ᠢᠪᠡᠭᠡᠨ ᠲᠡᠳᠬᠦᠭᠴᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠷᠢ ᠲᠠᠢ ᠰᠫᠣᠷᠲ ᠨᠢ ᠠᠦ᠋ᠲ᠋ᠣᠮᠠᠰᠢᠨ ᠤ ᠺᠣᠮᠫᠠᠨᠢ ᠶᠢᠨ ᠢᠪᠡᠭᠡᠨ ᠲᠡᠳᠭᠦᠬᠦ᠃

ᠢᠪᠡᠭᠡᠨ ᠲᠡᠳᠬᠦᠭᠴᠢ (ᠰᠫᠣᠩᠰᠣᠷ᠃ Sponsor). ᠯᠠᠲ᠋ᠢᠨ ᠤ spoondere – 《ᠳᠠᠭᠠᠭᠠᠯᠭᠠᠬᠤ᠂ ᠡᠭᠦᠷᠭᠡ ᠪᠣᠯᠭᠠᠬᠤ》 ᠭᠡᠰᠡᠨ ᠦᠭᠡᠨ ᠡᠴᠡ ᠭᠠᠷᠤᠯ ᠲᠠᠢ᠃ ᠡᠨᠡ ᠨᠡᠷ᠎ᠡ ᠲᠣᠮᠢᠶ᠎ᠠ ᠠᠩᠬ᠎ᠠ ᠥᠪᠡᠷᠲᠡᠭᠡᠨ ᠶᠠᠮᠠᠷ ᠨᠢᠭᠡ ᠠᠯᠳᠠᠭ᠎ᠠ ᠮᠠᠳᠠᠭ᠂ ᠪᠤᠷᠤᠭᠤ ᠵᠥᠷᠢᠭᠦᠦ ᠶᠠᠭᠤᠮᠠᠨ ᠤ ᠲᠥᠯᠥᠭᠡ ᠬᠠᠷᠢᠭᠤᠴᠠᠯᠭ᠎ᠠ ᠬᠦᠯᠢᠶᠡᠬᠦ ᠶᠢ ᠳᠠᠭᠠᠭᠠᠵᠤ ᠠᠪᠤᠭᠰᠠᠨ ᠬᠦᠮᠦᠨ ᠢ ᠪᠤᠶᠤ ᠳᠠᠭᠠᠭᠠᠭᠴᠢ ᠶᠢ ᠢᠯᠡᠷᠬᠡᠶᠢᠯᠡᠵᠦ ᠪᠠᠶᠢᠴᠠᠢ᠃ ᠱᠠᠰᠢᠨ ᠤ ᠬᠦᠷᠢᠶᠡᠨ ᠳᠦ ᠬᠡᠦᠬᠡᠳ ᠦᠨ ᠱᠠᠰᠢᠨ ᠤ ᠪᠣᠯᠪᠠᠰᠤᠷᠠᠯ ᠤᠨ ᠲᠥᠯᠥᠭᠡ ᠬᠠᠷᠢᠭᠤᠴᠠᠯᠭ᠎ᠠ ᠬᠦᠯᠢᠶᠡᠭᠰᠡᠨ ᠵᠠᠭᠠᠯᠮᠠᠶᠢᠯᠠᠭᠰᠠᠨ ᠡᠴᠢᠭᠡ᠂ ᠡᠰᠡᠪᠡᠯ ᠡᠬᠡ ᠶᠢ ᠨᠡᠷᠡᠯᠡᠳᠡᠭ ᠪᠠᠶᠢᠪᠠ᠃ ᠠᠵᠢᠯ ᠬᠡᠷᠡᠭ ᠦᠨ ᠬᠦᠷᠢᠶᠡᠨ ᠳᠦ ᠡᠨᠡ ᠨᠡᠷ᠎ᠡ ᠲᠣᠮᠢᠶ᠎ᠠ ᠶᠢ ᠠᠩᠬ᠎ᠠ ᠠᠯᠢᠪᠠ ᠪᠠᠷᠠᠭ᠎ᠠ ᠪᠦᠲᠦᠭᠡᠭᠳᠡᠬᠦᠨ ᠢ ᠰᠤᠷᠲᠠᠯᠴᠢᠯᠠᠭᠰᠠᠨ ᠷᠠᠳᠢᠣ᠋ ᠲᠠᠶᠢᠯᠪᠤᠷᠢᠯᠠᠭᠴᠢ ᠳᠤ ᠬᠥᠯᠥᠰᠥ ᠤᠯᠭᠤᠬᠤ ᠬᠠᠷᠢᠯᠴᠠᠭᠠᠨ ᠳᠤ ᠬᠡᠷᠡᠭᠯᠡᠵᠦ ᠡᠬᠢᠯᠡᠵᠡᠢ᠃ ᠣᠷᠴᠢᠨ ᠦᠶ᠎ᠡ ᠳᠦ ᠢᠪᠡᠭᠡᠨ ᠲᠡᠳᠬᠦᠭᠴᠢ ᠬᠡᠮᠡᠬᠦ ᠣᠶᠢᠯᠠᠭᠠᠯᠲᠠ ᠶᠢ ᠮᠠᠰᠢ ᠥᠷᠭᠡᠨ ᠤᠳᠬ᠎ᠠ ᠪᠠᠷ ᠬᠡᠷᠡᠭᠯᠡᠬᠦ ᠪᠣᠯᠵᠤ᠂ ᠶᠠᠮᠠᠷ ᠨᠢᠭᠡᠨ ᠬᠥᠳᠡᠯᠭᠡᠭᠡᠨ᠂ ᠰᠠᠨᠠᠭᠠᠴᠢᠯᠭ᠎ᠠ᠂ ᠪᠠᠶᠢᠭᠤᠯᠤᠯᠭ᠎ᠠ᠂ ᠬᠤᠪᠢ ᠬᠦᠨᠳᠦ ᠰᠠᠩᠬᠦᠦ ᠶᠢᠨ ᠪᠣᠯᠤᠨ ᠪᠤᠰᠤᠳ ᠲᠥᠷᠥᠯ ᠦᠨ ᠲᠤᠰᠠ ᠳᠡᠮᠵᠢᠯᠭᠡ ᠦᠵᠡᠭᠦᠯᠵᠦ ᠪᠤᠢ ᠬᠤᠪᠢ ᠬᠦᠩ ᠡᠴᠡ ᠡᠬᠢᠯᠡᠭᠡᠳ ᠺᠣᠮᠫᠠᠨᠢ᠂ ᠫᠦᠰᠡ᠂ ᠶᠠᠩᠵᠤ ᠪᠦᠷᠢ ᠶᠢᠨ ᠰᠠᠨ᠂ ᠨᠡᠶᠢᠭᠡᠮᠯᠢᠭ ᠦᠨ ᠦᠢᠯᠡ ᠠᠵᠢᠯᠯᠠᠭ᠎ᠠ ᠶᠢ ᠬᠡᠯᠡᠳᠡᠭ ᠪᠠᠶᠢᠨ᠎ᠠ᠃ ᠢᠯᠠᠩᠭᠤᠶ᠎ᠠ ᠰᠣᠩᠭᠣᠭᠤᠯᠢ ᠶᠢᠨ ᠺᠠᠮᠫᠠᠨᠢ ᠳᠤ ᠠᠵᠢᠯ ᠤᠨᠨ ᠦᠶ᠎ᠡ ᠳᠦ ᠢᠪᠡᠭᠡᠨ ᠲᠡᠳᠭᠦᠬᠦ ᠦᠢᠯᠡ ᠠᠵᠢᠯᠯᠠᠭ᠎ᠠ ᠥᠷᠭᠡᠨ ᠬᠦᠷᠢᠶᠡᠨ ᠳᠦ ᠥᠷᠨᠢᠳᠡᠭ᠃ ᠲᠣᠮᠣᠬᠠᠨ ᠺᠣᠮᠫᠠᠨᠢ᠂ ᠪᠠᠶᠢᠭᠤᠯᠤᠯᠭ᠎ᠠ᠂ ᠬᠤᠪᠢ ᠬᠦᠮᠦᠰ ᠶᠠᠩᠵᠤ ᠪᠦᠷᠢ ᠶᠢᠨ ᠠᠷᠭ᠎ᠠ ᠬᠡᠮᠵᠢᠶ᠎ᠡ ᠪᠣᠯᠤᠨ ᠰᠤᠷᠲᠠᠯᠴᠢᠯᠠᠭᠠᠨ ᠤ ᠮᠠᠲ᠋ᠧᠷᠢᠶᠠᠯ ᠤᠳ ᠢ ᠰᠣᠨᠢᠨ ᠬᠡᠪᠯᠡᠯ ᠳᠦ ᠨᠡᠶᠢᠲᠡᠯᠡᠬᠦ᠂ ᠷᠠᠳᠢᠣ᠋ ᠲᠧᠯᠧᠸᠢᠰ ᠢᠶᠡᠷ ᠨᠡᠪᠲᠡᠷᠡᠭᠦᠯᠬᠦ᠂ ᠪᠡᠶ᠎ᠡ ᠳᠠᠭᠠᠭᠰᠠᠨ ᠰᠣᠨᠢᠨ ᠭᠠᠷᠭᠠᠬᠤ ᠠᠵᠢᠯ ᠢ ᠢᠪᠡᠭᠡᠨ ᠲᠡᠳᠬᠦᠳᠡᠭ᠃ ᠰᠡᠭᠦᠯ ᠦᠨ ᠦᠶ᠎ᠡ ᠳᠦ ᠤᠷᠠᠯᠢᠭ ᠤᠨ 《ᠣᠳᠣ ᠨᠤᠭᠤᠳ ᠤᠨ》 ᠲᠠᠶᠢᠯᠤᠨ ᠲᠣᠭᠯᠠᠯᠲᠠ᠂ ᠱᠣᠤ ᠴᠡᠩᠭᠡᠭᠡᠨ ᠦ ᠦᠢᠯᠡ ᠠᠵᠢᠯᠯᠠᠭᠠᠨ ᠤ ᠮᠡᠳᠡᠭᠡᠯᠡᠯ ᠦᠨ ᠢᠪᠡᠭᠡᠨ ᠲᠡᠳᠬᠦᠭᠴᠢ ᠪᠡᠷ ᠬᠡᠪᠯᠡᠯ ᠮᠡᠳᠡᠭᠡᠯᠡᠯ ᠦᠨ ᠬᠡᠷᠡᠭᠰᠡᠯ ᠦᠳ ᠠᠵᠢᠯᠯᠠᠬᠤ ᠶᠠᠪᠤᠳᠠᠯ ᠥᠷᠭᠡᠵᠢᠵᠦ ᠪᠠᠶᠢᠨ᠎ᠠ᠃ ᠢᠪᠡᠭᠡᠨ ᠲᠡᠳᠭᠦᠬᠦ ᠦᠢᠯᠡ ᠠᠵᠢᠯᠯᠠᠭ᠎ᠠ ᠶᠢ ᠨᠢᠭᠡ ᠤᠳᠠᠭ᠎ᠠ ᠶᠢᠨ᠂ ᠪᠠᠶᠢᠩᠭᠤ ᠶᠢᠨ᠂ ᠤᠷᠲᠤ ᠬᠤᠭᠤᠴᠠᠭᠠᠨ ᠤ᠂ ᠲᠣᠬᠢᠶᠠᠯᠳᠤᠯ ᠤᠨ ᠰᠢᠨᠵᠢ ᠲᠡᠢ ᠭᠡᠵᠦ ᠠᠩᠭᠢᠯᠠᠳᠠᠭ᠃ ᠲᠤᠬᠠᠶᠢᠯᠠᠪᠠᠯ᠂ ᠠᠮᠧᠷᠢᠺᠠ ᠶᠢᠨ ᠨᠢᠭᠡᠳᠦᠭᠰᠡᠨ ᠤᠯᠤᠰ ᠳᠦ ᠶᠡᠬᠡ᠂ ᠳᠡᠭᠡᠳᠦ ᠰᠤᠷᠭᠠᠭᠤᠯᠢ ᠨᠤᠭᠤᠳ ᠢ ᠶᠠᠩᠵᠤ ᠪᠦᠷᠢ ᠶᠢᠨ ᠬᠤᠪᠢ ᠤᠨ ᠰᠠᠩᠭ᠎ᠠ ᠨᠤᠭᠤᠳ ᠤᠨ ᠲᠤᠰᠠᠯᠠᠮᠵᠢ ᠲᠠᠢ ᠪᠠᠷ ᠪᠠᠶᠢᠩᠭᠤ ᠰᠠᠩᠬᠦᠵᠢᠭᠦᠯᠬᠦ ᠶᠠᠪᠤᠳᠠᠯ ᠲᠦᠭᠡᠮᠡᠯ ᠶᠤᠮ᠃ ᠰᠡᠭᠦᠯ ᠦᠨ ᠵᠢᠯ ᠤᠨᠳ ᠲᠤ ᠮᠠᠨ ᠤ ᠣᠷᠣᠨ ᠳᠤ ᠬᠡᠪᠯᠡᠯ ᠮᠡᠳᠡᠭᠡᠯᠡᠯ ᠦᠨ ᠬᠡᠷᠡᠭᠰᠡᠯ ᠢ ᠳᠡᠮᠵᠢᠬᠦ᠂ ᠬᠠᠮᠲᠤᠷᠠᠨ ᠠᠵᠢᠯᠯᠠᠬᠤ ᠶᠠᠪᠤᠳᠠᠯ ᠥᠷᠭᠡᠵᠢᠵᠦ ᠪᠠᠶᠢᠭ᠎ᠠ ᠨᠢ ᠴᠢᠯᠦᠭᠡᠲᠦ ᠬᠡᠪᠯᠡᠯ ᠢ ᠬᠥᠭᠵᠢᠭᠦᠯᠬᠦ᠂ ᠰᠠᠩᠬᠦᠦ ᠶᠢᠨ ᠴᠢᠳᠠᠪᠬᠢ ᠶᠢ ᠰᠠᠶᠢᠵᠢᠷᠭᠠᠭᠤᠯᠬᠤ᠂ ᠢᠳᠡᠪᠬᠢ ᠰᠠᠨᠠᠭᠠᠴᠢᠯᠭ᠎ᠠ ᠶᠢ ᠳᠡᠭᠡᠭᠰᠢᠯᠡᠭᠦᠯᠬᠦ ᠳᠦ ᠡᠶᠡᠷᠡᠭ ᠨᠥᠯᠥᠭᠡ ᠦᠵᠡᠭᠦᠯᠵᠦ ᠪᠠᠶᠢᠨ᠎ᠠ᠃

ᠪᠢᠴᠢᠭᠡᠰᠦ