ᠣᠨᠤᠭ ᠲᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠣᠩᠬᠣᠣ ᠳᠤ᠂ ᠣᠩᠬᠣᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠦᠩᠨᠦ ᠶᠢᠨ ᠸᠡᠩᠡᠶᠲ᠋ᠢ ᠠᠶᠢᠮᠠᠭ ᠥᠪᠥᠷ ᠮᠣᠩᠭᠣᠯ ᠳᠤ ᠨᠤᠲᠤᠭᠯᠠᠵᠤ ᠪᠠᠶᠢᠪᠠ

ᠣᠨᠤᠭ ᠲᠤ ᠨᠡᠷ᠎ᠡ ᠨᠢ "ᠣᠩᠭᠣᠨ᠂ ᠳᠠᠷᠬᠠᠯᠠᠭᠳᠠᠭᠰᠠᠨ" ᠭᠡᠰᠡᠨ ᠤᠳᠬ᠎ᠠ ᠳᠠ ᠮᠣᠩᠭᠣᠯ ᠦᠭᠡ᠃ ᠮᠥᠨ ᠲᠦᠷᠦᠭ ᠬᠡᠯᠡᠨ ᠦ "ᠣᠨ" (ᠪᠠᠷᠠᠭᠤᠨ) ᠦᠭᠡᠨ ᠡᠴᠡ ᠡᠭᠦᠰᠦᠯᠲᠡᠢ ᠭᠡᠰᠡᠨ ᠬᠤᠪᠢᠯᠪᠤᠷᠢ ᠪᠤᠢ᠃ᠣᠨᠤᠭ ᠲᠤ ᠠᠶᠢᠮᠠᠭ ᠮᠣᠩᠭᠣᠯ ᠤᠨ ᠥᠨᠳᠥᠷᠯᠢᠭ ᠦᠨ ᠪᠠᠷᠠᠭᠤᠨ ᠬᠡᠰᠡᠭ ᠪᠤᠶᠤ ᠮᠣᠩᠭᠣᠯ ᠬᠡᠯᠡᠲᠡᠨ ᠦ ᠪᠡᠨ ᠪᠠᠷᠠᠭᠤᠨ ᠵᠠᠬ᠎ᠠ ᠪᠠᠷ ᠨᠤᠲᠤᠭᠰᠢᠵᠤ ᠪᠠᠶᠢᠭᠰᠠᠨ ᠠᠴᠠ ᠢᠩᠭᠢᠵᠦ ᠨᠡᠷᠡᠶᠢᠳᠦᠭᠳᠡᠭᠰᠡᠨ ᠪᠠᠶᠢᠵᠤ ᠪᠣᠯᠤᠨ᠎ᠠ᠃ ᠣᠩᠬᠣᠣ ᠳᠤ ᠭᠡᠵᠦ ᠦᠭᠡ ᠶᠢᠨ ᠪᠦᠲᠦᠴᠡ ᠶᠢ " ᠣᠨ+ᠣᠯᠠᠨ ᠲᠣᠭᠠᠨ ᠤ ᠳᠠᠭᠠᠪᠤᠷᠢ=ᠣᠨ+ᠳ ᠣᠩᠬᠣᠣ ᠳᠤ" ᠭᠡᠵᠦ ᠵᠠᠳᠠᠯᠵᠤ ᠪᠣᠯᠤᠨ᠎ᠠ᠃

ᠲᠡᠦᠬᠡᠴᠢ ᠭ᠃ᠰᠦᠬᠡᠪᠠᠭᠠᠲᠤᠷ ᠡᠷᠲᠡᠨ ᠦ ᠬᠢᠲᠠᠳ ᠬᠡᠯᠡ ᠶᠢ ᠰᠠᠶᠢᠲᠤᠷ ᠡᠵᠡᠮᠰᠢᠭᠰᠡᠨ ᠰᠤᠳᠤᠯᠤᠭᠠᠴᠢ ᠪᠠᠶᠢᠪᠠ᠃ ᠲᠡᠷᠡ ᠪᠡᠷ ᠾᠦᠩᠨᠦᠭᠡᠶᠢᠨ ᠸᠡᠩᠡᠶᠲ᠋ᠢ ᠠᠶᠢᠮᠠᠭ ᠤᠨ ᠨᠡᠷ᠎ᠡ ᠪᠣᠯ ᠣᠩᠭᠤᠳ ᠤᠨ ᠡᠷᠲᠡᠨ ᠦ ᠬᠢᠲᠠᠳ ᠬᠡᠯᠡ ᠳᠡᠭᠡᠷᠡᠬᠢ ᠳᠠᠭᠤᠳᠠᠯᠭ᠎ᠠ ᠮᠥᠨ ᠭᠡᠵᠦ ᠦᠵᠡᠭᠰᠡᠨ ᠪᠠᠶᠢᠳᠠᠭ᠃ ᠥᠪᠦᠷ ᠮᠣᠩᠭᠣᠯ ᠤᠨ ᠨᠢᠭᠡᠨ ᠡᠷᠲᠡᠨ ᠦ ᠪᠠᠯᠭᠠᠰᠤᠨ ᠠᠴᠠ ᠣᠯᠠᠨ ᠲᠣᠭᠠᠨ ᠤ ᠾᠷᠢᠰᠤᠰ ᠤᠨ ᠱᠠᠰᠢᠨ ᠤ ᠵᠠᠭᠠᠯᠮᠠᠢ ᠣᠯᠳᠠᠭᠰᠠᠨ ᠪᠠᠶᠢᠳᠠᠭ᠃ ᠬᠠᠷᠢᠨ ᠮᠣᠩᠭᠣᠯ ᠤᠨ ᠨᠤᠲᠤᠭ ᠠᠴᠠ ᠨᠠᠶᠢᠮᠠᠨ ᠪᠣᠯᠤᠨ ᠬᠡᠷᠡᠶᠢᠳ ᠦᠨ ᠬᠠᠨᠯᠢᠭ ᠤᠨ ᠦᠯᠡᠳᠡᠭᠡᠭᠰᠡᠨ ᠣᠯᠳᠠᠪᠤᠷᠢ ᠨᠤᠭᠤᠳ ᠪᠤᠶᠤ ᠾᠷᠢᠰᠤᠰ ᠤᠨ ᠱᠠᠰᠢᠨ ᠤ ᠵᠠᠭᠠᠯᠮᠠᠢ᠂ ᠪᠤᠯᠠᠰᠢ ᠶᠡᠬᠡ ᠪᠡᠷ ᠣᠯᠳᠠᠳᠠᠭ ᠪᠥᠭᠡᠳ ᠲᠡᠳᠡ ᠨᠧᠰᠲ᠋ᠣᠷ ᠤᠷᠤᠰᠬᠠᠯ ᠢ ᠰᠢᠲᠦᠳᠡᠭ ᠪᠠᠶᠢᠭᠰᠠᠨ ᠢ ᠦᠭᠡᠶᠢᠰᠬᠡᠬᠦ ᠶᠢᠨ ᠠᠷᠭ᠎ᠠ ᠦᠭᠡᠢ ᠶᠤᠮ᠃

http://wiki.uhaan.com/index.php?title=ᠣᠨᠤᠭ ᠲᠤ&oldid=415534》 ᠍  ᠡᠴᠡ ᠠᠪᠤᠭᠰᠠᠨ

ᠪᠢᠴᠢᠭᠡᠰᠦ