ᠢᠳᠡᠷ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠍ ᠤᠨ ᠭᠤᠷᠪᠠᠨ ᠵᠠᠭᠤᠨ ᠭᠤᠴᠢᠨ ᠰᠤᠮᠤ ᠶᠢᠨ ᠨᠢᠭᠡ
ᠢᠳᠡᠷ ᠰᠤᠮᠤ
ᠤᠯᠤᠰ ᠣᠷᠣᠨ ᠮᠣᠩᠭᠣᠯ ᠮᠣᠩᠭᠣᠯ (ᠮᠣᠩᠭᠣᠯ ᠤᠯᠤᠰ)
ᠠᠶᠢᠮᠠᠭ Zavchan.gif ᠵᠠᠪᠬᠠᠨ
ᠵᠠᠰᠠᠭ ᠵᠠᠬᠢᠷᠭᠠᠨ ᠤ ᠨᠢᠭᠡᠴᠡ ᠰᠤᠮᠤ
ᠵᠠᠰᠠᠭ ᠵᠠᠬᠢᠷᠭᠠᠨ ᠤ ᠲᠥᠪ ᠵᠠᠭᠤᠨᠠᠮ᠎ᠠ ᠳᠤ
ᠨᠤᠲᠤᠭ ᠤᠨ ᠬᠤᠪᠢᠶᠠᠷᠢ 4 ᠪᠠᠭ ᠪᠣᠯᠤᠨ᠎ᠠ
ᠭᠠᠵᠠᠷ ᠨᠤᠲᠤᠭ 3,800 ᠺᠦᠸᠠᠳ᠋ ᠺᠢᠯᠣᠮᠧᠲ᠋ᠷ
ᠬᠦᠮᠦᠨ ᠠᠮᠠ (2010) 2,204 ᠬᠦᠮᠦᠨ
ᠨᠢᠭᠲᠠᠴᠠ ᠰᠡᠶᠢᠷᠡᠭ 0.58 ᠬᠦᠮᠦᠨ/км²
ᠢᠳᠡᠷ ᠰᠤᠮᠤ ᠶᠢᠨ ᠬᠢᠨ
ᠵᠠᠪᠬᠠᠨ ᠤ ᠢᠳᠡᠷ ᠦᠨ ᠬᠢᠨ
ᠦᠨᠳᠦᠰᠦᠨ ᠳᠦ ᠪᠡᠨ
ᠮᠣᠩᠭᠣᠯ ᠦᠨᠳᠦᠰᠦᠲᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)

ᠢᠳᠡᠷ ᠰᠤᠮᠤ ᠨᠢ ᠵᠠᠪᠬᠠᠨ ᠠᠶᠢᠮᠠᠭ ᠤᠨ 24 ᠰᠤᠮᠤ ᠶᠢᠨ ᠨᠢᠭᠡ ᠨᠢ ᠶᠤᠮ᠃ ᠵᠠᠪᠬᠠᠨ ᠠᠶᠢᠮᠠᠭ ᠤᠨ ᠲᠥᠪ ᠤᠯᠢᠶᠠᠰᠤᠲᠠᠢ ᠬᠣᠲᠠ ᠠᠴᠠ ᠵᠡᠭᠦᠨ ᠲᠡᠰᠢ᠂ ᠲᠡᠯᠡᠮᠡᠨᠲᠣᠰᠣᠨᠴᠡᠩᠭᠡᠯᠣᠳᠬᠣᠨᠠᠯᠳᠠᠷᠬᠠᠭᠠᠨᠢᠷᠠᠭᠤ ᠰᠤᠮᠤ ᠳᠤ ᠲᠠᠢ ᠬᠢᠯᠢᠯᠡᠨ᠂ ᠬᠠᠩᠭᠠᠢ ᠶᠢᠨ ᠨᠢᠷᠤᠭᠤᠨ ᠤ ᠪᠠᠷᠠᠭᠤᠨ ᠬᠡᠰᠡᠭ ᠦᠨ ᠠᠷᠤ ᠪᠠᠷ ᠤᠤᠯ ᠤᠨ ᠴᠠᠷᠮ᠎ᠠ ᠥᠨᠳᠥᠷᠯᠢᠭ ᠭᠠᠵᠠᠷ᠂ ᠢᠳᠡᠷ ᠦᠨ ᠭᠣᠣᠯ ᠤᠨ ᠡᠬᠢᠨ ᠪᠡᠶ᠎ᠡ ᠳᠦ ᠣᠷᠣᠰᠢᠨ᠎ᠠ᠃

ᠰᠤᠮᠤ ᠶᠢᠨ ᠲᠥᠪ ᠨᠢ ᠵᠠᠭᠤᠨᠠᠮ᠎ᠠ ᠳᠤ (48°13′13″N 97°22′40″E), ᠠᠶᠢᠮᠠᠭ ᠤᠨ ᠲᠥᠪ ᠤᠯᠢᠶᠠᠰᠤ ᠲᠠᠢ ᠠᠴᠠ 78 ᠺᠢᠯᠣᠮᠧᠲ᠋ᠷ᠂ ᠣᠳᠬᠣᠨᠲᠩᠷᠢ ᠤᠤᠯ ᠠᠴᠠ 65 ᠺᠢᠯᠣᠮᠧᠲ᠋ᠷ᠂ ᠤᠯᠠᠭᠠᠨᠪᠠᠭᠠᠲᠤᠷ ᠬᠣᠲᠠ ᠠᠴᠠ 920 ᠺᠢᠯᠣᠮᠧᠲ᠋ᠷ ᠵᠠᠶᠢᠲᠠᠢ ᠣᠷᠣᠰᠢᠨ᠎ᠠ᠃

ᠴᠡᠴᠡᠷᠯᠢᠭ, ᠳᠠᠷᠬᠠᠨ-ᠠᠭᠤᠯᠠ, ᠵᠢᠭᠠᠰᠤ ᠲᠠᠢ, ᠮᠠᠨᠤᠤᠰᠤ ᠲᠠᠢ ᠭᠡᠰᠡᠨ ᠳᠥᠷᠪᠡᠨ ᠪᠠᠭ᠂ 800 ᠭᠠᠷᠤᠢ ᠡᠷᠦᠬᠡ᠂ 3 ᠮᠢᠩᠭ᠎ᠠ ᠣᠷᠴᠢᠮ ᠬᠦᠮᠦᠨ ᠠᠮᠠ᠂ 49,9 ᠮᠢᠩᠭᠠᠨ ᠲᠣᠯᠣᠭᠠᠢ ᠮᠠᠯ ᠲᠠᠢ᠃ ᠭᠣᠣᠯ ᠡᠷᠬᠢᠯᠡᠬᠦ ᠠᠵᠤ ᠠᠬᠤᠢ ᠨᠢ ᠮᠠᠯ ᠠᠵᠤ ᠠᠬᠤᠢ᠃ ᠲᠤᠰ ᠨᠤᠲᠤᠭ ᠤᠨ ᠠᠭᠤᠭᠤᠯ ᠣᠯᠠᠨ ᠡᠷᠦᠬᠡ ᠠᠶᠢᠯ ᠤᠯᠠᠭᠠᠨᠪᠠᠭᠠᠲᠤᠷ᠂ ᠳᠠᠷᠬᠠᠨᠡᠷᠳᠡᠨᠢᠲᠦ᠂ ᠤᠯᠢᠶᠠᠰᠤᠲᠠᠢ ᠵᠡᠷᠭᠡ ᠲᠥᠪ ᠰᠠᠭᠤᠷᠢᠨ ᠭᠠᠵᠠᠷ ᠲᠤ ᠲᠠᠷᠬᠠᠨ ᠰᠠᠭᠤᠷᠢᠰᠢᠭᠰᠠᠨ ᠪᠠᠶᠢᠳᠠᠭ ᠠᠴᠠ ᠨᠡᠯᠢᠶᠡᠳ ᠨᠢ ᠵᠠᠪᠬᠠᠨ ᠠᠶᠢᠮᠠᠭ ᠤᠨ ᠲᠣᠰᠣᠨᠴᠡᠩᠭᠡᠯ ᠰᠤᠮᠤᠨ ᠳᠤ ᠪᠠᠶᠢᠳᠠᠭ᠃

ᠭᠠᠵᠠᠷᠵᠦᠢ᠂ ᠠᠮᠢᠲᠠᠨ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠳᠡᠷ ᠰᠤᠮᠤ ᠨᠢ 3,8 ᠮᠢᠩᠭᠠᠨ ᠬᠠᠪᠲᠠᠭᠠᠢ ᠳᠥᠷᠪᠡᠯᠵᠢᠨ km ᠨᠤᠲᠤᠭ ᠲᠠᠢ᠂ ᠨᠤᠲᠤᠭ ᠤᠨ 14,5% ᠍ ᠢ ᠣᠢ ᠮᠣᠳᠣ ᠡᠵᠡᠯᠡᠳᠡᠭ᠃ ᠳᠤᠮᠳᠠᠴᠢ ᠪᠠᠷ ᠳᠠᠯᠠᠢ ᠶᠢᠨ ᠲᠦᠪᠰᠢᠨ ᠡᠴᠡ 2000-3000 ᠮ ᠥᠨᠳᠥᠷ ᠡᠷᠭᠦᠭᠳᠡᠭᠰᠡᠨ ᠠᠭᠤᠯᠠ ᠶᠢᠨ ᠪᠣᠯᠤᠨ ᠣᠶᠢᠲᠤ ᠬᠡᠭᠡᠷ᠎ᠡ ᠶᠢᠨ ᠪᠥᠰᠡ ᠳᠦ ᠪᠠᠭᠲᠠᠳᠠᠭ᠃

ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ ᠪᠥᠭᠡᠳ ᠬᠠᠮᠤᠭ ᠤᠨ ᠳᠤᠯᠠᠭᠠᠨ ᠨᠢ +32°ᠰ ᠬᠡᠮ᠂ ᠬᠦᠢᠲᠡᠨ ᠨᠢ -52°ᠰ ᠬᠡᠮ ᠬᠦᠷᠡᠳᠡᠭ᠃ ᠵᠤᠨ ᠨᠢ ᠪᠣᠭᠣᠨᠢ᠂ ᠡᠪᠦᠯ ᠨᠢ ᠤᠷᠲᠤ᠃ 6 ᠪᠣᠯᠤᠨ 8 ᠍ ᠳᠦᠭᠡᠷ ᠰᠠᠷ᠎ᠠ ᠳᠤ ᠭᠡᠨᠡᠳᠲᠡ ᠶᠢᠨ ᠴᠣᠴᠢᠷ ᠬᠦᠢᠲᠡᠷᠡᠯ ᠪᠣᠯᠬᠤ ᠨᠢ ᠪᠤᠢ᠃ ᠵᠢᠯ ᠦᠨ ᠶᠡᠬᠡᠩᠬᠢᠬᠤᠭᠤᠴᠠᠭᠠᠨ ᠳᠤ ᠪᠠᠷᠠᠭᠤᠨ ᠬᠣᠶᠢᠨ᠎ᠠ ᠠᠴᠠ ᠪᠠᠨ ᠰᠠᠯᠬᠢᠯᠠᠳᠠᠭ᠃ ᠵᠢᠯ ᠳᠤ ᠳᠤᠮᠳᠠᠴᠢ ᠪᠠᠷ 216 ᠮᠢᠯᠯᠢᠮᠧᠲ᠋ᠷ ᠲᠤᠨᠤᠳᠠᠰᠤ ᠪᠠᠭᠤᠳᠠᠭ ᠤᠨ ᠶᠡᠬᠡᠩᠬᠢ ᠨᠢ 7, 8, 9 ᠍ ᠳᠦᠭᠡᠷ ᠰᠠᠷ᠎ᠠ ᠳᠤ ᠤᠨᠠᠨ᠎ᠠ᠃

ᠲᠤᠰ ᠰᠤᠮᠤ ᠨᠢ ᠨᠤᠲᠤᠭ ᠤᠨ ᠡᠮᠦᠨᠡᠲᠦ ᠬᠡᠰᠡᠭ ᠢᠶᠡᠷ ᠢᠶᠡᠨ ᠬᠠᠩᠭᠠᠢ ᠨᠢᠷᠤᠭᠤ᠂ ᠲᠡᠭᠦᠨ ᠦ ᠰᠠᠯᠪᠤᠷᠢ ᠲᠠᠷᠪᠠᠭᠠᠲᠠᠢ ᠶᠢᠨ ᠨᠢᠷᠤᠭᠤᠨ ᠤ ᠥᠨᠳᠥᠷ ᠠᠭᠤᠯᠠ ᠨᠢᠷᠤᠭᠤᠳ᠂ ᠲᠡᠳᠡᠭᠡᠷ ᠡᠴᠡ ᠡᠬᠢ ᠠᠪᠤᠭᠰᠠᠨ ᠢᠳᠡᠷ᠂ ᠲᠡᠭᠰᠢ᠂ ᠲᠤᠨ᠂ ᠵᠢᠷᠭᠠᠯᠠᠩᠲᠤ᠂ ᠵᠢᠭᠠᠰᠤᠲᠠᠢ ᠶᠢᠨ ᠭᠣᠣᠯ ᠤᠨ ᠳᠠᠭᠠᠤ ᠬᠥᠨᠳᠡᠢ ᠲᠠᠯ᠎ᠠ ᠦᠷᠭᠦᠯᠵᠢᠯᠡᠭᠰᠡᠨ ᠦᠵᠡᠰᠬᠦᠯᠡᠩᠲᠦ ᠰᠠᠶᠢᠬᠠᠨ ᠨᠤᠲᠤᠭ ᠲᠠᠢ᠃ ᠲᠤᠰ ᠰᠤᠮᠤ ᠶᠢᠨ ᠢᠮᠠᠭᠠᠲᠤ᠂ ᠵᠢᠷᠭᠠᠯᠠᠩᠲᠤ᠂ ᠲᠤᠨ᠂ ᠢᠳᠡᠷ ᠵᠡᠷᠭᠡ ᠭᠣᠣᠯ ᠤᠳ ᠤᠨ ᠡᠬᠢᠨ ᠬᠡᠰᠡᠭ ᠦᠨ ᠨᠡᠶᠢᠲᠡ 164,5 ᠮᠢᠩᠭᠠᠨ ᠭᠠ ᠭᠠᠵᠠᠷ ᠲᠠᠷᠪᠠᠭᠠᠲᠠᠢ ᠶᠢᠨ ᠨᠢᠷᠤᠭᠤᠨ ᠤ ᠲᠤᠰᠬᠠᠢ ᠬᠠᠮᠠᠭᠠᠯᠠᠯᠲᠠ ᠲᠠᠢ ᠭᠠᠵᠠᠷ ᠲᠤ ᠪᠠᠭᠲᠠᠳᠠᠭ᠃

ᠡᠨᠡᠬᠦ ᠨᠤᠲᠤᠭ ᠨᠢ ᠤᠤᠯ ᠤᠨ ᠬᠦᠷᠢᠨ᠂ ᠥᠨᠳᠥᠷ ᠠᠭᠤᠯᠠ ᠶᠢᠨ ᠨᠠᠮᠤᠭ ᠲᠤ᠂ ᠰᠢᠷᠢᠭᠢ ᠳᠦ ᠬᠥᠷᠥᠰᠥ᠂ ᠨᠤᠭᠤ ᠶᠢᠨ ᠬᠡᠭᠡᠷ᠎ᠡ ᠶᠢᠨ ᠪᠣᠷᠣ ᠬᠥᠷᠥᠰᠥᠲᠡᠢ ᠶᠤᠮ᠃ ᠣᠢ ᠳᠤ ᠰᠢᠪᠸᠷᠢᠶ ᠠ ᠶᠢᠨ ᠰᠢᠨᠵᠢ ᠭᠣᠣᠯᠯᠠᠳᠠᠭ᠃ ᠬᠠᠷ᠎ᠠ ᠮᠣᠳᠣ᠂ ᠲᠣᠣᠷᠠᠢ᠂ ᠪᠤᠷᠭᠠᠰᠤ᠂ ᠳᠠᠯᠠᠨ᠂ ᠬᠠᠶᠢᠯᠠᠰᠤ᠂ ᠢᠷᠭᠠᠢ᠂ ᠰᠤᠬᠠᠢ᠂ ᠲᠣᠷᠯᠣᠭ᠂ ᠨᠣᠬᠠᠢ ᠶᠢᠨ ᠬᠣᠰᠢᠭᠤ᠂ ᠬᠠᠷᠭᠠᠨ᠎ᠠ ᠵᠡᠷᠭᠡ ᠮᠣᠳᠣᠯᠢᠭ ᠤᠷᠭᠤᠮᠠᠯ᠂ ᠸᠠᠩᠰᠡᠮᠪᠡᠷᠦ᠂ ᠠᠷᠴᠠ᠂ ᠴᠡᠭᠡᠨ᠎ᠡ᠂ ᠠᠯᠲᠠᠨ ᠭᠠᠩᠨᠠᠭᠤᠷ᠂ ᠸᠠᠩᠯᠢᠭ᠂ ᠰᠣᠭᠣᠨ ᠰᠤᠮᠤ᠂ ᠯᠢᠳᠡᠷᠢ᠂ ᠳᠡᠭᠲᠦ᠂ ᠶᠦᠮᠳᠡᠵᠢᠩ᠂ ᠠᠵᠢᠭᠢᠼᠷᠡᠩ᠂ ᠮᠡᠬᠡ ᠪᠡᠷ᠂ ᠰᠣᠩᠭᠢᠨ᠎ᠠ᠂ ᠮᠠᠩᠭᠢᠨ᠎ᠠ᠂ ᠭᠣᠨᠢᠳ᠂ ᠴᠡᠭᠡᠨ᠎ᠡ᠂ ᠲᠠᠭᠰᠢ ᠵᠡᠷᠭᠡ ᠡᠮ ᠦᠨ ᠤᠷᠭᠤᠮᠠᠯ᠂ ᠪᠣᠲᠤᠭᠤᠯ᠂ ᠪᠣᠷᠣᠭ᠂ ᠠᠭᠢ᠂ ᠶᠥᠷᠬᠥᠭ᠂ ᠬᠢᠯᠭᠠᠨ᠎ᠠ᠂ ᠲᠠᠷᠪᠠᠭᠠᠨ ᠰᠢᠭᠢᠷ᠎ᠠ ᠵᠡᠷᠭᠡ ᠪᠡᠯᠴᠢᠭᠡᠷ ᠦᠨ ᠡᠪᠰᠦᠯᠢᠭ ᠤᠷᠭᠤᠮᠠᠯ᠂ ᠨᠡᠷᠡᠰ᠂ ᠦᠬᠡᠷ ᠦᠨ ᠨᠢᠳᠦ᠂ ᠠᠨᠢᠰᠤ᠂ ᠬᠠᠳᠠ᠂ ᠤᠯᠠᠭᠠᠯᠠᠵᠠᠭᠠᠨ᠎ᠠ᠂ ᠲᠣᠰᠢᠯᠣᠢ᠂ ᠭᠡᠰᠢᠭᠦᠨ᠎ᠡ ᠴᠢᠨᠣ᠎ᠠ ᠶᠢᠨ ᠬᠡᠯᠡ ᠵᠡᠷᠭᠡ ᠵᠢᠮᠢᠰ ᠤᠷᠭᠤᠨ᠎ᠠ᠃

ᠪᠤᠭᠤ᠂ ᠬᠥᠳᠡᠷ᠂ ᠠᠷᠭᠠᠯᠢ᠂ ᠶᠠᠩᠭᠢᠷ᠂ ᠪᠣᠷᠣ ᠭᠥᠷ ᠡᠴᠡ᠂ ᠰᠢᠯᠦᠭᠦᠰᠦ᠂ ᠭᠠᠬᠠᠢ᠂ ᠴᠢᠨᠣ᠎ᠠ᠂ ᠦᠨᠡᠭᠡ᠂ ᠬᠢᠷᠰᠠ᠂ ᠳᠣᠷᠣᠭᠣ᠂ ᠵᠢᠷᠬᠡ᠂ ᠴᠢᠨᠳᠠᠭ᠎ᠠ᠂ ᠲᠠᠤᠯᠠᠢ᠂ ᠮᠠᠨᠤᠤᠯ᠂ ᠲᠠᠷᠪᠠᠭ᠎ᠠ᠂ ᠵᠤᠷᠠᠮ᠎ᠠ᠂ ᠦᠶᠡᠩ᠂ ᠰᠣᠯᠣᠩᠭ᠎ᠠ᠂ ᠥᠮᠥᠬᠡᠢ ᠬᠦᠷᠡᠩ᠂ ᠨᠣᠬᠠᠢ ᠵᠢᠭᠡᠬᠡ ᠵᠡᠷᠭᠡ ᠬᠡᠭᠡᠷ᠎ᠡ ᠶᠢᠨ ᠠᠨ ᠠᠮᠢᠲᠠᠨ᠂ ᠬᠣᠲᠠᠨ᠂ ᠬᠣᠶᠢᠯᠣᠭ᠂ ᠲᠠᠰ᠂ ᠪᠦᠷᠭᠦᠳ᠂ ᠰᠠᠷ᠎ᠠ᠂ ᠲᠣᠭᠣᠷᠤᠤ᠂ ᠲᠣᠭᠣᠳᠠᠭ᠂ ᠤᠭᠤᠯᠢ᠂ ᠴᠣᠷᠬᠢᠷᠠᠭᠤᠯ᠂ ᠥᠪᠥᠭᠡᠯᠵᠢ᠂ ᠢᠲᠠᠭᠤ᠂ ᠬᠥᠬᠡᠭᠡ᠂ ᠬᠤᠨ᠂ ᠠᠩᠭᠢᠷ᠂ ᠭᠠᠯᠠᠭᠤ᠂ ᠨᠤᠭᠤᠰᠤ ᠵᠡᠷᠭᠡ ᠰᠢᠪᠠᠭᠤᠳ᠂ ᠲᠤᠯᠠ᠂ ᠵᠢᠪᠡᠭᠡ᠂ ᠠᠯᠠᠭᠠᠨ᠎ᠠ᠂ ᠬᠠᠶᠢᠷᠠᠭᠤᠰ ᠵᠡᠷᠭᠡ ᠵᠢᠭᠠᠰᠤ ᠲᠠᠢ᠃ ᠵᠣᠩᠰᠢ᠂ ᠬᠤᠪᠢᠷᠠᠮᠠᠯ ᠬᠠᠰ᠂ ᠣᠭᠶᠤ᠂ ᠵᠣᠰᠣ᠂ ᠵᠡᠰ ᠦᠨ ᠬᠥᠳᠡᠷ᠂ ᠲᠡᠮᠦᠷ ᠦᠨ ᠬᠥᠳᠡᠷ ᠵᠡᠷᠭᠡ ᠪᠠᠶᠢᠭᠠᠯᠢ ᠶᠢᠨ ᠪᠠᠶᠠᠯᠢᠭ ᠲᠠᠢ᠃

ᠰᠡᠪᠵᠢᠳᠪᠠᠯᠪᠠᠷ ᠠᠭᠤᠯᠠ᠂ ᠪᠥᠬᠥᠨ ᠰᠢᠷ᠎ᠠ ᠶᠢᠨ ᠨᠢᠷᠤᠭᠤ ᠵᠡᠷᠭᠡ ᠲᠠᠬᠢᠯᠭ᠎ᠠ ᠳᠤ ᠠᠤᠯᠠᠯᠠᠰ᠂ ᠲᠠᠷᠪᠠᠭᠠᠲᠠᠢ ᠶᠢᠨ ᠬᠢᠷ᠎ᠠ᠂ ᠠᠯᠠᠭ ᠢᠮᠠᠭᠠᠲᠤ᠂ ᠭᠢᠯᠠᠭᠠᠷ᠂ ᠵᠣᠰᠣᠲᠤ ᠶᠢᠨ ᠱᠣᠮᠪᠣᠩ᠂ ᠨᠤᠷᠠᠭ᠂ ᠣᠪᠣᠭ᠎ᠠ ᠳᠤ᠂ ᠪᠢᠲᠡᠭᠦᠦ ᠳᠦ᠂ ᠲᠡᠮᠡᠭᠡᠨ ᠰᠡᠷᠪᠡᠩ᠂ ᠪᠢᠯᠡᠭᠦᠲᠦ᠂ ᠵᠢᠷᠭᠠᠯᠠᠩᠲᠤ ᠶᠢᠨ ᠠᠤᠯᠠᠯᠠᠰ ᠪᠣᠯᠤᠨ ᠲᠤᠩ ᠤᠨ ᠨᠢᠷᠤᠭᠤ᠂ ᠪᠠᠷᠠᠭᠤᠨ᠂ ᠵᠡᠭᠦᠨ᠂ ᠳᠤᠮᠳᠠ ᠡᠬᠢᠨ ᠦ ᠠᠤᠯᠠᠯᠠᠰ ᠪᠤᠶᠤ ᠭᠤᠷᠪᠠᠨ ᠡᠬᠡ᠂ ᠭᠤᠷᠪᠠᠨ ᠨᠣᠭᠣᠭᠠᠨ᠂ ᠭᠤᠷᠪᠠᠨ ᠨᠣᠮ ᠳᠤ᠂ ᠤᠷᠠᠨ ᠮᠠᠨ ᠳᠤ ᠪᠠᠨ᠂ ᠮᠠᠩᠬᠠᠨ᠂ ᠮᠠᠨᠤᠤᠰᠤ ᠲᠠᠢ᠂ ᠨᠡᠷᠡᠰ ᠲᠦ ᠬᠠᠪᠲᠠᠭᠠᠢ᠂ ᠭᠦᠩᠭᠠᠷᠠᠪᠠ᠂ ᠮᠠᠩᠬᠠᠨ ᠤ ᠰᠤᠭᠤ ᠶᠢᠨ ᠵᠢᠷᠦᠬᠡ᠂ ᠪᠤᠷᠭᠠᠰᠤᠨ ᠤ ᠡᠩᠭᠡᠷ᠂ ᠬᠠᠪᠬᠠᠭᠠᠰᠤ ᠳᠤ᠂ ᠣᠪᠣᠭᠠᠨ ᠤ ᠡᠩᠭᠡᠷ᠂ ᠬᠠᠪᠴᠢᠭ᠂ ᠴᠤᠯᠤ᠂ ᠬᠥᠬᠡ ᠴᠢᠯᠠᠭᠤᠨ ᠳᠠᠪᠠᠭ᠎ᠠ᠂ ᠴᠠᠭᠠᠨ ᠴᠢᠯᠠᠭᠤᠲᠤ᠂ ᠬᠥᠬᠡ ᠴᠢᠯᠠᠭᠤᠲᠤ᠂ ᠪᠣᠰᠬ᠎ᠠ ᠶᠢᠨ ᠰᠢᠷ᠎ᠠ ᠨᠢᠷᠤᠭᠤ ᠵᠡᠷᠭᠡ ᠠᠤᠯᠠᠯᠠᠰ᠂ ᠶᠤᠸᠠᠮᠪᠤᠤ᠂ ᠨᠠᠮ ᠤᠨ ᠠᠳᠠᠭ ᠲᠣᠯᠣᠭᠠᠢ᠂ ᠲᠠᠯ᠎ᠠ ᠶᠢᠨ ᠲᠣᠯᠣᠭᠠᠢ᠂ ᠰᠢᠷᠭᠤᠬᠤ ᠶᠢᠨ ᠤᠯᠠᠭᠠᠨ ᠦᠵᠦᠭᠦᠷ᠂ ᠮᠠᠨᠳᠤᠯ ᠲᠣᠯᠣᠭᠠᠢ᠂ ᠬᠠᠷ᠎ᠠ ᠨᠢᠳᠦᠨ ᠵᠡᠷᠭᠡ ᠲᠣᠯᠣᠭᠠᠳ᠂ ᠲᠡᠮᠦᠷᠲᠦᠢ᠂ ᠴᠣᠭᠣᠷ ᠲᠤ᠂ ᠵᠢᠭᠠᠰᠤ ᠲᠠᠢ᠂ ᠰᠢᠷᠭᠤᠬᠤ᠂ ᠨᠣᠮᠣᠬᠠᠨ ᠵᠡᠷᠭᠡ ᠠᠭᠤᠵᠢᠮ ᠬᠥᠨᠳᠡᠢ᠂ ᠢᠳᠡᠷ᠂ ᠢᠮᠠᠭᠠᠲᠤ᠂ ᠵᠢᠷᠭᠠᠯᠠᠩᠲᠤ᠂ ᠲᠤᠨ᠂ ᠵᠢᠭᠠᠰᠤ ᠲᠠᠢ᠂ ᠴᠠᠭᠠᠨ ᠭᠣᠣᠯ᠂ ᠬᠠᠯᠠᠭᠤᠨ ᠤᠰᠤ᠂ ᠪᠠᠷᠠᠭᠤᠨ ᠵᠢᠷᠭᠠᠯᠠᠩᠲᠤ ᠵᠡᠷᠭᠡ ᠭᠣᠣᠯ᠂ ᠴᠠᠭᠠᠨ᠂ ᠨᠣᠭᠣᠭᠠᠨ᠂ ᠬᠣᠳᠣᠭᠣᠳᠣ᠂ ᠢᠮᠠᠭᠠᠲᠤ᠂ ᠲᠣᠪᠣᠭ᠂ ᠳᠡᠭᠡᠳᠦ᠂ ᠳ᠋ᠣᠣ ᠳᠤ ᠵᠠᠪᠠᠭ᠂ ᠲᠠᠭ᠂ ᠦᠰᠦᠲᠦ᠂ ᠭᠢᠯᠠᠭᠠᠷ ᠤᠨ ᠵᠡᠷᠭᠡ ᠨᠠᠭᠤᠷ᠂ ᠮᠥᠨ ᠤᠨᠠᠴᠠᠨ ᠤ ᠷᠠᠰᠢᠶᠠᠨ᠂ ᠡᠪᠦᠷᠪᠤᠯᠠᠭ᠂ ᠠᠷᠤ ᠪᠤᠯᠠᠭ᠂ ᠰᠢᠷᠭᠤᠬᠤ ᠶᠢᠨ ᠪᠠᠶᠠᠨ ᠪᠤᠯᠠᠭ᠂ ᠬᠥᠪᠥ ᠬᠠᠷ᠎ᠠ ᠤᠰᠤ᠂ ᠲᠤᠩ ᠤᠨ ᠬᠠᠷ᠎ᠠ ᠤᠰᠤ᠂ ᠨᠣᠮᠲᠤ ᠶᠢᠨ ᠰᠠᠶᠢᠷ᠂ ᠬᠠᠪᠴᠢᠭ ᠵᠡᠷᠭᠡ 200 ᠭᠠᠷᠤᠢ ᠪᠤᠯᠠᠭ ᠱᠠᠩᠳᠠ᠂ ᠲᠣᠣᠷᠮ᠎ᠠ᠂ ᠭᠣᠷᠭᠢ ᠲᠠᠢ᠃

ᠰᠤᠮᠤ ᠶᠢᠨ ᠨᠤᠲᠤᠭ ᠤᠨ ᠬᠣᠶᠢᠳᠤ ᠪᠠ ᠪᠠᠷᠠᠭᠤᠨ ᠵᠡᠭᠦᠨ ᠵᠠᠬ᠎ᠠ ᠬᠦᠷᠲᠡᠯᠡᠬᠢ ᠵᠠᠢ ᠨᠢ 70-90 ᠺᠢᠯᠣᠮᠧᠲ᠋ᠷ ᠣᠷᠴᠢᠮ ᠪᠠᠶᠢᠳᠠᠭ᠃ ᠬᠠᠮᠤᠭ ᠤᠨ ᠥᠨᠳᠥᠷ ᠠᠭᠤᠯᠠ ᠨᠢ ᠰᠤᠮᠤ ᠶᠢᠨ ᠡᠮᠦᠨᠡᠲᠦ ᠬᠢᠯᠢ ᠳᠦ ᠪᠠᠶᠢᠬᠤ ᠥᠯᠵᠡᠶᠢᠲᠦ ᠥᠨᠳᠥᠷ ᠠᠭᠤᠯᠠ 3535 ᠮ᠂ ᠬᠠᠮᠤᠭ ᠤᠨ ᠨᠠᠮ ᠭᠠᠵᠠᠷ ᠨᠢ ᠢᠳᠡᠷ ᠦᠨ ᠭᠣᠣᠯ ᠤᠨ ᠬᠥᠨᠳᠡᠢ 1868 ᠮ᠃

ᠮᠥᠩᠬᠦᠦ ᠡᠨᠡ ᠨᠤᠲᠤᠭ ᠨᠢ ᠮᠣᠩᠭᠣᠯ ᠤᠯᠤᠰ ᠤᠨ ᠬᠠᠮᠤᠭ ᠤᠨ ᠲᠣᠮᠣ ᠭᠣᠣᠯ ᠤᠳ ᠤᠨ ᠲᠣᠭᠠᠨ ᠳᠤ ᠵᠦᠢ ᠶᠣᠰᠣᠭᠠᠷ ᠪᠠᠭᠲᠠᠳᠠᠭ [ᠢᠳᠡᠷ ᠭᠣᠣᠯ]] ᠍ ᠤᠨ ᠡᠬᠡ ᠨᠤᠲᠤᠭ ᠤᠴᠢᠷ ᠠᠴᠠ ᠢᠳᠡᠷ ᠬᠡᠮᠡᠨ ᠨᠡᠷᠡᠶᠢᠳᠦᠭᠰᠡᠨ ᠪᠠᠶᠢᠨ᠎ᠠ᠃ ᠭᠠᠵᠠᠷ ᠲᠠᠷᠢᠶᠠᠯᠠᠩ ᠡᠷᠬᠢᠯᠡᠵᠦ ᠪᠣᠯᠬᠤᠶᠢᠴᠠ ᠥᠪᠡᠷᠮᠢᠴᠡ ᠰᠠᠶᠢᠬᠠᠨ ᠲᠠᠯ᠎ᠠ ᠨᠤᠲᠤᠭ ᠶᠡᠬᠡ ᠲᠡᠢ ᠪᠥᠭᠡᠳ ᠠᠯᠳᠠᠷᠲᠤ ᠵᠢᠭᠠᠰᠤᠲᠠᠢ ᠶᠢᠨ ᠳᠠᠪᠠᠭ᠎ᠠ ᠨᠢ ᠲᠤᠰ ᠰᠤᠮᠤ ᠶᠢᠨ ᠨᠤᠲᠤᠭ ᠲᠤ ᠪᠠᠶᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠪᠬᠠᠨ ᠠᠶᠢᠮᠠᠭ ᠤᠨ ᠢᠳᠡᠷ ᠰᠤᠮᠤ ᠶᠢ 1931 ᠣᠨ ᠳᠤ ᠮᠣᠩᠭᠣᠯ ᠤᠯᠤᠰ ᠤᠨ ᠵᠠᠰᠠᠭ ᠵᠠᠬᠢᠷᠭᠠᠨ ᠤ ᠰᠢᠨᠡᠴᠢᠯᠡᠭᠰᠡᠨ ᠬᠤᠪᠢᠶᠠᠷᠢ ᠶᠢᠨ ᠳᠠᠭᠠᠤ ᠴᠡᠴᠡᠷᠯᠢᠭ ᠮᠠᠨᠳᠤᠯ ᠠᠭᠤᠯᠠ ᠶᠢᠨ ᠠᠶᠢᠮᠠᠭ ᠤᠨ ᠱᠠᠵᠢᠨᠪᠠᠲ ᠰᠡᠪᠵᠢᠳᠭᠠᠴᠠᠯ ᠤᠤᠯ ᠤᠨ ᠬᠣᠰᠢᠭᠤᠨ ᠤ ᠴᠢᠨᠳᠠᠮᠠᠨᠢ ᠰᠤᠮᠤ᠂ ᠬᠠᠨᠲᠠᠶᠢᠰᠢᠷᠢ ᠤᠤᠯ ᠤᠨ ᠠᠶᠢᠮᠠᠭ ᠤᠨ ᠨᠥᠮᠥᠷᠭᠡ ᠤᠤᠯ ᠤᠨ ᠬᠣᠰᠢᠭᠤᠨ ᠤ ᠢᠳᠡᠷᠴᠡᠴᠡᠷᠯᠢᠭ ᠰᠤᠮᠤ ᠬᠣᠶᠠᠷ ᠢ ᠨᠢᠭᠡᠳᠬᠡᠵᠦ ᠣᠳᠣ ᠶᠢᠨ ᠰᠤᠮᠤ ᠶᠢᠨ ᠲᠥᠪ ᠪᠠᠶᠢᠷᠢᠯᠠᠵᠤ ᠪᠠᠶᠢᠭ᠎ᠠ ᠳᠠᠶᠢᠷᠭᠠᠲ ᠤᠨ ᠪᠤᠯᠤᠨ ᠳᠤ ᠲᠥᠪ ᠲᠡᠢ ᠪᠡᠷ ᠵᠠᠪᠬᠠᠨ ᠠᠶᠢᠮᠠᠭ ᠲᠤ ᠬᠠᠷᠢᠶᠠᠯᠠᠭᠤᠯᠤᠨ ᠪᠠᠶᠢᠭᠤᠯᠵᠠᠢ᠃

ᠢᠳᠡᠷ ᠰᠤᠮᠤ ᠶᠢᠨ ᠣᠳᠣ ᠶᠢᠨ ᠡᠳ᠋ᠯᠡᠪᠦᠷᠢ ᠭᠠᠵᠠᠷ ᠨᠤᠲᠤᠭ ᠲᠤ ᠠᠩᠬ᠎ᠠ ᠵᠠᠰᠠᠭ ᠵᠠᠬᠢᠷᠭᠠᠨ ᠤ ᠪᠡᠶ᠎ᠡ ᠳᠠᠭᠠᠭᠰᠠᠨ ᠨᠢᠭᠡᠴᠡ ᠪᠤᠢ ᠪᠣᠯᠤᠭᠰᠠᠨ ᠨᠢ 1807 ᠣᠨ ᠳᠤ ᠪᠠᠶᠢᠭᠤᠯᠤᠭᠳᠠᠭᠰᠠᠨ ᠬᠠᠩᠪᠤ ᠬᠤᠲᠤᠭᠲᠤ ᠶᠢᠨ ᠱᠠᠪᠢ ᠶᠤᠮ᠃

1807 ᠣᠨ ᠳᠤ ᠮᠠᠨᠵᠤ ᠴᠢᠩ ᠤᠯᠤᠰ ᠤᠨ ᠰᠠᠶᠢᠰᠢᠶᠠᠯᠲᠤ ᠢᠷᠦᠭᠡᠯᠲᠦ ᠬᠠᠭᠠᠨ ᠤ ᠵᠠᠷᠯᠢᠭ ᠢᠶᠠᠷ ᠬᠠᠩᠪᠤ ᠬᠤᠲᠤᠭᠲᠤ ᠳᠤ ᠲᠠᠮᠠᠭ᠎ᠠ ᠣᠯᠭᠤᠨ ᠰᠠᠶᠢᠨ ᠨᠣᠶᠠᠨ ᠬᠠᠨ ᠠᠶᠢᠮᠠᠭ ᠤᠨ ᠳᠠᠯᠠᠢ (ᠴᠣᠶᠢᠩᠬᠣᠷ) ᠸᠠᠩ ᠤᠨ ᠬᠣᠰᠢᠭᠤ ᠪᠤᠶᠤ ᠬᠠᠯᠬ᠎ᠠ ᠶᠢᠨ ᠤᠮᠠᠷ᠎ᠠ ᠵᠠᠮ ᠤᠨ ᠳᠤᠮᠳᠠᠳᠤ ᠳᠠᠬᠢ ᠵᠡᠭᠦᠨ ᠡᠲᠡᠭᠡᠳ (ᠣᠳᠣ ᠶᠢᠨ ᠠᠷᠤᠬᠠᠩᠭᠠᠢ ᠶᠢᠨ ᠲᠠᠷᠢᠶᠠᠲᠤ᠂ ᠴᠠᠬᠢᠷ᠂ ᠬᠥᠪᠰᠥᠭᠥᠯ ᠦᠨ ᠵᠢᠷᠭᠠᠯᠠᠩᠲᠤ᠂ ᠭᠠᠯᠲᠤ᠂ ᠰᠢᠨ᠎ᠡ-ᠢᠳᠡᠷ ᠵᠡᠷᠭᠡ ᠬᠡᠳᠦ ᠬᠡᠳᠦᠨ ᠰᠤᠮᠤ), ᠲᠤᠰ ᠬᠣᠰᠢᠭᠤᠨ ᠠᠴᠠ 1739 ᠣᠨ ᠳᠤ ᠰᠠᠯᠵᠤ ᠭᠠᠷᠤᠭᠰᠠᠨ ᠪᠠᠭᠠᠲᠤᠷ ᠪᠡᠶᠢᠯᠡ ᠶᠢᠨ ᠬᠣᠰᠢᠭᠤ (ᠪᠢᠷᠪᠠ ᠪᠡᠶᠢᠰᠡ) ᠪᠤᠶᠤ ᠬᠠᠯᠬ᠎ᠠ ᠶᠢᠨ ᠤᠮᠠᠷ᠎ᠠ ᠵᠠᠮ ᠤᠨ ᠪᠠᠷᠠᠭᠤᠨ ᠡᠲᠡᠭᠡᠳ ᠦᠨ ᠠᠳᠠᠭ ᠤᠨ ᠬᠣᠰᠢᠭᠤ (ᠣᠳᠣ ᠶᠢᠨ ᠵᠠᠪᠬᠠᠨ ᠠᠶᠢᠮᠠᠭ ᠤᠨ ᠲᠣᠰᠣᠨᠴᠡᠩᠭᠡᠯ᠂ ᠲᠡᠯᠡᠮᠡᠨ ᠰᠤᠮᠤ) ᠍ ᠠᠴᠠ ᠨᠤᠲᠤᠭ ᠲᠠᠰᠤᠯᠤᠨ ᠥᠭᠴᠦ ᠱᠠᠪᠢ ᠵᠠᠬᠢᠷᠤᠭᠤᠯᠵᠠᠢ᠃ ᠬᠠᠩᠪᠤ ᠶᠢᠨ ᠱᠠᠪᠢ ᠨᠢ ᠢᠳᠡᠷ ᠦᠨ ᠭᠣᠣᠯ ᠤᠨ ᠡᠬᠢᠨ ᠪᠡᠶ᠎ᠡ ᠳᠦ ᠪᠠᠷᠠᠭᠤᠨ ᠪᠠ ᠪᠠᠷᠠᠭᠤᠨ ᠤᠷᠢᠳᠤ ᠲᠠᠯ᠎ᠠ ᠪᠠᠷ ᠢᠶᠠᠨ ᠰᠠᠶᠢᠨ ᠨᠣᠶᠠᠨ ᠬᠠᠨ ᠠᠶᠢᠮᠠᠭ ᠤᠨ ᠤᠯᠢᠶᠠᠰᠤᠲᠠᠢ ᠶᠢᠨ ᠴᠡᠷᠢᠭ ᠦᠨ ᠬᠦᠷᠢᠶᠡᠨ ᠦ ᠭᠠᠵᠠᠷ ᠲᠠᠢ᠂ ᠬᠣᠶᠢᠳᠤ᠂ ᠪᠠᠷᠠᠭᠤᠨ ᠬᠣᠶᠢᠳᠤ ᠲᠠᠯ᠎ᠠ ᠪᠠᠷ ᠢᠶᠠᠨ ᠵᠠᠰᠠᠭᠲᠤ ᠬᠠᠨ ᠠᠶᠢᠮᠠᠭ ᠤᠨ ᠴᠣᠭ ᠲᠠᠢ ᠭᠦᠨ ᠦ ᠬᠣᠰᠢᠭᠤ᠂ ᠵᠡᠭᠦᠨ ᠬᠣᠶᠢᠳᠤ᠂ ᠵᠡᠭᠦᠨ ᠲᠠᠯ᠎ᠠ ᠪᠠᠷ ᠢᠶᠠᠨ ᠰᠠᠶᠢᠨ ᠨᠣᠶᠠᠨ ᠬᠠᠨ ᠠᠶᠢᠮᠠᠭ ᠤᠨ ᠪᠠᠭᠠᠲᠤᠷ ᠪᠡᠶᠢᠯᠡ ᠶᠢᠨ ᠬᠣᠰᠢᠭᠤ᠂ ᠵᠡᠭᠦᠨ ᠤᠷᠢᠳᠤ ᠲᠠᠯ᠎ᠠ ᠪᠠᠷ ᠢᠶᠠᠨ ᠳᠠᠯᠠᠢ (ᠴᠣᠶᠢᠩᠬᠣᠷ) ᠸᠠᠩ ᠤᠨ ᠬᠣᠰᠢᠭᠤ ᠲᠠᠢ ᠵᠠᠬ᠎ᠠ ᠨᠡᠶᠢᠯᠡᠵᠦ ᠪᠠᠶᠢᠴᠠᠢ᠃

1867 ᠣᠨ ᠳᠤ ᠢᠯᠠᠭᠤᠭᠰᠠᠨ ᠬᠤᠲᠤᠭᠲᠤ ᠶᠢᠨ ᠰᠢᠪ ᠢ ᠪᠠᠶᠢᠭᠤᠯᠬᠤ ᠳᠤ ᠳᠥᠷᠪᠡᠨ ᠬᠣᠰᠢᠭᠤ᠂ ᠱᠠᠪᠢ ᠠᠴᠠ ᠨᠤᠲᠤᠭ ᠲᠠᠰᠤᠯᠵᠤ ᠥᠭᠬᠦ ᠳᠦ ᠬᠠᠩᠪᠤ ᠬᠤᠲᠤᠭᠲᠤ ᠶᠢᠨ ᠱᠠᠪᠢ ᠠᠴᠠ ᠵᠠᠪᠠᠭ᠂ ᠴᠤᠯᠤ ᠶᠢᠨ ᠰᠢᠯᠢ᠂ ᠨᠣᠮᠣᠬᠠᠨ᠂ ᠲᠠᠪᠤᠨ ᠲᠣᠯᠣᠭᠠᠢ᠂ ᠬᠠᠨᠳᠠ ᠶᠢᠨ ᠲᠠᠭ᠂ ᠳᠡᠭᠡᠳᠦ ᠤᠯᠠᠭᠠᠨ ᠦᠵᠦᠭᠦᠷ ᠡᠴᠡ ᠪᠠᠷᠠᠭᠤᠨ ᠲᠠᠯ᠎ᠠ ᠶᠢᠨ ᠨᠤᠲᠤᠭ ᠪᠤᠶᠤ ᠲᠣᠪᠴᠢ ᠪᠠᠷ ᠢᠳᠡᠷ ᠦᠨ ᠡᠬᠢᠨ ᠦ ᠨᠤᠲᠤᠭ ᠵᠠᠰᠠᠭᠲᠤ ᠬᠠᠨ ᠠᠶᠢᠮᠠᠭ ᠤᠨ ᠢᠯᠠᠭᠤᠭᠰᠠᠨ ᠬᠤᠲᠤᠭᠲᠤ ᠶᠢᠨ ᠱᠠᠪᠢ ᠳᠤ ᠰᠢᠯᠵᠢᠵᠡᠢ᠃

ᠬᠠᠩᠪᠤ ᠨᠣᠮᠤᠨ ᠬᠠᠨ ᠬᠤᠲᠤᠭᠲᠤ ᠶᠢᠨ ᠱᠠᠪᠢ 1807 ᠣᠨ ᠠᠴᠠ 116 ᠵᠢᠯ᠂ ᠢᠯᠠᠭᠤᠭᠰᠠᠨ ᠬᠤᠲᠤᠭᠲᠤ ᠶᠢᠨ ᠱᠠᠪᠢ 1867 ᠣᠨ ᠠᠴᠠ 56 ᠵᠢᠯ ᠣᠷᠣᠰᠢᠨ ᠲᠣᠭᠲᠠᠨᠢᠭᠠᠳ ᠠᠷᠠᠳ ᠤᠨ ᠵᠠᠰᠠᠭ 1923 ᠣᠨ ᠳᠤ ᠬᠠᠭᠤᠴᠢᠨ ᠲᠥᠷᠥ ᠶᠢᠨ ᠪᠠᠶᠢᠭᠤᠯᠤᠯᠲᠠ ᠶᠢᠨ ᠪᠦᠲᠦᠴᠡ ᠶᠢ ᠡᠪᠳᠡᠰᠦᠨ ᠢᠶᠡᠷ ᠬᠠᠩᠪᠤ ᠬᠤᠲᠤᠭᠲᠤ ᠶᠢᠨ ᠱᠠᠪᠢ ᠳᠤ ᠴᠢᠨᠳᠠᠮᠠᠨᠢ ᠰᠤᠮᠤ᠂ ᠢᠯᠠᠭᠤᠭᠰᠠᠨ ᠬᠤᠲᠤᠭᠲᠤ ᠶᠢᠨ ᠱᠠᠪᠢ ᠳᠤ ᠢᠳᠡᠷ ᠴᠡᠴᠡᠷᠯᠢᠭ ᠰᠤᠮᠤ ᠲᠤᠰ ᠲᠤᠰ ᠡᠭᠦᠰᠴᠢ᠂ ᠲᠤᠰ 2 ᠰᠤᠮᠤ 1931 ᠣᠨ ᠳᠤ ᠨᠢᠭᠡᠳᠦᠭᠰᠡᠨ ᠢᠶᠡᠷ ᠢᠳᠡᠷ ᠨᠤᠲᠤᠭ ᠤᠨ ᠣᠳᠣ ᠶᠢᠨ ᠡᠳ᠋ᠯᠡᠪᠦᠷᠢ ᠭᠠᠵᠠᠷ ᠢ ᠬᠠᠮᠤᠷᠤᠭᠰᠠᠨ ᠵᠠᠰᠠᠭ ᠵᠠᠬᠢᠷᠭᠠᠨ ᠤ ᠨᠢᠭᠡᠴᠡ ᠳᠠᠬᠢᠨ ᠪᠤᠢ ᠪᠣᠯᠵᠠᠢ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠰᠤᠮᠤ ᠠᠴᠠ ᠳᠣᠮᠣᠭᠲᠤ ᠢᠯᠠᠭᠤᠭᠰᠠᠨ ᠪᠠ ᠬᠠᠩᠪᠤ ᠭᠡᠭᠡᠨ ᠬᠤᠲᠤᠭᠲᠤ ᠨᠤᠭᠤᠳ ᠲᠥᠷᠥᠨ ᠭᠠᠷᠤᠭᠰᠠᠨ ᠪᠠᠶᠢᠨ᠎ᠠ᠃

ᠮᠥᠨ ᠤᠯᠤᠰ ᠤᠨ ᠠᠷᠰᠯᠠᠨ "ᠤᠷᠲᠤ ᠭᠠᠷ ᠲᠤ" ᠬᠡᠮᠡᠬᠦ ᡀᠠᠭᠪᠠ᠂ ᠤᠯᠤᠰ ᠤᠨ ᠵᠠᠭᠠᠨ ᠮᠠᠮ᠎ᠠ ᠶᠢᠨ ᠨᠠᠮᠪᠠᠷ᠂ ᠬᠤᠯᠤᠭᠠᠷ ᠬᠡᠮᠡᠬᠦ ᠪᠠᠨᠳᠠᠩ ᠤᠨ ᠳᠡᠩᠳᠡᠪᠡ᠂ ᠨᠠᠰᠠᠩ ᠤᠨ ᠪᠠᠨᠳᠠᠩ᠂ ᠪᠠᠲᠤᠪᠠᠶᠠᠷ᠂ ᠤᠯᠤᠰ ᠤᠨ ᠨᠠᠴᠢᠨ ᠱ᠃ᠵᠢᠷᠭᠠᠯᠰᠠᠶᠢᠬᠠᠨ᠂ ᠠᠶᠢᠮᠠᠭ ᠤᠨ ᠬᠤᠷᠴᠠ ᠠᠷᠰᠯᠠᠨ ᠠᠳᠢᠶᠠᠳ᠋ ᠍ ᠢᠶᠠᠨ ᠬᠡᠮᠡᠬᠦ ᠳᠠᠮᠳᠢᠨᠰᠦ᠋ᠷᠦᠩ᠂ ᠳᠣᠪᠣᠴᠢᠨᠪᠤᠤ ᠶᠢᠨ ᠳᠡᠯᠭᠡᠷ᠂ ᠠᠶᠢᠮᠠᠭ ᠤᠨ ᠠᠷᠰᠯᠠᠨ ᠳᠠᠨᠽᠠᠨᠠᠭ ᠤᠨ ᠪᠠᠲᠤᠵᠢᠷᠭᠠᠯ᠂ ᠨ᠃ᠠᠪᠤᠷᠢᠮᠡᠳ᠂ ᠨ᠃ᠯᠤᠪᠰᠠᠩᠫᠦᠨᠴᠠᠭ᠂ ᠫ᠃ᠭᠠᠩᠵᠣᠷᠢᠭ᠂ ᠠᠶᠢᠮᠠᠭ ᠤᠨ ᠵᠠᠭᠠᠨ ᠽ᠃ᠰᠠᠨᠵᠢ ᠪᠠᠨ᠂ ᠫ᠃ᠡᠩᠬᠡᠪᠠᠶᠠᠷ᠂ ᠠᠶᠢᠮᠠᠭ ᠤᠨ ᠨᠠᠴᠢᠨ ᠣ᠃ᠪᠠᠲᠤᠵᠢᠷᠭᠠᠯ ᠨᠠᠷ ᠤᠨ ᠬᠦᠴᠦᠲᠦ ᠪᠥᠬᠡᠴᠦᠳ ᠲᠥᠷᠥᠨ ᠭᠠᠷᠤᠭᠰᠠᠨ ᠪᠢᠯᠡ᠃

ᠪᠢᠴᠢᠭᠡᠰᠦ