ᠢᠪᠧᠷ ᠦᠨ ᠬᠣᠶᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠢᠪᠧᠷ ᠦᠨ ᠬᠣᠶᠢᠭ ᠤᠨ ᠰᠠᠨᠰᠠᠷ ᠠᠴᠠ ᠠᠪᠤᠭᠰᠠᠨ ᠵᠢᠷᠤᠭ

ᠢᠪᠧᠷ ᠦᠨ ᠬᠣᠶᠢᠭ (ᠢᠰᠫᠠᠨᠢ᠂ ᠫᠣᠷᠲ᠋ᠤᠭᠠᠯ ᠬᠡᠯᠡ: Península Ibérica), ᠫᠢᠷᠧᠨᠧᠢ ᠶᠢᠨ ᠬᠣᠶᠢᠭ ᠨᠢ ᠧᠦ᠋ᠷᠣᠫᠠ ᠍ ᠤᠨ ᠪᠠᠷᠠᠭᠤᠨ ᠡᠮᠦᠨ᠎ᠡ ᠬᠡᠰᠡᠭ ᠲᠦ ᠤᠷᠤᠰᠢᠬᠤ ᠬᠣᠶᠢᠭ ᠶᠤᠮ᠃


ᠤᠯᠤᠰ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡ ᠴᠠᠭ ᠲᠤ ᠷᠤᠮᠠᠨᠢᠶ ᠠ ᠡᠵᠡᠨᠲᠦ ᠭᠦᠷᠦᠨ ᠦ ᠵᠠᠬᠢᠷᠭᠠᠨ ᠳᠤ ᠪᠠᠶᠢᠪᠠ᠃ ᠷᠤᠮᠠᠨᠢᠶ ᠠ ᠡᠵᠡᠨᠲᠦ ᠭᠦᠷᠦᠨ ᠦ ᠮᠥᠬᠥᠯ ᠦᠨ ᠳᠠᠷᠠᠭ᠎ᠠ ᠭᠧᠷᠮᠠᠨᠪᠠᠷᠠᠭᠤᠨ ᠭᠠᠲᠤ ᠶᠢᠨ ᠡᠵᠡᠨᠲᠦ ᠤᠯᠤᠰ ᠍ ᠤᠨ ᠵᠠᠬᠢᠷᠭᠠᠨ ᠳᠤ ᠣᠷᠣᠭᠰᠠᠨ ᠪᠣᠯᠪᠠᠴᠤ 711 ᠣᠨ ᠳᠤ ᠤᠮᠠᠶᠠᠭ᠎ᠠ ᠳᠤ ᠬᠠᠯᠢᠹᠲ ᠤᠨ ᠳᠣᠪᠲᠣᠯᠭᠠᠨ ᠤ ᠤᠯᠠᠮ ᠠᠴᠠ ᠪᠠᠷᠠᠭᠤᠨ ᠭᠠᠲᠤ ᠶᠢᠨ ᠡᠵᠡᠨᠲᠦ ᠤᠯᠤᠰ ᠮᠥᠬᠥᠵᠦ᠂ ᠢᠰᠯᠠᠮ ᠍ ᠤᠨ ᠲᠡᠦᠬᠡᠨ ᠳᠦ ᠪᠤᠢ ᠪᠣᠯᠤᠭᠰᠠᠨ ᠠᠩᠬᠠᠨ ᠤ ᠢᠰᠯᠠᠮ ᠤᠨ ᠡᠵᠡᠨᠲᠦ ᠤᠯᠤᠰ ᠪᠣᠯᠬᠤ ᠤᠮᠠᠶᠠᠭ᠎ᠠ ᠳᠤ ᠬᠠᠯᠢᠹᠲ ᠤᠨ ᠮᠡᠳᠡᠯ ᠳᠦ ᠰᠢᠯᠵᠢᠪᠡ᠃ ᠤᠮᠠᠶᠠᠭ᠎ᠠ ᠳᠤ ᠬᠠᠯᠢᠹᠲ ᠮᠥᠬᠥᠬᠦ ᠳᠦ ᠬᠠᠯᠢᠹ ᠦᠨ ᠤᠳᠤᠮ ᠤᠨ ᠬᠢᠨ ᠢᠪᠧᠷ ᠦᠨ ᠬᠣᠶᠢᠭ ᠷᠤ ᠵᠢᠭᠤᠳᠠᠵᠤ᠂ ᠲᠡᠨᠳᠡ ᠪᠡᠨ ᠺᠣᠷᠳᠣᠪ ᠤᠨ ᠬᠠᠯᠢᠹᠲ ᠍ ᠢ ᠪᠠᠶᠢᠭᠤᠯᠤᠭᠰᠠᠨ ᠪᠠᠶᠢᠨ᠎ᠠ᠃

ᠲᠡᠷᠡ ᠦᠶ᠎ᠡ ᠳᠦ ᠬᠣᠶᠢᠭ ᠤᠨ ᠬᠣᠶᠢᠳᠤ ᠬᠡᠰᠡᠭ ᠲᠦ ᠠᠷᠠᠭᠣᠨ ᠤ ᠸᠠᠩᠲᠤ ᠤᠯᠤᠰ ᠪᠣᠯᠤᠨ ᠯᠧᠣᠨ ᠤ ᠸᠠᠩᠲᠤ ᠤᠯᠤᠰᠺᠠᠰᠲ᠋ᠢᠯ ᠦᠨ ᠸᠠᠩᠲᠤ ᠤᠯᠤᠰ ᠵᠡᠷᠭᠡ ᠾᠷᠢᠰᠤᠰ ᠤᠨ ᠱᠠᠰᠢᠨ ᠳᠤ ᠤᠯᠤᠰ ᠤᠳ ᠪᠠᠶᠢᠭᠤᠯᠤᠭᠳᠠᠵᠤ᠂ ᠷᠧᠺᠣᠨᠺᠢᠰᠲᠠ ᠪᠤᠶᠤ ᠢᠪᠧᠷ ᠦᠨ ᠬᠣᠶᠢᠭ ᠢ ᠳᠠᠬᠢᠨ ᠾᠷᠢᠰᠤᠰ ᠤᠨ ᠱᠠᠰᠢᠨ ᠤ ᠳᠠᠯᠪᠠᠭᠠᠨ ᠳᠣᠣᠷ᠎ᠠ ᠨᠢᠭᠡᠳᠬᠡᠬᠦ ᠶᠢ ᠡᠷᠡᠮᠡᠯᠵᠡᠵᠦ ᠪᠠᠶᠢᠪᠠ᠃ 1031 ᠣᠨ ᠳᠤ ᠺᠣᠷᠳᠣᠪ ᠤᠨ ᠬᠠᠯᠢᠹᠲ ᠮᠥᠬᠥᠵᠦ᠂ ᠲᠡᠭᠦᠨ ᠦ ᠰᠠᠭᠤᠷᠢᠨ ᠳᠡᠭᠡᠷ᠎ᠡ ᠮᠥᠨ ᠯᠠ ᠢᠰᠯᠠᠮ ᠤᠨ ᠤᠯᠤᠰ ᠪᠣᠯᠬᠤ ᠠᠯᠮᠣᠷᠠᠪᠢᠳᠠ᠂ ᠳᠠᠷᠠᠭ᠎ᠠ ᠨᠢ ᠠᠯᠮᠣᠬᠣ ᠳᠤ ᠬᠠᠯᠢᠹᠲ ᠤᠳ ᠪᠤᠢ ᠪᠣᠯᠵᠠᠢ᠃

ᠶᠠᠪᠤᠭᠠᠨ ᠳᠠᠭᠠᠨ ᠬᠦᠴᠦ ᠪᠡᠨ ᠠᠪᠴᠤ ᠪᠠᠶᠢᠭᠰᠠᠨ ᠾᠷᠢᠰᠲ ᠤᠨ ᠱᠠᠰᠢᠨᠲᠠᠨ ᠨᠤᠭᠤᠳ ᠢᠰᠯᠠᠮ ᠤᠨ ᠬᠠᠯᠢᠹᠲ ᠤᠳ ᠢ ᠡᠮᠦᠨ᠎ᠡ ᠵᠦᠭ ᠲᠤ ᠰᠢᠬᠠᠵᠤ᠂ ᠡᠵᠡᠮᠰᠢᠯ ᠨᠤᠲᠤᠭ ᠢᠶᠠᠨ ᠲᠣᠮᠣᠷᠠᠭᠤᠯᠤᠭᠰᠠᠭᠠᠷ ᠪᠠᠶᠢᠯ᠎ᠠ᠃ 1479 ᠣᠨ ᠳᠤ ᠠᠷᠠᠭᠤᠨ ᠪᠣᠯᠤᠨ ᠺᠠᠰᠲ᠋ᠢᠯ ᠦᠨ ᠸᠠᠩᠲᠤ ᠤᠯᠤᠰ ᠤᠨ ᠸᠠᠩᠭ᠎ᠠ ᠨᠤᠭᠤᠳ ᠤᠷᠤᠭ ᠪᠠᠷᠢᠯᠳᠤᠵᠤ᠂ ᠢᠰᠫᠠᠨᠢ ᠶᠢᠨ ᠬᠠᠭᠠᠨᠲᠤ ᠤᠯᠤᠰ ᠍ ᠢ ᠪᠠᠶᠢᠭᠤᠯᠤᠭᠰᠠᠨ ᠢᠶᠠᠷ ᠷᠧᠺᠣᠨᠺᠢᠰᠲᠠᠭ ᠤᠨ ᠶᠠᠪᠤᠵᠤ ᠲᠦᠷᠭᠡᠰᠴᠢ᠂ 1492 ᠣᠨ ᠳᠤ ᠢᠪᠧᠷ ᠦᠨ ᠬᠣᠶᠢᠭ ᠳᠠᠬᠢ ᠰᠡᠭᠦᠯᠴᠢ ᠶᠢᠨ ᠢᠰᠯᠠᠮ ᠤᠨ ᠤᠯᠤᠰ ᠪᠣᠯᠬᠤ ᠨᠠᠰᠤᠷ ᠲᠤ ᠍ ᠤᠨ ᠬᠠᠯᠢᠹᠲ ᠢ ᠮᠥᠬᠦᠵᠡᠢ᠃

ᠲᠡᠭᠦᠨ ᠡᠴᠡ ᠬᠣᠶᠢᠰᠢ ᠢᠰᠫᠠᠨᠢ ᠪᠠ ᠫᠣᠷᠲ᠋ᠤᠭᠠᠯ ᠤᠯᠤᠰ ᠤᠳ ᠢᠪᠧᠷ ᠦᠨ ᠬᠣᠶᠢᠭ ᠢ ᠡᠵᠡᠮᠰᠢᠵᠦ ᠢᠷᠡᠭᠰᠡᠨ ᠶᠤᠮ᠃

ᠪᠢᠴᠢᠭᠡᠰᠦ