ᠢᠮᠫᠷᠧᠰᠢᠣᠨᠢᠰᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠢᠮᠫᠷᠧᠰᠢᠣᠨᠢᠰᠮ(ᠹᠷᠠᠨᠼᠢ ᠪᠠᠷ impressionisme, ᠰᠡᠳᠬᠢᠭᠳᠡᠯ)- 19 ᠵᠠᠭᠤᠨ ᠤ ᠰᠡᠭᠦᠯ ᠡᠴᠡ ᠠᠷᠪᠠᠨ ᠲᠠᠪᠤᠳᠤᠭᠠᠷ ᠵᠠᠭᠤᠨ ᠤ ᠹᠷᠠᠨᠼᠢ ᠳᠤ ᠡᠭᠦᠰᠦᠭᠰᠡᠨ ᠰᠢᠨ᠎ᠡ ᠤᠷᠤᠰᠬᠠᠯ ᠶᠤᠮ᠃ ᠲᠤᠰ ᠤᠷᠤᠰᠬᠠᠯ ᠨᠢ ᠭᠠᠳᠠᠭᠠᠳᠤ ᠶᠢᠷᠲᠢᠨᠴᠦ ᠡᠴᠡ ᠲᠦᠷᠦᠭᠰᠡᠨ ᠰᠡᠳᠬᠢᠭᠳᠡᠯ ᠦᠳ ᠢ ᠲᠤᠰᠬᠠᠨ ᠬᠠᠷᠠᠭᠤᠯᠬᠤ᠂ ᠣᠷᠴᠢᠨ ᠲᠣᠭᠣᠷᠢᠨ ᠢᠶᠠᠨ ᠪᠠᠶᠢᠭ᠎ᠠ ᠪᠠᠷ ᠨᠢ ᠪᠢᠴᠢᠳᠡᠭ ᠢᠶᠡᠷ ᠢᠶᠡᠨ ᠣᠨᠴᠠᠯᠢᠭ ᠲᠠᠢ᠃

ᠢᠮᠫᠷᠧᠰᠢᠣᠨᠢᠰᠮ ᠬᠡᠮᠡᠬᠦ ᠨᠡᠷ᠎ᠡ ᠨᠢ ᠺᠯᠣᠳ ᠮᠣᠨᠧᠭᠡᠶᠢᠨ ᠰᠡᠳᠬᠢᠭᠳᠡᠯ᠃ ᠮᠠᠨᠳᠤᠬᠤ ᠨᠠᠷᠠᠨ ᠪᠦᠲᠦᠭᠡᠯ ᠦᠨ ᠨᠡᠷ᠎ᠡ ᠡᠴᠡ ᠡᠭᠦᠳᠦᠯᠲᠡᠢ ᠭᠡᠵᠦ ᠦᠵᠡᠳᠡᠭ ᠪᠠᠶᠢᠨ᠎ᠠ᠃

ᠺᠯᠣᠳ ᠮᠣᠨᠧ᠃ ᠰᠡᠳᠬᠢᠭᠳᠡᠯ᠃ ᠮᠠᠨᠳᠤᠬᠤ ᠨᠠᠷᠠᠨ᠃ 1875 ᠣᠨ᠃ ᠮᠠᠷᠮᠣᠲᠠᠲᠠᠨ-ᠮᠣᠨᠧ ᠮᠦᠽᠧᠢᠫᠠᠷᠢᠰ

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1860 ᠣᠨ ᠠᠴᠠ ᠵᠢᠷᠤᠭᠠᠴᠢᠳ ᠠᠺᠠᠳᠧᠮᠢᠰᠮ ᠠᠴᠠ ᠤᠶᠢᠳᠴᠤ᠂ ᠲᠤᠰ ᠪᠦᠷᠢ ᠰᠢᠨ᠎ᠡ ᠶᠢ ᠡᠷᠢᠯᠬᠢᠯᠡᠵᠦ᠂ ᠲᠤᠰ ᠤᠷᠤᠰᠬᠠᠯ ᠢ ᠬᠠᠶᠢᠵᠤ ᠡᠬᠢᠯᠡᠭᠰᠡᠨ ᠭᠡᠵᠦ ᠦᠵᠡᠵᠡᠢ᠃ 1863 ᠣᠨ ᠳᠤ ᠡᠳ᠋ ᠍ ᠦᠠᠷ ᠲᠤ ᠮᠠᠨᠧ ᠨᠢᠭᠡᠨ ᠤᠤᠭᠤᠰᠢ ᠶᠢᠨ ᠭᠠᠵᠠᠷ 《ᠵᠦᠯᠭᠡᠨ ᠳᠡᠭᠡᠷᠡᠬᠢ ᠥᠷᠯᠥᠭᠡᠨ ᠦ ᠴᠠᠢ》 ᠭᠡᠳᠡᠭ ᠵᠢᠷᠭᠤᠭ᠎ᠠ ᠲᠣᠯᠢᠯᠠᠭᠤᠯᠤᠨ᠂ ᠤᠯᠠᠮ ᠢᠶᠠᠷ ᠭᠧᠷᠪᠡᠭ᠎ᠠ ᠶᠢᠨ ᠺᠠᠹᠧ ᠳᠤ ᠰᠢᠨ᠎ᠡ ᠤᠷᠤᠰᠬᠠᠯ ᠤᠨ ᠰᠠᠭᠤᠷᠢ ᠶᠢ ᠲᠠᠯᠪᠢᠭᠰᠠᠨ ᠢᠷᠠᠭᠤ ᠨᠠᠶᠢᠷᠠᠭᠴᠢᠳ ᠪᠣᠯᠤᠨ ᠵᠢᠷᠤᠭᠠᠴᠢᠳ ᠲᠠᠢ ᠲᠠᠨᠢᠯᠴᠠᠵᠠᠢ᠃

ᠹᠠᠢᠢᠯ:Édouard Manet - Le Déjeuner sur l'herbe.jpg
ᠡᠳ᠋ ᠍ ᠦᠠᠷ ᠲᠤ ᠮᠠᠨᠧ᠃ ᠵᠦᠯᠭᠡᠨ ᠳᠡᠭᠡᠷᠡᠬᠢ ᠥᠷᠯᠥᠭᠡᠨ ᠦ ᠴᠠᠢ᠃ 1863 Le déjeuner sur l'herbe ᠣᠷᠣᠰᠧ ᠮᠦᠽᠧᠢ᠃ ᠫᠠᠷᠢᠰ

1864 ᠣᠨ ᠳᠤ ᠡᠳ᠋ ᠍ ᠦᠠᠷ ᠲᠤ ᠮᠣᠨᠧ ᠡᠵᠧᠨ ᠪᠤᠳᠧᠨ ᠲᠡᠢ ᠬᠠᠮᠲᠤᠷᠠᠨ ᠡᠳ ᠲᠤ ᠬᠢᠵᠦ᠂ ᠭᠡᠭᠡᠯᠭᠡ ᠥᠩᠭᠡ ᠪᠡᠷ ᠠᠵᠢᠯᠯᠠᠵᠤ ᠰᠤᠷᠠᠭᠰᠠᠨ ᠪᠠᠶᠢᠨ᠎ᠠ᠃ 1871 ᠣᠨ ᠳᠤ ᠹᠷᠠᠨᠼᠢᠫᠷᠦᠰ ᠤᠯᠤᠰ ᠤᠳ ᠤᠨ ᠳᠠᠶᠢᠨ ᠢᠶᠠᠷ ᠮᠣᠨᠧ ᠫᠢᠰᠰᠠᠷᠣ ᠬᠣᠶᠠᠷ ᠯᠣᠨᠳᠣᠨ ᠷᠤ ᠶᠠᠪᠤᠵᠠᠢ᠃

ᠪᠢᠴᠢᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠮᠫᠷᠧᠰᠢᠣᠨᠢᠰᠲ ᠵᠢᠷᠤᠭᠠᠴᠢᠳ ᠬᠠᠮᠤᠭ ᠤᠨ ᠲᠦᠷᠦᠭᠦᠨ ᠳᠦ ᠺᠣᠨᠲ᠋ᠤᠷ ᠠᠴᠠ ᠪᠤᠶᠤ ᠬᠦᠷᠢᠶᠡᠯᠡᠬᠦ ᠡᠴᠡ ᠵᠠᠶᠢᠯᠬᠢᠳᠡᠭ ᠪᠠᠶᠢᠴᠠᠢ᠃ ᠬᠠᠷᠢᠨ ᠡᠭᠦᠨ ᠢ ᠢᠯᠡᠭᠦᠦ ᠨᠠᠷᠢᠨ ᠠᠭᠤᠰᠬᠠᠯᠲᠠ ᠲᠠᠢ ᠥᠩᠭᠡᠨ ᠨᠦᠭᠦᠳ ᠢᠶᠡᠷ ᠣᠷᠣᠯᠠᠳᠠᠭ᠃ ᠡᠭᠦᠨ ᠦ ᠠᠴᠢ ᠪᠠᠷ ᠫᠠᠯᠢᠲ᠋ᠷ ᠳᠡᠭᠡᠷ᠎ᠡ ᠪᠡᠨ ᠵᠥᠪᠬᠡᠨ ᠬᠡᠷᠡᠭᠲᠡᠢ ᠥᠩᠭᠡ ᠪᠡᠨ ᠭᠠᠷᠭᠠᠬᠤ ᠭᠡᠵᠦ ᠪᠤᠳᠤᠭ ᠢᠶᠠᠨ ᠬᠣᠯᠢᠳᠠᠭ ᠪᠢᠰᠢ᠂ ᠪᠠᠰᠬᠦ ᠬᠠᠷ᠎ᠠ ᠥᠩᠭᠡᠨ ᠡᠴᠡ ᠲᠠᠲᠠᠭᠠᠯᠵᠠᠳᠠᠭ ᠪᠣᠯᠵᠠᠢ᠃

ᠮᠤᠯᠧᠨ ᠳᠡ ᠯᠠ ᠭᠠᠯᠧᠲ ᠤᠨ ᠨᠠᠶᠢᠷ᠂ ᠷᠧᠨ᠋ᠦ ᠪᠠᠷ᠂ 1876 ᠣᠨ᠂ ᠣᠷᠣᠰᠧ ᠮᠦᠽᠧᠢ᠃ ᠫᠠᠷᠢᠰ

ᠪᠢᠴᠢᠭᠡᠰᠦ