ᠴᠠᠬᠢᠮ ᠰᠢᠤᠳᠠᠨ
ᠴᠠᠬᠢᠮ ᠰᠢᠤᠳᠠᠨᠥᠭᠡᠷᠡ ᠪᠡᠷ ᠢᠮᠸᠯ (ᠠᠩᠭᠯᠢ ᠪᠠᠷ e-mail, electronic mail) ᠭᠡᠵᠦ ᠲᠣᠭᠠᠨ ᠠᠷᠭ᠎ᠠ ᠪᠠᠷ ᠢᠨᠲ᠋ᠧᠷᠨᠡᠲ ᠶᠤᠮ ᠤᠤ ᠳᠣᠲᠣᠭᠠᠳᠤ ᠰᠦᠯᠵᠢᠶ᠎ᠡ ᠪᠠᠷ ᠵᠠᠬᠢᠳᠠᠯ ᠢᠯᠡᠭᠡᠬᠦ᠂ ᠬᠦᠯᠢᠶᠡᠨ ᠠᠪᠬᠤ ᠣᠷᠴᠢᠨ ᠶᠤᠮ᠃ ᠴᠠᠬᠢᠮ ᠰᠢᠤᠳᠠᠨ ᠨᠢ ᠠᠩᠬ᠎ᠠ ᠡᠭᠦᠰᠬᠦ ᠳᠦ ᠪᠡᠨ ᠨᠢᠭᠡ ᠺᠣᠮᠫᠢᠶᠦ᠋ᠲ᠋ᠧᠷ ᠠᠴᠠ ᠨᠥᠭᠥᠭᠡ ᠺᠣᠮᠫᠢᠶᠦ᠋ᠲ᠋ᠧᠷ ᠤᠷᠤᠭᠤ ᠰᠢᠭᠤᠳ ᠳᠠᠮᠵᠢᠬᠤ ᠱᠠᠭᠠᠷᠳᠠᠯᠭ᠎ᠠ ᠲᠠᠢ ᠪᠠᠢᠵᠠᠢ᠃ ᠢᠩᠭᠢᠬᠦ ᠶᠢᠨ ᠲᠤᠯᠠᠳᠠ ᠬᠠᠷᠢᠯᠴᠠᠬᠤ ᠬᠣᠶᠠᠷ ᠺᠣᠮᠫᠢᠶᠦ᠋ᠲ᠋ᠧᠷ ᠨᠢ ᠬᠣᠶᠠᠭᠤᠯᠠ ᠪᠠᠨ ᠰᠦᠯᠵᠢᠶᠡᠨ ᠳᠦ ᠬᠣᠯᠪᠣᠭᠳᠠᠭᠰᠠᠨ᠂ ᠠᠰᠠᠭᠠᠯᠲᠠ ᠲᠠᠢ ᠪᠠᠶᠢᠬᠤ ᠬᠡᠷᠡᠭᠲᠡᠢ ᠪᠠᠶᠢᠪᠠ ᠃ ᠬᠠᠷᠢᠨ ᠥᠨᠥ ᠶᠢᠨ ᠴᠠᠬᠢᠮ ᠰᠢᠤᠳᠠᠨ ᠤ ᠰᠢᠰᠲ᠋ᠧᠮ ᠦᠳ ᠨᠢ ᠬᠠᠳᠠᠭᠠᠯᠠᠬᠤ ᠳᠠᠮᠵᠢᠭᠤᠯᠬᠤ ᠵᠠᠭᠪᠤᠷ ᠲᠠᠢ᠃ ᠴᠠᠬᠢᠮ ᠱᠤᠤᠳᠠᠩ ᠤᠨ ᠰᠧᠷᠸᠧᠷᠡᠭᠦᠳᠡ ᠨᠢ ᠮᠧᠰᠰᠧᠵᠢ ᠨᠦᠭᠦᠳ ᠢ ᠬᠦᠯᠢᠶᠡᠨ ᠠᠪᠴᠤ᠂ ᠴᠠᠭᠠᠰᠢ ᠨᠢ ᠳᠠᠮᠵᠢᠭᠤᠯᠵᠤ᠂ ᠬᠦᠷᠭᠡᠵᠦ ᠥᠭᠴᠦ᠂ ᠬᠠᠳᠠᠭᠠᠯᠠᠳᠠᠭ᠃ ᠥᠨᠥ ᠦᠶ᠎ᠡ ᠳᠦ ᠬᠡᠷᠡᠭᠯᠡᠭᠴᠢᠳ ᠨᠢ ᠵᠡᠷᠭᠡ ᠣᠩᠯᠠᠢ ᠶᠢᠨ ᠪᠠᠶᠢᠬᠤ ᠠᠯᠪᠠ ᠦᠭᠡᠢ ᠪᠣᠯᠤᠭᠰᠠᠨ ᠪᠥᠭᠡᠳ ᠮᠧᠰᠰᠧᠵ ᠬᠦᠯᠢᠶᠡᠨ ᠠᠪᠴᠤ᠂ ᠶᠠᠪᠤᠭᠤᠯᠬᠤ ᠳᠤ ᠪᠣᠭᠣᠨᠢ ᠬᠤᠭᠤᠴᠠᠭ᠎ᠠ ᠪᠠᠷ ᠯᠠ ᠢᠮᠸᠯ ᠶᠢᠨ ᠰᠧᠷᠸᠧᠷ ᠲᠦ ᠬᠣᠯᠪᠣᠭᠳᠠᠬᠤ ᠱᠠᠭᠠᠷᠳᠠᠯᠭ᠎ᠠ ᠲᠠᠢ᠃ ᠢᠮᠸᠯ ᠤᠨ ᠮᠧᠰᠰᠧᠵ ᠨᠢ ᠲᠣᠯᠣᠭᠠᠢ (header), ᠪᠡᠶ᠎ᠡ (body, ᠮᠡᠶᠢᠯᠡ ᠶᠢᠨ ᠠᠭᠤᠯᠭ᠎ᠠ) ᠭᠡᠰᠡᠨ ᠬᠣᠶᠠᠷ ᠪᠦᠷᠢᠯᠳᠦᠬᠦᠨ ᠬᠡᠰᠡᠭ ᠡᠴᠡ ᠲᠣᠭᠲᠠᠨ᠎ᠠ᠃ ᠪᠡᠶ᠎ᠡ ᠨᠢ ᠮᠡᠶᠢᠯᠡ ᠶᠢᠨ ᠠᠭᠤᠯᠭ᠎ᠠ ᠪᠣᠯᠤᠨ᠎ᠠ᠃ ᠲᠣᠯᠣᠭᠠᠢ ᠬᠡᠰᠡᠭ ᠲᠦ ᠶᠠᠪᠤᠭᠤᠯᠤᠭᠴᠢ ᠶᠢᠨ ᠮᠡᠶᠢᠯ ᠬᠠᠶᠠᠭ᠂ ᠶᠠᠪᠤᠭᠤᠯᠬᠤ ᠬᠡᠷᠡᠭᠯᠡᠭᠴᠢ(ᠡᠭᠦᠳᠡ) ᠶᠢᠨ ᠢᠮᠸᠯ ᠬᠠᠶᠠᠭ ᠭᠡᠬᠦ ᠮᠡᠲᠦ ᠬᠢᠨᠠᠯᠲᠠ ᠶᠢᠨ ᠮᠡᠳᠡᠭᠡᠯᠡᠯ ᠠᠭᠤᠯᠤᠭᠳᠠᠨ᠎ᠠ᠃ ᠮᠥᠨ ᠭᠠᠷᠴᠠᠭ ᠤᠨ ᠲᠠᠯᠠᠪᠤᠷ ᠭᠡᠬᠦ ᠮᠡᠲᠦ ᠨᠡᠮᠡᠯᠲᠡ ᠮᠡᠳᠡᠭᠡᠯᠡᠯ ᠶᠡᠬᠡᠪᠴᠢᠯᠡᠨ ᠪᠠᠶᠢᠳᠠᠭ᠃
ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]
ᠴᠠᠬᠢᠮ ᠱᠤᠤᠳᠠᠮᠠ ᠨᠢ ᠠᠩᠬ᠎ᠠ ᠳᠠᠩ ᠲᠧᠺᠰᠲᠡᠨ ᠮᠡᠳᠡᠭᠡᠯᠡᠯ ᠶᠠᠪᠤᠭᠤᠯᠬᠤ ᠠᠷᠭ᠎ᠠ ᠪᠠᠶᠢᠭᠰᠠᠨ ᠪᠣᠯ ᠮᠤᠯᠲ᠋ᠮᠧᠳᠢᠶᠠ ᠠᠭᠤᠯᠭ᠎ᠠ ᠶᠢ ᠳᠠᠭᠠᠭᠤᠯᠵᠤ ᠶᠠᠪᠤᠭᠤᠯᠬᠤ ᠶᠠᠪᠤᠴᠠ ᠢ RFC 2046 - RFC 2049 ᠬᠦᠷᠲᠡᠯ᠎ᠡ ᠰᠲ᠋ᠠᠨᠳᠠᠷᠲᠴᠢᠯᠠᠭᠰᠠᠨ᠃ ᠡᠳᠡᠭᠡᠷ RFC ᠍ ᠨᠦᠭᠦᠳ ᠢ ᠨᠡᠶᠢᠲᠡ ᠳᠦ ᠨᠢ Multipurpose Internet Mail Extensions ᠪᠤᠶᠤ MIME ᠭᠡᠨ᠎ᠡ᠃
ᠣᠷᠴᠢᠨ ᠦᠶ᠎ᠡ ᠶᠢᠨ ᠢᠨᠲ᠋ᠧᠷᠨᠡᠲ ᠦᠨ ᠴᠠᠬᠢᠮ ᠱᠤᠤᠳᠠᠩ ᠤᠨ ᠦᠢᠯᠡᠴᠢᠯᠡᠭᠡ ᠨᠢ ARPANET ᠍ ᠠᠴᠠ ᠡᠭᠦᠰᠦᠯ ᠲᠡᠢ᠃ 1973 ᠤᠨ ᠳᠤ ᠠᠩᠬ᠎ᠠ ᠢᠮᠸᠯ ᠮᠧᠰᠰᠧᠵᠢ ᠶᠢ ᠡᠩᠺᠣᠳᠣᠯᠠᠬᠤ ᠰᠲ᠋ᠠᠨᠳᠠᠷᠲ ᠢ (RFC 561) ᠰᠠᠨᠠᠭᠠᠴᠢᠯᠠᠵᠤ ᠪᠠᠶᠢᠴᠠᠢ᠃ 1980 ᠍ ᠊ᠭᠠᠳ ᠤᠨ ᠤ ᠡᠬᠢᠨ ᠳᠦ ARPANET ᠍ ᠠᠴᠠ ᠢᠨᠲ᠋ᠧᠷᠨᠡᠲ ᠷᠦᠦ ᠰᠢᠯᠵᠢᠬᠦ ᠦᠶ᠎ᠡ ᠳᠦ ᠥᠨᠥ ᠶᠢᠨ ᠦᠢᠯᠡᠴᠢᠯᠡᠭᠡᠨ ᠦ ᠴᠥᠮ ᠢ ᠪᠤᠢ ᠪᠣᠯᠭᠠᠵᠠᠢ᠃ ᠡᠶᠢᠨᠬᠦᠦ 1970 ᠍ ᠊ᠭᠠᠳ ᠤᠨ ᠳᠤ ᠶᠠᠪᠤᠭᠤᠯᠤᠭᠰᠠᠨ ᠢᠮᠸᠯ ᠥᠨᠥᠳᠥᠷ ᠢᠨᠲ᠋ᠧᠷᠨᠡᠲ ᠢᠶᠡᠷ ᠶᠠᠪᠤᠭᠤᠯᠤᠭᠰᠠᠨ ᠮᠡᠶᠢᠯᠡ ᠲᠡᠢ ᠲᠤᠩ ᠣᠶᠢᠷᠠᠯᠴᠠᠭ᠎ᠠ ᠶᠤᠮ᠃
ᠠᠰᠢᠭᠯᠠᠳᠠᠭ ᠫᠷᠣᠲ᠋ᠣᠺᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]
ᠰᠦᠯᠵᠢᠶᠡᠨ ᠳᠦ ᠲᠤᠯᠭᠠᠭᠤᠷᠢᠯᠠᠭᠰᠠᠨ ᠢᠮᠸᠯ ᠨᠢ ARPANET ᠳᠠᠬᠢ File Transfer Protocol (FTP) ᠍ ᠳᠦ ᠬᠢᠭᠰᠡᠨ ᠥᠷᠭᠡᠳᠬᠡᠯ ᠦᠳ ᠦᠨ ᠲᠤᠰᠠᠯᠠᠮᠵᠢ ᠲᠠᠢ ᠪᠠᠷ ᠠᠩᠬ᠎ᠠ ᠳᠠᠮᠵᠢᠭᠤᠯᠤᠭᠳᠠᠵᠤ ᠪᠠᠶᠢᠭᠰᠠᠨ ᠪᠣᠯ ᠥᠨᠥ ᠦᠶ᠎ᠡ ᠳᠦ RFC 821 ᠭᠡᠬᠦ 1982 ᠤᠨ ᠳᠤ ᠪᠠᠲᠤᠯᠠᠭᠰᠠᠨ ᠰᠲ᠋ᠠᠨᠳᠠᠷᠲ ᠢᠶᠠᠷ Simple Mail Transfer Protocol (SMTP) ᠍ ᠪᠡᠷ ᠳᠠᠮᠵᠢᠭᠤᠯᠳᠠᠭ᠃
SMTP ᠨᠢ ᠰᠢᠰᠲ᠋ᠧᠮ ᠦᠳ ᠬᠣᠭᠣᠷᠣᠨᠳᠣ ᠢᠮᠸᠯ ᠮᠧᠰᠰᠧᠵ ᠳᠠᠮᠵᠢᠭᠤᠯᠬᠤ ᠶᠠᠪᠤᠴᠠ ᠤᠨ ᠦᠶ᠎ᠡ ᠪᠡᠷ ᠬᠦᠷᠭᠡᠯᠲᠡ ᠶᠢᠨ ᠫᠠᠷᠠᠮᠧᠲ᠋ᠷ ᠦᠳ ᠢ ᠮᠧᠰᠰᠧᠵᠢ ᠡᠴᠡ (ᠲᠣᠯᠣᠭᠠᠢ᠂ ᠪᠡᠶ᠎ᠡ) ᠭᠠᠳᠠᠭᠤᠷᠬᠢ 《ᠳᠤᠭᠲᠤᠢ》 (envelope) ᠠᠰᠢᠭᠯᠠᠨ ᠬᠠᠷᠢᠯᠴᠠᠳᠠᠭ᠃