ᠢᠶᠡᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠶᠡᠩ
日本円 (ᠶᠠᠫᠣᠨ ᠬᠡᠯᠡ)
ᠹᠦᠺᠥᠵᠠᠸᠠ ᠶᠢᠺᠢᠴᠢᠭᠡᠶᠢᠨ ᠬᠥᠷᠥᠭ ᠪᠦᠬᠦᠢ ¥10000 ᠍ ᠶᠢᠨ ᠮᠥᠩᠭᠥᠨ ᠳᠡᠪᠢᠰᠬᠡᠷᠲᠦ ᠶᠠᠫᠣᠨ ᠤ ᠵᠣᠭᠣᠰᠤᠨ ᠮᠥᠩᠭᠥᠨ ᠨᠦᠭᠦᠳ ᠦᠨ ᠨᠢᠭᠤᠷᠠᠨ ᠲᠠᠯ᠎ᠠ
ᠹᠦᠺᠥᠵᠠᠸᠠ ᠶᠢᠺᠢᠴᠢᠭᠡᠶᠢᠨ ᠬᠥᠷᠥᠭ ᠪᠦᠬᠦᠢ ¥10000 ᠍ ᠶᠢᠨ ᠮᠥᠩᠭᠥᠨ ᠳᠡᠪᠢᠰᠬᠡᠷᠲᠦ ᠶᠠᠫᠣᠨ ᠤ ᠵᠣᠭᠣᠰᠤᠨ ᠮᠥᠩᠭᠥᠨ ᠨᠦᠭᠦᠳ ᠦᠨ ᠨᠢᠭᠤᠷᠠᠨ ᠲᠠᠯ᠎ᠠ
ISO 4217 ᠺᠣᠳ᠋ JPY
ᠬᠡᠷᠡᠭᠯᠡᠭᠴᠢ(ᠢᠳᠡ) ᠶᠠᠫᠣᠨ ᠶᠠᠫᠣᠨ
ᠬᠠᠩᠰᠢ ᠤᠨᠠᠯᠲᠠ 0.4%
ᠡᠬᠢ ᠰᠤᠷᠪᠤᠯᠵᠢ The Statistics Bureau and the Director-General for Policy Planning, 2008 ᠣᠨ ᠤ 12 ᠰᠠᠷ᠎ᠠ ᠶᠢᠨ ᠲᠣᠭᠠᠴᠠᠭ᠎ᠠ
ᠳ᠋ᠣᠣ ᠳᠤ ᠨᠢᠭᠡᠴᠡ
1/100 ᠰᠡᠨ
1/1000 ᠷᠢᠩ
ᠲᠡᠮᠳᠡᠭᠯᠡᠭᠡ ¥
ᠵᠣᠭᠣᠰ ¥1, ¥5, ¥10, ¥50, ¥100, ¥500
ᠴᠠᠭᠠᠰᠤᠨ ᠳᠡᠪᠢᠰᠬᠡᠷᠲᠦ ¥1000, ¥2000, ¥5000, ¥10000
ᠲᠥᠪ ᠪᠠᠩᠬᠢ ᠶᠠᠫᠣᠨ ᠤ ᠲᠥᠪ ᠪᠠᠩᠬᠢ
ᠸᠪᠰᠠᠢ ᠳᠤ www.boj.or.jp
ᠬᠡᠪᠯᠡᠯ ᠦᠨ ᠦᠢᠯᠡᠳᠪᠦᠷᠢ ᠦᠨᠳᠦᠰᠦᠨ ᠦ ᠬᠡᠪᠯᠡᠬᠦ ᠲᠣᠪᠴᠢᠶ᠎ᠠ
ᠸᠪᠰᠠᠢ ᠳᠤ www.npb.go.jp
ᠵᠣᠭᠣᠰᠤᠨ ᠤ ᠦᠢᠯᠡᠳᠪᠦᠷᠢ ᠶᠠᠫᠣᠨ ᠤ ᠵᠣᠭᠣᠰᠤᠨ ᠤ ᠦᠢᠯᠡᠳᠪᠦᠷᠢ
ᠸᠪᠰᠠᠢ ᠳᠤ www.mint.go.jp

ᠢᠶᠡᠩ (ᠶᠠᠫᠣᠨ ᠢᠶᠠᠷ , えん) ᠨᠢ ᠶᠠᠫᠣᠨᠮᠥᠩᠭᠥᠨᠢᠭᠢ ᠨᠢᠭᠡᠴᠡ ᠶᠤᠮ᠃ ᠶᠠᠫᠣᠨ ᠬᠡᠯᠡ ᠪᠡᠷ ᠲᠥᠭᠥᠷᠢᠭ᠂ ᠳᠤᠭᠤᠢ ᠭᠡᠰᠡᠨ ᠤᠳᠬ᠎ᠠ ᠶᠢ ᠢᠯᠡᠷᠬᠡᠶᠢᠯᠡᠳᠡᠭ᠃ ᠣᠳᠣ ᠶᠢᠨ ᠶᠠᠫᠣᠨ ᠬᠡᠯᠡᠡᠨᠳᠡ ᠡᠩ ᠭᠡᠵᠦ ᠳᠠᠭᠤᠳᠠᠭᠳᠠᠳᠠᠭ ᠴᠤ ᠠᠩᠬ᠎ᠠ ᠪᠤᠢ ᠪᠣᠯᠤᠭᠰᠠᠨ 1870 ᠍ ᠊ᠭᠠᠳ ᠣᠨ ᠳᠤ᠎ᠡ ᠦᠰᠦᠭ ᠢ ᠶᠡ ᠪᠡᠷ ᠳᠠᠭᠤᠳᠠᠳᠠᠭ ᠪᠠᠶᠢᠭᠰᠠᠨ᠂ ᠮᠥᠨ ᠠᠩᠭᠯᠢ᠂ ᠹᠷᠠᠨᠼᠢ ᠬᠡᠯᠡᠨ ᠳᠦ en ᠭᠡᠵᠦ ᠪᠢᠴᠢᠪᠡᠯ ᠥᠭᠡᠷ᠎ᠡ ᠪᠡᠷ ᠳᠠᠭᠤᠳᠠᠭᠳᠠᠬᠤ ᠵᠡᠷᠭᠡ ᠰᠢᠯᠲᠠᠭᠠᠨ ᠤ ᠤᠯᠠᠮ ᠠᠴᠠ Yen ᠭᠡᠵᠦ ᠪᠢᠴᠢᠭ ᠲᠦ ᠬᠢ ᠪᠣᠯᠤᠭᠰᠠᠨ ᠠᠵᠢ᠃

ᠶᠡᠷᠦᠩᠬᠡᠢ ᠣᠶᠢᠯᠠᠭᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1871 ᠣᠨ ᠤ 6 ᠰᠠᠷ᠎ᠠ ᠶᠢᠨ 27 ᠍ ᠳᠦ ᠪᠠᠲᠤᠯᠠᠭᠳᠠᠭᠰᠠᠨ 《ᠰᠢᠨ᠎ᠡ ᠮᠥᠩᠭᠥᠨ ᠦ ᠨᠢᠭᠡᠴᠡ ᠶᠢᠨ ᠲᠤᠬᠠᠢ》 ᠲᠣᠭᠲᠠᠭᠠᠯ ᠤᠨ ᠳᠠᠭᠠᠤ ᠶᠠᠫᠣᠨ ᠤᠯᠤᠰ ᠢᠶᠡᠩ ᠢ ᠠᠯᠪᠠᠨ ᠶᠣᠰᠣᠭᠠᠷ ᠮᠥᠩᠭᠥᠨ ᠲᠡᠮᠳᠡᠭᠲᠦ ᠪᠡᠨ ᠪᠣᠯᠭᠠᠨ ᠬᠡᠷᠡᠭᠯᠡᠬᠦ ᠪᠣᠯᠵᠠᠢ᠃ ᠲᠡᠷᠡ ᠦᠶ᠎ᠡ ᠳᠦ 圓 ᠬᠡᠮᠡᠬᠦ ᠬᠠᠨᠵᠤ ᠶᠢ ᠬᠡᠷᠡᠭᠯᠡᠵᠦ ᠪᠠᠶᠢᠭᠰᠠᠨ ᠪᠥᠭᠡᠳ ᠣᠳᠣ ᠴᠤ ᠵᠠᠷᠢᠮ ᠲᠣᠬᠢᠶᠠᠯᠳᠤᠯ ᠳᠤ ᠬᠡᠷᠡᠭᠯᠡᠬᠦ ᠨᠢ ᠪᠤᠢ᠃

1 ᠢᠶᠡᠩ ᠨᠢ 100 ᠰᠡᠨ, 1 ᠰᠡᠨ ᠨᠢ 10 ᠷᠢᠩᠲᠡᠢ ᠲᠡᠩᠴᠡᠭᠦᠦ ᠴᠤ 1953 ᠣᠨ ᠳᠤ ᠵᠠᠳᠠᠭᠠᠢ ᠮᠥᠩᠭᠥ ᠶᠢ ᠴᠡᠭᠴᠡᠯᠡᠭᠰᠡᠨ ᠢᠶᠡᠷ ᠠᠮᠢᠳᠤᠷᠠᠯ ᠳᠡᠭᠡᠷ᠎ᠡ ᠬᠡᠷᠡᠭᠯᠡᠭᠳᠡᠬᠦ ᠪᠡᠨ ᠪᠣᠯᠢᠵᠤ᠂ ᠣᠳᠣ ᠵᠥᠪᠬᠡᠨ ᠦᠨᠡᠲᠦ ᠴᠠᠭᠠᠰᠤᠸᠠᠯᠶᠦ᠋ᠲ ᠍ ᠤᠨ ᠬᠠᠩᠰᠢ ᠶᠢ ᠢᠯᠡᠷᠬᠡᠶᠢᠯᠡᠬᠦ ᠳᠦ ᠯᠠ ᠬᠡᠷᠡᠭᠯᠡᠭᠳᠡᠵᠦ ᠪᠠᠶᠢᠨ᠎ᠠ᠃

ᠢᠶᠡᠩ ᠨᠢ ᠥᠨᠥᠳᠥᠷ ᠵᠥᠪᠬᠡᠨ ᠶᠠᠫᠣᠨ ᠤᠯᠤᠰ ᠲᠤ ᠯᠠ ᠠᠯᠪᠠᠨ ᠶᠣᠰᠣᠭᠠᠷ ᠬᠡᠷᠡᠭᠯᠡᠭᠳᠡᠳᠡᠭ ᠴᠤ ᠳᠡᠯᠡᠬᠡᠢ ᠶᠢᠨ ᠬᠣᠶᠠᠳᠤᠭᠠᠷ ᠳᠠᠶᠢᠨᠢ ᠲᠡᠭᠦᠰᠬᠡᠯ ᠬᠦᠷᠲᠡᠯ᠎ᠡ ᠶᠠᠫᠣᠨ ᠤ ᠡᠵᠡᠮᠰᠢᠯ ᠳᠦ ᠪᠠᠶᠢᠭᠰᠠᠨ ᠲᠠᠶᠢᠸᠠᠨᠰᠣᠯᠣᠩᠭᠣᠰ ᠲᠤ ᠲᠤᠰ ᠲᠤᠰ ᠤᠨ ᠢᠶᠡᠩ ᠢ ᠬᠡᠷᠡᠭᠯᠡᠵᠦ ᠪᠠᠶᠢᠪᠠ᠃

ᠭᠦᠢᠯᠭᠡᠭᠡᠨ ᠳᠦ ᠪᠤᠢ ᠢᠶᠸᠨ ᠦ ᠵᠣᠭᠣᠰ᠂ ᠳᠡᠪᠢᠰᠬᠡᠷᠲᠦ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠶᠡᠩ ᠨᠢ ᠵᠣᠭᠣᠰᠤᠨ ᠬᠡᠯᠪᠡᠷᠢ ᠲᠡᠢ 6 ᠲᠥᠷᠥᠯ᠂ ᠴᠠᠭᠠᠰᠤᠨ ᠳᠡᠪᠢᠰᠬᠡᠷᠲᠦ ᠬᠡᠯᠪᠡᠷᠢ ᠲᠡᠢ 4 ᠲᠥᠷᠥᠯ ᠬᠡᠷᠡᠭᠯᠡᠭᠳᠡᠵᠦ ᠪᠠᠶᠢᠨ᠎ᠠ᠃

ᠵᠣᠭᠣᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • 1 ᠢᠶᠡᠩ - ᠬᠥᠩᠭᠡᠨᠴᠠᠭᠠᠨ ᠢᠶᠠᠷ ᠬᠢᠭᠳᠡᠭᠰᠡᠨ᠂ 20 ᠮᠢᠯᠯᠢᠮᠧᠲ᠋ᠷ ᠳ᠋ᠢᠶᠠᠮᠧᠲ᠋ᠷ ᠲᠡᠢ᠂ 1 ᠭᠷᠠᠮᠠᠮ ᠢᠶᠠᠮ ᠢᠶᠠᠮ ᠢᠶᠠᠮ ᠵᠢᠩ ᠲᠡᠢ᠃ 1955 ᠣᠨ ᠠᠴᠠ ᠬᠡᠷᠡᠭᠯᠡᠵᠦ ᠪᠤᠢ᠃ ᠨᠢᠭᠤᠷᠠᠨ ᠲᠠᠯ᠎ᠠ ᠳᠤ ᠨᠢ ᠵᠤᠯᠵᠠᠭᠠᠨ ᠮᠣᠳᠣᠨ ᠤ ᠳᠦᠷᠰᠦ᠂ ᠠᠷᠤ ᠲᠠᠯ᠎ᠠ ᠳᠤ ᠨᠢ 1 ᠍ ᠶᠢᠨ ᠲᠣᠭ᠎ᠠ ᠪᠣᠯᠤᠨ ᠦᠢᠯᠡᠳᠪᠦᠷᠢᠯᠡᠭᠳᠡᠭᠰᠡᠨ ᠣᠨ ᠨᠢ ᠪᠠᠶᠢᠳᠠᠭ᠃
  • 5 ᠢᠶᠡᠩ - ᠰᠢᠷ᠎ᠠ ᠵᠡᠰᠡᠭᠡᠷᠡ ᠬᠢᠭᠳᠡᠭᠰᠡᠨ᠂ 22 ᠮᠢᠯᠯᠢᠮᠧᠲ᠋ᠷ ᠳ᠋ᠢᠶᠠᠮᠲ᠋ᠧᠷ ᠲᠡᠢ᠂ 3.75 ᠭᠷᠠᠮᠠᠮ ᠢᠶᠠᠮ ᠢᠶᠠᠮ ᠢᠶᠠᠮ ᠵᠢᠩ ᠲᠡᠢ᠃ 1959 ᠣᠨ ᠠᠴᠠ ᠬᠡᠷᠡᠭᠯᠡᠵᠦ ᠪᠤᠢ᠃ ᠭᠣᠣᠯ ᠳᠤ ᠪᠠᠨ ᠨᠦᠬᠡ ᠲᠡᠢ᠂ ᠨᠢᠭᠤᠷᠠᠨ ᠲᠠᠯ᠎ᠠ ᠳᠤ ᠨᠢ ᠴᠠᠭᠠᠨ ᠪᠤᠳᠠᠭᠠᠨ ᠤ ᠲᠦᠷᠦᠭᠦᠦ᠂ ᠤᠰᠤᠨ ᠤ ᠮᠠᠨᠳᠠᠯ᠂ 5 ᠍ ᠶᠢᠨ ᠲᠣᠭᠠᠨ ᠠᠴᠠ ᠭᠠᠳᠠᠨ᠎ᠠ ᠨᠦᠬᠡ ᠶᠢ ᠨᠢ ᠲᠣᠭᠣᠷᠢᠭᠠᠳ ᠠᠷᠠᠭ᠎ᠠ᠂ ᠠᠷᠤ ᠲᠠᠯ᠎ᠠ ᠳᠤ ᠨᠢ ᠤᠯᠤᠰ ᠤᠨ ᠨᠡᠷ᠎ᠡ᠂ ᠦᠢᠯᠡᠳᠪᠦᠷᠢᠯᠡᠭᠳᠡᠭᠰᠡᠨ ᠣᠨ ᠨᠢ ᠪᠢᠴᠢᠭᠳᠡᠭᠰᠡᠨ ᠪᠠᠶᠢᠳᠠᠭ᠃
  • 10 ᠢᠶᠡᠩ - ᠬᠠᠷ᠎ᠠ ᠲᠤᠭᠤᠯᠭ᠎ᠠᠨ ᠤ ᠬᠣᠯᠢᠴᠠ ᠲᠠᠢ ᠬᠦᠷᠡᠯ ᠢᠶᠡᠷ ᠬᠢᠭᠳᠡᠭᠰᠡᠨ᠂ 23.5 ᠮᠢᠯᠯᠢᠮᠧᠲ᠋ᠷ ᠳ᠋ᠢᠶᠠᠮᠧᠲ᠋ᠷ ᠲᠡᠢ᠂ 4.5 ᠭᠷᠠᠮᠠᠮ ᠢᠶᠠᠮ ᠢᠶᠠᠮ ᠢᠶᠠᠮ ᠵᠢᠩ ᠲᠡᠢ᠃ 1959 ᠣᠨ ᠠᠴᠠ ᠬᠡᠷᠡᠭᠯᠡᠵᠦ ᠪᠤᠢ᠃ ᠨᠢᠭᠤᠷᠠᠨ ᠲᠠᠯ᠎ᠠ ᠳᠤ ᠨᠢ ᠺᠢᠣᠲ᠋ᠣ ᠬᠣᠲᠣᠩ ᠢᠶᠠᠨ ᠪᠠᠶᠢᠷᠢᠯᠠᠬᠤ ᠪᠶᠣᠳᠣ ᠶᠢᠨ ᠰᠦᠮ᠎ᠡ᠂ ᠠᠷᠤ ᠲᠠᠯ᠎ᠠ ᠳᠤ ᠨᠢ ᠯᠠᠸᠷ ᠍ ᠤᠨ ᠮᠣᠳᠣ᠂ 10 ᠍ ᠶᠢᠨ ᠲᠣᠭ᠎ᠠ᠂ ᠦᠢᠯᠡᠳᠪᠦᠷᠢᠯᠡᠭᠳᠡᠭᠰᠡᠨ ᠣᠨ ᠨᠢ ᠪᠠᠶᠢᠨ᠎ᠠ᠃
  • 50 ᠢᠶᠡᠩ - ᠴᠠᠭᠠᠨ ᠵᠡᠰᠡᠭᠡᠷᠡ ᠬᠢᠭᠳᠡᠭᠰᠡᠨ᠂ 21 ᠮᠢᠯᠯᠢᠮᠧᠲ᠋ᠷ ᠳ᠋ᠢᠶᠠᠮᠲ᠋ᠧᠲ᠋ᠷ ᠲᠡᠢ᠂ 4 ᠭᠷᠠᠮᠠᠮ ᠢᠶᠠᠮ ᠢᠶᠠᠮ ᠢᠶᠠᠮ ᠵᠢᠩ ᠲᠡᠢ᠃ 1967 ᠣᠨ ᠠᠴᠠ ᠬᠡᠷᠡᠭᠯᠡᠵᠦ ᠡᠬᠢᠯᠡᠭᠰᠡᠨ᠃ ᠭᠣᠣᠯ ᠳᠤ ᠪᠠᠨ ᠨᠦᠬᠡ ᠲᠡᠢ᠂ ᠨᠢᠭᠤᠷᠠᠨ ᠲᠠᠯ᠎ᠠ ᠳᠤ ᠨᠢ ᠤᠳ᠋ᠪᠠᠯ᠎ᠠ ᠴᠡᠴᠡᠭ᠂ ᠠᠷᠤ ᠲᠠᠯ᠎ᠠ ᠳᠤ ᠨᠢ 50 ᠍ ᠶᠢᠨ ᠲᠣᠭ᠎ᠠ ᠪᠣᠯᠤᠨ ᠦᠢᠯᠡᠳᠪᠦᠷᠢᠯᠡᠭᠳᠡᠭᠰᠡᠨ ᠣᠨ ᠨᠢ ᠪᠠᠶᠢᠳᠠᠭ᠃
  • 100 ᠢᠶᠡᠩ - ᠴᠠᠭᠠᠨ ᠵᠡᠰ ᠢᠶᠡᠷ ᠬᠢᠭᠳᠡᠭᠰᠡᠨ᠂ 22.6 ᠮᠢᠯᠯᠢᠮᠧᠲ᠋ᠷ ᠳ᠋ᠢᠶᠠᠮᠧᠲ᠋ᠷ ᠲᠡᠢ᠂ 4.8 ᠭᠷᠠᠮᠠᠮ ᠢᠶᠠᠮ ᠢᠶᠠᠮ ᠢᠶᠠᠮ ᠵᠢᠩ ᠲᠡᠢ᠃ 1967 ᠣᠨ ᠠᠴᠠ ᠬᠡᠷᠡᠭᠯᠡᠵᠦ ᠡᠬᠢᠯᠡᠭᠰᠡᠨ᠃ ᠨᠢᠭᠤᠷᠠᠨ ᠲᠠᠯ᠎ᠠ ᠳᠤ ᠨᠢ ᠰᠠᠺᠥᠷᠠ ᠮᠣᠳᠣ᠂ ᠠᠷᠤ ᠲᠠᠯ᠎ᠠ ᠳᠤ ᠨᠢ 100 ᠍ ᠶᠢᠨ ᠲᠣᠭ᠎ᠠ ᠪᠠ ᠦᠢᠯᠡᠳᠪᠦᠷᠢᠯᠡᠭᠳᠡᠭᠰᠡᠨ ᠣᠨ ᠨᠢ ᠳᠦᠷᠰᠦᠯᠡᠭᠳᠡᠨ᠎ᠡ᠃
  • 500 ᠢᠶᠡᠩ - ᠨᠢᠺᠧᠯᠳᠡᠭᠰᠡᠨ ᠰᠢᠷ᠎ᠠ ᠵᠡᠰᠡᠭᠡᠷᠡ ᠬᠢᠭᠳᠡᠭᠰᠡᠨ᠂ 26.5 ᠮᠢᠯᠯᠢᠮᠧᠲ᠋ᠷ ᠳ᠋ᠢᠶᠠᠮᠲ᠋ᠧᠷᠲ᠋ᠷᠡᠢ᠂ 7 ᠭᠷᠠᠮᠠᠮ ᠢᠶᠠᠮ ᠢᠶᠠᠮ ᠢᠶᠠᠮ ᠵᠢᠩ ᠲᠡᠢ᠃2000 ᠣᠨ ᠠᠴᠠ ᠬᠡᠷᠡᠭᠯᠡᠵᠦ ᠡᠬᠢᠯᠡᠭᠰᠡᠨ᠃ ᠨᠢᠭᠤᠷᠠᠨ ᠲᠠᠯ᠎ᠠ ᠳᠤ ᠨᠢ ᠽᠠᠨᠳᠠᠨ ᠮᠣᠳᠣ᠂ ᠠᠷᠤ ᠲᠠᠯ᠎ᠠ ᠳᠤ ᠨᠢ ᠰ ᠠᠴᠠ ᠮᠣᠳᠣ (ᠬᠤᠯᠤᠰᠤ ᠲᠠᠢ ᠲᠥᠰᠲᠡᠢ ᠮᠣᠳᠣ), ᠲᠠᠴᠢᠪᠠᠨ᠎ᠠ ᠮᠣᠳᠣ (ᠶᠠᠫᠣᠨ ᠨᠢᠮᠪᠡᠭᠡᠨ ᠦ ᠮᠣᠳᠣ), 500 ᠍ ᠶᠢᠨ ᠲᠣᠭ᠎ᠠ᠂ ᠦᠢᠯᠡᠳᠪᠦᠷᠢᠯᠡᠭᠳᠡᠭᠰᠡᠨ ᠣᠨ ᠨᠢ ᠪᠠᠶᠢᠳᠠᠭ᠃

ᠴᠠᠭᠠᠰᠤᠨ ᠳᠡᠪᠢᠰᠬᠡᠷᠲᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  • 1000 ᠢᠶᠡᠩ - 76 ᠮᠢᠯᠯᠢᠮᠧᠲ᠋ᠷ×150 ᠮᠢᠯᠯᠢᠮᠧᠲ᠋ᠷ ᠬᠡᠮᠵᠢᠶ᠎ᠡ ᠲᠡᠢ᠂ 2004 ᠣᠨ ᠤ 11 ᠰᠠᠷ᠎ᠠ ᠶᠢᠨ 1 ᠍ ᠨ ᠡᠴᠡ ᠣᠳᠣ ᠶᠢᠨ ᠬᠤᠪᠢᠯᠪᠤᠷᠢ ᠶᠢ ᠬᠡᠷᠡᠭᠯᠡᠵᠦ ᠪᠤᠢ᠃ ᠨᠢᠭᠤᠷᠠᠨ ᠲᠠᠯ᠎ᠠ ᠳᠤ ᠨᠢ ᠨᠣᠪᠧᠯ ᠤᠨ ᠱᠠᠩᠨᠠᠯ ᠲᠤ ᠡᠮᠴᠢ ᠨᠣᠭᠦᠴᠢ ᠬᠢᠳᠡᠶ᠎ᠠ᠂ ᠠᠷᠤ ᠲᠠᠯ᠎ᠠ ᠳᠤ ᠨᠢ ᠹᠦᠵᠢ ᠠᠭᠤᠯᠠᠰᠠᠺᠥᠷᠠ ᠮᠣᠳᠣ ᠳᠦᠷᠰᠦᠯᠡᠭᠳᠡᠭᠰᠡᠨ ᠪᠠᠶᠢᠳᠠᠭ᠃
  • 2000 ᠢᠶᠡᠩ - 76 ᠮᠢᠯᠯᠢᠮᠧᠲ᠋ᠷ×154 ᠮᠢᠯᠯᠢᠮᠧᠲ᠋ᠷ ᠬᠡᠮᠵᠢᠶ᠎ᠡ ᠲᠡᠢ᠂ 2000 ᠣᠨ ᠤ 7 ᠰᠠᠷ᠎ᠠ ᠶᠢᠨ 19 ᠍ ᠳᠦ ᠪᠠᠲᠤᠯᠠᠭᠳᠠᠭᠰᠠᠨ ᠵᠠᠭᠪᠤᠷ ᠢ ᠬᠡᠷᠡᠭᠯᠡᠵᠦ ᠪᠤᠢ᠃ ᠨᠢᠭᠤᠷᠠᠨ ᠲᠠᠯ᠎ᠠ ᠳᠤ ᠨᠢ ᠤᠺᠢᠨᠠᠸᠠ ᠠᠷᠠᠯ ᠳᠡᠭᠡᠷ᠎ᠡ ᠪᠠᠶᠢᠳᠠᠭ ᠱᠦᠷᠢ ᠴᠠᠶᠢᠵᠠᠨ ᠤ ᠱᠢᠷᠢᠶᠢᠮᠠᠨ ᠬᠠᠭᠠᠯᠭ᠎ᠠ᠂ ᠠᠷᠤ ᠲᠠᠯ᠎ᠠ ᠳᠤ ᠨᠢ ᠬᠡᠢᠨ ᠡᠷᠢᠨᠢᠢ ᠦᠶ᠎ᠡ ᠶᠢᠨ ᠢᠷᠠᠭᠤ ᠨᠠᠶᠢᠷᠠᠭᠴᠢ ᠡᠮᠡᠭᠲᠡᠢ ᠮᠷ ᠠᠴᠠᠺᠢ ᠱᠢᠺᠠᠪᠦ ᠪᠣᠯᠤᠨ ᠶᠠᠫᠣᠨ ᠤ ᠡᠷᠲᠡᠨ ᠦ ᠤᠷᠠᠨ ᠵᠣᠬᠢᠶᠠᠯ ᠤᠨ ᠳᠤᠷᠠᠰᠬᠠᠯ ᠭᠡᠩᠵᠢ ᠮᠤᠨᠠᠲ᠋ᠠᠷᠢ ᠵᠣᠬᠢᠶᠠᠯ ᠤᠨ ᠳᠡᠯᠭᠡᠮᠡᠯ ᠵᠢᠷᠤᠭ ᠳᠦᠷᠰᠦᠯᠡᠭᠳᠡᠭᠰᠡᠨ ᠪᠠᠶᠢᠨ᠎ᠠ᠃
  • 5000 ᠢᠶᠡᠩ - 76 ᠮᠢᠯᠯᠢᠮᠧᠲ᠋ᠷ×156 ᠮᠢᠯᠯᠢᠮᠧᠲ᠋ᠷ ᠬᠡᠮᠵᠢᠶ᠎ᠡ ᠲᠡᠢ᠃ 2004 ᠣᠨ ᠤ 11 ᠰᠠᠷ᠎ᠠ ᠶᠢᠨ 1 ᠍ ᠳᠦ ᠪᠠᠲᠤᠯᠠᠭᠳᠠᠭᠰᠠᠨ ᠵᠠᠭᠪᠤᠷ ᠢ ᠠᠰᠢᠭᠯᠠᠵᠤ ᠪᠠᠶᠢᠭ᠎ᠠ᠃ ᠨᠢᠭᠤᠷᠠᠨ ᠲᠠᠯ᠎ᠠ ᠳᠤ ᠨᠢ ᠮᠡᠶᠢᠵᠢ ᠡᠷᠢᠨᠢᠢ ᠦᠶ᠎ᠡ ᠶᠢᠨ ᠵᠣᠬᠢᠶᠠᠯᠴᠢ ᠡᠮᠡᠭᠲᠡᠢ ᠬᠢᠭᠦᠴᠢ ᠢᠴᠡᠶᠣᠣᠭᠡᠶᠢᠨ ᠬᠥᠷᠥᠭ᠂ ᠠᠷᠤ ᠲᠠᠯ᠎ᠠ ᠳᠤ ᠨᠢ ᠡᠳᠣ ᠡᠷᠢᠨᠢᠢ ᠦᠶ᠎ᠡ ᠶᠢᠨ ᠵᠢᠷᠤᠭᠠᠴᠢ ᠣᠭᠲᠠ ᠺ ᠢᠶᠠᠷᠢᠨᠢ 《ᠺᠠᠺᠢᠴᠦ ᠪᠠᠲ᠋ᠠ ᠵᠦ》 ᠬᠡᠮᠡᠬᠦ ᠪᠦᠲᠦᠭᠡᠯ ᠪᠠᠶᠢᠳᠠᠭ᠃
  • 10000 ᠢᠶᠡᠩ - 76 ᠮᠢᠯᠯᠢᠮᠧᠲ᠋ᠷ×160 ᠮᠢᠯᠯᠢᠮᠧᠲ᠋ᠷ ᠬᠡᠮᠵᠢᠶ᠎ᠡ ᠲᠡᠢ᠂ ᠮᠥᠨ 2004 ᠣᠨ ᠤ 11 ᠰᠠᠷ᠎ᠠ ᠶᠢᠨ 1 ᠍ ᠨ ᠡᠴᠡ ᠬᠡᠷᠡᠭᠯᠡᠵᠦ ᠪᠤᠢ᠃ ᠨᠢᠭᠤᠷᠠᠨ ᠲᠠᠯ᠎ᠠ ᠳᠤ ᠨᠢ ᠮᠡᠶᠢᠵᠢ ᠡᠷᠡᠨ ᠦ ᠦᠶ᠎ᠡ ᠶᠢᠨ ᠰᠣᠶᠣᠨ ᠭᠡᠭᠡᠷᠡᠭᠦᠯᠦᠭᠴᠢ ᠹᠦᠺᠥᠵᠠᠸᠠ ᠶᠢᠺᠢᠴᠢ᠂ ᠠᠷᠤ ᠲᠠᠯ᠎ᠠ ᠳᠤ ᠨᠢ ᠪᠶᠣᠳᠣ ᠶᠢᠨ ᠰᠦᠮ᠎ᠡ ᠶᠢᠨ ᠣᠷᠣᠢ ᠳᠡᠭᠡᠷᠡᠬᠢ ᠭᠠᠯ ᠳᠤ ᠰᠢᠪᠠᠭᠤᠨ ᠤ ᠬᠥᠰᠢᠶ᠎ᠡ ᠳᠦᠷᠰᠦᠯᠡᠭᠳᠡᠭᠰᠡᠨ ᠪᠠᠶᠢᠳᠠᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Japanese yen
http://wiki.uhaan.com/index.php?title=ᠢᠶᠡᠩ&oldid=328322》 ᠍  ᠡᠴᠡ ᠠᠪᠤᠭᠰᠠᠨ

ᠪᠢᠴᠢᠭᠡᠰᠦ