ᠢᠳᠡᠷ ᠭᠣᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠥᠪᠰᠥᠭᠥᠯ ᠠᠶᠢᠮᠠᠭ᠂ ᠵᠢᠷᠭᠠᠯᠠᠩᠲᠤ ᠰᠤᠮᠤ ᠶᠢᠨ ᠣᠶᠢᠷᠠᠯᠴᠠᠭᠠᠬᠢ ᠢᠳᠡᠷ ᠭᠣᠣᠯ

ᠢᠳᠡᠷ ᠭᠣᠣᠯ ᠪᠤᠶᠤ ᠢᠳᠡᠷ ᠦᠨ ᠭᠣᠣᠯ ᠨᠢ ᠵᠠᠪᠬᠠᠨ ᠠᠶᠢᠮᠠᠭ ᠤᠨ ᠢᠳᠡᠷ ᠰᠤᠮᠤ ᠶᠢᠨ ᠨᠤᠲᠤᠭ ᠬᠠᠩᠭᠠᠢ ᠶᠢᠨ ᠨᠢᠷᠤᠭᠤᠨ ᠤ ᠥᠨᠳᠥᠷ ᠥᠯᠵᠡᠶᠢᠲᠦ ᠬᠡᠮᠡᠬᠦ ᠪᠤᠯᠤᠤ ᠠᠭᠤᠯᠠ ᠶᠢᠨ ᠠᠷᠤ ᠠᠴᠠ ᠡᠬᠢ ᠠᠪᠴᠤ᠂ ᠵᠠᠪᠬᠠᠨ ᠠᠶᠢᠮᠠᠭ ᠤᠨ ᠢᠳᠡᠷ᠂ ᠲᠡᠯᠡᠮᠡᠨ᠂ ᠲᠣᠰᠣᠨᠴᠡᠩᠭᠡᠯ᠂ ᠶᠡᠬᠡ ᠠᠭᠤᠯᠠ ᠰᠤᠮᠤ᠂ ᠬᠥᠪᠰᠥᠭᠥᠯ ᠠᠶᠢᠮᠠᠭ ᠤᠨ ᠵᠢᠷᠭᠠᠯᠠᠩᠲᠤ᠂ ᠭᠠᠯ ᠳᠤ᠂ ᠲᠡᠮᠦᠷᠪᠤᠯᠠᠭ᠂ ᠷᠠᠰᠢᠶᠠᠨᠲᠤ ᠰᠤᠮᠤ᠂ ᠠᠷᠤᠬᠠᠩᠭᠠᠢ ᠠᠶᠢᠮᠠᠭ ᠤᠨ ᠴᠡᠴᠡᠷᠯᠢᠭ ᠰᠤᠮᠤ ᠭᠡᠬᠦ ᠮᠡᠲᠦ ᠠᠷᠪᠠᠭᠠᠳ ᠰᠤᠮᠤ ᠶᠢᠨ ᠨᠤᠲᠤᠭ ᠢᠶᠠᠷ ᠳᠠᠭᠠᠷᠢᠨ ᠤᠷᠤᠰᠴᠤ ᠬᠥᠪᠰᠥᠭᠥᠯ ᠠᠶᠢᠮᠠᠭ ᠤᠨ ᠲᠡᠮᠦᠷᠪᠤᠯᠠᠭ᠂ ᠲᠣᠰᠣᠨᠴᠡᠩᠭᠡᠯ᠂ ᠷᠠᠰᠢᠶᠠᠨ ᠳᠤ ᠰᠤᠮᠤᠳ ᠤᠨ ᠵᠠᠭᠠᠭ ᠣᠯᠠᠨ ᠭᠣᠣᠯ ᠤᠨ ᠪᠡᠯᠴᠢᠷ ᠬᠡᠮᠡᠬᠦ ᠭᠠᠵᠠᠷ ᠳᠡᠯᠭᠡᠷ ᠮᠥᠷᠡᠨ ᠲᠡᠢ ᠨᠡᠶᠢᠯᠡᠵᠦ ᠰᠡᠯᠡᠩᠭᠡ ᠮᠥᠷᠡᠨ ᠢ ᠡᠭᠦᠰᠬᠡᠳᠡᠭ᠃ ᠭᠣᠣᠯ ᠤᠨ ᠤᠷᠲᠤ 452 ᠺᠢᠯᠣᠮᠧᠲ᠋ᠷ ᠪᠥᠭᠡᠳ 24,555 ᠬᠠᠪᠲᠠᠭᠠᠢ ᠳᠥᠷᠪᠡᠯᠵᠢᠨ ᠺᠢᠯᠣᠮᠧᠲ᠋ᠷ ᠲᠠᠯᠠᠪᠠᠢ ᠡᠵᠡᠯᠡᠨ᠎ᠡ᠃ ᠢᠳᠡᠷ ᠭᠣᠣᠯ ᠳᠤ 30 ᠭᠠᠷᠤᠢ ᠭᠣᠣᠯ ᠭᠣᠷᠭᠢ ᠴᠢᠳᠬᠤᠳᠠᠭ ᠠᠴᠠ ᠬᠠᠮᠤᠭ ᠤᠨ ᠲᠣᠮᠣ ᠨᠢ ᠴᠢᠯᠠᠭᠤᠲᠤ ᠭᠣᠣᠯ ᠶᠤᠮ᠃ ᠢᠳᠡᠷ ᠦᠨ ᠭᠣᠣᠯ ᠨᠢ ᠬᠣᠶᠢᠳᠤ ᠮᠥᠰᠦᠨ ᠳᠠᠯᠠᠢ ᠶᠢᠨ ᠬᠠᠷ᠎ᠠ ᠲᠡᠩᠭᠢᠰ ᠲᠦ ᠴᠢᠳᠬᠤᠳᠠᠭ ᠢᠳᠡᠷ-ᠰᠡᠯᠡᠩᠭᠡ-ᠠᠩᠭᠠᠷ-ᠶᠡᠨᠢᠰᠧᠢ ᠮᠥᠷᠡᠨ ᠦ ᠡᠬᠢ ᠪᠥᠭᠡᠳ ᠡᠨᠡ ᠶᠡᠬᠡ ᠤᠰᠤᠨ ᠰᠦᠯᠵᠢᠶ᠎ᠡ ᠨᠢ ᠤᠷᠲᠤ ᠪᠠᠷ ᠢᠶᠠᠨ ᠬᠣᠶᠢᠳᠤ ᠮᠥᠰᠦᠨ ᠳᠠᠯᠠᠢ ᠶᠢᠨ ᠠᠢ ᠰᠠᠪᠠ ᠳᠤ 1 ᠍ ᠷᠲ᠂ ᠳᠡᠯᠡᠬᠡᠢ ᠳᠦ 5 ᠍ ᠷᠲ ᠣᠷᠣᠳᠠᠭ᠃

ᠢᠳᠡᠷ ᠮᠥᠷᠡᠨ ᠦ ᠨᠡᠷ᠎ᠡ ᠲᠡᠦᠬᠡ ᠶᠢᠨ ᠰᠤᠷᠪᠤᠯᠵᠢ ᠪᠢᠴᠢᠭ ᠦᠳ ᠲᠦ ᠲᠤᠬᠠᠶᠢᠯᠠᠪᠠᠯ 《ᠮᠣᠩᠭᠣᠯ ᠤᠨ ᠨᠢᠭᠤᠴᠠ ᠲᠣᠪᠴᠢᠶᠠᠨ》 ᠍ ᠤ 161. ᠴᠢᠩᠭᠢᠰ ᠬᠠᠭᠠᠨ᠂ ᠲᠡᠷᠡ ᠰᠥᠨᠢ ᠲᠡᠨᠳᠡ ᠬᠣᠨᠣᠭᠠᠳ ᠮᠠᠷᠭᠠᠰᠢ ᠥᠷᠯᠥᠭᠡ ᠪᠠᠶᠢᠯᠳᠤᠬᠤ ᠭᠡᠵᠦ ᠪᠣᠰᠪᠠᠯ ᠸᠠᠩ ᠬᠠᠨ ᠤ ᠪᠠᠭᠤᠭᠰᠠᠨ ᠭᠠᠵᠠᠷ ᠬᠣᠪ ᠬᠣᠭᠣᠰᠣᠨ ᠪᠣᠯᠤᠭᠰᠠᠨ ᠲᠤᠯᠠ 《ᠬᠠᠷᠢᠨ ᠴᠢ ᠪᠢᠳᠡᠨ ᠢ ᠮᠡᠬᠡᠯᠡᠵᠦ ᠪᠠᠭᠤᠴᠠᠨ ᠳᠤ ᠬᠠᠶᠠᠭᠰᠠᠨ ᠪᠠᠶᠢᠨ᠎ᠠ》 ᠭᠡᠳ ᠴᠢᠩᠭᠢᠰ ᠬᠠᠭᠠᠨ ᠬᠥᠳᠡᠯᠵᠦ᠂ ᠡᠳᠡᠷ-ᠠᠯᠲᠠᠢ ᠶᠢᠨ ᠪᠡᠯᠴᠢᠷ ᠢᠶᠡᠷ ᠭᠡᠲᠦᠯᠵᠦ ᠰᠠᠭᠠᠲᠠᠯ ᠦᠭᠡᠢ ᠶᠠᠪᠤᠭᠰᠠᠭᠠᠷ ᠰᠠᠭᠠᠷᠢ ᠬᠡᠭᠡᠷ᠎ᠡ ᠳᠦ ᠣᠴᠢᠵᠤ ᠪᠠᠭᠤᠪᠠ᠃ (Ciŋgis qahan gödöl=jü Eder_ altay-in belcir-iyer ketül=jü tere gödöl=ügse-yer gödöl=jü Saari_ keer bawu=bAy) ᠯᠤ᠋. ᠠᠯᠲᠠᠨ ᠲᠣᠪᠴᠢ ᠳᠠᠬᠢ ᠴᠢᠩᠭᠢᠰ ᠦᠨ ᠶᠢᠰᠦᠨ ᠥᠷᠯᠥᠭ ᠲᠡᠢ ᠰᠡᠴᠡᠯᠡᠭᠰᠡᠨ ᠱᠠᠰᠲᠢᠷ ᠲᠤ: ᠡᠳᠡᠷ ᠮᠥᠷᠡᠨ ᠢ ᠡᠯᠡᠰᠦ ᠪᠡᠷ ᠪᠣᠭᠣᠳᠠᠭ ᠪᠤᠶᠤ ᠴᠢ ᠡᠷᠳᠡᠮᠲᠦ ᠰᠠᠶᠢᠨ ᠬᠦᠮᠦᠨ ᠢ ᠰᠠᠨᠠᠭ᠎ᠠ ᠪᠠᠷ ᠴᠡᠨᠡᠳᠡᠭ ᠪᠤᠶᠤ ᠭᠡᠬᠦ ᠮᠡᠲᠦ ᠪᠡᠷ ᠳᠤᠷᠠᠳᠤᠭᠳᠠᠭᠰᠠᠨ ᠨᠢ ᠪᠤᠢ᠃

ᠪᠢᠴᠢᠭᠡᠰᠦ