ᠢᠲ᠋ᠠᠯᠢ ᠬᠡᠯᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠲ᠋ᠠᠯᠢ ᠬᠡᠯᠡ
ᠥᠪᠡᠷ ᠦᠨ ᠨᠡᠷ᠎ᠡ Italiano; Lingua italiana
ᠲᠠᠷᠬᠠᠯᠲᠠ ᠢᠲ᠋ᠠᠯᠢᠰᠠᠨ ᠮᠠᠷᠢᠨ᠎ᠠᠸᠠᠲ᠋ᠢᠺᠠᠨᠰᠸᠢᠰᠰᠯᠣᠸᠧᠨᠺᠦᠷᠦᠠᠴᠢᠶ ᠠᠯᠢᠪᠢᠶ ᠠᠡᠷᠢᠲᠷᠧᠢᠮᠠᠯᠦᠲ᠋ᠠᠰᠣᠮᠠᠯᠢᠢ ᠠᠹᠷᠠᠨᠼᠢ
ᠲᠥᠷᠥᠯᠬᠢ ᠬᠡᠯᠡᠲᠡᠨ ᠦ ᠲᠣᠭ᠎ᠠ ᠲᠥᠷᠥᠯᠬᠢ: 62 ᠰᠠᠶ᠋ᠢ;
ᠪᠦᠭᠦᠳᠡ: 80 ᠰᠠᠶ᠎ᠠ[1]
ᠬᠡᠯᠡᠨ ᠦ ᠠᠩᠬᠢᠯᠠᠯ
ᠡᠨᠡᠳᠬᠡᠭ-ᠧᠦ᠋ᠷᠣᠫᠠ
  • ᠢᠲ᠋ᠠᠯᠢ
    • ᠷᠣᠮᠠᠨ
      • ᠢᠲ᠋ᠠᠯᠢ-ᠳᠠᠯᠮᠠᠲ
        • ᠢᠲ᠋ᠠᠯᠢ ᠬᠡᠯᠡ
ᠪᠢᠴᠢᠭ ᠦᠰᠦᠭ ᠯᠠᠲ᠋ᠢᠨ ᠦᠰᠦᠭ (ᠢᠲ᠋ᠠᠯᠢ ᠬᠤᠪᠢᠯᠪᠤᠷᠢ)
ᠠᠯᠪᠠᠨ ᠶᠣᠰᠣᠨ ᠤ ᠬᠡᠷᠡᠭᠯᠡᠭᠡ
ᠤᠯᠤᠰ

Flag of Italy.svg ᠢᠲ᠋ᠠᠯᠢ
Flag of San Marino.svg ᠰᠠᠨᠮᠠᠷᠢᠨᠤ᠋
Flag of the Vatican City.svg ᠸᠠᠲ᠋ᠢᠺᠠᠨ
ᠰᠸᠢᠰ ᠰᠸᠢᠰ (ᠳᠥᠷᠪᠡ ᠶᠢᠨ ᠨᠢᠭᠡ)


ᠣᠯᠠᠨ ᠤᠯᠤᠰ ᠤᠨ ᠪᠠᠶᠢᠭᠤᠯᠤᠯᠭ᠎ᠠ:
Flag of the European Union.svg ᠧᠦ᠋ᠷᠣᠫᠠ ᠶᠢᠨ ᠬᠣᠯᠪᠣᠭ᠎ᠠ
ᠲᠣᠬᠢᠷᠠᠭᠤᠯᠤᠭᠴᠢ ᠪᠠᠶᠢᠭᠤᠯᠤᠯᠭ᠎ᠠ ᠠᠯᠪᠠᠨ ᠪᠤᠰᠤ ᠪᠠᠷ 《L’Accademia della Crusca》, ᠤᠳᠬ᠎ᠠ ᠨᠢ «(ᠬᠡᠯᠡ) ᠴᠡᠪᠡᠷᠯᠡᠬᠦ ᠬᠦᠷᠢᠶᠡᠯᠡᠩ»
ᠲᠣᠮᠢᠶᠠᠯᠠᠪᠤᠷᠢ
ISO 639-1 it
ISO 639-2 ita
ISO 639-3 ita

ᠢᠲ᠋ᠠᠯᠢ ᠬᠡᠯᠡ (ᠢᠲ᠋ᠠᠯᠢ ᠪᠡᠷ italiano, lingua italiana) ᠢᠲ᠋ᠠᠯᠢ ᠬᠡᠯᠡ ᠨᠢ ᠡᠨᠡᠳᠬᠡᠭ-ᠧᠦ᠋ᠷᠣᠫᠠ ᠬᠡᠯᠡᠨ ᠦ ᠠᠶᠢᠮᠠᠭ ᠤᠨ ᠢᠲᠠᠯᠢᠺ ᠪᠦᠯᠦᠭ ᠲᠦ ᠬᠠᠮᠢᠶᠠᠷᠤᠭᠳᠠᠬᠤ ᠹᠯᠣᠷᠧᠨᠼ ᠠᠶᠠᠯᠭ᠎ᠠ ᠳᠤ ᠰᠠᠭᠤᠷᠢᠯᠠᠭᠰᠠᠨ ᠷᠣᠮᠠᠨ ᠬᠡᠯᠡ ᠶᠠᠭᠤᠮ᠎ᠠ᠃ ᠮᠥᠨ ᠧᠦ᠋ᠷᠣᠫᠠ ᠶᠢᠨ ᠬᠣᠯᠪᠣᠭᠠᠨ ᠤ ᠠᠯᠪᠠᠨ ᠶᠣᠰᠣᠨ ᠤ 23 ᠬᠡᠯᠡᠨ ᠦ ᠨᠢᠭᠡ ᠪᠢᠯᠡ᠃ ᠥᠨᠥᠳᠥᠷ ᠢᠲ᠋ᠠᠯᠢ ᠬᠡᠯᠡ ᠪᠡᠷ 80 ᠍ ᠊ᠭᠠᠳ ᠰᠠᠶ᠎ᠠ ᠬᠦᠮᠦᠨ ᠶᠠᠷᠢᠳᠠᠭ᠃ ᠢᠲ᠋ᠠᠯᠢ ᠬᠡᠯᠡ ᠨᠢ ᠢᠲ᠋ᠠᠯᠢ ᠤᠯᠤᠰ᠂ ᠰᠠᠨ ᠮᠠᠷᠢᠨ᠎ᠠ ᠶᠢᠨ ᠸᠠᠩᠲᠤ ᠤᠯᠤᠰ᠂ ᠱᠸᠧᠢᠽᠠᠷ᠂ ᠬᠣᠷᠪᠠ ᠳᠤ᠂ ᠰᠯᠣᠸᠠᠨᠢ᠂ ᠸᠠᠲ᠋ᠢᠺᠠᠨ ᠤᠯᠤᠰ ᠤᠨ ᠠᠯᠪᠠᠨ ᠶᠣᠰᠣᠨ ᠤ ᠬᠡᠯᠡ ᠶᠠᠭᠤᠮ᠎ᠠ᠃ ᠢᠲ᠋ᠠᠯᠢ ᠬᠡᠯᠡ ᠨᠢ ᠮᠠᠨ ᠤ ᠣᠨ ᠲᠣᠭᠠᠯᠠᠯ ᠤᠨ 476 - 1000 ᠣᠨ ᠤ ᠬᠣᠭᠣᠷᠣᠨᠳᠣ ᠪᠤᠶᠤ 500 ᠍ ᠊ᠭᠠᠳ ᠵᠢᠯ ᠦᠨ ᠬᠤᠭᠤᠴᠠᠭᠠᠨ ᠳᠤ ᠷᠤᠮᠠᠨᠢᠶ ᠠ ᠡᠵᠡᠨᠲᠦ ᠭᠦᠷᠦᠨ ᠦ ᠦᠶ᠎ᠡ ᠶᠢᠨ ᠶᠠᠷᠢᠶᠠᠨ ᠤ ᠯᠠᠲ᠋ᠢᠨ ᠬᠡᠯᠡᠨ ᠡᠴᠡ ᠡᠭᠦᠰᠦᠭᠰᠡᠨ ᠬᠡᠮᠡᠨ ᠬᠡᠯᠡ ᠰᠤᠳᠤᠯᠤᠭᠠᠴᠢᠳ ᠲᠣᠳᠣᠷᠬᠠᠶᠢᠯᠠᠳᠠᠭ᠃ 1200 - 1300 ᠣᠨ ᠤ ᠦᠶ᠎ᠡ ᠳᠦ ᠹᠯᠣᠷᠧᠨᠼ ᠬᠣᠲᠠ ᠤᠯᠤᠰ ᠲᠥᠷᠥ᠂ ᠡᠳ᠋ ᠍ ᠦᠨ ᠵᠠᠰᠠᠭ᠂ ᠰᠤᠶᠤᠯ ᠤᠨ ᠬᠥᠭᠵᠢᠯ ᠢᠶᠡᠷ ᠢᠶᠡᠨ ᠢᠲ᠋ᠠᠯᠢ ᠶᠢᠨ ᠪᠤᠰᠤᠳ ᠬᠣᠲᠤ ᠨᠤᠭᠤᠳ ᠢ ᠲᠡᠷᠢᠭᠦᠯᠡᠵᠦ ᠬᠦᠮᠦᠨ ᠠᠮᠠ ᠶᠢᠨ ᠲᠣᠭ᠎ᠠ 100 ᠮᠢᠩᠭ᠎ᠠ ᠭᠠᠷᠤᠢ ᠪᠣᠯᠵᠤ ᠪᠠᠶᠢᠭᠰᠠᠨ ᠪᠥᠭᠡᠳ ᠢᠲ᠋ᠠᠯᠢ ᠶᠢᠨ ᠰᠣᠶᠣᠨ ᠭᠡᠭᠡᠷᠡᠭᠦᠯᠦᠭᠴᠢ᠂ ᠠᠯᠳᠠᠷᠲᠤ ᠢᠷᠠᠭᠤ ᠨᠠᠶᠢᠷᠠᠭᠴᠢ ᠳᠠᠨᠲ᠋ᠧ ᠠᠯᠢᠭᠢᠶᠧᠷᠢᠹᠷᠠᠨᠴᠧᠰᠺᠣ ᠫᠧᠲ᠋ᠷᠠᠷᠺᠠᠵᠣᠸᠠᠨᠢ ᠪᠣᠺᠺᠠᠴᠴᠣ ᠨᠠᠷ ᠹᠯᠣᠷᠧᠨᠼ ᠠᠶᠠᠯᠭ᠎ᠠ ᠪᠠᠷ ᠵᠣᠬᠢᠶᠠᠯ ᠪᠦᠲᠦᠭᠡᠯ ᠢᠶᠡᠨ ᠲᠤᠭᠤᠷᠪᠢᠵᠤ ᠲᠡᠳᠡᠨ ᠦ ᠰᠢᠯᠦᠭ᠂ ᠢᠷᠠᠭᠤ ᠨᠠᠶᠢᠷᠠᠭ ᠢᠲ᠋ᠠᠯᠢ ᠳᠠᠶᠠᠭᠠᠷ ᠲᠠᠷᠬᠠᠨ᠂ ᠣᠯᠣᠩ ᠳᠤ ᠰᠠᠶᠢᠰᠢᠶᠠᠭᠳᠠᠵᠤ ᠪᠠᠶᠢᠴᠠᠢ᠃ ᠡᠭᠦᠨ ᠡᠴᠡ ᠤᠯᠪᠠᠭᠠᠯᠠᠨ ᠰᠢᠨ᠎ᠡ ᠵᠠᠯᠠᠭᠤ ᠢᠷᠠᠭᠤ ᠨᠠᠶᠢᠷᠠᠭᠴᠢᠳ᠂ ᠰᠢᠭᠦᠮᠵᠢᠯᠡᠭᠴᠢᠳ ᠥᠪᠡᠷᠰᠡᠳ ᠦᠨ ᠪᠦᠲᠦᠭᠡᠯ᠂ ᠲᠤᠭᠤᠷᠪᠢᠯ ᠢᠶᠠᠨ ᠣᠯᠣᠩ ᠳᠤ ᠬᠦᠷᠭᠡᠬᠦ ᠶᠢᠨ ᠲᠤᠯᠠᠳᠠ ᠲᠤᠬᠠᠢ ᠶᠢᠨ ᠠᠶᠠᠯᠭᠤ ᠪᠠᠷ ᠪᠢᠴᠢᠬᠦ ᠶᠢ ᠡᠷᠬᠢᠮᠯᠡᠬᠦ ᠪᠣᠯᠤᠭᠰᠠᠨ ᠨᠢ ᠹᠯᠣᠷᠧᠨᠼ ᠠᠶᠠᠯᠭ᠎ᠠ ᠢᠲ᠋ᠠᠯᠢ ᠬᠡᠯᠡᠨ ᠦ ᠦᠨᠳᠦᠰᠦᠨ ᠠᠶᠠᠯᠭᠤ ᠪᠣᠯᠬᠤ ᠳᠤ ᠨᠥᠯᠦᠭᠡᠯᠡᠭᠰᠡᠨ ᠶᠤᠮ᠃ 1827 ᠣᠨ ᠳᠤ ᠢᠲ᠋ᠠᠯᠢ ᠶᠢᠨ ᠰᠡᠷᠭᠦᠨ ᠮᠠᠨᠳᠤᠯᠲᠠ ᠶᠢᠨ ᠦᠶ᠎ᠡ ᠶᠢᠨ ᠠᠯᠳᠠᠷᠲᠤ ᠤᠷᠠᠨ ᠵᠣᠬᠢᠶᠠᠯᠴᠢ ᠠᠯᠧᠰᠰᠠᠨᠳᠠᠷᠣ ᠮᠠᠨᠽᠣᠨᠢ 《ᠰᠦᠢᠲᠦ ᠵᠠᠯᠠᠭᠤᠰ》 ᠬᠡᠮᠡᠬᠦ ᠷᠣᠮᠠᠨ ᠢᠶᠠᠨ ᠲᠤᠭᠤᠷᠪᠢᠭᠰᠠᠨ ᠨᠢ ᠵᠥᠪᠬᠡᠨ ᠤᠷᠠᠨ ᠵᠣᠬᠢᠶᠠᠯ ᠤᠨ ᠪᠣᠯᠤᠨ ᠶᠡᠬᠡᠰ ᠳᠡᠭᠡᠳᠦᠰ ᠦᠨ ᠭᠡᠭᠳᠡᠵᠦ ᠪᠠᠶᠢᠭᠰᠠᠨ ᠹᠯᠣᠷᠧᠨᠼ ᠠᠶᠠᠯᠭ᠎ᠠ ᠳᠤ ᠰᠠᠭᠤᠷᠢᠯᠠᠭᠰᠠᠨ ᠪᠢᠴᠢᠭ ᠦᠨ ᠬᠡᠯᠡ ᠶᠢ ᠶᠠᠷᠢᠶᠠᠨ ᠤ ᠬᠡᠯᠡ ᠲᠡᠢ ᠨᠢᠭᠡᠳᠬᠡᠬᠦ ᠳᠦ ᠲᠦᠯᠬᠢᠴᠡ ᠪᠣᠯᠤᠨ᠂ ᠣᠷᠴᠢᠨ ᠴᠠᠭ ᠤᠨ ᠢᠲ᠋ᠠᠯᠢ ᠬᠡᠯᠡ ᠡᠭᠦᠰᠬᠦ ᠡᠬᠢᠯᠡᠯ ᠪᠣᠯᠵᠠᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠮᠵᠦ᠋ᠢ: ᠢᠲ᠋ᠠᠯᠢ ᠬᠡᠯᠡᠵᠦᠢ᠂ 2010 ᠣᠨ᠂ ᠱ᠃ ᠴᠡᠯᠮᠡᠭ
  1. Eurobarometer – Europeans and their languagesPDF (485 KB), February 2006

ᠪᠢᠴᠢᠭᠡᠰᠦ