ᠴᠠᠺ ᠢᠪᠠᠯᠶᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠢᠪᠠᠯᠶᠠ ᠴᠠᠺ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠴᠠᠺ ᠢᠪᠠᠯᠶᠠ
Bundesarchiv Bild 183-G00985, Berlin, Olympiade, Hochsprung der Damen.jpg

ᠴᠠᠺ ᠢᠪᠠᠯᠶᠠ᠂ ᠳᠣᠷᠣᠲ᠋ᠢ ᠣᠳᠤᠮ᠎ᠠᠡᠯᠹᠷᠢᠳᠧ ᠺᠠᠤᠨ ᠨᠠᠷ ᠪᠧᠷᠯᠢᠨ ᠦ ᠣᠯᠢᠮᠫᠣᠳ

ᠬᠥᠩᠭᠡᠨ ᠠᠲᠯᠧᠲ᠋ᠢᠭ
ᠲᠥᠯᠦᠭᠡᠯᠡᠳᠡᠭ ᠤᠯᠠᠰ: {{{ᠤᠯᠠᠰ}}}
ᠬᠤᠪᠢ ᠤᠨ ᠮᠡᠳᠡᠭᠡᠯᠡᠯ
ᠪᠦᠲᠦᠨ ᠨᠡᠷ᠎ᠡ ᠴᠠᠺ ᠢᠪᠠᠯᠶᠠ
ᠲᠦᠷᠦᠭᠰᠡᠨ ᠣᠩᠨᠠᠭ᠎ᠠ 1915 ᠣᠨ ᠤ 1 ᠰᠠᠷ᠎ᠠ ᠶᠢᠨ 6 (1915-01-06)
ᠲᠦᠷᠦᠭᠰᠡᠨ ᠭᠠᠵᠠᠷ ᠪᠤᠲᠠᠫᠧᠱᠲ
ᠨᠠᠰᠤ ᠪᠠᠷᠠᠭᠰᠠᠨ ᠣᠩᠨᠠᠭ᠎ᠠ 2006 ᠣᠨ ᠤ 2 ᠰᠠᠷ᠎ᠠ ᠶᠢᠨ 10 (91 ᠨᠠᠰᠤᠯᠠᠭᠰᠠᠨ)
ᠨᠠᠰᠤ ᠪᠠᠷᠠᠭᠰᠠᠨ ᠭᠠᠵᠠᠷ ᠪᠤᠲᠠᠫᠧᠱᠲ
 
ᠮᠧᠳᠠᠯ ᠤᠳ
ᠵᠤᠨ ᠤ ᠣᠯᠢᠮᠫᠢᠺ
ᠠᠯᠲᠠ ᠪᠧᠷᠯᠢᠨ 1936 ᠡᠮᠡᠭᠲᠡᠢ ᠥᠨᠳᠥᠷ ᠦᠨ ᠬᠠᠷᠠᠶᠢᠯᠲᠠ
ᠧᠦ᠋ᠷᠣᠫᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ
ᠠᠯᠲᠠ 1938 ᠡᠮᠡᠭᠲᠡᠢ ᠥᠨᠳᠥᠷ ᠦᠨ ᠬᠠᠷᠠᠶᠢᠯᠲᠠ

ᠴᠠᠺ ᠢᠪᠠᠯᠶᠠ (ᠬᠠᠩᠭᠠᠷᠢ/ᠮᠠᠵᠠᠷ ᠶᠢᠡᠷ Csák Ibolya, 1915 ᠣᠨ ᠤ 1 ᠰᠠᠷ᠎ᠠ ᠶᠢᠨ 6 – 2006 ᠣᠨ ᠤ 2 ᠰᠠᠷ᠎ᠠ ᠶᠢᠨ 10) ᠨᠢ ᠬᠠᠩᠭᠠᠷᠢ ᠍ ᠤᠨ ᠬᠥᠩᠭᠡᠨ ᠠᠲᠯᠧᠲ᠋ᠢᠭᠴᠤ᠂ 1936 ᠣᠨ ᠤ ᠪᠧᠷᠯᠢᠨ ᠦ ᠣᠯᠢᠮᠫᠢᠺ ᠤᠨ ᠡᠮᠡᠭᠲᠡᠶᠢᠴᠦᠳ ᠦᠨ ᠥᠨᠳᠥᠷ ᠦᠨ ᠬᠠᠷᠠᠶᠢᠯᠲᠠ ᠍ ᠤᠨ ᠠᠪᠤᠷᠭᠤ ᠲᠠᠮᠢᠷᠴᠢᠨ ᠶᠤᠮ᠃ ᠲᠡᠷᠡ ᠪᠡᠷ ᠮᠥᠨ 1938 ᠣᠨ ᠳᠤ ᠬᠥᠩᠭᠡᠨ ᠠᠲᠯᠧᠲ᠋ᠢᠭ ᠤᠨ ᠧᠦ᠋ᠷᠣᠫᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠲᠦᠷᠦᠭᠦᠯᠡᠭᠰᠡᠨ᠃ ᠴᠠᠺ ᠨᠢ ᠤᠭ ᠬᠣᠶᠠᠷ ᠲᠡᠮᠡᠴᠡᠭᠡᠨ ᠡᠴᠡ ᠠᠯᠲᠠᠨ ᠮᠧᠳᠠᠯ ᠬᠦᠷᠲᠡᠭᠰᠡᠨ ᠠᠩᠬᠠᠨ ᠤ ᠬᠠᠩᠭᠠᠷᠢ ᠡᠮᠡᠭᠲᠡᠢ ᠪᠣᠯᠤᠭᠰᠠᠨ ᠪᠢᠯᠡ᠃

1936 ᠣᠨ ᠤ ᠣᠯᠢᠮᠫᠢᠺ ᠤᠨ ᠨᠠᠭᠠᠳᠤᠮ ᠤᠨ ᠥᠨᠳᠥᠷ ᠦᠨ ᠬᠠᠷᠠᠶᠢᠯᠲᠠ ᠶᠢᠨ ᠲᠡᠮᠡᠴᠡᠭᠡᠨ ᠲᠡᠦᠬᠡᠨ ᠳᠦ ᠬᠠᠮᠤᠭ ᠤᠨ ᠥᠷᠢᠰᠦᠯᠳᠦᠭᠡᠨ ᠲᠡᠢ ᠪᠣᠯᠤᠭᠰᠠᠨ ᠶᠤᠮ᠃ 3 ᠲᠠᠮᠢᠷᠴᠢᠨ 160 ᠰᠠᠨᠲ᠋ᠢᠮᠧᠲ᠋ᠷ ᠳᠡᠭᠡᠭᠦᠷ ᠳᠠᠪᠠᠭᠰᠠᠨ ᠴᠤ ᠲᠡᠳᠡᠨ ᠦ ᠬᠡᠨ ᠨᠢ ᠴᠤ 162 ᠍ ᠶᠢ ᠳᠠᠪᠠᠵᠤ ᠴᠢᠳᠠᠭᠰᠠᠨ ᠦᠭᠡᠢ᠃ ᠲᠡᠶᠢᠮᠦ ᠡᠴᠡ ᠲᠡᠳᠡᠨ ᠳᠦ ᠳᠥᠷᠪᠡ ᠳ᠋ᠡᠬᠢ ᠪᠣᠯᠤᠮᠵᠢ ᠶᠢ ᠣᠯᠭᠤᠬᠤ ᠳᠤ ᠴᠠᠺ ᠭᠠᠭᠴᠠᠭᠠᠷ ᠢᠶᠠᠨ ᠳᠠᠪᠠᠵᠤ᠂ ᠠᠯᠲᠠᠨ ᠮᠧᠳᠠᠯ ᠬᠦᠷᠢᠲᠦᠵᠡᠢ᠃

1938 ᠣᠨ ᠤ ᠧᠦ᠋ᠷᠣᠫᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠭᠧᠷᠮᠠᠨᠳᠣᠷᠠ ᠷᠠᠲ᠋ᠧᠨ 170 ᠰᠠᠨᠲ᠋ᠢᠮᠧᠲ᠋ᠷ ᠳᠡᠭᠡᠭᠦᠷ ᠳᠠᠪᠠᠵᠤ᠂ ᠳᠡᠯᠡᠬᠡᠢ ᠶᠢᠨ ᠳᠡᠭᠡᠳᠦ ᠠᠮᠵᠢᠯᠲᠠ ᠲᠣᠭᠲᠠᠭᠠᠨ ᠲᠡᠷᠢᠭᠦᠯᠡᠭᠰᠡᠨ ᠪᠣᠯᠪᠠᠴᠤ ᠬᠣᠵᠢᠮ ᠨᠠᠼᠢᠰᠲ ᠵᠠᠯᠠᠭᠤᠴᠤᠳ ᠤᠨ ᠬᠥᠳᠡᠯᠭᠡᠭᠡᠨ ᠦ ᠱᠠᠭᠠᠷᠳᠠᠯᠭ᠎ᠠ ᠪᠠᠷ ᠡᠮᠡᠭᠲᠡᠢ ᠬᠦᠮᠦᠨ ᠪᠣᠯᠵᠤ ᠲᠡᠮᠡᠴᠡᠭᠡᠨ ᠤᠷᠤᠯᠳᠤᠭᠠᠨ ᠳᠤ ᠣᠷᠣᠳᠠᠭ ᠪᠠᠶᠢᠭᠰᠠᠨ ᠬᠧᠷᠮᠠᠨ ᠭᠡᠳᠡᠭ ᠨᠡᠷ᠎ᠡ ᠲᠡᠢ ᠡᠷᠡᠭᠲᠡᠢ ᠬᠦᠮᠦᠨ ᠪᠣᠯᠬᠤ ᠨᠢ ᠢᠯᠡᠷᠡᠭᠰᠡᠨ ᠲᠤᠯᠠ 164 ᠰᠠᠨᠲ᠋ᠢᠮᠧᠲ᠋ᠷ ᠥᠨᠳᠥᠷ ᠲᠦ ᠬᠠᠷᠠᠶᠢᠭᠰᠠᠨ ᠴᠠᠺ ᠠᠯᠲᠠᠨ ᠮᠧᠳᠠᠯ ᠬᠦᠷᠢᠲᠦᠵᠡᠢ᠃ ᠲᠡᠷᠡ ᠲᠡᠮᠡᠴᠡᠭᠡᠨ ᠳᠦ ᠦᠨᠳᠦᠰᠦᠨ ᠦ ᠪᠡᠨ ᠳᠡᠭᠡᠳᠦ ᠠᠮᠵᠢᠯᠲᠠ ᠶᠢ ᠰᠢᠨᠡᠴᠢᠯᠡᠭᠰᠡᠨ ᠪᠥᠭᠡᠳ ᠤᠭ ᠠᠮᠵᠢᠯᠲᠠ ᠨᠢ 24 ᠵᠢᠯ ᠬᠠᠳᠠᠭᠠᠯᠠᠭᠳᠠᠵᠠᠢ᠃

ᠲᠡᠷᠡ ᠪᠡᠷ ᠬᠠᠩᠭᠠᠷᠢ ᠶᠢᠨ 9 ᠤᠳᠠᠭ᠎ᠠ ᠶᠢᠨ ᠠᠪᠤᠷᠭᠤ ᠪᠥᠭᠡᠳ ᠡᠭᠦᠨ ᠡᠴᠡ 2 ᠤᠳᠠᠭ᠎ᠠ ᠳᠤ ᠨᠢ ᠤᠷᠲᠤ ᠶᠢᠨ ᠬᠠᠷᠠᠶᠢᠯ ᠳᠤ ᠢᠶᠠᠷ ᠲᠡᠷᠢᠭᠦᠯᠡᠭᠰᠡᠨ ᠠᠵᠡᠢ᠃

ᠢᠪᠠᠯᠶᠠ 1929 ᠍ ᠡᠴᠡ 1932 ᠣᠨ ᠳᠤ ᠭᠢᠮᠨᠡᠰᠲ᠋ᠢᠺ᠂ 1933 ᠍ ᠠᠴᠠ 1939 ᠣᠨ ᠳᠤ ᠬᠥᠩᠭᠡᠨ ᠠᠲᠯᠧᠲ᠋ᠢᠭ ᠢᠶᠠᠷ ᠲᠡᠮᠡᠴᠡᠭᠡᠨ ᠤᠷᠤᠯᠳᠤᠭᠠᠨ ᠳᠤ ᠣᠷᠣᠯᠴᠠᠵᠤ ᠪᠠᠶᠢᠭᠰᠠᠨ ᠪᠥᠭᠡᠳ ᠦᠨᠳᠦᠰᠦᠨ ᠦ ᠭᠢᠮᠨᠡᠰᠲ᠋ᠢᠺ ᠦᠨ ᠺᠯᠥ᠋ᠪ ᠲᠤ ᠬᠠᠷᠢᠶᠠᠯᠠᠭᠳᠠᠳᠠᠭ ᠪᠠᠶᠢᠪᠠ᠃ ᠲᠡᠷᠡ ᠪᠡᠷ 2005 ᠣᠨ ᠳᠤ ᠰᠢᠳᠤᠷᠭᠤ ᠥᠷᠢᠰᠦᠯᠳᠦᠭᠡᠨ ᠦ ᠲᠥᠯᠥᠭᠡ ᠠᠮᠢᠳᠤᠷᠠᠯ ᠳᠤ ᠪᠠᠨ ᠠᠮᠵᠢᠯᠲᠠ ᠭᠠᠷᠭᠠᠭᠰᠠᠨ ᠲᠠᠮᠢᠷᠴᠢᠳ ᠲᠤ ᠣᠯᠭᠤᠳᠠᠭ ᠣᠯᠠᠨ ᠤᠯᠤᠰ ᠤᠨ ᠱᠠᠩᠨᠠᠯ (International Fair Play Life Achievement Award) ᠬᠦᠷᠢᠲᠦᠵᠡᠢ᠃

ᠬᠤᠪᠢ ᠤᠨ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠺ 1936 - 1970 ᠣᠨ ᠳᠤ ᠬᠠᠩᠭᠠᠷᠢ ᠶᠢᠨ ᠮᠥᠩᠭᠥᠨ ᠲᠡᠮᠳᠡᠭᠲᠦ ᠶᠢᠨ ᠬᠡᠪᠯᠡᠬᠦ ᠦᠢᠯᠡᠳᠪᠦᠷᠢ ᠶᠢᠨ ᠲᠥᠪ ᠭᠠᠵᠠᠷ ᠲᠤ ᠠᠵᠢᠯᠯᠠᠵᠤ ᠪᠠᠶᠢᠭᠠᠳ ᠲᠡᠳᠬᠦᠪᠦᠷᠢ ᠳᠦ ᠪᠡᠨ ᠭᠠᠷᠤᠭᠰᠠᠨ᠃

ᠲᠡᠷᠡ ᠪᠡᠷ 1940 ᠣᠨ ᠳᠤ ᠢᠪᠠᠯᠶᠠ᠂ 1942 ᠣᠨ ᠳᠤ ᠠᠲᠲ᠋ᠢᠯ ᠬᠡᠮᠡᠬᠦ ᠬᠡᠦᠬᠡᠳ ᠦᠳ ᠲᠡᠢ ᠪᠣᠯᠵᠠᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ