ᠣᠨᠴᠠᠯᠠᠬᠤ ᠥᠭᠦᠯᠡᠯ/2016 12- ᠳᠤᠭᠠᠷ ᠰᠠᠷ᠎ᠠ
Nestleᠨᠢ ᠳᠡᠯᠡᠬᠡᠢ ᠶᠢᠨ ᠬᠠᠮᠤᠭ ᠤᠨ ᠲᠣᠮᠣ ᠬᠦᠨᠡᠰᠦᠨ ᠦ ᠪᠦᠲᠦᠭᠡᠭᠳᠡᠬᠦᠨ ᠦᠢᠯᠡᠳᠪᠦᠷᠢᠯᠡᠳᠡᠭ ᠺᠣᠮᠫᠠᠨᠢ ᠵᠢᠨ ᠨᠢᠬᠡ᠃ 1867 ᠤᠨ ᠳᠤ ᠬᠠᠨᠷᠧᠢ ᠨᠠᠰᠲ ( Henri Nestle ) ᠪᠠᠢᠭᠤᠯᠤᠭᠰᠠᠨ ᠢᠳᠡᠬᠡᠨ ᠤ ᠺᠤᠮᠫᠠᠨᠢ ᠃ ᠠᠨᠭᠬ ᠡ ᠰᠸᠧᠳᠡᠨ ᠡᠴᠡ ᠡᠬᠢᠯᠡᠵᠤ᠂ ᠴᠤᠺᠦᠯᠢᠳ᠋ ᠪᠠ ᠲᠦᠷᠬᠡᠨ ᠠᠭᠤᠰᠬᠤ ᠺᠤᠹᠧ ᠵᠢᠡᠷ ᠲᠡᠯᠡᠬᠡᠢ ᠳᠤ ᠠᠯᠳᠠᠷᠰᠢᠭᠰᠠᠨ ᠪᠠᠶᠢᠨ᠎ᠠ᠃ ᠰᠣᠨᠢᠷᠬᠠᠭᠤᠯᠬᠤ ᠳᠤ ᠪᠢᠳᠡ ᠪᠦᠭᠦᠳᠡ ᠶᠢᠨ ᠰᠠᠶᠢᠨ ᠮᠡᠳᠡᠬᠦ 《Nescafe》᠂ 《KitKat》᠂ 《Nesquik》 ᠵᠡᠷᠭᠡ ᠨᠢ ᠲᠤᠰ ᠺᠤᠮᠫᠠᠨᠢ ᠦᠢᠯᠡᠳᠪᠦᠷᠢᠯᠡᠭᠳᠡᠳᠡᠭ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)
ᠮ᠊ • ᠬᠠᠰᠪᠠᠭᠠᠨ᠎ᠠ (ᠪᠠᠭ᠎ᠠ ᠶᠢᠨ ᠨᠠᠷ᠎ᠡ ᠰᠤᠸᠠᠳᠢ᠂ ᠵᠤᠭᠢᠶᠠᠯ ᠳᠤ ᠬᠡᠷᠡᠭᠯᠡᠵᠦ ᠥᠩᠭᠡᠷᠡᠭᠰᠡᠨ ᠨᠠᠷ᠎ᠡ᠄ ᠴᠢᠯᠠᠭᠤᠨ᠂ ᠲᠤᠯᠭᠤᠷ᠂ ᠴᠠᠭᠠᠠᠪᠠᠷᠰ ᠰᠢᠨᠡᠠᠨᠢᠭᠡᠨ ᠁ ᠵᠡᠷᠭᠡ) ᠡᠷᠡᠭᠲᠡᠢ᠂ ᠮᠣᠩᠭᠤᠯ ᠥᠨᠳᠦᠰᠥᠲᠡᠨ᠂ ᠵᠤᠬᠢᠶᠠᠯᠴᠢ᠃ 1950 ᠤᠨ ᠤ 2 ᠰᠠᠷ᠎ᠠ ᠶᠢᠨ 7 ᠤ ᠡᠳᠤᠷ ᠤᠷᠳᠥᠰ ᠬᠤᠳᠠ (ᠶᠡᠭᠡ ᠵᠤᠤ ᠠᠶᠢᠮᠠᠭ ᠬᠡᠵᠤ ᠪᠠᠶᠢᠪᠠ) ᠶᠢᠨ ᠤᠳᠤᠭ ᠤᠨ ᠡᠮᠥᠨᠠᠳᠥ ᠬᠤᠰᠢᠭᠤᠨ ᠤ ᠨᠠᠩᠰᠤ ᠪᠠᠯᠭᠠᠰᠤᠨ (ᠴᠠᠭᠠᠨᠳᠤᠯᠣᠭᠠᠢ ᠨᠢᠭᠡᠳᠦᠯ ᠭᠡᠵᠤ ᠪᠠᠶᠢᠪᠠ) ᠤ ᠪᠠᠶᠠᠠᠬᠤᠷᠠᠬᠤ ᠭᠠᠴᠠᠭᠠᠨ ᠳᠤ ᠲᠥᠷᠥᠪᠡ᠃ 1958 ᠤᠨ ᠳᠤ ᠨᠠᠩᠰᠤ ᠶᠢᠨ ᠰᠤᠷᠭᠠᠭᠤᠯᠢ ᠳᠤ ᠪᠢᠴᠢᠭ᠌ ᠥᠵᠠᠵᠤ᠂ 1959 ᠤᠨ ᠳᠤ ᠤᠳᠤᠭ ᠬᠤᠰᠢᠭᠤᠨ ᠤ ᠤᠯᠠᠭᠠᠨᠪᠠᠯᠭᠠᠰᠤᠨ ᠤ ᠪᠥᠷᠢᠨ ᠪᠠᠭ᠎ᠠ ᠰᠤᠷᠭᠠᠭᠤᠯᠢ ᠳᠤ ᠰᠢᠯᠵᠢᠨ᠂ 1963 ᠤᠠ ᠳᠤ ᠪᠠᠭ᠎ᠠ ᠰᠤᠷᠭᠠᠭᠤᠯᠢ ᠪᠠᠨ ᠲᠡᠭᠦᠰᠴᠤ ᠬᠡᠷ ᠲᠤ ᠪᠠᠨ ᠬᠠᠷᠢᠵᠤ ᠮᠠᠯ ᠬᠠᠷᠢᠭᠤᠯᠪᠠ᠃ 1966 ᠤᠨ ᠳᠤ ᠤᠳᠤᠭ ᠤᠨ ᠵᠢᠷᠠ ᠳᠤ ᠬᠢ《ᠬᠠᠭᠠᠰ ᠠᠵᠢᠯᠯᠠᠨ ᠬᠠᠭᠠᠰ ᠰᠤᠷᠤᠯᠴᠠᠬᠤ ᠺᠠᠩ ᠳᠠ ᠮᠠᠶ᠊ᠢᠬ ᠤᠨ ᠪᠠᠭᠰᠢ ᠶᠢᠨ ᠰᠤᠷᠭᠠᠭᠤᠯᠢ》 (ᠰᠠᠭᠦᠯ ᠳᠤ ᠤᠳᠤᠭ ᠤᠨ ᠭᠤᠷᠪᠠᠳᠤᠭᠠᠷ ᠳᠤᠮᠳᠠᠳᠤ ᠰᠤᠷᠭᠠᠭᠤᠯᠢ ᠪᠤᠯᠭᠠᠪᠠ) ᠳᠤ ᠰᠤᠷᠥᠯᠴᠠᠵᠤ᠂ 1969 ᠤᠨ ᠳᠤ ᠲᠠᠭᠦᠰᠤᠨ ᠨᠤᠲᠤᠭ ᠲᠤ ᠪᠠᠨ ᠪᠤᠴᠠᠨ ᠤᠶᠢᠯᠡᠳᠪᠤᠷᠢᠯᠡᠯ ᠬᠦᠳᠡᠯᠮᠤᠷᠢ ᠳᠤ ᠤᠷᠤᠯᠴᠠᠨ᠂ ᠳᠠᠷᠠᠭ᠎ᠠ ᠪᠠᠷ ᠠᠷᠠᠳ ᠠᠴᠠ ᠡᠷᠬᠢᠯᠡᠭᠰᠡᠨ ᠪᠠᠭ᠎ᠠ ᠰᠣᠷᠭᠠᠭᠤᠯᠢ ᠶᠢᠨ ᠪᠠᠭᠰᠢ᠂ ᠶᠡᠭᠡ ᠪᠠᠷᠢᠭᠠᠲᠠ ᠶᠢᠨ ᠨᠢᠬᠲᠠᠯᠠᠨ ᠪᠤᠳᠤᠭᠴᠢ ᠵᠡᠷᠭᠡ ᠶᠢ ᠬᠢᠵᠤ ᠪᠠᠶᠢᠭᠠᠳ 1975 ᠤᠨ ᠳᠤ ᠶᠡᠭᠡ ᠵᠤᠤ ᠠᠶᠢᠮᠠᠭ ᠤᠨ ᠦᠨᠳᠦᠰᠦᠳᠡᠨ ᠤ ᠲᠤᠮᠳᠠᠳᠤ ᠰᠤᠷᠭᠠᠭᠤᠯᠢ ᠶᠢᠨ ᠪᠠᠭᠰᠢ ᠶᠢᠨ ᠭᠤᠷᠪᠠᠳᠤᠭᠠᠷ ᠠᠩᠭᠢ ᠳᠤ ᠡᠯᠰᠡᠭᠳᠡᠨ ᠰᠤᠷᠤᠯᠴᠠᠪᠠ᠃ 1977 ᠤᠨ ᠳᠤ ᠲᠡᠭᠦᠰᠴᠤ ᠤᠳᠤᠭ ᠤᠨ ᠴᠠᠪ ᠤᠨ ᠪᠠᠭ᠎ᠠ ᠰᠤᠷᠭᠠᠭᠤᠯᠢ ᠳᠤ ᠬᠤᠪᠢᠶᠠᠭᠳᠠᠨ ᠪᠠᠭᠰᠢᠯᠠᠪᠠ᠃ 1982 ᠤᠨ ᠳᠤ ᠶᠡᠭᠡ ᠵᠤᠤ ᠠᠶᠢᠮᠠᠭ ᠤᠨ ᠤᠳᠬ᠎ᠠ ᠵᠤᠭᠢᠶᠠᠯ ᠤᠷᠠᠯᠢᠭ ᠤᠨ ᠬᠢᠨ ᠤ ᠬᠤᠯᠪᠤᠭ᠎ᠠ ᠶᠢᠨ 《ᠠᠯᠳᠠᠨ ᠭᠠᠨᠳᠠᠷᠢ》 ᠰᠡᠳᠭᠦᠯ ᠳᠤ ᠨᠠᠶᠢᠷᠠᠭᠤᠯᠤᠭᠴᠢ ᠪᠠᠷ ᠢᠷᠡᠵᠤ᠂ ᠦᠭᠦᠯᠡᠯᠭᠡ ᠨᠠᠶᠢᠷᠠᠭᠤᠯᠤᠯ ᠤᠨ ᠨᠠᠶᠢᠷᠠᠭᠤᠯᠤᠭᠴᠢ᠂ ᠨᠠᠶᠢᠷᠠᠭᠤᠯᠬᠤ ᠭᠡᠷ ᠤᠨ ᠡᠷᠭᠢᠯᠡᠭᠴᠢ᠂ ᠲᠡᠳ᠋ ᠶᠠᠷᠤᠩᠭᠡᠢ ᠨᠠᠶᠢᠷᠠᠭᠤᠯᠤᠭᠴᠢ᠂ ᠶᠠᠷᠤᠩᠭᠡᠢ ᠨᠠᠶᠢᠷᠠᠭᠤᠯᠤᠭᠴᠢ ᠪᠠᠷ ᠠᠵᠢᠯᠯᠠᠵᠤ ᠪᠠᠶᠢᠪᠠ᠃ ᠭᠢᠨᠠᠨ ᠨᠠᠶᠢᠷᠠᠭᠤᠯᠤᠭᠴᠢ ᠶᠢᠨ ᠴᠤᠯᠠ ᠲᠠᠢ᠂ ᠲᠤᠮᠳᠠᠳᠤ ᠤᠯᠤᠰ ᠤᠨ ᠵᠤᠭᠢᠶᠠᠯᠴᠢᠳ ᠤᠨ ᠨᠡᠶᠢᠭᠡᠮᠯᠢᠭ᠌ ᠤᠨ ᠭᠡᠰᠢᠭᠦᠨ᠃ 2010 ᠤᠨ ᠳᠤ ᠠᠵᠢᠯ ᠠᠴᠠ ᠪᠠᠨ ᠠᠮᠠᠷᠠᠪᠠ᠃ (ᠪᠦᠷᠢᠨ ᠠᠭᠤᠯᠭ᠎ᠠ ᠶᠢ ᠤᠩᠰᠢᠬᠤ)
ᠶᠠᠫᠣᠨ ᠲᠡᠩᠭᠢᠰ (ᠶᠠᠫᠣᠨ ᠢᠶᠠᠷ 日本海᠂ にほんかいᠰᠣᠯᠣᠩᠭᠣᠰ ᠢᠶᠠᠷ 東海᠂ 동해) ᠨᠢ ᠨᠣᠮᠣᠬᠠᠨ ᠳᠠᠯᠠᠢ ᠶᠢᠨ ᠪᠠᠷᠠᠭᠤᠨ ᠬᠡᠰᠡᠭ ᠲᠦ᠂ ᠶᠠᠫᠣᠨ᠂ ᠡᠮᠦᠨᠡᠲᠦ ᠰᠣᠯᠣᠩᠭᠣᠰ᠂ ᠬᠣᠶᠢᠳᠤ ᠰᠣᠯᠣᠩᠭᠣᠰ᠂ ᠣᠷᠣᠰ ᠤᠨ ᠬᠣᠯᠪᠣᠭᠠᠨ ᠤ ᠤᠯᠤᠰ ᠢᠶᠠᠷ ᠬᠠᠰᠢᠭᠳᠠᠨ ᠤᠷᠤᠰᠢᠬᠤ ᠲᠡᠩᠭᠢᠰ ᠶᠤᠮ᠃ ᠲᠤᠰ ᠲᠡᠩᠭᠢᠰ ᠢ ᠬᠣᠶᠢᠳᠤ ᠰᠣᠯᠣᠩᠭᠣᠰ ᠲᠤ ᠰᠣᠯᠣᠩᠭᠣᠰ ᠤᠨ ᠳᠣᠷᠣᠨᠠᠲᠤ ᠲᠡᠩᠭᠢᠰ᠂ ᠡᠮᠦᠨᠡᠲᠦ ᠰᠣᠯᠣᠩᠭᠣᠰ ᠲᠤ ᠳᠣᠷᠣᠨᠠᠲᠤ ᠲᠡᠩᠭᠢᠰ ᠭᠡᠵᠦ ᠨᠡᠷᠡᠯᠡᠳᠡᠭ᠃ ᠰᠣᠯᠣᠩᠭᠣᠰ ᠤᠨ ᠲᠠᠯ᠎ᠠ ᠶᠢᠨ ᠱᠠᠭᠠᠷᠳᠠᠯᠭ᠎ᠠ ᠪᠠᠷ ᠰᠡᠭᠦᠯ ᠦᠨ ᠦᠶ᠎ᠡ ᠳᠦ ᠶᠠᠫᠣᠨ ᠲᠡᠩᠭᠢᠰ (ᠳᠣᠷᠣᠨᠠᠲᠤ ᠲᠡᠩᠭᠢᠰ) ᠭᠡᠵᠦ ᠪᠢᠴᠢᠵᠦ ᠡᠬᠢᠯᠡᠵᠦ ᠪᠤᠢ ᠴᠤ ᠮᠣᠩᠭᠣᠯ ᠳᠤ ᠶᠠᠫᠣᠨ ᠲᠡᠩᠭᠢᠰ ᠭᠡᠳᠡᠭ ᠢᠶᠡᠷ ᠨᠡᠷᠡᠯᠡᠵᠦ ᠪᠤᠢ᠃ ᠡᠷᠭᠢᠨ ᠲᠣᠭᠣᠷᠢᠨ ᠭᠠᠵᠠᠷ ᠢᠶᠠᠷ ᠬᠦᠷᠢᠶᠡᠯᠡᠭᠳᠡᠭᠰᠡᠨ ᠲᠤᠯᠠ ᠭᠠᠵᠠᠷ ᠤᠨ ᠳᠤᠮᠳᠠᠳᠤ ᠲᠡᠩᠭᠢᠰ ᠲᠡᠢ ᠠᠳᠠᠯᠢ ᠪᠠᠷ᠂ ᠳᠠᠯᠠᠢ ᠶᠢᠨ ᠲᠠᠲᠠᠯᠭ᠎ᠠ᠂ ᠲᠦᠷᠡᠯᠭᠡ ᠪᠠᠷᠤᠭ ᠦᠭᠡᠢ᠃ (ᠪᠦᠷᠢᠨ ᠠᠭᠤᠯᠭ᠎ᠠ ᠶᠢ ᠤᠩᠰᠢᠬᠤ)
ᠬᠠᠯᠠᠭᠤᠨ ᠢ ᠠᠷᠢᠯᠭᠠᠵᠤ ᠂ ᠰᠠᠭᠤᠯᠭᠠᠬᠤ ᠶᠢ ᠵᠣᠭᠰᠤᠭᠠᠨ᠎ᠠ ᠃ ᠭᠡᠳᠡᠰᠦ ᠣᠯᠤᠭᠠᠢ ᠵᠡᠷᠭᠡ ᠰᠠᠪᠠᠨ ᠤ ᠬᠠᠯᠠᠭᠤᠨ ᠂ ᠭᠡᠳᠡᠰᠦᠨ ᠬᠠᠤᠬᠠᠤᠯᠠᠭ᠎ᠠ ᠂ ᠬᠤᠷᠠᠮᠠᠯ ᠬᠡᠵᠢᠭ ᠂ ᠬᠠᠯᠠᠭᠤᠨ ᠢ ᠰᠠᠭᠤᠯᠭᠠᠬᠤ ᠳᠦ ᠬᠡᠷᠡᠭᠯᠡᠨ᠎ᠡ ᠃ 1. ᠬᠡᠦᠬᠡᠳ ᠤᠨ ᠰᠠᠪᠠᠨ ᠤ ᠬᠠᠯᠠᠭᠤᠨ ᠢᠶᠡᠷ ᠰᠠᠭᠤᠯᠭᠠᠬᠤ ᠡᠪᠡᠳᠴᠢᠨ ᠳᠦ ᠄ ᠡᠷᠲᠡ ᠪᠠᠭᠠᠲᠤᠷ ︱6 ᠶᠢᠨ ᠲᠠᠩ ᠢ ᠴᠢᠨᠠᠵᠤ ᠤᠤᠭᠤᠯᠭᠠᠬᠤ ᠂ ᠦᠳᠡ ᠳᠦ ᠪᠠᠭᠠᠲᠤᠷ ︱ 7 ᠂ 2 ᠦᠷᠢᠯ ᠢ ᠢᠨᠳᠠᠷ᠎ᠠ ︱4 ᠶᠢᠨ ᠲᠠᠩ ᠢ ᠴᠢᠨᠠᠭᠰᠠᠨ ᠰᠦᠮᠦᠰᠦ ᠪᠠᠷ ᠳᠠᠷᠤᠭᠤᠯᠵᠤ ᠂ ᠤᠷᠤᠢ ᠪᠦᠲᠦᠭᠡᠯᠴᠢ ︱5 ᠢ 2 ᠦᠷᠡᠯ ᠤᠤᠭᠤᠯᠭᠠᠪᠠᠯ ᠡᠳᠡᠭᠡᠷᠡᠯᠳᠡ ᠨᠢ ᠮᠠᠰᠢ ᠰᠠᠢᠨ ᠃ 2. ᠪᠣᠷᠤ ᠲᠣᠯᠪᠤᠲᠤ ᠴᠢᠰᠤᠨ ᠡᠪᠡᠳᠴᠢᠨ ᠢ ᠡᠮᠨᠡᠭᠰᠡᠨ ᠨᠢ ᠄ᠲᠤᠰ ᠡᠪᠡᠳᠴᠢᠨ ᠰᠢᠩᠭᠡᠭᠡᠯᠲᠡ ᠶᠢᠨ ᠵᠠᠮ ᠢ ᠨᠦᠯᠦᠭᠡᠯᠡᠭᠰᠡᠨ ᠢ ᠡᠮᠨᠡᠬᠦ ᠳᠦ ᠄ᠡᠷᠲᠡ ᠄ ᠢᠨᠳᠠᠷ᠎ᠠ ︱ 4 ᠲᠠᠩ ᠃ᠦᠳᠡ ᠄ ᠴᠢᠰᠤ ᠵᠣᠭᠰᠤᠭᠠᠬᠤ ᠭᠦᠷᠭᠦᠮ ︱ 8 ᠃ᠤᠷᠤᠢ ᠄ ᠪᠠᠭᠠᠲᠤᠷ ︱7 ᠵᠢ ᠭᠤᠷᠪᠠᠨ ᠤᠯᠠᠭᠠᠨ ᠲᠠᠩ ᠢᠶᠡᠷ ᠬᠦᠯᠭᠡᠯᠡᠵᠦ ᠥᠭᠭᠦᠨ᠎ᠡ ᠃ (ᠪᠦᠷᠢᠨ ᠠᠭᠤᠯᠭ᠎ᠠ ᠶᠢ ᠤᠩᠰᠢᠬᠤ)
ᠺᠠᠯᠺᠠ ᠭᠣᠣᠯ ᠤᠨ ᠲᠤᠯᠤᠯᠳᠤᠭᠠᠨ ᠨᠢ᠂ 1223 ᠤᠨ ᠤ 5 ᠰᠠᠷ᠎ᠠ ᠶᠢᠨ 31 ᠍ ᠳᠦ ᠵᠡᠪᠡ ᠵᠠᠩᠵᠤᠨ᠂ ᠰᠦᠪᠡᠭᠡᠳᠡᠢ ᠪᠠᠭᠠᠲᠤᠷ ᠨᠠᠷ ᠢᠶᠠᠷ ᠤᠳᠤᠷᠢᠳᠤᠭᠤᠯᠤᠭᠰᠠᠨ ᠮᠣᠩᠭᠣᠯ ᠍ ᠤᠨ ᠴᠡᠷᠢᠭ ᠪᠤᠯᠤᠨ ᠵᠣᠷᠢᠭᠲᠤ ᠮᠰᠲ᠋ᠢᠰᠯᠠᠪ᠂ ᠺᠧᠪ ᠦᠨ ᠭᠤᠷᠪᠠᠳᠤᠭᠠᠷ ᠮᠰᠲ᠋ᠢᠰᠯᠠᠪ ᠨᠠᠷ ᠢᠶᠠᠷ ᠤᠳᠤᠷᠢᠳᠤᠭᠤᠯᠤᠭᠰᠠᠨ ᠺᠧᠪ ᠦᠨ ᠣᠷᠣᠰ ᠪᠣᠯᠤᠨ ᠺᠣᠮᠠᠨᠴᠤᠳ ᠤᠨ ᠬᠠᠮᠲᠤᠷᠠᠭᠰᠠᠨ ᠴᠡᠷᠢᠭ ᠤᠨ ᠬᠤᠭᠤᠷᠤᠨᠳᠤ ᠪᠤᠯᠤᠭᠰᠠᠨ ᠲᠤᠯᠤᠯᠳᠤᠭᠠᠨ ᠪᠠᠶᠢᠵᠤ᠂ᠮᠣᠩᠭᠣᠯᠴᠤᠳ ᠤᠨ ᠢᠯᠡᠳᠲᠡ ᠳᠠᠪᠠᠭᠤ ᠢᠯᠠᠯᠲᠠ ᠪᠠᠷ ᠳᠠᠭᠤᠰᠴᠠᠢ᠃ (ᠪᠦᠷᠢᠨ ᠠᠭᠤᠯᠭ᠎ᠠ ᠶᠢ ᠤᠩᠰᠢᠬᠤ)
ᠬᠢᠲᠠᠨ ᠪᠠᠭ᠎ᠠ ᠦᠰᠦᠭ ᠪᠤᠯ ᠨᠢᠭᠡ ᠵᠦᠢᠯ ᠤᠨ ᠬᠠᠭᠠᠰ ᠠᠪᠢᠶ ᠠ ᠬᠠᠭᠠᠰ ᠤᠳᠬᠠᠳᠤ ᠦᠰᠦᠭ ᠮᠥᠨ ᠂ ᠪᠠᠷᠤᠭ ᠤᠨ ᠲᠤᠭᠠᠯᠠᠯ ᠤᠨ 925ᠤᠨ ᠳ᠋ᠤ ᠶᠸᠯᠢᠦᠢ ᠠᠮᠪᠠᠭᠠᠢ ᠵᠢᠨ ᠲᠡᠭᠦᠦ ᠶᠸᠯᠢᠦᠢ ᠳ᠋ᠢᠯᠠ ᠤᠢᠭᠤᠷ ᠦᠰᠦᠭ ᠡᠴᠡ ᠰᠡᠩᠬᠡᠷᠡᠭᠦᠯᠡᠯ ᠤᠯᠵᠤ ᠵᠤᠬᠢᠶᠠᠭᠰᠠᠨ ᠶᠤᠮ ᠃ ᠬᠢᠲᠠᠨ ᠶᠡᠬᠡ ᠦᠰᠦᠭ ᠨᠢ ᠬᠢᠲᠠᠳ ᠦᠰᠦᠭ ᠤᠨ ᠲᠡᠭᠡᠷ ᠡ ᠨᠡᠮᠡᠯᠳᠡ ᠬᠠᠰᠤᠯᠳᠠ ᠤᠷᠤᠭᠤᠯᠵᠤ ᠪᠠᠢᠭᠠᠳ ᠵᠤᠬᠢᠶᠠᠭᠰᠠᠨ ᠰᠠᠨᠠᠭ᠎ᠠ ᠲᠡᠮᠳᠡᠭᠯᠡᠬᠦ ᠦᠰᠦᠭ ᠪᠠᠢᠭᠰᠠᠨ ᠪᠤᠯ ᠬᠢᠲᠠᠨ ᠪᠠᠭ᠎ᠠ ᠦᠰᠦᠭ ᠨᠢ ᠬᠠᠷᠢᠨ ᠬᠢᠲᠠᠳ ᠦᠰᠦᠭ ᠤᠨ ᠬᠡᠯᠪᠡᠷᠢ ᠲᠦᠷᠰᠦ ᠵᠢ ᠲᠠᠭᠤᠷᠢᠶᠠᠭᠰᠠᠨ ᠪᠤᠯᠪᠠᠴᠤ ᠲᠦᠭᠦᠮ ᠪᠢᠴᠢᠯᠭᠡ ᠲᠠᠢ ᠦᠨᠳᠦᠰᠦᠨ ᠦᠰᠦᠭ ᠢ ᠨᠡᠢᠯᠡᠭᠦᠯᠵᠦ ᠪᠠᠢᠭᠠᠳ ᠦᠭᠡ ᠲᠡᠮᠳᠡᠭᠯᠡᠬᠦ ᠨᠢᠭᠡ ᠵᠦᠢᠯ ᠤᠨ ᠠᠪᠢᠶ ᠠ ᠲᠡᠮᠳᠡᠭᠯᠡᠬᠦ ᠦᠰᠦᠭ ᠪᠤᠯᠬᠤ ᠶᠤᠮ ᠃ ᠬᠢᠲᠠᠨ ᠶᠡᠬᠡ ᠦᠰᠦᠭ ᠢ ᠪᠤᠳᠤᠪᠠᠯ ᠪᠠᠭ᠎ᠠ ᠦᠰᠦᠭ ᠤᠨ ᠰᠤᠳᠤᠯᠭᠠᠨ ᠨᠡᠯᠢᠶᠡᠳ ᠪᠦᠳᠦᠮᠵᠢ ᠤᠯᠵᠤ ᠪᠠᠷᠤᠭ 50% - 60% ᠵᠢ ᠨᠢ ᠨᠢᠭᠡᠨᠳᠡ ᠲᠤᠳᠤᠯᠤᠨ ᠤᠩᠰᠢᠭᠠᠳ ᠪᠠᠢᠨ᠎ᠠ ᠃ ᠬᠢᠲᠠᠨ ᠪᠠᠭ᠎ᠠ ᠦᠰᠦᠭ ᠤᠨ ᠪᠢᠴᠢᠯᠭᠡ ᠬᠢᠲᠠᠨ ᠶᠡᠬᠡ ᠦᠰᠦᠭ ᠢ ᠪᠤᠳᠤᠪᠠᠯ ᠬᠢᠯᠪᠠᠷ᠂ ᠠᠮᠠᠷᠬᠠᠨ ᠴᠡᠭᠡᠵᠢᠯᠡᠳᠡᠭ ᠵᠡᠷᠭᠡ ᠰᠢᠯᠳᠠᠭᠠᠨ ᠡᠴᠡ ᠪᠤᠯᠵᠤ ᠠᠭᠠᠵᠢᠮ ᠵᠢᠡᠷ ᠬᠢᠲᠠᠨ ᠶᠡᠬᠡ ᠦᠰᠦᠭ ᠢ ᠤᠷᠤᠯᠠᠭᠰᠠᠨ ᠪᠠᠢᠨ᠎ᠠ᠃ ᠬᠢᠲᠠᠨ ᠪᠠᠭ᠎ᠠ ᠦᠰᠦᠭ ᠨᠢ ᠬᠢᠲᠠᠨ ᠭᠦᠷᠦᠨ ᠢ ᠬᠦᠴᠦᠷᠬᠡᠭᠵᠢᠨ ᠮᠠᠨᠳᠤᠬᠤ ᠵᠢ ᠲᠠᠭᠠᠯᠳᠤᠨ ᠦᠷᠭᠡᠨ ᠵᠢᠡᠷ ᠬᠡᠷᠡᠭᠯᠡᠭᠳᠡᠵᠦ᠂ ᠬᠢᠲᠠᠨ ᠭᠦᠷᠦᠨ ᠮᠦᠬᠦᠬᠦ ᠵᠢ ᠲᠠᠭᠠᠯᠳᠤᠨ ᠬᠡᠷᠡᠭᠯᠡᠭᠡ ᠪᠠᠭᠠᠰᠴᠤ᠂ ᠠᠯᠳᠠᠨ ᠤᠯᠤᠰ ᠤᠨ ᠡᠬᠢᠨ ᠦᠶ᠎ᠡ ᠳ᠋ᠤ ᠬᠦᠷᠳᠡᠯ ᠡ ᠬᠡᠷᠡᠭᠯᠡᠭᠳᠡᠵᠤ ᠪᠠᠢᠢᠭᠰᠠᠨ ᠵᠢᠡᠨ ᠠᠯᠲᠠᠨ ᠤᠯᠤᠰ ᠤᠨ ᠬᠠᠭᠠᠳ ᠡᠴᠡ ᠬᠢᠳᠠᠨ ᠦᠰᠦᠭ ᠢ ᠬᠡᠷᠡᠭᠯᠡᠬᠦ ᠵᠢ ᠴᠠᠭᠠᠵᠢᠯᠠᠬᠤ ᠪᠤᠳᠤᠯᠭ᠎ᠠ ᠠᠪᠤᠭᠰᠠᠨ ᠡᠴᠡ ᠪᠤᠯᠵᠤ ᠬᠢᠲᠠᠨ ᠦᠰᠦᠭ ᠲᠡᠦᠬᠡᠨ ᠲᠠᠪᠴᠠᠩ ᠡᠴᠡ ᠤᠬᠤᠷᠢᠨ ᠭᠠᠷᠤᠭᠰᠠᠨ ᠪᠠᠢᠨ᠎ᠠ᠃ ᠬᠢᠲᠠᠨ ᠭᠦᠷᠦᠨ ᠤ ᠦᠶ᠎ᠡ ᠳ᠋ᠤ ᠴᠢᠩᠭ᠎ᠠ ᠬᠠᠳᠠᠭᠤ ᠪᠢᠴᠢᠭ ᠤᠨ ᠴᠠᠭᠠᠵᠠ ᠭᠠᠷᠭᠠᠵᠤ ᠬᠢᠲᠠᠨ ᠦᠰᠦᠭ ᠲᠠᠢ ᠪᠢᠴᠢᠭ ᠮᠠᠲ᠋ᠸᠷᠢᠶᠠᠯ ᠢ ᠬᠢᠲᠠᠨ ᠤ ᠬᠢᠯᠢ ᠡᠴᠡ ᠠᠪᠴᠤ ᠭᠠᠷᠪᠠᠯ ᠲᠤᠯᠤᠭᠠᠢ ᠤᠨᠠᠬᠤ ᠶᠠᠯ ᠠ ᠲᠠᠢ ᠪᠠᠢᠢᠭᠰᠠᠨ ᠡᠴᠡ ᠬᠢᠲᠠᠨ ᠭᠦᠷᠦᠨ ᠤ ᠨᠤᠶᠠᠷᠬᠠᠯ ᠤᠨ ᠤᠷᠤᠨ ᠡᠴᠡ ᠭᠠᠳᠠᠨ᠎ᠠ ᠬᠢᠲᠠᠨ ᠦᠰᠦᠭ ᠤᠨ ᠪᠢᠴᠢᠭ ᠮᠠᠲ᠋ᠸᠷᠢᠶᠠᠯ ᠦᠨᠳᠦᠰᠦᠨ ᠳ᠋ᠤ ᠪᠠᠨ ᠦᠯᠡᠳᠡᠵᠦ ᠢᠷᠡᠭᠰᠡᠨ ᠦᠭᠡᠢ ᠪᠠᠶᠢᠵᠦ ᠂ ᠬᠢᠲᠠᠨ ᠭᠦᠷᠦᠨ ᠮᠦᠬᠦᠬᠦ ᠵᠢ ᠲᠠᠭᠠᠯᠳᠤᠨ ᠤᠯᠠᠮᠵᠢᠯᠠᠯ ᠲᠠᠰᠤᠷᠠᠵᠤ᠂ ᠵᠦᠪᠬᠡᠨ ᠰᠦᠩ ᠤᠯᠤᠰ ᠤᠨ 〈ᠶᠠᠨ ᠪᠸᠢ ᠯᠤ〉 ᠭᠡᠬᠦ ᠨᠤᠮ ᠳ᠋ᠤ ᠲᠠᠪᠤᠬᠠᠨ ᠬᠢᠲᠠᠨ ᠦᠰᠦᠭ ᠤᠨ ᠲᠡᠮᠳᠡᠭᠯᠡᠯ ᠦᠯᠡᠳᠡᠵᠦ ᠢᠷᠡᠵᠡᠢ᠃ (ᠪᠦᠷᠢᠨ ᠠᠭᠤᠯᠭ᠎ᠠ ᠶᠢ ᠤᠩᠰᠢᠬᠤ)
ᠰᠢᠨ᠎ᠡ ᠵᠢᠯ ᠦᠨ ᠰᠦᠯᠳᠡ ᠮᠣᠳᠣ ᠨᠢ ᠰᠢᠨ᠎ᠡ ᠵᠢᠯ ᠦᠨ ᠪᠠᠶᠠᠷ ᠲᠤ ᠵᠣᠷᠢᠭᠤᠯᠤᠨ ᠵᠠᠰᠠᠵᠤ ᠴᠢᠮᠡᠭᠯᠡᠭᠰᠡᠨ ᠮᠣᠳᠣ ᠶᠤᠮ᠃ ᠰᠢᠨ᠎ᠡ ᠵᠢᠯ ᠦᠨ ᠰᠦᠯᠳᠡ ᠮᠣᠳᠣ ᠪᠠᠷ ᠮᠥᠩᠬᠡ ᠨᠣᠭᠣᠭᠠᠨ ᠮᠣᠳᠣ ᠢ ᠰᠣᠩᠭᠣᠳᠠᠭ ᠪᠥᠭᠡᠳ ᠰᠦᠯᠳᠡ ᠮᠣᠳᠣ ᠵᠠᠰᠠᠬᠤ ᠤᠯᠠᠮᠵᠢᠯᠠᠯ ᠨᠢ ᠠᠩᠬᠠᠯᠠᠨ 15 ᠵᠠᠭᠤᠨ ᠳᠤ ᠭᠧᠷᠮᠠᠨ ᠤᠯᠤᠰ ᠲᠤ ᠵᠤᠯᠠ ᠰᠠᠷ᠎ᠠ ᠶᠢᠨ ᠪᠠᠶᠠᠷ ᠲᠤ ᠵᠣᠷᠢᠭᠤᠯᠤᠨ ᠰᠦᠯᠳᠡ ᠮᠣᠳᠣ ᠵᠠᠰᠠᠭᠰᠠᠨ ᠢᠶᠠᠷ ᠡᠬᠢᠯᠡᠭᠰᠡᠨ ᠪᠠᠶᠢᠨ᠎ᠠ᠃ ᠠᠩᠬᠠᠯᠠᠨ ᠰᠦᠯᠳᠡ ᠮᠣᠳᠣ ᠶᠢ ᠠᠯᠢᠮ᠎ᠠ᠂ ᠰᠠᠮᠤᠷ ᠵᠡᠷᠭᠡ ᠪᠡᠷ ᠴᠢᠮᠡᠳᠡᠭ ᠪᠠᠶᠢᠭᠰᠠᠨ ᠪᠣᠯ 18 ᠵᠠᠭᠤᠨ ᠠᠴᠠ ᠴᠢᠮᠡᠭᠯᠡᠭᠰᠡᠨ ᠰᠦᠯᠳᠡ ᠮᠣᠳᠣ ᠪᠠᠨ ᠯᠠ ᠪᠠᠷ ᠭᠡᠷᠡᠯᠲᠦᠭᠦᠯᠳᠡᠭ ᠪᠣᠯᠵᠠᠢ᠃ ᠥᠨᠥ ᠦᠶ᠎ᠡ ᠳᠦ ᠳᠡᠯᠡᠬᠡᠢ ᠶᠢᠨ ᠤᠯᠤᠰ ᠣᠷᠣᠨ ᠨᠤᠭᠤᠳ ᠰᠢᠨ᠎ᠡ ᠵᠢᠯ ᠪᠣᠯᠤᠨ ᠵᠤᠯᠠ ᠰᠠᠷ᠎ᠠ ᠶᠢᠨ ᠪᠠᠶᠠᠷ ᠲᠤ ᠵᠣᠷᠢᠭᠤᠯᠤᠨ ᠠᠮᠢᠳᠤ ᠪᠤᠰᠤ ᠬᠢᠮᠡᠯ᠂ ᠨᠡᠶᠢᠯᠡᠭ ᠮᠠᠲ᠋ᠧᠷᠢᠶᠠᠯ ᠢᠶᠠᠷ ᠬᠢᠭᠰᠡᠨ ᠰᠦᠯᠳᠡ ᠮᠣᠳᠣ ᠶᠢ ᠲᠣᠭᠯᠠᠭᠠᠮ᠂ ᠭᠡᠷᠡᠯ ᠵᠡᠷᠭᠡ ᠪᠡᠷ ᠴᠢᠮᠡᠭᠯᠡᠳᠡᠭ ᠪᠣᠯᠤᠭᠰᠠᠨ᠃ (ᠪᠦᠷᠢᠨ ᠠᠭᠤᠯᠭ᠎ᠠ ᠶᠢ ᠤᠩᠰᠢᠬᠤ)
CAD (computer-aided design) ᠺᠣᠮᠫᠢᠶᠦ᠋ᠲ᠋ᠧᠷ ᠦᠨ ᠲᠤᠰᠠᠯᠠᠮᠵᠢ ᠲᠠᠢ ᠵᠢᠷᠤᠭ ᠡᠰᠡᠪᠡᠯ ᠺᠣᠮᠫᠢᠶᠦ᠋ᠲ᠋ᠧᠷ ᠦᠨ ᠲᠤᠰᠠᠯᠠᠮᠵᠢ ᠲᠠᠢ ᠵᠣᠬᠢᠶᠠᠨ ᠪᠦᠲᠦᠭᠡᠬᠦ ᠭᠡᠳᠡᠭ ᠨᠢ ᠶᠠᠮᠠᠷ ᠨᠢᠭᠡ ᠪᠦᠲᠦᠭᠡᠭᠳᠡᠬᠦᠨ ᠢ ᠴᠠᠬᠢᠮ ᠮᠡᠳᠡᠭᠡᠯᠡᠯ ᠦᠨ ᠪᠣᠯᠪᠠᠰᠤᠷᠠᠭᠤᠯᠤᠯᠲᠠ ᠶᠢ ᠠᠰᠢᠭᠯᠠᠨ ᠵᠣᠬᠢᠶᠠᠨ ᠪᠦᠲᠦᠭᠡᠬᠦ ᠶᠢ ᠬᠡᠯᠡᠨ᠎ᠡ᠃ ᠠᠩᠬᠠᠨ ᠳᠤ ᠪᠠᠨ CAD ᠭᠡᠳᠡᠭ ᠨᠡᠷᠡᠰᠢᠯ ᠢ ᠬᠡᠷᠡᠭᠯᠡᠬᠦ ᠳᠦ ᠪᠡᠨ ᠺᠣᠮᠫᠢᠶᠦ᠋ᠲ᠋ᠧᠷ ᠢ ᠲᠤᠰᠠᠯᠠᠬᠤ ᠮᠠᠲ᠋ᠧᠷᠢᠶᠠᠯ ᠪᠣᠯᠭᠠᠨ ᠲᠧᠭᠨᠢᠭ ᠦᠨ ᠵᠢᠷᠤᠭ ᠵᠢᠷᠤᠬᠤ ᠶᠢ ᠬᠡᠯᠡᠳᠡᠭ ᠪᠠᠶᠢᠪᠠ᠃ CAD ᠍ ᠢ ᠮᠥᠨ ᠣᠭᠲᠠᠷᠭᠤᠢ ᠶᠢᠨ ᠪᠡᠶᠡᠲᠦ ᠶᠢᠨ ᠬᠡᠶᠢᠰᠪᠦᠷᠢ ᠵᠠᠭᠪᠤᠷ ᠢ ᠺᠣᠮᠫᠢᠶᠦ᠋ᠲ᠋ᠧᠷ ᠦᠨ ᠲᠤᠰᠠᠯᠠᠯᠴᠠᠭ᠎ᠠ ᠲᠠᠢ ᠭᠠᠷᠭᠠᠬᠤ ᠰᠤᠷᠭᠠᠯᠲᠠ ᠴᠤ ᠬᠡᠮᠡᠨ ᠨᠡᠷᠡᠯᠡᠳᠡᠭ᠃ ᠡᠨᠡ ᠵᠠᠭᠪᠤᠷ ᠠᠴᠠ ᠲᠧᠭᠨᠢᠭ ᠦᠨ ᠵᠢᠷᠤᠭ ᠢᠶᠠᠨ ᠬᠥᠷᠪᠡᠭᠦᠯᠦᠨ ᠭᠠᠷᠭᠠᠵᠤ ᠠᠪᠳᠠᠭ᠃ ᠡᠭᠦᠨ ᠦ ᠳᠠᠪᠠᠭᠤ ᠲᠠᠯ᠎ᠠ ᠪᠡᠯᠡᠨ ᠪᠣᠯᠤᠭᠰᠠᠨ 3D ᠵᠠᠭᠪᠤᠷ ᠢᠶᠠᠨ ᠲᠧᠭᠨᠢᠭ ᠦᠨ ᠵᠢᠷᠤᠭ ᠪᠣᠯᠭᠠᠨ ᠬᠥᠷᠪᠡᠭᠦᠯᠬᠦ ᠳᠦ ᠪᠡᠨ ᠳᠤᠷ᠎ᠠ ᠶᠢᠨ ᠬᠠᠪᠲᠠᠭᠠᠢ ᠳᠤ ᠣᠯᠠᠨ ᠳᠠᠬᠢᠨ ᠳᠠᠪᠲᠠᠨ ᠫᠷᠣᠶᠧᠺᠼᠯᠠᠬᠤ ᠪᠣᠯᠤᠮᠵᠢ ᠶᠤᠮ᠃ (ᠪᠦᠷᠢᠨ ᠠᠭᠤᠯᠭ᠎ᠠ ᠶᠢ ᠤᠩᠰᠢᠬᠤ)
ᠪᠠᠶᠠᠨ-ᠥᠯᠥᠭᠡᠢ (ᠪᠠᠶᠠᠨ ᠥᠯᠦᠭᠡᠢᠨᠢᠮᠣᠩᠭᠣᠯ ᠤᠯᠤᠰ ᠤᠨ 21 ᠠᠶᠢᠮᠠᠭ ᠤᠨ ᠨᠢᠭᠡ ᠶᠤᠮ᠃ ᠲᠥᠪ ᠨᠢ ᠥᠯᠥᠭᠡᠢ ᠬᠣᠲᠠ ᠪᠤᠯᠤᠨ᠎ᠠ᠃ ᠪᠠᠶᠠᠨ ᠦᠯᠦᠭᠡᠢ ᠨᠢ ᠪᠠᠷᠠᠭᠤᠨ ᠲᠠᠯ᠎ᠠ ᠪᠠᠷ ᠢᠶᠠᠨ ᠠᠯᠲᠠᠢ ᠶᠢᠨ ᠨᠢᠷᠤᠭᠤ ᠶᠢᠨ ᠬᠢᠷ᠎ᠠ ᠳᠠᠭᠠᠵᠤ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠰᠢᠨᠵᠢᠶᠠᠩ ᠤᠨ ᠤᠶᠢᠭᠤᠷ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠲᠠᠢ 450 ᠺᠢᠯᠣᠮᠧᠲ᠋ᠷ᠂ ᠬᠣᠶᠢᠲᠤ ᠲᠠᠯ᠎ᠠ ᠪᠠᠷ ᠢᠶᠠᠨ ᠰᠡᠶᠢᠯᠦᠭᠡᠮ ᠦᠨ ᠨᠢᠷᠤᠭᠤ ᠶᠢ ᠳᠠᠭᠠᠵᠤ ᠣᠷᠣᠰ ᠤᠨ ᠬᠣᠯᠪᠣᠭᠠᠨ ᠤ ᠤᠯᠤᠰ ᠤᠨ ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰᠲᠠᠢ 225 ᠺᠢᠯᠣᠮᠧᠲ᠋ᠷ᠂ ᠵᠡᠭᠦᠨ ᠲᠠᠯ᠎ᠠ ᠪᠠᠷ ᠢᠶᠠᠨ ᠤᠪᠰᠤ ᠠᠶᠢᠮᠠᠭ ᠲᠠᠢ 165 ᠺᠢᠯᠣᠮᠧᠲ᠋ᠷ᠂ ᠵᠡᠭᠦᠨ ᠪᠠ ᠤᠷᠢᠳᠤ ᠲᠠᠯ᠎ᠠ ᠪᠠᠷ ᠢᠶᠠᠨ ᠬᠣᠪᠳᠣ ᠠᠶᠢᠮᠠᠭ ᠲᠠᠢ 450 ᠺᠢᠯᠣᠮᠧᠲ᠋ᠷ ᠨᠤᠲᠤᠭ ᠢᠶᠠᠷ ᠬᠢᠯᠢᠯᠡᠳᠡᠭ᠃ ᠳᠠᠯᠠᠢ ᠶᠢᠨ ᠲᠦᠪᠰᠢᠨ ᠡᠴᠡ ᠳᠡᠭᠡᠭᠰᠢ 1301-4374 ᠮᠧᠲ᠋ᠷ ᠲᠦ ᠣᠷᠣᠰᠢᠨ᠎ᠠ᠃ ᠨᠤᠲᠤᠭ ᠳᠡᠪᠢᠰᠬᠡᠷ ᠦᠨ 95.3% ᠨᠢ 1600 ᠮᠧᠲ᠋ᠷ ᠡᠴᠡ ᠳᠡᠭᠡᠭᠰᠢ ᠥᠨᠳᠥᠷ ᠲᠦ ᠪᠠᠶᠢᠨ᠎ᠠ᠃ ᠠᠶᠢᠮᠠᠭ ᠤᠨ ᠬᠠᠮᠤᠭ ᠤᠨ ᠥᠨᠳᠥᠷ ᠴᠡᠭ ᠨᠢ ᠮᠣᠩᠭᠣᠯ ᠤᠯᠤᠰ ᠤᠨ ᠬᠠᠮᠤᠭ ᠤᠨ ᠥᠨᠳᠥᠷ ᠴᠡᠭ ᠪᠣᠯᠬᠤ ᠲᠠᠪᠤᠨ ᠪᠣᠭᠳᠠ ᠠᠭᠤᠯᠠ ᠶᠢᠨ ᠬᠦᠢᠲᠡᠨ ᠣᠷᠭᠢᠯ (4374 ᠮᠸᠲ᠋ᠷ) ᠪᠠ ᠬᠠᠮᠤᠭ ᠤᠨ ᠨᠠᠮ ᠴᠡᠭ ᠨᠢ ᠪᠠᠶᠠᠨᠨᠠᠭᠤᠷ ᠰᠤᠮᠤ ᠤᠨ ᠲᠥᠪ (1301 ᠮᠸᠲ᠋ᠷ) ᠶᠤᠮ᠃ (ᠪᠦᠷᠢᠨ ᠠᠭᠤᠯᠭ᠎ᠠ ᠶᠢ ᠤᠩᠰᠢᠬᠤ)
1983 ᠤᠨ ᠤ ᠴ᠂ ᠳᠠᠮᠳᠢᠨᠰᠦ᠋ᠷᠦᠩ᠂ ᠪ᠂ ᠣᠰᠣᠷ ᠨᠠᠷ ᠤᠨ 《ᠮᠣᠩᠭᠣᠯ ᠦᠰᠦᠭ ᠦᠨ ᠳᠦᠷᠢᠮ ᠦᠨ ᠲᠣᠯᠢ》ᠬᠡᠮᠡᠬᠦ ᠪᠦᠲᠦᠭᠡᠯ ᠳ᠋ᠡᠬᠢ 64 ᠳᠦᠷᠢᠮ᠃ ᠮᠣᠩᠭᠣᠯ ᠬᠡᠯᠡ 35 ᠦᠰᠦᠭ ᠲᠡᠢ᠃ ᠡᠳᠡᠭᠡᠷ ᠦᠰᠦᠭ ᠢ ᠡᠭᠡᠰᠢᠭ᠂ ᠭᠡᠶᠢᠭᠦᠯᠦᠭᠴᠢ᠂ ᠲᠡᠮᠳᠡᠭ ᠭᠡᠵᠦ ᠭᠤᠷᠪᠠ ᠬᠤᠪᠢᠶᠠᠨ᠎ᠠ᠃ᠠᠭᠤᠰᠬᠢᠨ ᠠᠴᠠ ᠭᠠᠷᠤᠭᠰᠠᠨ ᠬᠡᠢ ᠠᠮᠠᠨ ᠤ ᠬᠥᠨᠳᠡᠢ ᠪᠡᠷ ᠰᠠᠭᠠᠳ ᠦᠭᠡᠢ ᠴᠢᠯᠦᠭᠡᠲᠡᠢ ᠪᠡᠷ ᠭᠠᠷᠴᠤ ᠬᠡᠯᠡᠭᠳᠡᠬᠦ ᠠᠪᠢᠶ᠎ᠠ ᠢᠢ ᠡᠭᠡᠰᠢᠭ ᠠᠪᠢᠶ᠎ᠠ ᠭᠡᠨ᠎ᠡ᠃ᠠᠭᠤᠰᠬᠢᠨ ᠠᠴᠠ ᠭᠠᠷᠤᠭᠰᠠᠨ ᠬᠡᠢ ᠠᠮᠠᠨ ᠤ ᠬᠥᠨᠳᠡᠢ ᠪᠡᠷ ᠭᠠᠷᠬᠤ ᠳᠤ ᠪᠠᠨ ᠶᠠᠮᠠᠷ ᠨᠢᠭᠡ ᠰᠠᠭᠠᠳ ᠬᠠᠰᠢᠯᠲᠠ ᠲᠣᠬᠢᠶᠠᠯᠳᠤᠵᠤ ᠬᠡᠯᠡᠭᠳᠡᠬᠦ ᠠᠪᠢᠶ᠎ᠠ ᠶᠢ ᠭᠡᠶᠢᠭᠦᠯᠦᠭᠴᠢ ᠠᠪᠢᠶ᠎ᠠ ᠭᠡᠨ᠎ᠡ᠃ ᠴᠠᠭᠠᠨ ᠲᠣᠯᠣᠭᠠᠢ ᠶᠢᠨ ᠦᠰᠦᠭ ᠦᠨ а, э, и, о, у, ө, ү, я, е, ё, ю, й, ы ᠡᠨᠡ ᠠᠷᠪᠠᠨ ᠭᠤᠷᠪᠠ ᠨᠢ ᠡᠭᠡᠰᠢᠭ; б, в, г, д, ж, з, к, л, м, н, п, р, с, т, ф, х, ц, ч, ш, щ ᠡᠨᠡ ᠬᠣᠷᠢ ᠨᠢ ᠭᠡᠶᠢᠭᠦᠯᠦᠭᠴᠢ; ъ, ь ᠬᠣᠶᠠᠷ ᠨᠢ ᠳᠠᠭᠤᠳᠠᠯᠭ᠎ᠠ ᠦᠭᠡᠢ ᠲᠤᠯᠠ ᠡᠭᠡᠰᠢᠭ ᠴᠤ ᠪᠢᠰᠢ᠂ ᠭᠡᠶᠢᠭᠦᠯᠦᠭᠴᠢ ᠴᠤ ᠪᠢᠰᠢ ᠵᠦᠭᠡᠷ ᠲᠡᠮᠳᠡᠭ ᠦᠰᠦᠭ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)
ᠠᠭᠤᠰᠭᠢᠨ ︱18( 清肺十八味丸) -ᠲᠤᠰ ᠨᠠᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ ᠡᠭᠦᠨ ᠳᠦ ᠠᠭᠤᠰᠭᠢᠨ ᠤ ᠬᠠᠯᠠᠭᠤᠨ ᠢ ᠠᠷᠢᠯᠭᠠᠬᠤ ᠂ ᠬᠠᠨᠢᠶᠠᠬᠤ ᠶᠢ ᠵᠣᠭᠰᠤᠭᠠᠬᠤ ᠪᠡᠷ ᠵᠤᠭᠠᠩ ᠢ᠃ ᠬᠠᠯᠠᠭᠤᠨ ᠢ ᠠᠷᠢᠯᠭᠠᠬᠤ ᠪᠡᠷ ᠴᠠᠭᠠᠨ ᠽᠠᠨᠳᠠᠨ᠂ ᠭᠢᠸᠠᠩ᠂ ᠮᠡᠭᠡᠷ᠂ ᠰᠢᠨᠭᠬᠤ ᠂ ᠴᠠᠭᠠᠨ ᠰᠤᠷᠤᠯᠤ ᠶᠢ ᠃ ᠴᠢᠰᠤᠨ ᠬᠠᠯᠠᠭᠤᠨ ᠢ ᠠᠷᠢᠯᠭᠠᠬᠤ ᠳᠤ ᠤᠯᠠᠭᠠᠨ ᠽᠠᠨᠳᠠᠨ᠂ ᠭᠦᠷᠭᠦᠮ ᠢ ᠃ ᠽᠠᠳᠢ ᠂ ᠬᠠᠷ᠎ᠠ ᠠᠭᠠᠷᠤ᠂ ᠨᠢᠶᠠᠨ ᠢ ᠨᠢᠲᠤᠯᠬᠤ ᠳᠤ ᠵᠢᠭᠠᠷ᠂ ᠬᠦᠭᠦᠯ ᠂ ᠪᠤᠩ ᠠ ᠶᠢᠨ ᠰᠤᠶᠤᠭ᠎ᠠ ᠶᠢ ᠃ ᠴᠡᠷ ᠢ ᠠᠷᠢᠯᠭᠠᠬᠤ ᠳᠤ ᠷᠦᠳᠠ ᠶᠢ ᠃ ᠠᠭᠤᠯᠠ ᠲᠠᠯ᠎ᠠ ᠵᠢᠨ ᠵᠠᠪᠰᠠᠷ ᠤᠨ ᠬᠡᠢ ᠬᠠᠯᠠᠭᠤᠨ ᠳᠦ ᠳᠤᠭᠤᠯ ᠡᠪᠡᠰᠦ ᠶᠢ᠃ ᠮᠠᠬᠠᠪᠤᠳ ᠢ ᠲᠡᠭᠰᠢᠳᠭᠡᠬᠦ ᠪᠡᠷ ᠠᠷᠤᠷ᠎ᠠ ᠶᠢ ᠬᠠᠪᠰᠤᠷᠭᠠᠨ ᠨᠠᠢᠷᠠᠭᠤᠯᠤᠭᠰᠠᠨ ᠲᠤᠯᠠ ᠠᠭᠤᠰᠬᠢᠨ ᠬᠠᠯᠠᠭᠤᠨ ᠢ ᠠᠷᠢᠯᠭᠠᠬᠤ ᠂ ᠨᠢᠶᠠᠨ ᠢ ᠨᠢᠲᠤᠯᠬᠤ ᠵᠡᠷᠭᠡ ᠴᠢᠳᠠᠯ ᠪᠦᠷᠢᠳᠦᠭᠡᠳ ᠠᠭᠤᠰᠬᠢᠨ ᠬᠠᠯᠠᠭᠤᠨ᠂ ᠨᠢᠶᠠᠨ᠂ ᠬᠡᠢ ᠤᠷᠤᠰᠢᠭᠰᠠᠨ ᠳᠤ ᠲᠤᠰᠠᠲᠠᠢ᠃ ᠠᠭᠤᠰᠭᠢᠨ ᠤ ᠬᠠᠯᠠᠭᠤᠨ ᠂ ᠠᠭᠤᠯᠠ ᠲᠠᠯ᠎ᠠ ᠶᠢᠨ ᠵᠠᠪᠰᠠᠷ ᠤᠨ ᠬᠡᠢ ᠬᠠᠯᠠᠭᠤᠨ ᠂ ᠮᠡᠩᠭᠡᠷ ᠬᠠᠨᠢᠶᠠᠳᠤ ᠂ ᠲᠠᠭᠰᠢᠭᠤᠷᠲᠤ ᠬᠠᠨᠢᠶᠠᠳᠤ ᠂ ᠢᠯᠠᠩᠭᠤᠶ᠎ᠠ ᠬᠡᠦᠬᠡᠳ ᠤᠨ ᠠᠭᠤᠰᠭᠢᠨ ᠬᠠᠯᠠᠭᠤᠨ ᠳ᠋ᠤ ᠠᠷᠪᠢᠨ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)
ᠪᠣᠭᠳᠠ ᠬᠠᠨ ᠠᠭᠤᠯᠠ ᠪᠣᠯ ᠬᠡᠨᠲᠡᠢ ᠶᠢᠨ ᠨᠢᠷᠤᠭᠤ ᠤ ᠠᠢ ᠰᠠᠪᠠ ᠳᠤ ᠪᠠᠭᠲᠠᠳᠠᠭ ᠮᠣᠩᠭᠣᠯ ᠤᠨ ᠲᠡᠦᠬᠡᠨ ᠲᠠᠬᠢᠯᠭᠠᠲᠤ᠂ ᠳᠠᠷᠬᠠᠨ ᠴᠠᠭᠠᠵᠠᠲᠤ ᠠᠭᠤᠯᠠ ᠶᠤᠮ᠃ᠭᠠᠵᠠᠷ ᠵᠦᠢ ᠶᠢᠨ ᠨᠥᠬᠥᠴᠡᠯ᠂ ᠭᠠᠵᠠᠷ ᠤᠨ ᠭᠠᠳᠠᠷᠠᠭ ᠤᠨ ᠬᠤᠪᠢ ᠳᠤ ᠪᠣᠯ ᠪᠣᠭᠳᠠ ᠬᠠᠨ ᠠᠭᠤᠯᠠ ᠵᠡᠭᠦᠨ ᠡᠴᠡ ᠪᠠᠷᠠᠭᠤᠨ ᠲᠡᠰᠢ ᠴᠢᠭᠯᠡᠭᠰᠡᠨ ᠶᠡᠬᠡ ᠨᠢᠷᠤᠭᠤ ᠪᠣᠯᠤᠨ ᠲᠡᠭᠦᠨ ᠦ ᠰᠠᠯᠪᠤᠷᠢ ᠠᠭᠤᠯᠠᠰ ᠠᠴᠠ ᠪᠦᠷᠢᠳᠦᠨ᠎ᠡ᠃ ᠪᠣᠭᠳᠠ ᠬᠠᠨ ᠠᠭᠤᠯᠠ ᠶᠢᠨ ᠬᠠᠮᠤᠭ ᠤᠨ ᠥᠨᠳᠥᠷ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ 2268 ᠮᠧᠲ᠋ᠷ ᠥᠨᠳᠥᠷ ᠲᠦ ᠡᠷᠭᠦᠭᠳᠡᠭᠰᠡᠨ ᠴᠡᠴᠡᠪᠡᠨ ᠭᠦᠩ᠂ 2256 ᠮᠧᠲ᠋ᠷ ᠥᠨᠳᠥᠷ ᠲᠦ ᠤᠷᠤᠰᠢᠬᠤ ᠲᠦᠰᠢᠶ᠎ᠡ ᠭᠦᠩ ᠬᠡᠮᠡᠬᠦ ᠣᠷᠭᠢᠯ ᠤᠳ ᠪᠣᠯᠤᠨ᠎ᠠ᠃ ᠶᠡᠷᠦ ᠨᠢ ᠪᠣᠭᠳᠠ ᠬᠠᠨ ᠠᠭᠤᠯᠠᠨ ᠳᠤ 2000 ᠮᠧᠲ᠋ᠷ ᠡᠴᠡ ᠳᠡᠭᠡᠭᠰᠢ ᠡᠷᠭᠦᠭᠳᠡᠭᠰᠡᠨ ᠡᠷᠲᠡᠨ ᠦ ᠲᠡᠭᠰᠢᠷᠡᠯ ᠦᠨ ᠭᠠᠳᠠᠷᠭᠤ ᠭᠣᠣᠯᠯᠠᠨ᠎ᠠ᠃ ᠲᠡᠭᠰᠢᠷᠡᠯ ᠦᠨ ᠭᠠᠳᠠᠷᠭᠤ ᠶᠢᠨ ᠦᠨᠡᠮᠯᠡᠬᠦᠢ ᠥᠨᠳᠥᠷ 1800᠂ 2000᠂ 2200 ᠮᠧᠲ᠋ᠷ ᠦᠨ ᠲᠦᠪᠰᠢᠨ ᠳᠦ ᠭᠤᠷᠪᠠᠨ ᠦᠨᠳᠦᠰᠦᠨ ᠱᠠᠲᠤᠯᠠᠯ ᠡᠭᠦᠰᠬᠡᠭᠰᠡᠨ ᠪᠠᠶᠢᠨ᠎ᠠ᠃ ᠣᠢ ᠶᠢᠨ ᠬᠢᠯᠢ ᠡᠴᠡ ᠳᠡᠭᠡᠭᠰᠢ ᠭᠠᠷᠤᠭᠰᠠᠨ ᠴᠡᠴᠡᠪᠡᠨ ᠭᠦᠩ᠂ ᠲᠦᠰᠢᠶ᠎ᠡ ᠭᠦᠩ ᠪᠣᠯᠤᠨ ᠪᠤᠰᠤᠳ ᠥᠨᠳᠥᠷᠯᠢᠭ ᠲᠦ ᠮᠦᠰᠦᠯᠤᠯᠲᠡ ᠶᠢᠨ ᠨᠥᠯᠥᠭᠡ ᠪᠡᠷ ᠲᠠᠭᠲᠤ ᠴᠢᠯᠠᠭᠤᠨ ᠨᠤᠷᠠᠩᠬᠠᠢ ᠡᠭᠦᠰᠦᠭᠰᠡᠨ ᠭᠠᠵᠠᠷ ᠣᠯᠠᠨ ᠲᠠᠢ᠃ (ᠪᠦᠷᠢᠨ ᠠᠭᠤᠯᠭ᠎ᠠ ᠶᠢ ᠤᠩᠰᠢᠬᠤ)
«ᠮᠣᠩᠭᠣᠯ ᠤᠯᠤᠰ ᠤᠨ ᠠᠷᠠᠳ ᠤᠨ ᠵᠢᠳᠬᠦᠯᠲᠡᠨ» —ᠮᠣᠩᠭᠣᠯ ᠤᠯᠤᠰ ᠤᠨ ᠨᠢᠭᠡᠨ ᠲᠥᠷᠦᠯ ᠦᠨ ᠬᠦᠨᠳᠦᠲᠦ ᠴᠣᠯᠠ ᠶᠤᠮ᠃ ᠮᠣᠩᠭᠣᠯ ᠤᠯᠤᠰ ᠤᠨ ᠴᠣᠯᠠ ᠶᠢ ᠡᠷᠬᠢᠮ ᠬᠦᠨᠳᠦᠲᠦ ᠴᠣᠯᠠ᠂ ᠬᠦᠨᠳᠦᠲᠦ ᠴᠣᠯᠠ ᠭᠡᠵᠦ ᠬᠣᠶᠠᠷ ᠠᠩᠭᠢᠯᠠᠵᠤ᠂ ᠤᠯᠠᠮ ᠢᠶᠠᠷ ᠬᠦᠨᠳᠦᠲᠦ ᠴᠣᠯᠠ ᠶᠢ ᠨᠢ ᠠᠷᠠᠳ ᠤᠨ ᠵᠢᠳᠬᠦᠯᠲᠡᠨ ᠴᠣᠯᠠ᠂ ᠭᠠᠪᠢᠶᠠᠲᠤ ᠵᠢᠳᠬᠦᠯᠲᠡᠨ ᠴᠣᠯᠠ᠂ ᠰᠠᠨᠰᠠᠷ ᠤᠨ ᠨᠢᠰᠦᠭᠴᠢ ᠴᠣᠯᠠ᠂ ᠬᠦᠨᠳᠦᠲᠦ ᠢᠷᠭᠡᠨ ᠴᠣᠯᠠ ᠭᠡᠵᠦ ᠳᠥᠷᠪᠡ ᠠᠩᠭᠢᠯᠠᠳᠠᠭ ᠢ ᠳᠡᠭᠡᠷ᠎ᠡ ᠳᠤᠷᠠᠳᠤᠭᠰᠠᠨ᠃ ᠲᠡᠭᠡᠬᠦ ᠳᠦ ᠪᠡᠨ ᠠᠷᠠᠳ ᠤᠨ ᠵᠢᠳᠬᠦᠯᠲᠡᠨ ᠴᠣᠯᠠ ᠨᠢ ᠭᠠᠪᠢᠶᠠᠲᠤ ᠵᠢᠳᠬᠦᠯᠲᠡᠨ ᠴᠣᠯᠠ ᠠᠴᠠ ᠳᠡᠭᠡᠭᠦᠷ ᠴᠣᠯᠠ ᠶᠤᠮ᠃ ᠮᠣᠩᠭᠣᠯ ᠤᠯᠤᠰ ᠤᠨ ᠠᠷᠠᠳ ᠤᠨ ᠵᠢᠳᠬᠦᠯᠲᠡᠨ ᠴᠣᠯᠠ ᠮᠣᠩᠭᠣᠯ ᠤᠯᠤᠰ ᠤᠨ ᠠᠷᠠᠳ ᠤᠨ ᠵᠦᠵᠦᠭᠡᠴᠢᠨ᠂ ᠠᠷᠠᠳ ᠤᠨ ᠵᠢᠷᠤᠭᠠᠴᠢ᠂ ᠠᠷᠠᠳ ᠤᠨ ᠤᠷᠠᠨ ᠵᠣᠬᠢᠶᠠᠯᠴᠢ᠂ ᠠᠷᠠᠳ ᠤᠨ ᠪᠠᠭᠰᠢ᠂ ᠠᠷᠠᠳ ᠤᠨ ᠡᠮᠴᠢ ᠭᠡᠰᠡᠨ ᠲᠠᠪᠤᠨ ᠲᠥᠷᠥᠯ ᠪᠠᠶᠢᠨ᠎ᠠ᠃ ᠠᠷᠠᠳ ᠤᠨ ᠵᠢᠳᠬᠦᠯᠲᠡᠨ ᠴᠣᠯᠠ ᠶᠢ ᠪᠦᠭᠦᠳᠡ 97 ᠬᠦᠮᠦᠨ ᠬᠦᠷᠢᠲᠦᠵᠡᠢ᠃ ᠮᠣᠩᠭᠣᠯ ᠤᠯᠤᠰ ᠤᠨ ᠠᠷᠠᠳ ᠤᠨ ᠵᠢᠳᠬᠦᠯᠲᠡᠨ ᠴᠣᠯᠠ ᠬᠦᠷᠲᠡᠭᠰᠡᠳ ᠲᠦ ᠴᠣᠯᠠᠨ ᠤ ᠲᠡᠮᠳᠡᠭ᠂ ᠦᠨᠡᠮᠯᠡᠬᠦ᠂ ᠮᠥᠩᠭᠥᠨ ᠱᠠᠩᠨᠠᠯ ᠭᠠᠷᠭᠠᠭᠤᠯᠳᠠᠭ ᠪᠥᠭᠡᠳ ᠣᠳᠣ ᠶᠢᠨ ᠣᠯᠭᠤᠵᠤ ᠪᠠᠶᠢᠭ᠎ᠠ ᠲᠡᠮᠳᠡᠭ ᠢ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1975 ᠤᠨ ᠤ 06 ᠳ᠋ᠤᠭᠠᠷ ᠰᠠᠷ᠎ᠠ ᠶᠢᠨ 14 ᠍ ᠦ 124 ᠳᠦᠭᠡᠷ ᠵᠠᠷᠯᠢᠭ ᠢᠶᠠᠷ ᠪᠠᠲᠤᠯᠠᠵᠠᠢ᠃ (ᠪᠦᠷᠢᠨ ᠠᠭᠤᠯᠭ᠎ᠠ ᠶᠢ ᠤᠩᠰᠢᠬᠤ)
Google Inc. ᠪᠤᠶᠤ Google ᠨᠢ cloud computing(ᠡᠬᠦᠯᠡᠨ ᠲᠦᠰᠦᠬᠡᠯᠡᠯ)᠂ ᠢᠨᠲ᠋ᠧᠷᠨ᠋ᠧᠲ ᠬᠠᠶᠢᠯᠲᠠ᠂ ᠵᠠᠷ ᠰᠤᠷᠲᠠᠯᠴᠢᠯᠠᠭᠠᠨ ᠤ ᠲᠧᠭᠨᠣᠯᠣᠭᠢ ᠶᠢ ᠬᠥᠭᠵᠢᠭᠦᠯᠳᠡᠭ᠂ ᠳᠡᠯᠡᠬᠡᠢ ᠳᠠᠶᠠᠭᠠᠷ ᠴᠠᠷᠠᠭ᠎ᠠ ᠬᠦᠷᠢᠶ᠎ᠡ ᠲᠡᠢ ᠬᠤᠪᠢᠴᠠᠭᠠᠲᠤ ᠺᠣᠮᠫᠠᠨᠢ ᠶᠤᠮ᠃ Google ᠨᠢ ᠢᠨᠲ᠋ᠧᠷᠨ᠋ᠧᠲ ᠲᠦ ᠲᠤᠯᠭᠠᠭᠤᠷᠢᠯᠠᠭᠰᠠᠨ ᠬᠡᠳᠦ ᠬᠡᠳᠦᠨ ᠦᠢᠯᠡᠴᠢᠯᠡᠭᠡ᠂ ᠪᠦᠲᠦᠭᠡᠭᠳᠡᠬᠦᠨ ᠢ ᠬᠣᠣᠰ ᠲᠤ ᠬᠢᠵᠦ ᠬᠥᠭᠵᠢᠭᠦᠯᠳᠡᠭ ᠪᠥᠭᠡᠳ AdWords ᠦᠢᠯᠡᠴᠢᠯᠡᠭᠡ ᠳᠡᠭᠡᠷ᠎ᠡ ᠲᠤᠯᠭᠠᠭᠤᠷᠢᠯᠠᠭᠰᠠᠨ ᠵᠠᠷ ᠰᠤᠷᠲᠠᠯᠴᠢᠯᠠᠭ᠎ᠠ ᠪᠠᠷ ᠢᠶᠠᠨ ᠶᠡᠬᠡᠩᠬᠢ ᠣᠷᠣᠯᠭ᠎ᠠ ᠪᠠᠨ ᠣᠯᠳᠠᠭ᠃ᠲᠤᠰ ᠺᠣᠮᠫᠠᠨᠢ ᠶᠢ ᠰᠲ᠋ᠠᠨᠹᠣᠷᠳ᠋ ᠍ ᠤᠨ ᠶᠡᠬᠡ ᠰᠤᠷᠭᠠᠭᠤᠯᠢ ᠳᠤ ᠳ᠋ᠣᠺᠲ᠋ᠣᠷ ᠤᠨ ᠨᠠᠮᠳᠠᠷ ᠬᠠᠮᠠᠭᠠᠯᠠᠵᠤ ᠪᠠᠶᠢᠬᠤ ᠦᠶ ᠡ ᠳᠡᠬᠡᠨ ᠯᠧᠧᠷᠢᠨᠽ ᠫᠡᠢᠧ(Lawrence Edward Page)᠂ ᠰᠧᠷᠠᠭᠢ ᠪᠧᠷᠢᠨ(Sergey Brin) (Google ᠍ ᠦᠨ ᠵᠠᠯᠠᠭᠤᠰ ᠪᠤᠶᠤ Google Guys ᠭᠡᠳᠡᠭ) ᠨᠠᠷ ᠪᠠᠶᠢᠭᠤᠯᠵᠠᠢ᠃ (ᠪᠦᠷᠢᠨ ᠠᠭᠤᠯᠭ᠎ᠠ ᠶᠢ ᠤᠩᠰᠢᠬᠤ)
ᠭᠣᠪᠢ ᠠᠯᠲᠠᠢ ᠠᠢᠮᠠᠭ ᠨᠢ ᠮᠣᠩᠭᠣᠯ ᠤᠯᠤᠰ ᠤᠨ ᠪᠠᠷᠠᠭᠤᠨ ᠡᠮᠦᠨᠡᠲᠦ ᠬᠡᠰᠡᠭ ᠲᠦ ᠤᠷᠤᠰᠢᠬᠤ ᠠᠶᠢᠮᠠᠭ ᠶᠤᠮ᠃ ᠠᠶᠢᠮᠠᠭ ᠤᠨ ᠲᠥᠪ ᠨᠢ ᠠᠯᠲᠠᠢ ᠬᠤᠲᠠ ᠪᠤᠯᠤᠨ ᠠ᠃ ᠭᠣᠪᠢ ᠠᠯᠲᠠᠢ ᠠᠶᠢᠮᠠᠭ ᠤᠨ ᠨᠤᠲᠤᠭ ᠳᠡᠪᠢᠰᠭᠡᠷ ᠤᠨ ᠳᠤᠮᠳᠠᠭᠤᠷ ᠨᠢ ᠮᠣᠩᠭᠣᠯ ᠤᠨ ᠠᠯᠲᠠᠢ ᠶᠢᠨ ᠨᠢᠷᠤᠭᠤ ᠨᠢ ᠪᠠᠷᠠᠭᠤᠨ ᠬᠣᠶᠢᠨᠠ ᠠᠴᠠ ᠵᠡᠭᠦᠨ ᠤᠷᠤᠭᠰᠢ ᠪᠠᠨ ᠴᠢᠭᠯᠡᠯ ᠲᠡᠢ ᠪᠡᠷ ᠦᠷᠭᠦᠯᠵᠢᠯᠡᠨ ᠤᠷᠤᠰᠢᠨ ᠠ᠃ ᠭᠣᠪᠢ ᠠᠯᠲᠠᠢ ᠠᠶᠢᠮᠠᠭ ᠤᠨ ᠰᠢᠷᠭ᠎ᠠ ᠰᠤᠮᠤ ᠨᠢ ᠮᠣᠩᠭᠣᠯ ᠤᠨ ᠬᠠᠮᠤᠭ ᠤᠨ ᠣᠯᠠᠨ ᠭᠧᠨᠧᠷᠠᠯ ᠮᠡᠨᠳᠦᠯᠡᠭᠰᠡᠨ ᠰᠤᠮᠤ ᠪᠢᠯᠡ᠃ ᠰᠢᠷᠭ᠎ᠠ ᠰᠤᠮᠤ ᠶᠢᠨ ᠨᠤᠲᠤᠭ ᠠᠴᠠ ᠴᠢᠩᠭᠠᠢ ᠪᠠᠯᠭᠠᠰᠤ ᠶᠢ ᠣᠯᠵᠠᠢ᠃ (ᠪᠦᠷᠢᠨ ᠠᠭᠤᠯᠭ᠎ᠠ ᠶᠢ ᠤᠩᠰᠢᠬᠤ)
《ᠠᠹᠬᠠᠨᠨ ᠥᠬᠢᠨ(Afghan Girl)》 ᠬᠡᠮᠡᠬᠦ ᠵᠢᠷᠤᠭ National Geographic ᠍ ᠳᠦ 1985 ᠤᠨ ᠳᠤ ᠬᠡᠪᠯᠡᠭᠳᠡᠭᠰᠡᠨ ᠡᠴᠡ ᠬᠣᠶᠢᠰᠢ ᠳᠡᠯᠡᠬᠡᠢ ᠳᠠᠶᠠᠭᠠᠷ ᠠᠯᠳᠠᠷ ᠲᠠᠢ ᠪᠣᠯᠵᠠᠢ᠃ ᠡᠨᠡ ᠥᠬᠢᠨ᠂ 1980 ᠍ ᠊ᠭᠠᠳ ᠤᠨ ᠳᠤ ᠠᠹᠬᠠᠨᠨᠢᠰᠲᠠᠨ ᠳᠠᠬᠢ ᠵᠡᠪᠰᠡᠭᠲᠦ ᠬᠠᠯᠳᠠᠯᠭ᠎ᠠ ᠠᠴᠠ ᠪᠣᠯᠵᠤ ᠭᠡᠷ ᠪᠦᠯᠢ ᠪᠡᠨ ᠠᠯᠠᠳᠠᠵᠠᠢ᠃ National Geographic ᠍ ᠦᠨ ᠭᠡᠷᠡᠯ ᠵᠢᠷᠤᠭᠴᠢᠨ ᠰᠲ᠋ᠢᠸ ᠮᠠᠺᠺᠠᠷᠷᠢ (Steve McCurry) ᠨᠢ ᠫᠠᠺᠢᠰᠲᠠᠨ ᠤ ᠬᠢᠯᠢ ᠳᠡᠭᠡᠷᠡᠬᠢ ᠳᠦᠷᠪᠡᠭᠰᠡᠳ ᠦᠨ ᠬᠤᠸᠠᠷᠠᠨ ᠳᠤ (避难所) 1984 ᠤᠨ ᠳᠤ ᠲᠡᠭᠦᠨ ᠢ ᠬᠠᠷᠠᠭᠰᠠᠨ ᠪᠠᠶᠢᠨ᠎ᠠ᠃ 1985 ᠤᠨ ᠳᠤ 《National Geographic》 ᠰᠡᠳᠬᠦᠯ ᠦᠨ ᠨᠢᠭᠤᠷ ᠳᠤ 《ᠠᠹᠬᠠᠨᠨ ᠥᠬᠢᠨ》 ᠨᠡᠷ᠎ᠡ ᠲᠡᠢ ᠵᠢᠷᠤᠭ ᠨᠡᠶᠢᠲᠡᠯᠡᠭᠳᠡᠭᠰᠡᠨ ᠨᠢ ᠡᠳᠦᠭᠡ ᠬᠠᠮᠤᠭ ᠤᠨ ᠠᠯᠳᠠᠷᠲᠠᠢ ᠭᠡᠷᠡᠯ ᠵᠢᠷᠤᠭ ᠤᠳ ᠤᠨ ᠨᠢᠭᠡ ᠪᠣᠯᠵᠠᠢ᠃ ᠭᠡᠷᠡᠯ ᠵᠢᠷᠤᠭᠴᠢᠨ ᠰᠲ᠋ᠢᠸ ᠮᠠᠺᠺᠠᠷᠷᠢ 30 ᠵᠢᠯ ᠦᠨ ᠡᠮᠦᠨ᠎ᠡ ᠳᠦᠷᠪᠡᠭᠴᠢᠳ ᠦᠨ ᠬᠤᠸᠠᠷᠠᠨ ᠳᠤ ᠠᠮᠢᠳᠤᠷᠠᠳᠠᠭ ᠰᠢᠷᠠᠪᠠᠲ ᠭᠦᠯᠠ(Sharbat Gula) ᠬᠡᠮᠡᠬᠦ 12 ᠨᠠᠰᠤᠲᠠᠢ ᠥᠬᠢᠨ ᠤ ᠵᠢᠷᠤᠭ ᠢ ᠳᠠᠷᠤᠭᠰᠠᠨ ᠨᠢ ᠡᠶᠢᠨᠬᠦᠦ ᠤᠯᠠᠨ ᠳᠤ ᠠᠯᠳᠠᠷᠰᠢᠭᠰᠠᠨ ᠶᠤᠮ᠃ (ᠪᠦᠷᠢᠨ ᠠᠭᠤᠯᠭ᠎ᠠ ᠶᠢ ᠤᠩᠰᠢᠬᠤ)
ᠠᠭᠠᠷᠤ ︱ 35 ( 沉香安神散) -ᠲᠤᠰ ᠨᠠᠢᠷᠠᠯᠭ᠎ᠠ ᠪᠣᠯ ᠴᠢᠳᠠᠯ ᠢ ᠮᠦᠷᠳᠡᠭᠰᠡᠨ ᠲᠡᠭᠰᠢ ᠴᠢᠨᠠᠷ ᠲᠠᠢ ᠨᠠᠢᠷᠠᠯᠭ᠎ᠠ ᠪᠣᠯᠤᠨ᠎ᠠ ᠃ ᠬᠦᠯ ᠪᠤᠯᠤᠭᠰᠠᠨ ᠡᠮ ᠦᠨ ᠰᠡᠷᠢᠭᠦᠨ ᠴᠢᠨᠠᠷ ᠲᠠᠢ ᠨᠢ ᠳᠡᠢᠯᠦᠨᠭᠭᠦᠢ ᠲᠤᠭ᠎ᠠ ᠶᠢ ᠡᠵᠡᠯᠡᠳᠡᠭ ᠪᠤᠯᠪᠠᠴᠤ᠂ ᠬᠦᠯ ᠪᠤᠯᠤᠭᠰᠠᠨ ᠡᠮ ᠦᠨ ᠬᠡᠮᠵᠢᠶ᠎ᠡ ᠶᠢ ᠦᠨᠳᠦᠰᠦᠯᠡᠪᠡᠯ ᠲᠡᠭᠰᠢ ᠴᠢᠨᠠᠷ ᠲᠠᠢ ᠨᠠᠢᠷᠠᠯᠭ᠎ᠠ ᠶᠤᠮ᠃ ᠬᠡᠢ ᠂ ᠬᠠᠯᠠᠭᠤᠨ ᠂ ᠨᠢᠶᠠᠨ ᠬᠠᠷᠰᠢᠯᠳᠤᠭᠰᠠᠨ ᠢ ᠠᠨᠠᠭᠠᠬᠤ ᠂ ᠬᠠᠨᠢᠶᠠᠬᠤ ᠶᠢ ᠵᠣᠭᠰᠤᠭᠠᠬᠤ ᠂ ᠠᠮᠢᠰᠭᠤᠭ᠎ᠠ ᠶᠢ ᠠᠭᠤᠵᠢᠷᠠᠭᠤᠯᠬᠤ ᠴᠢᠳᠠᠯ ᠲᠠᠢ᠃ ᠠᠭᠤᠯᠠ ᠲᠠᠯ᠎ᠠ ᠶᠢᠨ ᠵᠠᠪᠰᠠᠷ ᠤᠨ ᠭᠡᠢ ᠬᠠᠯᠠᠭᠤᠨ ᠂ ᠨᠤᠢᠷ ᠬᠤᠯᠵᠢᠬᠤ ᠂ ᠬᠣᠭᠤᠰᠤᠷᠠᠭᠰᠠᠨ ᠬᠠᠯᠠᠭᠤᠨ ᠂ᠲᠠᠭᠰᠢᠵᠤ ᠬᠠᠨᠢᠶᠠᠬᠤ ᠂ ᠬᠠᠭᠤᠷᠠᠢ ᠬᠠᠨᠢᠶᠠᠳᠤ ᠂ ᠠᠭᠰᠠᠭ᠎ᠠ ᠂ ᠮᠡᠩᠭᠡᠷ ᠬᠠᠨᠢᠶᠠᠳᠤ ᠂ ᠵᠢᠷᠦᠬᠡᠨ ᠤ ᠭᠡᠢ ᠬᠠᠯᠠᠭᠤᠨ ᠂ ᠭᠡᠢ ᠬᠠᠤᠬᠠᠤᠯᠠᠭ᠎ᠠ ᠂ ᠣᠬᠤᠷ ᠬᠠᠤᠬᠠᠤᠯᠠᠭ᠎ᠠ ᠂ ᠲᠦᠮᠦᠰᠦ ᠬᠠᠪᠤᠳᠬᠤ ᠂ ᠬᠡᠷᠦᠬᠦ ᠵᠡᠷᠭᠡ ᠳᠦ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)
ᠤᠰᠤᠲᠦᠷᠦᠭᠴᠢ ᠠᠦ᠋ᠲ᠋ᠣ᠋ ᠮᠠᠰᠢᠨ ᠭᠡᠳᠡᠭ ᠨᠢ ᠤᠰᠤᠲᠥᠷᠦᠭᠴᠢ ᠶᠢ ᠬᠡᠷᠡᠭᠯᠡᠵᠦ ᠠᠦ᠋ᠲ᠋ᠣ᠋ ᠮᠠᠰᠢᠨ ᠢ ᠬᠦᠳᠡᠯᠭᠡᠬᠦ ᠬᠦᠴᠦ ᠶᠢ ᠭᠠᠷᠭᠠᠵᠤ ᠠᠪᠳᠠᠭ ᠲᠡᠭᠡᠭᠡᠪᠦᠷᠢ ᠶᠢᠨ ᠬᠡᠷᠡᠭᠰᠡᠯ ᠶᠤᠮ᠃ ᠪᠤᠰᠤᠳ ᠲᠥᠷᠥᠯ ᠦᠨ ᠲᠡᠭᠡᠭᠡᠪᠦᠷᠢ ᠶᠢᠨ ᠬᠡᠷᠡᠭᠰᠡᠯ ᠴᠢᠯᠠᠭᠤᠨ ᠲᠤᠰᠤ ᠮᠡᠲᠦ ᠶᠢᠨ ᠰᠢᠲᠠᠮᠠᠬᠠᠢ ᠪᠤᠳᠠᠰ ᠢᠶᠠᠷ ᠴᠡᠨᠡᠭᠯᠡᠭᠰᠡᠨ ᠰᠢᠭ᠂ ᠤᠰᠤᠲᠥᠶᠢᠷᠦᠭᠴᠢ ᠠᠦ᠋ᠲ᠋ᠣ᠋ ᠮᠠᠰᠢᠨ ᠨᠢ ᠤᠰᠤᠲᠥᠷᠦᠭᠴᠢ ᠪᠡᠷ ᠴᠡᠨᠡᠭᠯᠡᠭᠰᠡᠨ ᠪᠠᠶᠢᠳᠠᠭ᠃ ᠤᠯᠠᠩᠬᠢ ᠲᠥᠷᠥᠯ ᠦᠨ ᠤᠰᠤᠲᠥᠷᠦᠭᠴᠢ ᠠᠦ᠋ᠲ᠋ᠣ᠋ ᠮᠠᠰᠢᠨ ᠤ ᠬᠥᠳᠡᠯᠭᠡᠭᠦᠷ ᠨᠢ ᠤᠰᠤᠲᠥᠷᠦᠭᠴᠢ ᠶᠢ ᠳᠣᠲᠣᠭᠠᠳᠤ ᠰᠢᠲᠠᠯᠲᠠ ᠶᠢᠨ ᠬᠥᠳᠡᠯᠭᠡᠭᠦᠷ ᠲᠦ ᠰᠢᠲᠠᠭᠠᠬᠤ ᠪᠣᠯᠤᠨ ᠤᠰᠤᠲᠥᠷᠦᠭᠴᠢ ᠶᠢ ᠬᠦᠴᠢᠯᠲᠥᠷᠦᠭᠴᠢ ᠲᠡᠢ ᠲᠤᠰᠬᠠᠢ ᠰᠠᠪᠠᠨ ᠳᠤᠲᠤᠷ ᠠ ᠤᠷᠪᠠᠯ ᠳᠤ ᠣᠷᠣᠭᠤᠯᠵᠤ᠂ ᠤᠷᠪᠠᠯ ᠤᠨ ᠦᠷ᠎ᠡ ᠳ᠋ᠦᠩ ᠳᠦ ᠡᠭᠦᠰᠴᠦ ᠪᠤᠢ ᠴᠠᠬᠢᠯᠭᠠᠨ ᠡᠨᠧᠷᠭᠢ ᠪᠡᠷ ᠴᠠᠬᠢᠯᠭᠠᠨ ᠮᠣᠲ᠋ᠣᠷ ᠢ ᠠᠵᠢᠯᠯᠠᠭᠤᠯᠬᠤ ᠵᠠᠮ ᠢᠶᠠᠷ ᠬᠢᠮᠢ ᠶᠢᠨ ᠡᠨᠧᠷᠭᠢ ᠶᠢ ᠮᠧᠬᠠᠨᠢᠭ ᠡᠨᠧᠷᠭᠢ ᠪᠣᠯᠭᠠᠨ ᠬᠤᠪᠢᠷᠠᠭᠠᠵᠤ ᠪᠠᠶᠢᠨ᠎ᠠ᠃ ᠲᠡᠭᠡᠭᠡᠪᠦᠷᠢ ᠶᠢᠨ ᠬᠡᠷᠡᠭᠰᠡᠯ ᠦᠨ ᠰᠢᠲᠠᠭᠠᠯᠭ ᠠ ᠶᠢᠨ ᠵᠣᠷᠢᠭᠤᠯᠤᠯᠲᠠ ᠪᠠᠷ ᠤᠰᠤᠲᠥᠷᠦᠭᠴᠢ ᠶᠢ ᠲᠦᠭᠡᠮᠡᠯ ᠬᠡᠷᠡᠭᠯᠡᠵᠦ ᠪᠤᠢ ᠰᠢᠯᠲᠠᠭᠠᠨ ᠨᠢ ᠤᠰᠤᠲᠥᠷᠦᠭᠴᠢ ᠪᠣᠯ ᠡᠳ᠋ ᠍ ᠦᠨ ᠵᠠᠰᠠᠭ ᠤᠨ ᠭᠠᠮᠨᠠᠯᠲᠠ ᠶᠢ ᠰᠠᠨᠠᠯ ᠪᠣᠯᠭᠠᠵᠤ ᠪᠠᠶᠢᠭ᠎ᠠ ᠭᠣᠣᠯ ᠡᠯᠧᠮᠧᠨ᠋ᠲ ᠶᠤᠮ᠃ (ᠪᠦᠷᠢᠨ ᠠᠭᠤᠯᠭ᠎ᠠ ᠶᠢ ᠤᠩᠰᠢᠬᠤ)
GRE ᠭᠡᠳᠡᠭ ᠨᠢ Graduate Record Examinations ᠭᠡᠰᠡᠨ ᠦᠭᠡᠨ ᠦ ᠲᠣᠪᠴᠢᠯᠠᠯ ᠪᠥᠭᠡᠳ ᠣᠯᠠᠨ ᠤᠯᠤᠰ ᠲᠤ ᠬᠦᠯᠢᠶᠡᠨ ᠵᠥᠪᠰᠢᠶᠡᠷᠡᠭᠳᠡᠭᠰᠡᠨ ᠰᠲ᠋ᠠᠨᠳᠠᠷᠲᠴᠢᠯᠠᠭᠰᠠᠨ (标准化) ᠰᠢᠯᠭᠠᠯᠲᠠ ᠶᠤᠮ᠃ ᠡᠨᠡ ᠰᠢᠯᠭᠠᠯᠲᠠ ᠶᠢᠨ ᠭᠣᠣᠯ ᠣᠨᠴᠠᠯᠢᠭ ᠨᠢ ᠭᠠᠳᠠᠭᠠᠳᠤ ᠳᠤ graduate school ᠪᠤᠶᠤ ᠪᠠᠺᠯᠠᠪᠠᠷ(学士) ᠠᠴᠠ ᠳᠡᠭᠡᠭᠰᠢ ᠵᠡᠷᠭᠡ ᠠᠪᠬᠤ ᠪᠠᠷ ᠰᠤᠷᠤᠯᠴᠠᠬᠤ ᠶᠢᠨ ᠲᠤᠯᠠᠳᠠ ᠬᠠᠩᠭᠠᠬᠤ ᠶᠣᠰᠣᠲᠠᠢ ᠨᠢᠭᠡ ᠰᠢᠯᠭᠠᠯᠲᠠ᠃ GRE ᠢ ᠠᠩᠭᠯᠢ᠂ ᠠᠮᠧᠷᠢᠺᠠ ᠪᠣᠯᠤᠨ ᠪᠤᠰᠤᠳ ᠠᠩᠭᠯᠢ ᠬᠡᠯᠡ ᠪᠡᠷ ᠶᠠᠷᠢᠳᠠᠭ ᠣᠷᠣᠨ ᠨᠤᠭᠤᠳ᠂ ᠮᠥᠨ ᠠᠩᠭᠯᠢ ᠬᠡᠯᠡ ᠳᠡᠭᠡᠷ᠎ᠡ ᠬᠢᠴᠢᠶᠡᠯ ᠣᠷᠣᠳᠠᠭ ᠣᠯᠠᠨ ᠤᠯᠤᠰ ᠤᠨ ᠪᠦᠬᠦᠢ ᠯᠠ ᠰᠤᠷᠭᠠᠭᠤᠯᠢ ᠨᠤᠭᠤᠳ ᠱᠠᠭᠠᠷᠳᠠᠳᠠᠭ᠃ GRE ᠰᠢᠯᠭᠠᠯᠲᠠ ᠶᠢ Education Testing Service ᠪᠠᠶᠢᠭᠤᠯᠤᠯᠭ᠎ᠠ ᠵᠣᠬᠢᠶᠠᠭᠰᠠᠨ ᠪᠠᠶᠢᠨ᠎ᠠ᠃ ᠰᠢᠯᠭᠠᠯᠲᠠ ᠶᠢᠨ ᠭᠣᠣᠯ ᠵᠣᠷᠢᠯᠭ᠎ᠠ ᠨᠢ ᠬᠦᠮᠦᠨ ᠦ ᠤᠳᠠᠭᠠᠨ ᠬᠤᠭᠤᠴᠠᠭᠠᠨ ᠤ ᠲᠤᠷᠰᠢ ᠬᠤᠷᠠᠮᠲᠤᠯᠠᠭᠤᠯᠤᠭᠰᠠᠨ ᠠᠩᠭᠯᠢ ᠬᠡᠯᠡᠨ ᠦ ᠦᠭᠡ ᠶᠢᠨ ᠪᠠᠶᠠᠯᠢᠭ᠂ ᠦᠭᠡ ᠶᠢ ᠤᠳᠬᠠᠴᠢᠯᠠᠨ ᠬᠡᠷᠡᠭᠯᠡᠬᠦ ᠬᠡᠷᠡᠭᠯᠡᠭᠡ᠂ ᠠᠨᠠᠯᠢᠲ᠋ᠢᠭ ᠪᠢᠴᠢᠪᠦᠷᠢ᠂ ᠲᠣᠭ᠎ᠠ ᠪᠣᠯᠤᠨ ᠰᠢᠭᠦᠨᠵᠢᠯᠡᠨ ᠪᠣᠳᠣᠬᠤ ᠴᠢᠳᠠᠪᠤᠷᠢ ᠨᠤᠭᠤᠳ ᠢ ᠳ᠋ᠦᠩᠨᠡᠳᠡᠭ ᠪᠥᠭᠡᠳ ᠶᠠᠮᠠᠷ ᠨᠢᠭᠡᠨ ᠮᠡᠷᠭᠡᠵᠢᠯ ᠲᠡᠢ ᠨᠠᠷᠢᠨ ᠬᠠᠮᠢᠶᠠᠷᠤᠯ ᠪᠠᠶᠢᠬᠤ ᠦᠭᠡᠢ᠃ ᠲᠡᠭᠡᠬᠦ ᠪᠡᠷ ᠠᠨᠠᠭᠠᠬᠤ ᠤᠬᠠᠭᠠᠨ ᠤ ᠴᠢᠭᠯᠡᠯ ᠢᠶᠡᠷ ᠰᠤᠷᠬᠤ ᠂ ᠤᠯᠤᠰ ᠲᠥᠷᠦ ᠰᠤᠳᠤᠯᠤᠯ ᠢᠶᠠᠷ ᠰᠤᠷᠬᠤ ᠂ ᠮᠠᠲ᠋ᠧᠮᠠᠲ᠋ᠢᠺ ᠢᠶᠠᠷ ᠰᠤᠷᠬᠤ ᠳᠤ ᠪᠦᠭᠦᠳᠡ ᠠᠳᠠᠯᠢᠬᠠᠨ ᠨᠢᠭᠡ ᠰᠢᠯᠭᠠᠯᠲᠠ ᠥᠭᠭᠦᠨ᠎ᠡ ᠃ ᠡᠨᠡ ᠰᠢᠯᠭᠠᠯᠲᠠ ᠨᠢ ᠮᠠᠰᠲ᠋ᠸᠷ᠂ ᠳ᠋ᠣᠺᠲ᠋ᠣᠷ ᠲᠤ ᠰᠤᠷᠬᠤ ᠭᠡᠵᠦ ᠪᠤᠢ᠂ ᠡᠬᠡ ᠬᠡᠯᠡ ᠨᠢ ᠠᠩᠭᠯᠢ ᠬᠡᠯᠡ ᠲᠡᠢ ᠬᠦᠮᠦᠰ ᠴᠤ ᠢᠯᠭᠠᠭ᠎ᠠ ᠦᠭᠡᠢ ᠥᠭᠳᠡᠭ᠃ (ᠪᠦᠷᠢᠨ ᠠᠭᠤᠯᠭ᠎ᠠ ᠶᠢ ᠤᠩᠰᠢᠬᠤ)
ᠭᠠᠵᠠᠷ ᠤᠨ ᠲᠣᠰᠣ (Petroleum - ᠭᠷᠧᠺ ᠭᠠᠷᠤᠯ ᠲᠠᠢ᠂ ᠯᠠᠲ᠋ᠢᠨ ᠦᠭᠡ᠂ ᠪᠠᠰᠠ ᠴᠢᠯᠠᠭᠤᠨ ᠲᠤᠰᠤ ᠬᠡᠳᠡᠭ ) ᠨᠢ ᠣᠯᠠᠨ ᠲᠥᠷᠥᠯ ᠦᠨ ᠨᠡᠭᠦᠷᠡᠰᠦᠲᠥ᠋ᠷᠦᠭᠴᠢ ᠡᠴᠡ ᠲᠣᠭᠲᠠᠬᠤ ᠰᠢᠩᠭᠡᠨ᠂ ᠰᠢᠲᠠᠬᠤ ᠠᠰᠢᠭᠲᠤ ᠮᠠᠯᠲᠠᠮᠠᠯ ᠶᠠᠭᠤᠮ᠎ᠠ᠃ ᠠᠯᠺᠠᠨ ᠨᠢ ᠭᠠᠵᠠᠷ ᠤᠨ ᠲᠣᠰᠣ ᠶᠢ ᠪᠦᠷᠢᠳᠦᠭᠦᠯᠦᠭᠴᠢ ᠦᠨᠳᠦᠰᠦᠨ ᠨᠡᠭᠦᠷᠡᠰᠤᠲᠥ᠋ᠷᠦᠭᠴᠢ ᠪᠥᠭᠡᠳ C5H12 ᠠᠴᠠ C18H38 ᠬᠦᠷᠲᠡᠯᠡᠬᠢ ᠨᠢᠭᠡᠳᠦᠯ ᠦᠳ ᠨᠢ ᠲᠠᠭᠠᠷᠠᠯᠳᠤᠨ᠎ᠠ᠃ ᠡᠭᠦᠨ ᠡᠴᠡ ᠬᠥᠩᠭᠡᠨ ᠨᠡᠭᠦᠷᠡᠰᠦ ᠤᠰᠤᠲᠥ᠋ᠷᠦᠭᠴᠢᠳᠦ ᠨᠢ (ᠬᠡᠢ ᠶᠢᠨ ᠲᠥᠯᠥᠪᠲᠦ) ᠪᠠᠶᠢᠭᠠᠯᠢ ᠵᠢᠨ ᠬᠡᠢ ᠪᠣᠯᠤᠨ ᠲᠣᠰᠤᠨ ᠤ ᠬᠡᠢ ᠶᠢ᠂ ᠬᠠᠷᠢᠨ ᠬᠦᠨᠳᠦ ᠨᠦᠭᠦᠳ ᠨᠢ ᠬᠠᠲᠠᠭᠤ ᠲᠥᠯᠥᠪᠲᠦ ᠤᠷᠤᠰᠢᠬᠤ ᠪᠠ ᠨᠡᠭᠦᠷᠡᠰᠦᠨ ᠦ ᠦᠨᠳᠦᠰᠦᠨ ᠪᠦᠲᠦᠴᠡ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)
ᠦᠷᠡᠵᠢᠨ ᠦ ᠢᠳᠠᠮᠰᠦ᠋ᠷᠦᠩ — ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠮᠠᠷᠱᠠᠯ ᠴᠣᠶᠢᠪᠠᠯᠰᠠᠩ ᠨᠡᠷᠡᠮᠵᠢᠲᠦ ᠱᠠᠩᠨᠠᠯᠲᠦ᠂ ᠠᠩᠬᠠᠨ ᠤ ᠠᠷᠠᠳ ᠤᠨ ᠵᠢᠷᠤᠭᠴᠢᠨ᠂ ᠣᠷᠴᠢᠨ ᠦᠶ᠎ᠡ ᠶᠢᠨ ᠳᠦᠷᠰᠦᠯᠡᠬᠦ ᠤᠷᠠᠯᠢᠭ ᠢ ᠦᠨᠳᠦᠰᠦᠯᠡᠭᠴᠢᠳ ᠦᠨ ᠨᠢᠭᠡ ᠪᠤᠯᠬᠤ ᠠᠯᠳᠠᠷᠲᠤ ᠵᠢᠷᠤᠭᠴᠢᠨ ᠪᠢᠯᠡ᠃ (ᠪᠦᠷᠢᠨ ᠠᠭᠤᠯᠭ᠎ᠠ ᠶᠢ ᠤᠩᠰᠢᠬᠤ)
ᠪᠦᠭᠦᠳᠡ ᠨᠠᠢᠷᠠᠮᠳᠠᠬᠤ ᠮᠣᠩᠭᠤᠯ ᠠᠷᠠᠳ ᠤᠯᠤᠰ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1990 ᠤᠨ ᠤ 148 ᠳ᠋ᠤᠭᠠᠷ ᠵᠠᠷᠯᠢᠭ ᠢᠶᠠᠷ ᠪᠠᠲᠤᠯᠠᠭᠰᠠᠨ《ᠪᠦᠭᠦᠳᠡ ᠨᠠᠢᠷᠠᠮᠳᠠᠬᠤ ᠮᠣᠩᠭᠤᠯ ᠠᠷᠠᠳ ᠤᠯᠤᠰ ᠤᠨ ᠴᠣᠯᠠ᠂ ᠣᠳᠣᠨ᠂ ᠮᠧᠳᠠᠯ ᠤᠨ ᠲᠤᠬᠠᠢ ᠳᠦᠷᠢᠮ》 ᠍ ᠳᠦ ᠮᠣᠩᠭᠣᠯ ᠤᠯᠤᠰ ᠤᠨ ᠲᠥᠷᠥ ᠶᠢᠨ ᠳᠡᠭᠡᠳᠦ ᠱᠠᠩᠨᠠᠯ ᠪᠣᠯᠬᠤ ᠴᠣᠯᠠ ᠤᠳ ᠢ ᠳᠣᠲᠣᠷ᠎ᠠ ᠨᠢ ᠮᠣᠩᠭᠣᠯ ᠤᠯᠤᠰ ᠤᠨ ᠡᠷᠬᠢᠮ ᠬᠦᠨᠳᠦᠲᠦ ᠴᠣᠯᠠ᠂ ᠬᠦᠨᠳᠦᠲᠦ ᠴᠣᠯᠠ ᠭᠡᠵᠦ ᠬᠣᠶᠠᠷ ᠠᠩᠭᠢᠯᠠᠬᠤ ᠪᠠᠷ ᠵᠢᠭᠠᠭᠰᠠᠨ ᠪᠠᠶᠢᠳᠠᠭ᠃ ᠡᠷᠬᠢᠮ ᠬᠦᠨᠳᠦᠲᠦ ᠴᠣᠯᠠ ᠨᠢ ᠮᠣᠩᠭᠣᠯ ᠤᠯᠤᠰ ᠤᠨ ᠪᠠᠭᠠᠲᠤᠷ ᠴᠣᠯᠠ᠂ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ ᠴᠣᠯᠠ ᠭᠡᠵᠦ ᠬᠣᠶᠠᠷ ᠲᠥᠷᠥᠯ᠂ ᠬᠦᠨᠳᠦᠲᠦ ᠴᠣᠯᠠ ᠨᠢ ᠮᠣᠩᠭᠣᠯ ᠤᠯᠤᠰ ᠤᠨ ᠠᠷᠠᠳ ᠤᠨ ᠵᠢᠳᠬᠦᠯᠲᠡᠨ ᠴᠣᠯᠠ᠂ ᠭᠠᠪᠢᠶᠠᠲᠤ ᠵᠢᠳᠬᠦᠯᠲᠡᠨ ᠴᠣᠯᠠ᠂ ᠰᠠᠨᠰᠠᠷ ᠤᠨ ᠨᠢᠰᠬᠡᠭᠴᠢ ᠴᠣᠯᠠ᠂ ᠬᠦᠨᠳᠦᠲᠦ ᠢᠷᠭᠡᠨ ᠴᠣᠯᠠ ᠭᠡᠵᠦ ᠳᠥᠷᠪᠡᠨ ᠲᠥᠷᠥᠯ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)
ᠷᠠᠩ ᠠᠭᠠᠷᠤ ︱ 8 ( 清心沉香八味散) -ᠲᠤᠰ ᠨᠠᠢᠷᠠᠯᠭ᠎ᠠ ᠪᠣᠯ ᠴᠢᠳᠠᠯ ᠢ ᠮᠦᠷᠳᠡᠭᠰᠡᠨ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ᠡᠭᠦᠨ ᠳᠦ ᠬᠡᠢ ᠬᠠᠯᠠᠭᠤᠨ ᠢ ᠠᠷᠢᠯᠭᠠᠬᠤ ᠬᠠᠷ᠎ᠠ ᠠᠭᠠᠷᠤ ᠪᠡᠷ ᠭᠤᠤᠯᠯᠠᠭᠴᠢ ᠡᠮ ᠪᠤᠯᠭᠠᠭᠠᠳ᠂ ᠵᠢᠷᠦᠬᠡᠨ ᠬᠠᠯᠠᠭᠤᠨ ᠢ ᠠᠷᠢᠯᠭᠠᠬᠤ ᠳᠤ ᠵᠢᠷᠦᠬᠡᠨ ᠱᠤᠱᠠ ᠶᠢ᠂ ᠬᠡᠢ ᠶᠢ ᠳᠠᠷᠤᠬᠤ ᠳᠤ ᠽᠠᠳᠢ ᠶᠢ᠃ ᠴᠢᠰᠤᠨ ᠬᠠᠯᠠᠭᠤᠨ ᠢ ᠠᠷᠢᠯᠭᠠᠬᠤ ᠳᠤ ᠤᠯᠠᠭᠠᠨ ᠽᠠᠨᠳᠠᠨ ᠪᠤᠯᠤᠨ ᠭᠦᠷᠭᠦᠮ ᠢ ᠬᠠᠪᠰᠤᠷᠤᠬᠴᠢ ᠡᠮ ᠪᠤᠯᠭᠠᠭᠰᠠᠨ ᠲᠤᠯᠠ ᠬᠡᠢ ᠴᠢᠰᠤ ᠬᠢᠮᠤᠷᠠᠵᠤ ᠠᠭᠰᠠᠬᠤ ᠂ ᠮᠡᠨᠭᠭᠡᠷ ᠲᠦ ᠲᠤᠰᠠᠲᠠᠢ᠃ ᠴᠠᠭᠠᠨ ᠽᠠᠨᠳᠠᠨ᠂ ᠬᠤᠯᠤᠰᠤᠨ ᠵᠤᠭᠠᠩ᠂ ᠴᠠᠭᠠᠨ ᠰᠤᠷᠤᠯᠤ ᠮᠡᠲᠦ ᠶᠢᠨ ᠠᠭᠤᠰᠬᠢᠨ ᠬᠠᠯᠠᠭᠤᠨ ᠢ ᠠᠷᠢᠯᠭᠠᠬᠤ᠂ ᠬᠠᠨᠢᠶᠠᠬᠤ ᠶᠢ ᠵᠤᠭᠰᠤᠭᠠᠬᠤ ᠡᠮ ᠢ ᠬᠡᠢ ᠶᠢ ᠳᠠᠷᠤᠬᠤ ᠬᠠᠷ᠎ᠠ ᠠᠭᠠᠷᠤ᠂ ᠽᠠᠳᠢ ᠲᠠᠢ ᠬᠠᠪᠰᠤᠷᠭᠠᠭᠰᠠᠨ ᠲᠤᠯᠠ ᠴᠠᠢᠪᠤᠷ ᠰᠡᠪᠰᠡᠭᠡᠷ ᠴᠡᠷ ᠲᠠᠢ ᠬᠠᠨᠢᠶᠠᠬᠤ ᠳᠤ ᠲᠤᠰᠠᠲᠠᠢ᠃ ᠴᠠᠭᠠᠨ ᠽᠠᠨᠳᠠᠨ᠂ ᠵᠢᠷᠦᠬᠡᠨ ᠱᠤᠱᠠ᠂ ᠽᠠᠳᠢ᠂ ᠬᠠᠷ᠎ᠠ ᠠᠭᠠᠷᠤ ᠵᠡᠷᠭᠡ ᠳᠦᠷᠪᠡᠨ ᠬᠦᠯ ᠡᠮ ᠪᠤᠯ ᠵᠢᠷᠦᠬᠡᠨ ᠡᠪᠡᠳᠴᠢᠨ ᠦ ᠤᠷᠤᠨ ᠳᠤ ᠬᠠᠳᠬᠤᠯᠠᠬᠤ ᠳᠤ ᠲᠤᠰᠠᠲᠠᠢ᠃ ᠡᠢᠮᠦ ᠡᠴᠡ ᠠᠮᠢᠰᠭᠤᠭ᠎ᠠ ᠶᠢ ᠠᠭᠤᠵᠢᠷᠠᠭᠤᠯᠬᠤ᠂ ᠬᠠᠨᠢᠶᠠᠬᠤ ᠶᠢ ᠵᠤᠭᠰᠤᠭᠠᠬᠤ᠂ ᠬᠠᠳᠬᠤᠯᠠᠬᠤ ᠶᠢ ᠳᠠᠷᠤᠬᠤ ᠴᠢᠳᠠᠯ ᠪᠦᠷᠢᠯᠳᠦᠵᠡᠢ᠂᠂ (ᠪᠦᠷᠢᠨ ᠠᠭᠤᠯᠭ᠎ᠠ ᠶᠢ ᠤᠩᠰᠢᠬᠤ)
ᠪᠠᠪᠤᠦ ᠶᠢᠨ ᡀᠠᠭᠪᠠᠰᠦ᠋ᠷᠦᠩ - ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠥᠷᠦ ᠶᠢᠨ ᠱᠠᠩᠨᠠᠯᠲᠤ᠂ ᠰᠣᠶᠣᠯ ᠤᠨ ᠭᠠᠪᠢᠶᠠᠲᠤ ᠵᠢᠳᠬᠦᠯᠲᠡᠨ᠂ ᠮᠣᠩᠭᠣᠯ ᠤᠯᠤᠰ ᠤᠨ ᠠᠷᠠᠳ ᠤᠨ ᠤᠷᠠᠨ ᠵᠣᠬᠢᠶᠠᠯᠴᠢ᠂ ᠢᠷᠠᠭᠤ ᠨᠠᠶᠢᠷᠠᠭᠴᠢ᠃ 1962 ᠤᠨ ᠠᠴᠠ ᠤᠷᠠᠨ ᠵᠣᠬᠢᠶᠠᠯ ᠪᠢᠴᠢᠵᠦ ᠡᠬᠢᠯᠡᠭᠰᠡᠨ ᠪᠢᠯᠡ᠃ 4000 ᠮᠥᠷ ᠪᠦᠬᠦᠢ 《ᠲᠠᠮᠠᠭ᠎ᠠ ᠦᠭᠡᠢ ᠲᠥᠷᠦ》ᠭᠡᠬᠦ ᠡᠮᠭᠡᠨᠢᠯᠳᠦ ᠵᠦᠴᠦᠭᠡ ᠡᠴᠡ ᠭᠠᠳᠠᠨ᠎ᠠ ᠶᠡᠬᠡ ᠮᠣᠩᠭᠣᠯ ᠤᠯᠤᠰ ᠪᠠᠶᠢᠭᠤᠯᠤᠭᠳᠠᠭᠰᠠᠨ ᠤ 800 ᠵᠢᠯ ᠦᠨ ᠣᠢ ᠳ᠋ᠤ ᠵᠣᠷᠢᠭᠤᠯᠵᠤ 《ᠠᠳᠬᠤ ᠨᠥᠵᠢ》 ᠵᠦᠴᠦᠭᠡ ᠲᠤᠭᠤᠷᠪᠢᠪᠠ᠃《ᠪᠦᠯᠢᠶᠡᠨ ᠨᠤᠷᠮ᠎ᠠ》᠂《ᠠᠷᠢᠶᠠᠲᠠᠨ》᠂《ᠬᠦᠮᠦᠨ ᠴᠢᠯᠠᠭᠤᠨ ᠤ ᠨᠢᠯᠪᠤᠰᠤ》ᠵᠡᠷᠭᠡ ᠪᠦᠲᠦᠭᠡᠯ ᠡᠴᠡ ᠭᠠᠳᠠᠨ᠎ᠠ ᠪᠠᠰᠠ ᠾᠦᠩᠨᠦ ᠶᠢᠨ ᠲᠤᠬᠠᠢ 《ᠪᠣᠷᠣ ᠮᠠᠨᠠᠨ》 ᠵᠡᠷᠭᠡ ᠺᠢᠨᠣ᠋ ᠵᠣᠬᠢᠶᠠᠯ ᠪᠢᠴᠢᠵᠡᠢ᠃ (ᠪᠦᠷᠢᠨ ᠠᠭᠤᠯᠭ᠎ᠠ ᠶᠢ ᠤᠩᠰᠢᠬᠤ)
ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠥᠷᠦ ᠶᠢᠨ ᠱᠠᠩᠨᠠᠯ ᠲᠣᠭᠲᠠᠭᠠᠬᠤ ᠲᠤᠬᠠᠢ ᠰᠠᠶᠢᠳ ᠨᠠᠷ ᠤᠨ ᠵᠥᠪᠯᠡᠯ ᠦᠨ 1962 ᠤᠨ ᠤ 07 ᠳ᠋ᠤᠭᠠᠷ ᠰᠠᠷ᠎ᠠ ᠶᠢᠨ 07 ᠍ ᠤ 362 ᠳ᠋ᠤᠭᠠᠷ ᠲᠣᠭᠲᠠᠭᠠᠯ ᠭᠠᠷᠴᠤ "《ᠰᠢᠨᠵᠢᠯᠡᠬᠦ ᠤᠬᠠᠭᠠᠨ᠂ ᠲᠧᠭᠨᠢᠭ᠂ ᠤᠷᠠᠯᠢᠭ᠂ ᠤᠳᠬ᠎ᠠ ᠵᠣᠬᠢᠶᠠᠯ ᠤᠨ ᠲᠠᠯ᠎ᠠ ᠪᠠᠷ ᠣᠨᠴᠠᠭᠠᠢ ᠰᠠᠶᠢᠨ ᠪᠦᠲᠦᠭᠡᠯ ᠭᠠᠷᠭᠠᠨ᠂ ᠤᠯᠤᠰ ᠠᠷᠠᠳ ᠤᠨ ᠠᠵᠤ ᠠᠬᠤᠢ᠂ ᠰᠣᠶᠣᠯ ᠤᠨ ᠪᠠᠶᠢᠭᠤᠯᠤᠯᠲᠠ ᠳᠤ ᠦᠨᠡᠲᠦ ᠬᠤᠪᠢ ᠨᠡᠮᠡᠷᠢ ᠣᠷᠣᠭᠤᠯᠤᠭᠰᠠᠨ ᠬᠦᠮᠦᠰ ᠢ ᠱᠠᠩᠨᠠᠵᠤ ᠪᠠᠶᠢᠬᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠥᠷᠦ ᠶᠢᠨ ᠱᠠᠩᠨᠠᠯ ᠢ ᠪᠤᠢ ᠪᠣᠯᠭᠠᠵᠤ᠂ ᠬᠣᠶᠢᠰᠢᠳᠠ ᠴᠣᠶᠢᠪᠠᠯᠰᠠᠩ ᠤᠨ ᠨᠡᠷᠡᠮᠵᠢᠲᠦ ᠱᠠᠩᠨᠠᠯ ᠣᠯᠭᠤᠬᠤ ᠶᠠᠪᠤᠳᠠᠯ ᠢ ᠵᠣᠭᠰᠣᠭᠠᠰᠤᠭᠠᠢ》 ᠭᠡᠵᠦ ᠵᠢᠭᠠᠵᠤ᠂ 1962 ᠤᠨ ᠠᠴᠠ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠥᠷᠦ ᠶᠢᠨ ᠱᠠᠩᠨᠠᠯ ᠭᠡᠬᠦ ᠪᠣᠯᠤᠭᠰᠠᠨ᠃300 ᠣᠷᠴᠢᠮ ᠬᠦᠮᠦᠨ ᠬᠦᠷᠲᠡᠭᠰᠡᠨ ᠡᠴᠡ ᠵᠠᠭᠤ ᠭᠠᠷᠤᠢ ᠨᠢ ᠵᠣᠬᠢᠶᠠᠯᠴᠢ᠂ ᠵᠦᠵᠦᠭᠡᠴᠢᠨ᠂ ᠵᠢᠷᠤᠭᠠᠴᠢ ᠵᠡᠷᠭᠡ ᠤᠷᠠᠯᠢᠭ᠂ ᠰᠤᠶᠤᠯ ᠤᠨ ᠠᠵᠢᠯᠲᠠᠨ᠂ 40 ᠭᠠᠷᠤᠢ ᠬᠦᠮᠦᠨ ᠦ ᠶᠡᠬᠡ᠂ ᠪᠠᠭ᠎ᠠ ᠡᠮᠴᠢ᠂ ᠡᠷᠡᠭᠦᠯ ᠢ ᠬᠠᠮᠠᠭᠠᠯᠠᠬᠤ ᠶᠢᠨ ᠠᠵᠢᠯᠲᠠᠨ᠂ 33 ᠨᠢ ᠮᠠᠯ ᠤᠨ ᠡᠮᠴᠢ᠂ ᠮᠠᠯ ᠵᠦᠢᠴᠢ᠂ ᠮᠠᠯᠴᠢᠳ᠂ 35 ᠨᠢ ᠠᠵᠤ ᠦᠢᠯᠡᠳᠪᠦᠷᠢ᠂ ᠭᠧᠣᠯᠣᠭᠢ ᠶᠢᠨ ᠰᠠᠯᠪᠤᠷᠢ ᠶᠢᠨ ᠢᠨᠵᠧᠨᠧᠷ᠂ ᠲᠧᠭᠨᠢᠭ ᠦᠨ ᠠᠵᠢᠯᠲᠠᠨ᠂ ᠠᠵᠢᠯᠴᠢᠳ᠂ 22 ᠨᠢ ᠡᠷᠳᠡᠮ ᠰᠢᠨᠵᠢᠯᠡᠭᠡᠨ ᠦ ᠠᠵᠢᠯᠲᠠᠨ᠂ ᠪᠠᠭᠰᠢ ᠨᠠᠷ᠂ 9 ᠨᠢ ᠠᠭᠷᠣᠨᠣᠮᠢᠴᠢ ᠵᠡᠷᠭᠡ ᠭᠠᠵᠠᠷ ᠲᠠᠷᠢᠶᠠᠯᠠᠩ ᠤᠨ ᠰᠠᠯᠪᠤᠷᠢ ᠳᠤ ᠠᠵᠢᠯᠯᠠᠭᠰᠠᠳ᠂ 5 ᠨᠢ ᠠᠷᠬᠢᠲ᠋ᠧᠺᠲ᠋ᠣᠷᠴᠢ ᠳᠤ᠂ ᠪᠠᠷᠢᠯᠭᠠᠴᠢ ᠳᠤ᠂ ᠦᠯᠡᠳᠡᠭᠰᠡᠨ ᠬᠦᠮᠦᠰ ᠨᠢ ᠪᠤᠰᠤᠳ ᠰᠠᠯᠪᠤᠷᠢ ᠶᠢᠨ ᠠᠵᠢᠯᠯᠠᠭᠰᠠᠳ ᠪᠠᠶᠢᠨ᠎ᠠ᠃ ᠭᠡᠬᠦ ᠳᠦ ᠪᠡᠨ ᠳᠡᠭᠡᠷ᠎ᠡ ᠳᠤᠷᠠᠳᠤᠭᠰᠠᠨ ᠰᠠᠯᠪᠤᠷᠢ ᠪᠠᠷ ᠠᠩᠭᠢᠯᠠᠭᠰᠠᠨ ᠬᠦᠮᠦᠰ ᠦᠨ ᠳᠣᠲᠣᠷ᠎ᠠ ᠲᠤᠬᠠᠢ ᠶᠢᠨ ᠰᠠᠯᠪᠤᠷᠢ ᠶᠢᠨ ᠡᠷᠳᠡᠮᠲᠡᠳ᠂ ᠡᠷᠳᠡᠮ ᠰᠢᠨᠵᠢᠯᠡᠭᠡᠨ ᠦ ᠠᠵᠢᠯᠲᠠᠨ ᠨᠤᠭᠤᠳ ᠣᠷᠣᠭᠰᠠᠨ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)
ᠴᠠᠭᠠᠨ ᠬᠢᠷᠡᠰ (ᠠᠩᠭᠯᠢ ᠪᠠᠷ ᠄ Ceratotherium simum᠂ ᠬᠢᠳᠠᠳ ᠢᠶᠡᠷ᠄ 白犀) ᠨᠢ ᠬᠢᠷᠡᠰ ᠤᠨ ᠡᠳᠦᠭᠡ ᠠᠮᠢᠳᠤ ᠪᠤᠢ 5 ᠵᠦᠢᠯ ᠦᠨ ᠨᠢᠭᠡ ᠶᠤᠮ᠃ ᠴᠠᠭᠠᠨ ᠬᠢᠷᠡᠰ ᠨᠢ ᠬᠠᠮᠤᠭ ᠤᠨ ᠲᠦᠭᠡᠮᠡᠯ ᠲᠠᠭᠠᠷᠠᠬᠤ ᠡᠮᠦᠨᠡᠲᠦ ᠶᠢᠨ ᠪᠠ ᠤᠮᠠᠷᠠᠳᠤ ᠶᠢᠨ ᠭᠡᠰᠡᠨ 2 ᠳᠡᠳ᠋ ᠵᠦᠢᠯ ᠳᠦ ᠬᠤᠪᠢᠶᠠᠭᠳᠠᠨ᠎ᠠ᠃ ᠴᠠᠭᠠᠨ ᠬᠢᠷᠡᠰ ᠭᠡᠳᠡᠭ ᠨᠡᠷ᠎ᠡ ᠨᠢ ᠤᠭ ᠠᠮᠢᠲᠠᠨ ᠤ ᠭᠠᠳᠠᠭᠠᠳᠤ ᠥᠩᠭᠡ ᠦᠵᠡᠮᠵᠢ ᠡᠴᠡ ᠪᠤᠰᠤ᠂ ᠬᠣᠯᠠᠨᠳ᠋ ᠬᠡᠯᠡ ᠢᠢᠨ 《wijd》 ᠪᠤᠶᠤ ᠥᠷᠭᠡᠨ ᠭᠡᠰᠡᠨ ᠤᠳᠬ᠎ᠠ ᠲᠠᠢ ᠦᠭᠡ ᠶᠢ ᠠᠩᠭᠯᠢ ᠬᠡᠯᠡ ᠳᠤ《white》 ᠬᠡᠮᠡᠨ ᠠᠨᠳᠠᠭᠤᠷᠠᠨ ᠣᠷᠴᠢᠭᠤᠯᠤᠭᠰᠠᠨ ᠠᠴᠠ ᠡᠭᠦᠳᠦᠯᠲᠡᠢ ᠶᠤᠮ᠃ (ᠪᠦᠷᠢᠨ ᠠᠭᠤᠯᠭ᠎ᠠ ᠶᠢ ᠤᠩᠰᠢᠬᠤ)
ᠱ᠂ ᠭᠠᠳᠠᠮᠪᠠ - ᠬᠤᠷᠢᠳᠤᠭᠠᠷ ᠵᠠᠭᠤᠨ ᠤ ᠮᠠᠩᠯᠠᠢ ᠰᠢᠭᠦᠮᠵᠢᠯᠡᠭᠴᠢ᠂ ᠡᠷᠳᠡᠮᠲᠡᠨ ᠵᠣᠬᠢᠶᠠᠯᠴᠢ ᠪᠢᠯᠡ᠃ ᠱ᠂ ᠭᠠᠳᠠᠮᠪᠠ ᠨᠢ ᠡᠷᠳᠡᠮᠲᠡᠨ᠂ ᠵᠣᠬᠢᠶᠠᠯᠴᠢ᠂ ᠤᠳᠬ᠎ᠠ ᠵᠣᠬᠢᠶᠠᠯ ᠤᠨ ᠣᠨᠣᠯᠴᠢ᠂ ᠰᠢᠭᠦᠮᠵᠢᠯᠡᠭᠴᠢ ᠡᠴᠡ ᠭᠠᠳᠠᠨ᠎ᠠ ᠮᠣᠩᠭᠣᠯ ᠤᠨ ᠨᠡᠷᠡᠲᠡᠢ ᠠᠮᠠᠨ ᠵᠣᠬᠢᠶᠠᠯ ᠰᠤᠳᠤᠯᠤᠭᠠᠴᠢ᠂ ᠰᠠᠶᠢᠨ ᠣᠷᠴᠢᠭᠤᠯᠤᠭᠴᠢ᠂ ᠰᠤᠷᠭᠠᠨ ᠬᠦᠮᠦᠵᠢᠭᠦᠯᠦᠭᠴᠢ ᠬᠦᠮᠦᠨ ᠪᠠᠶᠢᠭᠰᠠᠨ ᠶᠤᠮ᠃ ᠲᠡᠷᠡᠪᠡᠷ ᠮᠣᠩᠭᠣᠯ ᠠᠷᠠᠳ ᠤᠨ ᠠᠮᠠᠨ ᠵᠣᠬᠢᠶᠠᠯ ᠤᠨ ᠰᠤᠳᠤᠯᠤᠯ ᠢ ᠪᠡᠶ᠎ᠡ ᠳᠠᠭᠠᠭᠰᠠᠨ ᠲᠣᠭᠲᠠᠯᠴᠠᠭᠠᠳᠤ ᠰᠢᠨᠵᠢᠯᠡᠬᠦ ᠤᠬᠠᠭᠠᠨ ᠪᠣᠯᠭᠠᠨ ᠬᠥᠭᠵᠢᠭᠦᠯᠬᠦ ᠲᠠᠯ᠎ᠠ ᠪᠠᠷ ᠶᠡᠬᠡ ᠵᠢᠳᠬᠦᠯ ᠭᠠᠷᠭᠠᠵᠤ᠂ ᠳᠣᠷᠪᠢᠲᠠᠢ ᠪᠦᠲᠦᠭᠡᠯ ᠣᠯᠠᠨ ᠢ ᠭᠠᠷᠭᠠᠭᠰᠠᠨ ᠶᠤᠮ᠃ ᠱ᠂ ᠭᠠᠳᠠᠮᠪᠠ ᠮᠣᠩᠭᠣᠯ ᠤᠯᠤᠰ ᠤᠨ ᠶᠡᠬᠡ ᠰᠤᠷᠭᠠᠭᠤᠯᠢ ᠳᠤ ᠠᠵᠢᠯᠯᠠᠵᠤ ᠪᠠᠶᠢᠬᠤ ᠳᠤ ᠪᠠᠨ<<ᠬᠠᠷᠢᠴᠠᠭᠤᠯᠤᠭᠰᠠᠨ ᠠᠮᠠᠨ ᠵᠣᠬᠢᠶᠠᠯ >> ᠬᠡᠮᠡᠬᠦ ᠴᠤ᠋ ᠰᠢᠨ᠎ᠡ ᠬᠢᠴᠢᠶᠡᠯ ᠢ ᠪᠤᠢ ᠪᠣᠯᠭᠠᠵᠤ᠂ ᠮᠣᠩᠭᠣᠯ ᠤᠨ ᠶᠡᠬᠡ ᠳᠡᠭᠡᠳᠦ ᠰᠤᠷᠭᠠᠭᠤᠯᠢ ᠶᠢᠨ ᠰᠤᠷᠭᠠᠯᠲᠠᠨ ᠳᠤ ᠳᠡᠯᠭᠡᠷᠡᠭᠦᠯᠦᠭᠰᠡᠨ ᠬᠦᠮᠦᠨ ᠶᠤᠮ᠃ (ᠪᠦᠷᠢᠨ ᠠᠭᠤᠯᠭ᠎ᠠ ᠶᠢ ᠤᠩᠰᠢᠬᠤ)
ᠮᠥᠬᠦᠭᠰᠡᠨ ᠬᠡᠯᠡ(Мөхсөн хэл)(ᠠᠩᠭᠯᠢ ᠪᠠᠷ extinct language᠂ ᠬᠢᠲᠠᠳ ᠢᠶᠠᠷ 绝迹语言) ᠭᠡᠳᠡᠭ ᠨᠢ ᠲᠤᠬᠠᠢ ᠶᠢᠨ ᠬᠡᠯᠡ ᠪᠡᠷ ᠶᠠᠷᠢᠯᠴᠠᠳᠠᠭ ᠬᠦᠮᠦᠰ ᠨᠢ ᠮᠥᠬᠦᠭᠰᠡᠨ ᠡᠰᠡᠪᠡᠯ ᠥᠭᠡᠷ᠎ᠡ ᠬᠡᠯᠡ ᠪᠡᠷ ᠬᠠᠷᠢᠯᠴᠠᠳᠠᠭ ᠪᠣᠯᠤᠭᠰᠠᠨ ᠤ ᠤᠯᠠᠮ ᠠᠴᠠ (ᠥᠭᠡᠷ᠎ᠡ ᠬᠡᠯᠡ ᠲᠡᠢ ᠦᠨᠳᠦᠰᠦᠲᠡᠨ ᠲᠡᠢ ᠨᠢᠭᠡᠳᠦᠨ ᠲᠤᠬᠠᠢ ᠶᠢᠨ ᠬᠡᠯᠡ ᠰᠢᠨ᠎ᠡ ᠬᠡᠯᠡᠨ ᠳᠦ ᠠᠭᠤᠰᠴᠤ ᠠᠯᠠᠭ᠎ᠠ ᠪᠣᠯᠬᠤ) ᠬᠡᠷᠡᠭᠯᠡᠭᠳᠡᠬᠦ ᠪᠡᠨ ᠪᠣᠯᠢᠭᠰᠠᠨ ᠲᠡᠦᠬᠡᠨ ᠬᠡᠯᠡ ᠶᠢ ᠬᠡᠯᠡᠨ᠎ᠡ᠃ ᠨᠡᠶᠢᠭᠡᠮ ᠤᠨ ᠬᠥᠭᠵᠢᠯ ᠦᠨ ᠶᠠᠪᠤᠴᠠ ᠳᠤ ᠬᠡᠯᠡ ᠮᠥᠬᠥᠬᠦ᠂ ᠬᠡᠷᠡᠭᠯᠡᠭᠴᠢ ᠦᠭᠡᠢ ᠪᠣᠯᠬᠤ ᠨᠢ ᠪᠠᠶᠢᠩᠭᠤ ᠶᠢᠨ ᠦᠵᠡᠭᠳᠡᠯ᠃ ᠡᠨᠡ ᠨᠢ ᠣᠯᠠᠨ ᠬᠦᠴᠦᠨ ᠵᠦᠢᠯ ᠡᠴᠡ ᠰᠢᠯᠲᠠᠭᠠᠯᠠᠳᠠᠭ᠃ ᠲᠤᠬᠠᠶᠢᠯᠠᠪᠠᠯ᠂ ᠬᠡᠷᠡᠭᠯᠡᠭᠴᠢᠳ ᠦᠨ ᠲᠣᠭ᠎ᠠ᠂ ᠪᠢᠴᠢᠭ ᠦᠰᠦᠭ ᠢᠶᠡᠷ ᠪᠠᠲᠤᠯᠠᠭᠠᠵᠢᠭᠰᠠᠨ ᠡᠰᠡᠬᠦ᠂ ᠭᠠᠳᠠᠨ ᠤ ᠬᠦᠴᠦᠨ ᠵᠦᠢᠯ ᠦᠨ ᠨᠥᠯᠥᠭᠡ ᠬᠢᠷᠢ ᠲᠤᠰᠠᠭᠰᠠᠨ ᠭᠡᠬᠦ ᠮᠡᠲᠦ᠃ ᠮᠥᠬᠦᠭᠰᠡᠨ ᠬᠡᠯᠡ ᠶᠢ ᠰᠡᠷᠭᠦᠭᠡᠵᠦ᠂ ᠳᠠᠬᠢᠨ ᠲᠤᠰ ᠬᠡᠯᠡ ᠶᠢ ᠡᠬᠡ ᠬᠡᠯᠡ ᠪᠣᠯᠭᠠᠨ ᠶᠠᠷᠢᠯᠴᠠᠳᠠᠭ ᠬᠦᠮᠦᠰ ᠢ ᠪᠤᠢ ᠪᠣᠯᠭᠠᠬᠤ ᠨᠢ ᠲᠤᠩ ᠠᠮᠠᠷ ᠦᠭᠡᠢ᠃ ᠬᠦᠮᠦᠨ ᠲᠥᠷᠥᠯᠬᠢᠲᠡᠨ ᠦ ᠲᠡᠦᠬᠡᠨ ᠳᠦ ᠢᠪᠷᠡᠢ ᠬᠡᠯᠡ ᠢᠢ ᠯᠠ ᠲᠡᠶᠢᠨ ᠰᠡᠷᠭᠦᠭᠡᠵᠦ ᠴᠢᠳᠠᠭᠰᠠᠨ ᠵᠢᠱᠢᠶ᠎ᠡ ᠪᠤᠢ᠃ ᠭᠡᠬᠦ ᠳᠦ ᠪᠡᠨ ᠬᠣᠶᠠᠳᠠᠭᠴᠢ ᠬᠡᠯᠡ ᠪᠣᠯᠤᠨ ᠰᠡᠷᠭᠦᠭᠡᠭᠳᠡᠭᠰᠡᠨ ᠮᠧᠨ ᠬᠡᠯᠡ᠂ ᠺᠣᠷᠨ ᠬᠡᠯᠡ ᠵᠡᠷᠭᠡ ᠬᠡᠯᠡ ᠨᠦᠭᠦᠳ ᠪᠤᠢ᠃ ᠯᠠᠲ᠋ᠢᠨ ᠬᠡᠯᠡ᠂ ᠰᠠᠨᠰᠺᠷᠢᠳ᠋ ᠬᠡᠯᠡ ᠵᠡᠷᠭᠡ᠂ ᠡᠳᠦᠷ ᠲᠤᠲᠤᠮ ᠬᠡᠷᠡᠭᠯᠡᠳᠡᠭ ᠬᠦᠮᠦᠨ ᠪᠠᠶᠢᠬᠤ ᠦᠭᠡᠢ ᠪᠣᠯᠤᠭᠰᠠᠨ ᠴᠤ ᠰᠢᠨᠵᠢᠯᠡᠬᠦ ᠤᠬᠠᠭᠠᠨ᠂ ᠡᠷᠲᠡᠨ ᠦ ᠤᠷᠠᠨ ᠵᠣᠬᠢᠶᠠᠯ ᠵᠡᠷᠭᠡ ᠳᠦ ᠦᠯᠡᠳᠡᠵᠦ᠂ ᠲᠤᠰᠬᠠᠢ ᠵᠣᠷᠢᠯᠭ᠎ᠠ ᠪᠠᠷ ᠬᠡᠷᠡᠭᠯᠡᠭᠳᠡᠭᠰᠡᠭᠡᠷ ᠪᠤᠢ ᠬᠡᠯᠡ ᠨᠦᠭᠦᠳ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)