ᠢᠷᠠᠭᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠢᠷᠠᠭᠤ ᠨᠢ ᠵᠠᠪᠬᠠᠨ ᠠᠶᠢᠮᠠᠭ ᠤᠨ ᠰᠤᠮᠤ ᠶᠤᠮ᠃ ᠢᠷᠠᠭᠤ ᠰᠤᠮᠤ 495614 ᠭᠠ ᠨᠤᠲᠤᠭ ᠳᠡᠪᠢᠰᠬᠡᠷ ᠲᠡᠢ᠂ ᠡᠷᠳᠡᠨᠢᠬᠠᠶᠢᠷᠬᠠᠨ᠂ ᠲᠦᠳᠦᠪ ᠲᠡᠢ᠂᠂ ᠨᠥᠮᠥᠷᠭᠡ᠂ ᠢᠳᠡᠷ᠂ ᠤᠯᠢᠶᠠᠰᠤᠲᠠᠢ᠂ ᠠᠯᠳᠠᠷᠬᠠᠭᠠᠨ ᠵᠡᠷᠭᠡ ᠰᠤᠮᠤᠳ ᠲᠠᠢ ᠬᠢᠯᠢᠯᠡᠳᠡᠭ ᠰᠤᠮᠤ ᠶᠢᠨ ᠲᠥᠪ ᠴᠢᠨᠳᠠᠮᠠᠨ᠎ᠠ ᠨᠢ 48̊ 07' ᠥᠷᠭᠡᠷᠢᠭ᠂ 96 ̊ 46' ᠤᠷᠲᠤᠷᠢᠭ ᠲᠤ 2139 ᠮ ᠥᠨᠳᠥᠷ ᠲᠦ ᠢᠷᠠᠭᠤ ᠶᠢᠨ ᠭᠣᠣᠯ ᠤᠨ ᠬᠥᠨᠳᠡᠶᠢᠳᠡ ᠤᠯᠢᠭ᠎ᠠ ᠲᠠᠢ ᠠᠴᠠ 56 ᠺᠢᠯᠣᠮᠧᠲ᠋ᠷ᠂ ᠤᠯᠠᠭᠠᠨᠪᠠᠭᠠᠲᠤᠷ ᠠᠴᠠ 1055 ᠺᠢᠯᠣᠮᠧᠲ᠋ᠷ ᠵᠠᠢ ᠳᠤ ᠣᠷᠣᠰᠢᠨ᠎ᠠ᠃ ᠬᠠᠨ ᠵᠢᠷᠭᠠᠯᠠᠩᠲᠤ᠂ ᠬᠠᠭ ᠤᠨ ᠡᠷᠢᠶᠡᠨ᠂ ᠬᠦᠢᠲᠡᠨ ᠨᠢᠷᠤᠭᠤ᠂ ᠵᠦᠢᠯ ᠦᠨ ᠮᠠᠨᠳᠤᠯ᠂ ᠳᠤᠯᠠᠭᠠᠨ᠂ ᠪᠠᠶᠢᠴᠠ᠂ ᠰᠢᠷᠬᠲᠡᠢ᠂ ᠢᠮᠠᠭᠠᠲᠤ᠂ ᠶᠡᠨᠳᠡᠷ ᠲᠦ᠂ ᠪᠤᠩᠬᠤᠨ ᠳᠤ᠂ ᠪᠠᠶᠠᠨ-ᠤᠯᠠᠭᠠᠨ᠂ ᠪᠣᠷᠣ ᠦᠨᠡᠭᠡ ᠳᠦ᠂ ᠮᠠᠶᠢᠬᠠᠨ᠂ ᠴᠠᠭᠳᠠᠭᠤᠯ ᠲᠠᠢ ᠵᠡᠷᠭᠡ ᠥᠨᠳᠥᠷ ᠠᠤᠯᠠᠯᠠᠰ᠂ ᠭᠣᠣᠯ ᠮᠣᠳᠣ᠂ ᠪᠠᠶᠢᠴᠠ᠂ ᠳᠠᠬᠤ ᠳᠤ᠂ ᠨᠠᠷᠢᠨ᠂ ᠪᠤᠮᠪᠠ ᠳᠤ ᠵᠡᠷᠭᠡ ᠰᠦᠷᠯᠢᠭ ᠥᠨᠳᠥᠷ ᠳᠠᠪᠠᠭ᠎ᠠ ᠨᠤᠭᠤᠳ᠂ ᠠᠤᠯᠠᠯᠠᠰ ᠤᠨ ᠬᠣᠭᠣᠷᠣᠨᠳᠣᠬᠢ ᠠᠭᠤᠵᠢᠮ ᠬᠥᠨᠳᠡᠢ ᠨᠦᠭᠦᠳ᠂ ᠢᠷᠠᠭᠤ ᠶᠢᠨ ᠭᠣᠣᠯ᠂ ᠵᠦᠢᠯ ᠦᠨ ᠭᠣᠣᠯ᠂ ᠤᠯᠠᠭᠴᠢᠨ ᠤ ᠭᠣᠣᠯ᠂ ᠪᠢᠨᠳᠦᠷᠢᠶ᠎ᠠ ᠨᠠᠭᠤᠷ (ᠬᠠᠭ), ᠪᠤᠭᠤᠳᠤ ᠨᠠᠭᠤᠷ ᠤᠳ ᠲᠠᠢ᠂ ᠬᠠᠮᠤᠭ ᠤᠨ ᠥᠨᠳᠥᠷ ᠴᠡᠭ ᠨᠢ ᠬᠠᠨ ᠵᠢᠷᠭᠠᠯᠠᠩᠲᠤ ᠶᠢᠨ ᠨᠢᠷᠤᠭᠤ 2884 ᠮ᠂ ᠨᠠᠮ ᠴᠡᠭ ᠨᠢ ᠶᠡᠬᠡ ᠮᠠᠶᠢᠬᠠᠨ ᠠᠭᠤᠯᠠ ᠶᠢᠨ ᠡᠮᠦᠨᠡᠬᠢ ᠬᠥᠨᠳᠡᠢ ᠳᠤ 1700 ᠮ ᠡᠷᠭᠦᠭᠳᠡᠭᠰᠡᠨ ᠪᠠᠶᠢᠳᠠᠭ᠃  ᠨᠤᠲᠤᠭ ᠤᠨ ᠠᠭᠤᠯᠠᠷᠬᠠᠭ ᠬᠡᠰᠡᠭ ᠢᠶᠡᠷ ᠠᠭᠤᠯᠠ ᠶᠢᠨ ᠬᠠᠷ᠎ᠠ ᠬᠦᠷᠢᠨ᠂ ᠠᠭᠤᠯᠠ ᠶᠢᠨ ᠬᠠᠷ᠎ᠠ ᠰᠢᠷᠤᠶᠢᠨ᠂ ᠥᠨᠳᠥᠷ ᠠᠭᠤᠯᠠ ᠶᠢᠨ ᠨᠠᠮᠤᠭ ᠲᠤ᠂ ᠥᠨᠳᠥᠷ ᠠᠭᠤᠯᠠ ᠶᠢᠨ ᠰᠢᠷᠢᠭᠢ ᠳᠦ ᠲᠠᠶᠢᠭ᠎ᠠ ᠶᠢᠨ᠂ ᠲᠠᠯ᠎ᠠ ᠬᠥᠨᠳᠡᠢ ᠶᠢᠨ ᠴᠠᠶᠢᠪᠤᠷ ᠬᠦᠷᠡᠩ ᠬᠥᠷᠥᠰᠥᠲᠡᠢ᠃ ᠸᠠᠩᠰᠡᠮᠪᠡᠷᠦ᠂ ᠮᠠᠨᠵᠢᠨᠭᠠᠷᠪᠣ᠂ ᠬᠣᠩᠬᠣᠨ ᠴᠡᠴᠡᠭ᠂ ᠴᠡᠭᠡᠨ᠎ᠡ᠂ ᠠᠯᠲᠠᠨᠭᠠᠩᠨᠠᠭᠤᠷ᠂ ᠲᠠᠪᠤᠨ ᠰᠠᠯᠠᠭ᠎ᠠ᠂ ᠯᠢᠳᠡᠷᠢ᠂ ᠳᠡᠭᠲᠦ᠂ ᠮᠡᠬᠡ ᠪᠡᠷ ᠵᠡᠷᠭᠡ ᠡᠮ ᠦᠨ ᠤᠷᠭᠤᠮᠠᠯ ᠤᠳ᠂ ᠦᠬᠡᠷ ᠦᠨ ᠨᠢᠳᠦ᠂ ᠤᠯᠠᠭᠠᠯᠠᠵᠠᠭᠠᠨ᠎ᠠ᠂ ᠲᠣᠰᠢᠯᠣᠢ᠂ ᠮᠥᠭᠥ᠂ ᠨᠣᠬᠠᠢ ᠶᠢᠨ ᠬᠣᠰᠢᠭᠤ᠂ ᠵᠡᠷᠭᠡ ᠴᠡᠴᠡᠭ᠂ ᠵᠢᠮᠢᠰ ᠡᠯᠪᠡᠭ ᠤᠷᠭᠤᠳᠠᠭ᠃ ᠣᠢ ᠮᠣᠳᠣᠨ ᠤ ᠦᠨᠳᠦᠰᠦᠨ ᠬᠡᠰᠡᠭ ᠬᠠᠷ᠎ᠠ ᠮᠣᠳᠣᠨ ᠣᠢ ᠪᠣᠯᠤᠨ᠎ᠠ᠃ ᠮᠠᠯ ᠤᠨ ᠪᠡᠯᠴᠢᠭᠡᠷ ᠲᠦ ᠠᠭᠢ᠂ ᠲᠠᠭᠠᠨ᠎ᠠ᠂ ᠬᠥᠮᠡᠯᠢ᠂ ᠶᠥᠷᠬᠥᠭ᠂ ᠬᠢᠯᠭᠠᠨ᠎ᠠ᠂ ᠳᠠᠭᠠᠨ ᠰᠡᠭᠦᠯ᠂ ᠬᠠᠷᠭᠠᠨ᠎ᠠ᠂ ᠲᠠᠷᠪᠠᠭᠠᠨ ᠱᠠᠷ᠂ ᠪᠤᠲᠠᠭᠤᠯ᠂ ᠪᠣᠷᠣᠭ ᠵᠡᠷᠭᠡ ᠠᠮᠲᠠ ᠴᠢᠨᠠᠷ ᠲᠠᠢ ᠡᠪᠡᠰᠦ ᠤᠷᠭᠤᠮᠠᠯ ᠤᠨ ᠪᠠᠶᠠᠯᠢᠭ ᠪᠦᠲᠦᠴᠡ ᠲᠡᠢ ᠪᠢᠯᠡ᠃ ᠶᠠᠩᠭᠢᠷ᠂ ᠠᠷᠭᠠᠯᠢ ᠤᠭᠠᠯᠵᠠ᠂ ᠪᠤᠭᠤ ᠰᠣᠭᠣ᠂ ᠪᠣᠷᠣ ᠭᠥᠷ ᠡᠴᠡ᠂ ᠨᠤᠲᠤᠭ ᠤᠨ ᠪᠤᠶᠤ ᠨᠡᠭᠦᠳᠡᠯ ᠦᠨ ᠰᠢᠪᠠᠭᠤᠳ ᠵᠡᠷᠭᠡ ᠠᠨ ᠠᠮᠢᠲᠠᠨ ᠡᠯᠪᠡᠭ ᠲᠡᠢ᠃

ᠢᠷᠠᠭᠤ ᠰᠤᠮᠤ ᠶᠢᠨ ᠨᠤᠲᠤᠭ ᠲᠤ ᠡᠷᠲᠡᠨ ᠡᠴᠡ ᠨᠠᠰᠢ ᠬᠦᠮᠦᠨ ᠰᠠᠭᠤᠷᠢᠰᠢᠨ ᠠᠮᠢᠳᠤᠷᠠᠵᠤ ᠪᠠᠶᠢᠭᠰᠠᠨ ᠢ ᠢᠯᠡᠳᠭᠡᠬᠦ ᠤᠯᠠ ᠮᠥᠷ ᠪᠣᠯᠬᠤ ᠬᠢᠷᠭᠢᠰᠬᠡᠭᠦᠷ᠂ ᠪᠤᠭᠤᠨ ᠬᠥᠰᠢᠶ᠎ᠡ᠂ ᠬᠠᠳᠠᠨ ᠤ ᠵᠢᠷᠤᠭ᠂ ᠲᠡᠦᠬᠡ ᠶᠢᠨ ᠣᠯᠠᠨ ᠦᠶ᠎ᠡ ᠳᠦ ᠬᠠᠮᠢᠶᠠᠷᠬᠤ ᠪᠤᠯᠠᠰᠢ ᠣᠷᠣᠰᠢᠭᠤᠯᠭ᠎ᠠ᠂ ᠬᠦᠮᠦᠨ ᠴᠢᠯᠠᠭᠤᠲᠤ ᠲᠠᠬᠢᠯ ᠤᠨ ᠣᠩᠭᠣᠨ᠂ ᠬᠠᠳᠠᠨ ᠤ ᠣᠷᠣᠰᠢᠭᠤᠯᠭ᠎ᠠ ᠭᠡᠬᠦ ᠮᠡᠲᠦ ᠣᠯᠠᠨ ᠳᠤᠷᠠᠰᠬᠠᠯ ᠤᠳ ᠪᠠᠶᠢᠳᠠᠭ᠃

ᠹᠠᠢᠢᠯ:ᠰᠤᠮᠤ ᠶᠢᠨ ᠲᠥᠪ ᠦᠨ ᠤᠷᠢᠳᠤ ᠤᠷᠤᠰᠢᠬᠤ ᠪᠤᠭᠤᠨ ᠬᠥᠰᠢᠶ᠎ᠡ᠃jpg
ᠨᠢᠭᠤᠷᠠᠨ ᠲᠠᠯ᠎ᠠ ᠳᠤ ᠪᠠᠨ 9 ᠪᠤᠭᠤ᠂ ᠬᠣᠶᠢᠳᠤ ᠲᠠᠯ᠎ᠠ ᠳᠤ ᠪᠠᠨ 7 ᠪᠤᠭᠤ ᠶᠢ ᠵᠠᠭᠪᠤᠷᠴᠢᠯᠠᠨ ᠳᠦᠷᠰᠦᠯᠡᠭᠰᠡᠨ ᠨᠢ ᠬᠡᠯᠪᠡᠷᠢ ᠲᠥᠷᠬᠥ ᠶᠢᠨ ᠬᠤᠪᠢ ᠳᠤ ᠮᠣᠩᠭᠣᠯ-ᠡᠪᠦᠷᠪᠠᠶᠢᠭᠠᠯᠢ ᠶᠢᠨ ᠪᠤᠭᠤᠨ ᠬᠥᠰᠢᠭᠡᠨ ᠦ ᠠᠩᠬᠢᠯᠠᠯ ᠳᠤ ᠬᠠᠮᠢᠶᠠᠷᠤᠨ᠎ᠠ᠃ ᠤᠭ ᠬᠥᠰᠢᠭᠡᠨ ᠦ ᠵᠡᠭᠦᠨ ᠲᠠᠯ᠎ᠠ ᠪᠠᠷ 12 ᠰᠢᠷᠬᠡᠭ ᠴᠠᠭᠠᠷᠢᠭ ᠬᠡᠯᠪᠡᠷᠢ ᠶᠢᠨ ᠳᠠᠭᠠᠭᠤᠯᠢ ᠪᠠᠶᠢᠭᠤᠯᠤᠮᠵᠢ ᠨᠤᠭᠤᠳ ᠪᠠᠶᠢᠨ᠎ᠠ᠃
ᠹᠠᠢᠢᠯ:ᠪᠤᠮᠪᠠᠲ ᠤᠨ ᠠᠮᠠᠨ ᠤ ᠬᠦᠮᠦᠨ ᠴᠢᠯᠠᠭᠤᠨ ᠬᠥᠰᠢᠶ᠎ᠡ᠃jpg
ᠪᠤᠮᠪᠠᠲ ᠤᠨ ᠠᠮᠠᠨ ᠤ ᠲᠠᠬᠢᠯ ᠤᠨ ᠪᠠᠶᠢᠭᠤᠯᠤᠮᠵᠢ ᠶᠢᠨ ᠬᠦᠮᠦᠨ ᠴᠢᠯᠠᠭᠤᠨ ᠬᠥᠰᠢᠶ᠎ᠡ ᠤᠷ᠎ᠠ ᠬᠢᠴᠡ ᠶᠢᠨ ᠬᠤᠪᠢ ᠳᠤ ᠪᠤᠰᠤᠳ ᠠᠴᠠ ᠪᠠᠨ ᠨᠡᠯᠢᠶᠡᠳ ᠣᠨᠴᠠᠯᠢᠭ ᠳᠡᠪᠡᠯ ᠡᠮᠦᠰᠬᠡᠯ ᠦᠨ ᠨᠢᠭᠡᠨ ᠥᠪᠡᠷᠮᠢᠴᠡ ᠲᠥᠷᠥᠯ ᠪᠦᠬᠦᠢ ᠳᠦᠷᠰᠦᠯᠡᠭᠳᠡᠭᠰᠡᠨ ᠴᠥᠭᠡᠨ ᠬᠥᠰᠢᠭᠡᠳ ᠦᠨ ᠨᠢᠭᠡ ᠶᠠᠭᠤᠮ᠎ᠠ᠃


ᠢᠷᠠᠭᠤ ᠰᠤᠮᠤ ᠶᠢᠨ ᠨᠤᠲᠤᠭ ᠡᠷᠲᠡᠨ ᠡᠴᠡ ᠪᠣᠭᠳᠠ ᠬᠠᠭᠠᠨᠲᠤ ᠮᠣᠩᠭᠣᠯ ᠤᠯᠤᠰ ᠤᠨ ᠦᠶ᠎ᠡ ᠬᠦᠷᠲᠡᠯ᠎ᠡ ᠬᠠᠯᠬ᠎ᠠ ᠶᠢᠨ ᠵᠠᠰᠠᠭᠲᠤ ᠬᠠᠨ ᠠᠶᠢᠮᠠᠭ ᠤᠨ 《ᠰᠡᠴᠡᠨ ᠵᠠᠰᠠᠭ ᠤᠨ ᠬᠣᠰᠢᠭᠤ》, ᠪᠣᠭᠳᠠ ᠬᠠᠭᠠᠨᠲᠤ ᠮᠣᠩᠭᠣᠯ ᠤᠯᠤᠰ ᠤᠨ ᠦᠶ᠎ᠡ ᠳᠦ 《ᠰᠠᠷᠲᠠᠭᠤᠯ ᠰᠡᠴᠡᠨ ᠸᠠᠩ ᠤᠨ ᠬᠣᠰᠢᠭᠤ》, 1924 ᠤᠨ ᠳᠤ ᠬᠠᠨ ᠲᠠᠶᠢᠰᠢᠷᠢ ᠤᠤᠯ ᠤᠨ ᠠᠶᠢᠮᠠᠭ ᠤᠨ ᠰᠡᠴᠡᠨ ᠰᠠᠷ᠎ᠠ ᠳᠤ ᠤᠤᠯ ᠤᠨ ᠬᠣᠰᠢᠭᠤᠨ ᠤ ᠨᠤᠲᠤᠭ ᠳᠡᠪᠢᠰᠬᠡᠷ ᠲᠦ ᠪᠠᠭᠳᠠᠵᠣ ᠪᠠᠶᠢᠭᠰᠠᠨ ᠪᠠᠶᠢᠨ᠎ᠠ᠃ ᠵᠠᠰᠠᠭ ᠵᠠᠬᠢᠷᠭᠠᠨ ᠤ ᠨᠢᠭᠡᠴᠡ ᠨᠦᠭᠦᠳ ᠢ 1924 ᠤᠨ ᠳᠤ ᠰᠢᠨ᠎ᠡ ᠪᠡᠷ ᠵᠣᠬᠢᠶᠠᠨ ᠪᠠᠶᠢᠭᠤᠯᠬᠤ ᠳᠤ ᠲᠤᠰ ᠰᠤᠮᠤ ᠶᠢᠨ ᠨᠤᠲᠤᠭ ᠲᠤ ᠰᠡᠴᠡᠨ ᠰᠠᠷᠲᠠᠭᠤᠯ᠂ ᠰᠢᠨ᠎ᠡ ᠬᠣᠰᠢᠭᠤ᠂ ᠢᠯᠭᠠᠭᠰᠠᠨ ᠬᠤᠲᠤᠭᠲᠤ ᠶᠢᠨ ᠰᠢᠪ ᠦᠨ ᠬᠠᠷᠢᠶᠠᠨ ᠳᠤ ᠪᠠᠶᠢᠭᠰᠠᠨ ᠨᠤᠲᠤᠭ ᠲᠤ ᠪᠤᠭᠤ ᠳᠤ᠂ ᠴᠣᠭᠲᠤ-ᠠᠭᠤᠯᠠ᠂ ᠴᠢᠨᠳᠠᠮᠠᠨ᠎ᠠ-ᠥᠯᠵᠡᠶᠢᠲᠦ᠂ ᠡᠷᠳᠡᠨᠢ-ᠠᠭᠤᠯᠠ ᠰᠤᠮᠤ ᠨᠤᠭᠤᠳ ᠢ ᠪᠠᠶᠢᠭᠤᠯᠤᠭᠰᠠᠨ ᠪᠠᠶᠢᠨ᠎ᠠ᠃ 1931 ᠤᠨ ᠳᠤ ᠬᠢᠭᠰᠡᠨ ᠥᠭᠡᠷᠡᠴᠢᠯᠡᠯᠲᠡ ᠪᠡᠷ ᠴᠢᠨᠳᠠᠮᠠᠨ᠎ᠠ-ᠥᠯᠵᠡᠶᠢᠲᠦ ᠰᠤᠮᠤ ᠶᠢ 13 ᠪᠠᠭ ᠲᠠᠢ ᠪᠠᠷ ᠤᠰᠤᠨ ᠵᠦᠢᠯ ᠭᠡᠳᠡᠭ ᠭᠠᠵᠠᠷ ᠲᠥᠪᠯᠡᠷᠡᠭᠦᠯᠦᠨ ᠪᠠᠶᠢᠭᠤᠯᠵᠠᠢ᠃ ᠲᠤᠰ ᠰᠤᠮᠤ 1300 ᠭᠠᠷᠤᠢ ᠡᠷᠦᠬᠡ ᠲᠡᠢ᠂ 4000 ᠭᠠᠷᠤᠢ ᠬᠦᠮᠦᠨ ᠠᠮᠠ ᠲᠠᠢ᠂ 140 ᠍ ᠊ᠭᠡᠳ ᠮᠢᠩᠭᠠᠨ ᠲᠣᠯᠣᠭᠠᠢ ᠮᠠᠯ ᠲᠠᠢ᠂ ᠭᠠᠵᠠᠷ ᠨᠤᠲᠤᠭ ᠶᠡᠬᠡ ᠲᠡᠢ᠂ ᠠᠶᠢᠮᠠᠭ ᠲᠤ ᠪᠠᠨ ᠬᠠᠮᠤᠭ ᠤᠨ ᠲᠣᠮᠣ ᠰᠤᠮᠤ ᠶᠢᠨ ᠨᠢᠭᠡ ᠪᠠᠶᠢᠪᠠ᠃

1952 ᠤᠨ ᠳᠤ ᠴᠢᠨᠳᠠᠮᠠᠨ᠎ᠠ-ᠥᠯᠵᠡᠶᠢᠲᠦ ᠰᠤᠮᠤ ᠠᠴᠠ ᠥᠪᠡᠷ ᠦᠨ 6-12 ᠳ᠋ᠤᠭᠠᠷ ᠪᠠᠭ ᠤᠳ ᠢ ᠨᠤᠲᠤᠭ ᠤᠨ ᠪᠠᠶᠢᠷᠢᠰᠢᠯ ᠢᠶᠠᠷ ᠰᠢᠯᠵᠢᠭᠦᠯᠦᠨ ᠴᠠᠭᠠᠨᠬᠠᠶᠢᠷᠬᠠᠨ ᠠᠭᠤᠯᠠ ᠶᠢᠨ ᠪᠠᠷᠠᠭᠤᠨ ᠬᠡᠰᠡᠭ ᠬᠠᠶᠢᠷᠬᠠᠨ ᠬᠤᠳᠳᠤᠭ ᠲᠤ ᠡᠷᠳᠡᠨᠢᠬᠠᠶᠢᠷᠬᠠᠨ ᠰᠤᠮᠤ ᠶᠢ 7 ᠪᠠᠭ᠂ 88.6 ᠮᠢᠩᠭᠠᠨ ᠲᠣᠯᠣᠭᠠᠢ ᠮᠠᠯᠤ ᠲᠠᠢ ᠪᠠᠷ ᠲᠥᠪᠬᠢᠨᠡᠭᠦᠯᠦᠨ ᠪᠠᠶᠢᠭᠤᠯᠵᠤ ᠴᠢᠨᠳᠠᠮᠠᠨ᠎ᠠ-ᠥᠯᠵᠡᠶᠢᠲᠦ ᠰᠤᠮᠤ 9 ᠪᠠᠭ ᠲᠠᠢ ᠪᠣᠯᠵᠤ᠂ 100 ᠭᠠᠷᠤᠢ ᠮᠢᠩᠭᠠᠨ ᠲᠣᠯᠣᠭᠠᠢ ᠮᠠᠯ ᠲᠠᠢ ᠣᠳᠣ ᠶᠢᠨ ᠢᠷᠠᠭᠤ ᠰᠤᠮᠤ ᠪᠣᠯᠤᠨ ᠵᠣᠬᠢᠶᠠᠨ ᠪᠠᠶᠢᠭᠤᠯᠤᠭᠳᠠᠭᠰᠠᠨ ᠠᠵᠡᠢ᠃ 1958-1959 ᠤᠨ ᠨᠤᠭᠤᠳ ᠲᠤ ᠴᠢᠨᠳᠠᠮᠠᠨ᠎ᠠ-ᠥᠯᠵᠡᠶᠢᠲᠦ᠂ ᠢᠷᠠᠭᠤ ᠰᠤᠮᠤ ᠨᠤᠭᠤᠳ ᠨᠡᠶᠢᠯᠡᠵᠦ ᠣᠳᠣ ᠶᠢᠨ ᠤᠯᠠᠭᠠᠨ-ᠡᠷᠭᠢ ᠳᠦ ᠰᠠᠭᠤᠷᠢᠰᠢᠵᠤ ᠢᠷᠠᠭᠤ ᠰᠤᠮᠤ ᠶᠢ ᠪᠠᠶᠢᠭᠤᠯᠵᠠᠢ᠃

ᠹᠠᠢᠢᠯ:ᠢᠷᠠᠭᠤ ᠰᠤᠮᠤ ᠶᠢᠨ ᠲᠥᠪ᠃jpg
ᠢᠷᠠᠭᠤ ᠰᠤᠮᠤ ᠶᠢᠨ ᠲᠥᠪ

ᠲᠤᠰ ᠰᠤᠮᠤ ᠴᠢᠨᠳᠠᠮᠠᠨ᠎ᠠ᠂ ᠬᠡᠴᠡ-ᠤᠯᠠᠭᠠᠨ᠂ ᠵᠦᠢᠯ᠂ ᠥᠷᠭᠡᠨ᠂ ᠵᠢᠷᠭᠠᠯᠠᠩᠲᠤ ᠭᠡᠰᠡᠨ 5 ᠪᠠᠭ ᠲᠠᠢ᠂ 2005 ᠪᠠᠶᠢᠳᠠᠯ ᠢᠶᠠᠷ 689 ᠡᠷᠦᠬᠡ᠂ 2668 ᠬᠦᠮᠦᠨ ᠠᠮᠠ ᠲᠠᠢ ᠪᠠᠶᠢᠨ᠎ᠠ᠃

ᠲᠤᠰ ᠰᠤᠮᠤ ᠶᠢᠨ ᠠᠭᠤᠭᠤᠯ ᠢᠷᠭᠡᠳ ᠡᠴᠡ ᠮᠣᠩᠭᠣᠯ ᠤᠯᠤᠰ ᠤᠨ ᠶᠡᠷᠦᠩᠬᠡᠶᠢᠯᠡᠭᠴᠢ ᠨ᠃ᠪᠠᠭᠠᠪᠠᠨᠳᠢ᠂ ᠬᠥᠳᠡᠯᠮᠦᠷᠢ ᠶᠢᠨ ᠪᠠᠭᠠᠲᠤᠷ ᠪ᠃ᠵᠠᠩᠴᠢᠪ᠂ ᠨ᠃ᠪᠠᠲᠤᠳᠣᠷᠵᠢ᠂ ᠢ᠃ᠳ᠋ᠣᠺᠲ᠋ᠣᠷ᠂ ᠪ᠃ᠲᠦᠮᠡᠨ᠂ ᠭᠠᠪᠢᠶᠠᠲᠤ ᠵᠢᠳᠬᠦᠯᠲᠡᠨ ᠳ᠃ᠪᠠᠯᠭᠠᠩᠰᠦ᠋ᠷᠦᠩ᠂ ᠷ᠃ᠭᠠᠶᠠᠪᠠᠽᠠᠷ᠂ ᠳ᠃ᠸᠣᠯᠢᠶᠠᠵᠤ᠂ ᠫ᠃ᠱᠠᠷ᠂ ᠷ᠃ᠰᠣᠳᠨᠠᠮᠳᠠᠷᠵᠢᠶ᠎ᠠ᠂ ᠲᠥᠷᠥ ᠶᠢᠨ ᠱᠠᠩᠨᠠᠯᠲᠤ ᠢ᠃ᠭᠦᠷᠦᠷᠠᠭᠴᠠ᠂ ᠡᠷᠳᠡᠮᠲᠡᠨ ᠴ᠃ᠴᠡᠨᠳᠡᠭᠡᠭᠡᠬᠦᠦ᠂ ᠵ᠃ᠯᠣᠰᠣᠯᠣᠮ ᠢᠶᠠᠨ᠂ ᠴ᠃ᠦᠳᠦᠷᠫᠢᠯ᠂ ᠵ᠃ᠳᠠᠰᠢᠳᠣᠷᠵᠢ᠂ ᠣᠢ ᠠᠵᠤ ᠠᠬᠤᠶᠢᠴᠢ ᠰ᠃ᠳᠠᠰᠢᠳᠣᠷᠵᠢ ᠭ᠃ᡀᠠᠨᠠᠰᠦ᠋ᠷᠦᠩ᠂ ᠶᠣ᠃ᠳᠤᠮ ᠢᠶᠠᠨ ᠲᠡᠷᠢᠭᠦᠲᠡᠢ ᠣᠯᠠᠨ ᠠᠯᠳᠠᠷ ᠴᠤᠤᠲᠠᠨ ᠨᠤᠭᠤᠳ ᠲᠥᠷᠥᠨ ᠭᠠᠷᠴᠠᠢ᠃ ᠡᠨᠡ ᠰᠤᠮᠤ ᠠᠴᠠ ᠬᠠᠮᠤᠭ ᠤᠨ ᠣᠯᠠᠨ ᠬᠥᠳᠡᠯᠮᠦᠷᠢ ᠶᠢᠨ ᠪᠠᠭᠠᠲᠤᠷ ᠲᠥᠷᠦᠵᠢᠭᠡ᠃

ᠲᠤᠰ ᠰᠤᠮᠤᠨ ᠳᠤ ᠱᠣᠬᠣᠢ ᠶᠢᠨ ᠴᠢᠯᠠᠭᠤ᠂ ᠵᠡᠰ ᠮᠣᠯᠢᠪᠳᠧᠨ ᠤ ᠵᠡᠷᠭᠡ ᠠᠰᠢᠭᠲᠤ ᠮᠠᠯᠲᠠᠮᠠᠯ ᠤᠨ ᠢᠯᠡᠷᠡᠴᠡ ᠪᠠᠶᠢᠳᠠᠭ ᠶᠤᠮ᠃ ᠮᠠᠰᠢ ᠰᠠᠶᠢᠨ ᠴᠢᠨᠠᠷ ᠤᠨ ᠰᠢᠪᠠᠷᠲᠠᠢ᠃ ᠪᠣᠰᠤᠭ᠎ᠠ᠂ ᠬᠡᠪᠲᠡᠭᠡ᠂ ᠪᠣᠨᠵᠢᠶ᠎ᠠ᠂ ᠬᠣᠯᠪᠣᠭ᠎ᠠ᠂ ᠭᠤᠷᠪᠠᠨ ᠨᠠᠷᠢ ᠶᠢᠨ᠂ᠭᠤᠷᠢᠭ᠂ ᠱᠠᠭᠵᠢ᠂ ᠪᠤᠨᠳᠠᠩ ᠮᠣᠳᠣ᠂ ᠴᠠᠮᠴᠠ ᠮᠣᠳᠣ᠂ ᠭᠣᠣᠯ ᠮᠣᠳᠣ᠂ ᠳᠤᠭᠤᠢ ᠮᠣᠳᠣ᠂ ᠵᠡᠷᠭᠡ ᠨᠡᠷ᠎ᠡ ᠨᠢ ᠬᠦᠷᠲᠡᠯ᠎ᠡ ᠰᠢᠯᠦᠭ ᠪᠣᠯᠤᠮᠠᠷ ᠨᠡᠯᠦᠩᠬᠦᠢ ᠳᠦ ᠪᠡᠨ ᠪᠠᠶᠢᠭᠠᠯᠢ ᠶᠢᠨ ᠦᠵᠡᠰᠬᠦᠯᠡᠩ ᠲᠡᠭᠦᠯᠳᠡᠷ ᠪᠦᠷᠢᠳᠦᠭᠰᠡᠨ ᠪᠠᠶᠠᠨ ᠪᠦᠷᠢᠳᠦ ᠢᠷᠠᠭᠤ ᠰᠤᠮᠤ ᠶᠢᠨ ᠨᠤᠲᠤᠭ ᠲᠤ ᠣᠯᠠᠨ ᠪᠤᠢ᠃ ᠡᠳ᠋ ᠍ ᠦᠨ ᠵᠠᠰᠠᠭ ᠤᠨ ᠭᠣᠣᠯ ᠴᠢᠭᠯᠡᠯ ᠨᠢ ᠬᠣᠨᠢ᠂ ᠮᠢᠬᠠᠨ ᠤ ᠦᠬᠡᠷ ᠵᠣᠩᠬᠢᠯᠠᠭᠰᠠᠨ ᠮᠠᠯ ᠠᠵᠤ ᠠᠬᠤᠢ ᠶᠤᠮ᠃ 2005 ᠤᠨ ᠤ ᠪᠠᠶᠢᠳᠠᠯ ᠢᠶᠠᠷ 64 ᠮᠢᠩᠭ᠎ᠠ ᠭᠠᠷᠤᠢ ᠲᠣᠯᠣᠭᠠᠢ ᠮᠠᠯ ᠲᠠᠢ ᠪᠠᠶᠢᠨ᠎ᠠ᠃ ᠢᠷᠠᠭᠤ ᠰᠤᠮᠤ ᠶᠢᠨ ᠨᠤᠲᠤᠭ ᠢᠶᠠᠷ ᠮᠠᠨ ᠤ ᠤᠯᠤᠰ ᠤᠨ ᠳᠡᠳ᠋ ᠪᠦᠲᠦᠴᠡ ᠶᠢᠨ ᠬᠡᠪᠲᠡᠭᠡ ᠲᠡᠩᠬᠡᠯᠢᠭ ᠦᠨ ᠵᠠᠰᠠᠮᠠᠯ ᠵᠠᠮ ᠳᠠᠭᠠᠷᠢᠨ ᠥᠩᠭᠡᠷᠡᠬᠦ ᠪᠡᠷ ᠲᠥᠯᠥᠪᠯᠡᠭᠳᠡᠵᠡᠢ᠃ ᠰᠢᠯᠢᠨ ᠺᠠᠪᠧᠯ ᠤᠨ ᠵᠤᠷᠪᠤᠰ ᠲᠠᠯᠪᠢᠭᠳᠠᠵᠤ ᠡᠭᠦᠷ ᠦᠨ ᠲᠧᠯᠧᠹᠣᠨ ᠤ ᠪᠦᠬᠦ ᠰᠦᠯᠵᠢᠶ᠎ᠡ ᠠᠰᠢᠭᠯᠠᠯᠲᠠᠨ ᠳᠤ ᠣᠷᠣᠵᠤ ᠢᠨᠲ᠋ᠧᠷᠨᠡᠲ ᠲᠦ ᠬᠣᠯᠪᠣᠭᠳᠠᠭᠰᠠᠨ᠃


ᠹᠠᠢᠢᠯ:ᠪᠤᠨᠳᠠᠩ ᠮᠣᠳᠣ᠃JPG
ᠵᠢᠷᠦᠬᠡᠨ ᠬᠡᠯᠪᠡᠷᠢ ᠲᠡᠢ ᠮᠣᠳᠣ
ᠹᠠᠢᠢᠯ:ᠴᠠᠮᠴᠠᠨ ᠮᠣᠳᠣ᠃JPG
ᠴᠠᠮᠴᠠ ᠬᠡᠯᠪᠡᠷᠢ ᠲᠡᠢ ᠮᠣᠳᠣ


ᠪᠢᠴᠢᠭᠡᠰᠦ