ᠣᠨᠴᠠᠯᠠᠬᠤ ᠥᠭᠦᠯᠡᠯ/2016 ᠭᠤᠷᠪᠠᠳᠤᠭᠠᠷ ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠲᠤᠸᠠ ᠤᠯᠤᠰ
ᠪᠦᠭᠦᠳᠡ ᠨᠠᠶᠢᠷᠠᠮᠳᠠᠬᠤ ᠲᠤᠸᠠ ᠤᠯᠤᠰ

ᠪᠦᠭᠦᠳᠡ ᠨᠠᠶᠢᠷᠠᠮᠳᠠᠬᠤ ᠲᠤᠸᠠ ᠤᠯᠤᠰ ᠪᠣᠯ ᠬᠠᠤᠯᠢ ᠶᠣᠰᠣᠭᠠᠷ ᠣᠷᠣᠰ ᠤᠨ ᠬᠣᠯᠪᠣᠭᠠᠨ ᠤ ᠨᠢᠭᠡᠴᠡ (ᠨᠢᠭᠡᠨ ᠪᠦᠭᠦᠳᠡ ᠨᠠᠶᠢᠷᠠᠮᠳᠠᠬᠤ ᠤᠯᠤᠰ) ᠪᠣᠯᠵᠤ ᠪᠠᠶᠢᠭ᠎ᠠ ᠲᠤᠸᠠ (ᠨᠢᠭᠡᠨ ᠤᠷᠢᠶᠠᠩᠬᠠᠢ) ᠠᠷᠠᠳ ᠤᠨ ᠲᠥᠪ ᠨᠤᠲᠤᠭ ᠶᠤᠮ᠃ ᠰᠢᠪᠸᠷᠢᠶ ᠠ ᠶᠢᠨ ᠬᠣᠯᠪᠣᠭᠠᠨ ᠤ ᠲᠣᠭᠣᠷᠢᠭᠳᠣᠷᠣᠨᠠᠲᠤ ᠰᠢᠪᠸᠷᠢᠶ ᠠ ᠶᠢᠨ ᠡᠳ᠋ ᠍ ᠦᠨ ᠵᠠᠰᠠᠭ ᠤᠨ ᠪᠥᠰᠡ ᠲᠤ ᠪᠠᠭᠲᠠᠳᠠᠭ᠃ ᠨᠡᠶᠢᠰᠯᠡᠯ ᠨᠢ ᠺᠤᠰᠤᠯ («ᠤᠯᠠᠭᠠᠨ») ᠬᠣᠲᠠ᠃ ᠣᠷᠣᠰ ᠲᠤ 170,500  km2 ᠲᠠᠯᠠᠪᠠᠢ ᠲᠠᠢ ᠪᠠᠷ ᠢᠶᠠᠨ ᠲᠣᠮᠣᠬᠠᠨ ᠨᠤᠲᠤᠭ ᠴᠤ᠂ 307,930 ᠴᠥᠭᠡᠬᠡᠨ ᠠᠷᠠᠳ ᠢᠷᠭᠡᠳ ᠲᠠᠢ᠃ 2010 ᠣᠨ ᠤ ᠲᠣᠭᠠᠯᠠᠯᠭ᠎ᠠ ᠪᠠᠷ ᠬᠦᠮᠦᠨ ᠠᠮᠠ ᠶᠢᠨ 82.0% (249,299) ᠨᠢ ᠲᠤᠸᠠ ᠬᠦᠮᠦᠰ᠂ 16.3% ᠨᠢ ᠣᠷᠣᠰ ᠤᠳ ᠠᠵᠠᠢ᠃ ᠣᠷᠣᠰ ᠬᠡᠯᠡ ᠡᠴᠡ ᠭᠠᠳᠠᠨ᠎ᠠ ᠲᠤᠸᠠ ᠬᠡᠯᠡ ᠠᠯᠪᠠᠨ ᠶᠣᠰᠣᠭᠠᠷ ᠬᠡᠷᠡᠭᠯᠡᠭᠳᠡᠨ᠎ᠡ᠃ (ᠪᠦᠷᠢᠨ ᠠᠭᠤᠯᠭ᠎ᠠ ᠶᠢ ᠤᠩᠰᠢᠬᠤ)

ᠲᠠᠶᠢᠯᠠᠨᠳ᠋
ᠲᠠᠶᠢᠯᠠᠨᠳ᠋

ᠲᠠᠶᠢᠯᠠᠨᠳ᠋ ᠸᠠᠩᠲᠤ ᠤᠯᠤᠰ (ᠲᠠᠶᠢᠯᠠᠨᠳ᠋ ᠬᠡᠯᠡ ᠪᠠᠷ ราชอาณาจักรไทย᠂ ᠬᠢᠲᠠᠳ ᠬᠡᠯᠡ ᠪᠡᠷ泰国 )᠂ ᠲᠣᠪᠴᠢ ᠪᠠᠷ ᠲᠠᠶᠢᠯᠠᠨᠳ᠋ ᠲᠠᠢ ᠤᠯᠤᠰᠵᠡᠭᠦᠨ ᠡᠮᠦᠨᠡᠲᠦ ᠠᠽᠢᠶ᠎ᠠ ᠍ ᠶᠢᠨ ᠲᠥᠪ ᠬᠡᠰᠡᠭ ᠲᠦ ᠳᠥᠷᠪᠡᠨ ᠤᠯᠤᠰ ᠲᠠᠢ ᠬᠢᠯᠢᠯᠡᠨ᠂ ᠳᠠᠯᠠᠢ ᠳᠤ ᠭᠠᠷᠴᠠ ᠲᠠᠢ 513,120 ᠬᠠᠪᠲᠠᠭᠠᠢ ᠳᠦᠷᠪᠡᠯᠵᠢᠨ ᠺᠢᠯᠤᠮᠸᠲᠷ ᠭᠠᠵᠠᠷ ᠢ ᠡᠵᠡᠯᠡᠨ ᠣᠷᠣᠰᠢᠳᠠᠭ᠃ ᠨᠡᠶᠢᠰᠯᠡᠯ ᠨᠢ ᠪᠠᠩᠺᠦᠪᠪᠦᠷᠢᠨ ᠡᠷᠬᠡᠲᠦᠬᠡᠮᠵᠢᠶᠡᠳᠦ ᠡᠷᠬᠡᠲᠦ ᠬᠠᠭᠠᠨᠳᠤ ᠵᠠᠰᠠᠭ ᠲᠠᠢ(君主立宪制) ᠸᠠᠩᠲᠤ ᠤᠯᠤᠰᠲᠠᠢ ᠬᠡᠯᠡ ᠶᠢᠡᠷ ᠣᠶᠢᠯᠠᠭᠠᠯᠴᠠᠬᠤ 6700 ᠲᠦᠮᠡᠨ ᠬᠦᠮᠦᠨ ᠦ ᠡᠬᠡ ᠣᠷᠣᠨ ᠶᠤᠮ᠃ (ᠪᠦᠷᠢᠨ ᠠᠭᠤᠯᠭ᠎ᠠ ᠶᠢ ᠤᠩᠰᠢᠬᠤ)

ᠪᠠᠷᠠᠺ ᠣᠪᠠᠮᠠ
ᠪᠠᠷᠠᠺ ᠣᠪᠠᠮᠠ

ᠪᠠᠷᠠᠺ ᠬᠤᠰᠰᠧᠢᠨ ᠣᠪᠠᠮᠠ II (ᠠᠩᠭᠯᠢ ᠪᠠᠷ Barack Hussein Obama, Jr., 1961 ᠣᠨ ᠤ 8 ᠰᠠᠷ᠎ᠠ ᠶᠢᠨ 4 ᠍ ᠳᠦ ᠲᠦᠷᠦᠭᠰᠡᠨ) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ 44 ᠳ᠋ᠡᠬᠢ ᠪᠤᠶᠤ ᠣᠳᠣ ᠶᠢᠨ ᠶᠡᠷᠦᠩᠬᠡᠶᠢᠯᠡᠭᠴᠢ ᠶᠤᠮ᠃ ᠶᠡᠷᠦᠩᠬᠡᠶᠢᠯᠡᠭᠴᠢ ᠪᠡᠷ ᠰᠣᠩᠭᠣᠭᠳᠠᠬᠤ ᠠᠴᠠ ᠪᠠᠨ ᠡᠮᠦᠨ᠎ᠡ ᠰᠧᠨᠠᠲ ︵参议院︶ ᠲᠤ ᠢᠯᠯᠢᠨᠣᠢ ᠮᠤᠵᠢ ︵伊利诺伊州︶ ᠠᠴᠠ ᠰᠣᠩᠭᠣᠭᠳᠠᠨ ᠠᠵᠢᠯᠯᠠᠵᠤ ᠪᠠᠶᠢᠴᠠᠢ᠃ ᠲᠡᠷᠡᠪᠡᠷ 2008 ᠣᠨ ᠤ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠠᠷᠠᠳᠴᠢᠯᠠᠭᠰᠠᠨ ᠨᠠᠮ ᠠᠴᠠ ᠠᠯᠪᠠᠨ ᠶᠣᠰᠣᠭᠠᠷ ᠨᠡᠷ᠎ᠡ ᠳᠡᠪᠰᠢᠵᠦ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠲᠡᠦᠬᠡᠨ ᠳᠦ ᠠᠩᠬᠠᠨ ᠤ ᠠᠹᠷᠢᠺᠠ ᠭᠠᠷᠤᠯᠲᠠᠨ ᠠᠮᠸᠷᠢᠺᠠ ᠶᠢᠨ ᠶᠡᠷᠦᠩᠬᠡᠶᠢᠯᠡᠭᠴᠢ ᠪᠡᠷ ᠰᠣᠩᠭᠣᠭᠳᠠᠭᠰᠠᠨ᠃ ᠴᠥᠮ᠎ᠡ ᠶᠢᠨ ᠵᠡᠪᠰᠡᠭ ᠢ ᠬᠣᠷᠣᠭᠳᠠᠭᠤᠯᠬᠤ᠂ ᠰᠥᠷᠭᠡᠯᠳᠦᠭᠡᠨ ᠢ ᠡᠩᠬᠡ ᠶᠢᠨ ᠠᠷᠭ᠎ᠠ ᠪᠠᠷ ᠵᠣᠬᠢᠴᠠᠭᠤᠯᠬᠤ ᠲᠠᠯ᠎ᠠ ᠪᠠᠷ ᠭᠠᠷᠭᠠᠭᠰᠠᠨ ᠬᠦᠴᠦᠨ ᠴᠢᠷᠮᠠᠶᠢᠯᠲᠠ᠂ ᠠᠮᠵᠢᠯᠲᠠ ᠶᠢᠨ ᠬᠢᠨᠢ ᠲᠥᠯᠥᠭᠡ 2009 ᠣᠨ ᠳᠤ ᠡᠩᠬᠡ ᠲᠠᠶᠢᠪᠤᠩ ᠤᠨ ᠰᠠᠯᠪᠤᠷᠢ ᠳ᠋ᠡᠬᠢ ᠨᠣᠪᠧᠯ ᠤᠨ ᠱᠠᠩᠨᠠᠯ ᠢᠶᠠᠷ ᠱᠠᠩᠨᠠᠵᠠᠢ᠃ ᠮᠥᠨᠴᠦ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢᠳ ᠡᠴᠡ ᠨᠣᠪᠧᠯ ᠤᠨ ᠱᠠᠩᠨᠠᠯ ᠠᠪᠤᠭᠰᠠᠨ 4 ᠳ᠋ᠡᠬᠢ ᠬᠦᠮᠦᠨ ᠪᠣᠯᠤᠭᠰᠠᠨ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠯᠤᠰ ᠤᠨ ᠲᠥᠷᠥ ᠶᠢᠨ ᠳᠠᠭᠤᠯᠠᠯ
ᠮᠣᠩᠭᠣᠯ ᠤᠯᠤᠰ ᠤᠨ ᠲᠥᠷᠥ ᠶᠢᠨ ᠳᠠᠭᠤᠯᠠᠯ

ᠮᠣᠩᠭᠣᠯ ᠤᠯᠤᠰ ᠤᠨ ᠲᠥᠷᠥ ᠶᠢᠨ ᠪᠡᠯᠭᠡ ᠲᠡᠮᠳᠡᠭ ᠤᠨ ᠨᠢᠭᠡ ᠨᠢ ᠪᠤᠯᠬᠤ ᠮᠣᠩᠭᠣᠯ ᠤᠯᠤᠰ ᠍ ᠤᠨ ᠲᠥᠷᠥ ᠶᠢᠨ ᠳᠠᠭᠤᠯᠠᠯ ᠨᠢ 1950 ᠣᠨ ᠳᠤ ᠡᠭᠦᠰᠴᠡᠢ᠃ ᠠᠶ᠎ᠠ ᠶᠢ ᠪᠢᠯᠢᠭ ᠦᠨ ᠳᠠᠮᠳᠢᠨᠰᠦ᠋ᠷᠦᠩᠯᠤᠪᠰᠠᠩᠵᠠᠮᠪᠠ ᠶᠢᠨ ᠮᠥᠩᠬᠡᠳᠣᠷᠵᠢ ᠨᠠᠷ ᠵᠤᠬᠢᠶᠠᠵᠤ᠂ ᠦᠭᠡ ᠶᠢ ᠴᠠᠩᠲᠠ ᠶᠢᠨ ᠳᠠᠮᠳᠢᠨᠰᠦ᠋ᠷᠦᠩ ᠵᠣᠬᠢᠶᠠᠭᠰᠠᠨ ᠪᠠ ᠦᠭᠡ ᠨᠢ 2006 ᠣᠨ ᠳᠤ ᠭᠤᠷᠪᠠ ᠳ᠋ᠠᠬᠢ ᠤᠳᠠᠭ᠎ᠠ ᠪᠠᠨ ᠥᠭᠡᠷᠡᠴᠢᠯᠡᠭᠳᠡᠵᠡᠢ᠃ᠮᠣᠩᠭᠣᠯ ᠤᠯᠤᠰ ᠲᠤ 1950 ᠣᠨ ᠬᠦᠷᠲᠡᠯ᠎ᠡ ᠲᠥᠷᠥ ᠶᠢᠨ ᠳᠠᠭᠤᠯᠠᠯ ᠪᠠᠶᠢᠭᠰᠠᠨ ᠦᠭᠡᠢ᠃ ᠲᠥᠰᠲᠡᠢ ᠡᠭᠦᠷᠭᠡ ᠪᠦᠬᠦᠢ ᠳᠠᠭᠤᠤ ᠬᠡᠳᠦ ᠪᠠᠶᠢᠭᠰᠠᠨ ᠭᠡᠳᠡᠭ᠃ (ᠪᠦᠷᠢᠨ ᠠᠭᠤᠯᠭ᠎ᠠ ᠶᠢ ᠤᠩᠰᠢᠬᠤ)

ᠮᠠᠯᠠᠢ᠋ᠰᠢᠶ᠎ᠠ
ᠮᠠᠯᠠᠢ᠋ᠰᠢᠶ᠎ᠠ

ᠮᠠᠯᠠᠢ᠋ᠰᠢᠶ᠎ᠠ' (ᠮᠠᠯᠠᠢ ᠬᠡᠯᠡ: Malaysia) ᠨᠢ 13 ᠮᠤᠵᠢ᠂ 3 ᠬᠣᠯᠪᠣᠭᠠᠨ ᠤ ᠨᠤᠲᠤᠭ ᠠᠴᠠ ᠪᠥᠷᠢᠳᠬᠦ ᠵᠡᠭᠦᠨ ᠡᠮᠦᠨᠡᠲᠦ ᠠᠽᠢᠶ᠎ᠠ ᠍ ᠶᠢᠨ ᠣᠷᠣᠨ ᠶᠤᠮ᠃ ᠨᠡᠶᠢᠲᠡ ᠭᠠᠵᠠᠷ ᠨᠤᠲᠤᠭ ᠤᠨ ᠬᠡᠮᠵᠢᠶ᠎ᠡ ᠨᠢ 329,847 ᠲᠡᠭᠰᠢ ᠳᠦᠷᠪᠡᠯᠵᠢᠨ ᠺᠢᠯᠤᠮᠸᠲᠷ[1][2]ᠨᠡᠶᠢᠰᠯᠡᠯ ᠬᠣᠲᠠ ᠨᠢ ᠺᠦ᠋ᠯᠠ ᠯᠤᠩᠫᠦᠷ᠂ ᠬᠣᠯᠪᠣᠭᠠᠨ ᠤ ᠵᠠᠰᠠᠭ ᠤᠨ ᠭᠠᠵᠠᠷ ᠫᠦ᠋ᠲ᠋ᠷᠠᠵᠠᠶᠠ ᠬᠣᠳᠠ ᠳᠤ ᠪᠠᠶᠢᠷᠢᠯᠠᠨ᠎ᠠ᠃ 2010 ᠣᠨ ᠤ ᠪᠠᠶᠢᠳᠠᠯ ᠢᠶᠠᠷ ᠤᠯᠤᠰ ᠤᠨ ᠨᠡᠶᠢᠲᠡ ᠬᠦᠮᠦᠨ ᠠᠮᠠ 25 ᠰᠠᠶ᠎ᠠ᠃ ᠮᠠᠯᠠᠢ᠋ᠰᠢᠶ᠎ᠠ ᠶᠢᠨ ᠭᠠᠵᠠᠷ ᠨᠤᠲᠤᠭ ᠨᠢ ᠳᠤᠮᠳᠠᠳᠤ ᠤᠯᠤᠰ ᠤᠨ ᠡᠮᠦᠨᠡᠲᠦ ᠲᠡᠩᠭᠢᠰ ᠢᠶᠡᠷ ᠵᠠᠭᠠᠭᠯᠠᠭᠳᠠᠭᠰᠠᠨ ᠬᠣᠶᠠᠷ ᠰᠠᠯᠤᠩᠭᠢᠳᠠ ᠬᠡᠰᠡᠭ ᠪᠤᠢ᠃ ᠲᠤᠬᠠᠢᠯᠠᠪᠠᠯ ᠡᠨᠡᠳᠬᠡᠭ-ᠳᠤᠮᠳᠠᠳᠤ ᠶᠢᠨ ᠬᠣᠶᠢᠭ ᠳ᠋ᠠᠬᠢ ᠪᠠᠷᠠᠭᠤᠨ ᠮᠠᠯᠠᠢ᠋ᠰᠢᠶ᠎ᠠ ᠪᠤᠯᠤᠨ ᠺᠠᠯᠢᠮᠠᠨᠲ᠋ᠠᠨ ᠠᠷᠠᠯ ᠳᠠᠬᠢ ᠵᠡᠭᠦᠨ ᠮᠠᠯᠠᠢ᠋ᠰᠢᠶ᠎ᠠ ᠬᠤᠶᠠᠷ ᠡᠴᠡ ᠪᠦᠲᠦᠨ᠎ᠡ᠃ ᠮᠠᠯᠠᠢ᠋ᠰᠢᠶ᠎ᠠ ᠨᠢ ᠲᠠᠶᠢᠯᠠᠨᠳ᠋ , ᠢᠨᠳᠦ᠋ᠨᠢᠱᠢᠶ ᠠᠰᠢᠩᠭᠠᠫᠦᠷᠪᠷᠦᠨᠧᠢᠹᠢᠯᠢᠫᠫᠢᠨ ᠲᠡᠢ ᠬᠢᠯᠢᠯᠡᠨ᠎ᠡ[2]᠃ ᠲᠤᠰ ᠤᠯᠤᠰ ᠨᠢ ᠳᠡᠯᠡᠬᠡᠢ ᠶᠢᠨ ᠪᠦᠰᠡᠯᠡᠭᠦᠷ ᠲᠤ ᠣᠶᠢᠷᠠᠬᠠᠨ ᠤᠴᠢᠷ ᠠᠴᠠ ᠬᠠᠯᠠᠭᠤᠨ ᠪᠦᠰᠡᠨ ᠤ ᠠᠭᠤᠷ ᠠᠮᠢᠰᠬᠤᠯ ᠲᠠᠢ᠃ (ᠪᠦᠷᠢᠨ ᠠᠭᠤᠯᠭ᠎ᠠ ᠶᠢ ᠤᠩᠰᠢᠬᠤ)

ᠳᠠᠯᠠᠢ
ᠳᠠᠯᠠᠢ

ᠳᠠᠯᠠᠢ ᠭᠡᠳᠡᠭ ᠨᠢ ᠳᠡᠯᠡᠬᠡᠢ ᠶᠢᠨ ᠤᠰᠤᠨ ᠮᠠᠨᠳᠤᠯ ᠤᠨ ᠦᠨᠳᠦᠰᠦᠨ ᠬᠡᠰᠡᠭ ᠪᠣᠯᠬᠤ ᠶᠡᠬᠡᠬᠡᠨ ᠬᠡᠮᠵᠢᠶᠡᠨ ᠦ ᠥᠨᠳᠥᠷ ᠳᠠᠪᠤᠰᠤᠵᠢᠯᠲᠠ ᠲᠠᠢ ᠤᠰᠤ ᠶᠤᠮ᠃ ᠣᠶᠢᠷᠠᠯᠴᠠᠭ᠎ᠠ ᠪᠠᠷ ᠳᠡᠯᠡᠬᠡᠢ ᠶᠢᠨ ᠭᠠᠳᠠᠷᠭᠤ ᠶᠢᠨ 71% ᠲᠠᠯᠠᠪᠠᠢ ᠶᠢ ᠡᠵᠡᠯᠡᠨ᠎ᠡ᠃ ᠡᠨᠡᠬᠦ ᠲᠠᠰᠤᠷᠠᠯᠲᠠ ᠦᠭᠡᠢ ᠦᠷᠭᠦᠯᠵᠢᠯᠡᠭᠰᠡᠨ ᠤᠰᠤ ᠪᠤᠶᠤ ᠳᠠᠯᠠᠢ ᠶᠢ ᠬᠡᠳᠦ ᠬᠡᠳᠦᠨ ᠳᠠᠯᠠᠢ᠂ ᠮᠥᠨ ᠵᠢᠵᠢᠭ ᠲᠡᠩᠭᠢᠰ ᠤᠭᠤᠳ ᠳᠦ ᠬᠤᠪᠢᠶᠠᠳᠠᠭ ᠪᠠᠶᠢᠨ᠎ᠠ᠃ ᠲᠤᠬᠠᠢᠯᠠᠪᠠᠯ ᠨᠣᠮᠣᠬᠠᠨ ᠳᠠᠯᠠᠢᠠᠲ᠋ᠯᠠᠨᠲ ᠤᠨ ᠳᠠᠯᠠᠢᠡᠨᠡᠳᠬᠡᠭ ᠦᠨ ᠳᠠᠯᠠᠢᠤᠮᠠᠷᠠᠳᠤ ᠮᠥᠰᠦᠨ ᠳᠠᠯᠠᠢᠡᠮᠦᠨᠡᠲᠦ ᠮᠥᠰᠦᠨ ᠳᠠᠯᠠᠢ ᠭᠡᠵᠦ ᠬᠤᠪᠢᠶᠠᠭᠳᠠᠬᠤ ᠶᠤᠮ᠃ ᠳᠠᠯᠠᠢ ᠶᠢᠨ ᠤᠰᠤᠨ ᠤ ᠳᠠᠪᠤᠰᠤᠵᠢᠯᠲᠠ ᠨᠢ 30 - 38 ppt᠂ ᠳᠤᠮᠳᠠᠴᠢ ᠪᠠᠷ 35 ppt (3.5%) ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠯᠤᠰ ᠤᠨ ᠲᠥᠷᠥ ᠶᠢᠨ ᠳᠠᠯᠪᠠᠭ᠎ᠠ
ᠮᠣᠩᠭᠣᠯ ᠤᠯᠤᠰ ᠤᠨ ᠲᠥᠷᠥ ᠶᠢᠨ ᠳᠠᠯᠪᠠᠭ᠎ᠠ

ᠮᠣᠩᠭᠣᠯ ᠤᠯᠤᠰ ᠤᠨ ᠲᠥᠷᠥ ᠶᠢᠨ ᠳᠠᠯᠪᠠᠭ᠎ᠠ  ᠶᠢ ᠤᠯᠠᠭᠠᠨ᠂ ᠬᠥᠬᠡ ᠥᠩᠭᠡ ᠶᠢᠨ ᠡᠳ᠋ ᠍ ᠢᠶᠡᠷ ᠦᠢᠯᠡᠳᠬᠦ ᠪᠥᠭᠡᠳ ᠭᠤᠷᠪᠠᠨ ᠲᠡᠩᠴᠡᠭᠦᠦ ᠬᠡᠰᠡᠭ ᠬᠣᠪᠢᠶᠠᠵᠤ ᠳᠤᠮᠳᠠ ᠬᠡᠰᠡᠭ ᠨᠢ ᠬᠥᠬᠡ ᠣᠭᠲᠠᠷᠭᠤᠢ ᠶᠢᠨ ᠥᠩᠭᠡ ᠲᠡᠢ ᠪᠠᠶᠢᠬᠤ ᠪᠠ ᠲᠡᠭᠦᠨ ᠦ ᠬᠣᠶᠠᠷ ᠬᠠᠵᠠᠭᠤ ᠨᠢ ᠤᠯᠠᠭᠠᠨ ᠥᠩᠭᠡᠲᠡᠢ ᠪᠠᠶᠢᠨ᠎ᠠ᠃ ᠳᠠᠯᠪᠠᠭᠠᠨ ᠤ ᠡᠰᠢᠨ ᠲᠠᠯ᠎ᠠ ᠶᠢᠨ ᠤᠯᠠᠭᠠᠨ ᠳᠡᠪᠢᠰᠬᠡᠷ ᠦᠨ ᠲᠥᠪ ᠬᠡᠰᠡᠭ ᠲᠦ ᠠᠯᠲᠠᠨ ᠰᠣᠶᠣᠮᠪᠣ ᠪᠠᠶᠢᠷᠢᠯᠠᠭᠤᠯᠤᠨ᠎ᠠ᠃ ᠂ ᠳᠠᠯᠪᠠᠭᠠᠨ ᠤ ᠤᠯᠠᠭᠠᠨ ᠥᠩᠭᠡ ᠨᠢ ᠮᠠᠨᠳᠤᠨ ᠪᠠᠳᠠᠷᠠᠬᠤ ᠶᠢᠨ ᠪᠡᠯᠭᠡᠳᠡᠯ ᠢ᠂ ᠬᠥᠬᠡ ᠥᠩᠭᠡ ᠨᠢ ᠮᠥᠩᠬᠡ ᠲᠩᠷᠢ ᠶᠢᠨ ᠬᠥᠬᠡ ᠶᠢ ᠢᠯᠡᠷᠬᠡᠶᠢᠯᠡᠵᠡᠢ᠃ ᠳᠠᠯᠪᠠᠭᠠᠨ ᠤ ᠥᠷᠭᠡᠨ᠂ ᠤᠷᠲᠤ ᠨᠢ 1:2 ᠍ ᠶᠢᠨ ᠬᠠᠷᠢᠴᠠᠭ᠎ᠠ ᠲᠠᠢ ᠪᠠᠶᠢᠨ᠎ᠠ᠃ ᠣᠳᠣ ᠶᠢᠨ ᠮᠣᠩᠭᠣᠯ ᠤᠯᠤᠰ ᠤᠨ ᠲᠥᠷᠥ ᠶᠢᠨ ᠳᠠᠯᠪᠠᠭ᠎ᠠ ᠨᠢ 1992 ᠣᠨ ᠤ 2 ᠰᠠᠷ᠎ᠠ ᠶᠢᠨ 12 ᠠᠴᠠ ᠬᠡᠷᠡᠭᠯᠡᠭᠳᠡᠵᠦ ᠡᠬᠢᠯᠡᠭᠰᠡᠨ᠃ (ᠪᠦᠷᠢᠨ ᠠᠭᠤᠯᠭ᠎ᠠ ᠶᠢ ᠤᠩᠰᠢᠬᠤ)

ᠰᠢᠩᠭᠠᠫᠦᠷ
ᠰᠢᠩᠭᠠᠫᠦᠷ

ᠰᠢᠩᠭᠠᠫᠦᠷ (ᠬᠢᠲᠠᠳ ᠬᠡᠯᠡ:新加坡; ᠮᠠᠯᠠᠢ ᠬᠡᠯᠡ: Singapura; ᠲᠠᠮᠢᠯ ᠬᠡᠯᠡ:சிங்கப்பூர்) ᠨᠢ ᠮᠠᠯᠠᠶ ᠬᠣᠶᠢᠭ ᠤᠨ ᠡᠮᠦᠨᠡᠲᠦ ᠬᠣᠰᠢᠭᠤᠨ ᠳᠤ ᠤᠷᠤᠰᠢᠬᠤ ᠠᠷᠠᠯ ᠠᠴᠠ ᠲᠣᠭᠲᠠᠬᠤ ᠵᠡᠭᠦᠨ ᠡᠮᠦᠨᠡᠲᠦ ᠠᠽᠢᠶ᠎ᠠ ᠍ ᠶᠢᠨ ᠬᠣᠲᠠ ᠤᠯᠤᠰ ᠶᠤᠮ᠃ ᠰᠢᠩᠭᠠᠫᠦᠷ ᠨᠢᠳᠡᠯᠡᠬᠡᠢ ᠶᠢᠨ ᠪᠦᠰᠡᠯᠡᠭᠦᠷᠡᠴᠡ ᠬᠣᠶᠢᠳᠤ ᠵᠦᠭ ᠲᠤ 137 ᠺᠢᠯᠣᠮᠧᠲ᠋ᠷ ᠵᠠᠢ ᠲᠠᠢ ᠪᠠᠢᠢᠵᠤ᠂ ᠨᠡᠶᠢᠲᠡ 63  ᠵᠢᠵᠢᠭ ᠠᠷᠠᠯ ᠤᠳ ᠠᠴᠠ ᠪᠦᠲᠦᠵᠦ᠂ ᠮᠠᠯᠠᠢ᠋ᠰᠢᠶ᠎ᠠ ᠍ ᠤᠨ ᠵᠣᠬᠣᠷ ᠮᠤᠵᠢ ᠶᠢᠨ ᠡᠮᠦᠨ᠎ᠡ᠂ ᠢᠨᠳᠦ᠋ᠨᠢᠱᠢᠶ ᠠ ᠶᠢᠨ ᠷᠢᠤ ᠠᠷᠠᠯ ᠤᠳ ᠤᠨ ᠬᠣᠶᠢᠨ᠎ᠠ ᠪᠠᠶᠢᠷᠢᠯᠠᠳᠠᠭ᠃ ᠭᠠᠵᠠᠷ ᠨᠤᠲᠤᠭ ᠨᠢ 707.1 ᠲᠡᠭᠰᠢ ᠳᠦᠷᠪᠡᠯᠵᠢᠨ ᠺᠢᠯᠣᠮᠧᠲ᠋ᠷ ᠪᠥᠭᠡᠳ ᠳᠡᠯᠡᠬᠡᠢ ᠳᠦ ᠦᠯᠡᠳᠡᠭᠰᠡᠨ ᠴᠥᠭᠡᠨ ᠲᠣᠭᠠᠨ ᠤ ᠬᠣᠲᠠ ᠤᠯᠤᠰ ᠦᠳ ᠤᠨ ᠨᠢᠭᠡ ᠶᠤᠮ᠃ (ᠪᠦᠷᠢᠨ ᠠᠭᠤᠯᠭ᠎ᠠ ᠶᠢ ᠤᠩᠰᠢᠬᠤ)

ᠱᠢᠷᠦᠨ ᠴᠣᠬᠣ
ᠱᠢᠷᠦᠨ ᠴᠣᠬᠣ

ᠱᠢᠷᠦᠨ ᠴᠣᠬᠣ (ᠬᠢᠲᠠᠳ ᠢᠶᠠᠷ 瓢虫, ᠠᠩᠭᠯᠢ ᠪᠠᠷ ladybirds, ladybugs) ᠨᠢ ᠪᠦᠷᠢᠨ ᠬᠥᠭᠵᠢᠯᠲᠦ ︵完全變態︶ ᠰᠢᠪᠠᠵᠢ ᠪᠥᠭᠡᠳ ᠬᠠᠲᠠᠭᠤ ᠳᠠᠯᠪᠴᠢᠲᠠᠢ᠂ ᠰᠢᠪᠠᠵᠢᠨ ᠤ ᠪᠠᠭ ᠶᠤᠮ᠃ ᠣᠳᠣ ᠪᠠᠷ ᠳᠡᠯᠡᠬᠡᠢ ᠳᠡᠭᠡᠷ᠎ᠡ ᠱᠢᠷᠦᠨ ᠴᠣᠬᠣ ᠶᠢᠨ 5000 ᠭᠠᠷᠤᠢ ᠵᠦᠢᠯ ᠠᠴᠠ 53 ᠵᠦᠢᠯ ᠨᠢ ᠮᠤᠩᠭᠤᠯ ᠤᠯᠤᠰ ᠲᠤ ᠣᠯᠳᠠᠭᠠᠳ ᠪᠠᠶᠢᠨ᠎ᠠ᠃ ᠤᠮᠠᠷᠠᠳᠤ ᠠᠮᠧᠷᠢᠺᠠ ᠲᠤ ᠱᠢᠷᠦᠨ ᠴᠣᠬᠣ ᠶᠢᠨ ᠨᠡᠯᠢᠶᠡᠳ ᠣᠯᠠᠨ ᠲᠥᠷᠥᠯ ᠦᠳ ᠪᠠᠶᠢᠳᠠᠭ ᠪᠥᠭᠡᠳ ᠡᠭᠦᠨ ᠤ ᠳᠣᠲᠤᠷ᠎ᠠ ᠤᠮᠠᠷᠠᠳᠤ ᠠᠮᠧᠷᠢᠺᠠ ᠲᠤ ᠯᠡ ᠣᠷᠤᠰᠢᠳᠠᠭ ᠤᠤᠭᠠᠯ ᠱᠢᠷᠦᠨ ᠴᠣᠬᠣ 450 ᠭᠠᠷᠤᠢ ᠵᠦᠢᠯ ᠲᠡᠮᠳᠡᠭᠯᠡᠭᠳᠡᠭᠰᠡᠨ ᠠᠵᠡᠢ᠃ ᠱᠢᠷᠦᠨ ᠴᠣᠬᠣ ᠨᠢ ᠵᠢᠵᠢᠭ ᠪᠡᠶ᠎ᠡ ᠲᠡᠢ ᠰᠢᠪᠠᠵᠢ᠃ ᠲᠡᠭᠦᠨ ᠦ ᠪᠡᠶ᠎ᠡ ᠶᠢᠨ ᠬᠡᠮᠵᠢᠶ᠎ᠡ ᠨᠢ 1 ᠮᠢᠯᠢᠮᠧᠲ᠋ᠷ-10 ᠮᠢᠯᠢᠮᠧᠲ᠋ᠷ ᠬᠡᠮᠵᠢᠶ᠎ᠡ ᠲᠡᠢ ᠪᠠᠶᠢᠳᠠᠭ᠃ ᠣᠯᠠᠩᠬᠢ ᠱᠢᠷᠦᠨ ᠴᠣᠬᠣ ᠨᠢ ᠰᠢᠷ᠎ᠠ᠂ ᠤᠯᠠᠪᠢᠷ ᠰᠢᠷ᠎ᠠ᠂ ᠭᠠᠯ ᠤᠯᠠᠭᠠᠨ ᠳᠡᠪᠢᠰᠬᠡᠷ ᠳᠡᠭᠡᠷ᠎ᠡ ᠬᠠᠷ᠎ᠠ ᠲᠣᠯᠪᠣ ᠲᠠᠢ ᠪᠤᠶᠤ ᠵᠤᠤᠪᠠᠩ ᠵᠢᠷᠤᠭᠠᠰᠤ ᠪᠦᠬᠦᠢ ᠬᠠᠲᠠᠭᠤ ᠬᠠᠭᠠᠰ ᠪᠥᠮᠪᠥᠯᠢᠭ ᠬᠠᠶᠢᠷᠠᠰᠤᠨ ᠳᠠᠯᠠᠪᠴᠢ ᠲᠠᠢ ᠪᠠᠢᠢᠳᠠᠭ᠃ ᠲᠣᠯᠣᠭᠠᠢ᠂ ᠬᠥᠯ ᠪᠣᠯᠤᠨ ᠲᠡᠮᠲᠡᠷᠢᠭᠦᠯ ᠨᠢ ᠬᠠᠷ᠎ᠠ ᠥᠩᠭᠡ ᠲᠡᠢ ᠪᠠᠶᠢᠳᠠᠭ᠃ ᠨᠥᠭᠦᠭᠡ ᠲᠠᠯ᠎ᠠ ᠪᠠᠷ ᠪᠠᠰᠠ ᠮᠠᠰᠢ ᠣᠯᠠᠨ ᠲᠥᠷᠥᠯ ᠦᠨ ᠱᠢᠷᠦᠨ ᠴᠣᠬᠣ ᠨᠤᠭᠤᠳ ᠬᠠᠷ᠎ᠠ᠂ ᠰᠠᠷᠠᠯ ᠪᠤᠶᠤ ᠪᠣᠷᠣ ᠥᠩᠭᠡ ᠲᠡᠢ ᠪᠠᠶᠢᠳᠠᠭ ᠪᠥᠭᠡᠳ ᠮᠡᠷᠭᠡᠵᠢᠯ ᠦᠨ ᠰᠢᠪᠠᠵᠢ ᠰᠤᠳᠤᠯᠤᠭᠠᠴᠢ ᠯᠠ ᠲᠠᠨᠢᠬᠤ ᠪᠣᠯᠤᠮᠵᠢ ᠲᠠᠢ ᠪᠠᠶᠢᠳᠠᠭ᠃ ᠶᠡᠬᠡᠩᠬᠢ ᠱᠢᠷᠦᠨ ᠴᠣᠬᠣ ᠶᠢᠨ ᠵᠦᠢᠯ ᠦᠳ ᠣᠶᠢᠷᠠᠯᠴᠠᠭ᠎ᠠ ᠵᠢᠵᠢᠭ ᠪᠡᠶᠡᠲᠦ ᠴᠣᠬᠣ ᠪᠣᠯᠬᠤ ᠶᠠᠰᠤᠲᠤ ᠮᠡᠯᠡᠬᠡᠢ ᠴᠣᠬᠣ ᠲᠠᠢ ᠲᠥᠰᠲᠡᠢ ᠪᠠᠶᠢᠳᠠᠭ ᠲᠤᠯᠠ ᠠᠮᠠᠷᠬᠠᠨ ᠠᠨᠳᠠᠭᠤᠷᠠᠳᠠᠭ ᠶᠤᠮ᠃ (ᠪᠦᠷᠢᠨ ᠠᠭᠤᠯᠭ᠎ᠠ ᠶᠢ ᠤᠩᠰᠢᠬᠤ)

ᠮᠥᠩᠬᠡᠪᠠᠲᠤ ᠶᠢᠨ ᠳᠠᠸᠠᠵᠢᠷᠭᠠᠯ
ᠮᠥᠩᠬᠡᠪᠠᠲᠤ ᠶᠢᠨ ᠳᠠᠸᠠᠵᠢᠷᠭᠠᠯ

ᠮᠦᠩᠬᠡᠪᠠᠲᠤ ᠶᠢᠨ ᠳᠠᠸᠠᠵᠢᠷᠭᠠᠯ ( Мөнхбатын Даваажаргал) ᠨᠢ 1985 ᠣᠨ ᠤ 3 ᠰᠠᠷ᠎ᠠ ᠶᠢᠨ 11  ᠳᠦ ᠮᠣᠩᠭᠣᠯ ᠤᠯᠤᠰ ᠍ ᠤᠨ ᠨᠡᠶᠢᠰᠯᠡᠯ ᠤᠯᠠᠭᠠᠨᠪᠠᠭᠠᠲᠤᠷ ᠬᠣᠲᠠ ᠳᠤ ᠮᠡᠨᠳᠤᠯᠠᠵᠠᠢ᠃ ᠶᠠᠫᠤᠨ ᠤ ᠮᠡᠷᠭᠡᠵᠢᠯ ᠤᠨ ᠰᠤᠮᠤᠤ ᠶᠢᠨ 69 ᠳ᠋ᠡᠬᠢ ᠶᠣᠺᠣᠽᠦᠨᠠ (ᠠᠪᠤᠷᠭᠤ) (ᠠᠪᠤᠷᠭᠤ)᠃ ᠰᠤᠮᠤᠤ ᠶᠢᠨ ᠨᠡᠷ᠎ᠡ ᠨᠢ ᠬᠠᠺᠦᠬᠤᠤ᠋ ᠰᠢᠶᠤᠤ (白鵬翔, はくほう しょう) ᠭᠡᠳᠡᠭ᠃ 2007 ᠣᠨ ᠤ 5 ᠰᠠᠷ᠎ᠠ ᠶᠢᠨ 30 ᠍ ᠳᠦ ᠲᠡᠷᠡ ᠪᠡᠷ 22 ᠨᠠᠰᠤᠨ ᠳᠤ ᠪᠠᠨ ᠶᠠᠫᠤᠨ ᠤ ᠮᠡᠷᠭᠡᠵᠢᠯ ᠤᠨ ᠰᠤᠮᠤᠤ ᠶᠢᠨ ᠲᠡᠦᠬᠡᠨ ᠳᠡᠭᠡᠷ᠎ᠡ 69 ᠳ᠋ᠡᠬᠢ᠂ ᠮᠣᠩᠭᠣᠯ ᠰᠤᠮᠤᠤᠴᠢᠳ ᠤ ᠳᠣᠲᠤᠷ᠎ᠠ ᠬᠣᠶᠠᠳᠠᠬᠢ᠂ ᠪᠦᠬᠦ ᠭᠠᠳᠠᠭᠠᠳᠤ ᠤᠯᠤᠰ ᠤᠨ  ᠰᠤᠮᠤᠤᠴᠢᠳ ᠤᠨ ᠳᠣᠲᠤᠷ᠎ᠠ ᠳᠥᠷᠪᠡᠳ᠋ᠡᠬᠢ ᠶᠣᠺᠣᠽᠦᠨᠠ (ᠠᠪᠤᠷᠭᠤ) ᠪᠣᠯᠵᠠᠢ᠃ ᠲᠡᠭᠦᠨ ᠦ ᠠᠪᠤ ᠨᠢ ᠮᠣᠩᠭᠣᠯ ᠤᠯᠤᠰ ᠤᠨ ᠦᠨᠳᠦᠰᠦᠨ ᠦ ᠪᠥᠬᠡ ᠶᠢᠨ ᠳᠠᠷᠬᠠᠨ ᠠᠪᠤᠷᠭᠤ᠂ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ ᠭᠠᠪᠢᠶᠠᠲᠤ ᠲᠠᠮᠢᠷᠴᠢᠨ᠂ ᠣᠯᠢᠮᠫᠢᠺ ᠤᠨ ᠴᠢᠯᠦᠭᠡᠲᠤ ᠪᠦᠬᠡ ᠶᠢᠨ ᠮᠥᠩᠭᠥᠨ ᠮᠧᠳᠠᠯᠳᠤ᠂ ᠠᠯᠳᠠᠷᠲᠤ ᠪᠥᠬᠡ ᠵᠢᠭᠵᠢᠳ ᠦᠨ ᠮᠥᠩᠬᠡᠪᠠᠲᠤ ᠪᠤᠯᠤᠨ᠎ ᠠ᠃ (ᠪᠦᠷᠢᠨ ᠠᠭᠤᠯᠭ᠎ᠠ ᠶᠢ ᠤᠩᠰᠢᠬᠤ)

ᠳᠡᠯᠡᠬᠡᠢ ᠶᠢᠨ ᠤᠯᠤᠰ ᠣᠷᠣᠨ ᠤ ᠨᠡᠷᠡᠰ
ᠳᠡᠯᠡᠬᠡᠢ ᠶᠢᠨ ᠤᠯᠤᠰ ᠣᠷᠣᠨ ᠤ ᠨᠡᠷᠡᠰ

ᠳᠡᠯᠡᠬᠡᠢ ᠶᠢᠨ ᠤᠯᠤᠰ ᠣᠷᠣᠨ ᠤ ᠨᠡᠷᠡᠰ -- 2014 ᠣᠨ ᠤ ᠪᠠᠶᠢᠳᠠᠯ ᠢᠶᠠᠷ ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ ᠶᠢᠨ ᠭᠡᠰᠢᠭᠦᠨ ᠪᠦᠷᠢᠨ ᠡᠷᠬᠡᠲᠦ 193 ᠤᠯᠤᠰ᠂ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠪᠠᠶᠢᠩᠭᠤ ᠶᠢᠨ ᠠᠵᠢᠭᠯᠠᠭᠴᠢ (联合国观察员国) 2 ᠤᠯᠤᠰ ᠪᠠᠶᠢᠨ᠎ᠠ᠃ ᠸᠠᠲ᠋ᠢᠺᠠᠨ (梵蒂冈) 1964 ᠣᠨ ᠠᠴᠠ᠂ ᠫᠠᠯᠧᠰᠲ᠋ᠠᠨ (巴勒斯坦国) 2012 ᠣᠨ ᠠᠴᠠ ᠬᠣᠶᠢᠰᠢ ᠪᠠᠶᠢᠩᠭᠤ ᠶᠢᠨ ᠠᠵᠢᠭᠯᠠᠭᠴᠢ ᠶᠢᠨ ᠡᠷᠬᠡ ᠲᠡᠢ ᠪᠣᠯᠤᠭᠰᠠᠨ ᠶᠤᠮ᠃ ᠡᠭᠦᠨ ᠡᠴᠡ ᠭᠠᠳᠠᠨ᠎ᠠ 10 ᠭᠠᠷᠤᠢ ᠣᠷᠣᠨ ᠲᠤᠰᠠᠭᠠᠷ ᠲᠣᠭᠲᠠᠨᠢᠭᠰᠠᠨ ᠪᠣᠯᠪᠠᠴᠤ ᠪᠤᠰᠤᠳ ᠤᠯᠤᠰ ᠲᠤ ᠬᠦᠯᠢᠶᠡᠨ ᠵᠥᠪᠰᠢᠶᠡᠷᠡᠭᠳᠡᠭᠡ ᠦᠭᠡᠢ ᠲᠤᠯᠠ ᠣᠯᠠᠨ ᠤᠯᠤᠰ ᠤᠨ ᠡᠷᠬᠡ ᠦᠭᠡᠢ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠬᠦᠮᠦᠨ
ᠬᠦᠮᠦᠨ

ᠬᠦᠮᠦᠨ (ᠠᠩᠭᠯᠢ ᠪᠠᠷ Homo sapiens ) ᠭᠡᠳᠡᠭ ᠨᠢ ᠬᠥᠬᠥᠲᠡᠨ ᠦ ᠠᠩᠭᠢ᠂ ᠫᠷᠢᠮᠠᠲ (Primates) ᠍ ᠤᠨ ᠪᠠᠭ᠂ ᠬᠥᠮᠦᠨᠢᠳ (Hominidae) ᠍ ᠤᠨ ᠣᠪᠤᠭ ᠲᠦ ᠪᠠᠭᠲᠠᠬᠤ ᠤᠬᠠᠭᠠᠨᠲᠤ ᠬᠦᠮᠦᠨ ᠤ (ᠯᠠᠲ᠋ᠢᠨ: H. s. sapiens)᠎ ᠵᠦᠢᠯ ᠦᠨ ᠠᠮᠢᠲᠠᠨ ᠶᠤᠮ [1][2]᠃ ᠳᠡᠯᠡᠬᠡᠢ ᠳᠡᠭᠡᠷ᠎ᠡ ᠣᠷᠣᠰᠢᠨ ᠪᠤᠢ ᠪᠤᠰᠤᠳ ᠠᠮᠢᠳᠤ ᠣᠷᠭᠠᠨᠢᠰᠮ ᠲᠠᠢ ᠬᠠᠷᠢᠴᠠᠭᠤᠯᠬᠤ ᠳᠤ ᠬᠦᠮᠦᠨ ᠨᠢ ᠮᠠᠰᠢ ᠥᠨᠳᠥᠷ ᠬᠥᠭᠵᠢᠭᠰᠡᠨ ᠲᠠᠷᠢᠬᠢ ᠲᠠᠢ ᠪᠥᠭᠡᠳ ᠶᠠᠷᠢᠬᠤ᠂ ᠰᠡᠳᠭᠢᠭᠦ᠂ ᠥᠪᠡᠷ ᠢ ᠪᠡᠨ ᠰᠢᠨᠵᠢᠬᠦ ᠴᠢᠳᠠᠪᠤᠷᠢ ᠲᠠᠢ ᠪᠣᠯᠤᠨ᠎ᠠ᠃ ᠰᠡᠳᠬᠢᠯᠭᠡᠨ ᠦ ᠡᠨᠡᠬᠦ ᠴᠢᠳᠠᠪᠤᠷᠢ ᠵᠢᠴᠢ ᠪᠤᠰᠤᠭ᠎ ᠠ ᠪᠡᠷ ᠶᠠᠪᠤᠬᠤ ᠵᠡᠷᠭᠡ ᠤᠨᠴᠠᠯᠢᠭ ᠡᠴᠡ ᠪᠤᠯᠵᠤ ᠬᠦᠮᠦᠨ ᠨᠢ ᠪᠤᠰᠤᠳ ᠵᠦᠢᠯ ᠤᠨ ᠠᠮᠢᠲᠠᠳ ᠠᠴᠠ ᠤᠨᠴᠠᠯᠠᠨ ᠤᠷᠢᠳᠤ ᠮᠥᠴᠡ ᠪᠡᠨ ᠠᠰᠢᠭᠯᠠᠨ ᠡᠯᠳᠡᠪ ᠲᠥᠷᠥᠯ ᠤᠨ ᠪᠠᠭᠠᠵᠢ ᠬᠢᠬᠦ᠂ ᠬᠡᠷᠡᠭᠯᠡᠬᠦ ᠪᠣᠯᠤᠮᠵᠢ ᠲᠠᠢ ᠪᠣᠯᠵᠠᠢ᠃ ᠳᠧᠽᠣᠺᠰᠢᠷᠢᠪᠨᠢᠺᠯᠧᠢᠨ ᠦ ᠬᠦᠴᠢᠯ ︵DNA︶ ᠍ ᠦᠨ ᠰᠤᠳᠤᠯᠭ᠎ᠠ ᠪᠠᠷ ᠣᠷᠴᠢᠨ ᠦᠶ᠎ᠡ ᠶᠢᠨ ᠬᠦᠮᠦᠨ ᠨᠢ ᠣᠶᠢᠷᠠᠯᠴᠠᠭ᠎ᠠ ᠪᠠᠷ 200,000 ᠵᠢᠯ ᠦᠨ ᠡᠮᠦᠨ᠎ᠡ ᠠᠹᠷᠢᠺᠠ ᠲᠢᠪ ᠲᠦ ᠡᠭᠦᠰᠦᠨ[3]᠂ ᠤᠯᠠᠮ ᠢᠶᠠᠷ ᠪᠤᠰᠤᠳ ᠲᠢᠪ ᠦᠳ ᠤᠷᠤᠭᠤ ᠨᠡᠭᠦᠨ ᠲᠠᠷᠬᠠᠭᠰᠠᠨ ᠪᠠᠶᠢᠨ᠎ᠠ᠃ 2012 ᠣᠨ ᠤ ᠪᠠᠶᠢᠳᠠᠯ ᠢᠶᠠᠷ ᠳᠡᠯᠡᠬᠡᠢ ᠶᠢᠨ ᠬᠦᠮᠦᠨ ᠠᠮᠠ 70 ᠳ᠋ᠦᠩᠰᠢᠭᠤᠷ ᠠᠴᠠ ᠳᠠᠪᠠᠭᠠᠳ ᠪᠠᠶᠢᠨ᠎ᠠ[4]᠃ (ᠪᠦᠷᠢᠨ ᠠᠭᠤᠯᠭ᠎ᠠ ᠶᠢ ᠤᠩᠰᠢᠬᠤ)

ᠴᠠᠭᠠᠨ ᠰᠠᠷ᠎ᠠ
ᠴᠠᠭᠠᠨ ᠰᠠᠷ᠎ᠠ

ᠴᠠᠭᠠᠨ ᠰᠠᠷ᠎ᠠ -- ᠮᠣᠩᠭᠣᠯᠴᠤᠳ ᠴᠠᠭᠠᠨ ᠰᠠᠷ᠎ᠠ ᠳᠤ ᠪᠡᠯᠡᠳᠬᠦ ᠳᠦ ᠪᠡᠨ ᠬᠡᠳᠦᠨ ᠰᠠᠷ᠎ᠠ ᠶᠢᠨ ᠡᠮᠦᠨ᠎ᠡ ᠡᠴᠡ ᠬᠠᠰᠢᠶ᠎ᠠ ᠬᠣᠷᠣᠭ᠎ᠠ ᠪᠠᠨ ᠴᠡᠪᠡᠷᠯᠡᠵᠦ᠂ ᠮᠠᠯ ᠤᠨ ᠬᠠᠰᠢᠶ᠎ᠠ ᠶᠢ ᠪᠠᠨ ᠵᠠᠰᠠᠨ ᠰᠡᠷᠭᠦᠭᠡᠨ ᠵᠠᠰᠠᠪᠤᠷᠢᠯᠠᠨ᠎ᠠ᠃ ᠬᠠᠪᠤᠷ ᠤᠨ ᠠᠭᠣᠷ ᠤᠷᠤᠬᠤ ᠦᠶ᠎ᠡ ᠪᠡᠷ ᠮᠠᠯ ᠲᠥᠯᠯᠡᠵᠦ ᠮᠠᠯᠴᠢᠨ ᠪᠦᠬᠦᠨ ᠪᠠᠶᠠᠰᠤᠨ᠎ᠠ᠃ ᠭᠡᠷ ᠦᠨ ᠭᠠᠳᠠᠨ᠎ᠠ ᠳᠣᠲᠣᠷ᠎ᠠ ᠦᠭᠡᠢ ᠲᠣᠭᠣᠰᠣ ᠰᠢᠷᠣᠢ ᠶᠢ ᠪᠠᠨ ᠭᠥᠪᠢᠵᠦ᠂ ᠭᠬᠢᠷ ᠪᠤᠷᠲᠠᠭ ᠪᠦᠬᠦᠢ ᠵᠦᠢᠯᠡᠰ ᠢᠶᠡᠨ ᠤᠭᠢᠶᠠᠨ ᠴᠡᠪᠡᠷᠯᠡᠵᠦ ᠴᠠᠭᠠᠨ ᠰᠠᠷ᠎ᠠ ᠳᠤ ᠪᠠᠨ ᠭᠬᠢᠷ ᠪᠤᠷᠲᠠᠭ ᠦᠭᠡᠢ᠂ ᠬᠠᠷᠢᠶᠠᠯ ᠮᠠᠭᠤ ᠦᠭᠡ ᠠᠮᠠᠨ ᠠᠴᠠ ᠪᠠᠨ ᠤᠨᠠᠭᠠᠬᠤ ᠦᠭᠡᠢ᠂ ᠰᠢᠨ᠎ᠡ ᠳᠡᠪᠡᠯ ᠬᠤᠪᠴᠠᠰᠤ ᠣᠶᠣᠵᠤ᠂ ᠰᠢᠨ᠎ᠡ ᠣᠨ ᠳᠤ ᠪᠠᠨ ᠠᠷᠢᠭᠤᠨ ᠲᠤᠩᠭᠠᠯᠠᠭ ᠰᠠᠶᠢᠨ ᠰᠠᠶᠢᠬᠠᠨ ᠪᠦᠬᠦᠨ ᠢ ᠪᠡᠯᠭᠡᠰᠢᠶᠡᠨ ᠵᠣᠯᠭᠠᠨ ᠤᠭᠲᠤᠨ᠎ᠠ᠃ ᠰᠡᠳᠬᠢᠯ ᠰᠠᠨᠠᠭ᠎ᠠ ᠪᠠᠨ ᠠᠷᠢᠭᠤᠰᠬᠠᠨ ᠥᠷᠢ ᠰᠢᠷ ᠦᠭᠡᠢ᠂ ᠮᠠᠭᠤ ᠮᠠᠭᠤᠬᠠᠢ ᠪᠦᠬᠦᠨ ᠢ ᠡᠴᠦᠰ ᠲᠡᠭᠦᠰᠬᠡᠯ ᠪᠣᠯᠭᠠᠨ ᠰᠠᠶᠢᠨ ᠰᠠᠶᠢᠬᠠᠨ ᠪᠦᠬᠦᠨ ᠦ ᠲᠥᠯᠥᠭᠡ ᠥᠩᠭᠡᠷᠡᠭᠰᠡᠨ ᠢ ᠮᠠᠷᠲᠠᠵᠤ ᠮᠠᠷᠭᠠᠰᠢ ᠶᠢᠨ ᠰᠢᠨ᠎ᠡ ᠡᠳᠦᠷ ᠰᠢᠨ᠎ᠡ ᠠᠮᠢᠳᠤᠷᠠᠯ ᠢ ᠥᠭᠡᠳᠡᠷᠡᠭ ᠢᠶᠡᠷ ᠤᠭᠲᠤᠨ᠎ᠠ᠃ ᠶᠡᠷᠦ ᠨᠢ ᠮᠣᠩᠭᠣᠯᠴᠤᠳ ᠪᠡᠶ᠎ᠡ ᠪᠡᠶᠡᠨ ᠳᠦ ᠪᠡᠨ ᠰᠠᠨᠠᠭ᠎ᠠ ᠲᠠᠯᠪᠢᠨ ᠲᠤᠰᠠ ᠳᠡᠮ ᠪᠣᠯᠵᠤ᠂ ᠪᠠᠶᠢᠭ᠎ᠠ ᠪᠠᠨ ᠥᠭᠴᠦ ᠠᠪᠤᠯᠴᠠᠨ ᠬᠤᠪᠢᠶᠠᠯᠴᠠᠨ ᠠᠮᠢᠳᠤᠷᠠᠵᠤ ᠢᠷᠡᠭᠰᠡᠨ ᠲᠡᠦᠬᠡ ᠲᠡᠢ᠃ ᠪᠡᠶ᠎ᠡ ᠪᠡᠶᠡᠨ ᠦ ᠪᠡᠨ ᠬᠠᠰᠢᠶ᠎ᠠ ᠬᠣᠷᠣᠭᠠᠨ ᠠᠴᠠ ᠴᠡᠪᠡᠷᠯᠡᠵᠦ ᠵᠠᠰᠠᠵᠤ ᠥᠭᠬᠦ ᠡᠴᠡ ᠭᠠᠳᠠᠨ᠎ᠠ᠂ ᠲᠥᠯ ᠮᠠᠯ ᠠᠴᠠ ᠨᠢ ᠬᠠᠮᠵᠢᠯᠴᠠᠭᠠᠳ ᠬᠠᠷᠢᠭᠤᠯᠵᠤ᠂ ᠪᠡᠯᠴᠢᠭᠡᠷᠯᠡᠭᠡᠳ ᠥᠭᠭᠦᠨ᠎ᠡ᠃ ᠪᠤᠤᠵᠠ ᠪᠠᠩᠰᠢᠨ ᠠᠴᠠ ᠨᠢ ᠴᠢᠮᠬᠢᠯᠴᠡᠨ᠂ ᠤᠭᠤᠴᠠ ᠮᠢᠬ᠎ᠠ ᠶᠢ ᠨᠢ ᠴᠢᠨᠠᠭᠠᠳ᠂ ᠪᠣᠭᠣᠷᠰᠣᠭ ᠪᠣᠣᠪᠣ ᠶᠢ ᠨᠢ ᠬᠠᠭᠠᠷᠢᠭᠠᠳ᠂ ᠴᠠᠭᠠᠨ ᠢᠳᠡᠭᠡᠨ ᠡᠴᠡ ᠨᠢ ᠪᠠᠵᠠᠯᠴᠠᠭᠠᠳ ᠥᠭᠳᠡᠭ ᠲᠤᠰᠠᠴᠢ ᠬᠥᠳᠡᠯᠮᠦᠷᠢᠴᠢ ᠵᠠᠩ ᠲᠠᠢ᠃ ᠴᠠᠭᠠᠨ ᠰᠠᠷ᠎ᠠ ᠪᠠᠷ ᠦᠷ᠎ᠡ ᠬᠡᠦᠬᠡᠳ ᠦᠳ᠂ ᠠᠬ᠎ᠠ ᠳᠡᠭᠦᠦ ᠬᠠᠮᠢᠶᠠᠲᠠᠨ ᠰᠠᠳᠤᠨ ᠨᠢ ᠲᠠᠯ᠎ᠠ ᠲᠠᠯ᠎ᠠ ᠠᠴᠠ ᠪᠠᠨ ᠬᠠᠮᠵᠢᠭᠠᠳ ᠥᠭᠳᠡᠭ ᠰᠠᠶᠢᠬᠠᠨ ᠨᠡᠶᠢᠲᠡᠴᠢ ᠵᠠᠩ ᠵᠠᠩᠰᠢᠯ ᠲᠠᠢ ᠪᠢᠯᠡ᠃ (ᠪᠦᠷᠢᠨ ᠠᠭᠤᠯᠭ᠎ᠠ ᠶᠢ ᠤᠩᠰᠢᠬᠤ)

ᠠᠮᠧᠷᠢᠺᠠ ᠶᠢᠨ ᠨᠢᠭᠡᠳᠦᠭᠰᠡᠨ ᠤᠯᠤᠰ
ᠠᠮᠧᠷᠢᠺᠠ ᠶᠢᠨ ᠨᠢᠭᠡᠳᠦᠭᠰᠡᠨ ᠤᠯᠤᠰ

ᠠᠮᠧᠷᠢᠺᠠ ᠶᠢᠨ ᠨᠢᠭᠡᠳᠦᠭᠰᠡᠨ ᠤᠯᠤᠰ -- ᠢᠨᠳᠢᠶᠠᠨᠴᠦᠳ ᠤᠨ ᠡᠪᠦᠭᠡ ᠲᠡᠭᠡᠳᠦᠰ ᠣᠳᠣ ᠠᠴᠠ 15.000 ᠵᠢᠯ ᠦᠨ ᠡᠮᠦᠨ᠎ᠡ ᠠᠮᠧᠷᠢᠺᠠ ᠳᠤ ᠢᠷᠡᠭᠰᠡᠨ ᠪᠥᠭᠡᠳ ᠧᠦ᠋ᠷᠣᠫᠠ ᠶᠢᠨ ᠺᠣᠯᠣᠨᠢᠴᠢᠯᠠᠯ 16 ᠍ ᠳᠦᠭᠡᠷ ᠵᠠᠭᠤᠨ ᠠᠴᠠ ᠡᠬᠢᠯᠡᠭᠰᠡᠨ᠃ ᠠᠲᠯᠠᠨ᠋ᠲ ᠤᠨ ᠡᠷᠭᠢ ᠪᠡᠷ ᠪᠷᠢᠲ᠋ᠠᠨ(ᠠᠩᠭᠯᠢ) ᠶᠢᠨ 13 ᠺᠣᠯᠣᠨᠢ ᠭᠡᠵᠦ ᠪᠠᠶᠢᠪᠠ᠃ ᠺᠣᠯᠣᠨᠢ ᠶᠢᠨ ᠠᠷᠠᠳ ᠲᠦᠮᠡᠨ ᠳᠠᠯᠠᠢ ᠶᠢᠨ ᠴᠢᠨᠠᠳᠤ ᠶᠢᠨ ᠶᠡᠬᠡ ᠪᠷᠢᠲ᠋ᠠᠨ(ᠠᠩᠭᠯᠢ) ᠳᠤ ᠵᠠᠬᠢᠷᠤᠭᠳᠠᠬᠤ ᠦᠭᠡᠢ ᠶᠢᠨ ᠲᠥᠯᠥᠭᠡ ᠲᠡᠮᠡᠴᠡᠭᠰᠡᠨ ᠬᠤᠪᠢᠰᠬᠠᠯ ᠢᠯᠠᠭᠰᠠᠨ ᠠᠴᠠ 1776 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠪᠠᠶᠢᠭᠤᠯᠤᠭᠳᠠᠵᠤ᠂ 1783 ᠣᠨ ᠳᠤ ᠳᠠᠶᠢᠨ ᠳᠠᠭᠤᠰᠴᠤ᠂ ᠧᠦ᠋ᠷᠣᠫᠠ ᠶᠢᠨ ᠺᠣᠯᠣᠨᠢ ᠠᠴᠠ ᠰᠠᠯᠣᠭᠰᠠᠨ ᠠᠩᠬᠠᠨ ᠤ ᠣᠷᠣᠨ ᠪᠣᠯᠤᠭᠰᠠᠨ ᠶᠤᠮ᠃ 1787 ᠣᠨ ᠳᠤ ᠦᠨᠳᠦᠰᠦᠨ ᠬᠠᠤᠯᠢ ᠪᠠᠨ ᠪᠠᠲᠤᠯᠠᠵᠤ ᠣᠳᠣ ᠴᠤ ᠥᠭᠡᠷᠡᠴᠢᠯᠡᠭᠡ ᠦᠭᠡᠢ ᠭᠡᠬᠦ ᠪᠠ 1791 ᠣᠨ ᠳᠤ ᠬᠦᠮᠦᠨ ᠦ ᠡᠷᠬᠡ᠂ ᠡᠷᠬᠡ ᠴᠢᠯᠦᠭᠡᠨ ᠦ ᠰᠠᠭᠤᠷᠢ ᠵᠠᠷᠴᠢᠮ ᠢ ᠲᠤᠩᠬᠠᠭᠯᠠᠭᠰᠠᠨ ᠠᠵᠡᠢ᠃ (ᠪᠦᠷᠢᠨ ᠠᠭᠤᠯᠭ᠎ᠠ ᠶᠢ ᠤᠩᠰᠢᠬᠤ)

ᠮᠡᠳᠡᠷᠡᠭᠴᠢ ᠳᠡᠯᠭᠡᠴᠡ
ᠮᠡᠳᠡᠷᠡᠭᠴᠢ ᠳᠡᠯᠭᠡᠴᠡ

ᠮᠡᠳᠡᠷᠡᠭᠴᠢ ᠳᠡᠯᠭᠡᠴᠡ(ᠬᠢᠲᠠᠳ ᠢᠶᠡᠷ᠄触摸屏᠂ ᠠᠨᠭᠭᠢᠯᠢ ᠪᠠᠷ᠄Touchscreen) ᠨᠢ ᠡᠯᠧᠺᠲ᠋ᠷᠣᠨ ᠸᠢᠽᠤᠸᠠᠯ ᠳᠡᠯᠭᠡᠴᠡ (electronic visual display) ᠪᠠ ᠳᠡᠯᠭᠡᠴᠡ ᠶᠢᠨ ᠠᠯᠢ ᠨᠢᠭᠡ ᠬᠡᠰᠡᠭ ᠲᠦ ᠬᠦᠷᠬᠦ ᠳᠦ ᠪᠠᠶᠢᠷᠢᠯᠠᠯ ᠢ ᠨᠢ ᠮᠡᠳᠡᠷᠡᠵᠦ ᠢᠯᠡᠷᠡᠭᠦᠯᠬᠦ ᠴᠢᠳᠠᠪᠤᠷᠢ ᠲᠠᠢ ᠪᠠᠶᠢᠳᠠᠭ᠃ ᠤᠭ ᠳᠡᠯᠭᠡᠴᠡ ᠨᠢ ᠶᠡᠷᠦᠩᠬᠡᠢ ᠳᠤ ᠪᠡᠨ ᠬᠤᠷᠤᠭᠤ ᠪᠣᠯᠤᠨ ᠭᠠᠷ ᠢᠶᠠᠷ ᠬᠦᠷᠬᠦ ᠳᠦ ᠵᠣᠷᠢᠭᠤᠯᠤᠭᠳᠠᠭᠰᠠᠨ᠃ ᠮᠡᠳᠡᠷᠡᠭᠴᠢ ᠳᠡᠯᠭᠡᠴᠡ ᠨᠢ ᠮᠥᠨ ᠪᠤᠰᠤᠳ ᠵᠦᠢᠯᠡᠰ ᠢ ᠬᠦᠷᠬᠦ ᠳᠦ ᠮᠡᠳᠡᠷᠡᠳᠡᠭ ᠵᠢᠱᠢᠶ᠎ᠡ ᠨᠢ ᠵᠣᠷᠢᠭᠤᠯᠤᠯᠲᠠ ᠶᠢᠨ ᠦᠵᠦᠭ᠃ ᠮᠡᠳᠡᠷᠡᠭᠴᠢ ᠳᠡᠯᠭᠡᠴᠡ ᠨᠢ ᠶᠡᠬᠡᠩᠬᠢ ᠲᠥᠬᠥᠭᠡᠷᠦᠮᠵᠢ ᠳᠦ ᠪᠠᠶᠢᠳᠠᠭ ᠪᠠ ᠵᠢᠱᠢᠶ᠎ᠡ ᠨᠢ ᠲᠣᠭᠯᠠᠭᠠᠮ ᠤᠨ ᠰᠠᠮᠪᠠᠷ᠎ᠠ᠂ ᠺᠣᠮᠫᠢᠶᠦ᠋ᠲ᠋ᠧᠷ᠂ ᠲᠠᠪᠯᠧᠲ ᠺᠣᠮᠫᠢᠶᠦ᠋ᠲ᠋ᠧᠷ(ᠠᠨᠭᠭᠢᠯᠢ ᠪᠠᠷ᠄tablet computer)᠂ ᠤᠬᠠᠭᠠᠯᠢᠭ ᠭᠠᠷ ᠤᠲᠠᠰᠤ ᠨᠤᠭᠤᠳ ᠵᠡᠷᠭᠡ ᠶᠠᠭᠤᠮ᠎ᠠ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠯᠤᠰ ᠤᠨ ᠵᠡᠪᠰᠡᠭᠲᠦ ᠬᠦᠴᠦᠨ
ᠮᠣᠩᠭᠣᠯ ᠤᠯᠤᠰ ᠤᠨ ᠵᠡᠪᠰᠡᠭᠲᠦ ᠬᠦᠴᠦᠨ

ᠮᠣᠩᠭᠣᠯ ᠤᠯᠤᠰ ᠤᠨ ᠵᠡᠪᠰᠡᠭᠲᠦ ᠬᠦᠴᠦᠨ ᠭᠤᠷᠪᠠᠨ ᠦᠨᠳᠦᠰᠦᠨ ᠰᠠᠯᠪᠤᠷᠢ ᠲᠠᠢ᠃ ᠲᠤᠬᠠᠶᠢᠯᠠᠪᠠᠯ: ᠶᠡᠷᠦᠩᠬᠡᠢ ᠵᠣᠷᠢᠭᠤᠯᠤᠯᠲᠠ ᠶᠢᠨ᠂ ᠬᠢᠯᠢ ᠬᠠᠮᠠᠭᠠᠯᠠᠬᠤ᠂ ᠳᠣᠲᠣᠭᠠᠳᠤ ᠶᠢᠨ ᠠᠶᠤᠯ ᠦᠭᠡᠢ ᠪᠠᠶᠢᠳᠠᠯ ᠤᠨ ᠴᠡᠷᠢᠭ ᠭᠡᠵᠦ ᠬᠤᠪᠢᠶᠠᠭᠳᠠᠨ᠎ᠠ᠃ ᠡᠩᠬᠡ ᠶᠢᠨ ᠴᠠᠭ ᠤᠨ ᠡᠨᠡᠬᠦ ᠪᠦᠲᠦᠴᠡ ᠨᠢ ᠳᠠᠶᠢᠨ ᠤ ᠦᠶ᠎ᠡ ᠳᠦ ᠥᠭᠡᠷᠡᠴᠢᠯᠡᠭᠳᠡᠨ ᠵᠣᠬᠢᠶᠠᠨ ᠪᠠᠶᠢᠭᠤᠯᠤᠭᠳᠠᠨ᠎ᠠ᠃

ᠬᠠᠭᠤᠷᠠᠢ ᠵᠠᠮ ᠤᠨ ᠬᠦᠴᠦᠨ ᠨᠢ ᠨᠡᠶᠢᠲᠡ 400 ᠭᠠᠷᠤᠢ ᠲᠠᠩᠺ᠂ ᠬᠤᠶᠠᠭᠲᠤ ᠲᠡᠭᠡᠭᠡᠪᠦᠷᠢᠯᠡᠭᠴᠢ 600 ᠭᠠᠷᠤᠢ᠂ 500 ᠭᠠᠷᠤᠢ ᠶᠡᠬᠡ ᠪᠤᠤ᠂ 450 ᠭᠠᠷᠤᠢ ᠠᠭᠠᠷ ᠤᠨ ᠳᠣᠪᠲᠣᠯᠭᠠᠨ ᠠᠴᠠ ᠬᠠᠮᠠᠭᠠᠯᠠᠬᠤ ᠬᠡᠷᠡᠭᠰᠡᠯ᠂ ᠪᠤᠰᠤᠳ ᠴᠡᠷᠢᠭ ᠦᠨ ᠵᠣᠷᠢᠭᠤᠯᠤᠯᠲᠠ ᠲᠠᠢ ᠲᠧᠭᠨᠢᠭ ᠬᠡᠷᠡᠭᠰᠡᠯ ᠲᠡᠢ ᠶᠤᠮ᠃ ᠡᠳᠡᠭᠡᠷ ᠵᠡᠪᠰᠡᠭ ᠲᠧᠭᠨᠢᠭ ᠦᠨ ᠶᠡᠬᠡᠩᠬᠢ ᠨᠢ 1960 ᠍ ᠊ᠭᠠᠳ ᠣᠨ ᠤ ᠡᠬᠢ ᠪᠡᠷ ᠵᠥᠪᠯᠡᠯᠲᠦ ᠬᠣᠯᠪᠣᠭᠠᠲᠤ ᠤᠯᠤᠰ ᠲᠤ ᠦᠢᠯᠡᠳᠪᠦᠷᠢᠯᠡᠭᠳᠡᠭᠰᠡᠨ ᠪᠠᠶᠢᠳᠠᠭ ᠪᠥᠭᠡᠳ ᠨᠡᠶᠢᠲᠡ ᠵᠡᠪᠰᠡᠭ ᠲᠧᠭᠨᠢᠭ᠍ ᠦᠨ ᠫᠠᠷᠺ ᠤᠨ 60-80% ᠨᠢ 3 ᠳ᠋ᠣᠭᠠᠷ ᠦᠶ᠎ᠡ ᠶᠢᠨ ᠦᠯᠡᠳᠡᠭᠰᠡᠨ ᠬᠤᠪᠢ ᠨᠢ 4 ᠳ᠋ᠦᠭᠡᠷ ᠦᠶ᠎ᠡ ᠶᠢᠨ ᠬᠢ ᠠᠵᠡᠢ᠃ (ᠪᠦᠷᠢᠨ ᠠᠭᠤᠯᠭ᠎ᠠ ᠶᠢ ᠤᠩᠰᠢᠬᠤ)

ᠬᠢᠷᠭᠢᠰ ᠤᠯᠤᠰ
ᠬᠢᠷᠭᠢᠰ ᠤᠯᠤᠰ

ᠬᠢᠷᠭᠢᠰ ᠪᠤᠶᠤ ᠪᠦᠭᠦᠳᠡ ᠨᠠᠶᠢᠷᠠᠮᠳᠠᠬᠤ ᠬᠢᠷᠭᠢᠰ ᠤᠯᠤᠰᠲᠦᠪ ᠠᠽᠢᠶ᠎ᠠ ᠳᠠᠬᠢ ᠲᠩᠷᠢ ᠠᠭᠤᠯᠠ ᠍ ᠤᠨ ᠠᠭᠤᠯᠠᠷᠬᠠᠭ ᠨᠤᠲᠤᠭ ᠲᠤ ᠣᠷᠣᠰᠢᠳᠠᠭ ᠪᠦᠷᠢᠨ ᠡᠷᠬᠡᠲᠦ ᠤᠯᠤᠰ ᠶᠤᠮ᠃ ᠬᠣᠶᠢᠳᠤ ᠲᠠᠯ᠎ᠠ ᠪᠠᠷ ᠢᠶᠠᠨ ᠬᠠᠰᠠᠭ᠂ ᠪᠠᠷᠠᠭᠤᠨ ᠲᠠᠯ᠎ᠠ ᠪᠠᠷ ᠢᠶᠠᠨ ᠦᠽᠡᠪᠸᠺᠢᠰᠲᠠᠨ᠂ ᠤᠷᠢᠳᠤ ᠲᠠᠯ᠎ᠠ ᠪᠠᠷ ᠢᠶᠠᠨ ᠲᠠᠵᠢᠺᠢᠰᠲᠠᠨ᠂ ᠵᠡᠭᠦᠨ ᠲᠠᠯ᠎ᠠ ᠪᠠᠷ ᠢᠶᠠᠨ ᠳᠤᠮᠳᠠᠳᠤ ᠤᠯᠤᠰ ᠤᠯᠤᠰ ᠲᠠᠢ ᠬᠢᠯᠢᠯᠡᠳᠡᠭ ᠳᠠᠯᠠᠢ ᠳᠤ ᠭᠠᠷᠤᠴᠠ ᠦᠭᠡᠢ ᠣᠷᠣᠨ᠂ ᠨᠡᠶᠢᠰᠯᠡᠯ ᠨᠢ — ᠪᠥᠱᠺᠧᠺ᠃ ᠨᠤᠲᠤᠭ ᠳᠡᠪᠢᠰᠬᠡᠷ – 199,900 km2᠂ 2015 ᠣᠨ ᠳᠤ ᠲᠣᠭᠠᠴᠠᠭᠰᠠᠨ ᠢᠶᠡᠷ ᠬᠦᠮᠦᠨ ᠠᠮᠠ ᠶᠢᠨ ᠲᠣᠭ᠎ᠠ – 5,895,100᠂ ᠣᠯᠠᠩᠬᠢ ᠪᠤᠶᠤ 72 ᠬᠤᠪᠢ ᠨᠢ ᠬᠢᠷᠭᠢᠰ ᠦᠨᠳᠦᠰᠦᠲᠡᠨ᠂ ᠮᠥᠨ ᠦᠽᠡᠪᠸᠺᠢᠰᠲᠠᠨᠣᠷᠣᠰᠳᠤᠩᠭᠠᠨ᠂ ᠲᠠᠵᠢᠺ᠂ ᠲᠦᠺ᠂ ᠬᠠᠰᠠᠭ ᠵᠡᠷᠭᠡ ᠠᠷᠠᠳ ᠲᠦᠮᠡᠨ ᠠᠮᠢᠳᠤᠷᠠᠳᠠᠭ᠃ ᠳᠡᠶᠢᠯᠦᠩᠬᠢ ᠣᠯᠠᠩᠬᠢ 80 ᠬᠤᠪᠢ ᠨᠢ ᠢᠰᠯᠠᠮ ᠰᠢᠲᠦᠯᠭᠡ ᠲᠡᠢ᠃ (ᠪᠦᠷᠢᠨ ᠠᠭᠤᠯᠭ᠎ᠠ ᠶᠢ ᠤᠩᠰᠢᠬᠤ)

ᠡᠷᠦᠳᠡᠰᠦ
ᠡᠷᠦᠳᠡᠰᠦ

ᠡᠷᠦᠳᠡᠰᠦ (ᠬᠢᠳᠠᠳ ᠢᠶᠠᠷ 矿物) ᠨᠢ ᠳᠡᠯᠡᠬᠡᠢ ᠶᠢᠨ ᠴᠠᠷᠴᠠᠳᠠᠰᠤ ᠲᠡᠬᠢ ᠲᠥᠷᠥᠯ ᠪᠦᠷᠢ ᠶᠢᠨ ᠭᠧᠣᠯᠣᠭᠢ ᠶᠢᠨ ᠶᠠᠪᠤᠴᠠ ᠤᠨ ᠦᠷ᠎ᠡ ᠳ᠋ᠦᠩ ᠳᠦ ᠡᠭᠦᠰᠳᠡᠭ᠂ ᠲᠣᠳᠣᠷᠬᠠᠢ ᠬᠢᠮᠢ ᠶᠢᠨ ᠨᠠᠶᠢᠷᠠᠯᠭ᠎ᠠ ᠲᠠᠢ᠂ ᠲᠣᠳᠣᠷᠬᠠᠢ ᠲᠠᠯᠠᠰᠳᠣ ᠣᠷᠣᠨᠳᠤ ᠲᠣᠤᠷ ᠤᠨ ᠪᠦᠲᠦᠴᠡ ᠲᠡᠢ᠂ ᠪᠠᠶᠢᠭᠠᠯᠢ ᠶᠢᠨ ᠪᠡᠶᠡᠲᠦ ᠶᠢ ᠬᠡᠯᠡᠨ᠎ᠡ᠃ ᠡᠷᠦᠳᠡᠰᠦ ᠶᠢ ᠰᠤᠳᠤᠯᠳᠠᠭ ᠰᠢᠨᠵᠢᠯᠡᠬᠦ ᠤᠬᠠᠭᠠᠨ ᠤ ᠰᠠᠯᠪᠤᠷᠢ ᠶᠢ ᠡᠷᠦᠳᠡᠰᠦ ᠰᠤᠳᠤᠯᠤᠯ (ᠮᠢᠨᠧᠷᠠᠯᠣᠭᠢ) ᠭᠡᠨ᠎ᠡ᠃ ᠣᠳᠣ ᠶᠢᠨ ᠪᠠᠶᠢᠳᠠᠯ ᠢᠶᠠᠷ 4,000 ᠭᠠᠷᠤᠢ ᠡᠷᠦᠳᠡᠰᠦ ᠨᠡᠭᠡᠭᠡᠭᠳᠡᠭᠡᠳ ᠪᠠᠶᠢᠭ᠎ᠠ ᠪᠥᠭᠡᠳ ᠡᠳᠡᠭᠡᠷ ᠦᠨ 150 ᠨᠢ ᠥᠷᠭᠡᠨ᠂ 50 ᠨᠢ ᠬᠠᠷᠢᠴᠠᠩᠭᠤᠢ ᠥᠷᠭᠡᠨ ᠲᠠᠷᠬᠠᠯᠲᠠ ᠲᠠᠢ᠂ ᠪᠤᠰᠤᠳ ᠨᠢ ᠬᠣᠪᠣᠷ ᠪᠣᠯᠤᠨ ᠮᠠᠰᠢ ᠬᠣᠪᠣᠷ ᠲᠣᠬᠢᠶᠠᠯᠳᠤᠨ᠎ᠠ᠃ (ᠪᠦᠷᠢᠨ ᠠᠭᠤᠯᠭ᠎ᠠ ᠶᠢ ᠤᠩᠰᠢᠬᠤ)

ᠣᠶᠢᠷᠠᠳ
ᠣᠶᠢᠷᠠᠳ

ᠣᠶᠢᠷᠠᠳ ᠮᠣᠩᠭᠣᠯᠴᠤᠳ ᠠᠷᠪᠠᠨ ᠭᠤᠷᠪᠠᠳᠤᠭᠠᠷ ᠵᠠᠭᠤᠨ ᠤ ᠡᠬᠢᠨ ᠡᠴᠡ ᠶᠡᠬᠡ ᠮᠣᠩᠭᠣᠯ ᠤᠯᠤᠰ ᠍ ᠤᠨ ᠪᠦᠷᠢᠯᠳᠦᠬᠦᠨ ᠳᠦ ᠪᠠᠭᠳᠠᠵᠣ᠂ ᠠᠷᠪᠠᠨ ᠳᠥᠷᠪᠡᠳᠦᠭᠡᠷ ᠵᠠᠭᠤᠨ ᠤ ᠡᠴᠦᠰ ᠢᠶᠡᠷ ᠪᠠᠭ᠎ᠠ ᠬᠠᠭᠠᠳ ᠤᠨ ᠦᠶ᠎ᠡ ᠡᠬᠢᠯᠡᠬᠦ ᠳᠦ ᠬᠠᠭᠠᠨ ᠤ ᠵᠠᠬᠢᠷᠭ᠎ᠠ ᠲᠠᠢ ᠮᠥᠴᠡᠭᠡᠷᠬᠡᠵᠦ ᠵᠠᠶᠢᠳᠠᠭᠤᠬᠠᠨ ᠪᠠᠶᠢᠬᠤ ᠪᠣᠯᠵᠠᠢ᠃ ᠳᠥᠷᠪᠡᠨ ᠠᠶᠢᠮᠠᠭ ᠬᠣᠯᠪᠣᠭᠠᠯᠠᠭᠰᠠᠨ ᠢ ᠲᠡᠦᠬᠡᠨ ᠳᠦ ᠳᠥᠷᠪᠡᠨ ᠣᠶᠢᠷᠠᠳ ᠭᠡᠳᠡᠭ᠃ ᠳᠥᠷᠪᠡᠨ ᠣᠶᠢᠷᠠᠳ ᠠᠴᠠ ᠤᠯᠪᠠᠭᠠᠯᠠᠭᠰᠠᠨ ᠣᠶᠢᠷᠠᠳ ᠤᠨ ᠲᠥᠷᠥ ᠤᠯᠤᠰ ᠵᠦᠩᠭᠠᠷ ᠤᠨ ᠬᠠᠭᠠᠨᠲᠤ ᠤᠯᠤᠰᠬᠣᠱᠤᠳ ᠤᠨ ᠪᠣᠯᠤᠨ ᠬᠠᠯᠢᠮᠠᠭ ᠤᠨ ᠬᠠᠨᠲᠠ ᠤᠯᠤᠰ ᠍ ᠢ ᠪᠠᠶᠢᠭᠤᠯᠵᠤ 18 ᠳ᠋ᠣᠭᠠᠷ ᠵᠠᠭᠤᠨ ᠤ ᠳᠤᠮᠳᠠ ᠬᠦᠷᠲᠡᠯ᠎ᠡ 400 ᠭᠠᠷᠤᠢ ᠵᠢᠯ ᠲᠣᠳᠣᠷᠠᠵᠤ ᠶᠠᠪᠤᠭᠠᠳ ᠮᠠᠨᠵᠤ ᠴᠢᠩ ᠤᠯᠤᠰ᠂ ᠬᠠᠭᠠᠨᠲᠤ ᠣᠷᠣᠰ ᠤᠯᠤᠰ ᠤᠨ ᠬᠠᠷᠢᠶᠠᠨ ᠳᠤ ᠬᠤᠪᠢᠶᠠᠭᠳᠠᠭᠰᠠᠨ ᠠᠴᠠ 300 ᠭᠠᠷᠤᠢ ᠵᠢᠯ ᠪᠣᠯᠬᠤ ᠳᠤ ᠳᠠᠬᠢᠨ ᠤᠯᠤᠰ ᠪᠠᠶᠢᠭᠤᠯᠤᠭᠰᠠᠨ ᠦᠭᠡᠢ᠃ ᠡᠳᠦᠭᠡ ᠮᠣᠩᠭᠣᠯᠬᠢᠲᠠᠳᠣᠷᠣᠰ ᠭᠤᠷᠪᠠᠨ ᠤᠯᠤᠰ ᠲᠤ ᠲᠤᠰ ᠪᠦᠷᠢ ᠪᠠᠷᠤᠭ ᠲᠡᠩᠴᠡᠭᠦᠦ ᠲᠣᠭ᠎ᠠ ᠲᠠᠢ᠂ ᠪᠦᠭᠦᠳᠡ 700 ᠮᠢᠩᠭ᠎ᠠ ᠭᠠᠷᠤᠢ ᠣᠶᠢᠷᠠᠳ ᠤᠨ ᠶᠠᠰᠤ ᠠᠶᠢᠮᠠᠭ ᠤᠨ ᠬᠦᠮᠦᠨ ᠠᠮᠢᠳᠤᠷᠠᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠫᠠᠺᠢᠰᠲᠠᠨ
ᠫᠠᠺᠢᠰᠲᠠᠨ

ᠫᠠᠺᠢᠰᠲᠠᠨ ᠂ ᠠᠯᠪᠠᠨ ᠶᠣᠰᠣᠭᠠᠷ ᠢᠰᠯᠠᠮ ᠤᠨ ᠪᠦᠭᠦᠳᠡ ᠨᠠᠶᠢᠷᠠᠮᠳᠠᠬᠤ ᠫᠠᠺᠢᠰᠲᠠᠨ ᠤᠯᠤᠰ ᠨᠢ ᠡᠮᠦᠨᠡᠲᠦ ᠠᠽᠢᠶ᠎ᠠ ᠍ ᠶᠢᠨ ᠣᠷᠣᠨ ᠶᠤᠮ᠃ ᠪᠠᠷᠠᠭᠤᠨ ᠲᠠᠯ᠎ᠠ ᠪᠠᠷ ᠢᠶᠠᠨ ᠠᠹᠬᠠᠨᠨᠢᠰᠲᠠᠨᠢᠷᠡᠨ ᠣᠷᠣᠨ ᠨᠤᠭᠤᠳ ᠲᠠᠢ᠂ ᠵᠡᠭᠦᠨ ᠲᠠᠯ᠎ᠠ ᠪᠠᠷ ᠢᠶᠠᠨ ᠡᠨᠡᠳᠬᠡᠭᠲᠡᠢ᠂ ᠵᠡᠭᠦᠨ ᠬᠣᠶᠢᠳᠤ ᠲᠠᠯ᠎ᠠ ᠪᠠᠷ ᠢᠶᠠᠨ ᠬᠢᠲᠠᠳᠲᠠᠢ ᠲᠤᠰ ᠲᠤᠰ ᠬᠢᠯᠢᠯᠡᠳᠡᠭ᠃ ᠡᠮᠦᠨᠡᠲᠦ ᠲᠠᠯ᠎ᠠ ᠪᠠᠷ ᠢᠶᠠᠨ ᠠᠷᠠᠪ ᠤᠨ ᠲᠡᠩᠭᠢᠰ ᠲᠤ 1,046 ᠺᠢᠯᠣᠮᠧᠲ᠋ᠷ ᠤᠷᠲᠤ ᠡᠷᠭᠢ ᠲᠡᠢ᠃ ᠡᠨᠡ ᠭᠠᠵᠠᠷ ᠨᠤᠲᠤᠭ ᠨᠢ ᠫᠧᠷᠰᠭᠷᠧᠺᠠᠷᠠᠪᠲᠦᠷᠺᠠᠹᠬᠠᠨᠨᠮᠣᠩᠭᠣᠯ ᠵᠡᠷᠭᠡ ᠦᠨᠳᠦᠰᠦᠲᠡᠨ ᠨᠦᠭᠦᠳ ᠲᠦ ᠤᠷᠢᠳᠤ ᠶᠢᠨ ᠲᠡᠦᠬᠡᠨ ᠳᠦ ᠡᠵᠡᠯᠡᠭᠳᠡᠵᠦ ᠪᠠᠶᠢᠪᠠ᠃ ᠫᠠᠺᠢᠰᠲᠠᠨ ᠨᠢ 1947 ᠣᠨ ᠬᠦᠷᠲᠡᠯ᠎ᠡ ᠪᠷᠢᠲ᠋ᠠᠨ ᠦ ᠤᠳᠤᠷᠢᠳᠤᠯᠭ᠎ᠠ ᠳᠣᠣᠷᠠᠬᠢ ᠡᠨᠡᠳᠬᠡᠭ ᠦᠨ ᠬᠡᠰᠡᠭ ᠪᠠᠶᠢᠵᠠᠢ᠃ ᠬᠠᠷᠢᠨ 1947 ᠣᠨ ᠳᠤ ᠣᠷᠣᠨ ᠪᠠᠶᠢᠭᠤᠯᠬᠤ ᠬᠥᠳᠡᠯᠭᠡᠭᠡᠨ ᠦ ᠦᠷ᠎ᠡ ᠳ᠋ᠦᠩ ᠳᠦ ᠰᠢᠨᠳ᠂ ᠪᠠᠷᠠᠭᠤᠨ ᠬᠣᠶᠢᠳᠤ ᠵᠠᠭᠠᠭ ᠤᠨ ᠮᠤᠵᠢ᠂ ᠪᠠᠷᠠᠭᠤᠨ ᠫᠠᠩᠵᠠᠪᠪᠠᠯᠤᠴᠢᠰᠲᠠᠨ᠂ ᠵᠡᠭᠦᠨ ᠪᠧᠩᠭᠠᠯ ᠮᠤᠵᠢ ᠤᠳ ᠨᠢᠭᠡᠳᠴᠦ ᠫᠠᠺᠢᠰᠲᠠᠨ ᠤᠯᠤᠰ ᠪᠥᠷᠢᠯᠳᠦᠨ ᠲᠣᠭᠲᠠᠬᠤ ᠪᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠭᠸᠨ ᠦ ᠢᠨᠵᠧᠨᠧᠷᠴᠢᠯᠡᠯ
ᠭᠸᠨ ᠦ ᠢᠨᠵᠧᠨᠧᠷᠴᠢᠯᠡᠯ

ᠭᠸᠨ ᠦ ᠢᠨᠵᠧᠨᠧᠷᠴᠢᠯᠡᠯ ᠪᠤᠶᠤ ᠭᠸᠨ ᠦ ᠬᠤᠪᠢᠷᠠᠭᠠᠯᠲᠠ ᠨᠢ᠂ ᠪᠢᠣᠲ᠋ᠧᠭᠨᠣᠯᠣᠭᠢ ᠍ ᠶᠢᠨ ᠲᠤᠰᠠᠯᠠᠮᠵᠢ ᠲᠠᠢ ᠪᠠᠷ ᠠᠮᠢᠳᠤ ᠪᠡᠶᠡᠲᠦ ᠶᠢᠨ ᠭᠧᠨᠳᠦ ᠥᠭᠡᠷᠡᠴᠢᠯᠡᠯᠲᠡ ᠤᠷᠤᠭᠤᠯᠬᠤ ᠶᠠᠪᠤᠴᠠ ᠶᠤᠮ᠃ ᠭᠸᠨ ᠦ ᠢᠨᠵᠧᠨᠧᠷᠴᠢᠯᠡᠯ ᠪᠣᠯ ᠭᠧᠨ ᠦ ᠪᠣᠯᠤᠨ ᠪᠢᠣᠬᠢᠮᠢ ᠍ ᠶᠢᠨ ᠠᠷᠭ᠎ᠠ ᠨᠤᠭᠤᠳ ᠢ ᠠᠰᠢᠭᠯᠠᠨ ᠭᠧᠨ ᠨᠦᠭᠦᠳ ᠦᠨ ᠪᠠᠶᠢᠭᠠᠯᠢ ᠳᠡᠭᠡᠷ᠎ᠡ ᠪᠠᠶᠢᠳᠠᠭ ᠦᠭᠡᠢ ᠰᠢᠨ᠎ᠡ ᠨᠢᠭᠡᠳᠦᠯ ᠦᠳ ᠢ ᠲᠣᠳᠣᠷᠬᠠᠢ ᠵᠣᠷᠢᠯᠭ᠎ᠠ ᠪᠠᠷ ᠭᠠᠷᠭᠠᠨ ᠠᠪᠬᠤ ᠲᠠᠢ ᠬᠣᠯᠪᠣᠭ᠎ᠠ ᠲᠠᠢ ᠮᠣᠯᠧᠺᠤᠯ ᠤᠨ ᠪᠢᠣᠯᠣᠭᠢ ᠶᠢᠨ ᠰᠢᠨᠵᠢᠯᠡᠬᠦ ᠤᠬᠠᠭᠠᠨ ᠤ ᠨᠢᠭᠡ ᠴᠢᠭᠯᠡᠯ ᠪᠣᠯᠵᠤ ᠬᠥᠭᠵᠢᠭᠰᠡᠨ᠃ ᠭᠸᠨ ᠦ ᠢᠨᠵᠧᠨᠧᠷᠴᠢᠯᠡᠯ ᠨᠢ ᠨᠢᠭᠡ ᠪᠡᠶ᠎ᠡ ᠶᠢᠨ ᠲᠣᠳᠣᠷᠬᠠᠢ ᠤᠭᠤᠷᠠᠭ᠂ ᠦᠢᠯᠡ ᠠᠵᠢᠯᠯᠠᠭ᠎ᠠ ᠶᠢ ᠬᠠᠷᠢᠭᠤᠴᠠᠭᠰᠠᠨ ᠭᠧᠨ ᠢ ᠨᠥᠭᠥᠭᠡ ᠪᠡᠶ᠎ᠡ ᠳᠦ ᠰᠢᠯᠵᠢᠭᠦᠯᠦᠨ ᠰᠠᠭᠤᠯᠭᠠᠵᠤ ᠤᠳᠤᠮᠰᠢᠯ ᠤᠨ ᠮᠡᠳᠡᠭᠡᠯᠡᠯ ᠢ ᠥᠭᠡᠷᠡᠴᠢᠯᠡᠬᠦ ᠵᠠᠮ ᠢᠶᠠᠷ ᠬᠦᠮᠦᠨ ᠦ ᠬᠡᠷᠡᠭᠴᠡᠭᠡ ᠱᠠᠭᠠᠷᠳᠠᠯᠭ᠎ᠠ ᠳᠤ ᠨᠡᠶᠢᠴᠡᠭᠰᠡᠨ ᠪᠢᠣᠯᠣᠭᠢ ᠶᠢᠨ ᠢᠳᠡᠪᠬᠢᠲᠦ ᠪᠣᠯᠤᠨ ᠪᠤᠰᠤᠳ ᠪᠣᠳᠠᠰ ᠨᠡᠶᠢᠯᠡᠭᠵᠢᠭᠦᠯᠦᠭᠴᠢ ᠡᠰ᠂ ᠡᠳ᠋᠂ ᠪᠡᠶ᠎ᠡ ᠳᠦ ᠪᠤᠢ ᠪᠣᠯᠭᠠᠬᠤ ᠳᠤ ᠴᠢᠭᠯᠡᠭᠳᠡᠭᠰᠡᠨ ᠬᠠᠪᠰᠣᠷᠠᠭ᠎ᠠ ᠰᠤᠳᠤᠯᠭ᠎ᠠ ᠶᠤᠮ᠃ ᠭᠸᠨ ᠦ ᠪᠤᠶᠤ ᠭᠧᠨᠧᠲ᠋ᠢᠭ ᠢᠨᠵᠧᠨᠧᠷᠴᠢᠯᠡᠯ (genetic engineering) ᠨᠢ ᠨᠢᠭᠡ ᠪᠡᠶᠡᠰ ᠨᠥᠭᠥᠭᠡ ᠳᠦ ᠭᠧᠨ ᠢ ᠰᠢᠯᠵᠢᠭᠦᠯᠦᠨ ᠰᠠᠭᠤᠯᠭᠠᠬᠤ ᠳᠤ ᠱᠠᠭᠠᠷᠳᠠᠭᠳᠠᠳᠠᠭ ᠢᠵᠢ ᠪᠦᠷᠢᠳᠦᠯ ᠠᠷᠭ᠎ᠠ ᠲᠧᠭᠨᠣᠯᠣᠭᠢ ᠶᠤᠮ᠃ ᠭᠸᠨ ᠦ ᠢᠨᠵᠧᠨᠧᠷᠴᠢᠯᠡᠯ ᠢᠶᠡᠷ ᠭᠠᠷᠭᠠᠨ ᠠᠪᠤᠭᠰᠠᠨ ᠠᠮᠢᠲᠠᠨ᠂ ᠤᠷᠭᠤᠮᠠᠯ ᠢ ᠨᠡᠶᠢᠲᠡ ᠳᠦ ᠨᠢ 《ᠭᠸᠨ ᠦ ᠥᠭᠡᠷᠡᠴᠢᠯᠡᠯᠲᠡ ᠲᠡᠢ ᠣᠷᠭᠠᠨᠢᠰᠮ》 (genetically modified organism) ᠭᠡᠵᠦ ᠨᠡᠷᠡᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠬᠤᠷᠳᠤ (ᠬᠠᠮᠲᠤᠯᠢᠭ)
ᠬᠤᠷᠳᠤ (ᠬᠠᠮᠲᠤᠯᠢᠭ)

ᠬᠤᠷᠳᠤ ᠷᠣᠺ ᠬᠠᠮᠲᠤᠯᠢᠭ ᠨᠢ ᠠᠩᠬ᠎ᠠ 1987 ᠣᠨ ᠳᠤ ᠲᠡᠮᠦᠷ ᠵᠠᠮ ᠤᠨ ᠸᠠᠭᠣᠨ ᠦ ᠬᠡᠰᠡᠭ ᠠᠵᠢᠯᠴᠢᠨ ᠵᠠᠯᠠᠭᠤᠰ ᠤᠨ ᠳᠤᠮᠳᠠ ᠪᠠᠶᠢᠭᠤᠯᠤᠭᠳᠠᠵᠤ᠂ ᠤᠷᠠᠨ ᠪᠦᠲᠦᠭᠡᠯ ᠢᠶᠡᠨ ᠲᠤᠭᠤᠷᠪᠢᠵᠤ ᠡᠬᠢᠯᠡᠭᠰᠡᠨ ᠶᠤᠮ᠃ ᠤᠯᠠᠮ ᠢᠶᠠᠷ 1991 ᠣᠨ ᠤ ᠠᠷᠠᠳᠴᠢᠯᠠᠭᠰᠠᠨ ᠬᠤᠪᠢᠰᠬᠠᠯ ᠭᠠᠷᠴᠤ ᠤᠭ ᠬᠠᠮᠲᠤᠯᠢᠭ ᠤᠨ ᠨᠢᠭᠡᠳᠦᠭᠡᠷ ᠪᠦᠷᠢᠯᠳᠦᠬᠦᠨ ᠲᠠᠷᠠᠭᠰᠠᠨ ᠢᠶᠠᠷ᠂ ᠲᠤᠰ ᠪᠦᠷᠢᠯᠳᠦᠬᠦᠨ ᠳᠦ ᠲᠣᠭᠯᠠᠵᠤ ᠪᠠᠶᠢᠭᠰᠠᠨ ᠪᠥᠮᠪᠦᠷᠴᠢᠨ ᠳ ᠭᠠᠩᠪᠠᠶᠠᠷ ᠦᠯᠡᠳᠡᠵᠦ 1993 ᠣᠨ ᠠᠴᠠ ᠣᠳᠣ ᠶᠢᠨ ᠪᠦᠷᠢᠯᠳᠦᠬᠦᠨ ᠢ ᠰᠣᠩᠭᠣᠨ ᠰᠢᠯᠭᠠᠷᠠᠭᠤᠯᠵᠤ᠂ ᠮᠧᠲ᠋ᠠᠯ ᠷᠣᠺ ᠬᠥᠭᠵᠢᠮ ᠦᠨ ᠲᠥᠷᠥᠯ ᠢᠶᠡᠷ ᠤᠷᠠᠨ ᠪᠦᠲᠦᠭᠡᠯ ᠢᠶᠡᠨ ᠲᠤᠭᠤᠷᠪᠢᠭᠰᠠᠭᠠᠷ ᠥᠨᠥᠳᠥᠷ ᠲᠦ ᠬᠦᠷᠴᠠᠢ᠃ ᠬᠤᠷᠳᠤ ᠬᠠᠮᠲᠤᠯᠢᠭ ᠨᠢ 6 ᠭᠡᠰᠢᠭᠦᠨ ᠲᠡᠢ ᠪᠡᠷ ᠠᠩᠬᠠᠨ ᠤ 《ᠬᠠᠷ᠎ᠠ ᠰᠠᠯᠬᠢ》 ᠪᠦᠷᠢᠨ ᠬᠡᠮᠵᠢᠶᠡᠨ ᠦ ᠺᠣᠨᠼᠧᠷᠲ ᠢᠶᠠᠨ 1995 ᠣᠨ ᠤ 3 ᠰᠠᠷ᠎ᠠ ᠳᠤ ᠤᠯᠤᠰ ᠤᠨ ᠼᠢᠷᠺ ᠲᠦ ᠠᠮᠵᠢᠯᠲᠠ ᠲᠠᠢ ᠲᠣᠭᠯᠠᠭᠰᠠᠠ ᠢᠶᠡᠷ᠂ ᠮᠣᠩᠭᠣᠯ ᠤᠨ ᠬᠥᠭᠵᠢᠵᠦ ᠪᠤᠢ 《РОК》 ᠬᠥᠭᠵᠢᠮ ᠦᠨ ᠲᠡᠦᠬᠡᠨ ᠳᠦ ᠴᠣ ᠰᠢᠨ᠎ᠡ ᠡᠷᠢᠯᠬᠢᠯᠡᠯ᠂ ᠰᠢᠨ᠎ᠡ ᠰᠲ᠋ᠢᠯᠢ ᠬᠡᠪ ᠮᠠᠶ᠋ᠢᠭ ᠢ ᠬᠦᠴᠦᠲᠡᠢ ᠪᠡᠷ ᠨᠡᠪᠲᠡᠷᠡᠭᠦᠯᠵᠦ᠂ ᠮᠣᠩᠭᠣᠯ ᠤᠨ ᠠᠷᠠᠳ ᠲᠦᠮᠡᠨ ᠢ᠂ ᠲᠡᠷᠡ ᠳᠤᠮᠳᠠ ᠪᠠᠨ ᠠᠮᠢᠳᠤ ᠬᠥᠭᠵᠢᠮ ᠰᠣᠨᠢᠷᠬᠠᠭᠴᠢ ᠷᠣᠺᠧᠷ ᠵᠠᠯᠠᠭᠤᠰ ᠢ ᠪᠠᠶᠢᠯᠳᠤᠨ ᠳᠠᠭᠠᠭᠤᠯᠵᠤ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠪᠧᠯᠬᠢ
ᠪᠧᠯᠬᠢ

ᠪᠧᠯᠬᠢ(ᠬᠢᠲᠠᠳ ᠢᠶᠠᠷ 比利时) ᠠᠯᠪᠠᠨ ᠶᠣᠰᠣᠭᠠᠷ ᠪᠧᠯᠬᠢ ᠶᠢᠨ ᠸᠠᠩᠲᠤ ᠤᠯᠤᠰ ᠨᠢ ᠪᠠᠷᠠᠭᠤᠨ ᠬᠣᠶᠢᠳᠤ ᠧᠦ᠋ᠷᠣᠫᠠ ᠳᠤ ᠪᠠᠶᠢᠷᠢᠯᠠᠬᠤ ᠤᠯᠤᠰ ᠶᠤᠮ᠃ ᠬᠣᠯᠠᠨᠳ᠋ᠭᠧᠷᠮᠠᠨᠯᠦᠺᠰᠧᠨᠪᠦ᠋ᠷᠦᠺᠹᠷᠠᠨᠼᠢ ᠣᠷᠣᠨ ᠨᠤᠭᠤᠳ ᠲᠠᠢ ᠬᠢᠯᠢᠯᠡᠨ᠎ᠡ᠃ ᠧᠦ᠋ᠷᠣᠫᠠ ᠶᠢᠨ ᠨᠢᠭᠡᠳᠦᠯNorth Atlantic Treaty Organization ᠵᠡᠷᠭᠡ ᠪᠠᠶᠢᠭᠤᠯᠤᠯᠭ᠎ᠠ ᠨᠤᠭᠤᠳ ᠢ ᠡᠭᠦᠰᠬᠡᠭᠰᠡᠨ ᠣᠷᠣᠨ ᠨᠤᠭᠤᠳ ᠤᠨ ᠨᠢᠭᠡ ᠪᠥᠭᠡᠳ ᠧᠦ᠋ᠷᠣᠫᠠ ᠶᠢᠨ ᠨᠢᠭᠡᠳᠦᠯ ᠦᠨ ᠲᠥᠪ ᠪᠠᠶᠢᠷᠢ ᠨᠢ ᠡᠨᠳᠡ ᠪᠠᠶᠢᠷᠢᠯᠠᠨ᠎ᠠ᠃ ᠭᠠᠵᠠᠷ ᠨᠤᠲᠤᠭ ᠨᠢ 30,528 ᠺᠦᠸᠠᠳ᠋ ᠺᠢᠯᠣᠮᠧᠲ᠋ᠷ ᠪᠥᠭᠡᠳ ᠬᠦᠮᠦᠨ ᠠᠮᠠ ᠨᠢ 1050 ᠲᠦᠮᠡ ᠣᠷᠴᠢᠮ ᠶᠤᠮ᠃ ᠭᠧᠷᠮᠠᠨ ᠪᠣᠯᠤᠨ ᠯᠠᠲ᠋ᠢᠨ ᠧᠦ᠋ᠷᠣᠫᠠ ᠶᠢᠨ ᠰᠤᠶᠤᠯ ᠤᠳ ᠤᠨ ᠬᠢᠯᠢ ᠳᠡᠭᠡᠷ᠎ᠡ ᠤᠷᠤᠰᠢᠬᠤ ᠪᠧᠯᠬᠢ ᠤᠯᠤᠰ ᠤᠨ ᠬᠠᠮᠤᠭ ᠤᠨ ᠲᠣᠮᠣ ᠪᠥᠰᠡ ᠨᠦᠭᠦᠳ ᠨᠢ ᠬᠣᠢᠳᠤ ᠲᠠᠯ᠎ᠠ ᠶᠢᠨ ᠬᠣᠯᠠᠨᠳ᠋ ᠬᠡᠯᠡ ᠪᠡᠷ ᠶᠠᠷᠢᠳᠠᠭ ᠹᠯᠢᠨᠳᠧᠷᠰ (ᠬᠦᠮᠦᠨ ᠠᠮᠠ ᠶᠢᠨ 58%)᠂ ᠹᠷᠠᠨᠼᠢ ᠬᠡᠯᠡ ᠪᠡᠷ ᠶᠠᠷᠢᠳᠠᠭ ᠡᠮᠦᠨᠡᠲᠦ ᠲᠠᠯ᠎ᠠ ᠶᠢᠨ ᠸᠠᠯᠯᠤᠨᠢᠪᠠᠨ (32%) ᠶᠤᠮ᠃ ᠨᠡᠶᠢᠰᠯᠡᠯ ᠪᠷᠣᠰᠸᠸᠯ ᠨᠢ ᠠᠯᠪᠠᠨ ᠶᠣᠰᠣᠨ ᠤ ᠬᠣᠶᠠᠷ ᠬᠡᠯᠡ ᠲᠡᠢ ᠪᠣᠯᠪᠠᠴᠤ ᠭᠣᠣᠯᠳᠠᠭᠤ ᠹᠷᠠᠨᠼᠢ ᠬᠡᠯᠡ ᠲᠡᠢ᠃ ᠵᠡᠭᠦᠨ  ᠳᠤ ᠭᠧᠷᠮᠠᠨ ᠬᠡᠯᠡ ᠪᠡᠷ ᠶᠠᠷᠢᠳᠠᠭ ᠵᠢᠵᠢᠭ ᠬᠦᠮᠦᠨ ᠠᠮᠠ ᠪᠤᠢ᠃ ᠪᠧᠯᠬᠢ ᠶᠢᠨ ᠬᠡᠯᠡᠨ ᠦ ᠣᠯᠠᠨ ᠶᠠᠩᠵᠤ ᠪᠠᠶᠢᠳᠠᠯ᠂ ᠤᠯᠤᠰ ᠲᠥᠷᠥ᠂ ᠰᠤᠶᠤᠯ ᠤᠨ ᠰᠥᠷᠭᠡᠯᠳᠦᠭᠡᠨ ᠨᠦᠭᠦᠳ ᠨᠢ ᠤᠯᠤᠰ ᠲᠥᠷᠥ ᠶᠢᠨ ᠲᠡᠦᠬᠡ᠂ ᠵᠠᠰᠠᠭᠯᠠᠯ ᠤᠨ ᠲᠥᠪᠡᠭᠲᠡᠢ ᠰᠢᠰᠲ᠋ᠧᠮ ᠳᠦ ᠲᠤᠰᠬᠠᠯ ᠢᠶᠠᠨ ᠣᠯᠵᠠᠢ᠃ (ᠪᠦᠷᠢᠨ ᠠᠭᠤᠯᠭ᠎ᠠ ᠶᠢ ᠤᠩᠰᠢᠬᠤ)

ᠨᠡᠭᠦᠷᠡᠰᠦ
ᠨᠡᠭᠦᠷᠡᠰᠦ

ᠨᠡᠭᠦᠷᠡᠰᠦ ᠨᠢ ᠬᠠᠷ᠎ᠠ᠂ ᠬᠠᠷ᠎ᠠ ᠬᠦᠷᠡᠩ ᠥᠩᠭᠡ ᠲᠡᠢ᠂ ᠠᠮᠠᠷᠬᠠᠨ ᠰᠢᠲᠠᠳᠠᠭ ᠨᠢᠭᠡᠨ ᠲᠥᠷᠥᠯ ᠦᠨ ᠲᠤᠨᠤᠮᠠᠯ ᠴᠢᠯᠠᠭᠤᠯᠢᠭ ᠶᠤᠮ᠃ ᠨᠡᠭᠦᠷᠡᠰᠦ ᠨᠢ ᠳᠡᠭᠡᠳᠦ ᠤᠷᠭᠤᠮᠠᠯ ᠤᠨ ᠦᠯᠡᠳᠡᠭᠳᠡᠯ ᠡᠴᠡ ᠡᠭᠦᠰᠬᠦ ᠪᠠ ᠳᠣᠲᠣᠷ᠎ᠠ ᠪᠠᠨ ᠬᠦᠷᠡᠩ ᠨᠡᠭᠦᠷᠡᠰᠦᠴᠢᠯᠠᠭᠤᠨ ᠨᠡᠭᠦᠷᠡᠰᠦᠠᠨᠲᠷᠠᠼᠢᠲ ᠭᠡᠰᠡᠨ ᠲᠥᠷᠥᠯ ᠳᠦ ᠬᠤᠪᠢᠶᠠᠭᠳᠠᠨ᠎ᠠ᠃ ᠪᠦᠷᠢᠳᠦᠭᠦᠯᠦᠭᠴᠢ ᠦᠨᠳᠦᠰᠦᠨ ᠬᠢᠮᠢ ᠶᠢᠨ ᠡᠯᠧᠮᠧᠨᠲ ᠨᠢ ᠨᠡᠭᠦᠷᠡᠰᠦᠲᠥ᠋ᠷᠥᠭᠴᠢᠤᠰᠤᠲᠥᠶᠢᠷᠦᠭᠴᠢ ᠪᠥᠭᠡᠳ᠂ ᠬᠦᠴᠢᠯᠲᠥᠷᠦᠭᠴᠢᠬᠦᠬᠦᠷᠠᠽᠣᠲ ᠵᠢᠭᠠᠬᠠᠨ ᠬᠡᠮᠵᠢᠶ᠎ᠡ ᠪᠡᠷ ᠠᠭᠤᠯᠤᠭᠳᠠᠨ᠎ᠠ᠃ ᠨᠡᠭᠦᠷᠡᠰᠦ ᠨᠢ ᠳᠡᠯᠡᠬᠡᠢ ᠶᠢᠨ ᠬᠡᠮᠵᠢᠶᠡᠨ ᠳᠦ ᠴᠠᠬᠢᠯᠭᠠᠨ ᠡᠨᠧᠷᠭᠢ ᠭᠠᠷᠭᠠᠨ ᠠᠪᠬᠤ ᠬᠠᠮᠤᠭ ᠤᠨ ᠭᠣᠣᠯ ᠲᠦᠭᠦᠬᠡᠢ ᠡᠳ᠋ ᠪᠥᠭᠡᠳ ᠮᠥᠨ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠤᠨ ᠭᠣᠣᠯ ᠡᠭᠦᠰᠪᠦᠷᠢ ᠪᠣᠯᠵᠤ ᠪᠠᠶᠢᠨ᠎ᠠ᠃ СО2 ᠨᠢ ᠬᠦᠯᠡᠮᠵᠢ ᠶᠢᠨ ᠬᠡᠢ ᠪᠥᠭᠡᠳ ᠴᠠᠭ ᠠᠭᠤᠷ ᠍ ᠤᠨ ᠥᠭᠡᠷᠡᠴᠢᠯᠡᠯᠲᠡ᠂ ᠳᠡᠯᠡᠬᠡᠢ ᠶᠢᠨ ᠳᠤᠯᠠᠭᠠᠷᠠᠯ ᠤᠨ ᠭᠣᠣᠯ ᠰᠢᠯᠲᠠᠭᠠᠨ ᠭᠡᠵᠦ ᠦᠵᠡᠵᠦ ᠪᠠᠶᠢᠨ᠎ᠠ᠃ ᠨᠡᠭᠦᠷᠡᠰᠦ ᠶᠢ ᠰᠢᠲᠠᠭᠠᠬᠤ ᠶᠠᠪᠤᠴᠠ ᠳᠤ ᠪᠠᠶᠢᠭᠠᠯᠢ ᠶᠢᠨ ᠬᠡᠢ ᠡᠴᠡ ᠬᠣᠶᠠᠷ ᠳᠠᠬᠢᠨ ᠶᠡᠬᠡ᠂ ᠴᠢᠯᠠᠭᠣᠨ ᠲᠣᠰᠣ ᠡᠴᠡ ᠠᠷᠠᠢ ᠢᠯᠡᠭᠦᠦ ᠬᠡᠮᠵᠢᠶᠡᠨ ᠦ СО2 ᠢᠯᠭᠠᠷᠠᠳᠠᠭ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠪᠠᠭᠠᠪᠠᠭᠠᠢ
ᠪᠠᠭᠠᠪᠠᠭᠠᠢ

ᠪᠠᠭᠠᠪᠠᠭᠠᠢ ᠭᠡᠵᠦ ᠪᠠᠭᠠᠪᠠᠭᠠᠢ ᠶᠢᠨ ᠬᠢᠨ ᠣᠪᠤᠭ ᠤᠨ ᠬᠥᠬᠥᠲᠡᠨ ᠠᠮᠢᠲᠠᠳ ᠢ ᠬᠡᠯᠡᠨ᠎ᠡ᠃ ᠪᠠᠭᠠᠪᠠᠭᠠᠢ ᠨᠢ ᠨᠣᠬᠠᠢ ᠲᠥᠷᠬᠥᠲᠡᠨ ᠮᠢᠬᠠᠨ ᠢᠳᠡᠰᠢᠲᠡᠨ ᠪᠥᠭᠡᠳ ᠰᠡᠯᠢᠭᠦᠷ ᠬᠥᠯᠲᠡᠨ ᠲᠡᠢ ᠬᠠᠮᠤᠭ ᠤᠨ ᠣᠶᠢᠷ᠎ᠠ ᠲᠥᠷᠥᠯ᠃ ᠬᠡᠳᠦᠢ ᠪᠡᠷ ᠪᠠᠭᠠᠪᠠᠭᠠᠢ ᠶᠢᠨ ᠣᠳᠣ ᠪᠠᠶᠢᠭ᠎ᠠ ᠨᠠᠶᠢᠮᠠᠬᠠᠨ ᠵᠦᠢᠯ ᠪᠠᠶᠢᠳᠠᠭ ᠪᠣᠯᠪᠠᠴᠤ᠂ ᠥᠷᠭᠡᠨ ᠲᠠᠷᠬᠠᠭᠰᠠᠨ᠃ ᠲᠤᠬᠠᠶᠢᠯᠠᠪᠠᠯ ᠶᠢᠷᠲᠢᠨᠴᠦ ᠶᠢᠨ ᠬᠣᠶᠢᠳᠤ ᠬᠠᠭᠠᠰ ᠳᠠᠶᠠᠭᠠᠷ᠂ ᠡᠮᠦᠨᠡᠲᠦ ᠬᠠᠭᠠᠰ ᠲᠤ ᠬᠡᠰᠡᠭᠴᠢᠯᠡᠨ ᠲᠠᠷᠬᠠᠭᠰᠠᠨ᠃ ᠪᠠᠭᠠᠪᠠᠭᠠᠢ ᠬᠣᠶᠢᠳᠤ ᠠᠮᠧᠷᠢᠺᠠᠡᠮᠦᠨᠡᠲᠦ ᠠᠮᠧᠷᠢᠺᠠᠧᠦ᠋ᠷᠣᠫᠠᠠᠽᠢᠶ᠎ᠠ ᠳᠤ ᠲᠠᠷᠬᠠᠵᠠᠢ᠃ (ᠪᠦᠷᠢᠨ ᠠᠭᠤᠯᠭ᠎ᠠ ᠶᠢ ᠤᠩᠰᠢᠬᠤ)

ᠡᠮᠦᠨᠡᠲᠦ ᠰᠣᠯᠣᠩᠭᠣᠰ
ᠡᠮᠦᠨᠡᠲᠦ ᠰᠣᠯᠣᠩᠭᠣᠰ

ᠡᠮᠦᠨᠡᠲᠦ ᠰᠣᠯᠣᠩᠭᠣᠰ ᠂ ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ (ᠰᠣᠯᠣᠩᠭᠣᠰ ᠢᠶᠠᠷ 대한민국 ) ᠨᠢ ᠰᠣᠯᠣᠩᠭᠣᠰ ᠤᠨ ᠬᠣᠶᠢᠭ ᠤᠨ ᠡᠮᠦᠨᠡᠲᠦ ᠬᠠᠭᠠᠰ ᠲᠤ ᠤᠷᠤᠰᠢᠬᠤ ᠵᠡᠭᠦᠨ ᠠᠽᠢᠶ ᠠ ᠍ ᠶᠢᠨ ᠤᠯᠤᠰ ᠶᠤᠮ᠃ ᠬᠣᠶᠢᠳᠤ ᠲᠠᠯ᠎ᠠ ᠪᠠᠷ ᠢᠶᠠᠨ ᠤᠮᠠᠷᠠᠳᠤ ᠰᠣᠯᠣᠩᠭᠣᠰ ᠲᠠᠢ ᠬᠢᠯᠢᠯᠡᠳᠡᠭ ᠪᠠ ᠪᠠᠷᠠᠭᠤᠨ ᠵᠦᠭ ᠲᠤ ᠰᠢᠷ᠎ᠠ ᠲᠡᠩᠭᠢᠰ ᠶᠢᠨ ᠴᠠᠭᠠᠨ᠎ᠠ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ᠂ ᠵᠡᠭᠦᠨ ᠵᠦᠭ ᠲᠤ ᠶᠠᠫᠣᠨ ᠲᠡᠩᠭᠢᠰ ᠦᠨ ᠴᠠᠭᠠᠨ᠎ᠠ ᠶᠠᠫᠣᠨ ᠤᠯᠤᠰ  ᠲᠠᠢ ᠣᠶᠢᠷ᠎ᠠ ᠪᠠᠶᠢᠷᠢᠯᠠᠳᠠᠭ᠃ ᠡᠮᠦᠨᠡᠲᠦ ᠰᠣᠯᠣᠩᠭᠣᠰ ᠤᠨ ᠬᠠᠮᠤᠭ ᠤᠨ ᠲᠣᠮᠣ ᠬᠣᠲᠠ ᠨᠢ ᠨᠡᠶᠢᠰᠯᠡᠯ ᠰᠤᠤᠯ ᠶᠤᠮ᠃ ᠡᠨᠡ ᠤᠯᠤᠰ ᠨᠢ ᠡᠬᠡ ᠭᠠᠵᠠᠷ ᠤᠨ ᠪᠣᠯᠤᠨ ᠬᠠᠯᠠᠭᠤᠨ ᠣᠷᠣᠨ ᠤ ᠴᠢᠭᠢᠭᠯᠢᠭ ᠠᠭᠤᠷ ᠠᠮᠢᠰᠬᠤᠯ ᠲᠠᠢ᠂ ᠳᠡᠶᠢᠯᠦᠩᠬᠢ ᠳᠦ ᠪᠡᠨ ᠠᠭᠤᠯᠠᠷᠬᠠᠭ ᠲᠣᠭᠲᠠᠴᠠ ᠲᠠᠢ 99,392 ᠳᠥᠷᠪᠡᠯᠵᠢᠨ ᠺᠢᠯᠣᠮᠧᠲ᠋ᠷ᠂ ᠪᠠᠷᠤᠭ 50 ᠰᠠᠶ᠎ᠠ ᠬᠦᠮᠦᠨ ᠲᠡᠢ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠤᠯᠤᠰ
ᠮᠣᠩᠭᠣᠯ ᠤᠯᠤᠰ

ᠮᠣᠩᠭᠣᠯ ᠤᠯᠤᠰ ᠨᠢ ᠲᠥᠪ ᠠᠽᠢᠶ᠎ᠠ ᠳᠦ ᠤᠷᠤᠰᠢᠬᠤ ᠤᠯᠤᠰ ᠶᠤᠮ᠃ ᠬᠣᠶᠢᠳᠤ ᠲᠠᠯ᠎ᠠ ᠪᠠᠷ ᠢᠶᠠᠨ ᠣᠷᠣᠰ ᠬᠣᠯᠪᠣᠭᠠᠨ ᠤ ᠤᠯᠤᠰ᠂ ᠪᠤᠰᠤᠳ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠲᠠᠢ ᠬᠢᠯᠢᠯᠡᠳᠡᠭ ᠪᠥᠭᠡᠳ ᠮᠣᠩᠭᠣᠯ ᠤᠯᠤᠰ ᠤᠨ ᠪᠠᠷᠠᠭᠤᠨ ᠬᠢᠯᠢ ᠬᠠᠰᠠᠭᠰᠲ᠋ᠠᠨ ᠠᠴᠠ 38 ᠺᠢᠯᠣᠮᠧᠲ᠋ᠷ ᠵᠠᠶᠢᠲᠠᠢ ᠪᠠᠶᠢᠳᠠᠭ᠃ ᠨᠡᠶᠢᠰᠯᠡᠯ ᠪᠥᠭᠡᠳ ᠬᠠᠮᠤᠭ ᠤᠨ ᠲᠣᠮᠣ ᠬᠣᠲᠠ ᠨᠢ ᠨᠡᠶᠢᠲᠡ ᠬᠦᠮᠦᠨ ᠠᠮᠠ ᠶᠢᠨ 40 ᠭᠠᠷᠤᠢ ᠬᠤᠪᠢ ᠨᠢ ᠣᠷᠣᠰᠢᠨ ᠰᠠᠭᠤᠳᠠᠭ ᠤᠯᠠᠭᠠᠨᠪᠠᠭᠠᠲᠤᠷ ᠃ ᠤᠯᠤᠰ ᠲᠥᠷᠥ ᠶᠢᠨ ᠵᠠᠰᠠᠭᠯᠠᠯ ᠤᠨ ᠬᠡᠯᠪᠡᠷᠢ ᠶᠢᠨ ᠬᠤᠪᠢ ᠳᠤ ᠨᠢᠭᠡ ᠲᠠᠩᠬᠢᠮ ᠳᠤ ᠫᠠᠷᠯᠠᠮᠧᠨᠲ ᠲᠠᠢ ᠪᠦᠭᠦᠳᠡ ᠨᠠᠶᠢᠷᠠᠮᠳᠠᠬᠤ ᠤᠯᠤᠰ ᠪᠣᠯᠤᠨ᠎ᠠ᠃ ᠲᠥᠷᠥ ᠶᠢᠨ ᠲᠡᠷᠢᠭᠦᠨ ᠨᠢ ᠶᠡᠷᠦᠩᠬᠡᠶᠢᠯᠡᠭᠴᠢ᠂ ᠵᠠᠰᠠᠭ ᠤᠨ ᠭᠠᠵᠠᠷ ᠤᠨ ᠲᠡᠷᠢᠭᠦᠨ ᠨᠢ ᠶᠡᠷᠦᠩᠬᠡᠢ ᠰᠠᠶᠢᠳ᠂ ᠬᠠᠤᠯᠢ ᠲᠣᠭᠲᠠᠭᠠᠬᠤ ᠡᠷᠬᠡ ᠲᠡᠢ ᠪᠤᠶᠤ ᠲᠥᠷᠥ ᠶᠢᠨ ᠳᠡᠭᠡᠳᠦ ᠪᠠᠶᠢᠭᠤᠯᠤᠯᠭ᠎ᠠ ᠨᠢ ᠤᠯᠤᠰ ᠤᠨ ᠶᠡᠬᠡ ᠬᠤᠷᠠᠯ ᠶᠤᠮ᠃ (ᠪᠦᠷᠢᠨ ᠠᠭᠤᠯᠭ᠎ᠠ ᠶᠢ ᠤᠩᠰᠢᠬᠤ)

ᠰᠣᠶᠣᠮᠪᠣ ᠲᠡᠮᠳᠡᠭ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠰᠣᠶᠣᠮᠪᠣ ᠲᠡᠮᠳᠡᠭ ᠨᠢ ᠥᠨᠳᠥᠷ ᠭᠡᠭᠡᠨ ᠵᠠᠨᠠᠪᠠᠽᠠᠷ ᠍ ᠤᠨ ᠵᠣᠬᠢᠶᠠᠭᠰᠠᠨ ᠰᠣᠶᠣᠮᠪᠣ ᠪᠢᠴᠢᠭ ᠦᠨ ᠡᠬᠢᠨ ᠦ ᠪᠢᠷᠭ᠎ᠠ ᠲᠡᠮᠳᠡᠭ ᠪᠥᠭᠡᠳ ᠥᠨᠥ ᠬᠦᠷᠲᠡᠯ᠎ᠡ ᠮᠣᠩᠭᠣᠯ ᠤᠯᠤᠰ ᠤᠨ ᠲᠥᠷᠥ ᠶᠢᠨ ᠳᠠᠯᠪᠠᠭᠠᠨ ᠳᠡᠭᠡᠷ᠎ᠡ ᠲᠤᠰᠠᠭᠠᠷ ᠲᠣᠭᠲᠠᠨᠢᠯ ᠤᠨ ᠪᠡᠯᠭᠡ ᠲᠡᠮᠳᠡᠭ ᠪᠣᠯᠤᠨ ᠲᠠᠰᠤᠷᠠᠯᠲᠠ ᠦᠭᠡᠢ ᠤᠯᠠᠮᠵᠢᠯᠠᠭᠰᠠᠭᠠᠷ ᠥᠨᠥᠳᠥᠷ ᠬᠦᠷᠦᠭᠰᠡᠨ ᠶᠤᠮ᠃ ᠮᠣᠩᠭᠣᠯᠴᠤᠳ ᠰᠣᠶᠣᠮᠪᠣ ᠲᠡᠮᠳᠡᠭ ᠢᠶᠡᠨ ᠠᠯᠲᠠᠨ ᠰᠣᠶᠣᠮᠪᠣ ᠬᠡᠮᠡᠨ ᠳᠡᠭᠡᠳᠦᠯᠡᠨ ᠬᠦᠨᠳᠦᠳᠬᠡᠳᠡᠭ᠃

《ᠰᠣᠶᠣᠮᠪᠣ》 ᠬᠡᠮᠡᠬᠦ ᠰᠠᠨᠰᠺᠷᠢᠳ᠋ ᠦᠭᠡ ᠨᠢ 《ᠥᠪᠡᠷ ᠢᠶᠡᠨ ᠭᠠᠷᠤᠭᠰᠠᠨ ᠭᠡᠭᠡᠨ》 ᠭᠡᠳᠡᠭ ᠤᠳᠬ᠎ᠠ ᠶᠢ ᠠᠭᠤᠯᠠᠳᠠᠭ ᠪᠥᠭᠡᠳ ᠤᠯᠤᠰ ᠲᠥᠷᠦ᠂ ᠭᠦᠨ ᠤᠬᠠᠭᠠᠨ᠂ ᠱᠠᠰᠢᠨ ᠤ ᠣᠯᠠᠨ ᠪᠡᠯᠭᠡᠳᠡᠯ ᠢ ᠠᠭᠤᠯᠠᠭᠰᠠᠨ᠃ ᠰᠣᠶᠣᠮᠪᠣ ᠨᠢ ᠶᠢᠷᠲᠢᠨᠴᠦ ᠶᠢᠨ ᠡᠭᠦᠰᠬᠦ ᠡᠬᠢ ᠰᠤᠷᠪᠤᠯᠵᠢ ᠬᠡᠮᠡᠨ ᠳᠣᠷᠣᠨ᠎ᠠ ᠳ᠋ᠠᠬᠢᠨ ᠤ ᠭᠦᠨ ᠤᠬᠠᠭᠠᠨ ᠳᠤ ᠦᠵᠡᠳᠡᠭ ᠬᠡᠢ᠂ ᠭᠠᠯ᠂ ᠰᠢᠷᠣᠢ᠂ ᠤᠰᠤ ᠭᠡᠰᠡᠨ ᠢᠵᠠᠭᠤᠷ ᠮᠠᠬᠠᠪᠣᠳ ᠤᠳ ᠢ ᠳᠣᠣᠷ᠎ᠠ ᠨᠢ ᠪᠠᠶᠢᠷᠢᠯᠠᠭᠤᠯᠵᠤ᠂ ᠰᠠᠪᠠ ᠶᠢᠷᠲᠢᠨᠴᠦ ᠶᠢᠨ ᠣᠷᠣᠰᠢᠯ ᠢ ᠪᠡᠯᠡᠭᠳᠡᠭᠰᠡᠨ ᠰᠢᠷᠣᠢ᠂ ᠤᠰᠤ᠂ ᠭᠠᠯ᠂ ᠬᠡᠢ ᠣᠭᠲᠠᠷᠭᠤᠢ ᠶᠢ ᠳᠡᠭᠡᠷ᠎ᠡ ᠨᠢ ᠳᠦᠷᠰᠦᠯᠡᠨ᠂ ᠳᠤᠮᠳᠠ ᠨᠢ ᠰᠢᠮ᠎ᠡ ᠶᠢᠷᠲᠢᠨᠴᠦ ᠪᠤᠶᠤ ᠬᠦᠮᠦᠨ ᠦ ᠠᠷᠭ᠎ᠠ ᠪᠢᠯᠢᠭ ᠢ ᠳᠦᠷᠰᠦᠯᠡᠵᠡᠢ᠃ (ᠪᠦᠷᠢᠨ ᠠᠭᠤᠯᠭ᠎ᠠ ᠶᠢ ᠤᠩᠰᠢᠬᠤ)

ᠤᠮᠠᠷᠠᠳᠤ ᠰᠣᠯᠣᠩᠭᠣᠰ
ᠤᠮᠠᠷᠠᠳᠤ ᠰᠣᠯᠣᠩᠭᠣᠰ

ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ (ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ) ᠪᠤᠶᠤ ᠤᠮᠠᠷ᠎ᠠ ᠰᠣᠯᠣᠩᠭᠣᠰᠳᠣᠷᠣᠨ᠎ᠠ ᠠᠽᠢᠶ᠎ᠠ ᠍ ᠶᠢᠨ ᠰᠣᠯᠣᠩᠭᠣᠰ ᠤᠨ ᠬᠣᠶᠢᠭ ᠶᠢᠨ ᠤᠮᠠᠷᠠᠳᠤ ᠬᠠᠭᠠᠰ ᠢ ᠡᠵᠡᠯᠡᠭᠰᠡᠨ ᠪᠦᠷᠢᠨ ᠡᠷᠬᠡᠲᠦ ᠤᠯᠤᠰ ᠶᠤᠮ᠃ ᠤᠮᠠᠷᠠᠳᠤ ᠲᠠᠯ᠎ᠠ ᠪᠠᠷ ᠢᠶᠠᠨ ᠲᠣᠮᠳᠠᠳᠣ ᠣᠯᠣᠰ ᠲᠠᠢ (ᠶᠡᠬᠡᠩᠬᠢ)᠂ ᠣᠷᠣᠰ ᠲᠠᠢ (ᠪᠠᠭᠠᠬᠠᠨ)᠂ ᠡᠮᠦᠨᠡᠲᠦ ᠲᠠᠯ᠎ᠠ ᠪᠠᠷ ᠢᠶᠠᠨ ᠡᠮᠦᠨ᠎ᠡ ᠰᠣᠯᠣᠩᠭᠣᠰ ᠲᠠᠢ ᠰᠣᠯᠣᠩᠭᠣᠰ ᠤᠨ ᠴᠡᠷᠢᠭ ᠦᠭᠡᠢ ᠪᠥᠰᠡ(38 ᠱᠣᠭᠣᠮ) ᠢᠶᠠᠷ ᠬᠢᠯᠢᠯᠡᠳᠡᠭ᠃ ᠥᠷᠥᠨ᠎ᠡ ᠵᠦᠭ ᠲᠤ ᠰᠢᠷ᠎ᠠ ᠲᠡᠩᠭᠢᠰ᠂ ᠳᠣᠷᠣᠨ᠎ᠠ ᠵᠦᠭ ᠲᠤ ᠶᠠᠫᠣᠨ ᠲᠡᠩᠭᠢᠰ ᠲᠤᠯᠤᠨ᠎ᠠ᠃

ᠤᠮᠠᠷ᠎ᠠ ᠰᠣᠯᠣᠩᠭᠣᠰ ᠤᠯᠤᠰ ᠲᠥᠷᠥ ᠶᠢᠨ ᠡᠪ ᠬᠠᠮᠲᠤ ᠳᠢᠭᠯᠢᠮ᠂ ᠨᠡᠶᠢᠭᠡᠮ ᠵᠢᠷᠤᠮᠲᠤ ᠡᠳ᠋ ᠍ ᠦᠨ ᠵᠠᠰᠠᠭ᠂ ᠨᠢᠭᠡᠳᠦᠮᠡᠯ ᠲᠥᠷᠥ ᠶᠢᠨ ᠪᠠᠶᠢᠭᠤᠯᠤᠮᠵᠢ ᠲᠠᠢ᠃ ᠺᠢᠮ ᠢᠷ ᠰᠧᠨ ᠢᠢ ᠪᠠᠶᠢᠭᠤᠯᠤᠭᠰᠠᠨ ᠤᠯᠤᠰ ᠢ ᠡᠳᠦᠭᠡ ᠣᠮᠪᠣᠯᠣ ᠬᠥᠪᠡᠭᠦᠨ ᠺᠢᠮ ᠵᠣᠩ ᠥᠨᠢ ᠨᠢ ᠤᠳᠤᠷᠢᠳᠥᠵᠤ ᠪᠠᠶᠢᠨ᠎ᠠ᠃ 122762 ᠺᠦᠸᠠᠲ ᠺᠢᠯᠣᠮᠧᠲ᠋ᠷ (98 ᠍ ᠳᠦᠭᠡᠷ ᠲᠣᠮᠣ) ᠭᠠᠵᠠᠷ ᠨᠤᠲᠤᠭ᠂ 2515.5 ᠲᠦᠮᠡᠨ (48 ᠍ ᠳᠦᠭᠡᠷ ᠣᠯᠠᠨ) ᠬᠦᠮᠦᠨ ᠲᠡᠢ(2015ᠣᠨ)᠃ (ᠪᠦᠷᠢᠨ ᠠᠭᠤᠯᠭ᠎ᠠ ᠶᠢ ᠤᠩᠰᠢᠬᠤ)


ᠬᠥᠯ ᠪᠥᠮᠪᠥᠭᠡ
ᠬᠥᠯ ᠪᠥᠮᠪᠥᠭᠡ

ᠬᠥᠯ ᠪᠥᠮᠪᠥᠭᠡ -- ᠲᠡᠦᠬᠡ ᠶᠢᠨ ᠪᠦᠬᠦᠢᠯᠡ ᠦᠶ᠎ᠡ ᠶᠢᠨ ᠲᠤᠷᠰᠢ ᠬᠦᠮᠦᠨ ᠲᠥᠷᠥᠯᠬᠢᠲᠡᠨ ᠪᠥᠮᠪᠥᠭᠡ ᠶᠢ ᠢᠰᠬᠦᠯᠦᠨ ᠲᠣᠭᠯᠠᠭᠰᠠᠭᠠᠷ ᠢᠷᠡᠭᠰᠡᠨ᠃ ᠰᠢᠨᠵᠢᠯᠡᠬᠦ ᠤᠬᠠᠭᠠᠨ ᠢᠶᠠᠷ ᠪᠠᠲᠤᠯᠠᠭᠳᠠᠭᠰᠠᠨ ᠬᠠᠮᠤᠭ ᠤᠨ ᠠᠩᠬᠠᠨ ᠤ ᠪᠥᠮᠪᠥᠭᠡ ᠢᠰᠭᠦᠯᠬᠦ ᠲᠣᠭᠯᠠᠭᠠᠮ ᠢᠶᠠᠷ ᠮᠠᠨ ᠤ ᠡᠷᠡᠨ ᠦ ᠡᠮᠦᠨ᠎ᠡ 2-3 ᠍ ᠳᠦᠭᠡᠷ ᠵᠠᠭᠤᠨ ᠳᠤ ᠬᠢᠲᠠᠳ ᠤᠳ ᠲᠣᠭᠯᠠᠵᠤ ᠪᠠᠶᠢᠴᠠᠢ᠃ 19 ᠍ ᠳᠦᠭᠡᠷ ᠵᠠᠭᠤᠨ ᠳᠤ ᠠᠩᠭᠯᠢ ᠍ ᠶᠢᠨ ᠰᠤᠷᠭᠠᠭᠤᠯᠢ ᠪᠦᠷᠢ ᠳᠦ ᠥᠪᠡᠷ ᠦᠨ ᠥᠪᠡᠷ ᠦᠨ ᠳᠦᠷᠢᠮ ᠢᠶᠡᠷ ᠲᠣᠭᠯᠠᠭᠳᠠᠵᠤ ᠪᠠᠶᠢᠭᠰᠠᠨ ᠪᠥᠮᠪᠥᠭᠡ ᠢᠰᠭᠦᠯᠬᠦ ᠲᠣᠭᠯᠠᠭᠠᠮ ᠢ ᠨᠢᠭᠡᠳᠦᠭᠰᠡᠨ ᠨᠢᠭᠡ ᠳᠦᠷᠢᠮ ᠳᠦ ᠣᠷᠣᠭᠤᠯᠤᠭᠰᠠᠨ ᠢᠶᠠᠷ ᠣᠷᠴᠢᠨ ᠦᠶ᠎ᠡ ᠶᠢᠨ ᠬᠥᠯ ᠪᠥᠮᠪᠥᠭᠡ ᠶᠢᠨ ᠡᠬᠢᠯᠡᠯ ᠲᠠᠯᠪᠢᠭᠳᠠᠵᠠᠢ᠃ 1863 ᠣᠨ ᠤ 10 ᠰᠠᠷ᠎ᠠ ᠶᠢᠨ 26 ᠍ ᠳᠦ ᠯᠣᠨᠳᠣᠨ ᠤ ᠺᠸᠢᠨ ᠭᠤᠳᠤᠮᠵᠢᠨ ᠤ ᠤᠤᠭᠤᠰᠢ ᠶᠢᠨ ᠭᠠᠵᠠᠷ ᠲᠤ ᠠᠩᠬᠠᠨ ᠤ ᠬᠥᠯ ᠪᠥᠮᠪᠥᠭᠡ ᠶᠢᠨ ᠬᠣᠯᠪᠣᠭᠠᠨ ᠤ ᠠᠭᠤᠯᠵᠠᠯᠲᠠ ᠪᠣᠯᠵᠠᠢ᠃ 10-12 ᠰᠠᠷ᠎ᠠ ᠶᠢᠨ ᠬᠣᠭᠣᠷᠣᠨᠳᠣ ᠤᠭ ᠤᠤᠭᠤᠰᠢ ᠶᠢᠨ ᠭᠠᠵᠠᠷ 5 ᠠᠭᠤᠯᠵᠠᠯᠲᠠ ᠬᠤᠷᠠᠯ ᠪᠣᠯᠵᠤ ᠬᠠᠮᠤᠭ ᠤᠨ ᠠᠩᠬᠠᠨ ᠤ ᠬᠥᠯ ᠪᠥᠮᠪᠥᠭᠡ ᠶᠢᠨ ᠳᠦᠷᠢᠮ ᠢ ᠭᠠᠷᠭᠠᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)


ᠮᠣᠩᠭᠣᠯ ᠨᠠᠭᠠᠳᠤᠮ
ᠮᠣᠩᠭᠣᠯ ᠨᠠᠭᠠᠳᠤᠮ

ᠮᠣᠩᠭᠣᠯ ᠨᠠᠭᠠᠳᠤᠮ -- ᠮᠠᠨ ᠤ ᠠᠷᠠᠳ ᠲᠦᠮᠡᠨ ᠦ ᠣᠯᠠᠨ ᠮᠢᠩᠭᠠᠨ ᠵᠢᠯ ᠦᠨ ᠲᠤᠷᠰᠢ ᠪᠦᠲᠦᠭᠡᠭᠰᠡᠨ ᠰᠣᠶᠣᠯ ᠤᠨ ᠦᠨᠡᠲᠦ ᠥᠪ ᠦᠨ ᠨᠢᠭᠡ ᠪᠣᠯ ᠠᠷᠠᠳ ᠤᠨ ᠤᠯᠠᠮᠵᠢᠯᠠᠠᠯᠳᠤ ᠲᠣᠭᠯᠠᠭᠠᠮ ᠨᠠᠭᠠᠳᠤᠮ ᠵᠦᠢ ᠶᠣᠰᠣᠭᠠᠷ ᠣᠷᠣᠨ᠎ᠠ᠃ ᠮᠣᠩᠭᠣᠯᠴᠤᠳ ᠤᠨ ᠬᠦᠮᠦᠨ ᠲᠥᠷᠦᠯᠬᠢᠲᠡᠨ ᠦ ᠲᠡᠦᠬᠡᠨ ᠳᠦ ᠣᠷᠣᠭᠤᠯᠤᠭᠰᠠᠨ ᠣᠶᠤᠨ ᠤᠬᠠᠭᠠᠨ ᠤ ᠲᠣᠮᠣ ᠬᠤᠪᠢ ᠨᠡᠮᠡᠷᠢ ᠶᠢᠨ ᠨᠢᠭᠡ ᠨᠢ ᠮᠣᠩᠭᠣᠯ ᠨᠠᠭᠠᠳᠤᠮ ᠶᠤᠮ᠃ ᠮᠠᠨ ᠤ ᠠᠷᠠᠳ ᠲᠦᠮᠡᠨ ᠬᠦᠮᠦᠨ ᠦ ᠣᠶᠤᠨ ᠤᠬᠠᠭᠠᠨ ᠢ ᠠᠷᠭ᠎ᠠ᠂ ᠪᠢᠯᠢᠭ ᠭᠡᠵᠦ ᠠᠩᠭᠢᠯᠠᠨ ᠦᠵᠡᠭᠡᠳ ᠡᠰᠡᠷᠬᠦ ᠲᠡᠰᠡᠷᠭᠦ ᠪᠡᠷ ᠰᠡᠳᠬᠢᠭᠰᠡᠨ ᠢᠶᠡᠷ ᠬᠦᠮᠦᠨ ᠦ ᠣᠶᠤᠨ ᠰᠠᠨᠠᠭ᠎ᠠ ᠬᠥᠭᠵᠢᠨ᠎ᠡ ᠭᠡᠰᠡᠨ ᠭᠦᠨ ᠤᠬᠠᠭᠠᠨ ᠤ ᠬᠡᠶᠢᠰᠪᠦᠷᠢᠯᠡᠯ ᠭᠠᠷᠭᠠᠵᠤ ᠡᠷᠳᠡᠮ ᠮᠡᠳᠡᠯᠭᠡ ᠪᠣᠯ ᠪᠢᠯᠢᠭ ᠤᠬᠠᠭᠠᠨ ᠢ᠂ ᠨᠠᠭᠠᠳᠤᠮ ᠬᠥᠳᠡᠯᠮᠦᠷᠢ ᠪᠣᠯ ᠠᠷᠭ᠎ᠠ ᠤᠬᠠᠭᠠᠨ ᠢ ᠬᠥᠭᠵᠢᠭᠦᠯᠬᠦ ᠦᠨᠳᠦᠰᠦ ᠪᠣᠯᠤᠨ᠎ᠠ ᠭᠡᠰᠡᠨ ᠮᠣᠩᠭᠣᠯ ᠰᠡᠳᠬᠢᠯᠭᠡ ᠶᠢ ᠪᠤᠢ ᠪᠣᠯᠭᠠᠭᠰᠠᠨ ᠪᠠᠶᠢᠨ᠎ᠠ᠃

ᠮᠣᠩᠭᠣᠯᠴᠤᠳ ᠤᠨ ᠡᠪᠦᠭᠡ ᠳᠡᠭᠡᠳᠦᠰ ᠡᠴᠡ ᠪᠡᠨ ᠤᠯᠠᠮᠵᠢᠯᠠᠭᠰᠠᠨ 15 ᠲᠥᠷᠦᠯ ᠦᠨ 3000 ᠰᠢᠬᠠᠮ ᠲᠣᠭᠯᠠᠭᠠᠮ ᠨᠠᠭᠠᠳᠤᠮ ᠢᠶᠠᠷ ᠨᠠᠭᠠᠳᠤᠳᠠᠭ᠃ ᠮᠠᠯᠴᠢᠨ ᠲᠦᠮᠡᠨ ᠦ ᠲᠣᠭᠯᠠᠭᠠᠮ ᠤᠨ ᠰᠠᠩ ᠢ ᠣᠨᠢᠰᠤᠯᠠᠬᠤ᠂ ᠡᠪᠯᠡᠭᠦᠯᠬᠦ ᠨᠠᠭᠠᠳᠤᠮ ᠤᠳ᠂ ᠤᠷᠠᠨ ᠡᠭᠡᠳᠡᠷᠡᠭᠡ ᠲᠠᠶᠢᠯᠬᠤ ᠂ ᠱᠠᠭ᠎ᠠ ᠶᠢᠨ ᠨᠠᠭᠠᠳᠤᠮ ᠤᠳ᠂ ᠬᠥᠯᠥᠭᠲᠦ ᠲᠣᠭᠯᠠᠭᠠᠮ᠂ ᠠᠮᠠᠨ ᠨᠠᠭᠠᠳᠤᠮ ᠠᠴᠠ ᠭᠣᠣᠯᠯᠠᠨ ᠪᠦᠷᠢᠳᠦᠭᠦᠯᠳᠡᠭ᠃ ᠮᠣᠩᠭᠣᠯ ᠤᠨ ᠦᠨᠳᠦᠰᠦᠲᠡᠨ ᠶᠠᠰᠤᠲᠠᠨ ᠤᠳ ᠤᠨ ᠥᠪᠡᠷᠮᠢᠴᠡ ᠲᠣᠭᠯᠠᠭᠠᠮ ᠤᠳ ᠴᠤ ᠣᠯᠠᠨ ᠪᠤᠢ᠃ (ᠪᠦᠷᠢᠨ ᠠᠭᠤᠯᠭ᠎ᠠ ᠶᠢ ᠤᠩᠰᠢᠬᠤ)

ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ
ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ

ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ (ᠣᠯᠠᠨ ᠣᠯᠣᠰ ᠤᠨ ᠬᠣᠯᠪᠣᠭᠠᠳᠣ ᠪᠠᠢᠭᠣᠯᠣᠯᠭ᠎ᠠ) ᠨᠢ ᠣᠯᠠᠨ ᠤᠯᠤᠰ ᠤᠨ ᠬᠠᠤᠯᠢ᠂ ᠡᠳ᠋ ᠍ ᠦᠨ ᠵᠠᠰᠠᠭ ᠤᠨ ᠬᠥᠭᠵᠢᠯ᠂ ᠠᠶᠤᠯ ᠦᠭᠡᠢ ᠪᠠᠶᠢᠳᠠᠯ᠂ ᠨᠡᠶᠢᠭᠡᠮ ᠤᠨ ᠠᠰᠠᠭᠤᠳᠠᠯ ᠤᠳ ᠪᠣᠯᠤᠨ ᠬᠦᠮᠦᠨ ᠦ ᠡᠷᠬᠡ ᠶᠢᠨ ᠲᠠᠯ᠎ᠠ ᠪᠠᠷ ᠬᠠᠮᠲᠤᠷᠠᠨ ᠠᠵᠢᠯᠯᠠᠬᠤ ᠵᠣᠷᠢᠯᠭ᠎ᠠ ᠪᠦᠬᠦᠢ ᠣᠯᠠᠨ ᠤᠯᠤᠰ ᠤᠨ ᠪᠠᠶᠢᠭᠤᠯᠤᠯᠭ᠎ᠠ ᠶᠤᠮ᠃ ᠳᠡᠯᠡᠬᠡᠢ ᠶᠢᠨ ᠬᠣᠶᠠᠳᠤᠭᠠᠷ ᠳᠠᠶᠢᠨ ᠭᠠᠷᠭᠠᠭᠤᠯᠤᠭᠰᠠᠨ ᠠᠴᠠ ᠤᠯᠪᠠᠭᠠᠯᠠᠨ ᠳᠡᠯᠡᠬᠡᠢ ᠶᠢᠨ ᠬᠣᠶᠠᠳᠤᠭᠠᠷ ᠳᠠᠶᠢᠨ ᠤ ᠢᠯᠠᠭᠴᠢ ᠲᠠᠯ᠎ᠠ ᠪᠣᠯᠬᠤ ᠬᠣᠯᠪᠣᠭᠠᠲᠠᠨ ᠨᠤᠭᠤᠳ ᠭᠣᠣᠯᠯᠠᠨ 1945 ᠣᠨ ᠳᠤ ᠪᠠᠶᠢᠭᠤᠯᠵᠠᠢ᠃ ᠥᠨᠥᠳᠥᠷ ᠳᠡᠯᠡᠬᠡᠢ ᠶᠢᠨ ᠪᠠᠷᠤᠭ ᠪᠦᠬᠦ ᠤᠯᠤᠰ ᠭᠦᠷᠦᠨ ᠡᠨᠡᠬᠦ ᠪᠠᠶᠢᠭᠤᠯᠤᠯᠭ᠎ᠠ ᠳᠤ ᠡᠯᠰᠡᠵᠡᠢ᠃ ᠲᠤᠬᠠᠢ ᠶᠢᠨ ᠦᠶ᠎ᠡ ᠳᠦ ᠳᠠᠶᠢᠨ ᠳᠤ ᠢᠯᠠᠭᠰᠠᠨ ᠤᠯᠤᠰ ᠤᠳ ᠠᠶᠤᠯ ᠦᠭᠡᠢ ᠶᠢᠨ ᠵᠥᠪᠯᠡᠯ ᠦᠨ ᠪᠠᠶᠢᠩᠭᠤ ᠶᠢᠨ ᠭᠡᠰᠢᠭᠦᠨ ᠣᠷᠣᠨ ᠨᠤᠭᠤᠳ ᠪᠣᠯᠤᠭᠰᠠᠨ ᠪᠥᠭᠡᠳ ᠲᠡᠳᠡᠭᠡᠷ ᠤᠯᠤᠰ ᠤᠳ ᠤᠨ ᠨᠥᠯᠥᠭᠡ ᠮᠠᠰᠢ ᠶᠡᠬᠡ ᠪᠠᠶᠢᠳᠠᠭ ᠨᠢ ᠳᠠᠶᠠᠭᠠᠷᠰᠢᠯ᠂ ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ ᠶᠢ ᠡᠰᠡᠷᠭᠦᠴᠡᠭᠴᠢᠳ ᠦᠨ ᠰᠢᠯᠲᠠᠭᠠᠨ ᠪᠣᠯᠳᠠᠭ ᠪᠠᠶᠢᠨ᠎ᠠ᠃ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠨᠢ 1945 ᠣᠨ ᠤ 10 ᠍ ᠳᠦᠭᠡᠷ ᠰᠠᠷ᠎ᠠ ᠶᠢᠨ 24 ᠍ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠺᠠᠯᠢᠹᠣᠷᠨᠢ ᠮᠤᠵᠢ ᠤᠯᠤᠰ ᠤᠨ ᠰᠠᠩ-ᠹᠷᠠᠨᠼᠢᠰᠺᠣ ᠬᠣᠲᠠ ᠳᠤ 51 ᠭᠡᠰᠢᠭᠦᠨ ᠣᠷᠣᠨ ᠲᠠᠢ ᠪᠠᠷ ᠦᠨᠳᠦᠰᠦ ᠰᠠᠭᠤᠷᠢ ᠪᠠᠨ ᠲᠠᠯᠪᠢᠵᠤ ᠪᠠᠶᠢᠵᠠᠢ᠃ (ᠪᠦᠷᠢᠨ ᠠᠭᠤᠯᠭ᠎ᠠ ᠶᠢ ᠤᠩᠰᠢᠬᠤ)


ᠪᠠᠷᠰ
ᠪᠠᠷᠰ

ᠪᠠᠷᠰ ᠮᠤᠤᠷ ᠤᠨ ᠣᠪᠤᠭ ᠤᠨ ᠵᠦᠢᠯ ᠪᠥᠭᠡᠳ Panthera ᠲᠥᠷᠥᠯ ᠦᠨ ᠳᠥᠷᠪᠡᠨ 《ᠲᠣᠮᠣ ᠮᠤᠤᠷ ᠨᠤᠭᠤᠳ》 ᠳᠤᠮᠳᠠ ᠪᠠᠨ ᠬᠠᠮᠤᠭ ᠤᠨ ᠲᠣᠮᠣ ᠪᠡᠶ᠎ᠡ ᠲᠡᠢ ᠨᠢ᠃ ᠵᠡᠭᠦᠨ ᠪᠠ ᠡᠮᠦᠨᠡᠲᠦ ᠠᠽᠢᠶ᠎ᠠ ᠍ ᠶᠢᠨ ᠶᠡᠬᠡᠬᠡᠨ ᠬᠡᠰᠡᠭ ᠲᠦ ᠲᠠᠷᠬᠠᠭᠰᠠᠨ᠂ ᠳᠡᠭᠡᠳᠦ ᠬᠡᠰᠡᠭ ᠦᠨ ᠮᠢᠬᠠᠴᠢᠨ ᠪᠥᠭᠡᠳ ᠵᠢᠩᠬᠢᠨᠢ ᠮᠢᠬᠠᠨ ᠢᠳᠡᠰᠢᠲᠡᠨ ᠶᠤᠮ᠃ ᠪᠡᠶ᠎ᠡ ᠶᠢᠨ ᠨᠡᠶᠢᠲᠡ ᠤᠷᠲᠤ ᠨᠢ 4 ᠮᠧᠲ᠋ᠷ ᠬᠦᠷᠳᠡᠭ᠂ ᠵᠢᠩ ᠨᠢ 300 ᠺᠢᠯᠣᠭ᠍ᠷᠠᠮ ᠲᠠᠲᠠᠳᠠᠭ ᠲᠣᠮᠣ ᠪᠡᠶ᠎ᠡ ᠲᠡᠢ᠃ ᠴᠠᠶᠢᠪᠢᠷ ᠠᠴᠠ ᠤᠯᠠᠪᠲᠤᠷ ᠤᠯᠠᠪᠢᠷ ᠰᠢᠷ᠎ᠠ ᠦᠰᠦᠨ ᠳᠡᠭᠡᠭᠦᠷ ᠨᠢ ᠭᠠᠷᠤᠭᠰᠠᠨ ᠪᠣᠰᠤᠭ᠎ᠠ ᠬᠠᠷ᠎ᠠ ᠰᠤᠳᠠᠯ ᠤᠳ ᠢᠶᠠᠷ ᠪᠠᠷᠰ ᠢ ᠲᠠᠨᠢᠨ᠎ᠠ᠃ ᠳᠡᠯᠡᠬᠡᠢ ᠳᠦ ᠬᠠᠮᠤᠭ ᠤᠨ ᠶᠡᠬᠡ ᠬᠦᠮᠦᠨ ᠠᠮᠠ ᠶᠢᠨ ᠨᠢᠭᠲᠠᠰᠢᠯ ᠲᠠᠢ ᠨᠤᠲᠤᠭ ᠲᠤ ᠲᠠᠷᠬᠠᠭᠰᠠᠨ ᠪᠠᠶᠢᠳᠠᠭ ᠲᠤᠯᠠ ᠬᠦᠮᠦᠨ ᠲᠡᠢ ᠶᠡᠬᠡᠳᠡ ᠵᠥᠷᠢᠴᠡᠯᠳᠦᠨ ᠲᠡᠮᠡᠴᠡᠯᠳᠦᠳᠡᠭ᠃ ᠣᠷᠴᠢᠨ ᠦᠶ᠎ᠡ ᠶᠢᠨ ᠪᠠᠷᠰ ᠤᠨ ᠶᠢᠰᠦᠨ ᠳᠡᠳ᠋ ᠵᠦᠢᠯ ᠡᠴᠡ ᠭᠤᠷᠪᠠ ᠨᠢ ᠰᠥᠨᠥᠭᠰᠡᠨ ᠪᠠᠶᠢᠨ᠎ᠠ᠃ ᠭᠣᠣᠯ ᠰᠢᠭᠤᠳ ᠰᠢᠯᠲᠠᠭᠠᠨ ᠨᠤᠭᠤᠳ ᠨᠢ ᠠᠮᠢᠳᠤᠷᠠᠬᠤ ᠣᠷᠴᠢᠨ ᠢ ᠤᠰᠠᠳᠬᠠᠬᠤ᠂ ᠬᠡᠰᠡᠭᠴᠢᠯᠡᠨ ᠲᠠᠰᠤᠯᠬᠤ᠂ ᠠᠩᠨᠠᠬᠤ ᠵᠡᠷᠭᠡ ᠲᠡᠢ ᠬᠣᠯᠪᠣᠭ᠎ᠠ ᠲᠠᠢ᠃ ᠦᠯᠡᠳᠡᠭᠰᠡᠨ ᠪᠦᠬᠦ ᠪᠠᠷᠰ ᠢ ᠠᠯᠪᠠᠨ ᠶᠣᠰᠣᠭᠠᠷ ᠬᠠᠮᠠᠭᠠᠯᠠᠯᠲᠠ ᠳᠤ ᠠᠪᠤᠭᠰᠠᠨ ᠪᠣᠯᠪᠠᠴᠤ ᠬᠤᠯᠠᠭᠠᠢ ᠶᠢᠨ ᠠᠩ᠂ ᠠᠮᠢᠳᠤᠷᠠᠬᠤ ᠣᠷᠴᠢᠨ ᠢ ᠤᠰᠠᠳᠬᠠᠬᠤ ᠵᠡᠷᠭᠡ ᠠᠶᠤᠯ ᠪᠠᠶᠢᠭᠰᠠᠭᠠᠷ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠬᠡᠯᠡ ᠪᠢᠴᠢᠭ
ᠮᠣᠩᠭᠣᠯ ᠬᠡᠯᠡ ᠪᠢᠴᠢᠭ

ᠮᠣᠩᠭᠣᠯ ᠦᠨᠳᠦᠰᠦᠲᠡᠨ ᠦ ᠡᠷᠲᠡ ᠡᠳᠦᠭᠡ ᠴᠠᠭ ᠤᠨ ᠬᠡᠯᠡ ᠠᠶᠠᠯᠭᠤᠦᠰᠦᠭ ᠪᠢᠴᠢᠭ ᠢ ᠬᠠᠮᠲᠤ ᠳᠤ ᠨᠢ ᠮᠣᠩᠭᠣᠯ ᠬᠡᠯᠡ ᠪᠢᠴᠢᠭ ᠭᠡᠨ᠎ᠡ᠃ ᠲᠡᠭᠦᠨ ᠡᠴᠡ ᠮᠣᠩᠭᠣᠯ ᠦᠨᠳᠦᠰᠦᠲᠡᠨ ᠦ ᠡᠬᠡ ᠬᠡᠯᠡ ᠢ ᠮᠣᠩᠭᠣᠯ ᠬᠡᠯᠡ ᠭᠡᠳᠡᠭ᠃ ᠬᠡᠯᠡ ᠰᠢᠨᠵᠢᠭᠡᠴᠢᠳ ᠮᠣᠩᠭᠣᠯ ᠬᠡᠯᠡ ᠶᠢ ᠲᠥᠷᠥᠯ ᠭᠠᠷᠤᠯ ᠢᠶᠠᠷ ᠨᠢ ᠲᠦᠷᠦᠭᠲ᠋ᠦᠩᠬᠦᠰ ᠵᠡᠷᠭᠡ ᠰᠠᠯᠪᠤᠷᠢ ᠪᠠᠰᠠ ᠪᠠᠭᠠᠳᠬᠤ ᠠᠯᠲᠠᠢ ᠢᠵᠠᠭᠤᠷ ᠤᠨ ᠮᠣᠩᠭᠣᠯ ᠪᠦᠯᠦᠭ ᠲᠦ ᠳᠠᠭᠤᠷ᠂ ᠳ᠋ᠦᠩᠰᠢᠶᠠᠩᠮᠣᠭᠣᠯ ᠵᠡᠷᠭᠡ ᠬᠡᠳᠦ ᠬᠡᠳᠦᠨ ᠬᠡᠯᠡᠨ ᠦ ᠬᠠᠮᠲᠤ ᠪᠠᠷ ᠭᠣᠣᠯ ᠲᠥᠯᠥᠭᠡᠯᠡᠭᠴᠢ ᠨᠢ ᠪᠣᠯᠭᠠᠨ ᠬᠠᠷᠢᠶᠠᠯᠠᠭᠤᠯᠳᠠᠭ᠃ ᠮᠣᠩᠭᠣᠯ ᠬᠡᠯᠡ 13-15 ᠂ 16 ᠍ ᠳᠦᠭᠡᠷ ᠵᠠᠭᠤᠨ ᠤ ᠨᠢᠭᠡ᠂ 16-18᠂ 19 ᠍ ᠳᠦᠭᠡᠷ ᠵᠠᠭᠤᠨ ᠤ ᠭᠡᠬᠦ ᠮᠡᠲᠦ ᠪᠡᠷ ᠱᠠᠲᠤᠯᠠᠨ ᠬᠥᠭᠵᠢᠵᠦ 20 ᠍ ᠳᠦᠭᠡᠷ ᠵᠠᠭᠤᠨ ᠳᠤ «ᠣᠷᠴᠢᠨ ᠴᠠᠭ ᠤᠨ ᠮᠣᠩᠭᠣᠯ ᠬᠡᠯᠡ» ᠍ ᠲᠡᠢ ᠵᠣᠯᠭᠠᠭᠰᠠᠨ ᠶᠤᠮᠰᠠᠨᠵᠡᠢ᠃ ᠮᠣᠩᠭᠣᠯ ᠬᠡᠯᠡ ᠶᠢ ᠥᠷᠥᠨᠡᠲᠦᠤᠮᠠᠷᠠᠳᠤ᠂ ᠳᠣᠷᠣᠨᠠᠲᠤ᠂ ᠲᠥᠪ ᠭᠡᠰᠡᠨ ᠦᠨᠳᠦᠰᠦᠨ ᠳᠥᠷᠪᠡᠨ ᠠᠶᠠᠯᠭᠤ ᠲᠠᠢ᠂ ᠪᠡᠶᠡᠰ ᠡᠴᠡ ᠪᠡᠨ ᠲᠠᠰᠤᠷᠠᠯ ᠦᠭᠡᠢ ᠦᠯᠡᠳᠡᠭᠰᠡᠨ ᠬᠡᠯᠡ ᠠᠶᠠᠯᠭᠤ ᠶᠤᠮ ᠭᠡᠵᠦ 1959 ᠣᠨ ᠳᠤ ᠱ·ᠯᠤᠪᠰᠠᠩᠸᠠᠩᠳᠠᠨ ᠡᠷᠳᠡᠮᠲᠡᠨ ᠬᠡᠯᠡᠭᠰᠡᠨ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠶᠠᠫᠣᠨ
ᠶᠠᠫᠣᠨ

ᠶᠠᠫᠣᠨ ᠨᠢ ᠨᠣᠮᠣᠬᠠᠨ ᠳᠠᠯᠠᠢ ᠶᠢᠨ ᠪᠠᠷᠠᠭᠤᠨ ᠬᠡᠰᠡᠭ ᠦᠨ ᠪᠦᠯᠦᠭ ᠠᠷᠠᠯ ᠤᠳ ᠠᠴᠠ ᠲᠣᠭᠲᠠᠬᠤ ᠳᠣᠷᠣᠨᠠᠲᠤ ᠠᠽᠢᠶ᠎ᠠ ᠍ ᠶᠢᠨ ᠣᠷᠣᠨ ᠶᠤᠮ᠃

ᠶᠠᠫᠣᠨ ᠨᠢ ᠳᠡᠯᠡᠬᠡᠢ ᠶᠢᠨ ᠬᠣᠶᠠᠳᠤᠭᠠᠷ ᠳᠠᠶᠢᠨ ᠨᠢ ᠳᠠᠷᠠᠭ᠋ ᠠ ᠵᠣᠬᠢᠶᠠᠭᠰᠠᠨ ᠶᠠᠫᠣᠨ ᠤ ᠦᠨᠳᠦᠰᠦᠨ ᠬᠠᠤᠯᠢ ᠳᠤ ᠦᠨᠳᠦᠰᠦᠯᠡᠨ ᠰᠢᠭᠦᠬᠦ᠂ ᠭᠦᠢᠴᠡᠳᠭᠡᠬᠦ᠂ ᠬᠠᠤᠯᠢ ᠲᠣᠭᠲᠠᠭᠠᠬᠤ ᠡᠷᠬᠡ ᠮᠡᠳᠡᠯ ᠢ ᠬᠡᠷᠡᠭᠵᠢᠭᠦᠯᠳᠡᠭ ᠦᠨᠳᠦᠰᠦᠨ ᠬᠠᠤᠯᠢᠳᠤ ᠬᠠᠭᠠᠨᠲᠤ ᠵᠠᠰᠠᠭᠯᠠᠯ ᠲᠠᠢ ᠤᠯᠤᠰ ᠪᠥᠭᠡᠳ ᠦᠨᠳᠦᠰᠦᠨ ᠬᠠᠤᠯᠢ ᠳᠤ ᠨᠢ ᠲᠥᠷᠥ ᠶᠢᠨ ᠲᠡᠷᠢᠭᠦᠨ ᠭᠡᠵᠦ ᠬᠡᠨ ᠪᠣᠯᠬᠤ ᠶᠢ ᠵᠢᠭᠠᠭ᠎ᠠ ᠦᠭᠡᠢ ᠪᠣᠯᠪᠠᠴᠤ ᠶᠠᠫᠣᠨ ᠤᠯᠤᠰ ᠤᠨ ᠠᠷᠠᠳ ᠲᠦᠮᠡᠨ ᠦ ᠡᠪ ᠨᠢᠭᠡᠳᠦᠯ ᠦᠨ ᠪᠡᠯᠭᠡ ᠲᠡᠮᠳᠡᠭ ᠪᠣᠯᠬᠤ ᠡᠵᠡᠨ ᠬᠠᠭᠠᠨ ᠨᠢ ᠲᠥᠷᠥ ᠶᠢᠨ ᠲᠡᠷᠢᠭᠦᠨ ᠭᠡᠵᠦ ᠬᠡᠯᠡᠵᠦ ᠪᠣᠯᠬᠤ ᠶᠤᠮ᠃

ᠶᠠᠫᠣᠨ ᠨᠢ ᠡᠳ᠋ ᠍ ᠦᠨ ᠵᠠᠰᠠᠭ ᠤᠨ ᠴᠢᠳᠠᠪᠬᠢ ᠪᠠᠷ ᠢᠶᠠᠨ ᠳᠡᠯᠡᠬᠡᠢ ᠳᠦ ᠠᠮᠧᠷᠢᠺᠠ ᠶᠢᠨ ᠨᠢᠭᠡᠳᠦᠭᠰᠡᠨ ᠤᠯᠤᠰ᠂ ᠲᠣᠮᠳᠠᠳᠣ ᠣᠯᠣᠰ ᠤᠨ ᠳᠠᠷᠠᠭ᠎ᠠ 3 ᠍ ᠳᠦ ᠣᠷᠣᠳᠠᠭ᠂ ᠶᠡᠬᠡ ᠨᠠᠶᠢᠮᠠ ᠶᠢᠨ ᠨᠢᠭᠡ ᠭᠡᠰᠢᠭᠦᠨ ᠤᠯᠤᠰ ᠶᠤᠮ᠃ ᠠᠽᠢᠶ᠎ᠠ ᠶᠢᠨ ᠴᠣᠷ ᠭᠠᠭᠴᠠ ᠥᠨᠳᠥᠷ ᠬᠥᠭᠵᠢᠯᠲᠡᠢ ᠣᠷᠣᠨ ᠪᠠᠶᠢᠵᠤ᠂ ᠲᠦᠭᠦᠬᠡᠢ ᠡᠳ᠋, ᠬᠦᠨᠡᠰᠦ᠂ ᠡᠷᠴᠢᠮ ᠬᠦᠴᠦᠨ ᠦ ᠵᠠᠭᠤᠨ ᠤ 80 ᠍ ᠠᠴᠠ ᠢᠯᠡᠭᠦᠦ ᠬᠤᠪᠢ ᠶᠢ ᠢᠮᠫᠣᠷᠲᠯᠠᠳᠠᠭ᠂ ᠭᠠᠳᠠᠭᠠᠳᠤ ᠬᠤᠳᠠᠯᠳᠤᠭᠠᠨ ᠠᠴᠠ ᠬᠠᠮᠢᠶᠠᠷᠤᠯ ᠲᠠᠢ ᠤᠯᠤᠰ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠨᠠᠷᠠᠨ ᠤ ᠠᠶᠢᠮᠠᠭ
ᠨᠠᠷᠠᠨ ᠤ ᠠᠶᠢᠮᠠᠭ

ᠨᠠᠷᠠᠨ ᠤ ᠠᠶᠢᠮᠠᠭ ᠨᠢ ᠨᠠᠷᠠ᠂ ᠲᠡᠭᠦᠨ ᠢ ᠲᠠᠲᠠᠬᠤ ᠬᠦᠴᠦᠨ ᠦ ᠬᠢᠨᠢ ᠤᠯᠠᠮ ᠠᠴᠠ ᠲᠣᠭᠣᠷᠢᠨ ᠡᠷᠭᠢᠬᠦ ᠨᠠᠶᠢᠮᠠᠨ ᠭᠠᠷᠠᠭ᠂ 5 ᠲᠣᠭᠲᠠᠭᠠᠭᠳᠠᠭᠰᠠᠨ ᠣᠳᠣ ᠭᠠᠷᠠᠭ ᠲᠡᠳᠡᠭᠡᠷ ᠦᠨ ᠳᠠᠭᠠᠭᠤᠯᠢ ᠨᠤᠭᠤᠳ᠂ ᠮᠠᠰᠢ ᠣᠯᠠᠨ ᠲᠣᠭᠠᠨ ᠤ ᠵᠢᠵᠢᠭ ᠪᠡᠶᠡᠲᠦ ᠨᠦᠭᠦᠳ ᠢ ᠪᠠᠭᠲᠠᠭᠠᠭᠰᠠᠨ ᠰᠢᠰᠲ᠋ᠧᠮ ᠶᠤᠮ᠃ ᠬᠦᠮᠦᠰ ᠪᠠᠶᠢᠭᠠᠯᠢ ᠶᠢᠷᠲᠢᠨᠴᠦ ᠶᠢ ᠬᠦᠷᠢᠶᠡᠯᠡᠡ ᠪᠤᠢ ᠬᠠᠮᠤᠭ ᠤᠨ ᠣᠶᠢᠷ᠎ᠠ ᠳᠥᠲᠡ ᠵᠦᠢᠯ ᠡᠴᠡ ᠪᠡᠨ ᠡᠬᠢᠯᠡᠨ ᠲᠠᠨᠢᠵᠤ ᠮᠡᠳᠡᠵᠡᠢ᠃ ᠳᠡᠯᠡᠬᠡᠢ ᠪᠥᠭᠡᠷᠡᠩᠬᠡᠢ ᠬᠡᠯᠪᠡᠷᠢ ᠲᠡᠢ᠂ ᠨᠠᠷᠠ ᠶᠢ ᠲᠣᠭᠣᠷᠢᠵᠤ ᠡᠷᠭᠢᠳᠡᠭ ᠵᠡᠷᠭᠡ ᠶᠢ ᠲᠣᠭᠲᠠᠭᠠᠬᠤ ᠳᠤ ᠣᠯᠠᠨ ᠵᠠᠭᠤᠨ ᠱᠠᠭᠠᠷᠳᠠᠭᠳᠠᠭᠰᠠᠨ ᠶᠤᠮ᠃ ᠣᠳᠣᠳ ᠪᠣᠯ ᠮᠠᠨ ᠤ ᠨᠠᠷᠠ ᠲᠠᠢ ᠠᠳᠠᠯᠢ ᠪᠥᠭᠡᠳ ᠭᠠᠭᠴᠠᠬᠦ ᠨᠡᠩ ᠠᠯᠤᠰ ᠬᠣᠯᠠ ᠣᠷᠣᠰᠢᠳᠠᠭ᠂ ᠨᠠᠷᠠ ᠶᠢ ᠲᠣᠭᠣᠷᠢᠨ ᠭᠠᠷᠠᠭ ᠤᠳ᠂ ᠡᠭᠦᠨ ᠢ ᠲᠣᠭᠣᠷᠢᠨ ᠲᠡᠳᠡᠭᠡᠷ ᠦᠨ ᠳᠠᠭᠠᠭᠤᠯᠢ ᠨᠤᠭᠤᠳ ᠡᠷᠭᠢᠵᠦ ᠪᠠᠶᠢᠳᠠᠭ ᠭᠡᠳᠡᠭ ᠢ ᠪᠠᠲᠤᠯᠠᠭᠰᠠᠨ ᠶᠠᠪᠤᠳᠠᠯ ᠳᠤᠮᠳᠠᠳᠤ ᠵᠠᠭᠤᠨ ᠤ ᠰᠢᠨᠵᠢᠯᠡᠬᠦ ᠤᠬᠠᠭᠠᠨ ᠤ ᠯᠤᠲᠤ ᠶᠡᠬᠡ ᠣᠯᠤᠯᠲᠠ ᠪᠠᠶᠢᠯ᠎ᠠ᠃ ᠡᠶᠢᠮᠦ ᠪᠠᠶᠢᠷᠢ ᠰᠠᠭᠤᠷᠢᠨ ᠠᠴᠠ ᠠᠪᠴᠤ ᠦᠵᠡᠪᠡᠯ ᠡᠬᠡ ᠳᠡᠯᠡᠬᠡᠢ ᠮᠠᠨᠢ ᠡᠩ ᠦᠨ ᠨᠢᠭᠡ ᠭᠠᠷᠠᠭ ᠪᠣᠯᠬᠤ ᠲᠤᠯᠠ ᠪᠤᠰᠤᠳ ᠭᠠᠷᠠᠭ ᠳᠡᠭᠡᠷ᠎ᠡ ᠪᠢᠳᠡᠨ ᠦ ᠠᠳᠠᠯᠢ ᠣᠶᠤᠨ ᠤᠬᠠᠭᠠᠨᠳᠤ ᠠᠮᠢᠲᠠᠳ ᠠᠵᠤ ᠲᠥᠷᠦᠳᠡᠭ ᠯᠠ ᠪᠠᠶᠢᠵᠤ ᠲᠠᠭᠠᠷᠠᠨ᠎ᠠ ᠭᠡᠰᠡᠨ ᠦᠵᠡᠯ ᠪᠣᠳᠣᠯ ᠠᠯᠢ ᠡᠷᠲᠡ ᠴᠠᠭ ᠠᠴᠠ ᠭᠠᠵᠠᠷ ᠠᠪᠤᠨ ᠲᠠᠷᠬᠠᠵᠠᠢ᠃ (ᠪᠦᠷᠢᠨ ᠠᠭᠤᠯᠭ᠎ᠠ ᠶᠢ ᠤᠩᠰᠢᠬᠤ)

ᠥᠪᠥᠭᠡᠯᠵᠢ
ᠥᠪᠥᠭᠡᠯᠵᠢ

ᠥᠪᠥᠭᠡᠯᠵᠢ (Upupa epops) ᠨᠢ Upupidae ᠣᠪᠤᠭ ᠤᠨ ᠲᠣᠯᠣᠭᠠᠢ ᠶᠢᠨ ᠣᠷᠣᠢ ᠳᠡᠭᠡᠷᠡᠬᠢ ᠲᠢᠲᠢᠮ ᠮᠡᠲᠦ ᠵᠠᠯᠠᠭ᠎ᠠ ᠪᠠᠷ ᠣᠨᠴᠠᠯᠢᠭ᠂ ᠠᠹᠷᠢᠺᠠ ᠪᠠ ᠧᠦ᠋ᠷᠠᠽᠢ ᠳᠦ ᠲᠠᠷᠬᠠᠨ ᠨᠤᠲᠤᠭᠯᠠᠳᠠᠭ ᠡᠷᠢᠶᠡᠨ ᠥᠩᠭᠡᠲᠦ ᠰᠢᠪᠠᠭᠤ ᠶᠤᠮ᠃ (ᠪᠦᠷᠢᠨ ᠠᠭᠤᠯᠭ᠎ᠠ ᠶᠢ ᠤᠩᠰᠢᠬᠤ)

ᠬᠠᠰᠠᠭ ᠤᠯᠤᠰ
ᠬᠠᠰᠠᠭ ᠤᠯᠤᠰ

ᠲᠤᠪᠴᠢ ᠪᠡᠷ ᠬᠠᠰᠠᠭ (ᠬᠠᠰᠠᠭ ᠶᠢᠡᠷ ᠺᠠᠰᠠᠭᠰᠲᠠᠨ, ᠣᠷᠣᠰ ᠶᠢᠡᠷ ᠬᠠᠰᠠᠭᠰᠲ᠋ᠠᠨ) ᠪᠤᠶᠤ ᠪᠦᠭᠦᠳᠡ ᠨᠠᠶᠢᠷᠠᠮᠳᠠᠬᠤ ᠬᠠᠰᠠᠭ ᠤᠯᠤᠰ (БНХасУ) — ᠲᠦᠪ ᠠᠽᠢᠶ᠎ᠠ ᠪᠣᠯᠤᠨ ᠳᠣᠷᠣᠨ᠎ᠠ ᠧᠦ᠋ᠷᠣᠫᠠ ᠍ ᠢ ᠳᠠᠮᠨᠠᠨ ᠣᠷᠣᠰᠢᠳᠠᠭ ᠪᠦᠷᠢᠨ ᠡᠷᠬᠡᠲᠦ ᠤᠯᠤᠰ. ᠬᠣᠶᠢᠳᠤ ᠲᠠᠯ᠎ᠠ ᠪᠠᠷ ᠢᠶᠠᠨ ᠣᠷᠣᠰ᠂ ᠵᠡᠭᠦᠨ ᠤᠷᠢᠳᠤ ᠲᠠᠯ᠎ᠠ ᠪᠠᠷ ᠢᠶᠠᠨ ᠬᠢᠲᠠᠳ᠂ ᠤᠷᠢᠳᠤ ᠲᠠᠯ᠎ᠠ ᠪᠠᠷ ᠢᠶᠠᠨ ᠬᠢᠷᠭᠢᠰ᠂ ᠦᠽᠪᠸᠺᠢᠰᠲᠠᠨ᠂ ᠲᠦᠺᠮᠧᠨ ᠤᠯᠤᠰ ᠲᠠᠢ ᠬᠢᠯᠢᠯᠡᠵᠦ᠂ ᠪᠠᠷᠠᠭᠤᠨ ᠲᠠᠯ᠎ᠠ ᠳᠤ ᠪᠠᠨ ᠺᠠᠰᠫᠢ ᠲᠡᠩᠭᠢᠰ ᠤᠨ ᠡᠷᠭᠢ ᠲᠠᠢ ᠵᠠᠯᠭᠠᠵᠤ᠂ ᠳᠠᠯᠠᠢ ᠳᠤ ᠭᠠᠷᠤᠴᠠ ᠦᠭᠡᠢ ᠣᠷᠣᠨ. ᠨᠡᠶᠢᠰᠯᠡᠯ ᠨᠢ — ᠠᠰᠲᠠᠨ᠎ᠠ. ᠠᠯᠲᠠᠢ ᠶᠢᠨ ᠨᠢᠷᠤᠭᠤ ᠡᠴᠡ ᠢᠵᠢᠯ ᠮᠥᠷᠡᠨ᠂ ᠡᠮᠦᠨ᠎ᠡ ᠰᠢᠪᠸᠷᠢᠶ ᠠ ᠶᠢᠨ ᠲᠡᠭᠰᠢ ᠲᠠᠯ᠎ᠠᠠ ᠠᠴᠠ ᠺᠤᠰᠤᠯᠺᠦ᠋ᠮ᠂ ᠲᠩᠷᠢ ᠠᠭᠤᠯᠠ ᠬᠦᠷᠦᠭᠰᠡᠨ 2 ᠰᠠᠶ᠎ᠠ 725 ᠮᠢᠩᠭᠠᠨ ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ ᠨᠤᠲᠤᠭ ᠲᠠᠢ ᠳᠡᠯᠡᠬᠡᠢ ᠶᠢᠨ 9 ᠍ ᠳᠦᠭᠡᠷ ᠲᠣᠮᠣ᠂ ᠳᠠᠯᠠᠢ ᠳᠤ ᠭᠠᠷᠤᠴᠠ ᠦᠭᠡᠢ ᠬᠠᠮᠤᠭ ᠤᠨ ᠲᠣᠮᠣ ᠣᠷᠣᠨ ᠪᠣᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ
ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ

ᠪᠦᠭᠦᠳᠡ ᠨᠠᠶᠢᠷᠠᠮᠳᠠᠬᠤ ᠠᠯᠲᠠᠢ ᠤᠯᠤᠰ (ᠣᠷᠣᠰ ᠶᠢᠡᠷ ᠷᠧᠰᠫᠦᠪᠯᠢᠺᠠ ᠠᠯᠲᠠᠢ, ᠠᠯᠲᠠ᠃ ᠠᠯᠲᠠᠢ ᠷᠧᠰᠫᠦᠪᠯᠢᠺᠠ) — ᠣᠷᠣᠰ ᠤᠨ ᠬᠣᠯᠪᠣᠭᠠᠨ ᠤ ᠤᠯᠤᠰ ᠍ ᠤᠨ ᠬᠣᠯᠪᠣᠭᠠᠨ ᠤ ᠡᠲᠡᠭᠡᠳ ᠪᠣᠯᠤᠭᠠᠳ ᠪᠦᠭᠦᠳᠡ ᠨᠠᠶᠢᠷᠠᠮᠳᠠᠬᠤ ᠤᠯᠤᠰ. ᠰᠢᠪᠸᠷᠢᠶ ᠠ ᠶᠢᠨ ᠬᠣᠯᠪᠣᠭᠠᠨ ᠤ ᠲᠣᠭᠣᠷᠢᠭ ᠪᠣᠯᠤᠨ ᠪᠠᠷᠠᠭᠤᠨ ᠰᠢᠪᠸᠷᠢᠶ ᠠ ᠶᠢᠨ ᠡᠳ᠋ ᠍ ᠦᠨ ᠵᠠᠰᠠᠭ ᠤᠨ ᠪᠥᠰᠡᠲ ᠪᠠᠭᠠᠳᠤᠨ᠎ᠠ᠃ ᠨᠡᠶᠢᠰᠯᠡᠯ - ᠭᠣᠷᠤᠨ᠎ᠠ-ᠠᠯ ᠲᠠᠢ=ᠰᠺ («ᠤᠤᠯ ᠤᠨ ᠠᠯᠲᠠᠢ»). ᠠᠯᠲᠠᠢ ᠶᠢᠨ ᠳᠡᠪᠢᠰᠬᠡᠷ ᠨᠤᠲᠤᠭ ᠤᠨ ᠲᠠᠯᠠᠪᠠᠢ - 92,600 km2[1], 2010 ᠣᠨ ᠤ ᠲᠣᠭᠠᠯᠠᠯᠭ᠎ᠠ ᠪᠠᠷᠬ ᠬᠦᠮᠦᠨ ᠠᠮᠠ - 206,168[2]᠃ ᠣᠷᠣᠰ ᠤᠨ ᠳᠣᠲᠣᠷᠠᠬᠢ 21 ᠪᠦᠭᠦᠳᠡ ᠨᠠᠶᠢᠷᠠᠮᠳᠠᠬᠤ ᠤᠯᠤᠰ ᠠᠴᠠ ᠬᠠᠮᠤᠭ ᠤᠨ ᠴᠥᠭᠡᠨ ᠠᠷᠠᠳ ᠢᠷᠭᠡᠳ ᠲᠡᠢ ᠨᠢ ᠠᠵᠤ᠃ (ᠪᠦᠷᠢᠨ ᠠᠭᠤᠯᠭ᠎ᠠ ᠶᠢ ᠤᠩᠰᠢᠬᠤ)

ᠪᠠᠭᠠᠪᠠᠭᠠᠢ
ᠪᠠᠭᠠᠪᠠᠭᠠᠢ

ᠪᠠᠭᠠᠪᠠᠭᠠᠢ ᠭᠡᠵᠦ ᠪᠠᠭᠠᠪᠠᠭᠠᠢ ᠶᠢᠨ ᠬᠢᠨ ᠣᠪᠤᠭ ᠤᠨ ᠬᠥᠬᠥᠲᠡᠨ ᠠᠮᠢᠲᠠᠳ ᠢ ᠬᠡᠯᠡᠨ᠎ᠡ᠃ ᠪᠠᠭᠠᠪᠠᠭᠠᠢ ᠨᠢ ᠨᠣᠬᠠᠢ ᠲᠥᠷᠬᠥᠲᠡᠨ ᠮᠢᠬᠠᠨ ᠢᠳᠡᠰᠢᠲᠡᠨ ᠪᠥᠭᠡᠳ ᠰᠡᠯᠢᠭᠦᠷ ᠬᠥᠯᠲᠡᠨ ᠲᠡᠢ ᠬᠠᠮᠤᠭ ᠤᠨ ᠣᠶᠢᠷ᠎ᠠ ᠲᠥᠷᠥᠯ᠃ ᠬᠡᠳᠦᠢ ᠪᠡᠷ ᠪᠠᠭᠠᠪᠠᠭᠠᠢ ᠶᠢᠨ ᠣᠳᠣ ᠪᠠᠶᠢᠭ᠎ᠠ ᠨᠠᠶᠢᠮᠠᠬᠠᠨ ᠵᠦᠢᠯ ᠪᠠᠶᠢᠳᠠᠭ ᠪᠣᠯᠪᠠᠴᠤ᠂ ᠥᠷᠭᠡᠨ ᠲᠠᠷᠬᠠᠭᠰᠠᠨ᠃ ᠲᠤᠬᠠᠶᠢᠯᠠᠪᠠᠯ ᠶᠢᠷᠲᠢᠨᠴᠦ ᠶᠢᠨ ᠬᠣᠶᠢᠳᠤ ᠬᠠᠭᠠᠰ ᠳᠠᠶᠠᠭᠠᠷ᠂ ᠡᠮᠦᠨᠡᠲᠦ ᠬᠠᠭᠠᠰ ᠲᠤ ᠬᠡᠰᠡᠭᠴᠢᠯᠡᠨ ᠲᠠᠷᠬᠠᠭᠰᠠᠨ᠃ ᠪᠠᠭᠠᠪᠠᠭᠠᠢ ᠬᠣᠶᠢᠳᠤ ᠠᠮᠧᠷᠢᠺᠠᠡᠮᠦᠨᠡᠲᠦ ᠠᠮᠧᠷᠢᠺᠠᠧᠦ᠋ᠷᠣᠫᠠᠠᠽᠢᠶ᠎ᠠ ᠳᠤ ᠲᠠᠷᠬᠠᠵᠠᠢ᠃ (ᠪᠦᠷᠢᠨ ᠠᠭᠤᠯᠭ᠎ᠠ ᠶᠢ ᠤᠩᠰᠢᠬᠤ)

ᠲᠦᠷᠺ
ᠲᠦᠷᠺ

ᠲᠦᠷᠺ (ᠲᠦᠷᠺ ᠢᠶᠡᠷ Türkiye), ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠲᠦᠷᠺ ᠤᠯᠤᠰ ᠨᠢ ᠲᠢᠪ ᠳᠠᠮᠨᠠᠭᠰᠠᠨ ᠵᠡᠭᠦᠨ ᠧᠦ᠋ᠷᠣᠫᠠ ᠪᠣᠯᠤᠨ ᠥᠷᠥᠨᠡᠲᠦ ᠠᠽᠢᠶ᠎ᠠ ᠍ ᠶᠢᠨ ᠤᠯᠤᠰ ᠶᠤᠮ᠃ ᠪᠠᠷᠠᠭᠤᠨ ᠠᠴᠠ ᠨᠠᠷᠠ ᠵᠥᠪ ᠲᠣᠭᠣᠷᠢᠭᠤᠯᠪᠠᠯ ᠭᠷᠧᠺ᠂ ᠪᠣᠯᠭᠠᠷᠢ᠂ ᠭᠦᠷᠦᠵᠢᠶ ᠠ᠂ ᠠᠷᠮᠧᠨ᠂ ᠠᠽᠧᠷᠪᠠᠶᠢᠵᠠᠨ᠂ ᠢᠷᠡᠨ᠂ ᠢᠷᠠᠺ᠂ ᠰᠢᠷᠢᠢ ᠠ ᠭᠡᠬᠦ 8 ᠤᠯᠤᠰ ᠲᠠᠢ ᠬᠢᠯᠢᠯᠡᠳᠡᠭ᠃ ᠮᠥᠨ ᠤᠷᠳᠤ᠂ ᠪᠠᠷᠠᠭᠤᠨ᠂ ᠬᠣᠶᠢᠳᠤ ᠲᠠᠯ ᠤᠳ ᠢᠶᠠᠷ ᠢᠶᠠᠨ ᠭᠠᠵᠠᠷ ᠤᠨ ᠳᠤᠮᠳᠠᠳᠤ ᠲᠡᠩᠭᠢᠰ᠂ ᠡᠭᠧᠢ ᠶᠢᠨ ᠲᠡᠩᠭᠢᠰ᠂ ᠬᠠᠷ᠎ᠠ ᠲᠡᠩᠭᠢᠰᠡᠭᠡᠷᠡ ᠬᠥᠪᠡᠭᠡᠯᠡᠭᠳᠡᠨ᠎ᠡ᠃ ᠭᠠᠨᠲᠢᠭ ᠲᠡᠩᠭᠢᠰ᠂ ᠪᠣᠰᠹᠣᠷ ᠤᠨ᠂ ᠳᠠᠷᠳᠠᠨᠧᠯ ᠤᠨ ᠬᠣᠭᠣᠯᠠᠢᠨ ᠨᠤᠭᠤᠳ ᠢᠶᠠᠷ ᠲᠢᠪ ᠦᠳ ᠢ ᠵᠠᠭᠠᠭᠯᠠᠳᠠᠭ᠃ (ᠪᠦᠷᠢᠨ ᠠᠭᠤᠯᠭ᠎ᠠ ᠶᠢ ᠤᠩᠰᠢᠬᠤ)

ᠬᠥᠬᠡ ᠲᠣᠯᠪᠣ
ᠬᠥᠬᠡ ᠲᠣᠯᠪᠣ

ᠬᠥᠬᠡ ᠲᠣᠯᠪᠣ (ᠠᠩᠭᠯᠢ ᠪᠠᠷ Mongolian spot) ᠪᠤᠶᠤ ᠮᠣᠩᠭᠣᠯ ᠲᠣᠯᠪᠣ ᠨᠢ ᠵᠡᠭᠦᠨ ᠠᠽᠢᠶ᠎ᠠ ᠶᠢᠨ ᠬᠦᠮᠦᠨ ᠠᠮᠠ ᠶᠢᠨ ᠳᠤᠮᠳᠠ ᠡᠯᠪᠡᠭ ᠪᠥᠭᠡᠳ ᠵᠠᠷᠢᠮ ᠣᠷᠣᠨ ᠤ ᠬᠦᠮᠦᠨ ᠠᠮᠠ ᠶᠢᠨ 90-95% ᠳ ᠲᠣᠬᠢᠶᠠᠯᠳᠣᠬᠤ ᠪᠥᠭᠡᠳ ᠮᠥᠨ ᠵᠡᠭᠦᠨ ᠠᠹᠷᠢᠺᠠ᠂ ᠠᠮᠧᠷᠢᠺᠠ ᠶᠢᠨ ᠢᠨᠳᠢᠶᠠᠨᠴᠤᠤᠳ ᠲᠤ ᠡᠯᠪᠡᠭ ᠲᠣᠬᠢᠶᠠᠯᠳᠤᠳᠠᠭ ᠡᠨᠡᠬᠦ ᠲᠡᠮᠳᠡᠭ ᠢ 3 ᠠᠩᠭᠢᠯᠠᠳᠠᠭ: (ᠪᠦᠷᠢᠨ ᠠᠭᠤᠯᠭ᠎ᠠ ᠶᠢ ᠤᠩᠰᠢᠬᠤ)

ᠥᠮᠥᠬᠡᠢ ᠬᠦᠷᠡᠩ
ᠥᠮᠥᠬᠡᠢ ᠬᠦᠷᠡᠩ

ᠥᠮᠥᠬᠡᠢ ᠬᠦᠷᠡᠩ(ᠬᠢᠲᠠᠳ ᠢᠶᠠᠷ 臭鼬)ᠨᠢ ᠬᠦᠴᠦᠲᠡᠢ ᠥᠮᠥᠬᠡᠢ ᠦᠨᠦᠷ ᠲᠡᠢ ᠰᠢᠩᠭᠡᠨ ᠢᠯᠭᠠᠷᠠᠭᠤᠯᠳᠠᠭ Mephitidae ᠣᠪᠤᠭ ᠤᠨ ᠬᠥᠬᠥᠲᠡᠨ ᠠᠮᠢᠲᠠᠨ ᠶᠤᠮ᠃ ᠨᠡᠶᠢᠲᠡ 4 ᠲᠥᠷᠥᠯ 10 ᠵᠦᠢᠯ ᠪᠤᠢ᠃ (ᠪᠦᠷᠢᠨ ᠠᠭᠤᠯᠭ᠎ᠠ ᠶᠢ ᠤᠩᠰᠢᠬᠤ)

ᠠᠽᠢᠶ᠎ᠠ ᠶᠢᠨ ᠳᠥᠷᠪᠡᠨ ᠪᠠᠷᠰ ᠣᠷᠤᠨ
East Asian Tigers.png

ᠠᠽᠢᠶ᠎ᠠ ᠶᠢᠨ ᠳᠥᠷᠪᠡᠨ ᠪᠠᠷᠰ ᠪᠣᠯᠤᠨ ᠵᠡᠭᠦᠨ ᠠᠽᠢᠶ᠎ᠠ ᠶᠢᠨ ᠪᠠᠷᠰ ᠭᠡᠵᠦ ᠲᠠᠶᠢᠸᠠᠨ᠂ ᠰᠢᠩᠭᠠᠫᠦᠷ᠂ ᠰᠢᠶᠠᠩᠭᠠᠩ ᠪᠣᠯᠤᠨ ᠡᠮᠦᠨᠡᠲᠦ ᠰᠣᠯᠣᠩᠭᠣᠰ ᠵᠡᠷᠭᠡ ᠣᠷᠣᠨ ᠨᠤᠭᠤᠳ ᠢ ᠨᠡᠷᠡᠯᠡᠳᠡᠭ᠃ ᠮᠥᠨ ᠠᠽᠢᠶ᠎ᠠ ᠶᠢᠨ ᠳᠥᠷᠪᠡᠨ ᠵᠢᠵᠢᠭ ᠯᠤᠤ ᠴᠤ ᠭᠡᠵᠦ ᠨᠡᠷᠡᠯᠡᠳᠡᠭ᠃ 1960 ᠍᠊ᠭᠠᠳ ᠣᠨ ᠤ ᠡᠬᠢᠨ ᠡᠴᠡ 1990 ᠍ᠭᠡᠳ ᠣᠨ ᠬᠦᠷᠲᠡᠯ᠎ᠡ ᠡᠳᠡᠭᠡᠷ ᠣᠷᠣᠨ ᠨᠤᠭᠤᠳ ᠡᠳ᠋ ᠍ ᠍ ᠦᠨ ᠵᠠᠰᠠᠭ ᠤᠨ ᠶᠡᠬᠡ ᠥᠰᠦᠯᠲᠡ ᠶᠢ ᠭᠠᠷᠭᠠᠨ᠂ ᠲᠤᠩ ᠲᠦᠷᠭᠡᠨ ᠶᠢᠡᠷ ᠠᠵᠤ ᠦᠢᠯᠡᠳᠪᠦᠷᠢᠵᠢᠵᠦ ᠴᠢᠳᠠᠭᠰᠠᠨ ᠶᠤᠮ᠃ ᠳᠡᠯᠡᠬᠡᠢ ᠶᠢᠨ ᠠᠩᠬᠠᠷᠤᠯ ᠤᠨ ᠲᠥᠪ ᠲᠦ ᠬᠥᠭᠵᠢᠩᠭᠦᠢ ᠣᠷᠣᠨ ᠤ ᠰᠲ᠋ᠠᠲ᠋ᠦ᠋ᠰ ᠲᠦ ᠬᠦᠷᠦᠭᠰᠡᠨ ᠪᠦᠭᠡᠳ ᠣᠶᠢᠷᠠᠬᠠᠨ ᠪᠤᠯᠲᠠᠯ ᠠ ᠠᠩᠬᠠᠨ ᠤ ᠳᠥᠷᠪᠡᠨ ᠪᠠᠷᠰ ᠤᠯᠤᠰ ᠪᠠᠶᠢᠭᠰᠠᠨ ᠪᠣᠯ ᠥᠨᠥ ᠶᠢᠨ 21 ᠍ ᠍ ᠳᠦᠭᠡᠷ ᠵᠠᠭᠤᠨ ᠤ ᠡᠬᠢᠨ ᠦᠶ᠎ᠡ ᠳᠦ ᠡᠳ᠋ ᠍ ᠍ ᠦᠨ ᠵᠠᠰᠠᠭ ᠤᠨ ᠬᠤᠷᠳᠤᠨ ᠰᠢᠯᠵᠢᠯᠲᠡ ᠶᠢ ᠦᠵᠡᠭᠦᠯᠵᠦ ᠪᠠᠶᠢᠭ᠎ᠠ ᠠᠽᠢᠶ᠎ᠠ ᠍ ᠍ ᠶᠢᠨ ᠪᠤᠰᠤᠳ ᠣᠷᠣᠨ ᠨᠤᠭᠤᠳ ᠲᠤ ᠰᠢᠯᠵᠢᠭᠡᠳ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠬᠠᠰᠠᠷ
ᠬᠠᠰᠠᠷ

ᠳᠵᠥᠴᠢ ᠬᠠᠰᠠᠷ ᠪᠤᠶᠤ ᠬᠠᠪᠤᠲᠤ ᠬᠠᠰᠠᠷ (1164-1227?) ᠨᠢ ᠶᠡᠰᠦᠭᠡᠢ ᠪᠠᠭᠠᠲᠤᠷ ᠤᠨ ᠪᠤᠯᠢᠶᠠᠵᠤ ᠠᠪᠤᠭᠰᠠᠨ ᠡᠮ᠎ᠡ ᠶᠢᠨ ᠳᠡᠳ᠋ ᠬᠥᠪᠡᠭᠦᠨ ᠶᠤᠮ᠃ (ᠪᠦᠷᠢᠨ ᠠᠭᠤᠯᠭ᠎ᠠ ᠶᠢ ᠤᠩᠰᠢᠬᠤ)

ᠬᠡᠰᠢᠭᠲᠡᠨ
ᠬᠡᠰᠢᠭᠲᠡᠨ

ᠬᠡᠰᠢᠭᠲᠡᠨ ᠴᠡᠷᠢᠭ ᠨᠢ ᠮᠣᠩᠭᠣᠯ ᠤᠨ ᠡᠵᠡᠨᠲᠦ ᠭᠦᠷᠦᠨ ᠦ ᠶᠡᠬᠡᠰ ᠳᠡᠭᠡᠳᠦᠰ ᠦᠨ ᠬᠠᠮᠠᠭᠠᠯᠠᠭᠴᠢᠳ ᠪᠠᠶᠢᠭᠰᠠᠨ᠃ ᠢᠯᠠᠩᠭᠤᠶ᠎ᠠ ᠴᠢᠩᠭᠢᠰ ᠬᠠᠭᠠᠨ ᠪᠣᠯᠤᠨ ᠲᠡᠭᠦᠨ ᠦ ᠬᠠᠲᠤᠨ ᠪᠥᠷᠲᠡ ᠰᠢᠭ ᠤᠳᠤᠷᠢᠳᠤᠭᠴᠢ ᠨᠠᠷ ᠢ ᠬᠠᠮᠠᠭᠠᠯᠠᠳᠠᠭ᠃ ᠲᠡᠳᠡᠨ ᠦ ᠦᠨᠳᠦᠰᠦᠨ ᠡᠭᠦᠷᠭᠡ ᠨᠢ ᠬᠠᠭᠠᠨ ᠪᠣᠯᠤᠨ ᠰᠠᠶᠢᠳ ᠨᠣᠶᠠᠳ ᠢ ᠡᠳᠦᠷ ᠦᠨ ᠪᠣᠯᠤᠨ ᠰᠥᠨᠢ ᠶᠢᠨ ᠴᠠᠭ ᠢᠶᠠᠷ ᠬᠠᠮᠠᠭᠠᠯᠠᠬᠤ ᠶᠤᠮ᠃ ᠲᠡᠳᠡᠨ ᠢ 2 ᠬᠡᠰᠡᠭ ᠪᠣᠯᠭᠠᠨ ᠬᠤᠪᠢᠶᠠᠳᠠᠭ ᠪᠠᠶᠢᠭᠰᠠᠨ᠃ ᠡᠳᠦᠷ ᠦᠨ ᠬᠠᠷᠠᠭᠤᠯ ᠰᠥᠨᠢ ᠶᠢᠨ ᠬᠠᠷᠠᠭᠤᠯ (ᠬᠡᠪᠲᠡᠭᠦᠯ). ᠲᠡᠳᠡ ᠡᠩ ᠦᠨ ᠴᠡᠷᠢᠭ ᠦᠳ ᠡᠴᠡ ᠢᠯᠭᠠᠭ᠎ᠠ ᠲᠠᠢ ᠪᠠ ᠲᠡᠳᠡᠨ ᠲᠡᠢ ᠬᠠᠮᠲᠤ ᠠᠶᠠᠨ ᠳᠠᠶᠢᠨ ᠳᠤ ᠶᠠᠪᠤᠳᠠᠭ ᠦᠭᠡᠢ᠃ ᠬᠠᠷᠢᠨ ᠡᠬᠡ ᠨᠤᠲᠤᠭ ᠢᠶᠠᠨ ᠰᠠᠬᠢᠩ ᠬᠠᠮᠠᠭᠠᠯᠠᠵᠤ ᠦᠯᠡᠳᠡᠳᠡᠭ᠃ ᠲᠡᠳᠡᠨ ᠦ ᠤᠳᠤᠷᠢᠳᠤᠭᠴᠢ ᠪᠣᠯ ᠴᠡᠷᠪᠢ ᠪᠠᠶᠢᠭᠰᠠᠨ᠃ ᠲᠡᠶᠢᠮᠦ ᠤᠴᠢᠷ ᠠᠴᠠ ᠮᠣᠩᠭᠣᠯ ᠤᠨ ᠡᠵᠡᠨᠲᠦ ᠭᠦᠷᠦᠨ ᠧᠦ᠋ᠷᠠᠽᠢ ᠶᠢ ᠬᠣᠯᠪᠣᠵᠤ ᠪᠠᠶᠢᠭᠰᠠᠨ᠃ ᠡᠭᠦᠨ ᠦ ᠦᠷ᠎ᠡ ᠳ᠋ᠦᠩ ᠳᠦ ᠮᠣᠩᠭᠣᠯ ᠤᠨ ᠡᠵᠡᠨᠲᠦ ᠭᠦᠷᠦᠨ ᠦ ᠮᠠᠰᠢ ᠥᠷᠭᠡᠨ ᠭᠠᠵᠠᠷ ᠨᠤᠲᠤᠭ ᠤᠨ ᠤᠳᠤᠷᠢᠳᠥᠵᠤ ᠴᠢᠳᠠᠳᠠᠭ ᠪᠠᠶᠢᠭᠰᠠᠨ᠃ (ᠪᠦᠷᠢᠨ ᠠᠭᠤᠯᠭ᠎ᠠ ᠶᠢ ᠤᠩᠰᠢᠬᠤ)

ᠵᠡᠭᠦᠨ ᠠᠽᠢᠶ ᠠ
ᠵᠡᠭᠦᠨ ᠠᠽᠢᠶ ᠠ

ᠵᠡᠭᠦᠨ ᠠᠽᠢᠶ ᠠ (ᠮᠥᠨ ᠵᠡᠭᠦᠨ ᠠᠽᠢᠶ᠎ᠠ ᠭᠡᠬᠦ) - ᠠᠽᠢᠶ᠎ᠠ ᠲᠢᠪ ᠦᠨ ᠳᠣᠷᠣᠨ᠎ᠠ ᠲᠠᠯ᠎ᠠ ᠶᠢᠨ ᠬᠤᠪᠢ ᠬᠡᠰᠡᠭ (ᠪᠥᠰᠡ ᠨᠤᠲᠤᠭ) ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠦᠨ "ᠪᠦᠷᠢᠳᠭᠡᠯ ᠤᠨ ᠬᠡᠯᠲᠡᠰ" ᠍ ᠡᠴᠡ ᠲᠣᠭ᠎ᠠ ᠪᠦᠷᠢᠳᠬᠡᠯ ᠦᠨ ᠵᠣᠷᠢᠯᠭ᠎ᠠ ᠪᠠᠷ ᠠᠽᠢᠶ᠎ᠠ ᠲᠢᠪ ᠦᠨ ᠤᠯᠤᠰ ᠤᠳ ᠢ ᠳᠣᠷᠣᠨᠠᠲᠤ, ᠳᠣᠷᠣᠨ᠎ᠠ ᠡᠮᠦᠨᠡᠲᠦ᠂ ᠡᠮᠦᠨᠡᠲᠦ᠂ ᠥᠷᠥᠨᠡᠲᠦ᠂ ᠳᠤᠮᠳᠠᠳᠤ[2] ᠪᠣᠯᠭᠠᠨ 5 ᠬᠤᠪᠢ ᠬᠡᠰᠡᠭ ᠪᠣᠯᠭᠠᠨ ᠪᠦᠰᠡᠴᠢᠯᠡᠭᠰᠡᠨ ᠨᠢ ᠲᠦᠭᠡᠮᠡᠯ ᠬᠡᠷᠡᠭᠯᠡᠭᠳᠡᠳᠡᠭ ᠪᠣᠯᠤᠭᠰᠠᠨ᠃ ᠡᠭᠦᠪᠡᠷ ᠪᠣᠯ ᠭᠠᠵᠠᠷ ᠵᠦᠢ ᠶᠢᠨ ᠪᠠᠶᠢᠷᠢᠰᠢᠯ ᠢᠶᠠᠷ ᠳᠣᠷᠣᠨ᠎ᠠ ᠲᠠᠯ᠎ᠠ ᠳᠤ ᠲᠥᠪᠯᠡᠷᠡᠭᠰᠡᠨ ᠪᠦᠷᠢᠨ ᠡᠷᠬᠡᠲᠦ ᠮᠣᠩᠭᠣᠯ᠂ ᠡᠮᠦᠨᠡᠲᠦ ᠰᠣᠯᠣᠩᠭᠣᠰ᠂ ᠤᠮᠠᠷᠠᠳᠤ ᠰᠣᠯᠣᠩᠭᠣᠰ᠂ ᠬᠢᠲᠠᠳ᠂ ᠵᠠᠷᠢᠮᠳᠤᠭ ᠡᠷᠬᠡᠲᠦ ᠲᠠᠶᠢᠸᠠᠨ[1] ᠤᠯᠤᠰ ᠢ ᠬᠠᠮᠲᠤᠳᠬᠠᠨ "ᠵᠡᠭᠦᠨ ᠠᠽᠢᠶ ᠠ" ᠭᠡᠵᠦ ᠨᠡᠷᠡᠶᠢᠳᠦᠨ᠎ᠡ᠃ (ᠪᠦᠷᠢᠨ ᠠᠭᠤᠯᠭ᠎ᠠ ᠶᠢ ᠤᠩᠰᠢᠬᠤ)

ᠰᠠᠯᠬᠢᠴᠢ ᠰᠢᠪᠠᠭᠤ
ᠰᠠᠯᠬᠢᠴᠢ ᠰᠢᠪᠠᠭᠤ

ᠰᠠᠯᠬᠢᠴᠢ ᠰᠢᠪᠠᠭᠤ 信天翁ᠨᠢ Diomedeidae ᠣᠪᠤᠭ ᠤᠨ ᠲᠡᠩᠭᠢᠰ ᠳᠠᠯᠠᠢ ᠶᠢᠨ ᠲᠣᠮᠣ ᠰᠢᠪᠠᠭᠤ ᠶᠤᠮ᠃ ᠡᠮᠦᠨᠡᠲᠦ ᠶᠢᠨ ᠳᠠᠯᠠᠢ᠂ ᠨᠣᠮᠣᠬᠠᠨ ᠳᠠᠯᠠᠢ ᠶᠢᠨ ᠬᠣᠶᠢᠳᠤ ᠬᠡᠰᠡᠭ ᠢᠶᠡᠷ ᠥᠷᠭᠡᠨ ᠲᠠᠷᠬᠠᠵᠤ ᠨᠤᠲᠤᠭᠯᠠᠨ᠎ᠠ᠃ ᠰᠠᠯᠬᠢᠴᠢ ᠰᠢᠪᠠᠭᠤ ᠨᠢ ᠠᠭᠠᠷ ᠲᠤ ᠮᠠᠰᠢ ᠴᠢᠳᠠᠪᠤᠷᠢᠯᠢᠭ᠂ ᠰᠠᠯᠬᠢᠨ ᠤ ᠬᠦᠴᠦ ᠶᠢ ᠠᠰᠢᠭᠯᠠᠨ ᠨᠢᠰᠬᠦ ᠪᠥᠭᠡᠳ ᠬᠣᠯᠠ ᠵᠠᠢ ᠶᠢ ᠪᠠᠭ᠎ᠠ ᠬᠦᠴᠦ ᠪᠡᠷ ᠲᠤᠭᠤᠯᠵᠤ ᠴᠢᠳᠠᠳᠠᠭ᠃ ᠳᠠᠯᠠᠢ ᠶᠢᠨ ᠠᠷᠪᠠᠭᠠᠯᠵᠢ᠂ ᠵᠢᠭᠠᠰᠤ᠂ ᠰᠠᠮ ᠬᠣᠷᠣᠬᠠᠢ ᠶᠢᠡᠷ ᠬᠣᠭᠣᠯᠠᠯᠠᠨ᠎ᠠ᠃ ᠰᠠᠯᠬᠢᠴᠢ ᠰᠢᠪᠠᠭᠤ ᠲᠡᠩᠭᠢᠰ ᠳᠠᠯᠠᠢ ᠶᠢᠨ ᠠᠷᠠᠯ ᠤᠳ ᠲᠤ ᠪᠤᠰᠤᠳ ᠬᠡᠳᠦᠨ ᠵᠦᠢᠯ ᠦᠨ ᠬᠠᠮᠲᠤ ᠮᠠᠰᠢ ᠣᠯᠠᠨ ᠢᠶᠠᠷ ᠢᠶᠠᠨ ᠰᠦᠷᠦᠭᠯᠡᠨ ᠡᠭᠦᠷ ᠢᠶᠡᠨ ᠵᠠᠰᠠᠳᠠᠭ᠃ ᠦᠷᠡᠵᠢᠯ ᠦᠨ ᠦᠶ᠎ᠡ ᠨᠢ ᠥᠨᠳᠡᠭᠡ ᠭᠠᠷᠭᠠᠬᠤ ᠠᠴᠠ ᠥᠳᠥ ᠰᠥᠳᠥ ᠤᠷᠭᠤᠨ ᠨᠠᠰᠤ ᠪᠡᠶ᠎ᠡ ᠭᠦᠢᠴᠡᠬᠦ ᠬᠦᠷᠲᠡᠯ᠎ᠡ ᠵᠢᠯ ᠭᠠᠷᠤᠢ ᠪᠣᠯᠳᠠᠭ ᠪᠠᠶᠢᠨ᠎ᠠ᠃ ᠰᠠᠯᠬᠢᠴᠢ ᠰᠢᠪᠠᠭᠤᠨ ᠤ 21 ᠵᠦᠢᠯ ᠡᠴᠡ 19 ᠨᠢ ᠮᠥᠬᠥᠭᠡᠳ ᠪᠠᠶᠢᠭ᠎ᠠ ᠠᠵᠢ᠃ ᠣᠯᠠᠨ ᠲᠣᠭᠠᠨ ᠤ ᠰᠠᠯᠬᠢᠴᠢ ᠰᠢᠪᠠᠭᠤ ᠶᠢ ᠥᠳᠥ ᠶᠢ ᠨᠢ ᠠᠪᠬᠤ ᠭᠡᠵᠦ ᠬᠣᠷᠢᠶᠠᠭᠰᠠᠨ ᠪᠣᠯ ᠡᠳᠦᠭᠡ ᠬᠠᠷᠬ᠎ᠠ᠂ ᠵᠡᠷᠯᠢᠭ ᠮᠤᠤᠷ ᠵᠡᠷᠭᠡ ᠠᠮᠢᠲᠠᠳ ᠥᠨᠳᠡᠭᠡ ᠪᠣᠯᠤᠨ ᠡᠭᠦᠷ ᠦᠨ ᠳᠦ ᠪᠡᠨ ᠪᠠᠶᠢᠭ᠎ᠠ ᠳᠡᠭᠳᠡᠭᠡᠬᠡᠢ ᠶᠢ ᠳᠠᠭᠠᠷᠢᠬᠤ ᠵᠡᠷᠭᠡ ᠪᠡᠷ᠂ ᠮᠥᠨ ᠪᠠᠶᠢᠭᠠᠯᠢ ᠣᠷᠴᠢᠨ ᠤ ᠪᠣᠬᠢᠷᠳᠠᠯ᠂ ᠲᠡᠳᠡᠨ ᠦ ᠬᠣᠭᠣᠯᠠ ᠲᠡᠵᠢᠭᠡᠯ ᠪᠣᠯᠬᠤ ᠵᠢᠭᠠᠰᠤ ᠶᠢ ᠬᠡᠲᠦᠷᠬᠡᠢ ᠶᠡᠬᠡ ᠪᠡᠷ ᠪᠠᠷᠢᠵᠤ ᠪᠠᠶᠢᠭ᠎ᠠ ᠭᠡᠬᠦ ᠮᠡᠲᠦ ᠡᠴᠡ ᠰᠢᠯᠲᠠᠭᠠᠯᠠᠨ ᠲᠣᠭ᠎ᠠ ᠲᠣᠯᠣᠭᠠᠢ ᠨᠢ ᠴᠥᠭᠡᠷᠡᠭᠰᠡᠭᠡᠷ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠡᠷᠳᠡᠨᠢ ᠵᠤᠤ ᠬᠡᠶᠢᠳ
ᠡᠷᠳᠡᠨᠢ ᠵᠤᠤ ᠬᠡᠶᠢᠳ

ᠡᠷᠳᠡᠨᠢ ᠵᠤᠤ ᠬᠡᠶᠢᠳ ᠨᠢ ᠮᠣᠩᠭᠣᠯ ᠤᠯᠤᠰ ᠳᠠᠬᠢ ᠬᠠᠮᠤᠭ ᠤᠨ ᠡᠷᠲᠡᠨ ᠦ ᠪᠤᠷᠬᠠᠨ ᠤ ᠱᠠᠰᠢᠨ ᠤ ᠬᠡᠶᠢᠳ ᠶᠤᠮ᠃ ᠲᠤᠰ ᠬᠡᠶᠢᠳ ᠨᠢ ᠥᠪᠦᠷᠬᠠᠩᠭᠠᠢ ᠠᠶᠢᠮᠠᠭ ᠤᠨ ᠬᠠᠷᠠᠬᠣᠷᠢᠨ ᠰᠤᠮᠤ ᠶᠢᠨ ᠲᠥᠪ ᠦᠨ ᠣᠶᠢᠷᠠᠯᠴᠠᠭ᠎ᠠ᠂ ᠡᠷᠲᠡᠨ ᠦ ᠬᠣᠲᠠ ᠬᠠᠷᠠᠬᠣᠷᠣᠮ ᠍ ᠤᠨ ᠲᠤᠭᠤᠷ ᠤᠨ ᠬᠠᠵᠠᠭᠤ ᠳᠤ ᠪᠠᠶᠢᠷᠢᠯᠠᠳᠠᠭ᠃ ᠡᠨᠡ ᠬᠡᠶᠢᠳ ᠳᠡᠯᠡᠬᠡᠢ ᠶᠢᠨ ᠥᠪᠳ ᠪᠦᠷᠢᠳᠬᠡᠭᠳᠡᠭᠰᠡᠨ ᠣᠷᠬᠣᠨ ᠤ ᠬᠥᠨᠳᠡᠢ ᠶᠢᠨ ᠰᠤᠶᠤᠯ ᠤᠨ ᠳᠤᠷᠠᠰᠬᠠᠯᠳ ᠪᠠᠭᠲᠠᠳᠠᠭ᠃ (ᠪᠦᠷᠢᠨ ᠠᠭᠤᠯᠭ᠎ᠠ ᠶᠢ ᠤᠩᠰᠢᠬᠤ)

ᠲᠦᠪ ᠠᠽᠢᠶ᠎ᠠ
ᠲᠦᠪ ᠠᠽᠢᠶ᠎ᠠ

ᠳᠤᠮᠳᠠ (ᠳᠤᠮᠳᠠᠳᠤ) ᠠᠽᠢᠶ᠎ᠠ (ᠬᠠᠭᠤᠴᠢᠨ ᠢᠶᠠᠷ ᠥᠷᠥᠨ᠎ᠡ ᠲᠦᠺᠰᠲᠠᠨ᠂ ᠣᠷᠣᠰ ᠤᠨ ᠲᠦᠺᠰᠲᠠᠨ) — ᠲᠥᠪ ᠠᠽᠢᠶ᠎ᠠ ᠍ ᠶᠢᠨ ᠪᠠᠷᠠᠭᠤᠨ ᠬᠠᠭᠠᠰ᠂ ᠵᠥᠪᠯᠡᠯᠲᠦ ᠬᠣᠯᠪᠣᠭᠠᠲᠤ ᠤᠯᠤᠰ ᠤᠨ ᠪᠦᠷᠢᠯᠳᠦᠬᠦᠨ ᠳᠦ ᠪᠠᠶᠢᠭᠰᠠᠨ ᠲᠠᠵᠢᠺᠢᠰᠲᠠᠨ᠂ ᠲᠦᠺᠮᠧᠨ᠂ ᠦᠽᠪᠸᠺᠢᠰᠲᠠᠨ᠂ ᠬᠠᠰᠠᠭ᠂ ᠬᠢᠷᠭᠢᠰ ᠲᠠᠪᠤᠨ ᠤᠯᠤᠰ ᠤᠨ ᠨᠤᠲᠤᠭ ᠢ ᠲᠦᠪ ᠠᠽᠢᠶ᠎ᠠ ᠬᠡᠮᠡᠨ ᠬᠠᠮᠲᠤᠳᠬᠠᠨ᠎ᠠ᠃ ᠲᠦᠪ ᠠᠽᠢᠶ᠎ᠠ ᠳᠤ ᠤᠰᠲ᠋ᠶᠤᠶᠢᠷᠲ᠂ ᠲᠤᠷᠠᠨ ᠤ ᠨᠠᠮ ᠳᠣᠣᠷ᠎ᠠ ᠭᠠᠵᠠᠷ᠂ ᠲᠤᠷᠤᠭᠠᠢ ᠶᠢᠨ ᠲᠡᠭᠰᠢ ᠥᠨᠳᠥᠷᠯᠢᠭ᠂ ᠰᠢᠷ᠎ᠠ ᠨᠢᠷᠤᠭᠤ᠂ ᠺᠣᠫᠧᠳᠳᠠᠭ᠂ ᠫᠠᠮᠢᠷ-ᠠᠯᠠᠢ᠂ ᠲᠢᠶᠠᠨᠱᠠᠨ (ᠲᠩᠷᠢ ᠠᠭᠤᠯᠠ), ᠵᠦᠩᠭᠠᠷ ᠤᠨ ᠠᠯᠲᠠᠢ᠂ ᠰᠢᠷ᠂ ᠲᠠᠷᠪᠠᠭᠠᠲᠠᠢ ᠶᠢᠨ ᠨᠢᠷᠤᠭᠤ᠂ ᠺᠠᠷᠠᠺᠦᠶᠢᠮ᠂ ᠺᠤᠰᠤᠯᠺᠦ᠋ᠮ ᠴᠥᠯ᠂ ᠠᠷᠠᠯ ᠲᠡᠩᠭᠢᠰ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠲᠣᠭᠠᠴᠠᠨ ᠪᠣᠳᠣᠬᠤ ᠰᠢᠩᠭᠡᠨ ᠦ ᠳ᠋ᠢᠨᠠᠮ
ᠲᠣᠭᠠᠴᠠᠨ ᠪᠣᠳᠣᠬᠤ ᠰᠢᠩᠭᠡᠨ ᠦ ᠳ᠋ᠢᠨᠠᠮᠢᠺ

ᠲᠣᠭᠠᠴᠠᠨ ᠪᠣᠳᠣᠬᠤ ᠰᠢᠩᠭᠡᠨ ᠦ ᠳ᠋ᠢᠨᠠᠮᠢᠺ ᠡᠰᠡᠪᠡᠯ (ᠰᠢᠩᠭᠡᠨ ᠦ ᠳ᠋ᠢᠨᠠᠮᠢᠺ ᠤᠨ ᠲᠣᠭᠠᠴᠠᠨ ᠪᠣᠳᠣᠬᠤ ᠠᠷᠭ᠎ᠠ) (ᠠᠩᠭᠯᠢ ᠪᠠᠷ computational fluid dynamic) ᠨᠢ ᠰᠢᠩᠭᠡᠨ ᠦ ᠮᠧᠬᠠᠨᠢᠭ ᠪᠤᠶᠤ ᠭᠢᠳ᠋ᠷᠠᠪᠯᠢᠺᠡᠶᠢᠨ ᠰᠤᠳᠤᠯᠭᠠᠨ ᠤ 3 ᠳᠠᠬᠢ ᠰᠢᠨ᠎ᠡ ᠬᠠᠨᠳᠤᠯᠭ᠎ᠠ ᠪᠣᠯᠵᠤ ᠬᠥᠭᠵᠢᠭᠰᠡᠨ ᠪᠠ ᠠᠩᠬ᠎ᠠ 1972 ᠣᠨ ᠳᠤ ᠫ᠂ ᠷᠣᠴᠡ ᠭᠡᠳᠡᠭ ᠡᠷᠳᠡᠮᠲᠡᠨ Computational Fluid dynamics ᠭᠡᠳᠡᠭ ᠨᠡᠷ᠎ᠡ ᠶᠢ ᠥᠭᠰᠥᠨᠢ ᠪᠡᠷ ᠰᠢᠰᠲ᠋ᠧᠮ ᠲᠡᠢ ᠪᠡᠷ ᠥᠷᠭᠡᠵᠢᠨ ᠬᠥᠭᠵᠢᠵᠡᠢ᠃ ᠲᠣᠭᠠᠴᠠᠨ ᠪᠣᠳᠣᠬᠤ ᠰᠢᠩᠭᠡᠨ ᠦ ᠳ᠋ᠢᠨᠠᠮᠢᠺ ᠭᠡᠳᠡᠭ ᠨᠢ ᠲᠣᠭᠠᠨ ᠠᠷᠭ᠎ᠠ ᠪᠣᠯᠤᠨ ᠠᠯᠭᠣᠷᠢᠲ᠋ᠮ ᠍ ᠤᠨ ᠲᠤᠰᠠᠯᠠᠮᠵᠢ ᠲᠠᠢ ᠪᠠᠷ ᠪᠠᠶᠢᠭᠠᠯᠢ ᠪᠣᠯᠤᠨ ᠣᠭᠲᠠᠷᠭᠤᠢ ᠳᠣ ᠤᠷᠤᠰᠢᠬᠤ ᠰᠢᠩᠭᠡᠨ ᠦ ᠬᠥᠳᠡᠯᠭᠡᠭᠡᠨ᠂ ᠹᠢᠽᠢᠺ ᠬᠡᠮᠵᠢᠭᠳᠡᠬᠦᠨ ᠡᠶ ᠲᠣᠭᠠᠴᠠᠨ ᠪᠣᠳᠣᠵᠤ ᠲᠣᠳᠣᠷᠬᠠᠶᠢᠯᠠᠳᠠᠭ ᠰᠠᠯᠪᠤᠷᠢ ᠰᠢᠨᠵᠢᠯᠡᠬᠦ ᠤᠬᠠᠭᠠᠨ ᠶᠤᠮ᠃ ᠣᠳᠣ ᠪᠠᠷ ᠢᠨᠵᠧᠨᠧᠷ ᠦᠨ ᠣᠯᠠᠨ ᠬᠡᠷᠡᠭᠴᠡᠭᠡᠨ ᠳᠦ ᠲᠤᠬᠠᠶᠢᠯᠠᠪᠠᠯ ᠡᠯᠧᠺᠲ᠋ᠷᠣᠨ ᠳ᠋ᠢᠨᠠᠮᠢᠺ᠂ ᠡᠷᠡᠭᠦᠯ ᠮᠡᠨᠳᠦᠬᠢᠮᠢ ᠶᠢᠨ ᠦᠢᠯᠡᠳᠪᠦᠷᠢᠯᠡᠯᠪᠣᠳᠠᠰ ᠤᠨ ᠲᠠᠷᠬᠠᠯᠲᠠᠡᠯᠧᠺᠲ᠋ᠷᠣᠨ ᠨᠧᠢᠲ᠋ᠷᠣᠨ ᠤ ᠰᠢᠯᠵᠢᠯᠲᠡᠴᠠᠭ ᠠᠭᠠᠷᠬᠡᠢ ᠪᠠ ᠰᠢᠩᠭᠡᠨ ᠦ ᠲᠡᠭᠡᠭᠡᠪᠦᠷᠢ ᠭᠡᠬᠦ ᠮᠡᠲᠦ ᠣᠯᠠᠨ ᠰᠠᠯᠪᠤᠷᠢ ᠳᠤ ᠠᠰᠢᠭᠯᠠᠭᠳᠠᠵᠤ ᠪᠠᠶᠢᠨ᠎ᠠ᠃ ᠥᠩᠭᠡᠷᠡᠭᠰᠡᠨ 10 ᠵᠢᠯ ᠦᠨ ᠬᠤᠭᠤᠴᠠᠭᠠᠨ ᠳᠤ "CFD" ᠪᠠᠭᠴᠠ ᠫᠷᠣᠭᠷᠠᠮ ᠤᠳ ᠰᠢᠨ᠎ᠡ ᠪᠡᠷ ᠲᠥᠷᠥᠨ ᠭᠠᠷᠴᠤ ᠬᠦᠴᠦᠷᠬᠡᠭᠵᠢᠨ ᠬᠡᠷᠡᠭᠯᠡᠭᠡᠨ ᠦ ᠬᠦᠷᠢᠶ᠎ᠡ ᠪᠡᠨ ᠲᠡᠯᠡᠭᠰᠡᠭᠡᠷ ᠪᠠᠶᠢᠭ᠎ᠠ ᠴᠤ CFD - ᠡᠶᠢᠨ ᠥᠪᠡᠷ ᠦᠨ ᠠᠯᠭᠣᠷᠢᠲ᠋ᠮ᠂ ᠺᠣᠮᠢᠫᠶᠦ᠋ᠲ᠋ᠧᠷ ᠦᠨ ᠬᠦᠴᠦᠨ ᠴᠢᠳᠠᠯ ᠠᠴᠠ ᠬᠠᠮᠢᠶᠠᠷᠤᠭᠠᠳ ᠥᠭᠡᠷ᠎ᠡ ᠥᠭᠡᠷ᠎ᠡ ᠦᠷ᠎ᠡ ᠳ᠋ᠦᠩ ᠨᠦᠭᠦᠳ ᠢ ᠥᠭᠴᠦ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠮᠣᠩᠭᠣᠯ ᠪᠢᠴᠢᠭ
ᠮᠣᠩᠭᠣᠯ ᠪᠢᠴᠢᠭ

ᠠᠪᠢᠶ᠎ᠠ ᠲᠡᠮᠳᠡᠭᠯᠡᠬᠦ ᠲᠡᠮᠳᠡᠭᠲᠦ ᠨᠦᠭᠦᠳ ᠢ ᠨᠢ ᠮᠣᠩᠭᠣᠯ ᠦᠰᠦᠭ᠂ ᠲᠡᠷᠡᠬᠦ ᠦᠰᠦᠭ ᠢᠶᠡᠷ ᠪᠢᠴᠢᠭᠰᠡᠨ ᠵᠦᠢᠯᠡᠰ ᠢ ᠮᠣᠩᠭᠣᠯ ᠪᠢᠴᠢᠭ ᠭᠡᠵᠦ ᠨᠡᠷᠡᠯᠡᠬᠦ ᠨᠢᠭᠡᠨ ᠵᠦᠢᠯ ᠦᠰᠦᠭ ᠪᠢᠴᠢᠭ ᠡᠳᠦᠭᠡ ᠪᠠᠶᠢᠨ᠎ᠠ᠃ ᠡᠨᠡ ᠦᠰᠦᠭ ᠪᠢᠴᠢᠭ ᠢ 6-7 ᠍ ᠳᠦᠭᠡᠷ ᠵᠠᠭᠤᠨ ᠠᠴᠠ ᠡᠬᠢᠯᠡᠭᠡᠳ ᠥᠨᠥ ᠦᠶ᠎ᠡ ᠳᠦ ᠴᠤ ᠭᠡᠰᠡᠨ ᠮᠣᠩᠭᠣᠯ ᠦᠨᠳᠦᠰᠦᠲᠡᠨ ( ᠮᠣᠩᠭᠣᠯ ᠤᠭᠰᠠᠭᠠᠲᠠᠨ ) ᠬᠡᠯᠡ ᠠᠶᠠᠯᠭᠤ ᠶᠢ ᠪᠠᠨ ᠲᠡᠮᠳᠡᠭᠯᠡᠬᠦ ᠳᠦ ᠬᠡᠷᠡᠭᠯᠡᠭᠰᠡᠭᠡᠷ ᠢᠷᠡᠯ᠎ᠡ᠃ ᠡᠳᠦᠭᠡ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠦ ᠮᠣᠩᠭᠣᠯ ᠬᠡᠯᠡ ᠵᠢ ᠲᠡᠮᠳᠡᠭᠯᠡᠬᠦ ᠳᠦ ᠠᠯᠪᠠᠨ ᠶᠣᠰᠣᠭᠠᠷ ᠬᠡᠷᠡᠭᠯᠡᠳᠡᠭ ᠪᠣᠯ ᠮᠣᠩᠭᠣᠯ ᠤᠯᠤᠰ ᠲᠦ ᠮᠣᠩᠭᠣᠯ ᠬᠡᠯᠡ ᠶᠢ ᠲᠡᠮᠳᠡᠭᠯᠡᠬᠦ ᠬᠣᠶᠠᠳᠠᠭᠴᠢ ᠪᠢᠴᠢᠭ ᠪᠣᠯᠭᠠᠨ ᠬᠡᠷᠡᠭᠯᠡᠵᠦ᠂ ᠲᠥᠷᠥ ᠶᠢᠨ ᠠᠯᠪᠠᠨ ᠬᠡᠷᠡᠭ ᠲᠦ ᠵᠠᠷᠢᠮ ᠪᠠᠶᠢᠳᠠᠯ ᠢᠶᠠᠷ ᠬᠡᠷᠡᠭᠯᠡᠵᠦ ᠪᠠᠶᠢᠨ᠎ᠠ᠃ ᠨᠡᠶᠢᠲᠡ 26 ᠦᠰᠦᠭ ᠲᠡᠢ ᠪᠥᠭᠡᠳ ᠡᠭᠦᠨ ᠡᠴᠡ ᠭᠠᠳᠠᠭᠠᠳᠤ ᠦᠭᠡ ᠶᠢ ᠲᠡᠮᠳᠡᠭᠯᠡᠬᠦ 9 ᠦᠰᠦᠭ ᠲᠡᠢ᠃ ᠠᠩᠬᠠᠨ ᠤ ᠠᠪᠢᠶᠠᠨ ᠤ ᠪᠢᠴᠢᠭ ᠥᠷᠥᠨ᠎ᠡ ᠵᠦᠭ ᠳᠡᠯᠭᠡᠷᠡᠨ ᠭᠷᠧᠺ᠂ ᠯᠠᠲ᠋ᠢᠨ ᠴᠠᠭᠠᠨ ᠲᠣᠯᠣᠭᠠᠢ ᠶᠢᠨ ᠦᠨᠳᠦᠰᠦ ᠪᠣᠯᠵᠠᠢ᠃ ᠳᠣᠷᠣᠨ᠎ᠠ ᠵᠦᠭ ᠳᠡᠯᠭᠡᠷᠡᠭᠰᠡᠨ ᠨᠢ ᠠᠷᠠᠮᠧᠢ᠂ ᠰᠢᠷᠢ᠂ ᠰᠣᠭᠳᠠ ᠪᠠᠷ ᠳᠠᠮᠵᠢᠨ ᠤᠶᠢᠭᠤᠷ᠂ ᠮᠣᠩᠭᠣᠯ ᠪᠢᠴᠢᠭ ᠦᠨ ᠴᠠᠭᠠᠨ ᠲᠣᠯᠣᠭᠠᠢ ᠶᠢᠨ ᠦᠨᠳᠦᠰᠦ ᠪᠣᠯᠵᠠᠢ᠃ ᠮᠣᠩᠭᠣᠯᠴᠤᠳ ᠤᠨ ᠡᠷᠲᠡᠨ ᠦ ᠡᠪᠦᠭᠡ ᠪᠣᠯᠬᠤ ᠾᠢᠦᠩᠨᠦ᠂ ᠰᠢᠶᠠᠨᠪᠢ᠂ ᠮᠠᠨ᠂ ᠲᠣᠪᠠ᠂ ᠷᠡᠦᠷᠠᠨ ᠨᠠᠷ ᠲᠤᠰ ᠲᠤ ᠪᠠᠨ ᠪᠢᠴᠢᠭ ᠲᠠᠢ ᠪᠠᠶᠢᠭᠰᠠᠨ ᠢ ᠰᠤᠳᠤᠯᠤᠭᠠᠴᠢᠳ ᠨᠣᠲᠠᠯᠠᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠠᠽᠢᠶ᠎ᠠ
ᠠᠽᠢᠶ᠎ᠠ

ᠠᠽᠢᠶ᠎ᠠ ᠳᠡᠯᠡᠬᠡᠢ ᠶᠢᠨ ᠬᠠᠮᠤᠭ ᠤᠨ ᠲᠣᠮᠣ ᠭᠠᠵᠠᠷ ᠨᠤᠲᠤᠭ᠂ ᠬᠠᠮᠤᠭ ᠤᠨ ᠣᠯᠠᠨ ᠬᠦᠮᠦᠨ ᠲᠡᠢ ᠲᠢᠪ ᠶᠤᠮ᠃ ᠳᠡᠯᠡᠬᠡᠢ ᠶᠢᠨ ᠪᠥᠮᠪᠥᠷᠴᠡᠭ ᠦᠨ ᠳᠣᠷᠣᠨᠠᠲᠤ ᠪᠣᠯᠤᠨ ᠤᠮᠠᠷᠠᠳᠤ ᠬᠠᠭᠠᠰ ᠲᠤ ᠭᠠᠵᠠᠷ ᠤᠨ ᠭᠠᠳᠠᠷᠭᠤ ᠶᠢᠨ 8.7%᠂ ᠬᠠᠭᠤᠷᠠᠢ ᠭᠠᠵᠠᠷ ᠤᠨ 30% ᠶᠢ ᠡᠵᠡᠯᠡᠨ ᠣᠷᠣᠰᠢᠵᠤ ᠪᠠᠶᠢᠨ᠎ᠠ᠃ ᠠᠽᠢᠶ᠎ᠠ ᠲᠢᠪ ᠲᠦ ᠬᠦᠮᠦᠨ ᠲᠥᠷᠥᠯᠬᠢᠲᠡᠨ ᠦ 60 ᠬᠤᠪᠢ ᠪᠣᠯᠤᠭᠰᠠᠨ 4.4 ᠲᠡᠷᠪᠤᠮ ᠬᠦᠮᠦᠨ ᠠᠵᠤ ᠲᠥᠷᠥᠨ ᠰᠠᠭᠤᠵᠤ ᠪᠠᠶᠢᠨ᠎ᠠ᠃ ᠠᠽᠢᠶ᠎ᠠ ᠲᠢᠪ ᠧᠦ᠋ᠷᠣᠫᠠ ᠲᠢᠪ ᠬᠣᠯᠪᠣᠭ᠎ᠠ ᠲᠠᠢ ᠪᠥᠭᠡᠳ ᠧᠦ᠋ᠷᠠᠽᠢᠶ ᠠ ᠶᠢᠨ ᠡᠬᠡ ᠭᠠᠵᠠᠷ ᠬᠡᠮᠡᠨ ᠨᠡᠷᠡᠯᠡᠳᠡᠭ᠃ ᠲᠡᠭᠡᠭᠡᠳ ᠠᠽᠢᠶ᠎ᠠ᠂ ᠧᠦ᠋ᠷᠣᠫᠠ ᠶᠢᠨ ᠬᠢᠯᠢ ᠬᠢᠵᠠᠭᠠᠷ ᠢ ᠬᠡᠳᠦ ᠬᠡᠳᠦᠨ ᠶᠠᠩᠵᠤ ᠪᠠᠷ ᠵᠢᠷᠤᠳᠠᠭ᠃ ᠳᠡᠶᠢᠯᠦᠩᠬᠢ ᠣᠯᠠᠩᠬᠢ ᠶᠢᠨ ᠪᠣᠳᠣᠭᠰᠠᠨ ᠪᠠᠷ ᠪᠠᠷᠠᠭᠤᠨ ᠲᠠᠯ᠎ᠠ ᠨᠢ ᠤᠯᠠᠭᠠᠨ ᠲᠡᠩᠭᠢᠰ᠂ ᠰᠤᠡᠴᠡ ᠶᠢᠨ ᠰᠤᠪᠠᠭ᠂ ᠬᠠᠷ᠎ᠠ ᠲᠡᠩᠭᠢᠰ᠂ ᠺᠠᠸᠬᠠᠰ ᠤᠨ ᠨᠢᠷᠤᠭᠤ᠂ ᠺᠠᠰᠫ ᠦᠨ ᠲᠡᠩᠭᠢᠰ᠂ ᠤᠷᠠᠯ ᠭᠣᠣᠯ᠂ ᠤᠷᠠᠯ ᠤᠨ ᠨᠢᠷᠤᠭᠤ ᠪᠠᠷ ᠵᠢᠷᠤᠳᠠᠭ᠃ ᠵᠡᠭᠦᠨ ᠲᠠᠯ᠎ᠠ ᠨᠢ ᠨᠣᠮᠣᠬᠠᠨ ᠳᠠᠯᠠᠢ ᠬᠦᠷᠴᠦ᠂ ᠡᠮᠦᠨᠡᠲᠦ ᠲᠠᠯ᠎ᠠ ᠪᠠᠷ ᠢᠶᠠᠨ ᠡᠨᠡᠳᠬᠡᠭ ᠦᠨ ᠳᠠᠯᠠᠢ᠂ ᠤᠮᠠᠷᠠᠳᠤ ᠲᠠᠯ᠎ᠠ ᠪᠠᠷ ᠢᠶᠠᠨ ᠤᠮᠠᠷᠠᠳᠤ ᠮᠥᠰᠦᠨ ᠳᠠᠯᠠᠢ ᠳᠤ ᠲᠤᠯᠳᠠᠭ᠃ ᠠᠽᠢᠶ᠎ᠠ ᠲᠢᠪ ᠡᠷᠲᠡᠨ ᠦ ᠲᠡᠦᠬᠡ ᠲᠡᠢ᠂ ᠡᠷᠲᠡᠨ ᠦ ᠰᠤᠶᠤᠯ ᠲᠠᠢ᠂ ᠶᠠᠰᠤ ᠦᠨᠳᠦᠰᠦ᠂ ᠬᠡᠯᠡ ᠰᠤᠶᠤᠯ᠂ ᠲᠥᠷᠥ ᠵᠠᠰᠠᠭ ᠤᠨ ᠤᠯᠠᠮᠵᠢᠯᠠᠯ ᠣᠯᠠᠨ ᠶᠠᠩᠵᠤ᠂ ᠪᠠᠶᠢᠭᠠᠯᠢ ᠶᠢᠨ ᠲᠣᠭᠲᠠᠴᠠ ᠥᠪᠡᠷᠮᠢᠴᠡ᠂ ᠭᠠᠵᠠᠷ ᠪᠤᠯᠭᠠᠨ ᠳᠤ ᠬᠠᠷᠢᠯᠴᠠᠨ ᠠᠳᠠᠯᠢ ᠪᠤᠰᠤ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)

ᠸᠢᠺᠢ ᠤᠬᠠᠭᠠᠨ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠸᠢᠺᠢ ᠤᠬᠠᠭᠠᠨ》 (www.uhaan.com ᠪᠤᠶᠤ wiki.uhaan.com)  ᠤ ᠰᠢᠨ᠎ᠡ ᠬᠡᠪ ᠮᠡᠨᠳᠦᠯᠡᠭᠰᠡᠨ ᠵᠠᠷᠯᠠᠯ ᠳᠤ ᠬᠠᠨᠳᠤᠭᠰᠠᠨ ᠲᠠ ᠪᠦᠬᠦᠨ ᠳᠦ ᠪᠠᠶᠠᠷᠯᠠᠯ᠎ᠠ᠃ 《ᠸᠢᠺᠢ ᠤᠬᠠᠭᠠᠨ》 ᠰᠦᠯᠵᠢᠶ᠎ᠡ ᠪᠤᠯ ᠣᠯᠠᠨ ᠤᠯᠤᠰ ᠤᠨ ᠪᠠᠷᠢᠮᠵᠢᠶ᠎ᠠ ᠺᠣᠳ᠋ (unicode)  ᠳ᠌ᠤ᠋ ᠰᠠᠭᠤᠷᠢᠯᠠᠭᠰᠠᠨ ᠮᠤᠩᠭᠤᠯ ᠪᠢᠴᠢᠭ ᠦᠨ ᠰᠦᠯᠵᠢᠶᠡᠨ ᠨᠡᠪᠲᠡᠷᠬᠡᠢ ᠲᠤᠯᠢ  ᠶᠤᠮ᠃ 《 ᠣᠬᠠᠭᠠᠨ 》 ᠭᠡᠳᠡᠭ  ᠨᠢ ᠮᠤᠩᠭᠤᠯᠴᠤᠳ  ᠤᠨ ᠣᠢ ᠪᠢᠯᠢᠭ ᠂ ᠣᠣᠷ ᠴᠢᠳᠠᠪᠣᠷᠢ ᠂ ᠣᠶᠢᠯᠠᠭᠠᠨ ᠮᠡᠳᠡᠷᠡᠬᠦᠢ ᠶᠢᠨ ᠪᠡᠯᠭᠡᠳᠡᠯ ᠪᠤᠯᠭᠠᠵᠤ ᠬᠡᠷᠡᠭᠯᠡᠭᠰᠡᠨ ᠬᠦᠨ ᠣᠳᠬ᠎ᠠ ᠲᠠᠢ ᠦᠭᠡ ᠪᠢᠯᠡ ᠃ 《 ᠸᠢᠺᠢ》 ᠭᠡᠳᠡᠭ ᠨᠢ ᠬᠦᠮᠦᠨ ᠪᠤᠯᠭᠠᠨ ᠢᠨᠲ᠋ᠸᠷᠨ᠋ᠸᠲ ᠲᠠᠪᠴᠠᠩ ᠶᠢᠡᠷ ᠳᠠᠮᠵᠢᠨ ᠣᠷᠣᠯᠴᠠᠵᠣ ᠪᠤᠯᠳᠠᠭ ᠴᠢᠯᠦᠭᠡᠲᠠᠢ᠂ ᠨᠡᠭᠡᠭᠡᠯᠲᠡᠳᠡᠢ ᠭᠡᠬᠦ ᠤᠳᠬ᠎ᠠ ᠪᠡᠷ ᠢᠶᠠᠨ ᠣᠨᠴᠠᠯᠠᠭᠳᠠᠨ᠎ᠠ᠃ 《ᠸᠢᠺᠢ ᠤᠬᠠᠭᠠᠨ》 ᠭᠡᠳᠡᠭ ᠨᠡᠷ᠎ᠡ ᠪᠡᠷ ᠦᠷᠭᠡᠨ ᠮᠡᠳᠡᠯᠭᠡ ᠶᠢᠨ ᠬᠡᠪᠴᠢᠶ᠎ᠡ ᠵᠢ ᠬᠠᠮᠤᠷᠠᠭᠰᠠᠨ ᠂ ᠴᠢᠯᠦᠭᠡᠲᠡᠢ ᠂ ᠬᠦᠮᠦᠨ ᠪᠦᠬᠦᠨ ᠣᠷᠤᠯᠴᠠᠵᠤ ᠪᠤᠯᠳᠠᠭ ᠲᠤᠰ ᠲᠠᠪᠴᠠᠩ ᠤᠨ ᠨᠡᠷᠡᠢ᠋ᠳᠦᠯ ᠪᠤᠯᠭᠠᠭᠰᠠᠨ ᠨᠢ ᠡᠢ᠋ᠮᠦ ᠣᠴᠢᠷ ᠲᠠᠢ ᠃

ᠸᠢᠺᠢ ᠣᠬᠠᠭᠠᠨ ᠤ ᠲᠣᠬᠠᠢ ᠨᠡᠩ ᠰᠠᠢᠨ ᠣᠶᠢᠯᠠᠭᠠᠵᠣ ᠢᠳᠡᠪᠬᠡᠢᠯᠡᠨ ᠣᠷᠣᠯᠴᠠᠬᠣ ᠳᠤ 《ᠪᠦᠷᠢᠨ ᠠᠭᠣᠯᠭ᠎ᠠ ᠶᠢ ᠣᠩᠰᠢᠬᠣ》 ᠲᠠᠷᠣᠪᠴᠢ ᠶᠢ ᠲᠠᠷᠣᠵᠤ ᠨᠠᠷᠢᠨ ᠠᠭᠣᠯᠭ᠎ᠠ ᠶᠢ ᠣᠩᠰᠢᠭᠠᠷᠠᠢ ᠃ ᠲᠠ ᠣᠯᠠᠨ ᠬᠡᠷᠡᠭᠯᠡᠭᠴᠢᠳ  ᠤᠨ ᠲᠤᠰᠤᠯ ᠤᠰᠤ ᠰᠢᠭ ᠲᠤᠰᠠ ᠨᠡᠮᠡᠷᠢ ᠨᠢ ᠸᠢᠺᠢ ᠤᠬᠠᠭᠠᠨ ᠨᠡᠪᠲᠡᠷᠬᠡᠢ ᠲᠤᠯᠢ  ᠳᠦ ᠳᠠᠯᠠᠢ ᠶᠡᠭᠡ ᠰᠤᠶᠤᠯ ᠰᠢᠨᠵᠢᠯᠡᠬᠦ ᠤᠬᠠᠭᠠᠨ ᠦ ᠮᠡᠳᠡᠯᠭᠡ ᠂ ᠵᠠᠨᠭᠬᠢ ᠬᠤᠷᠠᠮᠳᠤᠭᠤᠯᠬᠤ ᠪᠤᠯᠤᠨ᠎ᠠ᠃ (ᠪᠦᠷᠢᠨ ᠠᠭᠤᠯᠭ᠎ᠠ ᠶᠢ ᠤᠩᠰᠢᠬᠤ)

  1. Article 1. Constitution of Malaysia.
  2. 2.0 2.1 CIA. The World Fact Book. Malaysia. Retrieved December 9 2006.

ᠪᠢᠴᠢᠭᠡᠰᠦ