ᠢᠲ᠋ᠠᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠢᠲ᠋ᠠᠯᠢ ᠤᠯᠤᠰ
Repubblica italiana
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠢᠲᠠᠯᠢᠴᠢ ᠨᠤᠭᠤᠳ ᠤᠨ ᠳᠠᠭᠤᠤ
(Il Canto degli Italiani)
ᠨᠡᠶᠢᠰᠯᠡᠯ 
(ᠶᠡᠬᠡ ᠬᠣᠲᠠ)
Coat of arms of Rome.svg ᠷᠤᠮᠠ
ᠠᠯᠪᠠᠨ ᠬᠡᠯᠡ ᠢᠲ᠋ᠠᠯᠢ ᠬᠡᠯᠡ
ᠠᠷᠠᠳ ᠲᠦᠮᠡᠨ 
(2011 ᠤᠨ)
92.90% ᠢᠲ᠋ᠠᠯᠢ
1.98% ᠷᠤᠮᠠᠨᠢᠶ ᠠ
1.32% ᠤᠮᠠᠷ᠎ᠠ ᠠᠹᠷᠢᠺᠠ ᠍ ᠤᠨ
1.17% ᠠᠽᠢᠶ᠎ᠠ ᠍ ᠶᠢᠨ
0.83% ᠠᠯᠪᠠᠨᠢ
2.16% ᠪᠤᠰᠤᠳ
ᠲᠥᠷᠥ ᠵᠠᠰᠠᠭ ᠫᠠᠷᠯᠠᠮᠧᠨᠲ ᠤᠨ ᠪᠦᠭᠦᠳᠡ ᠨᠠᠶᠢᠷᠠᠮᠳᠠᠬᠤ ᠵᠠᠰᠠᠭ
 -  ᠶᠡᠷᠦᠩᠬᠡᠶᠢᠯᠡᠭᠴᠢ ᠵᠢᠣᠷᠵᠢᠣ ᠨᠠᠫᠣᠯᠢᠲ᠋ᠠᠨ᠎ᠠ
 -  ᠶᠡᠷᠦᠩᠬᠡᠢ ᠰᠠᠶᠢᠳ ᠡᠩᠷᠢᠺᠣ ᠯᠧᠲ᠋ᠲ᠋ᠠ
ᠤᠯᠤᠰ ᠤᠨ ᠬᠤᠷᠠᠯ ᠫᠠᠷᠠᠯᠮᠧᠨᠲ
(«ᠤᠯᠤᠰ ᠤᠨ ᠬᠤᠷᠠᠯ»)
 -  ᠳᠡᠭᠡᠳᠦ ᠲᠠᠩᠬᠢᠮ ᠰᠧᠨᠠᠲ
 -  ᠳᠣᠣᠷᠠᠳᠣ ᠲᠠᠩᠬᠢᠮ ᠲᠥᠯᠥᠭᠡᠯᠡᠭᠴᠢᠳ ᠦᠨ ᠲᠠᠩᠬᠢᠮ
ᠲᠡᠦᠬᠡ
 -  ᠢᠲ᠋ᠠᠯᠢ ᠶᠢᠨ ᠬᠣᠶᠢᠭ ᠳᠠᠬᠢ 3 ᠸᠠᠩ ᠳᠤ ᠤᠯᠤᠰ ᠤᠳ ᠨᠢᠭᠡᠳᠴᠦ᠂ ᠢᠲ᠋ᠠᠯᠢ ᠶᠢᠨ ᠸᠠᠩᠲᠤ ᠤᠯᠤᠰ ᠍ ᠢ ᠡᠭᠦᠰᠬᠡᠭᠰᠡᠨ᠃ 1861 ᠣᠨ ᠤ 3 ᠰᠠᠷ᠎ᠠ ᠶᠢᠨ 17 
 -  ᠪᠦᠭᠦᠳᠡ ᠨᠠᠶᠢᠷᠠᠮᠳᠠᠬᠤ ᠤᠯᠤᠰ ᠪᠣᠯᠤᠭᠰᠠᠨ᠃ 1946 ᠣᠨ ᠤ 6 ᠰᠠᠷ᠎ᠠ ᠶᠢᠨ 2 
ᠨᠤᠲᠤᠭ ᠳᠡᠪᠢᠰᠬᠡᠷ
 -  ᠪᠦᠬᠦ ᠲᠠᠯᠠᠪᠠᠢ 301,338 km2 (71)
 -  ᠭᠠᠳᠠᠷᠭᠤ ᠶᠢᠨ ᠤᠰᠤ (%) 2.4
ᠬᠦᠮᠦᠨ ᠠᠮᠠ
 -  ᠲᠣᠭᠠᠴᠠᠭ᠎ᠠ (2011) 60,681,514 [1] (23)
 -  ᠲᠣᠭᠠᠯᠠᠯᠭ᠎ᠠ (2001) 56,995,744 
 -  ᠨᠢᠭᠲᠠᠴᠠ ᠰᠡᠶᠢᠷᠡᠭ 201.2 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $1.828 ᠶᠡᠬᠡ ᠨᠠᠶᠤᠳ[2] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 10  ᠳᠦ
 -  ᠨᠢᠭᠡ ᠬᠦᠨᠳᠦ $30,165[2] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ30 ᠳᠦ
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $2.245 ᠶᠡᠬᠡ ᠨᠠᠶᠤᠳ[2]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ8 ᠳᠦ
 -  ᠨᠢᠭᠡ ᠬᠦᠨᠳᠦ $37,046[2] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ24]])
Gini (2006) 32[3] 
ᠬᠡᠦᠬᠡᠳ ᠦᠨ ᠬᠥᠭᠵᠢᠯ ᠦᠨ ᠢᠨᠳᠧᠺᠰ (2010) 0.854[4] (ᠳᠡᠭᠡᠳᠦ) (23)
ᠮᠥᠩᠭᠥᠨ ᠦ ᠨᠢᠭᠡᠴᠡ ᠧᠦ᠋ᠷᠣ () (EUR)
ᠴᠠᠭ ᠤᠨ ᠪᠥᠰᠡ +1
ᠵᠠᠮ ᠤᠨ ᠬᠥᠳᠡᠯᠭᠡᠭᠡᠨ ᠪᠠᠷᠠᠭᠤᠨ
ᠳ᠋ᠦᠮᠠᠢᠨ ᠤ ᠨᠡᠷ᠎ᠡ .it
ᠤᠲᠠᠰᠤᠨ ᠤ ᠲᠣᠮᠢᠶ᠎ᠠ 4

ᠢᠲ᠋ᠠᠯᠢ (ᠢᠲ᠋ᠠᠯᠢ ᠪᠡᠷ Italia), ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠢᠲ᠋ᠠᠯᠢ ᠤᠯᠤᠰ (ᠢᠲ᠋ᠠᠯᠢ ᠪᠡᠷ Repubblica Italiana) ᠨᠢ ᠫᠣ ᠭᠣᠣᠯ ᠤᠨ ᠰᠠᠪᠠ ᠬᠥᠨᠳᠡᠢ ᠳᠠᠭᠠᠤ ᠡᠮᠦᠨᠡᠲᠦ ᠧᠦ᠋ᠷᠣᠫᠠ ᠲᠤ ᠣᠷᠣᠰᠢᠳᠠᠭ ᠤᠯᠤᠰ ᠶᠤᠮ᠃ ᠢᠲ᠋ᠠᠯᠢ ᠤᠯᠤᠰ ᠤᠨ ᠭᠠᠵᠠᠷ ᠨᠤᠲᠤᠭ ᠨᠢ ᠢᠲ᠋ᠠᠯᠢ ᠶᠢᠨ ᠬᠣᠶᠢᠭ ᠪᠣᠯᠤᠨ ᠭᠠᠵᠠᠷ ᠤᠨ ᠳᠤᠮᠳᠠᠳᠤ ᠲᠡᠩᠭᠢᠰ ᠲᠤ ᠤᠷᠤᠰᠢᠬᠤ ᠰᠢᠼᠢᠯᠢᠰᠠᠷᠳᠢᠨᠢ ᠭᠡᠰᠡᠨ ᠬᠣᠶᠠᠷ ᠲᠣᠮᠣ ᠠᠷᠠᠯ ᠢ ᠬᠠᠮᠤᠷᠳᠠᠭ᠃ ᠮᠥᠨ ᠢᠲᠠᠯᠢᠴᠢ ᠨᠤᠭᠤᠳ ᠬᠣᠶᠢᠭ ᠨᠢ ᠭᠤᠲᠤᠯ ᠬᠡᠯᠪᠡᠷᠢ ᠲᠡᠢ ᠬᠠᠷᠠᠭᠳᠠᠳᠠᠭ ᠤᠴᠢᠷ ᠠᠴᠠ "Stivale" ᠪᠤᠶᠤ ᠭᠤᠲᠤᠯ ᠴᠤ ᠭᠡᠵᠦ ᠨᠡᠷᠡᠯᠡᠳᠡᠭ᠃ ᠢᠲ᠋ᠠᠯᠢ ᠤᠯᠤᠰ ᠬᠣᠶᠢᠳᠤ ᠲᠠᠯ᠎ᠠ ᠪᠠᠷ ᠢᠶᠠᠨ ᠠᠯᠫ ᠦᠨ ᠨᠢᠷᠤᠭᠤᠭᠠ ᠪᠠᠷ ᠹᠷᠠᠨᠼᠢᠰᠸᠢᠰᠠᠦᠢᠰᠲᠷᠶ᠎ᠠᠰᠯᠣᠸᠧᠨ ᠵᠡᠷᠭᠡ ᠤᠯᠤᠰ ᠤᠳ ᠲᠠᠢ ᠬᠢᠯᠢ ᠵᠠᠯᠭᠠᠭ᠎ᠠ ᠣᠷᠣᠰᠢᠳᠠᠭ᠃ ᠲᠤᠰᠠᠭᠠᠷ ᠲᠣᠭᠲᠠᠨᠢᠭᠰᠠᠨ ᠤᠯᠤᠰ ᠪᠣᠯᠬᠤ ᠰᠠᠨ ᠮᠠᠷᠢᠨ᠎ᠠ ᠪᠣᠯᠤᠨ ᠸᠠᠲ᠋ᠢᠺᠠᠨ ᠢᠲ᠋ᠠᠯᠢ ᠶᠢᠨ ᠨᠤᠲᠤᠭ ᠳᠡᠪᠢᠰᠬᠡᠷ ᠳᠣᠲᠣᠷ ᠣᠷᠣᠰᠢᠳᠠᠭ᠃

ᠢᠲ᠋ᠠᠯᠢ ᠤᠯᠤᠰ ᠨᠢ ᠡᠲᠢᠷᠡᠰᠺᠠᠨᠭᠷᠧᠺᠷᠤᠮᠠ ᠢ ᠪᠠᠭᠲᠠᠭᠠᠭᠰᠠᠨ ᠧᠦ᠋ᠷᠣᠫᠠ ᠶᠢᠨ ᠬᠦᠴᠦᠷᠬᠡᠭ ᠰᠤᠶᠤᠯ ᠤᠳ ᠤᠨ ᠨᠢᠭᠡ ᠥᠯᠥᠭᠡᠢ ᠨᠤᠲᠤᠭ ᠪᠢᠯᠡ᠃ ᠨᠡᠶᠢᠰᠯᠡᠯ ᠷᠤᠮᠠ ᠬᠣᠲᠠ ᠨᠢ ᠲᠡᠦᠬᠡᠨ ᠳᠦ ᠴᠢᠬᠤᠯᠠ ᠠᠴᠢ ᠬᠣᠯᠪᠣᠭᠳᠠᠯ ᠲᠠᠢ ᠳᠡᠯᠡᠬᠡᠢ ᠶᠢᠨ ᠬᠣᠲᠠ ᠪᠠᠶᠢᠭᠰᠠᠨ᠃ ᠢᠯᠠᠩᠭᠤᠶ᠎ᠠ ᠡᠷᠲᠡᠨ ᠦ ᠷᠤᠮᠠᠨᠢᠶ ᠠ ᠪᠣᠯᠤᠨ ᠷᠤᠮᠠᠨᠢᠶ ᠠ ᠺᠠᠲ᠋ᠣᠯᠢᠭ ᠰᠦᠮ᠎ᠡ ᠶᠢᠨ ᠬᠤᠪᠢ ᠳᠤ᠃ ᠡᠨᠡ ᠨᠤᠲᠤᠭ ᠢ 3000 ᠵᠢᠯ ᠦᠨ ᠲᠤᠷᠰᠢ ᠭᠧᠷᠮᠠᠨᠺᠧᠯᠲᠹᠷᠠᠨᠺᠯᠣᠮᠪᠠᠷᠳ᠋, ᠸᠢᠽᠠᠨᠲᠭᠷᠧᠺᠰᠠᠷᠠᠼᠢᠨ ᠵᠡᠷᠭᠡ ᠤᠯᠤᠰ᠂ ᠠᠶᠢᠮᠠᠭ ᠤᠳ ᠡᠵᠡᠯᠡᠨ ᠲᠦᠷᠢᠮᠡᠭᠡᠶᠢᠯᠡᠵᠦ᠂ ᠨᠡᠭᠦᠳᠡᠯᠯᠡᠨ ᠰᠠᠭᠤᠷᠢᠰᠢᠵᠤ ᠪᠠᠶᠢᠪᠠ᠃ ᠳᠤᠮᠳᠠᠳᠤ ᠵᠠᠭᠤᠨ ᠤ ᠦᠶ᠎ᠡ ᠳᠦ ᠬᠣᠶᠢᠳᠤ ᠵᠦᠭ ᠦᠨ ᠨᠣᠷᠮᠠᠨᠳ ᠤᠳ ᠳᠠᠶᠢᠯᠠᠵᠤ᠂ ᠬᠠᠷᠢᠨ ᠰᠡᠷᠭᠦᠨ ᠮᠠᠨᠳᠤᠯᠲᠠ ᠶᠢᠨ ᠦᠶ᠎ᠡ ᠳᠦ ᠢᠲ᠋ᠠᠯᠢ ᠶᠢᠨ ᠳᠠᠶᠢᠨ ᠪᠣᠯᠵᠤ ᠮᠠᠰᠢ ᠣᠯᠠᠨ ᠲᠤᠰᠠᠭᠠᠷ ᠤᠯᠤᠰ ᠤᠳ ᠪᠣᠯᠤᠨ ᠵᠠᠳᠠᠷᠠᠭᠰᠠᠨ᠃ ᠡᠶᠢᠮᠦ ᠪᠠᠶᠢᠳᠠᠯ ᠳᠤ ᠲᠡᠳᠡᠨ ᠢ ᠭᠠᠳᠠᠨ᠎ᠠ ᠶᠢᠨ ᠬᠢᠨ ᠡᠵᠡᠯᠡᠨ ᠠᠪᠬᠤ ᠨᠢ ᠡᠯᠪᠡᠭ ᠪᠠᠶᠢᠪᠠ᠃ ᠬᠠᠷᠢᠨ ᠢᠲ᠋ᠠᠯᠢ ᠤᠯᠤᠰ ᠨᠢᠭᠡᠳᠴᠦ ᠲᠡᠦᠬᠡᠨ ᠳᠦ ᠪᠡᠨ ᠠᠩᠬ᠎ᠠ ᠤᠳᠠᠭ᠎ᠠ ᠲᠤᠰᠠᠭᠠᠷ ᠲᠣᠭᠲᠠᠨᠢᠭᠰᠠᠨ ᠦᠨᠳᠦᠰᠦᠲᠡᠨ ᠤᠯᠤᠰ ᠪᠣᠯᠤᠭᠰᠠᠨ ᠢᠶᠠᠷ ᠳᠡᠭᠡᠷᠡᠬᠢ ᠪᠠᠶᠢᠳᠠᠯ ᠦᠭᠡᠢ ᠪᠣᠯᠤᠭᠰᠠᠨ᠃ ᠢᠲ᠋ᠠᠯᠢ ᠶᠢᠨ ᠬᠠᠭᠠᠨᠲᠤ ᠵᠠᠰᠠᠭᠯᠠᠯ ᠤᠨ ᠪᠣᠯᠤᠨ ᠳᠡᠯᠡᠬᠡᠢ ᠶᠢᠨ ᠳᠠᠶᠢᠨ ᠤ ᠦᠶ᠎ᠡ ᠳᠦ ᠢᠲ᠋ᠠᠯᠢ ᠨᠢ ᠳᠣᠲᠣᠷ᠎ᠠ ᠪᠠᠨ ᠮᠠᠰᠢ ᠶᠡᠬᠡ ᠵᠥᠷᠢᠴᠡᠯ ᠲᠡᠮᠡᠴᠡᠯ ᠲᠡᠢ ᠪᠠᠶᠢᠭᠰᠠᠨ ᠪᠣᠯᠪᠠᠴᠤ ᠢᠲ᠋ᠠᠯᠢ ᠶᠢᠨ ᠪᠦᠭᠦᠳᠡ ᠨᠠᠶᠢᠷᠠᠮᠳᠠᠬᠤ ᠤᠯᠤᠰ ᠪᠤᠢ ᠪᠣᠯᠤᠭᠰᠠᠨ ᠢᠶᠠᠷ ᠨᠥᠬᠥᠴᠡᠯ ᠪᠠᠶᠢᠳᠠᠯ ᠨᠢ ᠲᠣᠭᠲᠠᠪᠤᠷᠢᠲᠠᠢ ᠪᠣᠯᠤᠭᠰᠠᠨ᠃

ᠥᠨᠥᠳᠥᠷ ᠢᠲ᠋ᠠᠯᠢ ᠤᠯᠤᠰ ᠨᠢ ᠳᠡᠯᠡᠬᠡᠢ ᠳᠦ ДНБ ᠍ ᠦ ᠬᠡᠮᠵᠢᠶ᠎ᠡ ᠪᠡᠷ 7 ᠍ ᠳᠦ᠂ ᠬᠦᠮᠦᠨ ᠦ ᠬᠥᠭᠵᠢᠯ ᠦᠨ ᠢᠨᠳᠧᠺᠰᠡᠭᠡᠷᠡ 17 ᠍ ᠳᠦ ᠤᠷᠤᠬᠤ ᠦᠵᠡᠭᠦᠯᠦᠯᠲᠡ ᠲᠡᠢ᠂ ᠥᠨᠳᠥᠷ ᠬᠥᠭᠵᠢᠭᠰᠡᠨ ᠣᠷᠣᠨ ᠨᠤᠭᠤᠳ ᠤᠨ ᠨᠢᠭᠡ ᠪᠢᠯᠡ᠃ ᠡᠨᠡ ᠤᠯᠤᠰ ᠨᠢ ᠶᠡᠬᠡ ᠨᠠᠶᠢᠮᠠᠧᠦ᠋ᠷᠣᠫᠠ ᠶᠢᠨ ᠬᠣᠯᠪᠣᠭ᠎ᠠᠪᠠᠷᠠᠭᠤᠨ ᠧᠦ᠋ᠷᠣᠫᠠ ᠶᠢᠨ ᠨᠢᠭᠡᠳᠦᠯ ᠦᠨ ᠭᠡᠰᠢᠭᠦᠨ ᠪᠥᠭᠡᠳ ᠣᠳᠣ ᠶᠢᠨ ᠧᠦ᠋ᠷᠣᠫᠠ ᠶᠢᠨ ᠬᠣᠯᠪᠣᠭ᠎ᠠ ᠶᠢ (1957 ᠣᠨ ᠳᠤ ᠷᠤᠮᠠᠨᠢᠶ ᠠ ᠭᠡᠷ ᠢᠶᠡᠨ ᠶᠢ ᠦᠵᠦᠭᠯᠡᠭᠰᠡᠨ) ᠦᠨᠳᠦᠰᠦᠯᠡᠭᠴᠢ ᠣᠷᠣᠨ ᠨᠤᠭᠤᠳ ᠤᠨ ᠨᠢᠭᠡ ᠶᠠᠭᠤᠮ᠎ᠠ᠃ 2007 ᠣᠨ ᠤ 1 ᠰᠠᠷ᠎ᠠ ᠶᠢᠨ 1 ᠍ ᠨ ᠡᠴᠡ ᠡᠬᠢᠯᠡᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠠᠶᠤᠯ ᠦᠭᠡᠢ ᠶᠢᠨ ᠵᠥᠪᠯᠡᠯᠡᠶᠢᠨ ᠪᠠᠶᠢᠩᠭᠤ ᠶᠢᠨ ᠪᠤᠰᠤ ᠭᠡᠰᠢᠭᠦᠨ ᠪᠣᠯᠤᠭᠰᠠᠨ᠃ ᠢᠲ᠋ᠠᠯᠢ ᠤᠯᠤᠰ ᠤᠨ ᠬᠦᠮᠦᠨ ᠠᠮᠠ ᠢᠲᠠᠯᠢᠴᠢ ᠨᠤᠭᠤᠳ ᠠᠴᠠ ᠪᠦᠷᠢᠯᠳᠦᠳᠡᠭ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠲ᠋ᠠᠯᠢ ᠭᠡᠳᠡᠭ ᠦᠭᠡ ᠨᠢ ᠭᠣᠮᠧᠷ ᠍ ᠤᠨ ἱταλός ("ᠲᠤᠭᠤᠯ" ᠭᠡᠰᠡᠨ ᠤᠳᠬ᠎ᠠ ᠲᠠᠢ) ᠭᠡᠰᠡᠨ ᠦᠭᠡᠨ ᠡᠴᠡ ᠭᠠᠷᠤᠯ ᠲᠠᠢ ᠪᠠᠶᠢᠵᠤ ᠪᠣᠯᠬᠤ ᠶᠤᠮ᠃ ᠮᠠᠨ ᠤ ᠡᠷᠡᠨ ᠦ ᠡᠮᠦᠨ᠎ᠡ 8 ᠍ ᠳᠦᠭᠡᠷ ᠵᠠᠭᠤᠨ ᠤ ᠦᠶ᠎ᠡ ᠳᠦ ᠠᠩᠬᠠᠨ ᠤ ᠭᠷᠧᠺ ᠰᠠᠭᠤᠷᠢᠰᠢᠭᠴᠢᠳ ᠶᠪᠶ᠎ᠠ ᠠᠷᠠᠯ ᠠᠴᠠ ᠡᠮᠦᠨᠡᠲᠦ ᠢᠲ᠋ᠠᠯᠢ ᠳᠤ (ᠺᠠᠯᠠᠪᠷᠢᠶᠠ) ᠨᠡᠭᠦᠳᠡᠯᠯᠡᠨ ᠢᠷᠡᠵᠦ᠂ ᠰᠢᠨ᠎ᠡ ᠭᠠᠵᠠᠷ ᠢᠶᠠᠨ "Vitulia" ᠭᠠᠵᠠᠷ ᠪᠤᠶᠤ "ᠲᠤᠭᠤᠯ ᠤᠳ ᠤᠨᠭᠠᠵᠠᠷ" ᠭᠡᠵᠦ ᠨᠡᠷᠡᠯᠡᠵᠡᠢ᠃ ᠢᠩᠭᠢᠵᠦ ᠨᠡᠷᠡᠯᠡᠭᠳᠡᠭᠰᠡᠨ ᠬᠡᠰᠡᠭ ᠨᠢ ᠰᠡᠭᠦᠯ ᠳᠦ ᠪᠡᠨ ᠬᠣᠶᠢᠳᠤ ᠬᠡᠰᠡᠭ ᠷᠦᠦ ᠪᠡᠨ ᠲᠡᠯᠡᠵᠡᠢ᠃ ᠭᠡᠬᠦ ᠳᠦ ᠪᠡᠨ ᠪᠦᠬᠦᠯᠢ ᠪᠦᠲᠦᠨ ᠬᠣᠶᠢᠭ ᠢ ᠨᠡᠷᠡᠯᠡᠬᠦ ᠪᠣᠯᠤᠭᠰᠠᠨ ᠨᠢ ᠵᠥᠪᠬᠡᠨ ᠠᠪᠭᠤᠰᠲᠤᠰ ᠍ ᠤᠨ ᠦᠶ᠎ᠡ ᠳᠦ ᠪᠠᠶᠢᠵᠤ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠲ᠋ᠠᠯᠢ ᠶᠢᠨ ᠨᠤᠲᠤᠭ ᠢᠶᠠᠷ ᠬᠢᠭᠰᠡᠨ ᠠᠷᠬᠧᠯᠢᠭ ᠤᠨ ᠮᠠᠯᠲᠠᠯᠲᠠ ᠨᠤᠭᠤᠳ ᠨᠢ ᠡᠨᠡ ᠨᠤᠲᠤᠭ ᠲᠤ ᠬᠦᠮᠦᠰ ᠬᠠᠭᠤᠴᠢᠨ ᠴᠢᠯᠠᠭᠤᠨ ᠵᠡᠪᠰᠡᠭ ᠦᠨ ᠦᠶ᠎ᠡ ᠪᠤᠶᠤ ᠪᠠᠷᠤᠭᠴᠠᠭ᠎ᠠ ᠪᠠᠷ 200,000 ᠵᠢᠯ ᠦᠨ ᠡᠮᠦᠨ᠎ᠡ ᠠᠮᠢᠳᠤᠷᠠᠵᠤ ᠪᠠᠶᠢᠭᠰᠠᠨ ᠢ ᠨᠣᠲᠠᠯᠠᠳᠠᠭ᠃

ᠢᠲ᠋ᠠᠯᠢ ᠨᠢ ᠪᠦᠬᠦᠯᠢ ᠪᠦᠲᠦᠨ ᠭᠠᠵᠠᠷ ᠤᠨ ᠳᠤᠮᠳᠠᠳᠤ ᠲᠡᠩᠭᠢᠰᠡᠶᠢᠨ ᠪᠥᠰᠡ ᠨᠤᠲᠤᠭ ᠤᠨ ᠨᠡᠶᠢᠭᠡᠮ᠂ ᠰᠤᠶᠤᠯ ᠤᠨ ᠬᠥᠭᠵᠢᠯᠳᠦ ᠠᠰᠤᠷᠤ ᠶᠡᠬᠡ ᠨᠥᠯᠥᠭᠡ ᠦᠵᠡᠭᠦᠯᠦᠭᠡᠳ ᠪᠠᠷᠠᠬᠤ ᠦᠭᠡᠢ ᠧᠦ᠋ᠷᠣᠫᠠ ᠶᠢᠨ ᠰᠤᠶᠤᠯ ᠳᠤ ᠴᠤ ᠮᠥᠨ ᠭᠦᠨᠵᠡᠭᠡᠢ ᠨᠥᠯᠦᠭᠡᠯᠡᠵᠦ ᠪᠠᠶᠢᠭᠰᠠᠨ᠃ ᠡᠭᠦᠨ ᠦ ᠦᠷ᠎ᠡ ᠳ᠋ᠦᠩ ᠳᠦ ᠪᠤᠰᠤᠳ ᠲᠣᠮᠣᠬᠠᠨ ᠰᠤᠶᠤᠯ ᠢᠷᠭᠡᠨᠰᠢᠯ ᠳᠦ ᠨᠥᠯᠦᠭᠡᠯᠡᠵᠦ ᠪᠠᠶᠢᠪᠠ᠃ ᠡᠳᠡᠭᠡᠷ ᠰᠤᠶᠤᠯ ᠢᠷᠭᠡᠨᠰᠢᠯ ᠨᠢ ᠡᠷᠲᠡ ᠦᠶᠡᠰ ᠡᠨᠡ ᠪᠥᠰᠡ ᠨᠤᠲᠤᠭ ᠲᠤ ᠣᠷᠣᠰᠢᠨ ᠲᠣᠭᠲᠠᠨᠢᠵᠤ ᠪᠠᠶᠢᠯ᠎ᠠ᠃ ᠳᠡᠯᠡᠬᠡᠢ ᠶᠢᠨ ᠡᠨᠡ ᠬᠡᠰᠡᠭ ᠲᠦ ᠮᠠᠨᠤᠶ᠎ᠠ ᠭᠠᠷᠧᠼᠢᠭ᠎ᠠ ᠶᠢᠨ (Magna Graecia) ᠳᠠᠷᠠᠭ᠎ᠠ ᠡᠲᠦᠷᠦᠰ᠂ ᠢᠯᠠᠩᠭᠤᠶ᠎ᠠ ᠷᠤᠮᠠᠨᠢᠶ ᠠ ᠪᠦᠭᠦᠳᠡ ᠨᠠᠶᠢᠷᠠᠮᠳᠠᠬᠤ ᠤᠯᠤᠰ ᠪᠣᠯᠤᠨ ᠡᠵᠡᠨ ᠳᠦ ᠭᠦᠷᠦᠨ ᠦ ᠰᠤᠶᠤᠯ ᠢᠷᠭᠡᠨᠰᠢᠯ ᠣᠯᠠᠨ ᠵᠠᠭᠤᠨ ᠤ ᠲᠤᠷᠰᠢ ᠴᠡᠴᠡᠭᠯᠡᠨ ᠬᠥᠭᠵᠢᠵᠡᠢ᠃ ᠢᠲ᠋ᠠᠯᠢ ᠨᠢ ᠰᠡᠷᠭᠦᠨ ᠮᠠᠨᠳᠤᠯᠲᠠ ᠶᠢᠨ ᠦᠶ᠎ᠡ ᠶᠢᠨ ᠧᠦ᠋ᠷᠣᠫᠠ ᠶᠢᠨ ᠰᠢᠨᠵᠢᠯᠡᠨ ᠤᠬᠠᠭᠠᠨ᠂ ᠤᠷᠠᠯᠢᠭ ᠤᠨ ᠲᠥᠪ ᠪᠠᠶᠢᠭᠰᠠᠨ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡ ᠤᠯᠤᠰ ᠪᠣᠯᠤᠭᠰᠠᠨ ᠠᠴᠠ ᠬᠣᠶᠢᠰᠢᠬᠢ ᠬᠦᠮᠦᠨ ᠠᠮᠠ ᠶᠢᠨ ᠲᠣᠭᠠᠨ ᠤ ᠥᠭᠡᠷᠡᠴᠢᠯᠡᠯᠲᠡ᠃
1861 ᠣᠨ ᠳᠤ 22 ᠰᠠᠶ᠎ᠠ᠂ 1936 ᠣᠨ ᠳᠤ 43 ᠰᠠᠶ᠎ᠠ᠂ 2011 ᠣᠨ ᠳᠤ 61 ᠰᠠᠶ᠋ᠢ᠃

ᠢᠲ᠋ᠠᠯᠢ ᠤᠯᠤᠰ ᠲᠤ 2011 ᠣᠨ ᠳᠤ 60,626,442[5] ᠬᠦᠮᠦᠨ ᠣᠷᠣᠰᠢᠨ ᠰᠠᠭᠤᠵᠤ ᠪᠠᠶᠢᠭᠰᠠᠨ᠃ ᠬᠦᠮᠦᠨ ᠠᠮᠠ ᠶᠢᠨ ᠨᠢᠭᠲᠠᠰᠢᠯ ᠨᠢ 201/ᠺᠮ²᠃ ᠥᠷᠥᠨᠡᠲᠦ ᠧᠦ᠋ᠷᠣᠫᠠ ᠲᠤ ᠵᠢᠱᠢᠪᠡᠯ ᠭᠧᠷᠮᠠᠨᠠ ᠠᠴᠠ ᠠᠷᠠᠢ ᠰᠡᠶᠢᠷᠡᠭ᠂ ᠹᠷᠠᠨᠼᠢᠠ ᠠᠴᠠ ᠠᠷᠠᠢ ᠨᠢᠭᠲᠠᠴᠠ ᠭᠡᠰᠡᠨ ᠦᠭᠡ᠃ ᠢᠲ᠋ᠠᠯᠢ ᠶᠢᠨ ᠪᠠᠶᠢᠷᠢᠨ ᠬᠦᠮᠦᠨ ᠠᠮᠠ ᠶᠢᠨ 92.5% ᠨᠢ ᠢᠲ᠋ᠠᠯᠢ ᠦᠨᠳᠦᠰᠦᠲᠡᠨ᠂ ᠬᠠᠷᠢᠨ ᠦᠯᠡᠳᠡᠭᠰᠡᠨ 4.7 ᠰᠠᠶ᠎ᠠ ᠨᠢ ᠭᠠᠳᠠᠭᠠᠳᠤ ᠠᠴᠠ ᠳᠡᠭᠡᠷ᠎ᠡ ᠦᠶ᠎ᠡ ᠳᠦ ᠢᠷᠡᠭᠰᠡᠨ ᠬᠦᠮᠦᠨ ᠦ ᠦᠷ᠎ᠡ ᠬᠣᠶᠢᠴᠢᠰ ᠶᠤᠮ ᠤᠤ ᠡᠰᠡᠪᠡᠯ ᠰᠠᠶ᠋ᠢᠬᠠᠨ ᠤ ᠴᠠᠭᠠᠴᠢᠳ ᠪᠠᠶᠢᠳᠠᠭ᠃ ᠶᠠᠮᠠᠷ ᠲᠤ ᠪᠠᠨ ᠴᠤ ᠢᠲ᠋ᠠᠯᠢ ᠨᠢ ᠳᠡᠯᠡᠬᠡᠢ ᠶᠢᠨ ᠳᠤᠮᠳᠠᠴᠢ ᠠᠴᠠ ᠳᠡᠭᠡᠭᠦᠷ ᠪᠠᠶᠢᠬᠤ 23 ᠍ ᠳᠦᠭᠡᠷ ᠣᠯᠠᠨ ᠬᠦᠮᠦᠨ ᠲᠡᠢ᠂ 43 ᠍ ᠳᠦᠭᠡᠷ ᠰᠢᠭᠢᠭᠦᠦ ᠰᠠᠭᠤᠷᠢᠰᠢᠳᠠᠭ ᠲᠤᠰᠠᠭᠠᠷ ᠤᠯᠤᠰ ᠶᠤᠮ᠃ ᠤᠯᠤᠰ ᠳᠣᠲᠣᠷ᠎ᠠ ᠪᠠᠨ ᠭᠠᠵᠠᠷ ᠪᠦᠷᠢ ᠳᠦ ᠠᠳᠠᠯᠢ ᠦᠭᠡᠢ᠃ ᠬᠣᠶᠢᠳᠤ ᠵᠦᠭ ᠦᠨ ᠫᠣ ᠭᠣᠣᠯ ᠍ ᠤᠨ ᠬᠥᠨᠳᠡᠢ ᠪᠣᠯᠤᠨ ᠨᠡᠶᠢᠰᠯᠡᠯ ᠷᠤᠮᠠ᠂ ᠤᠷᠢᠳᠤ ᠵᠦᠭ ᠦᠨ ᠨᠠᠫᠣᠯᠢ ᠬᠣᠶᠠᠷ ᠬᠣᠲᠠ ᠶᠢᠨ ᠬᠠᠪᠢ ᠭᠠᠵᠠᠷ ᠢᠶᠠᠷ ᠢᠯᠡᠭᠦᠦ ᠰᠢᠪᠠᠵᠢ ᠰᠠᠭᠤᠳᠠᠭ ᠪᠣᠯ ᠠᠯᠫᠠᠫᠫᠧᠨᠢᠨ ᠦ ᠠᠭᠤᠯᠠ ᠨᠢᠷᠤᠭᠤᠳ᠂ ᠰᠠᠷᠳᠢᠨ ᠠᠷᠠᠯ ᠢᠶᠠᠷ ᠠᠷᠠᠢ ᠲᠠᠷᠠᠤ ᠰᠠᠭᠤᠳᠠᠭ᠃

ᠢᠲ᠋ᠠᠯᠢ ᠳᠤ ᠷᠤᠮᠠ (2.7 ᠰᠠᠶ᠎ᠠ), ᠮᠢᠯᠠᠨ (1.3 ᠰᠠᠶ᠎ᠠ), ᠨᠠᠫᠣᠯᠢ (963 ᠮᠢᠩᠭ᠎ᠠ ᠪᠠᠨ᠃), ᠲᠤᠷᠢᠨᠫᠠᠯᠧᠷᠮᠣᠭᠧᠨᠤᠶᠠ (607 ᠮᠢᠩᠭ᠎ᠠ ᠪᠠᠨ᠃) ᠭᠡᠵᠦ ᠳᠠᠷᠠᠭᠠᠯᠠᠬᠤ ᠰᠠᠶᠠᠲᠠᠨ 2 ᠬᠣᠲᠠ᠂ ᠲᠠᠪᠤᠨ ᠪᠤᠮ ᠠᠴᠠ ᠣᠯᠠᠨ ᠬᠦᠮᠦᠨᠲᠡᠢ ᠪᠦᠭᠦᠳᠡ 6 ᠬᠣᠲᠠ ᠪᠠᠶᠢᠨ᠎ᠠ᠃

ᠶᠠᠰᠤ ᠦᠨᠳᠦᠰᠦ᠂ ᠤᠭ ᠭᠠᠷᠯᠠᠷᠠᠬ ᠢᠲ᠋ᠠᠯᠢ ᠤᠯᠤᠰ ᠤᠨ ᠬᠦᠮᠦᠨ ᠠᠮᠠ ᠶᠢᠨ/ᠢᠲᠠᠯᠢᠢᠩᠬᠠᠨ ᠤ ᠪᠦᠷᠢᠯᠳᠦᠬᠦᠨ (2010.01.01)
ᠭᠠᠷᠤᠯ/ᠭᠠᠷᠪᠠᠯᠢ ᠬᠦᠮᠦᠨ ᠦ ᠲᠣᠭ᠎ᠠ ᠡᠵᠡᠯᠡᠬᠦ ᠬᠤᠪᠢ
ᠢᠲ᠋ᠠᠯᠢ ᠦᠨᠳᠦᠰᠦᠲᠡᠨ 56,118,099 92.47%
ᠷᠤᠮᠠᠨᠢᠶ ᠠ 1,200,000 1.98%
ᠤᠮᠠᠷᠠᠳᠤ ᠠᠹᠷᠢᠺᠠ ᠶᠢᠨ 646,624 1.07%
ᠠᠯᠪᠠᠨᠢ 466,684 0.77%
ᠬᠢᠲᠠᠳ 188,352 0.28%
ᠦᠺᠷᠠᠶᠢᠨ 153,998 0.31%
ᠠᠽᠢ ᠶᠢᠨ (ᠬᠢᠲᠠᠳ ᠪᠤᠰᠤ) 499,013 0.83%
ᠯᠠᠲ᠋ᠢᠨ ᠠᠮᠧᠷᠢᠺᠠ ᠶᠢᠨ 324,917 0.54%
ᠡᠮᠦᠨᠡᠲᠦ ᠰᠠᠬᠠᠷ ᠤᠨ 285,169 0.47%
ᠪᠤᠰᠤᠳ ᠭᠠᠷᠤᠯ 782,549 1.29%

ᠲᠥᠷᠥ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠢᠲ᠋ᠠᠯᠢ ᠤᠯᠤᠰ ᠤᠨ 11 ᠍ ᠳᠦᠭᠡᠷ ᠤᠳᠠᠭ᠎ᠠ ᠶᠢᠨ ᠪᠤᠶᠤ ᠣᠳᠣ ᠶᠢᠨ ᠶᠡᠷᠦᠩᠬᠡᠶᠢᠯᠡᠭᠴᠢ ᠵᠣᠷᠵᠣ ᠨᠠᠫᠣᠯᠢᠲ᠋ᠠᠨ᠎ᠠ

ᠢᠲ᠋ᠠᠯᠢ ᠤᠯᠤᠰ 1946 ᠣᠨ ᠳᠤ ᠪᠦᠬᠦ ᠨᠡᠶᠢᠲᠡ ᠶᠢᠨ ᠰᠠᠨᠠᠯ ᠠᠰᠠᠭᠤᠯᠭ᠎ᠠᠠᠷᠤ ᠬᠠᠭᠠᠨᠲᠤ ᠵᠠᠰᠠᠭ ᠠᠴᠠ ᠲᠠᠲᠠᠭᠠᠯᠵᠠᠭᠰᠠᠨ ᠢᠶᠠᠷ ᠢᠶᠠᠨ ᠲᠥᠷᠥ ᠶᠢᠨ ᠪᠠᠶᠢᠭᠤᠯᠤᠮᠵᠢ ᠶᠢᠨ ᠬᠤᠪᠢ ᠳᠤ ᠨᠢᠭᠡᠳᠦᠮᠡᠯ᠂ ᠲᠥᠷᠥ ᠶᠢᠨ ᠬᠡᠯᠪᠡᠷᠢ ᠶᠢᠨ ᠬᠤᠪᠢ ᠳᠤ ᠫᠠᠷᠯᠠᠮᠧᠨᠲ ᠤᠨ ᠡᠷᠬᠡ ᠮᠡᠳᠡᠯ ᠳᠠᠪᠠᠮᠠᠭᠠᠢ ᠪᠦᠭᠦᠳᠡ ᠨᠠᠶᠢᠷᠠᠮᠳᠠᠬᠤ ᠵᠠᠰᠠᠭ ᠪᠦᠬᠦᠢ ᠤᠯᠤᠰ ᠪᠣᠯᠤᠭᠰᠠᠨ᠃ ᠲᠥᠷᠥ ᠶᠢᠨ ᠲᠡᠷᠢᠭᠦᠨ ᠪᠤᠶᠤ ᠶᠡᠷᠦᠩᠬᠡᠶᠢᠯᠡᠭᠴᠢ ᠨᠢ ᠵᠥᠪᠬᠡᠨ ᠨᠢᠭᠡ ᠤᠳᠠᠭ᠎ᠠ᠂ ᠳᠣᠯᠣᠭᠠᠨ ᠵᠢᠯ ᠢᠶᠡᠷ ᠫᠠᠷᠯᠠᠮᠧᠨᠲ ᠤᠨ ᠬᠣᠶᠠᠷ ᠲᠠᠩᠬᠢᠮ ᠤᠨ ᠬᠠᠮᠲᠤ ᠶᠢᠨ ᠰᠢᠢᠳᠪᠦᠷᠢ ᠪᠡᠷ ᠰᠣᠩᠭᠣᠭᠳᠠᠳᠠᠭ᠃

ᠢᠲ᠋ᠠᠯᠢ ᠳᠤ ᠣᠳᠣ ᠫᠠᠷᠠᠯᠮᠧᠨᠲ (ᠤᠯᠤᠰ ᠤᠨ ᠬᠤᠷᠠᠯ) ᠍ ᠪᠠᠨ ᠬᠤᠪᠢ ᠲᠡᠩᠴᠡᠭᠦᠯᠬᠦ (ᠫᠷᠣᠫᠤᠷᠼᠢᠶᠣᠨᠠᠯᠢ) ᠠᠷᠭ᠎ᠠ ᠪᠠᠷ ᠰᠣᠩᠭᠣᠵᠤ ᠪᠠᠶᠢᠨ᠎ᠠ (2005 ᠣᠨ ᠳᠤ ᠰᠣᠩᠭᠣᠭᠤᠯᠢ ᠶᠢᠨ ᠬᠠᠤᠯᠢᠨ ᠳᠤ ᠪᠠᠨ ᠨᠡᠮᠡᠯᠲᠡ ᠥᠭᠡᠷᠡᠴᠢᠯᠡᠯᠲᠡ ᠣᠷᠣᠭᠤᠯᠬᠤ ᠠᠴᠠ ᠡᠮᠦᠨ᠎ᠡ ᠰᠣᠩᠭᠣᠭᠤᠯᠢ ᠶᠢᠨ ᠬᠣᠯᠢᠮᠠᠭ ᠲᠣᠭᠲᠠᠯᠴᠠᠭ᠎ᠠ ᠪᠤᠶᠤ 630 ᠲᠥᠯᠥᠭᠡᠯᠡᠭᠴᠢᠳ ᠦᠨ 1/4 ᠫᠷᠣᠫᠤᠷᠼᠢᠶᠣᠨᠠᠯᠢ᠂ 3/4 ᠮᠠᠵᠢᠷᠢᠲ᠋ᠠᠷ ᠠᠷᠭ᠎ᠠ ᠪᠠᠷ ᠰᠣᠩᠭᠣᠯᠲᠠ ᠪᠠᠨ ᠬᠢᠳᠡᠭ ᠪᠠᠶᠢᠪᠠ). ᠰᠧᠨᠠᠲ᠋ᠴᠢ ᠨᠠᠷ ᠢ ᠴᠤ ᠮᠥᠨ ᠡᠨᠡᠬᠦ ᠠᠷᠭ᠎ᠠ ᠪᠠᠷ ᠰᠣᠩᠭᠣᠳᠠᠭ ᠰᠣᠩᠭᠣᠭᠤᠯᠢ ᠶᠢᠨ ᠲᠣᠭᠲᠠᠯᠴᠠᠭ᠎ᠠ ᠲᠠᠢ ᠪᠥᠭᠡᠳ ᠪᠦᠭᠦᠳᠡ ᠨᠠᠶᠢᠷᠠᠮᠳᠠᠬᠤ ᠤᠯᠤᠰ ᠤᠨ ᠶᠡᠷᠦᠩᠬᠡᠶᠢᠯᠡᠭᠴᠢ 5 ᠰᠧᠨᠠᠲ᠋ᠴᠢ ᠶᠢ ᠲᠤᠮᠢᠯᠠᠬᠤ ᠡᠷᠬᠡ ᠲᠡᠢ᠃ ᠰᠧᠨᠠᠲ (ᠳᠡᠭᠡᠳᠦ), ᠲᠥᠯᠥᠭᠡᠯᠡᠭᠴᠢᠳ ᠦᠨ ᠲᠠᠩᠬᠢᠮ (ᠳ᠋ᠣᠣ ᠳᠤ) ᠨᠢ ᠡᠷᠬᠡ ᠲᠡᠭᠰᠢ ᠡᠷᠬᠡ ᠲᠡᠢ᠂ ᠲᠤᠰ ᠲᠤᠰ ᠤᠨ ᠡᠭᠦᠷᠭᠡ ᠲᠡᠢ᠃

ᠰᠧᠨᠠᠲ ᠢᠶᠠᠨ ᠢᠲ᠋ᠠᠯᠢ ᠪᠠᠷ ᠠᠯᠪᠠᠨ ᠶᠣᠰᠣᠭᠠᠷ Senato della Repubblica, ᠲᠣᠪᠴᠢᠯᠠᠭᠠᠳ Senato ᠭᠡᠨ᠎ᠡ᠃ ᠠᠯᠪᠠᠨ ᠨᠡᠷ᠎ᠡ ᠨᠢ ᠮᠣᠩᠭᠣᠯ ᠢᠶᠠᠷ «ᠪᠦᠭᠦᠳᠡ ᠨᠠᠶᠢᠷᠠᠮᠳᠠᠬᠤ ᠤᠯᠤᠰ ᠤᠨ ᠰᠧᠨᠠᠲ» ᠭᠡᠵᠦ ᠦᠭᠡᠴᠢᠯᠡᠨ ᠣᠷᠴᠢᠭᠤᠯᠤᠭᠳᠠᠬᠤ ᠠᠪᠴᠤ «ᠤᠯᠤᠰ ᠤᠨ ᠰᠧᠨᠠᠲ»᠂ «ᠢᠲᠠᠯᠢ ᠤᠯᠤᠰ ᠤᠨ ᠰᠧᠨᠠᠲ» ᠭᠡᠪᠡᠯ ᠣᠶᠢᠯᠠᠭᠠᠮᠵᠢᠲᠠᠢ ᠪᠣᠯᠤᠨ᠎ᠠ᠃ ᠨᠢᠭᠡ ᠡᠭᠡᠯᠵᠢ ᠶᠢᠨ ᠰᠧᠨᠠᠲ ᠤᠨ ᠪᠦᠷᠢᠨ ᠡᠷᠬᠡ ᠶᠢᠨ ᠬᠤᠭᠤᠴᠠᠭ᠎ᠠ 5 ᠵᠢᠯ᠂ ᠪᠦᠭᠦᠳᠡ 315 ᠰᠧᠨᠠᠲ᠋ᠴᠢ (ᠢᠲ᠋ᠠᠯᠢ ᠪᠠᠷ senatore) ᠰᠠᠭᠤᠬᠤ ᠪᠠᠷ ᠵᠠᠩᠰᠢᠵᠤ ᠲᠣᠭᠲᠠᠭᠰᠠᠨ᠃ ᠡᠭᠦᠨ ᠦ 309 ᠨᠢ ᠢᠲ᠋ᠠᠯᠢ ᠶᠢᠨ 20 ᠮᠤᠵᠢ ᠠᠴᠠ᠂ 6 ᠨᠢ ᠭᠠᠳᠠᠭᠠᠳᠤ ᠠᠴᠠ ᠰᠣᠩᠭᠣᠭᠳᠠᠨ᠎ᠠ᠃ ᠣᠳᠣ ᠶᠢᠨ ᠰᠧᠨᠠᠲ᠋ᠴᠢᠳ ᠠᠴᠠ 7 ᠨᠢ ᠪᠠᠶᠢᠩᠭᠤ ᠶᠢᠨ ᠰᠧᠨᠠᠲ᠋ᠴᠢ ᠪᠣᠯᠵᠤ ᠴᠢᠳᠠᠭᠰᠠᠨ ᠪᠠᠶᠢᠳᠠᠭ᠃

ᠢᠲ᠋ᠠᠯᠢ ᠶᠢᠨ ᠫᠠᠷᠯᠠᠮᠧᠨᠲ ᠤᠨ ᠲᠥᠯᠥᠭᠡᠯᠡᠭᠴᠢᠳ ᠦᠨ ᠲᠠᠩᠬᠢᠮ ᠳᠤ 630 ᠲᠥᠯᠥᠭᠡᠯᠡᠭᠴᠢ ᠰᠠᠭᠤᠨ᠎ᠠ᠃ 618 ᠍ ᠢ ᠢᠲ᠋ᠠᠯᠢ ᠤᠯᠤᠰ ᠤᠨ ᠳᠣᠲᠣᠷ᠎ᠠ ᠠᠴᠠ᠂ 12 ᠍ ᠢ ᠭᠠᠳᠠᠭᠠᠳᠤ ᠤᠯᠤᠰ ᠲᠤ ᠰᠠᠭᠤᠭ᠎ᠠ ᠢᠲ᠋ᠠᠯᠢ ᠶᠢᠨ ᠢᠷᠭᠡᠳ ᠰᠤᠩᠭᠤᠬᠤ ᠤᠴᠢᠷᠲᠠᠢ᠃ ᠪᠦᠷᠢᠨ ᠡᠷᠬᠡ ᠶᠢᠨ ᠬᠤᠭᠤᠴᠠᠭ᠎ᠠ ᠨᠢ 5 ᠵᠢᠯ᠃ ᠣᠳᠣ ᠪᠠᠷᠠᠭᠤᠨ ᠲᠥᠪ ᠦᠵᠡᠯᠲᠡ "ᠡᠷᠬᠡ ᠴᠢᠯᠦᠭᠡᠲᠦ ᠠᠷᠠᠳ ᠲᠦᠮᠡᠨ" ᠨᠠᠮ ᠪᠤᠰᠤᠳ ᠠᠴᠠ ᠪᠠᠨ ᠣᠯᠠᠨ ᠪᠤᠶᠤ 209 ᠰᠠᠭᠤᠳᠠᠯ ᠲᠠᠢ᠃ ᠰᠧᠨᠠᠲ᠋ᠴᠢ ᠬᠦᠮᠦᠨ 40 ᠨᠠᠰᠤ᠂ ᠲᠥᠯᠥᠭᠡᠯᠡᠭᠴᠢᠳ ᠦᠨ ᠲᠠᠩᠬᠢᠮ ᠤᠨ ᠭᠡᠰᠢᠭᠦᠨ 25 ᠍ ᠠᠴᠠ ᠳᠣᠭᠣᠭᠰᠢ ᠦᠭᠡᠢ ᠨᠠᠰᠤᠲᠠᠢ ᠪᠠᠶᠢᠬᠤ ᠶᠣᠰᠣᠲᠠᠢ᠃[6]

ᠶᠡᠷᠦᠩᠬᠡᠶᠢᠯᠡᠭᠴᠢ ᠨᠡᠷᠡ ᠲᠣᠪᠯᠠᠵᠤ᠂ ᠫᠠᠷᠯᠠᠮᠧᠨᠲ ᠤᠨ ᠣᠯᠠᠩᠬᠢ ᠢᠲᠡᠭᠡᠭᠰᠡᠨ ᠢᠶᠡᠷ ᠢᠲ᠋ᠠᠯᠢ ᠶᠢᠨ ᠶᠡᠷᠦᠩᠬᠡᠢ ᠰᠠᠶᠢᠳ ᠪᠤᠶᠤ ᠵᠠᠰᠠᠭ ᠤᠨ ᠭᠠᠵᠠᠷ ᠤᠨ ᠲᠡᠷᠢᠭᠦᠨᠡᠭᠡᠷᠡ ᠨᠢᠭᠡ ᠬᠦᠮᠦᠨ ᠰᠣᠩᠭᠣᠭᠳᠠᠳᠠᠭ᠃ ᠡᠨᠡ ᠠᠯᠪᠠᠨ ᠲᠤᠰᠢᠶᠠᠯ ᠢ ᠢᠲ᠋ᠠᠯᠢ ᠪᠠᠷ Presidente del Consiglio dei Ministri ᠭᠡᠬᠦ ᠨᠢ ᠮᠣᠩᠭᠣᠯᠴᠢᠯᠠᠪᠠᠯ «ᠰᠠᠶᠢᠳ ᠨᠠᠷ ᠤᠨ ᠵᠥᠪᠯᠡᠯ ᠦᠨ ᠳᠠᠷᠤᠭ ᠠ» ᠭᠡᠳᠡᠭ ᠲᠡᠢ ᠶᠠᠭ ᠲᠠᠭᠠᠷᠠᠨ᠎ᠠ᠃ ᠢᠲ᠋ᠠᠯᠢ ᠶᠢᠨ ᠵᠠᠰᠠᠭ ᠤᠨ ᠭᠠᠵᠠᠷ ᠤᠨ ᠲᠠᠩᠬᠢᠮᠪᠤᠶᠤ ᠰᠠᠶᠢᠳ ᠨᠠᠷ ᠤᠨ ᠵᠥᠪᠯᠡᠯ 18 ᠰᠠᠶᠢᠳᠲᠠᠶᠢᠭ᠎ᠠ ᠠᠴᠠ 6 ᠨᠢ ᠡᠷᠬᠢᠯᠡᠭᠰᠡᠨ ᠶᠠᠮᠤ ᠦᠭᠡᠢ ᠪᠠᠶᠢᠳᠠᠭ᠃ ᠢᠲ᠋ᠠᠯᠢ ᠤᠯᠤᠰ ᠨᠢ ᠤᠯᠤᠰ ᠲᠥᠷᠥ ᠶᠢᠨ ᠬᠤᠪᠢ ᠳᠤ ᠪᠠᠷᠠᠭᠤᠨ ᠧᠦ᠋ᠷᠣᠫᠠ ᠶᠢᠨ ᠪᠤᠰᠤᠳ ᠤᠯᠤᠰ ᠣᠷᠣᠨ ᠨᠤᠭᠤᠳ ᠲᠠᠢ ᠬᠠᠷᠢᠴᠠᠭᠤᠯᠬᠤ ᠳᠤ ᠬᠠᠷᠢᠴᠠᠩᠭᠤᠢ ᠲᠣᠭᠲᠠᠪᠤᠷᠢ ᠦᠭᠡᠢ ᠪᠥᠭᠡᠳ ᠡᠬᠢᠨ ᠦ ᠡᠪᠰᠡᠯ ᠢ ᠲᠡᠷᠢᠭᠦᠯᠡᠵᠦ ᠪᠠᠶᠢᠭᠰᠠᠨ ᠠᠯᠢᠴᠢᠳᠧ ᠳᠧ ᠭᠠᠰᠫᠧᠷᠢ᠂ ᠮᠥᠨ ᠺᠠᠷᠯᠠ ᠴᠢᠶᠠᠮᠫᠢ ᠨᠠᠷ ᠤᠨ ᠵᠠᠰᠠᠭᠯᠠᠯ ᠬᠠᠮᠤᠭ ᠤᠨ ᠲᠣᠭᠲᠠᠪᠤᠷᠢᠲᠠᠢ ᠪᠠᠶᠢᠭᠰᠠᠨ᠃ ᠣᠳᠣ ᠶᠢᠨ ᠶᠡᠷᠦᠩᠬᠡᠢ ᠰᠠᠶᠢᠳ ᠨᠢ 2011 ᠣᠨ ᠳᠤ ᠲᠣᠮᠢᠯᠠᠭᠳᠠᠭᠰᠠᠨ ᠮᠠᠷᠢᠶ᠎ᠠ ᠮᠣᠨᠲ᠋ᠢ ᠪᠥᠭᠡᠳ 2013 ᠣᠨ ᠤ 2 ᠰᠠᠷ᠎ᠠ ᠶᠢᠨ 25 ᠍ ᠳᠦ ᠪᠣᠯᠤᠭᠰᠠᠨ ᠰᠣᠩᠭᠣᠭᠤᠯᠢ ᠶᠢᠨ ᠦᠷ᠎ᠡ ᠳ᠋ᠦᠩ ᠪᠡᠷ ᠰᠢᠨ᠎ᠡ ᠵᠠᠰᠠᠭ ᠤᠨ ᠭᠠᠵᠠᠷ ᠪᠠᠶᠢᠭᠤᠯᠤᠭᠳᠠᠬᠤ ᠶᠣᠰᠣᠲᠠᠢ᠃

ᠨᠤᠲᠤᠭ ᠤᠨ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠲ᠋ᠠᠯᠢ ᠤᠯᠤᠰ ᠣᠳᠣ ᠣᠷᠣᠨ ᠨᠤᠲᠤᠭ ᠢᠶᠠᠨ ᠵᠠᠰᠠᠴᠢ ᠵᠠᠬᠢᠷᠬᠤ ᠳᠤ ᠪᠠᠨ ᠭᠤᠷᠪᠠᠨ ᠲᠦᠪᠰᠢᠨ ᠳᠦ᠂ ᠭᠤᠷᠪᠠᠨ ᠵᠦᠢᠯ ᠦᠨ ᠨᠢᠭᠡᠴᠡ ᠪᠡᠷ ᠬᠤᠪᠢᠶᠠᠵᠤ ᠪᠠᠶᠢᠭ᠎ᠠ᠃

ᠢᠲ᠋ᠠᠯᠢ ᠪᠠᠷ ᠲᠣᠮᠣ ᠲᠦᠪᠰᠢᠨ ᠦ ᠨᠢᠭᠡᠴᠡ ᠶᠢᠨ ᠵᠦᠢᠯ ᠢ ᠨᠢ regione (ᠣᠷᠣᠰ ᠶᠢᠡᠷ ᠣᠪᠯᠠᠰᠲ ᠪᠣᠯᠤᠨ ᠷᠧᠭᠢᠨ; ᠠᠩᠭᠯᠢ ᠪᠠᠷ region), ᠳᠤᠮᠳᠠ ᠨᠢᠭᠡᠴᠡ ᠶᠢ provincia (ᠣᠷᠣᠰ ᠢᠶᠠᠷ ᠫᠷᠣᠸᠢᠨᠼᠢᠶ᠎ᠠ; ᠠᠩᠭᠯᠢ ᠪᠠᠷ province), ᠪᠠᠭ᠎ᠠ ᠨᠢᠭᠡᠴᠡ ᠶᠢ comune (ᠣᠷᠣᠰ ᠢᠶᠠᠷ ᠺᠣᠮᠮᠤᠶᠢᠨ᠎ᠠ ᠪᠣᠯᠤᠨ ᠣᠪᠱᠢᠨᠠ; ᠠᠩᠭᠯᠢ ᠪᠠᠷ municipality) ᠭᠡᠵᠦ ᠪᠢᠴᠢᠨ᠎ᠡ᠃ ᠬᠦᠮᠦᠨ ᠠᠮᠠ ᠶᠢᠨ ᠲᠣᠭ᠎ᠠ᠂ ᠣᠷᠣᠰ ᠮᠣᠩᠭᠣᠯ᠂ ᠮᠣᠩᠭᠣᠯ ᠠᠩᠭᠯᠢ᠂ ᠠᠩᠭᠯᠢ ᠮᠣᠩᠭᠣᠯ ᠣᠷᠴᠢᠭᠤᠯᠭ᠎ᠠ᠂ ᠰᠠᠭᠤᠷᠢᠨ ᠲᠥᠪ ᠲᠦ ᠣᠨᠴᠠᠯᠢᠭ ᠢ ᠨᠢ ᠠᠵᠢᠭᠡᠯᠡᠪᠠᠯ ᠲᠣᠮᠣ ᠨᠢᠭᠡᠴᠡ ᠶᠢ ᠨᠢ ᠮᠣᠩᠭᠣᠯ ᠢᠶᠠᠷ «ᠮᠤᠵᠢ»᠂ ᠳᠤᠮᠳᠠ ᠨᠢᠭᠡᠴᠡ ᠶᠢ ᠨᠢ «ᠠᠶᠢᠮᠠᠭ»᠂ ᠪᠠᠭ᠎ᠠ ᠨᠢᠭᠡᠴᠡ ᠶᠢ ᠨᠢ «ᠰᠠᠭᠤᠷᠢᠨ» ᠭᠡᠵᠦ (ᠮᠣᠩᠭᠣᠯᠴᠢᠯᠠᠬᠤ ᠠᠯᠪᠠ ᠦᠭᠡᠢ ᠵᠢᠵᠢᠭ ᠭᠡᠵᠦ ᠦᠵᠡᠪᠡᠯ ᠫᠠᠷᠢᠰ ᠤᠨ ᠺᠣᠮᠮᠤᠶᠢᠨ ᠭᠡᠳᠡᠭ ᠰᠢᠭ «ᠺᠣᠮᠮᠤᠶᠢᠨ») ᠭᠡᠵᠦ ᠵᠦᠢᠯᠴᠢᠯᠡᠬᠦ ᠳᠦ ᠪᠤᠷᠤᠭᠤᠳᠠᠬᠤ ᠪᠠᠷ ᠦᠭᠡᠢ ᠪᠠᠶᠢᠨ᠎ᠠ᠃ ᠡᠨᠡ ᠶᠣᠰᠣᠭᠠᠷ ᠪᠣᠯᠪᠠᠯ ᠢᠲ᠋ᠠᠯᠢ ᠶᠢᠨ ᠨᠤᠲᠤᠭ ᠳᠡᠪᠢᠰᠬᠡᠷ᠂ ᠬᠦᠮᠦᠨ ᠠᠷᠠᠳ ᠣᠳᠣ ᠴᠠᠭ ᠲᠤ ᠭᠤᠷᠪᠠᠨ ᠱᠠᠲᠤ ᠳᠠᠷᠠᠭᠠᠯᠠᠭᠰᠠᠨ 20 ᠮᠤᠵᠢ᠂ 110 ᠠᠶᠢᠮᠠᠭ᠂ 8100 ᠰᠠᠭᠤᠷᠢᠨ ᠤ ᠳᠣᠲᠣᠷ᠎ᠠ ᠬᠤᠪᠢᠶᠠᠭᠳᠠᠨ ᠬᠠᠷᠢᠶᠠᠯᠠᠭᠳᠠᠵᠤ ᠪᠠᠶᠢᠨ᠎ᠠ᠃

ᠭᠠᠵᠠᠷ ᠨᠤᠲᠤᠭ ᠤᠨ ᠬᠡᠮᠵᠢᠶ᠎ᠡ ᠪᠡᠷ ᠪᠤᠰᠤᠳ ᠠᠴᠠ ᠪᠠᠨ ᠬᠡᠲᠦ ᠣᠨᠴᠠᠭᠠᠶᠢᠷᠠᠬᠤ ᠮᠤᠵᠢ ᠪᠠᠶᠢᠬᠤ ᠦᠭᠡᠢ᠃ ᠬᠠᠷᠢᠨ ᠬᠦᠮᠦᠨ ᠠᠮᠠ ᠶᠢᠨ ᠲᠣᠭ᠎ᠠ ᠪᠠᠷ ᠮᠢᠯᠠᠨ ᠲᠥᠪ ᠲᠡᠢ ᠯᠣᠮᠪᠠᠷᠳ᠋ (ᠯᠣᠮᠪᠠᠷᠳ᠋ᠢ) ᠮᠤᠵᠢ ᠶᠢᠨ ᠬᠢᠨ ᠨᠢ ᠳᠠᠷᠤᠭ᠎ᠠ ᠶᠢᠨ ᠢᠶᠠᠨ ᠲᠣᠮᠣ ᠠᠴᠠ 65% ᠍ ᠪᠠᠷ ᠣᠯᠠᠭᠤᠯᠠ ᠪᠠᠨ (9.6 ᠰᠠᠶ᠋ᠢᠤᠯ ᠢᠶᠠᠨ) ᠪᠠᠶᠢᠳᠠᠭ᠃ ᠬᠦᠮᠦᠨ ᠠᠮᠠ ᠶᠢᠨ ᠨᠢᠭᠲᠠᠴᠠ ᠪᠠᠷ ᠢᠶᠠᠨ ᠨᠠᠫᠣᠯᠢ ᠲᠥᠪ ᠲᠡᠢ ᠺᠠᠮᠫᠠᠨ ᠮᠤᠵᠢ (ᠺᠠᠮᠫᠠᠨᠢᠶ᠎ᠠ) ᠬᠣᠰᠢᠭᠤᠴᠢᠯᠠᠵᠤ᠂ ᠯᠣᠮᠪᠠᠷᠳ᠋, ᠯᠠᠴᠢ ᠪᠠᠨ (ᠲᠥᠪ ᠨᠢ ᠷᠤᠮᠠ), ᠯᠢᠭᠤᠷ (ᠯᠢᠭᠤᠷᠢᠶ᠎ᠠ᠂ ᠲᠥᠪ ᠨᠢ ᠭᠧᠨᠤᠶᠠ) ᠮᠤᠵᠢᠭᠤᠳᠠ ᠤᠳᠠᠭᠠᠯᠠᠨ᠎ᠠ᠃

ᠬᠠᠮᠤᠭ ᠤᠨ ᠳᠡᠭᠡᠳᠦ ᠨᠢᠭᠡᠴᠡ ᠪᠣᠯᠬᠤ 20 ᠮᠤᠵᠢ ᠪᠠᠨ ᠪᠠᠶᠢᠷᠢᠰᠢᠯ ᠢᠶᠠᠷ ᠨᠢ ᠪᠠᠭᠴᠠᠯᠠᠭᠠᠳ ᠪᠦᠷᠢᠳᠭᠡᠯ ᠤᠨ (ᠲᠣᠭ᠎ᠠ ᠪᠦᠷᠢᠳᠬᠡᠯ ᠦᠨ) ᠨᠢᠭᠡᠳᠬᠡᠯ ᠦᠨ ᠬᠡᠷᠡᠭᠴᠡᠭᠡ ᠪᠡᠷ ᠥᠷᠥᠨ᠎ᠡ ᠤᠮᠠᠷᠠᠳᠤ᠂ ᠳᠣᠷᠣᠨ᠎ᠠ ᠤᠮᠠᠷᠠᠳᠤ᠂ ᠲᠥᠪ᠂ ᠡᠮᠦᠨᠡᠲᠦ᠂ ᠠᠷᠠᠯ ᠤᠨ ᠬᠡᠮᠡᠬᠦ 5 ᠪᠥᠰᠡ ᠪᠣᠯᠭᠠᠳᠠᠭ᠃ ᠮᠥᠨ ᠰᠤᠶᠤᠯ᠂ ᠲᠡᠦᠬᠡᠨ ᠳᠦ ᠪᠢᠴᠢᠭᠳᠡᠵᠦ ᠬᠡᠯᠡᠭᠳᠡᠵᠦ ᠢᠯᠭᠠᠵᠤ ᠢᠷᠡᠭᠰᠡᠨ ᠢᠶᠡᠷ ᠨᠢ ᠤᠮᠠᠷ᠎ᠠ᠂ ᠡᠮᠦᠨ᠎ᠡ ᠭᠡᠵᠦ ᠲᠠᠯᠠᠯᠠᠨ ᠬᠤᠪᠢᠶᠠᠬᠤ ᠡᠷᠲᠡᠨ ᠦ ᠤᠯᠠᠮᠵᠢᠯᠠᠯ ᠪᠤᠢ᠃ ᠡᠨᠡᠬᠦ ᠮᠤᠵᠢ ᠠᠴᠠ ᠲᠣᠮᠣ ᠬᠣᠶᠠᠷ ᠬᠤᠪᠢᠶᠠᠷᠢ ᠨᠢ ᠡᠳᠦᠭᠡ ᠡᠳᠦᠷ ᠲᠤᠲᠤᠮ ᠤᠨ ᠵᠠᠰᠠᠭ ᠵᠠᠬᠢᠷᠭᠠᠨ ᠤ ᠡᠷᠬᠡ᠂ ᠡᠭᠦᠷᠭᠡ ᠭᠦᠢ ᠴᠤ ᠭᠡᠰᠡᠨ ᠴᠢᠬᠤᠯᠠ ᠶᠤᠮ᠃

ᠡᠬᠡ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Monthly demographic balance: January 2011 (Italian). Istat (10 September 2011). 10 September 2011 ᠍ ᠳᠦ ᠬᠠᠨᠳᠤᠭᠰᠠᠨ᠃
  2. 2.0 2.1 2.2 2.3 Italy. International Monetary Fund. 14 October 2011 ᠍ ᠳᠦ ᠬᠠᠨᠳᠤᠭᠰᠠᠨ᠃
  3. Distribution of family income – Gini index. CIA – The World Factbook. 9 July 2010 ᠍ ᠳᠦ ᠬᠠᠨᠳᠤᠭᠰᠠᠨ᠃
  4. Human Development Report 2010. United Nations (2010). 5 November 2010 ᠍ ᠳᠦ ᠬᠠᠨᠳᠤᠭᠰᠠᠨ᠃
  5. Istituto Nazionale di Statistica. Resident population on 1st January. 19 December 2011 ᠍ ᠳᠦ ᠬᠠᠨᠳᠤᠭᠰᠠᠨ᠃
  6. http://en.camera.it/4?scheda_informazioni=3

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠢᠲ᠋ᠠᠯᠢ
http://wiki.uhaan.com/index.php?title=ᠢᠲ᠋ᠠᠯᠢ&oldid=431933》 ᠍  ᠡᠴᠡ ᠠᠪᠤᠭᠰᠠᠨ

ᠪᠢᠴᠢᠭᠡᠰᠦ