ᠢ ᠦᠨᠳᠦᠰᠦᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Yi-Minority.JPG
ᠲᠥᠪᠯᠡᠷᠡᠭᠰᠡᠨ ᠭᠠᠵᠠᠷ ᠣᠷᠣᠨ
ᠳᠤᠮᠳᠠᠳᠤ ᠤᠯᠤᠰ: ᠶᠦᠨᠨᠠᠨ, ᠰᠧᠴᠤᠸᠠᠨ, ᠭᠦᠢᠵᠧᠦ, ᠭᠤᠸᠠᠩᠰᠢ
ᠸᠢᠶᠧᠲ᠋ᠨᠠᠮ 4,541 (2009)[1]
ᠲᠠᠢᠯᠠᠨᠳ᠋

ᠯᠠᠣᠰ 2,203 (2015 census)

ᠬᠡᠯᠡ ᠠᠶᠠᠯᠭᠤ

ᠢ ᠬᠡᠯᠡ (ᠶᠡᠬᠡᠩᠬᠢ); ᠪᠠᠷᠠᠭᠤᠨ ᠡᠮᠦᠨᠡᠳᠦ ᠶᠢᠨ ᠮᠠᠨᠳᠠᠷᠢᠨ (ᠴᠥᠬᠡᠩᠬᠢ)

ᠱᠠᠰᠢᠨ ᠰᠢᠲᠦᠯᠭᠡ

ᠪᠢᠮᠦ᠋ᠸᠧ ᠱᠠᠰᠢᠨ (ᠢ ᠦᠨᠳᠦᠰᠦᠲᠡᠨ ᠦ ᠪᠥᠭᠡ ᠶᠢᠨ ᠱᠠᠰᠢᠨ ᠤ ᠲᠥᠷᠥᠯ)ᠪᠠ ᠲᠥᠪᠡᠳ ᠦᠨ ᠪᠤᠳ᠋ᠳ᠋ᠾᠠ ᠶᠢᠨ ᠱᠠᠰᠢᠨ

ᠲᠥᠷᠥᠯ ᠠᠷᠠᠳ ᠲᠦᠮᠡᠨ

ᠨᠠᠰᠢ, ᠴᠢᠶᠠᠩ, ᠲᠥᠪᠡᠳ

ᠪᠤᠶᠤ ᠨᠦᠸᠧ ᠰᠦᠸᠧ ᠠᠷᠠᠳ ᠲᠦᠮᠡᠨ (ᠡᠮᠦᠨ᠎ᠡ ᠨᠢ ᠯᠣᠯᠣ ᠭᠡᠭᠳᠡᠳᠡᠭ) (ᠨᠦᠸᠧᠰᠦ: ꆈꌠ [nɔ̄sū]; ᠬᠢᠯᠪᠠᠷᠰᠢᠭᠤᠯᠤᠭᠰᠠᠨ ᠬᠢᠲᠠᠳ ᠪᠢᠴᠢᠭ: 诺苏 ᠬᠢᠲᠠᠳ ᠯᠠᠲ᠋ᠢᠨ: Nuòsū; ᠬᠢᠲᠠᠳ: 彝族 ᠬᠢᠲᠠᠳ ᠯᠠᠲ᠋ᠢᠨ: Yízú; ᠸᠢᠶᠧᠲ᠋ᠨᠠᠮ: Lô Lô; ᠲᠠᠢ: โล-โล, Lo-Lo)  ᠨᠢ ᠳᠤᠮᠳᠠᠳᠤ ᠤᠯᠤᠰᠸᠢᠶᠧᠲ᠋ᠨᠠᠮᠲᠠᠢᠯᠠᠨᠳ᠋ ᠵᠡᠷᠭᠡ ᠤᠯᠤᠰ ᠤᠨ ᠨᠢᠭᠡᠨ ᠦᠨᠳᠦᠰᠦᠲᠡᠨ ᠶᠤᠮ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠯᠪᠠᠨ ᠶᠣᠰᠣᠭᠠᠷ ᠬᠦᠯᠢᠶᠡᠨ ᠵᠦᠪᠰᠢᠶᠡᠷᠡᠭᠳᠡᠭᠰᠡᠨ 55 ᠴᠥᠬᠡᠨ ᠲᠣᠭᠠᠲᠤ ᠦᠨᠳᠦᠰᠦᠲᠡᠨ ᠦ ᠳᠣᠯᠣᠭᠠᠳᠠᠬᠢ ᠲᠣᠮᠣ ᠦᠨᠳᠦᠰᠦᠲᠡᠨ ᠶᠤᠮ᠂ ᠪᠦᠭᠦᠳᠡ 800 ᠲᠥᠮᠡᠨ ᠬᠦᠮᠦᠨ ᠠᠮᠠ ᠲᠠᠢ ᠃ ᠲᠡᠳᠡ ᠶᠡᠬᠡᠪᠴᠢᠯᠡᠨ ᠳᠤᠮᠳᠠᠳᠤ ᠤᠯᠤᠰ ᠤᠨ ᠰᠧᠴᠤᠸᠠᠨᠶᠦᠨᠨᠠᠨᠭᠦᠢᠵᠧᠦ ᠪᠠ ᠭᠤᠸᠠᠩᠰᠢ ᠵᠡᠷᠭᠡ ᠮᠤᠵᠢ  ᠶᠢᠨ ᠬᠥᠳᠡᠭᠡ ᠣᠷᠣᠨ ᠨᠤᠲᠤᠭ ᠲᠤ ᠠᠮᠢᠳᠤᠷᠠᠳᠠᠭ ᠪᠥᠭᠡᠳ ᠶᠡᠬᠡᠪᠴᠢᠯᠡᠨ ᠠᠭᠤᠯᠠᠷᠬᠠᠭ ᠪᠦᠰᠡ ᠳᠦ ᠣᠷᠣᠰᠢᠳᠠᠭ᠂ ᠯᠢᠶᠠᠩᠱᠠᠨ ᠤ ᠢ ᠦᠨᠳᠦᠰᠦᠲᠡᠨ ᠦ ᠥᠪᠡᠷᠲᠡᠭᠡᠨ ᠵᠠᠰᠠᠬᠤ ᠵᠧᠦ ᠪᠣᠯ ᠨᠡᠶᠢᠲᠡᠯᠢᠭ ᠨᠢᠭᠡᠨ ᠮᠥᠨ᠂ ᠲᠤᠬᠠᠢ ᠶᠢᠨ ᠣᠷᠣᠨ ᠳᠤ 200 ᠲᠥᠮᠡᠨ ᠢ ᠦᠨᠳᠦᠰᠦᠲᠡᠨ ᠦ ᠠᠷᠠᠳ ᠲᠥᠮᠡᠨ ᠠᠮᠢᠳᠤᠷᠠᠳᠠᠭ᠃ ᠪᠤᠰᠤᠳ ᠤᠯᠤᠰ ᠣᠷᠣᠨ ᠤ ᠬᠤᠪᠢ ᠳᠤ 1999 ᠤᠨ ᠭᠡᠬᠦ ᠳᠦ ᠸᠢᠶᠧᠲ᠋ᠨᠠᠮ ᠤᠨ ᠵᠡᠭᠦᠨ ᠬᠣᠶᠢᠳᠤ ᠬᠡᠰᠡᠭ ᠦᠨ ᠮᠤᠵᠢ ᠨᠤᠭᠤᠳ ᠳᠤ 3300 "ᠯᠣᠯᠣ" ᠬᠦᠮᠦᠰ ᠪᠠᠶᠢᠪᠠ᠃

ᠢᠴᠦᠳ ᠣᠯᠠᠨ ᠲᠥᠷᠥᠯ ᠦᠨ ᠢ ᠬᠡᠯᠡ (ᠯᠣᠯᠣ ᠬᠡᠯᠡᠨ ᠦ ᠰᠠᠯᠪᠤᠷᠢ)ᠪᠡᠷ ᠶᠠᠷᠢᠯᠴᠠᠳᠠᠭ ᠂ ᠪᠢᠷᠮᠡ ᠬᠡᠯᠡ ᠲᠡᠢ ᠣᠶᠢᠷᠠᠯᠴᠠᠭ᠎ᠠ ᠬᠢᠲᠠᠳ ᠲᠥᠪᠡᠳ ᠢᠵᠠᠭᠤᠷ ᠬᠡᠯᠡᠨ  ᠳ᠋ᠦ ᠪᠠᠭᠲᠠᠳᠠᠭ᠃ ᠲᠡᠳᠡᠨ  ᠦ ᠶᠠᠩᠵᠤ ᠪᠦᠷᠢ ᠬᠡᠯᠡᠨ ᠳᠣᠲᠣᠷ᠎ᠠ ᠠᠴᠠ ᠨᠦᠸᠧᠰᠦ ᠬᠡᠯᠡ ᠪᠣᠯ ᠬᠠᠮᠤᠭ ᠤᠨ ᠨᠡᠷ᠎ᠡ ᠬᠦᠨᠳᠦ ᠲᠡᠢ ᠪᠥᠭᠡᠳ ᠡᠨᠡ ᠨᠢ ᠢ ᠦᠰᠦᠭ ᠳᠡᠭᠡᠷ᠎ᠡ ᠪᠢᠴᠢᠭᠳᠡᠭᠰᠡᠨ ᠪᠠᠶᠢᠳᠠᠭ᠃


  1. The 2009 Vietnam Population and Housing Census: Completed Results. General Statistics Office of Vietnam: Central Population and Housing Census Steering Committee (June 2010). 2013-11-26 ᠍ ᠳᠦ ᠬᠠᠨᠳᠤᠭᠰᠠᠨ᠃

ᠪᠢᠴᠢᠭᠡᠰᠦ