ᠢᠯᠠᠭᠤᠭᠰᠠᠨ ᠬᠤᠲᠤᠭᠲᠤ ᠶᠢᠨ ᠬᠦᠷᠢᠶ᠎ᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠯᠠᠭᠤᠭᠰᠠᠨ ᠬᠤᠲᠤᠭᠲᠤ ᠶᠢᠨ ᠬᠦᠷᠢᠶ᠎ᠡ
ᠲᠣᠪᠴᠢ ᠮᠡᠳᠡᠭᠡᠯᠡᠯ
ᠪᠠᠶᠢᠷᠢᠯᠠᠯ ᠮᠣᠩᠭᠣᠯ ᠤᠯᠤᠰ᠂ ᠵᠠᠪᠬᠠᠨ ᠠᠶᠢᠮᠠᠭ᠂ ᠢᠳᠡᠷ ᠰᠤᠮᠤ
ᠪᠠᠶᠢᠭᠤᠯᠤᠭᠰᠠᠨ ᠨᠢ ᠢᠯᠠᠭᠤᠭᠰᠠᠨ ᠬᠤᠲᠤᠭᠲᠤ
ᠪᠠᠶᠢᠭᠤᠯᠤᠭᠳᠠᠭᠰᠠᠨ 1811
ᠬᠥᠯᠭᠡᠨ ᠶᠡᠬᠡ ᠬᠥᠯᠭᠡᠨ
(ᠣᠴᠢᠷ ᠲᠤ ᠬᠥᠯᠭᠡᠨ)

ᠢᠯᠠᠭᠤᠭᠰᠠᠨ ᠬᠤᠲᠤᠭᠲᠤ ᠶᠢᠨ ᠬᠦᠷᠢᠶ᠎ᠡ᠃ / ᠭᠠᠨᠳᠠᠩᠴᠣᠶᠢᠵᠢᠯᠯᠢᠨ᠃ ᠬᠣᠯᠠᠳᠠᠭᠰᠠᠨ ᠢ ᠲᠣᠭᠲᠠᠭᠠᠭᠴᠢ ᠰᠦᠮ᠎ᠡ/ ᠬᠠᠭᠤᠴᠢᠨ ᠰᠠᠶᠢᠨᠨᠣᠶᠠᠨ ᠬᠠᠨ ᠠᠶᠢᠮᠠᠭ ᠤᠨ ᠳᠠᠯᠠᠢ ᠴᠣᠶᠢᠩᠬᠣᠷ ᠸᠠᠩ ᠤᠨ ᠬᠣᠰᠢᠭᠤᠨ ᠤ ᠢᠯᠠᠭᠤᠭᠰᠠᠨ ᠭᠡᠭᠡᠨ ᠦ ᠰᠢᠪ ᠦᠨ ᠨᠤᠲᠤᠭ ᠣᠳᠣ ᠶᠢᠨ ᠢᠳᠡᠷ ᠰᠤᠮᠤ ᠶᠢᠨ ᠲᠥᠪ ᠡᠴᠡ ᠪᠠᠷᠠᠭᠤᠨ ᠤᠷᠤᠭᠰᠢ 18 km ᠣᠷᠴᠢᠮ ᠵᠠᠢ ᠳᠤ ᠰᠡᠪᠵᠢᠳᠪᠠᠯᠪᠠᠷ ᠠᠭᠤᠯᠠ ᠶᠢᠨ ᠠᠷᠤ ᠳᠠᠷᠬᠠᠨ ᠠᠭᠤᠯᠠ ᠶᠢᠨ ᠥᠪᠥᠷ ᠪᠡᠯ᠂ ᠢᠳᠡᠷ ᠦᠨ ᠭᠣᠣᠯ ᠤᠨ ᠬᠣᠶᠢᠲᠤ ᠡᠷᠭᠢ ᠳᠡᠭᠡᠷ᠎ᠡ ᠡᠨᠡ ᠬᠦᠷᠢᠶ᠎ᠡ ᠲᠥᠪᠬᠢᠨᠡᠵᠦ ᠪᠠᠶᠢᠴᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠯᠠᠭᠤᠭᠰᠠᠨ ᠬᠤᠲᠤᠭᠲᠤ ᠶᠢᠨ ᠬᠦᠷᠢᠶ᠎ᠡ ᠠᠩᠬ᠎ᠠ ᠡᠭᠦᠰᠦᠨ ᠪᠠᠶᠢᠭᠤᠯᠤᠭᠳᠠᠭᠰᠠᠨ ᠲᠤᠬᠠᠢ ᠮᠣᠩᠭᠣᠯ ᠤᠯᠤᠰ ᠤᠨ ᠦᠨᠳᠦᠰᠦᠨ ᠦ ᠲᠥᠪ ᠠᠷᠬᠢᠸ ᠤᠨ ᠹᠣᠨᠳᠣᠳ ᠳᠠᠷᠠᠭᠠᠬᠢ ᠨᠢᠭᠡᠨ ᠡᠬᠡ ᠪᠠᠷᠢᠮᠲᠠ ᠬᠠᠳᠠᠭᠠᠯᠠᠭᠳᠠᠵᠤ ᠪᠠᠶᠢᠨ᠎ᠠ᠃ ᠤᠭ ᠪᠠᠷᠢᠮᠲᠠᠨ ᠳᠤ 《... ᠵᠠᠷᠯᠢᠭ ᠢᠶᠠᠷ ᠱᠠᠩᠨᠠᠭᠰᠠᠨ ᠴᠢᠨ ᠰᠦᠵᠢᠭ ᠲᠦ᠂ ᠨᠣᠮᠴᠢ ᠨᠡᠪᠲᠡᠷᠬᠡᠢ ᠰᠠᠶᠢᠨ ᠰᠠᠮᠠᠳᠢ ᠪᠠᠭᠰᠢ ᠰᠡᠳᠬᠢᠯᠭᠡ ᠦᠨᠡᠨᠬᠦᠦ ᠲᠥᠷᠥᠯᠬᠢ ᠡᠷᠡᠰ ᠢᠯᠠᠭᠤᠭᠰᠠᠨ ᠬᠤᠲᠤᠭᠲᠤ ᠶᠢᠨ ᠱᠠᠪᠢ ᠨᠠᠷ ᠢ ᠵᠠᠬᠢᠷᠤᠭᠴᠢ ᠱᠠᠩᠵᠤᠳᠪᠠ ᠭᠡᠨᠳᠡᠩ ᠡᠴᠡ ᠮᠠᠨ ᠤ ᠬᠠᠷᠢᠶᠠᠲᠤ ᠠᠷᠪᠠᠨ ᠭᠤᠷᠪᠠᠳᠤᠭᠠᠷ ᠦᠶ᠎ᠡ ᠶᠢᠨ ᠬᠤᠲᠤᠭᠲᠤ ᠯᠤᠪᠰᠠᠩᠳᠠᠮᠪᠠᠳᠠᠷᠵᠢᠶ᠎ᠠ ᠶᠢᠨ ᠦᠶ᠎ᠡ ᠳᠦ ᠰᠠᠶᠢᠰᠢᠶᠠᠯᠲᠠᠢ ᠢᠷᠦᠭᠡᠯᠲᠦ ᠶᠢᠨ ᠠᠷᠪᠠᠨ ᠵᠢᠷᠭᠤᠭ᠎ᠠ ᠳᠤᠭᠠᠷ /1811/ ᠣᠨ ᠳᠤ ᠪᠠᠶᠢᠭᠤᠯᠤᠭᠰᠠᠨ ᠰᠦᠮ᠎ᠡ ᠳᠦ ᠵᠠᠷᠯᠢᠭ ᠢᠶᠠᠷ 《ᠬᠣᠯᠠ ᠳᠠᠬᠢᠨ ᠢ ᠲᠣᠭᠲᠠᠭᠠᠭᠴᠢ》 ᠰᠦᠮ᠎ᠡ ᠨᠡᠷ᠎ᠡ ᠱᠠᠩᠨᠠᠵᠠᠢ᠃ ᠪᠠᠳᠠᠷᠠᠭᠤᠯᠲᠤ ᠲᠥᠷᠥ ᠶᠢᠨ ᠭᠤᠷᠪᠠᠳᠤᠭᠠᠷ /1877/ ᠣᠨ ᠳᠤ ᠠᠷᠪᠠᠨ ᠳᠥᠷᠪᠡᠳᠦᠭᠡᠷ ᠦᠶ᠎ᠡ ᠶᠢᠨ ᠬᠤᠲᠤᠭᠲᠤ ᠯᠤᠪᠰᠠᠩᠰᠠᠨᠳᠢᠪ ᠱᠠᠩᠵᠤᠳᠪᠠ ᠪᠠᠶᠠᠨᠲᠦᠷᠦᠪᠠᠲ ᠨᠠᠷ ᠴᠠᠨᠠ ᠳᠤ ᠪᠠ ᠮᠥᠩᠬᠡ ᠨᠦᠮᠦᠨ ᠢᠶᠡᠨ , ᠣᠲᠠᠴᠢ᠂ ᠠᠶᠤᠱᠢ ᠶᠢᠨ ᠴᠣᠭᠣ ᠵᠡᠷᠭᠡ ᠬᠤᠷᠠᠯ ᠨᠣᠮ ᠢ ᠲᠣᠭᠲᠠᠭᠠᠴᠠᠢ᠃ ᠪᠠᠳᠠᠷᠠᠭᠤᠯᠲᠤ ᠲᠥᠷᠥ ᠶᠢᠨ ᠬᠣᠷᠢᠨᠳᠥᠷᠪᠡᠳᠦᠭᠡᠷ /1898/ ᠣᠨ ᠳᠤ ᠠᠷᠪᠠᠨ ᠲᠠᠪᠥᠳ ᠢᠶᠠᠷ ᠦᠶ᠎ᠡ ᠶᠢᠨ ᠬᠤᠲᠤᠭᠲᠤ ᠯᠤᠪᠰᠠᠩᠳᠠᠨᠽᠠᠨ᠂ ᠱᠠᠩᠵᠤᠳᠪᠠ ᠵᠠᠰᠠᠭ ᠯᠠᠮᠠ ᠳᠠᠮᠪᠠ ᠣᠰᠣᠷ ᠨᠠᠷ ᠭᠡᠰᠡᠷ ᠦᠨ ᠴᠠᠮ᠂ ᠭᠦᠨᠦᠷᠡᠭ ᠦᠨ ᠬᠤᠷᠠᠯ ᠵᠡᠷᠭᠡ ᠶᠢ ᠲᠣᠭᠲᠠᠭᠠᠴᠠᠢ᠃ ᠣᠯᠠᠨ᠎ᠠ ᠡᠷᠭᠦᠭᠳᠡᠭᠰᠡᠨ ᠦ ᠨᠠᠶᠢᠮᠠᠳᠤᠭᠠᠷ /1918/ ᠣᠨ ᠳᠤ ᠠᠷᠪᠠᠨ ᠵᠢᠷᠭᠤᠭ᠎ᠠ ᠳᠤᠭᠠᠷ ᠦᠶ᠎ᠡ ᠶᠢᠨ ᠬᠤᠪᠢᠯᠭᠠᠨ ᠴᠢᠮᠡᠳᠰᠡᠷᠡᠩ ᠱᠠᠩᠵᠤᠳᠪᠠ ᠵᠠᠰᠠᠭ ᠯᠠᠮᠠ ᠭᠡᠨᠳᠡᠩ ᠨᠠᠷ ᠵᠦᠳ ᠬᠤᠷᠠᠯ ᠤᠨ ᠰᠤᠷᠭᠠᠭᠤᠯᠢ ᠲᠣᠭᠲᠠᠭᠠᠴᠠᠢ᠃ ᠡᠳᠡᠭᠡᠷ ᠬᠤᠷᠠᠯ ᠰᠤᠷᠭᠠᠭᠤᠯᠢ ᠨᠤᠭᠤᠳ ᠤᠨ ᠬᠦᠷᠢᠶ᠎ᠡ ᠬᠡᠶᠢᠳ ᠢᠳᠡᠷ ᠭᠣᠣᠯ ᠤᠨ ᠵᠠᠬ᠎ᠠ ᠳᠤ ᠨᠤᠲᠤᠭᠯᠠᠨ ᠰᠠᠭᠤᠴᠠᠢ᠃..》 ᠬᠡᠮᠡᠨ ᠲᠡᠮᠳᠡᠭᠯᠡᠭᠰᠡᠨ ᠪᠠᠶᠢᠨ᠎ᠠ᠃ ᠠᠷᠪᠠᠨ ᠲᠠᠪᠤᠳᠤᠭᠠᠷ ᠵᠠᠭᠤᠨ ᠤ ᠡᠬᠢᠨ ᠦᠶ᠎ᠡ ᠪᠡᠷ ᠢᠯᠠᠭᠤᠭᠰᠠᠨ ᠭᠡᠭᠡᠨ ᠦ ᠬᠦᠷᠢᠶ᠎ᠡ ᠨᠢ 10 ᠣᠷᠴᠢᠮ ᠰᠦᠮ᠎ᠡ ᠳᠤᠭᠠᠩ ᠲᠠᠢ ᠳᠣᠲᠣᠷ᠎ᠠ ᠪᠠᠨ ᠪᠠᠷᠠᠭᠤᠨ ᠳᠡᠨᠵᠢ ᠶᠢᠨ ᠬᠦᠷᠢᠶ᠎ᠡ ᠵᠡᠭᠦᠨ ᠳᠡᠨᠵᠢ ᠶᠢᠨ ᠬᠦᠷᠢᠶ᠎ᠡ ᠬᠡᠮᠡᠨ ᠬᠤᠪᠢᠶᠠᠭᠳᠠᠳᠠᠭ 150 ᠭᠠᠷᠤᠢ ᠯᠠᠮᠠ ᠰᠠᠭᠤᠵᠤ ᠬᠤᠷᠠᠳᠠᠭ ᠬᠦᠷᠢᠶ᠎ᠡ ᠪᠠᠶᠢᠴᠠᠢ᠃ ᠪᠠᠷᠠᠭᠤᠨ ᠳᠡᠨᠵᠢ ᠶᠢᠨ ᠬᠦᠷᠢᠶ᠎ᠡ ᠵᠡᠭᠦᠨ ᠳᠡᠨᠵᠢ ᠶᠢᠨ ᠬᠦᠷᠢᠶ᠎ᠡ ᠨᠢ ᠬᠣᠭᠣᠷᠣᠨᠳᠣ ᠪᠠᠨ 2 km ᠭᠠᠷᠤᠢ ᠵᠠᠶᠢᠲᠠᠢ ᠪᠥᠭᠡᠳ ᠪᠠᠷᠠᠭᠤᠨ ᠬᠦᠷᠢᠶᠡᠨ ᠳᠦ ᠨᠢ ᠬᠦᠷᠢᠶᠡᠨ ᠦ ᠭᠣᠣᠯ ᠴᠣᠭᠴᠢᠨ ᠳᠤᠭᠠᠩ᠂ ᠢᠯᠠᠭᠤᠭᠰᠠᠨ ᠬᠤᠲᠤᠭᠲᠤ ᠶᠢᠨ ᠣᠷᠳᠣ ᠥᠷᠭᠦᠭᠡ ᠪᠠᠶᠢᠷᠢᠯᠠᠵᠤ ᠪᠠᠶᠢᠪᠠ᠃ ᠡᠨᠡ ᠬᠦᠷᠢᠶᠡᠨ ᠳᠦ 1915 ᠣᠨ ᠳᠤ ᠢᠯᠠᠭᠤᠭᠰᠠᠨ ᠭᠡᠭᠡᠨ ᠦ ᠰᠡᠭᠦᠯᠴᠢ ᠶᠢᠨ ᠳᠦᠷᠦ ᠪᠣᠯᠬᠤ ᠴᠢᠮᠡᠳᠰᠡᠷᠡᠩ ᠬᠤᠲᠤᠭᠲᠤ ᠶᠢ ᠬᠠᠩᠪᠤ ᠰᠢᠷᠡᠭᠡᠨ ᠳᠦ ᠨᠢ ᠵᠠᠯᠠᠵᠤ ᠪᠠᠶᠢᠪᠠ᠃1932 ᠣᠨ ᠤ ᠰᠡᠭᠦᠯᠴᠢ 1933 ᠣᠨ ᠤ ᠡᠬᠢ ᠪᠡᠷ ᠲᠤᠰ ᠬᠦᠷᠢᠶᠡᠨ ᠦ ᠯᠠᠮᠠ ᠨᠠᠷ ᠢ ᠳᠡᠭᠡᠷ᠎ᠡ ᠡᠴᠡ ᠨᠢ ᠡᠬᠢᠯᠡᠨ ᠪᠠᠷᠢᠪᠴᠢᠯᠠᠨ ᠬᠡᠯᠮᠡᠭᠳᠡᠭᠦᠯᠦᠭᠰᠡᠨ ᠢᠶᠡᠷ ᠬᠤᠷᠠᠯ ᠨᠣᠮ ᠤᠨ ᠦᠢᠯᠡ ᠲᠠᠰᠤᠯᠳᠠᠭᠰᠠᠭᠠᠷ 1936 ᠣᠨ ᠤ ᠡᠬᠢ ᠭᠡᠬᠦ ᠳᠦ ᠬᠦᠷᠢᠶ᠎ᠡ ᠦᠨᠳᠦᠰᠦᠨ ᠳᠦ ᠪᠡᠨ ᠬᠠᠭᠠᠭᠳᠠᠵᠠᠢ᠃ ᠣᠳᠣ ᠢᠯᠠᠭᠤᠭᠰᠠᠨ ᠭᠡᠭᠡᠨ ᠦ ᠬᠦᠷᠢᠶᠡᠨ ᠦ ᠲᠤᠷ᠎ᠠ ᠮᠠᠰᠢ ᠲᠣᠳᠣ ᠮᠡᠳᠡᠷᠡᠭᠳᠡᠬᠦ ᠪᠥᠭᠡᠳ УБ ᠬᠣᠲᠠ ᠶᠢᠨ ᠢᠯᠠᠭᠤᠭᠰᠠᠨ ᠺᠣᠮᠫᠠᠨᠢ 130 ᠭᠠᠷᠤᠢ ᠰᠠᠶ᠎ᠠ ᠲᠥᠭᠦᠷᠢᠭᠡᠨ ᠦ ᠬᠥᠷᠦᠩᠭᠡ ᠣᠷᠣᠭᠤᠯᠤᠯᠲᠠ ᠬᠢᠵᠦ ᠳᠤᠷᠠᠰᠬᠠᠯ ᠤᠨ ᠴᠣᠭᠴᠠᠯᠠᠪᠤᠷᠢ ᠪᠣᠰᠬᠠᠭᠰᠠᠨ ᠪᠠᠶᠢᠨ᠎ᠠ᠃ ᠮᠥᠨ ᠡᠨᠡ ᠠᠵᠢᠯ ᠤᠨᠨ ᠬᠦᠷᠢᠶᠡᠨ ᠳᠦ ᠴᠣᠭᠴᠢᠨ ᠳᠤᠭᠠᠩ ᠲᠡᠭᠦᠨ ᠦ ᠳᠡᠷᠭᠡᠳᠡᠬᠢ ᠴᠠᠮ ᠤᠨ ᠲᠠᠯᠠᠪᠠᠢ ᠶᠢ ᠰᠡᠷᠭᠦᠭᠡᠨ ᠵᠠᠰᠠᠪᠤᠷᠢᠯᠠᠵᠠᠢ᠃ ᠮᠥᠨ 2004 ᠣᠨ ᠳᠤ ᠢᠯᠠᠭᠤᠭᠰᠠᠨ ᠬᠤᠲᠤᠭᠲᠤ ᠶᠢᠨ ᠰᠡᠭᠦᠯᠴᠢ ᠶᠢᠨ ᠳᠦᠷᠦ ᠴᠢᠮᠡᠳᠰᠡᠷᠡᠩ ᠦᠨ 90 ᠨᠠᠰᠤᠨ ᠤ ᠣᠢ ᠳᠤ ᠵᠣᠷᠢᠭᠤᠯᠤᠨ ᠪᠣᠰᠬᠠᠭᠰᠠᠨ ᠰᠤᠪᠤᠷᠭ᠎ᠠ ᠪᠤᠢ᠃. ᠡᠨᠡᠬᠦ ᠬᠦᠷᠢᠶ᠎ᠡ ᠨᠢ ᠣᠳᠣ ᠶᠢᠨ ᠢᠳᠡᠷ ᠰᠤᠮᠤ ᠶᠢᠨ ᠭᠠᠵᠠᠷ ᠨᠤᠲᠤᠭ ᠬᠦᠮᠦᠨ ᠠᠮᠠ ᠶᠢᠨ ᠨᠢᠭᠡᠭᠡᠬᠡᠨ ᠬᠡᠰᠡᠭ ᠢ ᠬᠠᠮᠤᠷᠴᠢ ᠪᠠᠶᠢᠭᠰᠠᠨ ᠲᠤᠬᠠᠢ ᠶᠢᠨ ᠦᠶ᠎ᠡ ᠶᠢᠨ ᠰᠠᠶᠢᠨᠨᠣᠶᠠᠨ ᠬᠠᠨ ᠠᠶᠢᠮᠬᠤᠨ ᠢᠯᠠᠭᠤᠭᠰᠠᠨ ᠬᠤᠲᠤᠭᠲᠤ ᠶᠢᠨ ᠰᠢᠪ ᠦᠨ ᠭᠣᠣᠯ ᠬᠦᠷᠢᠶ᠎ᠡ ᠨᠢ ᠪᠠᠶᠢᠭᠰᠠᠨ ᠲᠡᠳᠦᠢ ᠦᠭᠡᠢ ᠪᠤᠷᠬᠠᠨ ᠤ ᠱᠠᠰᠢᠨ ᠤ ᠰᠣᠶᠣᠯ ᠪᠣᠯᠪᠠᠰᠤᠷᠠᠯ ᠤᠨ ᠨᠢᠭᠡ ᠲᠥᠪ ᠪᠣᠯᠵᠤ ᠪᠠᠶᠢᠴᠠᠢ᠃ ᠬᠣᠯᠪᠣᠭᠣᠳᠠᠬᠤ ᠡᠬᠢ ᠰᠤᠷᠪᠤᠯᠵᠢ: 1. ᠢᠳᠡᠷ ᠰᠤᠮᠤ ᠶᠢᠨ ᠵᠠᠰᠠᠭ ᠳᠠᠷᠤᠭ᠎ᠠ ᠢ᠃ᠪᠠᠶᠠᠨᠲᠦᠷᠦ ᠲᠡᠢ ᠬᠢᠭᠰᠡᠨ ᠶᠠᠷᠢᠯᠴᠠᠯᠭ᠎ᠠ ᠠᠴᠠ᠃ 2007.06.25 2.ᠴᠤ᠃ᠪᠠᠨᠽᠠᠷᠠᠭᠴᠢ᠂ ᠪ᠃ᠰᠠᠶᠢᠨᠬᠦᠦ 《ᠮᠣᠩᠭᠣᠯ ᠤᠨ ᠬᠦᠷᠢᠶ᠎ᠡ ᠬᠡᠶᠢᠳ ᠦᠨ ᠲᠡᠦᠬᠡ》 УБ. 2004

ᠪᠠᠶᠢᠷᠢᠰᠢᠯ ᠤᠨ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠦᠬᠡᠨ ᠭᠠᠵᠠᠷ ᠨᠢ ᠬᠠᠩᠭᠠᠢ ᠶᠢᠨ ᠨᠢᠷᠤᠭᠤᠨ ᠤ ᠥᠨᠳᠦᠷᠯᠢᠭ ᠲᠦ ᠰᠡᠪᠵᠢ ᠳᠤ ᠪᠠᠯᠪᠠᠷᠠ ᠠᠭᠤᠯᠠ ᠶᠢᠨ ᠠᠷᠤ ᠳᠤ ᠳᠠᠷᠬᠠᠨ ᠠᠭᠤᠯᠠ ᠶᠢᠨ ᠥᠪᠥᠷ ᠲᠦ ᠪᠠᠶᠢᠷᠢᠯᠠᠨ᠎ᠠ᠃ ᠬᠦᠷᠢᠶᠡᠨ ᠦ ᠲᠤᠭᠤᠷ ᠤᠨ ᠡᠮᠦᠨᠡᠭᠦᠷ ᠢᠳᠡᠷ ᠦᠨ ᠭᠣᠣᠯ ᠤᠷᠤᠰᠤᠨ᠎ᠠ᠃ ᠰᠡᠪᠵᠢ ᠳᠤ ᠪᠠᠯᠪᠠᠷᠠ ᠠᠭᠤᠯᠠ ᠶᠢᠨ ᠥᠪᠥᠷ ᠲᠦ ᠬᠡᠦᠬᠡᠳ ᠦᠨ ᠣᠪᠣᠭ᠎ᠠ᠂ ᠪᠢᠲᠡᠭᠦᠲᠦ ᠶᠢᠨ ᠣᠪᠣᠭ᠎ᠠ ᠭᠡᠰᠡᠨ ᠬᠣᠶᠠᠷ ᠲᠠᠬᠢᠯᠭ᠎ᠠ ᠲᠠᠢ ᠣᠪᠣᠭ᠎ᠠ ᠲᠠᠢ᠃ ᠲᠤᠭᠤᠷ ᠤᠨ ᠪᠠᠷᠠᠭᠤᠨ ᠬᠣᠶᠢᠲᠤ ᠲᠠᠯ᠎ᠠ ᠳᠤ 5 ᠣᠷᠴᠢᠮ km ᠭᠠᠵᠠᠷ ᠬᠠᠭᠤᠴᠢᠨ ᠪᠠᠭ ᠤᠨ ᠲᠥᠪ ᠪᠠᠶᠢᠷᠢᠯᠠᠵᠤ ᠪᠠᠶᠢᠭᠰᠠᠨ᠃ ᠣᠶᠢᠷ᠎ᠠ ᠵᠡᠷᠭᠡᠯᠡᠳᠡᠭᠡ ᠨᠢ ᠰᠠᠭᠤᠷᠢᠨ ᠭᠠᠵᠠᠷ ᠦᠭᠡᠢ᠃ ᠢᠳᠡᠷ ᠰᠤᠮᠤ ᠶᠢᠨ ᠲᠥᠪ ᠡᠴᠡ ᠪᠠᠷᠠᠭᠤᠨ ᠤᠷᠤᠭᠰᠢ 18 km ᠶᠠᠪᠤᠭᠠᠳ ᠬᠦᠷᠢᠶᠡᠨ ᠦ ᠲᠤᠭᠤᠷᠢᠨ ᠳᠤ ᠬᠦᠷᠡᠨ᠎ᠡ᠃ ᠠᠶᠢᠯ ᠤᠳ ᠭᠣᠣᠯ ᠲᠥᠯᠦᠪ ᠨᠠᠮᠤᠷᠵᠢᠳᠠᠭ ᠨᠤᠲᠤᠭ ᠶᠤᠮ᠃

ᠰᠣᠯᠢᠪᠢᠯᠴᠠᠯ : North 48° 07’ East 097° 29’

ᠥᠨᠥ ᠶᠢᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠯᠠᠭᠤᠭᠰᠠᠨ ᠬᠤᠲᠤᠭᠲᠤ ᠶᠢᠨ ᠬᠦᠷᠢᠶ᠎ᠡ ᠨᠢ ᠢᠳᠡᠷ ᠦᠨ ᠭᠣᠣᠯ ᠤᠨ ᠪᠠᠷᠠᠭᠤᠨ ᠳᠡᠨᠵᠢ ᠳᠦ ᠪᠠᠶᠢᠷᠢᠯᠠᠨ᠎ᠠ᠃ ᠢᠯᠭᠠᠭᠤᠯᠤᠭᠰᠠᠨ ᠬᠤᠲᠤᠭᠲᠤ ᠶᠢᠨ ᠬᠦᠷᠢᠶ᠎ᠡ ᠨᠢ ᠳᠣᠲᠣᠷ᠎ᠠ ᠪᠠᠨ "ᠪᠠᠷᠠᠭᠤᠨ ᠳᠡᠨᠵᠢ" ᠍ ᠦᠨ ᠬᠦᠷᠢᠶ᠎ᠡ᠂ "ᠵᠡᠭᠦᠨ ᠳᠡᠨᠵᠢ" ᠍ ᠦᠨ ᠬᠦᠷᠢᠶ᠎ᠡ ᠬᠡᠮᠡᠨ ᠬᠣᠶᠠᠷ ᠬᠤᠪᠢᠶᠠᠭᠳᠠᠨ᠎ᠠ᠃ ᠬᠣᠶᠠᠷ ᠬᠦᠷᠢᠶ᠎ᠡ ᠨᠢ ᠪᠡᠶ᠎ᠡ ᠪᠡᠶᠡᠰ ᠢᠶᠡᠨ 2-3 km ᠣᠷᠴᠢᠮ ᠵᠠᠶᠢᠲᠠᠢ ᠪᠥᠭᠡᠳ ᠡᠵᠡᠮᠰᠢᠯ ᠭᠠᠵᠠᠷ ᠤᠨ ᠬᠡᠮᠵᠢᠶ᠎ᠡ ᠨᠢ ᠠᠳᠠᠯᠢᠬᠠᠨ ᠪᠠᠶᠢᠭ᠎ᠠ᠃ 205-133 ᠮᠧᠲ᠋ᠷ ᠬᠡᠮᠵᠢᠶ᠎ᠡ ᠲᠡᠢ ᠶᠤᠮ᠃ ᠪᠠᠷᠠᠭᠤᠨ ᠳᠡᠨᠵᠢ ᠶᠢᠨ ᠬᠦᠷᠢᠶᠡᠨ ᠳᠦ ᠢᠯᠭᠠᠭᠤᠯᠤᠭᠰᠠᠨ ᠬᠤᠲᠤᠭᠲᠤ ᠶᠢᠨ ᠭᠣᠣᠯ ᠴᠣᠭᠴᠢᠨ ᠳᠤᠭᠤᠨ᠎ᠠ᠂ ᠪᠠᠶᠢᠷᠢ ᠥᠷᠭᠥᠭᠡ ᠨᠢ ᠪᠠᠶᠢᠴᠠᠢ᠃ ᠬᠦᠷᠢᠶ᠎ᠡ ᠪᠠᠶᠢᠭᠰᠠᠨ ᠭᠠᠵᠠᠷ ᠨᠢ ᠬᠠᠩᠭᠠᠢ ᠶᠢᠨ ᠨᠢᠷᠤᠭᠤᠨ ᠤ ᠳᠤᠮᠳᠠ ᠪᠥᠰᠡ ᠣᠷᠴᠢᠮ ᠥᠨᠳᠥᠷᠯᠢᠭ ᠲᠦ ᠪᠠᠶᠢᠬᠤ ᠤᠴᠢᠷ ᠬᠥᠷᠦᠰ ᠨᠢ ᠬᠠᠲᠠᠭᠤᠪᠲᠤᠷ ᠡᠪᠡᠰᠦ ᠤᠷᠭᠤᠮᠠᠯ ᠲᠠᠴᠢᠷᠳᠠᠭᠤ᠂ ᠭᠡᠬᠦ ᠳᠦ ᠪᠡᠨ ᠨᠢᠭᠲᠠᠷᠠᠯ ᠰᠠᠶᠢᠨ᠂ ᠣᠪᠣᠭᠣᠷ ᠣᠪᠣᠭᠣᠷ ᠴᠢᠯᠠᠭᠤᠯᠢᠭ ᠶᠡᠬᠡ ᠲᠡᠢ ᠪᠠᠶᠢᠨ᠎ᠠ᠃ ᠡᠶᠢᠮᠦ ᠤᠴᠢᠷ ᠲᠤᠭᠤᠷᠢᠨ ᠳᠡᠭᠡᠷ᠎ᠡ ᠬᠠᠭ ᠤᠷᠭᠤᠭᠰᠠᠨ ᠤᠯᠠᠪᠲᠤᠷ ᠪᠣᠨᠲᠣᠭᠣᠷ ᠴᠢᠯᠠᠭᠤ ᠨᠤᠭᠤᠳ ᠰᠠᠶᠢᠨ ᠦᠯᠡᠳᠡᠵᠦ᠂ ᠲᠤᠷ᠎ᠠ ᠰᠠᠶᠢᠨ ᠮᠡᠳᠡᠭᠳᠡᠨ᠎ᠡ᠃ ᠡᠯᠳᠡᠪ ᠡᠯᠡᠭᠳᠡᠯ ᠬᠠᠯᠳᠠᠯᠭ᠎ᠠ ᠳᠤ ᠥᠷᠲᠥᠭᠡ ᠦᠭᠡᠢ᠃ ᠣᠯᠠᠨ ᠲᠣᠭᠠᠨ ᠤ ᠪᠠᠶᠢᠭᠤᠯᠤᠮᠵᠢ ᠶᠢᠨ ᠵᠢᠵᠢᠭ ᠲᠣᠮᠣ ᠲᠠᠪᠤᠨ ᠲᠤᠷ᠎ᠠ ᠪᠤᠢ᠃ ᠪᠠᠷᠠᠭᠤᠨ ᠳᠡᠨᠵᠢ ᠶᠢᠨ ᠬᠦᠷᠢᠶᠡᠨ ᠦ ᠭᠣᠣᠯ ᠳᠤᠭᠠᠩ 21 ᠬ 15,5 ᠮᠧᠲ᠋ᠷ ᠪᠠᠶᠢᠴᠠᠢ᠃ ᠪᠤᠰᠤᠳ ᠨᠢ ᠲᠡᠭᠦᠨ ᠡᠴᠡ ᠠᠷᠠᠢ ᠪᠠᠭᠠᠪᠲᠤᠷ᠃ ᠳᠤᠮᠳᠠᠴᠢ ᠬᠡᠮᠵᠢᠶ᠎ᠡ ᠨᠢ 14 ᠬ 14 ᠮᠧᠲ᠋ᠷ᠃ ᠪᠠᠷᠠᠭᠤᠨ ᠬᠦᠷᠢᠶᠡᠨ ᠦ ᠲᠤᠭᠤᠷᠢᠨ ᠳᠡᠭᠡᠷ᠎ᠡ ᠤᠯᠠᠭᠠᠨᠪᠠᠭᠠᠲᠤᠷ ᠬᠣᠲᠠ ᠶᠢᠨ 《ᠢᠯᠭᠠᠭᠤᠯᠤᠭᠰᠠᠨ》 ᠺᠣᠮᠫᠠᠨᠢ 2007 ᠣᠨ ᠠᠴᠠ ᠡᠬᠢᠯᠡᠨ 130 ᠰᠠᠶ᠎ᠠ ᠲᠥᠭᠥᠷᠢᠭ ᠦᠨ ᠬᠥᠷᠥᠩᠭᠡ ᠣᠷᠣᠭᠤᠯᠤᠯᠲᠠ ᠬᠢᠵᠦ ᠳᠤᠷᠠᠰᠬᠠᠯ ᠤᠨ ᠴᠣᠭᠴᠠᠯᠠᠪᠤᠷᠢ ᠪᠣᠰᠬᠠᠬᠤ ᠠᠵᠢᠯ ᠢ ᠬᠡᠶᠢᠵᠢᠭᠡ᠃ 8 ᠰᠠᠷ᠎ᠠ ᠳᠤ ᠳᠠᠭᠤᠰᠬᠠᠭᠰᠠᠨ᠃ ᠡᠨᠡ ᠠᠵᠢᠯ ᠤᠨᠨ ᠬᠦᠷᠢᠶᠡᠨ ᠳᠦ ᠭᠣᠣᠯ ᠳᠤᠭᠤᠨ᠎ᠠ᠂ ᠲᠡᠭᠦᠨ ᠦ ᠳᠡᠷᠭᠡᠳᠡ ᠴᠠᠮ ᠤᠨ ᠲᠠᠯᠠᠪᠠᠢ ᠵᠠᠰᠠᠪᠤᠷᠢᠯᠠᠭᠰᠠᠨ᠃ ᠭᠣᠣᠯ ᠳᠤᠭᠤᠨ ᠤ ᠳᠡᠭᠡᠷ᠎ᠡ 2 ᠵᠢᠯ ᠦᠨ ᠡᠮᠦᠨ᠎ᠡ ᠢᠯᠭᠠᠭᠤᠯᠤᠭᠰᠠᠨ ᠬᠤᠲᠤᠭᠲᠤ ᠢᠯᠭᠠᠭᠰᠠᠨ ᠭᠡᠭᠡᠨ ᠴᠢᠮᠡᠳᠰᠡᠷᠡᠩ ᠦᠨ 90 ᠨᠠᠰᠤᠨ ᠤ ᠣᠢ ᠳᠤ ᠵᠣᠷᠢᠭᠤᠯᠤᠭᠰᠠᠨ ᠰᠤᠪᠤᠷᠭᠠᠨ ᠴᠣᠭᠴᠠᠯᠠᠪᠤᠷᠢ ᠪᠣᠰᠬᠠᠵᠠᠢ᠃ ᠡᠳᠦᠭᠡ ᠲᠡᠭᠦᠨ ᠢ ᠲᠣᠭᠣᠷᠢᠭᠤᠯᠤᠨ ᠳᠤᠭᠤᠨ ᠤ ᠲᠤᠭᠤᠷ ᠢ ᠬᠥᠨᠳᠡᠯ ᠦᠭᠡᠢ ᠪᠡᠷ ᠵᠢᠵᠢᠭ᠍ᠭᠡᠨ ᠨᠠᠮᠬᠠᠨ ᠬᠠᠶᠢᠰᠤ ᠪᠠᠷᠢᠵᠠᠢ᠃ ᠬᠠᠭᠤᠴᠢᠨ ᠡᠨᠡ ᠬᠦᠷᠢᠶᠡᠨ ᠳᠦ ᠴᠠᠮ ᠭᠠᠷᠴᠤ ᠪᠠᠶᠢᠭᠰᠠᠨ ᠲᠤᠯᠠ ᠰᠢᠨ᠎ᠡ ᠪᠡᠷ ᠴᠠᠮ ᠤᠨ ᠲᠠᠯᠠᠪᠠᠢ ᠵᠠᠰᠠᠪᠤᠷᠢᠯᠠᠨ ᠪᠠᠶᠢᠭᠤᠯᠵᠠᠢ᠃ ᠬᠠᠷᠢᠨ ᠵᠡᠭᠦᠨ ᠬᠦᠷᠢᠶᠡᠨ ᠦ ᠳᠡᠨᠵᠢ ᠳᠦ ᠣᠳᠣ ᠪᠠᠷ ᠵᠠᠰᠠᠪᠤᠷᠢ ᠶᠢᠨ ᠠᠵᠢᠯ ᠬᠢᠭᠳᠡᠭᠡ ᠦᠭᠡᠢ᠃ ᠭᠣᠣᠯ ᠳᠤᠭᠤᠨ᠎ᠠ ᠪᠠᠶᠢᠭᠰᠠᠨ ᠪᠣᠯᠤᠯᠲᠠᠢ ᠨᠢᠭᠡᠨ ᠥᠨᠳᠥᠷᠯᠢᠭ ᠲᠠᠤᠷ᠎ᠠ ᠶᠢ ᠭᠣᠣᠯ ᠳᠤ ᠨᠢ ᠭᠦᠨᠵᠡᠭᠡᠢ ᠮᠠᠯᠲᠤᠭᠰᠠᠨ ᠪᠠᠶᠢᠨ᠎ᠠ᠃ ᠪᠤᠰᠤᠳ ᠣᠯᠠᠨ ᠵᠢᠵᠢᠭ ᠪᠠᠶᠢᠭᠤᠯᠤᠮᠵᠢ ᠶᠢᠨ ᠲᠤᠭᠤᠷᠠᠢ ᠨᠤᠭᠤᠳ ᠪᠡᠶ᠎ᠡ ᠪᠡᠶᠡᠰ ᠢᠶᠡᠨ ᠢᠯᠭᠠᠷᠠᠬᠤ ᠦᠭᠡᠢ᠃ ᠡᠳᠡᠭᠡᠷ ᠲᠤᠭᠤᠷᠠᠢ ᠨᠤᠭᠤᠳ ᠢ ᠬᠠᠮᠠᠭᠠᠯᠠᠯᠲᠠᠨ ᠳᠤ ᠠᠪᠴᠤ ᠶᠠᠪᠤᠭᠠᠨ ᠳᠠᠭᠠᠨ "ᠢᠯᠭᠠᠭᠤᠯᠤᠭᠰᠠᠨ" ᠺᠣᠮᠫᠠᠨᠢ ᠡᠨᠳᠡ ᠵᠢᠭᠤᠯᠴᠢᠨ ᠤ ᠴᠣᠭᠴᠠᠯᠠᠪᠤᠷᠢ ᠪᠠᠶᠢᠭᠤᠯᠬᠤ ᠰᠣᠨᠢᠷᠬᠠᠯᠲᠠᠢ ᠠᠵᠢ᠃

ᠡᠮᠦᠨᠡᠬᠢ ᠰᠤᠳᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1. ᠨᠤᠲᠤᠭ ᠤᠨ ᠢᠷᠭᠡᠳ ᠢᠯᠭᠠᠭᠤᠯᠤᠭᠰᠠᠨ ᠬᠤᠲᠤᠭᠲᠤ ᠶᠢᠨ ᠬᠦᠷᠢᠶ᠎ᠡ ᠭᠡᠵᠦ ᠨᠡᠷᠡᠯᠡᠳᠡᠭ᠃ ᠪ᠃ᠷᠢᠨᠴᠢᠨ ᠵᠢᠭ᠌ᠰᠠᠭᠠᠯᠳᠠᠨ ᠳᠤ ᠬᠡᠳᠦ ᠬᠡᠳᠦᠨ ᠨᠡᠷ᠎ᠡ ᠶᠢ ᠲᠡᠮᠳᠡᠭᠯᠡᠵᠡᠢ᠃ ᠢᠷᠭᠡᠳ ᠬᠦᠷᠢᠶᠡᠨ ᠳᠦ ᠰᠠᠭᠤᠵᠤ ᠪᠠᠶᠢᠭᠰᠠᠨ ᠰᠡᠭᠦᠯᠴᠢ ᠶᠢᠨ ᠬᠠᠩᠪᠤ ᠯᠠᠮᠠ ᠶᠢ ᠢᠯᠭᠠᠭᠰᠠᠨ ᠭᠡᠭᠡᠨ ᠢᠯᠭᠠᠭᠤᠯᠤᠭᠰᠠᠨ ᠬᠤᠲᠤᠭᠲᠤ ᠬᠡᠮᠡᠨ ᠨᠡᠷᠡᠯᠡᠨ᠎ᠡ᠃ ᠲᠡᠷᠡ ᠭᠡᠭᠡᠨ 3 ᠨᠠᠰᠤᠲᠠᠢ ᠪᠠᠶᠢᠬᠤ ᠳᠤ ᠪᠠᠨ ᠰᠦ᠋, ᠤᠰᠤ ᠬᠣᠶᠠᠷ ᠢ ᠨᠢᠭᠡ ᠰᠠᠪᠤᠩᠳᠠ ᠬᠢᠭᠰᠡᠨ ᠢ ᠢᠯᠭᠠᠵᠤ ᠪᠠᠶᠢᠭᠰᠠᠨ ᠰᠢᠳᠢᠲᠡᠨ ᠤᠴᠢᠷ ᠢᠯᠭᠠᠭᠰᠠᠨ ᠭᠡᠭᠡᠨ ᠬᠡᠮᠡᠨ ᠨᠡᠷᠡᠯᠡᠭᠰᠡᠨ ᠳᠣᠮᠣᠭ ᠲᠠᠢ ᠶᠤᠮ᠃ 10-14. ᠡᠳᠡᠭᠡᠷ ᠬᠡᠰᠡᠭ ᠦᠨ ᠮᠡᠳᠡᠭᠡᠯᠡᠯ ᠢ ᠠᠯᠲᠠᠨ ᠮᠥᠩᠭᠥᠨ ᠲᠠᠮᠠᠭ᠎ᠠ ᠲᠠᠢ ᠠᠷᠤ ᠶᠢᠨ ᠢᠯᠭᠠᠭᠤᠯᠤᠭᠰᠠᠨ ᠬᠤᠲᠤᠭᠲᠤ᠃ УБ.,2006. ᠨᠣᠮᠣᠨ ᠠᠴᠠ ᠲᠣᠳᠣᠷᠠᠭᠤᠯᠤᠨ ᠦᠵᠡᠨ᠎ᠡ ᠦᠦ ?

ᠬᠡᠯᠬᠢᠶ᠎ᠡ᠂ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ