ᠣᠨᠴᠠᠯᠠᠬᠤ ᠥᠭᠦᠯᠡᠯ/2016 11 ᠍ ᠳᠦᠭᠡᠷ ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠭᠠᠷᠤ ︱ 15
ᠠᠭᠠᠷᠤ ︱ 15

ᠠᠭᠠᠷᠤ ︱ 15 ( 阿嘎如-15散) -ᠲᠤᠰ ᠨᠠᠢᠷᠠᠯᠭ᠎ᠠ ᠪᠣᠯ ᠴᠢᠳᠠᠯ  ᠢ ᠮᠥᠷᠳᠡᠭᠰᠡᠨ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ ᠡᠭᠦᠨ  ᠳᠦ ᠷᠠᠩ ᠠᠭᠠᠷᠤ ︱ 8 ᠪᠠᠢᠬᠤ ᠲᠤᠯᠠ ᠬᠡᠢ ᠴᠢᠰᠤ ᠬᠠᠷᠰᠢᠯᠳᠤᠭᠰᠠᠨ ᠠᠭᠰᠠᠭ᠎ᠠ᠂ ᠬᠦᠭᠡᠰᠦ ᠲᠠᠢ ᠴᠡᠷ  ᠢᠶᠡᠷ ᠬᠠᠨᠢᠶᠠᠬᠤ ᠂ ᠬᠠᠳᠬᠤᠯᠠ᠍ᠭ᠎ᠠ ᠵᠡᠷᠭᠡ  ᠳᠦ ᠲᠤᠰᠠᠲᠠᠢ᠃ ᠲᠡᠭᠦᠨ  ᠦ ᠳᠡᠭᠡᠷ᠎ᠡ ᠪᠤᠯᠪᠠᠰᠤᠷᠠᠬᠤ ᠂ ᠬᠤᠷᠢᠶᠠᠬᠤ᠂ ᠨᠢᠲᠤᠯᠬᠤ ᠦᠢᠯᠡ  ᠶᠢ ᠭᠦᠢᠴᠡᠳᠭᠡᠳᠡᠭ ᠡᠷᠳᠡᠨᠢ ︱ 7  ᠶᠢᠨ ᠲᠠᠩ ᠬᠦᠯ ᠪᠤᠯᠤᠭᠰᠠᠨ ᠲᠤᠯᠠ ᠠᠭᠤᠯᠠ ᠲᠠᠯ᠎ᠠ  ᠶᠢᠨ ᠵᠠᠪᠰᠠᠷ  ᠤᠨ ᠬᠡᠢ ᠬᠠᠯᠠᠭᠤᠨ ᠂ ᠬᠤᠭᠤᠰᠤᠷᠠᠨ ᠬᠢᠮᠤᠷᠠᠬᠤ ᠵᠡᠷᠭᠡ  ᠳᠦ ᠲᠤᠰᠠᠲᠠᠢ᠃ ᠽᠠᠳᠢ ᠮᠡᠲᠦ  ᠶᠢᠨ ᠵᠢᠷᠦᠬᠡᠨ ᠬᠡᠢ  ᠶᠢᠨ ᠵᠢᠯᠤᠭᠤᠳᠤᠯᠭ᠎ᠠ  ᠶᠢ ᠨᠡᠮᠡᠷᠢᠯᠡᠭᠰᠡᠨ ᠲᠤᠯᠠ ᠵᠢᠷᠦᠬᠡᠨ ᠬᠡᠢ  ᠳᠦ ᠲᠤᠰᠠᠲᠠᠢ᠃ ᠬᠡᠢ ᠴᠢᠰᠤ ᠬᠠᠷᠰᠢᠯᠳᠤᠭᠰᠠᠨ ᠠᠭᠰᠠᠭ᠎ᠠ ᠂ ᠬᠥᠭᠡᠰᠦ ᠲᠠᠢ ᠴᠡᠷ  ᠢᠶᠠᠷ ᠬᠠᠨᠢᠶᠠᠬᠤ ᠂ ᠬᠠᠤᠬᠠᠤᠯᠠᠭ᠎ᠠ᠂ ᠠᠭᠤᠯᠠ ᠲᠠᠯ᠎ᠠ  ᠶᠢᠨ ᠵᠠᠪᠰᠠᠷ  ᠤᠨ ᠬᠡᠢ ᠬᠠᠯᠠᠭᠤᠨ ᠂ ᠬᠣᠭᠤᠰᠤᠷᠠᠨ ᠬᠢᠮᠤᠷᠠᠬᠤ ᠂ ᠵᠢᠷᠦᠬᠡᠨ ᠬᠠᠯᠠᠭᠤᠨ ᠂ ᠵᠢᠷᠦᠬᠡᠨ ᠬᠡᠢ ᠂ ᠬᠡᠢ ᠴᠢᠰᠤ ᠬᠥᠭᠡᠷᠬᠦ ᠵᠡᠷᠭᠡ  ᠳᠦ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠡᠮᠦᠨᠡᠲᠦ ᠲᠤᠶᠢᠯ
ᠡᠮᠦᠨᠡᠲᠦ ᠲᠤᠶᠢᠯ

ᠡᠮᠦᠨᠡᠲᠦ ᠲᠤᠶᠢᠯ ᠪᠤᠶᠤ ᠭᠠᠵᠠᠷ ᠵᠦᠢ ᠶᠢᠨ ᠡᠮᠦᠨᠡᠲᠦ ᠲᠤᠶᠢᠯ ᠨᠢ ᠳᠡᠯᠡᠬᠡᠢ ᠶᠢᠨ ᠪᠦᠮᠪᠦᠷᠴᠡᠭ ᠤᠨ ᠭᠠᠳᠠᠷᠭᠤ ᠶᠢᠨ ᠬᠠᠮᠤᠭ ᠤᠨ ᠡᠮᠦᠨᠡᠲᠦ ᠴᠡᠭ ᠪᠥᠭᠡᠳ ᠤᠮᠠᠷᠠᠳᠤ ᠲᠤᠶᠢᠯ ᠤᠨ ᠡᠰᠡᠷᠬᠦ ᠲᠠᠯ᠎ᠠ ᠳᠤ ᠪᠠᠶᠢᠷᠢᠯᠠᠨ᠎ᠠ᠃ ᠡᠮᠦᠨᠡᠲᠦ ᠲᠤᠶᠢᠯ ᠭᠡᠵᠦ ᠳᠡᠯᠡᠬᠡᠢ ᠶᠢᠨ ᠪᠦᠮᠪᠦᠷᠴᠡᠭ ᠤᠨ ᠡᠷᠭᠢᠯᠲᠡ ᠶᠢᠨ ᠲᠡᠩᠬᠡᠯᠢᠭᠪᠤᠯᠤᠨ ᠳᠡᠯᠡᠬᠡᠢ ᠶᠢᠨ ᠪᠦᠮᠪᠦᠷᠴᠷᠭ ᠤᠨ ᠭᠠᠳᠠᠷᠭᠤ ᠲᠠᠢ ᠣᠭᠲᠣᠯᠤᠯᠴᠠᠬᠤ ᠴᠡᠭ ᠢ ᠬᠡᠯᠡᠬᠦ ᠪᠠ ᠪᠠᠢᠢᠷᠢᠰᠢᠯ ᠤᠨ ᠴᠡᠭ ᠨᠢ 90°S᠂ 0°W ᠪᠠᠶᠢᠨ᠎ᠠ᠃ ᠡᠮᠦᠨᠡᠲᠦ ᠲᠤᠶᠢᠯ ᠨᠢ ᠡᠮᠦᠨᠡᠳᠤ ᠲᠤᠢᠯ ᠤᠨ ᠲᠢᠪ ᠲᠦ ᠳᠠᠯᠠᠢ ᠶᠢᠨ ᠲᠥᠪᠰᠢᠨ ᠡᠴᠡ ᠳᠡᠭᠡᠭᠰᠢ 2835 ᠮᠧᠲ᠋ᠷ ᠡᠷᠭᠦᠭᠳᠡᠭᠰᠡᠨ ᠮᠥᠰᠦᠨ ᠳᠡᠭᠡᠷ᠎ᠡ ᠪᠠᠶᠢᠷᠢᠯᠠᠨ᠎ᠠ᠃ ᠮᠥᠰᠦᠨ ᠦ ᠨᠡᠶᠢᠲᠡ ᠵᠤᠵᠠᠭᠠᠨ 2700 ᠮᠧᠲ᠋ᠷ ᠪᠠᠶᠢᠳᠠᠭ ᠤᠴᠢᠷ ᠡᠴᠡ ᠵᠢᠩᠬᠢᠨᠢ ᠬᠠᠭᠤᠷᠠᠢ ᠭᠠᠵᠠᠷ ᠨᠢ ᠣᠶᠢᠷᠠᠯᠴᠠᠭ᠎ᠠ ᠪᠠᠷ ᠳᠠᠯᠠᠢ ᠶᠢᠨ ᠲᠥᠪᠰᠢᠨ ᠲᠡᠢ ᠲᠡᠩᠴᠡᠭᠦᠦ ᠪᠠᠶᠢᠳᠠᠭ ᠶᠤᠮ᠃ (ᠪᠦᠷᠢᠨ ᠠᠭᠤᠯᠭ᠎ᠠ ᠶᠢ ᠤᠩᠰᠢᠬᠤ)

ᠥᠯᠵᠡᠢᠮᠥ᠋ᠷᠡᠨ
ᠥᠯᠵᠡᠢᠮᠥ᠋ᠷᠡᠨ

ᠥᠯᠵᠡᠢᠮᠥ᠋ᠷᠡᠨᠥᠪᠥᠷ ᠮᠣᠩᠭᠣᠯ ᠤᠨ ᠵᠡᠭᠦᠨ ᠬᠡᠰᠡᠭ ᠤᠨ ᠭᠣᠣᠯ ᠮᠥᠷᠡᠨ᠂ ᠡᠷᠲᠡ ᠳ᠋ᠤ ᠪᠠᠨ ᠴᠢᠨᠤ᠎ᠠ ᠶᠢᠨ ᠭᠣᠣᠯ ᠂ ᠤᠷᠲᠤ ᠴᠢᠨᠤ᠎ᠠ ᠶᠢᠨ ᠭᠣᠣᠯ ᠭᠡᠳᠡᠭ᠃ ᠪᠠᠷᠠᠭᠤᠨ ᠯᠢᠶᠣᠣ ᠾᠧ ᠭᠣᠣᠯ ᠤᠨ ᠤᠰᠤᠨ ᠰᠢᠰᠲ᠋ᠧᠮ ᠳ᠋ᠤ ᠪᠠᠭᠲᠠᠨ᠎ᠠ᠃ ᠥᠪᠥᠷ ᠮᠣᠩᠭᠣᠯ ᠤᠨ ᠪᠠᠭᠠᠷᠢᠨ ᠵᠡᠭᠦᠨ ᠬᠤᠰᠢᠭᠤᠨ ᠤ ᠤᠯᠠᠭᠠᠨᠳᠠᠪᠠᠭ᠎ᠠ  ᠶᠢᠨ ᠪᠠᠶᠠᠨ ᠤᠯᠠᠭᠠᠨ ᠡᠴᠡ ᠡᠬᠢ ᠠᠪᠴᠤ ᠤᠷᠤᠰᠤᠨ᠎ᠠ᠃ ᠤᠯᠠᠭᠠᠨᠳᠠᠪᠠᠭ᠎ᠠ ᠶᠢᠨ ᠭᠣᠣᠯ᠂ ᠭᠠᠨᠠᠭ ᠤᠨ ᠭᠣᠣᠯ᠂ ᠬᠣᠭᠣᠯᠠᠲᠤ ᠶᠢᠨ ᠭᠣᠣᠯ᠂ ᠰᠢᠷᠭ᠎ᠠ  ᠶᠢᠨ ᠭᠣᠣᠯ ᠵᠡᠷᠭᠡ ᠶᠡᠬᠡ ᠪᠠᠭ᠎ᠠ ᠭᠣᠣᠯ  ᠤᠳ ᠥᠯᠵᠡᠢᠮᠥ᠋ᠷᠡᠨ ᠳ᠋ᠤ ᠴᠢᠳᠬᠤᠵᠤ ᠪᠠᠶᠢᠳᠠᠭ᠃ ᠪᠦᠬᠦ ᠤᠷᠲᠤ ᠨᠢ 598 ᠺᠢᠯᠤᠮᠧᠲ᠋ᠷ᠃ ᠥᠯᠵᠡᠢᠮᠥ᠋ᠷᠡᠨ ᠭᠣᠣᠯ ᠪᠠᠭᠠᠷᠢᠨ ᠵᠡᠭᠦᠨ ᠬᠤᠰᠢᠭᠤᠨ ᠡᠴᠡ ᠡᠬᠢ ᠠᠪᠴᠤ ᠭᠠᠨᠠᠭ᠂ᠤᠯᠠᠭᠠᠨᠳᠠᠪᠠᠭ᠎ᠠ᠂ᠭᠣᠭᠣᠯᠠᠲᠤ᠂ ᠰᠢᠷᠭ᠎ᠠ  ᠶᠢᠨ ᠭᠣᠣᠯ  ᠢ ᠨᠡᠢᠯᠡᠭᠦᠯᠦᠨ ᠠᠪᠴᠤ ᠠᠷᠤ ᠬᠣᠷᠴᠢᠨ ᠬᠤᠰᠢᠭᠤᠨ ᠤ ᠬᠢᠵᠠᠭᠠᠷ ᠲᠤ ᠣᠷᠣᠵᠣ ᠢᠷᠡᠨ ᠡᠨᠳᠡ ᠡᠴᠡ ᠬᠠᠬᠢᠷ ᠤᠨ ᠭᠣᠣᠯ ᠂ ᠳᠠᠯᠠᠷ  ᠤᠨ ᠭᠣᠣᠯ ᠂ᠣᠣ ᠮᠥ᠋ᠷᠡᠨ ᠢ ᠨᠡᠢᠯᠡᠭᠦᠯᠡᠨ ᠠᠪᠴᠤ᠂ ᠵᠠᠷᠤᠳ ᠬᠣᠰᠢᠭᠤ  ᠢᠶᠠᠷ ᠦᠩᠭᠡᠷᠡᠨ ᠬᠣᠷᠴᠢᠨ ᠵᠡᠭᠦᠨ ᠭᠠᠷᠤᠨ ᠬᠣᠰᠢᠭᠤᠨ ᠤ ᠵᠡᠭᠦᠨ ᠡᠮᠦᠨᠡᠭᠦᠷ ᠰᠢᠨ ᠺᠠᠢ ᠾᠧ ᠭᠣᠣᠯ ᠳ᠋ᠤ ᠴᠢᠳᠬᠤᠨ᠎ᠠ᠃ ᠭᠣᠣᠯ  ᠤᠨ ᠰᠠᠪᠠ ᠭᠠᠵᠠᠷ  ᠤᠨ ᠲᠠᠯᠠᠪᠠᠢ 3.34 ᠲᠥᠮᠡᠨ ᠲᠡᠭᠰᠢ ᠳᠦᠷᠪᠡᠯᠵᠢᠨ ᠺᠢᠯᠤᠮᠧᠲ᠋ᠷ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠹᠢᠳᠧᠯ ᠺᠠᠰᠲ᠋ᠷᠣ
Fidel Castro.jpg

ᠹᠢᠳᠧᠯ ᠠᠯᠧᠬᠠᠨᠳᠠᠷᠣ ᠺᠠᠰᠲ᠋ᠷᠣ ᠷᠦᠰ (ᠢᠰᠫᠠᠨᠢ ᠪᠠᠷ Fidel Alejandro Castro Ruz ᠬᠢᠲᠠᠳ ᠢᠶᠠᠷ 卡斯特罗, 1926 ᠤᠨ ᠤ ᠨᠠᠶᠢᠮᠠᠳᠤᠭᠠᠷ ᠰᠠᠷ᠎ᠠ ᠶᠢᠨ 13 ᠍ ᠳᠦ ᠲᠦᠷᠦᠭᠰᠡᠨ) ᠨᠢ ᠺᠦᠪᠠ ᠢᠢᠨ ᠤᠯᠤᠰ ᠲᠥᠷᠦᠴᠢ ᠪᠥᠭᠡᠳ ᠶᠡᠷᠦᠩᠬᠡᠶᠢᠯᠡᠭᠴᠢ ᠪᠡᠷ ᠠᠵᠢᠯᠯᠠᠵᠤ ᠪᠠᠶᠢᠪᠠ᠃[1] ᠺᠦᠪᠠ ᠢᠢᠨ ᠬᠤᠪᠢᠰᠬᠠᠯ ᠤᠨ ᠭᠣᠣᠯᠯᠠᠨ ᠤᠳᠤᠷᠢᠳᠤᠭᠴᠢᠳ ᠤᠨ ᠨᠢᠭᠡ ᠪᠠᠶᠢᠭᠰᠠᠨ ᠺᠠᠰᠲ᠋ᠷᠣ 1959 ᠤᠨ ᠤ ᠬᠣᠶᠠᠷ ᠰᠠᠷ᠎ᠠ ᠠᠴᠠ 1976 ᠤᠨ ᠤ ᠠᠷᠪᠠᠨ ᠬᠣᠶᠠᠳᠤᠭᠠᠷ ᠰᠠᠷ᠎ᠠ ᠬᠦᠷᠲᠡᠯ᠎ᠡ ᠪᠦᠭᠦᠳᠡ ᠨᠠᠶᠢᠷᠠᠮᠳᠠᠬᠤ ᠺᠦᠪᠠ ᠢᠢᠨ ᠤᠯᠤᠰ ᠤᠨ ᠬᠤᠪᠢᠰᠬᠠᠯᠲᠤ ᠵᠠᠰᠠᠭ ᠤᠨ ᠭᠠᠵᠠᠷ ᠤᠨ ᠶᠡᠷᠦᠩᠬᠡᠢ ᠰᠠᠶᠢᠳ ᠢᠶᠠᠷ ᠠᠵᠢᠯᠯᠠᠵᠤ ᠪᠠᠶᠢᠭᠠᠳ ᠪᠦᠭᠦᠳᠡ ᠨᠠᠶᠢᠷᠠᠮᠳᠠᠬᠤ ᠺᠦᠪᠠ ᠤᠯᠤᠰ ᠤᠨ ᠲᠥᠷᠥ ᠶᠢᠨ ᠵᠥᠪᠯᠡᠯ ᠦᠨ ᠪᠣᠯᠤᠨ ᠰᠠᠶᠢᠳ ᠨᠠᠷ ᠤᠨ ᠵᠥᠪᠯᠡᠯ ᠦᠨ ᠲᠡᠷᠢᠭᠦᠨ ᠦ ᠠᠯᠪᠠ ᠶᠢ 2008 ᠤᠨ ᠤ ᠬᠣᠶᠠᠳᠤᠭᠠᠷ ᠰᠠᠷ᠎ᠠ ᠬᠦᠷᠲᠡᠯ᠎ᠡ ᠬᠠᠰᠢᠭᠰᠠᠨ ᠶᠤᠮ᠃ ᠲᠡᠷᠡ ᠺᠦᠪᠠ ᠢᠢᠨ ᠡᠪ ᠬᠠᠮᠳᠣ ᠨᠠᠮ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠶᠢ 1965 ᠤᠨ ᠠᠴᠠ ᠬᠣᠶᠢᠰᠢ ᠲᠠᠰᠤᠷᠠᠯᠲᠠ ᠦᠭᠡᠢ ᠬᠠᠷᠢᠭᠤᠴᠠᠵᠤ ᠪᠠᠶᠢᠭ᠎ᠠ᠃ 2016 ᠤᠨ ᠤ 11 ᠰᠠᠷ ᠠ ᠢᠢᠨ 25( ᠺᠦᠪᠠ ᠢᠢᠨ ᠴᠠᠭ ᠢᠶᠡᠷ ᠤᠷᠥᠢ ᠢᠢᠨ 8 ᠴᠠᠭ) ᠳᠤ ᠡᠪᠡᠳᠴᠢᠨ ᠢᠶᠡᠷ ᠨᠠᠰᠤ ᠪᠠᠷᠠᠪᠠ᠂ ᠨᠠᠰᠤᠨ ᠰᠡᠭᠦᠳᠡᠷ 90 ᠲᠠᠢ᠃ (ᠪᠦᠷᠢᠨ ᠠᠭᠤᠯᠭ᠎ᠠ ᠶᠢ ᠤᠩᠰᠢᠬᠤ)

Facebook
 Facebook

Facebook ᠨᠢ ᠰᠦᠯᠵᠢᠶᠡᠨ ᠦ ᠦᠢᠯᠡᠴᠢᠯᠡᠭᠡ ᠦᠵᠡᠭᠦᠯᠦᠭᠴᠢ Online (ᠰᠦᠯᠵᠢᠶᠡᠨ  ᠤ) ᠺᠣᠮᠫᠠᠨᠢ᠃ 2004  ᠤᠨ ᠤ 2 ᠰᠠᠷ᠎ᠠ ᠶᠢᠨ 4  ᠤᠨ ᠮᠠᠷᠺ ᠽᠦᠺᠧᠷᠡᠪᠷᠡᠭ (Mark Elliot Zuckerberg) Facebook ᠍ ᠢ ᠬᠠᠷᠧᠠᠷᠳ᠋  ᠶᠡᠬᠡ ᠰᠤᠷᠭᠠᠭᠤᠯᠢ ᠳᠤ ᠰᠤᠷᠠᠳᠠᠭ ᠬᠠᠵᠠᠭᠤ ᠥᠷᠥᠭᠡᠨ ᠦ ᠪᠡᠨ ᠺᠣᠮᠫᠢᠦ᠋ᠲ᠋ᠧᠷ ᠦᠨ ᠴᠢᠭᠯᠡᠯ ᠢᠶᠡᠷ ᠰᠤᠷᠤᠯᠴᠠᠳᠠᠭ ᠬᠣᠶᠠᠷ ᠨᠠᠶᠢᠵᠠ ᠲᠠᠢ ᠪᠠᠨ ᠰᠠᠨᠠᠭᠠᠴᠢᠯᠠᠨ ᠬᠢᠵᠦ ᠪᠠᠶᠢᠪᠠ᠃ ᠨᠠᠢᠵᠠ  ᠤᠳ ᠲᠠᠢ ᠪᠠᠨ ᠪᠠᠶᠢᠩᠭᠤ ᠬᠣᠯᠪᠣᠭᠠᠲᠠᠢ ᠪᠠᠶᠢᠵᠤ ᠪᠣᠯᠬᠤᠶᠢᠴᠠ ᠭᠦᠭᠦᠷᠭᠡ ᠰᠢᠭ ᠰᠦᠯᠵᠢᠶ ᠡ ᠶᠢ ᠲᠡᠳᠡ ᠠᠩᠬ᠎ᠠ ᠪᠦᠲᠦᠭᠡᠬᠦ ᠪᠡᠷ ᠵᠣᠷᠢᠵᠤ ᠪᠠᠶᠢᠪᠠ᠃ ᠲᠡᠶᠢᠮᠦ ᠴᠤ ᠤᠴᠢᠷ ᠠᠴᠠ 2006  ᠤᠨ ᠬᠦᠷᠲᠡᠯ᠎ᠡ ᠡᠨᠡᠬᠦ ᠰᠦᠯᠵᠢᠶ ᠡ ᠨᠢ ᠵᠥᠪᠬᠡᠨ ᠬᠠᠷᠧᠠᠷᠳ᠋ ᠶᠡᠬᠡ ᠰᠤᠷᠭᠠᠭᠤᠯᠢ ᠶᠢᠨ ᠳᠣᠲᠣᠭᠠᠳᠤ ᠬᠦᠷᠢᠶᠡᠨ ᠳᠦ ᠯᠠ ᠠᠵᠢᠯᠯᠠᠵᠤ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠮᠥᠩᠬᠡ ᠬᠠᠭᠠᠨ
ᠮᠥᠩᠬᠡ ᠬᠠᠭᠠᠨ

ᠮᠥᠩᠬᠡ (1208-1259) ᠨᠢ ᠶᠡᠬᠡ ᠮᠣᠩᠭᠣᠯ ᠤᠯᠤᠰ ᠤᠨ ᠳᠥᠷᠪᠡᠳ᠋ᠡᠬᠢ (1251 ᠤᠨ ᠤ 6 ᠰᠠᠷ᠎ᠠ ᠶᠢᠨ 1 ᠍ ᠡᠴᠡ 1259 ᠤᠨ ᠤ 8 ᠰᠠᠷ᠎ᠠ ᠶᠢᠨ 11) ᠶᠡᠬᠡ ᠬᠠᠭᠠᠨ ᠪᠠᠶᠢᠪᠠ᠃ ᠮᠥᠩᠬᠡ ᠬᠠᠭᠠᠨ ᠢᠷᠠᠺᠰᠢᠷᠢᠢ ᠠᠳᠠᠯᠢ ᠤᠯᠤᠰ᠂ ᠸᠢᠶᠧᠲ᠋ᠨᠠᠮ ᠵᠡᠷᠭᠡ ᠤᠯᠤᠰ ᠤᠳ ᠢ ᠡᠵᠡᠯᠡᠨ ᠠᠪᠤᠭᠰᠠᠨ ᠶᠤᠮ᠃ ᠲᠡᠷᠡ ᠪᠡᠷ ᠡᠵᠡᠨᠳᠦ ᠭᠦᠷᠦᠨ ᠦ ᠲᠣᠮᠣ ᠤᠳᠤᠷᠢᠳᠤᠭᠴᠢᠳ ᠤᠨ ᠨᠢᠭᠡ ᠪᠠᠶᠢᠭᠰᠠᠨ ᠶᠤᠮ᠃ ᠮᠦᠩᠬᠡ ᠬᠠᠭᠠᠨ 1208ᠤᠨ ᠤ ᠰᠢᠷ᠎ᠠ ᠯᠤᠤ ᠵᠢᠯ ᠳᠤ ᠮᠡᠨᠳᠦᠯᠡᠵᠡᠢ᠃ 1251 ᠤᠨ ᠤ ᠴᠠᠭᠠᠭᠴᠢᠨ ᠭᠠᠬᠠᠢ ᠵᠢᠯ ᠶᠡᠬᠡ ᠬᠤᠷᠠᠯᠳᠠᠢ ᠪᠠᠷ ᠬᠠᠭᠠᠨ ᠰᠢᠷᠡᠭᠡᠨ ᠳᠦ ᠰᠠᠭᠤᠵᠠᠢ᠃ (ᠪᠦᠷᠢᠨ ᠠᠭᠤᠯᠭ᠎ᠠ ᠶᠢ ᠤᠩᠰᠢᠬᠤ)

ᠠ᠊᠂ ᠣᠳᠽᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠠ᠊᠂ ᠤᠳᠼᠠᠷ ᠂ 1924 ᠤᠨ  ᠳᠤ ᠤᠯᠠᠭᠠᠨᠬᠠᠳᠠ ᠬᠤᠳᠠ ᠵᠢᠨ ᠪᠠᠭᠠᠷᠢᠨ ᠵᠡᠭᠦᠨ ᠬᠣᠰᠢᠭᠤᠨ ᠤ ᠤᠰᠤᠨ ᠲᠦᠷᠦᠭᠦᠦ ᠭᠡᠳᠡᠭ ᠭᠠᠵᠠᠷ ᠲᠥᠷᠥᠵᠡᠢ᠂ ᠰᠡᠭᠦᠯᠡᠷ ᠨᠢ ᠭᠡᠷ  ᠤᠨ ᠢᠶᠡᠨ ᠳᠠᠭᠠᠨ ᠪᠠᠭᠠᠷᠢᠨ ᠪᠠᠷᠠᠭᠤᠨ ᠬᠤᠰᠢᠭᠤᠨ ᠳᠤ ᠨᠡᠭᠦᠭᠰᠡᠨ ᠪᠠᠶᠢᠨ᠎ᠠ ᠃ 2013ᠤᠨ ᠤ 2 ᠰᠠᠷᠠᠢᠨ 21 ᠳᠤ ᠪᠡᠭᠡᠵᠢᠩ ᠳᠦ ᠨᠠᠰᠤ ᠪᠠᠷᠠᠵᠠᠢ ᠃ ᠠ᠊ ᠊ ᠤᠳᠼᠠᠷ ᠪᠤᠯ ᠮᠠᠨ ᠤ ᠤᠯᠤᠰ ᠤᠨ ᠤᠳᠤ ᠦᠶ᠎ᠠ ᠵᠢᠨ ᠮᠤᠩᠭᠤᠯ ᠦᠨᠳᠤᠰᠤᠳᠡᠨ ᠤ ᠳᠤᠭᠤᠵᠢᠰ ᠤᠨ ᠵᠤᠭᠢᠶᠠᠯᠴᠢᠳ ᠤᠨ ᠭᠠᠷᠮᠠᠭᠠᠢ ᠲᠦᠯᠦᠭᠡᠯᠡᠭᠴᠢ ᠂ ᠮᠤᠩᠭᠤᠯ ᠦᠨᠳᠤᠰᠤᠳᠡᠨ ᠤ ᠰᠢᠨ᠎ᠠ ᠤᠷᠠᠨ ᠵᠤᠭᠢᠶᠠᠯ ᠤᠨ ᠰᠠᠭᠤᠷᠢᠯᠠᠭᠴᠢ ᠵᠢᠨ  ᠨᠢᠭᠡ ᠂ 《 ᠳᠤᠮᠳᠠᠳᠤ ᠤᠯᠤᠰ ᠤᠨ  ᠶᠡᠭᠡ  ᠨᠠᠪᠳᠠᠷᠭᠡᠢ ᠳᠤᠯᠢ 》 ᠳᠤ ᠰᠤᠩᠭᠤᠭᠳᠠᠭᠰᠠᠨ ᠵᠤᠭᠢᠶᠠᠯᠴᠢ ᠵᠢᠨ  ᠨᠢᠭᠡ ᠪᠤᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠠᠨᠠᠷ-4
ᠠᠨᠠᠷ-4

ᠠᠨᠠᠷ-4 ( 阿那日-4) -ᠲᠤᠰ ᠨᠠᠢᠢᠷᠠᠯᠭ᠎ᠠ ᠪᠣᠯ ᠬᠠᠯᠠᠭᠤᠨ ᠴᠢᠨᠠᠷ ᠲᠠᠢ ᠨᠠᠢᠢᠷᠠᠯᠭ᠎ᠠ ᠪᠣᠯᠤᠨ᠎ᠠ ᠃ ᠢᠯᠴᠢ  ᠶᠢ ᠰᠡᠯᠪᠢᠵᠦ ᠂ ᠳᠤᠷ᠎ᠠ  ᠶᠢ  ᠨᠡᠬᠡᠭᠡᠬᠦ᠂ ᠪᠠᠳ᠌ᠭᠠᠨ ᠬᠡᠢ  ᠶᠢ ᠠᠷᠢᠯᠭᠠᠬᠤ ᠠᠨᠠᠷ  ᠢᠶᠠᠷ ᠭᠤᠤᠯᠯᠠᠭᠴᠢ ᠪᠤᠯᠭᠠᠵᠤ᠂ ᠢᠳᠡᠭᠡᠨ  ᠢ ᠰᠢᠨᠭᠭᠡᠭᠡᠬᠦ᠂ ᠪᠠᠳ᠌ᠭᠠᠨ ᠬᠡᠢ  ᠶᠢ ᠠᠷᠢᠯᠭᠠᠬᠤ ᠨᠠᠢᠢᠷᠠᠯᠭ᠎ᠠ  ᠶᠢᠨ ᠴᠢᠳᠠᠯ ᠪᠦᠷᠢᠳᠴᠡᠢ᠃ ᠡᠰᠡ ᠰᠢᠩᠭᠡᠭᠰᠡᠨ ᠂ ᠴᠠᠢᠪᠤᠷ ᠪᠠᠳ᠌ᠭᠠᠨ ᠂ ᠳᠤᠷᠠᠰᠢᠯ ᠬᠠᠭᠠᠭᠳᠠᠭᠰᠠᠨ ᠂ ᠬᠣᠳᠤᠭᠤᠳᠤᠨ ᠪ ᠢᠯᠴᠢ ᠮᠠᠭᠤᠳᠠᠭᠰᠠᠨ ᠵᠡᠷᠭᠡ  ᠳᠤ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠣᠷᠬᠣᠨ ᠭᠣᠣᠯ
ᠣᠷᠬᠣᠨ ᠭᠣᠣᠯ

ᠣᠷᠬᠣᠨ ᠭᠣᠣᠯ ᠨᠢ ᠮᠣᠩᠭᠣᠯ ᠤᠯᠤᠰ ᠤᠨ ᠬᠠᠮᠤᠭ ᠤᠨ ᠤᠷᠲᠤ ᠭᠣᠣᠯ ᠪᠤᠯᠬᠤ ᠶᠤᠮ᠃ ᠬᠠᠩᠭᠠᠢ ᠶᠢᠨ ᠨᠢᠷᠤᠭᠤᠨ ᠤ ᠰᠤᠪᠤᠷᠭ᠎ᠠ ᠬᠠᠶᠢᠷᠬᠠᠨ ᠠᠭᠤᠯᠠ ᠠᠴᠠ ᠡᠬᠢ ᠠᠪᠴᠤ᠂ 1124 ᠺᠢᠯᠣᠮᠧᠲ᠋ᠷ ᠤᠷᠤᠰᠤᠭᠠᠳ᠂ ᠰᠦᠬᠡᠪᠠᠭᠠᠲᠤᠷ ᠬᠣᠲᠠ ᠶᠢᠨ ᠳᠡᠷᠭᠡᠳᠡ ᠰᠡᠯᠡᠩᠭᠡ ᠮᠥᠷᠡᠨ ᠦ ᠪᠠᠷᠠᠭᠤᠨ ᠲᠠᠯ᠎ᠠ ᠪᠡᠷ ᠨᠢ ᠨᠡᠶᠢᠯᠡᠳᠡᠭ ᠬᠠᠮᠤᠭ ᠤᠨ ᠲᠣᠮᠣ ᠴᠢᠳᠬᠤᠯᠠᠩ ᠨᠢ ᠶᠤᠮ᠃ ᠤᠰᠤ ᠪᠠᠨ ᠴᠤᠭᠯᠠᠭᠤᠯᠬᠤ ᠲᠠᠯᠠᠪᠠᠢ ᠨᠢ 132835 ᠺᠦᠸᠠᠳ᠋ ᠺᠢᠯᠣᠮᠧᠲ᠋ᠷ ᠪᠥᠭᠡᠳ ᠡᠨᠡ ᠨᠢ ᠰᠡᠯᠡᠩᠭᠡ ᠮᠦᠷᠡᠨ ᠤ ᠤᠰᠤ ᠪᠠᠨ ᠴᠤᠭᠯᠠᠭᠤᠯᠬᠤ ᠲᠠᠯᠠᠪᠠᠢ ᠶᠢᠨ 47% ᠪᠣᠯᠤᠨ᠎ᠠ᠃ ᠣᠷᠬᠣᠨ ᠭᠣᠣᠯ ᠤᠨ ᠡᠬᠢᠨ ᠦ ᠬᠡᠰᠡᠭ ᠢ ᠬᠠᠩᠭᠠᠢ ᠶᠢᠨ ᠨᠢᠷᠤᠭᠤᠨ ᠤ ᠪᠠᠶᠢᠭᠠᠯᠢ ᠶᠢᠨ ᠴᠣᠭᠴᠠᠯᠠᠪᠤᠷᠢᠳᠤ ᠭᠠᠵᠠᠷ ᠲᠤ ᠪᠠᠭᠲᠠᠭᠠᠭᠰᠠᠨ ᠶᠤᠮ᠃ (ᠪᠦᠷᠢᠨ ᠠᠭᠤᠯᠭ᠎ᠠ ᠶᠢ ᠤᠩᠰᠢᠬᠤ)

ᠬᠠᠨᠢᠶᠠᠳᠤ
ᠬᠠᠨᠢᠶᠠᠳᠤ

ᠬᠠᠨᠢᠶᠠᠳᠤ ᠪᠤᠶᠤ ᠬᠠᠨᠢᠶᠠᠯᠭᠠᠬᠤ ᠨᠢ ᠠᠮᠢᠰᠬᠤᠯ ᠤᠨ ᠵᠠᠮ ᠢ ᠴᠢᠯᠦᠭᠡᠯᠡᠬᠦ ᠳᠦ ᠴᠢᠭᠯᠡᠭᠰᠡᠨ ᠷᠧᠹᠯᠧᠺᠰ(reflex 反射) ᠶᠤᠮ᠃ ᠥᠭᠡᠷ᠎ᠡ ᠪᠡᠷ ᠬᠡᠯᠡᠪᠡᠯ ᠬᠠᠨᠢᠶᠠᠯᠭᠠᠯᠲᠠ ᠨᠢ ᠠᠮᠢᠰᠬᠤᠯ ᠤᠨ ᠵᠠᠮ ᠠᠴᠠ ᠲᠣᠭᠣᠰᠣ᠂ ᠭᠠᠳᠠᠨ᠎ᠠ ᠶᠢᠨ ᠵᠢᠵᠢᠭ ᠪᠡᠶᠡᠲᠦ᠂ ᠭᠤᠤᠷᠰᠤᠨ ᠬᠣᠭᠣᠯᠠᠢ ᠶᠢᠨ ᠥᠪᠡᠷ ᠦᠨ ᠬᠢ ᠨᠢ ᠱᠦᠭᠦᠷᠡᠯ ᠵᠡᠷᠭᠡ ᠶᠢ ᠭᠠᠷᠭᠠᠬᠤ ᠳᠤ ᠴᠢᠭᠯᠡᠭᠰᠡᠨ ᠬᠠᠮᠠᠭᠠᠯᠠᠬᠤ ᠤᠷᠪᠠᠯ ᠶᠤᠮ᠃ ᠬᠦᠮᠦᠰ ᠬᠠᠨᠢᠶᠠᠵᠤ ᠪᠠᠶᠢᠵᠤ ᠪᠡᠶ᠎ᠡ ᠶᠢᠨ ᠲᠣᠭᠣᠰᠣ ᠲᠣᠷᠲᠣᠭ᠂ ᠪᠣᠬᠢᠷ ᠪᠣᠳᠠᠰ ᠢ ᠭᠠᠳᠠᠭᠰᠢᠯᠠᠭᠤᠯᠳᠠᠭ᠃ ᠡᠨᠡ ᠤᠳᠬ᠎ᠠ ᠪᠠᠷ ᠢᠶᠠᠨ ᠬᠦᠮᠦᠨ ᠦ ᠪᠡᠶ᠎ᠡ ᠶᠢᠨ ᠨᠢᠭᠡ ᠵᠦᠢᠯ ᠦᠨ ᠰᠡᠷᠭᠡᠶᠢᠯᠡᠯᠲᠡ ᠪᠣᠯᠵᠤ ᠪᠠᠶᠢᠭ᠎ᠠ ᠶᠤᠮ᠃ ᠣᠶᠢᠷᠠᠯᠴᠠᠭ᠎ᠠ ᠪᠠᠷ 200 ᠣᠷᠴᠢᠮ ᠲᠥᠷᠥᠯ ᠦᠨ ᠸᠢᠷᠦᠰ ᠤᠨ ᠬᠡᠯᠪᠡᠷᠢ ᠨᠢ ᠬᠠᠨᠢᠶᠠᠳᠤ ᠡᠭᠦᠰᠬᠡᠳᠡᠭ᠃ ᠲᠠᠷᠢᠯᠭ᠎ᠠ ᠬᠢᠬᠦ ᠪᠣᠯᠤᠮᠵᠢ ᠦᠭᠡᠢ ᠣᠯᠠᠨ ᠲᠥᠷᠥᠯ ᠦᠨ ᠡᠭᠦᠰᠬᠡᠭᠴᠢ ᠪᠠᠶᠢᠳᠠᠭ᠃ ᠭᠡᠬᠦ ᠳᠦ ᠪᠡᠨ ᠠᠵᠠ ᠪᠠᠷ ᠡᠨᠡ ᠡᠪᠡᠳᠴᠢᠨ ᠨᠢ ᠠᠮᠢ ᠨᠠᠰᠤᠨ ᠳᠤ ᠬᠠᠯᠠ ᠦᠭᠡᠢ ᠃ ᠶᠡᠬᠡᠩᠬᠢ ᠳᠦ ᠪᠡᠨ ᠬᠦᠢᠲᠡᠨ ᠦ ᠤᠯᠠᠷᠢᠯ ᠳᠤ ᠬᠠᠨᠢᠶᠠᠳᠤ ᠲᠤᠰᠠᠳᠠᠭ᠂ ᠭᠡᠪᠡᠴᠦ ᠵᠤᠨ ᠤ ᠤᠯᠠᠷᠢᠯ ᠳᠤ ᠲᠤᠰᠠᠳᠠᠭ ᠵᠤᠨ ᠤ ᠬᠠᠨᠢᠶᠠᠳᠤ ᠭᠡᠵᠦ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠪᠠᠭᠠᠷᠢᠨ ᠬᠤᠷᠢᠮ
ᠪᠠᠭᠠᠷᠢᠨ ᠬᠤᠷᠢᠮ

ᠪᠠᠭᠠᠷᠢᠨ ᠨᠤᠳᠤᠬ ᠤᠨ ᠤᠷᠤᠨ ᠨᠤᠳᠤᠬ ᠤᠨ ᠲᠡᠦᠬᠡᠴᠢ ‍᠂‍ ᠵᠤᠬᠢᠶᠠᠯᠴᠢ ᠨᠠ᠊‍ ‍᠊‍ ᠪᠤᠶᠠᠨᠬᠡᠰᠢᠭ ᠲᠡᠭᠡᠷ᠎ᠡ ᠵᠠᠭᠤᠨ ᠤ ᠨᠠᠶᠠᠭᠠᠳ ᠤᠨ ᠤ ᠡᠬᠢᠨ ᠵᠢᠡᠷ ᠪᠠᠭᠠᠷᠢᠨ ᠬᠤᠷᠢᠮ ᠤᠨ ᠵᠠᠩ ᠦ᠋ᠢᠯᠡ ‍᠂‍ ᠬᠤᠨᠵᠢᠨ ᠬᠡᠯᠡᠮᠦᠷ  ᠢ ᠡᠮᠬᠢᠳᠬᠡᠵᠦ ᠶᠠᠪᠤᠬᠤ ᠳ᠋ᠠᠭᠠᠨ ‍᠂‍ ᠪᠠᠭᠠᠷᠢᠨ ᠪᠠᠷᠠᠭᠤᠨ ᠬᠤᠰᠢᠭᠤᠨ ᠤ ᠡᠮᠦᠨ᠎ᠡ ᠬᠡᠰᠡᠭ ᠵᠢᠡᠷ ᠪᠠᠶᠢᠷᠢᠯᠠᠬᠰᠠᠨ ᠬᠠᠭᠤᠴᠢᠨ ᠴᠠᠭᠠᠨᠨᠠᠭᠤᠷ ᠰᠤᠮᠤᠨ ᠳ᠋ᠤ ᠪᠠᠭᠠᠷᠢᠨ ᠬᠤᠷᠢᠮ ᠤᠨ ᠵᠠᠩ ᠦ᠋ᠢᠯᠡ ᠨᠡᠯᠢᠶᠡᠳ ᠪᠦᠷᠢᠨ ᠪᠦᠳᠦᠨ ᠵᠢᠡᠷ ᠦ᠋ᠯᠡᠳᠡᠭᠰᠡᠨ  ᠢ ᠰᠤᠷᠪᠤᠯᠵᠢᠯᠠᠨ ᠳᠡᠮᠳᠡᠭᠯᠡᠭᠰᠡᠨ ‍᠃‍ ᠨᠢᠭᠡ ᠦ᠋ᠨᠳᠦᠰᠦᠳᠡᠨ ᠤᠬᠰᠠᠭᠠᠳᠠᠨ ‍᠂‍ ᠬᠤᠰᠢᠭᠤ ᠨᠤᠳᠤᠬ ᠤᠨ ᠬᠠᠭᠤᠴᠢ ᠵᠠᠩ ᠦ᠋ᠢᠯᠡ ᠶᠡᠷᠦᠨᠢ ᠲᠡᠷᠡ ᠭᠠᠵᠠᠷ ᠤᠨ ᠵᠠᠮ ᠨᠡᠪᠳᠡᠷᠡᠯᠭᠡ ᠲᠦᠬᠦᠮ ᠦ᠋ᠬᠡᠢ ᠪᠤᠶᠢᠳᠠ ᠪᠦᠭᠯᠡᠬᠦᠦ ᠭᠠᠵᠠᠷ ᠵᠢᠡᠷ ᠡᠯᠪᠡᠭ ᠦ᠋ᠯᠡᠳᠡᠵᠦ ᠢᠷᠡᠳᠡᠭ ‍᠃‍ ᠠᠷᠤ ᠬᠤᠷᠴᠢᠨ ‍᠂‍ ᠵᠡᠬᠦᠨ ᠪᠠᠭᠠᠷᠢᠨ ‍᠂‍ ᠤᠩᠨᠢᠭᠤᠳ ᠵᠡᠷᠭᠡ ᠬᠠᠷᠢ ᠬᠤᠰᠢᠭᠤᠳ ᠲᠠᠢ ᠵᠠᠬᠠᠯᠠᠬᠰᠠᠨ ᠡᠮᠦᠨ᠎ᠡ ᠪᠡᠶ᠎ᠡ ᠵᠢᠨ ᠴᠠᠭᠠᠨᠨᠠᠭᠤᠷ ‍᠂‍ ᠬᠤᠷᠠᠬᠤ ‍᠂‍ ᠪᠤᠷᠤᠠᠤᠰᠤ ᠵᠡᠷᠭᠡ ᠰᠤᠮᠤ ᠨᠤᠭᠤᠳ ᠵᠢᠡᠷ ᠪᠠᠭᠠᠷᠢᠨ ᠬᠤᠷᠢᠮ ᠤᠨ ᠤᠤᠭᠠᠯ ᠵᠠᠩ ᠦ᠋ᠢᠯᠡ ᠨᠡᠯᠢᠶᠡᠳ ᠶᠡᠬᠡᠪᠡᠷ ᠦ᠋ᠯᠡᠳᠡᠨ ᠢᠷᠡᠭᠰᠡᠨ ᠪᠦᠭᠡᠳ ᠡᠨᠡ ᠭᠠᠵᠠᠷ ᠵᠢᠡᠷ ᠬᠤᠨᠵᠢᠨ ᠦ᠋ᠬᠡ ᠵᠢ ᠰᠦᠷᠳᠡᠢ ᠤᠷᠠᠨ ᠬᠠᠶᠠᠯᠠᠳᠠᠬ ᠨᠡᠷᠡᠳᠡᠢ ᠬᠡᠯᠡᠮᠦᠷᠴᠢ ᠤᠯᠠᠨ ᠭᠠᠷᠳᠠᠬ ᠪᠠᠶᠢᠵᠠᠢ ‍᠃‍ ᠡᠨᠡ ᠨᠢ ᠪᠠᠭᠠᠷᠢᠨ ᠮᠤᠩᠭᠤᠯᠴᠤᠳ ᠪᠤᠰᠤᠳ ᠬᠤᠰᠢᠭᠤ ᠨᠤᠳᠤᠭ ᠲᠠᠢ ᠬᠤᠳᠠ ᠤᠷᠤᠬ ᠪᠤᠯᠤᠯᠴᠠᠬᠤ ᠳ᠋ᠤ ᠨᠡᠷᠡᠳᠡᠢ ᠬᠡᠯᠡᠮᠦᠷᠴᠢ ᠵᠢ ᠬᠡᠷᠡᠭ ᠪᠤᠯᠭᠠᠨ ᠰᠢᠯᠢᠨ ᠰᠤᠩᠭᠤᠵᠤ ᠠᠪᠠᠴᠢᠳᠠᠬ ᠲᠠᠢ ᠬᠤᠯᠪᠤᠭ᠎᠎ᠠ ᠲᠠᠢ ᠪᠠᠶᠢᠬᠰᠨᠨ ᠶᠤᠮ ‍᠃‍ ᠪᠠᠭᠠᠷᠢᠨᠴᠤᠳ ᠬᠠᠷᠢ ᠬᠤᠰᠢᠭᠤ ᠨᠤᠳᠤᠬ ᠡᠴᠨ ᠭᠤᠤᠯᠳᠠᠭᠤ ᠠᠤᠬᠠᠨ ‍᠂‍ ᠨᠠᠢᠮᠠᠨ ‍᠂‍ ᠠᠷᠤ ᠬᠤᠷᠴᠢᠨ ‍᠂‍ ᠤᠩᠨᠢᠭᠤᠳ ‍᠂‍ ᠰᠢᠯᠢ ᠵᠢᠨ ᠭᠤᠤᠯ ᠵᠡᠷᠭᠡ ᠬᠤᠰᠢᠭᠤᠳ ᠲᠠᠢ ᠬᠤᠳᠠ ᠤᠷᠤᠬ ᠪᠤᠯᠤᠯᠴᠠᠳᠠᠬ ‍᠃‍ ᠪᠠᠭᠠᠷᠢᠨ ᠨᠤᠳᠤᠬ ᠲᠤ ᠭᠤᠤᠯᠳᠠᠭᠤ ᠡᠷᠳᠡᠨ ᠤ ᠪᠠᠭᠠᠷᠢᠨᠴᠤᠳ ‍᠂‍ ᠬᠤᠩᠬᠢᠷᠠᠳᠴᠤᠳ ‍᠂‍ ᠬᠤᠵᠢᠮ ᠨᠢ ᠢᠷᠡᠭᠰᠡᠨ ᠢᠨᠵᠢ ᠮᠠᠨᠵᠤᠴᠤᠳ ᠠᠵᠤ ᠲᠦᠷᠦᠵᠦ ᠠᠮᠢᠳᠤᠷᠠᠯ ᠪᠤᠴᠠᠯᠭᠠᠳᠠᠬ ‍᠃‍ ᠬᠡᠪᠡᠴᠦ ᠤᠷᠳᠤ ᠤᠳᠠᠭᠠᠨ ᠵᠢᠯ ᠬᠠᠷᠢᠯᠴᠠᠨ ᠤᠷᠤᠬᠴᠠᠭᠠᠵᠤ ᠢᠷᠡᠭᠰᠡᠨ ᠤ ᠳ᠋ᠦᠩ ᠳ᠋ᠤ ᠬᠤᠷᠢᠮ ᠤᠨ ᠵᠠᠩ ᠦ᠋ᠢᠯᠡ ᠨᠢ ᠢᠳᠡᠬᠡᠰᠢᠨ ᠢᠵᠢᠯᠰᠢᠵᠦ ᠨᠡᠯᠢᠶᠡᠳ ᠤᠶᠢᠷᠠᠯᠴᠠᠭ᠎᠎ᠠ ᠪᠤᠯᠵᠠᠢ ‍᠃‍ ᠪᠤᠳᠠᠳᠠᠶᠢᠴᠢᠯᠠᠨ ᠶᠠᠷᠢᠬᠤ ᠳ᠋ᠤ᠂‍ ᠪᠠᠷᠠᠭᠤᠨ ᠦ᠋ᠵᠦᠮᠦᠴᠢᠨ ᠲᠠᠢ ᠬᠢᠯᠢᠯᠡᠭᠰᠡᠨ ᠰᠤᠪᠤᠷᠭ᠎᠎ᠠ ᠰᠤᠮᠤᠨ ᠤ ᠬᠤᠷᠢᠮ ᠤᠨ ᠶᠤᠰᠤᠨ ᠰᠢᠯᠢ ᠵᠢᠨ ᠭᠤᠤᠯ ᠲᠠᠢ ᠲᠦᠰᠦᠭᠡᠳᠡᠢ ᠪᠠᠶᠢᠬᠤ ᠵᠢ ᠭᠠᠷᠭᠠᠪᠠᠯ ‍᠂‍ ᠪᠠᠷᠠᠭᠤᠨ ᠪᠠᠭᠠᠷᠢᠨ ᠤ ᠪᠤᠰᠤᠳ ᠨᠤᠳᠤᠬ ᠵᠢᠡᠷ ᠵᠢᠱᠢᠶᠡᠯᠡᠬᠦ ᠳ᠋ᠤ ‍᠂‍ ᠵᠢᠷᠭᠠᠯ ᠤᠨ ᠵᠠᠮ ‍᠂‍ ᠭᠠᠩᠭᠠᠨ ‍᠂‍ ᠰᠢᠪᠠᠷᠳᠠᠢ ‍᠂‍ ᠬᠤᠩᠭᠤᠷ ‍᠂‍ ᠪᠠᠶᠠᠨᠳᠠᠯ᠎ᠠ ‍᠂‍ ᠪᠠᠶᠠᠡᠡᠷᠳᠡᠨᠢ ‍᠂‍ ᠶᠡᠬᠡᠨᠡᠭᠤᠷ ᠤᠨ ᠵᠠᠩ ᠦ᠋ᠢᠯᠡ ᠪᠤᠯ ᠮᠠᠰᠢ ᠤᠶᠢᠷᠠᠯᠴᠠᠭ᠎᠎ᠠ ᠪᠠᠶᠢᠳᠠᠬ ᠠᠵᠢ ‍᠃‍ (ᠪᠦᠷᠢᠨ ᠠᠭᠤᠯᠭ᠎ᠠ ᠶᠢ ᠤᠩᠰᠢᠬᠤ)

Zootopia
 Zootopia

2016ᠤᠨ  ᠤ 3 ᠰᠠᠷ ᠡ ᠵᠢᠨ ᠲᠦᠷᠪᠡᠨ  ᠳᠤ ᠨᠡᠬᠡᠬᠡᠭᠳᠡᠭᠰᠡᠨ Zootopia  ᠨᠢ ᠠᠮᠧᠷᠢᠺᠡ ᠵᠢᠨ Disney ᠺᠤᠮᠫᠠᠨᠢ ᠵᠢᠨ ᠭᠠᠷᠭᠠᠭᠰᠠᠨ 3D ᠬᠡᠤᠬᠡᠯᠳᠠᠢ ᠵᠦᠴᠦᠬᠡ᠂ ᠺᠢᠨᠣ᠋ ᠳᠤ ᠠᠮᠢᠲᠠᠳ ᠤᠨ ᠬᠣᠲᠠ   ᠳᠤ ᠪᠣᠯᠵᠤ ᠪᠤᠢ ᠰᠣᠨᠢᠷᠬᠠᠯ ᠲᠠᠢ ᠠᠳᠠᠯ ᠶᠠᠪᠤᠳᠠᠯ ᠭᠠᠷᠬᠤ ᠪᠥᠭᠡᠳ ᠦᠨᠡᠭᠡ ᠪᠣᠯᠤᠨ ᠲᠠᠤᠯᠠᠢ ᠬᠣᠶᠠᠷ ᠢᠶᠠᠷ ᠨᠥᠬᠥᠷᠯᠡᠯ ᠭᠡᠳᠡᠭ ᠶᠠᠮᠠᠷ ᠡᠷᠬᠢᠮ ᠨᠠᠨᠳᠢᠨ ᠵᠦᠢᠯ ᠪᠤᠯᠬᠤ  ᠶᠢ ᠬᠠᠷᠠᠭᠤᠯᠵᠠᠢ᠃   ᠭᠣᠣᠯ ᠳᠦᠷᠢ᠄ ᠵᠢᠩᠨᠢᠹᠧᠷ ᠭᠡᠭᠦᠳᠪᠢᠨ (Ginnifer Goodwin)᠂ ᠵᠢᠦ᠋ᠳᠢ ᠬᠣᠫᠫᠰ (Judy Hopps)  ᠨᠠᠶᠢᠷᠠᠭᠤᠯᠤᠭᠴᠢ ᠨᠢ ᠪᠠᠶᠢᠷᠧᠨ ᠬᠣᠸᠷᠲ (Byron Howard)᠃ ᠬᠡᠦᠬᠡᠯᠳᠡᠢ ᠶᠢᠨ ᠺᠢᠨᠣ᠋ ᠵᠢ ᠵᠥᠪᠬᠡᠨ ᠬᠡᠦᠬᠡᠳ ᠦᠳ ᠦᠵᠡᠬᠦ ᠶᠣᠰᠣᠲᠠᠢ ᠭᠡᠪᠡᠯ ᠬᠡᠲᠦᠷᠬᠡᠢ ᠥᠷᠦᠭᠡᠰᠦᠭᠡᠯ ᠣᠶᠢᠯᠠᠭᠠᠯᠲᠠ ᠶᠤᠮ᠃ ᠲᠡᠷᠡ ᠡᠭᠦᠳᠡᠨ ᠡᠴᠡ  ᠲᠤᠰ ᠦᠬᠦᠯᠡᠯ  ᠳᠤ ᠲᠠ ᠪᠦᠬᠦᠨ ᠳᠦ ᠪᠡᠨ ᠵᠣᠷᠢᠭᠤᠯᠵᠤ᠂ ᠳᠡᠯᠡᠬᠡᠢ ᠶᠢᠨ ᠬᠠᠮᠤᠭ ᠤᠨ ᠰᠢᠯᠢᠳᠡᠭ ᠬᠡᠦᠬᠡᠯᠳᠡᠢ ᠶᠢᠨ ᠺᠢᠨᠤᠳ ᠡᠴᠡ ᠬᠦᠷᠬᠡᠭᠰᠡᠨ ᠶᠤᠮ ᠃ (ᠪᠦᠷᠢᠨ ᠠᠭᠤᠯᠭ᠎ᠠ ᠶᠢ ᠤᠩᠰᠢᠬᠤ)

ᠮᠤᠩᠭᠤᠯ ᠤᠯᠤᠰ ᠤᠨ ᠬᠠᠮᠠᠭᠠᠯᠠᠯᠲᠠ ᠲᠠᠢ ᠤᠷᠤᠨ ᠤᠳ
ᠮᠤᠩᠭᠤᠯ ᠤᠯᠤᠰ ᠤᠨ ᠬᠠᠮᠠᠭᠠᠯᠠᠯᠲᠠ ᠲᠠᠢ ᠤᠷᠤᠨ ᠤᠳ

ᠮᠣᠩᠭᠣᠯ ᠤᠷᠤᠨ ᠤ ᠪᠠᠶᠢᠭᠠᠯᠢ ᠤᠷᠴᠢᠨ ᠨᠢ ᠲᠤᠩ ᠦᠷᠭᠡᠨ ᠠᠭᠤᠳᠠᠮ ᠮᠦᠷᠲᠡᠭᠡᠨ ᠭᠤᠤ ᠠ ᠰᠠᠶᠢᠬᠠᠨ ᠪᠠᠶᠢᠵᠤ᠂ ᠡᠭᠦᠨ ᠳᠤ ᠮᠤᠩᠭᠤᠯ ᠤᠯᠤᠰ ᠤᠨ ᠤᠷᠠᠨ ᠪᠠᠶᠠᠨ ᠪᠠᠶᠢᠭᠠᠯᠢ ᠤᠨ ᠳᠤᠲᠤᠷ ᠠ ᠳᠠᠷᠬᠠᠯᠠᠭᠳᠠᠭᠰᠠᠨ ᠠᠷᠪᠠᠨ ᠬᠡᠳᠦᠨ ᠭᠠᠵᠠᠷ ᠪᠤᠢ᠃ ᠭᠣᠸ᠎ᠠ ᠦᠵᠡᠰᠬᠦᠯᠡᠩ᠂ ᠨᠥᠭᠡᠴᠡ ᠪᠠᠶᠠᠯᠢᠭ᠂ ᠥᠪᠡᠷᠮᠢᠴᠡ ᠲᠥᠷᠬᠦ ᠲᠣᠭᠲᠠᠴᠠ᠂ ᠰᠢᠨᠵᠢᠯᠡᠨ ᠰᠤᠳᠤᠯᠬᠤ ᠠᠷᠪᠢᠨ ᠲᠡᠦᠬᠡ᠂ ᠭᠠᠵᠠᠷ ᠵᠦᠢ ᠶᠢᠨ ᠣᠨᠴᠠᠯᠢᠭ ᠲᠠᠢ ᠡᠳᠡᠭᠡᠷ ᠭᠠᠵᠠᠷ ᠤᠳ ᠨᠢ ᠮᠢᠩᠭ᠎ᠠ ᠣᠷᠴᠢᠮ ᠺᠦᠸᠠᠳ᠋ ᠺᠢᠯᠤᠮᠸᠲ᠋ᠷ ᠭᠠᠵᠠᠷ ᠢ ᠡᠵᠡᠯᠡᠨ᠂ ᠮᠤᠩᠭᠤᠯ ᠤᠯᠤᠰ ᠤᠨ ᠬᠠᠩᠭᠠᠢ᠂ ᠭᠣᠪᠢ᠂ ᠲᠠᠯ᠎ᠠ ᠬᠡᠭᠡᠷ᠎ᠡ ᠶᠢᠨ ᠠᠭᠤᠳᠠᠮ ᠳᠡᠯᠭᠡᠷ ᠨᠤᠲᠤᠭ ᠲᠤ ᠣᠷᠣᠰᠢᠳᠠᠭ ᠪᠢᠯᠡ᠃ ᠡᠳᠡᠭᠡᠷ ᠳᠠᠷᠬᠠᠨ ᠭᠠᠵᠠᠷ ᠤᠨ ᠲᠤᠬᠠᠢ ᠲᠣᠪᠴᠢᠬᠠᠨ ᠲᠠᠨᠢᠯᠴᠠᠭᠤᠯᠤᠶ᠎ᠠ᠃ (ᠪᠦᠷᠢᠨ ᠠᠭᠤᠯᠭ᠎ᠠ ᠶᠢ ᠤᠩᠰᠢᠬᠤ)

ᠪᠣ ᠤᠷᠠᠯᠢᠭ
ᠪᠣ ᠤᠷᠠᠯᠢᠭ

ᠪᠣ ᠤᠷᠠᠯᠢᠭ (ᠶᠠᠫᠣᠨ:オルリコ᠂ᠠᠩᠭᠯᠢ᠄Orulico᠃1985ᠣᠨ11ᠰᠠᠷ᠎ᠠ19 - ) ᠶᠠᠫᠣᠨ ᠳ᠋ᠤ ᠰᠠᠭᠤᠭ᠎ᠠ ᠥᠪᠥᠷ ᠮᠣᠩᠭᠣᠯ ᠤᠨ ᠡᠮᠡᠭᠲᠡᠢ ᠳᠠᠭᠤᠴᠢᠨ᠂ ᠪᠦᠵᠢᠭᠴᠢᠨ᠃ ᠪᠡᠶ᠎ᠡ ᠶᠢᠨ ᠥᠨᠳᠥᠷ 167cm᠃ᠪᠣ ᠤᠷᠠᠯᠢᠭ ᠪᠤᠶᠤ ᠪᠣᠷᠵᠢᠭᠢᠨ ᠤᠷᠠᠯᠢᠭ 1984 ᠤᠨ ᠤ 11 ᠰᠠᠷᠠᠶᠢᠨ 19 ᠳ᠋ᠤ ᠮᠡᠨᠳᠦᠯᠡᠵᠡᠢ᠃ ᠠᠪᠤ ᠨᠢ ᠪᠦᠬᠡ ᠶᠢᠨ ᠰᠤᠷᠭᠠᠭᠴᠢ᠂ ᠡᠵᠢ ᠨᠢ ᠪᠦᠵᠢᠭᠴᠢᠨ᠃ 1995 ᠤᠨ ᠳ᠋ᠤ ᠭᠠᠨᠰᠤ ᠮᠤᠵᠢ ᠶᠢᠨ ᠪᠠᠷᠠᠭᠤᠨ ᠬᠣᠶᠢᠳᠤ ᠶᠢᠨ ᠦᠨᠳᠦᠰᠦᠲᠡᠨ ᠤ ᠳᠡᠭᠡᠳᠦ ᠰᠤᠷᠭᠠᠭᠤᠯᠢ (ᠣᠳᠣ ᠶᠢᠨ ᠪᠠᠷᠠᠭᠤᠨ ᠬᠣᠶᠢᠳᠤ ᠶᠢᠨ ᠦᠨᠳᠦᠰᠦᠲᠡᠨ ᠤ ᠶᠡᠬᠡ ᠰᠤᠷᠭᠠᠭᠤᠯᠢ) ᠶᠢᠨ ᠪᠦᠵᠢᠭ ᠤᠨ ᠰᠠᠯᠪᠤᠷᠢ ᠲᠤ 11 ᠨᠠᠰᠤᠲᠠᠢ ᠳ᠋ᠤ ᠪᠠᠨ ᠰᠢᠯᠭᠠᠨ ᠣᠷᠣᠵᠣ᠂ ᠮᠣᠩᠭᠣᠯ ᠪᠦᠵᠢᠭ ᠰᠤᠷᠴᠤ ᠡᠬᠢᠯᠡᠵᠡᠢ᠃ (ᠪᠦᠷᠢᠨ ᠠᠭᠤᠯᠭ᠎ᠠ ᠶᠢ ᠤᠩᠰᠢᠬᠤ)

ᠰᠤᠷᠤᠯᠤ ︱4  ᠶᠢᠨ ᠲᠠᠩ
ᠰᠤᠷᠤᠯᠤ ︱4  ᠶᠢᠨ ᠲᠠᠩ

ᠰᠤᠷᠤᠯᠤ ︱4  ᠶᠢᠨ ᠲᠠᠩ (沙参止咳汤散 ) -ᠲᠤᠰ ᠨᠠᠢᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠢᠷᠠᠯᠭ᠎ᠠ ᠪᠣᠯᠤᠨ᠎ᠠ ᠃ ᠡᠭᠦᠨ  ᠳᠦ ᠴᠠᠭᠠᠨ ᠰᠣᠷᠣᠯᠣ ᠂ ᠰᠢᠬᠢᠷ ᠡᠪᠡᠰᠦ  ᠢᠢᠨ ᠠᠮᠲᠠᠯᠢᠭ  ᠢᠶᠠᠷ ᠠᠭᠤᠰᠭᠢ  ᠶᠢ ᠰᠢᠮᠡᠵᠢᠭᠦᠯᠵᠦ ᠬᠠᠨᠢᠶᠠᠬᠤ ᠵᠢ ᠵᠤᠭᠰᠤᠭᠠᠨ᠎ᠠ᠃ ᠮᠡᠭᠡᠷ᠂ ᠡᠩᠭᠡᠰᠭᠡ  ᠢᠢᠨ ᠭᠠᠰᠢᠭᠤᠨ ᠠᠮᠲᠠ ᠰᠡᠷᠢᠭᠦᠨ ᠴᠢᠨᠠᠷ  ᠢᠶᠠᠷ ᠠᠭᠤᠰᠭᠢᠨ ᠬᠠᠯᠠᠭᠤᠨ  ᠢ ᠠᠷᠢᠯᠭᠠᠨ᠎ᠠ᠃ ᠶᠡᠷᠦ ᠨᠢ ᠲᠤᠰ ᠨᠠᠢᠢᠷᠠᠯᠭ᠎ᠠ ᠪᠤᠯ ᠠᠭᠤᠰᠭᠢᠨ ᠬᠠᠯᠠᠭᠤᠨ ᠵᠢ ᠠᠷᠢᠯᠭᠠᠬᠤ᠂ ᠬᠠᠨᠢᠶᠠᠬᠤ ᠵᠢ ᠵᠣᠭᠰᠤᠭᠠᠬᠤ ᠴᠠᠭᠠᠨ ᠰᠣᠷᠣᠯᠣ ᠪᠡᠷ ᠭᠣᠣᠯᠯᠠᠬᠴᠢ ᠡᠮ ᠪᠤᠯᠭᠠᠵᠤ ᠠᠭᠤᠰᠭᠢᠨ ᠬᠠᠯᠠᠭᠤᠨ  ᠢ ᠠᠷᠢᠯᠭᠠᠨ ᠴᠡᠷ  ᠢ ᠬᠣᠪᠬᠤᠯᠬᠤ ᠮᠡᠭᠡᠷ ᠂ ᠰᠢᠬᠢᠷ ᠡᠪᠡᠰᠦ  ᠶᠢ ᠬᠠᠪᠰᠤᠷᠭᠠᠨ ᠂ ᠴᠢᠰᠤᠨ ᠬᠠᠯᠠᠭᠤᠨ  ᠢ ᠠᠷᠢᠯᠭᠠᠬᠤ ᠡᠩᠭᠡᠰᠭᠡ  ᠶᠢ ᠦᠢᠯᠡᠴᠢᠯᠡᠭᠦᠯᠦᠨ ᠨᠠᠢᠢᠷᠠᠭᠤᠯᠤᠭᠰᠠᠨ ᠲᠤᠯᠠ ᠠᠮᠲᠠ ᠪᠣᠯᠤᠨ ᠴᠢᠳᠠᠯ ᠵᠤᠬᠢᠯᠲᠤᠭᠰᠠᠠ ᠨᠠᠢᠢᠷᠠᠯᠭ᠎ᠠ ᠪᠤᠯᠵᠤ ᠪᠦᠷᠢᠯᠲᠦᠵᠡᠢ ᠃ ᠠᠭᠤᠰᠭᠢᠨ ᠬᠠᠯᠠᠭᠤᠨ ᠂ ᠴᠢᠰᠤᠨ ᠬᠠᠯᠠᠭᠤᠨ  ᠢᠶᠡᠷ ᠠᠭᠤᠰᠭᠢ ᠬᠠᠳᠭᠤᠯᠠᠬᠤ ᠂ ᠰᠢᠷ᠎ᠠ ᠴᠡᠷ ᠪᠤᠶᠤ ᠴᠢᠰᠤᠲᠠᠢ ᠴᠡᠷ  ᠢᠶᠠᠷ ᠬᠠᠨᠢᠶᠠᠬᠤ ᠂ ᠠᠭᠤᠰᠭᠢᠨ ᠲᠠᠭᠰᠢᠭᠤᠷ ᠵᠡᠷᠭᠡ  ᠳᠤ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠮᠤᠩᠭᠤᠯᠴᠤᠳ ᠤᠨ ᠶᠠᠫᠤᠨ ᠤᠷᠤᠭᠤ ᠬᠢᠭᠰᠡᠨ ᠳᠤᠪᠲᠤᠯᠭ᠎ ᠠ
ᠮᠤᠩᠭᠤᠯᠴᠤᠳ ᠤᠨ ᠶᠠᠫᠤᠨ ᠤᠷᠤᠭᠤ ᠬᠢᠭᠰᠡᠨ ᠳᠤᠪᠲᠤᠯᠭ᠎ ᠠ

ᠬᠤᠪᠢᠯᠠᠢ 1260 ᠤᠨ ᠳᠤ ᠶᠤᠸᠠᠨ ᠭᠦᠷᠦᠨ ᠦ ᠬᠠᠭᠠᠨ ᠰᠠᠭᠤᠷᠢᠨ ᠳᠤ ᠡᠷᠭᠦᠮᠵᠢᠯᠡᠭᠳᠡᠭᠡᠳ ᠳᠠᠷᠤᠢ ᠵᠢᠷᠭᠤᠭᠠᠨ ᠵᠢᠯ ᠥᠩᠭᠡᠷᠡᠭᠡᠳ ᠪᠠᠶᠢᠬᠤ ᠳᠤ ᠶᠠᠫᠣᠨ ᠠᠴᠠ ᠬᠤᠪᠢᠯᠠᠢ ᠬᠠᠭᠠᠨ ᠳᠤ ᠡᠯᠴᠢ ᠵᠠᠷᠤᠵᠤ ᠬᠦᠨᠳᠦᠳᠬᠡᠯ ᠦᠵᠡᠭᠦᠯᠦᠭᠰᠡᠨ ᠦᠭᠡᠢ᠃ ᠪᠠᠰᠠ ᠪᠡᠯᠡᠭ ᠳᠤᠷᠠᠰᠬᠠᠯ ᠴᠤ ᠢᠯᠡᠭᠡᠭᠰᠡᠨ ᠦᠭᠡᠢ᠃ ᠭᠡᠲᠡᠯ᠎ᠡ᠄ ᠬᠤᠪᠢᠯᠠᠢ ᠠᠴᠠ ᠡᠮᠦᠨᠡᠬᠢ ᠬᠢᠲᠠᠳᠭᠦᠷᠦᠨ ᠤ ᠬᠠᠭᠠᠳ ᠲᠠᠢ ᠶᠠᠫᠣᠨ ᠤ ᠬᠠᠭᠠᠳ ᠪᠠᠶᠢᠩᠭᠤ ᠶᠢᠨ ᠬᠠᠷᠢᠯᠴᠠᠭ᠎ᠠ ᠲᠠᠢ ᠪᠠᠶᠢᠵᠠᠢ᠃ ᠡᠭᠦᠨ ᠢ ᠬᠤᠪᠢᠯᠠᠢ ᠬᠠᠭᠠᠨ ᠠᠴᠠ ᠶᠠᠫᠣᠨ ᠤ ᠸᠠᠩ ᠳᠤ ᠢᠯᠡᠭᠡᠭᠰᠡᠨ ᠠᠩᠬᠠᠨ ᠤ ᠵᠤᠤ ᠪᠢᠴᠢᠭ ᠨᠣᠲᠠᠯᠠᠵᠤ ᠪᠠᠶᠢᠨ᠎ᠠ᠃ ᠬᠤᠪᠢᠯᠠᠢ ᠬᠠᠭᠠᠨ ᠨᠠᠷᠢᠨ ᠤᠴᠢᠷ ᠰᠢᠯᠲᠠᠭᠠᠨ ᠤ ᠤᠯᠠᠮ ᠠᠴᠠ ᠠᠩᠬᠠᠨ ᠤ ᠪᠠᠨ ᠵᠤᠤ ᠪᠢᠴᠢᠭ ᠢ ᠶᠠᠫᠣᠨ ᠤ ᠸᠠᠩ ᠳᠤ 1266 ᠤᠨ ᠳᠤ ᠪᠤᠶᠤ《ᠶᠡᠬᠡ ᠮᠣᠩᠭᠣᠯ ᠤᠯᠤᠰ ᠪᠠᠶᠢᠭᠤᠯᠤᠭᠳᠠᠰᠤᠨ ᠤ 60 ᠵᠢᠯ ᠦᠨ ᠣᠢ》ᠪᠠᠷ ᠶᠠᠪᠤᠭᠤᠯᠤᠭᠰᠠᠨ ᠨᠢ ᠤᠴᠢᠷᠲᠠᠢ ᠪᠠᠶᠢᠯ ᠠ᠃ ᠲᠡᠩᠭᠢᠰ ᠳᠠᠯᠠᠢ ᠪᠠᠷ ᠲᠣᠭᠣᠷᠢᠨ ᠬᠦᠷᠢᠶᠡᠯᠡᠭᠳᠡᠭᠰᠡᠨ ᠶᠠᠫᠣᠨ ᠤᠯᠤᠰ ᠨᠢ ᠳᠥᠷᠪᠡᠨ ᠵᠠᠭᠤᠨ ᠤ ᠲᠤᠷᠰᠢᠳᠠ ᠬᠢᠲᠠᠳ ᠭᠦᠷᠦᠨ ᠤ ᠡᠬᠡ ᠭᠠᠵᠠᠷ ᠠᠴᠠ ᠲᠤᠰᠠᠭᠠᠷᠯᠠᠭᠳᠠᠭᠰᠠᠨ ᠪᠠᠶᠢᠵᠠᠢ᠃ ᠠᠷᠪᠠᠨ ᠲᠠᠪᠤᠳᠤᠭᠠᠷ ᠵᠠᠭᠤᠨ ᠤ ᠳᠤᠮᠳᠠ ᠦᠶ᠎ᠡ ᠬᠦᠷᠲᠡᠯ᠎ᠡ ᠬᠢᠲᠠᠳ ᠭᠦᠷᠦᠨ ᠤ ᠬᠦᠮᠦᠰ ᠤᠳ ᠪᠤᠳ᠋ᠳ᠋ᠾᠠᠶᠢᠰᠮ ᠢ ᠬᠠᠪᠴᠢᠨ ᠬᠢᠬᠠᠵᠤ ᠪᠠᠶᠢᠭᠰᠠᠨ ᠨᠢ ᠶᠠᠫᠣᠨᠴᠤᠳ ᠢ ᠬᠥᠨᠳᠡᠶᠢᠷᠡᠭᠦᠯᠵᠡᠢ᠂ ᠬᠢᠲᠠᠳ ᠭᠦᠷᠦᠨ ᠲᠠᠢ ᠬᠠᠷᠢᠯᠴᠠᠬᠤ ᠰᠤᠶᠤᠯ ᠤᠨ ᠪᠣᠯᠤᠨ ᠬᠤᠳᠠᠯᠳᠤᠭ᠎ᠠ ᠮᠠᠶᠢᠮᠠᠢ ᠶᠢᠨ ᠠᠯᠢᠪᠠ ᠬᠠᠷᠢᠯᠴᠠᠭ᠎ᠠ ᠪᠠᠨ ᠪᠠᠷᠤᠭ ᠪᠦᠭᠦᠳᠡ ᠶᠢ ᠲᠠᠰᠤᠯᠬᠤ ᠳᠤ ᠬᠦᠷᠭᠡᠭᠰᠡᠨ ᠪᠠᠶᠢᠵᠠᠢ᠃ ᠲᠡᠶᠢᠮᠦ ᠡᠴᠡ ᠬᠤᠪᠢᠯᠠᠢ ᠶᠢᠨ ᠬᠤᠪᠢ ᠳᠤ ᠶᠠᠫᠣᠨ ᠢ ᠡᠵᠡᠯᠡᠵᠦ ᠬᠠᠷᠢᠶᠠᠲᠤ ᠪᠠᠨ ᠪᠣᠯᠭᠠᠨ᠎ᠠ ᠭᠡᠬᠦ ᠡᠴᠡ ᠪᠡᠨ ᠢᠯᠡᠭᠦᠦ ᠬᠢᠲᠠᠳ ᠤᠷᠤᠨ ᠳᠤ ᠨᠡᠷ᠎ᠡ ᠬᠦᠨᠳᠦ ᠪᠡᠨ ᠶᠡᠬᠡᠰᠬᠡᠬᠦ ᠭᠡᠰᠡᠨ ᠵᠣᠷᠢᠯᠭ᠎ᠠ ᠶᠢᠨ ᠡᠭᠦᠳᠡᠨ ᠡᠴᠡ ᠬᠢᠵᠦ ᠪᠠᠶᠢᠭᠰᠠᠨ ᠪᠣᠯᠪᠠᠤ᠃ ᠬᠤᠪᠢᠯᠠᠢ ᠬᠠᠭᠠᠨ ᠡᠶᠢᠨᠬᠦᠦ ᠨᠠᠷᠠᠨ ᠮᠠᠨᠳᠤᠬᠤ ᠤᠯᠤᠰ ᠲᠠᠢ ᠬᠠᠷᠢᠯᠴᠠᠵᠤ ᠡᠬᠢᠯᠡᠬᠦ ᠪᠡᠷ ᠰᠢᠢᠳᠦᠵᠦ᠂ ᠰᠡᠭᠦᠯ ᠳᠤ ᠨᠢ ᠳᠠᠶᠢᠯᠠᠬᠤ ᠳᠤ ᠬᠦᠷᠦᠭᠰᠡᠨ ᠪᠠᠶᠢᠨ᠎ ᠠ᠃ (ᠪᠦᠷᠢᠨ ᠠᠭᠤᠯᠭ᠎ᠠ ᠶᠢ ᠤᠩᠰᠢᠬᠤ)

ᠮᠡᠳᠬᠡᠯᠴᠡᠭᠡᠨ
ᠮᠡᠳᠬᠡᠯᠴᠡᠭᠡᠨ

ᠮᠡᠳᠬᠡᠯᠴᠡᠭᠡᠨ (мэтгэлцээн) (ᠠᠩᠭᠯᠢ ᠪᠠᠷ Debateᠬᠢᠲᠠᠳ ᠢᠶᠠᠷ 辩论) ᠭᠡᠳᠡᠭ ᠨᠢ ᠣᠷᠴᠢᠨ ᠦᠶ᠎ᠡ ᠳᠦ ᠪᠣᠯᠪᠠᠰᠤᠷᠠᠯ ᠍ ᠤᠨ ᠰᠤᠷᠭᠠᠯᠲᠠ ᠬᠡᠯᠪᠡᠷᠢ ᠪᠡᠷ ᠶᠡᠬᠡᠪᠴᠢᠯᠡᠨ ᠬᠡᠷᠡᠭᠯᠡᠭᠳᠡᠳᠡᠭ ᠲᠣᠳᠣᠷᠬᠠᠢ ᠰᠡᠳᠦᠪ ᠦᠨ ᠲᠠᠯ᠎ᠠ ᠪᠠᠷ ᠦᠨᠡᠨ ᠵᠥᠪ᠂ ᠬᠤᠳᠠᠯ ᠪᠤᠷᠤᠭᠤ ᠬᠣᠶᠠᠷ ᠲᠠᠯ᠎ᠠ ᠠᠴᠠ ᠨᠢ ᠦᠨᠳᠦᠰᠦᠯᠡᠯ᠂ ᠨᠣᠲᠠᠯᠠᠭ᠎ᠠ ᠲᠠᠢ ᠪᠠᠷ ᠢᠯᠡᠳᠬᠡᠨ ᠮᠡᠳᠬᠡᠯᠴᠡᠵᠦ᠂ ᠮᠠᠷᠭᠤᠯᠳᠤᠬᠤ ᠠᠷᠭ᠎ᠠ ᠪᠠᠷᠢᠯ ᠶᠤᠮ᠃ ᠮᠡᠳᠬᠡᠯᠴᠡᠭᠡᠨ ᠨᠢ ᠮᠥᠨ ᠤᠯᠤᠰ ᠲᠥᠷᠥ ᠳᠤ ᠬᠡᠷᠡᠭᠯᠡᠭᠳᠡᠳᠡᠭ᠃ ᠮᠣᠩᠭᠣᠯᠴᠤᠳ ᠡᠷᠲᠡ ᠦᠶᠡᠰ ᠮᠡᠳᠬᠡᠯᠴᠡᠭᠡᠨ ᠦ ᠠᠷᠭ᠎ᠠ ᠪᠠᠷᠢᠯ ᠢ ᠮᠥᠨ ᠳᠠᠭᠠᠷᠢᠯᠴᠠᠭ᠎ᠠ ᠦᠭᠡ ᠬᠡᠮᠡᠨ ᠨᠡᠷᠡᠯᠡᠵᠦ ᠢᠷᠡᠭᠰᠡᠨ᠃ ᠮᠡᠳᠬᠡᠯᠴᠡᠭᠡᠨ ᠨᠢ ᠲᠣᠳᠣᠷᠬᠠᠢ ᠳᠦᠷᠢᠮ ᠲᠡᠢ ᠪᠠᠶᠢᠳᠠᠭ ᠢᠶᠠᠷ ᠢᠶᠠᠨ ᠬᠡᠯᠡᠯᠴᠡᠭᠦᠯᠭᠡ ᠡᠴᠡ ᠢᠯᠭᠠᠷᠠᠬᠤ ᠪᠥᠭᠡᠳ ᠢᠯᠡᠭᠦᠦ ᠢᠯᠠᠬᠤ᠂ ᠲᠡᠮᠡᠴᠡᠯᠳᠦᠬᠦ ᠰᠢᠨᠵᠢ ᠲᠡᠢ ᠶᠤᠮ᠃ ᠪᠣᠯᠪᠠᠰᠤᠷᠠᠯ ᠤᠨ ᠮᠡᠳᠬᠡᠯᠴᠡᠭᠡᠨ ᠳᠦ ᠨᠣᠲᠠᠯᠠᠭᠴᠢ᠂ ᠨᠢᠴᠤᠭᠠᠭᠴᠢ ᠲᠠᠯ᠎ᠠ ᠬᠣᠭᠣᠷᠣᠨᠳᠣ ᠪᠠᠨ ᠥᠷᠢᠰᠦᠯᠳᠥᠬᠦ ᠪᠥᠭᠡᠳ ᠡᠭᠦᠨ ᠢ ᠰᠢᠭᠦᠭᠴᠢ ᠱᠦᠭᠦᠵᠦ ᠬᠡᠨ ᠨᠢ ᠰᠡᠳᠦᠪ ᠦᠨ ᠰᠢᠢᠳᠦᠯ ᠢ ᠵᠥᠪ ᠲᠣᠳᠣᠷᠬᠠᠶᠢᠯᠠᠵᠤ ᠪᠤᠢ ᠶᠢ ᠳ᠋ᠦᠩᠨᠡᠳᠡᠭ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2016 11 13 1

PPAP
 PPAP

ᠭᠢᠨᠢᠰ ᠦᠨ ᠳᠡᠭᠡᠳᠦ ᠠᠮᠵᠢᠯᠲᠠ  ᠳᠤ ᠲᠤᠭᠠᠴᠢᠭᠳᠠᠭᠰᠠᠨ ᠶᠠᠫᠣᠨ ᠳᠠᠭᠤᠤ 《PPAP》 ᠪᠤᠶᠤ 《Pen-Pineapple-Apple-Pen》(ᠪᠢᠷ- ᠬᠠᠨ ᠪᠣᠷᠭᠣᠴᠠᠢ - ᠠᠯᠮᠤᠷᠠᠳ - ᠪᠢᠷ ) ᠭᠡᠬᠦ 51 ᠰᠧᠺᠦ᠋ᠨ᠋ᠳ᠋ ᠦᠷᠭᠦᠯᠵᠢᠯᠡᠬᠦ ᠳᠠᠭᠤᠤ ᠨᠢ ᠳᠡᠯᠡᠬᠡᠢ ᠨᠡᠶᠢᠲᠡ ᠶᠢᠨ ᠠᠩᠬᠠᠷᠤᠯ ᠢ ᠲᠠᠲᠠᠵᠤ᠂ ᠱᠤᠤᠭᠢᠶᠠᠨ ᠲᠠᠷᠢᠭᠠᠳ ᠪᠠᠶᠢᠭ᠎ᠠ ᠪᠢᠯᠡ᠃ ᠶᠠᠫᠣᠨ ᠤ ᠤᠷᠠᠨ ᠪᠦᠲᠦᠭᠡᠯᠴᠢ ᠫᠢᠺᠣ ᠲᠠᠷᠣ ᠨᠢ ᠥᠪᠡᠷ ᠦᠨ ᠳᠠᠭᠤ ᠪᠠᠨ 《youtube》 ᠬᠠᠭᠤᠳᠠᠰᠤᠨ᠎ᠠ ᠪᠠᠶᠢᠷᠢᠰᠢᠭᠤᠯᠤᠭᠰᠠᠨ ᠪᠥᠭᠡᠳ ᠠᠩᠬ᠎ᠠ ᠳᠠᠭᠤᠴᠢᠨ ᠵᠧᠰᠲ᠋ᠢᠨ ᠪᠢᠪᠧᠷ 《ᠮᠢᠨᠤ ᠬᠠᠮᠤᠭ ᠤᠨ ᠳᠤᠷᠠᠲᠠᠢ ᠳᠠᠭᠤᠤ》 ᠬᠡᠮᠡᠨ ᠲᠦᠭᠡᠭᠡᠭᠰᠡᠨ ᠢᠶᠡᠷ ᠶᠠᠫᠣᠨ ᠳᠠᠭᠤᠴᠢᠨ ᠤ ᠠᠮᠢᠳᠤᠷᠠᠯ ᠰᠡᠭᠦᠯ ᠦᠨ ᠨᠢᠭᠡ ᠰᠠᠷ᠎ᠠ ᠶᠢᠨ ᠳᠣᠲᠣᠷ᠎ᠠ ᠶᠡᠬᠡ ᠪᠡᠷ ᠥᠭᠡᠷᠡᠴᠢᠯᠡᠭᠳᠡᠭᠰᠡᠨ ᠶᠤᠮ᠃ ᠡᠨᠡᠬᠦ ᠤᠷᠠᠨ ᠪᠦᠲᠦᠭᠡᠯ ᠨᠢ 《Billboard ᠰᠡᠳᠬᠦᠯ ᠳᠦ ᠪᠠᠭᠲᠠᠭᠰᠠᠨ ᠳᠡᠯᠡᠬᠡᠢ ᠶᠢᠨ ᠬᠠᠮᠤᠭ ᠤᠨ ᠪᠣᠭᠣᠨᠢ ᠳᠠᠭᠤᠤ》 ᠍ ᠪᠠᠷ ᠰᠢᠯᠭᠠᠷᠠᠵᠤ᠂ ᠭᠢᠨ᠋ᠢᠰ ᠦᠨ ᠨᠣᠮ ᠳᠤ ᠪᠢᠴᠢᠭᠳᠡᠭᠰᠡᠨ ᠠᠵᠢ᠃ (ᠪᠦᠷᠢᠨ ᠠᠭᠤᠯᠭ᠎ᠠ ᠶᠢ ᠤᠩᠰᠢᠬᠤ)

ᠪᠦᠷᠢᠨᠲᠡᠭᠦᠰ
ᠵᠤᠬᠢᠶᠠᠯᠴᠢ ᠪᠦᠷᠢᠨᠲᠡᠭᠦᠰ

ᠵᠤᠬᠢᠶᠠᠯᠴᠢ ᠪᠦᠷᠢᠨᠲᠡᠭᠦᠰ ‍ ᠨᠢ 1947  ᠤᠨ  ᠦ 8 ᠰᠠᠷ᠎ᠠ ᠶᠢᠨ 13 ᠳ᠋᠋ᠤ ᠪᠠᠶᠠᠨᠨᠠᠭᠤᠷ ᠦᠨ ᠭᠤᠷᠪᠠᠨ ᠭᠦᠩ ᠦᠨ ᠬᠤᠰᠢᠭᠤᠨ ᠦ ᠳᠤᠮᠳᠠ ᠬᠤᠰᠢᠭᠤᠨ(ᠤᠷᠠᠳ ᠦᠨ ᠳᠤᠮᠳᠠᠳᠤ ᠬᠤᠰᠢᠭᠤ ) ᠦ ᠤᠯᠠᠭᠠᠰᠤᠲᠠᠢ ᠭᠠᠴᠠᠭᠠᠨ ᠦ ᠮᠠᠯᠴᠢᠨ ᠡᠷᠬᠢᠮᠪᠠᠶᠠᠷ ᠦᠨ ᠬᠤᠶᠠᠳᠤᠭᠠᠷ ᠬᠦᠦ ᠪᠤᠯᠵᠤ ᠵᠠᠶᠠᠭᠠᠵᠠᠢ᠃ 1980  ᠤᠨ ᠳ᠋ᠤ ᠠᠩᠬᠠᠨ ᠦ ᠪᠦᠲᠦᠭᠡᠯ 《ᠮᠤᠲ᠋ᠤᠷ ᠳᠠᠮᠳᠢᠨ》ᠦᠭᠦᠯᠡᠯᠭᠡ ᠨᠢ 《ᠦᠨᠢᠷ ᠴᠡᠴᠡᠭ》ᠰᠡᠳᠬᠦᠯ ᠳ᠋ᠤ ᠨᠡᠢᠢᠲᠡᠯᠡᠭᠳᠡᠵᠦ᠂ ᠰᠡᠭᠦᠯ ᠳ᠋ᠤᠨᠢ ᠳᠤᠮᠳᠠᠳᠤ ᠰᠤᠷᠭᠠᠭᠤᠯᠢ ᠢᠢᠨ ᠬᠢᠴᠢᠶᠡᠯ ᠦᠨ ᠪᠢᠴᠢᠭ᠌ ᠲᠤ ᠤᠷᠤᠵᠠᠢ᠃ 1984  ᠤᠨ ᠳ᠋ᠤ ᠦᠪᠦᠷ ᠮᠤᠩᠭᠤᠯ ᠦᠨ ᠤᠳᠬ᠎ᠠ ᠵᠤᠬᠢᠶᠠᠯ ᠰᠤᠳᠤᠯᠬᠤ ᠠᠩᠬᠢ ᠳᠤ ᠰᠤᠷᠤᠯᠴᠠᠵᠤ᠂1986  ᠤᠨ ᠳ᠋ᠤ ᠲᠡᠭᠦᠰᠴᠡᠢ᠃ ᠲᠡᠭᠦᠰᠦᠭᠰᠡᠨ ᠦ ᠳᠠᠷᠠᠭ᠎ᠠ ᠠᠩᠬᠠᠨ ᠦ ᠷᠤᠮᠠᠨ 《ᠳᠡᠯᠭᠡᠷ ᠬᠠᠩᠭᠠᠢ》 ᠪᠠᠨ ᠪᠢᠴᠢᠭᠡᠳ ᠶᠡᠷᠡᠨ ᠤᠨ ᠪᠤᠯᠲᠠᠯ᠎ᠠ 5 ᠷᠤᠮᠠᠨ 2 ᠲᠡᠭᠦᠪᠦᠷᠢ ᠬᠡᠪᠯᠡᠭᠦᠯᠵᠡᠢ᠃ 1990  ᠤᠨ ᠳ᠋ᠤ 《ᠬᠠᠨ ᠳᠡᠯᠡᠬᠡᠢ ᠢᠢᠨ ᠪᠤᠶᠠᠨ 》ᠷᠤᠮᠠᠨ ᠎ ᠢ ᠬᠡᠪᠯᠡᠭᠦᠯᠵᠡᠢ᠃ ᠲᠦᠯᠦᠭᠡᠯᠡᠬᠦ ᠪᠦᠲᠦᠭᠡᠯ ᠳ᠋ᠤ《‍ ᠳᠡᠯᠭᠡᠷ ᠬᠠᠩᠭᠠᠢ ‍》᠂‍ ‍《‍ ᠭᠣᠪᠢ ᠶᠢᠨ ᠲᠤᠤᠯᠢᠶᠠᠨ ‍》᠂‍ ‍《‍ ᠬᠠᠨ ᠳᠡᠯᠡᠬᠡᠢ ‍》‍ ᠂《‍ ᠨᠤᠲᠤᠭ ᠤᠨ ᠰᠠᠬᠢᠭᠤᠰᠤ ‍》᠂‍ 《‍ ᠪᠣᠬ᠎ᠠ ᠶᠢᠨ ᠳᠣᠮᠤᠭ ‍》᠂《‍ ᠮᠢᠨᠤ ᠮᠣᠩᠭᠤᠯ ᠪᠦᠰᠡᠭᠦᠢ ‍》‍᠂ ‍《‍ ᠭᠠᠯ ᠰᠢᠷᠬ᠎ᠠ ‍》᠂‍ ‍《‍ ᠭᠤᠪᠢ ᠶᠢᠨ ᠭᠤᠷᠪᠠᠨ ᠭᠦᠷᠦᠭᠡᠰᠦ ‍》‍ ‍᠂《‍ ᠭᠠᠵᠠᠷ ᠤᠨ ᠭᠠᠪᠠ ‍》‍ ᠂‍《‍ ᠭᠠᠩᠭᠠᠩ ᠬᠠᠷ᠎ᠠ ‍》᠂《‍ ᠰᠠᠷᠪᠠᠩ ᠤᠨ ᠬᠤᠶᠠᠷ ᠲᠣᠯᠤᠭᠠᠢ ‍》‍᠂《‍ ᠬᠠᠨ ᠳᠡᠯᠡᠬᠡᠢ ᠶᠢᠨ ᠪᠤᠶᠠᠨ ‍》‍ ᠵᠡᠷᠭᠡ ᠪᠣᠢ ‍᠃ (ᠪᠦᠷᠢᠨ ᠠᠭᠤᠯᠭ᠎ᠠ ᠶᠢ ᠤᠩᠰᠢᠬᠤ)

2016 ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠢᠯᠡᠭᠴᠢ ᠶᠢᠨ ᠰᠣᠩᠭᠣᠭᠤᠯᠢ
2016 ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠢᠯᠡᠭᠴᠢ ᠶᠢᠨ ᠰᠣᠩᠭᠣᠭᠤᠯᠢ

2016 ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠶᠢᠨ ᠰᠣᠩᠭᠣᠭᠤᠯᠢ ᠶᠢᠨ 58 ᠳ᠋ᠠᠬᠢ ᠤᠳᠠᠭ᠎ᠠ ᠶᠢᠨ ᠰᠣᠩᠭᠣᠭᠤᠯᠢ 2016 ᠤᠨ ᠤ 11ᠳ᠋ᠤᠭᠠᠷ ᠰᠠᠷ᠎ᠠ ᠶᠢᠨ 8 ᠍ ᠳᠤ ᠰᠠᠨᠠᠯ ᠲᠣᠭᠠᠯᠠᠯᠭ᠎ᠠ ᠳᠠᠭᠤᠰᠴᠤ᠂ ᠶᠡᠷᠦᠩᠬᠡᠶᠢᠯᠡᠭᠴᠢ ᠶᠢᠨ ᠨᠡᠷ᠎ᠡ ᠲᠣᠳᠣᠷᠠᠯ᠎ᠠ᠃ ᠰᠣᠩᠭᠣᠭᠤᠯᠢ ᠳᠤ ᠪᠦᠭᠦᠳᠡ ᠨᠠᠶᠢᠷᠠᠮᠳᠠᠬᠤ ᠨᠠᠮ ᠠᠴᠠ ᠳ ∙ ᠲᠷᠠᠮᠫ ᠂ ᠠᠷᠠᠳᠴᠢᠯᠠᠭᠰᠠᠨ ᠨᠠᠮ ᠠᠴᠠ ᠠᠮᠧᠷᠢᠺᠠ ᠶᠢᠨ ᠨᠢᠭᠡᠳᠦᠭᠰᠡᠨ ᠤᠯᠤᠰ ᠶᠢᠨ ᠲᠡᠷᠢᠭᠦᠨ ᠬᠠᠲᠤᠭᠲᠠᠢ᠂ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠬᠢᠯᠠᠷᠢ ᠺᠯᠢᠨᠲᠠᠨ ᠥᠷᠢᠰᠦᠯᠳᠦᠵᠦ ᠪᠠᠶᠢᠵᠠᠢ᠃ ᠪᠦᠭᠦᠳᠡ ᠨᠠᠶᠢᠷᠠᠮᠳᠠᠬᠤ ᠨᠠᠮ ᠠᠴᠠ ᠨᠡᠷ᠎ᠡ ᠳᠡᠪᠰᠢᠭᠴᠢ ᠳ ∙ ᠲᠷᠠᠮᠫ ᠬᠠᠮᠤᠭ ᠤᠨ ᠰᠡᠭᠦᠯ ᠳᠦ ᠫᠧᠨᠰᠡᠯᠸᠠᠨᠢ ᠮᠤᠵᠢ ᠳᠤ ᠢᠯᠠᠵᠤ᠂ 20 ᠲᠥᠯᠥᠭᠡᠯᠡᠭᠴᠢ ᠶᠢᠨ ᠰᠠᠨᠠᠯ ᠠᠪᠤᠭᠰᠠᠨ ᠢᠶᠠᠷ 276 ᠰᠠᠨᠠᠯ ᠲᠠᠢ ᠪᠣᠯᠵᠤ᠂ ᠥᠷᠢᠰᠦᠯᠳᠦᠭᠴᠢ ᠬᠢᠯᠠᠷᠢ ᠺᠯᠢᠨᠲᠠᠨ  ᠢ ᠢᠯᠠᠭᠰᠠᠨ᠃ ᠠᠮᠧᠷᠢᠺᠠ ᠶᠢᠨ ᠨᠢᠭᠡᠳᠦᠭᠰᠡᠨ ᠤᠯᠤᠰ ᠤᠨ 50 ᠮᠤᠵᠢ ᠶᠢᠨ ᠰᠣᠩᠭᠣᠭᠴᠢᠳ ᠤᠨ ᠲᠥᠯᠥᠭᠡᠯᠡᠯ ᠦᠨ ᠨᠡᠶᠢᠲᠡ ᠰᠠᠨᠠᠯ ᠤᠨ ᠲᠣᠭ᠎ᠠ 538 ᠪᠥᠭᠡᠳ ᠡᠭᠦᠨ ᠡᠴᠡ 270 ᠰᠠᠨᠠᠯ ᠢ ᠠᠪᠠᠪᠠᠯ ᠢᠯᠠᠯᠲᠠ ᠪᠠᠶᠢᠭᠤᠯᠤᠨ᠎ᠠ᠃ ᠠᠮᠧᠷᠢᠺᠠ ᠶᠢᠨ ᠨᠢᠭᠡᠳᠦᠭᠰᠡᠨ ᠤᠯᠤᠰ ᠪᠣᠯ ᠳᠡᠯᠡᠬᠡᠢ ᠶᠢᠨ ᠲᠡᠷᠢᠭᠦᠯᠡᠭᠴᠢ ᠣᠷᠣᠨ᠂ ᠳᠡᠯᠡᠬᠡᠢ ᠳᠠᠬᠢᠨ ᠤ ᠪᠣᠳᠣᠯᠭ᠎ᠠ ᠶᠢ ᠲᠣᠳᠣᠷᠬᠠᠶᠢᠯᠠᠬᠤ ᠳᠤ ᠴᠢᠬᠤᠯᠠ ᠡᠭᠦᠷᠭᠡ ᠲᠡᠢ ᠣᠷᠣᠨ᠃ ᠡᠨᠡ ᠤᠳᠬ᠎ᠠ ᠪᠠᠷ ᠢᠶᠠᠨ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠳᠡᠯᠡᠬᠡᠢ ᠶᠢᠨ ᠡᠯ᠎ᠡ ᠤᠯᠤᠰ ᠣᠷᠣᠨ ᠤ ᠭᠠᠳᠠᠭᠠᠳᠤ ᠪᠣᠳᠣᠯᠭ᠎ᠠ᠂ ᠬᠠᠷᠢᠯᠴᠠᠭᠠᠨ ᠳᠤ ᠴᠢᠬᠤᠯᠠ ᠨᠥᠯᠥᠭᠡ ᠲᠡᠢ ᠭᠡᠵᠦ ᠬᠡᠯᠡᠵᠦ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠠᠨᠠᠷ ᠯᠢᠨᠭᠬᠤ᠎ᠠ
ᠴᠠᠭᠠᠨ ᠽᠠᠨᠳᠠᠨ

ᠠᠨᠠᠷ ᠯᠢᠨᠭᠬᠤ᠎ᠠ ︱ 8 (阿那日八味散 ) -ᠲᠤᠰ ᠨᠠᠢᠷᠠᠯᠭ᠎ᠠ ᠪᠣᠯ ᠴᠢᠳᠠᠯ  ᠢ ᠮᠦᠷᠳᠡᠭᠰᠡᠨ ᠪᠦᠯᠢᠶᠡᠨ ᠴᠢᠨᠠᠷ ᠲᠠᠢ ᠨᠠᠢᠷᠠᠯᠭ᠎ᠠ ᠪᠣᠯᠤᠨ᠎ᠠ ᠃ ᠡᠭᠦᠨ  ᠳᠦ ᠬᠤᠳᠤᠭᠤᠳᠤᠨ ᠢᠯᠴᠢ  ᠶᠢ ᠰᠡᠯᠪᠢᠬᠦ᠂ ᠳᠤᠷ᠎ᠠ  ᠶᠢ  ᠨᠡᠬᠡᠭᠡᠬᠦ ᠂ ᠡᠰᠡ ᠰᠢᠨᠭᠭᠡᠭᠰᠡᠨ  ᠢ ᠰᠢᠨᠭᠭᠡᠭᠡᠬᠦ ᠠᠨᠠᠷ-4 ᠪᠡᠷ ᠭᠤᠤᠯᠯᠠᠭᠴᠢ ᠪᠤᠯᠭᠠᠵᠤ ᠨᠠᠢᠷᠠᠭᠤᠯᠤᠭᠰᠠᠨ ᠲᠤᠯᠠ ᠰᠢᠷ᠎ᠠ ᠪᠠᠳ᠌ᠭᠠᠨ  ᠢ ᠠᠷᠢᠯᠭᠠᠵᠤ ᠂ ᠡᠰᠡ ᠰᠢᠨᠭᠭᠡᠭᠰᠡᠨ  ᠢ ᠰᠢᠨᠭᠭᠡᠭᠡᠬᠦ ᠴᠢᠳᠠᠯ ᠪᠦᠷᠢᠳᠴᠦ᠂ ᠬᠤᠳᠤᠭᠤᠳᠤᠨ  ᠤ ᠬᠠᠪᠰᠤᠷᠤᠭᠰᠠᠨ ᠂ ᠬᠤᠷᠠᠭᠰᠠᠨ ᠡᠪᠡᠳᠴᠢᠨ  ᠳ᠋ᠦ ᠲᠤᠰᠠᠲᠠᠢ᠃ ᠴᠠᠢᠪᠤᠷ ᠪᠠᠳ᠌ᠭᠠᠨ ᠂ ᠪᠣᠷᠤ ᠪᠠᠳ᠌ᠭᠠᠨ ᠂ ᠰᠢᠷ᠎ᠠ ᠪᠠᠳ᠌ᠭᠠᠨ ᠂ ᠬᠣᠳᠤᠭᠤᠳᠤᠨ ᠬᠢᠵᠢᠭ᠂ ᠡᠰᠡ ᠰᠢᠩᠭᠡᠭᠰᠡᠨ ᠵᠡᠷᠭᠡ ᠬᠠᠪᠰᠤᠷᠤᠭᠰᠠᠨ ᠂ ᠬᠤᠷᠠᠭᠰᠠᠨ ᠡᠪᠡᠳᠴᠢᠨ  ᠳᠤ ᠬᠡᠷᠡᠭᠯᠡᠨ᠎ᠡ᠃ (ᠪᠦᠷᠢᠨ ᠠᠭᠤᠯᠭ᠎ᠠ ᠶᠢ ᠤᠩᠰᠢᠬᠤ)

ᠭᠡᠷ
ᠭᠡᠷ

ᠭᠡᠷ ᠠᠬᠤᠢ ᠨᠢ ᠲᠥᠪ ᠠᠽᠢᠶ᠎ᠠ ᠶᠢᠨ ᠨᠡᠭᠦᠳᠡᠯᠴᠢᠨ ᠠᠷᠠᠳ ᠲᠦᠮᠡᠨ ᠦ ᠤᠯᠠᠮᠵᠢᠯᠠᠯᠲᠤ ᠭᠡᠷ ᠰᠠᠭᠤᠴᠠ ᠶᠤᠮ᠃ ᠭᠡᠷ ᠨᠢ 3000 ᠣᠷᠴᠢᠮ ᠵᠢᠯ ᠦᠨ ᠲᠡᠷᠲᠡᠭᠡ ᠡᠴᠡ ᠣᠳᠣ ᠶᠢᠨ ᠬᠡᠪ ᠰᠢᠨᠵᠢ ᠨᠢ ᠪᠥᠷᠢᠯᠳᠦᠨ᠂ ᠬᠦᠮᠦᠨ ᠦ ᠠᠮᠢᠳᠤᠷᠠᠯ ᠤᠨ ᠭᠣᠣᠯ ᠬᠡᠷᠡᠭᠴᠡᠭᠡ ᠪᠣᠯᠤᠭᠰᠠᠭᠠᠷ ᠥᠨᠥ ᠴᠠᠭ ᠲᠤ ᠢᠷᠡᠵᠡᠢ᠃ ᠨᠡᠭᠦᠳᠡᠯᠯᠡᠨ ᠠᠵᠤ ᠲᠥᠷᠥᠬᠦ ᠳᠦ ᠬᠠᠮᠤᠭ ᠤᠨ ᠰᠠᠶᠢᠨ ᠵᠣᠬᠢᠴᠠᠭᠰᠠᠨ ᠭᠡᠷ ᠰᠠᠭᠤᠴᠠ ᠨᠢ ᠪᠦᠲᠦᠴᠡ ᠵᠣᠬᠢᠶᠠᠮᠵᠢ ᠶᠢᠨ ᠢᠶᠠᠨ ᠬᠤᠪᠢ ᠳᠤ ᠶᠡᠬᠡᠬᠡᠨ ᠰᠣᠨᠢᠷᠬᠠᠯ ᠲᠠᠲᠠᠳᠠᠭ ᠪᠢᠯᠡ᠃ ᠬᠥᠩᠭᠡᠨ᠂ ᠠᠪᠰᠠᠷᠬᠠᠨ᠂ ᠤᠳᠠᠭᠠᠨ ᠡᠳ᠋ᠯᠡᠵᠦ ᠴᠢᠳᠠᠳᠠᠭ᠂ ᠪᠠᠷᠢᠯᠭ᠎ ᠠ ᠶᠢᠨ ᠣᠨᠴᠠᠭᠠᠢ ᠰᠢᠢᠳᠦᠯ ᠲᠡᠢ ᠭᠡᠬᠦ ᠮᠡᠲᠦ ᠣᠯᠠᠨ ᠲᠣᠳᠣᠳᠬᠠᠯ ᠢ ᠭᠡᠷ ᠲᠦ ᠥᠭᠭᠦᠭᠰᠡᠨ ᠪᠠᠶᠢᠳᠠᠭ᠃ ᠠᠷᠪᠠᠨ ᠭᠤᠷᠪᠠᠳᠤᠭᠠᠷ ᠵᠠᠭᠤᠨ ᠤ ᠮᠣᠩᠭᠣᠯᠴᠤᠳ ᠤᠨ ᠭᠡᠷ ᠲᠡᠷᠭᠡ ᠬᠡᠮᠡᠬᠦ ᠨᠢᠭᠡᠨ ᠰᠠᠭᠤᠴᠠᠨ ᠤ ᠲᠤᠬᠠᠢ ᠳᠤᠮᠳᠠᠳᠤ ᠵᠠᠭᠤᠨ ᠤ ᠵᠢᠭᠤᠯᠴᠢᠳ ᠤᠨ ᠲᠡᠮᠳᠡᠭᠯᠡᠯ ᠳᠦ "ᠭᠡᠷ ᠲᠡᠷᠭᠡ ᠲᠡᠢ ᠨᠡᠭᠦᠳᠡᠯ ᠨᠢ ᠶᠡᠬᠡ ᠬᠣᠲᠠ ᠨᠡᠭᠦᠵᠦ ᠶᠠᠪᠤᠭ᠎ᠠ ᠮᠡᠲᠦ ᠰᠦᠷᠲᠡᠢ" ᠬᠠᠷᠠᠭᠳᠠᠳᠠᠭ ᠲᠤᠬᠠᠢ ᠲᠡᠮᠳᠡᠭᠯᠡᠭᠰᠡᠨ ᠨᠢ ᠪᠤᠢ᠃ ᠪᠠᠶᠢᠩᠭᠤ ᠶᠢᠨ ᠬᠡᠷᠡᠭᠴᠡᠭᠡᠨ ᠦ ᠭᠡᠷ ᠰᠠᠭᠤᠴᠠ ᠶᠢ ᠬᠢᠴᠡ᠂ ᠭᠠᠳᠠᠭᠠᠳᠤ ᠬᠡᠯᠪᠡᠷᠢ ᠪᠡᠷ ᠨᠢ ᠮᠣᠩᠭᠣᠯᠲᠦᠷᠦᠭ ᠭᠡᠷ ᠭᠡᠰᠡᠨ ᠬᠣᠶᠠᠷ ᠦᠨᠳᠦᠰᠦᠨ ᠠᠩᠬᠢᠯᠠᠯ ᠳᠤ ᠬᠠᠮᠤᠷᠤᠭᠤᠯᠤᠨ᠎ᠠ᠃ ᠮᠣᠩᠭᠣᠯ ᠭᠡᠷ ᠢ ᠬᠠᠯᠬ᠎ᠠᠣᠶᠢᠷᠠᠳᠪᠤᠷᠢᠶᠠᠳ ᠭᠡᠵᠦ ᠢᠯᠭᠠᠨ ᠦᠵᠡᠳᠡᠭ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠨ ᠬᠥᠯ ᠪᠥᠮᠪᠥᠭᠡ ᠶᠢᠨ ᠬᠣᠯᠪᠣᠭ᠎ᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠮᠣᠩᠭᠣᠯ ᠤᠨ ᠬᠥᠯ ᠪᠥᠮᠪᠥᠭᠡ ᠶᠢᠨ ᠬᠣᠯᠪᠣᠭ᠎ᠠ (Mongolian Football Federation)– ᠮᠣᠩᠭᠣᠯ ᠤᠯᠤᠰ ᠲᠤ ᠬᠥᠯ ᠪᠥᠮᠪᠥᠭᠡ ᠶᠢᠨ ᠰᠫᠣᠷᠲ ᠢ ᠬᠥᠭᠵᠢᠭᠦᠯᠬᠦ᠂ ᠰᠤᠷᠲᠠᠯᠴᠢᠯᠠᠨ ᠳᠡᠯᠭᠡᠷᠡᠭᠦᠯᠬᠦ ᠦᠨᠳᠦᠰᠦᠨ ᠵᠣᠷᠢᠯᠭ᠎ᠠ ᠪᠦᠬᠦᠢ ᠣᠯᠠᠨ ᠨᠡᠶᠢᠲᠡ ᠶᠢᠨ ᠪᠠᠶᠢᠭᠤᠯᠤᠯᠭ᠎ᠠ᠃ ᠮᠣᠩᠭᠣᠯ ᠤᠨ ᠬᠥᠯ ᠪᠥᠮᠪᠥᠭᠡ ᠶᠢᠨ ᠬᠥᠭᠵᠢᠯ ᠦᠨ ᠪᠣᠳᠣᠯᠭ᠎ᠠ ᠲᠥᠯᠦᠪᠯᠡᠭᠡ ᠶᠢ ᠪᠣᠯᠪᠠᠰᠤᠷᠠᠭᠤᠯᠬᠤ᠂ ᠦᠨᠳᠦᠰᠦᠨ ᠦ ᠬᠡᠮᠵᠢᠶᠡᠨ ᠳᠦ ᠬᠥᠯ ᠪᠥᠮᠪᠥᠭᠡ ᠶᠢᠨ ᠲᠥᠷᠦᠯ ᠪᠦᠷᠢ ᠶᠢᠨ ᠲᠡᠮᠡᠴᠡᠭᠡᠨ ᠵᠣᠬᠢᠶᠠᠨ ᠪᠠᠶᠢᠭᠤᠯᠵᠤ ᠶᠠᠪᠤᠭᠤᠯᠬᠤ᠂ ᠤᠯᠤᠰ ᠤᠨ ᠰᠢᠭᠰᠢᠭᠡ ᠪᠠᠭ ᠢ ᠪᠦᠷᠢᠳᠦᠭᠦᠯᠬᠦ᠂ ᠪᠡᠯᠡᠳᠬᠡᠯ ᠰᠤᠷᠭᠠᠭᠤᠯᠢᠯᠲᠠ ᠶᠢ ᠨᠢ ᠬᠠᠩᠭᠠᠬᠤ᠂ ᠮᠠᠲ᠋ᠧᠷᠢᠶᠠᠯᠯᠢᠭ ᠪᠠᠭᠠᠵᠢ ᠪᠦᠷᠢᠳᠦᠭᠦᠯᠬᠦ᠂ ᠰᠤᠷᠭᠠᠯᠲᠠ ᠵᠣᠬᠢᠶᠠᠨ ᠪᠠᠶᠢᠭᠤᠯᠬᠤ᠂ ᠺᠯᠤᠶᠢᠪ ᠦᠳ ᠢ ᠳᠡᠮᠵᠢᠬᠦ ᠵᠡᠷᠭᠡ ᠣᠯᠠᠨ ᠲᠠᠯ᠎ᠠ ᠳᠤ ᠦᠢᠯᠡ ᠠᠵᠢᠯᠯᠠᠭ᠎ᠠ ᠡᠷᠬᠢᠯᠡᠳᠡᠭ᠃ ᠠᠩᠬ᠎ᠠ 1959 ᠤᠨ ᠤ 10 ᠳ᠋ᠤᠭᠠᠷ ᠰᠠᠷ᠎ᠠ ᠶᠢᠨ ᠨᠢᠭᠡᠨ ᠳᠦ ᠡᠭᠦᠰᠬᠡᠨ ᠪᠠᠶᠢᠭᠤᠯᠤᠭᠳᠠᠭᠰᠠᠨ᠃ ᠤᠯᠠᠮ ᠢᠶᠠᠷ 1997 ᠤᠨ ᠳᠤ ᠰᠢᠨ᠎ᠡ ᠪᠡᠷ ᠵᠣᠬᠢᠶᠠᠨ ᠪᠠᠶᠢᠭᠤᠯᠤᠭᠳᠠᠭᠰᠠᠨ ᠪᠥᠭᠡᠳ ᠮᠥᠨ ᠤᠨ ᠳᠤ ᠠᠽᠢᠶ᠎ᠠ ᠶᠢᠨ ᠬᠥᠯ ᠪᠥᠮᠪᠥᠭᠡ ᠶᠢᠨ ᠬᠣᠯᠪᠣᠭ᠎ᠠ (AFF)᠂ 1998 ᠤᠨ ᠳᠤ ᠣᠯᠠᠨ ᠤᠯᠤᠰ ᠤᠨ ᠬᠥᠯ ᠪᠥᠮᠪᠥᠭᠡ ᠶᠢᠨ ᠬᠣᠯᠪᠣᠭᠠᠨ ᠳᠤ (FIFA) ᠭᠡᠰᠢᠭᠦᠨ ᠢᠶᠡᠷ ᠡᠯᠰᠡᠵᠡᠢ᠃ ᠮᠥᠨ ᠵᠡᠭᠦᠨ ᠠᠽᠢᠶ᠎ᠠ ᠶᠢᠨ ᠬᠥᠯ ᠪᠥᠮᠪᠥᠭᠡ ᠶᠢᠨ ᠬᠣᠯᠪᠣᠭᠠᠨ ᠳᠤ (EAFF) 2002 ᠤᠨ ᠳᠤ ᠡᠯᠰᠡᠭᠰᠡᠨ᠃ 2016 ᠤᠨ ᠤ ᠳᠣᠯᠣᠳᠤᠭᠠᠷ ᠰᠠᠷ᠎ᠠ ᠶᠢᠨ 14 ᠍ ᠦ ᠪᠠᠶᠢᠳᠠᠯᠠᠭᠠᠷᠬ᠎ᠠ ᠣᠯᠠᠨ ᠤᠯᠤᠰ ᠤᠨ ᠬᠥᠯ ᠪᠥᠮᠪᠥᠭᠡ ᠶᠢᠨ ᠬᠣᠯᠪᠣᠭ᠎ᠠ ᠤ ᠴᠢᠨᠰᠠᠭ᠎ᠠ ᠪᠠᠷ ᠮᠣᠩᠭᠣᠯ ᠤᠨ ᠬᠥᠯ ᠪᠥᠮᠪᠥᠭᠡ ᠶᠢᠨ ᠬᠣᠯᠪᠣᠭ᠎ᠠ 202 ᠳ᠋ᠤᠭᠠᠷ ᠲᠤ ᠪᠠᠶᠢᠨ᠎ᠠ᠃ ᠣᠯᠠᠨ ᠤᠯᠤᠰ ᠤᠨ ᠬᠥᠯ ᠪᠥᠮᠪᠥᠭᠡ ᠶᠢᠨ ᠬᠣᠯᠪᠣᠭ᠎ᠠ ᠳᠤ ᠡᠯᠰᠡᠭᠰᠡᠨ ᠡᠴᠡ ᠬᠣᠶᠢᠰᠢᠬᠢ ᠳᠤᠮᠳᠠᠴᠢ ᠴᠢᠨᠰᠠᠭ᠎ᠠ ᠨᠢ 186 (2016 ᠤᠨ ᠤ ᠪᠠᠶᠢᠳᠠᠯ ᠢᠶᠠᠷ)᠃ (ᠪᠦᠷᠢᠨ ᠠᠭᠤᠯᠭ᠎ᠠ ᠶᠢ ᠤᠩᠰᠢᠬᠤ)

ᠭᠠᠬᠠᠢ
ᠭᠠᠬᠠᠢ

ᠭᠠᠬᠠᠢ (ᠬᠢᠳᠠᠳ ᠢᠶᠡᠷ᠄猪) ᠨᠢ ᠬᠥᠬᠥᠲᠡᠨ ᠠᠮᠢᠲᠠᠨ ᠤ ᠠᠶᠢᠮᠠᠭ ᠤᠨ ᠰᠠᠯᠠᠭ᠎ᠠ ᠲᠤᠭᠤᠷᠠᠶᠢᠲᠠᠨ ᠤ ᠲᠦᠷᠦᠯ ᠳᠤ ᠪᠠᠭᠲᠠᠨ᠎ᠠ᠃ ᠵᠡᠷᠯᠢᠭ ᠭᠠᠬᠠᠢ ᠶᠢᠨ ᠪᠡᠶ᠎ᠡ ᠶᠢᠨ ᠤᠷᠲᠤ ᠨᠢ 150-170 cm᠂ ᠵᠢᠩ ᠨᠢ 110-140 kg ᠵᠢᠩ ᠲᠡᠢ ᠶᠤᠮ᠃ ᠲᠠᠷᠭᠤ ᠲᠡᠪᠡᠭᠡᠷᠡᠭ ᠠᠪᠤᠭᠰᠠᠨ ᠦᠶ᠎ᠡ ᠳᠦ 180 kg ᠬᠦᠷᠡᠨ᠎ᠡ᠃ ᠡᠷ᠎ᠡ ᠶᠢ ᠪᠣᠳᠣᠩ᠂ ᠡᠮ ᠡ ᠢ ᠮᠡᠭᠡᠵᠢ᠂ ᠲᠥᠯ ᠢ ᠲᠣᠷᠤᠢ ᠭᠡᠨ᠎ᠡ᠃ ᠶᠡᠬᠡ ᠠᠵᠢᠷᠭᠠᠨ ᠭᠠᠬᠠᠢ ᠶᠢ ᠬᠠᠪᠤᠩ᠂ᠬᠠᠮᠤᠭ ᠤᠨ ᠲᠣᠮᠣ ᠪᠣᠳᠣᠩ ᠢ ᠨᠣᠭᠲᠣᠮᠠᠯ ᠪᠣᠳᠣᠩ᠂ ᠲᠡᠭᠦᠨ ᠦ ᠳᠠᠷᠠᠭ᠎ᠠ ᠬᠠᠩᠭᠠᠯ ᠪᠣᠳᠣᠩ᠂ ᠬᠢᠵᠠᠯᠠᠩ ᠬᠠᠳᠠᠷᠭ᠎ᠠ ᠪᠠᠨ ᠪᠣᠳᠣᠩ᠂ ᠰᠣᠶᠣᠭᠠᠯᠠᠩ ᠵᠠᠯᠠᠭᠤ ᠪᠣᠳᠣᠩ ᠭᠡᠬᠦ ᠮᠡᠲᠦ ᠪᠡᠷ ᠨᠡᠷᠡᠯᠡᠨ᠎ᠡ᠃ ᠬᠣᠶᠠᠷ ᠨᠠᠰᠤᠲᠠᠢ ᠲᠣᠷᠤᠢ ᠶᠢ ᠬᠣᠪᠣᠰᠣ᠂ ᠭᠤᠷᠪᠠᠨ ᠨᠠᠰᠤᠲᠠᠢ ᠲᠣᠷᠤᠢ ᠶᠢ ᠱᠠᠪᠰᠢᠭᠤᠷᠭ᠎ᠠ ᠭᠡᠨ᠎ᠡ᠃ ᠵᠡᠷᠯᠢᠭ ᠭᠠᠬᠠᠢ ᠰᠦᠷᠦᠭ ᠢᠶᠡᠷ ᠠᠮᠢᠳᠤᠷᠠᠳᠠᠭ᠂ ᠲᠡᠳᠡᠨ ᠦ ᠳᠤᠷᠠᠲᠠᠢ ᠬᠣᠭᠣᠯᠠ ᠨᠢ ᠪᠤᠳᠠᠭᠠᠨ ᠤ ᠬᠠᠶᠠᠭᠳᠠᠯ ᠶᠤᠮ᠃ (ᠪᠦᠷᠢᠨ ᠠᠭᠤᠯᠭ᠎ᠠ ᠶᠢ ᠤᠩᠰᠢᠬᠤ)

ᠥᠨᠳᠥᠷ ᠭᠣᠩᠭᠣᠷ
 ᠥᠨᠳᠥᠷ ᠭᠣᠩᠭᠣᠷ

ᠮᠣᠩᠭᠣᠯ ᠤᠨ ᠬᠠᠮᠤᠭ ᠤᠨ ᠥᠨᠳᠥᠷ ᠬᠦᠮᠦᠨ ᠦ ᠨᠢᠭᠡ ᠪᠣᠯ ᠭᠣᠩᠭᠣᠷ ᠶᠤᠮ᠃ ᠠᠷᠠᠳ ᠣᠯᠠᠨ ᠤ ᠳᠤᠮᠳᠠ ᠥᠨᠳᠥᠷ ᠭᠣᠩᠭᠣᠷ ᠬᠡᠮᠡᠨ ᠠᠯᠳᠠᠷᠰᠢᠭᠰᠠᠨ ᠲᠡᠷᠡ ᠰᠠᠶᠢᠨ ᠨᠣᠶᠠᠨ ᠬᠠᠨ ᠠᠶᠢᠮᠠᠭ ᠤᠨ ᠳᠠᠯᠠᠢ ᠴᠣᠶᠢᠩᠬᠣᠷ ᠸᠠᠩ ᠤᠨ ᠬᠣᠰᠢᠭᠤ ᠣᠳᠣ ᠶᠢᠨ ᠬᠥᠪᠰᠥᠭᠥᠯ ᠠᠶᠢᠮᠠᠭ ᠤᠨ ᠵᠢᠷᠭᠠᠯᠠᠩᠲᠤ ᠰᠤᠮᠤ ᠶᠢᠨ ᠨᠤᠲᠤᠭ ᠲᠤ 1880  ᠤᠨ ᠤ ᠡᠬᠢ ᠪᠡᠷ ᠲᠥᠷᠦᠵᠠᠢ᠃ ᠲᠡᠭᠦᠨ ᠦ ᠪᠡᠶ᠎ᠡ ᠶᠢᠨ ᠥᠨᠳᠥᠷ᠂ ᠪᠢᠷ᠎ᠠ ᠴᠢᠳᠠᠯ ᠤᠨ ᠲᠠᠯ᠎ᠠ ᠪᠠᠷ ᠳᠣᠮᠣᠭ ᠪᠣᠯᠤᠭᠰᠠᠨ ᠬᠠᠭᠤᠴᠢ ᠶᠠᠷᠢᠶ᠎ᠠ ᠬᠥᠭᠡᠷᠦᠭᠡ᠂ ᠭᠠᠳᠠᠨ᠎ᠠ ᠳᠣᠲᠣᠨ᠎ᠠ ᠬᠦᠮᠦᠰ ᠦᠨ ᠪᠢᠴᠢᠵᠦ ᠦᠯᠡᠳᠡᠭᠡᠭᠰᠡᠨ ᠲᠡᠮᠳᠡᠭᠯᠡᠯ᠂ ᠳᠦᠷᠰᠦ ᠵᠢᠷᠤᠭ ᠴᠥᠭᠡᠨ ᠦᠭᠡᠢ ᠪᠠᠶᠢᠳᠠᠭ᠃ ᠲᠡᠷᠡᠪᠡᠷ 4 ᠬᠡᠦᠬᠡᠳ ᠲᠡᠢ ᠪᠠᠶᠢᠵᠠᠢ᠃ ᠲᠡᠭᠦᠨ ᠦ 2 ᠥᠬᠢᠨ ᠤ ᠨᠢᠭᠡ ᠨᠢ ᠵᠢᠷᠭᠠᠯᠠᠩᠲᠤ ᠰᠤᠮᠤᠨ ᠳᠤ ᠠᠵᠤ ᠲᠥᠷᠦᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ‎‎
ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ

ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ ᠠᠩᠭᠯᠢ ᠪᠠᠷ:MIAT Mongolian Airlines (Mongolian Civil Air Transport) ᠨᠢ ᠮᠣᠩᠭᠣᠯ ᠤᠯᠤᠰ ᠤᠨ ᠦᠨᠳᠦᠰᠦᠨ ᠦ ᠠᠪᠢᠶ᠎ᠠ ᠺᠣᠮᠫᠠᠨᠢ ᠪᠠ ᠲᠥᠪ ᠪᠠᠶᠢᠭᠤᠯᠤᠯᠭ᠎ ᠠ ᠨᠢ ᠮᠣᠩᠭᠣᠯ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠣᠳᠠ ᠳᠤ ᠪᠠᠶᠢᠳᠠᠭ᠃ ᠴᠢᠩᠭᠢᠰ ᠬᠠᠭᠠᠨ ᠣᠯᠠᠨ ᠤᠯᠤᠰ ᠤᠨ ᠨᠢᠰᠭᠡᠯ ᠤᠨ ᠪᠠᠭᠤᠳᠠᠯ ᠡᠴᠡ ᠣᠯᠠᠨ ᠤᠯᠤᠰ ᠤᠨ 7 ᠴᠢᠭᠯᠡᠯ ᠳᠦ ᠲᠣᠭᠲᠠᠮᠠᠯ ᠨᠢᠰᠦᠯᠭᠡ ᠬᠢᠳᠡᠭ᠃ (ᠪᠦᠷᠢᠨ ᠠᠭᠤᠯᠭ᠎ᠠ ᠶᠢ ᠤᠩᠰᠢᠬᠤ)

ᠫᠦ᠋ᠮᠢᠫᠣᠨ ᠠᠳᠤᠯᠢᠳᠧᠲ
ᠫᠦ᠋ᠮᠢᠫᠣᠨ ᠠᠳᠤᠯᠢᠳᠧᠲ

ᠫᠦ᠋ᠮᠢᠫᠣᠨ ᠠᠳᠤᠯᠢᠳᠧᠲ ᠪᠤᠯ ᠲᠠᠢᠯᠠᠨᠳ᠋ ᠶᠢᠨ ᠡᠪ ᠨᠢᠭᠡᠳᠦᠯ ᠦᠨ ᠪᠡᠯᠭᠡ ᠲᠡᠮᠳᠡᠭ ᠪᠣᠯᠤᠭᠰᠠᠨ ᠡᠵᠡᠨ ᠬᠠᠭᠠᠨ ᠶᠤᠮ ᠃ ᠫᠦ᠋ᠮᠢᠫᠣᠨ ᠠᠳᠤᠯᠢᠳᠧᠲ 1927 ᠤᠨ ᠳᠤ ᠲᠦᠷᠦᠭᠰᠡᠨ ᠪᠥᠭᠡᠳ 1946 ᠤᠨ ᠳᠤ 18 ᠨᠠᠰᠤᠨ ᠳᠤ ᠪᠠᠨ ᠬᠠᠭᠠᠨ ᠰᠢᠷᠡᠭᠡᠨ ᠳᠦ ᠵᠠᠯᠠᠷᠠᠵᠠᠢ᠃ ᠲᠠᠢᠯᠠᠨᠳ᠋ ᠣᠷᠣᠨ ᠢ 70 ᠵᠢᠯ ᠦᠨ ᠲᠤᠷᠰᠢ ᠵᠠᠬᠢᠷᠤᠭᠰᠠᠨ ᠪᠥᠭᠡᠳ ᠲᠡᠭᠦᠨ ᠢ ᠤᠯᠤᠰ ᠲᠥᠷᠦ ᠶᠢᠨ ᠬᠢᠮᠤᠷᠠᠯ ᠤᠨ ᠬᠦᠨᠳᠦ ᠴᠠᠭ ᠦᠶ᠎ᠡ ᠳᠦ 《ᠨᠢᠭᠡᠳᠬᠡᠭᠴᠢ ᠬᠦᠴᠦ》 ᠭᠡᠵᠦ ᠦᠵᠡᠳᠡᠭ ᠪᠠᠶᠢᠭᠰᠠᠨ ᠶᠤᠮ᠃ 1992 ᠤᠨ ᠳᠤ ᠠᠷᠠᠳᠴᠢᠯᠠᠯ ᠢ ᠳᠡᠮᠵᠢᠭᠴᠢᠳ ᠪᠣᠯᠤᠨ ᠴᠡᠷᠢᠭ ᠦᠳ ᠦᠨ ᠬᠣᠭᠣᠷᠣᠨᠳᠣ ᠳᠡᠭᠳᠡᠭᠰᠡᠨ ᠮᠥᠷᠭᠥᠯᠳᠦᠭᠡᠨ ᠦ ᠦᠶ᠎ᠡ ᠪᠡᠷ ᠲᠡᠷᠡᠪᠡᠷ ᠦᠢᠮᠡᠭᠡᠨ ᠢ ᠨᠠᠮᠵᠢᠭᠠᠬᠤ ᠶᠢᠨ ᠲᠤᠯᠠᠳᠠ ᠬᠣᠶᠠᠷ ᠲᠠᠯ᠎ᠠ ᠶᠢᠨ ᠤᠳᠤᠷᠢᠳᠤᠭᠴᠢᠳ ᠢ ᠬᠣᠭᠣᠷᠣᠨᠳᠣ ᠨᠢ ᠠᠭᠤᠯᠵᠠᠭᠤᠯᠵᠤ ᠪᠠᠶᠢᠵᠠᠢ᠃ ᠲᠡᠭᠦᠨ ᠢ ᠲᠠᠢᠯᠠᠨᠳ᠋ ᠳᠠᠶᠠᠭᠠᠷ ᠶᠡᠬᠡᠳᠡ ᠬᠦᠨᠳᠦᠳᠬᠡᠳᠡᠭ ᠪᠥᠭᠡᠳ ᠬᠥᠷᠥᠭ ᠵᠢᠷᠤᠭ ᠢ ᠨᠢ ᠣᠯᠠᠨ ᠨᠡᠶᠢᠲᠡ ᠶᠢᠨ ᠭᠠᠵᠠᠷ᠂ ᠠᠶᠢᠯ ᠡᠷᠦᠬᠡ ᠨᠦᠭᠦᠳ ᠭᠡᠳ ᠭᠠᠵᠠᠷ ᠰᠠᠶᠢᠭᠦᠢ ᠪᠠᠶᠢᠷᠢᠯᠠᠭᠤᠯᠳᠠᠭ ᠪᠠᠶᠢᠨ᠎ᠠ᠃ ᠫᠦ᠋ᠮᠢᠫᠣᠨ ᠠᠳᠤᠯᠢᠳᠧᠲ ᠪᠣᠯ ᠶᠠᠳᠠᠭᠤᠷᠠᠯᠲᠠᠢ ᠲᠡᠮᠡᠴᠡᠬᠦ᠂ ᠬᠥᠳᠡᠭᠡ ᠣᠷᠣᠨ ᠨᠤᠲᠤᠭ ᠢ ᠬᠥᠭᠵᠢᠭᠦᠯᠬᠦ ᠳᠦ ᠶᠡᠬᠡᠬᠡᠨ ᠬᠤᠪᠢ ᠨᠡᠮᠡᠷᠢ ᠣᠷᠣᠭᠤᠯᠤᠭᠰᠠᠨ ᠬᠦᠮᠦᠨ ᠪᠢᠯᠡ᠃ ᠮᠥᠨ ᠲᠡᠷᠡᠪᠡᠷ ᠤᠯᠤᠰ ᠲᠥᠷᠦ ᠶᠢᠨ ᠬᠢᠮᠤᠷᠠᠯ ᠳᠡᠭᠳᠡᠭᠰᠡᠨ ᠬᠦᠨᠳᠦ ᠦᠶ᠎ᠡ ᠳᠦ ᠤᠯᠤᠰ ᠣᠷᠣᠨ ᠢᠶᠠᠨ ᠨᠢᠭᠡᠳᠬᠡᠬᠦ ᠳᠦ ᠴᠢᠬᠤᠯᠠ ᠡᠭᠦᠷᠭᠡ ᠭᠦᠢᠴᠡᠳᠭᠡᠵᠦ ᠪᠠᠶᠢᠭᠰᠠᠨ ᠶᠤᠮ᠃2016ᠤᠨ ᠳᠤ 88 ᠨᠠᠰᠤᠲᠠᠢ ᠫᠦ᠋ᠮᠢᠫᠣᠨ ᠠᠳᠤᠯᠢᠳᠧᠲ ᠲᠠᠭᠠᠯᠠᠯ ᠲᠡᠭᠦᠰᠦᠭᠰᠡᠨ᠃ (ᠪᠦᠷᠢᠨ ᠠᠭᠤᠯᠭ᠎ᠠ ᠶᠢ ᠤᠩᠰᠢᠬᠤ)

ᠴᠠᠭᠠᠨ ᠽᠠᠨᠳᠠᠨ
ᠴᠠᠭᠠᠨ ᠽᠠᠨᠳᠠᠨ

ᠴᠠᠭᠠᠨ ᠽᠠᠨᠳᠠᠨ ( 檀香 ) -ᠲᠤᠰ ᠡᠮ ᠪᠣᠯ ᠽᠠᠨᠳᠠᠨ ᠤ ᠢᠵᠠᠭᠤᠷ ᠤᠨ ᠮᠥᠩᠬᠡ ᠨᠣᠭᠤᠭᠠᠨ ᠪᠠᠭᠠᠪᠲᠤᠷ ᠲᠤᠷᠤᠭ ᠮᠣᠳᠤ ᠪᠣᠯᠬᠤ ᠴᠠᠭᠠᠨ ᠽᠠᠨᠳᠠᠨ ︵ 檀 ︶ ᠤ ᠬᠠᠲᠠᠭᠠᠭᠰᠠᠨ ᠡᠰᠢᠨ  ᠤ ᠭᠣᠣᠯ ᠮᠥᠨ ᠃ ᠬᠢᠮᠤᠷᠠᠭᠰᠠᠨ ᠬᠠᠯᠠᠭᠤᠨ ᠢ ᠠᠷᠢᠯᠭᠠᠬᠤ ᠂ ᠰᠢᠮᠡᠵᠢᠬᠦᠯᠬᠦ ᠂ ᠡᠪᠡᠳᠬᠦ ᠶᠢ ᠵᠣᠭᠰᠤᠭᠠᠬᠤ ᠪᠣᠯᠤᠨ᠎ᠠ ᠃ ︽ ᠴᠠᠭᠠᠨ ᠪᠣᠯᠤᠷ ᠲᠣᠯᠢ ︾ ᠳ᠋ᠤ᠄ ᠴᠠᠭᠠᠨ ᠽᠠᠨᠳᠠᠨ ᠪᠣᠯᠪᠠᠰᠤ ᠠᠭᠤᠰᠭᠢ ᠵᠢᠷᠦᠬᠡᠨ  ᠤ ᠬᠢᠮᠤᠷᠠᠭᠰᠠᠨ ᠬᠠᠯᠠᠭᠤᠨ ᠢ ᠠᠷᠢᠯᠭᠠᠮᠤᠢ ᠭᠡᠵᠦ ᠲᠡᠮᠳᠡᠭᠯᠡᠵᠡᠢ᠃ᠽᠠᠨᠳᠠᠨ ︱ 8 ᠳᠤ ᠭᠤᠯᠯᠠᠭᠴᠢ ᠡᠮ ᠪᠣᠯᠭᠠᠨ ᠠᠭᠤᠰᠭᠢ ᠵᠢᠷᠦᠬᠡᠨ  ᠤ ᠬᠢᠮᠤᠷᠠᠭᠰᠠᠨ ᠬᠠᠯᠠᠭᠤᠨ ᠢ ᠠᠷᠢᠯᠭᠠᠬᠤ ᠳᠤ ᠬᠡᠷᠡᠭᠯᠡᠬᠦ ︔ ᠽᠠᠨᠳᠠᠨ ︱ 3 ᠶᠢᠨ ᠲᠠᠩ ᠳᠤ ᠭᠤᠯᠯᠠᠭᠴᠢ ᠡᠮ ᠪᠤᠯᠭᠤᠨ ᠵᠢᠷᠦᠬᠡᠨ  ᠤ ᠬᠠᠯᠠᠭᠤᠨ ᠳᠤ ᠬᠡᠷᠡᠭᠯᠡᠬᠦ ︔ ᠭᠠᠪᠤᠷ ︱ 3 ᠳᠤ ᠭᠦᠯ ᠪᠣᠯᠭᠠᠨ ᠬᠢᠮᠤᠷᠠᠭᠰᠠᠨ ᠬᠠᠯᠠᠭᠤᠨ ᠳᠡᠯᠭᠡᠷᠡᠭᠰᠡᠨ  ᠳᠤ ᠬᠡᠷᠡᠭᠯᠡᠬᠦ ︔ ᠡᠷᠬᠢᠮ ︱8 ᠳᠤ ᠭᠦᠯ ᠪᠣᠯᠭᠠᠨ ᠴᠤᠯᠤ ᠰᠠᠪᠠᠨ ᠤ ᠬᠠᠯᠠᠭᠤᠨ ᠢ ᠠᠷᠢᠯᠭᠠᠬᠤ ᠳᠤ ᠬᠡᠷᠡᠭᠯᠡᠬᠦ ︔ ᠽᠠᠨᠳᠠᠨ ︱ 18 ᠳᠤ ᠭᠣᠣᠯᠯᠠᠭᠴᠢ ᠡᠮ ᠪᠣᠯᠭᠠᠨ ᠨᠢᠷᠠᠢ ᠬᠠᠯᠠᠭᠤᠨ ᠂ ᠬᠢᠵᠢᠭ᠌ ᠤᠨ ᠬᠠᠯᠠᠭᠤᠨ ᠵᠡᠷᠭᠡ   ᠳᠦ ᠬᠡᠷᠡᠭᠯᠡᠨ᠎ᠡ ᠃ (ᠪᠦᠷᠢᠨ ᠠᠭᠤᠯᠭ᠎ᠠ ᠶᠢ ᠤᠩᠰᠢᠬᠤ)

ᠮᠤᠨᠠ ᠯᠢᠰᠠ
ᠮᠤᠨᠠ ᠯᠢᠰᠠ

ᠮᠤᠨᠠ ᠯᠢᠰᠠ(ᠠᠩᠭᠯᠢ ᠪᠠᠷ Mona Lisa; ᠢᠲ᠋ᠠᠯᠢ ᠪᠡᠷ La Gioconda; ᠹᠷᠠᠨᠼᠢ ᠪᠠᠷ La Joconde) ᠨᠢ ᠯᠧᠣᠨᠠᠠᠳᠠ ᠳ᠂ ᠸᠢᠨᠴᠢ ᠢᠢᠨ ᠵᠢᠷᠤᠭᠰᠠᠨ᠂ ᠠᠷᠪᠠᠨ ᠵᠢᠷᠭᠤᠳᠤᠭᠠᠷ ᠵᠠᠭᠤᠨ ᠦ ᠬᠥᠷᠥᠭ ᠵᠢᠷᠤᠭ ᠶᠤᠮ᠃ ᠡᠨᠡ ᠵᠢᠷᠤᠭ ᠨᠢ ᠣᠳᠣ ᠫᠠᠷᠢᠰ ᠍ ᠍ ᠍ ᠤᠨ ᠯᠤᠪᠫ ᠦᠨ ᠮᠦᠽᠧᠢ ᠳᠤ ᠬᠠᠳᠠᠭᠠᠯᠠᠭᠳᠠᠳᠠᠭ᠃ 《ᠭᠤᠨᠢᠭᠲᠠᠶᠢᠬᠠᠨ ᠬᠠᠷᠠᠵᠤ᠂ ᠤᠴᠢᠷᠲᠠᠢ ᠢᠨᠢᠶᠡᠮᠰᠦᠭᠯᠡᠬᠦ》 ᠡᠨᠡ ᠪᠦᠰᠡᠭᠦᠢ ᠶᠢᠨ ᠬᠥᠷᠥᠭ ᠵᠢᠷᠤᠭ ᠬᠦᠮᠦᠨ ᠲᠥᠷᠥᠯᠬᠢᠲᠡᠨ ᠦ ᠤᠷᠠᠨ ᠵᠢᠷᠤᠭ ᠤᠨ ᠲᠡᠦᠬᠡᠨ ᠳᠦ ᠬᠦᠨᠳᠦ ᠲᠡᠢ ᠪᠠᠶᠢᠷᠢ ᠰᠠᠭᠤᠷᠢ ᠡᠵᠡᠯᠡᠭᠰᠡᠨ ᠬᠡᠪ ᠢᠶᠡᠷ ᠢᠶᠡᠨ ᠪᠠᠶᠢᠨ᠎ᠠ᠃ ᠮᠤᠨᠠ ᠯᠢᠰᠠ ᠧᠦ᠋ᠷᠣᠫᠠ ᠶᠢᠨ ᠤᠷᠠᠯᠢᠭ ᠲᠤ ᠰᠡᠳᠬᠢᠯ ᠵᠦᠢ ᠶᠢᠨ ᠬᠥᠷᠥᠭ ᠦᠨ ᠰᠢᠨ᠎ᠡ ᠵᠠᠨᠠᠷ ᠤᠨ ᠡᠬᠢᠯᠡᠯ ᠢ ᠲᠠᠯᠪᠢᠭᠰᠠᠨ ᠪᠢᠯᠡ᠃ ᠠᠤᠭ᠎ᠠ ᠶᠡᠬᠡ ᠮᠠᠰᠲ᠋ᠸᠷ ᠡᠨᠡ ᠪᠦᠲᠦᠭᠡᠯ ᠢᠶᠡᠨ ᠲᠤᠭᠤᠷᠪᠢᠬᠤ ᠳᠤ ᠪᠠᠨ ᠬᠤᠷᠴᠠ ᠡᠰᠡᠷᠬᠦ ᠲᠡᠰᠡᠷᠬᠦ ᠪᠠᠶᠢᠳᠠᠯ ᠪᠠ ᠵᠥᠭᠡᠯᠡᠨ ᠬᠥᠭ ᠠᠶᠠᠯᠭᠤ ᠬᠥᠳᠡᠯᠭᠡᠭᠡᠨ ᠦᠭᠡᠢ ᠵᠣᠭᠰᠣᠩᠭᠢ ᠴᠢᠨᠠᠷ ᠪᠠ ᠥᠭᠡᠷᠡᠴᠢᠯᠡᠯᠲᠡ ᠬᠤᠪᠢᠷᠠᠯᠲᠠ᠂ ᠰᠡᠳᠬᠢᠯ ᠵᠦᠢ ᠢᠢᠨ ᠨᠠᠷᠢᠨ ᠮᠡᠳᠡᠷᠡᠮᠵᠢ ᠪᠠ ᠰᠢᠯᠵᠢᠯᠲᠡ ᠵᠡᠷᠭᠡ ᠤᠷᠠᠨ ᠰᠠᠶᠢᠬᠠᠨ ᠤ ᠪᠦᠬᠦ ᠠᠷᠭ᠎ᠠ ᠬᠡᠷᠡᠭᠰᠡᠯ ᠢ ᠠᠰᠢᠭᠯᠠᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ