ᠣᠨᠣᠨ ᠭᠣᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠣᠨᠣᠨ ᠭᠣᠣᠯ

ᠬᠡᠨᠲᠡᠢ ᠠᠶᠢᠮᠠᠭ ᠲᠤ
ᠡᠬᠡ ᠬᠡᠨᠲᠡᠢ ᠶᠢᠨ ᠨᠢᠷᠤᠭᠤ
ᠠᠳᠠᠭ ᠰᠢᠯᠢᠺᠠ ᠭᠣᠣᠯ ᠺ ᠢᠶᠠᠷᠳᠤᠨ᠎ᠠ ᠳᠤ: 51°42′21″N 115°50′40″E / 表达式错误:未预料的<操作符 表达式错误:未预料的<操作符 / 表达式错误:未预料的<操作符; 表达式错误:未预料的<操作符
ᠤᠷᠲᠤ 818 ᠺᠢᠯᠣᠮᠧᠲ᠋ᠷ
ᠤᠷᠤᠰᠠᠴᠠ 191 ᠺᠦᠪ ᠮᠧᠲ᠋ᠷ/ᠰ
ᠤᠰᠤ ᠴᠤᠭᠯᠠᠭᠤᠯᠬᠤ ᠲᠠᠯᠠᠪᠠᠢ 94,010 ᠺᠦᠸᠠᠳ᠋ ᠺᠢᠯᠣᠮᠧᠲ᠋ᠷ

ᠣᠨᠣᠨ ᠭᠣᠣᠯ ᠨᠢ ᠮᠣᠩᠭᠣᠯ ᠤᠯᠤᠰ ᠍ ᠤᠨ ᠬᠡᠨᠲᠡᠢ ᠶᠢᠨ ᠨᠢᠷᠤᠭᠤᠨ ᠠᠴᠠ ᠡᠬᠢ ᠠᠪᠳᠠᠭ᠂ ᠬᠠᠷ᠎ᠠ ᠮᠥᠷᠡᠨ ᠦ ᠨᠢᠭᠡᠨ ᠰᠠᠯᠠᠭ᠎ᠠ ᠭᠣᠣᠯ ᠶᠤᠮ᠃ ᠤᠰᠤ ᠴᠤᠭᠯᠠᠭᠤᠯᠬᠤ ᠲᠠᠯᠠᠪᠠᠢ ᠨᠢ 94,010 ᠺᠦᠸᠠᠳ᠋ ᠺᠢᠯᠣᠮᠧᠲ᠋ᠷ᠃

ᠵᠡᠭᠦᠨ ᠬᠣᠶᠢᠳᠤ ᠵᠦᠭ ᠢ ᠴᠢᠭᠯᠡᠨ ᠮᠣᠩᠭᠣᠯ ᠤᠨ ᠨᠤᠲᠤᠭ ᠢᠶᠠᠷ 298 ᠺᠢᠯᠣᠮᠧᠲ᠋ᠷ ᠵᠠᠮ ᠲᠤᠭᠤᠯᠵᠤ᠂ ᠣᠷᠣᠰ ᠤᠨ ᠬᠣᠯᠪᠣᠭᠠᠨ ᠤ ᠤᠯᠤᠰ ᠍ ᠤᠨ ᠬᠢᠯᠢ ᠶᠢ ᠳᠠᠪᠠᠵᠤ᠂ ᠰᠢᠪᠢᠷᠢ ᠶᠢᠨ ᠪᠠᠶᠢᠭᠠᠯᠢ ᠶᠢᠨ ᠴᠢᠨᠠᠳᠤ ᠬᠢᠵᠠᠭᠠᠷ ᠍ ᠤᠨ ᠨᠤᠲᠤᠭ ᠢᠶᠠᠷ ᠳᠠᠭᠠᠷᠢᠨ᠎ᠠ᠃ 445 ᠺᠢᠯᠣᠮᠧᠲ᠋ᠷ ᠮᠣᠩᠭᠣᠯ ᠤᠨ ᠨᠤᠲᠤᠭ ᠢᠶᠠᠷ ᠤᠷᠤᠰᠬᠤ ᠪᠥᠭᠡᠳ ᠨᠡᠶᠢᠲᠡ 818 ᠺᠢᠯᠣᠮᠧᠲ᠋ᠷ ᠤᠷᠤᠰᠤᠭᠠᠳ᠂ ᠢᠩ ᠢᠶᠢᠳᠠ ᠭᠣᠣᠯᠲᠣᠢ ᠨᠡᠶᠢᠯᠡᠵᠦ ᠰᠢᠯᠢᠺᠠ ᠭᠣᠣᠯ ᠍ ᠢ ᠡᠭᠦᠰᠬᠡᠨ᠎ᠡ᠃

ᠶᠡᠬᠡ ᠮᠣᠩᠭᠣᠯ ᠤᠯᠤᠰ ᠍ ᠢ ᠦᠨᠳᠦᠰᠦᠯᠡᠭᠴᠢ ᠴᠢᠩᠭᠢᠰ ᠬᠠᠭᠠᠨ ᠣᠨᠣᠨ ᠭᠣᠣᠯ ᠤᠨ ᠳᠡᠭᠡᠳᠦ ᠪᠡᠶ᠎ᠡ ᠳ᠋ᠡᠬᠢ ᠳᠡᠯᠢᠭᠦᠨ ᠪᠣᠯᠳᠣᠭ ᠲᠤ ᠲᠦᠷᠦᠭᠰᠡᠨ ᠭᠡᠭᠳᠡᠳᠡᠭ ᠪᠥᠭᠡᠳ 1206 ᠣᠨ ᠳᠤ ᠲᠡᠭᠦᠨ ᠢ ᠶᠡᠬᠡ ᠬᠠᠭᠠᠨ ᠳᠤ ᠡᠷᠭᠦᠮᠵᠢᠯᠡᠬᠦ ᠶᠡᠬᠡ ᠬᠤᠷᠠᠯᠳᠠᠢ ᠴᠤ ᠪᠠᠰᠠ ᠣᠨᠣᠨ ᠭᠣᠣᠯ ᠤᠨ ᠬᠥᠪᠡᠭᠡᠨ ᠳᠤ ᠪᠣᠯᠵᠠᠢ᠃

ᠣᠨᠣᠨ ᠭᠣᠣᠯ ᠤᠨ ᠤᠰᠤ ᠨᠢ 10 ᠰᠠᠷ᠎ᠠ ᠶᠢᠨ ᠰᠡᠭᠦᠯ ᠡᠴᠡ ᠵᠠᠶᠢᠷᠲᠤᠵᠤ 11 ᠰᠠᠷ᠎ᠠ ᠶᠢᠨ 2 ᠍ ᠳᠦᠭᠡᠷ ᠬᠠᠭᠠᠰ ᠲᠤ ᠬᠠᠳᠤᠭᠠᠯᠠᠵᠤ᠂ 150-170 ᠬᠣᠨᠣᠭ ᠮᠥᠰᠥ ᠪᠡᠷ ᠬᠤᠴᠢᠭᠳᠠᠨ᠎ᠠ᠃ ᠮᠥᠰᠦᠨ ᠦ ᠳᠤᠮᠳᠠᠴᠢ ᠵᠤᠵᠠᠭᠠᠨ 1.2-1.5 ᠮ ᠬᠦᠷᠡᠨ᠎ᠡ᠃ ᠤᠷᠤᠰᠬᠠᠯ ᠬᠤᠷᠳᠤ ᠲᠠᠢ ᠠᠭᠤᠯᠠ ᠶᠢᠨ ᠭᠣᠣᠯ ᠤᠴᠢᠷ ᠠᠴᠠ ᠨᠠᠮᠤᠷ ᠤᠨ ᠵᠠᠶᠢᠷ ᠬᠠᠷᠢᠴᠠᠩᠭᠤᠢ ᠣᠯᠠᠨ ᠬᠣᠨᠣᠭ (14-25) ᠦᠷᠭᠦᠯᠵᠢᠯᠡᠨ᠎ᠡ᠃ 4 ᠰᠠᠷ᠎ᠠ ᠭᠠᠷᠴᠤ ᠳᠤᠯᠠᠭᠠᠷᠠᠩᠭᠤᠲᠠ ᠭᠣᠣᠯ ᠤᠨ ᠮᠥᠰᠥ ᠭᠡᠰᠴᠢ ᠰᠥᠩ ᠲᠦᠷᠡᠪᠡᠴᠦ ᠠᠭᠤᠯᠠ ᠶᠢᠨ ᠴᠠᠰᠤ ᠬᠠᠶᠢᠯᠠᠵᠤ ᠬᠠᠪᠤᠷ ᠤᠨ ᠦᠶᠡᠷ ᠪᠠᠭᠤᠬᠤ ᠲᠤᠯᠠ ᠲᠡᠳᠦᠢ ᠯᠠ ᠤᠳᠠᠭᠠᠨ ᠦᠷᠭᠦᠯᠵᠢᠯᠡᠬᠦ ᠦᠭᠡᠢ ᠴᠡᠯᠮᠡᠨ᠎ᠡ᠃

ᠣᠨᠣᠨ-ᠰᠢᠯᠢᠺᠠ-ᠬᠠᠷ᠎ᠠ ᠮᠥᠷᠡᠨ ᠨᠢ ᠤᠷᠲᠤ ᠪᠠᠷ ᠢᠶᠠᠨ (818 ᠺᠢᠯᠣᠮᠧᠲ᠋ᠷ + 560 ᠺᠢᠯᠣᠮᠧᠲ᠋ᠷ + 2874 ᠺᠢᠯᠣᠮᠧᠲ᠋ᠷ) ᠳᠡᠯᠡᠬᠡᠢ ᠳᠦ ᠡᠬᠢᠨ ᠦ 10 ᠍ ᠳᠦ ᠣᠷᠣᠳᠠᠭ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ