ᠢᠸᠠᠩ ᠺᠣᠨᠧᠸ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠢ.ᠺᠣᠨᠧᠸ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠢᠸᠠᠩ ᠺᠣᠨᠧᠸ
1897 ᠣᠨ ᠤ 12 ᠰᠠᠷ᠎ᠠ ᠶᠢᠨ 28 (1897-12-28)1973 ᠣᠨ ᠤ 5 ᠰᠠᠷ᠎ᠠ ᠶᠢᠨ 21 (75 ᠨᠠᠰᠤᠯᠠᠭᠰᠠᠨ)
IS Konev 01.jpg

ᠲᠦᠷᠦᠭᠰᠡᠨ ᠭᠠᠵᠠᠷ ᠯᠣᠳᠧᠢᠨ᠎ᠠ᠂ ᠬᠠᠭᠠᠨᠲᠤ ᠣᠷᠣᠰ ᠤᠯᠤᠰ
ᠨᠠᠰᠤ ᠪᠠᠷᠠᠭᠰᠠᠨ ᠭᠠᠵᠠᠷ ᠮᠣᠰᠺᠸᠠᠵᠥᠪᠯᠡᠯᠲᠦ ᠬᠣᠯᠪᠣᠭᠠᠲᠤ ᠤᠯᠤᠰ
ᠨᠤᠲᠤᠭᠯᠠᠭᠤᠯᠤᠭᠰᠠᠨ ᠭᠠᠵᠠᠷ ᠺᠷᠧᠮᠡᠯ ᠦᠨ ᠬᠠᠨ
ᠡᠬᠡ ᠣᠷᠣᠨ Flag of Russia.svg ᠬᠠᠭᠠᠨᠲᠤ ᠣᠷᠣᠰ ᠤᠯᠤᠰ (1916–1917)
Flag of the Soviet Union 1955.svg ᠵᠥᠪᠯᠡᠯᠲᠦ ᠬᠣᠯᠪᠣᠭᠠᠲᠤ ᠤᠯᠤᠰ (1917–1962)
ᠠᠯᠪᠠᠨ ᠡᠭᠦᠷᠭᠡ ᠶᠢᠨ ᠣᠨ ᠵᠢᠯ ᠦᠳ 1916–1962
ᠴᠣᠯ
ᠴᠡᠷᠢᠭ ᠦᠨ ᠤᠳᠤᠷᠢᠳᠬᠤ ᠠᠯᠪᠠᠨ ᠲᠤᠰᠢᠶᠠᠯ ᠦᠺᠷᠠᠶᠢᠨ ᠤ 1 ᠳᠦᠭᠡᠷ ᠹᠷᠣᠨᠲ
ᠤᠯᠠᠭᠠᠨ ᠠᠷᠮᠢ
ᠲᠤᠯᠤᠯᠳᠤᠭᠠᠨ ᠨᠤᠭᠤᠳ/ᠳᠠᠶᠢᠨ ᠨᠤᠭᠤᠳ ᠳᠡᠯᠡᠬᠡᠢ ᠶᠢᠨ ᠨᠢᠭᠡᠳᠦᠭᠡᠷ ᠳᠠᠶᠢᠨ
ᠣᠷᠣᠰ ᠤᠨ ᠢᠷᠭᠡᠨ ᠦ ᠳᠠᠶᠢᠨ
ᠡᠬᠡ ᠣᠷᠣᠨ ᠤ ᠳᠠᠶᠢᠨ
ᠱᠠᠩᠨᠠᠯ ᠤᠳ ᠵᠥᠪᠯᠡᠯᠲᠦ ᠬᠣᠯᠪᠣᠭᠠᠲᠤ ᠤᠯᠤᠰ ᠤᠨ ᠪᠠᠭᠠᠲᠤᠷ (2)
ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠪᠠᠭᠠᠲᠤᠷ (1)
ᠯᠧᠨᠢᠨ ᠦ ᠣᠳᠣᠨ (2)
ᠤᠯᠠᠭᠠᠨ ᠲᠤᠭ ᠤᠨ ᠣᠳᠣᠨ (2)
ᠰᠤᠪᠤᠷᠤᠪᠠ ᠶᠢᠨ 1 ᠍ ᠳᠦᠭᠡᠷ ᠵᠡᠷᠭᠡ ᠶᠢᠨ ᠣᠳᠣᠨ (2)
ᠺᠦ᠋ᠲᠤᠵᠣᠸ ᠤᠨ 1 ᠍ ᠳᠦᠭᠡᠷ ᠵᠡᠷᠭᠡ ᠶᠢᠨ ᠣᠳᠣᠨ (2)
ᠢᠯᠠᠯᠲᠠ ᠶᠢᠨ ᠣᠳᠣᠨ (2)
ᠬᠦᠨᠳᠦᠲᠦ ᠯᠧᠭᠢᠶᠠᠨ ᠤ ᠣᠳᠣᠨ

ᠢᠸᠠᠩ ᠰᠲ᠋ᠧᠫᠠᠨᠨᠣᠸᠢᠴ ᠺᠣᠨᠧᠸ (1897 ᠣᠨ ᠤ ᠠᠷᠪᠠᠨ ᠬᠣᠶᠠᠳᠤᠭᠠᠷ ᠰᠠᠷ᠎ᠠ ᠶᠢᠨ 16 — 1973 ᠣᠨ ᠤ ᠲᠠᠪᠤᠳᠤᠭᠠᠷ ᠰᠠᠷ᠎ᠠ ᠶᠢᠨ 21) ᠨᠢ ᠵᠥᠪᠯᠡᠯᠲᠦ ᠶᠢᠨ ᠴᠡᠷᠢᠭ ᠦᠨ ᠵᠠᠩᠵᠤᠨ ᠪᠠᠶᠢᠭᠰᠠᠨ ᠪᠥᠭᠡᠳ ᠡᠬᠡ ᠣᠷᠣᠨ ᠤ ᠳᠠᠶᠢᠨᠢ ᠦᠶ᠎ᠡ ᠳᠦ ᠤᠯᠠᠭᠠᠨ ᠠᠷᠮᠢ ᠍ ᠶᠢᠨ ᠮᠠᠩᠯᠠᠢ ᠬᠦᠴᠦ ᠳᠣᠷᠣᠨᠠᠲᠤ ᠹᠷᠣᠨᠲ ᠍ ᠢ ᠤᠳᠤᠷᠢᠳᠤᠨ ᠳᠣᠷᠣᠨᠠᠲᠤ ᠧᠦ᠋ᠷᠣᠫᠠ ᠍ ᠢ ᠡᠵᠡᠯᠡᠨ ᠲᠦᠷᠢᠮᠡᠭᠡᠶᠢᠯᠡᠭᠴᠢᠳ ᠡᠴᠡ ᠴᠢᠯᠦᠭᠡᠯᠡᠵᠦ᠂ ᠴᠢᠨᠠᠭᠰᠢᠯᠠᠭᠠᠳ ᠭᠧᠷᠮᠠᠨ ᠤ ᠨᠡᠶᠢᠰᠯᠡᠯ ᠪᠧᠷᠯᠢᠨ ᠬᠣᠲᠠ ᠶᠢ ᠡᠵᠡᠯᠡᠬᠦ ᠳᠦ ᠣᠨᠴᠠᠭᠠᠢ ᠭᠠᠪᠢᠶ᠎ᠠ ᠪᠠᠶᠢᠭᠤᠯᠤᠭᠰᠠᠨ ᠪᠢᠯᠡ᠃

ᠺᠣᠨᠧᠸ 1956 ᠣᠨ ᠳᠤ ᠸᠠᠷᠰᠢᠪᠠ ᠶᠢᠨ ᠭᠡᠷ᠎ᠡᠨᠢᠭᠢ ᠣᠷᠣᠨ ᠨᠤᠭᠤᠳ ᠤᠨ ᠴᠡᠷᠢᠭ ᠦᠨ ᠺᠣᠮᠠᠨᠳᠠᠯᠠᠭᠴᠢ ᠪᠠᠷ ᠲᠣᠮᠢᠯᠠᠭᠳᠠᠭᠰᠠᠨ ᠳᠠᠷᠤᠢ ᠳᠤ ᠪᠠᠨ ᠬᠠᠩᠭᠠᠷᠢ ᠶᠢᠨ ᠬᠤᠪᠢᠰᠬᠠᠯ ᠍ ᠢ ᠵᠥᠪᠯᠡᠯᠲᠦ ᠶᠢᠨ ᠬᠤᠶᠠᠭᠲᠤ ᠳ᠋ᠢᠸᠢᠽᠢ ᠶᠢᠨ ᠬᠦᠴᠦ ᠶᠢ ᠤᠳᠤᠷᠢᠳᠤᠨ ᠳᠠᠷᠤᠵᠤ ᠪᠠᠶᠢᠪᠠ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠨᠧᠸ ᠸᠣᠯᠤᠭᠳᠠ ᠭᠢᠪᠧᠷᠨᠡᠶᠢᠨ ᠫᠣᠳᠣᠰᠣᠨᠢᠪᠰᠺ ᠳᠡᠭᠦᠷᠭᠡ ᠶᠢᠨ (ᠣᠳᠣ ᠶᠢᠨ ᠺᠢᠷᠠᠪᠠ ᠮᠤᠵᠢ) ᠣᠶᠢᠷᠠᠯᠴᠠᠭ᠎ᠠ ᠲᠠᠷᠢᠶᠠᠴᠢᠨ ᠤ ᠭᠡᠷ ᠪᠦᠯᠢ ᠳᠦ ᠮᠡᠨᠳᠦᠯᠡᠵᠡᠢ᠃ ᠠᠯᠪᠠᠨ ᠪᠣᠯᠪᠠᠰᠤᠷᠠᠯ ᠢ ᠶᠣᠰᠣ ᠲᠡᠳᠦᠢ ᠦᠵᠡᠭᠰᠡᠨ ᠺᠣᠨᠧᠸ ᠮᠣᠳᠣ ᠪᠡᠯᠡᠳᠬᠡᠯ ᠦᠨ ᠠᠩᠭᠢ ᠳᠤ ᠠᠵᠢᠯ ᠳᠤ ᠣᠷᠣᠵᠤ᠂ 1916 ᠣᠨ ᠤ ᠣᠷᠣᠰ ᠤᠨ ᠬᠤᠪᠢᠰᠬᠠᠯ ᠤᠨ ᠰᠠᠯᠬᠢ ᠳᠡᠭᠳᠡᠲᠡᠯ᠎ᠡ ᠠᠵᠢᠯᠯᠠᠵᠤ ᠪᠠᠶᠢᠪᠠ᠃

ᠣᠷᠣᠰ ᠤᠨ ᠬᠤᠪᠢᠭᠠᠯ ᠤᠨ ᠭᠠᠯ ᠨᠠᠮᠵᠢᠵᠤ ᠴᠡᠷᠢᠭ ᠦᠳ ᠬᠠᠯᠠᠭᠳᠠᠭᠰᠠᠨ 1917 ᠣᠨ ᠳᠤ ᠺᠣᠨᠧᠸ ᠭᠡᠷ ᠲᠦ ᠪᠡᠨ ᠡᠭᠡᠵᠦ ᠢᠷᠡᠭᠰᠡᠨ ᠴᠤ ᠪᠣᠯᠱᠧᠸᠢᠭ ᠦᠳ ᠦᠨ ᠨᠠᠮ ᠳᠤ ᠡᠯᠰᠡᠭᠰᠡᠨ ᠢᠶᠡᠷ ᠶᠡᠬᠡ ᠪᠤᠴᠢᠨ ᠪᠣᠯᠵᠤ ᠤᠯᠠᠭᠠᠨ ᠠᠷᠮᠢ ᠍ ᠶᠢᠨ ᠤᠷᠤᠪᠠ᠃ ᠣᠷᠣᠰ ᠤᠨ ᠢᠷᠭᠡᠨ ᠦ ᠳᠠᠶᠢᠨᠢ ᠵᠢᠯ ᠤᠨᠳ ᠲᠤ ᠴᠠᠭᠠᠨᠲᠠᠨ ᠤ ᠡᠰᠡᠷᠬᠦ ᠬᠦᠴᠦᠲᠡᠢ ᠲᠤᠯᠤᠯᠳᠤᠵᠤ ᠶᠠᠪᠤᠯ᠎ᠠ᠃ ᠡᠨᠡ ᠦᠶ᠎ᠡ ᠳᠦ ᠲᠡᠭᠦᠨ ᠦ ᠺᠣᠮᠠᠨᠳᠯᠠᠭᠴᠢ ᠨᠢ ᠺᠯᠢᠮᠧᠨᠲ ᠸᠣᠷᠣᠰᠢᠯᠠᠪᠠᠢᠣᠰᠢᠹ ᠰᠲ᠋ᠠᠯᠢᠨ ᠨᠠᠷ ᠪᠠᠶᠢᠪᠠ᠃ ᠺᠣᠨᠧᠪ ᠦᠨ ᠴᠡᠷᠢᠭ ᠦᠨ ᠤᠷ᠎ᠠ ᠴᠢᠳᠠᠪᠤᠷᠢ ᠶᠢᠨ ᠮᠡᠳᠡᠯᠭᠡ ᠣᠨᠴᠠᠭᠠᠢ ᠪᠣᠯᠬᠤ ᠮᠡᠳᠡᠭᠳᠡᠵᠦ ᠪᠠᠶᠢᠭᠰᠠᠨ ᠭᠡᠳᠡᠭ᠃

1926 ᠣᠨ ᠳᠤ ᠺᠣᠨᠧᠸ ᠮ᠃ ᠸ᠃ ᠹᠷᠠᠩᠵᠡ ᠶᠢᠨ ᠨᠡᠷᠡᠮᠵᠢᠲᠦ ᠴᠡᠷᠢᠭ ᠦᠨ ᠰᠤᠷᠭᠠᠭᠤᠯᠢ ᠳᠤ ᠣᠹᠢᠼᠧᠷ ᠤᠨ ᠮᠡᠷᠭᠡᠰᠢᠭᠦᠯᠬᠦ ᠰᠤᠷᠭᠠᠯᠲᠠᠨ ᠳᠤ ᠬᠠᠮᠤᠷᠤᠭᠳᠠᠵᠤ ᠰᠤᠷᠤᠯᠴᠠᠵᠤ ᠲᠡᠭᠦᠰᠦᠭᠰᠡᠨ ᠪᠥᠭᠡᠳ 1931 ᠣᠨ ᠠᠴᠠ ᠲᠤᠷᠰᠢᠯᠭ᠎ᠠ ᠲᠠᠢ ᠵᠠᠯᠠᠭᠤ ᠳᠠᠷᠤᠭ᠎ᠠ ᠺᠣᠨᠧᠸ ᠥᠪᠥᠷ ᠪᠠᠶᠢᠭᠠᠯ ᠍ ᠤᠨ ᠪᠣᠯᠤᠨ ᠬᠣᠶᠢᠳᠤ ᠺᠠᠸᠬᠠᠰ ᠤᠨ ᠴᠡᠷᠢᠭ ᠦᠨ ᠲᠣᠭᠣᠷᠢᠭ ᠢ ᠤᠳᠤᠷᠢᠳᠬᠤ ᠪᠣᠯᠤᠭᠰᠠᠨ ᠶᠤᠮ᠃ 1938 ᠣᠨ ᠤ ᠳᠣᠯᠣᠭᠠᠳᠤᠭᠠᠷ ᠰᠠᠷ᠎ᠠ ᠳᠤ ᠺᠣᠷᠫᠤᠶᠢᠰ ᠺᠣᠮᠠᠨᠳᠠᠯᠠᠭᠴᠢ ᠪᠠᠷ ᠳᠡᠪᠰᠢᠪᠡ᠃ ᠡᠨᠡ ᠪᠦᠬᠦᠨ ᠨᠢ 1937-38 ᠣᠨ ᠨᠤᠭᠤᠳ ᠲᠤ ᠰᠲ᠋ᠠᠯᠢᠨ ᠤ «ᠶᠡᠬᠡ ᠴᠡᠪᠡᠷᠯᠡᠭᠡ» ᠭᠡᠭᠴᠢ ᠪᠡᠷ ᠰᠢᠯᠭᠠᠭᠳᠠᠵᠤ ᠪᠠᠶᠢᠭᠰᠠᠨ ᠲᠠᠢ ᠬᠣᠯᠪᠣᠭᠠᠲᠠᠢ ᠪᠠᠶᠢᠬᠤ ᠪᠠ ᠸᠣᠷᠣᠰᠢᠯᠣᠸ ᠤᠨ ᠳᠡᠮᠵᠢᠯᠭᠡ ᠶᠢᠨ ᠳᠠᠭᠠᠤ ᠣᠹᠢᠼᠧᠷ ᠤᠨ ᠲᠤᠰᠢᠶᠠᠯ ᠬᠡᠳᠦ ᠬᠡᠳᠦᠨ ᠱᠠᠲᠤ ᠪᠠᠷ ᠠᠬᠢᠵᠤ ᠠᠮᠵᠢᠭ᠌ᠰᠠᠨ ᠶᠤᠮ᠃

ᠳᠡᠯᠡᠬᠡᠢ ᠶᠢᠨ II ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1941 ᠣᠨ ᠤ ᠵᠢᠷᠭᠤᠳᠠᠤᠭᠠᠷ ᠰᠠᠷ᠎ᠠ ᠳᠤ ᠵᠥᠪᠯᠡᠯᠲᠦ ᠬᠣᠯᠪᠣᠭᠠᠲᠤ ᠤᠯᠤᠰ ᠷᠤ ᠬᠠᠯᠠᠳᠠᠨ ᠳᠣᠲᠣᠯᠠᠭᠰᠠᠨ ᠨᠠᠼᠢᠰᠲ ᠭᠧᠷᠮᠠᠨᠢ ᠴᠡᠷᠢᠭ ᠦᠨ ᠬᠦᠴᠦ ᠶᠢ ᠬᠣᠷᠢᠭᠯᠠᠨ ᠬᠠᠮᠠᠭᠠᠯᠠᠬᠤ ᠡᠭᠦᠷᠭᠡ ᠳᠡᠭᠡᠳᠦ ᠳᠠᠷᠤᠭ᠎ᠠ ᠨᠠᠷ ᠲᠤ ᠣᠨᠣᠭᠳᠣᠰᠣᠨ ᠤ ᠳᠠᠭᠠᠤ ᠺᠣᠨᠧᠸ ᠸᠢᠲ᠋ᠧᠪᠰᠺ ᠳ᠋ᠡᠬᠢ 19 ᠳᠦᠭᠡᠷ ᠠᠷᠮᠢ ᠶᠢᠨ ᠺᠣᠮᠠᠨᠳᠯᠠᠭᠴᠢ ᠪᠠᠷ ᠲᠣᠮᠢᠯᠠᠭᠳᠠᠨ᠂ ᠸᠢᠲ᠋ᠧᠪᠰᠺ ᠲᠤ ᠬᠣᠷᠢᠭᠯᠠᠨ ᠪᠠᠶᠢᠯᠳᠤᠵᠤ ᠠᠷᠭ᠎ᠠ ᠪᠤᠶᠤ ᠤᠬᠤᠷᠢᠨ ᠬᠠᠮᠠᠭᠠᠯᠠᠭᠰᠠᠭᠠᠷ ᠤᠯᠠᠭᠠᠨ ᠠᠷᠮᠢ ᠶᠢᠨ ᠴᠡᠷᠢᠭ ᠦᠨ ᠨᠢᠭᠡᠳᠬᠡᠯ ᠲᠡᠢ ᠪᠡᠨ ᠬᠦᠴᠦ ᠬᠠᠪᠰᠤᠷᠤᠨ ᠰᠮᠠᠯᠧᠨᠰᠺᠡᠶᠢᠨ ᠣᠷᠴᠢᠮ ᠳᠤ ᠮᠣᠰᠺᠸᠠ ᠷᠤ ᠤᠯᠠᠩᠭᠠᠰᠤᠨ ᠳᠠᠭᠠᠷᠢᠵᠤ ᠠᠭᠰᠠᠨ ᠴᠡᠷᠢᠭ ᠦᠨ ᠬᠦᠴᠦ ᠶᠢ ᠵᠣᠭᠰᠣᠭᠠᠵᠤ ᠴᠢᠳᠠᠭᠰᠠᠨ ᠶᠤᠮ᠃ ᠤᠯᠠᠮ ᠢᠶᠠᠷ 1941 ᠣᠨ ᠤ ᠨᠠᠮᠤᠷ ᠪᠠᠷᠠᠭᠤᠨ ᠹᠷᠣᠨᠲ ᠍ ᠤᠨ ᠺᠣᠮᠠᠨᠳᠠᠯᠠᠭᠴᠢ ᠪᠠᠷ ᠲᠣᠮᠢᠯᠠᠭᠳᠠᠭᠰᠠᠨ ᠪᠠᠶᠢᠨ᠎ᠠ᠃ ᠲᠡᠷᠡᠪᠡᠷ ᠪᠠᠷᠠᠭᠤᠨ ᠹᠷᠠᠨᠲ ᠢ ᠺᠣᠮᠠᠨᠳᠠᠯᠠᠵᠤ ᠪᠠᠶᠢᠬᠤ ᠦᠶ᠎ᠡ ᠳᠦ ᠮᠣᠰᠺᠸᠠ ᠶᠢ ᠡᠵᠡᠯᠡᠬᠦ ᠭᠢᠲ᠋ᠯᠧᠷᠡᠶᠢᠨ "ᠲᠠᠶᠢᠹᠦ᠋ᠨ" ᠠᠵᠢᠯᠯᠠᠭ᠎ᠠ ᠡᠬᠢᠯᠡᠭᠰᠡᠨ ᠪᠥᠭᠡᠳ ᠲᠡᠷᠡ ᠪᠡᠷ ᠪᠠᠷᠠᠭᠤᠨ ᠹᠷᠠᠨᠲ ᠢ ᠢᠯᠠᠭᠳᠠᠯ ᠠᠴᠠ ᠠᠪᠤᠷᠠᠵᠤ ᠴᠢᠳᠠᠭ᠎ᠠ ᠦᠭᠡᠢ ᠪᠠ ᠪᠠᠷᠠᠭᠤᠨ ᠹᠷᠣᠨᠲ ᠤᠨ ᠴᠡᠷᠢᠭ ᠸᠢᠵᠢᠮᠠᠭ ᠤᠨ ᠳᠡᠷᠭᠡᠳᠡ ᠪᠦᠰᠡᠯᠡᠯᠲᠡᠡᠨᠳᠡ ᠣᠷᠣᠵᠤ ᠪᠤᠲᠠ ᠴᠣᠬᠢᠭᠤᠯᠤᠭᠰᠠᠨ ᠪᠠᠶᠢᠨ᠎ᠠ᠃ ᠪᠠᠷᠠᠭᠤᠨ ᠹᠷᠣᠨᠲ ᠪᠤᠲᠠ ᠴᠣᠬᠢᠭᠤᠯᠤᠭᠰᠠᠨ ᠲᠤᠯᠠ ᠫᠤᠤᠳᠠᠭᠤᠯᠤᠨ ᠠᠯᠠᠭᠤᠯᠬᠤ ᠪᠣᠯᠤᠭᠰᠠᠨ ᠺᠣᠨᠧᠪ ᠢ ᠡᠨᠡ ᠬᠦᠨᠳᠦ ᠪᠠᠶᠢᠳᠠᠯ ᠠᠴᠠ ᠵᠢᠺᠣᠸ ᠠᠪᠤᠷᠠᠵᠤ ᠰᠢᠭᠤᠳ ᠰᠲ᠋ᠠᠯᠢᠨ ᠳᠤ ᠬᠠᠨᠳᠤᠨ ᠥᠪᠡᠷ ᠦᠨ ᠣᠷᠣᠯᠠᠭᠴᠢ ᠪᠠᠷ ᠠᠪᠬᠤ ᠬᠦᠰᠡᠯᠲᠡ ᠲᠠᠯᠪᠢᠨ ᠲᠣᠮᠢᠯᠠᠭᠤᠯᠤᠭᠰᠠᠨ ᠪᠠᠶᠢᠨ᠎ᠠ᠃ 1941 ᠣᠨ ᠤ ᠠᠷᠪᠠᠳᠤᠭᠠᠷ ᠰᠠᠷ᠎ᠠ ᠠᠴᠠ 1942 ᠣᠨ ᠤ ᠨᠠᠶᠢᠮᠠᠳᠤᠭᠠᠷ ᠰᠠᠷ᠎ᠠ ᠶᠢ ᠬᠦᠷᠲᠡᠯ᠎ᠡ ᠺᠣᠨᠧᠸ ᠺᠠᠯᠢᠨᠢᠨ ᠤ ᠹᠷᠣᠨᠲ ᠍ ᠢ ᠠᠮᠵᠢᠯᠲᠠ ᠲᠠᠢ ᠤᠳᠤᠷᠢᠳᠬᠤ ᠳᠤ ᠪᠠᠨ 1941 ᠣᠨ ᠤ ᠡᠪᠦᠯ ᠦᠨ ᠲᠤᠷᠰᠢᠳᠠ ᠦᠷᠭᠦᠯᠵᠢᠯᠡᠭᠰᠡᠨ ᠵᠥᠪᠯᠡᠯᠲᠦ ᠶᠢᠨ ᠰᠥᠷᠭᠦ ᠳᠣᠪᠲᠣᠯᠭᠠᠨ ᠪᠦᠬᠦᠢ ᠮᠣᠰᠺᠸᠠ ᠶᠢᠨ ᠳᠡᠷᠭᠡᠳᠡᠬᠢ ᠲᠤᠯᠤᠯᠳᠤᠭᠠᠨ ᠳᠤ ᠣᠨᠴᠠᠭᠠᠢ ᠠᠮᠵᠢᠯᠲᠠ ᠭᠠᠷᠭᠠᠭᠰᠠᠨ ᠤ ᠲᠤᠯᠠ ᠬᠤᠷᠠᠨᠳᠠ ᠭᠧᠨᠧᠷᠠᠯ ᠴᠣᠯᠠ ᠬᠦᠷᠢᠲᠦᠪᠡ᠃

ᠺᠣᠨᠧᠪ ᠦᠨ ᠳᠠᠶᠢᠨ ᠤ ᠲᠤᠷᠰᠢᠳᠠ ᠬᠠᠮᠤᠭ ᠤᠨ ᠥᠨᠳᠥᠷ ᠠᠯᠪᠠᠨ ᠬᠠᠰᠢᠵᠤ ᠪᠠᠶᠢᠭᠰᠠᠨ ᠨᠢ ᠬᠤᠭᠤᠴᠠᠭ᠎ᠠ ᠶᠢ ᠠᠯᠪᠠ ᠶᠢᠨ ᠨᠢ ᠬᠠᠮᠲᠤ ᠦᠭᠦᠯᠡᠪᠡᠯ᠂ 1943 ᠣᠨ ᠤ ᠬᠣᠶᠠᠳᠤᠭᠠᠷ ᠰᠠᠷ᠎ᠠ ᠠᠴᠠ ᠵᠢᠷᠭᠤᠳᠠᠤᠭᠠᠷ ᠰᠠᠷ᠎ᠠ ᠶᠢ ᠬᠦᠷᠲᠡᠯ᠎ᠡ ᠵᠥᠪᠯᠡᠯᠲᠦ ᠶᠢᠨ ᠪᠠᠷᠠᠭᠤᠨ ᠹᠷᠣᠨᠲ᠂ 1943 ᠣᠨ ᠤ ᠳᠣᠯᠣᠭᠠᠳᠤᠭᠠᠷ ᠰᠠᠷ᠎ᠠ ᠠᠴᠠ 1945 ᠣᠨ ᠤ ᠲᠠᠪᠤᠳᠤᠭᠠᠷ ᠰᠠᠷ᠎ᠠ ᠶᠢ ᠬᠦᠷᠲᠡᠯ᠎ᠡ ᠦᠺᠷᠠᠶᠢᠨ ᠤ 2 ᠳ᠋ᠤᠭᠠᠷ ᠹᠷᠣᠨᠲ ᠍ ᠢ ᠲᠤᠰ ᠲᠤᠰ ᠺᠣᠮᠠᠨᠳᠠᠯᠠᠵᠤ 1945 ᠣᠨ ᠤ ᠲᠠᠪᠤᠳᠤᠭᠠᠷ ᠰᠠᠷ᠎ᠠ ᠠᠴᠠ ᠦᠺᠷᠠᠶᠢᠨ ᠤ 1 ᠳᠦᠭᠡᠷ ᠹᠷᠣᠨᠲ ᠍ ᠢ ᠺᠣᠮᠠᠨᠳᠠᠯᠠᠵᠤ ᠪᠠᠶᠢᠯ᠎ᠠ᠃ ᠲᠡᠷᠡ ᠪᠡᠷ ᠺᠦᠷᠰᠺ ᠤᠨ ᠲᠤᠯᠤᠯᠳᠤᠭᠠᠨ ᠳᠤ ᠵᠥᠪᠯᠡᠯᠲᠦ ᠶᠢᠨ ᠴᠡᠷᠢᠭ ᠦᠨ ᠬᠣᠷᠢᠭᠯᠠᠯᠲᠠ ᠶᠢᠨ ᠬᠦᠴᠦ ᠶᠢ ᠤᠳᠤᠷᠢᠳᠥᠵᠤ ᠪᠠᠶᠢᠭᠰᠠᠨ ᠢ ᠪᠣᠯᠤᠨ 1944 ᠣᠨ ᠤ ᠨᠢᠭᠡᠳᠦᠭᠡᠷ ᠰᠠᠷ᠎ᠠ ᠶᠢᠨ 24 ᠍ ᠨ ᠡᠴᠡ ᠬᠣᠶᠠᠳᠤᠭᠠᠷ ᠰᠠᠷ᠎ᠠ ᠶᠢᠨ 16 ᠍ ᠨ ᠢ ᠬᠦᠷᠲᠡᠯ᠎ᠡ ᠦᠷᠭᠦᠯᠵᠢᠯᠡᠭᠰᠡᠨ ᠺᠣᠷᠤᠰᠤᠨᠢ-ᠱᠧᠸᠼᠧᠩᠺᠣᠪᠰᠺ ᠤᠨ ᠪᠦᠰᠡᠯᠡᠯᠲᠡ ᠵᠡᠷᠭᠡ ᠠᠮᠵᠢᠯᠲᠠ ᠲᠠᠢ ᠶᠠᠪᠤᠭᠳᠠᠵᠤ ᠥᠩᠭᠡᠷᠡᠭᠰᠡᠨ ᠴᠡᠷᠢᠭ ᠦᠨ ᠲᠣᠮᠣᠬᠠᠨ ᠠᠵᠢᠯᠯᠠᠭ᠎ᠠ ᠨᠤᠭᠤᠳ ᠢ ᠳᠤᠷᠠᠳᠬᠤ ᠨᠢ ᠵᠦᠢ᠃

ᠦᠺᠷᠠᠶᠢᠨ ᠤ ᠹᠷᠣᠨᠲ ᠢ ᠠᠮᠵᠢᠯᠲᠠᠲᠠᠢ ᠤᠳᠤᠷᠢᠳᠥᠵᠤ ᠪᠤᠢ ᠶᠢ ᠨᠢ ᠦᠨᠳᠦᠰᠦᠯᠡᠨ ᠰᠲ᠋ᠠᠯᠢᠨ 1944 ᠣᠨ ᠤ ᠬᠣᠶᠠᠳᠤᠭᠠᠷ ᠰᠠᠷ᠎ᠠ ᠳᠤ ᠺᠣᠨᠧᠪ ᠢ ᠵᠥᠪᠯᠡᠯᠲᠦ ᠬᠣᠯᠪᠣᠭᠠᠲᠤ ᠤᠯᠤᠰ ᠤᠨ ᠮᠠᠷᠱᠠᠯ ᠴᠣᠯᠠ ᠶᠢ ᠬᠦᠷᠲᠡᠭᠡᠵᠢ ᠪᠡᠨ᠃ ᠲᠡᠭᠦᠨ ᠢ ᠬᠣᠵᠢᠮ ᠢᠶᠠᠨ ᠰᠲ᠋ᠠᠯᠢᠨ ᠤ ᠬᠠᠮᠤᠭ ᠤᠨ ᠬᠠᠶᠢᠷᠠᠲᠠᠢ ᠭᠧᠨᠧᠷᠠᠯ ᠤᠳ ᠤᠨ ᠨᠢ ᠨᠢᠭᠡ ᠪᠠᠶᠢᠭᠰᠠᠨ ᠬᠡᠮᠡᠨ ᠨᠣᠮ ᠲᠣᠪᠬᠢᠮᠠᠯ ᠤᠳ ᠲᠤ ᠳᠤᠷᠠᠳᠤᠭᠰᠠᠨ[1] ᠪᠠᠶᠢᠳᠠᠭ᠃

ᠢᠸᠠᠩ ᠺᠣᠨᠧᠪ ᠦᠨ 1938 ᠣᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠳᠠᠬᠢ ᠵᠥᠪᠯᠡᠯᠲᠦ ᠶᠢᠨ ᠴᠡᠷᠢᠭ ᠦᠨ ᠤᠳᠤᠷᠢᠳᠤᠭᠴᠢ ᠪᠠᠷ ᠲᠣᠮᠢᠯᠠᠭᠳᠠᠨ ᠠᠵᠢᠯᠯᠠᠵᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠬᠢᠯᠢ ᠶᠢ ᠶᠠᠫᠣᠨ ᠮᠢᠯᠢᠲ᠋ᠠᠷᠢᠰᠲ ᠤᠳ ᠠᠴᠠ ᠬᠠᠮᠠᠭᠠᠯᠠᠬᠤ ᠳᠤ ᠪᠠᠶᠢᠭᠤᠯᠤᠭᠰᠠᠨ ᠭᠠᠪᠢᠶ᠎ᠠ ᠶᠢ ᠨᠢ ᠦᠨᠡᠯᠡᠨ 1977 ᠣᠨ ᠤ ᠲᠠᠪᠤᠳᠤᠭᠠᠷ ᠰᠠᠷ᠎ᠠ ᠶᠢᠨ 7 ᠍ ᠳᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠪᠠᠭᠠᠲᠤᠷ ᠴᠣᠯᠠ ᠪᠠᠷ ᠨᠡᠬᠡᠨ ᠱᠠᠩᠨᠠᠭᠰᠠᠨ ᠪᠢᠯᠡ᠃

ᠳᠠᠶᠢᠨ ᠤ ᠳᠠᠷᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠨᠢᠷᠬᠠᠯᠲᠠᠢ ᠪᠠᠷᠢᠮᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ