ᠢᠷᠦᠭᠡ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠷᠦᠭᠡ ᠰᠤᠮᠤ
ᠶᠢᠷᠦᠭᠡ ᠰᠤᠮᠤ
ᠰᠤᠮᠤ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠰᠡᠯᠡᠩᠭᠡ ᠠᠶᠢᠮᠠᠭ
ᠳ᠋ᠣᠣ ᠳᠤ ᠨᠤᠲᠤᠭ
(3 ᠪᠠᠭ)
1. ᠲᠠᠯᠪᠢᠨ
2. ᠪᠤᠭᠤᠷᠤᠭᠴᠢᠨ
3. ᠪᠤᠭᠤᠨ ᠳᠤ
ᠭᠠᠵᠠᠷ ᠨᠤᠲᠤᠭ 8203.51 ᠺᠦᠸᠠᠳ᠋ ᠺᠢᠯᠣᠮᠧᠲ᠋ᠷ
ᠬᠦᠮᠦᠨ ᠠᠮᠠ (2011) 6,400 ᠬᠦᠮᠦᠨ
ᠰᠢᠤᠳᠠᠨ ᠳᠤᠭᠠᠷ 43010
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠠᠯᠲᠠᠨᠪᠤᠯᠠᠭ᠂ ↑ ᠬᠥᠳᠡᠷᠢ
ᠵᠢᠪᠬᠤᠯᠠᠩᠲᠤ᠂ ↗ ᠬᠢᠶᠠᠭᠲᠤ
ᠬᠣᠩᠭᠣᠷ᠂ ↙ ᠮᠠᠨᠳᠤᠯ
ᠡᠮᠦᠨᠡᠳᠡᠯᠭᠡᠷ
ᠡᠷᠳᠡᠨᠢ᠂ ↘ ᠮᠥᠩᠭᠥᠨᠥᠮᠣᠷᠢ ᠳᠤ

ᠢᠷᠦᠭᠡ ᠨᠢ ᠰᠡᠯᠡᠩᠭᠡ ᠠᠶᠢᠮᠠᠭ ᠤᠨ ᠰᠤᠮᠤ ᠶᠤᠮ᠃ ᠰᠤᠮᠤ ᠶᠢᠨ ᠲᠥᠪ ᠡᠴᠡ ᠵᠡᠭᠦᠨ ᠤᠷᠤᠭᠰᠢ 66 ᠺᠢᠯᠣᠮᠧᠲ᠋ᠷ ᠵᠠᠢ ᠳᠤ ᠪᠤᠭᠤᠨ ᠳᠤ ᠲᠣᠰᠬᠣᠨ ᠣᠷᠣᠰᠢᠨ᠎ᠠ᠃ ᠢᠷᠦᠭᠡ ᠰᠤᠮᠤ ᠶᠢᠨ ᠲᠥᠪ ᠢ ᠲᠠᠪᠢᠨ ᠭᠡᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠷᠦᠭᠡ ᠰᠤᠮᠤ 1924 ᠣᠨ ᠳᠤ ᠲᠦᠰᠢᠶᠡᠲᠦ ᠬᠠᠨ ᠠᠶᠢᠮᠠᠭ ᠤᠨ ᠡᠷᠳᠡᠨᠢ ᠴᠢᠨ ᠸᠠᠩ ᠤᠨ ᠬᠣᠰᠢᠭᠤᠨ ᠤ ᠬᠥᠳᠡᠷ ᠦᠨ 《ᠪᠡᠯᠴᠢᠷ》 ᠭᠡᠳᠡᠭ ᠭᠠᠵᠠᠷ ᠭᠠᠯᠲᠤ ᠲᠠᠢ ᠨᠡᠷ᠎ᠡ ᠲᠡᠢ ᠪᠡᠷ 240 ᠡᠷᠦᠬᠡ᠂ 2039 ᠬᠦᠮᠦᠨ ᠠᠮᠠ ᠲᠠᠢ ᠪᠤᠷᠢᠶᠠᠳ ᠢᠷᠭᠡᠳ ᠦᠨ ᠬᠦᠰᠡᠯᠲᠦ ᠪᠡᠷ ᠪᠠᠶᠢᠭᠤᠯᠤᠭᠳᠠᠵᠠᠢ᠃ ᠲᠡᠭᠦᠨ ᠡᠴᠡ ᠬᠣᠶᠢᠰᠢ ᠰᠤᠮᠤ ᠶᠢᠨ ᠲᠥᠪ ᠢ 1925 ᠣᠨ ᠳᠤ ᠺᠠᠷᠨᠢᠺᠣᠸ ᠲᠣᠰᠬᠣᠨ ᠳᠤ᠂ 1953 ᠣᠨ ᠳᠤ ᠣᠳᠣ ᠶᠢᠨ ᠲᠠᠪᠢᠨ ᠳᠤ ᠰᠢᠯᠵᠢᠭᠦᠯᠵᠡᠢ᠃ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1931 ᠣᠨ ᠤ 5 ᠳ᠋ᠤᠭᠠᠷ ᠲᠣᠭᠲᠠᠭᠠᠯ ᠢᠶᠠᠷ ᠢᠷᠦᠭᠡ ᠭᠡᠭᠳᠡᠬᠦ ᠪᠣᠯᠪᠠ᠃ 1933 ᠣᠨ ᠳᠤ 596 ᠡᠷᠦᠬᠡ᠂ 2100 ᠬᠦᠮᠦᠨ᠂ 23.5 ᠮᠢᠩᠭᠠᠨ ᠮᠠᠯ ᠲᠠᠢ ᠪᠠᠶᠢᠴᠠᠢ᠃ ᠢᠷᠦᠭᠡ ᠰᠤᠮᠤ ᠶᠢᠨ ᠨᠤᠲᠤᠭ ᠲᠤ 1924 ᠣᠨ ᠳᠤ ᠪᠤᠷᠢᠶᠠᠳ ᠬᠣᠰᠢᠭᠤᠨ ᠤ ᠪᠠᠭ᠎ᠠ ᠰᠤᠷᠭᠠᠭᠤᠯᠢ᠂ ᠬᠠᠷᠢᠯᠴᠠᠨ ᠲᠤᠰᠠᠯᠠᠯᠴᠠᠬᠤ ᠬᠣᠷᠰᠢᠶᠠᠨ ᠤ ᠰᠠᠯᠪᠤᠷᠢ /1930/, ᠬᠦᠮᠦᠨ ᠦ ᠪᠠᠭ᠎ᠠ ᠡᠮᠴᠢ ᠶᠢᠨ ᠰᠠᠯᠪᠤᠷᠢ /1935/, ᠬᠣᠯᠪᠣᠭᠠᠨ ᠤ ᠰᠠᠯᠪᠤᠷᠢ /1937/, ᠬᠤᠷᠢᠬᠤ ᠭᠠᠵᠠᠷ /1941/ ᠪᠠᠶᠢᠷᠢᠯᠠᠵᠤ ᠪᠠᠶᠢᠪᠠ᠃ ᠲᠤᠰ ᠰᠤᠮᠤ ᠠᠴᠠ 1971 ᠣᠨ ᠳᠤ ᠣᠳᠣ ᠶᠢᠨ ᠬᠥᠳᠡᠷᠢ ᠰᠤᠮᠤ᠂ 1976 ᠣᠨ ᠳᠤ ᠵᠢᠪᠬᠤᠯᠠᠩᠲᠤ ᠰᠤᠮᠤ ᠲᠤᠰ ᠲᠤᠰ ᠪᠡᠶ᠎ᠡ ᠳᠠᠩ ᠵᠠᠰᠠᠭ ᠵᠠᠬᠢᠷᠭᠠᠨ ᠤ ᠨᠢᠭᠡᠴᠡ ᠪᠣᠯᠤᠨ ᠰᠠᠯᠢᠰᠤᠨ ᠲᠡᠦᠬᠡ ᠲᠡᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠯᠡᠩᠭᠡ ᠠᠶᠢᠮᠠᠭ ᠤᠨ ᠢᠷᠦᠭᠡ ᠰᠤᠮᠤ ᠨᠢ ᠪᠠᠷᠠᠭᠤᠨ ᠤᠷᠳᠤ ᠬᠡᠰᠡᠭ ᠢᠶᠡᠷ ᠢᠶᠡᠨ ᠰᠡᠯᠡᠩᠭᠡ ᠠᠶᠢᠮᠠᠭ ᠤᠨ ᠵᠡᠭᠦᠨ ᠢᠶᠠᠷ ᠢᠶᠠᠨ᠂ ᠤᠷᠳᠤ ᠬᠡᠰᠡᠭ ᠢᠶᠡᠷ ᠢᠶᠡᠨ ᠲᠥᠪ ᠠᠶᠢᠮᠠᠭ ᠤᠨ ᠮᠥᠩᠭᠥᠨᠥᠮᠣᠷᠢ ᠳᠤ ᠰᠤᠮᠤ ᠲᠠᠢ᠂ ᠵᠡᠭᠦᠨ ᠤᠷᠳᠤ ᠬᠡᠰᠡᠭ ᠢᠶᠡᠷ ᠢᠶᠡᠨ ᠬᠡᠨᠲᠡᠢ ᠠᠶᠢᠮᠠᠭ᠂ ᠵᠡᠭᠦᠨ ᠬᠡᠰᠡᠭ ᠢᠶᠡᠷ ᠢᠶᠡᠨ ᠣᠷᠣᠰ ᠤᠯᠤᠰ ᠲᠠᠢ᠂ ᠬᠣᠶᠢᠳᠤ ᠲᠠᠯ᠎ᠠ ᠪᠠᠷ ᠢᠶᠠᠨ ᠬᠥᠳᠡᠷ᠂ ᠠᠯᠲᠠᠨᠪᠤᠯᠠᠭ ᠰᠤᠮᠤᠳ ᠲᠠᠢ᠂ ᠪᠠᠷᠠᠭᠤᠨ ᠲᠠᠯ᠎ᠠ ᠪᠠᠷ ᠢᠶᠠᠨ ᠳᠠᠷᠬᠠᠨ-ᠠᠭᠤᠯᠠ᠂ ᠪᠣᠯᠤᠨ ᠵᠢᠪᠬᠤᠯᠠᠩᠲᠤ ᠰᠤᠮᠤ ᠲᠠᠢ ᠬᠢᠯᠢᠯᠡᠨ ᠣᠷᠣᠰᠢᠳᠠᠭ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠨ᠃ᠪᠢᠮᠪᠠᠴᠣᠭ ᠲᠤ - ᠬᠥᠳᠡᠭᠡ ᠠᠵᠤ ᠠᠬᠤᠢ ᠶᠢᠨ ᠰᠠᠯᠪᠤᠷᠢ ᠠᠴᠠ ᠲᠦᠷᠦᠭᠰᠡᠨ ᠠᠩᠬᠠᠨ ᠤ ᠬᠥᠳᠡᠯᠮᠦᠷᠢ ᠶᠢᠨ ᠪᠠᠭᠠᠲᠤᠷ
  • ᠮ᠃ᠠᠯᠲᠠᠨᠭᠡᠷᠡᠯ - ᠬᠥᠳᠡᠭᠡ ᠠᠵᠤ ᠠᠬᠤᠢ ᠶᠢᠨ ᠰᠠᠯᠪᠤᠷᠢ ᠠᠴᠠ ᠲᠦᠷᠦᠭᠰᠡᠨ ᠬᠥᠳᠡᠯᠮᠦᠷᠢ ᠶᠢᠨ ᠪᠠᠭᠠᠲᠤᠷ

ᠨ᠃ᡀᠠᠮᠣᠰᠦ᠋ᠷᠦᠩ - ᠬᠥᠳᠡᠭᠡ ᠠᠵᠤ ᠠᠬᠤᠢ ᠶᠢᠨ ᠠᠩᠬᠠᠨ ᠤ ᠳ᠋ᠣᠺᠲ᠋ᠣᠷ ᠴᠣᠯᠠᠲᠠᠨ

ᠪᠢᠴᠢᠭᠡᠰᠦ