ᠢᠩᠬᠤᠱᠧᠲ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠢᠩᠬᠤᠱ ᠣᠷᠣᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠢᠩᠬᠤᠱᠧᠲ ᠤᠯᠤᠰ (ᠮᠣᠩᠭᠣᠯ)
ᠷᠧᠰᠫᠦᠪᠯᠢᠺᠠ ᠢᠩᠬᠤᠱᠧᠲ᠋ᠢᠶ᠎ᠠ (ᠣᠷᠣᠰ)
ᠭӀᠠᠯᠭӀᠠᠢ ᠮᠣᠬᠺ (ᠢᠩᠬᠤᠱ)
Map of Russia - Republic of Ingushetia (2008-03).svg
<tr bgcolor="#E5E4E2">

<th align="center">ᠰᠦᠯᠳᠡ</th> <th align="center">ᠳᠠᠯᠪᠠᠭ᠎ᠠ</th> </tr><tr> <th style="vertical-align:middle; text-align:center;">Coat of Arms of Ingushetia.svg
</th> <th style="vertical-align:middle; text-align:center;">Flag of Ingushetia.svg
</th></tr>

ᠲᠥᠷᠥ ᠶᠢᠨ ᠳᠠᠭᠤᠯᠠᠯ: n/a
ᠨᠡᠶᠢᠰᠯᠡᠯ ᠮᠠᠭᠠᠰ
ᠪᠠᠶᠢᠭᠤᠯᠤᠭᠳᠠᠭᠰᠠᠨ 1992 ᠣᠨ ᠤ 6 ᠰᠠᠷ᠎ᠠ ᠶᠢᠨ 4
ᠠᠩᠬᠢᠯᠠᠯ
ᠬᠣᠯᠪᠣᠭᠠᠨ ᠤ ᠲᠣᠭᠣᠷᠢᠭ
ᠡᠳ᠋ ᠍ ᠦᠨ ᠵᠠᠰᠠᠭ ᠤᠨ ᠪᠥᠰᠡ
ᠪᠦᠭᠦᠳᠡ ᠨᠠᠶᠢᠷᠠᠮᠳᠠᠬᠤ ᠤᠯᠤᠰ
ᠡᠮᠦᠨᠡᠲᠦ
n/a
ᠺᠣᠳ᠋ n/a
ᠭᠠᠵᠠᠷ ᠣᠷᠣᠨ
ᠨᠤᠲᠤᠭ ᠤᠨ ᠬᠡᠮᠵᠢᠶ᠎ᠡ
- ᠣᠷᠣᠰ ᠬᠣᠯᠪᠣᠭᠠᠨ ᠤ ᠤᠯᠤᠰ ᠳᠠᠬᠢ ᠳᠡᠰ
4,000 км²
4000
ᠬᠦᠮᠦᠨ ᠠᠮᠠ ᠵᠦᠢ (2002 ᠣᠨ ᠤ ᠲᠣᠭᠠᠯᠠᠯᠭ᠎ᠠ)
ᠬᠦᠮᠦᠨ ᠠᠮᠠ ᠶᠢᠨ ᠲᠣᠭ᠎ᠠ
- ᠣᠷᠣᠰ ᠬᠣᠯᠪᠣᠭᠠᠨ ᠤ ᠤᠯᠤᠰ ᠳᠠᠬᠢ ᠳᠡᠰ
- ᠨᠢᠭᠲᠠᠷᠠᠯ
- ᠬᠣᠲᠠ ᠶᠢᠨ
- ᠬᠥᠳᠡᠭᠡᠨ ᠦ
467,294 ᠬᠦᠮᠦᠨ
73
116.8 ᠬᠦᠮᠦᠨ / км²
42.5%
57.5%
ᠠᠯᠪᠠᠨ ᠶᠣᠰᠣᠨ ᠤ ᠬᠡᠯᠡᠨ ᠨᠦᠭᠦᠳ ᠣᠷᠣᠰᠢᠩᠬᠤᠱ
ᠵᠠᠰᠠᠭ ᠤᠨ ᠭᠠᠵᠠᠷ (2008 ᠣᠨ ᠤ 10 ᠰᠠᠷ᠎ᠠ ᠶᠢᠨ ᠪᠠᠶᠢᠳᠠᠯ ᠢᠶᠠᠷ)
ᠶᠡᠷᠦᠩᠬᠡᠶᠢᠯᠡᠭᠴᠢ ᠶᠠᠨᠦᠰ ᠪᠧᠺ ᠧᠦᠺᠦ᠋ᠷᠣᠪ
ᠬᠠᠤᠯᠢ ᠲᠣᠭᠲᠠᠭᠠᠬᠤ ᠪᠠᠶᠢᠭᠤᠯᠤᠯᠭ᠎ᠠ ᠠᠷᠠᠳ ᠤᠨ ᠬᠤᠷᠠᠯ
ᠦᠨᠳᠦᠰᠦᠨ ᠬᠠᠤᠯᠢ ᠪᠦᠭᠦᠳᠡ ᠨᠠᠶᠢᠷᠠᠮᠳᠠᠬᠤ ᠢᠩᠬᠤᠱᠧᠲ ᠤᠯᠤᠰ ᠤᠨ ᠦᠨᠳᠦᠰᠦᠨ ᠬᠠᠤᠯᠢ
ᠠᠯᠪᠠᠨ ᠶᠣᠰᠣᠨ ᠤ ᠴᠠᠬᠢᠮ ᠰᠦᠯᠵᠢᠶ᠎ᠡ
http://www.ingushetia.ru/
Ingush03.png

ᠪᠦᠭᠦᠳᠡ ᠨᠠᠶᠢᠷᠠᠮᠳᠠᠬᠤ ᠢᠩᠬᠤᠱᠧᠲ ᠤᠯᠤᠰ (ᠣᠷᠣᠰ ᠶᠢᠡᠷ ᠷᠧᠰᠫᠦᠪᠯᠢᠺᠠ ᠢᠩᠬᠤᠱᠧᠲ᠋ᠢᠶ᠎ᠠ, ᠢᠩᠬᠤᠱ ᠬᠡᠯᠡ: ᠭӀᠠᠯᠭӀᠠᠢ ᠮᠣᠬᠺ)ᠨᠢ ᠣᠷᠣᠰ ᠤᠨ ᠬᠣᠯᠪᠣᠭᠠᠨ ᠤ ᠤᠯᠤᠰ ᠍ ᠍ ᠍ ᠤᠨ ᠡᠮᠦᠨᠡᠲᠦ ᠬᠣᠯᠪᠣᠭᠠᠨ ᠤ ᠲᠣᠭᠣᠷᠢᠭ ᠲᠤ ᠪᠠᠭᠠᠳᠬᠤ ᠪᠦᠭᠦᠳᠡ ᠨᠠᠶᠢᠷᠠᠮᠳᠠᠬᠤ ᠤᠯᠤᠰ ᠶᠤᠮ᠃ ᠴᠧᠴᠡᠨᠢᠬᠣᠶᠢᠳᠤ ᠣᠰᠧᠲ ᠪᠣᠯᠤᠨ ᠭᠦᠷᠦᠵᠢᠶ ᠠ ᠤᠯᠤᠰ ᠲᠠᠢ ᠬᠢᠯᠢᠯᠡᠨ᠎ᠡ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠩᠬᠤᠱ ᠪᠠ ᠴᠧᠴᠧᠨ ᠨᠦᠭᠦᠳ ᠨᠢ ᠤᠭᠲᠤᠭ᠎ᠠ ᠨᠢᠭᠡ ᠦᠨᠳᠦᠰᠦᠲᠡᠨ ᠪᠥᠭᠡᠳ 1859 ᠣᠨ ᠳᠤ ᠬᠠᠭᠠᠨᠲᠤ ᠣᠷᠣᠰ ᠤᠯᠤᠰ ᠨᠢ ᠬᠣᠶᠢᠳᠤ ᠺᠠᠸᠬᠠᠰ ᠢ ᠨᠢᠭᠡᠳᠬᠡᠬᠦ ᠳᠦ ᠡᠰᠡᠷᠭᠦᠴᠡᠯ ᠦᠵᠡᠭᠦᠯᠦᠭᠰᠡᠨ᠂ ᠵᠡᠭᠦᠨ ᠬᠡᠰᠡᠭ ᠢᠶᠡᠷ ᠨᠢ ᠨᠤᠲᠤᠭᠯᠠᠳᠠᠭ ᠢᠷᠭᠡᠳ ᠢ ᠴᠧᠴᠡᠨᠢ᠂ ᠡᠰᠡᠷᠭᠦᠴᠡᠯ ᠦᠵᠡᠭᠦᠯᠦᠭᠡ ᠦᠭᠡᠢ᠂ ᠪᠠᠷᠠᠭᠤᠨ ᠬᠡᠰᠡᠭ ᠢᠶᠡᠷ ᠨᠤᠲᠤᠭᠯᠠᠭᠰᠠᠳ ᠢ ᠢᠩᠬᠤᠱ ᠭᠡᠵᠦ ᠢᠯᠭᠠᠵᠤ ᠨᠡᠷᠡᠯᠡᠭᠰᠡᠨ ᠢᠶᠡᠷ ᠢᠯᠭᠠᠷᠠᠯ ᠶᠠᠪᠤᠭᠳᠠᠵᠤ ᠡᠬᠢᠯᠡᠭᠰᠡᠨ ᠪᠠᠶᠢᠨ᠎ᠠ᠃ ᠡᠨᠡ ᠤᠳᠬ᠎ᠠ ᠪᠠᠷ ᠢᠶᠠᠨ ᠪᠤᠷᠢᠶᠠᠳ ᠪᠠ ᠮᠣᠩᠭᠣᠯ ᠦᠨᠳᠦᠰᠦᠲᠡᠨ ᠲᠡᠢ ᠢᠵᠢᠯᠬᠡᠨ ᠶᠤᠮ᠃

  • 1924 ᠣᠨ ᠳᠤ ᠢᠩᠬᠤᠰᠢ ᠶᠢᠨ ᠠᠦ᠋ᠲ᠋ᠣᠨᠣᠮᠢᠲᠤ ᠮᠤᠵᠢ ᠪᠠᠶᠢᠭᠤᠯᠤᠭᠳᠠᠭᠰᠠᠨ᠃
  • 1934 ᠣᠨᠣ ᠳᠤ ᠴᠧᠴᠧᠨ ᠦ ᠠᠦ᠋ᠲ᠋ᠣᠨᠣᠮᠢᠲᠤ ᠮᠤᠵᠢ ᠲᠠᠢ ᠨᠢᠭᠡᠳᠴᠦ᠂ ᠴᠧᠴᠡᠨᠢ-ᠢᠩᠬᠤᠰᠢ ᠶᠢᠨ ᠠᠦ᠋ᠲ᠋ᠣᠨᠣᠮᠢᠲᠤ ᠮᠤᠵᠢ ᠪᠣᠯᠪᠠ᠃
  • 1936 ᠣᠨ ᠳᠤ ᠪᠦᠭᠦᠳᠡ ᠨᠠᠶᠢᠷᠠᠮᠳᠠᠬᠤ ᠠᠦ᠋ᠲ᠋ᠣᠨᠣᠮᠢᠲᠤ ᠴᠧᠴᠡᠨᠢ-ᠢᠩᠬᠤᠱ ᠤᠯᠤᠰ ᠪᠣᠯᠤᠭᠰᠠᠨ᠃
  • 1943-44 ᠣᠨ ᠳᠤ ᠳᠡᠯᠡᠬᠡᠢ ᠶᠢᠨ ᠬᠣᠶᠠᠳᠤᠭᠠᠷ ᠳᠠᠶᠢᠨᠢ ᠦᠶ᠎ᠡ ᠪᠡᠷ ᠭᠧᠷᠮᠠᠨᠢ ᠲᠠᠯ᠎ᠠ ᠳᠤ ᠲᠤᠰᠠᠯᠠᠭᠰᠠᠨ ᠬᠡᠮᠡᠬᠦ ᠰᠢᠯᠲᠠᠭᠠᠨ ᠢᠶᠠᠷ ᠢᠣᠰᠢᠹ ᠰᠲ᠋ᠠᠯᠢᠨᠢ ᠰᠢᠢᠳᠪᠦᠷᠢ ᠪᠡᠷ ᠴᠧᠴᠡᠨᠢ᠂ ᠢᠩᠬᠤᠱ ᠵᠡᠷᠭᠡ ᠦᠨᠳᠦᠰᠦᠲᠡᠨ ᠨᠦᠭᠦᠳ ᠢ ᠳᠤᠮᠳᠠᠳᠤ ᠠᠽᠢᠶ᠎ᠠᠰᠢᠪᠸᠷᠢᠶ ᠠ ᠯᠦᠦ ᠬᠦᠴᠦ ᠪᠡᠷ ᠨᠡᠭᠦᠯᠭᠡᠨ ᠰᠢᠯᠵᠢᠭᠦᠯᠵᠡᠢ᠃
  • 1946 ᠣᠨ ᠳᠤ ᠪᠦᠭᠦᠳᠡ ᠨᠠᠶᠢᠷᠠᠮᠳᠠᠬᠤ ᠠᠦ᠋ᠲ᠋ᠣᠨᠣᠮᠢᠲᠤ ᠴᠧᠴᠡᠨᠢ-ᠢᠩᠬᠤᠱ ᠤᠯᠤᠰ ᠢ ᠲᠠᠲᠠᠨ ᠪᠠᠭᠤᠯᠭᠠᠵᠤ᠂ ᠭᠠᠵᠠᠷ ᠨᠤᠲᠤᠭ ᠢ ᠨᠢ ᠪᠦᠭᠦᠳᠡ ᠨᠠᠶᠢᠷᠠᠮᠳᠠᠬᠤ ᠠᠦ᠋ᠲ᠋ᠣᠨᠣᠮᠢᠲᠤ ᠬᠣᠶᠢᠳᠤ ᠣᠰᠧᠲ ᠤᠯᠤᠰ ᠲᠤ ᠨᠡᠶᠢᠯᠡᠭᠦᠯᠪᠡ᠃ ᠡᠨᠡ ᠨᠢ ᠬᠣᠵᠢᠮ ᠬᠣᠶᠢᠳᠤ ᠣᠰᠧᠲ ᠲᠡᠢ ᠵᠥᠷᠢᠴᠡᠯ ᠡᠭᠦᠰᠬᠦ ᠦᠨᠳᠦᠰᠦ ᠪᠣᠯᠵᠠᠢ᠃
  • 1957 ᠣᠨ ᠳᠤ ᠪᠦᠭᠦᠳᠡ ᠨᠠᠶᠢᠷᠠᠮᠳᠠᠬᠤ ᠠᠦ᠋ᠲ᠋ᠣᠨᠣᠮᠢᠲᠤ ᠴᠧᠴᠡᠨᠢ-ᠢᠩᠬᠤᠱ ᠤᠯᠤᠰ ᠢ ᠰᠡᠷᠭᠦᠭᠡᠭᠰᠡᠨ ᠪᠣᠯᠪᠠᠴᠤ ᠭᠠᠵᠠᠷ ᠨᠤᠲᠤᠭ ᠨᠢ ᠡᠮᠦᠨᠡᠬᠢ ᠡᠴᠡ ᠪᠡᠨ ᠡᠷᠡᠰ ᠪᠠᠭᠠᠰᠤᠭᠰᠠᠨ ᠪᠠᠶᠢᠨ᠎ᠠ᠃
  • 1990 ᠣᠨ ᠤ 11 ᠰᠠᠷ᠎ᠠ ᠳᠤ ᠣᠷᠣᠰ ᠠᠴᠠ ᠲᠤᠰᠠᠭᠠᠷᠯᠠᠭᠰᠠᠨ ᠢᠶᠠᠨ ᠵᠠᠷᠯᠠᠭᠰᠠᠨ ᠪᠣᠯᠪᠠᠴᠤ ᠢᠩᠬᠤᠰᠢᠭᠤᠳ ᠣᠷᠣᠰ ᠲᠤ ᠦᠯᠡᠳᠡᠬᠦ ᠰᠠᠨᠠᠯ ᠲᠠᠢ ᠪᠠᠶᠢᠯ᠎ᠠ᠃
  • 1991 ᠷᠠᠨ ᠤ 10 ᠰᠠᠷ᠎ᠠ ᠳᠤ ᠲᠤᠰ ᠤᠯᠤᠰ ᠤᠨ ᠶᠡᠷᠦᠩᠬᠡᠶᠢᠯᠡᠭᠴᠢ ᠶᠢᠨ ᠰᠣᠩᠭᠣᠭᠤᠯᠢ ᠪᠣᠯᠬᠤ ᠳᠤ ᠢᠩᠬᠤᠰᠢᠭᠤᠳ ᠪᠣᠢᠺᠣᠲᠣᠯᠪᠠ᠃
  • 1991 ᠣᠨ ᠤ 11 ᠰᠠᠷ᠎ᠠ᠃ ᠰᠠᠷ᠎ᠠ ᠶᠢᠨ ᠡᠮᠦᠨ᠎ᠡ ᠪᠣᠯᠤᠭᠰᠠᠨ᠂ ᠢᠩᠬᠤᠰᠢ ᠨᠤᠭᠤᠳ ᠤᠨ ᠪᠣᠢᠺᠣᠲᠠᠯᠠᠭᠰᠠᠨ ᠰᠣᠩᠭᠣᠭᠤᠯᠢ ᠪᠠᠷ ᠰᠣᠩᠭᠣᠭᠳᠠᠭᠰᠠᠨ ᠶᠡᠷᠦᠩᠬᠡᠶᠢᠯᠡᠭᠴᠢ ᠪᠦᠭᠦᠳᠡ ᠨᠠᠶᠢᠷᠠᠮᠳᠠᠬᠤ ᠴᠧᠴᠡᠨᠢ-ᠢᠩᠬᠤᠱ ᠤᠯᠤᠰ ᠤᠨ ᠲᠤᠰᠠᠭᠠᠷ ᠲᠣᠭᠲᠠᠨᠢᠯ ᠢ ᠲᠤᠩᠬᠠᠭᠯᠠᠬᠤ ᠳᠤ᠂ ᠢᠩᠬᠤᠰᠢᠭᠤᠳ ᠪᠦᠬᠦ ᠨᠡᠶᠢᠲᠡ ᠶᠢᠨ ᠰᠠᠨᠠᠯ ᠠᠰᠠᠭᠤᠯᠭ᠎ᠠ ᠵᠣᠬᠢᠶᠠᠨ ᠪᠠᠶᠢᠭᠤᠯᠵᠤ᠂ ᠪᠦᠭᠦᠳᠡ ᠨᠠᠶᠢᠷᠠᠮᠳᠠᠬᠤ ᠢᠩᠬᠤᠱ ᠤᠯᠤᠰ ᠪᠣᠯᠤᠨ ᠴᠧᠴᠧᠨᠢ ᠡᠴᠡ ᠰᠠᠯᠠᠬᠤ ᠪᠠᠷ ᠰᠢᠢᠳᠡᠭᠰᠡᠨ᠃
  • 1991 ᠣᠨ ᠤ 12 ᠰᠠᠷ᠎ᠠ ᠳᠤ ᠣᠷᠣᠰ ᠬᠣᠯᠪᠣᠭᠠᠨ ᠤ ᠤᠯᠤᠰ ᠤᠨ ᠲᠥᠪ ᠵᠠᠰᠠᠭ ᠤᠨ ᠭᠠᠵᠠᠷ ᠪᠠ ᠴᠧᠴᠡᠨᠢ-ᠢᠩᠬᠤᠰᠢ ᠶᠢᠨ ᠵᠠᠰᠠᠭ ᠤᠨ ᠭᠠᠵᠠᠷ БНИнгуш ᠤᠯᠤᠰ ᠢ ᠬᠦᠯᠢᠶᠡᠨ ᠵᠦᠪᠰᠢᠶᠡᠷᠡᠪᠡ᠃
  • 1992 ᠣᠨ ᠤ 6 ᠰᠠᠷ᠎ᠠ ᠳᠤ ᠣᠷᠣᠰ ᠬᠣᠯᠪᠣᠭᠠᠨ ᠤ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ ᠪᠦᠭᠦᠳᠡ ᠨᠠᠶᠢᠷᠠᠮᠳᠠᠬᠤ ᠢᠩᠬᠤᠱ ᠤᠯᠤᠰ ᠠᠯᠪᠠᠨ ᠶᠣᠰᠣᠭᠠᠷ ᠪᠠᠶᠢᠭᠤᠯᠤᠭᠳᠠᠭᠰᠠᠨ ᠪᠥᠭᠡᠳ ᠢᠩᠭᠦᠬᠦ ᠳᠦ ᠪᠡᠨ ᠬᠣᠶᠢᠳᠤ ᠣᠰᠧᠲ ᠠᠴᠠ ᠭᠠᠵᠠᠷ ᠨᠤᠲᠤᠭ ᠲᠠᠰᠤᠯᠤᠨ ᠥᠭᠴᠡᠢ᠃
  • 1992 ᠣᠨ ᠤ 10 ᠰᠠᠷ᠎ᠠ ᠳᠤ ᠪᠦᠭᠦᠳᠡ ᠨᠠᠶᠢᠷᠠᠮᠳᠠᠬᠤ ᠬᠣᠶᠢᠳᠤ ᠣᠰᠧᠲ ᠤᠯᠤᠰ ᠲᠠᠢ ᠵᠡᠪᠰᠡᠭᠲᠦ ᠮᠥᠷᠭᠥᠯᠳᠦᠭᠡᠨ ᠭᠠᠷᠪᠠ᠃
  • 1996 ᠣᠨ ᠤ 1 ᠰᠠᠷ᠎ᠠ ᠳᠤ ᠠᠯᠪᠠᠨ ᠶᠣᠰᠣᠨ ᠤ ᠨᠡᠷ᠎ᠡ ᠪᠡᠨ ᠪᠦᠭᠦᠳᠡ ᠨᠠᠶᠢᠷᠠᠮᠳᠠᠬᠤ ᠢᠩᠬᠤᠱ ᠤᠯᠤᠰ ᠠᠴᠠ ᠪᠦᠭᠦᠳᠡ ᠨᠠᠶᠢᠷᠠᠮᠳᠠᠬᠤ ᠢᠩᠬᠤᠱᠧᠲ ᠤᠯᠤᠰ ᠪᠣᠯᠭᠠᠵᠤ ᠥᠭᠡᠷᠡᠴᠢᠯᠡᠭᠰᠡᠨ᠃
  • 1999 ᠣᠨ ᠳᠤ ᠡᠬᠢᠯᠡᠭᠰᠡᠨ ᠴᠧᠴᠧᠨ ᠦ ᠳᠠᠶᠢᠨᠢ ᠤᠯᠠᠮ ᠠᠴᠠ ᠳᠦᠷᠪᠡᠭᠰᠡᠳ ᠲᠤᠰ ᠤᠯᠤᠰ ᠤᠨ ᠨᠤᠲᠤᠭ ᠲᠤ ᠣᠷᠣᠵᠤ ᠢᠷᠡᠨ᠂ ᠳᠣᠲᠣᠭᠠᠳᠤ ᠪᠠᠶᠢᠳᠠᠯ ᠬᠤᠷᠴᠠᠳᠠᠭᠰᠠᠨ ᠲᠤᠯᠠ ᠣᠷᠣᠰ ᠬᠣᠯᠪᠣᠭᠠᠨ ᠤ ᠤᠯᠤᠰ ᠤᠨ ᠵᠠᠰᠠᠭ ᠤᠨ ᠭᠠᠵᠠᠷ ᠳᠣᠲᠣᠭᠠᠳᠤ ᠶᠢᠨ ᠴᠡᠷᠢᠭ ᠦᠨ 2500 ᠣᠷᠴᠢᠮ ᠬᠦᠮᠦᠨ ᠲᠡᠢ ᠠᠷᠮᠢ ᠢᠯᠡᠭᠡᠨ᠂ ᠪᠡᠶ᠎ᠡ ᠪᠦᠷᠢᠯᠳᠦᠬᠦᠨ ᠢᠶᠡᠨ 3 ᠳᠠᠬᠢᠨ ᠶᠡᠬᠡᠰᠬᠡᠭᠰᠡᠨ ᠪᠠᠶᠢᠨ᠎ᠠ᠃
ᠸᠢᠭᠮᠧᠳᠢᠶᠠ ᠵᠢᠷᠤᠭ ᠤᠨ ᠰᠠᠩ:
«ᠢᠩᠬᠤᠱᠧᠲ»
http://wiki.uhaan.com/index.php?title=ᠢᠩᠬᠤᠱᠧᠲ&oldid=431330》 ᠍  ᠡᠴᠡ ᠠᠪᠤᠭᠰᠠᠨ

ᠪᠢᠴᠢᠭᠡᠰᠦ