ᠢᠵᠢᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠢᠵᠢᠯ ᠮᠥᠷᠡᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠢᠵᠢᠯ ᠮᠥᠷᠡᠨ ᠦ ᠰᠠᠪᠠ ᠭᠠᠵᠠᠷ ᠤᠨ ᠵᠢᠷᠤᠭ

ᠢᠵᠢᠯ ᠮᠥᠷᠡᠨ (ᠣᠷᠣᠰ ᠶᠢᠡᠷ ᠸᠣᠯᠭᠠ) ᠨᠢ ᠧᠦ᠋ᠷᠣᠫᠠ ᠍ ᠤᠨ ᠬᠠᠮᠤᠭ ᠤᠨ ᠤᠷᠲᠤ᠂ ᠠᠷᠪᠢᠨ ᠤᠰᠤᠲᠤ ᠮᠥᠷᠡᠨ ᠶᠤᠮ᠃ ᠸᠠᠯᠳᠠᠢ ᠶᠢᠨ ᠥᠨᠳᠥᠷᠯᠢᠭ ᠡᠴᠡ (347 ᠮ) ᠡᠬᠢ ᠠᠪᠴᠤ ᠣᠷᠣᠰ ᠣᠷᠣᠨ ᠤ ᠧᠦ᠋ᠷᠣᠫᠠ ᠲᠢᠪ ᠲᠦ ᠬᠠᠷᠢᠶᠠᠯᠠᠭᠳᠠᠳᠠᠭ ᠲᠠᠯ᠎ᠠ ᠢᠶᠠᠷ ᠵᠡᠭᠦᠨ ᠤᠷᠤᠭᠰᠢ ᠴᠢᠭᠯᠡᠨ 3530 ᠺᠢᠯᠣᠮᠧᠲ᠋ᠷ (ᠪᠦᠷᠢ ᠡᠬᠢᠨ ᠦ ᠭᠣᠷᠭᠢ ᠪᠤᠯᠠᠭ ᠠᠴᠠ ᠲᠣᠭᠠᠴᠠᠪᠠᠯ — 3690 ᠺᠢᠯᠣᠮᠧᠲ᠋ᠷ) ᠭᠠᠵᠠᠷ ᠠᠯᠤᠰᠠᠭᠤᠷ ᠲᠠᠬᠢᠢᠨ ᠤᠷᠤᠰᠴᠤ ᠺᠠᠰᠫᠢ ᠲᠡᠩᠭᠢᠰ ᠲᠤ (-28 ᠮ) ᠴᠢᠳᠬᠤᠳᠠᠭ᠃ ᠮᠥᠷᠡᠨ ᠦ ᠠᠳᠠᠭ ᠤᠨ ᠥᠷᠭᠡᠨ ᠰᠠᠳᠤᠷᠠᠨ ᠤ ᠶᠡᠬᠡᠩᠬᠢ ᠪᠡᠶ᠎ᠡ ᠨᠢ ᠣᠷᠣᠰ ᠬᠣᠯᠪᠣᠭᠠᠨ ᠤ ᠤᠯᠤᠰ ᠍ ᠳᠦ᠂ ᠵᠡᠭᠦᠨ ᠦᠵᠦᠭᠦᠷ ᠦᠨ ᠪᠠᠭᠠᠬᠠᠨ ᠬᠡᠰᠡᠭ ᠨᠢ ᠬᠠᠰᠠᠭᠰᠲ᠋ᠠᠨᠢ ᠨᠤᠲᠤᠭ ᠭᠡᠵᠦ ᠬᠠᠷᠢᠶᠠᠯᠠᠭᠳᠠᠳᠠᠭ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠵᠢᠯ ᠮᠥᠷᠡᠨ ᠨᠢ ᠮᠣᠰᠺᠸᠠᠰᠠᠨᠺᠲ ᠫᠧᠲ᠋ᠧᠷᠪᠦ᠋ᠷᠡᠭ ᠬᠣᠲᠠ ᠨᠤᠭᠤᠳ ᠤᠨ ᠳᠤᠮᠳᠠ ᠳᠠᠯᠠᠢ ᠶᠢᠨ ᠲᠦᠪᠰᠢᠨ ᠡᠴᠡ ᠳᠡᠭᠡᠭᠰᠢ 225 ᠮ ᠥᠨᠳᠥᠷ ᠲᠦ ᠤᠷᠤᠰᠢᠬᠤ ᠸᠠᠯᠳᠠᠢ ᠶᠢᠨ ᠲᠣᠯᠣᠭᠠᠳ ᠠᠴᠠ ᠡᠬᠡ ᠠᠪᠤᠨ ᠪᠠᠷᠠᠭᠤᠨ ᠵᠦᠭ ᠤᠷᠤᠭᠤ ᠰᠲ᠋ᠧᠷᠠᠵᠤ ᠨᠠᠭᠤᠷ᠂ ᠲᠤᠧᠷ᠂ ᠳᠤᠪᠨᠠ᠂ ᠷ ᠤᠪᠢᠨᠰᠺ᠂ ᠢᠷᠣᠰᠯᠠᠪᠯᠳ᠋ᠣᠣ ᠳᠤ ᠨᠣᠪᠣᠭᠣᠷᠣᠳᠺᠠᠽᠠᠨᠢ ᠵᠡᠷᠭᠡ ᠬᠣᠲᠤ ᠨᠤᠭᠤᠳ ᠢᠶᠠᠷ ᠤᠷᠤᠰᠤᠨ᠎ᠠ᠃ ᠲᠡᠨᠳᠡ ᠡᠴᠡ ᠡᠮᠦᠨ᠎ᠡ ᠵᠦᠭ ᠤᠷᠤᠭᠤ ᠡᠷᠭᠢᠵᠦ ᠤᠯᠠᠨᠠᠪᠰᠺ᠂ ᠲᠣᠯᠢᠶᠲ᠋ᠲ᠋ᠢ᠂ ᠰᠠᠮᠤᠷᠠᠰᠠᠷᠠᠲ᠋ᠣᠪᠸᠣᠯᠭᠣᠭᠷᠠᠳ ᠬᠣᠲᠠ ᠨᠤᠭᠤᠳ ᠢ ᠥᠩᠭᠡᠷᠡᠵᠦ ᠺᠠᠰᠫᠢ ᠲᠡᠩᠭᠢᠰ ᠲᠤ ᠴᠢᠳᠬᠤᠳᠠᠭ᠃ ᠢᠵᠢᠯ ᠮᠥᠷᠡᠨ ᠣᠯᠠᠨ ᠰᠠᠯᠠᠭ᠎ᠠ ᠭᠣᠣᠯᠲᠠᠢ ᠠᠴᠠ ᠲᠣᠮᠣᠬᠠᠨ ᠳᠤ ᠲᠣᠭᠠᠴᠠᠭᠳᠠᠬᠤ ᠨᠢ ᠺᠠᠮ᠎ᠠᠣᠺᠠᠸᠧᠲ᠋ᠯᠤᠭᠠ᠂ ᠰᠤᠷᠠ ᠭᠡᠬᠦ ᠮᠡᠲᠦ ᠪᠣᠯᠤᠨ᠎ᠠ᠃ ᠡᠳᠡᠭᠡᠷ ᠪᠣᠯᠤᠨ ᠪᠤᠰᠤᠳ ᠣᠯᠠᠨ ᠵᠢᠵᠢᠭ ᠭᠣᠣᠯ ᠤᠳ ᠨᠡᠶᠢᠯᠡᠨ ᠢᠵᠢᠯ ᠮᠥᠷᠡᠨ ᠦ ᠰᠠᠪᠠ ᠭᠠᠵᠠᠷ ᠢ ᠪᠦᠷᠢᠳᠦᠭᠦᠯᠬᠦ ᠪᠠ ᠣᠷᠣᠰ ᠬᠣᠯᠪᠣᠭᠠᠨ ᠤ ᠤᠯᠤᠰ ᠶᠢᠨ ᠬᠠᠮᠤᠭ ᠤᠨ ᠬᠦᠮᠦᠨ ᠠᠮᠠ ᠶᠢᠨ ᠨᠢᠭᠲᠠᠷᠠᠯ ᠲᠠᠢ ᠭᠠᠵᠠᠷ ᠤᠳ ᠢ ᠤᠰᠤ ᠪᠠᠷ ᠬᠠᠩᠭᠠᠳᠠᠭ ᠪᠠᠶᠢᠨ᠎ᠠ᠃ ᠢᠵᠢᠯ ᠮᠥᠷᠡᠨ ᠦ ᠪᠡᠯᠴᠢᠷ 160 ᠺᠢᠯᠣᠮᠧᠲ᠋ᠷ ᠬᠦᠷᠲᠡᠯ᠎ᠡ ᠤᠷᠲᠤ ᠦᠷᠭᠦᠯᠵᠢᠯᠡᠬᠦ ᠪᠠ ᠬᠣᠲᠣᠩᠹᠯᠢᠮᠢᠩ ᠢᠶᠠ ᠰᠢᠪᠠᠭᠤᠳ᠂ ᠯᠢᠩᠬᠤ᠎ᠠ ᠴᠡᠴᠡᠭ ᠵᠡᠷᠭᠡ ᠶᠢ ᠬᠠᠷᠠᠵᠤ ᠪᠣᠯᠬᠤ ᠭᠠᠭᠴᠠ ᠮᠥᠷᠡᠨ ᠶᠤᠮ᠃ ᠵᠢᠯ ᠪᠣᠯᠭᠠᠨ ᠢᠵᠢᠯ ᠮᠥᠷᠡᠨ ᠨᠢ 3 ᠰᠠᠷ᠎ᠠ ᠶᠢᠨ ᠲᠤᠷᠰᠢ ᠬᠥᠯᠳᠡᠳᠡᠭ᠃

ᠲᠡᠦᠬᠡᠨ ᠪᠠᠷᠢᠮᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠵᠢᠯ ᠮᠥᠷᠡᠨ ᠨᠢ ᠳᠤᠮᠳᠠᠳᠤ ᠵᠠᠭᠤᠨ ᠤ ᠦᠶ᠎ᠡ ᠳᠦ ᠠᠯᠲᠠᠨ ᠣᠷᠳᠣᠨ ᠤ ᠮᠣᠩᠭᠣᠯ ᠤᠯᠤᠰ ᠤᠨ ᠲᠥᠪᠯᠡᠷᠡᠭᠰᠡᠨ ᠨᠢᠭᠡ ᠭᠣᠣᠯ ᠪᠥᠰᠡ ᠨᠤᠲᠤᠭ ᠪᠠᠶᠢᠴᠠᠢ᠃ ᠢᠵᠢᠯ ᠮᠥᠷᠡᠨ ᠦ ᠬᠥᠪᠡᠭᠡᠨ ᠳᠤ ᠠᠯᠲᠠᠨ ᠣᠷᠳᠣᠣᠨ ᠤ ᠤᠯᠤᠰ ᠤᠨ ᠨᠢᠰᠯᠡᠯ ᠪᠣᠯᠬᠤ ᠰᠠᠷᠠᠢ ᠪᠠᠲᠤ ᠪᠣᠯᠤᠨ ᠰᠠᠷᠠᠢ ᠪᠡᠷᠬᠡ ᠬᠣᠲᠠ ᠨᠤᠭᠤᠳ ᠤᠨ ᠲᠤᠷ᠎ᠠ ᠥᠨᠥ ᠶᠢ ᠬᠦᠷᠲᠡᠯ᠎ᠡ ᠬᠠᠳᠠᠭᠠᠯᠠᠭᠳᠠᠨ ᠦᠯᠡᠳᠡᠭᠰᠡᠨ ᠪᠠᠶᠢᠳᠠᠭ

http://wiki.uhaan.com/index.php?title=ᠢᠵᠢᠯ&oldid=395080》 ᠍  ᠡᠴᠡ ᠠᠪᠤᠭᠰᠠᠨ

ᠪᠢᠴᠢᠭᠡᠰᠦ