ᠢ ᠮᠶᠣᠨ ᠪᠠᠭ
ᠢ ᠮᠶᠣᠨ ᠪᠠᠭ 이명박 | |
![]() | |
17ᠳᠠᠬᠢ ᠶᠡᠷᠦᠩᠬᠡᠶᠢᠯᠡᠭᠴᠢ | |
ᠪᠦᠷᠢᠨ ᠡᠷᠬᠡ ᠶᠢᠨ ᠬᠤᠭᠤᠴᠠᠭ᠎ᠠ: | 2008 ᠣᠨ ᠤ 2 ᠰᠠᠷ᠎ᠠ ᠶᠢᠨ 25 – 2013 ᠣᠨ ᠤ 2 ᠰᠠᠷ᠎ᠠ ᠶᠢᠨ 25 |
---|---|
| |
ᠲᠦᠷᠦᠭᠰᠡᠨ: | 1941 ᠣᠨ ᠤ 12 ᠰᠠᠷ᠎ᠠ ᠶᠢᠨ 19 ᠣ ᠠᠴᠠᠺᠠ᠂ ᠶᠠᠫᠣᠨ ᠤᠯᠤᠰ |
ᠤᠯᠤᠰ ᠲᠥᠷᠥ ᠶᠢᠨ ᠨᠠᠮ: | ᠶᠡᠬᠡ ᠦᠨᠳᠦᠰᠦᠨ ᠦ ᠨᠠᠮ |
ᠡᠬᠡᠨᠡᠷ (ᠨᠥᠬᠥᠷ): | ᠺᠢᠮ ᠶᠦᠩ-ᠣᠺ |
ᠢ ᠮᠶᠣᠨ-ᠪᠠᠺ (ᠰᠣᠯᠣᠩᠭᠣᠰ ᠢᠶᠠᠷ 이명박, 李明博; 1941 ᠣᠨ ᠤ 12 ᠰᠠᠷ᠎ᠠ ᠶᠢᠨ 19 ᠍ ᠳᠦ ᠲᠦᠷᠦᠭᠰᠡᠨ᠃) ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠍ ᠤᠨ 17 ᠳᠠᠬᠢ ᠪᠤᠶᠤ ᠣᠳᠣ ᠶᠢᠨ ᠶᠡᠷᠦᠩᠬᠡᠶᠢᠯᠡᠭᠴᠢ᠃ ᠵᠢᠩᠬᠢᠨᠢ ᠨᠡᠷ᠎ᠡ ᠨᠢ ᠰᠠᠨ ᠵᠣᠩ (相定). ᠬᠶᠦᠩᠳᠠ ᠪᠠᠷᠢᠯᠭ᠎ᠠ ᠶᠢᠨ ᠺᠣᠮᠫᠠᠨᠢ ᠶᠢᠨ ᠵᠠᠬᠢᠷᠤᠯ ᠢᠶᠠᠷ ᠠᠵᠢᠯᠯᠠᠵᠤ ᠪᠠᠶᠢᠭᠰᠠᠨ᠂ 14 ᠪᠣᠯᠤᠨ 15 ᠳᠠᠬᠢ ᠤᠳᠠᠭ᠎ᠠ ᠶᠢᠨ ᠤᠯᠤᠰ ᠤᠨ ᠶᠡᠬᠡ ᠬᠤᠷᠠᠯ ᠳᠤ ᠰᠣᠩᠭᠣᠭᠳᠠᠵᠤ ᠪᠠᠶᠢᠭᠰᠠᠨ᠃ ᠮᠥᠨ ᠰᠤᠤᠯ ᠬᠣᠲᠠ ᠶᠢᠨ 32 ᠳᠠᠬᠢ ᠵᠠᠬᠢᠷᠤᠭᠴᠢ ᠪᠠᠷ ᠠᠵᠢᠯᠯᠠᠵᠤ ᠪᠠᠶᠢᠭᠰᠠᠨ᠃ 2007 ᠣᠨ ᠤ 12 ᠰᠠᠷ᠎ᠠ ᠶᠢᠨ 19 ᠍ ᠳᠦ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠢᠯᠠᠯᠲᠠ ᠪᠠᠶᠢᠭᠤᠯᠤᠭᠰᠠᠨ ᠢᠶᠠᠷ ᠲᠤᠰ ᠤᠯᠤᠰ ᠤᠨ ᠶᠡᠷᠦᠩᠬᠡᠶᠢᠯᠡᠭᠴᠢ ᠶᠢᠨ ᠠᠯᠪᠠᠨ ᠳᠤ ᠲᠣᠮᠢᠯᠠᠭᠳᠠᠵᠠᠢ᠃
ᠭᠠᠷᠴᠠᠭ
ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]
ᠢ ᠮᠶᠣᠨ-ᠪᠠᠺ ᠨᠢ ᠶᠠᠫᠣᠨ ᠤ ᠺᠣᠯᠣᠨᠢᠴᠢᠯᠠᠯ ᠤᠨ ᠦᠶ᠎ᠡ ᠪᠣᠯᠬᠤ 1941 ᠣᠨ ᠤ 12 ᠰᠠᠷ᠎ᠠ ᠳᠤ ᠣᠳᠣ ᠶᠢᠨ ᠶᠠᠫᠣᠨ ᠤᠯᠤᠰ ᠤᠨ ᠣᠤᠰᠠᠺᠠ ᠬᠣᠲᠠ ᠶᠢᠨ ᠰᠢᠷᠠᠨᠦ ᠳᠡᠭᠦᠷᠭᠡ ᠳᠦ ᠬᠠᠷᠢᠶᠠᠯᠠᠭᠳᠠᠬᠤ ᠵᠢᠰᠣᠨᠴᠤᠳ ᠤᠨ ᠠᠮᠢᠳᠤᠷᠠᠳᠠᠭ (ᠬᠠᠭᠤᠴᠢᠨ ᠢᠶᠠᠷ ᠣᠤᠰᠠᠺᠠ ᠬᠣᠲᠠ ᠶᠢᠨ ᠨᠠᠺᠠᠺᠠᠸᠠᠦᠴᠢ ᠭᠦᠨ᠂ ᠺᠠᠮᠢ ᠮᠷᠠ) ᠳᠡᠭᠦᠷᠭᠡ ᠳᠦ ᠲᠦᠷᠦᠭᠰᠡᠨ᠃ 4 ᠡᠷᠡᠭᠲᠡᠢ᠂ 3 ᠡᠮᠡᠭᠲᠡᠢ ᠬᠡᠦᠬᠡᠳ ᠲᠡᠢ ᠠᠶᠢᠯ ᠤᠨ 3 ᠳᠠᠬᠢ ᠬᠦᠦ ᠶᠤᠮ᠃ ᠭᠡᠷ ᠪᠦᠯᠢ ᠶᠢᠨ ᠬᠢᠨ ᠨᠢ ᠶᠠᠳᠠᠭᠤ ᠠᠮᠢᠳᠤᠷᠠᠯ ᠤᠨ ᠤᠯᠠᠮ ᠠᠴᠠ ᠶᠠᠫᠣᠨ ᠷᠤ ᠳᠦᠷᠪᠡᠭᠰᠡᠨ ᠪᠥᠭᠡᠳ ᠴᠢᠯᠦᠭᠡᠯᠡᠯᠲᠡ ᠶᠢᠨ ᠳᠠᠷᠠᠭ᠎ᠠ 1945 ᠣᠨ ᠤ 11 ᠰᠠᠷ᠎ᠠ ᠳᠤ ᠺᠶᠣᠨᠪᠦᠭ ᠠᠶᠢᠮᠠᠭ ᠤᠨ ᠫᠤᠬᠠᠨ ᠭᠡᠳᠡᠭ ᠭᠠᠵᠠᠷ ᠷᠤ ᠪᠤᠴᠠᠵᠤ ᠢᠷᠡᠵᠦ ᠰᠠᠭᠤᠷᠢᠰᠢᠵᠠᠢ᠃
ᠰᠤᠷᠭᠠᠭᠤᠯᠢ ᠳᠤ ᠰᠤᠷᠤᠯᠴᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]
ᠡᠳ᠋ ᠍ ᠦᠨ ᠵᠠᠰᠠᠭ ᠤᠨ ᠠᠰᠠᠭᠤᠳᠠᠯ ᠠᠴᠠ ᠰᠢᠯᠲᠠᠭᠠᠯᠠᠨ ᠠᠬᠠᠯᠠᠬᠤ ᠰᠤᠷᠭᠠᠭᠤᠯᠢ ᠪᠠᠨ ᠳᠦᠭᠦᠷᠭᠡᠯ ᠦᠭᠡᠢ ᠬᠠᠶᠠᠵᠠᠢ᠃ ᠭᠡᠰᠡᠨ ᠬᠡᠳᠦᠢ ᠴᠤ ᠠᠩᠭᠢ ᠳᠠᠭᠠᠭᠰᠠᠨ ᠪᠠᠭᠰᠢ ᠶᠢᠨ ᠢᠳᠬᠠᠯᠭ᠎ᠠ ᠪᠠᠷ ᠲᠥᠯᠥᠪᠦᠷᠢ ᠡᠴᠡ ᠬᠥᠩᠭᠡᠯᠡᠭᠰᠡᠨ ᠬᠤᠭᠤᠴᠠᠭᠠᠨ ᠳᠤ ᠯᠠ ᠰᠤᠷᠤᠯᠴᠠᠬᠤ ᠪᠣᠯᠤᠨ᠎ᠠ ᠬᠡᠮᠡᠨ ᠠᠮᠠᠯᠠᠯᠲᠠ ᠥᠭᠭᠦᠨ᠂ ᠳᠤᠮᠵᠢ ᠠᠬᠠᠯᠠᠬᠤ ᠰᠤᠷᠭᠠᠭᠤᠯᠢ ᠶᠢᠨ ᠣᠷᠣᠢ ᠶᠢᠨ ᠠᠩᠭᠢ ᠳᠤ ᠡᠯᠰᠡᠨ ᠣᠷᠣᠵᠤ᠂ 3 ᠵᠢᠯ ᠣᠨᠴᠠ ᠰᠠᠶᠢᠨ ᠳᠦᠩᠲᠡᠢ ᠪᠡᠷ ᠲᠡᠳᠬᠦᠯᠭᠡ ᠠᠪᠤᠨ ᠰᠤᠷᠤᠯᠴᠠᠵᠤ ᠰᠤᠷᠭᠠᠭᠤᠯᠢ ᠪᠠᠨ ᠲᠡᠭᠦᠰᠴᠡᠢ᠃ ᠳᠠᠷᠠᠭ᠎ᠠ ᠪᠠᠷ ᠨᠢ ᠰᠤᠤᠯ ᠬᠣᠲᠠ ᠷᠤ ᠶᠠᠪᠤᠨ᠂ 1 ᠵᠢᠯ ᠬᠠᠷ᠎ᠠ ᠠᠵᠢᠯ ᠬᠢᠭᠰᠡᠨ ᠦ ᠡᠴᠦᠰ ᠲᠦ᠂ ᠭᠤᠷᠢᠶᠣ ᠶᠡᠬᠡ ᠰᠤᠷᠭᠠᠭᠤᠯᠢ ᠶᠢᠨ ᠡᠳ᠋ ᠍ ᠦᠨ ᠵᠠᠰᠠᠭ ᠤᠨ ᠠᠩᠭᠢ ᠳᠤ ᠡᠯᠰᠡᠨ ᠣᠷᠣᠵᠤ ᠰᠤᠷᠤᠯᠴᠠᠭᠰᠠᠨ᠃ ᠥᠷᠯᠥᠭᠡᠭᠦᠷ ᠴᠡᠪᠡᠷᠯᠡᠭᠴᠢ ᠶᠢᠨ ᠠᠵᠢᠯ ᠬᠡᠢ ᠶᠢᠨ ᠰᠤᠷᠭᠠᠯᠲᠠ ᠶᠢᠨ ᠲᠥᠯᠥᠪᠦᠷᠢ ᠪᠡᠨ ᠣᠯᠵᠤ ᠪᠠᠶᠢᠴᠠᠢ᠃ ᠳᠡᠭᠡᠳᠦ ᠰᠤᠷᠭᠠᠭᠤᠯᠢ ᠶᠢᠨ 2 ᠍ ᠳᠦᠭᠡᠷ ᠺᠦᠷᠰ ᠲᠦ ᠰᠤᠷᠤᠯᠴᠠᠵᠤ ᠪᠠᠶᠢᠬᠤ ᠳᠤ ᠪᠠᠨ ᠴᠡᠷᠢᠭ ᠦᠨ ᠠᠯᠪᠠᠨ ᠳᠤ ᠲᠠᠲᠠᠭᠳᠠᠭᠰᠠᠨ ᠪᠥᠭᠡᠳ᠂ ᠮᠥᠭᠡᠷᠰᠦᠨ ᠬᠣᠭᠣᠯᠠᠢ ᠶᠢᠨ ᠦᠷᠪᠢᠰᠦᠯ (ᠪᠷᠣᠩᠬᠢᠲ) ᠨᠢ ᠠᠷᠬᠠᠭᠰᠢᠵᠤ ᠬᠦᠨᠳᠦᠷᠡᠨ᠂ ᠴᠡᠷᠢᠭ ᠦᠨ ᠠᠯᠪᠠᠨ ᠠᠴᠠ ᠴᠢᠯᠦᠭᠡᠯᠡᠭᠳᠡᠵᠡᠢ᠃ ᠳᠡᠭᠡᠳᠦ ᠰᠤᠷᠭᠠᠭᠤᠯᠢ ᠶᠢᠨ 3 ᠍ ᠳᠦᠭᠡᠷ ᠺᠦᠷᠰ ᠲᠦ ᠪᠠᠶᠢᠬᠤ ᠳᠤ ᠪᠠᠨ ᠭᠤᠷᠢᠶᠣ ᠶᠡᠬᠡ ᠰᠤᠷᠭᠠᠭᠤᠯᠢ ᠶᠢᠨ ᠡᠳ᠋ ᠍ ᠦᠨ ᠵᠠᠰᠠᠭ ᠤᠨ ᠹᠠᠺᠦᠶᠢᠯᠢᠲ᠋ᠧᠲ ᠤᠨ ᠣᠶᠤᠲᠠᠨ ᠤ ᠵᠥᠪᠯᠡᠯ ᠦᠨ ᠳᠠᠷᠤᠭ᠎ᠠ ᠪᠠᠷ ᠰᠣᠩᠭᠣᠭᠳᠠᠨ᠂ ᠳᠠᠷᠠᠭ᠎ᠠ ᠵᠢᠯ ᠨᠢ 1964 ᠣᠨ ᠳᠤ ᠲᠤᠰ ᠰᠤᠷᠭᠠᠭᠤᠯᠢ ᠶᠢᠨ ᠣᠶᠤᠲᠠᠨ ᠤ ᠵᠥᠪᠯᠡᠯ ᠦᠨ ᠳᠠᠷᠤᠭ᠎ᠠ ᠪᠠᠷ ᠰᠣᠩᠭᠣᠭᠳᠠᠨ᠂ ᠶᠠᠫᠣᠨ-ᠰᠣᠯᠣᠩᠭᠣᠰ ᠤᠨ ᠳ᠋ᠢᠫᠯᠣᠮᠠᠲ ᠬᠠᠷᠢᠯᠴᠠᠭ᠎ᠠ ᠶᠢ ᠡᠰᠡᠷᠭᠦᠴᠡᠨ 6 ᠰᠠᠷ᠎ᠠ ᠶᠢᠨ 3 ᠍ ᠤ ᠬᠥᠳᠡᠯᠭᠡᠭᠡᠨ ᠢ ᠵᠣᠬᠢᠶᠠᠨ ᠪᠠᠶᠢᠭᠤᠯᠵᠤ ᠪᠠᠶᠢᠭᠠᠳ ᠡᠷᠡᠨ ᠰᠤᠷᠪᠤᠯᠵᠢᠯᠠᠭᠳᠠᠬᠤ ᠪᠣᠯᠵᠠᠢ᠃ ᠡᠭᠦᠨ ᠦ ᠳᠠᠷᠠᠭ᠎ᠠ ᠤᠯᠤᠰ ᠤᠨ ᠪᠠᠲᠤᠯᠠᠨ ᠬᠠᠮᠠᠭᠠᠯᠠᠬᠤ ᠪᠠᠶᠢᠭᠤᠯᠤᠯᠭ᠎ᠠ ᠳᠡᠭᠡᠷ᠎ᠡ ᠰᠠᠶᠢᠨ ᠳᠤᠷ᠎ᠠ ᠪᠠᠷ ᠢᠶᠠᠨ ᠣᠴᠢᠨ ᠮᠡᠳᠡᠭᠦᠯᠭᠡ ᠥᠭᠴᠡᠢ᠃ 3 ᠵᠢᠯ ᠦᠨ ᠬᠤᠷᠢᠬᠤ ᠢᠯᠠ᠂ 5 ᠵᠢᠯ ᠦᠨ ᠲᠡᠩᠰᠡᠨ ᠬᠠᠷᠠᠭᠠᠯᠵᠠᠬᠤ ᠢᠯᠠ ᠠᠪᠤᠨ᠂ ᠰᠤᠤᠯ ᠬᠣᠲᠠ ᠶᠢᠨ ᠬᠤᠷᠢᠬᠤ ᠭᠠᠵᠠᠷ ᠲᠤ 6 ᠰᠠᠷ᠎ᠠ ᠬᠣᠷᠢᠭᠳᠠᠵᠠᠢ᠃
ᠬᠡᠶᠦᠩᠳᠠ ᠪᠠᠷᠢᠯᠭ᠎ᠠ ᠶᠢᠨ ᠺᠣᠮᠫᠠᠨᠢ ᠳᠤ ᠠᠵᠢᠯᠯᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]
ᠣᠶᠤᠲᠠᠨ ᠤ ᠬᠥᠳᠡᠯᠭᠡᠭᠡᠨ ᠳᠦ ᠣᠷᠣᠯᠴᠠᠨ ᠬᠣᠷᠢᠭᠳᠠᠵᠤ ᠪᠠᠶᠢᠭᠰᠠᠨ ᠤ ᠤᠯᠠᠮ ᠠᠴᠠ ᠠᠵᠢᠯ ᠣᠯᠠᠳᠬᠤ ᠦᠭᠡᠢ ᠪᠠᠶᠢᠭᠰᠠᠨ ᠲᠤᠯᠠ ᠲᠡᠷᠡ ᠪᠡᠷ ᠶᠡᠷᠦᠩᠬᠡᠶᠢᠯᠡᠭᠴᠢ ᠠᠰᠠᠨ ᠫᠠᠺ ᠵᠣᠩ ᠬ ᠤᠢ ᠳᠦ ᠵᠠᠰᠠᠭ ᠤᠨ ᠭᠠᠵᠠᠷ ᠤᠨ ᠵᠣᠬᠢᠰ ᠦᠭᠡᠢ ᠪᠠᠶᠢᠳᠠᠯ ᠤᠨ ᠲᠠᠯ᠎ᠠ ᠪᠠᠷ 《ᠠᠵᠢᠯ ᠳᠤ ᠣᠷᠣᠬᠤ ᠳᠤ ᠰᠠᠭᠠᠳ ᠪᠣᠯᠬᠤ》 ᠬᠡᠮᠡᠨ ᠰᠢᠭᠦᠮᠵᠢᠯᠡᠭᠰᠡᠨ ᠵᠠᠬᠢᠶ᠎ᠠ ᠪᠢᠴᠢᠵᠡᠢ᠃ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠲᠡᠭᠦᠨ ᠳᠡᠭᠡᠷ᠎ᠡ ᠬᠦᠷᠴᠦ ᠢᠷᠡᠨ 《ᠵᠠᠯᠠᠭᠤ ᠬᠦᠮᠦᠨ ᠥᠪᠡᠷ ᠦᠨ ᠬᠦᠴᠦ ᠴᠢᠳᠠᠯ ᠢᠶᠠᠷ ᠬᠥᠯ ᠳᠡᠭᠡᠷ᠎ᠡ ᠪᠡᠨ ᠪᠣᠰᠬᠤ ᠳᠤ ᠰᠠᠭᠠᠳ ᠬᠢᠵᠦ ᠪᠤᠢ ᠪᠣᠯ ᠲᠥᠷᠥ ᠡᠴᠡ ᠲᠡᠷᠡ ᠠᠰᠠᠭᠤᠳᠠᠯ ᠤᠨ ᠬᠠᠷᠢᠭᠤᠴᠠᠯᠭ᠎ᠠ ᠶᠢ ᠡᠭᠦᠷᠬᠦ ᠪᠣᠯᠤᠨ᠎ᠠ》ᠬᠡᠮᠡᠨ ᠳᠠᠮᠵᠢᠭᠤᠯᠵᠤ ᠬᠡᠯᠡᠵᠡᠢ᠃ ᠳᠠᠷᠠᠭ᠎ᠠ ᠪᠠᠷ ᠨᠢ ᠲᠡᠷᠡ ᠪᠡᠷ ᠬᠡᠶᠦᠩᠳᠠ ᠪᠠᠷᠢᠯᠭ᠎ᠠ ᠶᠢᠨ ᠺᠣᠮᠫᠠᠨᠢ ᠳᠤ ᠠᠵᠢᠯ ᠳᠤ ᠣᠷᠣᠭᠰᠠᠨ ᠠᠵᠡᠢ᠃ ᠲᠡᠷᠡ ᠪᠡᠷ ᠶᠠᠷᠢᠯᠴᠠᠯᠭ᠎ᠠ ᠶᠢᠨ ᠰᠢᠯᠭᠠᠯᠲᠠ ᠶᠢᠨ ᠦᠶ᠎ᠡ ᠳᠦ 《ᠪᠠᠷᠢᠯᠭ᠎ᠠ ᠭᠡᠵᠦ ᠤᠤ ᠪᠤᠢ?》 ᠬᠡᠮᠡᠨ ᠠᠰᠠᠭᠤᠬᠤ ᠳᠤ 《ᠪᠦᠲᠦᠭᠡᠯ》 ᠬᠡᠮᠡᠨ ᠬᠠᠷᠢᠭᠤᠯᠤᠭᠰᠠᠨ ᠭᠡᠳᠡᠭ᠃ ᠰᠡᠭᠦᠯ ᠳᠦ ᠲᠡᠷᠡ ᠪᠡᠷ 1965 ᠣᠨ ᠳᠤ ᠬᠡᠶᠦᠩᠳᠠ ᠪᠠᠷᠢᠯᠭ᠎ᠠ ᠶᠢᠨ ᠺᠣᠮᠫᠠᠨᠢ ᠶᠢᠨ ᠠᠵᠢᠯᠯᠠᠬᠤ ᠪᠣᠯᠵᠠᠢ᠃ ᠬᠡᠶᠦᠩᠳᠠ ᠺᠣᠮᠫᠠᠨᠢ ᠳᠤ ᠠᠵᠢᠯ ᠳᠤ ᠣᠷᠣᠭᠰᠠᠨ ᠠᠴᠠ 1 ᠵᠢᠯ ᠦᠨ ᠳᠠᠷᠠᠭ᠎ᠠ ᠲᠠᠶᠢᠯᠠᠨᠳ᠋ ᠍ ᠤᠨ ᠫᠠᠲ᠋ᠠᠨᠢ ᠪᠣᠯᠤᠨ ᠮᠠᠯᠠᠢ᠋ᠰᠢᠶ᠎ᠠ ᠍ ᠤᠨ ᠬᠢᠯᠢ ᠨᠠᠷᠠᠲ᠋ᠢᠸᠠᠳ᠋ ᠍ ᠢ ᠬᠣᠯᠪᠣᠭᠰᠠᠨ ᠬᠤᠷᠳᠤᠨ ᠤ ᠵᠠᠮ ᠤᠨ ᠪᠠᠷᠢᠯᠭ᠎ᠠ ᠶᠢᠨ ᠠᠵᠢᠯ ᠤᠨᠨ ᠦᠶ᠎ᠡ ᠪᠡᠷ ᠭᠠᠷᠤᠭᠰᠠᠨ ᠦᠢᠮᠡᠭᠡᠨ ᠰᠠᠮᠠᠭᠤᠨ ᠠᠴᠠ ᠺᠣᠮᠫᠠᠨᠢ ᠶᠢᠨ ᠡᠳ᠋ ᠮᠠᠲ᠋ᠧᠷᠢᠶᠠᠯ ᠢ ᠬᠠᠮᠠᠭᠠᠯᠠᠭᠰᠠᠨ ᠬᠡᠮᠡᠨ ᠠᠵᠢᠯ ᠳᠤ ᠣᠷᠣᠭᠠᠳ 2 ᠵᠢᠯ ᠴᠤ ᠪᠣᠯᠤᠭ᠎ᠠ ᠦᠭᠡᠢ ᠪᠠᠶᠢᠬᠤ ᠳᠤ ᠠᠯᠪᠠᠨ ᠲᠤᠰᠢᠶᠠᠯ ᠠᠬᠢᠨ᠂ 29 ᠨᠠᠰᠤᠲᠠᠢ ᠳᠤ ᠪᠠᠨ ᠬᠤᠪᠢ ᠨᠡᠶᠢᠯᠡᠭᠦᠯᠦᠭᠴᠢᠳ ᠦᠨ ᠲᠡᠷᠢᠭᠦᠨ᠂ 12 ᠵᠢᠯ ᠦᠨ ᠳᠠᠷᠠᠭ᠎ᠠ 1977 ᠣᠨ ᠳᠤ 35 ᠨᠠᠰᠤᠲᠠᠢ ᠳᠤ ᠪᠠᠨ ᠬᠡᠶᠦᠩᠳᠠ ᠪᠠᠷᠢᠯᠭ᠎ᠠ ᠶᠢᠨ ᠺᠣᠮᠫᠠᠨᠢ ᠶᠢᠨ ᠵᠠᠬᠢᠷᠤᠯ᠂ 1988 ᠣᠨ ᠳᠤ ᠲᠤᠰ ᠺᠣᠮᠫᠠᠨᠢ ᠶᠢᠨ ᠲᠡᠷᠢᠭᠦᠯᠡᠭᠴᠢ ᠪᠣᠯᠵᠠᠢ᠃ ᠬᠡᠶᠦᠩᠳᠠ ᠺᠣᠮᠫᠠᠨᠢ ᠳᠤ ᠠᠵᠢᠯᠯᠠᠵᠤ ᠪᠠᠶᠢᠬᠤ ᠳᠤ ᠪᠠᠨ ᠳᠡᠯᠡᠬᠡᠢ ᠳᠦ ᠤᠷᠲᠤ ᠪᠠᠷ ᠢᠶᠠᠨ 3 ᠍ ᠳᠦ ᠤᠷᠤᠬᠤ ᠮᠠᠯᠠᠶᠢᠽᠢ ᠶᠢᠨ ᠫᠠᠨᠠᠨ ᠭᠦᠭᠦᠷᠭᠡ᠂ ᠢᠷᠠᠺ ᠍ ᠤᠨ ᠳᠤᠯᠠᠭᠠᠨ ᠤ ᠡᠷᠴᠢᠮ ᠬᠦᠴᠦᠨ ᠦ ᠦᠢᠯᠡᠳᠪᠦᠷᠢ ᠶᠢ ᠪᠠᠷᠢᠬᠤ ᠵᠡᠷᠭᠡ ᠳᠡᠯᠡᠬᠡᠢ ᠶᠢᠨ ᠣᠯᠠᠨ ᠤᠯᠤᠰ ᠣᠷᠣᠨ ᠨᠤᠭᠤᠳ ᠲᠤ ᠪᠠᠷᠢᠯᠭ᠎ᠠ ᠶᠢᠨ ᠠᠵᠢᠯ ᠬᠢᠭᠰᠡᠨ ᠪᠥᠭᠡᠳ ᠰᠤᠤᠳᠢ ᠠᠷᠠᠪᠠ ᠠᠴᠠ ᠵᠠᠬᠢᠶᠠᠯᠠᠭᠰᠠᠨ᠂ ᠲᠤᠬᠠᠢ ᠶᠢᠨ ᠦᠶᠡᠳᠡᠭᠡ ᠬᠡᠮᠵᠢᠶ᠎ᠡ ᠪᠡᠷ ᠢᠶᠡᠨ ᠳᠡᠯᠡᠬᠡᠢ ᠳᠦ ᠲᠣᠮᠣᠬᠠᠨ ᠳᠤ ᠲᠣᠭᠠᠴᠠᠭᠳᠠᠬᠤ ᠵᠦᠪᠢᠯ ᠦᠨ ᠤᠰᠤᠨ ᠪᠣᠭᠣᠮᠲᠠ ᠶᠢᠨ ᠪᠠᠷᠢᠯᠭ᠎ᠠ ᠶᠢᠨ ᠠᠵᠢᠯ ᠢ ᠭᠦᠢᠴᠡᠳᠭᠡᠨ᠂ ᠰᠣᠯᠣᠩᠭᠣᠰ ᠤᠯᠤᠰ ᠲᠤ ᠶᠡᠬᠡᠬᠡᠨ ᠬᠡᠮᠵᠢᠶᠡᠨ ᠦ ᠠᠰᠢᠭ ᠣᠷᠣᠭᠤᠯᠵᠠᠢ᠃ ᠬᠠᠷᠢᠨ 1980 ᠣᠨ ᠤ 9 ᠰᠠᠷ᠎ᠠ ᠳᠤ ᠢᠷᠡᠨ ᠢᠷᠠᠺ ᠤᠨ ᠬᠣᠭᠣᠷᠣᠨᠳᠣ ᠳᠠᠶᠢᠨ ᠳᠡᠭᠳᠡᠨ᠂ ᠲᠣᠮᠣᠬᠠᠨ ᠬᠡᠮᠵᠢᠶᠡᠨ ᠦ ᠪᠠᠷᠢᠯᠭ᠎ᠠ ᠶᠢᠨ ᠠᠵᠢᠯ ᠠᠪᠬᠤ ᠶᠣᠰᠣᠲᠠᠢ ᠲᠥᠯᠥᠪᠦᠷᠢ ᠪᠡᠨ ᠠᠪᠴᠤ ᠴᠢᠳᠠᠬᠤ ᠦᠭᠡᠢ ᠳᠦ ᠲᠤᠯᠬᠤ ᠦᠶ᠎ᠡ ᠳᠦ᠂ ᠲᠡᠭᠦᠨᠴᠢᠯᠡᠨ 1990-1991 ᠣᠨ ᠳᠤ ᠢᠷᠠᠺ ᠺᠦᠪᠠᠶᠢᠲ ᠤᠨ ᠬᠣᠭᠣᠷᠣᠨᠳᠣ ᠳᠠᠶᠢᠨ ᠳᠡᠭᠳᠡᠭᠰᠡᠨ ᠦ ᠤᠯᠠᠮ ᠠᠴᠠ ᠲᠥᠯᠦᠭᠳᠡᠭᠡ ᠦᠭᠡᠢ ᠪᠠᠶᠢᠭᠰᠠᠨ ᠲᠥᠯᠥᠪᠦᠷᠢ ᠶᠢ ᠠᠪᠬᠤ ᠳᠤ ᠬᠡᠴᠡᠭᠦᠦ ᠪᠣᠯᠤᠨ ᠠᠵᠢᠯ ᠠᠴᠠ ᠪᠠᠨ ᠣᠭᠴᠠᠷᠠᠭᠰᠠᠨ ᠠᠴᠠ ᠬᠣᠶᠢᠰᠢ 9 ᠵᠢᠯ ᠦᠨ ᠳᠠᠷᠠᠭ᠎ᠠ 2001 ᠣᠨ ᠳᠤ ᠬᠡᠶᠦᠩᠳᠠ ᠪᠠᠷᠢᠯᠭ᠎ᠠ ᠶᠢᠨ ᠺᠣᠮᠫᠠᠨᠢ ᠠᠵᠢᠯ ᠬᠠᠶᠠᠬᠤ ᠦᠶ᠎ᠡ ᠳᠦ ᠠᠵᠢᠯ ᠬᠠᠶᠠᠬᠤ ᠰᠢᠯᠲᠠᠭᠠᠨ ᠤ ᠡᠬᠢᠯᠡᠯ ᠢ ᠲᠠᠯᠪᠢᠭᠰᠠᠨ ᠬᠡᠮᠡᠭᠳᠡᠳᠡᠭ᠃ 1992 ᠣᠨ ᠳᠤ ᠶᠡᠷᠦᠩᠬᠡᠶᠢᠯᠡᠭᠴᠢ ᠶᠢᠨ ᠰᠣᠩᠭᠣᠭᠤᠯᠢ ᠶᠢᠨ ᠦᠶ᠎ᠡ ᠪᠡᠷ ᠵᠣᠩ ᠵᠦ ᠶᠣᠩ ᠤᠨ ᠦᠶ᠎ᠡ ᠳᠦ ᠬᠡᠶᠦᠩᠳᠠ ᠭᠷᠦᠶᠢ ᠤᠨ ᠲᠡᠷᠢᠭᠦᠨ ᠳᠦ ᠨᠡᠷ᠎ᠡ ᠳᠡᠪᠰᠢᠯ ᠭᠦᠢ᠂ ᠠᠷᠠᠳᠴᠢᠯᠠᠭᠰᠠᠨ ᠨᠠᠮ ᠠᠴᠠ ᠫᠠᠷᠠᠯᠮᠧᠨᠲ ᠲᠤ ᠨᠡᠷ᠎ᠡ ᠳᠡᠪᠰᠢᠨ ᠤᠯᠤᠰ ᠲᠥᠷᠥ ᠳᠦ ᠬᠥᠯ ᠲᠠᠯᠪᠢᠭᠰᠠᠨ ᠢᠶᠠᠷ᠂ ᠵᠣᠩ ᠵᠦ ᠶᠣᠨᠲᠣᠢ ᠬᠠᠷᠢᠴᠠᠬᠤ ᠬᠠᠷᠢᠴᠠᠭ᠎ᠠ ᠨᠢ ᠮᠠᠭᠤᠳᠠᠭᠰᠠᠨ ᠪᠠᠶᠢᠨ᠎ᠠ᠃ ᠭᠡᠰᠡᠨ ᠴᠤ 2007 ᠣᠨ ᠤ ᠶᠡᠷᠦᠩᠬᠡᠶᠢᠯᠡᠭᠴᠢ ᠶᠢᠨ ᠰᠣᠩᠭᠣᠭᠤᠯᠢ ᠶᠢᠨ ᠡᠮᠦᠨ᠎ᠡ ᠵᠣᠩ ᠮᠤᠩ ᠵᠦᠩ ᠭᠡᠰᠢᠭᠦᠨ ᠢ ᠨᠠᠮ ᠳᠤ ᠡᠯᠰᠡᠵᠦ ᠣᠷᠣᠭᠰᠠᠨ ᠢᠶᠠᠷ ᠵᠣᠩ ᠵᠦ ᠶᠣᠨᠲᠣᠢ ᠨᠠᠶᠢᠷᠠᠮᠳᠠᠭᠰᠠᠨ ᠬᠡᠮᠡᠨ ᠬᠡᠪᠯᠡᠯ ᠮᠡᠳᠡᠭᠡᠯᠡᠯ ᠢᠶᠡᠷ ᠶᠠᠷᠢᠭᠳᠠᠵᠤ ᠪᠠᠶᠢᠴᠠᠢ᠃
ᠤᠯᠤᠰ ᠲᠥᠷᠥ ᠳᠦ ᠬᠥᠯ ᠲᠠᠯᠪᠢᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]
ᠢ ᠮᠶᠣᠨ-ᠪᠠᠺ ᠨᠢ 14 ᠳ᠋ᠡᠬᠢ ᠤᠳᠠᠭ᠎ᠠ ᠶᠢᠨ ᠫᠠᠷᠯᠠᠮᠧᠨᠲ ᠤᠨ ᠰᠣᠩᠭᠣᠭᠤᠯᠢ ᠪᠠᠷ ᠰᠣᠩᠭᠣᠭᠳᠠᠨ ᠤᠯᠤᠰ ᠲᠥᠷᠥ ᠳᠦ ᠬᠥᠯ ᠲᠠᠯᠪᠢᠭᠰᠠᠨ ᠪᠠᠶᠢᠨ᠎ᠠ᠃ ᠬᠥᠷᠥᠩᠭᠡ ᠪᠡᠨ ᠣᠯᠠᠨ ᠨᠡᠶᠢᠲᠡ ᠳᠦ ᠵᠠᠷᠯᠠᠬᠤ ᠠᠴᠠ ᠡᠮᠦᠨ᠎ᠡ ᠪᠠᠶᠢᠷᠢ ᠥᠮᠴᠢᠯᠡᠬᠦ ᠡᠷᠬᠡ ᠪᠡᠨ ᠰᠢᠯᠵᠢᠭᠦᠯᠬᠦ᠂ ᠦᠯᠦ ᠬᠥᠳᠡᠯᠬᠦ ᠬᠥᠷᠥᠩᠭᠡ ᠶᠢᠨ ᠦᠨᠡᠯᠡᠭᠡ ᠨᠢ ᠲᠣᠳᠣᠷᠬᠠᠢ ᠪᠤᠰᠤ ᠵᠡᠷᠭᠡ ᠰᠢᠯᠲᠠᠭᠠᠨ ᠢᠶᠠᠷ ᠣᠯᠠᠨ ᠨᠡᠶᠢᠲᠡ ᠡᠴᠡ ᠰᠢᠭᠦᠮᠵᠢᠯᠡᠯ ᠬᠦᠯᠢᠶᠡᠵᠦ ᠪᠠᠶᠢᠪᠠ᠃ ᠲᠡᠷᠡ ᠪᠡᠷ 1995 ᠣᠨ ᠳᠤ ᠣᠷᠣᠨ ᠨᠤᠲᠤᠭ ᠤᠨ ᠰᠣᠩᠭᠣᠭᠤᠯᠢ ᠳᠤ ᠶᠡᠷᠦᠩᠬᠡᠢ ᠰᠠᠶᠢᠳ ᠵᠣᠩ ᠸᠣᠨ ᠰᠢᠭ ᠪᠣᠯᠤᠨ ᠠᠷᠠᠳᠴᠢᠯᠠᠭᠰᠠᠨ ᠨᠠᠮ ᠠᠴᠠ ᠨᠡᠷ᠎ᠡ ᠳᠡᠪᠰᠢᠭᠴᠢ ᠰᠤᠤᠯ ᠬᠣᠲᠠ ᠶᠢᠨ ᠵᠠᠬᠢᠷᠤᠭᠴᠢ ᠲᠠᠢ ᠥᠷᠢᠰᠦᠯᠳᠦᠵᠡᠢ᠃ 《ᠥᠷᠢᠰᠦᠯᠳᠦᠭᠡᠨ ᠭᠡᠳᠡᠭ ᠨᠢ ᠠᠷᠠᠳ ᠲᠦᠮᠡᠨ ᠳᠦ ᠥᠭᠴᠦ ᠪᠤᠢ ᠠᠮᠠᠯᠠᠯᠲᠠ 》 ᠬᠡᠮᠡᠨ ᠶᠠᠷᠢᠵᠤ ᠪᠠᠶᠢᠭᠰᠠᠨ ᠪᠥᠭᠡᠳ᠂ ᠰᠣᠩᠭᠣᠭᠤᠯᠢ ᠳᠤ ᠢᠯᠠᠭᠳᠠᠯ ᠬᠦᠯᠢᠶᠡᠵᠡᠢ᠃ ᠳᠠᠷᠠᠭ᠎ᠠ ᠪᠠᠷ ᠨᠢ ᠲᠡᠷᠡᠪᠡᠷ 15 ᠳᠠᠬᠢ ᠤᠳᠠᠭ᠎ᠠ ᠶᠢᠨ ᠫᠠᠷᠯᠠᠮᠧᠨᠲ ᠤᠨ ᠰᠣᠩᠭᠣᠭᠤᠯᠢ ᠳᠤ ᠵᠢᠨᠤ ᠲᠣᠭᠣᠷᠢᠭ ᠠᠴᠠ ᠢ ᠵᠤᠩ ᠴᠢᠨ᠂ ᠨᠤ ᠮᠦ ᠬᠶᠠᠨ ᠲᠠᠢ ᠬᠠᠮᠲᠤ ᠨᠡᠷ᠎ᠡ ᠳᠡᠪᠰᠢᠨ᠂ ᠢᠯᠠᠯᠲᠠ ᠪᠠᠶᠢᠭᠤᠯᠤᠨ ᠫᠠᠷᠯᠠᠮᠧᠨᠲ ᠤᠨ ᠭᠡᠰᠢᠭᠦᠨ ᠪᠣᠯᠵᠠᠢ᠃ ᠰᠣᠩᠭᠣᠭᠤᠯᠢ ᠶᠢᠨ ᠲᠥᠯᠥᠪᠯᠡᠭᠡ ᠶᠢ ᠬᠠᠷᠢᠭᠤᠴᠠᠭᠰᠠᠨ ᠵᠥᠪᠯᠡᠬᠦ ᠠᠵᠢᠯᠲᠠᠨ ᠺᠢᠮ ᠦᠦ ᠴᠢᠨ ᠨᠢ 700 ᠲᠡᠷᠪᠤᠮ ᠤᠨ ᠰᠣᠩᠭᠣᠭᠤᠯᠢ ᠶᠢᠨ ᠵᠠᠷᠤᠳᠠᠯ ᠤᠨ ᠮᠥᠩᠭᠥᠨ ᠦᠨ᠎ᠡ ᠶᠢᠨ ᠳᠦᠩᠭᠡ ᠳᠠᠷᠤᠭᠳᠠᠭᠤᠯᠤᠨ 70 ᠰᠠᠶ᠎ᠠ ᠸᠣᠨ ᠬᠡᠮᠡᠨ ᠮᠡᠳᠡᠭᠦᠯᠭᠡ ᠥᠭᠭᠦᠭᠰᠡᠨ ᠨᠢ ᠢᠯᠡᠷᠡᠭᠰᠡᠨ ᠪᠠᠶᠢᠨ᠎ᠠ᠃ ᠡᠭᠦᠨ ᠦ ᠳᠠᠷᠠᠭ᠎ᠠ ᠢ ᠮᠶᠣᠨ-ᠪᠠᠺ ᠤᠨ ᠵᠥᠪᠯᠡᠬᠢ ᠨᠦᠭᠦᠳ ᠺᠢᠮ ᠦᠦ ᠴᠢᠨ ᠢ ᠭᠠᠳᠠᠭᠠᠳᠤ ᠷᠤ ᠵᠢᠭᠤᠲᠠᠭᠠᠯᠭᠠᠭᠰᠠᠨ ᠶᠠᠪᠤᠳᠠᠯ ᠴᠤ ᠪᠠᠰᠠ ᠢᠯᠡ ᠪᠣᠯᠵᠠᠢ᠃ ᠢ ᠮᠶᠣᠨ-ᠪᠠᠺ ᠨᠢ ᠰᠢᠭᠦᠬᠦ ᠠᠵᠢᠯᠯᠠᠭᠠᠨ ᠤ ᠦᠢᠮᠡᠭᠡᠨ ᠱᠤᠤᠭᠢᠶᠠᠨ ᠤ ᠦᠶ᠎ᠡ ᠪᠡᠷ ᠫᠠᠷᠯᠠᠮᠧᠨᠲ ᠤᠨ ᠭᠡᠰᠢᠭᠦᠨ ᠡᠴᠡ ᠥᠪᠡᠷ ᠦᠨ ᠬᠦᠰᠡᠯᠲᠦ ᠪᠡᠷ ᠣᠭᠴᠠᠷᠠᠵᠠᠢ᠃ 1998 ᠣᠨ ᠤ 3 ᠰᠠᠷ᠎ᠠ ᠳᠤ ᠵᠦ ᠰᠣᠨ ᠶᠣᠩ ᠫᠷᠣᠺᠦ᠋ᠷᠣᠷ 2 ᠵᠢᠯ 6 ᠰᠠᠷ᠎ᠠ ᠶᠢᠨ ᠶᠠᠯ᠎ᠠ ᠣᠨᠣᠭᠠᠭᠰᠠᠨ ᠪᠥᠭᠡᠳ᠂ ᠰᠤᠤᠯ ᠬᠣᠲᠠ ᠶᠢᠨ ᠳᠡᠭᠡᠳᠦ ᠰᠢᠭᠦᠬᠦ ᠡᠴᠡ 4 ᠰᠠᠶ᠎ᠠ ᠸᠣᠩ ᠤᠨ ᠲᠣᠷᠭᠠᠭᠤᠯᠢ ᠨᠣᠭᠳᠠᠭᠤᠯᠵᠠᠢ᠃ ᠲᠤᠬᠠᠢ ᠶᠢᠨ ᠦᠶ᠎ᠡ ᠳᠦ ᠰᠡᠭᠦᠯ ᠤᠨ ᠬᠣᠲᠠ ᠶᠢᠨ ᠵᠠᠬᠢᠷᠤᠭᠴᠢ ᠶᠢᠨ ᠠᠯᠪᠠᠨ ᠲᠤᠰᠢᠶᠠᠯ ᠳᠤ ᠨᠡᠷ᠎ᠡ ᠪᠡᠨ ᠳᠡᠪᠰᠢᠭᠦᠯᠦᠨ᠎ᠡ ᠬᠡᠮᠡᠨ ᠶᠠᠷᠢᠵᠤ ᠪᠠᠶᠢᠭᠰᠠᠨ ᠢ ᠮᠶᠣᠨ-ᠪᠠᠺ ᠨᠢ ᠳᠡᠭᠡᠳᠦ ᠰᠢᠭᠦᠬᠦ ᠶᠢᠨ ᠲᠣᠭᠲᠠᠭᠠᠯ ᠤᠨ ᠲᠠᠯ᠎ᠠ ᠪᠠᠷ 《ᠬᠠᠤᠯᠢ ᠶᠢᠨ ᠲᠣᠭᠲᠠᠭᠠᠯ ᠭᠡᠬᠦ ᠡᠴᠡ ᠢᠯᠡᠭᠦᠦ ᠲᠡᠢ ᠲᠥᠷᠥ ᠵᠠᠰᠠᠭ ᠠᠴᠠ ᠭᠠᠷᠭᠠᠵᠤ ᠪᠤᠢ ᠲᠣᠭᠲᠠᠭᠠᠯ ᠪᠥᠭᠡᠳ ᠬᠦᠯᠢᠶᠡᠨ ᠵᠦᠪᠰᠢᠶᠡᠷᠡᠬᠦ ᠠᠷᠭ᠎ᠠ ᠦᠭᠡᠢ》 ᠬᠡᠮᠡᠨ ᠥᠪᠡᠷ ᠦᠨ ᠰᠠᠨᠠᠯ ᠪᠣᠳᠣᠯ ᠢᠶᠠᠨ ᠢᠯᠡᠷᠬᠡᠶᠢᠯᠡᠵᠦ ᠪᠠᠶᠢᠪᠠ᠃ ᠬᠠᠨ ᠨᠠᠷᠠ ᠨᠠᠮ ᠠᠴᠠ ᠰᠤᠤᠯ ᠬᠣᠲᠠ ᠶᠢᠨ ᠵᠠᠬᠢᠷᠤᠭᠴᠢ ᠶᠢᠨ ᠠᠯᠪᠠᠨ ᠲᠤᠰᠢᠶᠠᠯ ᠳᠤ ᠨᠡᠷ᠎ᠡ ᠳᠡᠪᠰᠢᠭᠦᠯᠦᠭᠡ ᠦᠭᠡᠢ ᠪᠠᠶᠢᠨ᠎ᠠ᠃ ᠫᠠᠷᠯᠠᠮᠧᠨᠲ ᠤᠨ ᠬᠤᠷᠠᠯ ᠤᠨ ᠦᠶ᠎ᠡ ᠪᠡᠷ ᠲᠥᠷᠥ ᠵᠠᠰᠠᠭ ᠲᠤ ᠬᠠᠨᠳᠤᠨ ᠲᠠᠯᠪᠢᠭᠰᠠᠨ ᠠᠰᠠᠭᠤᠯᠲᠠᠨ ᠳᠤ ᠪᠠᠨ 《 ᠰᠡᠭᠦᠯ ᠡᠴᠡ ᠫᠤᠭᠰᠠᠨ ᠬᠦᠷᠲᠡᠯᠡᠬᠢ ᠲᠡᠭᠡᠭᠡᠪᠦᠷᠢ ᠶᠢᠨ ᠵᠠᠷᠤᠳᠠᠯ ᠫᠦᠰᠤᠨ ᠠᠴᠠ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠯᠠᠣᠰ-ᠠᠩᠵᠧᠯᠧᠰ ᠬᠣᠲᠠ ᠬᠦᠷᠲᠡᠯᠡᠬᠢ ᠳᠠᠯᠠᠢ ᠶᠢᠨ ᠲᠡᠭᠡᠭᠡᠪᠦᠷᠢ ᠶᠢᠨ ᠵᠠᠷᠤᠳᠠᠯ ᠠᠴᠠ ᠥᠨᠳᠥᠷ ᠥᠷᠲᠡᠭ ᠲᠡᠢ ᠪᠠᠶᠢᠳᠠᠭ》 ᠬᠡᠮᠡᠨ ᠳᠤᠷᠠᠳᠤᠭᠰᠠᠨ ᠪᠥᠭᠡᠳ 500 ᠺᠢᠯᠣᠮᠧᠲ᠋ᠷ ᠬᠦᠷᠲᠡᠯᠡᠬᠢ ᠣᠳᠣ ᠶᠢᠨ ᠮᠥᠷᠳᠡᠭᠳᠡᠵᠦ ᠪᠤᠢ 《ᠬᠠᠨᠪᠠᠨᠳᠤᠭ ᠤᠨ ᠤᠰᠤᠨ ᠲᠡᠭᠡᠭᠡᠪᠦᠷᠢ》 ᠬᠡᠮᠡᠬᠦ ᠠᠯᠪᠠᠨ ᠶᠣᠰᠣᠨ ᠤ ᠠᠮᠠᠯᠠᠯᠲᠠ ᠶᠢᠨ ᠡᠬᠢᠯᠡᠯ ᠪᠣᠯᠬᠤ 《ᠺᠶᠣᠨᠪᠦ ᠲᠡᠭᠡᠭᠡᠪᠦᠷᠢ 《ᠪᠠᠷᠢᠯᠭ᠎ᠠ ᠶᠢᠨ ᠠᠵᠢᠯ ᠢ ᠰᠠᠨᠠᠯ ᠪᠣᠯᠭᠠᠵᠠᠢ᠃
ᠦᠨᠡᠲᠦ ᠴᠠᠭᠠᠰᠤᠨ ᠤ ᠵᠠᠬ᠎ᠠ ᠵᠡᠭᠡᠯᠢ ᠳᠡᠭᠡᠷ᠎ᠡ ᠠᠵᠢᠯᠯᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]
ᠢ ᠮᠶᠣᠨ ᠫᠠᠺ ᠨᠢ ᠫᠠᠷᠯᠠᠮᠧᠨᠲ ᠤᠨ ᠭᠡᠰᠢᠭᠦᠨ ᠡᠴᠡ ᠣᠭᠴᠠᠷᠠᠭᠰᠠᠨ ᠤ ᠳᠠᠷᠠᠭ᠎ᠠ ᠠᠮᠧᠷᠢᠺᠠ ᠶᠢᠨ ᠨᠢᠭᠡᠳᠦᠭᠰᠡᠨ ᠤᠯᠤᠰ ᠳᠦ ᠠᠮᠢᠳᠤᠷᠠᠵᠤ ᠪᠠᠶᠢᠭᠠᠳ ᠰᠣᠯᠣᠩᠭᠣᠰ ᠲᠤ ᠡᠷᠭᠢᠵᠦ ᠢᠷᠡᠨ ᠦᠨᠡᠲᠦ ᠴᠠᠭᠠᠰᠤᠨ ᠤ ᠵᠠᠬ᠎ᠠ ᠵᠡᠭᠡᠯᠢ ᠳᠡᠭᠡᠷ᠎ᠡ ᠠᠵᠢᠯᠯᠠᠬᠤ ᠪᠣᠯᠵᠠᠢ᠃ ᠡᠯ᠎ᠡ ᠺᠡᠢ ᠪᠠᠩᠬᠢ ᠬᠡᠮᠡᠬᠦ ᠬᠥᠷᠥᠩᠭᠡ ᠣᠷᠣᠭᠤᠯᠤᠯᠲᠠ ᠶᠢᠨ ᠺᠣᠮᠫᠠᠨᠢ ᠪᠠᠶᠢᠭᠤᠯᠤᠭᠰᠠᠨ ᠪᠣᠯᠪᠠᠴᠤ ᠠᠮᠵᠢᠯᠲᠠᠨ ᠳᠤ ᠬᠦᠷᠴᠦ ᠴᠢᠳᠠᠭ᠎ᠠ ᠦᠭᠡᠢ ᠪᠠᠶᠢᠨ᠎ᠠ᠃ ᠡᠨᠡ ᠦᠶ᠎ᠡ ᠳᠦ ᠬᠠᠮᠲᠤᠷᠠᠨ ᠦᠢᠯᠡ ᠠᠵᠢᠯᠯᠠᠭ᠎ᠠ ᠶᠠᠪᠤᠭᠤᠯᠵᠤ ᠪᠠᠶᠢᠭᠰᠠᠨ ᠺᠢᠮ ᠺᠶᠣᠨ ᠵᠦᠩ ᠲᠡᠢ ᠬᠠᠮᠲᠤ ᠲᠡᠭᠦᠨ ᠦ ᠪᠠᠶᠢᠭᠤᠯᠤᠭᠰᠠᠨ BBK ᠺᠣᠮᠫᠠᠨᠢ ᠶᠢᠨ ᠬᠤᠪᠢᠴᠠᠭᠠᠨ ᠤ ᠦᠨ᠎ᠡ ᠶᠢ ᠤᠨᠠᠭᠠᠵᠤ᠂ ᠶᠡᠬᠡᠰᠭᠡᠵᠦ ᠪᠠᠶᠢᠭᠰᠠᠨ ᠲᠠᠢ ᠬᠣᠯᠪᠣᠭᠳᠠᠭᠤᠯᠤᠨ ᠢ ᠮᠶᠣᠨ ᠫᠠᠺ ᠢ ᠬᠡᠷᠡᠭ ᠦᠨ ᠬᠠᠮᠰᠠᠭᠠᠲᠠᠨ ᠪᠠᠶᠢᠭᠰᠠᠨ ᠭᠡᠰᠡᠨ ᠰᠡᠵᠢᠭ ᠲᠠᠭᠠᠮᠠᠭ ᠪᠠᠶᠢᠭᠰᠠᠨ ᠤ ᠤᠯᠠᠮ ᠠᠴᠠ ᠫᠷᠣᠺᠦ᠋ᠷᠣᠷ ᠠᠴᠠ ᠬᠡᠷᠡᠭ ᠢ ᠮᠥᠷᠳᠡᠨ ᠰᠢᠯᠭᠠᠵᠤ᠂ 2007 ᠣᠨ ᠤ 12 ᠰᠠᠷ᠎ᠠ ᠶᠢᠨ 6 ᠍ ᠳᠦ ᠢ ᠮᠶᠣᠨ ᠫᠠᠺ ᠨᠢ BBK ᠍ ᠲᠠᠢ ᠬᠣᠯᠪᠣᠭ᠎ᠠ ᠦᠭᠡᠢ ᠬᠡᠮᠡᠨ ᠳ᠋ᠦᠩᠨᠡᠯᠲᠡ ᠭᠠᠷᠭᠠᠵᠠᠢ᠃
2007 ᠣᠨ ᠤ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠶᠡᠷᠦᠩᠬᠡᠶᠢᠯᠡᠭᠴᠢ ᠶᠢᠨ ᠰᠣᠩᠭᠣᠭᠤᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]
ᠢ ᠮᠶᠣᠨ-ᠪᠠᠺ ᠨᠢ 2007 ᠣᠨ ᠤ 8 ᠰᠠᠷ᠎ᠠ ᠶᠢᠨ 20 ᠍ ᠳᠦ ᠬᠠᠨ ᠨᠠᠷᠠ ᠨᠠᠮ ᠤᠨ ᠪᠦᠭᠦᠳᠡ ᠬᠤᠷᠠᠯ ᠠᠴᠠ ᠫᠠᠺ ᠭ ᠤᠨ ᠬᠡ᠂ ᠸᠣᠨ ᠬ ᠤᠢ ᠷᠶᠤᠨ᠂ ᠬᠤᠨ ᠵᠦᠩ ᠫᠶᠤ ᠵᠡᠷᠭᠡ ᠨᠡᠷ᠎ᠡ ᠳᠡᠪᠰᠢᠭᠴᠢᠳ ᠲᠡᠢ ᠥᠷᠢᠰᠦᠯᠳᠦᠨ᠂ ᠫᠠᠺ ᠭ ᠤᠨ ᠬᠡᠭᠡ 2452 ᠰᠠᠨᠠᠯ ᠤᠨ ᠵᠥᠷᠢᠭᠦᠲᠡᠢ ᠪᠡᠷ ᠢᠯᠠᠨ᠂ 2007 ᠣᠨ ᠤ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠨᠡᠷ᠎ᠡ ᠳᠡᠪᠰᠢᠬᠦ ᠪᠡᠷ ᠪᠣᠯᠤᠭᠰᠠᠨ ᠪᠠᠶᠢᠨ᠎ᠠ᠃ ᠲᠤᠬᠠᠢ ᠶᠢᠨ ᠦᠶ᠎ᠡ ᠳᠦ ᠨᠠᠮ ᠤᠨ ᠭᠡᠰᠢᠭᠦᠳ ᠦᠨ ᠳᠤᠮᠳᠠ ᠶᠠᠪᠤᠭᠤᠯᠤᠭᠰᠠᠨ ᠰᠠᠨᠠᠯ ᠠᠰᠠᠭᠤᠯᠭ᠎ᠠ ᠶᠢᠨ ᠦᠶ᠎ᠡ ᠪᠡᠷ ᠫᠠᠺ ᠭ ᠤᠨ ᠬᠡ ᠭᠡᠰᠢᠭᠦᠨ ᠦ ᠷᠧᠲ᠋ᠢᠩ ᠥᠨᠳᠥᠷ ᠪᠠᠶᠢᠭᠰᠠᠨ ᠬᠡᠳᠦᠢ ᠴᠤ᠂ ᠢᠷᠭᠡᠳ ᠦᠨ ᠳᠤᠮᠳᠠ ᠶᠠᠪᠤᠭᠤᠯᠤᠭᠰᠠᠨ ᠰᠠᠨᠠᠯ ᠠᠰᠠᠭᠤᠯᠭ᠎ᠠ ᠪᠠᠷ ᠫᠠᠺ ᠭ ᠤᠨ ᠬᠡ ᠭᠡᠰᠢᠭᠦᠨ ᠡᠴᠡ ᠢᠯᠡᠭᠦᠦ ᠰᠠᠨᠠᠯ ᠠᠪᠴᠠᠢ᠃ 2007 ᠣᠨ ᠤ 12 ᠰᠠᠷ᠎ᠠ ᠳᠤ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠨᠡᠷ᠎ᠡ ᠳᠡᠪᠰᠢᠭᠴᠢ ᠶᠢᠨ ᠲᠠᠯ᠎ᠠ ᠪᠠᠷ ᠬᠡᠪᠯᠡᠯ ᠮᠡᠳᠡᠭᠡᠯᠡᠯ ᠦᠨ ᠪᠠᠶᠢᠭᠤᠯᠤᠯᠭ᠎ᠠ ᠠᠴᠠ ᠶᠠᠪᠤᠭᠤᠯᠤᠭᠰᠠᠨ ᠰᠠᠨᠠᠯ ᠠᠰᠠᠭᠤᠯᠭᠠᠨ ᠳᠤ ᠲᠦᠷᠦᠭᠦᠯᠡᠵᠦ ᠪᠠᠶᠢᠭᠰᠠᠨ ᠪᠠ 2007 ᠣᠨ ᠤ 12 ᠰᠠᠷ᠎ᠠ ᠶᠢᠨ 19 ᠍ ᠳᠦ ᠲᠤᠰ ᠪᠦᠷᠢ 26%, 15% ᠭᠡᠰᠡᠨ ᠰᠠᠨᠠᠯ ᠠᠪᠤᠭᠰᠠᠨ ᠠᠷᠠᠳᠴᠢᠯᠠᠭᠰᠠᠨ ᠨᠠᠮ ᠤᠨ ᠳᠠᠷᠤᠭ᠎ᠠ ᠵᠣᠩ ᠳᠤᠩ ᠶᠣᠩ ᠪᠣᠯᠤᠨ ᠪᠡᠶ᠎ᠡ ᠳᠠᠩ ᠨᠡᠷ᠎ᠡ ᠳᠡᠪᠰᠢᠭᠰᠡᠨ ᠢ ᠬᠤᠢ ᠴᠢᠨ ᠨᠠᠷ ᠢ 49% ᠍ ᠶᠢᠨ ᠰᠠᠨᠠᠯ ᠢᠶᠠᠷ ᠢᠯᠠᠨ᠂ ᠲᠤᠰ ᠤᠯᠤᠰ ᠤᠨ 17 ᠳᠠᠬᠢ ᠶᠡᠷᠦᠩᠬᠡᠶᠢᠯᠡᠭᠴᠢ ᠪᠡᠷ ᠰᠣᠩᠭᠣᠭᠳᠠᠭᠰᠠᠨ ᠪᠠᠶᠢᠨ᠎ᠠ᠃ ᠲᠡᠷᠡ ᠪᠡᠷ 2008 ᠣᠨ ᠤ 2 ᠰᠠᠷ᠎ᠠ ᠶᠢᠨ 25 ᠍ ᠳᠦ ᠠᠯᠪᠠᠨ ᠶᠣᠰᠣᠭᠠᠷ ᠶᠡᠷᠦᠩᠬᠡᠶᠢᠯᠡᠭᠴᠢ ᠶᠢᠨ ᠠᠯᠪᠠᠨ ᠲᠤᠰᠢᠶᠠᠯ ᠢᠶᠠᠨ ᠬᠦᠯᠢᠶᠡᠵᠦ ᠠᠪᠤᠭᠰᠠᠨ᠃
ᠡᠮᠦᠨᠡᠬᠢ ᠨᠤ ᠮᠦ ᠬᠶᠣᠨᠢ |
ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠶᠡᠷᠦᠩᠬᠡᠶᠢᠯᠡᠭᠴᠢ {{{on}}} |
ᠳᠠᠷᠠᠭᠠᠬᠢ ᠫᠠᠭ ᠭ ᠤᠨᠢ ᠬᠧ |