ᠢᠶᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠢᠶᠤᠨ - (ᠭᠷᠧᠺ᠃ion - ᠶᠠᠪᠤᠵᠤ ᠪᠤᠢ), ᠴᠠᠬᠢᠯᠭᠠᠨ ᠴᠡᠨᠡᠭ ᠠᠭᠤᠯᠵᠤ ᠪᠤᠢ ᠨᠢᠭᠡ ᠡᠰᠡᠪᠡᠯ ᠣᠯᠠᠨ ᠠᠲ᠋ᠣᠮ ᠲᠤ ᠪᠥᠭᠡᠮ᠃ ᠵᠢᠱᠢᠶ᠎ᠡ ᠨᠢ: ᠨ+, Li+,᠎ᠠl3+, NH4+, F-, SO42-, ᠬᠡᠬᠦ ᠮᠡᠳᠦ. ᠡᠶᠡᠷᠡᠭ ᠴᠡᠨᠡᠭ ᠲᠡᠢ ᠢᠶᠤᠨ ᠢ ᠺᠠᠲ᠋ᠢᠨ (ᠭᠷᠧᠺ᠃ kation - ᠳᠡᠭᠡᠭᠰᠢ ᠶᠠᠪᠤᠵᠤ ᠪᠤᠢ), ᠰᠥᠷᠭᠦ ᠴᠡᠨᠡᠭᠲᠡᠢ ᠶᠢ ᠠᠨᠢᠨ (ᠭᠷᠧᠺ᠃ anion - ᠳᠣᠭᠣᠭᠰᠢ ᠶᠠᠪᠤᠵᠤ ᠪᠤᠢ) ᠭᠡᠵᠦ ᠨᠡᠷᠡᠯᠡᠳᠡᠭ᠃ ᠴᠢᠯᠦᠭᠡᠲᠦ ᠪᠠᠶᠢᠳᠠᠯ ᠢᠶᠠᠷ ᠫᠯᠠᠽᠮ ᠍ ᠤᠨ ᠲᠥᠯᠥᠪ ᠲᠦ ᠣᠷᠣᠰᠢᠳᠠᠭ᠃ ᠬᠡᠢ ᠶᠢᠨ ᠲᠥᠯᠥᠪᠲ᠂ ᠬᠦᠴᠦᠲᠡᠢ ᠬᠠᠯᠬᠤ᠂ ᠴᠠᠬᠢᠯᠭᠠᠨ ᠴᠡᠨᠡᠭᠡᠭᠡᠷᠡ ᠡᠰᠡᠪᠡᠯ ᠢᠣᠨᠵᠢᠭᠤᠯᠬᠤ ᠰᠠᠴᠤᠷᠠᠭ ᠢᠶᠠᠷ ᠨᠦᠯᠦᠭᠡᠯᠡᠬᠦ ᠬᠡᠬᠦ ᠮᠡᠳᠦ ᠵᠠᠮ ᠢᠶᠠᠷ ᠰᠠᠭᠠᠷᠮᠠᠭ ᠪᠥᠭᠡᠮ ᠡᠴᠡ ᠨᠢᠭᠡ ᠡᠰᠡᠪᠡᠯ ᠬᠡᠳᠦ ᠬᠡᠳᠦᠨ ᠡᠯᠧᠺᠲ᠋ᠷᠣᠨ ᠍ ᠢ ᠰᠠᠯᠭᠠᠵᠤ ᠡᠶᠡᠷᠡᠭ ᠴᠡᠨᠡᠭ ᠲᠡᠢ ᠢᠶᠤᠨ ᠢ ᠭᠠᠷᠭᠠᠨ ᠠᠪᠴᠤ ᠪᠣᠯᠳᠠᠭ᠃ 1+ ᠴᠡᠨᠡᠭᠲᠦ ᠢᠶᠤᠨ ᠢ ᠭᠠᠷᠭᠠᠨ ᠠᠪᠬᠤ ᠳᠤ ᠵᠠᠷᠤᠴᠠᠭᠤᠯᠤᠭᠳᠠᠬᠤ ᠡᠨᠧᠷᠭᠢ ᠶᠢ ᠢᠣᠨᠵᠢᠯᠲᠠ ᠶᠢᠨ ᠠᠩᠬᠠᠨ ᠤ ᠫᠣᠲ᠋ᠧᠨᠼᠢᠠᠯ ᠡᠰᠡᠪᠡᠯ ᠢᠣᠨᠵᠢᠯᠲᠠ ᠶᠢᠨ ᠠᠩᠬᠠᠨ ᠤ ᠡᠨᠧᠷᠭᠢ ᠭᠡᠳᠡᠭ᠃ 1+ ᠢᠣᠨ ᠠᠴᠠ 2+ ᠢᠶᠤᠨ ᠢ ᠭᠠᠷᠭᠠᠨ ᠠᠪᠬᠤ ᠡᠨᠧᠷᠭᠢ ᠶᠢ ᠢᠣᠨᠵᠢᠯᠲᠠ ᠶᠢᠨ ᠬᠣᠶᠠᠷ ᠳ᠋ᠡᠬᠢ ᠫᠣᠲ᠋ᠧᠨᠼᠢᠠᠯ ᠭᠡᠳᠡᠭ᠃ ᠡᠭᠦᠨ ᠲᠡᠢ ᠠᠳᠠᠯᠢ ᠪᠠᠷ ᠳᠠᠷᠠᠭᠠᠴᠢ ᠶᠢᠨ ᠬᠢ ᠨᠡᠷᠡᠯᠡᠭᠳᠡᠨ᠎ᠡ᠃ ᠬᠡᠢ ᠶᠢᠨ ᠲᠥᠯᠥᠪ ᠲᠦ ᠪᠥᠭᠡᠮ ᠦᠳ ᠴᠢᠯᠦᠭᠡᠲᠦ ᠡᠯᠧᠺᠲ᠋ᠷᠣᠨ ᠢ ᠨᠢᠭᠡᠳᠬᠡᠬᠦ ᠵᠠᠮ ᠢᠶᠠᠷ ᠰᠥᠷᠭᠦ ᠴᠡᠨᠡᠭ ᠲᠡᠢ ᠢᠶᠤᠨ ᠢ ᠡᠭᠦᠰᠬᠡᠨ᠎ᠡ᠃ ᠭᠡᠬᠦ ᠳᠦ ᠪᠡᠨ ᠰᠠᠭᠠᠷᠮᠠᠭ ᠠᠲ᠋ᠣᠮ ᠦᠳ ᠵᠥᠪᠬᠡᠨ ᠨᠢᠭᠡ ᠯᠠ ᠡᠯᠧᠺᠲ᠋ᠷᠣᠨ ᠢ ᠨᠢᠭᠡᠳᠬᠡᠵᠦ ᠴᠢᠳᠠᠳᠠᠭ᠃ ᠨᠢᠭᠡ ᠡᠴᠡ ᠢᠯᠡᠭᠦᠦ ᠰᠥᠷᠭᠦ ᠴᠡᠨᠡᠭ ᠲᠡᠢ ᠨᠢᠭᠡ ᠠᠲ᠋ᠣᠮ ᠲᠤ ᠢᠶᠤᠨ ᠳᠠᠩ ᠢᠶᠠᠷ ᠢᠶᠠᠨ ᠣᠷᠣᠰᠢᠨ ᠲᠣᠭᠲᠠᠨᠢᠳᠠᠭ ᠦᠭᠡᠢ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠰᠢᠨᠵᠢᠯᠡᠬᠦ ᠤᠬᠠᠭᠠᠨ᠂ ᠲᠧᠭᠨᠢᠭ ᠦᠨ ᠦᠭᠡ ᠬᠡᠯᠡᠯᠭᠡ ᠶᠢᠨ ᠲᠠᠶᠢᠯᠪᠤᠷᠢ ᠲᠣᠯᠢ, ᠳᠠᠶᠠᠨᠪᠦᠪᠡᠢ᠃ 2012 ᠣᠨ᠃
http://wiki.uhaan.com/index.php?title=ᠢᠶᠤᠨ&oldid=412208》 ᠍  ᠡᠴᠡ ᠠᠪᠤᠭᠰᠠᠨ

ᠪᠢᠴᠢᠭᠡᠰᠦ