ᠢᠨᠺᠣᠲ᠋ᠧᠷᠮᠰ 2010

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠣᠪᠴᠢ ᠲᠡᠦᠬᠡ

ᠫᠠᠷᠢᠰ ᠲᠤ ᠪᠠᠶᠢᠷᠢᠯᠠᠬᠤ ᠣᠯᠠᠨ ᠤᠯᠤᠰ ᠤᠨ ᠬᠤᠳᠠᠯᠳᠤᠭᠠᠨ ᠤ ᠲᠠᠩᠬᠢᠮ ᠠᠴᠠ INCOTERMS ᠍ ᠢ ᠪᠣᠯᠪᠠᠰᠤᠷᠠᠭᠤᠯᠤᠨ ᠭᠠᠷᠭᠠᠳᠠᠭ ᠪᠥᠭᠡᠳ ᠡᠨᠡ ᠨᠢ ᠣᠯᠠᠨ ᠤᠯᠤᠰ ᠤᠨ ᠬᠤᠳᠠᠯᠳᠤᠭᠠᠨ ᠤ ᠦᠢᠯᠡ ᠠᠵᠢᠯᠯᠠᠭᠠᠨ ᠳᠤ ᠣᠷᠣᠯᠴᠠᠭᠴᠢ ᠬᠤᠳᠠᠯᠳᠤᠭᠴᠢ ᠪᠣᠯᠤᠨ ᠬᠤᠳᠠᠯᠳᠤᠨ ᠠᠪᠤᠭᠴᠢ ᠶᠢᠨ ᠵᠠᠷᠤᠳᠠᠯ᠂ ᠡᠷᠦᠰᠳᠡᠯ᠂ ᠡᠭᠦᠷᠭᠡ ᠶᠢ ᠲᠣᠳᠣᠷᠬᠠᠶᠢᠯᠠᠭᠰᠠᠨ ᠣᠯᠠᠨ ᠤᠯᠤᠰ ᠤᠨ ᠬᠤᠳᠠᠯᠳᠤᠭᠠᠨ ᠤ ᠨᠡᠷ᠎ᠡ ᠲᠣᠮᠢᠶᠠᠨ ᠤ ᠲᠠᠶᠢᠯᠪᠤᠷᠢ ᠶᠤᠮ᠃ ᠠᠩᠬ᠎ᠠ 1936 ᠣᠨ ᠳᠤ ᠭᠠᠷᠤᠭᠰᠠᠨ ᠠᠴᠠ ᠬᠣᠶᠢᠰᠢ 1953, ’67’ 76’, 80’, ’90 ᠪᠣᠯᠤᠨ 2000, 2010 ᠣᠨ ᠨᠤᠭᠤᠳ ᠲᠤ ᠳ᠋ᠠᠬᠢᠨ ᠰᠢᠨᠡᠴᠢᠯᠡᠭᠳᠡᠨ ᠭᠠᠷᠤᠭᠰᠠᠨ᠃

ᠣᠳᠣ ᠪᠠᠷ Incoterms 2010 – ᠍ ᠢ ᠠᠰᠢᠭᠯᠠᠵᠤ ᠪᠠᠶᠢᠨ᠎ᠠ᠃ ᠢᠨᠺᠣᠲ᠋ᠧᠷᠮᠰ ᠨᠢ ᠨᠡᠷᠡᠯᠡᠭᠰᠡᠨ ᠭᠠᠵᠠᠷ ᠠᠴᠠ ᠰᠢᠯᠲᠠᠭᠠᠯᠠᠨ:

   ᠪᠠᠷ᠎ᠠ ᠶᠢ ᠨᠡᠶᠢᠯᠡᠭᠦᠯᠬᠦ ᠪᠣᠯᠤᠨ ᠪᠠᠷᠠᠭᠠᠨ ᠤ ᠨᠡᠶᠢᠯᠡᠭᠦᠯᠦᠯᠲᠡ ᠶᠢ ᠬᠦᠯᠢᠶᠡᠨ ᠠᠪᠬᠤ ᠲᠠᠯ ᠤᠳ ᠤᠨ ᠡᠭᠦᠷᠭᠡ ᠶᠢ ᠲᠣᠳᠣᠷᠬᠠᠶᠢᠯᠠᠳᠠᠭ᠃
   ᠵᠥᠪᠬᠡᠨ ᠬᠤᠳᠠᠯᠳᠤᠭᠠᠨ ᠤ ᠭᠡᠷ᠎ᠡ ᠲᠡᠢ ᠬᠣᠯᠪᠣᠭᠳᠠᠳᠠᠭ᠃
   ᠬᠡᠯᠡᠴᠡᠯ ᠦᠨ ᠡᠴᠦᠰ ᠦᠨ ᠦᠨ᠎ᠡ ᠶᠢ ᠪᠤᠶᠤ ᠬᠤᠳᠠᠯᠳᠤᠭᠴᠢ ᠬᠤᠳᠠᠯᠳᠤᠨ ᠠᠪᠤᠭᠴᠢ ᠶᠢᠨ ᠳᠤᠮᠳᠠ ᠡᠷᠦᠰᠳᠡᠯ ᠪᠣᠯᠤᠨ ᠵᠠᠷᠤᠳᠠᠯ ᠢ ᠬᠤᠪᠢᠶᠠᠷᠢᠯᠠᠳᠠᠭ᠃

E- ᠪᠦᠯᠦᠭ EXW- Ex Works -ᠦᠢᠯᠡᠳᠪᠦᠷᠢ ᠡᠴᠡ (… named place) (... ᠨᠡᠷ᠎ᠡ ᠪᠦᠬᠦᠢ ᠭᠠᠵᠠᠷ) ᠬᠤᠳᠠᠯᠳᠤᠭᠴᠢ ᠨᠢ ᠪᠠᠷᠠᠭ᠎ᠠ ᠪᠦᠲᠦᠭᠡᠭᠳᠡᠬᠦᠨ ᠢ ᠥᠪᠡᠷ ᠦᠨ ᠡᠵᠡᠮᠰᠢᠯ ᠦᠨ (ᠨᠡᠷᠡᠯᠡᠭᠰᠡᠨ ᠭᠠᠵᠠᠷ) ᠨᠡᠶᠢᠯᠡᠭᠦᠯᠦᠭᠰᠡᠨ ᠢᠶᠡᠷ ᠬᠠᠮᠤᠭ ᠤᠨ ᠪᠠᠭ᠎ᠠ ᠡᠷᠦᠰᠳᠡᠯ ᠢ ᠦᠭᠦᠷᠡᠨ᠎ᠡ᠃

F - ᠪᠦᠯᠦᠭ FCA- Free Carrier– ᠲᠡᠭᠡᠭᠡᠪᠦᠷᠢᠯᠡᠬᠦ ᠬᠦᠷᠲᠡᠯ᠎ᠡ ᠴᠢᠯᠦᠭᠡᠲᠡᠢ (… named place) (…ᠨᠡᠷ᠎ᠡ ᠪᠦᠬᠦᠢ ᠭᠠᠵᠠᠷ) ᠭᠡᠷᠢᠶᠡᠨ ᠳᠦ ᠥᠭᠡᠷ᠎ᠡ ᠪᠡᠷ ᠲᠣᠬᠢᠷᠠᠯᠴᠠᠭ᠎ᠠ ᠦᠭᠡᠢ ᠪᠣᠯ ᠬᠤᠳᠠᠯᠳᠤᠭᠴᠢ ᠨᠢ ᠨᠡᠷᠡᠯᠡᠭᠰᠡᠨ ᠭᠠᠵᠠᠷ ᠬᠦᠷᠲᠡᠯ᠎ᠡ ᠪᠠᠷ᠎ᠠ ᠪᠦᠲᠦᠭᠡᠭᠳᠡᠬᠦᠨ ᠢ ᠬᠦᠷᠭᠡᠬᠦ ᠲᠡᠭᠡᠭᠡᠪᠦᠷᠢᠯᠡᠯᠲᠡ ᠶᠢ ᠬᠠᠷᠢᠭᠤᠴᠠᠵᠤ᠂ ᠲᠡᠭᠡᠭᠡᠪᠦᠷᠢ ᠶᠢᠨ ᠵᠠᠷᠤᠳᠠᠯ ᠢ ᠲᠥᠯᠦᠨ᠎ᠡ᠃


FAS- Free Alongside ship– ᠬᠥᠯᠥᠭ ᠣᠩᠭᠣᠴᠠᠨ ᠤ ᠬᠠᠰᠢᠯᠭ᠎ᠠ ᠶᠢᠨ ᠳᠠᠭᠠᠤ ᠴᠢᠯᠦᠭᠡᠲᠡᠢ (…named vessel at loading port) (… ᠠᠴᠢᠶ᠎ᠠ ᠬᠦᠷᠬᠦ ᠪᠣᠭᠣᠮᠲᠠ ᠶᠢᠨ ᠨᠡᠷ᠎ᠡ) ᠬᠤᠳᠠᠯᠳᠤᠭᠴᠢ ᠨᠢ ᠬᠤᠳᠠᠯᠳᠤᠨ ᠠᠪᠤᠭᠴᠢ ᠶᠢᠨ ᠨᠡᠷᠡᠯᠡᠭᠰᠡᠨ ᠤᠰᠤᠨ ᠣᠩᠭᠣᠴᠠᠨ ᠤ ᠬᠠᠰᠢᠯᠭ᠎ᠠ ᠶᠢᠨ ᠳᠠᠭᠠᠤ ᠪᠠᠷ᠎ᠠ ᠪᠦᠲᠦᠭᠡᠭᠳᠡᠬᠦᠨ ᠢ ᠬᠦᠯᠢᠶᠡᠯᠭᠡᠨ ᠥᠭᠬᠦ ᠡᠭᠦᠷᠭᠡ ᠲᠡᠢ᠃


FOB- Free On Board-ᠬᠥᠯᠥᠭ ᠣᠩᠭᠣᠴᠠᠨ ᠤ ᠲᠠᠪᠴᠠᠩ ᠳᠡᠭᠡᠷ᠎ᠡ ᠴᠢᠯᠦᠭᠡᠲᠡᠢ (…named vessel at loading port ) (ᠠᠴᠢᠶ᠎ᠠ ᠬᠦᠷᠬᠦ ᠪᠣᠭᠣᠮᠲᠠ ᠶᠢᠨ ᠨᠡᠷ᠎ᠡ) ᠬᠤᠳᠠᠯᠳᠤᠭᠴᠢ ᠨᠢ ᠬᠤᠳᠠᠯᠳᠤᠨ ᠠᠪᠤᠭᠴᠢ ᠶᠢᠨ ᠨᠡᠷᠡᠯᠡᠭᠰᠡᠨ ᠤᠰᠤᠨ ᠣᠩᠭᠣᠴᠠᠨ ᠤ ᠲᠠᠪᠴᠠᠩ ᠳᠡᠭᠡᠷ᠎ᠡ ᠪᠠᠷ᠎ᠠ ᠪᠦᠲᠦᠭᠡᠭᠳᠡᠬᠦᠨ ᠢ ᠬᠦᠷᠭᠡᠵᠦ ᠥᠭᠬᠦ ᠡᠭᠦᠷᠭᠡ ᠲᠡᠢ᠃


C - ᠪᠦᠯᠦᠭ CFR: Cost and Freight- ᠵᠠᠷᠤᠳᠠᠯ ᠪᠠ ᠲᠡᠭᠡᠭᠡᠪᠦᠷᠢᠯᠡᠯᠲᠡ (…named port of shipment)(ᠠᠴᠢᠶ᠎ᠠ ᠬᠦᠷᠬᠦ ᠪᠣᠭᠣᠮᠲᠠ ᠶᠢᠨ ᠨᠡᠷ᠎ᠡ) ᠬᠤᠳᠠᠯᠳᠤᠭᠴᠢ ᠨᠢ ᠨᠡᠷᠡᠯᠡᠭᠰᠡᠨ ᠬᠦᠷᠬᠦ ᠪᠣᠭᠣᠮᠲᠠ ᠬᠦᠷᠲᠡᠯᠡᠬᠢ ᠲᠡᠭᠡᠭᠡᠪᠦᠷᠢᠯᠡᠯᠲᠡ ᠶᠢ ᠬᠠᠷᠢᠭᠤᠴᠠᠨ᠂ ᠲᠡᠭᠡᠭᠡᠪᠦᠷᠢ ᠶᠢᠨ ᠭᠡᠷ᠎ᠡ ᠶᠢ ᠪᠠᠶᠢᠭᠤᠯᠵᠤ᠂ ᠲᠡᠭᠡᠭᠡᠪᠦᠷᠢ ᠶᠢᠨ ᠵᠠᠷᠳ᠋ ᠍ ᠢ ᠲᠥᠯᠦᠨ᠎ᠡ᠃


CIF: Cost ,Insurance and Freight- ᠵᠠᠷᠤᠳᠠᠯ᠂ ᠳᠠᠭᠠᠳᠬᠠᠯ᠂ ᠲᠡᠭᠡᠭᠡᠪᠦᠷᠢᠯᠡᠯᠲᠡ (…named port of shipment)(… ᠠᠴᠢᠶ᠎ᠠ ᠬᠦᠷᠬᠦ ᠪᠣᠭᠣᠮᠲᠠ ᠶᠢᠨ ᠨᠡᠷ᠎ᠡ) CFR ᠨᠥᠬᠥᠴᠡᠯ ᠦᠨ ᠡᠭᠦᠷᠭᠡ ᠬᠠᠷᠢᠭᠤᠴᠠᠯᠭ᠎ᠠ ᠳᠡᠭᠡᠷ᠎ᠡ ᠨᠡᠮᠡᠵᠦ ᠬᠤᠳᠠᠯᠳᠤᠭᠴᠢ ᠨᠢ ᠨᠡᠷᠡᠯᠡᠭᠰᠡᠨ ᠬᠦᠷᠬᠦ ᠪᠣᠭᠣᠮᠲᠠ ᠬᠦᠷᠲᠡᠯᠡᠬᠢᠳᠠᠭᠠᠳᠬᠠᠯ ᠤᠨ ᠭᠡᠷ᠎ᠡ ᠶᠢ ᠪᠠᠶᠢᠭᠤᠯᠵᠤ᠂ ᠳᠠᠭᠠᠳᠬᠠᠯ ᠤᠨ ᠵᠠᠷᠤᠳᠠᠯ ᠢ ᠲᠥᠯᠦᠨ᠎ᠡ᠃


CPT: Carriage paid to- ᠲᠡᠭᠡᠭᠡᠪᠦᠷᠢ ᠶᠢᠨ ᠬᠥᠯᠥᠰᠥ ... ᠬᠦᠷᠲᠡᠯ᠎ᠡ ᠲᠥᠯᠦᠭᠳᠡᠭᠰᠡᠨ (…named place of destination)(…ᠬᠦᠷᠬᠦ ᠭᠠᠵᠠᠷ ᠤᠨ ᠨᠡᠷ᠎ᠡ) ᠬᠤᠳᠠᠯᠳᠤᠭᠴᠢ ᠨᠢ ᠨᠡᠷᠡᠯᠡᠭᠰᠡᠨ ᠲᠣᠬᠢᠷᠠᠯᠴᠠᠭᠰᠠᠨ ᠭᠠᠵᠠᠷ ᠬᠦᠷᠲᠡᠯ᠎ᠡ ᠪᠠᠷ᠎ᠠ ᠪᠦᠲᠦᠭᠡᠭᠳᠡᠬᠦᠨ ᠢ ᠬᠦᠷᠭᠡᠬᠦ ᠲᠡᠢᠬᠣᠯᠪᠣᠭ᠎ᠠ ᠲᠠᠢ ᠦᠨᠳᠦᠰᠦᠨ ᠲᠡᠭᠡᠭᠡᠪᠦᠷᠢᠯᠡᠯᠲᠡ ᠶᠢ ᠬᠠᠷᠢᠭᠤᠴᠠᠨ᠂ ᠲᠡᠭᠡᠭᠡᠪᠦᠷᠢ ᠶᠢᠨ ᠵᠠᠷᠤᠳᠠᠯ ᠢ ᠲᠥᠯᠦᠨ᠎ᠡ᠃


CIP: Carriage, Insurance paid to- ᠲᠡᠭᠡᠭᠡᠪᠦᠷᠢ ᠶᠢᠨ ᠬᠥᠯᠰᠡ ᠪᠠ ᠳᠠᠭᠠᠳᠬᠠᠯ ... ᠬᠦᠷᠲᠡᠯ᠎ᠡ ᠲᠥᠯᠦᠭᠳᠡᠭᠰᠡᠨ (…named place of destination) (…ᠬᠦᠷᠬᠦ ᠭᠠᠵᠠᠷ ᠤᠨ ᠨᠡᠷ᠎ᠡ) CPT ᠨᠥᠬᠥᠴᠡᠯ ᠦᠨ ᠡᠭᠦᠷᠭᠡ ᠬᠠᠷᠢᠭᠤᠴᠠᠯᠭ᠎ᠠ ᠳᠡᠭᠡᠷ᠎ᠡ ᠨᠡᠮᠡᠵᠦ ᠬᠤᠳᠠᠯᠳᠤᠭᠴᠢ ᠨᠢ ᠨᠡᠷᠡᠯᠡᠭᠰᠡᠨ ᠭᠠᠵᠠᠷ ᠬᠦᠷᠲᠡᠯ᠎ᠡ ᠠᠴᠢᠭᠬᠦᠭᠡᠬᠦ ᠳᠠᠭᠠᠳᠬᠠᠯ ᠢ ᠬᠠᠷᠢᠭᠤᠴᠠᠨ ᠳᠠᠭᠠᠳᠬᠠᠯ ᠤᠨ ᠭᠡᠷ᠎ᠡ ᠪᠠᠶᠢᠭᠤᠯᠤᠨ᠎ᠠ᠃

D - ᠪᠦᠯᠡᠭ DAT: Delivered At Terminal- ᠤᠰᠤᠨ ᠪᠣᠭᠣᠮᠲᠠ ᠶᠢᠨ ᠲᠧᠷᠮᠢᠨᠠᠯ ᠳᠡᠭᠡᠷ᠎ᠡ ᠬᠦᠷᠭᠡᠬᠦ (…named place of destination) (…ᠨᠡᠷ᠎ᠡ ᠪᠦᠬᠦᠢ ᠤᠰᠤᠨ ᠪᠣᠭᠣᠮᠲᠠ ᠶᠢᠨ ᠲᠧᠷᠮᠢᠨᠠᠯ ᠡᠰᠡᠪᠡᠯ ᠬᠦᠷᠬᠦ ᠭᠠᠵᠠᠷ ᠤᠨ ᠨᠡᠷ᠎ᠡ ) ᠬᠤᠳᠠᠯᠳᠤᠭᠴᠢ ᠨᠢ ᠨᠡᠷᠡᠯᠡᠭᠰᠡᠨ᠂ ᠲᠣᠬᠢᠷᠠᠯᠴᠠᠭᠰᠠᠨ ᠭᠠᠵᠠᠷ ᠬᠦᠷᠲᠡᠯᠡᠬᠢ ᠪᠠᠷᠠᠭ᠎ᠠ ᠪᠦᠲᠦᠭᠡᠭᠳᠡᠬᠦᠨ ᠦ ᠲᠡᠭᠡᠭᠡᠪᠦᠷᠢᠯᠡᠯ ᠢ ᠬᠠᠷᠢᠭᠤᠴᠠᠨ᠂ ᠲᠡᠭᠡᠭᠡᠪᠦᠷᠢ ᠶᠢᠨ ᠬᠡᠷᠡᠭᠰᠡᠯᠡᠯ ᠡᠴᠡ ᠪᠠᠷ᠎ᠠ ᠪᠦᠲᠦᠭᠡᠭᠳᠡᠬᠦᠨ ᠢ ᠪᠠᠭᠤᠯᠭᠠᠭᠰᠠᠨ ᠪᠠᠶᠢᠳᠠᠯ ᠢᠶᠠᠷ ᠬᠤᠳᠠᠯᠳᠤᠨ ᠠᠪᠤᠭᠴᠢᠳ ᠬᠦᠯᠢᠶᠡᠯᠭᠡᠨ ᠥᠭᠭᠦᠨ᠎ᠡ᠃ ᠥᠭᠡᠷ᠎ᠡ ᠪᠡᠷ ᠬᠡᠯᠡᠪᠡᠯ ᠪᠠᠭᠤᠯᠭᠠᠯᠲᠠ ᠶᠢᠨ ᠵᠠᠷᠤᠳᠠᠯ ᠢ ᠬᠠᠷᠢᠭᠤᠴᠠᠨ᠎ᠠ᠃


DAP: Delivered At Place– ᠲᠤᠬᠠᠢ ᠶᠢᠨ ᠭᠠᠵᠠᠷ ᠲᠤ ᠬᠦᠷᠭᠡᠬᠦ (…named place of destination)(…ᠬᠦᠷᠬᠦ ᠭᠠᠵᠠᠷ ᠤᠨ ᠨᠡᠷ᠎ᠡ) ᠬᠤᠳᠠᠯᠳᠤᠭᠴᠢ ᠨᠢ ᠨᠡᠷᠡᠯᠡᠭᠰᠡᠨ᠂ ᠲᠣᠬᠢᠷᠠᠯᠴᠠᠭᠰᠠᠨ ᠭᠠᠵᠠᠷ ᠬᠦᠷᠲᠡᠯᠡᠬᠢ ᠪᠠᠷᠠᠭ᠎ᠠ ᠪᠦᠲᠦᠭᠡᠭᠳᠡᠬᠦᠨ ᠦ ᠲᠡᠭᠡᠭᠡᠪᠦᠷᠢᠯᠡᠯ ᠢ ᠬᠠᠷᠢᠭᠤᠴᠠᠨ᠂ ᠲᠡᠭᠡᠭᠡᠪᠦᠷᠢ ᠶᠢᠨ ᠬᠡᠷᠡᠭᠰᠡᠯᠡᠯ ᠡᠴᠡ ᠪᠠᠭᠤᠯᠭᠠᠬᠤ ᠳᠤ ᠪᠡᠯᠡᠨ ᠪᠠᠷ᠎ᠠ ᠪᠦᠲᠦᠭᠡᠭᠳᠡᠬᠦᠨ ᠢ ᠬᠤᠳᠠᠯᠳᠤᠨ ᠠᠪᠤᠭᠴᠢᠳ ᠬᠦᠯᠢᠶᠡᠯᠭᠡᠨ ᠥᠭᠭᠦᠨ᠎ᠡ᠃ ᠥᠭᠡᠷ᠎ᠡ ᠪᠡᠷ ᠬᠡᠯᠡᠪᠡᠯ ᠪᠠᠭᠤᠯᠭᠠᠯᠲᠠ ᠶᠢᠨ ᠵᠠᠷᠤᠳᠠᠯ ᠢ ᠬᠠᠷᠢᠭᠤᠴᠠᠬᠤ ᠦᠭᠡᠢ᠃


DDP: Delivered Duty Paid- ᠭᠠᠶᠢᠯᠢ ᠶᠢᠨ ᠬᠤᠷᠢᠶᠠᠮᠵᠢ ᠶᠢᠨ ᠲᠥᠯᠥᠪᠦᠷᠢ ᠲᠡᠢ ᠨᠡᠶᠢᠯᠡᠭᠦᠯᠡᠭᠳᠡᠭᠰᠡᠨ (…named place of destination) (…ᠬᠦᠷᠬᠦ ᠭᠠᠵᠠᠷ ᠤᠨ ᠨᠡᠷ᠎ᠡ) ᠬᠤᠳᠠᠯᠳᠤᠭᠴᠢ ᠨᠢ ᠨᠡᠷᠡᠯᠡᠭᠰᠡᠨ᠂ ᠲᠣᠬᠢᠷᠠᠯᠴᠠᠭᠰᠠᠨ ᠭᠠᠵᠠᠷ ᠬᠦᠷᠲᠡᠯᠡᠬᠢ ᠪᠠᠷᠠᠭ᠎ᠠ ᠪᠦᠲᠦᠭᠡᠭᠳᠡᠬᠦᠨ ᠦ ᠲᠡᠭᠡᠭᠡᠪᠦᠷᠢᠯᠡᠯ ᠢ ᠬᠠᠷᠢᠭᠤᠴᠠᠨ᠂ ᠲᠡᠭᠡᠭᠡᠪᠦᠷᠢ ᠶᠢᠨ ᠬᠡᠷᠡᠭᠰᠡᠯᠡᠯ ᠡᠴᠡ ᠪᠠᠭᠤᠯᠭᠠᠬᠤ ᠳᠤ ᠪᠡᠯᠡᠨ ᠪᠠᠷ᠎ᠠ ᠪᠦᠲᠦᠭᠡᠭᠳᠡᠬᠦᠨ ᠢ ᠬᠤᠳᠠᠯᠳᠠᠨᠠᠪᠠᠭᠴᠢ ᠳᠤ ᠬᠦᠯᠢᠶᠡᠯᠭᠡᠨ ᠥᠭᠬᠦ ᠪᠠ ᠪᠠᠷᠠᠭ᠎ᠠ ᠪᠦᠲᠦᠭᠡᠭᠳᠡᠬᠦᠨ ᠢ ᠢᠮᠫᠤᠷᠲᠯᠠᠬᠤ ᠲᠠᠢ ᠬᠣᠯᠪᠣᠭ᠎ᠠ ᠲᠠᠢ ᠭᠠᠶᠢᠯᠢ ᠶᠢᠨ ᠪᠦᠷᠢᠳᠦᠭᠦᠯᠦᠯᠲᠡ ᠶᠢ ᠬᠠᠷᠢᠭᠤᠴᠠᠨ᠂ ᠢᠮᠫᠣᠷᠲ ᠤᠨ ᠭᠠᠯ ᠤᠨ ᠲᠠᠲᠠᠪᠤᠷᠢ ᠪᠣᠯᠤᠨ ᠬᠣᠯᠪᠣᠭᠳᠠᠬᠤ ᠪᠤᠰᠤᠳ ᠵᠠᠷᠤᠳᠠᠯ ᠢ ᠲᠥᠯᠦᠨ᠎ᠡ᠃


ᠳᠡᠭᠡᠷᠡᠬᠢ ᠮᠡᠳᠡᠭᠡᠯᠡᠯ ᠢ ᠲᠤᠤᠰᠢᠩ ХХК ᠍ ᠦᠨ ᠸᠪ ᠬᠠᠭᠤᠳᠠᠰᠤᠨ ᠠᠴᠠ ᠠᠪᠤᠯ᠎ᠠ᠃

ᠪᠢᠴᠢᠭᠡᠰᠦ