ᠢ ᠪᠢᠽᠢᠨ᠋ᠧᠰ ᠦᠨ ᠮᠡᠳᠡᠭᠡᠯᠡᠯ ᠦᠨ ᠰᠢᠰᠲ᠋ᠧᠮ ᠦᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠠᠶᠢᠭᠤᠯᠤᠯᠭ᠎ᠠ ᠶᠢᠨ ᠪᠢᠽᠢᠨ᠋ᠧᠰ ᠦᠨ ᠰᠢᠰᠲ᠋ᠧᠮ ᠦᠳ

ᠢ-ᠪᠢᠽᠢᠨ᠋ᠧᠰ ᠭᠡᠳᠡᠭ ᠨᠢ ᠢᠨᠲ᠋ᠧᠷᠨᠡᠲ᠂ ᠪᠤᠰᠤᠳ ᠰᠦᠯᠵᠢᠶ᠎ᠡ ᠨᠦᠭᠦᠳ᠂ МТ ᠍ ᠢ ᠪᠠᠶᠢᠭᠤᠯᠤᠯᠭ᠎ᠠ ᠥᠪᠡᠷ ᠦᠨ ᠪᠢᠽᠢᠨ᠋ᠧᠰ ᠦᠨ ᠦᠢᠯᠡ ᠠᠵᠢᠯᠯᠠᠭᠠᠨ ᠳᠤ ᠠᠰᠢᠭᠯᠠᠬᠤ ᠦᠢᠯᠡ ᠠᠵᠢᠯᠯᠠᠭ᠎ᠠ ᠶᠤᠮ᠃ ᠥᠭᠡᠷ᠎ᠡ ᠪᠡᠷ ᠬᠡᠯᠡᠪᠡᠯ ᠥᠪᠡᠷ ᠦᠨ ᠦᠨᠳᠦᠰᠦᠨ ᠦᠢᠯᠡ ᠠᠵᠢᠯᠯᠠᠭᠠᠨ ᠳᠤ ᠪᠠᠨ ᠳᠡᠭᠡᠷᠡᠬᠢ ᠲᠧᠭᠨᠣᠯᠣᠭᠢ ᠨᠤᠭᠤᠳ ᠢ ᠠᠰᠢᠭᠯᠠᠵᠤ ᠪᠠᠶᠢᠭ᠎ᠠ ᠪᠠᠶᠢᠭᠤᠯᠤᠯᠭ᠎ᠠ ᠭᠡᠵᠦ ᠬᠡᠯᠡᠵᠦ ᠪᠣᠯᠤᠨ᠎ᠠ᠃ ᠶᠡᠷᠦᠩᠬᠡᠢ ᠳᠤ ᠪᠡᠨ ᠪᠠᠶᠢᠭᠤᠯᠤᠯᠭ᠎ᠠ ᠡᠯᠧᠺᠲ᠋ᠷᠣᠨ ᠬᠤᠳᠠᠯᠳᠤᠭᠠᠨ ᠤ ᠦᠢᠯᠡ ᠠᠵᠢᠯᠯᠠᠭ᠎ᠠ ᠬᠢᠬᠦ᠂ ᠪᠠᠶᠢᠭᠤᠯᠤᠯᠭ᠎ᠠ ᠶᠢᠨ ᠬᠠᠷᠢᠯᠴᠠᠭ᠎ᠠ ᠬᠣᠯᠪᠣᠭ᠎ᠠ ᠪᠠ ᠬᠠᠮᠲᠤ ᠶᠢᠨ ᠠᠵᠢᠯᠯᠠᠭ᠎ᠠ ᠶᠢ ᠰᠠᠶᠢᠵᠢᠷᠭᠠᠭᠤᠯᠬᠤ᠂ ᠸᠪ ᠠᠰᠢᠭᠯᠠᠳᠠᠭ ᠪᠢᠽᠢᠨ᠋ᠧᠰ ᠶᠠᠪᠤᠴᠠ ᠢ ᠳᠡᠮᠵᠢᠬᠦ ᠶᠢᠨ ᠲᠤᠯᠠᠳᠠ МТ ᠍ ᠢ ᠠᠰᠢᠭᠯᠠᠳᠠᠭ᠃ ᠢ-ᠬᠤᠳᠠᠯᠳᠤᠭ᠎ᠠ ᠭᠡᠳᠡᠭ ᠨᠢ ᠢᠨᠲ᠋ᠧᠷᠨᠡᠲ ᠪᠣᠯᠤᠨ ᠪᠤᠰᠤᠳ ᠰᠦᠯᠵᠢᠶ᠎ᠡ ᠪᠡᠷ ᠪᠦᠲᠦᠭᠡᠭᠳᠡᠬᠦᠨ᠂ ᠦᠢᠯᠡᠴᠢᠯᠡᠭᠡ᠂ ᠮᠡᠳᠡᠭᠡᠯᠡᠯ ᠢ ᠬᠤᠳᠠᠯᠳᠤᠨ ᠠᠪᠬᠤ᠂ ᠬᠤᠳᠠᠯᠳᠤᠬᠤ᠂ ᠮᠠᠷᠺᠧᠲ᠋ᠢᠩ ᠬᠢᠬᠦ ᠦᠢᠯᠡ ᠠᠵᠢᠯᠯᠠᠭ᠎ᠠ ᠪᠥᠭᠡᠳ ᠢ ᠪᠢᠽᠢᠨ᠋ᠧᠰ ᠦᠨ ᠨᠢᠭᠡ ᠬᠡᠰᠡᠭ ᠭᠡᠵᠦ ᠬᠡᠯᠡᠵᠦ ᠪᠣᠯᠬᠤ ᠶᠤᠮ᠃ ᠲᠡᠶᠢᠮᠦ ᠡᠴᠡ ᠡᠨᠡ 2 ᠣᠶᠢᠯᠠᠭᠠᠯᠲᠠ ᠶᠢ ᠢᠯᠭᠠᠵᠤ ᠤᠶᠢᠯᠠᠭᠠᠬᠤ ᠨᠢ ᠮᠠᠰᠢ ᠴᠢᠬᠤᠯᠠ ᠶᠠᠭᠤᠮ᠎ᠠ᠃

ᠪᠠᠶᠢᠭᠤᠯᠤᠯᠭ᠎ᠠ ᠶᠢᠨ ᠹᠦᠨᠺᠼᠢᠶᠣᠨᠠᠯᠢ ᠨᠢᠭᠡᠴᠡ ᠳᠤᠮᠳᠠ ᠶᠢᠨ ᠰᠢᠰᠲ᠋ᠧᠮ ᠦᠳ

ᠥᠨᠥᠳᠥᠷ ᠮᠠᠰᠢ ᠣᠯᠠᠨ ᠺᠣᠮᠫᠠᠨᠢ ᠨᠤᠭᠤᠳ ᠪᠠᠶᠢᠭᠤᠯᠤᠯᠭ᠎ᠠ ᠶᠢᠨ ᠬᠡᠮᠵᠢᠶᠡᠨ ᠦ ᠹᠦᠨᠺᠼᠢᠶᠣᠨᠠᠯᠢ ᠨᠢᠭᠡᠴᠡ ᠳᠤᠮᠳᠠ ᠶᠢᠨ ᠰᠢᠰᠲ᠋ᠧᠮ ᠦᠳ ᠢ /ФНДС / ᠬᠥᠭᠵᠢᠭᠦᠯᠬᠦ ᠶᠢᠨ ᠲᠤᠯᠠᠳᠠ МТ ᠍ ᠢ ᠠᠰᠢᠭᠯᠠᠬᠤ ᠪᠣᠯᠤᠭᠰᠠᠨ᠃ ᠹᠦᠨᠺᠼᠢᠶᠣᠨᠠᠯᠢ ᠨᠢᠭᠡᠴᠡ ᠳᠤᠮᠳᠠ ᠶᠢᠨ ᠰᠢᠰᠲ᠋ᠧᠮ ᠦᠳ ᠨᠢ ᠪᠢᠽᠢᠨ᠋ᠧᠰ ᠦᠨ ᠤᠯᠠᠮᠵᠢᠯᠠᠯᠲᠤ ᠹᠦᠨᠺᠼ ᠦᠳ ᠦᠨ ᠬᠢᠯᠢ ᠬᠢᠵᠠᠭᠠᠷ ᠢ ᠠᠷᠢᠯᠭᠠᠳᠠᠭ᠃ ᠥᠭᠡᠷ᠎ᠡ ᠪᠡᠷ ᠬᠡᠯᠡᠪᠡᠯ ᠪᠠᠶᠢᠭᠤᠯᠤᠯᠭ᠎ᠠ ᠶᠢᠨ ᠹᠦᠨᠺᠼ ᠦᠳ ᠦᠨ ᠬᠠᠮᠲᠤ ᠶᠢᠨ ᠠᠵᠢᠯᠯᠠᠭ᠎ᠠ ᠶᠢ ᠳᠡᠮᠵᠢᠨ ᠲᠡᠳᠡᠭᠡᠷ ᠦᠨ ᠤᠶᠠᠯᠳᠤᠭ᠎ᠠ ᠬᠣᠯᠪᠣᠭ᠎ᠠ ᠶᠢ ᠰᠠᠶᠢᠵᠢᠷᠭᠠᠭᠤᠯᠬᠤ ᠴᠢᠬᠤᠯᠠ ᠡᠭᠦᠷᠭᠡ ᠲᠡᠢ ᠪᠠᠶᠢᠬᠤ ᠠᠴᠠ ᠭᠠᠳᠠᠨ᠎ᠠ ᠮᠡᠳᠡᠭᠡᠯᠡᠯ ᠦᠨ ᠨᠥᠭᠡᠴᠡ ᠶᠢ ᠳᠤᠮᠳᠠ ᠪᠠᠨ ᠠᠰᠢᠭᠯᠠᠬᠤ᠂ ᠪᠢᠽᠢᠨ᠋ᠧᠰ ᠦᠨ ᠦᠢᠯᠡ ᠠᠵᠢᠯᠯᠠᠭᠠᠨ ᠤ ᠦᠷ᠎ᠡ ᠥᠭᠭᠦᠭᠡᠴᠢ᠂ ᠦᠷ᠎ᠡ ᠠᠰᠢᠭ ᠢ ᠳᠡᠭᠡᠭᠰᠢᠯᠡᠭᠦᠯᠬᠦ᠂ ᠬᠡᠷᠡᠭᠯᠡᠭᠴᠢ᠂ ᠨᠡᠶᠢᠯᠡᠭᠦᠯᠦᠭᠴᠢ᠂ ᠲᠦᠩᠰᠢ ᠨᠦᠭᠦᠳ ᠲᠡᠢ ᠪᠡᠨ ᠪᠠᠶᠢᠯᠳᠣᠬᠣ ᠪᠣᠳᠣᠯᠭ᠎ᠠ ᠶᠢᠨ ᠬᠠᠷᠢᠯᠴᠠᠭ᠎ᠠ ᠬᠣᠯᠪᠣᠭ᠎ᠠ ᠪᠠᠨ ᠬᠥᠭᠵᠢᠭᠦᠯᠬᠦ ᠵᠡᠷᠭᠡ МТ ᠍ ᠢ ᠪᠠᠶᠢᠯᠳᠣᠬᠣ ᠪᠣᠳᠣᠯᠭ᠎ᠠ ᠶᠢᠨ ᠵᠣᠷᠢᠯᠭ᠎ᠠ ᠪᠠᠷ ᠠᠰᠢᠭᠯᠠᠬᠤ ᠨᠢᠭᠡ ᠬᠡᠯᠪᠡᠷᠢ ᠭᠡᠵᠦ ᠬᠡᠯᠡᠵᠦ ᠪᠣᠯᠤᠨ᠎ᠠ᠃

ᠪᠠᠶᠢᠭᠤᠯᠤᠯᠭ᠎ᠠ ᠶᠢᠨ ᠬᠡᠷᠡᠭᠯᠡᠭᠡᠨ ᠦ ᠠᠷᠬᠢᠲ᠋ᠧᠺᠲ᠋ᠣᠷ

ᠤᠯᠠᠮᠵᠢᠯᠠᠯᠲᠤ ᠪᠢᠽᠢᠨ᠋ᠧᠰ ᠦᠨ ᠹᠦᠨᠺᠼ ᠦᠳ ᠲᠡᠭᠡᠨ ᠲᠥᠪᠯᠡᠷᠡᠬᠦ ᠡᠰᠡᠪᠡᠯ ᠵᠥᠪᠬᠡᠨ ᠪᠢᠽᠢᠨ᠋ᠧᠰ ᠦᠨ ᠳᠣᠲᠣᠭᠠᠳᠤ ᠦᠢᠯᠡ ᠠᠵᠢᠯᠯᠠᠭ᠎ᠠ ᠶᠢ ᠳᠡᠮᠵᠢᠬᠦ ᠶᠢᠨ ᠣᠷᠣᠨ ᠳᠤ ᠪᠠᠶᠢᠭᠤᠯᠤᠯᠭ᠎ᠠ ᠶᠢᠨ ᠬᠡᠷᠡᠭᠯᠡᠭᠡᠨ ᠦ ᠫᠷᠣᠭᠷᠠᠮ ᠤᠳ ᠨᠢ ᠪᠠᠶᠢᠭᠤᠯᠤᠯᠭ᠎ᠠ ᠶᠢᠨ ᠬᠡᠷᠡᠭᠯᠡᠭᠴᠢ᠂ ᠨᠡᠶᠢᠯᠡᠭᠦᠯᠦᠭᠴᠢ᠂ ᠲᠦᠩᠰᠢ ᠨᠦᠭᠦᠳ᠂ ᠠᠵᠢᠯᠴᠢᠳ ᠭᠡᠬᠦ ᠮᠡᠲᠦ ᠪᠦᠬᠦᠢ ᠯᠠ ᠣᠷᠣᠯᠴᠠᠭᠴᠢ ᠲᠠᠯ ᠤᠳ ᠤᠨ ᠬᠠᠮᠲᠤ ᠪᠠᠷ ᠪᠠᠶᠢᠭᠤᠯᠤᠯᠭ᠎ᠠ ᠶᠢᠨ ᠦᠢᠯᠡ ᠠᠵᠢᠯᠯᠠᠭ᠎ᠠ ᠶᠢ ᠤᠯᠠᠮ ᠪᠣᠯᠪᠠᠰᠤᠷᠠᠩᠭᠤᠢ ᠪᠣᠯᠭᠠᠬᠤ ᠳᠤ ᠢᠯᠡᠭᠦᠦ ᠠᠩᠬᠠᠷᠬᠣ ᠪᠣᠯᠵᠠᠢ᠃ ᠲᠡᠶᠢᠮᠦ ᠡᠴᠡ ᠪᠠᠶᠢᠭᠤᠯᠤᠯᠭ᠎ᠠ ᠶᠢᠨ ERP1 ᠰᠢᠰᠲ᠋ᠧᠮ ᠨᠢ ᠪᠠᠶᠢᠭᠤᠯᠤᠯᠭ᠎ᠠ ᠶᠢᠨ ᠪᠦᠲᠦᠭᠡᠮᠵᠢ᠂ ᠬᠤᠪᠢᠶᠠᠷᠢᠯᠠᠯ ᠳᠤ᠂ ᠰᠠᠩᠬᠦᠦ ᠶᠢᠨ ᠦᠢᠯᠡ ᠠᠵᠢᠯᠯᠠᠭᠠᠨ ᠤ ᠦᠷ᠎ᠡ ᠠᠰᠢᠭᠲᠠᠢ ᠪᠠᠶᠢᠳᠠᠯ ᠳᠤ ᠢᠯᠡᠭᠦᠦ ᠠᠩᠬᠠᠷᠤᠯ ᠬᠠᠨᠳᠤᠭᠤᠯᠳᠠᠭ ᠪᠠᠶᠢᠨ᠎ᠠ᠃ CRM / ᠬᠡᠷᠡᠭᠯᠡᠭᠴᠢ ᠲᠡᠢ ᠲᠦᠩᠱᠢᠯᠡᠬᠦ ᠦᠢᠯᠡ ᠠᠵᠢᠯᠯᠠᠭᠠᠨ ᠤ ᠤᠳᠤᠷᠢᠳᠤᠯᠭ᠎ᠠ-Customer relationship management/ ᠨᠢ ᠮᠠᠷᠺᠧᠲ᠋ᠢᠩ᠂ ᠪᠣᠷᠣᠯᠠᠭᠤᠯᠤᠯᠲᠠ᠂ ᠦᠢᠯᠡᠴᠢᠯᠡᠭᠡ ᠪᠡᠷ ᠳᠠᠮᠵᠢᠭᠤᠯᠠᠨ ᠬᠡᠷᠡᠭᠯᠡᠭᠴᠢᠳ ᠢ ᠣᠯᠵᠤ ᠠᠪᠬᠤ᠂ ᠬᠠᠳᠠᠭᠠᠯᠠᠬᠤ ᠳᠤ ᠭᠣᠣᠯ ᠦᠢᠯᠡ ᠠᠵᠢᠯᠯᠠᠭ᠎ᠠ ᠨᠢ ᠲᠥᠪᠯᠡᠷᠡᠳᠡᠭ ᠪᠣᠯ SCM /ᠨᠡᠶᠢᠯᠡᠭᠦᠯᠦᠯᠲᠡ ᠶᠢᠨ ᠭᠢᠨᠵᠢᠨ ᠤᠳᠤᠷᠢᠳᠤᠯᠭ᠎ᠠ-Supply chain management/ ᠨᠢ ᠪᠢᠽᠢᠨ᠋ᠧᠰ ᠦᠨ ᠬᠡᠷᠡᠭᠴᠡᠭᠡ ᠱᠠᠭᠠᠷᠳᠠᠯᠭ᠎ᠠ ᠪᠦᠬᠦᠢ ᠪᠦᠲᠦᠭᠡᠭᠳᠡᠬᠦᠨ ᠦᠢᠯᠡᠴᠢᠯᠡᠭᠡ ᠶᠢ ᠬᠤᠳᠠᠯᠳᠤᠨ ᠠᠪᠬᠤ ᠦᠢᠯᠡ ᠠᠵᠢᠯᠯᠠᠭ᠎ᠠ ᠶᠢ ᠬᠠᠮᠤᠭ ᠤᠨ ᠦᠷ᠎ᠡ ᠠᠰᠢᠭᠲᠠᠢ ᠦᠷ᠎ᠡ ᠥᠭᠭᠦᠭᠡᠴᠢ ᠲᠡᠢ ᠪᠠᠶᠢᠳᠠᠯ ᠢᠶᠠᠷ ᠬᠥᠭᠵᠢᠭᠦᠯᠬᠦ ᠳᠤ ᠴᠢᠭᠯᠡᠭᠳᠡᠨ᠎ᠡ᠃ ᠮᠡᠳᠡᠯᠭᠡ ᠶᠢᠨ ᠤᠳᠤᠷᠢᠳᠤᠯᠭ᠎ᠠ ᠪᠠᠶᠢᠭᠤᠯᠤᠯᠭ᠎ᠠ ᠶᠢᠨ ᠳᠣᠲᠣᠭᠠᠳᠤ ᠠᠵᠢᠯᠴᠢᠳ ᠬᠣᠭᠣᠷᠣᠨᠳᠣ ᠪᠠᠨ ᠬᠠᠮᠲᠤᠷᠠᠵᠤ ᠠᠵᠢᠯᠯᠠᠬᠤ ᠪᠣᠯᠤᠨ ᠰᠢᠢᠳᠪᠦᠷᠢ ᠭᠠᠷᠭᠠᠬᠤ ᠳᠤ ᠨᠢ ᠳᠡᠮᠵᠢᠯᠭᠡ ᠪᠣᠯᠬᠤ ᠬᠡᠷᠡᠭᠰᠡᠯ ᠦᠳ ᠢᠶᠡᠷ ᠬᠠᠩᠭᠠᠵᠤ ᠪᠠᠶᠢᠳᠠᠭ᠃ ФНДС: ERP ᠰᠢᠰᠲ᠋ᠧᠮ - ᠪᠠᠶᠢᠭᠤᠯᠤᠯᠭ᠎ᠠ ᠶᠢᠨ ᠲᠤᠯᠭᠠᠭᠤᠷᠢ ᠪᠠᠭᠠᠨ᠎ᠠ 《ᠪᠠᠶᠢᠭᠤᠯᠤᠯᠭ᠎ᠠ ᠶᠢᠨ ᠨᠥᠭᠡᠴᠡ ᠶᠢᠨ ᠲᠥᠯᠥᠪᠯᠡᠯᠲᠡ ᠪᠤᠶᠤ ERP2 ᠨᠢ ᠪᠠᠶᠢᠭᠤᠯᠤᠯᠭ᠎ᠠ ᠶᠢᠨ ᠪᠦᠬᠦ ᠦᠢᠯᠡ ᠠᠵᠢᠯᠯᠠᠭ᠎ᠠ ᠶᠢ ᠬᠠᠮᠤᠷᠤᠭᠰᠠᠨ ᠨᠡᠶᠢᠯᠡᠮᠡᠯ᠂ ᠨᠠᠷᠢᠨ ᠰᠢᠰᠲ᠋ᠧᠮ ᠶᠤᠮ᠃ ᠡᠨᠡ ᠰᠢᠰᠲ᠋ᠧᠮ ᠨᠢ ᠰᠠᠩᠬᠦᠦ᠂ ᠨᠢᠭᠲᠠᠯᠠᠨ ᠪᠣᠳᠣᠬᠤ ᠪᠦᠷᠢᠳᠬᠡᠯ᠂ ᠬᠦᠮᠦᠨ ᠦ ᠨᠥᠭᠡᠴᠡ᠂ ᠦᠢᠯᠡᠳᠪᠦᠷᠢᠯᠡᠯ᠂ ᠪᠣᠷᠣᠯᠠᠭᠤᠯᠤᠯᠲᠠ᠂ ᠲᠦᠭᠡᠭᠡᠯ ᠳᠦ᠂ ᠵᠠᠬᠢᠶᠠᠯᠠᠭ᠎ᠠ᠂ ᠬᠤᠳᠠᠯᠳᠤᠨ ᠠᠪᠤᠯᠲᠠ᠂ ᠬᠠᠷᠢᠯᠴᠠᠭᠴᠢ ᠶᠢᠨ ᠤᠳᠤᠷᠢᠳᠤᠯᠭ᠎ᠠ ᠵᠡᠷᠭᠡ ᠣᠯᠠᠨ ᠰᠢᠰᠲ᠋ᠧᠮ ᠢ ᠬᠠᠮᠤᠷᠬᠤ ᠪᠠ ᠴᠠᠷ ᠬᠦᠷᠢᠶᠡᠨ ᠦ ᠬᠤᠪᠢ ᠳᠤ ᠴᠥᠭᠡᠨ ᠬᠦᠮᠦᠨ ᠲᠡᠢ ᠵᠢᠵᠢᠭ ᠠᠵᠤ ᠠᠬᠤᠢ ᠠᠴᠠ ᠡᠬᠢᠯᠡᠭᠡᠳ ᠬᠡᠳᠦᠨ ᠮᠢᠩᠭᠠᠨ ᠬᠦᠮᠦᠨ ᠲᠡᠢ ᠠᠪᠤᠷᠭᠤ ᠺᠣᠮᠫᠠᠨᠢᠢ ᠬᠤᠪᠢ ᠳᠤ ᠴᠤ ᠠᠰᠢᠭᠯᠠᠭᠳᠠᠬᠤ ᠪᠣᠯᠤᠮᠵᠢ ᠲᠠᠢ ᠶᠤᠮ᠃ERP íü áàéãóóëëàãûí á¿õèé ¿éë ÿâö᠂ ºãºãäëèéí íýãòãýí᠂ íýãäñýí íýã ñèñòåìä îðóóëæ ºãäºã᠃ ᠶᠡᠷᠦᠳᠡ ᠶᠢᠨ ERP ᠰᠢᠰᠲ᠋ᠧᠮ ᠨᠢ ᠲᠧᠭᠨᠢᠭ ᠬᠠᠩᠭᠠᠮᠵᠢ ᠪᠣᠯᠤᠨ ᠫᠷᠣᠭᠷᠠᠮ ᠬᠠᠩᠭᠠᠮᠵᠢ ᠶᠢᠨ ᠪᠦᠷᠢᠯᠳᠦᠬᠦᠨ ᠢ ᠠᠰᠢᠭᠯᠠᠨ ᠨᠢᠭᠡᠲᠦᠯ ᠢ ᠭᠦᠢᠴᠡᠳᠭᠡᠳᠡᠭ᠃ ᠶᠡᠬᠡᠩᠬᠢ ERP ᠍ ᠦᠨ ᠭᠣᠣᠯ ᠪᠦᠷᠢᠯᠳᠦᠬᠦᠨ ᠨᠢ ᠨᠢᠭᠡᠳᠦᠭᠰᠡᠨ ᠥᠭᠭᠥᠭᠳᠡᠯ ᠦᠨ ᠰᠠᠩ ᠳᠤ ᠥᠭᠭᠥᠭᠳᠡᠯ ᠢ ᠥᠭᠡᠷ᠎ᠡ ᠥᠭᠡᠷ᠎ᠡ ᠰᠢᠰᠲ᠋ᠧᠮ ᠦᠳ ᠦᠨ ᠮᠣᠳᠤᠯᠢ ᠪᠠᠷ ᠬᠠᠳᠠᠭᠠᠯᠠᠬᠤ ᠦᠢᠯᠡ ᠠᠵᠢᠯᠯᠠᠭ᠎ᠠ ᠶᠢ ᠬᠡᠷᠡᠭᠯᠡᠳᠡᠭ》 (http://nevermore-lesson.blogspot.com ) ERP ᠨᠢ ᠹᠦᠨᠺᠼᠢᠶᠣᠨᠠᠯᠢ ᠰᠢᠰᠲ᠋ᠧᠮ ᠦᠨ ᠨᠢᠭᠡ ᠬᠡᠯᠪᠡᠷᠢ ᠪᠥᠭᠡᠳ ᠥᠭᠡᠷ᠎ᠡ ᠪᠡᠷ ᠬᠡᠯᠡᠪᠡᠯ ᠪᠠᠶᠢᠭᠤᠯᠤᠯᠭ᠎ᠠ ᠶᠢᠨ ᠬᠡᠳᠦ ᠬᠡᠳᠦᠨ ᠠᠯᠪᠠ ᠬᠡᠯᠲᠦᠰ ᠦᠳ ᠠᠰᠢᠭᠯᠠᠳᠠᠭ ᠢᠶᠠᠷ ᠢᠶᠠᠨ ᠣᠨᠴᠠᠯᠢᠭ ᠲᠠᠢ ᠶᠤᠮ᠃ ᠰᠡᠭᠦᠯ ᠦᠨ ᠦᠶ᠎ᠡ ᠳᠦ ᠶᠠᠮᠠᠷ ᠴᠤ ᠲᠥᠷᠥᠯ ᠦᠨ ᠪᠢᠽᠢᠨ᠋ᠧᠰ ᠦᠨ ᠦᠢᠯᠡ ᠠᠵᠢᠯᠯᠠᠭ᠎ᠠ ᠶᠠᠪᠤᠭᠤᠯᠳᠠᠭ ᠪᠠᠢ ᠨᠢᠭᠡᠳᠦᠭᠰᠡᠨ ᠨᠢᠭᠡ ᠰᠢᠰᠲ᠋ᠧᠮ ᠢ ᠬᠡᠷᠡᠭᠵᠢᠭᠦᠯᠵᠦ ᠠᠰᠢᠭᠯᠠᠬᠤ ᠬᠠᠨᠳᠤᠯᠭ᠎ᠠ ᠲᠠᠢ ᠪᠣᠯᠤᠭᠰᠠᠨ ᠶᠤᠮ᠃ ᠡᠨᠡ ᠨᠢ ᠪᠠᠶᠢᠭᠤᠯᠤᠯᠭ᠎ᠠ ᠶᠢᠨ ᠳᠣᠲᠣᠷᠠᠬᠢ ᠬᠠᠮᠲᠤ ᠶᠢᠨ ᠠᠵᠢᠯᠯᠠᠭ᠎ᠠ ᠪᠠᠨ ᠤᠶᠠᠯᠳᠤᠭ᠎ᠠ ᠬᠣᠯᠪᠣᠭ᠎ᠠ ᠶᠢ ᠰᠠᠶᠢᠵᠢᠷᠠᠭᠤᠯᠵᠤ ᠢᠯᠡᠭᠦᠦ ᠪᠣᠳᠣ ᠲᠠᠢ ᠦᠢᠯᠡ ᠠᠵᠢᠯᠯᠠᠭ᠎ᠠ ᠶᠠᠪᠤᠭᠤᠯᠬᠤ ᠳᠤ ᠳᠡᠮᠵᠢᠯᠭᠡ ᠪᠣᠯᠵᠤ ᠪᠠᠶᠢᠨ᠎ᠠ᠃ ERP ᠨᠢ ᠪᠦᠲᠦᠭᠡᠭᠳᠡᠬᠦᠨ ᠦ ᠦᠢᠯᠡᠳᠪᠦᠷᠢᠯᠡᠯ᠂ ᠵᠠᠬᠢᠶᠠᠯᠠᠭ᠎ᠠ ᠪᠣᠯᠪᠠᠰᠤᠷᠠᠭᠤᠯᠬᠤ᠂ ᠪᠦᠲᠦᠭᠡᠭᠳᠡᠬᠦᠨ ᠦ ᠤᠳᠤᠷᠢᠳᠤᠯᠭ᠎ᠠ ᠵᠡᠷᠭᠡ ᠪᠠᠶᠢᠭᠤᠯᠤᠯᠭ᠎ᠠ ᠶᠢᠨ ᠴᠥᠮ ᠦᠢᠯᠡ ᠠᠵᠢᠯᠯᠠᠭ᠎ᠠ ᠨᠤᠭᠤᠳ ᠢ ᠪᠣᠳᠠᠲᠤ ᠴᠠᠭ ᠬᠤᠭᠤᠴᠠᠭᠠᠨ ᠳᠤ ᠨᠢᠭᠡᠳᠬᠡᠬᠦ ᠪᠣᠯᠤᠮᠵᠢ ᠪᠠᠷ ᠬᠠᠩᠭᠠᠵᠤ ᠪᠠᠶᠢᠳᠠᠭ᠃

ERP ᠍ ᠦᠨ ᠦᠷ᠎ᠡ ᠥᠭᠭᠦᠭᠡᠴᠢ

 ᠴᠢᠨᠠᠷ & ᠦᠷ᠎ᠡ ᠠᠰᠢᠭ – ᠪᠠᠶᠢᠭᠤᠯᠤᠯᠭ᠎ᠠ ᠶᠢᠨ ᠳᠣᠲᠣᠭᠠᠳᠤ ᠦᠢᠯᠡ ᠠᠵᠢᠯᠯᠠᠭ᠎ᠠ ᠶᠢ ᠨᠢᠭᠡᠳᠬᠡᠵᠦ ᠰᠠᠶᠢᠵᠢᠷᠭᠠᠭᠤᠯᠬᠤ ᠪᠣᠯᠤᠮᠵᠢ ᠣᠯᠭᠤᠳᠠᠭ ᠪᠥᠭᠡᠳ ᠡᠨᠡ ᠨᠢ ᠡᠷᠭᠢᠭᠡᠳ ᠬᠡᠷᠡᠭᠯᠡᠭᠴᠢᠳ ᠦᠵᠡᠭᠦᠯᠬᠦ ᠦᠢᠯᠡᠴᠢᠯᠡᠭᠡ᠂ ᠦᠢᠯᠡᠳᠪᠦᠷᠢᠯᠡᠯ ᠪᠣᠯᠤᠨ ᠬᠤᠪᠢᠶᠠᠷᠢᠯᠠᠯᠲᠠ ᠶᠢᠨ ᠦᠢᠯᠡ ᠠᠵᠢᠯᠯᠠᠭᠠᠨ ᠤ ᠦᠷ᠎ᠡ ᠥᠭᠭᠦᠭᠡᠴᠢ ᠪᠣᠯᠤᠨ ᠴᠢᠨᠠᠷ ᠢ ᠰᠠᠶᠢᠵᠢᠷᠠᠭᠤᠯᠵᠤ ᠪᠠᠶᠢᠳᠠᠭ᠃  ᠵᠠᠷᠤᠳᠠᠯ ᠤᠨ ᠪᠠᠭᠤᠷᠠᠯᠲᠠ – ERP ᠰᠢᠰᠲ᠋ᠧᠮ ᠨᠢ ᠪᠤᠰᠤᠳ ᠲᠥᠷᠥᠯ ᠦᠨ ᠰᠠᠯᠤᠩᠭᠢᠳᠠ ᠰᠢᠰᠲ᠋ᠧᠮ ᠦᠳ ᠢ ᠪᠣᠳᠣᠪᠠᠯ ᠦᠢᠯᠡ ᠠᠵᠢᠯᠯᠠᠭᠠᠨ ᠤ ᠤᠷᠤᠰᠬᠠᠯ ᠵᠠᠷᠤᠳᠠᠯ ᠪᠣᠯᠤᠨ ᠰᠠᠭᠤᠷᠢᠯᠠᠭᠤᠯᠤᠯᠲᠠ ᠶᠢᠨ ᠵᠠᠷᠤᠳᠠᠯ ᠪᠠᠭ᠎ᠠ ᠪᠠᠶᠢᠳᠠᠭ ᠨᠢ ᠣᠯᠠᠨ ᠪᠠᠶᠢᠭᠤᠯᠤᠯᠭ᠎ᠠ ᠶᠢᠨ ᠵᠢᠱᠢᠶ ᠡ ᠳᠡᠭᠡᠷ᠎ᠡ ᠪᠠᠲᠤᠯᠠᠭᠳᠠᠭᠰᠠᠨ ᠪᠠᠶᠢᠳᠠᠭ᠃ ᠮᠥᠨ ᠪᠠᠶᠢᠭᠤᠯᠤᠯᠭ᠎ᠠ ᠶᠢᠨ ᠲᠤᠬᠠᠢ ᠶᠢᠨ ᠰᠢᠰᠲ᠋ᠧᠮ ᠢ ᠨᠡᠪᠲᠡᠷᠡᠭᠦᠯᠦᠭᠰᠡᠨ ᠦᠢᠯᠡ ᠠᠵᠢᠯᠯᠠᠭᠠᠨ ᠤ ᠥᠷᠲᠡᠭ ᠵᠠᠷᠤᠳᠠᠯ ᠢ ᠪᠠᠭᠤᠷᠠᠭᠤᠯᠵᠤ ᠪᠠᠶᠢᠳᠠᠭ᠃  ᠰᠢᠢᠳᠪᠦᠷᠢ ᠭᠠᠷᠭᠠᠯᠲᠠᠨ ᠳᠤ ᠲᠤᠰᠠᠯᠠᠬᠤ - ERP ᠨᠢ ᠹᠦᠨᠺᠼᠢᠶᠣᠨᠠᠯᠢ ᠨᠢᠭᠡᠴᠡ ᠳᠤᠮᠳᠠ ᠶᠢᠨ ᠰᠢᠰᠲ᠋ᠧᠮ ᠤᠴᠢᠷ ᠠᠴᠠ ᠰᠢᠢᠳᠪᠦᠷᠢ ᠭᠠᠷᠭᠠᠬᠤ ᠳᠤ ᠱᠠᠭᠠᠷᠳᠠᠯᠭ᠎ᠠ ᠲᠠᠢ ᠮᠡᠳᠡᠭᠡᠯᠡᠯ ᠢ ᠪᠠᠶᠢᠭᠤᠯᠤᠯᠭ᠎ᠠ ᠶᠢᠨ ᠬᠡᠮᠵᠢᠶᠡᠨ ᠳᠦ ᠬᠤᠷᠳᠤᠨ ᠰᠢᠭᠤᠷᠬᠠᠢ ᠲᠠᠷᠠᠭᠠᠨ ᠲᠦᠭᠡᠭᠡᠵᠦ ᠪᠠᠶᠢᠳᠠᠭ᠃ ᠢᠩᠭᠢᠭᠰᠡᠨ ᠢᠶᠡᠷ ᠪᠠᠶᠢᠭᠤᠯᠤᠯᠭ᠎ᠠ ᠶᠢᠨ ᠬᠡᠮᠵᠢᠶᠡᠨ ᠦ ᠰᠢᠢᠳᠪᠦᠷᠢ ᠭᠠᠷᠭᠠᠯᠲᠠ ᠶᠢ ᠢᠯᠡᠭᠦᠦ ᠪᠣᠳᠠᠲᠠᠢ ᠪᠣᠯᠭᠠᠵᠤ ᠪᠠᠶᠢᠳᠠᠭ᠃  ᠪᠠᠶᠢᠭᠤᠯᠤᠯᠭ᠎ᠠ ᠶᠢᠨ ᠬᠤᠷᠳᠤᠨ ᠪᠣᠯᠪᠠᠰᠤᠷᠠᠭᠤᠯᠤᠯᠲᠠ - ERP ᠰᠢᠰᠲ᠋ᠧᠮ ᠦᠨ ᠬᠥᠭᠵᠢᠭᠦᠯᠦᠯᠲᠡ ᠨᠢ ᠪᠠᠶᠢᠭᠤᠯᠤᠯᠭ᠎ᠠ ᠶᠢᠨ ᠤᠯᠠᠮᠵᠢᠯᠠᠯᠲᠤ ᠹᠦᠨᠺᠼᠢ ᠨᠤᠭᠤᠳ ᠤᠨ ᠳᠤᠮᠳᠠᠬᠢ ᠬᠢᠯᠢ ᠬᠢᠵᠠᠭᠠᠷ ᠢ ᠠᠷᠢᠯᠭᠠᠵᠤ ᠪᠠᠶᠢᠭᠤᠯᠤᠯᠭ᠎ᠠ ᠶᠢᠨ ᠬᠡᠮᠵᠢᠶᠡᠨ ᠳᠦ ᠮᠡᠳᠡᠭᠡᠯᠡᠯ ᠢ ᠲᠠᠷᠠᠭᠠᠨ ᠲᠦᠭᠡᠭᠡᠬᠦ ᠬᠠᠮᠲᠤᠷᠠᠨ ᠬᠥᠭᠵᠢᠬᠦ ᠪᠣᠯᠤᠮᠵᠢ ᠣᠯᠭᠣᠬᠤ ᠪᠥᠭᠡᠳ ᠦᠢᠯᠡᠳᠪᠦᠷᠢᠯᠡᠯ᠂ ᠪᠦᠲᠦᠭᠡᠭᠳᠡᠬᠦᠨ ᠭᠡᠳ ᠪᠦᠬᠦ ᠲᠠᠯ᠎ᠠ ᠶᠢᠨ ᠬᠠᠮᠲᠤ ᠶᠢᠨ ᠠᠵᠢᠯᠯᠠᠭ᠎ᠠ ᠪᠠᠨ ᠤᠶᠠᠯᠳᠤᠭ᠎ᠠ ᠬᠣᠯᠪᠣᠭ᠎ᠠ ᠶᠢ ᠰᠠᠶᠢᠵᠢᠷᠠᠭᠤᠯᠵᠤ ᠪᠠᠶᠢᠳᠠᠭ᠃

ERP ᠍ ᠦᠨ ᠤᠨᠠᠯᠲᠠ ᠪᠠ ᠲᠡᠭᠦᠨ ᠦ ᠰᠢᠯᠲᠠᠭᠠᠨ ᠨᠤᠭᠤᠳ

ERP ᠍ ᠢ ᠪᠠᠶᠢᠭᠤᠯᠤᠯᠭ᠎ᠠ ᠳᠤ ᠪᠠᠨ ᠨᠡᠪᠲᠡᠷᠡᠭᠦᠯᠦᠨ᠎ᠡ ᠭᠡᠳᠡᠭ ᠨᠢ ᠨᠢᠭᠡ ᠲᠠᠯ᠎ᠠ ᠪᠠᠷ ᠢᠶᠠᠨ ᠪᠠᠶᠢᠭᠤᠯᠤᠯᠭ᠎ᠠ ᠶᠢᠨ ᠪᠦᠲᠦᠴᠡ ᠶᠢᠨ ᠥᠭᠡᠷᠡᠴᠢᠯᠡᠯᠲᠡ ᠪᠤᠶᠤ ᠷᠧ ᠢᠨᠵᠧᠨᠧᠷᠢᠨ ᠢ ᠬᠢᠵᠦ ᠪᠠᠶᠢᠭ᠎ᠠ ᠭᠡᠰᠡᠨ ᠦᠭᠡ᠃ ᠥᠭᠡᠷ᠎ᠡ ᠪᠡᠷ ᠬᠡᠯᠡᠪᠡᠯ ᠪᠢᠽᠢᠨ᠋ᠧᠰ ᠦᠨ ᠬᠡᠳᠦ ᠬᠡᠳᠦᠨ ᠡᠰᠡᠪᠡᠯ ᠪᠦᠬᠦᠯᠢ ᠠᠯᠪᠠ ᠬᠡᠯᠲᠡᠰ ᠢ ᠬᠠᠮᠤᠷᠤᠭᠤᠯᠤᠨ ᠪᠠᠶᠢᠭᠤᠯᠤᠭᠳᠠᠳᠠᠭ ᠰᠢᠰᠲ᠋ᠧᠮ ᠤᠴᠢᠷ ᠠᠴᠠ ᠮᠠᠰᠢ ᠶᠡᠬᠡ ᠥᠨᠳᠥᠷ ᠡᠷᠦᠰᠳᠡᠯ ᠪᠠᠰᠬᠦ ᠥᠷᠲᠡᠭ ᠵᠠᠷᠤᠳᠠᠯ ᠲᠠᠢ ᠪᠠᠶᠢᠳᠠᠭ᠃  ᠲᠥᠯᠥᠪᠯᠡᠯᠲᠡ᠂ ᠬᠥᠭᠵᠢᠭᠦᠯᠦᠯᠲᠡ ᠰᠤᠷᠭᠠᠯᠲᠠ ᠶᠢᠨ ᠴᠣᠭᠴᠠ ᠪᠠᠶᠢᠳᠠᠯ ᠢ ᠳᠤᠲᠠᠭᠤ ᠦᠨᠡᠯᠡᠬᠦ ᠪᠤᠶᠤ ᠥᠭᠡᠷ᠎ᠡ ᠪᠡᠷ ᠬᠡᠯᠡᠪᠡᠯ ᠡᠶᠢᠮᠦ ᠲᠣᠮᠣᠬᠠᠨ ᠰᠢᠰᠲ᠋ᠧᠮ ᠦᠨ ᠲᠥᠯᠥᠪᠯᠡᠯᠲᠡ ᠶᠢ ᠮᠠᠰᠢ ᠨᠠᠷᠢᠨ ᠭᠠᠷᠭᠠᠬᠤ ᠶᠣᠰᠣᠲᠠᠢ ᠪᠠᠶᠢᠳᠠᠭ᠃ ᠶᠡᠷᠦ ᠨᠢ ᠶᠠᠮᠠᠷ МС ᠍ ᠢ ᠨᠡᠪᠲᠡᠷᠡᠭᠦᠯᠬᠦ ᠬᠥᠭᠵᠢᠭᠦᠯᠬᠦ ᠳᠤ ᠨᠡᠩ ᠲᠦᠷᠦᠭᠦᠨ ᠳᠦ ᠨᠠᠷᠢᠨ ᠲᠥᠯᠥᠪᠯᠡᠯᠲᠡ ᠬᠡᠷᠡᠭᠲᠡᠢ ᠪᠠᠶᠢᠳᠠᠭ ᠤᠴᠢᠷ ᠠᠴᠠ ᠲᠥᠰᠥᠯ ᠦᠨ ᠮᠧᠨᠧᠵᠧᠷ ᠭᠡᠵᠦ ᠬᠦᠮᠦᠨ ᠢ ᠡᠨᠡᠬᠦ ᠠᠯᠪᠠᠨ ᠡᠭᠦᠷᠭᠡ ᠳᠦ ᠲᠣᠮᠢᠯᠠᠨ ᠠᠵᠢᠯᠯᠠᠭᠤᠯᠳᠠᠭ  ERP ᠍ ᠢ ᠬᠡᠷᠡᠭᠯᠡᠬᠦ ᠠᠵᠢᠯᠲᠠᠨ ᠨᠤᠭᠤᠳ ᠰᠢᠰᠲ᠋ᠧᠮ ᠢ ᠲᠥᠯᠥᠪᠯᠡᠬᠦ᠂ ᠬᠥᠭᠵᠢᠭᠦᠯᠬᠦ ᠶᠠᠪᠤᠴᠠ ᠲᠤ ᠣᠷᠣᠯᠴᠠᠬᠤ ᠦᠭᠡᠢ ᠪᠠᠶᠢᠬᠤ – ᠬᠡᠷᠡᠭᠯᠡᠭᠴᠢᠳ ᠲᠦ ᠨᠢᠭᠡ ᠪᠤᠷᠤᠭᠤ ᠣᠶᠢᠯᠠᠭᠠᠯᠲᠠ ᠪᠠᠶᠢᠳᠠᠭ ᠨᠢ ᠠᠯᠢᠪᠠ ᠰᠢᠰᠲ᠋ᠧᠮ ᠢ ᠵᠥᠪᠬᠡᠨ ᠮᠡᠷᠭᠡᠵᠢᠯ ᠦᠨ ᠬᠦᠮᠦᠰ ᠨᠢ ᠯᠠ ᠬᠢᠬᠦ ᠶᠣᠰᠣᠲᠠᠢ ᠭᠡᠰᠡᠨ ᠪᠣᠳᠣᠯ᠃ ᠮᠠᠭᠠᠳ ᠦᠭᠡᠢ ᠵᠥᠪᠬᠡᠨ МТ ᠍ ᠦᠨ ᠠᠵᠢᠯᠲᠠᠨ ᠨᠤᠭᠤᠳ ᠯᠠ ᠬᠢᠵᠦ ᠥᠭᠬᠦ ᠶᠣᠰᠣᠲᠠᠢ ᠮᠡᠲᠦ ᠪᠡᠷ ᠣᠶᠢᠯᠠᠭᠠᠳᠠᠭ᠃ ᠭᠡᠪᠡᠴᠦ ᠨᠢᠭᠡᠨᠲᠡ ᠯᠠ ᠲᠠ ᠥᠪᠡᠷ ᠢᠶᠡᠨ ᠡᠷᠭᠢᠭᠡᠳ ᠲᠤᠬᠠᠢ ᠶᠢᠨ ᠰᠢᠰᠲ᠋ᠧᠮ ᠢᠶᠡᠨ ᠬᠡᠷᠡᠭᠯᠡᠬᠦ ᠤᠴᠢᠷ ᠠᠴᠠ ᠥᠪᠡᠷ ᠦᠨ ᠣᠷᠣᠯᠴᠠᠭ᠎ᠠ ᠶᠢ ᠵᠠᠪᠠᠯ ᠣᠷᠣᠭᠤᠯᠳᠠᠭ ᠪᠠᠶᠢᠬᠤ ᠨᠢ ᠴᠢᠬᠤᠯᠠ᠃ ᠡᠩ ᠦᠨ ᠵᠢᠱᠢᠶ᠎ᠡ ᠲᠠᠲ ᠤ᠃ ᠲᠠ ᠥᠪᠡᠷᠲᠡᠭᠡᠨ ᠬᠤᠪᠴᠠᠰᠤ ᠣᠶᠣᠠᠭᠳᠠᠬᠤ ᠭᠡᠳ ᠣᠶᠣᠳᠠᠯᠴᠢᠨ ᠳᠡᠭᠡᠷ᠎ᠡ ᠣᠴᠢᠭᠠᠳ ᠨᠠᠳᠠ ᠳᠤ ᠴᠡᠩᠬᠡᠷ ᠥᠩᠭᠡ ᠲᠡᠢ ᠴᠠᠭᠠᠨ ᠡᠮᠵᠢᠶᠡᠷᠢ ᠲᠡᠢ ᠳᠡᠪᠡᠯ ᠬᠢᠭᠡᠳ ᠲᠠᠯᠪᠢᠴᠢᠭᠠᠷᠠᠢ ᠭᠡᠵᠦ ᠬᠡᠯᠡᠴᠢᠬᠡᠭᠡᠳ ᠯᠠ ᠶᠠᠪᠤᠴᠢᠵᠤ ᠪᠠᠶᠢᠨ᠎ᠠ ᠭᠡᠰᠡᠨ ᠦᠭᠡ᠃ ᠭᠡᠲᠡᠯ᠎ᠡ ᠴᠠᠭᠠᠳᠤ ᠣᠶᠣᠳᠠᠯᠴᠢᠨ ᠨᠢ ᠲᠠᠨ ᠤ ᠪᠡᠶ᠎ᠡ ᠶᠢᠨ ᠬᠡᠮᠵᠢᠶ᠎ᠡ ᠶᠢ ᠮᠡᠳᠡᠬᠦ ᠦᠭᠡᠢ ᠶᠠᠮᠠᠷ ᠵᠠᠭᠪᠤᠷ ᠢᠶᠠᠷ ᠬᠢᠬᠦ ᠪᠡᠨ ᠮᠡᠳᠡᠬᠦ ᠦᠭᠡᠢ᠂ ᠶᠠᠮᠠᠷ ᠴᠢᠮᠡᠭᠯᠡᠯ ᠨᠡᠮᠡᠬᠦ ᠪᠡᠨ ᠮᠡᠳᠡᠬᠦ ᠦᠭᠡᠢ ᠭᠡᠬᠦ ᠮᠡᠲᠦᠴᠢᠯᠠᠨ ᠮᠡᠳᠡᠭᠡᠯᠡᠯ ᠦᠭᠡᠢ ᠬᠣᠴᠣᠷᠳᠠᠭ᠃ ᠲᠠ ᠲᠡᠷᠡ ᠮᠡᠳᠡᠭᠡᠯᠡᠯ ᠢᠶᠡᠨ ᠥᠭᠭᠦᠬᠦ ᠦᠭᠡᠢ ᠪᠣᠯ ᠣᠶᠣᠳᠠᠯᠴᠢᠨ ᠤᠤ ᠣᠶᠣᠵᠤ ᠥᠭᠬᠦ ᠪᠣᠯ??? ᠡᠭᠦᠨ ᠲᠡᠢ ᠯᠠ ᠠᠳᠠᠯᠢᠬᠠᠨ ᠭᠡᠰᠡᠨ ᠦᠭᠡ᠃  ERP ᠍ ᠢ ᠪᠣᠷᠣᠯᠠᠭᠤᠯᠤᠭᠴᠢ ᠡᠰᠡᠪᠡᠯ ᠵᠥᠪᠯᠡᠯᠭᠡ ᠥᠭᠴᠦ ᠪᠤᠢ ᠺᠣᠮᠫᠠᠨᠢ ᠨᠤᠭᠤᠳ ᠲᠤ ᠬᠡᠲᠦ ᠨᠠᠶᠢᠳᠠᠬᠤ – ᠵᠠᠷᠢᠮ ᠪᠠᠶᠢᠭᠤᠯᠤᠯᠭ᠎ᠠ ᠨᠤᠭᠤᠳ ᠰᠢᠰᠲ᠋ᠧᠮ ᠢᠶᠡᠨ ᠳᠣᠲᠣᠷ᠎ᠠ ᠪᠠᠨ ᠬᠥᠭᠵᠢᠭᠦᠯᠳᠡᠭ ᠪᠣᠯ ᠵᠠᠷᠢᠮ ᠨᠢ ᠭᠠᠳᠠᠨ᠎ᠠ ᠠᠴᠠ ᠪᠡᠯᠡᠨ ᠰᠢᠢᠳᠦᠯ ᠬᠤᠳᠠᠯᠳᠤᠵᠤ ᠠᠪᠤᠭᠠᠳ ᠥᠪᠡᠷᠰᠡᠳ ᠦᠨ ᠦᠢᠯᠡ ᠠᠵᠢᠯᠯᠠᠭᠠᠨ ᠳᠤ ᠪᠠᠨ ᠵᠣᠬᠢᠴᠠᠭᠤᠯᠬᠤ ᠡᠰᠡᠪᠡᠯ ᠥᠭᠡᠷ᠎ᠡ ᠪᠠᠶᠢᠭᠤᠯᠤᠯᠭ᠎ᠠ ᠪᠠᠷ ᠵᠠᠬᠢᠶᠠᠯᠠᠵᠤ ᠬᠢᠯᠭᠡᠬᠦ ᠪᠣᠯᠳᠠᠭ᠃ ᠠᠯᠢ ᠴᠤ ᠬᠤᠪᠢᠯᠪᠤᠷᠢ ᠶᠢ ᠰᠣᠩᠭᠣᠭᠰᠠᠨ ᠪᠠᠶᠢᠭᠰᠠᠨ ᠪᠠᠶᠢᠭᠤᠯᠤᠯᠭ᠎ᠠ ᠥᠪᠡᠷ ᠦᠨ ᠭᠡᠰᠡᠨ ᠱᠠᠭᠠᠷᠳᠠᠯᠭ᠎ᠠ ᠨᠤᠭᠤᠳ ᠢ ᠬᠠᠩᠭᠠᠭᠰᠠᠨ ᠡᠰᠡᠬᠦ ᠶᠢ ᠵᠠᠪᠠᠯ ᠨᠢᠭᠲᠠᠯᠠᠵᠤ ᠰᠤᠳᠤᠯᠳᠠᠭ ᠪᠠᠶᠢᠬᠤ ᠨᠢ ᠴᠢᠬᠤᠯᠠ ᠪᠥᠭᠡᠳ ᠪᠤᠰᠤᠳ ᠤᠨ ᠰᠤᠷᠲᠠᠯᠴᠢᠯᠠᠭ᠎ᠠ᠂ ᠶᠠᠲᠤᠭᠠᠯᠢᠭ ᠠᠴᠠ ᠢᠯᠡᠭᠦᠦ ᠥᠪᠡᠷ ᠦᠨ ᠦᠢᠯᠡ ᠠᠵᠢᠯᠯᠠᠭᠠᠨ ᠳᠤ ᠬᠡᠷ ᠲᠣᠬᠢᠷᠠᠬᠤ ᠶᠢ ᠨᠢ ᠰᠠᠶᠢᠨ ᠰᠤᠳᠤᠯᠬᠤ ᠨᠢ ᠴᠢᠬᠤᠯᠠ ᠶᠤᠮ᠃  ᠬᠠᠩᠭᠠᠯᠲᠠ ᠦᠭᠡᠢ ᠰᠤᠷᠭᠠᠯᠲᠠ - ᠬᠡᠳᠦᠢ ᠰᠠᠶᠢᠨ ᠰᠢᠰᠲ᠋ᠧᠮ ᠬᠢᠭᠰᠡᠨ ᠴᠤ ᠲᠤᠬᠠᠢ ᠶᠢᠨ ᠰᠢᠰᠲ᠋ᠧᠮ ᠢ ᠬᠡᠷᠡᠭᠯᠡᠭᠴᠢᠳ ᠲᠦ ᠲᠠᠨᠢᠭᠤᠯᠬᠤ᠂ ᠬᠡᠷᠡᠭᠯᠡᠭᠡ ᠶᠢ ᠨᠢ ᠳᠡᠮᠵᠢᠬᠦ ᠪᠣᠯᠤᠨ ᠨᠤᠲᠤᠭᠰᠢᠭᠤᠯᠬᠤ ᠨᠢ ᠵᠠᠶᠢᠯᠠᠰᠢ ᠦᠭᠡᠢ ᠱᠠᠭᠠᠷᠳᠠᠯᠭ᠎ᠠ ᠲᠠᠢ ᠪᠠᠶᠢᠳᠠᠭ᠃ ᠲᠡᠶᠢᠮᠦ ᠡᠴᠡ ᠰᠢᠰᠲ᠋ᠧᠮ ᠦᠨ ᠬᠡᠷᠡᠭᠯᠡᠭᠴᠢᠳ ᠢ ᠪᠤᠶᠤ ᠲᠤᠬᠠᠢ ᠶᠢᠨ ᠰᠢᠰᠲ᠋ᠧᠮ ᠢ ᠠᠰᠢᠭᠯᠠᠬᠤ ᠬᠦᠮᠦᠰ ᠲᠦ ᠰᠢᠰᠲ᠋ᠧᠮ ᠦᠨ ᠲᠠᠯ᠎ᠠ ᠪᠠᠷ ᠰᠤᠷᠭᠠᠯᠲᠠ ᠶᠢ ᠶᠠᠪᠤᠭᠤᠯᠬᠤ ᠬᠡᠷᠡᠭᠲᠡᠢ ᠶᠤᠮ᠃  ᠬᠠᠩᠭᠠᠯᠲᠠ ᠲᠠᠢ ᠬᠡᠮᠵᠢᠶᠡᠨ ᠦ ᠥᠭᠭᠥᠭᠳᠡᠯ ᠦᠳ ᠢ ᠣᠷᠣᠭᠤᠯᠵᠤ᠂ ᠲᠤᠷᠰᠢᠭ᠎ᠠ ᠦᠭᠡᠢ - ᠰᠢᠰᠲ᠋ᠧᠮ ᠢ ᠨᠡᠪᠲᠡᠷᠡᠭᠦᠯᠬᠦ ᠪᠠᠶᠢᠭᠤᠯᠤᠯᠭ᠎ᠠ ᠶᠠᠮᠠᠷ ᠴᠤ ᠬᠡᠮᠵᠢᠶ᠎ᠡ ᠲᠡᠢ ᠪᠠᠶᠢᠵᠤ ᠪᠣᠯᠤᠨ᠎ᠠ᠃ ᠲᠣᠮᠣ᠂ ᠳᠤᠮᠳᠠ᠂ ᠪᠠᠭ᠎ᠠ ᠭᠡᠬᠦ ᠮᠡᠲᠦᠴᠢᠯᠡᠨ ᠢᠶᠡᠷ ᠶᠠᠩᠵᠤ ᠪᠦᠷᠢ ᠶᠢᠨ ᠬᠡᠮᠵᠢᠶ᠎ᠡ ᠲᠡᠢ ᠪᠠᠶᠢᠬᠤ ᠪᠥᠭᠡᠳ ᠲᠡᠷᠡ ᠬᠢᠷᠢ ᠪᠡᠷ ᠪᠠᠶᠢᠭᠤᠯᠤᠯᠭ᠎ᠠ ᠶᠢᠨ ᠮᠡᠳᠡᠭᠡᠯᠡᠯ ᠦᠨ ᠤᠷᠤᠰᠬᠠᠯ ᠶᠡᠬᠡ ᠪᠠᠭ᠎ᠠ ᠶᠠᠩᠵᠤ ᠪᠦᠷᠢ ᠪᠠᠶᠢᠨ᠎ᠠ᠃ ᠲᠡᠶᠢᠮᠦ ᠡᠴᠡ ᠥᠭᠭᠥᠭᠳᠡᠯ ᠢ ᠣᠷᠣᠭᠤᠯᠤᠨ ᠲᠤᠷᠰᠢᠬᠤ ᠳᠤ ᠪᠠᠨ ᠲᠤᠬᠠᠢ ᠶᠢᠨ ᠪᠠᠶᠢᠭᠤᠯᠤᠯᠭ᠎ᠠ ᠶᠢᠨ ᠴᠠᠷ᠎ᠠ ᠬᠦᠷᠢᠶ᠎ᠡ ᠶᠢ ᠬᠠᠷᠠᠭᠠᠯᠵᠠᠨ ᠦᠵᠡᠬᠦ ᠬᠡᠷᠡᠭᠲᠡᠢ᠃ ᠵᠢᠱᠢᠶ᠎ᠡ ᠨᠢ: ᠡᠳᠦᠷ ᠲᠦ 1000 ᠬᠡᠷᠡᠭᠯᠡᠭᠴᠢ ᠬᠠᠨᠳᠤᠵᠤ ᠵᠠᠬᠢᠶᠠᠯᠠᠭ᠎ᠠ ᠥᠭᠳᠡᠭ ᠪᠠᠶᠢᠭᠤᠯᠤᠯᠭ᠎ᠠ ᠶᠢᠨ ᠥᠭᠭᠥᠭᠳᠡᠯ ᠢ ᠲᠤᠷᠰᠢᠬᠤ ᠳᠤ ᠪᠠᠨ ᠳᠣᠣᠷ᠎ᠠ ᠬᠠᠶᠠᠵᠤ 500 ᠬᠡᠷᠡᠭᠯᠡᠭᠴᠢ ᠶᠢᠨ ᠬᠠᠨᠳᠤᠯᠲᠠ ᠬᠢᠯᠭᠡᠵᠦ ᠲᠤᠷᠰᠢᠬᠤ ᠬᠡᠷᠡᠭᠲᠡᠢ ᠭᠡᠰᠡᠨ ᠦᠭᠡ ᠶᠤᠮ᠃ ᠥᠭᠡᠷ᠎ᠡ ᠪᠡᠷ ᠬᠡᠯᠡᠪᠡᠯ ᠠᠴᠢᠶᠠᠯᠠᠯ ᠳᠠᠬᠤ ᠴᠢᠳᠠᠪᠤᠷᠢ ᠶᠢ ᠲᠤᠷᠰᠢᠵᠤ ᠦᠵᠡᠬᠦ ᠬᠡᠷᠡᠭᠲᠡᠢ ᠭᠡᠰᠡᠨ ᠦᠭᠡ᠃  ᠬᠡᠲᠦᠷᠬᠡᠢ ᠶᠡᠬᠡ ᠶᠢ ᠬᠡᠲᠦᠷᠬᠡᠢ ᠬᠤᠷᠳᠤᠨ ᠬᠢᠬᠦ ᠶᠢ ᠣᠷᠣᠯᠳᠤᠬᠤ - ERP ᠰᠢᠰᠲ᠋ᠧᠮ ᠪᠣᠯ ᠪᠠᠶᠢᠭᠤᠯᠤᠯᠭ᠎ᠠ ᠶᠢᠨ ᠨᠢᠭᠡᠳᠦᠭᠰᠡᠨ ᠰᠢᠰᠲ᠋ᠧᠮ ᠤᠴᠢᠷ ᠠᠴᠠ ᠬᠥᠭᠵᠢᠭᠦᠯᠦᠯᠲᠡ ᠮᠠᠰᠢ ᠶᠡᠬᠡ ᠴᠠᠭ ᠬᠤᠭᠤᠴᠠᠭ᠎ᠠ᠂ ᠰᠢᠨᠵᠢᠯᠡᠭᠡ ᠱᠠᠭᠠᠷᠳᠠᠭᠳᠠᠳᠠᠭ᠃ ᠬᠡᠲᠦᠷᠬᠡᠢ ᠬᠤᠷᠳᠤᠨ ᠬᠤᠭᠤᠴᠠᠭᠠᠨ ᠳᠤ ᠬᠢᠬᠦ ᠶᠢ ᠣᠷᠣᠯᠳᠤᠬᠤ ᠨᠢ ᠡᠷᠭᠢᠭᠡᠳ ᠲᠤᠬᠠᠢ ᠶᠢᠨ ᠰᠢᠰᠲ᠋ᠧᠮ ᠲᠡᠷᠡ ᠪᠤᠤ ᠬᠡᠯᠡ ᠪᠠᠶᠢᠭᠤᠯᠤᠯᠭ᠎ᠠ ᠶᠢᠨ ᠪᠢᠽᠢᠨ᠋ᠧᠰ ᠦᠨ ᠦᠢᠯᠡ ᠠᠵᠢᠯᠯᠠᠭ᠎ᠠ ᠶᠢ ᠴᠤ ᠡᠷᠦᠰᠳᠡᠯ ᠳᠦ ᠣᠷᠣᠭᠤᠯᠵᠤ ᠮᠡᠳᠡᠨ᠎ᠡ᠃

ФНДС: CRM ᠰᠢᠰᠲ᠋ᠧᠮ - ᠪᠢᠽᠢᠨ᠋ᠧᠰ ᠳᠡᠭᠡᠷ᠎ᠡ ᠲᠥᠪᠯᠡᠷᠡᠬᠦ ᠨᠢ

ᠬᠡᠷᠡᠭᠯᠡᠭᠴᠢ ᠪᠣᠯ ᠪᠠᠶᠢᠭᠤᠯᠤᠯᠭ᠎ᠠ ᠶᠢᠨ ᠤᠳᠠᠭᠠᠨ ᠬᠤᠭᠤᠴᠠᠭᠠᠨ ᠳᠤ ᠣᠷᠣᠰᠢᠨ ᠲᠣᠭᠲᠠᠨᠢᠵᠤ᠂ ᠠᠮᠵᠢᠯᠲᠠ ᠲᠠᠢ ᠦᠢᠯᠡ ᠠᠵᠢᠯᠯᠠᠭ᠎ᠠ ᠶᠠᠪᠤᠭᠤᠯᠬᠤ ᠳᠤ ᠨᠢ ᠨᠦᠯᠦᠭᠡᠯᠡᠬᠦ ᠬᠠᠮᠤᠭ ᠤᠨ ᠴᠢᠬᠤᠯᠠ ᠲᠦᠯᠬᠢᠭᠦᠷ ᠬᠦᠴᠦᠨ ᠵᠦᠢᠯ ᠪᠢᠯᠡ᠃ ᠥᠨᠥ ᠦᠶ᠎ᠡ ᠳᠦ ᠪᠦᠲᠦᠭᠡᠭᠳᠡᠬᠦᠨ ᠲᠥᠪ ᠲᠡᠢ ᠪᠢᠽᠢᠨ᠋ᠧᠰ ᠡᠴᠡ ᠬᠡᠷᠡᠭᠯᠡᠭᠴᠢ ᠲᠥᠪ ᠲᠡᠢ ᠪᠢᠽᠢᠨ᠋ᠧᠰᠦᠷᠦᠦ ᠰᠢᠯᠵᠢᠭᠰᠡᠨ ᠪᠥᠭᠡᠳ ᠺᠣᠮᠫᠠᠨᠢ᠂ ᠪᠠᠶᠢᠭᠤᠯᠤᠯᠭ᠎ᠠ ᠨᠤᠭᠤᠳ ᠤᠨ ᠬᠠᠮᠤᠭ ᠤᠨ ᠭᠣᠣᠯ ᠵᠣᠷᠢᠯᠭ᠎ᠠ ᠪᠣᠯ ᠬᠡᠷᠡᠭᠯᠡᠭᠴᠢᠳ ᠢ ᠲᠠᠲᠠᠬᠤ᠂ ᠲᠡᠳᠡᠨ ᠢ ᠬᠠᠳᠠᠭᠠᠯᠠᠵᠤ ᠦᠯᠡᠳᠡᠬᠦ ᠶᠢᠨ ᠲᠤᠯᠠᠳᠠ ᠪᠣᠯᠤᠮᠵᠢᠲᠤ ᠪᠦᠬᠦ ᠠᠷᠭ᠎ᠠ ᠬᠡᠮᠵᠢᠶ᠎ᠡ ᠶᠢ ᠠᠪᠬᠤ ᠱᠠᠭᠠᠷᠳᠠᠯᠭ᠎ᠠ ᠲᠤᠯᠭᠠᠷᠴᠢ ᠪᠠᠶᠢᠭ᠎ᠠ ᠶᠤᠮ᠃ ᠬᠡᠷᠡᠭᠯᠡᠭᠴᠢ ᠲᠡᠢ ᠲᠣᠭᠲᠠᠭᠠᠭᠰᠠᠨ ᠬᠠᠷᠢᠯᠴᠠᠭ᠎ᠠ ᠬᠣᠯᠪᠣᠭ᠎ᠠ ᠪᠣᠯ ᠺᠣᠮᠫᠠᠨᠢ ᠶᠢᠨ ᠬᠠᠮᠤᠭ ᠤᠨ ᠦᠨ᠎ᠡ ᠴᠡᠨ᠎ᠡ ᠲᠡᠢ ᠬᠥᠷᠥᠩᠭᠡ ᠶᠤᠮ᠃ ᠡᠳᠡᠭᠡᠷ ᠬᠡᠷᠡᠭᠴᠡᠭᠡ ᠳᠡᠭᠡᠷ᠎ᠡ ᠲᠤᠯᠭᠠᠭᠤᠷᠢᠯᠠᠨ CRM3 ᠰᠢᠰᠲ᠋ᠧᠮ ᠦᠳ ᠦᠨ ᠬᠥᠭᠵᠢᠵᠦ ᠡᠬᠢᠯᠡᠭᠰᠡᠨ ᠭᠡᠵᠦ ᠬᠡᠯᠡᠵᠦ ᠪᠣᠯᠤᠨ᠎ᠠ᠃ CRM ᠍ ᠦᠨ ᠰᠢᠰᠲ᠋ᠧᠮ ᠨᠢ ᠳᠠᠷᠠᠭᠠᠬᠢ ᠦᠨᠳᠦᠰᠦᠨ ᠵᠣᠷᠢᠯᠭ᠎ᠠ ᠲᠠᠢ ᠪᠠᠶᠢᠳᠠᠭ᠃ 1). ᠬᠡᠷᠡᠭᠯᠡᠭᠴᠢᠳ ᠦᠨ ᠲᠠᠯ᠎ᠠ ᠪᠠᠷ ᠣᠯᠠᠨ ᠲᠠᠯᠠᠲᠤ ᠮᠡᠳᠡᠭᠡᠯᠡᠯ ᠦᠳ ᠢ ᠴᠤᠭᠯᠠᠭᠤᠯᠵᠤ ᠲᠡᠳᠡᠨ ᠢ ᠲᠠᠨᠢᠨ ᠮᠡᠳᠡᠬᠦ 2). ᠡᠷᠭᠢᠭᠡᠳ ᠬᠡᠷᠡᠭᠯᠡᠭᠴᠢᠳ ᠲᠦ ᠺᠣᠮᠫᠠᠨᠢ ᠶᠢᠨ ᠪᠣᠯᠤᠨ ᠪᠦᠲᠦᠭᠡᠭᠳᠡᠬᠦᠨ ᠦᠢᠯᠡᠴᠢᠯᠡᠭᠡᠨ ᠦ ᠲᠠᠯ᠎ᠠ ᠪᠠᠷ ᠴᠣᠭᠴᠠ ᠮᠡᠳᠡᠭᠡᠯᠡᠯ ᠢ ᠪᠣᠯᠤᠮᠵᠢᠲᠤ ᠰᠤᠪᠠᠭ ᠤᠳ ᠢᠶᠠᠷ ᠳᠠᠮᠵᠢᠭᠤᠯᠠᠨ ᠬᠦᠷᠭᠡᠬᠦ᠃ ᠶᠡᠷᠦᠩᠬᠡᠢ ᠳᠤ ᠪᠡᠨ ᠪᠠᠶᠢᠭᠤᠯᠤᠯᠭ᠎ᠠ ᠨᠤᠭᠤᠳ ᠲᠥᠪ ᠲᠡᠢ ᠪᠢᠽᠢᠨ᠋ᠧᠰ ᠦᠨ ᠦᠢᠯᠡ ᠠᠵᠢᠯᠯᠠᠭ᠎ᠠ ᠶᠢ ᠳᠡᠮᠵᠢᠬᠦᠨ ᠦ ᠲᠤᠯᠠᠳᠠ ᠡᠨᠡᠬᠦ ᠰᠢᠰᠲ᠋ᠧᠮ ᠢ ᠨᠡᠪᠲᠡᠷᠡᠭᠦᠯᠵᠦ ᠪᠠᠶᠢᠨ᠎ᠠ᠃ CRM ᠍ ᠦᠨ ᠰᠢᠰᠲ᠋ᠧᠮ ᠳᠦ ᠬᠡᠷᠡᠭᠯᠡᠭᠴᠢᠳ ᠳᠠᠷᠠᠭᠠᠬᠢ 3 ᠦᠶ᠎ᠡ ᠱᠠᠲᠤ ᠶᠢ ᠳᠠᠮᠵᠢᠳᠠᠭ ᠭᠡᠵᠦ ᠦᠵᠡᠳᠡᠭ᠃ I. ᠣᠯᠵᠤ ᠠᠪᠬᠤ- ᠲᠤᠬᠠᠢ ᠶᠢᠨ ᠪᠠᠶᠢᠭᠤᠯᠤᠯᠭ᠎ᠠ ᠶᠢᠨ ᠪᠦᠲᠦᠭᠡᠭᠳᠡᠬᠦᠨ ᠦᠢᠯᠡᠴᠢᠯᠡᠭᠡ ᠶᠢ ᠬᠡᠷᠡᠭᠯᠡᠵᠦ ᠡᠬᠢᠯᠡᠬᠦ᠃ ᠰᠢᠰᠲ᠋ᠧᠮ ᠢᠶᠡᠷ ᠳᠠᠮᠵᠢᠭᠤᠯᠠᠨ ᠰᠢᠨ᠎ᠡ ᠬᠡᠷᠡᠭᠯᠡᠭᠴᠢᠳ ᠢ ᠥᠪᠡᠷᠲᠡᠭᠡᠨ ᠲᠠᠲᠠᠬᠤ II. ᠴᠢᠨᠠᠷᠵᠢᠭᠤᠯᠬᠤ᠂ ᠰᠠᠶᠢᠵᠢᠷᠭᠠᠭᠤᠯᠬᠤ- ᠢᠯᠡᠭᠦᠦ ᠶᠡᠬᠡ ᠬᠤᠳᠠᠯᠳᠤᠨ ᠠᠪᠤᠯᠲᠠ ᠬᠢᠬᠦ ᠪᠣᠯᠤᠮᠵᠢ ᠶᠢ ᠨᠢ ᠪᠦᠷᠢᠳᠦᠭᠦᠯᠬᠦ ᠲᠡᠳᠡᠨ ᠢ ᠰᠡᠳᠦᠯᠵᠢᠭᠦᠯᠬᠦ ᠦᠢᠯᠡ ᠠᠵᠢᠯᠯᠠᠭ᠎ᠠ ᠨᠤᠭᠤᠳ ᠪᠠᠭᠲᠠᠳᠠᠭ᠃ III. ᠬᠠᠳᠠᠭᠠᠯᠠᠬᠤ - ᠪᠠᠶᠢᠩᠭᠤ ᠶᠢᠨ ᠢᠳᠡᠪᠡᠬᠦ ᠲᠡᠢ ᠬᠡᠷᠡᠭᠯᠡᠭᠴᠢ ᠪᠣᠯᠬᠤ ᠳᠤ ᠨᠢ ᠴᠢᠭᠯᠡᠭᠰᠡᠨ ᠦᠢᠯᠡ ᠠᠵᠢᠯᠯᠠᠭ᠎ᠠ ᠦᠨᠡᠨᠴᠢ ᠪᠠᠶᠢᠯᠭᠠᠬᠤ ᠬᠥᠲᠥᠯᠪᠦᠷᠢ ᠨᠦᠭᠦᠳ ᠢ ᠬᠡᠷᠡᠭᠵᠢᠭᠦᠯᠬᠦ 3 Customer relationship management CRM ᠍ ᠶᠢᠨ ᠪᠠᠭᠴᠠ ᠬᠡᠷᠡᠭᠯᠡᠭᠡ ᠪᠤᠶᠤ ᠪᠦᠷᠢᠯᠳᠦᠬᠦᠨ ᠬᠡᠰᠡᠭ

CRM ᠍ ᠦᠨ ᠰᠢᠰᠲ᠋ᠧᠮ ᠦᠨ ᠪᠦᠷᠢᠯᠳᠦᠬᠦᠨ ᠬᠡᠰᠡᠭ ᠦᠳ ᠪᠤᠶᠤ ᠳᠣᠲᠣᠷᠠᠬᠢ ᠫᠷᠣᠭᠷᠠᠮ ᠬᠠᠩᠭᠠᠮᠵᠢ ᠨᠤᠭᠤᠳ ᠤᠨ ᠪᠦᠷᠢᠳᠦᠯ ᠬᠡᠰᠡᠭ ᠦᠨ ᠬᠤᠪᠢ ᠳᠤ ᠠᠪᠴᠤ ᠦᠵᠡᠪᠡᠯ ᠪᠠᠶᠢᠭᠤᠯᠤᠯᠭ᠎ᠠ ᠪᠣᠯᠤᠨ ᠠᠵᠢᠯᠴᠢᠳ ᠢ ᠬᠡᠷᠡᠭᠯᠡᠭᠴᠢᠳ ᠲᠦ ᠦᠵᠡᠭᠦᠯᠬᠦ ᠦᠢᠯᠡᠴᠢᠯᠡᠭᠡ ᠶᠢ ᠨᠢ ᠳᠡᠮᠵᠢᠭᠰᠡᠨ ᠨᠠᠶᠢᠳᠠᠪᠤᠷᠢᠲᠠᠢ᠂ ᠲᠦᠷᠭᠡᠨ ᠰᠢᠭᠤᠷᠬᠠᠢ᠂ ᠱᠠᠭᠠᠷᠳᠠᠯᠭ᠎ᠠ ᠬᠠᠩᠭᠠᠭᠰᠠᠨ ᠬᠡᠷᠡᠭᠰᠡᠯ ᠦᠳ ᠡᠴᠡ ᠪᠦᠷᠢᠳᠦᠭᠰᠡᠨ ᠪᠠᠶᠢᠳᠠᠭ᠃ ᠳᠠᠷᠠᠭᠠᠬᠢ ᠪᠦᠷᠢᠯᠳᠦᠬᠦᠨ ᠬᠡᠰᠡᠭ ᠦᠳ ᠡᠴᠡ ᠪᠦᠷᠢᠳᠳᠡᠭ᠃ ᠡᠭᠦᠨ ᠳᠦ: 1. ᠬᠣᠯᠪᠣᠭ᠎ᠠ ᠲᠣᠭᠲᠠᠭᠠᠬᠤ ᠪᠠ ᠳᠠᠩᠰᠠᠨ ᠤ ᠤᠳᠤᠷᠢᠳᠤᠯᠭ᠎ᠠ: CRM ᠨᠢ ᠪᠣᠷᠣᠯᠠᠭᠤᠯᠤᠯᠲᠠ᠂ ᠮᠠᠷᠺᠧᠲ᠋ᠢᠩ᠂ ᠦᠢᠯᠡᠴᠢᠯᠡᠭᠡᠨ ᠦ ᠮᠡᠷᠭᠡᠵᠢᠯᠲᠡᠨ ᠨᠦᠭᠦᠳ ᠲᠦ ᠣᠳᠣ ᠶᠢᠨ ᠪᠠ ᠢᠷᠡᠭᠡᠳᠦᠢ ᠶᠢᠨ ᠦᠢᠯᠡᠴᠢᠯᠡᠭᠦᠯᠦᠭᠴᠢᠳ ᠲᠡᠢ ᠬᠠᠷᠢᠯᠴᠠᠭ᠎ᠠ ᠬᠣᠯᠪᠣᠭ᠎ᠠ ᠲᠣᠭᠲᠠᠭᠠᠬᠤ᠂ ᠬᠡᠷᠡᠭᠯᠡᠭᠴᠢᠳ ᠦᠨ ᠪᠢᠽᠢᠨ᠋ᠧᠰ ᠪᠣᠯᠤᠨ ᠠᠮᠢᠳᠤᠷᠠᠯ ᠤᠨ ᠼᠢᠺᠯᠢ ᠶᠢᠨ ᠦᠢᠯᠡ ᠠᠵᠢᠯᠯᠠᠭᠠᠨ ᠨᠤᠭᠤᠳ ᠲᠠᠢ ᠬᠣᠯᠪᠣᠭ᠎ᠠ ᠲᠠᠢ ᠥᠭᠭᠥᠭᠳᠡᠯ ᠢ ᠣᠯᠵᠤ ᠠᠪᠬᠤ᠂ ᠠᠰᠢᠭᠯᠠᠬᠤ ᠳᠤ ᠨᠢ ᠲᠤᠰᠠᠯᠠᠨ᠎ᠠ᠃ ᠥᠭᠭᠥᠭᠳᠡᠯ ᠨᠢ ᠲᠧᠯᠧᠹᠣᠨ᠂ ᠹᠠᠺᠰ᠂ ᠢᠮᠸᠯ᠂ ᠸᠪᠰᠠᠶᠢᠲᠤ ᠨᠤᠭᠤᠳ ᠠᠴᠠ ᠭᠠᠳᠠᠨ᠎ᠠ ᠵᠢᠵᠢᠭᠯᠡᠨ ᠬᠤᠳᠠᠯᠳᠤᠭᠠᠨ ᠤ ᠳᠡᠯᠭᠡᠭᠦᠷ ᠦᠳ᠂ ᠮᠤᠬᠤᠯᠠᠭ ᠤᠳ ᠭᠡᠬᠦ ᠮᠡᠲᠦ ᠴᠡᠭᠡ ᠨᠦᠭᠦᠳ ᠢᠶᠡᠷ ᠴᠤᠭᠯᠠᠭᠤᠯᠤᠭᠳᠠᠨ᠎ᠠ᠃ ᠡᠳᠡᠭᠡᠷ ᠴᠤᠭᠯᠠᠭᠤᠯᠤᠭᠳᠠᠭᠰᠠᠨ ᠥᠭᠭᠥᠭᠳᠡᠯ ᠦᠳ ᠢ ᠨᠡᠶᠢᠲᠡ ᠬᠡᠷᠡᠭᠯᠡᠭᠴᠢᠳ ᠦᠨ ᠮᠡᠳᠡᠭᠡᠯᠡᠯ ᠢ ᠨᠢᠭᠡᠳᠬᠡᠭᠰᠡᠨ ᠥᠭᠭᠥᠭᠳᠡᠯ ᠦᠨ ᠰᠠᠩ ᠳᠤ ᠬᠠᠳᠠᠭᠠᠯᠠᠬᠤ ᠪᠥᠭᠡᠳ ᠢᠨᠲ᠋ᠧᠷᠨᠡᠲ᠂ ᠢᠨᠲᠠᠷᠡᠨ ᠳᠦ ᠭᠡᠬᠦ ᠮᠡᠲᠦ ᠰᠦᠯᠵᠢᠶ᠎ᠡ ᠪᠡᠷ ᠳᠠᠮᠵᠢᠭᠤᠯᠠᠨ ᠪᠠᠶᠢᠭᠤᠯᠤᠯᠭ᠎ᠠ ᠶᠢᠨ ᠬᠡᠮᠵᠢᠶᠡᠨ ᠳᠦ ᠠᠰᠢᠭᠯᠠᠬᠤ ᠪᠣᠯᠤᠮᠵᠢ ᠲᠠᠢ ᠪᠠᠶᠢᠳᠠᠭ᠃ 2. ᠪᠣᠷᠣᠯᠠᠭᠤᠯᠤᠯᠲᠠ: CRM ᠰᠢᠰᠲ᠋ᠧᠮ ᠨᠢ ᠪᠣᠷᠣᠯᠠᠭᠤᠯᠤᠯᠲᠠ ᠶᠢᠨ ᠲᠥᠯᠥᠭᠡᠯᠡᠭᠴᠢᠳ ᠲᠦ ᠪᠣᠷᠣᠯᠠᠭᠤᠯᠤᠯᠲᠠ ᠶᠢᠨ ᠦᠢᠯᠡ ᠠᠵᠢᠯᠯᠠᠭ᠎ᠠ ᠶᠢ ᠤᠳᠤᠷᠢᠳᠬᠤ ᠪᠣᠯᠤᠨ ᠬᠡᠷᠡᠭᠯᠡᠭᠴᠢᠳ ᠲᠦ cross sell ᠪᠣᠯᠤᠨ up sell ᠍ ᠦᠨ ᠠᠯᠢ ᠣᠨᠣᠪᠴᠢ ᠲᠠᠢ ᠶᠢ ᠰᠤᠩᠭᠤᠬᠤ ᠰᠢᠢᠳᠪᠦᠷᠢ ᠶᠢ ᠭᠠᠷᠭᠠᠬᠤ ᠳᠤ ᠨᠢ ᠳᠡᠮᠵᠢᠯᠭᠡ ᠦᠵᠡᠭᠦᠯᠵᠦ ᠪᠠᠶᠢᠳᠠᠭ᠃ ᠮᠥᠨ ᠱᠠᠭᠠᠷᠳᠠᠯᠭ᠎ᠠ ᠲᠠᠢ ᠦᠶ᠎ᠡ ᠳᠦ ᠲᠤᠬᠠᠢ ᠶᠢᠨ ᠬᠡᠷᠡᠭᠯᠡᠭᠴᠢᠳ ᠦᠨ ᠲᠠᠯ᠎ᠠ ᠪᠠᠷ ᠪᠣᠳᠠᠲᠤ ᠮᠡᠳᠡᠭᠡᠯᠡᠯ ᠢ ᠥᠭᠴᠦ ᠬᠡᠷᠡᠭᠯᠡᠭᠴᠢᠳ ᠦᠨ ᠳᠠᠩᠰᠠᠨ ᠤ ᠲᠥᠯᠥᠪ ᠪᠣᠯᠤᠨ ᠡᠮᠦᠨᠡᠬᠢ ᠲᠡᠦᠬᠡ ᠶᠢᠨ ᠮᠡᠳᠡᠭᠡᠯᠡᠯ ᠢ ᠰᠢᠯᠭᠠᠬᠤ ᠪᠣᠯᠤᠮᠵᠢ ᠣᠯᠭᠤᠳᠠᠭ᠃ ᠵᠢᠱᠢᠶ᠎ᠡ ᠨᠢ ᠪᠣᠷᠣᠯᠠᠭᠤᠯᠤᠭᠴᠢᠳ ᠲᠤ ᠪᠦᠲᠦᠭᠡᠭᠳᠡᠬᠦᠨ ᠦᠢᠯᠡᠴᠢᠯᠡᠭᠡ ᠲᠡᠢ ᠬᠣᠯᠪᠣᠭᠠᠲᠠᠢ ᠭᠠᠷᠤᠭᠰᠠᠨ ᠠᠰᠠᠭᠤᠳᠠᠯ ᠢ ᠰᠢᠢᠳᠪᠦᠷᠢᠯᠡᠬᠦ ᠶᠢᠨ ᠲᠤᠯᠠᠳᠠ ᠬᠤᠪᠢ ᠶᠢᠨ ᠮᠡᠳᠡᠭᠡᠯᠡᠯ ᠢᠶᠡᠷ ᠨᠢ ᠳᠠᠮᠵᠢᠭᠤᠯᠠᠨ ᠬᠣᠯᠪᠣᠭ᠎ᠠ ᠲᠣᠭᠲᠠᠭᠠᠬᠤ ᠳᠤ ᠨᠢ ᠲᠤᠰᠠᠯᠠᠳᠠᠭ 3. ᠮᠠᠷᠺᠧᠲ᠋ᠢᠩ ᠪᠣᠯᠤᠨ ᠪᠡᠶᠡᠯᠡᠯ ᠳᠦ: ᠮᠠᠷᠺᠧᠲ᠋ᠢᠩ ᠤᠨ ᠮᠡᠷᠭᠡᠵᠢᠯᠲᠡᠨ ᠨᠦᠭᠦᠳ ᠲᠦ ᠰᠢᠭᠤᠳ ᠮᠠᠷᠺᠧᠲ᠋ᠢᠩ ᠤᠨ ᠦᠢᠯᠡ ᠠᠵᠢᠯᠯᠠᠭ᠎ᠠ ᠶᠢ ᠠᠦ᠋ᠲ᠋ᠣᠮᠠᠲᠵᠢᠭᠤᠯᠬᠤ ᠪᠣᠯᠤᠮᠵᠢ ᠶᠢ ᠣᠯᠭᠤᠳᠠᠭ᠃ ᠵᠢᠱᠢᠶ᠎ᠡ ᠨᠢ: ᠵᠣᠷᠢᠯᠲᠠᠲᠤ ᠵᠠᠬ᠎ᠠ ᠵᠡᠭᠡᠯᠢ ᠶᠢᠨ ᠲᠡᠷᠢᠭᠦᠯᠡᠭᠴᠢᠳ ᠢ ᠲᠣᠳᠣᠷᠬᠠᠶᠢᠯᠠᠬᠤ᠂ ᠰᠢᠤᠳᠠᠨᠤᠭ ᠤᠳ ᠢ ᠲᠥᠯᠥᠪᠯᠡᠵᠦ᠂ ᠳᠠᠭᠠᠵᠤ ᠮᠥᠷ ᠲᠦ ᠬᠢ ᠭᠡᠬᠦ ᠮᠡᠲᠦ ᠦᠢᠯᠡ ᠠᠵᠢᠯᠯᠠᠭ᠎ᠠ ᠶᠢ ᠠᠦ᠋ᠲ᠋ᠣᠮᠠᠲᠵᠢᠭᠤᠯᠬᠤ᠃ ᠲᠡᠭᠦᠨ ᠡᠴᠡ ᠭᠠᠳᠠᠨ᠎ᠠ ᠥᠭᠭᠥᠭᠳᠡᠯ ᠦᠨ ᠰᠠᠩ ᠢ ᠠᠰᠢᠭᠯᠠᠨ ᠡᠳᠡᠭᠡᠷ ᠮᠠᠷᠺᠧᠲ᠋ᠢᠩ ᠤᠨ ᠦᠢᠯᠡ ᠠᠵᠢᠯᠯᠠᠭ᠎ᠠ ᠨᠤᠭᠤᠳ ᠲᠤ ᠬᠡᠷᠡᠭᠯᠡᠭᠴᠢᠳ ᠦᠨ ᠦᠵᠡᠭᠦᠯᠵᠦ ᠪᠠᠶᠢᠭ᠎ᠠ ᠬᠠᠷᠢᠭᠤ ᠦᠢᠯᠡᠳᠦᠯ ᠦᠳ ᠢ ᠴᠤᠭᠯᠠᠭᠤᠯᠬᠤ᠂ ᠤᠳᠤᠷᠢᠳᠬᠤ ᠪᠣᠯᠤᠨ ᠰᠢᠭᠤᠳ ᠮᠠᠷᠺᠧᠲ᠋ᠢᠩ ᠤᠨ ᠦᠢᠯᠡ ᠠᠵᠢᠯᠯᠠᠭᠠᠨ ᠤ ᠪᠢᠽᠢᠨ᠋ᠧᠰ ᠦᠨ ᠪᠣᠯᠤᠨ ᠬᠡᠷᠡᠭᠯᠡᠭᠴᠢᠳ ᠲᠦ ᠥᠭᠴᠦ ᠪᠤᠢ ᠦᠨ᠎ᠡ ᠴᠢᠨ ᠢ ᠰᠢᠨᠵᠢᠯᠡᠨ ᠳ᠋ᠦᠩᠨᠡᠬᠦ ᠳᠦ ᠡᠨᠡᠬᠦ ᠰᠢᠰᠲ᠋ᠧᠮ ᠦᠨ ᠠᠴᠢ ᠬᠣᠯᠪᠣᠭᠳᠠᠯ ᠣᠷᠣᠰᠢᠨ᠎ᠠ᠃ 4. ᠬᠡᠷᠡᠭᠯᠡᠭᠴᠢᠳ ᠲᠦ ᠦᠢᠯᠡᠴᠢᠯᠡᠬᠦ ᠪᠠ ᠳᠡᠮᠵᠢᠵᠦ ᠲᠤᠰᠠᠯᠠᠬᠤ: CRM ᠨᠢ ᠮᠧᠨᠧᠵᠧᠷ ᠦᠳ ᠲᠦ ᠬᠡᠷᠡᠭᠯᠡᠭᠴᠢᠳ ᠦᠨ ᠦᠢᠯᠡᠴᠢᠯᠡᠭᠡ ᠶᠢ ᠪᠤᠢ ᠪᠣᠯᠭᠠᠬᠤ᠂ ᠦᠢᠯᠡᠴᠢᠯᠡᠭᠡᠨ ᠦ ᠲᠠᠯ᠎ᠠ ᠪᠠᠷ ᠬᠢ ᠬᠡᠷᠡᠭᠯᠡᠭᠴᠢᠳ ᠦᠨ ᠰᠠᠨᠠᠯ ᠭᠣᠮᠣᠳᠠᠯ ᠢ ᠲᠣᠳᠣᠷᠬᠠᠶᠢᠯᠠᠬᠤ᠂ ᠤᠳᠤᠷᠢᠳᠬᠤ ᠳᠤ ᠨᠢ ᠲᠤᠰᠠᠯᠠᠳᠠᠭ᠃ ᠵᠢᠱᠢᠶ᠎ᠡ ᠨᠢ Call center ᠫᠷᠣᠭᠷᠠᠮ ᠬᠠᠩᠭᠠᠮᠵᠢ ᠶᠢ ᠨᠡᠪᠲᠡᠷᠡᠭᠦᠯᠬᠦ᠂ Help desk, ᠸᠡᠪᠡᠳ ᠰᠠᠭᠤᠷᠢᠯᠠᠭᠰᠠᠨ ᠬᠤᠪᠢ ᠤᠨ ᠦᠢᠯᠡᠴᠢᠯᠡᠭᠡᠨ ᠨᠦᠭᠦᠳ ᠢᠶᠡᠷ ᠳᠠᠮᠵᠢᠭᠤᠯᠠᠨ ᠬᠡᠷᠡᠭᠯᠡᠭᠴᠢᠳ ᠡᠴᠡ ᠰᠠᠨᠠᠯ ᠭᠣᠮᠣᠳᠠᠯ ᠵᠥᠪᠯᠡᠮᠵᠢ ᠨᠦᠭᠦᠳ ᠢ ᠠᠪᠬᠤ ᠠᠴᠠ ᠭᠠᠳᠠᠨ᠎ᠠ ᠲᠡᠳᠡᠨ ᠳᠦ ᠲᠤᠯᠭᠠᠷᠠᠭᠰᠠᠨ ᠠᠰᠠᠭᠤᠳᠠᠯ ᠤᠳ ᠢ ᠰᠢᠢᠳᠪᠦᠷᠢᠯᠡᠬᠦ ᠶᠢ ᠡᠷᠡᠮᠡᠯᠵᠡᠵᠦ ᠪᠠᠶᠢᠳᠠᠭ 5. ᠬᠠᠳᠠᠭᠠᠯᠠᠬᠤ ᠪᠠ ᠦᠨᠡᠨᠴᠢ ᠪᠠᠶᠢᠯᠭᠠᠬᠤ ᠬᠥᠲᠥᠯᠪᠦᠷᠢ ᠨᠦᠭᠦᠳ:  ᠰᠢᠨ᠎ᠡ ᠬᠡᠷᠡᠭᠯᠡᠭᠴᠢᠳ ᠲᠦ ᠪᠣᠷᠣᠯᠠᠭᠤᠯᠤᠯᠲᠠ ᠬᠢᠬᠦ ᠨᠢ 6 ᠳᠠᠬᠢᠨ ᠢᠯᠡᠭᠦᠦ ᠵᠠᠷᠤᠳᠠᠯ ᠲᠠᠢ ᠪᠠᠶᠢᠳᠠᠭ  ᠰᠡᠳᠬᠢᠯ ᠳᠤᠮᠳᠠᠭᠤᠷ ᠦᠯᠡᠳᠡᠭᠰᠡᠨ ᠬᠡᠷᠡᠭᠯᠡᠭᠴᠢᠳ 8-10 ᠬᠦᠨᠳᠦ ᠡᠨᠡ ᠲᠤᠬᠠᠢ ᠶᠢ ᠪᠠᠨ ᠬᠡᠯᠡᠳᠡᠭ  ᠪᠣᠷᠣᠯᠠᠭᠤᠯᠬᠤ ᠮᠠᠭᠠᠳᠯᠠᠯ ᠨᠢ ᠬᠠᠭᠤᠴᠢᠨ ᠬᠡᠷᠡᠭᠯᠡᠭᠴᠢᠳ 50%, ᠰᠢᠨ᠎ᠡ ᠬᠡᠷᠡᠭᠯᠡᠭᠴᠢᠳ 15% ᠪᠠᠶᠢᠳᠠᠭ  ᠦᠢᠯᠡᠴᠢᠯᠡᠭᠡᠨ ᠳᠡᠭᠡᠷ᠎ᠡ ᠭᠠᠷᠤᠭᠰᠠᠨ ᠠᠰᠠᠭᠤᠳᠠᠯ ᠢ ᠬᠤᠷᠳᠤᠨ ᠰᠢᠢᠳᠬᠦ ᠦᠭᠡᠢ ᠪᠣᠯ ᠬᠡᠷᠡᠭᠯᠡᠭᠴᠢ ᠶᠢᠨ ᠰᠠᠨᠠᠯ ᠭᠣᠮᠣᠳᠠᠯ ᠤᠳ ᠤᠨ 70% ᠨᠢ ᠪᠢᠽᠢᠨ᠋ᠧᠰ ᠢ ᠳᠠᠬᠢᠨ ᠬᠢᠬᠦ ᠳᠦ ᠬᠦᠷᠭᠡᠳᠡᠭ  ᠵᠢᠯ ᠳᠤ ᠦᠨᠡᠨᠴᠢ ᠬᠡᠷᠡᠭᠯᠡᠭᠴᠢ ᠶᠢᠨ ᠲᠣᠭ᠎ᠠ ᠶᠢ 5% ᠍ ᠢ ᠪᠠᠷ ᠨᠡᠮᠡᠭᠳᠡᠭᠦᠯᠬᠦ ᠳᠦ ᠯᠠ ᠪᠠᠶᠢᠭᠤᠯᠤᠯᠭ᠎ᠠ ᠶᠢᠨ ᠠᠰᠢᠭ 85% ᠍ ᠢ ᠪᠠᠷ ᠥᠰᠴᠦ ᠪᠠᠶᠢᠳᠠᠭ᠃ ᠬᠡᠷᠡᠭᠯᠡᠭᠴᠢ ᠶᠢ ᠬᠠᠳᠠᠭᠠᠯᠠᠬᠤ᠂ ᠦᠨᠡᠨᠴᠢ ᠪᠠᠶᠢᠳᠠᠯ ᠢ ᠨᠡᠮᠡᠭᠳᠡᠭᠦᠯᠬᠦ᠂ ᠣᠨᠣᠪᠴᠢᠲᠠᠢ ᠬᠡᠮᠵᠢᠶᠡᠨ ᠳᠦ ᠪᠠᠶᠢᠯᠭᠠᠬᠤ ᠨᠢ CRM ᠍ ᠦᠨ ᠠᠩᠬᠠᠳᠠᠭᠴᠢ ᠵᠣᠷᠢᠯᠭ᠎ᠠ ᠨᠢ ᠪᠠᠶᠢᠳᠠᠭ᠃ ᠬᠠᠮᠤᠭ ᠤᠨ ᠦᠨᠡᠨᠴᠢ᠂ ᠣᠷᠣᠯᠭ᠎ᠠ ᠲᠠᠢ ᠬᠡᠷᠡᠭᠯᠡᠭᠴᠢᠳ ᠢ ᠲᠣᠳᠣᠷᠠᠭᠤᠯᠬᠤ᠂ ᠱᠠᠩᠨᠠᠬᠤ᠂ ᠰᠤᠷᠲᠠᠯᠴᠢᠯᠠᠭ᠎ᠠ ᠬᠢᠬᠦ᠂ ᠵᠣᠷᠢᠯᠲᠠᠲᠤ ᠮᠠᠷᠺᠧᠲ᠋ᠢᠩ ᠬᠢᠬᠦ ᠪᠣᠯᠤᠨ ᠲᠦᠩᠱᠢᠯᠡᠬᠦ ᠬᠥᠲᠥᠯᠪᠦᠷᠢ ᠶᠢ ᠳᠦᠲᠦᠨᠡᠬᠦ ᠵᠡᠷᠭᠡ ᠪᠡᠨ ᠬᠡᠷᠡᠭᠯᠡᠭᠴᠢᠳ ᠢ ᠦᠨᠡᠨᠴᠢ ᠪᠠᠶᠢᠯᠭᠠᠬᠤ ᠬᠥᠲᠥᠯᠪᠦᠷᠢ ᠶᠢ ᠰᠢᠰᠲ᠋ᠧᠮ ᠢᠶᠡᠷ ᠳᠠᠮᠵᠢᠭᠤᠯᠠᠨ ᠬᠢᠬᠦ ᠪᠣᠯᠤᠮᠵᠢ ᠲᠠᠢ ᠪᠠᠶᠢᠳᠠᠭ᠃

CRM ᠰᠢᠰᠲ᠋ᠧᠮ ᠦᠨ ᠤᠨᠠᠯᠲᠠ ᠶᠢᠨ ᠰᠢᠯᠲᠠᠭᠠᠨ

ᠶᠡᠷᠦᠩᠬᠡᠢ ᠳᠤ ᠪᠡᠨ ᠮᠡᠳᠡᠭᠡᠯᠡᠯ ᠦᠨ ᠰᠢᠰᠲ᠋ᠧᠮ ᠦᠳ ᠦᠨ ᠠᠮᠵᠢᠯᠲᠠ ᠦᠭᠡᠢ ᠪᠣᠯᠬᠤ ᠬᠦᠴᠦᠨ ᠵᠦᠢᠯ ᠦᠳ ᠠᠳᠠᠯᠢᠬᠠᠨ ᠪᠠᠶᠢᠳᠠᠭ ᠭᠡᠵᠦ ᠬᠡᠯᠡᠵᠦ ᠪᠣᠯᠤᠨ᠎ᠠ᠃ ᠢᠯᠠᠩᠭᠤᠶ᠎ᠠ ᠲᠣᠮᠣᠬᠠᠨ ᠰᠢᠰᠲ᠋ᠧᠮ ᠦᠳ ᠢ ᠪᠠᠶᠢᠭᠤᠯᠵᠤ ᠨᠡᠪᠲᠡᠷᠡᠭᠦᠯᠬᠦ ᠦᠶ᠎ᠡ ᠳᠦ ᠠᠮᠵᠢᠯᠲᠠ ᠦᠭᠡᠢ ᠪᠣᠯᠬᠤ ᠮᠠᠭᠠᠳᠯᠠᠯ ᠮᠠᠰᠢ ᠥᠨᠳᠥᠷ ᠪᠠᠶᠢᠳᠠᠭ ᠤᠴᠢᠷ ᠠᠴᠠ ᠪᠠᠶᠢᠭᠤᠯᠤᠯᠭ᠎ᠠ ᠡᠬᠢᠨ ᠡᠴᠡ ᠪᠡᠨ ᠱᠠᠭᠠᠷᠳᠠᠯᠭ᠎ᠠ ᠲᠠᠢ ᠰᠢᠰᠲ᠋ᠧᠮ ᠢᠶᠡᠨ ᠵᠥᠪ ᠲᠣᠳᠣᠷᠬᠠᠶᠢᠯᠠᠵᠤ ᠬᠥᠭᠵᠢᠭᠦᠯᠦᠯᠲᠡ᠂ ᠨᠡᠪᠲᠡᠷᠡᠭᠦᠯᠦᠯᠲᠡᠨ ᠳᠦ ᠨᠢ ᠣᠷᠣᠯᠴᠠᠵᠤ ᠪᠠᠶᠢᠬᠤ ᠬᠡᠷᠡᠭᠲᠡᠢ᠃ ᠲᠥᠰᠥᠯ ᠦᠨ ᠪᠠᠭ ᠲᠤ МТ ᠍ ᠦᠨ ᠮᠡᠷᠭᠡᠵᠢᠯᠲᠡᠨ ᠨᠦᠭᠦᠳ ᠪᠠᠶᠢᠬᠤ ᠠᠴᠠ ᠭᠠᠳᠠᠨ᠎ᠠ ᠪᠢᠽᠢᠨ᠋ᠧᠰ ᠦᠨ ᠬᠡᠷᠡᠭᠯᠡᠭᠴᠢᠳ᠂ ᠪᠠᠶᠢᠭᠤᠯᠤᠯᠭ᠎ᠠ ᠶᠢᠨ ᠤᠳᠤᠷᠢᠳᠤᠯᠭ᠎ᠠ ᠨᠤᠭᠤᠳ ᠵᠠᠪᠠᠯ ᠪᠠᠶᠢᠬᠤ ᠱᠠᠭᠠᠷᠳᠠᠯᠭ᠎ᠠ ᠲᠠᠢ ᠪᠠᠶᠢᠳᠠᠭ᠃ ᠲᠡᠭᠦᠨ ᠡᠴᠡ ᠭᠠᠳᠠᠨ᠎ᠠ ᠬᠥᠭᠵᠢᠭᠦᠯᠦᠯᠲᠡ ᠨᠢ ᠴᠠᠭ ᠬᠤᠭᠤᠴᠠᠭ᠎ᠠ ᠶᠡᠬᠡ ᠱᠠᠭᠠᠷᠳᠠᠭᠰᠠᠨ ᠰᠤᠳᠤᠯᠭ᠎ᠠ ᠰᠢᠨᠵᠢᠯᠡᠭᠡ ᠬᠢᠬᠦ ᠨᠢ ᠵᠠᠶᠢᠯᠠᠰᠢ ᠦᠭᠡᠢ ᠴᠢᠬᠤᠯᠠ ᠪᠥᠭᠡᠳ ᠴᠢᠨᠠᠭᠰᠢᠳᠠ ᠭᠠᠷᠬᠤ ᠡᠷᠦᠰᠳᠡᠯ ᠢ ᠪᠠᠭᠠᠰᠬᠠᠵᠤ ᠪᠠᠶᠢᠳᠠᠭ᠃ CRM ᠍ ᠦᠨ ᠲᠥᠰᠥᠯ ᠦᠳ ᠦᠨ 50% ᠨᠢ ᠠᠮᠠᠯᠠᠭᠰᠠᠨ ᠦᠷ᠎ᠡ ᠳ᠋ᠦᠩ ᠳᠦ ᠪᠡᠨ ᠬᠦᠷᠡᠳᠡᠭ ᠦᠭᠡᠢ ᠪᠥᠭᠡᠳ 20% ᠨᠢ ᠬᠡᠷᠡᠭᠯᠡᠭᠴᠢ ᠲᠡᠢ ᠲᠦᠩᠱᠢᠯᠡᠬᠦ ᠠᠵᠢᠯᠯᠠᠭ᠎ᠠ ᠶᠢ ᠡᠪᠳᠡᠳᠡᠭ᠃ ᠥᠭᠡᠷ᠎ᠡ ᠪᠡᠷ ᠬᠡᠯᠡᠪᠡᠯ ᠤᠭ ᠰᠢᠰᠲ᠋ᠧᠮ ᠢ ᠨᠡᠪᠲᠡᠷᠡᠭᠦᠯᠦᠭᠰᠡᠨ ᠵᠣᠷᠢᠯᠭ᠎ᠠ ᠳᠤ ᠪᠠᠨ ᠬᠦᠷᠬᠦ ᠨᠢ ᠪᠠᠶᠢᠲᠤᠭᠠᠢ ᠡᠷᠭᠢᠭᠡᠳ ᠪᠠᠶᠢᠭᠤᠯᠤᠯᠭ᠎ᠠ ᠬᠡᠷᠡᠭᠯᠡᠭᠴᠢᠳ ᠦᠨ ᠬᠠᠷᠢᠯᠴᠠᠭ᠎ᠠ ᠶᠢ ᠤᠯᠠᠮ ᠳᠣᠣᠷᠠᠳᠠᠭᠤᠯᠬᠤ ᠴᠤ ᠲᠣᠬᠢᠶᠠᠯᠳᠤᠯ ᠴᠥᠭᠡᠨ ᠦᠭᠡᠢ ᠪᠠᠶᠢᠳᠠᠭ᠃ ᠣᠶᠢᠯᠠᠭᠠᠯᠲᠠ ᠪᠠ ᠪᠡᠯᠡᠳᠬᠡᠯ ᠳᠤᠲᠠᠭᠳᠠᠬᠤ ᠪᠤᠶᠤ ᠬᠡᠷᠡᠭᠯᠡᠭᠴᠢᠳ ᠲᠦ ᠪᠣᠯᠤᠨ ᠪᠠᠶᠢᠭᠤᠯᠤᠯᠭ᠎ᠠ ᠶᠢᠨ ᠠᠵᠢᠯᠴᠢᠳ ᠲᠤ ᠲᠤᠬᠠᠢ ᠶᠢᠨ ᠰᠢᠰᠲ᠋ᠧᠮ ᠦᠨ ᠲᠠᠯ᠎ᠠ ᠪᠠᠷ ᠲᠥᠰᠥᠭᠡᠯᠡᠯ ᠢ ᠥᠭᠭᠦᠭᠡ ᠦᠭᠡᠢ᠂ ᠬᠠᠩᠭᠠᠯᠲᠠᠲᠠᠢ ᠰᠤᠷᠭᠠᠯᠲᠠ ᠬᠢᠭᠡ ᠦᠭᠡᠢ ᠪᠠᠶᠢᠬᠤ᠃ ᠪᠢᠽᠢᠨ᠋ᠧᠰ ᠶᠠᠪᠤᠴᠠ ᠤᠨ ᠠᠰᠠᠭᠤᠳᠠᠯ ᠤᠳ ᠢ ᠡᠬᠢᠯᠡᠭᠡᠳ ᠰᠢᠢᠳᠪᠦᠷᠢᠯᠡᠬᠦ ᠦᠭᠡᠢ ᠪᠠᠶᠢᠬᠤ ᠡᠨᠡ ᠨᠢ ᠡᠷᠭᠢᠭᠡᠳ ᠠᠰᠠᠭᠤᠳᠠᠯ ᠰᠢᠢᠳᠪᠦᠷᠢᠯᠡᠭᠳᠡᠭᠰᠡᠨ ᠦ ᠳᠠᠷᠠᠭ᠎ᠠ ᠰᠢᠰᠲ᠋ᠧᠮ ᠢ ᠥᠭᠡᠷᠡᠴᠢᠯᠡᠬᠦ᠂ ᠳᠠᠬᠢᠨ ᠰᠢᠨᠡᠳᠭᠡᠬᠦ ᠱᠠᠭᠠᠷᠳᠠᠯᠭ᠎ᠠ ᠶᠢ ᠴᠤ ᠪᠤᠢ ᠪᠣᠯᠭᠠᠵᠤ ᠪᠣᠯᠳᠠᠭ᠃

ФНДС: SCM4 - /ᠨᠡᠶᠢᠯᠡᠭᠦᠯᠦᠯᠲᠡ ᠶᠢᠨ ᠭᠢᠨᠵᠢᠨ ᠤᠳᠤᠷᠢᠳᠤᠯᠭ᠎ᠠ/- ᠪᠢᠽᠢᠨ᠋ᠧᠰ ᠦᠨ ᠰᠦᠯᠵᠢᠶ᠎ᠡ

ᠨᠡᠶᠢᠯᠡᠭᠦᠯᠦᠯᠲᠡ ᠶᠢᠨ ᠬᠡᠯᠬᠢᠶ᠎ᠡ ᠭᠡᠳᠡᠭ ᠨᠢ ᠲᠦᠭᠦᠬᠡᠢ ᠡᠳ᠋ ᠪᠡᠯᠡᠳᠬᠡᠨ ᠨᠡᠶᠢᠯᠡᠭᠦᠯᠦᠭᠴᠢ ᠡᠴᠡ ᠦᠢᠯᠡᠳᠪᠦᠷᠢ ᠨᠦᠭᠦᠳ ᠪᠣᠯᠤᠨ ᠪᠥᠭᠡᠨ ᠦ ᠲᠥᠪ ᠦᠳ ᠢ ᠳᠠᠮᠵᠢᠨ ᠡᠴᠦᠰ ᠦᠨ ᠬᠡᠷᠡᠭᠯᠡᠭᠴᠢᠳ ᠣᠴᠢᠵᠤ ᠪᠠᠶᠢᠭ᠎ᠠ ᠮᠠᠲ᠋ᠧᠷᠢᠶᠠᠯ᠂ ᠮᠡᠳᠡᠭᠡᠯᠡᠯ᠂ ᠦᠢᠯᠡᠴᠢᠯᠡᠭᠡᠨ ᠦ ᠤᠷᠤᠰᠬᠠᠯ ᠶᠤᠮ᠃ ᠥᠭᠡᠷ᠎ᠡ ᠪᠡᠷ ᠬᠡᠯᠡᠪᠡᠯ ᠡᠨᠡᠬᠦ ᠰᠢᠰᠲ᠋ᠧᠮ ᠦᠨ ᠲᠦᠭᠦᠬᠡᠢ ᠡᠳ᠋ ᠮᠠᠲ᠋ᠧᠷᠢᠶᠠᠯ ᠤᠨ ᠤᠷᠤᠰᠬᠠᠯ ᠢ ᠬᠢᠨᠠᠵᠤ ᠤᠳᠤᠷᠢᠳᠬᠤ ᠳᠤ ᠦᠨᠳᠦᠰᠦᠨ ᠦᠢᠯᠡ ᠠᠵᠢᠯᠯᠠᠭ᠎ᠠ ᠨᠢ ᠴᠢᠢᠭᠯᠡᠬᠦ ᠪᠥᠭᠡᠳ ᠨᠢᠭᠡ ᠲᠠᠯ᠎ᠠ ᠠᠴᠠ ᠱᠠᠭᠠᠷᠳᠠᠯᠭ᠎ᠠ ᠲᠠᠢ ᠲᠦᠭᠦᠬᠡᠢ ᠡᠳ᠋ ᠮᠠᠲ᠋ᠧᠷᠢᠶᠠᠯ ᠢ ᠪᠡᠯᠡᠨ ᠪᠠᠶᠢᠯᠭᠠᠬᠤ᠂ ᠨᠥᠭᠥᠭᠡ ᠲᠠᠯ᠎ᠠ ᠠᠴᠠ ᠬᠡᠲᠦᠷᠬᠡᠢ ᠶᠡᠬᠡ ᠬᠡᠮᠵᠢᠶᠡᠨ ᠦ ᠮᠠᠲ᠋ᠧᠷᠢᠶᠠᠯ ᠢ ᠠᠭᠤᠯᠠᠬᠤ ᠳᠤ ᠢᠯᠡᠭᠦᠳᠡᠯ ᠪᠣᠯᠭᠠᠨ ᠬᠠᠳᠠᠭᠠᠯᠠᠬᠤ ᠦᠭᠡᠢ ᠪᠠᠶᠢᠬᠤ ᠳᠤ ᠭᠣᠣᠯ ᠵᠣᠷᠢᠯᠭ᠎ᠠ ᠨᠢ ᠣᠷᠣᠰᠢᠨ᠎ᠠ᠃ SCM ᠰᠢᠰᠲ᠋ᠧᠮ ᠨᠢ ᠺᠣᠮᠫᠠᠨᠢᠢ ᠪᠦᠲᠦᠭᠡᠭᠳᠡᠬᠦᠨ ᠦ ᠲᠤᠬᠠᠢ ᠣᠶᠢᠯᠠᠭᠠᠯᠲᠠ ᠠᠴᠠ ᠡᠬᠢᠯᠡᠭᠡᠳ ᠵᠠᠬ᠎ᠠ ᠵᠡᠭᠡᠯᠢ ᠬᠦᠷᠲᠡᠯᠡᠬᠢ ᠲᠤᠬᠠᠢ ᠶᠢᠨ ᠪᠦᠲᠦᠭᠡᠭᠳᠡᠬᠦᠨ ᠢ ᠪᠤᠢ ᠪᠣᠯᠭᠠᠬᠤ ᠪᠢᠽᠢᠨ᠋ᠧᠰ ᠦᠨ ᠲᠦᠩᠰᠢᠯᠡᠯ ᠦᠨ ᠬᠤᠷᠳᠤᠨ᠂ ᠦᠷ᠎ᠡ ᠠᠰᠢᠭ ᠲᠠᠢ᠂ ᠪᠠᠭ᠎ᠠ ᠵᠠᠷᠤᠳᠠᠯ ᠲᠠᠢ ᠰᠦᠯᠵᠢᠶ᠎ᠡ ᠪᠤᠶᠤ ᠨᠡᠶᠢᠯᠡᠭᠦᠯᠦᠯᠲᠡ ᠶᠢᠨ ᠭᠢᠨᠵᠢ ᠪᠡᠷ ᠬᠠᠩᠭᠠᠬᠤ ᠵᠣᠷᠢᠯᠭ᠎ᠠ ᠲᠠᠢ ᠶᠤᠮ᠃ ᠨᠡᠶᠢᠯᠡᠭᠦᠯᠦᠯᠲᠡ ᠶᠢᠨ ᠭᠢᠨᠵᠢ ᠨᠢ 4 Supply chain management ᠺᠣᠮᠫᠠᠨᠢᠢ ᠪᠠᠷᠠᠭ᠎ᠠ ᠪᠦᠲᠦᠭᠡᠭᠳᠡᠬᠦᠨ᠂ ᠦᠢᠯᠡᠴᠢᠯᠡᠭᠡᠨ ᠳᠦ ᠦᠨ᠎ᠡ ᠴᠢᠨ ᠢ ᠨᠡᠮᠡᠳᠡᠭ ᠤᠴᠢᠷ ᠠᠴᠠ ᠪᠠᠰᠠ ᠦᠨ᠎ᠡ ᠴᠡᠨ᠎ᠡ ᠶᠢᠨ ᠭᠢᠨᠵᠢ ᠭᠡᠰᠡᠨ ᠦᠭᠡ ᠶᠤᠮ᠃ ᠨᠡᠶᠢᠯᠡᠭᠦᠯᠦᠯᠲᠡ ᠶᠢᠨ ᠭᠢᠨᠵᠢ ᠨᠢ ᠳᠠᠷᠠᠭᠠᠬᠢ ᠵᠣᠷᠢᠯᠭ᠎ᠠ ᠶᠢᠨ ᠬᠦᠷᠢᠶᠡᠨ ᠳᠦ ᠠᠵᠢᠯᠯᠠᠵᠤ ᠪᠠᠶᠢᠳᠠᠭ᠃ 1. ᠡᠷᠦᠯᠲᠡ ᠶᠢ ᠤᠷᠢᠳᠴᠢᠯᠠᠨ ᠲᠠᠭᠠᠮᠠᠭᠯᠠᠬᠤ- ᠡᠨᠡ ᠨᠢ ᠱᠠᠭᠠᠷᠳᠠᠯᠭ᠎ᠠ ᠲᠠᠢ ᠨᠥᠭᠡᠴᠡ᠂ ᠲᠦᠭᠦᠬᠡᠢ ᠡᠳ᠋ ᠮᠠᠲ᠋ᠧᠷᠢᠶᠠᠯ ᠢ ᠲᠣᠳᠣᠷᠬᠠᠶᠢᠯᠠᠬᠤ ᠪᠣᠯᠤᠨ ᠲᠡᠳᠡᠭᠡᠷ ᠨᠥᠭᠡᠴᠡ ᠨᠦᠭᠦᠳ ᠢ ᠪᠡᠯᠡᠨ ᠪᠠᠶᠢᠯᠭᠠᠬᠤ ᠵᠣᠷᠢᠯᠭ᠎ᠠ ᠲᠠᠢ ᠶᠤᠮ᠃ 2. ᠪᠦᠲᠦᠭᠡᠭᠳᠡᠬᠦᠨ ᠢ ᠬᠢᠨᠠᠬᠤ 3. ᠬᠡᠷᠡᠭᠯᠡᠭᠴᠢ ᠨᠡᠶᠢᠯᠡᠭᠦᠯᠦᠭᠴᠢ᠂ᠳ᠋ᠢᠰᠠᠷᠠᠪᠢᠶᠦ᠋ᠲ᠋ᠧᠷ ᠦᠳ ᠪᠣᠯᠤᠨ ᠪᠤᠰᠤᠳ ᠲᠠᠢ ᠬᠠᠷᠢᠯᠴᠠᠭ᠎ᠠ ᠪᠠᠨ ᠰᠠᠶᠢᠵᠢᠷᠭᠠᠭᠤᠯᠬᠤ 4. ᠨᠡᠶᠢᠯᠡᠭᠦᠯᠦᠯᠲᠡ ᠶᠢᠨ ᠬᠣᠯᠪᠣᠭᠠᠰᠤ ᠪᠦᠷᠢ ᠶᠢᠨ ᠲᠥᠯᠥᠪ ᠦᠨ ᠡᠷᠭᠢᠬᠦ ᠬᠣᠯᠪᠣᠭᠠᠨ ᠤ ᠮᠡᠳᠡᠭᠡᠯᠡᠯ ᠢ ᠠᠪᠬᠤ ᠨᠡᠶᠢᠯᠡᠭᠦᠯᠦᠯᠲᠡ ᠶᠢᠨ ᠭᠢᠨᠵᠢ ᠶᠢᠨ ᠠᠮᠢᠳᠤᠷᠠᠯ ᠤᠨ ᠼᠢᠺᠯ ᠪᠤᠶᠤ ᠠᠵᠢᠯᠯᠠᠭᠠᠨ ᠤ ᠦᠶ᠎ᠡ ᠱᠠᠲᠤ''

 ᠡᠭᠦᠷᠭᠡ ᠠᠪᠬᠤ- ᠱᠠᠭᠠᠷᠳᠠᠯᠭ᠎ᠠ ᠲᠠᠢ ᠨᠥᠭᠡᠴᠡ᠂ ᠲᠦᠭᠦᠬᠡᠢ ᠡᠳ᠋ ᠮᠠᠲ᠋ᠧᠷᠢᠶᠠᠯ ᠤᠨ ᠲᠤᠬᠠᠢ ᠮᠡᠳᠡᠭᠡᠯᠡᠯ ᠢ ᠠᠪᠬᠤ  ᠲᠥᠯᠥᠪᠯᠡᠬᠦ - ᠲᠤᠬᠠᠢ ᠶᠢᠨ ᠬᠡᠷᠡᠭᠴᠡᠭᠡ ᠱᠠᠭᠠᠷᠳᠠᠯᠭ᠎ᠠ ᠶᠢ ᠬᠡᠷᠬᠢᠨ ᠬᠠᠩᠭᠠᠬᠤ ᠲᠥᠯᠥᠪᠯᠡᠯᠲᠡ ᠶᠢ ᠬᠢᠬᠦ  ᠭᠦᠢᠴᠡᠳᠭᠡᠬᠦ - ᠲᠥᠯᠥᠪᠯᠡᠭᠰᠡᠨ ᠦ ᠳᠠᠭᠠᠤ ᠲᠦᠭᠦᠬᠡᠢ ᠡᠳ᠋ ᠮᠠᠲ᠋ᠧᠷᠢᠶᠠᠯ ᠢ ᠨᠡᠶᠢᠯᠡᠭᠦᠯᠬᠦ  ᠬᠦᠯᠢᠶᠡᠨ ᠠᠪᠬᠤ - ᠨᠡᠶᠢᠯᠡᠭᠦᠯᠦᠯᠲᠡ ᠶᠢ ᠬᠦᠯᠢᠶᠡᠨ ᠠᠪᠤᠭᠰᠠᠨ ᠲᠤᠬᠠᠢ ᠮᠡᠳᠡᠭᠡᠯᠡᠬᠦ

SCM ᠰᠢᠰᠲ᠋ᠧᠮ ᠦᠨ ᠦᠷ᠎ᠡ ᠥᠭᠭᠦᠭᠡᠴᠢ ᠪᠠ ᠰᠣᠷᠢᠯᠲᠠ ᠨᠤᠭᠤᠳ

ᠪᠣᠳᠠᠲᠤ ᠴᠠᠭ ᠬᠤᠭᠤᠴᠠᠭᠠᠨ ᠤ ᠦᠢᠯᠡ ᠠᠵᠢᠯᠯᠠᠭ᠎ᠠ ᠪᠦᠬᠦᠢ SCM ᠰᠢᠰᠲ᠋ᠧᠮ ᠦᠨ ᠳᠡᠳ᠋ ᠪᠦᠲᠦᠴᠡ ᠶᠢ ᠪᠤᠢ ᠪᠣᠯᠭᠠᠬᠤ ᠨᠢ ᠲᠥᠪᠡᠭ ᠲᠡᠢ᠂ ᠨᠠᠷᠢᠨ ᠠᠵᠢᠯ ᠪᠠᠶᠢᠳᠠᠭ ᠤᠴᠢᠷ ᠠᠴᠠ ᠪᠤᠰᠤᠳ ᠲᠥᠷᠥᠯ ᠦᠨ ᠰᠢᠰᠲ᠋ᠧᠮ ᠦᠳ ᠦᠨ ᠠᠳᠠᠯᠢ ᠤᠨᠠᠯᠲᠠᠨ ᠳᠤ ᠤᠷᠤᠬᠤ ᠮᠠᠭᠠᠳᠯᠠᠯ ᠶᠡᠬᠡ ᠲᠡᠢ ᠪᠠᠶᠢᠳᠠᠭ᠃ ᠡᠨᠡᠬᠦ ᠰᠢᠰᠲ᠋ᠧᠮ ᠨᠢ ᠪᠠᠶᠢᠭᠤᠯᠤᠯᠭ᠎ᠠ ᠳᠤ ᠳᠠᠷᠠᠭᠠᠬᠢ ᠦᠷ᠎ᠡ ᠥᠭᠭᠦᠭᠡᠴᠢ ᠨᠦᠭᠦᠳ ᠢ ᠥᠭᠳᠡᠭ᠃ ᠡᠭᠦᠨ ᠳᠦ:  ᠬᠤᠷᠳᠤᠨ ᠢᠯᠡᠭᠦᠦ ᠨᠠᠷᠢᠨ ᠵᠠᠬᠢᠶᠠᠯᠠᠭ᠎ᠠ ᠶᠢᠨ ᠶᠠᠪᠤᠴᠠ - ᠰᠢᠰᠲ᠋ᠧᠮ ᠦᠨ ᠲᠤᠰᠠᠯᠠᠮᠵᠢ ᠲᠠᠢ ᠪᠠᠷ ᠵᠠᠬᠢᠶᠠᠯᠠᠭ᠎ᠠ ᠶᠢᠨ ᠪᠣᠯᠪᠠᠰᠤᠷᠠᠭᠤᠯᠤᠯᠲᠠ ᠶᠢᠨ ᠦᠢᠯᠡ ᠠᠵᠢᠯᠯᠠᠭ᠎ᠠ ᠶᠢ ᠮᠠᠰᠢ ᠨᠠᠷᠢᠪᠴᠢᠯᠠᠭᠰᠠᠨ ᠪᠠᠶᠢᠳᠠᠯ ᠢᠶᠠᠷ ᠭᠦᠢᠴᠡᠳᠭᠡᠬᠦ᠂ ᠠᠯᠳᠠᠭ᠎ᠠ ᠳᠤᠲᠠᠭᠳᠠᠯ ᠭᠠᠷᠭᠠᠬᠤ ᠦᠭᠡᠢ ᠪᠠᠶᠢᠬᠤ ᠪᠣᠯᠤᠮᠵᠢ ᠲᠠᠢ ᠶᠤᠮ᠃  ᠨᠡᠶᠢᠯᠡᠭᠦᠯᠦᠭᠴᠢ ᠲᠡᠢ ᠪᠠᠶᠢᠯᠳᠣᠬᠣ ᠪᠣᠳᠣᠯᠭ᠎ᠠ ᠶᠢᠨ ᠬᠠᠷᠢᠯᠴᠠᠭ᠎ᠠ ᠬᠣᠯᠪᠣᠭ᠎ᠠ ᠲᠣᠭᠲᠠᠭᠠᠬᠤ - ᠨᠡᠶᠢᠯᠡᠭᠦᠯᠦᠭᠴᠢᠳ ᠲᠡᠢ ᠬᠠᠮᠲᠤᠷᠠᠬᠤ ᠬᠠᠷᠢᠯᠴᠠᠭ᠎ᠠ ᠶᠢ ᠳᠠᠷᠠᠭ᠎ᠠ ᠶᠢᠨ ᠰᠢᠨ᠎ᠡ ᠱᠠᠲᠤᠨ ᠳᠤ ᠭᠠᠷᠭᠠᠵᠤ ᠢᠯᠡᠭᠦᠦ ᠪᠠᠶᠢᠯᠳᠣᠬᠣ ᠪᠣᠳᠣᠯᠭ᠎ᠠ ᠶᠢᠨ ᠲᠦᠪᠰᠢᠨ ᠦ ᠬᠠᠮᠲᠤᠷᠠᠭᠴᠢᠳ ᠪᠣᠯᠬᠤ ᠪᠣᠯᠤᠮᠵᠢ ᠲᠠᠢ᠃ ᠤᠴᠢᠷ ᠨᠢ ᠡᠨᠡᠬᠦ ᠰᠢᠰᠲ᠋ᠧᠮ ᠦᠨ ᠲᠤᠰᠠᠯᠠᠮᠵᠢ ᠲᠠᠢ ᠪᠠᠷ ᠪᠠᠶᠢᠩᠭᠤ ᠶᠢᠨ ᠳᠠᠪᠲᠠᠭᠳᠠᠳᠠᠭ ᠠᠵᠢᠯ ᠤᠨᠳ ᠢ ᠬᠥᠩᠭᠡᠪᠴᠢᠯᠡᠵᠦ ᠥᠭᠭᠦᠭᠰᠡᠨ᠃  ᠮᠠᠲ᠋ᠧᠷᠢᠶᠠᠯ ᠪᠣᠯᠤᠨ ᠠᠵᠢᠯ ᠭᠦᠢᠯᠭᠡᠭᠡᠨ ᠦ ᠪᠠᠭ᠎ᠠ ᠵᠠᠷᠤᠳᠠᠯ - ᠲᠦᠭᠦᠬᠡᠢ ᠡᠳ᠋ ᠮᠠᠲ᠋ᠧᠷᠢᠶᠠᠯ ᠤᠨ ᠤᠳᠤᠷᠢᠳᠤᠯᠭ᠎ᠠ ᠶᠢ ᠡᠨᠡᠬᠦ ᠰᠢᠰᠲ᠋ᠧᠮ ᠢᠶᠡᠷ ᠳᠠᠮᠵᠢᠭᠤᠯᠠᠨ ᠢᠯᠡᠭᠦᠦ ᠨᠠᠷᠢᠨ ᠪᠠᠭ᠎ᠠ ᠵᠠᠷᠤᠳᠠᠯ ᠢᠶᠠᠷ ᠰᠢᠢᠳᠪᠦᠷᠢᠯᠡᠵᠦ ᠥᠭᠬᠦ ᠶᠤᠮ  ᠵᠠᠬ᠎ᠠ ᠵᠢᠭᠡᠯᠡᠷᠦ ᠬᠤᠷᠳᠤᠨ ᠭᠠᠷᠭᠠᠬᠤ - ᠪᠦᠲᠦᠭᠡᠭᠳᠡᠬᠦᠨ ᠢ ᠵᠠᠬ᠎ᠠ ᠵᠢᠭᠡᠯᠡᠷᠦ ᠬᠤᠷᠳᠤᠨ ᠬᠤᠭᠤᠴᠠᠭᠠᠨ ᠳᠤ ᠭᠠᠷᠭᠠᠬᠤ

SCM ᠍ ᠦᠨ ᠦᠷ᠎ᠡ ᠥᠭᠭᠦᠭᠡᠴᠢ ᠪᠠ ᠰᠣᠷᠢᠯᠲᠠ ᠨᠤᠭᠤᠳ

ᠮᠡᠳᠡᠭᠡᠵᠢ ᠨᠡᠶᠢᠯᠡᠭᠦᠯᠦᠯᠲᠡ ᠶᠢᠨ ᠭᠢᠨᠵᠢᠨ ᠤᠳᠤᠷᠢᠳᠤᠯᠭ᠎ᠠ ᠶᠢᠨ ᠰᠢᠰᠲ᠋ᠧᠮ ᠳᠦ ᠬᠦᠨᠳᠦᠷᠡᠯᠲᠡᠢ ᠠᠰᠠᠭᠤᠳᠠᠯ ᠤᠳ ᠲᠤᠯᠭᠠᠷᠠᠭᠰᠠᠭᠠᠷ ᠯᠠ ᠪᠠᠶᠢᠭ᠎ᠠ᠃  ᠡᠷᠦᠯᠲᠡ ᠶᠢ ᠲᠥᠯᠥᠪᠯᠡᠬᠦ ᠮᠡᠳᠡᠯᠭᠡ᠂ ᠬᠡᠷᠡᠭᠰᠡᠯ ᠦᠳ ᠪᠠ ᠤᠳᠤᠷᠢᠳᠤᠮᠵᠢ ᠬᠠᠩᠭᠠᠯᠲᠠ ᠦᠭᠡᠢ ᠪᠠᠶᠢᠬᠤ ᠪᠤᠶᠤ ᠥᠭᠡᠷ᠎ᠡ ᠪᠡᠷ ᠬᠡᠯᠡᠪᠡᠯ ᠲᠤᠬᠠᠢ ᠶᠢᠨ ᠪᠠᠶᠢᠭᠤᠯᠤᠯᠭ᠎ᠠ ᠠᠷᠭ᠎ᠠ ᠪᠠᠷᠢᠯ ᠢᠶᠠᠨ ᠣᠯᠵᠤ ᠬᠡᠪᠰᠢᠭᠦᠯᠦᠭᠡ ᠦᠭᠡᠢ ᠪᠠᠶᠢᠭ᠎ᠠ ᠲᠣᠬᠢᠶᠠᠯᠳᠤᠯ ᠳᠤ ᠰᠢᠰᠲ᠋ᠧᠮ ᠳᠦ ᠲᠣᠳᠣᠷᠬᠠᠢ ᠦᠭᠡᠢ ᠪᠠᠶᠢᠳᠠᠯ ᠡᠭᠦᠰᠳᠡᠭ  ᠪᠤᠰᠤᠳ ᠮᠡᠳᠡᠭᠡᠯᠡᠯ ᠦᠨ ᠰᠢᠰᠲ᠋ᠧᠮ ᠦᠨ ᠲᠣᠳᠣᠷᠬᠠᠢ ᠦᠭᠡᠢ ᠥᠭᠭᠥᠭᠳᠡᠯ ᠦᠳ ᠢ ᠠᠰᠢᠭᠯᠠᠬᠤ ᠶᠢ ᠣᠷᠣᠯᠳᠤᠬᠤ᠃ ᠬᠡᠷᠪᠡ ᠥᠭᠡᠷ᠎ᠡ ᠣᠯᠠᠨ ᠲᠥᠷᠥᠯ ᠦᠨ ᠰᠢᠰᠲ᠋ᠧᠮ ᠦᠳ ᠬᠡᠷᠡᠭᠯᠡᠳᠡᠭ ᠪᠣᠯ ᠲᠡᠳᠡᠭᠡᠷ ᠰᠢᠰᠲ᠋ᠧᠮ ᠦᠳ ᠦᠨ ᠴᠤᠭᠯᠠᠭᠤᠯᠤᠭᠰᠠᠨ ᠮᠡᠳᠡᠭᠡᠯᠡᠯ ᠢ ᠬᠡᠷᠬᠢᠨ ᠶᠠᠭᠤᠨ ᠳᠤ ᠠᠰᠢᠭᠯᠠᠬᠤ ᠪᠠᠨ ᠲᠣᠳᠣᠷᠬᠠᠶᠢᠯᠠᠭ᠎ᠠ ᠦᠭᠡᠢ  ᠪᠦᠲᠦᠭᠡᠭᠳᠡᠬᠦᠨ ᠦᠢᠯᠡᠳᠪᠦᠷᠢᠯᠡᠯ ᠦᠨ ᠤᠳᠤᠷᠢᠳᠤᠯᠭ᠎ᠠ᠂ ᠵᠠᠬ᠎ᠠ ᠵᠡᠭᠡᠯᠢ ᠳᠡᠭᠡᠷᠡᠬᠢ ᠬᠠᠮᠲᠤ ᠶᠢᠨ ᠠᠵᠢᠯᠯᠠᠭᠠᠨ ᠤ ᠠᠯᠳᠠᠭ᠎ᠠ ᠳᠤᠲᠠᠭᠳᠠᠯ ᠤᠳ  SCM ᠍ ᠦᠨ ᠬᠡᠷᠡᠭᠰᠡᠯ ᠦᠳ ᠨᠢ ᠳᠤᠲᠠᠭᠤ᠂ ᠪᠣᠯᠪᠠᠰᠤᠷᠠᠩᠭᠤᠢ ᠪᠢᠰᠢ ᠬᠡᠷᠡᠭᠵᠢᠭᠦᠯᠬᠦ ᠳᠦ ᠬᠦᠨᠳᠦᠷᠡᠯᠲᠡᠢ ᠵᠡᠷᠭᠡ ᠪᠡᠷᠬᠡᠰᠢᠶᠡᠯ ᠠᠰᠠᠭᠤᠳᠠᠯ ᠤᠳ ᠤᠨ ᠤᠯᠠᠮ ᠠᠴᠠ ᠵᠠᠷᠢᠮ ᠲᠥᠰᠥᠯ ᠦᠳ ᠤᠨᠠᠯᠲᠠᠨ ᠳᠤ ᠴᠤ ᠤᠷᠤᠬᠤ ᠲᠣᠬᠢᠶᠠᠯᠳᠤᠯ ᠪᠠᠶᠢᠳᠠᠭ

ᠪᠢᠴᠢᠭᠡᠰᠦ