ᠢᠭᠠᠷᠢ ᠱᠠᠯᠢᠮᠣᠸ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠭᠠᠷᠢ ᠱᠠᠯᠢᠮᠣᠸ
ShalimovIgor4.JPG
ᠬᠤᠪᠢ ᠶᠢᠨ ᠮᠡᠳᠡᠭᠡᠯᠡᠯ
ᠪᠦᠲᠦᠨ ᠨᠡᠷ᠎ᠡᠢᠭᠠᠷᠢ ᠮᠠᠬᠠᠶᠢᠯᠣᠸᠢᠴ ᠱᠠᠯᠢᠮᠣᠸ
ᠥᠨᠳᠥᠷ1.82 ᠮ
ᠪᠠᠶᠢᠷᠢᠯᠠᠯᠬᠠᠭᠠᠰ ᠬᠠᠮᠠᠭᠠᠯᠠᠭᠴᠢ
ᠥᠰᠪᠦᠷᠢ ᠶᠢᠨ ᠪᠠᠭ
1976–1980ᠯᠣᠺᠣᠮᠣᠲ᠋ᠢᠸ ᠮᠣᠰᠺᠸᠠ
1980–1986ᠰᠫᠠᠷᠲ᠋ᠠᠺ ᠮᠣᠰᠺᠸᠠ
ᠮᠡᠷᠭᠡᠵᠢᠯ ᠦᠨ ᠵᠠᠮᠨᠠᠯ*
ᠣᠨᠪᠠᠭᠣᠷᠣᠯᠴᠠᠭᠰᠠᠨ ᠤᠳᠠᠭ᠎ᠠ (ᠪᠥᠮᠪᠥᠭᠡ)
1986–1991ᠰᠫᠠᠷᠲ᠋ᠠᠺ ᠮᠣᠰᠺᠸᠠ95(20)
1991–1992ᠹᠣᠵᠵᠢᠶᠠ33(9)
1992–1994ᠢᠨᠲ᠋ᠧᠷᠨᠠᠼᠢᠤᠨᠠᠯ50(11)
1994–1995ᠳᠤᠶᠢᠰᠪᠦᠦᠭ21(0)
1995–1996ᠯᠤᠭᠠᠨ᠎ᠠ12(4)
1995–1996ᠤᠳᠢᠨᠧᠽᠧ20(0)
1996–1998ᠪᠣᠯᠣᠨᠢᠶ᠎ᠠ34(5)
1998–1999ᠨᠠᠫᠣᠯᠢ19(2)
ᠰᠢᠭᠰᠢᠭᠡ ᠪᠠᠭ
1990–1991ᠵᠥᠪᠯᠡᠯᠲᠦ ᠬᠣᠯᠪᠣᠭᠠᠲᠤ ᠤᠯᠤᠰ20(2)
1992ᠲᠤᠰᠠᠭᠠᠷ ᠤᠯᠤᠰ ᠤᠳ ᠤᠨ ᠬᠠᠮᠲᠤ ᠶᠢᠨ ᠨᠥᠬᠥᠷᠯᠡᠯ4(0)
1992–1998ᠣᠷᠣᠰ23(3)
ᠳᠠᠰᠬᠠᠯᠵᠢᠭᠤᠯᠤᠭᠰᠠᠨ ᠪᠠᠭ ᠤᠳᠤᠳ
2001–2002ᠺᠷᠠᠰᠠᠨᠦᠽᠨᠮᠧᠨᠰᠺ
2003ᠤᠷᠤᠯᠠᠨ ᠡᠯᠡᠰᠦᠲᠦ
2008–ᠣᠷᠣᠰ (ᠡᠮᠡᠭᠲᠡᠢ)
* ᠮᠡᠷᠭᠡᠵᠢᠯ ᠦᠨ ᠵᠠᠮᠨᠠᠯ ᠤᠨ ᠲᠣᠭᠯᠠᠯᠲᠠ ᠶᠢᠨ (ᠭᠣᠣᠯ) ᠦᠵᠡᠭᠦᠯᠦᠯᠲᠡ ᠶᠢ ᠳᠣᠲᠣᠭᠠᠳᠤ ᠶᠢᠨ ᠯᠢᠭ ᠲᠡᠢ ᠨᠢ ᠤᠶᠠᠯᠳᠤᠭᠤᠯᠤᠭᠰᠠᠨ ᠪᠣᠯᠤᠨ᠎ᠠ᠃
† ᠭᠠᠷ ᠢᠶᠠᠨ (ᠭᠣᠣᠯ).

ᠢᠭᠠᠷᠢ ᠮᠠᠬᠠᠶᠢᠯᠣᠸᠢᠴ ᠱᠠᠯᠢᠮᠣᠸ (1969 ᠣᠨ ᠤ 2 ᠰᠠᠷ᠎ᠠ ᠶᠢᠨ 2 ᠍ ᠳᠦ ᠮᠣᠰᠺᠸᠠ ᠳᠤ ᠲᠦᠷᠦᠭᠰᠡᠨ) ᠨᠢ ᠣᠷᠣᠰᠵᠥᠪᠯᠡᠯᠲᠦ ᠶᠢᠨ ᠬᠥᠯ ᠪᠥᠮᠪᠥᠭᠡᠴᠤ ᠶᠤᠮ᠃ ᠬᠠᠭᠠᠰ ᠬᠠᠮᠠᠭᠠᠯᠠᠭᠴᠢᠡᠶᠢᠨ ᠪᠠᠶᠢᠷᠢᠯᠠᠯ ᠳᠤ ᠲᠣᠭᠯᠠᠳᠠᠭ ᠪᠠᠶᠢᠪᠠ᠃

ᠱᠠᠯᠢᠮᠣᠸ ᠮᠡᠷᠭᠡᠵᠢᠯ ᠦᠨ ᠬᠥᠯᠪᠥᠮᠪᠥᠭᠡ ᠶᠢᠨ ᠵᠠᠮᠨᠠᠯ᠎ᠠ ᠰᠫᠠᠷᠲ᠋ᠠᠺ ᠮᠣᠰᠺᠸᠠ ᠪᠠᠭ᠎ᠠ ᠠᠴᠠ ᠡᠬᠢᠯᠡᠵᠡᠢ᠃ ᠰᠫᠠᠷᠲ᠋ᠠᠺ ᠲᠤ ᠬᠡᠳᠦᠨ ᠠᠮᠵᠢᠯᠲᠠ ᠲᠠᠢ ᠤᠯᠠᠷᠢᠯ ᠢ ᠦᠳᠦᠰᠦᠨ ᠦ ᠳᠠᠷᠠᠭ᠎ᠠ ᠢᠲ᠋ᠠᠯᠢ ᠶᠢ ᠵᠣᠷᠢᠵᠤ᠂ ᠹᠣᠵᠵᠢᠶᠠ ᠪᠠᠭ ᠲᠤ ᠲᠣᠭᠯᠠᠬᠤ ᠪᠣᠯᠪᠠ᠃ ᠰᠢᠨ᠎ᠡ ᠪᠠᠭᠲᠠᠭ᠎ᠠ 1 ᠤᠯᠠᠷᠢᠯ ᠳᠤ ᠲᠣᠭᠯᠠᠬᠤ ᠳᠤ ᠪᠠᠨ ᠢᠲᠠᠯᠢᠴᠢ ᠨᠤᠭᠤᠳ ᠲᠤ ᠥᠪᠡᠷ ᠢ ᠪᠡᠨ ᠬᠠᠩᠭᠠᠯᠲᠠᠲᠠᠢ ᠲᠠᠨᠢᠭᠤᠯᠵᠤ᠂ ᠠᠯᠳᠠᠷᠲᠤ ᠢᠨᠲ᠋ᠧᠷ ᠮᠢᠯᠠᠨ ᠪᠠᠭ ᠲᠤ ᠤᠷᠢᠭᠳᠠᠨ ᠣᠴᠢᠪᠠ᠃ ᠲᠡᠷᠡ ᠪᠡᠷ ᠮᠥᠨ ᠢᠲ᠋ᠠᠯᠢ ᠶᠢᠨ ᠰᠧᠷᠢ᠎ᠠ ᠍ ᠦᠨ ᠪᠣᠯᠣᠨᠢᠶ᠎ᠠᠤᠳᠢᠨᠧᠽᠧᠨᠠᠫᠣᠯᠢ᠂ ᠭᠧᠷᠮᠠᠨ ᠤ ᠳᠤᠶᠢᠰᠪᠦᠦᠭ᠂ ᠱᠸᠧᠢᠴᠠᠷ ᠤᠨ ᠯᠤᠭᠠᠨ᠎ᠠ ᠪᠠᠭ ᠤᠳ ᠲᠤ ᠲᠣᠭᠯᠠᠵᠤ ᠪᠠᠶᠢᠯ᠎ᠠ᠃

ᠱᠠᠯᠢᠮᠣᠸ ᠵᠥᠪᠯᠡᠯᠲᠦ ᠬᠣᠯᠪᠣᠭᠠᠲᠤ ᠤᠯᠤᠰ ᠤᠨ ᠰᠢᠭᠰᠢᠭᠡ ᠪᠠᠭ ᠤᠨ ᠪᠦᠷᠢᠯᠳᠦᠬᠦᠨ ᠳᠦ ᠪᠠᠭᠠᠳᠴᠤ᠂ 1990 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠣᠷᠣᠯᠴᠠᠭᠰᠠᠨ᠃ ᠵᠥᠪᠯᠡᠯᠲᠦ ᠬᠣᠯᠪᠣᠭᠠᠲᠤ ᠤᠯᠤᠰ ᠵᠠᠳᠠᠷᠠᠭᠰᠠᠨ ᠤ ᠳᠠᠷᠠᠭ᠎ᠠ ᠰᠸᠸᠳᠡᠨᠡᠳ᠋ ᠵᠣᠬᠢᠶᠠᠭᠳᠠᠭᠰᠠᠨ ᠧᠦ᠋ᠷᠣᠫᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠲᠤᠰᠠᠭᠠᠷ ᠤᠯᠤᠰ ᠤᠳ ᠤᠨ ᠬᠠᠮᠲᠤ ᠶᠢᠨ ᠨᠥᠬᠥᠷᠯᠡᠯ ᠭᠡᠰᠡᠨ ᠨᠡᠷ᠎ᠡ ᠪᠡᠷ ᠣᠷᠣᠯᠴᠠᠬᠤ ᠳᠤ ᠮᠥᠨ ᠰᠢᠭᠰᠢᠭᠡ ᠪᠠᠭᠲᠠᠭ᠎ᠠ ᠪᠠᠭᠳᠠᠵᠣ ᠲᠣᠭᠯᠠᠭᠰᠠᠨ᠃ 1994 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠫᠠᠸᠧᠯ ᠰᠠᠳ᠋ ᠍ ᠤᠷᠢᠨᠢ ᠤᠳᠤᠷᠢᠳᠤᠯᠭ᠎ᠠ ᠳᠣᠣᠷ᠎ᠠ ᠲᠣᠭᠯᠠᠬᠤ ᠠᠴᠠ ᠲᠠᠲᠠᠭᠠᠯᠵᠠᠭᠰᠠᠨ ᠬᠡᠳᠦ ᠬᠡᠳᠦᠨ ᠲᠦᠯᠬᠢᠭᠦᠷ ᠲᠣᠭᠯᠠᠭᠴᠢᠳ ᠤᠨ ᠨᠢᠭᠡ ᠨᠢ ᠱᠠᠯᠢᠮᠣᠸ ᠪᠠᠶᠢᠯ᠎ᠠ᠃ 2 ᠵᠢᠯ ᠦᠨ ᠳᠠᠷᠠᠭ᠎ᠠ ᠪᠤᠶᠤ 1996 ᠣᠨ ᠳᠤ ᠠᠩᠭᠯᠢ ᠳᠤ ᠵᠣᠬᠢᠶᠠᠭᠳᠠᠭᠰᠠᠨ ᠧᠦ᠋ᠷᠣᠫᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠣᠷᠣᠯᠴᠠᠭᠰᠠᠨ ᠣᠷᠣᠰ ᠤᠨ ᠰᠢᠭᠰᠢᠭᠡ ᠪᠠᠭ ᠲᠤ ᠪᠠᠭᠲᠤᠭᠰᠠᠨ᠃

ᠱᠠᠯᠢᠮᠣᠸ ᠨᠠᠫᠣᠯᠢ ᠪᠠᠭ ᠲᠤ ᠲᠣᠭᠯᠠᠵᠤ ᠪᠠᠶᠢᠬᠤ ᠳᠤ ᠪᠠᠨ ᠬᠣᠷᠢᠭᠯᠠᠭᠳᠠᠭᠰᠠᠨ ᠰᠡᠷᠭᠦᠭᠡᠰᠢ ᠶᠢᠨ ᠲᠥᠷᠥᠯ ᠦᠨ ᠪᠣᠳᠠᠰ ᠪᠣᠯᠬᠤ ᠨᠠᠨᠳᠠᠷᠠᠯᠠᠨ ᠬᠡᠷᠡᠭᠯᠡᠭᠰᠡᠨ ᠨᠢ ᠢᠯᠡᠷᠡᠵᠦ᠂ 2 ᠵᠢᠯ ᠡᠷᠬᠡ ᠪᠡᠨ ᠬᠠᠰᠤᠭᠤᠯᠤᠭᠰᠠᠨ ᠢᠶᠠᠷ ᠵᠣᠳᠣᠭ ᠲᠠᠶᠢᠯᠬᠤ ᠪᠠᠷ ᠰᠢᠢᠳᠴᠠᠢ᠃ ᠲᠡᠷᠡ ᠪᠡᠷ ᠡᠨᠡ ᠲᠤᠬᠠᠢ ᠶᠢ ᠪᠠᠨ 《ᠮᠣᠰᠺᠸᠠ ᠳᠤ ᠡᠮᠨᠡᠯᠭᠡᠲᠡ ᠬᠡᠪᠲᠡᠵᠦ ᠪᠠᠶᠢᠬᠤ ᠳᠤ ᠳᠣᠲᠣᠭᠤᠷ ᠴᠢᠰᠤ ᠠᠯᠳᠠᠯᠲᠠ ᠵᠣᠭᠰᠣᠬᠤ ᠭᠡᠵᠦ ᠬᠢᠭᠰᠡᠨ ᠲᠠᠷᠢᠶᠠᠨ ᠳᠤ ᠨᠠᠨᠳᠠᠷᠠᠯᠠᠨ ᠠᠭᠤᠯᠤᠭᠳᠠᠵᠤ ᠪᠠᠶᠢᠭᠰᠠᠨ ᠪᠠᠶᠢᠬᠤ》 ᠭᠡᠵᠦ ᠲᠠᠶᠢᠯᠪᠤᠷᠢᠯᠠᠭᠰᠠᠨ[1]

ᠢᠭᠠᠷᠢ ᠡᠳᠦᠭᠡ ᠣᠷᠣᠰ ᠤᠨ ᠬᠥᠯᠪᠥᠮᠪᠥᠭᠡ ᠶᠢᠨ ᠡᠮᠡᠭᠲᠡᠶᠢᠴᠦᠳ ᠦᠨ ᠦᠨᠳᠦᠰᠦᠨ ᠦ ᠰᠢᠭᠰᠢᠭᠡ ᠪᠠᠭᠡᠶᠢᠨ ᠳᠠᠰᠬᠠᠯᠵᠢᠭᠤᠯᠤᠭᠴᠢ ᠪᠠᠷ ᠠᠵᠢᠯᠯᠠᠵᠤ ᠪᠠᠶᠢᠨ᠎ᠠ[2]

ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. (ᠣᠷᠣᠰ ᠬᠡᠯᠡ) Igor Shalimov, former captain of the Russian football team. history.rin.ru. June 29, 2007 ᠍ ᠳᠦ ᠬᠠᠨᠳᠤᠭᠰᠠᠨ᠃
  2. Shalimov starts reign in style. uefa.com. June 7, 2008 ᠍ ᠳᠦ ᠬᠠᠨᠳᠤᠭᠰᠠᠨ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠢᠭᠠᠷᠢ ᠱᠠᠯᠢᠮᠣᠸ»

ᠪᠢᠴᠢᠭᠡᠰᠦ