ᠣᠨᠴᠠᠯᠠᠬᠤ ᠥᠭᠦᠯᠡᠯ/2016 10 ᠍ ᠳᠦᠭᠡᠷ ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
 ᠺᠷᠧᠳᠢᠲ ᠺᠠᠷᠲ
ᠺᠷᠧᠳᠢᠲ ᠺᠠᠷᠲ

ᠺᠷᠧᠳᠢᠲ ᠺᠠᠷᠲ(ᠬᠢᠲᠠᠳ ᠢᠶᠠᠷ 信用卡) ᠨᠢ ᠬᠠᠷᠢᠯᠴᠠᠭᠴᠢ(持卡人) ᠶᠢᠨ ᠪᠠᠭ᠎ᠠ ᠬᠡᠮᠵᠢᠶᠡᠨ ᠦ᠂ ᠪᠣᠭᠣᠨᠢ ᠬᠤᠭᠤᠴᠠᠭᠠᠨ ᠤ ᠵᠢᠭᠡᠯᠡᠵᠢᠬᠦ ᠬᠡᠷᠡᠭᠴᠡᠭᠡ ᠶᠢ ᠬᠠᠩᠭᠠᠬᠤ ᠵᠣᠷᠢᠭᠤᠯᠤᠯᠲᠠ ᠲᠠᠢ ᠪᠦᠲᠦᠭᠡᠭᠳᠡᠬᠦᠨ ᠶᠤᠮ᠃ ᠺᠷᠧᠳᠢᠲ ᠺᠠᠷᠲ ᠤᠨ ᠵᠢᠭᠡᠯᠡᠯᠭᠡ ᠶᠢᠨ ᠡᠷᠬᠡ ᠶᠢ ᠬᠠᠷᠢᠯᠴᠠᠭᠴᠢ ᠶᠢᠨ ᠲᠣᠭᠲᠠᠮᠠᠯ ᠣᠷᠣᠯᠭ᠎ᠠ ᠲᠠᠢ ᠤᠶᠠᠯᠳᠤᠭᠤᠯᠤᠨ ᠲᠣᠭᠲᠠᠭᠠᠵᠤ᠂ ᠣᠯᠭᠣᠬᠤ ᠪᠥᠭᠡᠳ ᠬᠠᠷᠢᠯᠴᠠᠭᠴᠢ ᠣᠯᠭᠤᠭᠰᠠᠨ ᠵᠢᠭᠡᠯᠡᠯᠭᠡ ᠶᠢᠨ ᠡᠷᠬᠡ ᠶᠢᠨ ᠬᠦᠷᠢᠶᠡᠨ ᠳᠦ ᠵᠠᠷᠤᠴᠠᠭᠤᠯᠤᠯᠲᠠ ᠬᠢᠵᠦ᠂ ᠪᠠᠩᠬᠢᠨ ᠠᠴᠠ ᠲᠣᠭᠲᠠᠭᠠᠭᠰᠠᠨ ᠬᠤᠭᠤᠴᠠᠭᠠᠨ ᠳᠤ ᠪᠤᠴᠠᠭᠠᠨ ᠲᠥᠯᠦᠯᠲᠡ ᠬᠢᠨ᠎ᠡ᠃ ᠪᠤᠴᠠᠭᠠᠨ ᠲᠥᠯᠦᠯᠲᠡ ᠬᠢᠭᠰᠡᠨ ᠳ᠋ᠦᠩ ᠪᠡᠷ ᠬᠠᠷᠢᠯᠴᠠᠭᠴᠢ ᠶᠢᠨ ᠵᠢᠭᠡᠯᠡᠵᠢᠬᠦ ᠡᠷᠬᠡ ᠳᠠᠬᠢᠨ ᠡᠭᠦᠰᠴᠦ ᠪᠠᠶᠢᠳᠠᠭ ᠪᠣᠯᠤᠨ᠎ᠠ᠃ ᠪᠣᠭᠣᠨᠢ ᠬᠤᠭᠤᠴᠠᠭᠠᠨ ᠤ ᠪᠠᠭ᠎ᠠ ᠬᠡᠮᠵᠢᠶᠡᠨ ᠦ ᠰᠠᠩᠬᠦᠦ ᠶᠢᠨ ᠵᠢᠭᠡᠯᠡᠵᠢᠬᠦ ᠬᠡᠷᠡᠭᠴᠡᠭᠡ ᠶᠢ ᠬᠠᠩᠭᠠᠬᠤ᠂ ᠵᠠᠷᠤᠴᠠᠭᠤᠯᠤᠯᠲᠠ ᠪᠠᠨ ᠡᠷᠭᠢᠨ ᠲᠥᠯᠦᠭᠰᠡᠨ ᠳ᠋ᠦᠩ ᠪᠡᠷ ᠵᠢᠭᠡᠯᠡᠵᠢᠬᠦ ᠡᠷᠬᠡ ᠰᠡᠷᠭᠦᠭᠡᠭᠳᠡᠬᠦ᠂ ᠪᠡᠯᠡᠨ ᠮᠥᠩᠭᠥᠨ ᠦ ᠡᠷᠦᠰᠳᠡᠯ ᠡᠴᠡ ᠬᠠᠮᠠᠭᠠᠯᠠᠵᠤ ᠪᠡᠯᠡᠨ ᠪᠤᠰᠤ ᠲᠥᠯᠦᠪᠦᠷᠢ ᠲᠣᠭᠠᠴᠠᠭ᠎ᠠ ᠬᠢᠬᠦ᠂ ᠣᠷᠣᠨ ᠵᠠᠢ ᠴᠠᠭ ᠬᠤᠭᠤᠴᠠᠭ᠎ᠠ ᠶᠢ ᠬᠡᠮᠨᠡᠭᠰᠡᠨ ᠣᠩᠯᠠᠢ ᠶᠢᠨ ᠲᠥᠯᠦᠪᠦᠷᠢ ᠲᠣᠭᠠᠴᠠᠭ᠎ᠠ ᠬᠢᠬᠦ ᠵᠡᠷᠭᠡ ᠣᠯᠠᠨ ᠳᠠᠪᠠᠭᠤ ᠲᠠᠯ᠎ᠠ ᠲᠠᠢ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

  ᠬᠢᠷᠰᠠ
ᠬᠢᠷᠰᠠ

ᠬᠢᠷᠰᠠ ᠦᠨᠡᠭᠡ (ᠠᠩᠭᠯᠢ ᠪᠠᠷ Vulpes corsac᠂ ᠬᠢᠳᠠᠳ ᠢᠶᠡᠷ 沙狐) ᠮᠢᠬ᠎ᠠ ᠢᠳᠡᠰᠢᠲᠡᠨ ᠪᠠᠭ ᠤᠨ ᠬᠥᠬᠥᠲᠡᠨ ᠠᠮᠢᠲᠠᠨ᠃ ᠪᠡᠶ᠎ᠡ ᠶᠢᠨ ᠭᠠᠯᠪᠢᠷ ᠲᠥᠷᠬᠥ ᠪᠡᠷ ᠢᠶᠡᠨ ᠦᠨᠡᠭᠡ ᠲᠡᠢ ᠲᠥᠰᠲᠡᠢ ᠪᠣᠯᠪᠠᠴᠤ ᠢᠯᠡᠷᠬᠡᠢ ᠵᠢᠵᠢᠭ ᠪᠡᠶ᠎ᠡ ᠲᠡᠢ᠃ ᠪᠡᠶ᠎ᠡ ᠶᠢᠨ ᠥᠩᠭᠡ ᠬᠤᠯᠠ ᠰᠢᠷᠭᠠᠯᠳᠠᠭᠤ ᠰᠠᠷᠠᠯ᠂ ᠰᠣᠷ ᠦᠰᠦᠨ ᠦ ᠦᠵᠦᠭᠦᠷ ᠴᠠᠭᠠᠨ ᠲᠤᠯᠠ  ᠮᠥᠩᠭᠥᠯᠢᠭ ᠲᠤᠶᠠᠭ᠎ᠠ ᠲᠠᠢ ᠬᠠᠷᠠᠭᠳᠠᠨ᠎ᠠ᠃ ᠰᠡᠭᠦᠯ ᠪᠣᠭᠣᠨᠢ ᠦᠵᠦᠭᠦᠷ ᠨᠢ ᠬᠠᠷ᠎ᠠ᠃ ᠡᠪᠦᠯ ᠦᠨ ᠦᠰᠦ ᠲᠣᠳᠣ ᠤᠯᠠᠭᠠᠨ ᠰᠢᠷᠭᠠᠯ᠂ ᠵᠤᠨ ᠤ ᠦᠰᠦ ᠤᠯᠠᠪᠢᠷ ᠴᠠᠶᠢᠪᠤᠷ᠃ ᠠᠮᠢᠳᠤᠷᠠᠯ ᠤᠨ ᠣᠨᠴᠠᠯᠢᠭ ᠭᠣᠣᠯᠳᠠᠭᠤ ᠬᠠᠷᠤᠢ ᠪᠦᠷᠦᠢ ᠪᠡᠷ ᠶᠠᠪᠤᠳᠠᠭ᠃ ᠪᠡᠶ᠎ᠡ ᠶᠢᠨ ᠤᠷᠲᠤ ᠨᠢ 50-60 cm᠂ ᠰᠡᠭᠦᠯ ᠤᠨ ᠤᠷᠲᠤ ᠨᠢ 25-36 cm ᠂ ᠴᠢᠬᠢᠨ ᠦ ᠤᠷᠲᠤ ᠨᠢ 6-9 cm ᠂ ᠪᠡᠶ᠎ᠡ ᠶᠢᠨ ᠵᠢᠩ ᠨᠢ 2-3 kg ᠬᠦᠷᠡᠨ᠎ᠡ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2016 10 29 1

 ᠲᠤᠩᠭᠠᠯᠠᠭ ᠲᠠᠮᠢᠷ (ᠷᠣᠮᠠᠨ)
ᠲᠤᠩᠭᠠᠯᠠᠭ ᠲᠠᠮᠢᠷ (ᠷᠣᠮᠠᠨ)

ᠲᠤᠩᠭᠠᠯᠠᠭ ᠲᠠᠮᠢᠷ (ᠷᠣᠮᠠᠨ) ᠨᠢ ᠮᠣᠩᠭᠣᠯ ᠤᠯᠤᠰ ᠤᠨ ᠲᠥᠷᠥ ᠶᠢᠨ ᠰᠣᠶᠤᠷᠬᠠᠯ ᠬᠦᠷᠲᠡᠭᠰᠡᠨ ᠰᠢᠯᠢᠳᠡᠭ ᠪᠦᠲᠦᠭᠡᠯ ᠦᠨ ᠨᠢᠭᠡ ᠪᠥᠭᠡᠳ ᠬᠢᠲᠠᠳ ᠤᠨ ᠴᠡᠷᠢᠭ ᠦᠨ ᠡᠷᠬᠡᠲᠡᠨ᠂ ᠳᠣᠲᠣᠭᠠᠳᠤ ᠶᠢᠨ ᠬᠠᠷ᠎ᠠ ᠰᠢᠷ᠎ᠠ ᠹᠧᠣᠳᠠᠯ᠂ ᠬᠠᠮᠵᠢᠯᠭ᠎ᠠ ᠶᠢᠨ ᠡᠵᠡᠳ ᠲᠡᠢ ᠬᠤᠤᠪᠢᠯᠳᠤᠨ ᠮᠣᠩᠭᠣᠯ ᠤᠨ ᠦᠪᠡᠷᠲᠡᠭᠡᠨ ᠵᠠᠰᠠᠬᠤ ᠲᠥᠷᠥ ᠶᠢ ᠤᠰᠠᠳᠬᠠᠵᠤ᠂ ᠬᠦᠮᠦᠨ ᠠᠷᠠᠳ ᠢ ᠭᠠᠯ ᠤᠰᠤᠨ ᠤ ᠵᠣᠪᠠᠯᠠᠩ ᠳᠤ ᠤᠴᠠᠷᠠᠭᠤᠯᠵᠤ ᠪᠠᠶᠢᠭᠰᠠᠨ ᠡᠴᠨ ᠬᠤᠪᠢᠰᠬᠠᠯ ᠢᠯᠠᠭᠰᠠᠨ ᠤ ᠳ᠋ᠦᠩ ᠳᠦ ᠠᠷᠠᠳ ᠲᠦᠮᠡᠨ ᠲᠥᠷᠦ ᠶᠢᠨ ᠬᠡᠷᠡᠭ ᠢ ᠠᠪᠴᠤ ᠤᠷᠢᠳ ᠪᠣᠳᠤᠵᠤ ᠪᠠᠶᠢᠭ᠎ᠠ ᠦᠭᠡᠢ ᠶᠢ ᠪᠣᠳᠣᠵᠤ᠂ ᠪᠦᠬᠦ ᠶᠠᠭᠤᠮ᠎ᠠ ᠶᠢ ᠲᠥᠷᠦ ᠤᠯᠤᠰ ᠤᠨ ᠡᠮᠦᠨ᠎ᠡ ᠡᠴᠡ ᠬᠠᠷᠠᠬᠤ ᠪᠣᠯᠤᠭᠰᠠᠨ ᠢ ᠪᠢᠴᠢᠵᠡᠢ᠃ ᠲᠤᠰ ᠷᠣᠮᠠᠨ ᠳᠤ ᠨᠡᠶᠢᠭᠡᠮ ᠲᠡᠦᠬᠡ ᠶᠢᠨ ᠪᠣᠭᠣᠨᠢ ᠬᠤᠭᠤᠴᠠᠭ᠎ᠠ ᠪᠣᠯᠪᠠᠴᠤ ᠮᠣᠩᠭᠣᠯ ᠦᠨᠳᠦᠰᠦᠲᠡᠨ ᠦ ᠬᠤᠪᠢ ᠵᠠᠶᠠᠭᠠᠨ ᠤ ᠡᠭᠡᠵᠢᠭᠲᠡᠢ ᠦᠶ᠎ᠡ ᠶᠢᠨ 20 ᠳ᠋ᠤᠭᠠᠷ ᠵᠠᠭᠤᠨ ᠤ ᠡᠬᠢᠨ ᠦ 30 ᠊ᠭᠠᠳ ᠵᠢᠯ ᠤᠨ ᠪᠦᠭᠦᠳᠡ ᠨᠠᠢᠷᠠᠮᠳᠠᠬᠤ ᠮᠣᠩᠭᠤᠯ ᠤᠯᠤᠰ ᠪᠠᠢᠭᠤᠯᠤᠭᠳᠠᠭᠰᠠᠨ ᠠᠴᠠ ᠡᠬᠢᠯᠡᠭᠡᠳ ᠳᠡᠯᠡᠬᠡᠢ ᠶᠢᠨ ᠨᠢᠭᠡᠳᠦᠭᠡᠷ ᠳᠠᠶᠢᠨ᠂ 10 ᠰᠠᠷ ᠠ ᠶᠢᠨ ᠨᠡᠶᠢᠭᠡᠮ ᠵᠢᠷᠦᠮᠲᠦ ᠶᠡᠬᠡ ᠬᠤᠪᠢᠰᠬᠠᠯ ᠤᠨ ᠦᠷᠨᠢᠯᠲᠡ ᠪᠠ 1921ᠤᠨ ᠤ ᠠᠷᠠᠳ ᠤᠨ ᠬᠤᠪᠢᠰᠬᠠᠯ ᠤᠨ ᠢᠯᠠᠯᠲᠠ ᠪᠡᠬᠢᠵᠢᠯᠲᠡ ᠶᠢᠨ ᠶᠠᠪᠤᠴᠠ ᠲᠠᠢ ᠨᠢᠭᠲᠠ ᠬᠣᠯᠪᠣᠨ ᠲᠠᠮᠢᠷ ᠤᠨ ᠭᠣᠣᠯ ᠤᠨ ᠬᠢᠨ ᠤ ᠨᠤᠲᠤᠭ ᠳᠡᠪᠢᠰᠬᠡᠷ ᠳᠡᠭᠡᠷ᠎ᠡ ᠲᠥᠪᠯᠡᠷᠡᠭᠦᠯᠦᠨ ᠦᠵᠡᠭᠦᠯᠵᠡᠢ᠃ ᠵᠣᠬᠢᠶᠠᠯ ᠤᠨ ᠬᠡᠯᠡᠨ ᠦ ᠨᠠᠶᠢᠷᠠᠭᠤᠯᠭ᠎ᠠ ᠰᠠᠶᠢᠬᠠᠨ ᠪᠦᠭᠡᠳ ᠳᠦᠷᠰᠦᠯᠡᠯ ᠳᠦ ᠪᠡᠨ ᠨᠢᠭᠲᠠ ᠵᠣᠬᠢᠴᠠᠭᠰᠠᠨ᠂ ᠳᠦᠷᠢ ᠪᠦᠷᠢ ᠳᠦ ᠬᠡᠯᠡ ᠶᠠᠷᠢᠶ᠎ᠠ ᠶᠢᠨ ᠦᠭᠡ ᠬᠡᠯᠡᠯᠭᠡ ᠲᠡᠢ ᠪᠡᠷ ᠲᠤᠰᠪᠦᠷᠢ ᠢᠯᠭᠠᠷᠠᠭᠤᠯᠤᠯᠲᠠ ᠲᠠᠢ ᠪᠢᠴᠢᠭᠳᠡᠭᠰᠡᠨ ᠢᠶᠡᠷ ᠢᠶᠡᠨ ᠣᠨᠴᠠᠯᠢᠭ ᠲᠠᠢ ᠶᠤᠮ᠃ (ᠪᠦᠷᠢᠨ ᠠᠭᠤᠯᠭ᠎ᠠ ᠶᠢ ᠤᠩᠰᠢᠬᠤ)

 ᠠᠯᠲᠠᠢ ᠲᠠᠪᠤᠨ ᠪᠣᠭᠳᠠ
ᠠᠯᠲᠠᠢ ᠲᠠᠪᠤᠨ ᠪᠣᠭᠳᠠ

ᠠᠯᠲᠠᠢ ᠲᠠᠪᠤᠨ ᠪᠣᠭᠳᠠ ᠠᠭᠤᠯᠠ ᠨᠢ ᠮᠣᠩᠭᠣᠯ ᠤᠯᠤᠰ ᠍ ᠤᠨ ᠬᠠᠮᠤᠭ ᠤᠨ ᠥᠨᠳᠥᠷ ᠠᠭᠤᠯᠠ ᠶᠤᠮ᠃ ᠡᠨᠡ ᠴᠤ ᠤᠳᠬ᠎ᠠ ᠪᠠᠷ ᠢᠶᠠᠨ ᠮᠣᠩᠭᠣᠯ ᠣᠷᠣᠨ ᠤ ᠳᠡᠭᠡᠪᠦᠷ ᠬᠡᠮᠡᠭᠳᠡᠳᠡᠭ᠃ ᠲᠠᠪᠤᠨ ᠪᠣᠭᠳᠠ ᠠᠭᠤᠯᠠ ᠨᠢ ᠪᠠᠶᠠᠨ-ᠥᠯᠥᠭᠡᠢ ᠠᠶᠢᠮᠠᠭ ᠤᠨ ᠴᠡᠩᠭᠡᠯᠤᠯᠠᠭᠠᠨᠬᠤᠰ ᠰᠤᠮᠤ ᠶᠢᠨ ᠵᠠᠭᠠᠭ ᠲᠤ ᠣᠷᠣᠰᠢᠳᠠᠭ᠃ ᠲᠠᠪᠤᠨ ᠪᠣᠭᠳᠠ ᠠᠭᠤᠯᠠ ᠨᠢ ᠲᠠᠪᠤᠨ ᠦᠨᠳᠦᠰᠦᠨ ᠣᠷᠭᠢᠯ ᠲᠠᠢ ᠪᠠ ᠮᠣᠩᠭᠣᠯ ᠤᠨ ᠬᠠᠮᠤᠭ ᠤᠨ ᠲᠣᠮᠣ ᠭᠤᠷᠪᠠᠨ ᠮᠥᠰᠦᠨ ᠭᠣᠣᠯ ᠪᠣᠯᠬᠤ ᠫᠣᠲ᠋ᠠᠨᠢᠨ ᠤ ᠮᠥᠰᠦᠨ ᠭᠣᠣᠯᠠᠯᠧᠺᠰᠠᠨᠳᠠᠷ ᠤᠨ ᠮᠥᠰᠦᠨ ᠭᠣᠣᠯᠭᠠᠷᠨ ᠤᠨ ᠮᠥᠰᠦᠨ ᠭᠣᠣᠯ ᠦᠳ ᠲᠠᠪᠤᠨ ᠪᠣᠭᠳᠠ ᠳᠦ ᠣᠷᠣᠰᠢᠳᠠᠭ᠃ ᠡᠳᠡᠭᠡᠷ ᠡᠴᠡ ᠬᠠᠮᠤᠭ ᠤᠨ ᠲᠣᠮᠣ ᠨᠢ ᠫᠣᠲ᠋ᠠᠨᠢᠨ ᠤ ᠮᠥᠰᠦᠨ ᠭᠣᠣᠯ ᠪᠥᠭᠡᠳ 14 ᠣᠷᠴᠢᠮ km ᠤᠷᠲᠤ ᠲᠠᠢ᠃ ᠠᠩᠬᠠᠯᠠᠨ 1956 ᠤᠨ ᠳᠤ ᠮᠣᠩᠭᠣᠯ ᠤᠨ ᠠᠭᠤᠯᠠᠴᠢ ᠳᠤ ᠠᠪᠠᠷᠢᠵᠤ ᠪᠠᠶᠢᠭᠰᠠᠨ ᠠᠴᠠ ᠬᠣᠶᠢᠰᠢ 700 ᠭᠠᠷᠤᠢ ᠠᠭᠤᠯᠠᠴᠢ ᠳᠤ ᠠᠪᠠᠷᠢᠭᠰᠠᠨ ᠪᠠ ᠭᠠᠳᠠᠭᠠᠳᠤ ᠳᠣᠲᠣᠭᠠᠳᠤ ᠶᠢᠨ ᠠᠭᠤᠯᠠᠴᠢᠳ ᠤᠨ ᠠᠪᠠᠷᠢᠬᠤ ᠳᠤᠷᠠᠲᠠᠢ ᠠᠭᠤᠯᠠ ᠪᠣᠯᠤᠭᠠᠳ ᠪᠠᠶᠢᠨ᠎ᠠ᠃ 1996 ᠤᠨ ᠳᠤ ᠠᠯᠲᠠᠢ ᠲᠠᠪᠤᠨ ᠪᠣᠭᠳᠠ ᠠᠭᠤᠯᠠ᠂ ᠬᠣᠲᠠᠨᠬᠤᠷᠠᠭᠠᠨᠳᠠᠶᠠᠩ ᠨᠠᠭᠤᠷᠬᠣᠪᠳᠣ᠂ ᠬᠠᠷ᠎ᠠ ᠰᠠᠯᠠᠭ᠎ᠠ᠂ ᠴᠠᠭᠠᠨ ᠰᠠᠯᠠᠭ᠎ᠠ᠂ ᠰᠤᠩᠭᠢᠨᠲᠦ ᠂ ᠶᠣᠯᠣᠳᠤ ᠵᠡᠷᠭᠡ ᠭᠣᠣᠯ ᠤᠳ ᠤᠨ ᠠᠢ ᠰᠠᠪᠠ ᠤᠳ ᠢ ᠬᠠᠮᠤᠷᠤᠭᠤᠯᠤᠨ ᠠᠯᠲᠠᠢ ᠲᠠᠪᠤᠨ ᠪᠣᠭᠳᠠ ᠶᠢᠨ ᠪᠠᠶᠢᠭᠠᠯᠢ ᠶᠢᠨ ᠴᠣᠭᠴᠠᠯᠠᠪᠤᠷᠢ ᠳᠤ ᠭᠠᠵᠠᠷ ᠬᠡᠮᠡᠨ ᠤᠯᠤᠰ ᠤᠨ ᠬᠠᠮᠠᠭᠠᠯᠠᠯᠲᠠᠨ ᠳᠤ ᠠᠪᠤᠭᠰᠠᠨ᠃ 2012 ᠤᠨ ᠳᠤ ᠠᠯᠲᠠᠢ ᠲᠠᠪᠤᠨ ᠪᠣᠭᠳᠠ ᠠᠭᠤᠯᠠ ᠶᠢ ᠲᠥᠷᠥ ᠶᠢᠨ ᠲᠠᠬᠢᠯᠭᠠᠲᠤ ᠠᠭᠤᠯᠠ ᠪᠣᠯᠭᠠᠨ 4 ᠵᠢᠯ ᠳᠤ ᠨᠢᠭᠡ ᠲᠠᠬᠢᠵᠤ ᠪᠠᠶᠢᠬᠤ ᠪᠠᠷ ᠪᠣᠯᠤᠭᠰᠠᠨ᠃ (ᠪᠦᠷᠢᠨ ᠠᠭᠤᠯᠭ᠎ᠠ ᠶᠢ ᠤᠩᠰᠢᠬᠤ)

  ᠴᠠᠭᠠᠨ ᠲᠠᠩ
ᠴᠠᠭᠠᠨ ᠲᠠᠩ

ᠴᠠᠭᠠᠨ ᠲᠠᠩ (查干汤 ) -ᠲᠤᠰ ᠨᠠᠢᠷᠠᠯᠭ᠎ᠠ ᠪᠣᠯ ᠲᠡᠭᠰᠢ ᠴᠢᠨᠠᠷ ᠲᠠᠢ  ᠨᠠᠢᠷᠠᠯᠭ᠎ᠠ ᠪᠣᠯᠤᠨ᠎ᠠ᠃ ᠮᠠᠨᠤ  ᠪᠠᠷ ᠭᠣᠣᠯᠯᠠᠭᠴᠢ ᠡᠮ ᠪᠣᠯᠭᠠᠵᠤ ᠂ ᠲᠤᠭᠤᠯ ᠡᠪᠡᠰᠦ  ᠪᠠᠷ ᠬᠠᠪᠰᠤᠷᠬᠤ ᠡᠮ ᠪᠣᠯᠭᠠᠵᠤ ᠂ ᠪᠦᠬᠡᠷᠡᠯᠵᠢᠬᠡᠨ᠎ᠡ ᠪᠠᠷ ᠲᠤᠰᠠᠯᠠᠬᠴᠢ ᠡᠮ ᠪᠣᠯᠭᠠᠵᠤ ᠂ ᠴᠠᠭᠠᠨ ᠭᠠ ᠪᠠᠷ ᠦᠢᠯᠡᠴᠢᠯᠡᠭᠴᠢ ᠡᠮ ᠪᠣᠯᠭᠠᠵᠤ ᠨᠠᠢᠷᠠᠭᠤᠯᠵᠠᠢ ᠃ ᠮᠠᠨᠤ  ᠶᠢᠨ ᠭᠠᠰᠢᠭᠤᠨ ᠂ ᠠᠮᠲᠠᠯᠢᠭ ᠠᠮᠲᠠ ᠂ ᠬᠠᠭᠤᠷᠠᠢ ᠴᠢᠨᠠᠷ  ᠢᠶᠠᠷ  ᠢᠶᠠᠨ ᠴᠢᠰᠤᠨ ᠬᠠᠯᠠᠭᠤᠨ  ᠢ ᠠᠷᠢᠯᠭᠠᠵᠤ ᠂ ᠭᠤᠱᠤᠭᠤᠨ ᠂ ᠠᠮᠲᠠᠯᠢᠭ ᠠᠮᠲᠠ ᠲᠣᠰᠤᠯᠢᠭ ᠂ ᠬᠦᠨᠳᠦ ᠴᠢᠨᠠᠷ  ᠢᠶᠠᠷ  ᠢᠶᠠᠨ ᠬᠡᠢ  ᠶᠢ ᠳᠠᠷᠤᠬᠤ ᠲᠤᠯᠠ ᠬᠡᠢ ᠴᠢᠰᠤ ᠬᠠᠷᠰᠢᠯᠳᠤᠭᠰᠠᠠ  ᠢ ᠳᠠᠷᠤᠬᠤ ᠂ ᠲᠤᠭᠤᠯ ᠡᠪᠡᠰᠦ  ᠶᠢᠨ ᠭᠠᠰᠢᠭᠤᠨ ᠠᠮᠲᠠ ᠪᠠᠷ  ᠢᠶᠠᠨ ᠬᠠᠯᠠᠭᠤᠨ  ᠢ ᠠᠷᠢᠯᠭᠠᠵᠤ ᠂ ᠲᠣᠰᠤᠯᠢᠭ ᠂ ᠵᠦᠭᠡᠯᠡᠨ ᠴᠢᠨᠠᠷ ᠡᠷᠳᠡᠮ  ᠢᠶᠠᠷ  ᠢᠶᠠᠨ ᠬᠡᠢ  ᠶᠢ ᠳᠠᠷᠤᠬᠤ ᠲᠤᠯᠠ ᠬᠡᠢ ᠴᠢᠰᠤ ᠬᠠᠷᠰᠢᠭᠰᠠᠠ  ᠢ ᠳᠠᠷᠤᠬᠤ ᠂ ᠪᠦᠬᠡᠷᠡᠯᠵᠢᠬᠡᠨ᠎ᠡ  ᠢᠶᠠᠨ ᠠᠮᠲᠠᠯᠢᠭ ᠠᠮᠲᠠ ᠪᠠᠷ  ᠢᠶᠠᠨ ᠬᠠᠯᠠᠭᠤᠨ  ᠢ ᠠᠷᠢᠯᠭᠠᠵᠤ ᠂ ᠦᠴᠦᠬᠡᠨ ᠭᠤᠱᠤᠭᠤᠨ ᠠᠮᠲᠠ ᠂ ᠵᠦᠭᠡᠯᠡᠨ ᠴᠢᠨᠠᠷ  ᠢᠶᠠᠷ  ᠢᠶᠠᠨ ᠬᠡᠢ  ᠶᠢ ᠳᠠᠷᠤᠬᠤ ᠂ ᠴᠠᠭᠠᠨ ᠭᠠ  ᠶᠢᠨ ᠭᠤᠱᠤᠭᠤᠨ ᠠᠮᠲᠠ ᠂ ᠬᠠᠯᠠᠭᠤᠨ ᠂ ᠬᠦᠨᠭᠭᠡᠨ ᠂ ᠬᠤᠷᠴᠠ ᠂ ᠰᠢᠷᠦᠭᠦᠨ ᠴᠢᠨᠠᠷ  ᠢᠶᠠᠷ  ᠢᠶᠠᠨ ᠪᠠᠳ᠌ᠭᠠᠨ ᠪᠦᠷᠬᠦᠭᠦᠯ  ᠢ ᠬᠠᠭᠤᠯᠬᠤ ᠲᠤᠯᠠ ᠡᠨᠡ ᠳᠥᠷᠪᠡᠨ ᠬᠥᠯ ᠡᠮ  ᠤᠨ ᠠᠮᠲᠠ ᠴᠢᠨᠠᠷ ᠴᠢᠳᠠᠯ ᠵᠤᠬᠢᠯᠳᠤᠭᠠᠤᠠ ᠬᠠᠯᠠᠭᠤᠨ  ᠢ ᠪᠣᠯᠪᠠᠰᠤᠷᠠᠭᠤᠯᠬᠤ ᠂ ᠬᠡᠢ ᠴᠢᠰᠤ ᠬᠠᠷᠰᠢᠯᠳᠤᠭᠰᠠᠠ  ᠢ ᠳᠠᠷᠤᠬᠤ ᠴᠢᠳᠠᠯ  ᠲᠡᠢ ᠨᠠᠢᠷᠠᠯᠭ᠎ᠠ ᠪᠣᠯᠵᠤ ᠪᠦᠷᠢᠯᠳᠦᠵᠡᠢ ᠃ (ᠪᠦᠷᠢᠨ ᠠᠭᠤᠯᠭ᠎ᠠ ᠶᠢ ᠤᠩᠰᠢᠬᠤ)

 ᠬᠤᠷᠳᠤ (ᠬᠠᠮᠲᠤᠯᠢᠭ)
ᠬᠤᠷᠳᠤ (ᠬᠠᠮᠲᠤᠯᠢᠭ)

ᠬᠤᠷᠳᠤ ᠷᠣᠺ ᠬᠠᠮᠲᠤᠯᠢᠭ ᠨᠢ ᠠᠩᠬ᠎ᠠ 1987 ᠤᠨ ᠳᠤ ᠲᠡᠮᠦᠷ ᠵᠠᠮ ᠤᠨ ᠸᠠᠭᠣᠨ ᠦ ᠬᠡᠰᠡᠭ ᠠᠵᠢᠯᠴᠢᠨ ᠵᠠᠯᠠᠭᠤᠰ ᠤᠨ ᠳᠤᠮᠳᠠ ᠪᠠᠶᠢᠭᠤᠯᠤᠭᠳᠠᠵᠤ᠂ ᠤᠷᠠᠨ ᠪᠦᠲᠦᠭᠡᠯ ᠢᠶᠡᠨ ᠲᠤᠭᠤᠷᠪᠢᠵᠤ ᠡᠬᠢᠯᠡᠭᠰᠡᠨ ᠶᠤᠮ᠃ ᠤᠯᠠᠮ ᠢᠶᠠᠷ 1991 ᠤᠨ ᠤ ᠠᠷᠠᠳᠴᠢᠯᠠᠭᠰᠠᠨ ᠬᠤᠪᠢᠰᠬᠠᠯ ᠭᠠᠷᠴᠤ ᠤᠭ ᠬᠠᠮᠲᠤᠯᠢᠭ ᠤᠨ ᠨᠢᠭᠡᠳᠦᠭᠡᠷ ᠪᠦᠷᠢᠯᠳᠦᠬᠦᠨ ᠲᠠᠷᠠᠭᠰᠠᠨ ᠢᠶᠠᠷ᠂ ᠲᠤᠰ ᠪᠦᠷᠢᠯᠳᠦᠬᠦᠨ ᠳᠦ ᠲᠣᠭᠯᠠᠵᠤ ᠪᠠᠶᠢᠭᠰᠠᠨ ᠪᠥᠮᠪᠦᠷᠴᠢᠨ ᠳ ᠭᠠᠩᠪᠠᠶᠠᠷ ᠦᠯᠡᠳᠡᠵᠦ᠂ 1993 ᠤᠨ ᠠᠴᠠ ᠣᠳᠣ ᠶᠢᠨ ᠪᠦᠷᠢᠯᠳᠦᠬᠦᠨ ᠢ ᠰᠣᠩᠭᠣᠨ ᠰᠢᠯᠭᠠᠷᠠᠭᠤᠯᠵᠤ᠂ ᠮᠧᠲ᠋ᠠᠯ ᠷᠣᠺ ᠬᠥᠭᠵᠢᠮ ᠦᠨ ᠲᠥᠷᠥᠯ ᠢᠶᠡᠷ ᠤᠷᠠᠨ ᠪᠦᠲᠦᠭᠡᠯ ᠢᠶᠡᠨ ᠲᠤᠭᠤᠷᠪᠢᠭᠰᠠᠭᠠᠷ ᠥᠨᠥᠳᠥᠷ ᠲᠦ ᠬᠦᠷᠴᠦ ᠢᠷᠡᠵᠡᠢ᠃ ᠬᠤᠷᠳᠤ ᠬᠠᠮᠲᠤᠯᠢᠭ ᠨᠢ 6 ᠭᠡᠰᠢᠭᠦᠨ ᠲᠡᠢ ᠪᠡᠷ ᠠᠩᠬᠠᠨ ᠤ《ᠬᠠᠷ᠎ᠠ ᠰᠠᠯᠬᠢ》ᠪᠦᠷᠢᠨ ᠬᠡᠮᠵᠢᠶᠡᠨ ᠦ ᠲᠤᠭᠯᠠᠯᠲᠠ ᠪᠠᠨ 1995 ᠤᠨ ᠤ 3 ᠰᠠᠷ᠎ᠠ ᠳᠤ ᠮᠤᠩᠭᠤᠯ ᠤᠯᠤᠰ ᠤᠨ ᠼᠢᠷᠺ ᠲᠦ ᠠᠮᠵᠢᠯᠲᠠ ᠲᠠᠢ ᠲᠣᠭᠯᠠᠭᠰᠠᠠ ᠢᠶᠡᠷ᠂ ᠮᠣᠩᠭᠣᠯ ᠤᠨ ᠬᠥᠭᠵᠢᠵᠦ ᠪᠤᠢ《РОК》ᠬᠥᠭᠵᠢᠮ ᠦᠨ ᠲᠡᠦᠬᠡᠨ ᠳᠦ ᠴᠤ ᠰᠢᠨ᠎ᠡ ᠡᠷᠢᠯᠬᠢᠯᠡᠯ᠂ ᠰᠢᠨ᠎ᠡ ᠰᠲ᠋ᠢᠯᠢ ᠬᠡᠪ ᠮᠠᠶ᠋ᠢᠭ ᠢ ᠬᠦᠴᠦᠲᠡᠢ ᠪᠡᠷ ᠨᠡᠪᠲᠡᠷᠡᠭᠦᠯᠵᠦ᠂ ᠮᠣᠩᠭᠣᠯ ᠤᠨ ᠠᠷᠠᠳ ᠲᠦᠮᠡᠨ ᠢ᠂ ᠲᠡᠷᠡ ᠳᠤᠮᠳᠠ ᠪᠠᠨ ᠠᠮᠢᠳᠤ ᠬᠥᠭᠵᠢᠮ ᠰᠣᠨᠢᠷᠬᠠᠭᠴᠢ ᠷᠣᠺᠧᠷ ᠵᠠᠯᠠᠭᠤᠰ ᠢ ᠪᠠᠶᠢᠯᠳᠤᠨ ᠳᠠᠭᠠᠭᠤᠯᠵᠤ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

 ᠰᠦᠬᠡ ᠶᠢᠨ ᠴᠠᠭᠠᠨ ᠮᠣᠷᠢ
ᠰᠦᠬᠡ ᠶᠢᠨ ᠴᠠᠭᠠᠨ ᠮᠣᠷᠢ

ᠰᠦᠬᠡ ᠶᠢᠨ ᠴᠠᠭᠠᠨ ᠮᠣᠷᠢ (ᠶᠠᠫᠣᠨ ᠶᠢᠡᠷ スーホの白い馬) ᠮᠤᠩᠭᠤᠯ ᠤᠨ ᠠᠷᠠᠳ ᠤᠨ ᠠᠮᠠᠨ ᠦᠯᠢᠭᠡᠷ ᠶᠤᠮ᠃ ᠮᠤᠷᠢᠨ ᠬᠤᠭᠤᠷ ᠤᠨ ᠢᠷᠯᠲᠡ ᠶᠢᠨ ᠲᠤᠬᠠᠢ ᠶᠠᠷᠢᠭᠰᠠᠨ ᠳᠣᠮᠣᠭ ᠦᠯᠢᠭᠡᠷ ᠶᠤᠮ᠃ ᠶᠠᠫᠣᠨ ᠤᠯᠤᠰ ᠲᠤ ᠮᠣᠩᠭᠣᠯ ᠢ ᠲᠣᠳᠣᠷᠬᠠᠢ ᠬᠡᠮᠵᠢᠶ᠎ᠡ ᠪᠡᠷ ᠰᠤᠷᠲᠠᠯᠴᠢᠯᠠᠭᠰᠠᠨ ᠲᠤᠰ ᠦᠯᠢᠭᠡᠷ ᠨᠢ ᠪᠠᠭ᠎ᠠ ᠰᠤᠷᠭᠠᠭᠤᠯᠢ ᠶᠢᠨ ᠰᠤᠷᠬᠤ ᠪᠢᠴᠢᠭ ᠲᠦ ᠣᠷᠣᠭᠰᠠᠨ ᠪᠠᠶᠢᠵᠤ ᠪᠠᠶᠢᠭᠠᠳ ᠣᠳᠣ ᠨᠢᠭᠡᠨᠲᠡ ᠬᠠᠰᠤᠭᠠᠳ ᠬᠠᠶᠠᠴᠢᠬᠠᠭᠰᠠᠨ ᠶᠤᠮ᠃ ᠶᠠᠫᠣᠨ ᠬᠦᠮᠦᠨ ᠪᠣᠯᠭᠠᠨ ᠦᠯᠢᠭᠡᠷ ᠢ ᠮᠡᠳᠡᠳᠡᠭ᠃ ᠬᠡᠦᠬᠡᠳ ᠦᠳ ᠢᠶᠡᠨ ᠴᠤ ᠤᠩᠰᠢᠵᠤ ᠥᠭᠳᠡᠭ ᠶᠤᠮ ᠪᠢᠯᠡ᠃ ᠨᠣᠮ ᠤᠨ ᠰᠠᠩ ᠳᠤ ᠴᠦ ᠲᠠᠯᠪᠢᠭᠰᠠᠨ ᠪᠠᠶᠢᠳᠠᠭ ᠶᠤᠮ ᠃ ᠬᠢᠲᠠᠳ ᠤᠨ ᠬᠤᠶᠢᠲᠤ ᠲᠠᠯ᠎ᠠ ᠳᠤ ᠮᠣᠩᠭᠣᠯ ᠤᠨ ᠥᠷᠭᠡᠨ ᠠᠭᠤᠳᠠᠮ ᠲᠠᠯ᠎ᠠ ᠨᠤᠲᠤᠭ ᠪᠠᠶᠢᠳᠠᠭ ᠪᠢᠯᠡ᠃ ᠲᠡᠨᠳᠡᠬᠢ ᠶᠢᠨ ᠬᠥᠮᠦᠰ ᠡᠷᠲᠡᠨ ᠡᠴᠡ ᠬᠣᠨᠢ ᠢᠮᠠᠭ᠎ᠠ᠂ ᠦᠬᠡᠷ ᠠᠳᠤᠭᠤ ᠮᠠᠯᠯᠠᠵᠤ ᠠᠮᠢᠳᠤᠷᠠᠳᠠᠭ ᠪᠠᠶᠢᠵᠠᠢ᠃ ᠡᠨᠡ ᠮᠣᠩᠭᠣᠯ ᠳᠤ ᠮᠣᠷᠢᠨ ᠬᠤᠭᠤᠷ ᠭᠡᠳᠡᠭ ᠬᠥᠭᠵᠢᠮ ᠪᠠᠶᠢᠳᠠᠭ ᠶᠤᠮ᠃ ᠡᠨᠡ ᠬᠥᠭᠵᠢᠮ ᠤᠨ ᠳᠡᠭᠡᠳᠦ ᠬᠡᠰᠡᠭ ᠲᠦ ᠨᠢ ᠮᠣᠷᠢᠨ ᠤ ᠲᠣᠯᠣᠭᠠᠢ ᠶᠢ ᠳᠦᠷᠰᠦᠯᠡᠭᠰᠡᠨ ᠪᠠᠶᠢᠳᠠᠭ ᠤᠴᠢᠷ ᠡᠴᠡ ᠮᠣᠷᠢᠨ ᠬᠤᠭᠤᠷ ᠬᠡᠮᠡᠨ ᠨᠡᠷᠡᠶᠢᠳᠬᠦ ᠪᠣᠯᠵᠠᠢ᠃ ᠶᠡᠷᠦ ᠨᠢ ᠶᠠᠭᠠᠬᠢᠭᠠᠳ ᠡᠶᠢᠮᠦ ᠬᠥᠭᠵᠢᠮ ᠪᠤᠢ ᠪᠣᠯᠤᠭᠰᠠᠨ ᠶᠤᠮ ᠪᠣᠯ᠃ ᠡᠨᠡ ᠲᠤᠬᠠᠢ ᠡᠶᠢᠮᠦ ᠨᠢᠭᠡᠨ ᠶᠠᠷᠢᠶ᠎ᠠ ᠪᠠᠶᠢᠳᠠᠭ ᠶᠤᠮ᠃ (ᠪᠦᠷᠢᠨ ᠠᠭᠤᠯᠭ᠎ᠠ ᠶᠢ ᠤᠩᠰᠢᠬᠤ)

 ᠠᠽᠢᠶ᠎ᠠ ᠶᠢᠨ ᠬᠠᠷ᠎ᠠ ᠪᠠᠭᠠᠪᠠᠭᠠᠢ

ᠠᠽᠢᠶ᠎ᠠ ᠶᠢᠨ ᠬᠠᠷ᠎ᠠ ᠪᠠᠭᠠᠪᠠᠭᠠᠢ (Ursus thibetanus ᠪᠤᠶᠤ Selenarctos thibetanus) ᠪᠤᠶᠤ ᠲᠦᠪᠡᠳ ᠦᠨ ᠬᠠᠷ᠎ᠠ ᠪᠠᠭᠠᠪᠠᠭᠠᠢᠭᠢᠮᠠᠯᠢᠶ ᠠ ᠶᠢᠨ ᠬᠠᠷ᠎ᠠ ᠪᠠᠭᠠᠪᠠᠭᠠᠢᠰᠠᠷᠠᠨ ᠤ ᠪᠠᠭᠠᠪᠠᠭᠠᠢ ᠳᠤᠮᠳᠠ ᠵᠡᠷᠭᠡ ᠶᠢᠨ ᠪᠡᠶ᠎ᠡ ᠲᠡᠢ᠂ ᠬᠤᠷᠴᠠ ᠰᠠᠪᠠᠷ ᠲᠠᠢ᠂ ᠬᠠᠷ᠎ᠠ ᠵᠢᠰᠦ ᠲᠡᠢ᠂ ᠴᠡᠭᠡᠵᠢᠨ ᠳᠦ ᠪᠡᠨ ᠥᠪᠡᠷᠮᠢᠴᠡ ᠴᠠᠭᠠᠨ ᠪᠤᠶᠤ ᠴᠠᠶᠢᠪᠤᠷ ᠰᠢᠷ᠎ᠠ ᠥᠩᠭᠡ ᠶᠢᠨ《V》 ᠬᠡᠯᠪᠡᠷᠢ ᠶᠢᠨ ᠲᠡᠮᠳᠡᠭ ᠲᠡᠢ ᠪᠠᠭᠠᠪᠠᠭᠠᠢ ᠶᠢᠨ ᠵᠦᠢᠯ᠃ ᠠᠮᠧᠷᠢᠺᠠ ᠶᠢᠨ ᠬᠠᠷ᠎ᠠ ᠪᠠᠭᠠᠪᠠᠭᠠᠢᠲᠠᠢ ᠣᠶᠢᠷ᠎ᠠ ᠶᠢᠨ ᠲᠥᠷᠥᠯ ᠪᠥᠭᠡᠳ ᠡᠨᠡ ᠬᠣᠶᠠᠷ ᠤᠨ ᠡᠪᠦᠭᠡ ᠨᠢ ᠧᠦ᠋ᠷᠣᠫᠠ ᠠᠴᠠ ᠭᠠᠷᠤᠯᠲᠠᠢ ᠪᠠᠶᠢᠭᠰᠠᠨ ᠭᠡᠵᠦ ᠦᠵᠡᠳᠡᠭ᠃ (ᠪᠦᠷᠢᠨ ᠠᠭᠤᠯᠭ᠎ᠠ ᠶᠢ ᠤᠩᠰᠢᠬᠤ)

 ᠠᠮᠤᠷᠯᠢᠨᠭᠭᠤᠢ ᠦᠬᠦᠯ
 ᠠᠮᠤᠷᠯᠢᠨᠭᠭᠤᠢ ᠦᠬᠦᠯ

ᠠᠮᠤᠷᠯᠢᠨᠭᠭᠤᠢ ᠦᠬᠦᠯ(Euthanasia) ᠬᠡᠳᠡᠭ ᠨᠢ ᠡᠪᠳᠴᠢᠨ ᠨᠢ ᠡᠳᠡᠬᠡᠵᠤ ᠲᠡᠢᠯᠬᠦ ᠦᠬᠡᠢ ᠡᠪᠡᠳᠴᠢᠳᠡᠨ ᠡᠪᠡᠳᠴᠢᠨ ᠵᠤᠪᠠᠭᠤᠷᠢ ᠪᠠᠨ ᠡᠴᠦᠰ ᠪᠣᠯᠭᠠᠬᠤ ᠶᠢᠨ ᠲᠤᠯᠠᠳᠠ ᠵᠣᠷᠢᠭᠤᠳᠠ ᠪᠠᠷ ᠵᠠᠰᠠᠯᠭ᠋ ᠡ ᠪᠡᠨ ᠵᠤᠭᠰᠤᠭᠠᠬᠤ ᠪᠤᠶᠤ ᠡᠮ ᠬᠡᠷᠡᠭᠯᠡᠨ ᠵᠤᠪᠠᠭᠤᠷᠢ ᠦᠬᠡᠢ ᠠᠮᠤᠷᠯᠢᠨᠭᠭᠤᠢ  ᠪᠡᠷ ᠦᠬᠦᠬᠦ ᠵᠢ ᠵᠢᠭᠠᠳᠠᠭ᠃ Euthanasia (ᠠᠮᠤᠷᠯᠢᠨᠭᠭᠤᠢ ᠦᠬᠦᠯ) ᠬᠡᠳᠡᠭ ᠦᠬᠡ ᠨᠢ ᠬᠢᠷᠢᠭ ᠦᠰᠦᠭ ᠡᠴᠡ ᠢᠷᠡᠯᠳᠠᠳᠡᠢ᠂ ᠡᠭᠦᠨ ᠢ ᠭᠷᠧᠺ ᠬᠡᠯᠡᠨ ᠡᠴᠡ ᠣᠷᠴᠢᠭᠤᠯᠪᠠᠯ 《ᠰᠠᠶᠢᠨ ᠦᠬᠦᠯ》 ᠭᠡᠬᠦ ᠤᠳᠬ᠎ᠠ ᠶᠢ ᠢᠯᠡᠷᠬᠡᠶᠢᠯᠡᠳᠡᠭ ᠃ ᠵᠥᠪᠬᠡᠨ ᠦᠬᠦᠬᠦ ᠡᠪᠡᠳᠴᠢᠨ ᠲᠤᠰᠠᠭᠰᠠᠨ᠂ ᠵᠣᠪᠠᠯᠠᠩ ᠰᠢᠨᠠᠯ ᠳᠤ ᠪᠠᠨ ᠬᠡᠲᠦ ᠠᠪᠲᠠᠵᠤ᠂ ᠡᠳᠦᠷ ᠬᠣᠨᠣᠭ ᠢ ᠠᠷᠠᠢ ᠶᠠᠳᠠᠨ ᠥᠩᠭᠡᠷᠡᠭᠦᠯᠵᠦ ᠪᠠᠶᠢᠭ᠎ᠠ ᠬᠦᠮᠦᠰ ᠢ ᠦᠬᠦᠬᠦ ᠶᠢ ᠵᠥᠪᠰᠢᠶᠡᠷᠡᠳᠡᠭ ᠭᠡᠪᠡᠯ ᠥᠷᠥᠭᠡᠰᠦᠭᠡᠯ ᠣᠶᠢᠯᠠᠭᠠᠯᠲᠠ ᠪᠣᠯᠤᠨ᠎ᠠ᠃ ᠵᠠᠷᠢᠮ ᠤᠯᠤᠰ ᠣᠷᠣᠨ ᠨᠤᠭᠤᠳ᠂ ᠢᠯᠠᠩᠭᠤᠶ᠎ᠠ ᠨᠢᠳᠧᠷᠯᠠᠨ ᠳᠤ ᠤᠯᠤᠰ ᠲᠤ ᠪᠡᠶ᠎ᠡ ᠨᠢ ᠡᠷᠡᠭᠦᠯ ᠰᠠᠷᠠᠭᠤᠯ ᠪᠣᠯᠪᠠᠴᠤ ᠠᠮᠢᠳᠤᠷᠠᠯ ᠠᠴᠠ ᠵᠠᠯᠬᠠᠭᠰᠠᠨ᠂ ᠡᠳᠦᠷ ᠪᠦᠷᠢ ᠲᠣᠯᠣᠭᠠᠢ ᠡᠪᠡᠳᠬᠡᠬᠦ ᠠᠰᠠᠭᠤᠳᠠᠯ ᠲᠠᠢ ᠣᠷᠢᠶᠠᠴᠠᠯᠳᠤᠵᠤ ᠲᠤᠶᠢᠯᠳᠠᠭᠰᠠᠨ ᠬᠦᠮᠦᠰ ᠢ ᠴᠤ ᠮᠥᠨ ᠦᠬᠦᠬᠦ ᠶᠢ ᠬᠠᠤᠯᠢ  ᠳᠤ ᠪᠠᠨ ᠬᠦᠯᠢᠶᠡᠨ ᠵᠥᠪᠰᠢᠶᠡᠷᠡᠭᠰᠡᠨ ᠪᠠᠶᠢᠳᠠᠭ ᠃ (ᠪᠦᠷᠢᠨ ᠠᠭᠤᠯᠭ᠎ᠠ ᠶᠢ ᠤᠩᠰᠢᠬᠤ)

 ᠲᠡᠮᠡᠭᠡ
ᠲᠡᠮᠡᠭᠡ

 ᠨᠡᠭᠦᠳᠡᠯᠴᠢᠳ ᠦᠨ ᠠᠮᠢᠳᠤᠷᠠᠵᠤ ᠢᠷᠡᠭᠰᠡᠨ ᠡᠺᠣᠯᠣᠬᠢ ᠶᠢᠨ ᠤᠷᠴᠢᠨ ᠳᠤ ᠭᠣᠪᠢ᠂ ᠴᠥᠯ ᠨᠢ ᠶᠡᠬᠡᠩᠬᠢ ᠨᠤᠲᠤᠭ ᠢ ᠡᠵᠡᠯᠡᠳᠡᠭ ᠪᠥᠭᠡᠳ ᠡᠨᠡᠬᠦ ᠤᠷᠴᠢᠨ ᠲᠤᠭᠤᠷᠢᠨ ᠳᠦ ᠳᠠᠰᠤᠨ ᠵᠣᠬᠢᠴᠠᠵᠤ ᠠᠮᠢᠳᠤᠷᠠᠳᠠᠭ ᠠᠮᠢᠲᠠᠳ ᠠᠴᠠ ᠭᠡᠷᠰᠢᠭᠦᠯᠦᠭᠳᠡᠵᠦ᠂ ᠨᠡᠭᠦᠳᠡᠯᠴᠢᠳ ᠤᠨ ᠠᠮᠢᠳᠤᠷᠠᠯ ᠳᠤ ᠴᠢᠬᠤᠯᠠ ᠡᠭᠦᠷᠭᠡ ᠭᠦᠢᠴᠡᠳᠭᠡᠵᠦ ᠢᠷᠡᠭᠰᠡᠨ ᠠᠮᠢᠲᠠᠨ ᠤ ᠨᠢᠭᠡ ᠨᠢ ᠲᠡᠮᠡᠭᠡ ᠪᠢᠯᠡ᠃ ᠳᠡᠯᠡᠬᠡᠢ ᠳᠡᠭᠡᠷᠡᠬᠢ ᠲᠡᠮᠡᠭᠡᠨ ᠦ 90% ᠨᠢ ᠨᠠᠷᠠᠨ ᠲᠡᠮᠡᠭᠡ (ᠭᠠᠭᠴᠠ ᠪᠥᠬᠦᠳᠦ) ᠪᠠᠶᠢᠵᠤ᠂ 9.6% ᠶᠢ ᠲᠡᠮᠡᠭᠡ (ᠬᠣᠣᠰ ᠪᠥᠬᠦᠳᠦ) ᠡᠵᠡᠯᠡᠳᠡᠭ᠃ ᠳᠤᠮᠳᠠᠳᠤ ᠤᠯᠤᠰ ᠤᠨ ᠬᠣᠶᠢᠳᠤ ᠭᠣᠪᠢ᠂ ᠮᠣᠩᠭᠣᠯᠤᠯᠤᠰ᠂ ᠬᠠᠯᠢᠮᠠᠭᠬᠠᠰᠠᠭᠬᠢᠷᠭᠢᠰ ᠤᠯᠤᠰ ᠨᠢ ᠬᠣᠣᠰ ᠪᠥᠬᠦᠳᠦ ᠲᠡᠮᠡᠭᠡ ᠦᠷᠡᠵᠢᠭᠦᠯᠳᠡᠭ᠃ ᠬᠣᠣᠰ ᠪᠥᠬᠦᠳᠦ ᠲᠡᠮᠡᠭᠡ ᠪᠤᠢ ᠪᠣᠯᠤᠭᠰᠠᠨ ᠶᠠᠪᠤᠳᠠᠯ ᠴᠤ ᠪᠡᠶ ᠡ ᠳ᠋ᠡᠬᠢ ᠥᠭᠡᠬᠦ ᠪᠠᠨ ᠶᠡᠬᠡ ᠪᠡᠷ ᠬᠤᠷᠠᠮᠲᠤᠯᠠᠭᠤᠯᠵᠤ᠂ ᠡᠪᠦᠯ ᠬᠠᠪᠤᠷ ᠤᠨ ᠲᠠᠷᠴᠢᠭ ᠬᠠᠲᠠᠭᠤ ᠴᠠᠭ ᠲᠤ ᠢᠯᠴᠢ ᠳᠤᠯᠠᠭᠠᠨ ᠤ ᠡᠬᠢ ᠡᠭᠦᠰᠪᠦᠷᠢ ᠪᠣᠯᠭᠠᠨ ᠠᠰᠢᠭᠯᠠᠳᠠᠭ ᠵᠣᠬᠢᠴᠠᠯᠳᠤᠯᠠᠭ᠎ᠠ ᠲᠠᠢ ᠬᠣᠯᠪᠣᠭᠠᠲᠠᠢ ᠡᠭᠦᠰᠴᠡᠢ᠃ ᠬᠣᠣᠰ ᠪᠥᠬᠦᠳᠦ ᠲᠡᠮᠡᠭᠡᠨ ᠦ ᠡᠪᠦᠭᠡ ᠳᠡᠭᠡᠳᠦᠰ ᠪᠣᠯ ᠵᠡᠷᠯᠢᠭ ᠲᠡᠮᠡᠭᠡᠨ ᠭᠥᠷᠦᠭᠡᠰᠦ《ᠬᠠᠪᠲᠠᠭᠠᠢ》 ᠶᠤᠮ᠃ ᠡᠨᠡ ᠠᠮᠢᠲᠠᠨ ᠣᠳᠣ ᠴᠤ ᠮᠤᠩᠭᠤᠯ ᠤᠯᠤᠰ ᠤᠨ ᠠᠯᠲᠠᠢ ᠶᠢᠨ ᠴᠠᠭᠠᠳᠤᠬᠢ ᠭᠣᠪᠢ ᠳᠤ ᠠᠮᠢᠳᠤᠷᠠᠭᠰᠠᠭᠠᠷ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)


ᠷᠠᠳᠢᠣ᠋
ᠷᠠᠳᠢᠣ᠋

ᠷᠠᠳᠢᠣ᠋ ᠪᠣᠯ ᠦᠵᠡᠭᠳᠡᠬᠦ ᠭᠡᠷᠡᠯ ᠡᠴᠡ ᠳᠣᠷᠤᠭᠰᠢ ᠳᠠᠪᠲᠠᠮᠵᠢ ᠪᠦᠬᠦᠢ ᠴᠠᠬᠢᠯᠭᠠᠨ ᠰᠣᠷᠢᠨᠵᠢᠨ ᠳᠣᠯᠭᠢᠶᠠᠨ ᠍ ᠢ ᠮᠣᠳᠣᠯᠢᠴᠠᠯᠤᠨᠳᠣᠬᠢᠶ᠎ᠠ ᠶᠢ ᠤᠲᠠᠰᠤ ᠦᠭᠡᠢ ᠳᠠᠮᠵᠢᠭᠤᠯᠬᠤ ᠲᠧᠭᠨᠣᠯᠣᠭᠢ ᠶᠤᠮ᠃ ᠴᠠᠬᠢᠯᠭᠠᠨ ᠰᠣᠷᠢᠨᠵᠢᠨ ᠰᠠᠴᠤᠷᠠᠭ ᠤᠨ ᠲᠠᠷᠬᠠᠯᠲᠠ ᠨᠢ ᠠᠭᠠᠷ ᠪᠤᠶᠤ ᠬᠣᠭᠣᠰᠣᠨ ᠣᠷᠣᠨ ᠵᠠᠢ ᠪᠠᠷ ᠲᠠᠷᠬᠠᠬᠤ ᠴᠠᠬᠢᠯᠭᠠᠨ ᠰᠣᠷᠢᠨᠵᠢᠨ ᠣᠷᠣᠨ ᠤ ᠬᠡᠯᠪᠡᠯᠵᠡᠯ ᠢ ᠢᠯᠡᠷᠬᠡᠶᠢᠯᠡᠨ᠎ᠡ᠃ ᠮᠡᠳᠡᠭᠡᠯᠡᠯ ᠨᠢ ᠰᠠᠴᠤᠷᠠᠵᠤ ᠪᠤᠢ ᠳᠣᠯᠭᠢᠶᠠᠨ ᠤ ᠠᠭᠤᠷᠢᠭ᠂ ᠳᠠᠪᠲᠠᠮᠵᠢ ᠵᠡᠷᠭᠡ ᠰᠢᠨᠵᠢ ᠶᠢ ᠰᠢᠰᠲ᠋ᠧᠮ ᠲᠡᠢ ᠪᠡᠷ ᠥᠭᠡᠷᠡᠴᠢᠯᠡᠭᠰᠡᠨ ᠢᠶᠡᠷ (ᠮᠣᠳᠣᠯᠢᠴᠠᠯᠤᠭᠰᠠᠨ ᠢᠶᠠᠷ) ᠳᠠᠮᠵᠢᠳᠠᠭ᠃ ᠷᠠᠳᠢᠣ᠋ ᠳᠣᠯᠭᠢᠶᠠᠨ ᠨᠢ ᠴᠠᠬᠢᠯᠭᠠᠨ ᠳᠠᠮᠵᠢᠭᠤᠯᠤᠭᠴᠢ ᠪᠠᠷ ᠨᠡᠪᠲᠡᠷᠡᠬᠦ ᠦᠶ᠎ᠡ ᠳᠦ ᠣᠷᠣᠨ ᠤ ᠬᠡᠯᠪᠡᠯᠵᠡᠯ ᠨᠢ ᠳᠠᠮᠵᠢᠭᠤᠯᠤᠭᠴᠢ ᠳᠠᠬᠢ ᠬᠤᠪᠢᠰᠬᠤ ᠭᠦᠶᠦᠳᠡᠯ ᠳᠤ ᠰᠢᠯᠵᠢᠳᠡᠭ᠃ ᠡᠨᠡᠬᠦ ᠦᠵᠡᠭᠳᠡᠯ ᠢ ᠠᠰᠢᠭᠯᠠᠨ ᠳᠠᠭᠤᠤ ᠪᠣᠯᠤᠨ ᠪᠤᠰᠤᠳ ᠳᠣᠬᠢᠶᠠᠨ ᠳᠤ ᠰᠢᠯᠵᠢᠭᠰᠡᠨ ᠳᠠᠮᠵᠢᠵᠤ ᠪᠤᠢ ᠮᠡᠳᠡᠭᠡᠯᠡᠯ ᠢ ᠢᠯᠡᠷᠡᠭᠦᠯᠳᠡᠭ᠃ 0.001-1012 ᠳᠠᠪᠲᠠᠮᠵᠢ ᠶᠢᠨ ᠴᠠᠷᠠᠭᠠᠨ ᠳᠤ ᠤᠷᠤᠰᠢᠬᠤ ᠴᠠᠬᠢᠯᠭᠠᠨ ᠰᠣᠷᠢᠨᠵᠢᠨ ᠳᠣᠯᠭᠢᠶᠠᠨ ᠢ ᠷᠠᠳᠢᠣ᠋ ᠳᠣᠯᠭᠢᠶᠠᠨ ᠭᠡᠨ᠎ᠡ᠃ ᠷᠠᠳᠢᠣ᠋ ᠳᠣᠯᠭᠢᠶᠠᠨ ᠤ ᠳᠠᠪᠲᠠᠮᠵᠢ ᠶᠢᠨ ᠰᠫᠧᠺᠲ᠋ᠷ ᠢ ᠳᠠᠷᠠᠭᠠᠬᠢ ᠳᠠᠪᠲᠠᠮᠵᠢ ᠶᠢᠨ ᠴᠠᠷᠠᠭᠠᠨ ᠳᠤ ᠬᠤᠪᠢᠶᠠᠳᠠᠭ᠃ ᠡᠨᠳᠡ ᠨᠢᠭᠡ ᠠᠩᠬᠠᠷᠬᠣ ᠵᠦᠢᠯ ᠪᠣᠯ ᠷᠠᠳᠢᠣ᠋ ᠳᠣᠯᠭᠢᠶᠠᠨ ᠤ ᠰᠫᠧᠺᠲ᠋ᠷ ᠢ ᠳᠠᠪᠲᠠᠮᠵᠢ ᠶᠢᠨ ᠴᠠᠷᠠᠭᠠᠨ ᠳᠤ ᠬᠤᠪᠢᠶᠠᠬᠤ ᠳᠤ ᠪᠠᠨ ᠠᠷᠪᠠᠲᠤ ᠶᠢᠨ ᠰᠢᠰᠲ᠋ᠧᠮ ᠦᠨ ᠵᠠᠷᠴᠢᠮ ᠢ ᠪᠠᠷᠢᠮᠲᠠᠯᠠᠨ ᠳᠣᠯᠭᠢᠶᠠᠨ ᠤ ᠤᠷᠲᠤ ᠪᠠᠷ ᠨᠢ ᠳᠠᠷᠠᠭᠠᠬᠢ ᠠᠩᠬᠢᠯᠠᠯ ᠳᠤ ᠬᠤᠪᠢᠶᠠᠳᠠᠭ᠃ (ᠪᠦᠷᠢᠨ ᠠᠭᠤᠯᠭ᠎ᠠ ᠶᠢ ᠤᠩᠰᠢᠬᠤ)

ᠲᠡᠮᠦᠷ  ᠤᠨ ᠲᠠᠯᠬ᠎ᠠ ︱ 5  ᠶᠢᠨ ᠲᠠᠩ
ᠲᠡᠮᠦᠷ  ᠤᠨ ᠲᠠᠯᠬ᠎ᠠ ︱ 5  ᠶᠢᠨ ᠲᠠᠩ

ᠲᠡᠮᠦᠷ  ᠤᠨ ᠲᠠᠯᠬ᠎ᠠ ︱ 5  ᠶᠢᠨ ᠲᠠᠩ (特木仁—5汤 ) -ᠲᠤᠰ ᠨᠠᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ᠡᠭᠦᠨ  ᠳᠦ ᠭᠤᠱᠤᠭᠤᠨ ᠠᠮᠲᠠ᠂ ᠰᠡᠷᠢᠭᠦᠨ ᠴᠢᠨᠠᠷ ᠲᠠᠢ᠂ ᠡᠯᠢᠭᠡᠨ ᠬᠠᠯᠠᠭᠤᠨ  ᠢ ᠠᠷᠢᠯᠭᠠᠵᠤ᠂ ᠬᠠᠷᠠᠭ᠎ᠠ  ᠶᠢ ᠰᠠᠢᠵᠢᠷᠠᠭᠤᠯᠬᠤ ᠴᠢᠳᠠᠯ ᠲᠠᠢ ᠲᠡᠮᠦᠷ  ᠤᠨ ᠲᠠᠯᠬ᠎ᠠ ᠪᠡᠷ ᠭᠤᠤᠯᠯᠠᠭᠴᠢ ᠡᠮ ᠪᠤᠯᠭᠠᠵᠤ᠂ ᠭᠠᠱᠢᠭᠤᠨ ᠠᠮᠲᠠ ᠲᠠᠢ᠂ ᠰᠡᠷᠢᠭᠦᠨ ᠴᠢᠨᠠᠷ ᠂ ᠬᠠᠯᠠᠭᠤᠨ ᠢ ᠠᠷᠢᠯᠭᠠᠵᠤ᠂ ᠬᠠᠷᠠᠭ᠎ᠠ  ᠶᠢ ᠰᠠᠢᠵᠢᠷᠠᠭᠤᠯᠬᠤ ᠴᠢᠳᠠᠯ ᠲᠠᠢ ᠰᠢᠷ᠎ᠠ ᠮᠤᠳᠤᠨ ᠲᠤᠷᠤᠰᠤ ᠪᠡᠷ ᠬᠠᠪᠰᠤᠷᠤᠬᠴᠢ ᠡᠮ ᠪᠤᠯᠭᠠᠭᠰᠠᠨ ᠲᠤᠯᠠ ᠭᠠᠱᠢᠭᠤᠨ ᠠᠮᠲᠠ᠂ ᠰᠡᠷᠢᠭᠦᠨ ᠴᠢᠨᠠᠷ  ᠢᠶᠠᠷ ᠬᠠᠯᠠᠭᠤᠨ  ᠢ ᠠᠷᠢᠯᠭᠠᠨ᠎ᠠ᠃ ᠭᠤᠱᠤᠭᠤᠨ ᠠᠮᠲᠠ ᠨᠢ ᠭᠠᠰᠢᠭᠤᠨ ᠠᠮᠲᠠ ᠪᠡᠷ ᠰᠢᠨᠭᠭᠡᠵᠦ᠂ ᠬᠠᠯᠠᠭᠤᠨ  ᠤ ᠰᠡᠭᠦᠯ ᠢ ᠠᠮᠤᠷᠯᠢᠭᠤᠯᠬᠤ ᠲᠤᠯᠠ ᠲᠤᠰ ᠨᠠᠢᠷᠠᠯᠭ᠎ᠠ ᠨᠢ ᠬᠠᠯᠠᠭᠤᠨ  ᠢ ᠠᠷᠢᠯᠭᠠᠵᠤ᠂ ᠬᠠᠷᠠᠭ᠎ᠠ  ᠶᠢ ᠰᠠᠢᠵᠢᠷᠠᠭᠤᠯᠬᠤ ᠴᠢᠳᠠᠯ ᠪᠦᠷᠢᠳᠴᠡᠢ᠃ ᠪᠠᠰᠠ ᠴᠢᠰᠤᠨ ᠬᠠᠯᠠᠭᠤᠨ  ᠢ ᠠᠷᠢᠯᠭᠠᠬᠤ᠂ ᠮᠠᠭᠤ ᠴᠢᠰᠤ ᠪᠤᠯᠤᠨ ᠲᠠᠮᠢᠷ  ᠤᠨ ᠴᠢᠰᠤ  ᠶᠢ ᠢᠯᠭᠠᠬᠤ ᠰᠢᠷ᠎ᠠ ᠲᠠᠩ  ᠢ ᠲᠤᠰᠠᠯᠠᠭᠤᠯᠵᠤ ᠨᠠᠢᠷᠠᠭᠤᠯᠤᠬᠰᠠᠨ ᠲᠤᠯᠠ ᠴᠢᠰᠤᠨ ᠬᠠᠯᠠᠭᠤᠨ  ᠢᠶᠠᠷ ᠨᠢᠳᠦ ᠡᠪᠡᠳᠬᠦ  ᠳᠦ ᠲᠤᠰᠠᠲᠠᠢ ᠪᠤᠯᠤᠭᠰᠠᠨ ᠪᠠᠢᠨ᠎ᠠ᠃ (ᠪᠦᠷᠢᠨ ᠠᠭᠤᠯᠭ᠎ᠠ ᠶᠢ ᠤᠩᠰᠢᠬᠤ)

 ᠵᠦᠩᠭ᠋ᠠᠷᠴᠤᠳ ᠤᠨ ᠡᠬᠡ ᠨᠤᠲᠤᠭ ᠤᠷᠤᠭᠤ ᠪᠠᠨ ᠬᠢᠭᠰᠡᠨ ᠨᠡᠭᠦᠳᠡᠯ
ᠵᠦᠩᠭ᠋ᠠᠷᠴᠤᠳ ᠤᠨ ᠡᠬᠡ ᠨᠤᠲᠤᠭ ᠤᠷᠤᠭᠤ ᠪᠠᠨ ᠬᠢᠭᠰᠡᠨ ᠨᠡᠭᠦᠳᠡᠯ

1771ᠤᠨ ᠳᠤ ᠣᠷᠣᠰ ᠣᠷᠣᠨ ᠢ ᠬᠠᠲᠤᠨ ᠬᠠᠭᠠᠨ ᠺᠠᠲ᠋ᠠᠷᠢᠨ᠎ᠠ ᠤᠳᠤᠷᠢᠳᠵᠤ ᠪᠠᠶᠢᠬᠤ ᠦᠶ ᠡ ᠳᠤ ᠸᠤᠯᠭ᠎ ᠠ ᠮᠦᠷᠡᠨ ᠦ ᠡᠷᠭᠢ ᠳᠡᠭᠡᠷ᠎ᠡ ᠬᠠᠯᠢᠮᠠᠭ ᠤᠨ ᠮᠣᠩᠭᠣᠯ ᠠᠶᠢᠮᠠᠭ ᠤᠳ ᠤᠨ ᠤᠳᠤᠷᠢᠳᠤᠭᠴᠢ ᠨᠠᠷ ᠴᠢᠭᠤᠯᠠᠪᠠ᠃ ᠬᠡᠳᠦᠨ ᠵᠠᠭᠤᠨ ᠤ ᠲᠤᠷᠰᠢ ᠡᠨᠡ ᠭᠠᠵᠠᠷ ᠲᠡᠳᠡᠨ ᠦ ᠡᠵᠡᠮᠰᠢᠯ ᠨᠤᠲᠤᠭ ᠪᠠᠶᠢᠭᠰᠠᠨ ᠪᠤᠯᠪᠠᠴᠤ᠂ ᠪᠠᠭ᠎ᠠ ᠪᠠᠭ᠎ᠠ ᠪᠠᠷ ᠣᠷᠣᠰ ᠰᠠᠭᠤᠷᠢᠰᠢᠭᠴᠢᠳ ᠲᠤ ᠠᠯᠳᠠᠭᠰᠠᠭᠠᠷ ᠪᠠᠶᠢᠯ᠎ᠠ᠃ ᠬᠠᠯᠢᠮᠠᠭ ᠤᠳ ᠲᠦᠪᠡᠳ ᠲᠤ᠂ ᠮᠣᠩᠭᠣᠯ ᠳᠤ ᠦᠷᠨᠢᠨ ᠲᠠᠷᠬᠠᠭᠰᠠᠨ ᠪᠤᠳ᠋ᠳ᠋ᠾᠠ ᠶᠢᠨ ᠱᠠᠰᠢᠨ ᠤ ᠤᠷᠤᠰᠬᠠᠯ ᠢ ᠰᠢᠲᠦᠨ ᠪᠠᠶᠢᠪᠠ᠃ ᠭᠡᠪᠡᠴᠦ ᠵᠠᠯᠠᠭᠤᠰ ᠢ ᠨᠢ ᠣᠷᠣᠰ ᠤᠨ ᠾᠷᠢᠰᠲ᠋ᠤᠰ ᠤᠨ ᠡᠷᠭᠦᠯᠳᠡᠨ᠂ ᠱᠠᠰᠢᠨ ᠳᠤ ᠪᠠᠨ ᠡᠯᠰᠡᠬᠦ ᠪᠡᠷ ᠴᠢᠷᠮᠠᠶᠢᠬᠤ ᠪᠣᠯᠪᠠ᠃ ᠪᠦᠰᠡᠯᠡᠭᠳᠡᠵᠦ᠂ ᠬᠠᠪᠴᠢᠭᠳᠠᠵᠤ᠂ ᠲᠠᠯ᠎ᠠ ᠨᠤᠲᠤᠭ ᠲᠤ ᠪᠠᠨ ᠳᠤᠷ᠎ᠠ ᠪᠠᠷ ᠢᠶᠠᠨ ᠨᠡᠭᠦᠵᠦ᠂ ᠰᠠᠭᠤᠵᠤ ᠴᠢᠳᠠᠬᠤ ᠪᠠᠨ ᠪᠣᠯᠢᠭᠰᠠᠨ ᠨᠢ ᠨᠡᠭᠦᠳᠡᠯᠴᠢᠳ ᠢ ᠲᠡᠪᠴᠢᠬᠦ ᠶᠢᠨ ᠠᠷᠭ᠎ ᠠ ᠦᠭᠡᠢ ᠪᠤᠬᠢᠨᠢᠳᠤᠭᠤᠯᠵᠤ ᠪᠠᠶᠢᠯ᠎ᠠ᠃ ᠬᠠᠮᠢᠭ᠎ᠠ ᠰᠠᠢ ᠦᠭᠡᠢ ᠮᠠᠷᠭᠤᠭᠠᠨ᠂ ᠲᠤᠯᠤᠭᠠᠨ᠂ ᠲᠡᠮᠡᠴᠡᠯ ᠦᠷᠨᠢᠵᠦ᠂ ᠬᠠᠯᠢᠮᠠᠭ ᠲᠦᠮᠡᠨ ᠰᠢᠨᠠᠯᠤᠨ ᠲᠦᠭᠰᠢᠪᠡ᠃ ᠬᠡᠳᠦᠨ ᠰᠢᠢᠳᠮᠡᠭᠡᠢ ᠡᠷᠴᠤᠳ ᠲᠦᠪᠡᠳ ᠲᠤ᠂ ᠮᠣᠩᠭᠣᠯ ᠢ ᠡᠷᠬᠡᠨ ᠳᠦ ᠪᠡᠨ ᠣᠷᠣᠭᠤᠯᠤᠭᠠᠳ ᠪᠠᠶᠢᠭᠰᠠᠨ ᠮᠠᠨᠵᠤ ᠤᠷᠤᠭᠤ ᠣᠴᠢᠪᠠ᠃ ᠮᠠᠨᠵᠤ ᠶᠢᠨ ᠬᠠᠭᠠᠨ ᠴᠢᠯᠦᠭᠡᠲᠡᠢ ᠵᠠᠰᠠᠭ᠂ ᠭᠠᠵᠠᠷ ᠨᠤᠲᠤᠭ ᠠᠮᠠᠯᠠᠪᠠ᠃ ᠲᠡᠭᠦᠨᠴᠢᠯᠡᠨ: " ᠲᠠ ᠨᠠᠷ ᠨᠤᠲᠤᠭ ᠲᠤ ᠪᠠᠨ ᠢᠷᠡᠭᠰᠡᠨ ᠢᠶᠡᠷ ᠳᠤᠷ᠎ᠠ ᠪᠠᠷ ᠢᠶᠠᠨ ᠨᠡᠭᠦᠵᠦ ᠰᠠᠭᠤᠵᠤ᠂ ᠪᠤᠷᠬᠠᠨ ᠱᠠᠰᠢᠨ ᠢᠶᠠᠨ ᠬᠡᠨ ᠡᠴᠡ ᠴᠤ ᠠᠶᠤᠵᠤ ᠡᠮᠢᠶᠡᠯ ᠦᠭᠡᠢ ᠪᠡᠷ ᠴᠢᠯᠦᠭᠡᠲᠡᠢ ᠰᠢᠲᠦᠵᠦ ᠪᠣᠯᠤᠨ᠎ᠠ" ᠭᠡᠵᠦ ᠤᠯᠠᠮᠵᠢᠯᠠᠭᠤᠯᠪᠠ᠃ ᠬᠠᠯᠢᠮᠠᠭ ᠨᠣᠶᠠᠳ ᠲᠤ ᠡᠨᠡ ᠯᠠ ᠭᠠᠭᠴᠠ ᠭᠠᠷᠬᠤ ᠵᠠᠮ ᠪᠠᠶᠢᠪᠠ᠃ ᠲᠡᠳᠡ ᠭᠡᠷ ᠪᠦᠯᠢ᠂ ᠠᠯᠪᠠᠲᠤ ᠢᠷᠭᠡᠳ᠂ ᠪᠦᠬᠦᠢᠯᠠ ᠮᠠᠯ ᠰᠦᠷᠦᠭ ᠶᠢᠡᠨ ᠠᠪᠤᠭᠠᠳ ᠬᠠᠭᠤᠴᠢᠨ ᠨᠤᠲᠤᠭ ᠢᠶᠠᠨ ᠲᠡᠮᠡᠦᠯᠡᠨ ᠵᠣᠷᠢᠬᠤ ᠪᠠᠷ ᠲᠣᠬᠢᠷᠠᠪᠠ᠃ (ᠪᠦᠷᠢᠨ ᠠᠭᠤᠯᠭ᠎ᠠ ᠶᠢ ᠤᠩᠰᠢᠬᠤ)

 ᠨᠠᠷᠠᠨ ᠴᠡᠴᠡᠭ
ᠨᠠᠷᠠᠨ ᠴᠡᠴᠡᠭ

ᠨᠠᠷᠠᠨ ᠴᠡᠴᠡᠭ (ᠯᠠᠲ᠋ᠢᠨ ᠶᠢᠡᠷ Helianthus annuus) ᠨᠢ ᠪᠠᠭᠪᠠᠬᠠᠢ ᠶᠢᠨ ᠣᠪᠤᠭ ᠲᠤ ᠪᠠᠭᠠᠳᠬᠤ ᠨᠢᠭᠡ ᠨᠠᠰᠤᠲᠤ ᠤᠷᠭᠤᠮᠠᠯ ᠶᠤᠮ᠃ ᠦᠷ᠎ᠡ ᠶᠢ ᠨᠢ ᠬᠦᠨᠡᠰᠦᠨ ᠳᠦ ᠬᠡᠷᠡᠭᠯᠡᠬᠦ ᠡᠴᠡ ᠭᠠᠳᠠᠨ᠎ᠠ ᠴᠡᠴᠡᠭ ᠨᠢ ᠲᠣᠮᠣ᠂ ᠦᠵᠡᠰᠬᠦᠯᠡᠩ ᠲᠡᠢ ᠲᠤᠯᠠ ᠶᠡᠬᠡ ᠪᠡᠷ ᠲᠠᠷᠢᠶᠠᠯᠠᠳᠠᠭ᠃ ᠮᠥᠨ ᠨᠠᠷᠠᠨ ᠴᠡᠴᠡᠭ ᠡᠴᠡ ᠲᠣᠰᠣ ᠭᠠᠷᠭᠠᠵᠤ ᠠᠪᠤᠨ᠎ᠠ᠃ᠬᠣᠶᠢᠳᠤ ᠠᠮᠧᠷᠢᠺᠠ ᠠᠴᠠ ᠭᠠᠷᠤᠯᠲᠠᠢ᠃ 2 ᠮᠸᠲ᠋ᠷ ᠬᠦᠷᠲᠡᠯ᠎ᠡ ᠥᠨᠳᠥᠷ ᠲᠡᠢ ᠪᠣᠯᠵᠤ ᠤᠷᠭᠤᠬᠤ ᠪᠥᠭᠡᠳ ᠵᠤᠨ ᠲᠣᠮᠣ ᠰᠢᠷ᠎ᠠ ᠥᠩᠭᠡᠲᠡᠢ ᠴᠡᠴᠡᠭ ᠳᠡᠯᠭᠡᠷᠡᠨ᠎ᠡ᠃ᠨᠠᠷᠠᠨ ᠤ ᠬᠥᠳᠡᠯᠭᠡᠭᠡᠨ ᠢ ᠳᠠᠭᠠᠵᠤ᠂ ᠴᠡᠴᠡᠭ ᠨᠢ ᠡᠷᠭᠢᠳᠡᠭ ᠲᠤᠯᠠ ᠡᠶᠢᠮᠦ ᠨᠡᠷ᠎ᠡ ᠲᠡᠢ ᠪᠣᠯᠵᠠᠢ᠃ ᠦᠨᠡᠨ ᠳᠦ ᠪᠡᠨ ᠳᠥᠩᠭᠡᠵᠢ ᠨᠠᠬᠢᠶᠠᠯᠠᠵᠤ ᠪᠠᠶᠢᠭ᠎ᠠ ᠦᠶ᠎ᠡ ᠳᠡᠭᠡᠨ ᠯᠠ ᠨᠠᠬᠢᠶ᠎ᠠ ᠨᠢ ᠨᠠᠷᠠᠨ ᠤ ᠬᠥᠳᠡᠯᠭᠡᠭᠡᠨ ᠢ ᠳᠠᠭᠠᠳᠠᠭ ᠪᠥᠭᠡᠳ ᠴᠡᠴᠡᠭ ᠨᠢ ᠳᠡᠯᠭᠡᠷᠡᠬᠦ ᠳᠦ ᠥᠰᠦᠯᠲᠡ ᠨᠢ ᠵᠣᠭᠰᠤᠵᠤ᠂ ᠬᠥᠳᠡᠯᠬᠦ ᠪᠡᠨ ᠪᠣᠯᠢᠳᠠᠭ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2016 10 16 1

 ᠨᠣᠪᠧᠯ ᠤᠨ ᠱᠠᠩᠨᠠᠯ
 ᠨᠣᠪᠧᠯ ᠤᠨ ᠱᠠᠩᠨᠠᠯ

ᠨᠣᠪᠧᠯ ᠤᠨ ᠱᠠᠩᠨᠠᠯ (ᠰᠸᠸᠳᠡᠨ ᠪᠡᠷ Nobelprisetᠨᠤᠷᠸᠸᠢ ᠪᠡᠷ Nobelprisenᠠᠩᠭᠯᠢ ᠪᠠᠷ Nobel Prize) ᠨᠢ ᠳ᠋ᠢᠨᠠᠮᠢᠲ ᠍(Dynamite᠂ ᠨᠢᠭᠡ ᠵᠥᠢᠯ  ᠤᠨ ᠳᠠᠷᠢ) ᠢ ᠨᠡᠭᠡᠭᠡᠭᠰᠡᠨ ᠡᠷᠳᠡᠮᠲᠡᠨ ᠠᠯᠹᠷᠲ ᠨᠣᠪᠧᠯ ᠤᠨ ᠭᠡᠷᠢᠶᠡᠰᠯᠡᠯ ᠦᠨ ᠳᠠᠭᠠᠤ 1901 ᠤᠨ ᠠᠴᠠ ᠣᠯᠭᠤᠵᠤ ᠡᠬᠢᠯᠡᠭᠰᠡᠨ ᠳᠡᠯᠡᠬᠡᠢ ᠶᠢᠨ ᠬᠡᠮᠵᠢᠶᠡᠨ ᠦ ᠵᠢᠯ ᠲᠤᠲᠤᠮ ᠤᠨ ᠱᠠᠩᠨᠠᠯ ᠶᠤᠮ᠃ 2016 ᠤᠨ  ᠤ ᠨᠣᠪᠧᠯ ᠤᠨ ᠪᠢᠣᠯᠣᠭᠢ-ᠠᠨᠠᠭᠠᠬᠤ ᠤᠬᠠᠭᠠᠨ ᠤ ᠱᠠᠩᠨᠠᠯ  ᠢ Yoshinori Ohsumi᠂ ᠹᠢᠽᠢᠺ ᠤᠨ ᠱᠠᠩᠨᠠᠯ  ᠢ David J. Thouless᠂ F. Duncan M. Haldane᠂ J. Michael Kosterlitzᠭᠤᠷᠪᠠᠭᠤᠯᠠ ᠲᠤᠰᠴᠤ᠂ ᠬᠢᠮᠢ ᠵᠢᠨ ᠱᠠᠩᠨᠠᠯ  ᠢ Jean-Pierre Sauvage᠂ ᠡᠩᠬᠡ ᠲᠠᠶᠢᠪᠤᠩ  ᠤᠨ ᠱᠠᠩᠨᠠᠯ  ᠢ Juan Manuel Santos Calderón ᠂ ᠡᠳ᠋ ᠍ ᠦᠨ ᠵᠠᠰᠠᠭ  ᠤᠨ ᠱᠠᠩᠨᠠᠯ  ᠢ Oliver Hart ᠪᠠ Bengt Holmstrom ᠂ ᠤᠷᠠᠨ ᠵᠣᠬᠢᠶᠠᠯ  ᠤᠨ ᠱᠠᠩᠨᠠᠯ  ᠢ Bob Dylan ᠲᠤᠰᠴᠠᠢ᠃ (ᠪᠦᠷᠢᠨ ᠠᠭᠤᠯᠭ᠎ᠠ ᠶᠢ ᠤᠩᠰᠢᠬᠤ)

ᠮᠣᠷᠢᠨ ᠤ ᠤᠷᠤᠯᠳᠤᠭᠠᠨ
ᠮᠣᠷᠢᠨ ᠤ ᠤᠷᠤᠯᠳᠤᠭᠠᠨ

ᠮᠣᠷᠢᠨ ᠤ ᠤᠷᠤᠯᠳᠤᠭᠠᠨ — ᠮᠣᠩᠭᠣᠯᠴᠤᠳ ᠤᠨ ᠡᠷᠲᠡᠨ ᠦ ᠤᠯᠠᠮᠵᠢᠯᠠᠯᠳᠤ ᠨᠠᠭᠠᠳᠤᠮ ᠪᠤᠯᠬᠤ ᠡᠷ ᠡ ᠶᠢᠨ ᠭᠤᠷᠪᠠᠨ ᠨᠠᠭᠠᠳᠤᠮ ᠤᠨ ᠨᠢᠭᠡ ᠲᠦᠷᠦᠯ ᠨᠢ ᠮᠣᠷᠢᠨ ᠤᠷᠤᠯᠳᠤᠭᠠᠨ ᠪᠢᠯᠡ᠃ ᠮᠣᠩᠭᠣᠯ ᠠᠳᠤᠭᠤ ᠨᠢ ᠬᠠᠮᠤᠭ ᠤᠨ ᠡᠷᠡᠰ ᠲᠡᠰᠦ ᠴᠠᠭ ᠠᠭᠤᠷ ᠲᠤ ᠣᠯᠠᠨ ᠮᠢᠩᠭᠠᠨ ᠵᠢᠯ ᠢᠶᠡᠷ ᠬᠤᠪᠢᠰᠤᠨ ᠠᠮᠢᠳᠤᠷᠠᠭᠰᠠᠭᠠᠷ ᠢᠷᠡᠭᠰᠡᠨ ᠲᠤᠯᠠ ᠮᠠᠰᠢ ᠳᠠᠭᠠᠭᠠᠮᠠᠭᠠᠢ᠂ ᠲᠡᠰᠪᠦᠷᠢ ᠬᠠᠲᠠᠭᠤᠵᠢᠯᠲᠠᠢ ᠮᠦᠷᠲᠡᠭᠡᠨ ᠪᠤᠰᠤᠳ ᠲᠥᠷᠥᠯ ᠦᠨ ᠮᠣᠷᠢᠳ ᠲᠠᠢ ᠠᠳᠠᠯᠢᠳᠬᠠᠪᠠᠯ ᠡᠪᠡᠰᠦ ᠲᠡᠵᠢᠭᠡᠯ ᠭᠣᠯᠣᠳᠠᠭ ᠦᠭᠡᠢ ᠵᠡᠷᠭᠡ ᠣᠯᠠᠨ ᠳᠠᠪᠠᠭᠤ ᠴᠢᠨᠠᠷ ᠤᠳ ᠲᠠᠢ ᠪᠠᠶᠢᠳᠠᠭ᠃ ᠮᠣᠩᠭᠣᠯᠴᠤᠳ 5000-6000 ᠵᠢᠯ ᠦᠨ ᠡᠮᠦᠨ᠎ᠡ ᠡᠴᠡ ᠮᠣᠷᠢ ᠶᠢ ᠭᠠᠷᠰᠢᠭᠤᠯᠤᠨ ᠤᠨᠤᠵᠤ ᠬᠡᠷᠡᠭᠯᠡᠭᠰᠡᠨ ᠪᠥᠭᠡᠳ ᠳᠡᠯᠡᠬᠡᠢ ᠶᠢᠨ ᠪᠦᠬᠦ ᠮᠣᠷᠢᠨ ᠦ ᠲᠣᠨᠣᠭᠯᠠᠯ ᠨᠢ ᠮᠣᠩᠭᠣᠯ ᠠᠴᠠ ᠭᠠᠷᠤᠯᠲᠠᠢ ᠪᠤᠯᠬᠤ ᠶᠢ ᠮᠣᠩᠭᠣᠯ ᠤᠨ ᠡᠷᠳᠡᠮᠲᠡᠳ ᠪᠣᠯᠤᠨ ᠠᠮᠧᠷᠢᠺᠠ ᠶᠢᠨ ᠶᠡᠬᠡ ᠰᠤᠷᠭᠠᠭᠤᠯᠢ ᠨᠤᠭᠤᠳ ᠪᠠᠲᠤᠯᠠᠭᠰᠠᠨ ᠪᠠᠶᠢᠳᠠᠭ᠃ ᠮᠥᠨ ᠳᠡᠯᠡᠬᠡᠢ ᠶᠢᠨ ᠪᠦᠬᠦ ᠡᠭᠦᠯᠲᠡᠷ ᠤᠨ ᠮᠣᠷᠢᠨ ᠦ ᠭ᠍ᠸᠨ ᠦ ᠡᠬᠢ ᠡᠭᠦᠰᠪᠦᠷᠢ ᠨᠢ ᠮᠣᠩᠭᠣᠯ ᠮᠣᠷᠢᠨ ᠠᠴᠠ ᠭᠠᠷᠤᠯ ᠲᠠᠢ ᠪᠣᠯᠬᠤ ᠶᠢ ᠣᠷᠣᠰ ᠤᠨ ᠭᠧᠨᠧᠲ᠋ᠢᠭ ᠤᠨ ᠰᠤᠳᠤᠯᠭᠠᠨ ᠤ ᠲᠦᠪ ᠠᠴᠠ ᠪᠠᠲᠤᠯᠠᠵᠠᠢ᠃ ᠮᠣᠩᠭᠣᠯ ᠤᠷᠤᠨ ᠳᠤ ᠨᠤᠲᠤᠭ ᠨᠤᠲᠤᠭ ᠢᠶᠠᠷ ᠪᠠᠭ᠎ᠠ ᠵᠡᠷᠭᠡ ᠢᠯᠭᠠᠭ᠎ᠠ ᠲᠠᠢ ᠳᠦᠷᠢᠮ ᠢᠶᠡᠷ ᠮᠣᠷᠢᠳ ᠢ ᠤᠷᠤᠯᠳᠤᠭᠤᠯᠵᠤ ᠢᠷᠡᠭᠰᠡᠨ ᠲᠡᠦᠬᠡ ᠲᠠᠢ ᠪᠣᠯᠪᠠᠴᠤ᠂ ᠮᠤᠩᠭᠤᠯ ᠤᠯᠤᠰ ᠲᠤ 1899 ᠤᠨ ᠠᠴᠠ ᠡᠬᠢᠯᠡᠨ ᠤᠷᠤᠯᠳᠤᠭᠠᠨ ᠤ ᠮᠣᠷᠢᠳ ᠢ ᠨᠠᠰᠤ ᠪᠡᠷ ᠨᠢ ᠲᠠᠪᠤᠨ ᠳᠡᠰ ᠲᠦ ᠠᠩᠭᠢᠯᠠᠵᠤ ᠤᠷᠤᠯᠳᠤᠭᠤᠯᠬᠤ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠥᠪᠦᠷᠬᠠᠩᠭᠠᠢ 
ᠥᠪᠦᠷᠬᠠᠩᠭᠠᠢ

ᠥᠪᠦᠷᠬᠠᠩᠭᠠᠢᠮᠣᠩᠭᠣᠯ ᠤᠯᠤᠰ ᠍ ᠤᠨ ᠠᠶᠢᠮᠠᠭ᠃ 1931 ᠤᠨ ᠳᠤ ᠪᠠᠶᠢᠭᠤᠯᠤᠭᠳᠠᠭᠰᠠᠨ᠃ᠮᠣᠩᠭᠣᠯ ᠤᠯᠤᠰ ᠍ ᠤᠨ ᠭᠠᠵᠠᠷ ᠵᠦᠢ ᠶᠢᠨ ᠬᠦᠢᠰᠦ ᠲᠥᠪ ᠴᠡᠭ ᠨᠢ ᠲᠤᠰ ᠠᠶᠢᠮᠠᠭ ᠤᠨ ᠪᠦᠷᠢᠳᠦ ᠰᠤᠮᠤ ᠶᠢᠨ ᠣᠩᠭᠣᠨ ᠬᠡᠮᠡᠬᠦ ᠠᠭᠤᠯᠠ ᠶᠢᠨ ᠥᠪᠥᠷ ᠲᠦ ᠪᠠᠶᠢᠳᠠᠭ᠃ ᠨᠤᠲᠤᠭ ᠤᠨ ᠬᠣᠶᠢᠳᠤ ᠬᠡᠰᠡᠭ ᠲᠦ ᠬᠠᠩᠭᠠᠢ ᠶᠢᠨ ᠨᠢᠷᠤᠭᠤᠨ ᠤ ᠰᠠᠯᠪᠤᠷᠢ ᠠᠭᠤᠯᠠᠰ᠂ ᠲᠥᠪ ᠬᠡᠰᠡᠭ ᠢᠶᠡᠷ ᠨᠢ ᠬᠥᠨᠳᠡᠢ ᠶᠢᠨ ᠲᠠᠯ᠎ᠠ᠂ ᠡᠮᠦᠨ᠎ᠡ ᠬᠡᠰᠡᠭ ᠢᠶᠡᠷ ᠨᠢ ᠠᠯᠲᠠᠢ ᠨᠢᠷᠤᠭᠤᠨ ᠤ ᠰᠠᠯᠪᠤᠷᠢ ᠠᠭᠤᠯᠠᠰ᠂᠂ ᠡᠯᠡᠰᠦᠷᠬᠡᠭ ᠲᠠᠯ᠎ᠠ ᠬᠡᠭᠡᠷ᠎ᠡ ᠶᠢᠨ ᠨᠤᠲᠤᠭ ᠲᠠᠢ᠃ ᠲᠤᠰ ᠠᠶᠢᠮᠠᠭ ᠤᠨ ᠨᠤᠲᠤᠭ ᠭᠠᠵᠠᠷ ᠵᠦᠢ ᠶᠢᠨ 3 ᠪᠥᠰᠡ ᠶᠢ ᠬᠠᠮᠤᠷᠬᠤ ᠲᠤᠯᠠ ᠪᠠᠶᠢᠭᠠᠯᠢ ᠶᠢᠨ ᠦᠯᠡᠮᠵᠢ ᠪᠠᠶᠠᠯᠢᠭ ᠲᠠᠢ᠃ ᠬᠠᠩᠭᠠᠢ ᠶᠢᠨ ᠨᠢᠷᠤᠭᠤᠨ ᠤᠬᠢᠲᠠᠷᠤᠨᠪᠢᠲᠡᠭᠦᠦᠳᠦᠮᠣᠩᠭᠣᠯ ᠠᠯᠲᠠᠢ ᠶᠢᠨ ᠨᠢᠷᠤᠭᠤ ᠶᠢᠨ ᠪᠠᠭᠠᠪᠤᠭᠳᠠᠮᠢᠩᠭᠠᠨ ᠢᠮᠠᠭᠠᠲᠤ ᠵᠡᠷᠭᠡ ᠳᠠᠯᠠᠢ ᠶᠢᠨ ᠲᠦᠪᠰᠢᠨ ᠡᠴᠡ ᠳᠡᠭᠡᠭᠰᠢ 2000-3590 m ᠥᠨᠳᠥᠷ ᠲᠦ ᠡᠷᠭᠦᠭᠳᠡᠭᠰᠡᠨ ᠰᠦᠷᠯᠢᠭ ᠠᠭᠤᠯᠠ᠂ ᠨᠢᠷᠤᠭᠤᠳ ᠣᠷᠣᠰᠢᠳᠠᠭ᠃ ᠮᠥᠨ 24 ᠮᠧᠲ᠋ᠷ ᠦᠨ ᠥᠨᠳᠥᠷ ᠡᠴᠡ ᠪᠠᠭᠤᠬᠤ ᠣᠷᠬᠣᠨ ᠭᠣᠣᠯ ᠤᠨ "ᠤᠯᠠᠭᠠᠨ ᠴᠢᠳᠬᠤᠯᠠᠩ"᠂ ᠳᠠᠯᠠᠢ ᠶᠢᠨ ᠲᠦᠪᠰᠢᠨ ᠡᠴᠡ ᠳᠡᠭᠡᠭᠰᠢ 2500 ᠮᠧᠲ᠋ᠷ ᠦᠨ ᠥᠨᠳᠥᠷ ᠲᠦ ᠤᠷᠤᠰᠢᠬᠤ ᠪᠠᠶᠢᠭᠠᠯᠢ ᠶᠢᠨ ᠥᠪᠡᠷᠮᠢᠴᠡ ᠲᠣᠭᠲᠠᠴᠠ ᠪᠦᠬᠦᠢ ᠦᠵᠡᠰᠬᠦᠯᠡᠩᠲᠦ ᠬᠦᠢᠰ ᠦᠨ ᠨᠠᠶᠢᠮᠠᠨ ᠨᠠᠭᠤᠷ ᠪᠣᠯᠤᠨ "ᠲᠠᠮᠴᠢ ᠶᠢᠨ ᠶᠣᠯᠣ ᠬᠠᠳᠠ" ᠵᠡᠷᠭᠡ ᠰᠣᠨᠢᠨ ᠰᠠᠶᠢᠬᠠᠨ ᠢᠶᠠᠷ ᠢᠶᠠᠨ ᠭᠠᠶᠢᠬᠠᠭᠳᠠᠭᠰᠠᠨ ᠭᠠᠵᠠᠷ ᠲᠤᠰ ᠠᠶᠢᠮᠠᠭ ᠲᠤ ᠣᠯᠠᠨ ᠪᠠᠶᠢᠳᠠᠭ᠃ ᠠᠷᠪᠠᠶᠢᠬᠦ ᠪᠡᠷᠱᠠᠭᠵᠢᠳᠣᠯᠣᠭᠠᠳᠠᠢᠬᠣᠩᠭᠣᠷᠭᠤᠴᠢᠩ ᠦᠨ ᠲᠠᠯ᠎ᠠ ᠪᠣᠯᠤᠨ ᠣᠷᠬᠣᠨ ᠤ ᠬᠥᠨᠳᠡᠢ ᠵᠡᠷᠭᠡ ᠲᠡᠭᠰᠢ ᠠᠭᠤᠳᠠᠮ ᠲᠠᠯ᠎ᠠ ᠨᠤᠭᠤᠳ ᠪᠤᠢ᠃ (ᠪᠦᠷᠢᠨ ᠠᠭᠤᠯᠭ᠎ᠠ ᠶᠢ ᠤᠩᠰᠢᠬᠤ)

ᠮᠠᠨᠤ - 10  ᠶᠢᠨ ᠲᠠᠩ
ᠮᠠᠨᠤ - 10  ᠶᠢᠨ ᠲᠠᠩ

ᠮᠠᠨᠤ - 10  ᠶᠢᠨ ᠲᠠᠩ (土木香十味汤散 ) -ᠲᠤᠰ ᠨᠠᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ ᠭᠡᠢ ᠰᠢᠷ᠎ᠠ ᠪᠠᠷ ᠲᠣᠯᠤᠭᠠᠢ ᠡᠪᠡᠳᠬᠦ ᠂ ᠲᠠᠷᠢᠬᠢᠨ ᠬᠠᠤᠬᠠᠤᠯᠠᠭ᠎ᠠ   ᠳᠦ ᠬᠡᠷᠡᠭᠯᠡᠨ᠎ᠡ ᠃ ᠡᠸᠦ᠋ᠷᠦᠫᠡ ᠡᠮᠨᠡᠯᠭᠡ  ᠶᠢᠨ ᠣᠨᠤᠰᠢᠯᠠᠭᠰᠠᠨ ᠮᠡᠳᠡᠷᠡᠯ  ᠤᠨ ᠴᠢᠨᠠᠷ ᠲᠠᠢ ᠲᠣᠯᠤᠭᠠᠢ ᠡᠪᠡᠳᠬᠦ ᠂ ᠲᠠᠯ᠎ᠠ ᠲᠣᠯᠤᠭᠠᠢ ᠡᠪᠡᠳᠬᠦ ᠂ ᠭᠡᠮᠲᠦᠯ  ᠡᠴᠡ ᠪᠣᠯᠤᠭᠰᠠᠨ ᠲᠣᠯᠤᠭᠠᠢ ᠡᠪᠡᠳᠬᠦ ᠤᠷᠬᠠᠭ ᠂ ᠬᠠᠮᠠᠷ  ᠤᠨ ᠬᠥᠨᠳᠡᠢ  ᠶᠢᠨ ᠬᠠᠯᠳᠠᠪᠤᠷᠢᠯᠠᠯ; ᠶᠠᠷ᠎ᠠ ᠪᠠᠷ ᠲᠣᠯᠤᠭᠠᠢ ᠡᠪᠡᠳᠬᠦ ᠂ ᠲᠠᠷᠢᠬᠢᠨ ᠪᠦᠷᠬᠦᠪᠴᠢ  ᠶᠢᠨ ᠰᠦᠷᠢᠶᠡᠳᠦ ᠦᠷᠪᠢᠰᠦᠯ  ᠢᠶᠡᠷ ᠲᠣᠯᠤᠭᠠᠢ ᠡᠪᠡᠳᠬᠦ ᠂ ᠲᠠᠷᠢᠬᠢᠨ ᠰᠤᠳᠠᠯ  ᠤᠨ ᠭᠡᠨᠡᠳᠡᠯ ᠂ ᠤᠨᠠᠳᠠᠭ ᠡᠪᠡᠳᠴᠢᠨ ᠂ ᠨᠢᠭᠤᠷ  ᠤᠨ ᠮᠡᠳᠡᠷᠡᠯ  ᠤᠨ ᠰᠤᠳᠠᠰᠤᠨ  ᠤ ᠮᠢᠨᠴᠦᠭᠦᠷᠡᠯ ᠂ ᠨᠠᠰᠤᠲᠠᠢᠴᠤᠳ  ᠤᠨ ᠶᠠᠰᠤ ᠬᠡᠪᠡᠷᠡᠭᠰᠢᠬᠦ ᠭᠡᠮ ᠳᠦ ᠲᠤᠰ ᠨᠠᠢᠷᠠᠯᠭ᠎ᠠ ᠵᠢ ᠬᠡᠷᠡᠭᠯᠡᠵᠦ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

 ᠶᠠᠰᠤᠨ  ᠤ ᠪᠦᠬᠡ ᠡᠷᠳᠡᠨᠢᠪᠠᠶᠠᠷ
ᠶᠠᠰᠤᠨ  ᠤ ᠪᠦᠬᠡ ᠡᠷᠳᠡᠨᠢᠪᠠᠶᠠᠷ

ᠡᠷᠳᠡᠨᠢᠪᠠᠶᠠᠷ — ᠲᠡᠭᠡᠷ᠎ᠡ ᠵᠠᠭᠤᠨ ᠤ ᠲᠠᠯᠠᠭᠠᠳ ᠤᠨ ᠤ ᠦᠶ᠎ᠡ  ᠡᠴᠡ ᠤᠳᠤᠬᠠᠨ ᠪᠤᠯᠳᠠᠯ᠎ᠠ ᠬᠢᠯᠠᠯᠵᠠᠳᠠᠯ᠎ᠠ ᠪᠠᠷᠢᠯᠳᠤᠵᠦ ᠪᠠᠶᠢᠭᠰᠠᠨ ᠵᠢᠩᠬᠢᠨᠢ  ᠶᠠᠰᠤᠨ ᠤ ᠪᠦᠬᠡ᠂ ᠬᠤᠷᠢ ᠭᠠᠷᠤᠢ ᠵᠢᠯ ᠰᠤᠷᠭᠠᠭᠴᠢ ᠵᠢᠨ ᠠᠵᠢᠯ ᠳᠦ ᠰᠢᠮᠳᠠᠬᠤ ᠳᠠᠭᠠᠨ 7000 ᠭᠠᠷᠤᠢ ᠬᠦᠮᠦᠨ ᠤᠳᠠᠭ᠎ᠠ ᠱᠠᠪᠢ ᠪᠤᠯᠪᠠᠰᠤᠷᠠᠭᠤᠯᠵᠦ ᠂ ᠲᠦ᠋ᠮᠡ ᠵᠢᠨ ᠲᠤᠭᠠᠨ ᠳᠦ ᠬᠦᠷᠭᠡᠨ᠎ᠡ ᠭᠡᠮᠡᠨ ᠴᠢᠷᠮᠠᠶᠢᠵᠤ ᠶᠠᠪᠤᠭ᠎ ᠠ ᠪᠦᠬᠡ ᠵᠢᠨ ᠦᠢᠯᠡᠰ ᠤᠨ ᠵᠢᠳᠬᠦᠯᠳᠡᠨ ᠂ ᠮᠤᠩᠭᠤᠯ ᠪᠦᠬᠡ ᠪᠡᠨ ᠲᠡᠯᠡᠭᠡᠢ ᠵᠢᠨ ᠲᠠᠮᠢᠷ ᠤᠨ ᠦᠢᠯᠡᠰ ᠤᠨ ᠭᠦᠭᠵᠢᠯᠳᠡ ᠲᠠᠢ ᠠᠯᠬᠤᠭ᠎ᠠ ᠵᠤᠬᠢᠴᠠᠭᠤᠯᠤᠨ᠎ᠠ ᠭᠡᠮᠡᠨ ᠵᠤᠷᠢᠵᠦ᠂ ᠠᠮᠵᠢᠯᠳᠠ ᠪᠦᠳᠦᠭᠡᠯ᠂ ᠠᠯᠳᠠᠷ ᠬᠦᠨᠳᠦ᠂ ᠠᠪᠢᠶᠠᠰ ᠴᠢᠳᠠᠪᠤᠷᠢ ᠪᠡᠷ ᠵᠢᠡᠨ 2004 ᠤᠨ ᠤ ᠪᠠᠷᠠᠭᠤᠨ ᠦᠵᠦᠮᠦᠴᠢᠨ ᠬᠤᠰᠢᠭᠤᠨ ᠤ ᠲᠡᠯᠡᠭᠡᠢ ᠵᠢᠨ ᠭᠢᠨᠢᠰ ᠤᠨ ᠲᠡᠮᠳᠡᠭᠯᠡᠯ ᠢ ᠲᠡᠮᠡᠴᠡᠬᠦ 2048 ᠪᠦᠬᠡ ᠵᠢᠨ ᠤᠷᠤᠯᠳᠤᠭᠠᠨ ᠳᠦ ᠰᠤᠩᠭᠤᠭᠳᠠᠭᠰᠠᠨ ᠲᠦᠷᠢ ᠲᠦᠷᠬᠦ ᠵᠢᠨ ᠡᠯᠴᠢ ᠂ ᠠᠵᠢᠯ ᠤᠨ ᠬᠢᠷᠢ ᠪᠦ᠋ᠳᠦᠮᠵᠢ ᠪᠡᠷ ᠵᠢᠡᠨ ᠤᠯᠤᠰ ᠪᠠᠶᠢᠭᠤᠯᠤᠭᠳᠠᠭᠰᠠᠨ 50 ᠵᠢᠯ ᠤᠨ ᠤᠢ ᠳᠦ ᠰᠤᠩᠭᠤᠭᠳᠠᠭᠰᠠᠨ ᠬᠦᠳᠡᠯᠮᠤᠷᠢ ᠵᠢᠨ ᠵᠢᠱᠢᠶᠡᠴᠢ᠂ ᠬᠦᠮᠦᠨ ᠮᠦ᠋ᠰᠦ᠂ ᠤᠷ᠎ᠠ ᠮᠡᠷᠭᠡᠵᠢᠯ ᠵᠢᠡᠷ ᠵᠢᠡᠨ ᠲᠠᠶᠠᠭᠠᠷ ᠤᠯᠠᠨ ᠳᠠᠭᠠᠨ《ᠡ᠊ ᠪᠠᠭᠰᠢ》ᠭᠡᠮᠡᠨ ᠬᠦ᠋ᠨᠳᠦᠳᠭᠡᠭᠳᠡᠳᠡᠭ ᠵᠤᠷᠢᠭ ᠪᠤᠰᠤᠭ᠎ᠠ ᠮᠤᠩᠭᠤᠯ ᠡᠷ᠎ᠡ ᠪᠠᠶᠢᠭ᠎ᠠ  ᠶᠤᠮ᠃ (ᠪᠦᠷᠢᠨ ᠠᠭᠤᠯᠭ᠎ᠠ ᠶᠢ ᠤᠩᠰᠢᠬᠤ)

ᠮᠢᠶᠠᠽᠠᠺᠢ ᠬᠠᠶᠠᠤ 
ᠮᠢᠶᠠᠽᠠᠺᠢ ᠬᠠᠶᠠᠤ

ᠮᠢᠶᠠᠽᠠᠺᠢ ᠬᠠᠶᠠᠤ (ᠶᠠᠫᠣᠨ. 宮崎 駿 ᠮᠢᠶᠠᠽᠠᠺᠢ ᠬᠠᠶᠠᠤ. ᠲᠥᠷᠥᠭᠰᠡᠨ ᠤᠨ: 1941 ᠤᠨ ᠤ 1ᠳ᠋ᠦᠭᠡᠷ ᠰᠠᠷ ᠠ ᠢᠢᠨ 5 ᠡᠳᠦᠷ, ᠲᠣᠤᠺᠢᠣ᠋ᠬᠣᠲᠠ) ᠶᠠᠫᠣᠨ ᠤ ᠺᠢᠨᠣ᠋ ᠨᠠᠢᠷᠠᠭᠤᠯᠤᠭᠴᠢ᠂ ᠦᠢᠯᠡᠳᠦᠭᠴᠢ᠂ ᠵᠦᠴᠦᠭᠡ ᠵᠤᠬᠢᠶᠠᠭᠴᠢ᠂ ᠠᠨᠢᠮᠧᠴᠢ(ᠬᠡᠦᠬᠡᠯᠳᠡᠢ ᠵᠦᠴᠦᠭᠡ ᠵᠣᠬᠢᠶᠠᠭᠴᠢ)᠂ ᠵᠣᠬᠢᠶᠠᠯᠴᠢ ᠪᠠ ᠮᠠᠩᠭᠠᠴᠢ ᠶᠤᠮ᠃ᠶᠠᠫᠣᠨ ᠤ ᠲᠣᠣᠺᠢᠣ᠋ ᠢᠢᠨ ᠭᠠᠺᠦᠱᠦᠶᠢᠨ ᠶᠡᠬᠡ ᠰᠤᠷᠭᠠᠭᠤᠯᠢ ᠡᠴᠡ ᠲᠡᠭᠦᠰᠴᠠᠢ (学習院大学)᠃ ᠲᠣᠣᠺᠢᠣ᠋ ᠢᠢᠨᠪᠦᠨᠺᠢᠣ᠋ᠳ᠋ᠤ ᠲᠦᠷᠦᠵᠠᠢ᠂ ᠮᠢᠶᠠᠽᠠᠺᠢ ᠬᠠᠶᠠᠤ ᠠᠵᠢᠯ ᠤᠨ ᠭᠠᠷᠤᠭ᠎ᠠ ᠪᠠᠨ 1963 ᠤᠨ ᠳ᠋ᠤ ᠲᠤᠶᠧᠶᠢ ᠠᠨᠢᠮᠧ(Toei Animation᠂東映動画) ᠳ᠋ᠤ ᠡᠬᠢᠯᠡᠭᠦᠯᠵᠠᠢ᠃ ᠲᠡᠷᠡ 1971 ᠤᠨ ᠳ᠋ᠤ ᠲᠠᠺᠠᠬᠠᠲ᠋ᠠ ᠢᠰᠠᠤ(高畑勲) ᠨᠠᠷ ᠲᠠᠢ ᠬᠠᠮᠲᠤᠷᠠᠨᠠᠯᠫᠰ ᠠᠭᠤᠯᠠᠨ ᠤ ᠬᠡᠦᠬᠡᠨ ᠬᠠᠢᠵᠢ ᠢᠢ ᠪᠦᠲᠦᠭᠡᠵᠡᠢ᠃1979 ᠤᠨ ᠳ᠋ᠤ ᠲᠡᠭᠦᠨ ᠤ ᠠᠩᠬᠠᠨ  ᠤ ᠠᠨᠢᠮᠧ(ᠬᠡᠦᠬᠡᠯᠳᠡᠢ ᠵᠦᠴᠦᠭᠡ)ᠯᠦᠫᠢᠨIII ᠺᠠᠯᠢᠣᠰᠲ᠋ᠷᠣ᠋ ᠴᠠᠮᠬᠠᠭ( Lupin III: The Castle of Cagliostro)  ᠢᠢ ᠪᠦᠲᠦᠭᠡᠵᠡᠢ᠃1982 ᠤᠨ ᠳ᠋ᠤ ᠪᠡᠶ ᠡ ᠪᠠᠨ ᠳᠠᠭᠠᠨ ᠮᠠᠩᠭ᠎ᠠ ᠵᠢᠷᠤᠵᠤ ᠡᠬᠢᠯᠡᠵᠦ᠂ Animage ᠰᠡᠳᠭᠦᠯ ᠳᠡᠭᠡᠷ ᠡ ᠥᠪᠡᠷ  ᠤᠨ ᠮᠠᠩᠭ᠎ᠠ ᠪᠦᠲᠦᠭᠡᠯ ᠪᠣᠯᠬᠣᠰᠠᠯᠬᠢᠲᠤ ᠬᠦᠨᠳᠡᠢ ᠢᠢᠨ ᠨᠠᠦ᠋ᠰᠢᠺᠠ(風の谷のナウシカ)ᠪᠠᠨ ᠨᠡᠢᠲᠡᠯᠡᠭᠦᠯᠵᠡᠢ᠂ ᠡᠨᠡ ᠨᠢ 23 ᠳ᠋ᠤᠭᠠᠷ ᠤᠳᠠᠭᠠᠨ ᠤ ᠶᠠᠫᠣᠨ ᠤ ᠮᠠᠩᠭᠠᠴᠢ  ᠢᠢᠨ ᠨᠡᠢᠭᠡᠮᠯᠢᠭ ᠤᠨ ᠱᠠᠩᠨᠠᠯ  ᠢ ᠣᠯᠣᠭᠰᠠᠨ ᠪᠠᠢᠨ᠎ᠠ᠃1984 ᠤᠨ ᠳ᠋ᠤᠰᠠᠯᠬᠢᠲᠤ ᠬᠦᠨᠳᠡᠢ ᠢᠢᠨ ᠨᠠᠦ᠋ᠰᠢᠺᠠ  ᠢᠢ ᠺᠢᠨᠤ᠋ ᠪᠣᠯᠭᠠᠨ ᠭᠠᠷᠭᠠᠵᠠᠢ᠂ ᠲᠤᠰ ᠹᠢᠯᠢᠮ ᠨᠢ ᠮᠥᠨ ᠴᠤ ᠣᠯᠠᠨ ᠤᠯᠤᠰ  ᠤᠨ ᠮᠠᠰᠢ ᠣᠯᠠᠨ ᠱᠠᠩᠨᠠᠯ ᠢ ᠬᠦᠷᠲᠡᠭᠰᠡᠨ ᠪᠠᠢᠨ᠎ᠠ᠃ ᠲᠡᠷᠠ ᠪᠡᠷ 1985 ᠤᠨ ᠳ᠋ᠤ ᠵᠢᠪᠯᠢ ᠰᠲ᠋ᠦ᠋ᠳᠢ ᠺᠣᠮᠫᠠᠨᠢ(スタジオジブリ) ᠢᠢ ᠬᠠᠮᠲᠤᠷᠠᠨ ᠡᠭᠦᠰᠭᠡᠨ ᠪᠠᠢᠭᠤᠯᠵᠤ ᠣᠯᠠᠨ ᠠᠷᠪᠢᠨ ᠣᠨᠴᠠᠯᠢᠭᠲᠤ ᠹᠢᠯᠢᠮ ᠭᠠᠷᠭᠠᠵᠤ ᠪᠠᠢᠪᠠ᠃ (ᠪᠦᠷᠢᠨ ᠠᠭᠤᠯᠭ᠎ᠠ ᠶᠢ ᠤᠩᠰᠢᠬᠤ)

ᠥᠮᠥᠳᠥ
ᠥᠮᠥᠳᠥ

ᠥᠮᠥᠳᠥ ᠭᠡᠳᠡᠭ ᠨᠢ ᠬᠤᠪᠴᠠᠰᠤ ᠶᠢᠨ ᠨᠢᠭᠡ ᠲᠥᠷᠥᠯ ᠪᠥᠭᠡᠳ ᠪᠡᠶ᠎ᠡ ᠶᠢᠨ ᠳᠤᠤᠷᠠᠳᠤ ᠬᠡᠰᠡᠭ ᠲᠦ᠂ ᠳᠣᠲᠣᠭᠤᠷ ᠬᠤᠪᠴᠠᠰᠤ ᠶᠢᠨ ᠭᠠᠳᠠᠭᠤᠷ ᠡᠮᠦᠰᠳᠡᠭ᠃ ᠪᠡᠶ᠎ᠡ ᠳᠦ ᠪᠦᠰᠡ ᠪᠤᠶᠤ ᠮᠥᠷᠥᠪᠴᠢ ᠠᠰᠢᠭᠯᠠᠨ ᠲᠣᠭᠲᠠᠭᠠᠳᠠᠭ᠃ᠢᠷᠡᠨᠰᠺᠢᠹ ᠵᠡᠷᠭᠡ ᠧᠦ᠋ᠷᠠᠽᠢ ᠍ ᠶᠢᠨ ᠨᠡᠭᠦᠳᠡᠯᠴᠢᠨ ᠦᠨᠳᠦᠰᠦᠲᠡᠨ ᠨᠦᠭᠦᠳ ᠨᠢ ᠠᠩᠬ᠎ᠠ ᠥᠮᠥᠳᠥ ᠡᠮᠦᠰᠳᠡᠭ ᠪᠠᠶᠢᠭᠰᠠᠨ ᠬᠡᠮᠡᠨ ᠰᠤᠷᠪᠤᠯᠵᠢ ᠳᠤ ᠳᠤᠷᠠᠳᠤᠭᠰᠠᠨ ᠪᠠᠶᠢᠳᠠᠭ ᠪᠥᠭᠡᠳ ᠲᠡᠳᠡᠨ ᠡᠴᠡ ᠬᠠᠩᠭᠠᠷᠢᠣᠰᠮᠠᠨ ᠦᠳ ᠢᠶᠠᠷ ᠳᠠᠮᠵᠢᠨ ᠣᠷᠴᠢᠨ ᠦᠶ᠎ᠡ ᠶᠢᠨ ᠧᠦ᠋ᠷᠣᠫᠠ ᠲᠤ ᠨᠡᠪᠲᠡᠷᠡᠭᠰᠡᠨ ᠭᠡᠳᠡᠭ᠃ᠥᠮᠥᠳᠥ ᠨᠢ ᠮᠣᠷᠢ ᠤᠨᠠᠬᠤ ᠦᠶ᠎ᠡ ᠳᠦ ᠡᠮᠦᠰᠬᠦ ᠳᠦ ᠲᠣᠬᠢᠷᠠᠮᠵᠢᠲᠠᠢ ᠤᠴᠢᠷ ᠮᠣᠩᠭᠣᠯ ᠦᠨᠳᠦᠰᠦᠲᠡᠨ ᠴᠤ ᠡᠷᠲᠡᠨ ᠡᠴᠡ ᠨᠠᠰᠢ ᠡᠮᠦᠰᠦᠭᠰᠡᠭᠡᠷ ᠢᠷᠡᠵᠡᠢ᠃ ᠡᠷᠲᠡᠨ ᠦ ᠬᠢᠲᠠᠳ ᠦᠨᠳᠦᠰᠦᠲᠡᠨ ᠥᠮᠥᠳᠥ ᠶᠢ ᠵᠥᠪᠬᠡᠨ ᠮᠣᠷᠢᠨ ᠴᠡᠷᠢᠭ ᠦᠳ ᠯᠠ ᠡᠮᠦᠰᠳᠡᠭ ᠪᠠᠶᠢᠭᠰᠠᠨ ᠨᠢ ᠤᠮᠠᠷᠠᠳᠤ ᠶᠢᠨ ᠨᠡᠭᠦᠳᠡᠯᠴᠢᠳ ᠡᠴᠡ ᠰᠠᠨᠠᠭ᠎ᠠ ᠠᠪᠤᠭᠰᠠᠨ ᠠᠵᠢ᠃ (ᠪᠦᠷᠢᠨ ᠠᠭᠤᠯᠭ᠎ᠠ ᠶᠢ ᠤᠩᠰᠢᠬᠤ)

 ᠶᠠᠫᠣᠨ ᠤ ᠡᠳ᠋ ᠍ ᠦᠨ ᠵᠠᠰᠠᠭ
 ᠶᠠᠫᠣᠨ ᠤ ᠡᠳ᠋ ᠍ ᠦᠨ ᠵᠠᠰᠠᠭ

2012 ᠤᠨ ᠤ ᠪᠠᠶᠢᠳᠠᠯ ᠢᠶᠠᠷ ᠠᠮᠧᠷᠢᠺᠠ ᠶᠢᠨ ᠨᠢᠭᠡᠳᠦᠭᠰᠡᠨ ᠤᠯᠤᠰ ᠤᠨ ᠲᠠᠩᠨᠠᠭᠤᠯ ᠤᠨ ᠲᠥᠪ ᠭᠠᠵᠠᠷ ᠠᠴᠠ ᠭᠠᠷᠭᠠᠭᠰᠠᠨ ᠰᠤᠳᠤᠯᠭ᠎ᠠ ᠪᠠᠷ ᠶᠠᠫᠣᠨ ᠤ ᠡᠳ᠋ ᠍ ᠦᠨ ᠵᠠᠰᠠᠭ ᠬᠡᠮᠵᠢᠶ᠎ᠡ ᠪᠡᠷ ᠢᠶᠡᠨ ᠳᠡᠯᠡᠬᠡᠢ ᠳᠦ 5 ᠳ᠋ᠤᠭᠠᠷ ᠪᠠᠶᠢᠷᠢ ᠡᠵᠡᠯᠡᠵᠦ ᠪᠠᠶᠢᠨ᠎ᠠ᠃ ᠬᠠᠷᠢᠨ CNN ᠍ ᠦᠨ ᠭᠠᠷᠭᠠᠭᠰᠠᠨ 2013 ᠤᠨ ᠤ ᠵᠢᠭ᠌ᠰᠠᠭᠠᠯᠳᠠ ᠪᠡᠷ 3 ᠳ᠋ᠤᠭᠠᠷ ᠍ ᠪᠠᠶᠢᠷᠢᠨ ᠳᠤ ᠵᠢᠭ᠌ᠰᠠᠭᠰᠠᠨ ᠪᠠᠶᠢᠨ᠎ᠠ᠃ 2011 ᠤᠨ ᠤ ᠪᠠᠶᠢᠳᠠᠯ ᠢᠶᠠᠷ ᠶᠠᠫᠣᠨ ᠤᠯᠤᠰ ᠨᠢ ᠬᠣᠶᠠᠷ ᠳ᠋ᠡᠬᠢ ᠬᠠᠮᠤᠭ ᠤᠨ ᠲᠣᠮᠣ ᠡᠳ᠋ ᠍ ᠦᠨ ᠵᠠᠰᠠᠭ ᠲᠠᠢ ᠤᠯᠤᠰ ᠪᠠ ᠬᠤᠳᠠᠯᠳᠤᠨ ᠠᠪᠬᠤ ᠴᠢᠳᠠᠪᠤᠷᠢ ᠪᠠᠷ ᠢᠶᠠᠨ 4 ᠍ ᠳᠦᠭᠡᠷ ᠪᠠᠶᠢᠷᠢ ᠲᠤᠰ ᠲᠤᠰ ᠡᠵᠡᠯᠡᠵᠦ ᠪᠠᠶᠢᠭᠰᠠᠨ ᠶᠤᠮ᠃  ᠶᠠᠫᠣᠨ ᠨᠢ ᠳᠡᠯᠡᠬᠡᠢ ᠶᠢᠨ 3 ᠍ ᠳᠠᠬᠢ ᠲᠣᠮᠣ ᠠᠦ᠋ᠲ᠋ᠣᠮᠠᠰᠢᠨ᠂ ᠴᠠᠬᠢᠯᠭᠠᠨ ᠬᠡᠷᠡᠭᠰᠡᠯ ᠦᠢᠯᠡᠳᠪᠦᠷᠢᠯᠡᠭᠴᠢ ᠣᠷᠣᠨ ᠪᠥᠭᠡᠳ ᠫᠠᠲ᠋ᠧᠨᠲ ᠡᠵᠡᠮᠰᠢᠭᠴᠢᠳ ᠦᠨ ᠲᠣᠭ᠎ᠠ ᠪᠠᠷ ᠢᠶᠠᠨ ᠳᠡᠯᠡᠬᠡᠢ ᠶᠢᠨ ᠬᠠᠮᠤᠭ ᠤᠨ ᠰᠢᠨ᠎ᠡ ᠶᠢ ᠰᠠᠨᠠᠭᠠᠴᠢᠯᠠᠭᠴᠢ ᠣᠷᠣᠨ ᠳᠤ ᠲᠣᠭᠠᠴᠠᠭᠳᠠᠳᠠᠭ ᠪᠢᠯᠡ᠃ ᠡᠮᠦᠨᠡᠲᠦ ᠰᠣᠯᠣᠩᠭᠣᠰ᠂ ᠳᠤᠮᠳᠠᠳᠤ ᠤᠯᠤᠰ ᠲᠠᠢ ᠡᠨᠡ ᠰᠠᠯᠪᠤᠷᠢ ᠳᠤ ᠥᠷᠢᠰᠦᠯᠳᠦᠳᠡᠭ ᠦᠨ ᠬᠤᠪᠢ ᠳᠤ ᠶᠠᠫᠣᠨ ᠥᠨᠳᠥᠷ ᠲᠧᠺᠨᠣᠯᠣᠭᠢ ᠳᠤ ᠵᠢᠱᠢᠶ᠎ᠡ ᠨᠢ ᠮᠠᠰᠢᠨ ᠬᠦᠮᠦᠨ ᠂ ᠮᠠᠰᠢᠨ᠂ ᠬᠠᠷᠠᠭᠠᠨ ᠤ ᠲᠣᠨᠣᠭ ᠲᠥᠬᠥᠭᠡᠷᠦᠮᠵᠢ ᠭᠡᠬᠦ ᠮᠡᠲᠦ ᠳᠡᠭᠡᠷ᠎ᠡ ᠢᠯᠡᠭᠦᠦ ᠲᠥᠪᠯᠡᠷᠡᠵᠦ ᠠᠵᠢᠯᠯᠠᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

 ᠨᠢᠺᠣᠯᠠᠢ ᠺᠣᠫᠧᠷᠨᠢᠺ
ᠨᠢᠺᠣᠯᠠᠢ ᠺᠣᠫᠧᠷᠨᠢᠺ

ᠨᠢᠺᠣᠯᠠᠢ ᠺᠣᠫᠧᠷᠨᠢᠺ (Nicolaus Copernicus᠂ 1473ᠤᠨ ᠤ 2 ᠰᠠᠷ᠎ᠠ ᠶᠢᠨ 19 – 1543 ᠤᠨ ᠤ 5 ᠰᠠᠷ᠎ᠠ ᠶᠢᠨ 24) ᠨᠢ ᠳᠡᠯᠡᠬᠡᠢ ᠶᠢᠨ ᠪᠦᠮᠪᠦᠷᠴᠡᠭ ᠨᠢ ᠶᠢᠷᠲᠢᠨᠴᠦ ᠶᠢᠨ ᠲᠥᠪ ᠭᠡᠰᠡᠨ ᠣᠶᠢᠯᠠᠭᠠᠯᠲᠠ ᠶᠢ ᠨᠢᠴᠤᠭᠠᠭᠰᠠᠨ ᠣᠳᠣᠨ ᠣᠷᠣᠨ ᠰᠤᠳᠤᠯᠤᠭᠠᠴᠢ ᠪᠢᠯᠡ᠃ ᠪᠠᠭ᠎ᠠ ᠨᠠᠰᠤᠨ ᠠᠴᠠ ᠪᠠᠨ ᠡᠴᠢᠭᠡ ᠡᠬᠡ ᠡᠴᠡ ᠥᠨᠦᠴᠢᠷᠡᠵᠦ ᠬᠣᠴᠣᠷᠤᠭᠰᠠᠨ ᠲᠡᠭᠦᠨ ᠢ ᠨᠠᠭᠠᠴᠤ ᠠᠬ᠎ᠠ ᠨᠢ ᠬᠦᠮᠦᠵᠢᠭᠦᠯᠵᠦ ᠬᠦᠮᠦᠨ ᠦ ᠵᠡᠷᠭᠡ ᠳᠦ ᠬᠦᠷᠭᠡᠭᠰᠡᠨ ᠪᠠᠶᠢᠨ᠎ᠠ᠃ ᠬᠡᠦᠬᠡᠳ ᠪᠠᠶᠢᠬᠤ ᠠᠴᠠ ᠪᠠᠨ ᠰᠤᠷᠴᠤ ᠮᠡᠳᠡᠬᠦ ᠳᠦ ᠰᠡᠳᠬᠢᠯ ᠰᠠᠨᠠᠭ᠎ᠠ ᠪᠠᠨ ᠪᠦᠷᠢᠨ ᠵᠣᠷᠢᠭᠤᠯᠤᠭᠰᠠᠨ ᠨ᠂ ᠺᠣᠫᠧᠷᠨᠢᠺ ᠡᠬᠢᠯᠡᠭᠡᠳ ᠫᠣᠯᠢᠰᠢ ᠳᠤ᠂ ᠳᠠᠷᠠᠭ᠎ᠠ ᠨᠢ ᠢᠲ᠋ᠠᠯᠢ ᠳᠤ ᠬᠣᠣᠰ ᠳᠡᠭᠡᠳᠦ ᠪᠣᠯᠪᠠᠰᠤᠷᠠᠯ ᠡᠵᠡᠮᠰᠢᠵᠡᠢ᠃ ᠨᠢᠺᠣᠯᠠᠢ ᠺᠣᠫᠧᠷᠨᠢᠺ ᠨᠢ ᠮᠣᠬᠣᠯ ᠦᠭᠡᠢ ᠴᠢᠷᠮᠠᠶᠢᠭᠰᠠᠭᠠᠷ 40 ᠡᠷᠭᠢᠮ᠎ᠡ ᠨᠠᠰᠤᠨ ᠳᠤ ᠪᠠᠨ ᠠᠭᠤᠤ ᠶᠡᠬᠡ ᠨᠡᠭᠡᠭᠡᠯᠲᠡ ᠬᠢᠵᠦ '''ᠲᠩᠷᠢ ᠶᠢᠨ ᠡᠷᠬᠡᠰ ᠦᠨ ᠬᠥᠳᠡᠯᠭᠡᠭᠡᠨ ᠦ ᠲᠤᠬᠠᠢ''' ᠭᠡᠳᠡᠭ ᠠᠯᠳᠠᠷᠲᠤ ᠪᠦᠲᠦᠭᠡᠯ ᠢᠶᠡᠨ ᠲᠤᠭᠤᠷᠪᠢᠵᠠᠢ᠃ ᠡᠨᠡ ᠪᠦᠲᠦᠭᠡᠯ ᠢᠶᠡᠷ ᠢᠶᠡᠨ ᠨ᠂ ᠺᠣᠫᠧᠷᠨᠢᠺ ᠳᠡᠯᠡᠬᠡᠢ ᠶᠢᠨ ᠪᠦᠨᠮᠪᠦᠷᠴᠡᠭ ᠪᠣᠯ ᠪᠦᠬᠦ ᠣᠷᠴᠢᠯᠠᠩ ᠶᠢᠷᠲᠢᠨᠴᠦ ᠶᠢᠨ ᠲᠥᠪ ᠳᠤ ᠬᠥᠳᠡᠯᠭᠡᠭᠡᠨ ᠦᠭᠡᠢ ᠣᠷᠣᠰᠢᠳᠠᠭ ᠭᠡᠵᠦ ᠦᠵᠡᠵᠦ᠂ ᠪᠤᠰᠤᠳ ᠣᠳᠣᠨ ᠶᠢᠷᠲᠢᠨᠴᠦ ᠪᠤᠷᠬᠠᠨ ᠤ ᠵᠣᠬᠢᠶᠠᠯ ᠢᠶᠠᠷ ᠲᠡᠭᠦᠨ ᠳᠦ ᠵᠣᠷᠢᠭᠤᠯᠤᠭᠳᠠᠨ ᠣᠷᠣᠰᠢᠳᠠᠭ ᠭᠡᠰᠡᠨ ᠤᠷᠢᠳᠤᠬᠢ ᠦᠶ᠎ᠡ ᠶᠢᠨ ᠣᠶᠢᠯᠠᠭᠠᠯᠲᠠ ᠳᠤ ᠬᠠᠲᠠᠭᠤ ᠴᠣᠬᠢᠯᠲᠠ ᠥᠭᠭᠦᠭᠰᠡᠨ ᠶᠤᠮ᠃ (ᠪᠦᠷᠢᠨ ᠠᠭᠤᠯᠭ᠎ᠠ ᠶᠢ ᠤᠩᠰᠢᠬᠤ)

ᠮᠠᠯ ᠡᠮᠨᠡᠯᠭᠡ
ᠮᠠᠯ ᠡᠮᠨᠡᠯᠭᠡ

ᠮᠠᠯ ᠡᠮᠨᠡᠯᠭᠡ ᠭᠡᠳᠡᠭ ᠨᠢ ᠠᠮᠢᠲᠠᠨ ᠪ ᠡᠪᠡᠳᠴᠢᠨ ᠵᠢ ᠰᠡᠷᠬᠡᠢᠯᠡᠬᠦ᠂ᠤᠨᠤᠰᠢᠯᠠᠬᠤ ᠪᠠ ᠵᠠᠰᠠᠬᠤ ᠠᠵᠢᠯᠯᠠᠭᠠᠨ ᠪ ᠶᠡᠷᠥᠨᠭᠬᠢ ᠨᠡᠷᠡᠢᠳᠥᠯ ᠪᠤᠯᠤᠨ᠎ᠠ᠃ ᠬᠦᠮᠦᠨ ᠲᠦᠷᠦᠯᠬᠢᠲᠡᠨ ᠮᠠᠯ ᠢ ᠭᠠᠷᠰᠢᠭᠤᠯᠤᠨ ᠲᠡᠵᠢᠭᠡᠭᠰᠡᠨ ᠲᠡᠷᠡ ᠴᠠᠭ ᠡᠴᠡ ᠡᠬᠢᠯᠡᠨ ᠮᠠᠯ  ᠤᠨ ᠡᠯᠳᠡᠪ ᠡᠪᠡᠳᠴᠢᠨ  ᠢ ᠰᠡᠷᠬᠡᠢᠯᠡᠬᠦ ᠪᠠ ᠤᠨᠤᠰᠢᠯᠠᠨ ᠵᠠᠰᠠᠬᠤ ᠠᠷᠭ᠎ᠠ ᠲᠤᠷᠰᠢᠯᠭ᠎ᠠ ᠵᠢ ᠬᠤᠷᠠᠮᠳᠠᠭᠤᠯᠤᠨ ᠡᠬᠢᠯᠡᠵᠡᠢ᠃ᠾᠦᠩᠨᠦᠴᠤᠳ ᠮᠤᠷᠢᠨ ᠪ ᠡᠪᠡᠳᠴᠢᠨ ᠵᠠᠰᠠᠳᠠᠭ ᠲᠤᠬᠠᠢ ᠬᠢᠲᠠᠳ ᠤᠨ ᠰᠤᠳᠤᠷ ᠪᠢᠴᠢᠭ ᠲᠦ ᠲᠡᠮᠳᠡᠭᠯᠡᠰᠦᠭᠡᠲᠡᠢ ᠪᠠᠢᠳᠠᠭ᠃1761ᠤᠨ ᠳᠦ ᠹᠠᠷᠠᠨᠼᠢ ᠤᠯᠤᠰ ᠤᠨ ᠯᠶᠤᠨ(Lyon) ᠬᠤᠲᠠᠨ ᠳᠤ ᠬᠠᠮᠤᠭ ᠠᠩᠬᠠᠨ ᠪ ᠮᠠᠯ ᠡᠮᠨᠡᠯᠭᠡ ᠶᠢᠨ ᠲᠡᠭᠡᠳᠤ ᠰᠤᠷᠭᠠᠭᠤᠯᠢ ᠪᠠᠢᠭᠤᠯᠤᠭᠳᠠᠵᠠᠢ᠃ ᠦᠨᠦ ᠪᠤᠯᠬᠤ ᠳᠤ ᠮᠠᠯ ᠡᠮᠨᠡᠯᠭᠡ ᠶᠢᠨ ᠤᠬᠠᠭᠠᠨ ᠤᠯᠠᠮ ᠬᠦᠭᠵᠢᠵᠦ᠂ᠡᠯ ᠡ ᠤᠯᠤᠰ ᠪᠦᠷ ᠮᠠᠯ ᠡᠮᠨᠡᠯᠭᠡ ᠶᠢᠨ ᠲᠡᠭᠡᠳᠦ ᠰᠤᠷᠭᠠᠭᠤᠯᠢ ᠪᠠᠢᠭᠤᠯᠤᠨ᠂ᠮᠠᠯ ᠡᠮᠨᠡᠯᠭᠡ ᠶᠢᠨ ᠤᠬᠠᠭᠠᠨ ᠪ ᠰᠠᠭᠤᠷᠢ ᠰᠤᠳᠤᠯᠭᠠᠨ ᠢ ᠤᠯᠠᠮ ᠡᠷᠴᠢᠮᠵᠢᠭᠥᠯᠵᠦ ᠪᠠᠢᠨ᠎ᠠ᠃ (ᠪᠦᠷᠢᠨ ᠠᠭᠤᠯᠭ᠎ᠠ ᠶᠢ ᠤᠩᠰᠢᠬᠤ)

ᠮᠠᠨᠤ
ᠮᠠᠨᠤ

ᠮᠠᠨᠤ (土木香 ) -ᠲᠤᠰ ᠡᠮ ᠪᠣᠯ ᠤᠳᠪᠠᠯ᠎ᠠ ᠴᠡᠴᠡᠭ  ᠤᠨ ᠢᠵᠠᠭᠤᠷ ᠤᠨ ᠡᠪᠡᠰᠦᠯᠢᠭ ᠤᠷᠭᠤᠮᠠᠯ ᠪᠣᠯᠬᠤ ᠭᠣᠶᠤ ᠠᠯᠳᠠᠨ ᠳᠤᠰᠤᠯ ᠴᠡᠴᠡᠭ  ᠤᠨ ᠬᠠᠲᠠᠭᠠᠭᠰᠠᠨ ᠦᠨᠳᠦᠰᠦ ᠮᠥᠨ ᠃ ᠪᠠᠳ᠌ᠭᠠᠨ ᠬᠠᠯᠠᠭᠤᠨ  ᠢ ᠠᠷᠢᠯᠭᠠᠬᠤ ᠂ ᠬᠡᠢ ᠴᠢᠰᠤ ᠬᠢᠮᠤᠷᠠᠭᠰᠠᠨ ᠢ ᠠᠷᠢᠯᠭᠠᠬᠤ ᠂ ᠢᠯᠴᠢ ᠶᠢ ᠰᠡᠯᠪᠢᠬᠦ ᠂ ᠢᠳᠡᠭᠡᠨ ᠢ ᠰᠢᠩᠬᠡᠬᠡᠭᠦ ᠂ ᠳᠤᠷ᠎ᠠ ᠶᠢ ᠨᠡᠬᠡᠬᠡᠭᠦ ᠂ ᠬᠠᠳᠭᠤᠯᠭ᠎ᠠ ᠶᠢ ᠳᠠᠷᠤᠬᠤ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

ᠫᠢᠷᠠᠮᠢᠲ ᠰᠤᠪᠤᠷᠭ᠎ ᠠ ᠤᠳ
ᠫᠢᠷᠠᠮᠢᠲ ᠰᠤᠪᠤᠷᠭ᠎ ᠠ ᠤᠳ

ᠭᠢᠽᠠ ᠶᠢᠨ ᠠᠭᠤᠤ ᠫᠢᠷᠠᠮᠢᠲ ᠭᠡᠳᠡᠭ ᠬᠧᠣᠫᠰ ᠤᠨ (ᠬᠤᠹᠦ᠋ ᠶᠢᠨ) ᠫᠢᠷᠠᠮᠢᠲ(胡夫金字塔) ᠨᠢ ᠥᠨᠥ ᠶᠢᠨ ᠶᠸᠵᠠᠫᠲᠤᠯᠤᠰ ᠤᠨ ᠨᠡᠶᠢᠰᠯᠡᠯ ᠺᠠᠶᠢᠷ ᠬᠣᠲᠠ ᠶᠢᠨ ᠣᠶᠢᠷᠠᠯᠴᠠᠭ᠎ᠠ ᠪᠠᠶᠢᠬᠤ ᠭᠢᠽᠠ(Giza) ᠳᠤ ᠤᠷᠤᠰᠢᠬᠤ ᠬᠠᠭᠠᠳ ᠤᠨ ᠣᠷᠣᠰᠢᠭᠤᠯᠭ᠎ᠠ ᠶᠢᠨ ᠴᠣᠭᠴᠠᠯᠠᠪᠤᠷᠢ ᠫᠢᠷᠠᠮᠢᠲ ᠤᠳ ᠤᠨ ᠬᠠᠮᠤᠭ ᠤᠨ ᠠᠪᠤᠷᠭᠤ᠂ ᠬᠠᠮᠤᠭ ᠤᠨ ᠡᠷᠲᠡᠨ ᠦ ᠬᠢ ᠨᠢ ᠪᠥᠭᠡᠳ ᠡᠷᠲᠡᠨ ᠦ ᠳᠡᠯᠡᠬᠡᠢ ᠶᠢᠨ 7 ᠭᠠᠶᠢᠬᠠᠮᠰᠢᠭ ᠠᠴᠠᠥᠨᠥᠳᠥᠷ ᠦᠯᠡᠳᠡᠵᠦ ᠬᠣᠴᠣᠷᠤᠭᠰᠠᠨ ᠴᠣᠷ ᠤᠨ ᠭᠠᠭᠴᠠ ᠪᠦᠲᠦᠭᠡᠯ ᠪᠤᠯᠬᠤ ᠶᠤᠮ᠃ ᠡᠨᠡᠬᠦ ᠪᠠᠶᠢᠭᠤᠯᠤᠮᠵᠢ ᠶᠢ ᠶᠸᠵᠠᠫᠲ ᠤᠨ ᠳᠥᠷᠪᠡᠳ᠋ᠡᠬᠢ ᠬᠠᠭᠠᠨᠲᠤ ᠤᠯᠤᠰ ᠤᠨ ᠹᠠᠷᠠᠣᠨ ᠬᠤᠹᠦ᠋ ᠤᠨ(ᠭᠷᠧᠺ ᠢᠶᠡᠷ ᠬᠧᠣᠫᠰ ᠬᠡᠮᠡᠨ ᠳᠠᠭᠤᠳᠠᠭᠳᠠᠳᠠᠭ) ᠱᠠᠷᠢᠯ ᠢ ᠬᠠᠳᠠᠭᠠᠯᠠᠬᠤ ᠪᠤᠯᠠᠰᠢ ᠭᠡᠵᠦ ᠦᠵᠡᠳᠡᠭ ᠪᠥᠭᠡᠳ 20 ᠵᠢᠯ ᠦᠨ ᠲᠤᠷᠰᠢ ᠪᠠᠶᠢᠭᠤᠯᠵᠦ᠂ ᠨᠡᠶᠢᠲᠡ ᠶᠢᠨ ᠤᠨ ᠲᠤᠭᠠᠯᠠᠯ ᠡᠴᠡ ᠡᠮᠦᠨ᠎ ᠠ 2560ᠤᠨ ᠳᠤ ᠳᠠᠭᠤᠰᠬᠠᠭᠰᠠᠨ ᠭᠡᠵᠦ ᠲᠠᠭᠠᠮᠠᠭᠯᠠᠳᠠᠭ᠃ ᠤᠭ ᠫᠢᠷᠠᠮᠢᠲ ᠨᠢ ᠪᠠᠷᠢᠭᠳᠠᠵᠤ ᠳᠠᠭᠤᠰᠤᠭᠰᠠᠨ ᠴᠠᠭ ᠠᠴᠠ ᠪᠠᠨ ᠬᠣᠶᠢᠰᠢ 3800 ᠵᠢᠯ ᠦᠨ ᠲᠤᠷᠰᠢ ᠬᠦᠮᠦᠨ ᠦ ᠭᠠᠷ ᠢᠶᠠᠷ ᠪᠦᠲᠦᠭᠡᠭᠳᠡᠭᠰᠡᠨ ᠬᠠᠮᠤᠭ ᠤᠨ ᠥᠨᠳᠥᠷ ᠪᠠᠶᠢᠭᠤᠯᠤᠮᠵᠢ ᠪᠠᠶᠢᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠵᠣᠣᠮ᠎ᠠ
ᠵᠣᠣᠮ᠎ᠠ

ᠵᠣᠣᠮ᠎ᠠ (Cockroach蟑螂) ᠪᠣᠯ ᠡᠪᠡᠳᠴᠢᠨ ᠡᠮᠭᠡᠭ ᠲᠠᠷᠠᠭᠠᠳᠠᠭ᠂ ᠬᠦᠨᠡᠰᠦᠨ ᠦ ᠵᠦᠢᠯ᠂ ᠬᠤᠪᠴᠠᠰᠤ ᠬᠤᠨᠠᠷ ᠢ ᠪᠣᠬᠢᠷᠳᠠᠭᠤᠯᠳᠠᠭ ᠬᠥᠨᠦᠭᠡᠯᠲᠦ ᠰᠢᠪᠠᠵᠢ ᠶᠤᠮ᠃ ᠵᠣᠣᠮᠠᠨ ᠤ ᠣᠯᠠᠨ ᠤᠯᠤᠰ ᠤᠨ ᠨᠡᠷᠡᠰᠢᠯ ᠨᠢ 《Cucaracha》 ᠶᠤᠮ᠃ ᠡᠨᠡ ᠨᠡᠷᠡᠰᠢᠯ ᠨᠢ ᠢᠰᠫᠠᠨᠢ ᠭᠠᠷᠤᠯ ᠲᠠᠢ ᠪᠥᠭᠡᠳ ᠠᠷᠪᠠᠨ ᠳᠣᠯᠤᠳᠤᠭᠠᠷ ᠵᠠᠭᠤᠨ ᠤ ᠦᠶ᠎ᠡ ᠳᠦ ᠠᠩᠭᠯᠢ ᠬᠡᠯᠡᠨ ᠳᠦ ᠨᠡᠪᠲᠡᠷᠡᠵᠡᠢ᠃ ᠬᠠᠮᠤᠭ ᠤᠨ ᠲᠦᠭᠡᠮᠡᠯ ᠪᠠᠶᠢᠳᠠᠭ ᠵᠣᠣᠮ᠎ᠠ ᠨᠢ Blatella Germanica ᠪᠥᠭᠡᠳ ᠨᠢᠰᠳᠡᠭ ᠰᠢᠪᠠᠵᠢ ᠶᠢᠨ ᠨᠢᠭᠡ ᠲᠥᠷᠥᠯ ᠶᠤᠮ᠃ ᠡᠨᠡᠬᠦ ᠲᠥᠷᠥᠯ ᠦᠨ ᠵᠣᠣᠮ᠎ᠠ ᠨᠢ ᠵᠢᠷᠭᠤᠭᠠᠨ ᠰᠠᠷ᠎ᠠ ᠠᠮᠢᠳᠤᠷᠠᠳᠠᠭ ᠪᠥᠭᠡᠳ 6-8 ᠤᠳᠠᠭ᠎ᠠ 40 ᠥᠨᠳᠡᠭᠡ ᠭᠠᠷᠭᠠᠬᠤ ᠴᠢᠳᠠᠪᠤᠷᠢ ᠲᠠᠢ᠃ ᠡᠨᠡ ᠨᠢ ᠣᠶᠢᠷᠠᠯᠴᠠᠭ᠎ᠠ ᠪᠠᠷ 240-320 ᠵᠣᠣᠮ᠎ᠠ ᠭᠠᠷᠭᠠᠳᠠᠭ ᠭᠡᠰᠡᠨ ᠦᠭᠡ ᠶᠤᠮ᠃ ᠲᠡᠭᠡᠬᠦ ᠪᠡᠷ 10 ᠡᠮ᠎ᠡ ᠵᠣᠣᠮ᠎ᠠ ᠦᠷᠡᠵᠢᠭᠡᠳ 100᠂ ᠬᠡᠳᠦᠬᠡᠨ ᠰᠠᠷ᠎ᠠ ᠶᠢᠨ ᠳᠣᠲᠣᠷ᠎ᠠ 1 000᠂ 1 000 ᠍ ᠪᠠᠷ ᠨᠡᠮᠡᠭᠳᠡᠨ᠎ᠡ ᠭᠡᠰᠡᠨ ᠦᠭᠡ᠃ (ᠪᠦᠷᠢᠨ ᠠᠭᠤᠯᠭ᠎ᠠ ᠶᠢ ᠤᠩᠰᠢᠬᠤ)

ᠲᠤᠷᠠᠠ
Duran1.jpg
ᠲᠤᠷᠠᠠ
ᠲᠤᠷᠠᠠ
ᠲᠤᠷᠠᠠ

ᠨᠠᠬᠡᠬᠡᠯᠳᠠ ᠵᠢᠠ ᠲᠤᠶᠢᠮᠤ

1609 ᠤᠠ ᠳ᠋ᠤ ‍᠂‍ ᠢᠲ᠋ᠠᠯᠢ ᠵᠢᠠ ᠰᠢᠡᠵᠢᠯᠠᠬᠦ ᠤᠬᠠᠭᠠᠡᠴᠢ ᠭᠠᠯᠢᠯᠸᠢ ᠲᠤᠷᠠᠠ ᠢ ᠡᠬᠦᠳᠤᠠ ᠪᠦᠳᠦᠭᠡᠪᠡ ‍᠃‍ ᠲᠤᠷᠠᠨ ᠢ ᠡᠭᠦᠳᠦᠨ ᠪᠦᠳᠦᠭᠡᠭᠰᠡᠨ ᠡᠴᠡ ᠨᠠᠭᠠᠰᠢ ᠴᠠᠭ ᠦ᠋ᠶ᠎ᠡ ᠵᠢᠨ ᠬᠦᠭᠵᠢᠯ ᠢ ᠳᠠᠭᠠᠯᠳᠤᠨ ᠲᠡᠬᠦᠯᠳᠡᠷᠵᠢᠬᠦᠯᠦᠨ ᠬᠦᠭᠵᠢᠬᠦᠯᠬᠦ ᠪᠡᠷ ᠲᠠᠮᠵᠢᠭᠠᠤᠨ ‍᠂‍ ᠪᠢᠳᠡᠨ ᠢ ᠦ᠋ᠨᠤᠳᠤᠷ ᠤᠨ ᠲᠤᠷᠠᠠ ᠵᠢᠡᠷ ᠵᠠᠭᠤᠠ ᠳ᠋ᠦᠩᠰᠢᠭᠤᠷ ᠬᠡᠷᠠᠯ ᠵᠢᠯ ᠤᠨ ᠲᠡᠷᠳᠠᠬᠡᠬᠢ ᠬᠤᠯᠠ ᠵᠢᠠ ᠤᠳᠤᠳ ᠢ ᠰᠢᠡᠵᠢᠯᠠᠠ ᠬᠠᠷᠠᠵᠤ ᠪᠤᠯᠬᠤ ᠪᠤᠯᠭᠠᠵᠤ ‍᠂‍ ᠬᠦᠮᠤᠠ ᠲᠦᠷᠤᠯᠬᠢᠳᠠᠠ ᠤ ᠰᠢᠨ᠎ᠡ ᠪᠡᠷ ᠤᠷᠤᠰᠢᠨ ᠲᠤᠭᠳᠠᠨᠢᠬᠤ ᠤᠷᠤᠠ ᠵᠠᠢ ᠪᠠ ᠰᠢᠨ᠎ᠡ ᠪᠡᠷ ᠤᠷᠤᠰᠢᠨ ᠲᠤᠭᠳᠠᠨᠢᠬᠤ ᠡᠬᠢ ᠪᠠᠶᠠᠯᠢᠭ ᠢ ᠢᠯᠡᠷᠡᠬᠦᠯᠬᠦ ᠴᠢᠬᠤᠯᠠ ᠪᠠᠭᠠᠵᠢ ᠨᠢ ᠪᠤᠯᠪᠠ ‍᠃‍

ᠨᠠᠬᠡᠬᠡᠯᠳᠠ ᠵᠢᠠ ᠲᠠᠪᠢᠰᠬᠡᠷ

1609 ᠤᠠ ᠳ᠋ᠤ ‍᠂‍ ᠭᠠᠯᠢᠯᠸᠢ ᠬᠤᠯᠠᠡᠳ᠋ ᠤᠨ ᠨᠢᠳᠤᠠ ᠰᠢᠯ ᠤᠶᠢᠯᠠᠳᠪᠤᠷᠢᠯᠡᠭᠴᠢ ᠡᠾᠸᠡᠭᠰ ‍᠊‍ ᠯᠢᠫᠸᠰ ᠬᠤᠯᠠ ᠵᠢᠠ ᠪᠤᠳᠠᠰ  ᠢ ᠤᠶᠢᠷᠠᠳᠤᠭᠤᠯᠤᠠ ᠲᠤᠮᠤᠷᠠᠭᠤᠯᠤᠠ ᠬᠠᠷᠠᠵᠤ ᠪᠤᠯᠬᠤ ᠨᠢᠳᠤᠠ ᠰᠢᠯ  ᠢ ᠪᠦᠳᠦᠭᠡᠭᠰᠡᠨ ᠮᠦᠷᠳᠡᠭᠡᠨ ᠲᠡᠬᠦᠠ  ᠢ ᠪᠠᠠ ᠬᠤᠯᠠᠡᠳ᠋ ᠤᠨ ᠵᠠᠰᠠᠭ ᠤᠨ ᠭᠠᠵᠠᠷ ᠤᠨ ᠲᠠᠶᠢᠠ ᠤ ᠲᠠᠯᠠᠪᠤᠷ ᠤᠨ ᠮᠠᠳᠠᠬᠡᠯᠠᠯ  ᠢ ᠰᠤᠳᠤᠯᠬᠤ ᠭᠠᠵᠠᠷ ᠲᠤ ᠵᠤᠷᠢᠭᠤᠯᠤᠭᠰᠠᠠ ᠮᠡᠳᠡᠭᠡ ᠵᠠᠩᠬᠢ ᠶᠢ ᠤᠯᠵᠤ ᠮᠡᠳᠡᠭᠰᠡᠨ ᠤ ᠲᠡᠷᠠᠭ᠎᠎ᠠ ‍᠂‍ ᠦ᠋ᠪᠡᠷ ᠤᠨ ᠭᠠᠷ ᠢᠶᠠᠷ ᠢᠶᠠᠨ ᠬᠤᠶᠠᠷ ᠲᠠᠪᠬᠤᠷ ᠨᠠᠪᠳᠠᠷᠬᠡᠢ ᠲᠤᠯᠢ ᠪᠡᠷ ᠪᠦᠷᠢᠯᠳᠦᠭᠰᠡᠡ ᠠᠩᠬᠠᠠ ᠤ ᠤᠳᠤᠠ ᠤᠷᠤᠠ ᠰᠤᠳᠤᠯᠤᠯ ᠤᠨ ᠲᠤᠷᠠᠠ ᠢ ᠪᠦᠳᠤᠬᠡᠪᠡ ‍᠃‍ ᠰᠢᠡᠳᠠᠷᠠᠰᠢ ᠦ᠋ᠬᠡᠢ ᠴᠢᠷᠮᠠᠶᠢᠠ ᠵᠢᠳᠬᠦᠭᠰᠡᠡ ᠤ ᠡᠴᠤᠰ ᠲᠤ ‍᠂‍ ᠲᠡᠷᠡ ᠪᠤᠳᠠᠰ ᠤᠨ ᠴᠤᠭᠴᠠ ᠶᠢ ᠭᠤᠷᠪᠡ ᠲᠠᠬᠢᠠ ᠲᠤᠮᠤᠷᠠᠭᠤᠯᠵᠤ ᠲᠡᠶᠢᠯᠳᠡᠭ ᠴᠢᠳᠠᠪᠬᠢᠳᠠᠢ ᠲᠤᠷᠠᠨ ᠢ ᠪᠦᠳᠦᠭᠡᠪᠡ ‍᠃‍ ᠵᠠᠯᠭᠠᠭᠠᠤᠨ ‍᠂‍ ᠲᠡᠷᠠ 1000 ᠲᠡᠬᠢᠠ ᠲᠤᠮᠤᠷᠠᠭᠤᠯᠬᠤ ᠴᠢᠳᠠᠪᠬᠢᠳᠠᠢ ᠲᠤᠷᠠᠠ ᠪᠦᠳᠤᠬᠡᠬᠦ ᠪᠡᠷ ᠵᠤᠷᠢᠭ ᠰᠢ᠋ᠳᠪᠡ ‍᠃‍ ᠲᠡᠷᠠ ᠨᠢᠬᠡ ᠨᠢ ᠨᠢᠬᠡᠠ ᠡᠴᠠ ᠪᠠᠠ ᠢᠯᠠᠬᠦᠤ ᠠᠵᠢᠯᠯᠠᠭ᠎᠎ᠠ ᠰᠠᠶᠢᠳᠠᠢ ᠲᠤᠷᠠᠠ ᠢ ᠤᠭᠳᠠᠷᠭᠤᠢ ᠵᠦᠭ ᠴᠢᠭᠯᠡᠬᠦᠯᠵᠤ ‍᠂‍ ᠦ᠋ᠩᠭᠡᠷᠡᠭᠰᠡᠨ ᠳ᠋ᠤ ᠬᠦᠮᠤᠰ ᠤᠨ ᠮᠡᠳᠡᠳᠡᠭ ᠦ᠋ᠬᠡᠢ ᠤᠳᠤᠠ ᠤᠷᠤᠠ ᠤ ᠭᠠᠶᠢᠬᠠᠮᠰᠢᠭᠳᠤ ᠦ᠋ᠵᠡᠭᠳᠠᠯ ᠢ ᠢᠯᠡᠷᠡᠬᠦᠯᠪᠡ ‍᠃‍ ᠭᠠᠯᠢᠯᠸᠢ ᠤᠳᠤᠠ ᠤᠷᠤᠠ ᠰᠢᠨᠵᠢᠯᠡᠯ ᠳ᠋ᠤ ᠪᠠᠭᠠᠵᠢ ᠬᠡᠷᠡᠭᠰᠠᠯ ᠢ ᠠᠰᠢᠭᠯᠠᠠ ᠤᠷᠴᠢᠯᠠᠡᠭ ᠢ ᠰᠢᠨᠵᠢᠯᠡᠳᠡᠭ ᠰᠢᠨ᠎ᠠ ᠡᠷᠢᠨ ᠴᠠᠭ ᠢ ᠨᠡᠭᠡᠭᠡᠭᠰᠡᠨ ᠪᠠᠶᠢᠯ᠎ᠠ ‍᠃‍ (ᠪᠦᠷᠢᠨ ᠠᠭᠤᠯᠭ᠎ᠠ ᠶᠢ ᠤᠩᠰᠢᠬᠤ)

ᠫᠡᠢᠨᠲ᠋ᠪᠣᠯ
ᠫᠡᠢᠨᠲ᠋ᠪᠣᠯ

ᠫᠡᠢᠨᠲ᠋ᠪᠣᠯ (Cosplay of Counter Strike )ᠨᠢ ᠲᠣᠭᠯᠠᠭᠴᠢᠳ ᠪᠠᠭ ᠤᠳ ᠲᠤ ᠬᠤᠪᠢᠶᠠᠭᠳᠠᠵᠤ ᠪᠠᠶᠢᠯᠳᠤᠳᠠᠭ ᠲᠤᠭᠯᠠᠭᠠᠮ  ᠤᠨ  ᠵᠠᠷᠴᠢᠮ ᠢᠶᠠᠷ ᠨᠢᠭᠡ ᠨᠢᠭᠡᠨ ᠢᠶᠡᠨ ᠪᠤᠳᠤᠭ ᠲᠠᠢ ᠰᠤᠮᠤ ᠪᠠᠷ ᠠᠩᠨᠠᠵᠤ ᠲᠣᠭᠯᠠᠳᠠᠭ ᠲᠣᠭᠯᠠᠭᠠᠮ ᠶᠤᠮ᠃ ᠫᠡᠢᠨᠲ᠋ᠪᠣᠯ ᠤᠨ ᠰᠤᠮᠤ ᠨᠢ ᠬᠣᠣᠷ ᠦᠭᠡᠢ᠂ ᠵᠠᠳᠠᠷᠠᠳᠠᠭ᠂ ᠤᠰᠤᠨ ᠳᠤ ᠠᠭᠤᠰᠳᠠᠭ ᠫᠣᠯᠢᠮᠧᠷ ᠢᠶᠡᠷ ᠬᠢᠭᠳᠡᠭᠰᠡᠨ᠂ ᠨᠢᠮᠭᠡᠨ ᠵᠥᠭᠡᠯᠡᠨ ᠤᠭᠤᠲᠠᠨᠴᠢᠷ ᠲᠤ ᠪᠠᠶᠢᠳᠠᠭ᠃ ᠫᠡᠢᠨᠲ᠋ᠪᠣᠯ ᠢᠶᠠᠷ ᠶᠠᠩᠵᠤ ᠪᠦᠷᠢ ᠶᠢᠨ ᠲᠤᠯᠤᠯᠳᠠᠭᠠᠨ ᠤ ᠰᠫᠣᠷᠲ ᠤᠨ ᠲᠡᠮᠡᠴᠡᠭᠡᠨ ᠨᠦᠭᠦᠳ ᠵᠣᠬᠢᠶᠠᠭᠳᠠᠳᠠᠭ᠃ ᠫᠡᠢᠨᠲ᠋ᠪᠣᠯ ᠢ ᠮᠥᠨ ᠴᠡᠷᠢᠭ ᠦᠨ ᠬᠦᠴᠦᠨ᠂ ᠬᠠᠤᠯᠢ ᠰᠠᠬᠢᠭᠤᠯᠬᠤ᠂ ᠴᠡᠷᠢᠭ ᠦᠨ ᠪᠣᠯᠤᠨ ᠠᠶᠤᠯ ᠦᠭᠡᠢ ᠪᠠᠶᠢᠳᠠᠯ ᠤᠨ ᠪᠠᠶᠢᠭᠤᠯᠤᠯᠭ᠎ᠠ ᠨᠤᠭᠤᠳ ᠲᠤ ᠴᠡᠷᠢᠭ ᠦᠨ ᠪᠡᠯᠡᠳᠬᠡᠯ ᠪᠣᠯᠭᠠᠨ ᠠᠰᠢᠭᠯᠠᠳᠠᠭ᠃ (ᠪᠦᠷᠢᠨ ᠠᠭᠤᠯᠭ᠎ᠠ ᠶᠢ ᠤᠩᠰᠢᠬᠤ)

ᠪᠢᠴᠢᠭᠡᠰᠦ