬᠠᠨ ᠠᠴᠠ ᠨᠢ ᠳᠤᠷᠠᠳᠪᠠᠯ ᠰᠲ᠋ᠶᠤᠸᠠᠷᠲ ᠠᠷᠠᠯ/ᠷᠠᠺᠤᠷᠠ᠂ ᠴᠧᠲ᠋ᠭᠡᠮ ᠠᠷᠠᠯ ᠤᠳ) ᠪᠥᠷᠢᠳᠦᠨ᠎ᠡ᠃ ᠤᠤᠭᠠᠯ ᠢᠷᠭᠡᠳ ᠪᠣᠯᠬᠤ ᠮᠠᠤᠷᠢ ᠦᠨᠳᠦᠰᠦᠲᠡᠨ ᠨᠢ ᠰᠢᠨ᠎ ᠡ ᠽᠸᠨᠯᠠᠨᠲᠤ᠋ ᠶᠢ Aotearoa ᠪᠤᠶᠤ ᠣᠷᠴᠢᠭᠤᠯᠪᠠᠯ ᠤᠷᠲᠤ ᠴᠠᠭᠠᠨ ᠡᠭᠦᠯᠡᠨ ᠦ ᠣᠷᠣᠨ ᠭᠡᠳᠡᠭ ᠪᠠᠶᠢᠵᠠᠢ᠃ ᠥᠪᠡᠷ ᠦᠨ ᠵᠠᠰᠠᠭ ᠵᠠᠬᠢᠷᠭ᠎ᠠ ᠲᠠᠢ ᠪᠣᠯᠪᠠᠴᠤ ᠴᠢᠯᠦᠭᠡᠲᠦ ᠬᠣᠯᠪᠣᠭ᠎ᠠ ᠤ ᠪᠦᠷᠢᠯᠳᠦᠬᠦᠨ ᠳᠦ ᠣᠷᠣᠳᠠᠭ ᠺᠦ᠋ᠺ ᠤᠨ ᠠᠷᠠᠯ ᠤᠳ ᠪᠣᠯᠤᠨ ᠨᠢᠦ᠋ᠡ᠂ ᠲᠣᠺᠧᠯᠤ᠂ ᠷᠣᠰ ᠬᠠᠷᠠᠭᠠᠲᠤ ᠨᠤᠲᠤᠭ ᠳᠡᠪᠢᠰᠬᠡᠷ (ᠰᠢᠨ᠎ ᠡ ᠽᠸᠨᠯᠠᠨᠲᠤ᠋ ᠶᠢᠨ ᠠᠨᠲ᠋ᠠᠷᠺᠲ᠋ᠢᠳ᠋ ᠳ᠋ᠠᠬᠢ ᠨᠤᠲᠤᠭ ᠳᠡᠪᠢᠰᠬᠡᠷ) ᠨᠢ ᠮᠥᠨ ᠰᠢᠨ᠎ ᠡ ᠽᠸᠨᠯᠠᠨᠲᠤ᠋ ᠶᠢᠨ ᠬᠦᠷᠢᠶᠡᠯᠡᠯ ᠳᠤ ᠪᠠᠭᠲᠠᠳᠠᠭ᠃ (ᠪᠦᠷᠢᠨ ᠠᠭᠤᠯᠭ᠎ᠠ ᠶᠢ ᠤᠩᠰᠢᠬᠤ)

ᠵᠠᠯᠭᠠᠵᠤ ᠦᠷᠡᠵᠢᠭᠦᠯᠬᠦ
ᠵᠠᠯᠭᠠᠵᠤ ᠦᠷᠡᠵᠢᠭᠦᠯᠬᠦ

ᠵᠠᠯᠭᠠᠵᠤ ᠦᠷᠡᠵᠢᠭᠦᠯᠬᠦ ᠭᠡᠳᠡᠭ ᠨᠢ ᠨᠢᠭᠡ ᠤᠷᠭᠤᠮᠠᠯ ᠤᠨ ᠲᠠᠭᠠᠷᠢᠳᠠᠰᠤ ᠪᠤᠶᠤ ᠨᠠᠬᠢᠶ᠎ᠠ ᠶᠢ ᠠᠪᠴᠤ ᠨᠥᠭᠥᠭᠡ ᠤᠷᠭᠤᠮᠠᠯ ᠳᠤ ᠨᠠᠭᠠᠯᠳᠤᠭᠤᠯᠤᠨ ᠤᠷᠭᠤᠭᠤᠯᠬᠤ ᠶᠢ ᠵᠢᠭᠠᠳᠠᠭ ᠂ ᠪᠠᠰᠠ ᠲᠷᠠᠨᠰᠫᠯᠠᠨᠲ᠋ᠠᠼᠢ ︵transplant ︶ ᠭᠡᠳᠡᠭ᠃ ᠵᠠᠯᠭᠠᠵᠤ ᠤᠷᠭᠤᠭᠤᠯᠬᠤ ᠠᠷᠭ᠎ᠠ ᠶᠢ ᠣᠷᠴᠢᠨ ᠤ ᠪᠠᠨ ᠨᠥᠬᠥᠴᠡᠯ ᠳᠦ ᠰᠠᠶᠢᠨ ᠵᠣᠬᠢᠴᠠᠭᠰᠠᠨ ᠤᠷᠭᠤᠮᠠᠯ ᠤᠨ ᠦᠨᠳᠦᠰᠦ ᠶᠢ ᠠᠰᠢᠭᠯᠠᠨ᠂ ᠲᠡᠭᠦᠪᠡᠷ ᠥᠭᠡᠷ᠎ᠡ ᠤᠷᠭᠤᠮᠠᠯ ᠢ ᠲᠡᠵᠢᠭᠡᠯᠭᠡᠬᠦ ᠵᠣᠷᠢᠯᠭ᠎ᠠ ᠲᠠᠢ ᠬᠢᠳᠡᠭ ᠶᠤᠮ᠃ ᠵᠢᠱᠢᠶᠡᠯᠡᠪᠡᠯ: ᠳᠠᠪᠤᠰᠤ᠂ ᠬᠤᠵᠢᠷ ᠶᠡᠬᠡ ᠬᠦᠷᠦᠰᠦᠨ ᠳᠦ ᠤᠷᠭᠤᠵᠤ ᠴᠢᠳᠠᠬᠤ ᠦᠭᠡᠢ ᠤᠷᠭᠤᠮᠠᠯ ᠢ ᠲᠡᠶᠢᠮᠦ ᠤᠷᠴᠢᠨ ᠳᠤ ᠤᠷᠭᠤᠭᠤᠯᠬᠤ ᠶᠢᠨ ᠲᠤᠯᠠᠳᠠ ᠳᠠᠪᠤᠰᠤ ᠬᠤᠵᠢᠷ ᠢ ᠰᠠᠶᠢᠨ ᠲᠡᠰᠪᠦᠷᠢᠯᠡᠳᠡᠭ ᠤᠷᠭᠤᠮᠠᠯ ᠲᠠᠢ (ᠭᠠᠯᠣᠹᠢ ᠳᠤ) ᠵᠠᠯᠭᠠᠨ᠎ᠠ᠃ ᠲᠠᠷᠢᠮᠠᠯ ᠤᠷᠭᠤᠮᠠᠯ ᠢ ᠭᠣᠣᠯ ᠲᠥᠯᠥᠪ ᠲᠣᠬᠢᠷᠠᠮᠵᠢ ᠦᠭᠡᠢ ᠭᠠᠳᠠᠭᠠᠳᠤ ᠣᠷᠴᠢᠨ ᠨᠥᠬᠥᠴᠡᠯ ᠳᠦ ᠰᠠᠶᠢᠨ ᠳᠠᠳᠤᠭᠰᠠᠨ ᠵᠡᠷᠭᠡ ᠤᠷᠭᠤᠮᠠᠯ ᠳᠡᠭᠡᠷ᠎ᠡ ᠵᠠᠯᠭᠠᠳᠠᠭ ᠶᠤᠮ᠃ ᠵᠠᠯᠭᠠᠬᠤ ᠳᠤ ᠪᠠᠨ ᠬᠡᠷᠡᠭᠯᠡᠭᠳᠡᠬᠦ ᠲᠠᠭᠠᠷᠢᠳᠠᠰᠤ ᠶᠢ ᠵᠠᠯᠭᠠᠭᠠᠰᠤ ᠭᠡᠬᠦ ᠪᠥᠭᠡᠳ ᠦᠨᠳᠦᠰᠦᠲᠡᠢ ᠪᠡᠨ ᠪᠠᠶᠢᠭ᠎ᠠ ᠡᠬᠡ ᠤᠷᠭᠤᠮᠠᠯ ᠢ ᠶᠣᠵᠣᠭᠣᠷ ᠭᠡᠵᠦ ᠨᠡᠷᠡᠯᠡᠳᠡᠭ᠃ ᠥᠭᠡᠷ᠎ᠡ ᠪᠡᠷ ᠬᠡᠯᠡᠪᠡᠯ ᠵᠠᠯᠭᠠᠵᠤ ᠤᠷᠭᠤᠭᠤᠯᠬᠤ ᠳᠤ ᠵᠠᠯᠭᠠᠭᠠᠰᠤ ᠶᠢ ᠶᠣᠵᠣᠭᠣᠷ ᠳᠡᠭᠡᠷ᠎ᠡ ᠠᠪᠴᠢᠷᠠᠨ ᠨᠠᠭᠠᠯᠳᠤᠭᠤᠯᠵᠤ ᠤᠷᠭᠤᠭᠤᠯᠤᠨ᠎ᠠ᠃ ᠡᠨᠡ ᠠᠷᠭ᠎ᠠ ᠶᠢᠨ ᠠᠮᠵᠢᠯᠲᠠ  ᠶᠢ ᠲᠡᠳᠡᠭᠡᠷ ᠵᠠᠯᠭᠠᠭᠳᠠᠬᠤ ᠬᠣᠶᠠᠷ ᠤᠷᠭᠤᠮᠠᠯ ᠤᠨ ᠵᠠᠯᠭᠠᠭᠠᠳᠠᠰᠤ ᠬᠡᠷᠬᠢᠨ ᠰᠠᠶᠢᠨ ᠡᠳᠡᠭᠡᠷᠡᠭᠰᠡᠨ ᠡᠴᠡ ᠬᠠᠷᠠᠨ᠎ᠠ᠃ (ᠪᠦᠷᠢᠨ ᠠᠭᠤᠯᠭ᠎ᠠ ᠶᠢ ᠤᠩᠰᠢᠬᠤ)

ᠶᠡᠬᠡ ᠮᠣᠩᠭᠣᠯ ᠤᠯᠤᠰ
ᠶᠡᠬᠡ ᠮᠣᠩᠭᠣᠯ ᠤᠯᠤᠰ

ᠶᠡᠬᠡ ᠮᠣᠩᠭᠣᠯ ᠤᠯᠤᠰ ᠪᠣᠶᠤ ᠮᠣᠩᠭᠣᠯ ᠤᠨ ᠡᠵᠡᠨᠲᠦ ᠭᠦᠷᠦᠨ (ᠠᠩᠭᠯᠢ: Mongol Empire) (1206–1405) ᠨᠢ ᠮᠣᠩᠭᠣᠯ ᠤᠨ ᠭᠠᠵᠠᠷ ᠨᠤᠲᠤᠭ ᠲᠤ ᠪᠠᠶᠢᠭᠤᠯᠤᠭᠳᠠᠭᠰᠠᠨ ᠲᠡᠦᠬᠡᠨ ᠳ᠋ᠡᠬᠢ ᠬᠠᠮᠤᠭ ᠤᠨ ᠲᠣᠮᠣ ᠦᠷᠭᠦᠯᠵᠢᠯᠡᠭᠰᠡᠨ ᠭᠠᠵᠠᠷ ᠨᠤᠲᠤᠭ ᠲᠠᠢ ᠡᠵᠡᠨᠲᠦ ᠭᠦᠷᠦᠨ ᠶᠤᠮ᠃ ᠰᠤᠳᠤᠯᠤᠭᠠᠴᠢᠳ ᠶᠡᠬᠡ ᠮᠣᠩᠭᠣᠯ ᠤᠯᠤᠰ ᠍ ᠦᠨ ᠭᠠᠵᠠᠷ ᠨᠤᠲᠤᠭ ᠢ 26,000,000 ᠡᠰᠡᠪᠡᠯ 33,000,000 ᠺᠦᠸᠠᠳ᠋ ᠺᠢᠯᠣᠮᠧᠲ᠋ᠷ ᠬᠡᠮᠡᠨ ᠠᠳᠠᠯᠢ ᠪᠣᠰᠤ ᠪᠠᠶᠢᠳᠠᠯ ᠢᠶᠠᠷ ᠲᠣᠭᠠᠴᠠᠭᠠᠯᠠᠵᠠᠢ᠃ ᠪᠷᠢᠲ᠋ᠠᠨ ᠦ ᠲᠡᠦᠬᠡᠴᠢᠳ ᠪᠷᠢᠲ᠋ᠠᠨ ᠤ ᠡᠵᠡᠨᠲᠦ ᠭᠦᠷᠦᠨ ᠦ ᠭᠠᠵᠠᠷ ᠨᠤᠲᠤᠭ ᠤᠨ ᠬᠡᠮᠵᠢᠶᠡᠨ ᠡᠴᠡ ᠮᠣᠩᠭᠣᠯ ᠤᠨ ᠡᠵᠡᠨᠲᠦ ᠭᠦᠷᠦᠨ ᠨᠢ ᠲᠡᠦᠬᠡᠨ ᠳ᠋ᠡᠬᠢ ᠬᠤᠶᠠᠷᠲᠠᠬᠢ ᠲᠣᠮᠣ ᠡᠵᠡᠨᠲᠦ ᠭᠦᠷᠦᠨ ᠬᠡᠮᠡᠨ ᠲᠡᠮᠳᠡᠭᠯᠡᠭᠳᠡᠭᠰᠡᠨ ᠨᠢ ᠳᠠᠭᠠᠵᠤ ᠣᠷᠣᠭᠰᠠᠨ ᠪᠤᠶᠤ ᠬᠠᠷᠢᠶᠠᠲᠤ ᠲᠦᠰᠢᠮᠡᠭ ᠪᠠᠶᠢᠭᠰᠠᠨ ᠤᠯᠤᠰ ᠣᠷᠣᠨ᠂ ᠣᠪᠤᠭ ᠠᠶᠢᠮᠠᠭ ᠤᠳ ᠤᠨ ᠭᠠᠵᠠᠷ ᠨᠤᠲᠤᠭ ᠢ ᠣᠷᠣᠭᠤᠯᠤᠭ᠎ᠠ ᠦᠭᠡᠢ ᠲᠣᠭᠠᠴᠠᠭᠰᠠᠨ ᠲᠠᠢ ᠬᠣᠯᠪᠣᠭ᠎ᠠ ᠲᠠᠢ ᠶᠤᠮ᠃ (ᠪᠦᠷᠢᠨ ᠠᠭᠤᠯᠭ᠎ᠠ ᠶᠢ ᠤᠩᠰᠢᠬᠤ)

ᠠᠦᠢᠰᠲ᠋ᠷᠯᠢᠶ᠎ᠠ
ᠠᠦᠢᠰᠲ᠋ᠷᠯᠢᠶ᠎ᠠ

ᠠᠦᠢᠰᠲ᠋ᠷᠯᠢᠶ᠎ᠠ (ᠠᠩᠭᠯᠢ ᠪᠠᠷ Australia)᠂ ᠠᠯᠪᠠᠨ ᠶᠣᠰᠣᠭᠠᠷ ᠠᠦᠢᠰᠲ᠋ᠷᠯᠢᠶ᠎ᠠ ᠶᠢᠨ ᠬᠠᠮᠲᠤ ᠶᠢᠨ ᠨᠥᠬᠥᠷᠯᠡᠯ (ᠠᠩᠭᠯᠢ ᠪᠠᠷ Commonwealth of Australia)ᠨᠢ ᠠᠦᠢᠰᠲ᠋ᠷᠯᠢᠶ᠎ᠠ ᠲᠢᠪᠲᠠᠰᠠᠮᠠᠨ ᠠᠷᠠᠯᠡᠨᠡᠳᠬᠡᠭ ᠦᠨ ᠳᠠᠯᠠᠢᠨᠣᠮᠣᠬᠠᠨ ᠳᠠᠯᠠᠢ ᠳᠤ ᠤᠷᠤᠰᠢᠬᠤ ᠠᠷᠠᠯ ᠤᠳ ᠠᠴᠠ ᠲᠣᠭᠲᠠᠬᠤ ᠳᠠᠯᠠᠢ ᠶᠢᠨ ᠣᠷᠣᠨ ᠶᠤᠮ᠃ ᠬᠣᠶᠢᠳᠤ ᠲᠠᠯ᠎ᠠ ᠳᠤ ᠨᠢ ᠢᠨᠳᠦ᠋ᠨᠢᠱᠢᠶ ᠠᠵᠡᠭᠦᠨ ᠲᠢᠮᠣᠷᠫᠠᠫᠦᠠ-ᠰᠢᠨ᠎ᠡ ᠭᠸᠨᠢᠶ ᠠ᠂ ᠵᠡᠭᠦᠨ ᠬᠣᠶᠢᠳᠤ ᠲᠠᠯ᠎ᠠ ᠳᠤ ᠨᠢ ᠰᠣᠯᠣᠮᠣᠨ ᠤ ᠠᠷᠠᠯ ᠤᠳᠸᠧᠨᠧᠰᠰᠢᠨ᠎ᠡ ᠺᠠᠯᠧᠳᠣᠨᠢ (ᠹᠷᠠᠨᠼᠢ ᠍ ᠤᠨ ᠬᠡᠰᠡᠭ)᠂ ᠵᠡᠭᠦᠨ ᠡᠮᠦᠨᠡᠲᠦ ᠲᠠᠯ᠎ᠠ ᠳᠤ ᠨᠢ ᠰᠢᠨ᠎ ᠡ ᠽᠸᠨᠯᠠᠨᠲᠤ᠋ ᠣᠷᠣᠰᠢᠳᠠᠭ᠃ ᠠᠦᠢᠰᠲ᠋ᠷᠯᠢᠶ᠎ᠠ ᠨᠢ ᠪᠦᠲᠦᠨ ᠲᠢᠪ ᠢ ᠡᠵᠡᠯᠡᠳᠡᠭ ᠴᠣᠷ ᠤᠨ ᠭᠠᠭᠴᠠ ᠣᠷᠣᠨ ᠶᠤᠮ᠃ (ᠪᠦᠷᠢᠨ ᠠᠭᠤᠯᠭ᠎ᠠ ᠶᠢ ᠤᠩᠰᠢᠬᠤ)

ᠰᠢᠷ᠎ᠠ ᠠᠶᠢᠷᠠᠭ
ᠰᠢᠷ᠎ᠠ ᠠᠶᠢᠷᠠᠭ

ᠰᠢᠷ᠎ᠠ ᠠᠶᠢᠷᠠᠭᠬᠢᠲᠠᠳ ᠢᠶᠠᠷ 啤酒︶ ᠨᠢ ᠳᠡᠯᠡᠬᠡᠢ ᠳᠡᠭᠡᠷᠡᠬᠢ ᠡᠷᠲᠡᠨ ᠦ᠂ ᠮᠥᠨ ᠬᠠᠮᠤᠭ ᠤᠨ ᠥᠷᠭᠡᠨ ᠬᠡᠷᠡᠭᠯᠡᠭᠳᠡᠳᠡᠭ ᠰᠤᠭᠳᠤᠭᠤᠷᠠᠭᠤᠯᠬᠤ ᠤᠮᠳᠠᠭᠠᠨ ᠤ ᠨᠢᠭᠡ ᠲᠥᠷᠥᠯ ᠶᠤᠮ᠃ ᠭᠣᠣᠯ ᠲᠥᠯᠥᠪ ᠠᠷᠪᠠᠢ ᠶᠢ ᠬᠥᠷᠥᠩᠭᠡ ᠪᠡᠷ ᠢᠰᠬᠡᠵᠦ ᠬᠢᠨ᠎ᠡ᠃ ᠮᠥᠨ ᠤᠯᠠᠭᠠᠨ ᠪᠤᠭᠤᠳᠠᠢᠡᠷᠳᠡᠨᠢ ᠰᠢᠰᠢᠲᠤᠲᠤᠷᠭ᠎ᠠ ᠭᠡᠬᠦ ᠮᠡᠲᠦ ᠥᠷᠭᠡᠨ ᠬᠡᠷᠡᠭᠯᠡᠭᠳᠡᠵᠦ ᠪᠠᠶᠢᠨ᠎ᠠ᠃ ᠶᠡᠬᠡᠩᠬᠢ ᠰᠢᠷ᠎ᠠ ᠠᠶᠢᠷᠠᠭ  ᠤᠨ  ᠨᠠᠶᠢᠷᠠᠯᠭ᠎ᠠ ᠳᠤ ᠵᠥᠷᠢᠭ ᠴᠡᠴᠡᠭ ᠤᠷᠤᠬᠤ ᠪᠠ ᠡᠨᠡ ᠨᠢ ᠠᠮᠲᠠ ᠦᠨᠦᠷ᠂ ᠣᠬᠢ ᠨᠡᠮᠡᠬᠦ ᠡᠴᠡ ᠭᠠᠳᠠᠨ᠎ᠠ ᠬᠠᠳᠠᠭᠠᠯᠠᠯᠲᠠ ᠳᠤ ᠰᠠᠶᠢᠨ ᠨᠥᠯᠥᠭᠡ ᠲᠡᠢ᠃ ᠰᠢᠷ᠎ᠠ ᠠᠶᠢᠷᠠᠭ ᠨᠢ ᠭᠣᠣᠯᠳᠠᠭᠤ 4-6% (100 ᠮᠢᠯᠢᠯᠢᠲ᠋ᠷ   ᠲᠤ 4-6 ᠮᠢᠯᠢᠯᠢᠲ᠋ᠷ) ᠰᠫᠢᠷᠲ ᠠᠭᠤᠯᠬᠤ ᠪᠠ ᠰᠡᠭᠦᠯ ᠦᠨ ᠦᠶ᠎ᠡ ᠳᠦ 1% ᠍  ᠠᠴᠠ ᠳᠣᠭᠣᠭᠰᠢ (ᠵᠢᠯᠤᠭᠤ ᠪᠠᠷᠢᠬᠤ ᠳᠤ ᠨᠥᠯᠥᠭᠡᠯᠡᠬᠦ ᠦᠭᠡᠢ) ᠪᠣᠯᠤᠨ 20% ᠍  ᠠᠴᠠ ᠢᠯᠡᠭᠦᠦ ᠰᠫᠢᠷᠲ ᠲᠡᠢ ᠬᠠᠲᠠᠭᠤ ᠲᠥᠷᠥᠯ ᠦᠳ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠡᠷᠴᠢᠰ
ᠡᠷᠴᠢᠰ

ᠡᠷᠴᠢᠰ ᠮᠥᠷᠡᠨ ( 额尔齐斯河) ᠨᠢ ᠰᠢᠪᠸᠷᠢᠶ ᠠ  ᠪᠡᠷ ᠤᠷᠤᠰᠳᠠᠭ᠂ ᠣᠪᠢ ᠮᠥᠷᠡᠨ ᠦ ᠬᠠᠮᠤᠭ ᠤᠨ ᠲᠣᠮᠣ ᠴᠢᠳᠬᠤᠯ ᠭᠣᠣᠯ ᠶᠤᠮ᠃ ᠡᠷᠴᠢᠰ ᠮᠥᠷᠡᠨ ᠳᠦ ᠴᠢᠳᠬᠤᠳᠠᠭ ᠭᠣᠣᠯ ᠤᠳ ᠠᠴᠠ ᠬᠠᠮᠤᠭ ᠤᠨ ᠲᠣᠮᠣ ᠨᠢ ᠲᠣᠪᠤᠯ ᠭᠣᠣᠯ ᠪᠣᠯᠤᠨ᠎ᠠ᠃ ᠣᠪᠢ-ᠡᠷᠴᠢᠰ ᠨᠢ ᠠᠽᠢ ᠳᠤ ᠪᠠᠨ ᠲᠣᠮᠣᠬᠠᠨ ᠳᠤ ᠤᠷᠤᠬᠤ ᠠᠢ ᠰᠠᠪᠠ ᠶᠢ ᠪᠦᠷᠢᠳᠦᠭᠦᠯᠳᠡᠭ ᠪᠥᠭᠡᠳ ᠪᠠᠷᠠᠭᠤᠨ ᠰᠢᠪᠸᠷᠢᠶ ᠠᠠᠯᠲᠠᠢ ᠶᠢᠨ ᠨᠢᠷᠤᠭᠤᠨ ᠤ ᠶᠡᠬᠡᠩᠬᠢ ᠬᠡᠰᠡᠭ ᠢ ᠬᠠᠮᠤᠷᠳᠠᠭ᠃ ᠮᠣᠩᠭᠣᠯ ᠤᠨ ᠨᠢᠭᠤᠴᠠ ᠲᠣᠪᠴᠢᠶᠠᠨ ᠤ 198 ᠳ᠋ᠤᠭᠠᠷ ᠪᠦᠯᠦᠭ ᠲ᠋ᠤ 《ᠨᠠᠢᠮᠠᠨ ᠤ ᠬᠦᠴᠦᠭᠦᠯᠦᠭ ᠬᠠᠭᠠᠨ ᠤᠯᠤᠰ ᠢᠶᠠᠨ ᠠᠯᠳᠠᠭᠠᠳ ᠴᠥᠭᠡᠨ ᠬᠦᠮᠦᠨ ᠲᠡᠢ ᠳᠤᠲᠠᠭᠠᠵᠤ ᠶᠠᠪᠤᠭ᠎ᠠ ᠮᠡᠷᠬᠢᠳ ᠦᠨ ᠲᠣᠭᠲᠠᠭ᠎ᠠ ᠲᠠᠢ ᠠᠭᠤᠯᠵᠠᠵᠤ᠂ ᠡᠷᠴᠢᠰ ᠮᠥᠷᠡᠨ ᠦ ᠪᠦᠬᠦᠳᠡᠷᠮᠡ ᠭᠡᠳᠡᠭ ᠭᠠᠵᠠᠷ ᠬᠠᠮᠲᠤᠷᠠᠨ ᠴᠡᠷᠢᠭ ᠢᠶᠡᠨ ᠵᠠᠰᠠᠵᠤ ᠪᠠᠶᠢᠵᠠᠢ》 ᠭᠡᠵᠦ ᠳᠤᠷᠠᠳᠤᠭᠳᠠᠭᠰᠠᠨ ᠪᠠᠶᠢᠳᠠᠭ᠃ ᠡᠷᠴᠢᠯᠡᠬᠦ᠂ ᠲᠡᠷᠡᠴᠢᠯᠡᠨ ᠤᠷᠤᠰᠬᠤ ᠭᠡᠰᠡᠨ ᠦᠭᠡᠨ ᠡᠴᠡ ᠡᠷᠴᠢᠰ ᠭᠣᠣᠯ ᠤᠨ ᠨᠡᠷ᠎ᠡ ᠡᠭᠦᠰᠴᠡᠢ᠃ (ᠪᠦᠷᠢᠨ ᠠᠭᠤᠯᠭ᠎ᠠ ᠶᠢ ᠤᠩᠰᠢᠬᠤ)

ᠺᠠᠨᠠᠳᠠ
ᠺᠠᠨᠠᠳᠠ

ᠺᠠᠨᠠᠳᠠ (ᠠᠩᠭᠯᠢ ᠪᠠᠷ Canadaᠹᠷᠠᠨᠼᠢ ᠪᠠᠷ Canada᠂ ᠬᠢᠲᠠᠳ ᠢᠢᠡᠷ 加拿大 ) ᠨᠢ ᠬᠣᠶᠢᠳᠤ ᠠᠮᠧᠷᠢᠺᠠ ᠶᠢᠨ ᠬᠣᠶᠢᠳᠤ ᠬᠡᠰᠡᠭ ᠦᠨ ᠶᠡᠬᠡᠩᠬᠢ ᠨᠤᠲᠤᠭ ᠳᠡᠪᠢᠰᠬᠡᠷ ᠢ ᠡᠵᠡᠯᠡᠨ ᠣᠷᠣᠰᠢᠳᠠᠭ᠃ ᠵᠡᠭᠦᠨ ᠲᠠᠯ᠎ᠠ ᠠᠴᠠ ᠪᠠᠨ ᠠᠲ᠋ᠯᠠᠨᠲ ᠤᠨ ᠳᠠᠯᠠᠢ᠂ ᠪᠠᠷᠠᠭᠤᠨ ᠲᠠᠯ᠎ᠠ ᠪᠠᠷ ᠢᠶᠠᠨ ᠨᠣᠮᠣᠬᠠᠨ ᠳᠠᠯᠠᠢ᠂ ᠬᠣᠶᠢᠳᠤ ᠲᠠᠯ᠎ᠠ ᠪᠠᠷ ᠢᠶᠠᠨ ᠤᠮᠠᠷᠠᠳᠤ ᠮᠥᠰᠦᠨ ᠳᠠᠯᠠᠢ ᠨᠤᠭᠤᠳ ᠢᠶᠠᠷ ᠲᠤᠰ ᠲᠤᠰ ᠬᠦᠷᠢᠶᠡᠯᠡᠭᠳᠡᠨ᠎ᠡ᠃ ᠨᠤᠲᠤᠭ ᠳᠡᠪᠢᠰᠬᠡᠷ ᠢᠶᠡᠷ ᠢᠶᠡᠨ ᠳᠡᠯᠡᠬᠡᠢ ᠳᠤ ᠬᠣᠶᠠᠷ ᠲᠤ ᠣᠷᠣᠳᠠᠭ᠃ ᠺᠠᠨᠠᠳᠠ ᠨᠢ ᠪᠠᠷᠠᠭᠤᠨ ᠬᠣᠶᠢᠳᠤ ᠪᠠ ᠡᠮᠦᠨᠡᠲᠦ ᠲᠠᠯ᠎ᠠ ᠪᠠᠷ ᠢᠶᠠᠨ ᠠᠮᠧᠷᠢᠺᠠ ᠶᠢᠨ ᠨᠢᠭᠡᠳᠦᠭᠰᠡᠨ ᠤᠯᠤᠰ ᠍ ᠲᠠᠢ ᠬᠢᠯᠢ ᠵᠠᠯᠭᠠᠨ᠎ᠠ᠃ (ᠪᠦᠷᠢᠨ ᠠᠭᠤᠯᠭ᠎ᠠ ᠶᠢ ᠤᠩᠰᠢᠬᠤ)

ᠸᠠᠺᠼᠢᠨ
ᠸᠠᠺᠼᠢᠨ

ᠸᠠᠺᠼᠢᠨ (ᠬᠢᠲᠠᠳ ᠢᠶᠠᠷ 疫苗)ᠨᠢ ᠲᠤᠬᠠᠢ ᠶᠢᠨ ᠡᠪᠡᠳᠴᠢᠨ ᠢ ᠡᠰᠡᠷᠭᠦᠴᠡᠬᠦ ᠴᠢᠳᠠᠪᠦᠷᠢ ᠵᠢ ᠰᠠᠶᠢᠵᠢᠷᠭᠠᠭᠤᠯᠬᠤ ᠪᠢᠣᠯᠣᠭᠢ ᠶᠢᠨ ᠪᠡᠯᠡᠳᠦᠮᠡᠯ ᠶᠤᠮ᠃ ᠡᠪᠡᠳᠴᠢᠨ ᠡᠭᠦᠰᠬᠡᠭᠴᠢ ᠤᠷᠭᠠᠨᠢᠰᠧᠮ  ᠤᠨ ᠲᠥᠯᠥᠭᠡᠯᠡᠯ ᠪᠣᠯᠤᠭᠰᠠᠨ ᠵᠦᠢᠯ ᠢ ᠠᠭᠤᠯᠠᠭᠰᠠᠨ᠂ ᠤᠯᠠᠩᠬᠢ  ᠳᠦ ᠪᠡᠨ ᠮᠢᠺᠷᠣᠪ ᠤᠨ ᠬᠣᠣᠷ᠂ ᠦᠬᠦᠭᠦᠯᠦᠭᠰᠡᠨ ᠪᠣᠯᠤᠨ ᠰᠤᠯᠠᠷᠠᠭᠤᠯᠤᠭᠰᠠᠨ ᠡᠪᠡᠳᠴᠢᠨ ᠡᠭᠦᠰᠬᠡᠭᠴᠢ ᠶᠢ ᠠᠭᠤᠯᠠᠳᠠᠭ᠃ ᠡᠳᠡᠭᠡᠷ ᠵᠦᠢᠯ ᠦᠳ ᠨᠢ ᠪᠡᠶ᠎ᠡ ᠶᠢᠨ ᠢᠮᠤᠨ ᠰᠢᠰᠲ᠋ᠧᠮ ᠢ ᠥᠳᠥᠭᠡᠨ᠎ᠡ᠃ ᠡᠶᠢᠮᠦ ᠡᠴᠡ ᠡᠳᠡᠭᠡᠷ ᠮᠢᠺᠷᠣ᠋ ᠤᠷᠭᠠᠨᠢᠰᠧᠮ ᠤᠳ ᠢ ᠳᠠᠬᠢᠨ ᠪᠡᠶ᠎ᠡ ᠳᠦ ᠣᠷᠣᠵᠤ ᠢᠷᠡᠬᠦ ᠳᠦ ᠨᠢ᠂ ᠢᠮᠤᠨ ᠰᠢᠰᠲ᠋ᠧᠮ ᠲᠠᠨᠢᠬᠤ ᠪᠠ ᠤᠰᠠᠳᠬᠠᠬᠤ ᠳᠤ ᠢᠯᠡᠭᠦᠦ ᠬᠢᠯᠪᠠᠷ ᠪᠣᠯᠳᠠᠭ᠃ ᠤᠷᠢᠳᠴᠢᠯᠠᠨ ᠰᠡᠷᠭᠡᠶᠢᠯᠡᠬᠦ ᠪᠠ ᠡᠮᠴᠢᠯᠡᠭᠡᠨ ᠤ (ᠬᠣᠣᠷᠲᠤ ᠬᠠᠪᠤᠳᠠᠷ ᠤᠨ ᠡᠰᠡᠷᠬᠦ ᠸᠠᠺᠼᠢᠨ ᠨᠢ ᠰᠤᠳᠤᠯᠭᠠᠨ ᠤ ᠲᠥᠪᠰᠢᠨ ᠳᠦ ᠶᠠᠪᠤᠭᠳᠠᠵᠤ ᠪᠠᠶᠢᠭ᠎ᠠ) ᠴᠢᠳᠠᠪᠤᠷᠢ ᠲᠠᠢ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠢᠯ ᠬᠠᠭᠠᠨᠲᠤ ᠤᠯᠤᠰ
ᠢᠯ ᠬᠠᠭᠠᠨᠲᠤ ᠤᠯᠤᠰ

ᠢᠯ ᠬᠠᠭᠠᠨᠲᠤ ᠤᠯᠤᠰ ᠨᠢ ᠠᠷᠪᠠᠨ ᠭᠤᠷᠪᠠᠳᠤᠭᠠᠷ ~ ᠠᠷᠪᠠᠨ ᠳᠥᠷᠪᠡᠳᠦᠭᠡᠷ ᠵᠠᠭᠤᠨ ᠤ ᠦᠶ᠎ᠡ ᠶᠢᠨ ᠮᠣᠩᠭᠣᠯ ᠤᠨ ᠡᠵᠡᠨᠲᠦ ᠭᠦᠷᠦᠨ ᠦ ᠳᠣᠲᠣᠷᠠᠬᠢ ᠳᠥᠷᠪᠡᠨ ᠶᠡᠬᠡ ᠬᠠᠭᠠᠨᠲᠤ ᠤᠯᠤᠰ  ᠤᠨ ᠨᠢᠭᠡ ᠶᠤᠮ᠃ ᠲᠤᠰ ᠤᠯᠤᠰ ᠨᠢ ᠫᠧᠷᠰ ᠲᠤ ᠲᠥᠪᠯᠡᠷᠡᠵᠦ᠂ ᠥᠨᠥ ᠶᠢᠨ ᠢᠷᠡᠨᠢᠷᠠᠺᠠᠹᠬᠠᠨᠨᠢᠰᠲᠠᠨᠲᠦᠺᠮᠧᠨᠢᠰᠲᠠᠨᠠᠷᠮᠧᠨᠠᠽᠧᠷᠪᠠᠶᠢᠵᠠᠨᠭᠦᠷᠦᠵᠢᠶ ᠠᠲᠦᠷᠺ᠂ ᠪᠠᠷᠠᠭᠤᠨ ᠫᠠᠺᠢᠰᠲᠠᠨ  ᠤ ᠨᠤᠲᠤᠭ ᠳᠡᠪᠢᠰᠬᠡᠷ ᠢ ᠬᠠᠮᠤᠷᠴᠤ ᠪᠠᠶᠢᠯ᠎ᠠ᠃ ᠢᠯ ᠬᠠᠭᠠᠨᠲᠤ ᠤᠯᠤᠰ ᠢ ᠠᠩᠬ᠎ᠠ 1219 ~ 1224 ᠣᠨ ᠳᠤ ᠴᠢᠩᠭᠢᠰ ᠬᠠᠭᠠᠨ ᠬᠣᠷᠧᠽᠮ ᠤᠨ ᠡᠵᠡᠨᠲᠦ ᠤᠯᠤᠰ ᠍ ᠢ ᠪᠠᠶᠢᠯᠳᠤᠨ ᠳᠠᠭᠠᠭᠤᠯᠬᠤ ᠦᠶ᠎ᠡ ᠪᠡᠷ ᠦᠨᠳᠦᠰᠦᠯᠡᠭᠰᠡᠨ ᠪᠥᠭᠡᠳ ᠴᠢᠩᠭᠢᠰ ᠬᠠᠭᠠᠨ ᠤ ᠠᠴᠢ ᠦᠯᠡᠭᠦᠦ ᠬᠠᠨ ᠠᠩᠬ᠎ᠠ ᠪᠠᠶᠢᠭᠤᠯᠵᠠᠢ᠃ (ᠪᠦᠷᠢᠨ ᠠᠭᠤᠯᠭ᠎ᠠ ᠶᠢ ᠤᠩᠰᠢᠬᠤ)

ᠺᠠᠮᠪᠣᠵᠠ
ᠺᠠᠮᠪᠣᠵᠠ

ᠺᠠᠮᠪᠣᠵᠠ ᠪᠣᠶᠤ ᠺᠠᠮᠪᠣᠵᠠ ᠶᠢᠨ ᠸᠠᠩᠲᠤ ᠤᠯᠤᠰ ᠨᠢ ᠳᠣᠷᠣᠨ᠎ᠠ ᠡᠮᠦᠨᠡᠳᠦᠠᠽᠢᠶ᠎ᠠᠡᠨᠡᠳᠬᠡᠭ-ᠳᠤᠮᠳᠠᠳᠤ ᠶᠢᠨ ᠬᠣᠶᠢᠭ ᠲᠤ ᠪᠠᠶᠢᠷᠢᠯᠠᠯᠵᠤ᠂ ᠪᠠᠷᠠᠭᠤᠨ ᠲᠠᠯ᠎ᠠ ᠪᠠᠷ ᠢᠶᠠᠨ ᠲᠠᠶᠢᠯᠠᠨᠳ᠋ ᠂ ᠬᠣᠶᠢᠭᠤᠷ ᠢᠶᠠᠨ ᠯᠠᠤᠤ᠂ ᠵᠡᠭᠦᠨ ᠲᠠᠯ᠎ᠠ ᠪᠠᠷ ᠢᠶᠡᠨ ᠸᠢᠶᠧᠲ᠋ᠨᠠᠮ ᠵᠡᠷᠭᠡ ᠭᠤᠷᠪᠠᠨ ᠤᠯᠤᠰ ᠲᠠᠢ ᠭᠠᠵᠠᠷ ᠢᠶᠠᠷ ᠬᠢᠯᠢᠯᠡᠵᠦ᠂ ᠡᠮᠦᠨᠡᠭᠦᠷ ᠢᠶᠡᠨ ᠲᠠᠶᠢᠯᠠᠩᠳᠠ ᠶᠢᠨ ᠪᠣᠯᠤᠩ  ᠶᠢᠡᠷ ᠳᠠᠯᠠᠢ ᠳᠤ ᠲᠤᠯᠠᠨ ᠣᠷᠣᠰᠢᠳᠠᠭ ᠪᠦᠷᠢᠨ ᠡᠷᠬᠡᠲᠦ ᠤᠯᠤᠰ᠃ 181 ᠮᠢᠩᠭᠠᠨ ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ ᠳᠡᠯᠡᠬᠡᠢ ᠶᠢᠨ 88 ᠍ ᠳᠦᠭᠡᠷ ᠲᠣᠮᠣ ᠣᠷᠣᠨ᠂ 14.8 ᠰᠠᠶ᠎ᠠ ᠬᠦᠮᠦᠨ ᠠᠮᠠ ᠲᠠᠢ ᠳᠡᠯᠡᠬᠡᠢ ᠶᠢᠨ 69 ᠍ ᠳᠦᠭᠡᠷ ᠲᠣᠮᠣ ᠤᠯᠤᠰ ᠶᠤᠮ᠃ ᠨᠤᠲᠤᠭ ᠤᠨ ᠶᠡᠬᠡᠩᠬᠢ ᠬᠡᠰᠡᠭ ᠣᠢ ᠪᠠᠷ ᠬᠤᠴᠢᠭᠳᠠᠭᠰᠠᠨ᠃ ᠶᠡᠷᠦᠩᠬᠡᠢ ᠳᠤ ᠪᠡᠨ ᠠᠭᠤᠯᠠᠷᠬᠠᠭ ᠴᠤ ᠶᠡᠬᠡ ᠥᠨᠳᠥᠷ ᠠᠭᠤᠯᠠ ᠦᠭᠡᠢ᠃ ᠬᠠᠯᠠᠭᠤᠨ ᠣᠷᠣᠨ ᠤ ᠴᠢᠭᠢᠭᠯᠢᠭ ᠠᠭᠤᠷ ᠠᠮᠢᠰᠬᠤᠯ ᠲᠠᠢ᠃ ᠬᠦᠮᠦᠨ ᠠᠮᠠ ᠶᠢᠨ 90 ᠬᠤᠪᠢ ᠺᠬᠮᠧᠷ ᠦᠨᠳᠦᠰᠦᠲᠡᠨ᠂ ᠪᠤᠰᠤᠳ ᠨᠢ ᠸᠢᠶᠧᠲ᠋ᠬᠢᠲᠠᠳ᠂ ᠠᠭᠤᠯᠠ ᠶᠢᠨ ᠬᠢᠨ ᠭᠡᠳᠡᠭ᠃ (ᠪᠦᠷᠢᠨ ᠠᠭᠤᠯᠭ᠎ᠠ ᠶᠢ ᠤᠩᠰᠢᠬᠤ)

ᠬᠠᠷ᠎ᠠ ᠨᠦᠬᠡ
ᠬᠠᠷ᠎ᠠ ᠨᠦᠬᠡ

ᠬᠠᠷ᠎ᠠ ᠨᠦᠬᠡ ᠭᠡᠳᠡᠭ ᠨᠢ ᠭᠡᠷᠡᠯ ᠪᠣᠯᠤᠨ ᠠᠯᠢᠪᠠ ᠴᠠᠬᠢᠯᠭᠠᠨ ᠰᠣᠷᠢᠨᠵᠢᠨ ᠳᠣᠯᠭᠢᠶᠠᠨ ᠨᠡᠪᠲᠡᠷᠡᠨ ᠭᠠᠷᠬᠤ ᠪᠠᠷ ᠦᠭᠡᠢ ᠮᠠᠰᠢ ᠬᠦᠴᠦᠲᠡᠢ ᠲᠠᠲᠠᠯᠴᠠᠯ ᠤᠨ ᠣᠷᠣᠨ ᠡᠭᠦᠰᠦᠭᠰᠡᠨ ᠣᠭᠲᠠᠷᠭᠤᠢ ᠶᠢᠨ ᠣᠷᠣᠨ ᠵᠠᠢ ᠶᠤᠮ᠃ ᠬᠠᠷ᠎ᠠ ᠨᠦᠬᠡ ᠶᠢ ᠲᠣᠭᠣᠷᠢᠭᠠᠳ ᠡᠷᠭᠢᠨ ᠭᠠᠷᠬᠤ ᠪᠣᠯᠤᠮᠵᠢ ᠦᠭᠡᠢ ᠦᠵᠡᠭᠳᠡᠯ  ᠦᠨ ᠬᠠᠶᠠᠭ᠎ᠠ ᠭᠡᠳᠡᠭ ᠲᠣᠭᠠᠨ ᠤ ᠣᠬᠠᠭᠠᠨ ᠲᠤ ᠲᠣᠳᠣᠷᠬᠠᠶᠢᠯᠠᠭᠰᠠᠨ ᠭᠠᠳᠠᠷᠭᠤ ᠪᠠᠶᠢᠳᠠᠭ᠃ ᠦᠵᠡᠭᠳᠡᠬᠦ ᠭᠡᠷᠡᠯ ᠢ ᠥᠪᠡᠷᠲᠡᠭᠡᠨ ᠲᠠᠲᠠᠨ ᠰᠢᠩᠭᠡᠭᠡᠳᠡᠭ ᠤᠴᠢᠷ ᠠᠴᠠ ᠭᠠᠳᠠᠨ᠎ᠠ ᠶᠢᠨ ᠠᠵᠢᠭᠯᠠᠭᠴᠢ  ᠶᠢᠨ ᠬᠤᠪᠢ ᠳᠤ ᠬᠦᠷᠢᠶᠡᠯᠡᠨ ᠪᠤᠢ ᠬᠠᠷᠠᠩᠭᠤᠢ ᠣᠭᠲᠠᠷᠭᠤᠢ ᠶᠢᠨ ᠳᠡᠪᠢᠰᠬᠡᠷ ᠡᠴᠡ ᠢᠯᠭᠠᠷᠠᠨ ᠬᠠᠷᠠᠭᠳᠠᠬᠤ ᠪᠣᠯᠤᠮᠵᠢ ᠦᠭᠡᠢ ᠶᠤᠮ᠃ ᠲᠡᠶᠢᠮᠦ ᠤᠴᠢᠷ ᠠᠴᠠ ᠬᠠᠷ᠎ᠠ ᠨᠦᠬᠡ ᠬᠡᠮᠡᠨ ᠨᠡᠷᠡᠶᠢᠳᠦᠭᠰᠡᠨ ᠪᠣᠯᠤᠨ᠎ᠠ᠃ ᠥᠭᠡᠷ᠎ᠡ ᠪᠡᠷ ᠬᠡᠯᠡᠪᠡᠯ᠂ ᠲᠤᠬᠠᠢ ᠶᠢᠨ ᠬᠠᠶᠠᠭᠠᠨ ᠳᠤ ᠬᠦᠷᠦᠭᠰᠡᠨ ᠪᠦᠬᠦ ᠭᠡᠷᠡᠯ ᠢ ᠰᠣᠷᠣᠵᠤ ᠶᠠᠭᠤ ᠴᠤ ᠣᠶᠢᠯᠠᠭᠠᠭᠤᠯᠳᠠᠭ ᠦᠭᠡᠢ ᠪᠠ ᠶᠠᠭ ᠯᠠ ᠲᠧᠷᠮᠣᠳᠣᠨᠠᠮᠢᠺ ᠤᠨ ᠲᠡᠭᠦᠰ ᠬᠠᠷ᠎ᠠ ᠪᠡᠶᠡᠲᠦ ᠰᠢᠭ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠵᠠᠨᠠᠪᠠᠽᠠᠷ
ᠵᠠᠨᠠᠪᠠᠽᠠᠷ

ᠥᠨᠳᠥᠷ ᠭᠡᠭᠡᠨ ᠵᠠᠨᠠᠪᠠᠽᠠᠷ ᠪᠣᠯ ᠮᠣᠩᠭᠣᠯ ᠤᠯᠤᠰ ᠤᠨ ᠲᠥᠷᠥ ᠨᠡᠶᠢᠭᠡᠮ᠂ ᠱᠠᠰᠢᠨ ᠰᠤᠶᠤᠯ ᠤᠨ ᠨᠡᠷᠡᠲᠦ ᠵᠢᠳᠬᠦᠯᠲᠡᠨ᠂ ᠰᠢᠷ᠎ᠠ ᠶᠢᠨ ᠱᠠᠰᠢᠨ ᠤ ᠠᠩᠬᠠᠨ ᠤ ᠲᠡᠷᠢᠭᠦᠨ ᠪᠤᠶᠤ ᠠᠩᠬᠠᠳᠤᠭᠠᠷ ᠪᠣᠭᠳᠠ ᠵᠠᠪᠽᠤᠨᠳᠠᠮᠪᠠ ᠬᠤᠲᠤᠭᠲᠤ ᠪᠠᠶᠢᠪᠠ᠃ ᠲᠡᠷᠡ ᠪᠡᠷ 1635 ᠣᠨ ᠳᠤ ᠬᠠᠯᠬ᠎ᠠ ᠍ ᠤᠨ ᠲᠦᠰᠢᠶᠡᠲᠦ ᠬᠠᠨ ᠭᠣᠮᠪᠣᠳᠣᠷᠵᠢ  ᠶᠢᠨ ᠬᠣᠶᠠᠳᠤᠭᠠᠷ ᠬᠥᠪᠡᠭᠦᠨ ᠪᠣᠯᠵᠤ᠂ ᠬᠠᠨᠳᠠᠵᠠᠮᠰᠤ ᠬᠠᠲᠤᠨ ᠠᠴᠠ ᠣᠳᠣ ᠶᠢᠨ ᠥᠪᠦᠷ ᠬᠠᠩᠭᠠᠢ ᠠᠶᠢᠮᠠᠭ ᠤᠨ ᠵᠦᠢᠯ ᠰᠤᠮᠤ ᠍ ᠤᠨ ᠶᠢᠰᠦᠨ ᠵᠦᠢᠯ ᠭᠡᠳᠡᠭ ᠭᠠᠵᠠᠷ ᠢᠰᠢᠳᠣᠷᠵᠢ ᠨᠡᠷ᠎ᠡ ᠲᠡᠢ ᠪᠡᠷ ᠲᠥᠷᠦᠵᠡᠢ᠃ 1640 ᠣᠨ ᠳᠤ ᠳᠠᠯᠠᠢ ᠯᠠᠮᠠᠪᠠᠨᠴᠢᠨ ᠪᠣᠭᠳᠠ ᠠᠴᠠ ᠵᠠᠪᠵᠤᠨᠳᠠᠷᠨᠠᠲ ᠍ ᠤᠨ ᠬᠤᠪᠢᠯᠭᠠᠨ ᠢᠶᠠᠷ ᠲᠣᠳᠣᠷᠠᠭᠤᠯᠤᠨ ᠵᠠᠨᠠᠪᠠᠽᠠᠷ ᠢ 5 ᠨᠠᠰᠤᠲᠠᠢ ᠪᠠᠶᠢᠬᠤ ᠳᠤ ᠨᠢ ᠠᠩᠬᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠰᠢᠷᠡᠭᠡᠨ ᠳᠦ ᠵᠠᠯᠠᠵᠤ ᠬᠠᠯᠬ᠎ᠠ ᠮᠣᠩᠭᠣᠯ ᠍ ᠤᠨ ᠰᠢᠷ᠎ᠠ ᠶᠢᠨ ᠱᠠᠰᠢᠨ ᠤ ᠲᠡᠷᠢᠭᠦᠨ ᠳᠦ ᠡᠷᠭᠦᠮᠵᠢᠯᠡᠵᠡᠢ᠃ (ᠪᠦᠷᠢᠨ ᠠᠭᠤᠯᠭ᠎ᠠ ᠶᠢ ᠤᠩᠰᠢᠬᠤ)

ᠵᠥᠪᠯᠡᠯᠲᠦ ᠬᠣᠯᠪᠣᠭᠠᠲᠤ ᠤᠯᠤᠰ
ᠵᠥᠪᠯᠡᠯᠲᠦ ᠬᠣᠯᠪᠣᠭᠠᠲᠤ ᠤᠯᠤᠰ

ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ( ᠣᠷᠤᠰ ᠢᠢᠡᠷ Союз Советских Социалистических Республик ᠂ ᠠᠨᠭᠭᠯᠢ ᠪᠡᠷ Union of Soviet Socialist Republics ᠂ ᠬᠢᠲᠠᠳ  ᠢᠢᠡᠷ 苏维埃社会主义共和国联盟) ᠪᠣᠯ 1922 ᠍ ᠡᠴᠡ 1991 ᠣᠨ ᠬᠦᠷᠲᠡᠯ᠎ᠡ ᠧᠦ᠋ᠷᠦᠫᠠ ᠠᠽᠢ ᠵᠢ ᠰᠤᠨᠳᠠᠯᠠᠵᠤ ᠣᠷᠣᠰᠢᠨ ᠲᠣᠭᠲᠠᠨᠢᠭᠰᠠᠨ ᠰᠣᠽᠢᠶᠠᠯᠢᠰᠲᠤ ᠣᠷᠣᠨ ᠶᠤᠮ᠃ ᠵᠥᠪᠯᠡᠯᠲᠦ ᠬᠣᠯᠪᠣᠭᠠᠲᠤ ᠤᠯᠤᠰ ᠨᠢ 15 ᠪᠦᠭᠦᠳᠡ ᠨᠠᠶᠢᠷᠠᠮᠳᠠᠬᠤ ᠤᠯᠤᠰ ᠪᠣᠯᠤᠨ ᠬᠡᠳᠦ ᠬᠡᠳᠦᠨ ᠠᠦ᠋ᠲ᠋ᠣᠨᠣᠮᠢᠲᠤ ᠤᠯᠤᠰ᠂ ᠬᠢᠵᠠᠭᠠᠷ ᠤᠳ ᠠᠴᠠ ᠲᠣᠭᠲᠠᠭᠰᠠᠨ ᠬᠣᠯᠪᠣᠭᠠᠨ ᠤ ᠤᠯᠤᠰ ᠪᠠᠶᠢᠭᠰᠠᠨ᠃ ᠡᠨᠡ ᠬᠣᠯᠪᠣᠭᠠᠨ ᠤ ᠤᠯᠤᠰ ᠨᠢ ᠳᠡᠯᠡᠬᠡᠢ ᠢᠢᠨ ᠬᠠᠭᠤᠷᠠᠢ ᠭᠠᠵᠠᠷ ᠤᠨ ᠵᠢᠷᠭᠤᠭᠠᠨ ᠤ ᠨᠢᠭᠡ ᠶᠢ ᠬᠠᠮᠤᠷᠤᠭᠰᠠᠨ 255 ᠰᠠᠶ᠎ᠠ ᠬᠦᠮᠦᠨ ᠠᠮᠠ ᠲᠠᠢ ᠶᠡᠬᠡ ᠭᠦᠷᠦᠨ ᠪᠠᠶᠢᠯ᠎ᠠ᠃ ᠵᠥᠪᠯᠡᠯᠲᠦ ᠬᠣᠯᠪᠣᠭᠠᠲᠤ ᠤᠯᠤᠰ ᠨᠢ ᠦᠵᠡᠯ ᠰᠤᠷᠲᠠᠯ ᠤᠨ ᠬᠤᠪᠢ ᠳᠤ ᠳᠡᠯᠡᠬᠡᠢ ᠶᠢᠨ ᠰᠣᠽᠢᠶᠠᠯᠢᠰᠲᠤ ᠯᠠᠭᠧᠷ ᠤᠨ ᠲᠡᠷᠢᠭᠦᠯᠡᠭᠴᠢ᠂ ᠴᠡᠷᠢᠭ ᠤᠯᠤᠰ ᠲᠥᠷᠥ ᠶᠢᠨ ᠸᠠᠷᠰᠢᠪᠠ ᠶᠢᠨ ᠭᠡᠷ᠎ᠡ ᠶᠢᠨ ᠣᠷᠣᠨ ᠨᠤᠭᠤᠳ ᠤᠨ ᠭᠣᠣᠯ ᠬᠦᠴᠦᠨ ᠪᠠᠶᠢᠭᠰᠠᠨ ᠶᠤᠮ᠃ (ᠪᠦᠷᠢᠨ ᠠᠭᠤᠯᠭ᠎ᠠ ᠶᠢ ᠤᠩᠰᠢᠬᠤ)

ᠰᠢᠷᠭᠤᠯᠵᠢ
ᠰᠢᠷᠭᠤᠯᠵᠢ

ᠰᠢᠷᠭᠤᠯᠵᠢ (ᠠᠩᠭᠯᠢ ᠪᠡᠷ Ant᠂ ᠬᠢᠲᠠᠳ  ᠶᠢᠡᠷ 蚂蚁 ) ᠪᠤᠯ ᠬᠡᠳᠦᠨ ᠵᠠᠭᠤ ᠠᠴᠠ ᠬᠡᠳᠦᠨ ᠰᠠᠶ ᠠ ᠪᠠᠷ ᠢᠶᠠᠨ ᠪᠦᠯᠦᠭ ᠪᠣᠯᠤᠨ ᠠᠮᠢᠳᠤᠷᠠᠳᠠᠭ ᠰᠢᠪᠠᠵᠢᠨ ᠤ ᠠᠶᠢᠮᠠᠭ ᠤᠨ ᠲᠣᠮᠣᠬᠠᠨ ᠲᠥᠯᠥᠭᠡᠯᠡᠭᠴᠢ ᠠᠮᠢᠲᠠᠨ᠃ ᠰᠤᠳᠤᠯᠤᠭᠠᠴᠢᠳ ᠰᠢᠷᠭᠤᠯᠵᠢ ᠶᠢ ᠨᠡᠶᠢᠭᠡᠮᠰᠢᠭᠰᠡᠨ ᠰᠢᠪᠠᠵᠢ ᠴᠤ ᠭᠡᠬᠦ ᠨᠢ ᠪᠤᠢ᠃ ᠲᠡᠳᠡ ᠵᠣᠬᠢᠶᠠᠨ ᠪᠠᠶᠢᠭᠤᠯᠤᠯᠲᠠ᠂ ᠬᠠᠲᠠᠭᠤ ᠳᠦᠷᠢᠮ ᠵᠢᠷᠤᠮ ᠲᠠᠢ ᠠᠮᠢᠳᠤᠷᠠᠳᠠᠭ ᠢᠶᠠᠷ ᠢᠶᠠᠨ ᠬᠦᠮᠦᠨ ᠲᠡᠢ ᠲᠥᠰᠲᠡᠢ᠃ ᠬᠦᠮᠦᠨ ᠨᠡᠶᠢᠭᠡᠮ ᠤᠨ ᠪᠦᠲᠦᠭᠡᠭᠳᠡᠬᠦᠨ ᠪᠣᠯ ᠰᠢᠷᠭᠤᠯᠵᠢ ᠥᠪᠡᠷ ᠦᠨ ᠬᠠᠲᠤᠨ ᠬᠠᠭᠠᠨᠲᠤ ᠤᠯᠤᠰ ᠤᠨ ᠴᠡᠷᠢᠭ᠃ ᠡᠨᠡᠬᠦ ᠰᠢᠪᠠᠵᠢᠨ ᠤ ᠨᠡᠶᠢᠭᠡᠮ ᠬᠠᠲᠠᠭᠤ᠂ ᠴᠢᠩᠭ᠎ᠠ ᠳᠢᠭᠯᠢᠮ ᠲᠡᠢ᠃ ᠣᠯᠠᠨ ᠲᠥᠷᠥᠯ  ᠵᠦᠢᠯ  ᠤᠨ ᠰᠢᠷᠭᠤᠯᠵᠢ ᠪᠠᠶᠢᠬᠤ ᠪᠥᠭᠡᠳ ᠪᠦᠭᠦᠳᠡ ᠥᠪᠡᠷ ᠦᠨ ᠬᠠᠤᠯᠢ ᠪᠠᠷ  ᠶᠢᠡᠨ ᠠᠮᠢᠳᠤᠷᠠᠨ᠎ᠠ᠃ ᠲᠡᠳᠡ ᠪᠦᠲᠦᠭᠡᠨ ᠪᠠᠶᠢᠭᠤᠯᠵᠤ᠂ ᠬᠣᠭᠣᠯᠠ ᠬᠦᠨᠡᠰᠦ ᠪᠡᠨ ᠪᠠᠵᠠᠭᠠᠵᠤ᠂ ᠰᠢᠨ᠎ᠡ ᠦᠶ᠎ᠡ ᠶᠢ ᠬᠦᠮᠦᠵᠢᠭᠦᠯᠦᠨ᠎ᠡ᠃ (ᠪᠦᠷᠢᠨ ᠠᠭᠤᠯᠭ᠎ᠠ ᠶᠢ ᠤᠩᠰᠢᠬᠤ)

ᠬᠦᠮᠦᠨ ᠴᠢᠯᠠᠭᠤ
ᠬᠦᠮᠦᠨ ᠴᠢᠯᠠᠭᠤ

ᠬᠦᠮᠦᠨ ᠴᠢᠯᠠᠭᠤ ᠪᠤᠶᠤ ᠬᠦᠮᠦᠨ ᠴᠢᠯᠠᠭᠤᠨ ᠬᠥᠰᠢᠶ᠎ᠡ ᠨᠢ ( ᠠᠩᠭᠯᠢ ᠪᠡᠷ : Kurgan stelae ) ᠬᠦᠮᠦᠨ ᠳᠦᠷᠰᠦ ᠲᠡᠢ ᠪᠡᠷ ᠬᠢᠭᠰᠡᠨ ᠴᠢᠯᠠᠭᠤᠨ ᠬᠥᠰᠢᠶ᠎ᠡ ᠳᠤᠷᠠᠰᠬᠠᠯ ᠤᠳ ᠶᠤᠮ᠃ ᠬᠦᠮᠦᠨ ᠲᠥᠷᠦᠯᠬᠢᠲᠡᠨ ᠬᠦᠮᠦᠨ ᠴᠢᠯᠠᠭᠤᠨ ᠳᠤᠷᠠᠰᠬᠠᠯ ᠢ ᠮᠠᠨ ᠤ ᠡᠷᠡᠨ ᠦ ᠡᠮᠦᠨ᠎ᠡ 4000 ᠵᠢᠯ ᠦᠨ ᠦᠶᠡᠰ ᠪᠤᠶᠤ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠬᠦᠷᠡᠯ ᠵᠡᠪᠰᠡᠭ ᠦᠨ ᠦᠶ᠎ᠡ ᠡᠴᠡ ᠳᠤᠮᠳᠠᠳᠤ ᠵᠠᠭᠤᠨ ᠦ ᠦᠶ᠎ᠡ ᠬᠦᠷᠲᠡᠯ᠎ᠡ ᠪᠦᠲᠦᠭᠡᠵᠦ ᠪᠠᠶᠢᠭᠰᠠᠨ ᠭᠡᠵᠦ ᠦᠵᠡᠳᠡᠭ᠃ ᠬᠦᠮᠦᠨ ᠴᠢᠯᠠᠭᠤᠨ  ᠳᠤᠷᠠᠰᠬᠠᠯ ᠤᠳ ᠤᠨ ᠡᠷᠲᠡᠨ  ᠦᠶ᠎ᠡ ᠨᠢ ᠢᠷᠡᠨ ᠬᠡᠯᠡᠨ ᠦ ᠪᠦᠯᠦᠭ ᠦᠨ ᠨᠡᠭᠦᠳᠡᠯᠴᠢᠳ ᠪᠣᠯᠬᠤ ᠰᠺᠢᠹ  ᠤᠳ  ᠲᠡᠢ ᠬᠣᠯᠪᠣᠭ᠎ᠠ ᠲᠠᠢ ᠪᠠᠶᠢᠳᠠᠭ ᠪᠣᠯ ᠂ ᠳᠤᠮᠳᠠ ᠦᠶ᠎ᠡ ᠨᠢ ᠲᠦᠷᠺ  ᠤᠳ  ᠲᠡᠢ ᠬᠣᠯᠪᠣᠭ᠎ᠠ ᠲᠠᠢ ᠪᠠᠶᠢᠳᠠᠭ᠃ ᠳᠡᠯᠡᠬᠡᠢ ᠳᠤ ᠮᠣᠩᠭᠣᠯᠲᠥᠪ ᠠᠽᠢᠶ᠎ᠠᠡᠮᠦᠨᠡᠲᠦ ᠣᠷᠣᠰ ᠦᠺᠷᠠᠶᠢᠨ ᠪᠠ ᠫᠧᠷᠰ  ᠤᠨ ᠨᠤᠲᠤᠭ ᠲᠤ ᠣᠯᠠᠨ ᠲᠣᠭᠠᠨ ᠤ ᠬᠦᠮᠦᠨ ᠴᠢᠯᠠᠭᠤ ᠲᠣᠭᠲᠠᠭᠠᠭᠳᠠᠭᠠᠳ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠣᠷᠣᠰ ᠤᠨ ᠬᠣᠯᠪᠣᠭᠠᠨ ᠤ ᠤᠯᠤᠰ
ᠣᠷᠣᠰ ᠤᠨ ᠬᠣᠯᠪᠣᠭᠠᠨ ᠤ ᠤᠯᠤᠰ

ᠣᠷᠣᠰ ᠤᠯᠤᠰ ᠢ ᠠᠯᠪᠠᠨ ᠶᠣᠰᠣᠭᠠᠷ 《ᠣᠷᠣᠰ ᠤᠨ ᠬᠣᠯᠪᠣᠭᠠᠨ ᠤ ᠤᠯᠤᠰ 》(ᠣᠷᠤᠰ ᠢᠢᠡᠷРоссийская Федерация ᠂ ᠠᠨᠭᠭᠯᠢ ᠪᠡᠷ The Russian Federation᠂ ᠬᠢᠲᠠᠳ  ᠢᠢᠡᠷ 俄罗斯联邦 ) ᠭᠡᠳᠡᠭ᠃ ᠣᠷᠤᠰ ᠦᠨ ᠬᠣᠯᠪᠣᠭᠠᠨ ᠤ ᠤᠯᠤᠰ ᠨᠢ ᠬᠣᠶᠢᠳᠤ ᠧᠦ᠋ᠷᠦᠫᠠ ᠍ ᠠᠼᠢᠶ᠎ᠠ  ᠶᠢᠨ ᠣᠷᠣᠨ ᠶᠤᠮ᠃ ᠣᠷᠣᠰ ᠨᠢ ᠬᠠᠭᠠᠰ ᠶᠡᠷᠦᠩᠬᠡᠶᠢᠯᠡᠭᠴᠢ ᠶᠢᠨ ᠵᠠᠰᠠᠭᠯᠠᠯ ᠳᠤ ᠪᠦᠭᠦᠳᠡ ᠨᠠᠶᠢᠷᠠᠮᠳᠠᠬᠤ᠂ 83 ᠬᠠᠷᠢᠶᠠᠲᠤ ᠠᠩᠭᠢ ᠠᠴᠠ ᠪᠥᠷᠢᠳᠬᠦ ᠬᠣᠯᠪᠣᠭᠠᠨ ᠤ ᠤᠯᠤᠰ ᠶᠤᠮ᠃ ᠣᠷᠣᠰ ᠨᠢ ᠥᠷᠭᠡᠨ ᠠᠭᠤᠳᠠᠮ ᠨᠤᠲᠤᠭ ᠲᠠᠢ ᠤᠴᠢᠷ ᠪᠠᠷᠠᠭᠤᠨ ᠠᠴᠠ ᠵᠡᠭᠦᠨ ᠲᠡᠰᠢ ᠨᠤᠷᠸᠠᠢᠹᠢᠨᠯᠠᠨᠳ᠋ᠡᠰᠲᠤᠨᠯᠠᠲ᠋ᠸᠸᠢᠶ ᠠᠯᠢᠲ᠋ᠤᠠᠨᠢᠶ ᠠᠫᠣᠯᠠᠨᠳ᠋ᠴᠠᠭᠠᠨ ᠤᠷᠤᠰ ᠦᠺᠧᠷᠢᠨᠭᠦᠷᠦᠵᠢᠶ ᠠᠠᠽᠧᠷᠪᠠᠶᠢᠵᠠᠨ ᠺᠼᠠᠭᠰᠲᠠᠨᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰᠮᠣᠩᠭᠣᠯᠬᠣᠶᠢᠳᠤ ᠰᠣᠯᠣᠩᠭᠣᠰ ᠭᠡᠬᠦ ᠣᠯᠠᠨ ᠤᠯᠤᠰ ᠲᠠᠢ ᠬᠢᠯᠢ ᠵᠠᠯᠭᠠᠨ᠎ᠠ᠃ (ᠪᠦᠷᠢᠨ ᠠᠭᠤᠯᠭ᠎ᠠ ᠶᠢ ᠤᠩᠰᠢᠬᠤ)

ᠭᠧᠨᠧᠲ᠋ᠢᠭ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠭᠧᠨᠧᠲ᠋ᠢᠭ ( Genetics ᠂ 遗传学 ) ᠪᠣᠯ ᠠᠮᠢᠳᠤ ᠤᠷᠭᠠᠨᠢᠰᠧᠮ ᠤᠳ ᠤᠨ ᠬᠡᠯᠪᠡᠷᠢ ᠪᠣᠯᠤᠨ ᠤᠳᠤᠮᠰᠢᠯ ᠢ ᠰᠤᠳᠤᠯᠳᠠᠭ ᠰᠢᠨᠵᠢᠯᠡᠬᠦ ᠤᠬᠠᠭᠠᠨ ᠶᠤᠮ᠃ ᠪᠠᠯᠠᠷ ᠡᠷᠲᠡᠨ ᠦ ᠦᠶ᠎ᠡ ᠳᠦ ᠰᠣᠩᠭᠣᠨ ᠦᠷᠡᠵᠢᠭᠦᠯᠬᠦ ᠠᠷᠭ᠎ᠠ ᠪᠠᠷ ᠤᠷᠭᠤᠮᠠᠯ ᠪᠣᠯᠤᠨ ᠠᠮᠢᠲᠠᠨ ᠢ ᠰᠠᠶᠢᠵᠢᠷᠠᠭᠤᠯᠬᠤ ᠵᠣᠷᠢᠯᠭ᠎ᠠ ᠪᠠᠷ ᠣᠨᠴᠠᠯᠢᠭ ᠰᠢᠨᠵᠢ ᠴᠢᠨᠠᠷ ᠤᠨ ᠤᠳᠤᠮᠰᠢᠯ ᠤᠨ ᠲᠠᠯ᠎ᠠ ᠪᠠᠷ ᠬᠢ ᠮᠡᠳᠡᠯᠭᠡ ᠳᠠᠯᠳᠠᠭᠤᠷ ᠬᠤᠷᠢᠮᠲᠤᠯᠠᠭᠳᠠᠭᠰᠠᠭᠠᠷ ᠢᠷᠡᠭᠰᠡᠨ ᠶᠤᠮ᠃ ᠭᠡᠬᠦ ᠳᠡᠭᠡᠨ ᠤᠳᠤᠮᠰᠢᠯ ᠤᠨ ᠮᠧᠬᠠᠨᠢᠰᠧᠮ( ᠵᠦᠢ ᠲᠣᠭᠲᠠᠯ) ᠢ ᠣᠯᠵᠤ ᠲᠠᠨᠢᠬᠤ ᠵᠣᠷᠢᠯᠭ᠎ᠠ ᠲᠠᠢ ᠣᠷᠴᠢᠨ ᠦᠶ᠎ᠡ ᠶᠢᠨ ᠭᠧᠨᠧᠲ᠋ᠢᠭ ᠤᠨ ᠰᠢᠨᠵᠢᠯᠡᠬᠦ ᠤᠬᠠᠭᠠᠨ ᠨᠢ 18 ᠋᠋ ᠳᠤᠭᠠᠷ ᠵᠠᠭᠤᠨ ᠤ ᠳᠤᠮᠳᠠ ᠦᠶ᠎ᠡ ᠳᠦ ᠠᠮᠢᠳᠤᠷᠠᠵᠤ ᠪᠠᠶᠢᠭᠰᠠᠨ ᠭᠷᠧᠭᠣᠷ ᠮᠧᠨᠳᠧᠯ ᠤᠨ ᠬᠢᠭᠰᠡᠨ ᠠᠵᠢᠯ ᠠᠴᠠ ᠡᠬᠢᠯᠡᠳᠡᠭ᠃ ᠬᠡᠳᠦ᠋ᠢᠪᠡᠷ ᠲᠡᠷᠡ ᠪᠡᠷ ᠤᠳᠤᠮᠰᠢᠯ ᠤᠨ ᠵᠦᠢ ᠲᠣᠭᠲᠠᠯ ᠤᠨ ᠹᠢᠽᠢᠺ ᠤᠨ ᠰᠠᠭᠤᠷᠢ ᠲᠤᠯᠭᠠᠭᠤᠷᠢ ᠶᠢ ᠮᠡᠳᠡᠭᠡ ᠦᠭᠡᠢ ᠪᠠᠶᠢᠭᠰᠠᠨ ᠴᠤ ᠮᠧᠨᠳᠧᠯ ᠤᠳᠤᠮᠰᠢᠯ ᠤᠨ ᠲᠤᠯᠭᠠᠭᠤᠷᠢ ᠨᠢ ᠲᠣᠳᠣᠷᠬᠠᠢ ᠰᠢᠨᠵᠢ ᠴᠢᠨᠠᠷ ᠪᠤᠶᠤ ᠲᠡᠮᠳᠡᠭ  ᠤᠳ ᠬᠣᠭᠣᠷᠣᠨᠳᠣ ᠪᠠᠨ ᠬᠤᠯᠪᠤᠭᠳᠠᠬᠤ ᠦᠭᠡᠢ ᠵᠢᠮ᠎ᠡ ᠢᠶᠠᠷ ᠤᠳᠤᠮᠰᠢᠬᠤ ᠳ᠋ᠢᠰᠺᠷᠧᠲ (ᠪᠦᠬᠦᠯᠢ ᠲᠤᠰᠠᠭᠠᠷ) ᠶᠠᠪᠤᠴᠠ ᠪᠣᠯᠬᠤ ᠶᠢ ᠠᠵᠢᠭᠯᠠᠭᠰᠠᠨ ᠪᠠᠶᠢᠨ᠎ᠠ᠃ ᠤᠳᠤᠮᠰᠢᠯ ᠤᠨ ᠡᠳᠡᠭᠡᠷ ᠲᠤᠯᠭᠠᠭᠤᠷᠢ ᠨᠢᠭᠡᠴᠡ ᠨᠦᠭᠦᠳ ᠢ ᠥᠨᠥ ᠦᠶ᠎ᠡ ᠳᠦ 《ᠭᠧᠨ》 (Gene ᠂ 基因) ᠭᠡᠵᠦ ᠨᠡᠷᠡᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠪᠠᠶᠠᠳ
ᠪᠠᠶᠠᠳ

ᠪᠠᠶᠠᠳ - ᠮᠣᠩᠭᠣᠯ ᠦᠨᠳᠦᠰᠦᠲᠡᠨ  ᠤ ᠶᠠᠰᠤᠲᠠᠨᠣᠶᠢᠷᠠᠳ ᠠᠶᠠᠯᠭᠤᠲᠠᠨ᠂ ᠮᠣᠩᠭᠣᠯ ᠬᠡᠯᠡᠲᠡᠨ ᠃ ᠮᠣᠩᠭᠣᠯ ᠬᠡᠯᠡᠨ ᠦ « ᠪᠠᠶᠠᠨ » (« ᠴᠢᠨᠡᠭᠡᠯᠢᠭ » ᠂ « ᠠᠷᠪᠢᠨ ᠶᠠᠭᠤᠮ᠎ᠠ ᠲᠠᠢ »᠂ « ᠥᠨᠢᠷ » ᠭᠡᠬᠦ ᠮᠡᠲᠦ ᠣᠶᠢᠷᠠᠯᠴᠠᠭ᠎ᠠ ᠤᠳᠬ᠎ᠠ ᠲᠠᠢ) ᠭᠡᠬᠦ ᠲᠡᠮᠳᠡᠭ ᠨᠡᠷ᠎ᠡ ᠶᠢᠨ ᠣᠯᠠᠨ ᠲᠣᠭᠠᠨ ᠤ ᠦᠨᠳᠦᠰᠦᠨ ᠬᠤᠪᠢᠷᠠᠯ ᠨᠢ « ᠪᠠᠶᠠᠳ » ᠭᠡᠳᠡᠭ᠃ ᠪᠠᠶᠠᠳ ᠨᠢ ᠡᠷᠲᠡ ᠴᠠᠭ ᠲᠤ ᠲᠡᠦᠬᠡ ᠶᠢᠨ ᠲᠠᠪᠴᠠᠩ ᠳᠡᠭᠡᠷ᠎ᠡ ᠭᠠᠷᠴᠤ ᠢᠷᠡᠭᠰᠡᠨ᠂ ᠢᠵᠠᠭᠤᠷ ᠤᠨ ᠮᠣᠩᠭᠣᠯ ᠠᠶᠢᠮᠠᠭ ᠤᠨ ᠨᠢᠭᠡ ᠶᠠᠭᠤᠮ᠎ᠠ᠃ ᠾᠦᠩᠨᠦ ᠍ ᠵᠢᠨ ᠬᠠᠭᠠᠨ ᠮᠣᠳᠣᠨ ᠱᠠᠨᠦᠢ ᠣᠷᠳᠣᠰ ᠍ ᠤᠨ ᠲᠣᠬᠣᠢ ᠳᠤ ᠪᠠᠶᠢᠬᠤ ᠪᠠᠶᠠᠨ ᠠᠭᠤᠯᠠ ᠪᠠᠷ ᠨᠤᠲᠤᠭᠯᠠᠬᠤ ᠪᠠᠶᠠᠨ ᠣᠪᠤᠭ ᠢ ᠳᠠᠭᠠᠭᠤᠯᠪᠠ ᠭᠡᠰᠡᠨ ᠮᠡᠳᠡᠭᠡ ᠪᠤᠢ᠃ 6 ~8 ᠳ᠋ᠤᠭᠠᠷ ᠵᠠᠭᠤᠨ ᠤ ᠦᠶ᠎ᠡ ᠳᠦ ᠪᠠᠶᠠᠳ ᠤᠳ ᠬᠥᠯᠥᠨ᠂ ᠪᠤᠶᠢᠷ ᠨᠠᠭᠤᠷ ᠬᠠᠪᠢ ᠪᠡᠷ ᠨᠤᠲᠤᠭᠯᠠᠵᠤ ᠪᠠᠶᠢᠭᠰᠠᠨ ᠠᠵᠠᠢ᠃ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠴᠢᠩᠭᠢᠰ ᠬᠠᠭᠠᠨ ᠤ ᠮᠡᠳᠡᠯ ᠳᠦ ᠶᠠᠪᠤᠵᠤ ᠢᠷᠡᠭᠰᠡᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠠᠽᠧᠷᠪᠠᠶᠢᠵᠠᠨ
ᠠᠽᠧᠷᠪᠠᠶᠢᠵᠠᠨ

ᠠᠽᠧᠷᠪᠠᠶᠢᠵᠠᠨ (ᠮᠣᠩᠭᠤᠯ ᠢᠶᠡᠷ ᠠᠽᠸᠷᠪᠠᠶᠢᠵᠠᠨ᠂ ᠠᠩᠭᠯᠢ ᠪᠡᠷ Azerbaijan ᠂ ᠬᠢᠲᠠᠳ ᠢᠢᠡᠷ 阿塞拜疆) ᠶᠤᠮ᠃ ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠠᠽᠧᠷᠪᠠᠶᠢᠵᠠᠨ ᠤᠯᠤᠰ (ᠠᠽᠧᠷᠪᠠᠶᠢᠵᠠᠨ ᠶᠢᠡᠷ Azərbaycan Respublikası) ᠭᠡᠨ᠎ᠡ᠃ ᠤᠭ ᠨᠢ ᠥᠷᠥᠨᠡᠲᠦ ᠠᠽᠢᠶ᠎ᠠ ᠍ ᠶᠢᠨ ᠬᠢ, ᠠᠷᠠᠢ ᠥᠭᠡᠷ᠎ᠡ ᠪᠡᠷ ᠪᠣᠳᠣᠪᠠᠯ ᠳᠣᠷᠣᠨᠠᠲᠤ ᠧᠦ᠋ᠷᠣᠫᠠ ᠍ ᠤᠨ ᠬᠢ ᠭᠡᠵᠦ ᠪᠠᠰᠠ ᠬᠡᠯᠡᠵᠦ ᠪᠣᠯᠤᠨ᠎ᠠ᠃ ᠶᠠᠭ ᠠᠽᠧᠷᠪᠠᠶᠢᠵᠠᠨ᠂ ᠥᠪᠡᠷᠲᠡᠭᠡᠨ ᠵᠠᠰᠠᠬᠤ ᠨᠬᠴᠤᠸᠠᠩ ᠭᠡᠬᠦ ᠬᠣᠶᠠᠷ ᠰᠠᠯᠤᠩᠭᠢᠳᠠ ᠭᠠᠵᠠᠷ ᠲᠠᠢ᠃ ᠡᠨᠡ ᠬᠣᠶᠠᠷ ᠢ ᠠᠷᠮᠧᠨ ᠤ ᠨᠤᠲᠤᠭ ᠵᠠᠭᠠᠭᠯᠠᠵᠤ ᠪᠠᠶᠢᠳᠠᠭ᠃ ᠶᠠᠭ ᠠᠽᠧᠷᠪᠠᠶᠢᠵᠠᠨ ᠨᠢ ᠠᠷᠮᠧᠨ (566 ᠺᠢᠯᠣᠮᠧᠲ᠋ᠷ)᠂ ᠭᠦᠷᠦᠵᠢᠶ ᠠ (322 ᠺᠢᠯᠣᠮᠧᠲ᠋ᠷ)᠂ ᠣᠷᠣᠰ ᠬᠣᠯᠪᠣᠭᠠᠨ ᠤ ᠤᠯᠤᠰ (ᠳᠠᠺᠧᠰᠲ᠋ᠠᠨ 284 ᠺᠢᠯᠣᠮᠧᠲ᠋ᠷ)᠂ ᠢᠷᠡᠨ (432 ᠺᠢᠯᠣᠮᠧᠲ᠋ᠷ) ᠳᠥᠷᠪᠡᠨ ᠤᠯᠤᠰ ᠲᠠᠢ᠂ ᠨᠬᠴᠤᠸᠠᠩ ᠨᠢ ᠢᠷᠡᠨ᠂ ᠠᠷᠮᠧᠨ᠂ ᠲᠦᠷᠺ ᠲᠠᠢ ᠲᠤᠰ ᠲᠤᠰ ᠬᠢᠯᠢ ᠵᠠᠯᠭᠠᠨ᠎ᠠ᠃ (ᠪᠦᠷᠢᠨ ᠠᠭᠤᠯᠭ᠎ᠠ ᠶᠢ ᠤᠩᠰᠢᠬᠤ)

ᠬᠥᠩᠭᠡᠨᠴᠠᠭᠠᠨ
ᠬᠥᠩᠭᠡᠨᠴᠠᠭᠠᠨ

ᠬᠥᠩᠭᠡᠨᠴᠠᠭᠠᠨ (ᠬᠥᠩᠭᠡᠨ ᠮᠥᠩᠭᠥ ᠭᠡᠵᠦ ᠨᠡᠷᠡᠯᠡᠬᠦ ᠨᠢ ᠪᠤᠢ) ᠮᠥᠩᠭᠥᠯᠡᠭ ᠰᠠᠷᠠᠯ ᠥᠩᠭᠡᠲᠡᠢ᠂ ᠵᠥᠭᠡᠯᠡᠨ ᠮᠧᠲ᠋ᠠᠯ ᠶᠤᠮ᠃ ᠬᠢᠮᠢ ᠶᠢᠨ ᠲᠡᠮᠳᠡᠭᠯᠡᠭᠡ ᠨᠢ Al, ᠠᠲ᠋ᠣᠮ ᠤᠨ ᠳ᠋ᠤᠭᠠᠷ ᠨᠢ 13. ᠬᠥᠩᠭᠡᠨᠴᠠᠭᠠᠨ ᠢ ᠪᠣᠺᠰᠢᠲ ᠤᠨ ᠬᠥᠳᠡᠷ ᠡᠴᠡ ᠢᠯᠭᠠᠵᠤ ᠠᠪᠬᠤ ᠪᠠ ᠵᠢᠪᠡᠷᠡᠳᠡᠭ ᠦᠭᠡᠢ᠂ ᠪᠤᠰᠤᠳ ᠮᠧᠲ᠋ᠠᠯ ᠤᠳ ᠲᠠᠢ ᠬᠠᠷᠢᠴᠠᠭᠤᠯᠬᠤ ᠳᠤ ᠮᠠᠰᠢ ᠬᠥᠩᠭᠡᠨ᠂ ᠮᠠᠰᠢ ᠰᠠᠶᠢᠨ ᠴᠠᠬᠢᠯᠭᠠᠨᠳᠤᠯᠠᠭᠠᠨ ᠳᠠᠮᠵᠢᠭᠤᠯᠤᠭᠴᠢ ᠲᠤᠯᠠ᠂ ᠬᠥᠩᠭᠡᠨᠴᠠᠭᠠᠨ ᠪᠣᠯᠤᠨ ᠲᠡᠭᠦᠨ ᠦ ᠬᠠᠶᠢᠯᠤᠰᠢ ᠶᠢ ᠫᠤᠤᠵᠢᠩᠨᠢᠰᠬᠦ ᠣᠩᠭᠣᠴᠠ᠂ ᠲᠡᠭᠡᠭᠡᠪᠦᠷᠢ᠂ ᠴᠠᠬᠢᠯᠭᠠᠨ ᠳᠠᠮᠵᠢᠭᠤᠯᠬᠤ ᠪᠣᠯᠤᠨ ᠪᠠᠷᠢᠯᠭ᠎ᠠ ᠶᠢᠨ ᠦᠢᠯᠡᠳᠪᠦᠷᠢᠯᠡᠯ ᠳᠦ ᠥᠷᠭᠡᠨ ᠠᠰᠢᠭᠯᠠᠨ᠎ᠠ᠃ (ᠪᠦᠷᠢᠨ ᠠᠭᠤᠯᠭ᠎ᠠ ᠶᠢ ᠤᠩᠰᠢᠬᠤ)

ᠲᠠᠷᠭᠤᠯᠠᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠲᠠᠷᠭᠤᠯᠠᠯᠲᠠ (ᠬᠢᠲᠠᠳ ᠢᠶᠠᠷ 肥胖ᠠᠩᠭᠯᠢ ᠪᠠᠷ Obesity) ᠭᠡᠳᠡᠭ ᠨᠢ ᠪᠡᠶ᠎ᠡ ᠶᠢᠨ ᠵᠢᠩ ᠢᠯᠡᠭᠦᠳᠡᠬᠦ ᠳᠦ ᠬᠦᠷᠭᠡᠳᠡᠭ ᠥᠭᠡᠬᠦᠨ ᠦ ᠬᠤᠷᠠᠮᠳᠤᠯᠠᠯ ᠶᠠᠭᠤᠮ᠎ᠠ᠃ ᠬᠦᠮᠦᠨ ᠦ ᠪᠡᠶ᠎ᠡ ᠳᠦ ᠱᠠᠭᠠᠷᠳᠠᠯᠭ᠎ᠠ ᠲᠠᠢ ᠦᠶ᠎ᠡ ᠳᠦ ᠠᠰᠢᠭᠯᠠᠬᠤ ᠥᠭᠡᠬᠦ ᠦ ᠨᠥᠭᠡᠴᠡ ᠪᠤᠶᠤ ᠳ᠋ᠧᠫᠣ ᠭᠡᠵᠦ ᠪᠠᠶᠢᠳᠠᠭ᠃ ᠲᠠᠷᠭᠤᠯᠠᠬᠤ ᠦᠶ᠎ᠡ ᠳᠦ ᠡᠳᠡᠭᠡᠷ ᠳ᠋ᠧᠫᠣ ᠳᠤ ᠬᠡᠲᠦ ᠶᠡᠬᠡ ᠬᠡᠮᠵᠢᠶᠡᠨ ᠦ ᠥᠭᠡᠬᠦ ᠬᠤᠷᠠᠮᠲᠤᠯᠠᠭᠳᠠᠳᠠᠭ᠃ ᠲᠠᠷᠭᠤᠯᠠᠯᠲᠠ ᠶᠢᠨ ᠣᠨᠴᠠᠯᠢᠭ ᠠᠴᠠ ᠬᠠᠮᠢᠶᠠᠷᠤᠭᠠᠳ ᠡᠷᠡᠭᠲᠡᠢ ᠪᠠ ᠡᠮᠡᠭᠲᠡᠢ ᠲᠠᠷᠭᠤᠯᠠᠯᠲᠠ ᠭᠡᠵᠦ ᠢᠯᠭᠠᠳᠠᠭ᠃ ᠡᠷᠡᠭᠲᠡᠢ ᠲᠠᠷᠭᠤᠯᠠᠯᠲᠠ ᠶᠢᠨ ᠦᠶ᠎ᠡ ᠳᠦ ᠢᠯᠡᠭᠦᠳᠡᠯ ᠥᠭᠡᠬᠦ ᠨᠢ ᠶᠡᠬᠡᠪᠴᠢᠯᠡᠨ ᠭᠡᠳᠡᠰᠦ ᠪᠣᠯᠤᠨ ᠲᠡᠭᠦᠨ ᠡᠴᠡ ᠳᠡᠭᠡᠭᠰᠢ ᠬᠡᠰᠡᠭ ᠲᠦ ᠬᠤᠷᠠᠮᠲᠤᠯᠠᠭᠳᠠᠳᠠᠭ ᠪᠣᠯ ᠡᠮᠡᠭᠲᠡᠢ ᠲᠠᠷᠭᠤᠯᠠᠯᠲᠠ ᠶᠢᠨ ᠦᠶ᠎ᠡ ᠳᠦ ᠭᠤᠶ᠎ᠠ᠂ ᠥᠭᠡᠵᠡᠭᠡᠨ ᠦ ᠣᠷᠴᠢᠮ ᠬᠤᠷᠢᠮᠲᠤᠯᠠᠭᠳᠠᠳᠠᠭ᠃ (ᠪᠦᠷᠢᠨ ᠠᠭᠤᠯᠭ᠎ᠠ ᠶᠢ ᠤᠩᠰᠢᠬᠤ)

ᠪᠣᠯᠭᠠᠷᠢᠶ᠎ᠠ ᠤᠯᠤᠰ
ᠪᠣᠯᠭᠠᠷᠢᠶ᠎ᠠ ᠤᠯᠤᠰ

ᠪᠣᠯᠭᠠᠷᠢᠶ᠎ᠠ ᠤᠯᠤᠰᠬᠢᠲᠠᠳ ᠢᠶᠠᠷ 保加利亚︶  ᠨᠢ ᠳᠣᠷᠣᠨ᠎ᠠ ᠧᠦ᠋ᠷᠣᠫᠠ ᠪᠣᠯᠤᠨ ᠪᠠᠯᠺᠠᠨ ᠤ ᠬᠣᠶᠢᠭ  ᠤᠨ ᠵᠡᠭᠦᠨ ᠬᠡᠰᠡᠭ ᠲᠤ ᠪᠠᠶᠢᠷᠠᠯᠯᠠᠯᠵᠤ᠂ ᠡᠮᠦᠨᠡᠲᠦ ᠲᠠᠯ᠎ᠠ ᠪᠠᠷ ᠢᠶᠠᠨ ᠲᠦᠷᠺᠭᠷᠧᠺ᠂ ᠪᠠᠷᠠᠭᠤᠨ  ᠲᠠᠯ᠎ᠠᠳᠤ ᠪᠠᠨ ᠮᠠᠺᠧᠳᠠᠨᠰᠧᠷᠪ᠂ ᠬᠣᠶᠢᠰᠢ ᠪᠠᠨ ᠷᠤᠮᠠᠨᠢᠶ ᠠ ᠤᠯᠤᠰ ᠲᠠᠢ ᠬᠢᠯᠢᠯᠡᠨ ᠣᠷᠣᠰᠢᠳᠠᠭ᠃ ᠶᠡᠷᠦᠩᠬᠡᠢ ᠳᠤ ᠪᠡᠨ ᠠᠭᠤᠯᠠᠷᠬᠠᠭ ᠮᠥᠷᠲᠡᠭᠡᠨ ᠠᠭᠤᠯᠠᠰ ᠨᠢ ᠥᠨᠳᠥᠷ ᠪᠢᠰᠢ᠃ ᠷᠤᠮᠠᠨᠢᠶ ᠠ ᠲᠠᠢ ᠬᠢᠯᠢᠯᠡᠬᠦ ᠳᠤᠨᠠᠢ ᠮᠥᠷᠡᠨ ᠪᠣᠯᠤᠨ ᠲᠡᠩᠭᠢᠰ ᠬᠠᠪᠢ ᠪᠡᠷ ᠢᠢᠡᠨ ᠨᠠᠮ ᠳᠣᠣᠷ᠎ᠠ ᠲᠠᠯ᠎ᠠ ᠭᠠᠵᠠᠷ ᠲᠠᠢ᠃ ᠳᠡᠯᠡᠬᠡᠢ ᠳᠤ 105 ᠳ᠋ᠤᠭᠠᠷ ᠪᠠᠶᠢᠷᠢ ᠳᠤ ᠤᠷᠤᠬᠤ 110.9 ᠮᠢᠩ᠋ᠭᠠᠨ ᠺᠦᠸᠠᠳ᠋ ᠺᠢᠯᠣᠮᠧᠲ᠋ᠷ ᠨᠤᠲᠤᠭ ᠳᠡᠪᠢᠰᠭᠡᠷ ᠲᠠᠢ᠃ ᠪᠣᠯᠭᠠᠷᠢᠶ᠎ᠠ ᠤᠯᠤᠰ 681 ᠣᠨ ᠳᠤ ᠠᠩᠬ᠎ᠠ ᠡᠭᠦᠰᠦᠨ ᠪᠠᠶᠢᠭᠤᠯᠤᠭᠳᠠᠵᠤ᠂ 1393 ᠣᠨ ᠠᠴᠠ 500 ᠣᠷᠴᠢᠮ ᠵᠢᠯ ᠣᠰᠮᠠᠨ ᠳᠤ ᠳᠠᠷᠤᠯᠠᠭᠳᠠᠵᠤ ᠪᠠᠶᠢᠭᠠᠳ ᠣᠷᠣᠰ-ᠲᠦᠷᠺ ᠤᠨ ᠳᠠᠶᠢᠨ  ᠤ ᠦᠷ᠎ᠡ ᠳ᠋ᠦᠩ ᠳᠤ 1878 ᠣᠨ ᠳᠤ ᠲᠤᠰᠠᠭᠠᠷ ᠲᠣᠭᠲᠠᠨᠢᠵᠠᠢ᠃ 1946 ᠣᠨ ᠤ ᠬᠠᠭᠠᠨᠲᠤ ᠵᠠᠰᠠᠭ ᠢ ᠬᠠᠯᠠᠵᠤ᠂ 1990 ᠣᠨ ᠠᠴᠠ ᠥᠨᠥ ᠶᠢᠨ ᠠᠷᠠᠳᠴᠢᠯᠠᠭᠰᠠᠨᠵᠠᠬ᠎ᠠ ᠵᠡᠭᠡᠯᠢ ᠶᠢᠨ ᠡᠳ᠋ ᠍ ᠦᠨ ᠵᠠᠰᠠᠭ᠂ ᠫᠠᠷᠯᠠᠮᠧᠨ᠋ᠲ ᠤᠨ ᠪᠦᠭᠦᠳᠡ ᠨᠠᠶᠢᠷᠠᠮᠳᠠᠬᠤ ᠵᠠᠰᠠᠭ ᠲᠠᠢ ᠪᠦᠭᠦᠳᠡ ᠨᠠᠶᠢᠷᠠᠮᠳᠠᠬᠤ ᠪᠣᠯᠭᠠᠷᠢᠶ᠎ᠠ ᠤᠯᠤᠰ ᠪᠣᠯᠤᠨ ᠥᠭᠡᠷᠡᠴᠢᠯᠡᠨ ᠪᠠᠶᠢᠭᠤᠯᠤᠭᠳᠠᠭᠰᠠᠨ᠃ (ᠪᠦᠷᠢᠨ ᠠᠭᠤᠯᠭ᠎ᠠ ᠶᠢ ᠤᠩᠰᠢᠬᠤ)

ᠤᠭᠠᠯᠵᠠᠨ ᠤᠭᠤᠯᠢ
ᠤᠭᠠᠯᠵᠠᠨ ᠤᠭᠤᠯᠢ

ᠤᠭᠠᠯᠵᠠᠨ ᠤᠭᠤᠯᠢ (Strix nebulosa) (ᠬᠢᠲᠠᠳ ᠢᠶᠠᠷ 乌林鸮 )ᠨᠢ ᠳᠡᠯᠡᠬᠡᠢ ᠶᠢᠨ ᠪᠥᠮᠪᠥᠷᠴᠡᠭ ᠦᠨ ᠬᠣᠶᠢᠳᠤ ᠬᠠᠭᠠᠰ ᠲᠤ ᠲᠠᠷᠬᠠᠨ ᠠᠮᠢᠳᠤᠷᠠᠬᠤ ᠮᠠᠰᠢ ᠲᠣᠮᠣ ᠰᠢᠷ᠎ᠠ ᠰᠢᠪᠠᠭᠤ ᠶᠤᠮ᠃ ᠨᠠᠰᠤ ᠪᠡᠶ᠎ᠡ ᠭᠦᠢᠴᠡᠭᠰᠡᠨ ᠤᠭᠠᠯᠵᠠᠨ ᠤᠭᠤᠯᠢ ᠲᠣᠮᠣ᠂ ᠪᠥᠭᠡᠷᠡᠩᠬᠡᠢ ᠲᠣᠯᠣᠭᠠᠢ᠂ ᠰᠠᠷᠠᠯ ᠨᠢᠭᠤᠷ᠂ ᠰᠢᠷ᠎ᠠ ᠨᠢᠳᠦ ᠲᠡᠢ᠃ ᠲᠡᠳᠡ ᠴᠢᠬᠢᠨ ᠦ ᠰᠡᠪᠡᠯᠭᠡ ᠦᠭᠡᠢ ᠪᠠᠢᠵᠤ ᠋ ᠂ ᠮᠢᠬᠠᠴᠢᠨ ᠰᠢᠪᠠᠭᠤᠳ ᠤᠨ ᠳᠣᠲᠣᠷ᠎ᠠ ᠬᠠᠮᠤᠭ ᠤᠨ ᠲᠣᠮᠣ ᠨᠢᠭᠤᠷ ᠦᠨ ᠲᠣᠭᠣᠷᠢᠭ ᠲᠠᠢ ᠶᠤᠮ᠃ ᠪᠡᠶ᠎ᠡ ᠶᠢᠨ ᠤᠷᠲᠤ ᠪᠠᠷ ᠡᠭᠡᠯ ᠰᠢᠷ᠎ᠠ ᠰᠢᠪᠠᠭᠤ ᠲᠠᠢ ᠥᠷᠢᠰᠦᠯᠳᠥᠬᠦᠶᠢᠴᠡ ᠪᠥᠭᠡᠳ ᠳᠡᠯᠡᠬᠡᠢ ᠶᠢᠨ ᠬᠠᠮᠤᠭ ᠤᠨ ᠲᠣᠮᠣ ᠰᠢᠷ᠎ᠠ ᠰᠢᠪᠠᠭᠤᠳ ᠪᠣᠯᠤᠨ᠎ᠠ᠃ᠤᠭᠠᠯᠵᠠᠨ ᠤᠭᠤᠯᠢ 61-84 ᠰᠠᠨᠲ᠋ᠢᠮᠧᠲ᠋ᠷ ᠤᠷᠲᠤ᠂ ᠡᠮᠡᠭᠴᠢᠨ ᠨᠢ ᠳᠤᠮᠳᠠᠴᠢ ᠪᠠᠷ 72 ᠰᠠᠨᠲ᠋ᠢᠮᠧᠲ᠋ᠷ, ᠡᠷᠡᠭᠴᠢᠨ ᠨᠢ ᠠᠷᠠᠢ ᠪᠠᠭ᠎ᠠ 67 ᠰᠠᠨᠲ᠋ᠢᠮᠧᠲ᠋ᠷ ᠪᠠᠶᠢᠳᠠᠭ᠃ ᠳᠠᠯᠠᠪᠴᠢ ᠪᠠᠨ ᠳᠡᠯᠭᠡᠬᠦ ᠳᠦ 152 ᠰᠠᠨᠲ᠋ᠢᠮᠧᠲ᠋ᠷ ᠬᠦᠷᠬᠦ ᠪᠠ ᠪᠡᠶ᠎ᠡ ᠶᠢᠨ ᠵᠢᠩ ᠨᠢ 700-1800 ᠭᠷᠠᠮ ᠶᠤᠮ᠃ ᠶᠡᠬᠡᠩᠬᠢ ᠰᠢᠷ᠎ᠠ ᠰᠢᠪᠠᠭᠤᠨ ᠤ ᠵᠦᠢᠯ ᠳᠦ ᠡᠮᠡᠭᠴᠢᠨ ᠨᠢ ᠪᠡᠶ᠎ᠡ ᠪᠡᠷ ᠲᠣᠮᠣ ᠪᠠᠶᠢᠬᠤ ᠠᠵᠤᠭᠤ᠃ (ᠪᠦᠷᠢᠨ ᠠᠭᠤᠯᠭ᠎ᠠ ᠶᠢ ᠤᠩᠰᠢᠬᠤ)

ᠳᠠᠭᠤᠷ ᠶᠠᠰᠤᠲᠠᠨ
ᠳᠠᠭᠤᠷ ᠶᠠᠰᠤᠲᠠᠨ

ᠳᠠᠭᠤᠷ (ᠬᠢᠲᠠᠳ ᠢᠶᠠᠷ 达斡尔族 Dáwò'ěr zú) — ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨᠬᠠᠷᠠᠮᠦ᠋ᠷᠡᠨ ᠮᠤᠵᠢ᠂ ᠰᠢᠨᠵᠢᠶᠠᠩ ᠤᠶᠢᠭᠤᠷ ᠤᠨ ᠥᠪᠡᠷᠲᠡᠭᠡᠨ ᠵᠠᠰᠠᠬᠤ ᠣᠷᠣᠨ ᠍ ᠳᠦ ᠲᠠᠷᠬᠠᠨ ᠰᠠᠭᠤᠷᠢᠰᠢᠭᠰᠠᠨ ᠤᠭᠰᠠᠭᠠᠲᠠᠨ ᠤ ᠨᠡᠶᠢᠲᠡᠯᠢᠭ᠃ ᠳᠤᠮᠳᠠᠳᠤ ᠤᠯᠤᠰ ᠤᠨ ᠵᠠᠰᠠᠭ ᠤᠨ ᠭᠠᠵᠠᠷ ᠠᠴᠠ ᠲᠡᠳᠡᠨ ᠢ ᠮᠣᠩᠭᠣᠯᠴᠤᠳ ᠤᠨ ᠲᠣᠭᠠᠨ ᠳᠤ ᠣᠷᠣᠭᠤᠯᠳᠠᠭ ᠦᠭᠡᠢ᠃ 2000 ᠣᠨ ᠳᠤ 132,394 ᠳᠠᠭᠤᠷ ᠬᠦᠮᠦᠨ ᠲᠣᠭᠠᠯᠠᠭᠳᠠᠭᠰᠠᠨ ᠢᠶᠠᠷ ᠪᠣᠯ ᠳᠤᠮᠳᠠᠳᠤ ᠤᠯᠤᠰ ᠍ ᠤᠨ 56 ᠤᠭᠰᠠᠭᠠᠲᠠᠨ ᠠᠴᠠ ᠲᠣᠭ᠎ᠠ ᠪᠠᠷ ᠢᠶᠠᠨ 34 ᠍ ᠳᠦ ᠣᠷᠣᠨ᠎ᠠ᠃ (ᠪᠦᠷᠢᠨ ᠠᠭᠤᠯᠭ᠎ᠠ ᠶᠢ ᠤᠩᠰᠢᠬᠤ)

ᠬᠠᠩᠭᠠᠷᠢ
ᠬᠠᠩᠭᠠᠷᠢ

ᠬᠠᠩᠭᠠᠷᠢ ᠤᠯᠤᠰ (ᠬᠠᠩᠭᠠᠷᠢ/ᠮᠠᠵᠠᠷ ᠶᠢᠡᠷ Magyarországᠬᠢᠲᠠᠳ ᠢᠶᠠᠷ 匈牙利 ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠬᠠᠩᠭᠠᠷᠢ ᠤᠯᠤᠰ) ᠨᠢ ᠺᠠᠷᠫᠠᠲ ᠤᠨ ᠨᠠᠮ ᠳᠣᠣᠷ᠎ᠠ ᠭᠠᠵᠠᠷ ᠲᠤ ᠤᠷᠤᠰᠢᠬᠤ ᠳᠠᠯᠠᠢ ᠳᠤ ᠭᠠᠷᠤᠴᠠ ᠦᠭᠡᠢ ᠲᠥᠪ ᠧᠦ᠋ᠷᠣᠫᠠ ᠍ ᠤᠨ ᠤᠯᠤᠰ ᠶᠤᠮ᠃ ᠠᠦᠢᠰᠲ᠋ᠷᠢᠶ᠎ᠠᠰᠯᠣᠸᠠᠺᠦᠺᠷᠠᠶᠢᠨᠷᠤᠮᠠᠨᠢᠶ ᠠᠰᠧᠷᠪᠢᠺᠦᠷᠦᠠᠴᠢᠶ ᠠᠰᠯᠣᠸᠧᠨ ᠤᠯᠤᠰ ᠤᠳ ᠲᠠᠢ ᠬᠢᠯᠢᠯᠡᠨ᠎ᠡ᠃ ᠨᠡᠶᠢᠰᠯᠡᠯ ᠪᠣᠯᠤᠨ ᠬᠠᠮᠤᠭ ᠤᠨ ᠲᠣᠮᠣ ᠬᠣᠲᠠ ᠨᠢ ᠪᠤᠲᠠᠫᠧᠱᠲ ᠃ ᠬᠠᠩᠭᠠᠷᠢ ᠤᠯᠤᠰ ᠨᠢ ᠧᠦ᠋ᠷᠣᠫᠠ ᠶᠢᠨ ᠬᠣᠯᠪᠣᠭ᠎ᠠ ᠶ᠋ᠶᠨ ᠭᠡᠰᠢᠭᠦᠨ᠂ ᠠᠯᠪᠠᠨ ᠶᠣᠰᠣᠨ ᠤ ᠬᠡᠯᠡ ᠨᠢ ᠤᠷᠠᠯ ᠬᠡᠯᠡᠨ ᠦ ᠪᠦᠯᠦᠭ ᠦᠨ ᠬᠠᠩᠭᠠᠷᠢ ᠪᠤᠶᠤ ᠮᠠᠵᠠᠷ ᠬᠡᠯᠡ᠃ ᠡᠨᠡ ᠨᠢ ᠡᠨᠡᠳᠬᠡᠭ-ᠧᠦ᠋ᠷᠣᠫᠠ ᠬᠡᠯᠡᠨ ᠦ ᠢᠵᠠᠭᠤᠷ ᠲᠤ᠋ ᠪᠠᠭᠲᠠᠳᠠᠭ ᠦᠭᠡᠢ ᠧᠦ᠋ᠷᠣᠫᠠ ᠶᠢᠨ ᠬᠣᠯᠪᠣᠭᠠᠨ ᠤ ᠳᠥᠷᠪᠡᠨ ᠠᠯᠪᠠᠨ ᠶᠣᠰᠣᠨ ᠤ ᠬᠡᠯᠡᠨ ᠦ ᠨᠢᠭᠡ ᠨᠢ ᠶᠤᠮ᠃ (ᠪᠦᠷᠢᠨ ᠠᠭᠤᠯᠭ᠎ᠠ ᠶᠢ ᠤᠩᠰᠢᠬᠤ)

ᠡᠰ
ᠡᠰ

ᠡᠰ (cellula, ᠵᠢᠵᠢᠭ ᠥᠷᠥᠭᠡ ᠭᠡᠰᠡᠨ ᠤᠳᠬ᠎ᠠ ᠲᠠᠢ ᠯᠠᠲ᠋ᠢᠨ ᠦᠭᠡᠨ ᠡᠴᠡ ᠭᠠᠷᠤᠯᠲᠠᠢ) ᠨᠢ ᠠᠮᠢᠳᠤ ᠪᠤᠳᠠᠰ ᠍ ᠍ ᠢ ᠪᠦᠷᠢᠯᠳᠦᠭᠦᠯᠦᠭᠰᠡᠨ ᠬᠠᠮᠤᠭ ᠤᠨ ᠦᠨᠳᠦᠰᠦᠨ᠂ ᠬᠠᠮᠤᠭ ᠤᠨ ᠵᠢᠵᠢᠭ ᠨᠢᠭᠡᠴᠡ ᠶᠤᠮ᠃ ᠵᠠᠷᠢᠮ ᠠᠮᠢᠳᠤ ᠪᠤᠳᠠᠰ ᠵᠢᠱᠢᠶᠡᠯᠡᠪᠡᠯ ᠪᠠᠺᠲ᠋ᠧᠷᠢ ᠨᠢ ᠨᠢᠭᠡ ᠡᠰ ᠡᠴᠡ ᠪᠦᠷᠢᠯᠳᠦᠵᠡᠢ᠃ ᠪᠤᠰᠤᠳ ᠠᠮᠢᠳᠤ ᠪᠤᠳᠠᠰ ᠨᠢ ᠣᠯᠠᠨ ᠡᠰ ᠶᠢᠡᠷ ᠪᠦᠷᠢᠯᠳᠦᠭᠰᠡᠨ ᠶᠤᠮ (ᠵᠢᠱᠢᠶᠡᠯᠡᠪᠡᠯ᠂ ᠬᠦᠮᠦᠨ 40 ᠲᠦᠮᠡᠨ ᠳ᠋ᠦᠨᠭᠰᠢᠭᠤᠷ ᠡᠴᠡ 60 ᠲᠦᠮᠡᠨ ᠌ᠳ᠋ᠦᠨᠭᠰᠢᠭᠤᠷ ᠡᠰ ᠲᠡᠢ ᠪᠥᠭᠡᠳ ᠨᠢᠭᠡ ᠡᠰ ᠨᠢ ᠪᠠᠷᠤᠭ 10 µm ᠬᠡᠮᠵᠢᠶ᠎ᠡ ᠲᠡᠢ᠂ 1 ng ᠵᠢᠩ ᠲᠡᠢ ᠂ 1ng ᠭᠡᠳᠡᠭ ᠨᠢ 0.000001 ᠮᠢᠯᠢᠭ᠍ᠷᠠᠮ ᠲᠠᠢ ᠲᠡᠨᠭᠴᠡᠭᠦᠦ ). ᠡᠰ ᠦᠨ ᠳᠣᠲᠣᠭᠠᠳᠤ ᠦᠢᠯᠡ ᠠᠵᠢᠯᠯᠠᠭ᠎ᠠ ᠨᠢ ᠣᠳᠣ ᠴᠤ ᠰᠣᠨᠢᠷᠬᠠᠯ ᠲᠠᠲᠠᠭᠰᠠᠨ ᠬᠡᠪ ᠢᠶᠡᠷ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠡᠷᠭᠦᠨ᠎ᠡ ᠬᠣᠨ ᠤ ᠳᠣᠮᠣᠭ
ᠡᠷᠭᠦᠨ᠎ᠡ ᠬᠣᠨ ᠤ ᠳᠣᠮᠣᠭ

ᠡᠷᠭᠦᠨ᠎ᠡ ᠬᠣᠨ ᠤ ᠳᠣᠮᠣᠭ ᠨᠢ ᠨᠢᠷᠤᠨ ᠤᠯᠤᠰ ᠲᠦᠷᠦᠭ ᠦᠳ ᠲᠦ ᠴᠣᠬᠢᠭᠳᠠᠭᠰᠠᠨ ᠤ ᠳᠠᠷᠠᠭᠠᠬᠢ ᠦᠶ᠎ᠡ ᠶᠢᠨ ᠮᠣᠩᠭᠣᠯ ᠠᠶᠢᠮᠠᠭ ᠤᠳ ᠤᠨ ᠭᠠᠷᠤᠯ ᠡᠭᠦᠰᠦᠯ᠂ ᠨᠡᠭᠦᠳᠡᠯᠡᠯᠲᠡ ᠶᠢᠨ ᠲᠤᠬᠠᠢ ᠳᠣᠮᠣᠭ ᠪᠥᠭᠡᠳ ᠮᠣᠩᠭᠣᠯ᠂ ᠲᠦᠷᠦᠭ ᠦᠨ ᠠᠷᠠᠳ ᠣᠯᠠᠨ ᠤ ᠳᠤᠮᠳᠠ ᠶᠠᠷᠢᠭᠳᠠᠨ᠂ ᠮᠥᠨ ᠷᠠᠰᠢᠳ ᠠᠳᠠᠳᠢᠨ ᠦ ᠰᠤᠳᠤᠷ ᠤᠨ ᠴᠢᠭᠤᠯᠭᠠᠨ ᠍ ᠳᠦ ᠲᠡᠮᠳᠡᠭᠯᠡᠭᠳᠡᠭᠰᠡᠨ ᠪᠠᠶᠢᠳᠠᠭ᠃ ᠮᠣᠩᠭᠣᠯ᠂ ᠲᠦᠷᠦᠭ ᠦᠨ ᠠᠷᠠᠳ ᠣᠯᠠᠨ ᠤ ᠳᠤᠮᠳᠠ ᠶᠠᠷᠢᠭᠳᠠᠨ ᠦᠯᠡᠳᠡᠭᠰᠡᠨ ᠦ ᠪᠡᠨ ᠬᠤᠪᠢ ᠳᠤ ᠡᠨᠡᠬᠦ ᠳᠣᠮᠣᠭ ᠢ ᠲᠦᠷᠦᠭ ᠦᠨ ᠳᠣᠮᠣᠭ ᠭᠡᠵᠦ ᠦᠵᠡᠳᠡᠭ ᠲᠦᠷᠺ ᠭᠣᠣᠯᠳᠠᠭᠤ ᠰᠤᠳᠤᠯᠤᠭᠠᠴᠢᠳ ᠪᠠᠶᠢᠳᠠᠭ ᠴᠤ ᠡᠨᠡ ᠨᠢ ᠮᠠᠷᠭᠤᠭᠠᠨ ᠦᠭᠡᠢ ᠮᠣᠩᠭᠣᠯ ᠤᠨ ᠠᠷᠠᠳ ᠲᠦᠮᠡᠨ ᠦ ᠲᠤᠬᠠᠢ ᠳᠣᠮᠣᠭ ᠶᠤᠮ᠃ (ᠪᠦᠷᠢᠨ ᠠᠭᠤᠯᠭ᠎ᠠ ᠶᠢ ᠤᠩᠰᠢᠬᠤ)

ᠶᠡᠬᠡ ᠪᠷᠢᠲ᠋ᠠᠨ(ᠠᠩᠭᠯᠢ)
ᠶᠡᠬᠡ ᠪᠷᠢᠲ᠋ᠠᠨ(ᠠᠩᠭᠯᠢ)

ᠶᠡᠬᠡ ᠪᠷᠢᠲ᠋ᠠᠨ(ᠠᠩᠭᠯᠢ) -- ᠠᠯᠪᠠᠨ ᠶᠣᠰᠣᠭᠠᠷ ᠶᠡᠬᠡ ᠪᠷᠢᠲ᠋ᠠᠨ(ᠠᠩᠭᠯᠢ) ᠤᠮᠠᠷᠠᠳᠤ ᠠᠶᠢᠷᠯᠠᠨᠳ᠋ ᠍ ᠤᠨ ᠨᠢᠭᠡᠳᠦᠭᠰᠡᠨ ᠸᠠᠩᠲᠤ ᠤᠯᠤᠰ (ᠠᠩᠭᠯᠢ ᠪᠠᠷ The United Kingdom of Great Britain and Northern Ireland, United Kingdom, UK) ᠨᠢ ᠪᠠᠷᠠᠭᠤᠨ ᠧᠦ᠋ᠷᠣᠫᠠ ᠍ ᠤᠨ ᠠᠷᠠᠯ ᠤᠨ ᠤᠯᠤᠰ ᠶᠤᠮ᠃ ᠭᠠᠵᠠᠷ ᠨᠤᠲᠤᠭ ᠨᠢ ᠶᠡᠬᠡ ᠪᠷᠢᠲ᠋ᠠᠨ(ᠠᠩᠭᠯᠢ) ᠠᠷᠠᠯᠠᠶᠢᠷᠯᠠᠨᠳ᠋ ᠠᠷᠠᠯ ᠤᠨ ᠵᠡᠭᠦᠨ ᠬᠣᠶᠢᠳᠤ ᠬᠡᠰᠡᠭ᠂ ᠪᠤᠰᠤᠳ ᠵᠢᠵᠢᠭ ᠠᠷᠠᠯ ᠤᠳ ᠠᠴᠠ ᠲᠣᠭᠲᠠᠨ᠎ᠠ᠃ ᠤᠮᠠᠷᠠᠳᠤ ᠠᠶᠢᠷᠯᠠᠨᠳ᠋ ᠨᠢ ᠳᠠᠩ ᠢᠶᠠᠷ ᠢᠶᠠᠨ ᠥᠭᠡᠷ᠎ᠡ ᠤᠯᠤᠰ ᠲᠠᠢ ᠭᠠᠵᠠᠷ ᠢᠶᠠᠷ ᠬᠢᠯᠢᠯᠡᠳᠡᠭ᠃ ᠡᠨᠡ ᠬᠢᠯᠢ ᠶᠢ ᠡᠰᠡ ᠲᠣᠭᠠᠴᠠᠪᠠᠯ ᠶᠡᠬᠡ ᠪᠷᠢᠲ᠋ᠠᠨ(ᠠᠩᠭᠯᠢ) ᠨᠢ ᠠᠲ᠋ᠯᠠᠨᠲ ᠤᠨ ᠳᠠᠯᠠᠢᠤᠮᠠᠷᠠᠳᠤ ᠲᠡᠩᠭᠢᠰᠯᠠ-ᠮᠠᠩᠰᠢ ᠶᠢᠨ ᠬᠣᠭᠣᠯᠠᠢᠠᠶᠢᠷᠯᠠᠨᠳ᠋ ᠍ ᠤᠨ ᠲᠡᠩᠭᠢᠰ ᠢᠶᠠᠷ ᠬᠦᠷᠢᠶᠡᠯᠡᠭᠳᠡᠨ᠎ᠡ᠃ ᠬᠠᠮᠤᠭ ᠤᠨ ᠲᠣᠮᠣ ᠠᠷᠠᠯ ᠪᠣᠯᠬᠤ ᠶᠡᠬᠡ ᠪᠷᠢᠲ᠋ᠠᠨ(ᠠᠩᠭᠯᠢ) ᠨᠢ ᠯᠠ-ᠮᠠᠩᠰᠢ ᠶᠢᠨ ᠬᠣᠩᠭᠢᠯ ᠍ ᠤᠨ ᠠᠦ᠋ᠲ᠋ᠣ᠋ ᠵᠠᠮ ᠢᠶᠠᠷ ᠹᠷᠠᠨᠼᠢ ᠲᠠᠢ ᠬᠣᠯᠪᠣᠭᠳᠠᠳᠠᠭ᠃ (ᠪᠦᠷᠢᠨ ᠠᠭᠤᠯᠭ᠎ᠠ ᠶᠢ ᠤᠩᠰᠢᠬᠤ)

ᠹᠢᠽᠢᠺ
ᠹᠢᠽᠢᠺ

ᠪᠣᠳᠠᠰ ᠵᠦᠢ ᠪᠤᠶᠤ ᠹᠢᠽᠢᠺ (ᠭᠷᠧᠺ: φύσις (phúsis)᠂ «ᠪᠠᠶᠢᠭᠠᠯᠢ» ᠪᠠ «φυσικῆ» (phusiké)᠂ «ᠪᠠᠶᠢᠭᠠᠯᠢ ᠶᠢᠨ ᠲᠤᠬᠠᠢ ᠮᠡᠳᠡᠯᠭᠡ» ᠭᠡᠳᠡᠭ ᠡᠴᠡ ᠭᠠᠷᠤᠯ ᠲᠠᠢ) ᠨᠢ ᠮᠠᠰᠲ᠋ᠧᠷᠢᠡᠨᠧᠷᠭᠢᠣᠷᠣᠨ ᠵᠠᠢ ᠪᠠ ᠴᠠᠭ ᠬᠤᠭᠤᠴᠠᠭ᠎ᠠ ᠶᠢ ᠵᠠᠬᠢᠷᠳᠠᠭ ᠲᠤᠯᠭᠠᠭᠤᠷᠢ ᠬᠠᠤᠯᠢ ᠨᠤᠭᠤᠳ ᠢ ᠨᠡᠭᠡᠭᠡᠬᠦ ᠪᠣᠯᠤᠨ ᠤᠶᠢᠯᠠᠭᠠᠬᠤ ᠵᠣᠷᠢᠯᠭ᠎ᠠ ᠲᠠᠢ ᠰᠢᠨᠵᠢᠯᠡᠬᠦ ᠤᠬᠠᠭᠠᠨ ᠶᠤᠮ᠃ ᠹᠢᠽᠢᠺ ᠲᠦ ᠶᠢᠷᠲᠢᠨᠴᠦ ᠪᠠ ᠲᠡᠭᠦᠨ ᠦ ᠬᠠᠷᠢᠯᠴᠠᠨ ᠦᠢᠯᠡᠴᠢᠯᠡᠯ ᠦᠳ ᠦᠨ ᠡᠭᠡᠯ ᠬᠡᠰᠡᠭ ᠦᠳ᠂ ᠮᠥᠨ ᠲᠤᠯᠭᠠᠭᠤᠷᠢ ᠵᠠᠷᠴᠢᠮ ᠤᠳ ᠤᠨ ᠬᠦᠷᠢᠶᠡᠨ ᠳᠦ ᠰᠠᠶᠢᠨ ᠣᠶᠢᠯᠠᠭᠠᠵᠤ ᠪᠣᠯᠬᠤᠶᠢᠴᠠ ᠰᠢᠰᠲ᠋ᠧᠮ ᠦᠳ ᠢ ᠰᠢᠨᠵᠢᠯᠡᠬᠦ ᠶᠠᠪᠤᠳᠠᠯ ᠢ ᠠᠪᠴᠤ ᠦᠵᠡᠳᠡᠭ᠃ (ᠪᠦᠷᠢᠨ ᠠᠭᠤᠯᠭ᠎ᠠ ᠶᠢ ᠤᠩᠰᠢᠬᠤ)

ᠪᠤᠷᠢᠶᠠᠳ
ᠬᠠᠭᠠᠨᠲᠤ ᠣᠷᠣᠰ ᠤᠨ ᠦᠶ᠎ᠡ ᠶᠢᠨ ᠰᠡᠯᠡᠩᠭᠡ ᠶᠢᠨ ᠪᠤᠷᠢᠶᠠᠳ

ᠪᠤᠷᠢᠶᠠᠳ (ᠪᠣᠷᠢᠶᠠᠳ) — ᠮᠣᠩᠭᠣᠯ ᠤᠭᠰᠠᠭᠠᠲᠠᠨ ᠤ ᠡᠷᠲᠡᠨ ᠦ ᠨᠢᠭᠡᠨ ᠠᠶᠢᠮᠠᠭᠮᠣᠩᠭᠣᠯ ᠦᠨᠳᠦᠰᠦᠲᠡᠨ ᠦ ᠣᠳᠣ ᠶᠢᠨ ᠨᠢᠭᠡᠨ ᠶᠠᠰᠤᠲᠠᠨ᠂ ᠢᠵᠠᠭᠤᠷ ᠤᠨ ᠮᠣᠩᠭᠣᠯ ᠬᠡᠯᠡᠲᠤ ᠠᠷᠠᠳ ᠲᠦᠮᠡᠨ᠃ ᠣᠳᠣ ᠴᠠᠭ ᠲᠤ ᠪᠤᠷᠢᠶᠠᠳ ᠤᠳ 3 ᠤᠯᠤᠰ ᠲᠤ ᠲᠠᠷᠬᠠᠨ ᠰᠠᠭᠤᠳᠠᠭ᠃ ᠣᠷᠣᠰ ᠪᠣᠯᠤᠨ ᠮᠣᠩᠭᠣᠯ ᠤᠯᠤᠰ ᠲᠤ "ᠪᠤᠷᠢᠶᠠᠳ", ᠬᠢᠲᠠᠳ ᠤᠯᠤᠰ ᠲᠤ "ᠮᠣᠩᠭᠣᠯ" ᠭᠡᠬᠦ ᠨᠡᠷ᠎ᠡ ᠪᠡᠷ ᠬᠦᠮᠦᠨ ᠠᠮᠠ ᠶᠢᠨ ᠪᠦᠷᠢᠳᠬᠡᠯ ᠳᠦ ᠪᠦᠷᠢᠳᠬᠡᠭᠳᠡᠳᠡᠭ᠃ ᠣᠷᠣᠰ ᠲᠤ 461,389, ᠮᠣᠩᠭᠣᠯ ᠳᠤ 45,087, ᠬᠢᠲᠠᠳ ᠲᠤ 10,000 ᠣᠷᠴᠢᠮ ᠪᠤᠷᠢᠶᠠᠳ ᠬᠦᠮᠦᠨ ᠪᠤᠢ᠃ ᠪᠤᠷᠢᠶᠠᠳ ᠤᠳ ᠤᠨ ᠶᠡᠬᠡᠩᠬᠢ ᠨᠢ ᠣᠷᠣᠰ ᠬᠣᠯᠪᠣᠭᠠᠨ ᠤ ᠤᠯᠤᠰ ᠍ ᠤᠨ ᠪᠦᠭᠦᠳᠡ ᠨᠠᠶᠢᠷᠠᠮᠳᠠᠬᠤ ᠪᠤᠷᠢᠶᠠᠳ ᠤᠯᠤᠰᠳ᠋ᠦ ᠠᠮᠢᠳᠤᠷᠠᠳᠠᠭ᠃ (ᠪᠦᠷᠢᠨ ᠠᠭᠤᠯᠭ᠎ᠠ ᠶᠢ ᠤᠩᠰᠢᠬᠤ)

ᠹᠢᠨᠯᠠᠨᠲ
ᠹᠢᠨᠯᠠᠨᠲ

ᠹᠢᠨᠯᠠᠨᠲ, ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠹᠢᠨᠯᠠᠨᠲ ᠤᠯᠤᠰ (ᠹᠢᠨ ᠬᠡᠯᠡ ᠪᠠᠷ: Suomi, ᠰᠸᠸᠳᠡᠨ ᠬᠡᠯᠡ: Finland) ᠨᠢ ᠬᠣᠶᠢᠳᠤ ᠧᠦ᠋ᠷᠣᠫᠠ ᠍ ᠤᠨ ᠹᠧᠨᠨᠣᠰᠺᠠᠨᠳᠢᠶᠠ ᠪᠥᠰᠡ ᠳᠦ ᠤᠷᠤᠰᠢᠬᠤ ᠰᠺᠠᠨᠳᠢᠨᠠᠪ ᠍ ᠤᠨ ᠣᠷᠣᠨ ᠶᠤᠮ᠃ ᠪᠠᠷᠠᠭᠤᠨ ᠲᠠᠯ᠎ᠠ ᠪᠠᠷ ᠢᠶᠠᠨ ᠰᠸᠸᠳᠡᠨ ᠤᠯᠤᠰ ᠲᠠᠢ᠂ ᠵᠡᠭᠦᠨ ᠲᠠᠯ᠎ᠠ ᠪᠠᠷ ᠢᠶᠠᠨ ᠣᠷᠣᠰ ᠤᠨ ᠬᠣᠯᠪᠣᠭᠠᠨ ᠤ ᠤᠯᠤᠰᠲᠠᠢ᠂ ᠬᠣᠶᠢᠳᠤ ᠲᠠᠯ᠎ᠠ ᠪᠠᠷ ᠢᠶᠠᠨ ᠨᠤᠷᠸᠸᠢ ᠤᠯᠤᠰ ᠲᠠᠢ᠂ ᠡᠮᠦᠨᠡᠲᠦ ᠲᠠᠯ᠎ᠠ ᠪᠠᠷ ᠢᠶᠠᠨ ᠹᠢᠨᠢ ᠶᠢᠨ ᠪᠤᠯᠤᠨᠭᠠ ᠪᠠᠷ ᠡᠰᠲᠠᠨ ᠤᠯᠤᠰ ᠲᠠᠢ ᠲᠤᠰ ᠲᠤᠰ ᠬᠢᠯᠢᠯᠡᠳᠡᠭ᠃ ᠨᠡᠶᠢᠰᠯᠡᠯ ᠬᠣᠲᠠ ᠨᠢ ᠬᠧᠯᠰᠢᠨᠺᠢ(ᠪᠦᠷᠢᠨ ᠠᠭᠤᠯᠭ᠎ᠠ ᠶᠢ ᠤᠩᠰᠢᠬᠤ)

ᠰᠢᠷᠢᠩᠭᠢᠨ ᠣᠢ
ᠰᠢᠷᠢᠩᠭᠢᠨ ᠣᠢ

ᠰᠢᠷᠢᠩᠭᠢᠨ ᠣᠢ ᠭᠡᠳᠡᠭ ᠨᠢ ᠵᠢᠯ ᠳᠤ 1750-2000 ᠮᠢᠯᠯᠢᠮᠧᠲ᠋ᠷ ᠡᠴᠡ ᠢᠯᠡᠭᠦᠦ ᠬᠤᠷ᠎ᠠ ᠲᠤᠨᠳᠠᠰᠤ (ᠪᠣᠷᠣᠭ᠎ᠠ) ᠤᠨᠠᠳᠠᠭ ᠪᠥᠰᠡ ᠨᠤᠲᠤᠭ ᠳᠠᠬᠢ ᠥᠳᠬᠡᠨ ᠣᠢ ᠶᠤᠮ᠃

ᠰᠢᠷᠢᠩᠭᠢᠨ ᠣᠢ ᠳᠤ ᠳᠡᠯᠡᠬᠡᠢ  ᠢᠶᠠ ᠨᠡᠶᠢᠲᠡ ᠠᠮᠢᠲᠠᠨ᠂ ᠤᠷᠭᠤᠮᠠᠯ ᠤᠨ ᠵᠦᠢᠯ ᠦᠨ ᠭᠤᠷᠪᠠᠨ ᠤ ᠬᠣᠶᠠᠷ ᠨᠢ ᠪᠠᠶᠢᠬᠤ ᠪᠠ ᠡᠷᠳᠡᠮᠲᠡᠳ ᠬᠡᠳᠦᠨ ᠰᠠᠶ᠎ᠠ ᠵᠦᠢᠯ ᠢᠶᠠ ᠤᠷᠭᠤᠮᠠᠯᠰᠢᠪᠠᠵᠢ᠂ ᠮᠢᠺᠷᠣᠣᠷᠭᠠᠨᠢᠰᠮ ᠨᠡᠭᠡᠭᠡᠭᠳᠡᠭᠡ ᠦᠭᠡᠢ ᠪᠠᠶᠢᠭ᠎ᠠ ᠭᠡᠵᠦ ᠦᠵᠡᠵᠦ ᠪᠠᠶᠢᠨ᠎ᠠ᠃ ᠬᠡᠳᠦᠢ ᠪᠡᠷ ᠬᠡᠷᠡᠭᠯᠡᠳᠡᠭ ᠬᠡᠮᠵᠢᠶᠡᠨ ᠡᠴᠡ ᠪᠡᠨ ᠢᠯᠡᠭᠦᠦ ᠬᠦᠴᠢᠯᠲᠥᠷᠦᠭᠴᠢ ᠢᠯᠭᠠᠷᠠᠭᠤᠯᠳᠠᠭ ᠡᠰᠡᠬᠦ ᠨᠢ ᠲᠣᠭᠲᠠᠭᠠᠭᠳᠠᠭ᠎ᠠ ᠦᠭᠡᠢ ᠪᠠᠶᠢᠭ᠎ᠠ ᠴᠤ ᠭᠡᠰᠡᠨ᠂ ᠰᠢᠷᠢᠩᠭᠢᠨ ᠣᠢ ᠶᠢ "ᠳᠡᠯᠡᠬᠡᠢ ᠶᠢᠨ ᠠᠭᠤᠰᠭᠢ" ᠭᠡᠵᠦ ᠨᠡᠷᠡᠯᠡᠳᠡᠭ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠨ ᠲᠡᠦᠬᠡ
ᠶᠡᠬᠡ ᠮᠣᠩᠭᠣᠯ ᠤᠯᠤᠰ

ᠮᠣᠩᠭᠣᠯ ᠤᠨ ᠲᠡᠦᠬᠡ -- ᠮᠣᠩᠭᠣᠯ ᠣᠷᠣᠨ ᠳᠤ 850,000 ᠵᠢᠯ ᠦᠨ ᠲᠡᠷᠲᠡᠭᠡ «ᠪᠣᠰᠤᠭ᠎ᠠ ᠬᠦᠮᠦᠨ» ᠠᠮᠢᠳᠤᠷᠠᠵᠤ ᠪᠠᠶᠢᠭᠰᠠᠨ ᠪᠠ ᠪᠠᠯᠠᠷ ᠡᠷᠲᠡᠨ ᠦ ᠬᠦᠮᠦᠨ ᠦ ᠬᠠᠳᠠᠨ ᠤ ᠰᠦᠭ ᠵᠢᠷᠤᠭ ᠡᠳ᠋ ᠣᠯᠳᠠᠪᠤᠷᠢ ᠬᠣᠶᠢᠲᠤ ᠴᠡᠩᠬᠡᠷ ᠦᠨ ᠠᠭᠤᠢ ᠠᠴᠠ ᠣᠯᠳᠠᠳᠠᠭ᠂ ᠴᠢᠯᠠᠭᠤᠨ ᠵᠡᠪᠰᠡᠭ᠂ ᠬᠦᠷᠡᠯ ᠵᠡᠪᠰᠡᠭ᠂ ᠲᠡᠮᠦᠷ ᠵᠡᠪᠰᠡᠭ ᠦᠨ ᠦᠶ᠎ᠡ ᠶᠢ ᠳᠠᠮᠵᠢᠭᠰᠠᠭᠠᠷ ᠡᠷᠲᠡᠨ ᠦ ᠤᠯᠤᠰ ᠤᠳ ᠤᠨ ᠦᠶ᠎ᠡ ᠲᠡᠢ ᠵᠣᠯᠭᠠᠵᠠᠢ᠃ ᠮᠣᠩᠭᠣᠯ ᠣᠷᠣᠨ ᠡᠷᠲᠡᠨ ᠡᠴᠡ ᠠᠩᠴᠢᠨ᠂ ᠮᠠᠯᠴᠢᠨ᠂ ᠨᠡᠭᠦᠳᠡᠯᠴᠢᠨ ᠠᠷᠠᠳ ᠲᠦᠮᠡᠨ ᠦ ᠥᠯᠥᠭᠡᠢ ᠪᠠᠶᠢᠭᠰᠠᠭᠠᠷ ᠢᠷᠡᠭᠰᠡᠨ ᠪᠥᠭᠡᠳ ᠲᠡᠳᠡᠭᠡᠷ ᠨᠢ ᠮᠣᠩᠭᠣᠯ᠂ ᠲᠦᠷᠦᠭ᠂ ᠵᠥᠷᠴᠢᠨ ᠠᠯᠢ ᠴᠤ ᠤᠭᠰᠠᠭ᠎ᠠ ᠪᠠᠶᠢᠭᠰᠠᠨ ᠦᠷᠭᠦᠯᠵᠢ ᠡᠮᠦᠨᠡᠲᠦ ᠭᠠᠵᠠᠷ ᠤᠨ ᠨᠠᠩᠭᠢᠶᠠᠳ ᠲᠠᠢ ᠵᠢᠭᠤᠷᠠᠯᠳᠤᠨ ᠪᠠᠶᠢᠯᠳᠤᠬᠤ ᠪᠠ ᠲᠦᠮᠡᠨ ᠭᠠᠵᠠᠷ ᠤᠨ ᠶᠡᠬᠡ ᠴᠠᠭᠠᠨ ᠬᠡᠷᠡᠮ ᠢᠶᠡᠷ ᠬᠢᠯᠢ ᠲᠣᠭᠲᠠᠳᠠᠭ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠠᠯᠪᠠᠨᠢ
ᠪᠦᠭᠦᠳᠡ ᠨᠠᠶᠢᠷᠠᠮᠳᠠᠬᠤ ᠠᠯᠪᠠᠨᠢ ᠤᠯᠤᠰ'

ᠪᠦᠭᠦᠳᠡ ᠨᠠᠶᠢᠷᠠᠮᠳᠠᠬᠤ ᠠᠯᠪᠠᠨᠢ ᠤᠯᠤᠰ ᠪᠤᠶᠤ ᠠᠯᠪᠠᠨᠢ ᠨᠢ ᠵᠡᠭᠦᠨ ᠧᠦ᠋ᠷᠣᠫᠠ ᠍ ᠤᠨ ᠪᠠᠯᠺᠠᠨ ᠤ ᠬᠣᠶᠢᠭ ᠵᠢᠨ ᠪᠠᠷᠠᠭᠤᠨ ᠡᠮᠦᠨᠡᠲᠦ ᠬᠡᠰᠡᠭ ᠲᠦ ᠤᠷᠤᠰᠢᠬᠤ ᠪᠦᠭᠦᠳᠡ ᠨᠠᠶᠢᠷᠠᠮᠳᠠᠬᠤ ᠤᠯᠤᠰ ᠶᠤᠮ᠃ ᠨᠡᠶᠢᠰᠯᠡᠯ ᠨᠢ ᠲᠤᠷᠢᠨ᠎ᠠ᠃ ᠪᠠᠷᠠᠭᠤᠨ ᠲᠠᠯ᠎ᠠ ᠳᠤ ᠨᠢ ᠠᠳᠠᠷᠢᠶᠠᠲᠤ ᠶᠢᠨ ᠲᠡᠩᠭᠢᠰ᠂ ᠪᠠᠷᠠᠭᠤᠨ ᠡᠮᠦᠨ᠎ᠡ ᠲᠠᠯ᠎ᠠ ᠳᠤ ᠨᠢ ᠢᠣᠨᠢ ᠲᠡᠩᠭᠢᠰ ᠴᠡᠯᠡᠶᠢᠵᠦ᠂ ᠬᠣᠶᠢᠳᠤ ᠲᠠᠯ᠎ᠠ ᠪᠠᠷ ᠢᠶᠠᠨ ᠮᠣᠨᠲ᠋ᠧᠨᠧᠭᠷᠣ᠋᠂ ᠵᠡᠭᠦᠨ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠮᠠᠺᠧᠳᠠᠨ ᠤᠯᠤᠰᠺᠣᠰᠪᠣ᠂ ᠡᠮᠦᠨ᠎ᠡ ᠲᠠᠯ᠎ᠠ ᠪᠠᠷ ᠢᠶᠠᠨ ᠭᠷᠧᠺᠲᠡᠢ ᠬᠢᠯᠢᠯᠡᠳᠡᠭ᠃ ᠮᠥᠨ ᠢᠲ᠋ᠠᠯᠢ ᠤᠯᠤᠰ ᠲᠠᠢ ᠣᠲ᠋ᠷᠠᠨᠲ᠋ᠣ ᠶᠢᠨ ᠬᠣᠭᠣᠯᠠᠢ ᠢᠶᠠᠷ 72 ᠺᠢᠯᠣᠮᠧᠲ᠋ᠷ ᠵᠠᠶᠢᠲᠠᠢ ᠲᠤᠰᠠᠭᠠᠷᠯᠠᠭᠳᠠᠳᠠᠭ᠃ ᠠᠯᠪᠠᠨᠢ ᠨᠢ ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠᠧᠦ᠋ᠷᠣᠫᠠ ᠶᠢᠨ ᠠᠶᠤᠯ ᠦᠭᠡᠢ ᠪᠠᠶᠢᠳᠠᠯ ᠤᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠᠧᠦ᠋ᠷᠣᠫᠠ ᠶᠢᠨ ᠵᠥᠪᠯᠡᠯᠳᠡᠯᠡᠬᠡᠢ ᠶᠢᠨ ᠬᠤᠳᠠᠯᠳᠤᠭᠠᠨ ᠤ ᠪᠠᠶᠢᠭᠤᠯᠤᠯᠭ᠎ᠠᠭᠠᠵᠠᠷ ᠤᠨ ᠳᠤᠮᠳᠠᠳᠤ ᠲᠡᠩᠭᠢᠰ ᠦᠨ ᠬᠣᠯᠪᠣᠭ᠎ᠠ (ᠪᠦᠷᠢᠨ ᠠᠭᠤᠯᠭ᠎ᠠ ᠶᠢ ᠤᠩᠰᠢᠬᠤ)

ᠰᠠᠷᠢᠮᠰ
ᠰᠠᠷᠢᠮᠰ

ᠰᠠᠷᠢᠮᠰ ᠪᠤᠶᠤ ᠰᠠᠷᠢᠮᠰᠠᠭ ᠨᠢ (ᠯᠠᠲ᠋ᠢᠨ ᠶᠢᠡᠷ Allium sativum) ᠰᠣᠩᠭᠢᠨ ᠤ ᠲᠥᠷᠥᠯ ᠦᠨ ᠤᠷᠭᠤᠮᠠᠯ ᠪᠣᠯᠤᠨ᠎ᠠ᠃ ᠬᠦᠮᠦᠨ ᠰᠠᠷᠢᠮᠰ ᠢ 7000 ᠵᠢᠯ ᠦᠨ ᠲᠡᠷᠲᠡᠭᠡ ᠡᠴᠡ ᠬᠣᠭᠣᠯᠠ ᠬᠦᠨᠡᠰᠦᠨ ᠳᠦ ᠪᠡᠨ ᠬᠡᠷᠡᠭᠯᠡᠬᠦ ᠪᠡᠷ ᠵᠣᠭᠰᠣᠬᠤ ᠦᠭᠡᠢ ᠪᠠᠰᠠ ᠡᠪᠡᠳᠴᠢᠨ  ᠢ ᠡᠰᠡᠷᠭᠦᠴᠡᠬᠦ ᠡᠮ ᠪᠣᠯᠭᠠᠨ ᠬᠡᠷᠡᠭᠯᠡᠵᠦ ᠢᠷᠡᠭᠰᠡᠨ᠃ ᠰᠠᠷᠢᠮᠰ  ᠤᠨ ᠨᠠᠶᠢᠷᠠᠯᠭ᠎ᠠ ᠳᠤ  ᠣᠯᠠᠨ ᠲᠥᠷᠥᠯ ᠦᠨ ᠤᠷᠭᠤᠮᠠᠯ ᠤᠨ ᠳᠠᠭᠠᠭᠠᠪᠤᠷᠢ ᠢᠰᠭᠡᠬᠦᠷ ᠪᠠ ᠮᠢᠺᠷᠣ᠋ ᠡᠯᠮᠧᠨᠲ ᠢ ᠠᠭᠤᠯᠠᠭᠰᠠᠨ ᠪᠠᠶᠢᠳᠠᠭ᠂ ᠲᠡᠶᠢᠮᠦ ᠤᠴᠢᠷ ᠠᠴᠠ ᠰᠠᠷᠢᠮᠰ  ᠨᠢ ᠡᠯᠳᠡᠪ ᠪᠠᠺᠲ᠋ᠧᠷᠢ ᠸᠢᠷᠦᠰ ᠢ ᠤᠰᠠᠳᠬᠠᠳᠠᠭ ᠃ ᠰᠠᠷᠢᠮᠰ ᠢ ᠵᠣᠬᠢᠰᠲᠠᠢ ᠬᠡᠮᠵᠢᠶ᠎ᠡ ᠪᠡᠷ ᠬᠡᠷᠡᠭᠯᠡᠵᠦ ᠵᠠᠩᠰᠢᠪᠠᠯ ᠠᠮᠢᠰᠬᠤᠯ ᠤᠨ ᠵᠠᠮ ᠤᠨ ᠦᠷᠪᠢᠰᠦᠯᠳᠦ ᠡᠪᠡᠳᠴᠢᠨ ᠡᠴᠡ ᠰᠡᠷᠭᠡᠶᠢᠯᠡᠵᠦ ᠴᠢᠳᠠᠨ᠎ᠠ᠃ ᠢᠯᠠᠩᠭᠤᠶ᠎ᠠ ᠲᠣᠮᠣᠭᠣ᠂ ᠲᠣᠮᠣᠭᠣ ᠲᠥᠰᠲᠦ ᠡᠪᠡᠳᠴᠢᠨ ᠦ ᠳᠠᠷᠬᠠᠯᠠᠭ᠎ᠠ ᠰᠤᠯᠠᠷᠠᠭᠰᠠᠨ ᠲᠠᠢ ᠶᠡᠬᠡᠬᠡᠨ ᠬᠣᠯᠪᠣᠭᠠᠲᠠᠢ ᠪᠠᠶᠢᠳᠠᠭ᠃ ᠠᠮᠢᠰᠬᠤᠯ ᠤᠨ ᠵᠠᠮ ᠤᠨ ᠦᠷᠪᠢᠰᠦᠯᠳᠦ ᠡᠪᠡᠳᠴᠢᠨ ᠲᠠᠷᠬᠠᠭᠰᠠᠨ ᠦᠶ᠎ᠡ ᠳᠦ᠂ ᠡᠳᠦᠷ ᠲᠦ 2 ᠰᠢᠷᠬᠡᠭ ᠰᠠᠷᠢᠮᠰ ᠢ ᠬᠡᠷᠡᠭᠯᠡᠪᠡᠯ ᠡᠮᠴᠢᠯᠡᠭᠡ ᠱᠠᠭᠠᠷᠳᠠᠯᠭ᠎ᠠ ᠦᠭᠡᠢ ᠪᠣᠯᠤᠨ᠎ᠠ᠃ ᠬᠦᠮᠦᠰ ᠰᠠᠷᠢᠮᠰ ᠤᠨ ᠦᠨᠦᠷ ᠠᠮᠲᠠᠨ ᠠᠴᠠ ᠴᠡᠷᠪᠡᠳᠡᠭ ᠴᠤ ᠡᠷᠡᠭᠦᠯ ᠮᠡᠨᠳᠦ ᠪᠡᠨ ᠬᠠᠮᠠᠭᠠᠯᠠᠬᠤ ᠶᠣᠰᠣᠲᠠᠢ᠃ ᠬᠦᠮᠦᠨ ᠪᠦᠷᠢ ᠬᠡᠷᠡᠭᠯᠡᠪᠡᠯ ᠵᠣᠬᠢᠯᠲᠠᠢ ᠪᠠᠶᠢᠭᠠᠯᠢ ᠶᠢᠨ ᠴᠡᠪᠡᠷ ᠠᠩᠲ᠋ᠢᠪᠢᠣᠲ᠋ᠢᠺ ᠪᠣᠯᠤᠭᠰᠠᠨ ᠰᠠᠷᠢᠮᠰ ᠢ ᠠᠮᠢᠰᠬᠤᠯ ᠤᠨ ᠵᠠᠮ ᠤᠨ ᠦᠷᠪᠢᠰᠦᠯᠳᠦ ᠡᠪᠡᠳᠴᠢᠨ ᠡᠴᠡ ᠤᠷᠢᠳᠴᠢᠯᠠᠨ ᠰᠡᠷᠭᠡᠶᠢᠯᠡᠬᠦ ᠵᠣᠷᠢᠯᠭ᠎ᠠ ᠪᠠᠷ ᠬᠡᠷᠡᠭᠯᠡᠵᠦ ᠰᠤᠷᠠᠬᠤ ᠳᠤ ᠢᠯᠡᠭᠦᠳᠡᠬᠦ ᠦᠭᠡᠢ ᠪᠢᠯᠡ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠨ ᠲᠡᠦᠬᠡ
ᠶᠡᠬᠡ ᠮᠣᠩᠭᠣᠯ ᠤᠯᠤᠰ

ᠶᠤᠸᠠᠨ ᠤᠯᠤᠰ ᠤᠨ ᠪᠦᠷᠢᠨ ᠲᠡᠦᠬᠡ -- ᠶᠤᠸᠠᠨ ᠤᠯᠤᠰ ᠍ ᠤᠨ ᠦᠶ᠎ᠡ ᠳᠦ ᠮᠣᠩᠭᠣᠯ ᠤᠨ ᠲᠡᠦᠬᠡ ᠶᠢᠨ ᠬᠡᠳᠦ ᠬᠡᠳᠦᠨ ᠪᠦᠲᠦᠭᠡᠯ ᠬᠡᠪᠯᠡᠭᠳᠡᠭᠰᠡᠨ ᠮᠡᠳᠡᠭᠡ ᠪᠠᠶᠢᠳᠠᠭ᠃ 1368 ᠣᠨ ᠳᠤ ᠲᠣᠭᠠᠨᠲᠡᠮᠦᠷ ᠬᠠᠭᠠᠨ ᠍ ᠢ ᠪᠡᠭᠡᠵᠢᠩ ᠡᠴᠡ ᠵᠢᠭᠤᠲᠠᠨ ᠳᠤᠲᠠᠭᠠᠭᠠᠰᠠᠨ ᠤ ᠳᠠᠷᠠᠭ᠎ᠠ ᠮᠢᠩ ᠤᠯᠤᠰ ᠤᠨ ᠬᠠᠭᠠᠨ ᠵᠠᠷᠯᠢᠭ ᠭᠠᠷᠭᠠᠵᠤ ᠰᠦᠨ ᠯᠢᠩ᠂ ᠸᠠᠩ ᠸᠡᠢ ᠲᠡᠷᠢᠭᠦᠲᠡᠢ ᠬᠡᠰᠡᠭ ᠲᠡᠦᠬᠡᠴᠢᠳ ᠢᠶᠡᠷ ᠴᠢᠩᠭᠢᠰ ᠡᠴᠡ ᠲᠣᠭᠠᠨᠲᠡᠮᠦᠷ ᠬᠦᠷᠲᠡᠯᠡᠬᠢ 14 ᠬᠠᠭᠠᠨ ᠤ ᠴᠠᠳᠢᠭ ᠲᠡᠦᠬᠡ ᠶᠢ ᠪᠢᠴᠢᠭᠦᠯᠦᠭᠰᠡᠨ ᠪᠠᠶᠢᠨ᠎ᠠ᠃

ᠲᠡᠳᠡᠭᠡᠷ ᠡᠷᠳᠡᠮᠲᠡᠳ ᠳᠡᠭᠡᠷᠡᠬᠢ ᠬᠠᠭᠠᠳ ᠠᠴᠠ ᠭᠠᠳᠠᠨ᠎ᠠ ᠥᠭᠡᠷ᠎ᠡ ᠬᠡᠳᠦ ᠬᠡᠳᠦᠨ ᠠᠰᠠᠭᠤᠳᠠᠯ ᠢ ᠨᠡᠶᠢᠯᠡᠭᠦᠯᠦᠨ ᠪᠢᠴᠢᠵᠦ " ᠶᠤᠸᠠᠨ ᠤᠯᠤᠰ ᠤᠨ ᠲᠡᠦᠬᠡ " ᠬᠡᠮᠡᠬᠦ ᠲᠣᠮᠣᠬᠠᠨ ᠵᠣᠬᠢᠶᠠᠯ ᠬᠡᠪᠯᠡᠭᠦᠯᠵᠡᠢ᠃ ᠤᠭ ᠪᠦᠲᠦᠭᠡᠯ ᠨᠢ ᠨᠡᠶᠢᠲᠡ 210 ᠳᠡᠪᠲᠡᠷ .... (ᠪᠦᠷᠢᠨ ᠠᠭᠤᠯᠭ᠎ᠠ ᠶᠢ ᠤᠩᠰᠢᠬᠤ)

ᠠᠯᠪᠠᠨᠢ
ᠫᠠᠷᠢᠰ
ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠹᠷᠠᠨᠼᠢ ᠤᠯᠤᠰ (ᠹᠷᠠᠨᠼᠢ ᠪᠠᠷ République française) ᠬᠡᠮᠡᠨ ᠨᠡᠷᠡᠶᠢᠳᠳᠡᠭ ᠹᠷᠠᠨᠼᠢ ᠤᠯᠤᠰ (ᠹᠷᠠᠨᠼᠢ ᠪᠠᠷ France, ᠹᠷᠠᠨᠼᠢ ᠪᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 ᠢᠩᠭᠢᠵᠦ ᠳᠠᠭᠤᠳᠠᠭᠳᠠᠨ᠎ᠠ) ᠥᠷᠥᠨᠡᠲᠦ ᠧᠦ᠋ᠷᠣᠫᠠ ᠲᠤ ᠣᠷᠣᠰᠢᠳᠠᠭ᠃ ᠧᠦ᠋ᠷᠣᠫᠠ ᠳᠠᠬᠢ ᠦᠨᠳᠦᠰᠦᠨ ᠣᠷᠣᠨ ᠠᠴᠠ ᠭᠠᠳᠠᠨ᠎ᠠ ᠳᠠᠯᠠᠢ ᠶᠢᠨ ᠴᠢᠨᠠᠳᠤ ᠭᠠᠵᠠᠷ ᠨᠤᠲᠤᠭ ᠲᠠᠢ. ᠹᠷᠠᠨᠼᠢ ᠶᠢᠨ ᠦᠨᠳᠦᠰᠦᠨ ᠣᠷᠣᠨ ᠡᠮᠦᠨ᠎ᠡ ᠵᠦᠭ ᠦᠨ ᠭᠠᠵᠠᠷ ᠤᠨ ᠳᠤᠮᠳᠠᠳᠤ ᠲᠡᠩᠭᠢᠰ ᠡᠴᠡ᠂ ᠤᠮᠠᠷ᠎ᠠ ᠵᠦᠭ ᠲᠤ ᠯᠠ-ᠮᠠᠩᠰᠢ ᠶᠢᠨ ᠬᠣᠭᠣᠯᠠᠢᠤᠮᠠᠷᠠᠳᠤ ᠲᠡᠩᠭᠢᠰ᠂ ᠳᠣᠷᠣᠨ᠎ᠠ ᠵᠦᠭ ᠦᠨ ᠷᠧᠢ ᠶᠢᠨ ᠮᠥᠷᠡᠨ ᠡᠴᠡ ᠥᠷᠥᠨ᠎ᠡ ᠵᠦᠭ ᠦᠨ ᠠᠲ᠋ᠯᠠᠨᠲ ᠤᠨ ᠳᠠᠯᠠᠢ ᠬᠦᠷᠡᠨ᠎ᠡ᠃ ᠹᠷᠠᠨᠽᠢᠴᠤᠳ ᠡᠬᠡ ᠣᠷᠣᠨ ᠢᠶᠠᠨ ᠭᠧᠣᠮᠡᠲ᠋ᠷ ᠦᠨ ᠳᠦᠷᠰᠦ ᠡᠴᠡ ᠨᠢ ᠰᠢᠯᠭᠠᠭᠠᠯᠠᠵᠤ L’Hexagone ᠪᠤᠶᠤ "6 ᠥᠨᠴᠥᠭ ᠲᠦ" ᠬᠡᠮᠡᠨ ᠨᠡᠷᠡᠯᠡᠬᠦ ᠨᠢ ᠣᠯᠠᠨᠲᠠ᠃ ᠹᠷᠠᠨᠼᠢ ᠨᠢ ᠬᠠᠭᠠᠰ ᠶᠡᠷᠦᠩᠬᠡᠶᠢᠯᠡᠭᠴᠢ ᠶᠢᠨ ᠵᠠᠰᠠᠭᠯᠠᠯ ᠲᠠᠢ ᠪᠦᠭᠦᠳᠡ ᠨᠠᠶᠢᠷᠠᠮᠳᠠᠬᠤ ᠤᠯᠤᠰ ᠪᠥᠭᠡᠳ ᠬᠠᠤᠯᠢ ᠲᠣᠭᠲᠠᠭᠠᠬᠤ᠂ ᠭᠦᠢᠴᠡᠳᠭᠡᠬᠦ ᠪᠣᠯᠤᠨ ᠰᠢᠭᠦᠬᠦ ᠵᠠᠰᠠᠭᠯᠠᠯ ᠨᠢ ᠨᠢᠭᠡᠳᠦᠮᠡᠯ᠃ ᠨᠡᠶᠢᠰᠯᠡᠯ ᠨᠢ ᠫᠠᠷᠢᠰ ᠬᠣᠲᠠ᠃ (ᠪᠦᠷᠢᠨ ᠠᠭᠤᠯᠭ᠎ᠠ ᠶᠢ ᠤᠩᠰᠢᠬᠤ)
ᠰᠠᠷᠢᠮᠰ
ᠤᠯᠠᠭᠠᠨ ᠯᠣᠣᠯᠢ

ᠤᠯᠠᠭᠠᠨ ᠯᠣᠣᠯᠢ (Solanum lycopersicum, syn. Lycopersicon lycopersicum & Lycopersicon esculentum) ᠨᠢ Solanaceae ᠣᠪᠤᠭ ᠤᠨ ᠤᠷᠭᠤᠮᠠᠯ ᠪᠠ ᠵᠢᠮᠢᠰ ᠢ ᠨᠢ ᠬᠣᠭᠣᠯᠠ ᠬᠦᠨᠡᠰᠦᠨ ᠳᠦ ᠬᠡᠷᠡᠭᠯᠡᠬᠦ ᠪᠡᠷ ᠥᠷᠭᠡᠨ ᠢᠶᠡᠷ ᠲᠠᠷᠢᠶᠠᠯᠠᠳᠠᠭ᠃ ᠤᠯᠠᠭᠠᠨ ᠯᠣᠣᠯᠢ ᠨᠢ ᠵᠢᠮᠢᠰ᠂ ᠡᠰᠡᠪᠡᠯ ᠬᠦᠨᠡᠰᠦᠨ ᠦ ᠨᠣᠭᠣᠭ᠎ᠠ ᠤ ᠠᠯᠢᠨ ᠳᠤ ᠬᠠᠮᠤᠷᠤᠭᠳᠠᠬᠤ ᠨᠢ ᠮᠠᠷᠭᠤᠭᠠᠨ ᠲᠠᠢ ᠶᠠᠭᠤᠮ᠎ᠠ᠃ ᠡᠨᠡᠬᠦ ᠤᠷᠭᠤᠮᠠᠯ ᠨᠢ 1-3 ᠮᠧᠲᠷ ᠥᠨᠳᠥᠷ᠂ ᠮᠣᠳᠣᠯᠢᠭ ᠮᠥᠴᠢᠷ ᠭᠣᠣᠯ ᠲᠠᠢ ᠪᠠᠶᠢᠬᠤ ᠪᠠ ᠨᠠᠪᠴᠢ ᠨᠢ 10-25 ᠰᠠᠨᠲ᠋ᠢᠮᠧᠲ᠋ᠷ ᠤᠷᠲᠤ᠂ ᠰᠢᠷ᠎ᠠ ᠥᠩᠭᠡ ᠶᠢᠨ ᠴᠡᠴᠡᠭ ᠴᠡᠴᠡᠭᠯᠡᠳᠡᠭ᠃ ᠴᠡᠴᠡᠭ ᠤᠨᠠᠭᠰᠠᠨ ᠤ ᠳᠠᠷᠠᠭ᠎ᠠ ᠪᠢᠳᠡᠨ ᠦ ᠬᠦᠨᠡᠰᠦᠨ ᠳᠦ ᠬᠡᠷᠡᠭᠯᠡᠳᠡᠭ ᠯᠣᠣᠯᠢ ᠭᠠᠷᠴᠤ ᠤᠷᠭᠤᠳᠠᠭ᠃ ᠣᠯᠠᠨ ᠨᠠᠰᠤᠲᠤ ᠤᠷᠭᠤᠮᠠᠯ ᠪᠣᠯᠪᠠᠴᠤ ᠰᠡᠷᠢᠭᠦᠨ ᠪᠥᠰᠡ ᠶᠢᠨ ᠬᠢ ᠨᠢ ᠨᠢᠭᠡ ᠨᠠᠰᠤᠲᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠶᠤᠸᠠᠨ ᠤᠯᠤᠰ ᠤᠨ ᠪᠦᠷᠢᠨ ᠲᠡᠦᠬᠡ
ᠮᠠᠨᠳᠤᠬᠠᠢ ᠰᠡᠴᠡᠨ ᠬᠠᠲᠤᠨ

ᠮᠠᠨᠳᠤᠬᠠᠢ ᠰᠡᠴᠡᠨ ᠬᠠᠲᠤᠨ (* 14481526 ᠣᠳᠣ ᠶᠢᠨ ᠥᠪᠥᠷ ᠮᠣᠩᠭᠣᠯ ) ᠨᠢ ᠮᠣᠩᠭᠣᠯ ᠲᠦᠮᠡᠨ ᠦ ᠬᠠᠮᠤᠭ ᠤᠨ ᠬᠦᠨᠳᠦ ᠲᠡᠢ ᠬᠠᠲᠤᠨ ᠶᠤᠮ᠃ ᠠᠷᠪᠠᠨ ᠳᠦᠷᠪᠡ ᠡᠴᠡ ᠠᠷᠪᠠᠨ ᠲᠠᠪᠥ ᠎ᠳᠡᠬᠢ ᠵᠠᠭᠤᠨ ᠤ ᠶᠡᠬᠡ ᠮᠣᠩᠭᠣᠯ ᠤᠯᠤᠰ ᠍ ᠤᠨ ᠵᠠᠳᠠᠷᠠᠯ ᠡᠷᠴᠢ ᠪᠡᠨ ᠠᠪᠴᠤ᠂ ᠠᠯᠲᠠᠨ ᠤᠷᠤᠭ ᠤᠨ ᠨᠣᠶᠠᠷᠬᠠᠯ ᠮᠥᠬᠥᠨ᠂ ᠲᠥᠷᠥ ᠤᠭᠰᠠᠭ᠎ᠠ ᠵᠠᠯᠭᠠᠮᠵᠢᠯᠠᠬᠤ ᠠᠯᠲᠠᠨ ᠤᠷᠤᠭ ᠤᠨ ᠬᠦᠩ  ᠦᠭᠡᠢ᠂ ᠬᠠᠭᠠᠨ ᠰᠠᠭᠤᠳᠠᠯ ᠬᠣᠭᠣᠰᠣᠷᠠᠭᠰᠠᠨ ᠴᠥᠪᠦᠭᠦᠨ ᠴᠠᠭ ᠲᠤ ᠨᠢᠭᠡᠨ ᠮᠣᠩᠭᠣᠯ ᠪᠦᠰᠡᠭᠦᠢ ᠲᠠᠰᠤᠷᠴᠤ ᠪᠠᠶᠢᠭᠰᠠᠨ ᠠᠯᠲᠠᠨ ᠤᠷᠤᠭ ᠤᠨ ᠠᠮᠢ ᠶᠢ ᠬᠠᠯᠠᠭᠤᠨ ᠡᠯᠢᠭᠡ ᠪᠡᠷ ᠢᠶᠡᠨ ᠲᠡᠪᠡᠷᠢᠵᠦ᠂ ᠬᠠᠲᠠᠨ ᠵᠣᠷᠢᠭ᠂ ᠰᠡᠴᠡᠨ ᠤᠬᠠᠭᠠᠨ ᠤ ᠪᠠᠨ ᠬᠦᠴᠦ ᠪᠡᠷ ᠮᠣᠩᠭᠣᠯ ᠤᠨ ᠲᠥᠷᠥ ᠶᠢ ᠳᠠᠬᠢᠨ ᠰᠡᠷᠭᠦᠭᠡᠵᠦ ᠴᠢᠳᠠᠵᠠᠢ᠃ ᠮᠠᠨᠳᠤᠬᠠᠢ ᠰᠡᠴᠡᠨ ᠬᠠᠲᠤᠨ ᠠᠯᠲᠠᠨ ᠤᠷᠤᠭ ᠤᠨ ᠰᠡᠭᠦᠯᠴᠢ ᠶᠢᠨ ᠬᠦᠦ ᠪᠠᠲᠤᠮᠦ᠋ᠩᠬᠡ ᠶᠢ ᠣᠯᠵᠤ ᠠᠪᠴᠤ᠂ ᠬᠥᠯ ᠢ ᠨᠢ ᠳᠥᠷᠦᠭᠡᠨ ᠳᠦ ᠭᠠᠷ ᠢ ᠨᠢ ᠭᠠᠨᠵᠤᠭᠠᠨ ᠳᠤ ᠬᠦᠷᠭᠡᠨ᠂ ᠵᠠᠳᠠᠷᠠᠨ ᠤᠨᠠᠵᠤ ᠪᠠᠶᠢᠭᠰᠠᠨ ᠶᠡᠬᠡ ᠤᠯᠤᠰ ᠢ ᠪᠤᠴᠠᠭᠠᠨ ᠨᠢᠭᠡᠳᠬᠡᠵᠦ ᠲᠡᠭᠦᠨ ᠳᠦ ᠬᠦᠯᠢᠶᠡᠯᠭᠡᠨ ᠥᠭᠭᠦᠭᠰᠡᠨ ᠶᠤᠮ᠃

ᠮᠠᠨᠳᠤᠬᠠᠢ ᠰᠡᠴᠡᠨ ᠬᠠᠲᠤᠨ ᠮᠣᠩᠭᠣᠯ ᠤᠯᠤᠰ ᠤᠨ ᠲᠡᠦᠬᠡᠨ᠎ᠡ ᠡᠭᠦᠷᠢᠳᠡ ᠳᠤᠷᠠᠰᠤᠭᠳᠠᠬᠤ ᠭᠠᠪᠢᠶ᠎ᠠ ᠲᠠᠢ ᠪᠥᠭᠡᠳ ᠲᠡᠭᠦᠨ ᠦ ᠳᠡᠮ ᠢᠶᠡᠷ ᠪᠠᠲᠤᠮᠦ᠋ᠩᠬᠡ ᠳᠠᠶᠠᠩ ᠬᠠᠭᠠᠨ ᠪᠦᠬᠦ ᠮᠣᠩᠭᠣᠯ ᠤᠯᠤᠰ ᠢᠶᠠᠨ 40 ᠵᠢᠯ ᠨᠢᠭᠡᠳᠬᠡᠨ ᠵᠠᠬᠢᠷᠴᠤ᠂ 《...ᠵᠢᠷᠭᠤᠭᠠᠨ ᠲᠦᠭ ᠲᠦᠮᠡᠨ ᠢ ᠡᠮᠬᠢᠯᠡᠨ ᠴᠤᠭᠯᠠᠭᠤᠯᠵᠤ᠂ ᠡᠩᠬᠡᠵᠢᠨ ᠵᠢᠷᠭᠠᠭᠤᠯᠤᠭᠰᠠᠨ》 ᠪᠢᠯᠡ᠃ ᠲᠡᠷᠡᠪᠡᠷ ᠮᠣᠩᠭᠣᠯ ᠬᠦᠮᠦᠨ ᠪᠦᠷᠢ ᠶᠢᠨ ᠪᠠᠬᠠᠷᠬᠠᠯ᠂ ᠮᠣᠩᠭᠣᠯ ᠡᠮᠡᠭᠲᠡᠶᠢᠴᠦᠳ ᠦᠨ ᠦᠯᠢᠭᠡᠷ ᠵᠢᠱᠢᠶ᠎ᠡ ᠶᠡᠬᠡ ᠮᠣᠩᠭᠣᠯ ᠤᠨ ᠠᠯᠳᠠᠷᠲᠤ ᠤᠳᠤᠷᠢᠳᠤᠭᠴᠢ ᠪᠠᠶᠢᠭᠰᠠᠨ᠃ ᠳᠠᠶᠢᠨ ᠤ ᠲᠠᠯᠠᠪᠤᠷ ᠲᠤ ᠪᠠᠭᠠᠲᠤᠷ ᠢ ᠣᠷᠣᠯᠠᠨ ᠶᠡᠬᠡ ᠵᠠᠩᠵᠤᠨ᠂ ᠡᠩᠬᠡ ᠶᠢᠨ ᠴᠠᠭ ᠲᠤ ᠬᠠᠭᠠᠨ ᠢ ᠣᠷᠣᠯᠠᠨ ᠲᠥᠷᠥ ᠶᠢ ᠪᠠᠷᠢᠭᠴᠢ᠂ ᠭᠡᠷ ᠲᠦ ᠪᠡᠨ 8 ᠬᠡᠦᠬᠡᠳ ᠦᠨ ᠡᠯᠪᠡᠷᠢᠯᠲᠦ ᠡᠬᠡ ᠪᠠᠶᠢᠵᠤ 19 ᠨᠠᠰᠤᠨ ᠠᠴᠠ ᠪᠠᠨ ᠡᠬᠢᠯᠡᠨ 40 ᠨᠠᠰᠤ ᠬᠦᠷᠲᠡᠯ᠎ᠡ ᠶᠡᠬᠡ ᠮᠣᠩᠭᠣᠯ ᠤᠨ ᠲᠥᠷᠥ ᠶᠢ ᠲᠥᠪᠬᠢᠨᠡᠭᠦᠯᠦᠨ ᠪᠠᠷᠢᠭᠰᠠᠨ ᠭᠠᠶᠢᠬᠠᠮᠰᠢᠭᠲᠤ ᠡᠮᠡᠭᠲᠡᠢ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠹᠷᠠᠨᠼᠢ
ᠳᠠᠯᠪᠠᠭᠠᠨ ᠤ ᠵᠢᠷᠤᠭ

ᠭᠧᠷᠮᠠᠨ (ᠭᠧᠷᠮᠠᠨ ᠢᠶᠠᠷ Deutschland), ᠠᠯᠪᠠᠨ ᠶᠣᠰᠣᠭᠠᠷ ᠬᠣᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ ᠨᠢ ᠲᠥᠪ ᠧᠦ᠋ᠷᠣᠫᠠ ᠍ ᠤᠨ ᠤᠯᠤᠰ ᠶᠤᠮ᠃ ᠤᠮᠠᠷᠠᠳᠤ ᠲᠠᠯ᠎ᠠ ᠪᠠᠷ ᠢᠶᠠᠨ ᠳ᠋ᠠᠨᠮᠠᠷᠺ᠂ ᠵᠡᠭᠦᠨ ᠲᠠᠯ᠎ᠠ ᠪᠠᠷ ᠢᠶᠠᠨ ᠫᠣᠯᠢᠰᠢᠴᠧᠺ᠂ ᠡᠮᠦᠨ᠎ᠡ ᠲᠠᠯ᠎ᠠ ᠪᠠᠷ ᠢᠶᠠᠨ ᠠᠦᠢᠰᠲᠷᠶ᠎ᠠᠰᠸᠢᠰ᠂ ᠪᠠᠷᠠᠭᠤᠨ ᠲᠠᠯ᠎ᠠ ᠪᠠᠷ ᠢᠶᠠᠨ ᠹᠷᠠᠨᠼᠢᠯᠦᠺᠰᠧᠨᠪᠦ᠋ᠷᠦᠺᠪᠧᠯᠬᠢᠬᠣᠯᠠᠨᠳ᠋ ᠤᠯᠤᠰ ᠤᠳ ᠲᠠᠢ ᠬᠢᠯᠢᠯᠡᠳᠡᠭ᠃ ᠮᠥᠨ ᠪᠠᠷᠠᠭᠤᠨ ᠬᠣᠶᠢᠳᠤ ᠲᠠᠯ᠎ᠠ ᠳᠤ ᠨᠢ ᠬᠣᠶᠢᠳᠤ ᠲᠡᠩᠭᠢᠰ᠂ ᠵᠡᠭᠦᠨ ᠬᠣᠶᠢᠳᠤ ᠲᠠᠯ᠎ᠠ ᠳᠤ ᠨᠢ ᠪᠠᠯᠲᠤ ᠶᠢᠨ ᠲᠡᠩᠭᠢᠰ ᠣᠷᠣᠰᠢᠳᠠᠭ᠃ ᠭᠧᠷᠮᠠᠨ ᠨᠢ 357,021 ᠺᠦᠸᠠᠳ᠋ ᠺᠢᠯᠣᠮᠧᠲ᠋ᠷ ᠨᠤᠲᠤᠭ ᠳᠡᠪᠢᠰᠬᠡᠷ ᠲᠡᠢ ᠪᠥᠭᠡᠳ ᠰᠡᠷᠢᠭᠦᠨ ᠠᠭᠤᠷ ᠠᠮᠢᠰᠬᠤᠯ ᠲᠠᠢ᠃ ᠬᠦᠮᠦᠨ ᠠᠮᠠ ᠶᠢᠨ ᠢᠶᠠᠨ ᠲᠣᠭ᠎ᠠ ᠪᠠᠷ ᠧᠦ᠋ᠷᠣᠫᠠ ᠶᠢᠨ ᠬᠣᠯᠪᠣᠭ᠎ᠠ ᠶᠢᠨ ᠭᠡᠰᠢᠭᠦᠳ ᠳᠣᠲᠣᠷ᠎ᠠ ᠲᠡᠷᠢᠭᠦᠯᠡᠳᠡᠭ᠂ ᠮᠥᠨ ᠭᠠᠳᠠᠨ᠎ᠠ ᠶᠢᠨ ᠣᠷᠣᠰᠢᠨ ᠰᠠᠭᠤᠭᠴᠢᠳ ᠢᠶᠠᠷ ᠢᠶᠠᠨ ᠳᠡᠯᠡᠬᠡᠢ ᠳᠦ ᠭᠤᠷᠪᠠ ᠳᠤ ᠣᠷᠣᠨ᠎ᠠ᠃ (ᠪᠦᠷᠢᠨ ᠠᠭᠤᠯᠭ᠎ᠠ ᠶᠢ ᠤᠩᠰᠢᠬᠤ)

ᠤᠯᠠᠭᠠᠨ ᠯᠣᠣᠯᠢ
ᠤᠯᠠᠭᠠᠨ ᠪᠤᠭᠤᠳᠠᠢ

ᠤᠯᠠᠭᠠᠨ ᠪᠤᠭᠤᠳᠠᠢ (ᠯᠠᠲ᠋ᠢᠨ ᠶᠢᠡᠷ Triticum SPP) ᠨᠢ ᠠᠩᠬ᠎ᠠ ᠣᠶᠢᠷᠠᠬᠢ ᠳᠣᠷᠣᠨᠠᠲᠤ ᠍ ᠤᠨ ᠯᠸᠪᠠᠨᠤᠨᠢ ᠪᠥᠰᠡ ᠨᠤᠲᠤᠭ ᠡᠴᠡ ᠡᠬᠢᠯᠡᠯ ᠲᠡᠢ ᠪᠥᠭᠡᠳ ᠬᠠᠷᠢᠨ ᠣᠳᠣ ᠳᠡᠯᠡᠬᠡᠢ ᠳᠠᠶᠠᠭᠠᠷ ᠲᠠᠷᠢᠶᠠᠯᠠᠳᠠᠭ ᠦᠷ᠎ᠡ ᠲᠠᠷᠢᠶ᠎ᠠ ᠶᠤᠮ᠃ 2010 ᠣᠨ ᠳᠤ ᠳᠡᠯᠡᠬᠡᠢ ᠶᠢᠨ ᠤᠯᠠᠭᠠᠨ ᠪᠤᠭᠤᠳᠠᠢ ᠶᠢᠨ ᠦᠢᠯᠡᠳᠪᠦᠷᠢᠯᠡᠯ 651 ᠰᠠᠶ᠎ᠠ ᠲᠣᠨ ᠪᠠᠶᠢᠭᠰᠠᠨ ᠪᠥᠭᠡᠳ ᠦᠢᠯᠡᠳᠪᠦᠷᠢᠯᠡᠯ ᠢᠶᠡᠷ ᠢᠶᠡᠨ ᠡᠷᠳᠡᠨᠢ ᠰᠢᠰᠢ (844 ᠰᠠᠶ᠎ᠠ ᠲᠣᠨ) ᠪᠠ ᠴᠠᠭᠠᠨ ᠪᠤᠳᠠᠭ᠎ᠠ ᠶᠢᠨ (672 ᠰᠠᠶ᠎ᠠ ᠲᠣᠨ) ᠳᠠᠷᠠᠭ᠎ᠠ ᠭᠤᠷᠪᠠ ᠳᠤ ᠣᠷᠣᠭᠰᠠᠨ ᠪᠠᠶᠢᠨ᠎ᠠ᠃

ᠤᠯᠠᠭᠠᠨ ᠪᠤᠭᠤᠳᠠᠢ ᠨᠢ ᠲᠠᠷᠢᠶᠠᠯᠠᠬᠤ ᠲᠠᠯᠠᠪᠠᠢ ᠶᠢᠨ ᠬᠡᠮᠵᠢᠶᠡᠨ ᠥᠰᠦᠯᠲᠡ ᠨᠢ ᠠᠯᠢ ᠴᠤ ᠲᠥᠷᠥᠯ ᠦᠨ ᠲᠠᠷᠢᠮᠠᠯ ᠤᠷᠭᠤᠮᠠᠯ ᠠᠴᠠ ᠬᠠᠪᠢ ᠦᠭᠡᠢ ᠢᠯᠡᠭᠦᠦ ᠪᠠᠶᠢᠭ᠎ᠠ᠃ ᠳᠡᠯᠡᠬᠡᠢ ᠳᠦ ᠬᠤᠳᠠᠯᠳᠤᠭᠠᠯᠠᠭᠳᠠᠭ ᠬᠡᠮᠵᠢᠶ᠎ᠡ ᠪᠡᠷ ᠢᠶᠡᠨ ᠪᠤᠰᠤᠳ ᠪᠦᠬᠦ ᠲᠥᠷᠥᠯ ᠦᠨ ᠦᠷ᠎ᠡ ᠶᠢ ᠨᠡᠶᠢᠯᠡᠭᠦᠯᠦᠭᠰᠡᠨ ᠡᠴᠡ ᠴᠤ ᠶᠡᠬᠡ ᠪᠠᠶᠢᠳᠠᠭ᠃ ᠶᠡᠷᠦ ᠨᠢ ᠤᠯᠠᠭᠠᠨ ᠪᠤᠭᠤᠳᠠᠢ ᠨᠢ ᠬᠦᠨᠡᠰᠦᠨ ᠦ ᠤᠷᠭᠤᠮᠠᠯ ᠤᠨ ᠭᠠᠷᠤᠯᠲᠠᠢ ᠤᠷᠭ᠎ᠠ ᠶᠢᠨ ᠲᠡᠷᠢᠭᠦᠯᠡᠭᠴᠢ ᠡᠬᠢ ᠡᠭᠦᠰᠪᠦᠷᠢ᠃ ᠪᠤᠰᠤᠳ ᠭᠣᠣᠯᠯᠠᠬᠤ ᠲᠠᠷᠢᠮᠠᠯ ᠤᠷᠭᠤᠮᠠᠯ ᠪᠣᠯᠬᠤ ᠡᠷᠳᠡᠨᠢ ᠰᠢᠰᠢ ᠪᠣᠯᠤᠨ ᠴᠠᠭᠠᠨ ᠪᠤᠳᠠᠭᠠᠨ ᠠᠴᠠ ᠤᠭᠤᠷᠠᠭ ᠤᠨ ᠠᠭᠤᠯᠤᠮᠵᠢ ᠥᠨᠳᠥᠷ ᠲᠡᠢ᠃ ᠤᠯᠠᠭᠠᠨ ᠪᠤᠭᠤᠳᠠᠢ ᠶᠢᠨ ᠬᠦᠨᠡᠰᠦᠨ ᠦ ᠬᠡᠷᠡᠭᠯᠡᠭᠡ ᠴᠠᠭᠠᠨ ᠪᠤᠳᠠᠭᠠᠨ ᠤ ᠳᠠᠷᠠᠭ᠎ᠠ ᠬᠣᠶᠠᠷ ᠲᠤ ᠣᠷᠣᠵᠤ ᠪᠠᠶᠢᠨ᠎ᠠ᠃ ᠡᠭᠦᠨ ᠡᠴᠡ ᠭᠠᠳᠠᠨ᠎ᠠ ᠤᠯᠠᠭᠠᠨ ᠪᠤᠭᠤᠳᠠᠢ ᠨᠢ ᠼᠧᠮᠧᠨᠲ ᠶᠢᠨ ᠦᠢᠯᠡᠳᠪᠦᠷᠢᠯᠡᠯ ᠳᠦ ᠠᠰᠢᠭᠯᠠᠭᠳᠠᠨ᠎ᠠ᠃ (ᠪᠦᠷᠢᠨ ᠠᠭᠤᠯᠭ᠎ᠠ ᠶᠢ ᠤᠩᠰᠢᠬᠤ)

ᠰᠢᠬ᠎ᠠ ᠵᠢᠬᠠᠨ
ᠰᠢᠬ᠎ᠠ ᠵᠢᠬᠠᠨ ᠬᠠᠭᠠᠨ

ᠰᠢᠬ᠎ᠠ ᠵᠢᠬᠠᠨ 1628-1658 ᠣᠨ ᠤ ᠬᠣᠭᠣᠷᠣᠨᠳᠣ ᠡᠨᠡᠳᠬᠡᠭ ᠦᠨ ᠮᠣᠭᠣᠯ ᠬᠠᠭᠠᠨᠲᠤ ᠤᠯᠤᠰ ᠤᠨ ᠬᠠᠭᠠᠨ ᠪᠠᠶᠢᠭᠰᠠᠨ᠃ ᠰᠢᠬ᠎ᠠ ᠵᠢᠬᠠᠨ ᠭᠡᠳᠡᠭ ᠨᠡᠷ᠎ᠡ ᠨᠢ ᠫᠧᠷᠰ ᠦᠨ ᠳᠡᠯᠡᠬᠡᠢ ᠶᠢᠨ ᠬᠠᠭᠠᠨ ᠭᠡᠰᠡᠨ ᠦᠭᠡᠨ ᠡᠴᠡ ᠭᠠᠷᠤᠯ ᠲᠠᠢ᠃ ᠲᠡᠷᠡ  ᠪᠣᠯ ᠪᠠᠪᠤᠷᠬᠤᠮᠢᠶᠠᠨᠠᠺᠪᠤᠷᠵᠢᠬᠠᠩᠭᠢᠷ ᠬᠠᠭᠠᠳ ᠤᠨ ᠳᠠᠷᠠᠭᠠᠬᠢ ᠮᠣᠭᠣᠯ ᠍ ᠤᠨ ᠲᠠᠪᠤᠳᠠᠭᠢ ᠬᠠᠭᠠᠨ ᠨᠢ ᠶᠤᠮ᠃ ᠡᠪᠦᠭᠡ ᠳᠣᠮᠣᠭᠲᠤ ᠠᠺᠪᠤᠷ ᠲᠡᠭᠦᠨ ᠢ ᠪᠠᠭ᠎ᠠ  ᠳ᠋ᠤᠨᠢ ᠶᠡᠬᠡ ᠬᠠᠶᠢᠷᠠᠯᠠᠵᠤ ᠥᠰᠬᠡᠵᠡᠢ᠃ ᠲᠡᠭᠦᠨ ᠢ ᠮᠥᠨ ᠰᠦᠷ ᠵᠢᠪᠬᠤᠯᠠᠩ ᠲᠠᠢ ᠰᠢᠬ᠎ᠠ ᠵᠢᠬᠠᠨ ᠬᠡᠮᠡᠨ ᠳᠠᠭᠤᠳᠠᠳᠠᠭ ᠪᠠᠶᠢᠪᠠ᠃ ᠲᠡᠭᠦᠨ ᠳ᠋ᠦ ᠴᠢᠩᠭᠢᠰ ᠬᠠᠭᠠᠨᠲᠡᠮᠦᠷ ᠬᠠᠭᠠᠨ ᠨᠠᠷ ᠤᠨ ᠤᠳᠤᠮ ᠪᠠᠶᠢᠭᠰᠠᠨ ᠲᠡᠳᠦᠢ ᠦᠭᠡᠢ ᠲᠡᠭᠦᠨ ᠦ ᠰᠤᠳᠠᠰᠤ ᠪᠠᠷ ᠹᠷᠠᠨᠺ ᠤᠨ ᠬᠠᠭᠠᠨᠯᠣᠮᠪᠠᠷᠳ᠋ ᠍ ᠤᠨ ᠬᠠᠭᠠᠨᠠᠷᠢᠭᠤᠨ ᠷᠤᠮᠠᠨᠢᠶ ᠠ ᠡᠵᠡᠨᠲᠦ ᠭᠦᠷᠦᠨ ᠦ ᠬᠠᠭᠠᠨ ᠶᠡᠬᠡ ᠺᠠᠷᠯ ᠍ ᠤᠨ ᠴᠢᠰᠤ ᠭᠦᠶᠦᠵᠦ ᠪᠠᠶᠢᠪᠠ᠃ ᠵᠢᠬᠠᠩᠭᠢᠷ ᠬᠠᠭᠠᠨ ᠍ ᠢ ᠥᠭᠡᠳᠡ ᠪᠣᠯᠤᠭᠰᠠᠨ ᠤ ᠳᠠᠷᠠᠭ᠎ᠠ 1627 ᠣᠨ ᠳᠤ ᠰᠢᠬ᠎ᠠ ᠵᠢᠬᠠᠨ ᠪᠠᠭ᠎ᠠ ᠨᠠᠰᠤᠨ ᠳᠤ ᠪᠠᠨ ᠬᠠᠭᠠᠨ ᠰᠢᠷᠡᠭᠡ ᠶᠢ ᠵᠠᠯᠭᠠᠮᠵᠢᠯᠠᠭᠰᠠᠨ᠃ ᠲᠡᠭᠦᠨ ᠢ ᠮᠣᠭᠣᠯ ᠦᠨ ᠬᠠᠮᠤᠭ ᠤᠨ ᠠᠭᠤᠤ ᠬᠠᠭᠠᠨ ᠳᠤ ᠡᠷᠭᠦᠮᠵᠢᠯᠡᠭᠳᠡᠳᠡᠭ ᠪᠥᠭᠡᠳ ᠲᠡᠭᠦᠨ ᠦ ᠲᠥᠷᠥ ᠪᠠᠷᠢᠵᠤ ᠪᠠᠶᠢᠬᠤ ᠦᠶ᠎ᠡ ᠨᠢ ᠮᠣᠭᠣᠯ ᠤᠨ ᠠᠯᠲᠠᠨ ᠦᠶ᠎ᠡ᠂ ᠡᠨᠡᠳᠬᠡᠭ ᠦᠨ ᠰᠤᠶᠤᠯ ᠢᠷᠭᠡᠨᠰᠢᠯ ᠦᠨ ᠬᠥᠭᠵᠢᠯ ᠦᠨ ᠦᠶ᠎ᠡ ᠪᠠᠶᠢᠭᠰᠠᠨ ᠶᠤᠮ᠃ ᠲᠡᠷᠠ ᠡᠪᠦᠭᠡ ᠠᠺᠪᠤᠷ ᠍ ᠤᠨ ᠠᠳᠠᠯᠢ ᠪᠠᠷ ᠬᠠᠭᠠᠨᠲᠤ ᠤᠯᠤᠰ ᠢᠶᠠᠨ ᠥᠷᠭᠡᠨ ᠠᠭᠤᠳᠠᠮ ᠪᠣᠯᠭᠠᠬᠤ ᠵᠣᠷᠢᠯᠭ᠎ᠠ ᠲᠠᠢ ᠪᠠᠶᠢᠭᠰᠠᠨ᠃ 1658 ᠣᠨ ᠳᠤ ᠰᠢᠬ᠎ᠠ ᠵᠢᠬᠠᠨ ᠡᠪᠡᠳᠴᠢᠨ ᠲᠤᠰᠠᠭᠰᠠᠨ ᠠᠴᠠ ᠬᠣᠶᠢᠰᠢ ᠲᠡᠭᠦᠨ ᠢ ᠨᠠᠰᠤ ᠪᠠᠷᠠᠬᠤ ᠬᠦᠷᠲᠡᠯ᠎ᠡ ᠬᠦᠦ ᠠᠭᠤᠷᠤᠩᠬᠽᠧᠪ ᠦᠢᠯᠡ ᠬᠡᠷᠡᠭ ᠢ ᠨᠢ ᠦᠷᠭᠦᠯᠵᠢᠯᠡᠭᠦᠯᠵᠦ ᠪᠠᠶᠢᠪᠠ᠃ 1666 ᠣᠨ ᠳᠤ ᠥᠭᠡᠳᠡ ᠪᠣᠯᠬᠤ ᠳᠤ ᠪᠠᠨ ᠰᠢᠬ᠎ᠠ ᠵᠢᠬᠠᠨ ᠳᠡᠯᠡᠬᠡᠢ ᠶᠢᠨ ᠬᠠᠮᠤᠭ ᠤᠨ ᠬᠦᠴᠦᠷᠬᠡᠭ ᠬᠦᠮᠦᠨ ᠦ ᠨᠢᠭᠡ ᠳᠦ ᠲᠣᠭᠠᠴᠠᠭᠳᠠᠵᠤ ᠪᠠᠶᠢᠭᠰᠠᠨ ᠪᠥᠭᠡᠳ ᠲᠡᠭᠦᠨ ᠦ ᠡᠵᠡᠨᠲᠦ ᠭᠦᠷᠦᠨ 3,000,000 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ᠂ ᠲᠤᠬᠠᠢ ᠵᠢᠨ ᠦᠭᠡ ᠶ᠋ᠢᠨ ᠬᠠᠮᠤᠭ ᠤᠨ ᠬᠥᠭᠵᠢᠩᠭᠦᠢ ᠨᠡᠶᠢᠰᠯᠡᠯ ᠬᠣᠲᠠ ᠪᠠᠶᠢᠭᠰᠠᠨ ᠪᠦᠭᠡᠳ ᠳᠡᠯᠡᠬᠡᠢ ᠳᠦ ᠠᠷᠬᠧᠲ᠋ᠢᠺᠲ᠋ᠣᠷ   ᠤᠨ ᠰᠢᠯᠢᠳᠡᠭ ᠪᠦᠲᠦᠭᠡᠯ ᠦᠳ ᠢᠶᠡᠨ ᠦᠯᠡᠳᠡᠭᠡᠭᠰᠡᠨ ᠶᠤᠮ᠃ (ᠪᠦᠷᠢᠨ ᠠᠭᠤᠯᠭ᠎ᠠ ᠶᠢ ᠤᠩᠰᠢᠬᠤ)

ᠠᠦᠢᠰᠲᠷᠶ᠎ᠠ
ᠠᠦᠢᠰᠲᠷᠶ᠎ᠠ ᠭᠠᠵᠠᠷ ᠤᠨ ᠵᠢᠷᠤᠭ

ᠪᠦᠭᠦᠳᠡ ᠨᠠᠶᠢᠷᠠᠮᠳᠠᠬᠤ ᠠᠦᠢᠰᠲᠷᠶ᠎ᠠ ᠤᠯᠤᠰ (ᠭᠧᠷᠮᠠᠨ ᠢᠶᠠᠷ Republik Österreich) — ᠲᠥᠪ ᠧᠦ᠋ᠷᠣᠫᠠ ᠲᠤ ᠣᠷᠣᠰᠢᠳᠠᠭ ᠳᠠᠯᠠᠢ ᠳᠤ ᠭᠠᠷᠤᠴᠠ ᠦᠭᠡᠢ ᠤᠯᠤᠰ. ᠬᠣᠶᠢᠳᠤ ᠲᠠᠯ᠎ᠠ ᠪᠠᠷ ᠢᠶᠠᠨ ᠭᠧᠷᠮᠠᠨᠴᠧᠺ᠂ ᠵᠡᠭᠦᠨ ᠲᠠᠯ᠎ᠠ ᠪᠠᠷ ᠢᠶᠠᠨ ᠰᠯᠣᠸᠠᠺᠬᠠᠩᠭᠠᠷᠢ᠂ ᠤᠷᠢᠳᠤ ᠲᠠᠯ᠎ᠠ ᠪᠠᠷ ᠢᠶᠠᠨ ᠰᠯᠣᠸᠧᠨᠢᠲ᠋ᠠᠯᠢ᠂ ᠪᠠᠷᠠᠭᠤᠨ ᠲᠠᠯ᠎ᠠ ᠪᠠᠷ ᠢᠶᠠᠨ ᠰᠸᠢᠰᠯᠢᠾᠢᠲ᠋ᠧᠨᠱᠤᠲ᠋ᠠᠢᠢᠨ ᠭᠡᠰᠡᠨ ᠨᠠᠶᠢᠮᠠᠨ ᠤᠯᠤᠰ ᠲᠠᠢ ᠭᠠᠵᠠᠷ ᠢᠶᠠᠷ ᠬᠢᠯᠢᠯᠡᠳᠡᠭ᠃ ᠳᠤᠨᠠᠢ ᠮᠥᠷᠡᠨ ᠦ ᠡᠷᠭᠢ ᠳᠦ ᠪᠠᠶᠢᠬᠤ ᠸᠸᠨᠠ ᠨᠡᠷᠡᠲᠦ ᠨᠡᠶᠢᠰᠯᠡᠯ ᠬᠣᠲᠠ ᠲᠠᠢ᠃ (ᠪᠦᠷᠢᠨ ᠠᠭᠤᠯᠭ᠎ᠠ ᠶᠢ ᠤᠩᠰᠢᠬᠤ)

ᠬᠥᠬᠡ ᠰᠤᠳᠠᠯᠲᠤ ᠬᠠᠯᠢᠮᠤ
ᠬᠥᠬᠡ ᠰᠤᠳᠠᠯᠲᠤ ᠬᠠᠯᠢᠮᠤ

ᠬᠥᠬᠡ ᠰᠤᠳᠠᠯᠲᠤ ᠬᠠᠯᠢᠮᠤ (Balaenoptera musculus) ᠨᠢ ᠰᠠᠬᠠᠯᠲᠤ ᠬᠠᠯᠢᠮᠤ ᠍ ᠤᠨ ᠳᠡᠳ᠋ ᠪᠠᠭ ᠤᠨ ᠬᠥᠬᠥᠲᠡᠨ ᠪᠠ ᠳᠡᠯᠡᠬᠡᠢ ᠳᠡᠭᠡᠷ᠎ᠡ ᠤᠷᠢᠳᠤ ᠪᠣᠯᠤᠨ ᠣᠳᠣ ᠠᠮᠢᠳᠤᠷᠠᠵᠤ ᠪᠤᠢ ᠠᠮᠢᠲᠠᠳ ᠤᠨ ᠳᠣᠲᠣᠷ᠎ᠠ ᠬᠠᠮᠤᠭ ᠤᠨ ᠲᠣᠮᠣ ᠨᠢ ᠶᠤᠮ᠃ (ᠪᠦᠷᠢᠨ ᠠᠭᠤᠯᠭ᠎ᠠ ᠶᠢ ᠤᠩᠰᠢᠬᠤ)

ᠠᠪᠠᠬᠠ
ᠮᠣᠷᠢ ᠤᠨᠤᠭᠰᠠᠨ ᠠᠪᠠᠬᠠ᠃ ᠲᠡᠭᠦᠨ ᠦ ᠬᠠᠵᠠᠭᠤ ᠳᠤ ᠬᠦᠦ ᠠᠷᠭᠤᠨ ᠨᠢ ᠥᠪᠡᠷ ᠦᠨ ᠬᠦᠦ ᠭᠠᠵᠠᠨ ᠍ ᠢ ᠲᠡᠪᠡᠷᠢᠨ ᠡᠵᠡᠨ ᠬᠠᠭᠠᠨ ᠤ ᠰᠢᠬᠦᠷ ᠳᠣᠣᠷ᠎ᠠ ᠵᠣᠭᠰᠣᠵᠤ ᠪᠠᠶᠢᠨ᠎ᠠ᠃

ᠠᠪᠠᠬᠠ ᠬᠠᠨ (1234–1282) (ᠠᠪᠠᠭ᠎ᠠ᠂ ᠠᠪᠠᠭ᠎ᠠ ᠬᠠᠨ ᠴᠤ ᠭᠡᠳᠡᠭ) ᠫᠧᠷᠰ ᠵᠢᠨ ᠢᠯ ᠬᠠᠭᠠᠨᠲᠤ ᠤᠯᠤᠰ ᠤᠯᠤᠰ ᠤᠨ ᠬᠤᠶᠠᠳᠠᠭᠴᠢ ᠮᠣᠩᠭᠣᠯ ᠤᠳᠤᠷᠢᠳᠤᠭᠴᠢ (ᠢᠯᠢ ᠬᠠᠨ) ᠪᠠᠶᠢᠯ᠎ᠠ᠃ ᠬᠦᠯᠢᠭᠦ ᠬᠠᠨ᠂ ᠶᠢᠰᠦᠨᠵᠢᠨ ᠬᠠᠲᠤᠨ ᠤ ᠳᠤᠮᠳᠠ ᠠᠴᠠ ᠭᠠᠷᠤᠭᠰᠠᠨ ᠬᠦᠦ ᠠᠪᠠᠬᠠ 1265–1282 ᠣᠨ ᠳᠤ ᠢᠯ ᠬᠠᠭᠠᠨᠲᠤ ᠤᠯᠤᠰ ᠤᠯᠤᠰ  ᠤᠨ ᠵᠠᠬᠢᠷᠤᠭᠴᠢ ᠪᠠᠶᠢᠭᠰᠠᠨ ᠪᠥᠭᠡᠳ ᠲᠡᠭᠦᠨ ᠢ ᠳᠡᠭᠦᠦ ᠲᠡᠺᠥᠳᠡᠷ ᠨᠢ ᠵᠠᠯᠭᠠᠮᠵᠢᠯᠠᠵᠠᠢ᠃ ᠠᠪᠠᠬ᠎ᠠ ᠶᠢᠨ ᠬᠠᠭᠠᠨᠴᠢᠯᠠᠯ ᠤᠨ ᠵᠢᠯ ᠦᠳ ᠦᠨ ᠶᠡᠬᠡᠩᠬᠢ ᠬᠤᠭᠤᠴᠠᠭᠠᠨ ᠳᠤ ᠮᠣᠩᠭᠣᠯ ᠤᠨ ᠡᠵᠡᠨᠲᠦ ᠭᠦᠷᠦᠨ ᠲᠤᠳᠤᠭᠠᠳᠤ ᠵᠢᠨ ᠳᠠᠶᠢᠨ ᠲᠠᠢ ᠪᠠᠶᠢᠯ᠎ᠠ᠃ ᠲᠤᠬᠠᠶᠢᠯᠠᠪᠠᠯ ᠢᠯ ᠬᠠᠭᠠᠨᠲᠤ ᠤᠯᠤᠰ ᠪᠠ ᠤᠮᠠᠷᠠᠳᠤ ᠵᠦᠭ ᠦᠨ ᠠᠯᠲᠠᠨ ᠣᠷᠳᠣ ᠍ ᠶᠢᠨ ᠬᠣᠭᠣᠷᠣᠨᠳᠣᠬᠢ ᠳᠠᠶᠢᠨ ᠢ ᠳᠤᠷᠠᠳᠴᠤ ᠪᠣᠯᠤᠨ᠎ᠠ᠃ ᠠᠪᠠᠬᠠ ᠮᠥᠨ ᠰᠢᠷᠢᠢ ᠠ ᠍ ᠶᠢ ᠡᠵᠡᠯᠡᠨ ᠠᠪᠬᠤ ᠪᠠᠷ ᠤᠳᠠᠭ᠎ᠠ ᠳᠠᠷᠠᠭ᠎ᠠ ᠣᠷᠣᠯᠳᠤᠭᠰᠠᠨ ᠪᠣᠯᠪᠠᠴᠤ ᠠᠮᠵᠢᠯᠲᠠ ᠤᠯᠤᠭᠰᠠᠨ ᠦᠭᠡᠢ ᠃ ᠲᠤᠬᠠᠶᠢᠯᠠᠪᠠᠯ ᠬᠣᠮᠰᠠ ᠶᠢᠨ ᠬᠣᠶᠠᠳᠤᠭᠠᠷ ᠲᠤᠯᠤᠯᠳᠤᠭᠠᠨ ᠳᠤ ᠢᠯᠠᠭᠳᠠᠯ ᠬᠦᠯᠢᠶᠡᠭᠰᠡᠨ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

АСЕАН
Association of South - East Asian Nations

Association of South - East Asian Nations - 东南亚国家联盟- ᠵᠡᠭᠦᠨ ᠡᠮᠦᠨᠡᠲᠦ ᠠᠽᠢᠶ᠎ᠠ ᠶᠢᠨ ᠪᠥᠰᠡ ᠨᠤᠲᠤᠭ ᠤᠨ ᠬᠠᠮᠲᠤ ᠶᠢᠨ ᠠᠵᠢᠯᠯᠠᠭᠠᠨ ᠤ ᠨᠡᠶᠢᠭᠡᠮᠯᠢᠭ ᠨᠢ ᠤᠯᠤᠰ ᠲᠥᠷᠥ᠂ ᠡᠳ᠋ ᠍ ᠦᠨ ᠵᠠᠰᠠᠭ ᠤᠨ ᠠᠰᠢᠭ ᠰᠣᠨᠢᠷᠬᠠᠯ ᠢᠶᠠᠷ ᠢᠶᠠᠨ ᠨᠢᠭᠡᠳᠦᠭᠰᠡᠨ 10 ᠤᠯᠤᠰ ᠣᠷᠣᠨ ᠪᠠ ᠢᠨᠳᠥᠶᠢᠨᠧᠽ᠂ ᠮᠠᠯᠠᠶᠢᠽ᠂ ᠰᠢᠩᠭᠠᠫᠦᠷ᠂ ᠲᠠᠶᠢᠯᠠᠨᠳ᠋᠂ ᠹᠢᠯᠢᠫᠫᠢᠨ ᠤᠯᠤᠰ ᠤᠳ ᠤᠨ ᠭᠠᠳᠠᠭᠠᠳᠤ ᠬᠡᠷᠡᠭ ᠦᠨ ᠶᠠᠮᠤᠨ ᠤ ᠰᠠᠶᠢᠳ ᠨᠠᠷ 1967 ᠣᠨ ᠤ 8 ᠍ ᠳᠦᠭᠡᠷ ᠰᠠᠷ᠎ᠠ ᠶᠢᠨ 8 ᠍ ᠳᠦ ᠲᠠᠶᠢᠯᠠᠨᠳ᠋ ᠶᠢᠨ ᠪᠠᠩᠺᠦᠪ ᠬᠣᠲᠠᠨ᠎ᠠ《ᠪᠠᠩᠺᠦᠪ ᠤᠨ ᠲᠤᠩᠬᠠᠭᠯᠠᠯ》 ᠍ ᠳᠦ ᠭᠠᠷ ᠤᠨ ᠦᠰᠦᠭ ᠵᠢᠷᠤᠭᠰᠠᠨ ᠢᠶᠠᠷ Association of South - East Asian Nations ᠍ ᠤ ᠦᠨᠳᠦᠰᠦ ᠶᠢ ᠲᠠᠯᠪᠢᠵᠠᠢ᠃ ᠬᠣᠵᠢᠮ ᠪᠷᠦᠨᠧᠢ᠂ ᠪᠢᠷᠮ (ᠮᠢᠶᠠᠭ᠍ᠮᠠᠷ), ᠸᠢᠶᠧᠲ᠋ᠨᠠᠮ᠂ ᠺᠠᠮᠪᠤᠵᠠ ᠵᠡᠷᠭᠡ ᠤᠯᠤᠰ ᠤᠳ ᠭᠡᠰᠢᠭᠦᠨ ᠢᠶᠡᠷ ᠡᠯᠰᠡᠭᠳᠡᠭᠰᠡᠨ ᠢᠶᠡᠷ ᠪᠥᠰᠡ ᠨᠤᠲᠤᠭ ᠤᠨ ᠬᠠᠮᠲᠤ ᠶᠢᠨ ᠠᠵᠢᠯᠯᠠᠭᠠᠨ ᠤ ᠬᠦᠷᠢᠶ᠎ᠡ ᠨᠢ ᠥᠷᠭᠡᠵᠢᠨ ᠲᠡᠯᠡᠵᠡᠢ᠃ ᠬᠣᠯᠪᠣᠭᠠᠨ ᠤ ᠵᠣᠷᠢᠯᠭ᠎ᠠ ᠨᠢ: ᠪᠥᠰᠡ ᠨᠤᠲᠤᠭ ᠲᠤ ᠡᠳ᠋ ᠍ ᠦᠨ ᠵᠠᠰᠠᠭ᠂ ᠨᠡᠶᠢᠭᠡᠮ᠂ ᠰᠤᠶᠤᠯ ᠤᠨ ᠬᠠᠮᠲᠤ ᠶᠢᠨ ᠠᠵᠢᠯᠯᠠᠭ᠎ᠠ ᠶᠢ ᠬᠥᠭᠵᠢᠭᠦᠯᠬᠦ᠂ (ᠪᠦᠷᠢᠨ ᠠᠭᠤᠯᠭ᠎ᠠ ᠶᠢ ᠤᠩᠰᠢᠬᠤ)

ᠶᠠᠭᠤᠸᠠᠷ
Jaguar

ᠶᠠᠭᠤᠸᠠᠷ (Panthera oncaᠢᠷᠪᠢᠰ  ᠦᠨ ᠲᠥᠷᠥᠯ ) ᠬᠠᠭᠤᠴᠢᠨ ᠶᠢᠷᠲᠢᠨᠴᠦ ᠶᠢᠨ ᠪᠠᠷᠰᠠᠷᠰᠯᠠᠨᠴᠣᠬᠣᠷ ᠢᠷᠪᠢᠰ `ᠵᠢᠨ ᠬᠠᠮᠲᠤ Panthera ᠲᠥᠷᠥᠯ ᠢ ᠪᠦᠷᠢᠳᠦᠭᠦᠯᠳᠡᠭ ᠳᠥᠷᠪᠡᠨ ᠲᠣᠮᠣ ᠮᠤᠤᠷ ᠤᠨ ᠨᠢᠭᠡ᠂ ᠰᠢᠨ᠎ᠡ ᠶᠢᠷᠲᠢᠨᠴᠦ ᠶᠢᠨ ᠵᠦᠢᠯ ᠶᠤᠮ᠃ ᠰᠢᠨ᠎ᠡ ᠶᠢᠷᠲᠢᠨᠴᠦ ᠶᠢᠨ ᠴᠣᠷ ᠤᠨ ᠭᠠᠭᠴᠠ Panthera. ᠶᠠᠭᠤᠸᠠᠷ ᠪᠠᠷᠰ᠂ ᠠᠷᠰᠯᠠᠨ ᠤ ᠳᠠᠷᠠᠭ᠎ᠠ ᠤᠷᠤᠬᠤ ᠭᠤᠷᠪᠠᠳᠠᠬᠢ ᠲᠣᠮᠣ ᠨᠢ ᠪᠥᠭᠡᠳ ᠶᠢᠷᠲᠢᠨᠴᠦ ᠶᠢᠨ ᠪᠠᠷᠠᠭᠤᠨ ᠬᠠᠭᠠᠰ ᠤᠨ ᠬᠠᠮᠤᠭ ᠤᠨ ᠲᠣᠮᠣ᠂ ᠬᠦᠴᠦᠷᠬᠡᠭ ᠨᠢ᠃ ᠶᠠᠭᠤᠸᠠᠷ ᠡᠳᠦᠭᠡ ᠮᠸᠺᠰᠢᠺᠣ ᠡᠴᠡ ᠡᠬᠢᠯᠡᠭᠡᠳ ᠲᠥᠪ ᠠᠮᠧᠷᠢᠺᠠ ᠵᠢᠨ ᠶᠡᠬᠡᠬᠡᠨ ᠬᠡᠰᠡᠭ ᠢ ᠣᠷᠣᠭᠤᠯᠤᠭᠠᠳ᠂ ᠡᠮᠦᠨ᠎ᠡ ᠵᠦᠭ ᠲᠤ ᠫᠠᠷᠠᠭᠪᠠᠢ᠂ ᠬᠣᠶᠢᠳᠤ ᠠᠷᠭᠸᠨ᠋ᠲ᠋ᠢᠨ ᠬᠦᠷᠲᠡᠯ᠎ᠡ ᠲᠠᠷᠬᠠᠭᠰᠠᠨ᠃ ᠠᠷᠢᠽᠣᠨ ᠳᠤ ᠲᠠᠺᠰᠣᠨ ᠠᠴᠠ ᠪᠠᠷᠠᠭᠤᠨ ᠡᠮᠦᠨᠡᠲᠦ ᠵᠦᠭ ᠲᠤ ᠪᠠᠶᠢᠬᠤ ᠦᠷᠡᠵᠢᠯ ᠦᠨ ᠨᠢᠭᠡ ᠫᠣᠫᠦᠶᠢᠯᠢᠶᠠᠼ ᠢ ᠡᠰᠡ ᠲᠣᠭᠠᠴᠠᠪᠠᠯ ᠶᠠᠭᠤᠸᠠᠷ ᠠᠮᠧᠷᠢᠺᠠ ᠶᠢᠨ ᠨᠢᠭᠡᠳᠦᠭᠰᠡᠨ ᠤᠯᠤᠰ ᠍ ᠳᠦ 1900 ᠍ ᠊ᠭᠠᠳ ᠣᠨ ᠤ ᠡᠬᠢᠨ ᠡᠴᠡ ᠤᠰᠠᠳᠤᠭᠰᠠᠨ᠃ ᠭᠡᠬᠦ ᠳᠦ ᠪᠡᠨ ᠡᠮᠦᠨᠡᠲᠦ ᠠᠷᠢᠽᠣᠨ᠂ ᠨᠶᠤ-ᠮᠧᠺᠰᠢᠺᠣ᠂ ᠲᠡᠷᠡ ᠪᠠᠶᠢᠲᠤᠭᠠᠢ ᠲᠸᠺᠰᠰ ᠲᠤ ᠬᠦᠷᠲᠡᠯ᠎ᠡ ᠰᠤᠳᠤᠯᠤᠭᠳᠠᠭ᠎ᠠ ᠦᠭᠡᠢ ᠪᠥᠰᠡ ᠨᠤᠲᠤᠭ ᠢᠶᠠᠷ ᠶᠠᠭᠤᠸᠠᠷ ᠤᠨ ᠫᠣᠫᠦᠶᠢᠯᠢᠶᠠᠼ ᠤᠳ ᠪᠠᠶᠢᠬᠤ ᠥᠨᠳᠥᠷ ᠮᠠᠭᠠᠳᠯᠠᠯ ᠲᠠᠢ᠃ (ᠪᠦᠷᠢᠨ ᠠᠭᠤᠯᠭ᠎ᠠ ᠶᠢ ᠤᠩᠰᠢᠬᠤ)

ᠭᠡᠰᠡᠷ
ᠭᠡᠰᠡᠷ

ᠭᠡᠰᠡᠷ ᠬᠠᠭᠠᠨ ᠤ ᠲᠤᠭᠤᠵᠢ (ᠲᠥᠪᠡᠳ᠃ གེ་སར་རྒྱལ་པོ) ᠨᠢ ᠨᠡᠶᠢᠲᠡ ᠶᠢᠨ ᠤᠨ ᠲᠣᠭᠠᠯᠠᠯ ᠡᠴᠡ ᠡᠮᠦᠨ᠎ ᠡ 100-300 ᠍ ᠣᠨ ᠤ ᠦᠶᠡᠰ ᠵᠢᠷᠭᠤᠳᠤᠭᠠᠷ ᠵᠠᠭᠤᠨ ᠤ ᠬᠣᠭᠣᠷᠣᠨᠳᠣ ᠡᠭᠦᠰᠴᠤ᠂ ᠳᠣᠯᠤᠳᠤᠭᠠᠷ ᠵᠠᠭᠤᠨ ᠭᠡᠬᠦ ᠳᠦ ᠤᠯᠠᠮ ᠪᠣᠯᠪᠠᠰᠤᠷᠠᠩᠭᠤᠢ ᠪᠣᠯᠵᠤ᠂ ᠲᠥᠪᠡᠳᠮᠣᠩᠭᠣᠯᠪᠤᠷᠢᠶᠠᠳᠴᠠᠭᠠᠨ ᠮᠣᠩᠭᠣᠯ ᠵᠡᠷᠭᠡ ᠲᠥᠪ ᠠᠽᠢᠶ᠎ᠠ ᠶᠢᠨ ᠣᠯᠠᠨ ᠠᠷᠠᠳ ᠲᠦᠮᠡᠨ ᠦ ᠳᠣᠲᠣᠷ᠎ᠠ ᠥᠷᠭᠡᠨ ᠳᠡᠯᠭᠡᠷᠡᠭᠰᠡᠨ ᠲᠤᠤᠯᠢ ᠶᠤᠮ᠃ ᠭᠡᠰᠡᠷ ᠤᠨ ᠲᠤᠤᠯᠢ᠂ ᠵᠢᠩᠭᠠᠷ ᠤᠨ ᠲᠤᠤᠵᠢ ᠮᠣᠩᠭᠣᠯ ᠤᠨ ᠨᠢᠭᠤᠴᠠ ᠲᠣᠪᠴᠢᠶᠠᠨ ᠵᠡᠷᠭᠡ ᠭᠤᠷᠪᠠᠨ ᠵᠣᠬᠢᠶᠠᠯ ᠤᠳ ᠢ ᠬᠠᠮᠲᠤ ᠳᠤ ᠨᠢ ᠮᠣᠩᠭᠣᠯᠴᠤᠳ ᠤᠨ ᠡᠷᠲᠡᠨ ᠦ ᠤᠳᠬ᠎ᠠ ᠵᠣᠬᠢᠶᠠᠯ ᠤᠨ ᠭᠤᠷᠪᠠᠨ ᠣᠷᠭᠢᠯ ᠭᠡᠳᠡᠭ᠃ ᠡᠭᠦᠰᠦᠭᠰᠡᠨ ᠴᠠᠭ ᠠᠴᠠ ᠪᠠᠨ ᠬᠣᠶᠢᠰᠢ ᠣᠯᠠᠨ ᠦᠨᠳᠦᠰᠦᠲᠡᠨ ᠳᠦ ᠲᠠᠷᠬᠠᠭᠰᠠᠨ ᠪᠠ ᠣᠳᠣ ᠴᠤ ᠲᠥᠪᠡᠳᠥᠪᠥᠷ ᠮᠣᠩᠭᠣᠯᠬᠥᠬᠡᠨᠠᠭᠤᠷ ᠲᠤ ᠬᠠᠶᠢᠯᠠᠭᠳᠠᠵᠤ ᠪᠤᠢ ᠳᠡᠯᠡᠬᠡᠢ ᠳᠡᠭᠡᠷᠡᠬᠢ ᠬᠠᠮᠤᠭ ᠤᠨ ᠤᠷᠲᠤ ᠠᠮᠢᠳᠤ ᠲᠤᠤᠯᠢ ᠶᠤᠮ᠃ ᠣᠯᠠᠨ ᠦᠨᠳᠦᠰᠦᠲᠡᠨ ᠳᠦ ᠲᠠᠷᠬᠠᠭᠰᠠᠨ ᠤ ᠪᠠᠨ ᠬᠤᠪᠢ ᠳᠤ ᠦᠨᠳᠦᠰᠦᠲᠡᠨ ᠪᠦᠷᠢ ᠶᠢᠨ ᠣᠨᠴᠠᠯᠢᠭ ᠢ ᠰᠢᠩᠭᠡᠭᠡᠭᠰᠡᠨ ᠣᠯᠠᠨ ᠶᠠᠩᠵᠤ ᠶᠢᠨ ᠬᠤᠪᠢᠯᠪᠤᠷᠢ ᠲᠠᠢ᠃ (ᠪᠦᠷᠢᠨ ᠠᠭᠤᠯᠭ᠎ᠠ ᠶᠢ ᠤᠩᠰᠢᠬᠤ)

ᠢᠰᠷᠸᠯ
ᠢᠰᠷᠸᠯ

ᠢᠰᠷᠸᠯ ᠤᠯᠤᠰ ᠭᠠᠵᠠᠷ ᠤᠨ ᠳᠤᠮᠳᠠᠳᠤ ᠲᠡᠩᠭᠢᠰ ᠤᠨ ᠵᠡᠭᠦᠨ ᠡᠷᠭᠢ ᠳᠡᠭᠡᠷ᠎ᠡ ᠤᠷᠤᠰᠢᠬᠤ ᠪᠠᠷᠠᠭᠤᠨ ᠠᠽᠢᠶ᠎ᠠ ᠍ ᠶᠢᠨ ᠣᠷᠣᠨ ᠶᠤᠮ᠃ ᠬᠣᠶᠢᠳᠤ ᠲᠠᠯ᠎ᠠ ᠪᠠᠷ ᠢᠶᠠᠨ ᠯᠸᠪᠠᠨᠤᠨ᠂ ᠵᠡᠭᠦᠨ ᠬᠣᠶᠢᠳᠤ ᠲᠠᠯ᠎ᠠ ᠪᠠᠷ ᠢᠶᠠᠨ ᠰᠢᠷᠢᠢ ᠠ᠂ ᠵᠡᠭᠦᠨ ᠲᠠᠯ᠎ᠠ ᠪᠠᠷ ᠢᠶᠠᠨ ᠢᠣᠷᠳᠠᠨ᠂ ᠪᠠᠷᠠᠭᠤᠨ ᠡᠮᠦᠨᠡᠲᠦ ᠲᠠᠯ᠎ᠠ ᠪᠠᠷ ᠢᠶᠠᠨ ᠶᠸᠵᠠᠫᠲ ᠵᠡᠷᠭᠡ ᠣᠷᠣᠨ ᠨᠤᠭᠤᠳ ᠲᠠᠢ ᠬᠢᠯᠢᠯᠡᠳᠡᠭ ᠪᠥᠭᠡᠳ ᠨᠤᠲᠤᠭ ᠳᠡᠪᠢᠰᠭᠡᠷ ᠨᠢ ᠬᠠᠷᠢᠴᠠᠩᠭᠤᠢ ᠵᠢᠵᠢᠭ ᠪᠤᠯᠪᠠᠴᠤ ᠭᠠᠵᠠᠷ ᠵᠦᠢ ᠶᠢᠨ ᠬᠤᠪᠢ ᠳᠤ ᠥᠭᠡᠷ᠎ᠡ ᠥᠭᠡᠷ᠎ᠡ ᠥᠪᠡᠷᠮᠢᠴᠡ ᠣᠨᠴᠠᠯᠢᠭ ᠲᠠᠢ ᠪᠠᠶᠢᠳᠠᠭ᠃ ᠪᠠᠷᠠᠭᠤᠨ ᠡᠷᠭᠢ ᠪᠣᠯᠤᠨ ᠭᠠᠰ ᠤᠨ ᠵᠤᠷᠪᠤᠰ ᠴᠤ ᠮᠥᠨ ᠵᠡᠷᠭᠡᠯᠡᠳᠡᠭᠡ ᠣᠷᠣᠰᠢᠨ᠎ᠠ᠃ ᠢᠰᠷᠸᠯ ᠤᠨ ᠬᠦᠮᠦᠨ ᠠᠮᠠ ᠶᠢᠨ ᠶᠡᠬᠡᠩᠬᠢ ᠬᠤᠪᠢ ᠨᠢ ᠢᠪᠡᠷᠡᠢᠦᠨᠳᠦᠰᠦᠲᠡᠨ ᠪᠥᠭᠡᠳ ᠡᠭᠦᠪᠡᠷ ᠢᠶᠡᠨ ᠳᠡᠯᠡᠬᠡᠢ ᠶᠢᠨ ᠴᠣᠷ ᠤᠨ ᠭᠠᠭᠴᠠ ᠢᠪᠡᠷᠡᠢ ᠣᠷᠣᠨ ᠶᠤᠮ᠃ ᠢᠪᠡᠷᠡᠢᠴᠦᠳ ᠡᠴᠡ ᠭᠠᠳᠠᠨ᠎ᠠ ᠠᠷᠠᠪ ᠍ ᠤᠨ ᠮᠦᠰᠦᠯᠢᠨᠴᠤᠳᠾᠷᠢᠰᠤᠰ ᠤᠨ ᠱᠠᠰᠢᠨ ᠲᠠᠢ ᠬᠦᠮᠦᠰ ᠵᠢᠴᠢ ᠳᠷᠦᠽᠧ᠂ ᠰᠠᠮᠤᠷᠠᠢ ᠵᠡᠷᠭᠡ ᠦᠨᠳᠦᠰᠦᠲᠡᠨ᠂ ᠱᠠᠰᠢᠨᠲᠠᠨ ᠨᠤᠭᠤᠳ ᠣᠷᠣᠰᠢᠳᠠᠭ᠃ (ᠪᠦᠷᠢᠨ ᠠᠭᠤᠯᠭ᠎ᠠ ᠶᠢ ᠤᠩᠰᠢᠬᠤ)

ᠭᠡᠷᠡᠯ ᠵᠢᠷᠤᠭ ᠠᠪᠤᠯᠲᠠ
ᠭᠡᠷᠡᠯ ᠵᠢᠷᠤᠭ ᠠᠪᠤᠯᠲᠠ

ᠭᠡᠷᠡᠯ ᠵᠢᠷᠤᠭ ᠠᠪᠤᠯᠲᠠᠬᠢᠲᠠᠳ ᠢᠶᠠᠷ 摄影ᠠᠩᠭᠯᠢ ᠪᠠᠷ Photography) ᠨᠢ ᠭᠡᠷᠡᠯ ᠵᠢᠷᠤᠭ ᠤᠨ ᠬᠠᠯᠢᠰᠤ ᠡᠰᠡᠪᠡᠯ ᠡᠯᠧᠺᠲ᠋ᠷᠣᠨ ᠵᠢᠷᠤᠭ ᠮᠡᠳᠡᠷᠡᠭᠴᠢ ᠵᠡᠷᠭᠡ ᠰᠠᠴᠤᠷᠠᠭᠠᠯᠲᠠ ᠮᠡᠳᠡᠷᠡᠮᠡᠲᠡᠭᠡᠢ ᠵᠦᠢᠯᠡᠰ ᠳᠡᠭᠡᠷᠡᠬᠢ ᠰᠠᠴᠤᠷᠠᠭᠠᠯᠲᠠ ᠶᠢ ᠪᠠᠭᠤᠯᠭᠠᠵᠤ ᠠᠪᠬᠤ ᠵᠠᠮ ᠢᠶᠠᠷ ᠵᠢᠷᠤᠭ ᠡᠭᠦᠰᠭᠡᠬᠦ ᠫᠷᠠᠻᠲ᠋ᠢᠭ ︵praxis︶ ᠂ ᠰᠢᠨᠵᠢᠯᠡᠬᠦ ᠤᠬᠠᠭᠠᠨ᠂ ᠮᠥᠨ ᠤᠷᠠᠯᠢᠭ ᠶᠤᠮ᠃ ᠯᠢᠨᠽ (lens) ᠨᠢ ᠶᠠᠮᠠᠷ ᠨᠢᠭᠡ ᠣᠪᠢᠶᠧᠺᠲ ︵objects︶ ᠠᠴᠠ ᠢᠯᠭᠠᠷᠠᠬᠤ ᠡᠰᠡᠪᠡᠯ ᠲᠤᠬᠠᠢ ᠶᠢᠨ ᠣᠪᠢᠶᠧᠺᠲ ᠳᠡᠭᠡᠷ᠎ᠡ ᠲᠤᠰᠤᠭᠠᠳ ᠬᠤᠭᠤᠷᠠᠭᠰᠠᠨ ᠭᠡᠷᠡᠯ ᠦᠨ ᠰᠠᠴᠤᠷᠠᠭ ᠤᠨ ᠹᠣᠺᠦ᠋ᠰ ᠢ (focus) ᠲᠠᠭᠠᠷᠠᠭᠤᠯᠤᠨ᠂ ᠺᠠᠮᠧᠷ ᠤᠨ︵camera︶ ᠳᠣᠲᠣᠷ᠎ᠠ ᠪᠠᠶᠢᠷᠢᠯᠠᠬᠤ ᠭᠡᠷᠡᠯ ᠮᠡᠳᠡᠷᠡᠮᠡᠲᠡᠭᠡᠢ ᠭᠠᠳᠠᠷᠭᠤ ᠳᠡᠭᠡᠷ᠎ᠡ ᠪᠣᠳᠠᠲᠤ ᠳᠦᠷᠰᠦ ᠪᠣᠯᠭᠠᠨ ᠪᠠᠭᠤᠯᠭᠠᠬᠤ ᠳᠤ ᠠᠰᠢᠭᠯᠠᠭᠳᠠᠳᠠᠭ᠃ ᠤᠯᠠᠮ ᠢᠶᠠᠷ ᠡᠯᠧᠺᠲ᠋ᠷᠣᠨ ᠳᠦᠷᠰᠦ ᠮᠡᠳᠡᠷᠡᠭᠴᠢ ᠨᠢ ᠳᠦᠷᠰᠦ ᠶᠢ ᠫᠢᠺᠰᠧᠯ ᠦᠨ (pixel) ᠨᠠᠷᠢᠪᠴᠢᠯᠠᠯ ᠢᠶᠠᠷ ᠪᠠᠭᠤᠯᠭᠠᠨ᠂ ᠪᠣᠯᠪᠠᠰᠤᠷᠠᠭᠤᠯᠵᠤ ᠳ᠋ᠢᠵᠢᠲᠠᠯ᠎ᠠ ᠹᠠᠢᠢᠯ ᠬᠡᠯᠪᠡᠷᠢ ᠪᠡᠷ ᠬᠠᠳᠠᠭᠠᠯᠠᠳᠠᠭ᠃ ᠵᠢᠷᠤᠭ᠂ ᠸᠢᠳᠢᠣ᠋ ᠬᠡᠯᠪᠡᠷᠢ ᠪᠡᠷ ᠬᠠᠳᠠᠭᠠᠯᠠᠭᠳᠠᠭᠰᠠᠨ ᠳ᠋ᠢᠵᠢᠲᠠᠯ᠎ᠠ ᠹᠠᠢᠢᠯ ᠢ ᠵᠢᠷᠤᠭ ᠤᠨ ᠠᠫᠫᠠᠷᠠᠲᠠᠨ (machine ) ᠠᠴᠠ ᠰᠢᠭᠤᠳ ᠦᠵᠡᠬᠦ᠂ ᠺᠣᠮᠫᠢᠶᠦ᠋ᠲ᠋ᠧᠷ ᠤᠷᠤᠭᠤ ᠬᠠᠭᠤᠯᠬᠤ᠂ ᠳᠡᠯᠭᠡᠴᠡ ᠪᠡᠷ ᠬᠠᠷᠠᠭᠤᠯᠬᠤ ᠪᠤᠶᠤ ᠰᠲ᠋ᠦ᠋ᠳᠢ ᠳᠤ ᠤᠭᠢᠶᠠᠵᠤ᠂ ᠫᠷᠢᠨᠲ᠋ᠧᠷ ᠢᠶᠡᠷ ᠬᠡᠪᠯᠡᠨ ᠠᠰᠢᠭᠯᠠᠵᠤ ᠪᠣᠯᠳᠠᠭ᠃ ᠹᠣᠲ᠋ᠣ ᠵᠢᠷᠤᠭ ᠤᠨ ᠰᠢᠨᠵᠢᠯᠡᠬᠦ ᠤᠬᠠᠭᠠᠨ᠂ ᠦᠢᠯᠡᠳᠪᠦᠷᠢᠯᠡᠯ᠂ ᠪᠢᠽᠢᠨ᠋ᠧᠰ ᠲᠦ ᠥᠷᠭᠡᠨ ᠢᠶᠡᠷ ᠠᠰᠢᠭᠯᠠᠬᠤ ᠶᠢᠨ ᠵᠡᠷᠭᠡᠴᠡᠭᠡ ᠤᠷᠠᠯᠢᠭ᠂ ᠤᠷᠠᠨ ᠪᠦᠲᠦᠭᠡᠯ᠂ ᠬᠠᠷᠢᠯᠴᠠᠭ᠎ᠠ ᠬᠣᠯᠪᠣᠭᠠᠨ ᠤ ᠵᠣᠷᠢᠯᠭ᠎ᠠ ᠪᠠᠷ ᠲᠦᠭᠡᠮᠡᠯ ᠠᠰᠢᠭᠯᠠᠳᠠᠭ᠃ (ᠪᠦᠷᠢᠨ ᠠᠭᠤᠯᠭ᠎ᠠ ᠶᠢ ᠤᠩᠰᠢᠬᠤ)

ᠪᠦᠭᠦᠳᠡ ᠨᠠᠶᠢᠷᠠᠮᠳᠠᠬᠤ ᠬᠠᠯᠢᠮᠠᠭ ᠤᠯᠤᠰ
ᠪᠦᠭᠦᠳᠡ ᠨᠠᠶᠢᠷᠠᠮᠳᠠᠬᠤ ᠬᠠᠯᠢᠮᠠᠭ ᠤᠯᠤᠰ

ᠪᠦᠭᠦᠳᠡ ᠨᠠᠶᠢᠷᠠᠮᠳᠠᠬᠤ ᠬᠠᠯᠢᠮᠠᠭ ᠤᠯᠤᠰ ᠨᠢ ᠣᠷᠣᠰ ᠤᠨ ᠬᠣᠯᠪᠣᠭᠠᠨ ᠤ ᠤᠯᠤᠰ ᠍ ᠢ ᠪᠦᠷᠢᠳᠦᠭᠦᠯᠦᠭᠴᠢ᠂ ᠪᠦᠭᠦᠳᠡ ᠨᠠᠶᠢᠷᠠᠮᠳᠠᠬᠤ ᠤᠯᠤᠰ ᠪᠥᠭᠡᠳ ᠺᠠᠰᠫᠢ ᠲᠡᠩᠭᠢᠰ ᠤᠨ ᠪᠠᠷᠠᠭᠤᠨ ᠬᠣᠶᠢᠳᠤ ᠡᠷᠭᠢ ᠳᠦ ᠣᠷᠣᠰᠢᠳᠠᠭ᠃ ᠣᠷᠣᠰ ᠤᠨ ᠬᠣᠯᠪᠣᠭᠠᠨ ᠤ ᠤᠯᠤᠰ ᠤᠨ ᠡᠮᠦᠨᠡᠲᠦ ᠬᠣᠯᠪᠣᠭᠠᠨ ᠤ ᠲᠣᠭᠣᠷᠢᠭ ᠤᠨ ᠪᠦᠷᠢᠯᠳᠦᠬᠦᠨ ᠳᠦ ᠪᠠᠭᠲᠠᠳᠠᠭ᠃ ᠨᠡᠶᠢᠰᠯᠡᠯ ᠬᠣᠲᠠ ᠨᠢ ᠡᠯᠡᠰᠦᠲᠦ᠃ ᠬᠠᠯᠢᠮᠠᠭ ᠨᠢ ᠡᠮᠦᠨᠡᠲᠦ ᠬᠡᠰᠡᠭ ᠢᠶᠡᠷ ᠢᠶᠡᠨ ᠳᠠᠭᠧᠰᠲ᠋ᠠᠨ᠂ ᠪᠠᠷᠠᠭᠤᠨ ᠡᠮᠦᠨᠡᠲᠦ ᠬᠡᠰᠡᠭ ᠢᠶᠡᠷ ᠢᠶᠡᠨ ᠰᠲ᠋ᠠᠦ᠋ᠷᠣᠫᠣᠯᠢᠰᠺ ᠤᠨ ᠬᠢᠵᠠᠭᠠᠷ᠂ ᠪᠠᠷᠠᠭᠤᠨ ᠬᠡᠰᠡᠭ ᠢᠶᠡᠷ ᠢᠶᠡᠨ ᠷᠣᠰᠣᠲᠤᠪ ᠮᠤᠵᠢ᠂ ᠪᠠᠷᠠᠭᠤᠨ ᠬᠣᠶᠢᠳᠤ ᠬᠡᠰᠡᠭ ᠢᠶᠡᠷ ᠢᠶᠡᠨ ᠸᠣᠯᠭᠣᠭᠷᠠᠳ ᠮᠤᠵᠢ᠂ ᠵᠡᠭᠦᠨ ᠬᠡᠰᠡᠭ ᠢᠶᠡᠷ ᠢᠶᠡᠨ ᠠᠰᠲᠷᠠᠬᠠᠨᠢ ᠮᠤᠵᠢ ᠲᠠᠢ ᠬᠢᠯᠢ ᠵᠠᠯᠭᠠᠨ ᠣᠷᠣᠰᠢᠳᠠᠭ᠃ ᠬᠦᠮᠦᠨ ᠠᠮᠠ ᠶᠢᠨ ᠲᠠᠯ᠎ᠠ ᠠᠴᠠ ᠵᠢᠭᠠᠬᠠᠨ ᠢᠯᠡᠭᠦᠦ ᠨᠢ ᠣᠶᠢᠷᠠᠳ ᠮᠣᠩᠭᠣᠯᠴᠤᠳ (ᠡᠳᠦᠭᠡ ᠬᠠᠯᠢᠮᠠᠭ ᠬᠡᠮᠡᠨ ᠨᠡᠷᠡᠯᠡᠭᠳᠡᠵᠦ ᠪᠠᠶᠢᠨ᠎ᠠ) ᠪᠥᠭᠡᠳ ᠦᠯᠡᠳᠡᠭᠰᠡᠨ ᠬᠦᠮᠦᠨ ᠠᠮᠠ ᠨᠢ ᠣᠷᠣᠰ᠂ ᠦᠺᠷᠠᠶᠢᠨ ᠦᠨᠳᠦᠰᠦᠲᠡᠨ ᠨᠦ᠋ᠭᠦᠳ᠂ ᠴᠧᠴᠡᠨᠢ᠂ ᠣᠰᠧᠲ᠋ᠢ᠂ ᠳᠠᠭᠧᠰᠲ᠋ᠠᠨ ᠤᠭᠰᠠᠭᠠᠲᠠᠨ ᠨᠤᠭᠤᠳ ᠪᠣᠯᠤᠨ᠎ᠠ᠃ ᠬᠠᠯᠢᠮᠠᠭ ᠤᠳ ᠤᠨ 50% ᠨᠢ ᠲᠣᠷᠭᠤᠳ᠂ 35% ᠨᠢ ᠳᠥᠷᠪᠡᠳ᠂ 15% ᠨᠢ ᠪᠤᠵᠠᠸᠠ ᠶᠠᠰᠤᠲᠠᠳ ᠡᠵᠡᠯᠡᠳᠡᠭ᠃ ᠬᠠᠯᠢᠮᠠᠭ ᠤᠯᠤᠰ ᠨᠢ ᠧᠦ᠋ᠷᠣᠫᠠ ᠲᠢᠪ ᠳᠠᠬᠢ ᠴᠣᠷ ᠤᠨ ᠭᠠᠭᠴᠠ ᠪᠤᠳ᠋ᠳ᠋ᠾᠠ ᠶᠢᠨ ᠱᠠᠰᠢᠨᠲᠤ ᠣᠷᠣᠨ ᠶᠤᠮ᠃ ᠡᠮᠦᠨᠡᠬᠢ ᠶᠡᠷᠦᠩᠬᠡᠶᠢᠯᠡᠭᠴᠢ ᠺᠢᠷᠠᠭᠰᠠᠨ ᠢᠯᠢᠶᠦ᠋ᠮᠵᠣᠨᠢᠪᠠ ᠪᠣᠯ ᠳᠡᠯᠡᠬᠡᠢ ᠶᠢᠨ ᠰᠢᠲᠠᠷ᠎ᠠ ᠶᠢᠨ ᠬᠣᠯᠪᠣᠭᠠᠨ ᠤ ᠲᠡᠷᠢᠭᠦᠯᠡᠭᠴᠢ ᠶᠤᠮ᠃ (ᠪᠦᠷᠢᠨ ᠠᠭᠤᠯᠭ᠎ᠠ ᠶᠢ ᠤᠩᠰᠢᠬᠤ)

ᠭᠤᠷᠪᠠᠯᠵᠢᠨ
ᠭᠤᠷᠪᠠᠯᠵᠢᠨ

ᠭᠤᠷᠪᠠᠯᠵᠢᠨ ᠨᠢ ᠭ᠍ᠸᠣᠮᠧᠲ᠋ᠷ ᠶᠢᠨ ᠦᠨᠳᠦᠰᠦᠨ ᠳᠦᠷᠰᠦ ᠤᠳ ᠤᠨ ᠨᠢᠭᠡ ᠪᠥᠭᠡᠳ ᠭᠤᠷᠪᠠᠨ ᠥᠨᠴᠥᠭ (ᠣᠷᠣᠢ) ᠲᠠᠢ ᠪᠠ ᠭᠤᠷᠪᠠᠨ ᠰᠢᠯᠤᠭᠤᠨ ᠲᠠᠯ᠎ᠠ(ᠢᠷᠮᠡᠭ) ᠲᠡᠢ ᠣᠯᠠᠨ ᠥᠨᠴᠥᠭᠲᠦ ᠶᠤᠮ᠃ ᠧᠦᠺᠯᠢᠳ ᠦᠨ ᠭ᠍ᠸᠣᠮᠧᠲ᠋ᠷ  (欧几里德几何) ᠳᠤ ᠨᠢᠭᠡ ᠰᠢᠯᠤᠭᠤᠨ ᠤ ᠳᠠᠭᠠᠤ ᠦᠯᠦ ᠤᠷᠤᠰᠢᠬᠤ ᠠᠯᠢᠪᠠ ᠭᠤᠷᠪᠠᠨ ᠴᠡᠭ ᠢᠶᠡᠷ ᠭᠤᠷᠪᠠᠯᠵᠢᠨ ᠢ ᠲᠣᠳᠣᠷᠬᠠᠶᠢᠯᠠᠳᠠᠭ᠃ ᠭᠤᠷᠪᠠᠯᠵᠢᠨ ᠨᠤᠭᠤᠳ ᠢ ᠲᠡᠳᠡᠭᠡᠷ ᠦᠨ ᠲᠠᠯ᠎ᠠ ᠤᠳ ᠤᠨ ᠬᠠᠷᠢᠴᠠᠩᠭᠤᠢ ᠤᠷᠲᠤ ᠨᠤᠭᠤᠳ ᠢᠶᠠᠷ ᠨᠢ ᠠᠩᠭᠢᠯᠠᠵᠤ ᠪᠣᠯᠳᠠᠭ᠃ ᠵᠥᠪ ᠭᠤᠷᠪᠠᠯᠵᠢᠨᠠᠳᠠᠯᠢ ᠲᠠᠯᠠᠳᠤ ᠭᠤᠷᠪᠠᠯᠵᠢᠨᠵᠥᠪ ᠪᠢᠰᠢ ᠭᠤᠷᠪᠠᠯᠵᠢᠨ ᠵᠡᠷᠭᠡ ᠳᠤ ᠬᠤᠪᠢᠶᠠᠲᠠᠭ᠃ (ᠪᠦᠷᠢᠨ ᠠᠭᠤᠯᠭ᠎ᠠ ᠶᠢ ᠤᠩᠰᠢᠬᠤ)

ᠵᠢᠭᠤᠯᠴᠢᠯᠠᠯ
ᠵᠢᠭᠤᠯᠴᠢᠯᠠᠯ

ᠵᠢᠭᠤᠯᠴᠢᠯᠠᠯ (ᠠᠩᠭᠯᠢ ᠪᠠᠷ Tourism) ᠭᠡᠪᠡᠯ ᠠᠮᠠᠷᠠᠬᠤᠵᠤᠭᠠᠴᠠᠵᠤ ᠴᠡᠩᠭᠡᠬᠦᠠᠮᠠᠷᠠᠯᠲᠠ ᠪᠠᠨ ᠥᠩᠭᠡᠷᠡᠭᠦᠯᠬᠦ᠂ ᠠᠵᠢᠯ ᠬᠡᠷᠡᠭ ᠦᠨ ᠵᠣᠷᠢᠯᠭ᠎ᠠ ᠪᠠᠷ ᠬᠣᠯᠠ ᠭᠠᠵᠠᠷ ᠬᠡᠳᠦᠨ ᠰᠠᠷ᠎ᠠ᠂ ᠬᠡᠳᠦᠨ ᠡᠳᠦᠷ ᠢᠶᠡᠷ ᠠᠶᠠᠯᠬᠤ ᠭᠡᠳᠡᠭ ᠤᠳᠬ᠎ᠠ ᠶᠢ ᠢᠯᠡᠷᠬᠡᠶᠢᠯᠡᠬᠦ ᠵᠢᠭᠤᠯᠴᠢᠯᠠᠬᠤ ᠦᠢᠯᠡ ᠶᠢᠨ ᠨᠡᠷ᠎ᠡ ᠭᠡᠵᠦ ᠣᠶᠢᠯᠠᠭᠠᠨ᠎ᠠ᠃ ︽ᠠᠮᠠᠷᠠᠯᠲᠠ᠂ ᠠᠵᠢᠯ ᠬᠡᠷᠡᠭ ᠦᠨ ᠵᠣᠷᠢᠯᠭ᠎ᠠ ᠪᠠᠷ ᠨᠢᠭᠡ ᠵᠢᠯ ᠦᠨ ᠳᠣᠲᠣᠷ᠎ᠠ ᠣᠷᠣᠰᠢᠨ ᠰᠠᠭᠤᠳᠠᠭ ᠭᠠᠵᠠᠷ ᠠᠴᠠ ᠪᠠᠨ ᠬᠣᠯᠠ ᠠᠶᠠᠯᠠᠨ ᠶᠠᠪᠤᠵᠤ ᠠᠮᠢᠳᠤᠷᠠᠪᠠᠰᠤ ᠲᠡᠭᠦᠨ ᠢ ᠵᠢᠭᠤᠯᠴᠢᠨ ᠭᠡᠨ᠎ᠡ︾ ᠭᠡᠵᠦ ᠳᠡᠯᠡᠬᠡᠢ ᠶᠢᠨ ᠵᠢᠭᠤᠯᠴᠢᠯᠠᠯ ᠤᠨ ᠪᠠᠶᠢᠭᠤᠯᠤᠯᠭ᠎ᠠ ᠲᠣᠳᠣᠷᠬᠠᠶᠢᠯᠠᠵᠠᠢ᠃ᠤᠷᠴᠢᠮ ᠦᠨ ᠵᠢᠯ ᠤᠳ ᠲᠤ ᠳᠤᠮᠳᠠᠴᠢ ᠪᠠᠷ ᠵᠢᠯ ᠪᠦᠷᠢ ᠨᠢᠭᠡ ᠲᠡᠷᠪᠤᠮ ᠬᠦᠮᠦᠰ ᠣᠯᠠᠨ ᠤᠯᠤᠰ ᠲᠤ ᠠᠶᠠᠯᠠᠵᠤ ᠨᠢᠭᠡ ᠬᠦᠮᠦᠨ ᠳᠤᠮᠳᠠᠴᠢ ᠪᠡᠷ ᠨᠠᠶᠠᠨ ᠠᠮᠧᠷᠢᠺᠠ ᠳ᠋ᠣᠯᠯᠠᠷ  (837 ᠧᠦ᠋ᠷᠣ) ᠵᠠᠷᠤᠴᠠᠭᠤᠯᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠪᠦᠭᠦᠳᠡ ᠨᠠᠶᠢᠷᠠᠮᠳᠠᠬᠤ ᠪᠤᠷᠢᠶᠠᠳ ᠤᠯᠤᠰ
ᠪᠤᠷᠢᠶᠠᠳ ᠣᠷᠣᠨ

ᠪᠦᠭᠦᠳᠡ ᠨᠠᠶᠢᠷᠠᠮᠳᠠᠬᠤ ᠪᠤᠷᠢᠶᠠᠳ ᠤᠯᠤᠰ (1923 ᠣᠨ ᠠᠴᠠ 1958 ᠣᠨ ᠬᠦᠷᠲᠡᠯ᠎ᠡ ᠤᠯᠤᠰ ᠤᠨ ᠨᠡᠷ ᠡ ᠶᠢ ᠪᠤᠷᠢᠶᠠᠳ-ᠮᠣᠩᠭᠣᠯ ᠤᠯᠤᠰ ᠭᠡᠵᠤ ᠪᠠᠶᠢᠭᠰᠠᠨ᠃ 1958 ᠣᠨ ᠤ 7 ᠰᠠᠷ᠎ᠠ ᠶᠢᠨ 7 ᠍ ᠤ ᠵᠥᠪᠯᠡᠯᠲᠦ ᠬᠣᠯᠪᠣᠭᠠᠲᠤ ᠤᠯᠤᠰ ᠤᠨ ᠳᠡᠭᠡᠳᠦ ᠵᠥᠪᠯᠡᠯ ᠦᠨ ᠲᠡᠷᠢᠭᠦᠯᠡᠭᠴᠢᠳ ᠦᠨ ᠵᠠᠷᠯᠢᠭ ᠢᠶᠠᠷ ᠮᠣᠩᠭᠣᠯ ᠭᠡᠰᠡᠨ ᠦᠭᠡ ᠶᠢ ᠬᠠᠰᠤᠵᠤ᠂ ᠪᠦᠷᠢᠶᠠᠳ ᠭᠡᠳᠡᠭ ᠪᠣᠯᠤᠭᠰᠠᠨ ᠶᠤᠮ᠃ ᠭᠡᠪᠡᠴᠦ ᠪᠤᠷᠢᠶᠠᠳ ᠬᠦᠮᠦᠰ ᠪᠤᠷᠢᠶᠠᠳ-ᠮᠣᠩᠭᠣᠯ ᠬᠦᠮᠦᠨ᠂ ᠪᠤᠷᠢᠶᠠᠳ-ᠮᠣᠩᠭᠣᠯ ᠣᠷᠣᠨ ᠭᠡᠵᠦ ᠪᠢᠴᠢᠬᠦ ᠨᠢ ᠣᠳᠣ ᠴᠤ ᠲᠦᠭᠡᠮᠡᠯ ᠪᠠᠶᠢᠭᠰᠠᠭᠠᠷ ᠪᠠᠶᠢᠭ᠎ᠠ᠃) ᠪᠣᠯ ᠰᠢᠪᠸᠷᠢᠶ ᠠ ᠶᠢᠨ ᠬᠣᠯᠪᠣᠭᠠᠨ ᠤ ᠲᠣᠭᠣᠷᠢᠭ ᠲᠤ ᠪᠠᠭᠲᠠᠳᠠᠭ᠂ ᠣᠷᠣᠰ ᠤᠯᠤᠰ ᠍ ᠤᠨ ᠬᠠᠷᠢᠶᠠᠲᠤ ᠣᠷᠣᠨ ᠶᠤᠮ᠃1992 ᠣᠨ ᠠᠴᠠ ᠵᠡᠷᠭᠡ ᠠᠬᠢᠵᠤ ᠣᠷᠣᠰ ᠤᠨ ᠬᠣᠯᠪᠣᠭᠠᠨ ᠤ ᠮᠠᠬᠠᠪᠣᠳᠪᠦᠭᠦᠳᠡ ᠨᠠᠶᠢᠷᠠᠮᠳᠠᠬᠤ ᠤᠯᠤᠰ ᠪᠣᠯᠤᠭᠰᠠᠨ ᠢᠶᠠᠷ ᠪᠦᠭᠦᠳᠡ ᠨᠠᠶᠢᠷᠠᠮᠳᠠᠬᠤ ᠪᠤᠷᠢᠶᠠᠳ ᠤᠯᠤᠰ ᠭᠡᠵᠦ ᠠᠯᠳᠠᠷᠰᠢᠭᠰᠠᠨ᠃ ᠪᠤᠷᠢᠶᠠᠳ ᠍ ᠦᠨ ᠤᠤᠭᠠᠯ ᠬᠦᠮᠦᠨ ᠠᠮᠠ ᠶᠢᠨ ᠶᠡᠬᠡᠩᠬᠢ ᠨᠢ ᠪᠤᠷᠢᠶᠠᠳ ᠶᠠᠰᠤᠲᠠᠨ ᠪᠠ ᠣᠷᠣᠰ ᠦᠨᠳᠦᠰᠦᠲᠡᠨ ᠡᠴᠡ ᠪᠦᠷᠢᠳᠦᠭᠦᠯᠳᠡᠭ᠃ ᠨᠡᠶᠢᠲᠡ 351,334 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ᠂ 2013 ᠣᠨ ᠳᠤ 971,810 ᠬᠦᠮᠦᠨ ᠣᠷᠣᠰᠢᠨ ᠰᠠᠭᠤᠵᠤ ᠪᠠᠶᠢᠨ᠎ᠠ᠃ 1994 ᠣᠨ ᠠᠴᠠ ᠠᠷᠠᠳᠴᠢᠯᠠᠭᠰᠠᠨ ᠦᠨᠳᠦᠰᠦᠨ ᠬᠠᠤᠯᠢ ᠪᠠᠲᠤᠯᠠᠨ ᠮᠥᠷᠳᠡᠬᠦ ᠪᠣᠯᠵᠤ᠂ ᠪᠤᠷᠢᠶᠠᠳ ᠬᠡᠯᠡ ᠢ (ᠮᠣᠩᠭᠣᠯ ᠬᠡᠯᠡᠨ ᠦ ᠤᠮᠠᠷᠠᠳᠤ ᠠᠶᠠᠯᠭᠤ) ᠣᠷᠣᠰ ᠬᠡᠯᠡ ᠲᠠᠢ ᠬᠠᠮᠲᠤ ᠪᠠᠷ ᠠᠯᠪᠠᠨ ᠶᠣᠰᠣᠨ ᠤ ᠪᠣᠯᠭᠠᠵᠠᠢ᠃ ᠥᠨᠥᠳᠥᠷ ᠪᠦᠬᠦᠶᠢᠯᠡ ᠣᠷᠣᠨ᠂ ᠠᠷᠠᠳ ᠤᠳ ᠢᠶᠠᠨ 21 ᠠᠶᠢᠮᠠᠭ᠂ 2 ᠬᠣᠳᠠ ᠳᠤ ᠬᠤᠪᠢᠶᠠᠵᠤ ᠵᠠᠬᠢᠷᠳᠠᠭ᠃ ᠨᠡᠶᠢᠰᠯᠡᠯ ᠨᠢ ᠳᠥᠴᠢᠨ ᠲᠦᠮᠡᠨ ᠬᠦᠮᠦᠨ ᠲᠡᠢ ᠤᠯᠠᠭᠠᠨ-ᠦᠳᠡ ᠬᠣᠲᠠ ᠪᠤᠯᠤᠨ᠎ ᠠ (ᠪᠦᠷᠢᠨ ᠠᠭᠤᠯᠭ᠎ᠠ ᠶᠢ ᠤᠩᠰᠢᠬᠤ)

ᠰᠢᠪᠠᠵᠢ
ᠰᠢᠪᠠᠵᠢ

ᠰᠢᠪᠠᠵᠢ ᠨᠢ (ᠰᠢᠪᠠᠵᠢᠨ ᠦ ᠠᠩᠭᠢ) ᠭᠤᠷᠪᠠᠨ ᠬᠣᠣᠰ ᠬᠥᠯᠲᠡᠢ ᠦᠶᠡᠲᠦ ᠬᠥᠯᠲᠡᠨ ᠦ ᠬᠦᠷᠢᠶᠡᠨ ᠦ ᠬᠠᠮᠤᠭ ᠤᠨ ᠲᠣᠮᠣ ᠠᠩᠭᠢ ᠪᠥᠭᠡᠳ 100 ᠲᠦᠮᠡ ᠭᠠᠷᠤᠢ ᠵᠦᠢᠯ ᠠᠮᠢᠲᠠᠳ ᠲᠡᠮᠳᠡᠭᠯᠡᠭᠳᠡᠭᠡᠳ ᠪᠠᠶᠢᠭ᠎ᠠ ᠪᠣᠯᠪᠠᠴᠤ 150 ᠲᠦᠮᠡ ᠣᠷᠴᠢᠮ ᠵᠦᠢᠯ ᠪᠠᠶᠢᠬᠤ ᠨᠢ ᠵᠠᠶᠢᠯᠠᠰᠢ ᠦᠭᠡᠢ ᠭᠡᠵᠦ ᠡᠷᠳᠡᠮᠲᠡᠳ ᠦᠵᠡᠵᠡᠢ᠃ ᠳᠡᠯᠡᠬᠡᠢ ᠶᠢᠨ ᠠᠮᠢᠲᠠᠨ ᠤ ᠵᠦᠢᠯ ᠦᠨ ᠪᠦᠷᠢᠳᠦᠯ ᠦᠨ ᠲᠠᠯ᠎ᠠ ᠠᠴᠠ ᠢᠯᠡᠭᠦᠦ ᠬᠤᠪᠢ ᠶᠢ ᠰᠢᠪᠠᠵᠢ ᠡᠵᠡᠯᠡᠬᠦ ᠪᠥᠭᠡᠳ ᠨᠡᠭᠡᠭᠡᠭᠳᠡᠭᠡ ᠦᠭᠡᠢ 3000 ᠲᠦᠮᠡ ᠠᠴᠠ ᠢᠯᠡᠭᠦᠦ ᠵᠦᠢᠯ ᠰᠢᠪᠠᠵᠢ ᠪᠠᠶᠢᠭ᠎ᠠ ᠭᠡᠵᠦ ᠲᠣᠭᠠᠴᠠᠳᠠᠭ ᠪᠠᠶᠢᠨ᠎ᠠ᠃ ᠪᠡᠶ᠎ᠡ ᠭᠦᠢᠴᠡᠭᠰᠡᠨ ᠰᠢᠪᠠᠵᠢᠨ ᠤ ᠪᠡᠶ ᠡ ᠶᠢᠨ ᠤᠷᠲᠤ ᠨᠢ 0.139 cm- 55.5 cm᠂ ᠵᠢᠩ ᠨᠢ 70 g ᠬᠦᠷᠦᠨ᠎ᠡ᠃ ᠰᠢᠪᠠᠵᠢ ᠠᠮᠢᠳᠤᠷᠠᠯ ᠤᠨ ᠣᠯᠠᠨ ᠶᠠᠩᠵᠤ ᠪᠦᠷᠢ ᠶᠢᠨ ᠨᠥᠬᠥᠴᠡᠯ ᠳᠦ ᠠᠮᠢᠳᠤᠷᠠᠬᠤ ᠴᠢᠳᠠᠪᠤᠷᠢ ᠶᠢ ᠬᠥᠭᠵᠢᠯ ᠦᠨ ᠶᠠᠪᠤᠴᠠ ᠳᠤ ᠣᠯᠤᠭᠰᠠᠨ ᠤᠴᠢᠷ ᠠᠴᠠ ᠲᠡᠳᠡᠨ ᠦ ᠪᠡᠶ᠎ᠡ ᠶᠢᠨ ᠪᠦᠲᠦᠴᠡ᠂ ᠡᠷᠬᠡᠲᠡᠨ ᠨᠦᠭᠦᠳ ᠦᠨ ᠭᠦᠢᠴᠡᠳᠭᠡᠬᠦ ᠡᠭᠦᠷᠭᠡ ᠮᠠᠰᠢ ᠣᠯᠠᠨ ᠶᠠᠩᠵᠤ ᠪᠣᠯᠵᠠᠢ᠃ ᠰᠢᠪᠠᠵᠢ ᠶᠢᠨ ᠣᠨᠴᠠᠯᠢᠭ ᠪᠣᠯ ᠨᠢᠰᠬᠦ ᠴᠢᠳᠠᠪᠤᠷᠢ ᠲᠠᠢ ᠪᠣᠯᠤᠭᠰᠠᠨ ᠶᠠᠪᠤᠳᠠᠯ ᠶᠤᠮ᠃ ᠮᠠᠰᠢ ᠣᠯᠠᠨ ᠵᠦᠢᠯ ᠦᠨ ᠰᠢᠪᠠᠵᠢ ᠪᠠᠶᠢᠭᠠᠯᠢ ᠳᠡᠭᠡᠷ᠎ᠡ ᠶᠡᠬᠡ ᠬᠡᠮᠵᠢᠶ᠎ᠡ ᠪᠡᠷ ᠲᠣᠬᠢᠶᠠᠯᠳᠣᠬᠤ ᠤᠴᠢᠷ ᠪᠠᠶᠢᠭᠠᠯᠢ ᠶᠢᠨ ᠠᠮᠢ ᠠᠬᠤᠢ ᠳᠤ ᠠᠰᠤᠷᠤ ᠶᠡᠬᠡ ᠡᠭᠦᠷᠭᠡ ᠶᠢ ᠭᠦᠢᠴᠡᠳᠭᠡᠨ᠎ᠡ᠃ ᠲᠡᠷᠡᠴᠢᠯᠡᠨ ᠣᠯᠠᠨ ᠵᠦᠢᠯ ᠦᠨ ᠰᠢᠪᠠᠵᠢ ᠬᠥᠳᠡᠭᠡ ᠠᠵᠤ ᠠᠬᠤᠢ ᠳᠤ ᠬᠣᠣᠷ ᠬᠥᠨᠥᠭᠡᠯ ᠤᠴᠠᠷᠠᠭᠤᠯᠬᠤ᠂ ᠤᠷᠭᠤᠮᠠᠯ ᠤᠨ ᠲᠣᠭᠣᠰᠣ ᠬᠦᠷᠲᠡᠭᠡᠬᠦ᠂ ᠬᠦᠮᠦᠨ ᠪᠠ ᠠᠮᠢᠲᠠᠨ ᠤ ᠪᠡᠶ᠎ᠡ ᠳᠦ ᠫᠠᠷᠠᠽᠢᠲᠠᠯᠠᠨ ᠠᠮᠢᠳᠤᠷᠠᠬᠤ᠂ ᠡᠪᠡᠳᠴᠢᠨ ᠲᠠᠷᠠᠭᠠᠬᠤ ᠵᠡᠷᠭᠡ ᠬᠣᠯᠪᠣᠭᠳᠠᠯ ᠢᠶᠠᠷ ᠠᠰᠤᠷᠤ ᠶᠡᠬᠡ ᠶᠤᠮ᠃ ᠮᠣᠩᠭᠣᠯ ᠤᠯᠤᠰ ᠲᠤ 13,000 ᠭᠠᠷᠤᠢ ᠵᠦᠢᠯ ᠦᠨ ᠰᠢᠪᠠᠵᠢ ᠮᠡᠳᠡᠭᠳᠡᠭᠡᠳ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠪᠤᠳ᠋ᠳ᠋ᠾᠠ ᠶᠢᠨ ᠱᠠᠰᠢᠨ
ᠪᠤᠳ᠋ᠳ᠋ᠾᠠ ᠶᠢᠨ ᠱᠠᠰᠢᠨ

ᠪᠤᠳ᠋ᠳ᠋ᠾᠠ ᠶᠢᠨ ᠱᠠᠰᠢᠨ ( ᠰᠨᠨᠰᠺᠷᠢᠲ ᠬᠡᠯᠡ᠌᠌᠌᠄ ᠪᠤᠳ᠋ᡁᡁᠠ᠂ ᠲᠥᠪᠡᠳ ᠬᠡᠯᠡ᠄ ᠰᠠᠩᠵᠠᠢ ᠂ ᠮᠤᠩ‍ᠭᠤᠯ ᠬᠡᠯᠡ ᠄ ᠪᠤᠷᠬᠠᠨ) ᠨᠢ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 5 ᠍ ᠳᠦᠭᠡᠷ ᠵᠠᠭᠤᠨ ᠳᠤ ᠱᠠᠭᠵᠠᠮᠤᠨᠢ ᠶᠢᠨ ᠰᠤᠷᠭᠠᠯ ᠢ ᠦᠨᠳᠦᠰᠦᠯᠡᠨ ᠡᠭᠦᠰᠦᠭᠰᠡᠨ ᠱᠠᠰᠢᠨ ᠪᠣᠶᠤ ᠭᠦᠨ ᠤᠬᠠᠭᠠᠨ ᠶᠤᠮ᠃ ᠪᠤᠳ᠋ᠳ᠋ᠾᠠ ᠶᠢᠨ ᠱᠠᠰᠢᠨ ᠪᠤᠯ ᠳᠡᠯᠡᠭᠡᠢ ᠵᠢᠠ ᠭᠤᠷᠪᠡᠡ  ᠶᠡᠭᠡ ᠱᠠᠰᠢᠠ ᠤ ᠨᠢᠭᠡ ᠃ ᠮᠣᠩᠭᠤᠯᠴᠤᠳ ᠪᠤᠯ ᠦᠷᠭᠦᠯᠵᠢ ᠪᠤᠷᠬᠠᠠ ᠱᠠᠰᠢᠠ ᠭᠡᠵᠤ ᠭᠡᠯᠡᠳᠡᠭ᠃ ᠪᠤᠳ᠋ᠳ᠋ᠾᠠ ᠶᠢᠨ ᠱᠠᠰᠢᠨ ᠨᠢ ᠠᠽᠢᠶ᠎ᠠ ᠲᠢᠪ ᠶᠢᠨ ᠳᠣᠷᠤᠨᠠᠳᠠᠬᠢᠨ᠎ᠠ ᠡᠭᠦᠰᠴᠦ᠂ ᠳᠡᠯᠭᠡᠷᠡᠨ ᠲᠠᠷᠬᠠᠵᠤ ᠳᠡᠯᠡᠬᠡᠢ ᠶᠢᠨ ᠪᠥᠰᠡ ᠨᠤᠲᠤᠭ ᠤᠨ ᠬᠦᠮᠦᠨ ᠠᠷᠠᠳ ᠤᠨ ᠰᠤᠶᠤᠯ ᠢᠷᠭᠡᠨᠰᠢᠯ ᠦᠨ ᠦᠨᠳᠦᠰᠦ ᠪᠣᠯᠤᠨ ᠬᠥᠭᠵᠢᠵᠦ ᠢᠷᠡᠵᠡᠢ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ