ᠢᠨᠹᠯᠢᠶᠠᠼᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠦᠨ᠎ᠡ ᠶᠢᠨ ᠥᠰᠦᠯᠲᠡ, ᠮᠥᠨ ᠮᠥᠩᠭᠥᠨ ᠦ ᠦᠨᠡᠭᠦᠶᠢᠳᠡᠯ (ᠠᠩᠭᠯᠢ: Inflation; ᠣᠷᠣᠰ: ᠢᠨᠹᠯᠢᠶᠠᠼᠢᠶ᠎ᠠ) ᠭᠡᠳᠡᠭ ᠨᠢ ᠮᠥᠩᠭᠥᠨᠢᠭᠢ ᠬᠠᠩᠰᠢ ᠪᠠᠭᠤᠷᠠᠬᠤ ᠦᠢᠯᠡ ᠶᠠᠪᠤᠴᠠ ᠶᠤᠮ᠃ ᠢᠨᠹᠯᠢᠶᠠᠼᠢ ᠥᠰᠬᠦ ᠶᠢᠨ ᠬᠢᠷᠢ ᠪᠡᠷ ᠮᠥᠩᠭᠥ ᠲᠠᠸᠠᠷ ᠤᠨ ᠭᠦᠢᠯᠭᠡᠭᠡ᠂ ᠲᠥᠯᠥᠪᠦᠷᠢ ᠬᠢᠬᠦ ᠡᠭᠦᠷᠭᠡ ᠪᠡᠨ ᠠᠯᠠᠳᠠᠳᠠᠭ᠃ ᠢᠨᠹᠯᠢᠶᠠᠼᠢ ᠮᠥᠩᠭᠥᠨ ᠦ ᠵᠠᠬ᠎ᠠ ᠵᠡᠭᠡᠯᠢ ᠶᠢᠨ ᠲᠡᠩᠴᠡᠪᠦᠷᠢ ᠠᠯᠳᠠᠭᠳᠠᠬᠤ ᠳᠤ ᠡᠭᠦᠰᠴᠢ ᠪᠤᠢ ᠪᠣᠯᠬᠤ ᠪᠠ ᠤᠯᠠᠮ ᠢᠶᠠᠷ ᠦᠢᠯᠡᠳᠪᠦᠷᠢᠯᠡᠯ ᠬᠡᠷᠡᠭᠯᠡᠭᠡ ᠶᠢ ᠪᠦᠬᠦᠯᠢ ᠳᠦ ᠨᠢ ᠬᠠᠮᠤᠷᠴᠢ ᠪᠠᠶᠢᠳᠠᠭ᠃ ᠢᠨᠹᠯᠢᠶᠠᠼᠢ ᠬᠦᠴᠦᠲᠡᠢ ᠪᠣᠯᠬᠤ ᠲᠤᠲᠤᠮ ᠲᠥᠷᠥ ᠡᠴᠡ ᠲᠡᠭᠦᠨ ᠦ ᠡᠰᠡᠷᠬᠦ ᠵᠣᠬᠢᠴᠠᠭᠤᠯᠤᠯᠲᠠ ᠶᠢᠨ ᠠᠷᠭ᠎ᠠ ᠬᠡᠮᠵᠢᠶ᠎ᠡ ᠶᠢ ᠬᠡᠷᠡᠭᠵᠢᠭᠦᠯᠬᠦ ᠳᠦ ᠤᠯᠠᠮ ᠪᠦᠷ ᠬᠦᠨᠳᠦᠷᠡᠯᠲᠡᠢ ᠪᠣᠯᠳᠠᠭ᠃ ᠡᠭᠦᠨ ᠳᠦ ᠮᠥᠩᠭᠥᠨ ᠦ ᠵᠠᠬ᠎ᠠ ᠵᠡᠭᠡᠯᠢ᠂ ᠲᠥᠷᠥ ᠶᠢᠨ ᠰᠠᠩᠬᠦᠦ᠂ ᠬᠥᠷᠥᠩᠭᠡ ᠣᠷᠣᠭᠤᠯᠤᠯᠲᠠ᠂ ᠬᠡᠷᠡᠭᠯᠡᠭᠡ ᠵᠡᠷᠭᠡ ᠡᠳ᠋ ᠍ ᠍ ᠦᠨ ᠵᠠᠰᠠᠭ ᠤᠨ ᠪᠤᠰᠤᠳ ᠰᠠᠯᠪᠤᠷᠢ ᠶᠢ ᠬᠠᠮᠤᠷᠤᠭᠰᠠᠨ ᠭᠢᠫᠧᠷᠢᠨᠹᠯᠢᠶᠠᠼ ᠤᠨ ᠦᠶ᠎ᠡ ᠳᠦ ᠲᠡᠭᠦᠨ ᠦ ᠡᠰᠡᠷᠬᠦ ᠲᠡᠮᠡᠴᠡᠬᠦ ᠨᠢ ᠲᠥᠷᠥ ᠶᠢᠨ ᠮᠠᠰᠢ ᠴᠢᠬᠤᠯᠠ ᠪᠣᠳᠣᠯᠭ᠎ᠠ ᠪᠣᠯᠤᠨ᠎ᠠ᠃ ᠡᠨᠡ ᠦᠶ᠎ᠡ ᠳᠦ ᠡᠳ᠋ ᠍ ᠍ ᠦᠨ ᠵᠠᠰᠠᠭ ᠢ ᠬᠥᠭᠵᠢᠭᠦᠯᠬᠦ ᠲᠤᠬᠠᠢ ᠠᠰᠠᠭᠤᠳᠠᠯ ᠨᠢ ᠬᠣᠶᠠᠳᠤᠭᠠᠷ ᠵᠡᠷᠭᠡᠲᠦ ᠲᠠᠯᠪᠢᠭᠳᠠᠳᠠᠭ᠃ ᠢᠨᠹᠯᠢᠶᠠᠼᠢ ᠪᠠᠭᠤᠷᠴᠢ ᠪᠠᠭᠠᠰᠬᠤ᠂ ᠨᠡᠮᠡᠭᠳᠡᠬᠦ ᠬᠡᠯᠪᠡᠷᠢ ᠲᠡᠢ ᠪᠠᠶᠢᠳᠠᠭ᠃ ᠵᠢᠱᠢᠶ᠎ᠡ ᠨᠢ: ᠦᠨ᠎ᠡ ᠶᠢᠨ ᠲᠠᠰᠤᠷᠠᠯᠲᠠ ᠦᠭᠡᠢ ᠥᠰᠦᠯᠲᠡ ᠡᠴᠡ ᠡᠭᠦᠰᠦᠭᠰᠡᠨ ᠨᠡᠭᠡᠭᠡᠯᠲᠡ ᠲᠡᠢ ᠢᠨᠹᠯᠢᠶᠠᠼᠢ ᠨᠢ ᠲᠠᠸᠠᠷ ᠤᠨ ᠵᠠᠬ᠎ᠠ ᠵᠡᠭᠡᠯᠢ ᠶᠢ ᠰᠡᠷᠭᠦᠭᠡᠵᠦ ᠦᠢᠯᠡᠳᠪᠦᠷᠢᠯᠡᠯ ᠪᠠ ᠠᠵᠢᠯ ᠡᠷᠬᠢᠯᠡᠯᠲᠡ ᠶᠢ ᠨᠡᠮᠡᠭᠳᠡᠭᠦᠯᠵᠦ᠂ ᠬᠤᠪᠢᠴᠠᠭᠠᠨ ᠤ ᠡᠷᠢᠯᠲᠡ ᠶᠢ ᠥᠰᠬᠡᠳᠡᠭ᠃ 1960 ᠍ ᠍ ᠊ᠭᠠᠳ ᠣᠨ ᠠᠴᠠ 1970 ᠍ ᠍ ᠊ᠭᠠᠳ ᠣᠨ ᠤ ᠡᠬᠢ ᠬᠦᠷᠲᠡᠯ᠎ᠡ ᠣᠯᠠᠨ ᠬᠥᠭᠵᠢᠩᠭᠦᠢ ᠣᠷᠣᠨ ᠤ ᠵᠠᠰᠠᠭ ᠤᠨ ᠭᠠᠵᠠᠷ ᠡᠳ᠋ ᠍ ᠍ ᠦᠨ ᠵᠠᠰᠠᠭ ᠤᠨ ᠪᠣᠭᠣᠨᠢ ᠬᠤᠭᠤᠴᠠᠭᠠᠨ ᠤ ᠲᠣᠬᠢᠷᠠᠭᠤᠯᠭ᠎ᠠ ᠶᠢᠨ ᠬᠡᠷᠡᠭᠰᠡᠯ ᠪᠣᠯᠭᠠᠨ ᠵᠣᠬᠢᠶᠠᠮᠠᠯ ᠠᠯᠪᠠᠳᠠᠮᠠᠯ ᠢᠨᠹᠯᠢᠶᠠᠼ ᠢ ᠠᠰᠢᠭᠯᠠᠭᠰᠠᠨ᠃ ᠠᠯᠪᠠᠳᠠᠮᠠᠯ ᠢᠨᠹᠯᠢᠶᠠᠼᠢ ᠨᠢ ᠲᠠᠸᠠᠷ ᠤᠨ ᠬᠣᠮᠰᠠᠳᠠᠯ ᠳᠤ ᠣᠷᠣᠭᠤᠯᠵᠤ ᠪᠠᠷ᠎ᠠ ᠶᠢ ᠪᠠᠷ᠎ᠠ ᠪᠠᠷ ᠰᠣᠯᠢᠬᠤ (ᠪᠠᠷᠲ᠋ᠧᠷ) ᠬᠡᠮᠵᠢᠶᠡᠨ ᠳᠦ ᠬᠦᠷᠭᠡᠵᠦ ᠡᠳ᠋ ᠍ ᠍ ᠦᠨ ᠵᠠᠰᠠᠭ ᠢ ᠤᠬᠤᠷᠢᠭᠠᠬᠤ ᠳᠤ ᠬᠦᠷᠭᠡᠳᠡᠭ᠃ ᠴᠤᠬᠤᠮ ᠬᠦ ᠢᠩᠭᠢᠵᠦ ᠮᠥᠩᠭᠥ ᠥᠪᠡᠷ ᠦᠨ ᠢᠶᠡᠨ ᠡᠭᠦᠷᠭᠡ ᠶᠢ ᠦᠯᠡᠮᠵᠢ ᠶᠡᠬᠡ ᠪᠡᠷ ᠠᠯᠠᠳᠠᠬᠤ ᠳᠤ ᠭᠢᠫᠧᠷᠢᠨᠹᠯᠢᠶᠠᠼᠢ (ᠵᠢᠯᠣᠭᠣᠳᠤᠯᠭ᠎ᠠ ᠦᠭᠡᠢ) ᠡᠭᠦᠰᠳᠡᠭ᠃ ᠵᠣᠬᠢᠶᠠᠮᠠᠯ ᠢᠨᠹᠯᠢᠶᠠᠼᠢ ᠨᠢ ᠵᠠᠬ᠎ᠠ ᠵᠡᠭᠡᠯᠢ ᠶᠢᠨ ᠮᠧᠬᠠᠨᠢᠰᠮ ᠢ ᠭᠠᠵᠢᠭᠤᠳᠠᠭᠤᠯᠵᠤ ᠡᠳ᠋ ᠍ ᠍ ᠦᠨ ᠵᠠᠰᠠᠭ ᠤᠨ ᠦᠷ᠎ᠡ ᠠᠰᠢᠭ ᠢ ᠪᠠᠭᠤᠷᠠᠭᠤᠯᠳᠠᠭ᠃

ᠵᠢᠱᠢᠶ᠎ᠡ ᠨᠢ: ᠬᠤᠪᠢᠴᠠᠭᠠᠨ ᠤ ᠡᠷᠢᠯ ᠳᠦ ᠥᠰᠴᠢ᠂ ᠲᠡᠭᠦᠨ ᠦ ᠦᠨ᠎ᠡ ᠨᠡᠮᠡᠭᠳᠡᠵᠦ ᠬᠠᠳᠠᠭᠠᠯᠠᠮᠵᠢ ᠡᠵᠡᠮᠰᠢᠭᠴᠢᠳ ᠲᠡᠭᠦᠨ ᠢ ᠣᠯᠵᠤ ᠠᠪᠬᠤ ᠶᠢ ᠡᠷᠡᠮᠡᠯᠵᠡᠳᠡᠭ᠃ ᠢᠨᠹᠯᠢᠶᠠᠼᠢ ᠠᠴᠠ ᠬᠠᠮᠢᠶᠠᠷᠴᠢ ᠬᠡᠷᠡᠭᠴᠡᠭᠡ ᠥᠭᠡᠷᠡᠴᠢᠯᠡᠭᠳᠡᠬᠦ ᠦᠭᠡᠢ᠂ ᠪᠦᠲᠦᠴᠡ ᠶᠢᠨ ᠥᠭᠡᠷᠡᠴᠢᠯᠡᠯᠲᠡ ᠬᠢᠭᠳᠡᠬᠦ ᠦᠭᠡᠢ ᠳᠦ ᠬᠦᠷᠡᠳᠡᠭ᠃ ᠠᠯᠪᠠᠳᠠᠮᠠᠯ ᠢᠨᠹᠯᠢᠶᠠᠼᠢ ᠤᠳᠠᠭᠠᠨ ᠦᠷᠭᠦᠯᠵᠢᠯᠡᠪᠡᠯ ᠵᠣᠭᠰᠣᠩᠭᠢ ᠪᠠᠶᠢᠳᠠᠯ ᠡᠭᠦᠰᠳᠡᠭ᠃ ᠭᠡᠬᠦ ᠳᠦ ᠪᠡᠨ ᠢᠨᠹᠯᠢᠶᠠᠼᠢ ᠭᠦᠢ ᠡᠳ᠋ ᠍ ᠍ ᠦᠨ ᠵᠠᠰᠠᠭ ᠭᠡᠵᠦ ᠪᠠᠶᠢᠳᠠᠭ ᠦᠭᠡᠢ᠃ ᠳᠠᠷᠠᠭᠠᠬᠢ ᠲᠣᠬᠢᠶᠠᠯᠳᠤᠯ ᠳᠤ ᠢᠨᠹᠯᠢᠶᠠᠼᠢ ᠭᠦᠢ ᠡᠳ᠋ ᠍ ᠍ ᠦᠨ ᠵᠠᠰᠠᠭ ᠪᠠᠶᠢᠳᠠᠭ᠃

  1. ᠤᠯᠤᠰ ᠤᠨ ᠲᠥᠰᠥᠪ ᠦᠨ ᠠᠯᠳᠠᠭᠳᠠᠯ ᠦᠭᠡᠢ ᠦᠶ᠎ᠡ ᠳᠦ ᠢᠨᠹᠯᠢᠶᠠᠼᠢ ᠭᠦᠢ ᠡᠳ᠋ ᠍ ᠍ ᠦᠨ ᠵᠠᠰᠠᠭ ᠪᠠᠶᠢᠵᠤ ᠪᠣᠯᠤᠨ᠎ᠠ᠃
  2. ᠲᠥᠪ ᠪᠠᠩᠬᠢ ᠨᠢ ᠡᠳ᠋ ᠍ ᠍ ᠦᠨ ᠵᠠᠰᠠᠭ ᠤᠨ ᠢᠨᠹᠯᠢᠶᠠᠼᠢ ᠭᠦᠢ ᠬᠥᠭᠵᠢᠯ ᠢ ᠬᠠᠩᠭᠠᠬᠤ ᠡᠭᠦᠷᠭᠡ ᠪᠡᠨ ᠪᠡᠶᠡᠯᠡᠭᠦᠯᠦᠭᠰᠡᠨ ᠦᠶ᠎ᠡ ᠳᠦ ᠢᠨᠹᠯᠢᠶᠠᠼᠢ ᠭᠦᠢ ᠡᠳ᠋ ᠍ ᠍ ᠦᠨ ᠵᠠᠰᠠᠭ ᠪᠠᠶᠢᠵᠤ ᠴᠢᠳᠠᠨ᠎ᠠ᠃ ᠪᠣᠳᠠᠲᠤ ᠪᠠᠶᠢᠳᠠᠯ ᠳᠤ ᠲᠥᠪ ᠪᠠᠩᠬᠢ ᠨᠢ ᠪᠣᠭᠣᠨᠢ ᠬᠤᠭᠤᠴᠠᠭᠠᠨ ᠤ ᠮᠥᠩᠭᠥᠨ ᠦ ᠪᠣᠳᠣᠯᠭ᠎ᠠ ᠶᠠᠪᠤᠭᠤᠯᠵᠤ ᠪᠤᠢ ᠦᠶᠡᠳᠡᠭᠡ ᠢᠨᠹᠯᠢᠶᠠᠼᠢ ᠠᠴᠠ ᠵᠢᠭᠤᠲᠠᠭᠠᠬᠤ ᠪᠣᠯᠤᠯᠴᠠᠭ᠎ᠠ ᠬᠦᠨᠳᠦ ᠶᠤᠮ᠃
  3. ᠮᠥᠩᠭᠥᠨ ᠦ ᠨᠡᠶᠢᠯᠡᠭᠦᠯᠦᠯᠲᠡ ᠶᠢ ᠵᠣᠬᠢᠴᠠᠭᠤᠯᠬᠤ ᠳᠤ ᠲᠥᠪ ᠪᠠᠩᠬᠢᠨ ᠤ ᠮᠣᠨᠣᠫᠣᠯᠢ ᠠᠷᠢᠯᠤᠭᠰᠠᠨ ᠦᠶ᠎ᠡ ᠳᠦ ᠡᠳ᠋ ᠍ ᠍ ᠦᠨ ᠵᠠᠰᠠᠭ ᠲᠤ ᠢᠨᠹᠯᠢᠶᠠᠼᠢ ᠪᠠᠶᠢᠬᠤ ᠦᠭᠡᠢ ᠪᠠᠶᠢᠵᠤ ᠪᠣᠯᠤᠨ᠎ᠠ᠃ ᠮᠣᠨᠣᠫᠣᠯᠢᠢᠨ ᠨᠥᠬᠥᠴᠡᠯ ᠳᠦ ᠮᠥᠩᠭᠥᠨ ᠦ ᠨᠡᠶᠢᠯᠡᠭᠦᠯᠬᠦ ᠬᠢᠵᠠᠭᠠᠷ ᠢ ᠲᠣᠭᠲᠠᠭᠠᠬᠤ ᠳᠤ ᠵᠠᠪᠠᠯ ᠠᠯᠳᠠᠭ᠎ᠠ ᠭᠠᠷᠳᠠᠭ᠃ ᠲᠥᠪ ᠪᠠᠩᠬᠢ ᠮᠥᠩᠭᠥᠨ ᠦ ᠭᠠᠷᠤᠯᠲᠠ ᠶᠢ ᠵᠣᠭᠰᠣᠭᠠᠪᠠᠯ ᠲᠡᠳᠡᠭᠡᠷ ᠦᠨ ᠵᠠᠬ᠎ᠠ ᠵᠡᠭᠡᠯᠢ ᠥᠷᠢᠰᠦᠯᠳᠦᠭᠡᠨ ᠲᠡᠢ ᠪᠠᠶᠢᠵᠤ ᠴᠢᠳᠠᠬᠤ ᠦᠭᠡᠢ᠃
  4. ᠬᠥᠷᠥᠩᠭᠡ ᠣᠷᠣᠭᠤᠯᠤᠯᠲᠠ ᠶᠢᠨ ᠡᠷᠢᠯ ᠳᠦ᠂ ᠬᠠᠳᠠᠭᠠᠯᠠᠮᠵᠢ ᠶᠢᠨ ᠨᠡᠶᠢᠯᠡᠭᠦᠯᠲᠡ ᠶᠢᠨ ᠬᠣᠭᠣᠷᠣᠨᠳᠣ ᠶᠢᠨ ᠮᠠᠺᠷᠣ ᠡᠳ᠋ ᠍ ᠍ ᠦᠨ ᠵᠠᠰᠠᠭ ᠤᠨ ᠲᠡᠩᠴᠡᠪᠦᠷᠢ ᠶᠢ ᠲᠠᠲᠠᠪᠤᠷᠢ ᠲᠠᠢ ᠪᠠᠷᠢᠭᠰᠠᠨ ᠦᠶ᠎ᠡ ᠳᠦ ᠢᠨᠹᠯᠢᠶᠠᠼᠢ ᠭᠦᠢ ᠡᠳ᠋ ᠍ ᠍ ᠦᠨ ᠵᠠᠰᠠᠭ ᠪᠠᠶᠢᠵᠤ ᠪᠣᠯᠬᠤ ᠶᠤᠮ᠃ ᠢᠨᠹᠯᠢᠶᠠᠼ ᠤᠨ ᠡᠷᠢᠯ ᠳᠦ ᠬᠠᠳᠠᠭᠠᠯᠠᠮᠵᠢ ᠶᠢᠨ ᠨᠡᠶᠢᠯᠡᠭᠦᠯᠦᠯᠲᠡ ᠡᠴᠡ ᠳᠠᠪᠠᠵᠤ ᠭᠠᠷᠤᠭᠰᠠᠨ ᠦᠶ᠎ᠡ ᠳᠦ ᠡᠳ᠋ ᠍ ᠍ ᠦᠨ ᠵᠠᠰᠠᠭ ᠲᠤ ᠬᠥᠷᠥᠩᠭᠡ ᠣᠷᠣᠭᠤᠯᠤᠯᠲᠠ ᠶᠢᠨ ᠪᠣᠯᠤᠨ ᠦᠢᠯᠡᠳᠪᠦᠷᠢᠯᠡᠯ ᠦᠨ ᠥᠰᠦᠯᠲᠡ ᠰᠠᠭᠠᠷᠴᠢ ᠢᠨᠹᠯᠢᠶᠠᠼᠢ ᠪᠤᠢ ᠪᠣᠯᠳᠠᠭ᠃
  5. ᠨᠡᠶᠢᠭᠡᠮ ᠤᠨ ᠭᠡᠰᠢᠭᠦᠨ ᠪᠦᠷᠢ ᠦᠨ᠎ᠡ ᠥᠰᠬᠦ ᠳᠦ ᠲᠡᠭᠦᠨ ᠦ ᠴᠠᠰᠢ ᠬᠠᠷᠠᠭᠠᠳ ᠰᠠᠭᠤᠬᠤ ᠴᠢᠳᠠᠪᠤᠷᠢ ᠲᠠᠢ ᠪᠠᠶᠢᠬᠤ ᠶᠣᠰᠣᠲᠠᠢ᠃ ᠡᠨᠡ ᠨᠢ ᠠᠮᠢᠳᠤᠷᠠᠯ ᠳᠤ ᠬᠡᠵᠢᠶ᠎ᠡ ᠴᠤ ᠪᠡᠶᠡᠯᠡᠭᠳᠡᠬᠦ ᠦᠭᠡᠢ᠃ ᠡᠨᠡ ᠪᠦᠬᠦᠨ ᠡᠴᠡ ᠦᠵᠡᠪᠡᠯ ᠣᠷᠴᠢᠨ ᠦᠶ᠎ᠡ ᠶᠢᠨ ᠡᠳ᠋ ᠍ ᠍ ᠦᠨ ᠵᠠᠰᠠᠭ ᠨᠢ ᠥᠪᠡᠷ ᠦᠨ ᠳᠣᠲᠣᠭᠠᠳᠤ ᠪᠠᠶᠢᠭᠤᠯᠤᠮᠵᠢ ᠶᠢᠨ ᠢᠶᠠᠨ ᠬᠤᠪᠢ ᠳᠤ ᠭᠠᠷᠴᠠᠭ᠎ᠠ ᠦᠭᠡᠢ ᠢᠨᠹᠯᠢᠶᠠᠼ ᠤᠨ ᠡᠳ᠋ ᠍ ᠍ ᠦᠨ ᠵᠠᠰᠠᠭ ᠪᠠᠶᠢᠨ᠎ᠠ᠃ ᠭᠡᠪᠡᠴᠦ ᠢᠨᠹᠯᠢᠶᠠᠼ ᠤᠨ ᠡᠰᠡᠷᠬᠦ ᠲᠣᠬᠢᠷᠠᠭᠤᠯᠭ᠎ᠠ ᠲᠥᠷᠥ ᠶᠢᠨ ᠡᠳᠦᠷ ᠲᠤᠲᠤᠮ ᠤᠨ ᠡᠭᠦᠷᠭᠡ ᠪᠠᠶᠢᠬᠤ ᠶᠣᠰᠣᠲᠠᠢ᠃

ᠡᠷᠦᠯᠲᠡ ᠶᠢᠨ ᠲᠠᠯ᠎ᠠ ᠳᠠᠬᠢ ᠡᠳ᠋ ᠍ ᠍ ᠦᠨ ᠵᠠᠰᠠᠭ ᠤᠨ ᠴᠠᠭ ᠦᠶ᠎ᠡ ᠶᠢᠨ ᠭᠠᠵᠢᠯᠲᠠ ᠨᠢ ᠦᠨ᠎ᠡ ᠶᠢ ᠲᠠᠰᠤᠷᠠᠯᠲᠠ ᠦᠭᠡᠢ ᠳᠡᠭᠡᠭᠰᠢᠯᠡᠭᠦᠯᠬᠦ ᠳᠦ ᠬᠦᠷᠭᠡᠬᠦ ᠪᠠ ᠲᠡᠭᠦᠨ ᠦ ᠥᠰᠦᠯᠲᠡ ᠶᠢᠨ ᠬᠤᠷᠳᠤ ᠪᠠᠷ ᠢᠨᠹᠯᠢᠶᠠᠼ ᠤᠨ ᠲᠦᠪᠰᠢᠨ ᠨᠢ ᠬᠡᠮᠵᠢᠭᠳᠡᠳᠡᠭ᠃ ᠭᠡᠪᠡᠴᠦ ᠦᠨ᠎ᠡ ᠶᠢᠨ ᠲᠣᠭᠲᠠᠮᠠᠯ ᠥᠰᠦᠯᠲᠡ ᠪᠣᠯ ᠢᠨᠹᠯᠢᠶᠠᠼ ᠤᠨ ᠭᠠᠭᠴᠠ ᠰᠢᠨᠵᠢ ᠲᠡᠮᠳᠡᠭ ᠪᠢᠰᠢ᠃ ᠢᠨᠹᠯᠢᠶᠠᠼ ᠢ ᠬᠣᠶᠠᠷ ᠬᠤᠪᠢᠶᠠᠳᠠᠭ:

  1. ᠲᠠᠸᠠᠷ ᠪᠠᠶᠢᠭ᠎ᠠ ᠦᠶ᠎ᠡ ᠳᠦ ᠦᠨ᠎ᠡ ᠲᠣᠭᠲᠠᠮᠠᠯ ᠥᠰᠬᠦ ᠶᠠᠪᠤᠳᠠᠯ ᠢ ᠬᠠᠷᠠᠭᠤᠯᠳᠠᠭ ᠨᠡᠭᠡᠭᠡᠯᠲᠡ ᠲᠡᠢ ᠢᠨᠹᠯᠢᠶᠠᠼᠢ᠃
  2. ᠲᠠᠸᠠᠷ ᠤᠨ ᠬᠣᠮᠰᠠᠳᠠᠯ ᠲᠠᠢ ᠦᠶ᠎ᠡ ᠳᠦ ᠲᠥᠷᠥ ᠡᠴᠡ ᠦᠨ᠎ᠡ ᠶᠢ ᠵᠣᠬᠢᠴᠠᠭᠤᠯᠬᠤ ᠬᠦᠴᠦ ᠪᠡᠷ ᠳᠠᠷᠤᠭᠰᠠᠨ ᠠᠯᠪᠠᠳᠠᠮᠠᠯ ᠢᠨᠹᠯᠢᠶᠠᠼᠢ ᠭᠡᠵᠦ ᠬᠣᠶᠠᠷ ᠬᠤᠪᠢᠶᠠᠨ᠎ᠠ᠃

ᠢᠨᠹᠯᠢᠶᠠᠼ ᠤᠨ ᠰᠢᠯᠲᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠹᠯᠢᠶᠠᠼᠢ ᠪᠣᠯ ᠮᠥᠩᠭᠥᠨ ᠦ ᠵᠠᠬ᠎ᠠ ᠵᠡᠭᠡᠯᠢ ᠳᠡᠭᠡᠷ᠎ᠡ ᠡᠭᠦᠰᠴᠢ ᠲᠥᠷᠦᠳᠡᠭ᠃ ᠮᠥᠩᠭᠥᠨ ᠭᠦᠢᠯᠭᠡᠭᠡᠨ ᠦ ᠭᠠᠵᠢᠯᠲᠠ ᠨᠢ ᠣᠯᠠᠨ ᠰᠢᠯᠲᠠᠭᠠᠨ ᠲᠠᠢ᠃

  1. ᠲᠥᠪ ᠪᠠᠩᠬᠢᠨ ᠤ ᠭᠦᠢᠯᠭᠡᠭᠡᠨ ᠦ ᠬᠦᠷᠢᠶᠡᠨ ᠳ᠋ᠡᠬᠢ ᠮᠥᠩᠭᠥᠨ ᠦ ᠪᠣᠳᠣᠯᠭ᠎ᠠ ᠶᠢᠨ ᠪᠤᠷᠤᠭᠤ ᠠᠴᠠ ᠪᠣᠯᠵᠤ ᠮᠥᠩᠭᠥᠨ ᠦ ᠮᠠᠰ ᠢ ᠲᠠᠸᠠᠷ ᠢᠶᠠᠷ ᠬᠠᠩᠭᠠᠵᠤ ᠴᠢᠳᠠᠬᠤ ᠦᠭᠡᠢ ᠪᠣᠯ ᠢᠨᠹᠯᠢᠶᠠᠼᠢ ᠡᠭᠦᠰᠳᠡᠭ᠃ ᠡᠳ᠋ ᠍ ᠍ ᠦᠨ ᠵᠠᠰᠠᠭ ᠲᠤ ᠪᠣᠭᠣᠨᠢ ᠬᠤᠭᠤᠴᠠᠭᠠᠨ ᠳᠤ ᠶᠠᠪᠤᠭᠤᠯᠬᠤ ᠮᠥᠩᠭᠥᠨ ᠦ ᠪᠣᠳᠣᠯᠭ᠎ᠠ ᠨᠢ ᠳᠠᠷᠠᠭᠠᠬᠢ ᠠᠰᠠᠭᠤᠳᠠᠯ ᠢ ᠪᠠᠭᠲᠠᠭᠠᠨ᠎ᠠ᠃ ᠡᠭᠦᠨ ᠳᠦ: ᠬᠦᠦ ᠶᠢᠨ ᠨᠣᠷᠮ᠎ᠠ ᠶᠢ ᠵᠣᠬᠢᠴᠠᠭᠤᠯᠬᠤ ᠵᠠᠮ ᠢᠶᠠᠷ ᠲᠡᠭᠦᠨ ᠢ ᠬᠥᠷᠥᠩᠭᠡ ᠣᠷᠣᠭᠤᠯᠤᠯᠲᠠ ᠶᠢᠨ ᠡᠷᠢᠯ ᠳᠦ ᠪᠤᠢ ᠪᠣᠯᠭᠠᠬᠤ ᠳᠤ ᠦᠢᠯᠡᠴᠢᠯᠡᠭᠦᠯᠬᠦ ᠠᠰᠠᠭᠤᠳᠠᠯ ᠶᠤᠮ᠃ ᠡᠳ᠋ ᠍ ᠍ ᠦᠨ ᠵᠠᠰᠠᠭ ᠤᠨ ᠤᠨᠠᠯᠲᠠ ᠶᠢ ᠵᠣᠭᠰᠣᠬᠤ ᠹᠣᠨᠳ᠋ ᠍ ᠍ ᠤᠨ ᠪᠢᠷᠵᠢ ᠳᠡᠭᠡᠷᠡᠬᠢ ᠬᠤᠪᠢᠴᠠᠭᠠᠨ ᠤ ᠦᠨ᠎ᠡ ᠶᠢ ᠳᠡᠪᠰᠢᠯᠲᠡᠲᠡᠢ ᠪᠡᠷ ᠪᠠᠭᠤᠷᠠᠭᠤᠯᠬᠤ ᠶᠢᠨ ᠲᠤᠯᠠᠳᠠ ᠲᠥᠪ ᠪᠠᠩᠬᠢ ᠨᠢ ᠮᠥᠩᠭᠥᠨ ᠦ ᠨᠡᠶᠢᠯᠡᠭᠦᠯᠦᠯᠲᠡ ᠶᠢ ᠨᠡᠮᠡᠭᠳᠡᠭᠦᠯᠵᠦ ᠡᠬᠢᠯᠡᠳᠡᠭ᠃ ᠡᠭᠦᠨ ᠦ ᠲᠤᠯᠠᠳᠠ ᠬᠦ ᠶᠢᠨ ᠨᠣᠷᠮ᠎ᠠ ᠶᠢ ᠬᠢᠮᠳᠠᠷᠠᠭᠤᠯᠵᠤ᠂ ᠬᠥᠷᠥᠩᠭᠡ ᠣᠷᠣᠭᠤᠯᠤᠯᠲᠠ ᠶᠢᠨ ᠡᠷᠢᠯᠲᠡ ᠶᠢ ᠨᠡᠮᠡᠭᠳᠡᠭᠦᠯᠳᠡᠭ᠃ ᠭᠡᠬᠦ ᠳᠦ ᠪᠡᠨ ᠪᠣᠭᠣᠨᠢ ᠬᠤᠭᠤᠴᠠᠭᠠᠨ ᠤ ᠮᠥᠩᠭᠥᠨ ᠦ ᠪᠣᠳᠣᠯᠭ᠎ᠠ ᠨᠢ ᠤᠷᠲᠤ ᠬᠤᠭᠤᠴᠠᠭᠠᠨ ᠤ ᠢᠨᠹᠯᠢᠶᠠᠼᠢ ᠭᠦᠢ ᠪᠣᠳᠣᠯᠭ᠎ᠠ ᠶᠢᠨ ᠬᠦᠷᠢᠶᠡᠨ ᠳᠦ ᠬᠡᠷᠡᠭᠵᠢᠬᠦ ᠶᠣᠰᠣᠲᠠᠢ᠃
  2. ᠲᠥᠰᠥᠪ ᠦᠨ ᠠᠯᠳᠠᠭᠳᠠᠯ ᠢᠨᠹᠯᠢᠶᠠᠼ ᠢ ᠬᠥᠲᠥᠯᠵᠢ ᠪᠠᠶᠢᠳᠠᠭ᠃ ᠭᠡᠪᠡᠴᠦ ᠲᠡᠭᠦᠨ ᠦ ᠬᠤᠷᠳᠤ ᠨᠢ ᠲᠥᠰᠥᠪ ᠦᠨ ᠠᠯᠳᠠᠭᠳᠠᠯ ᠢ ᠠᠷᠢᠯᠭᠠᠬᠤ ᠠᠵᠢᠯ ᠤᠨᠨ ᠵᠣᠬᠢᠶᠠᠨ ᠪᠠᠶᠢᠭᠤᠯᠤᠯᠲᠠ ᠠᠴᠠ ᠬᠠᠮᠢᠶᠠᠷᠳᠠᠭ᠃ ᠲᠥᠪ ᠪᠠᠩᠬᠢ ᠮᠥᠩᠭᠥᠨ ᠦ ᠨᠡᠶᠢᠯᠡᠭᠦᠯᠦᠯᠲᠡ ᠶᠢ ᠠᠯᠢ ᠪᠣᠯᠬᠤ ᠪᠠᠭ᠎ᠠ ᠪᠠᠶᠢᠯᠭᠠᠵᠤ ᠴᠢᠳᠠᠪᠠᠯ ᠢᠨᠹᠯᠢᠶᠠᠼ ᠤᠨ ᠬᠤᠷᠳᠤ ᠬᠠᠷᠢᠴᠠᠩᠭᠤᠢ ᠪᠠᠭ᠎ᠠ ᠪᠠᠶᠢᠨ᠎ᠠ᠃
  3. ᠲᠥᠪ ᠪᠠᠩᠬᠢᠨ ᠠᠴᠠ ᠵᠠᠰᠠᠭ ᠤᠨ ᠭᠠᠵᠠᠷ ᠲᠣᠭᠲᠠᠮᠠᠯ ᠵᠡᠭᠡᠯᠢ ᠠᠪᠬᠤ ᠶᠠᠪᠤᠳᠠᠯ ᠭᠠᠷᠴᠠᠭ᠎ᠠ ᠦᠭᠡᠢ ᠭᠠᠷᠴᠤ ᠪᠠᠶᠢᠳᠠᠭ ᠨᠢ ᠢᠨᠹᠯᠢᠶᠠᠼ ᠤᠨ ᠪᠠᠰᠠ ᠨᠢᠭᠡ ᠰᠢᠯᠲᠠᠭᠠᠨ ᠶᠤᠮ᠃ ᠵᠠᠰᠠᠭ ᠤᠨ ᠭᠠᠵᠠᠷ ᠤᠨ ᠵᠡᠭᠡᠯᠢ ᠶᠢ ᠭᠣᠣᠯ ᠲᠥᠯᠥᠪ ᠤᠯᠠᠷᠢᠯ ᠤᠨ ᠪᠦᠬᠦᠢ ᠦᠢᠯᠡᠳᠪᠦᠷᠢ ᠢᠯᠠᠩᠭᠤᠶ᠎ᠠ ᠬᠦᠮᠦᠨ ᠠᠮᠠ ᠶᠢᠨ ᠬᠦᠨᠡᠰᠦᠨ ᠦ ᠬᠠᠩᠭᠠᠮᠵᠢ ᠶᠢᠨ ᠵᠣᠷᠢᠭᠤᠯᠤᠯᠲᠠ ᠲᠠᠢ ХАА ᠍ ᠍ ᠦᠨ ᠰᠠᠯᠪᠤᠷᠢ ᠶᠢ ᠠᠵᠢᠯᠯᠠᠭᠤᠯᠬᠤ ᠱᠠᠭᠠᠷᠳᠠᠯᠭ᠎ᠠ ᠠᠴᠠ ᠭᠠᠷᠳᠠᠭ ᠶᠤᠮ᠃ ᠲᠡᠭᠦᠨ ᠦ ᠨᠢᠭᠡ ᠨᠢ ᠣᠷᠣᠨ᠂ ᠭᠠᠳᠠᠭᠠᠳᠤ ᠶᠢᠨ ᠢᠷᠭᠡᠳ᠂ ᠺᠣᠷᠫᠣᠷᠠᠼᠢ᠂ ᠠᠷᠠᠯᠵᠢᠶᠠᠨ ᠤ ᠪᠠᠩᠬᠢ᠂ ᠣᠯᠠᠨ ᠤᠯᠤᠰ ᠤᠨ ᠰᠠᠩ ᠠᠴᠠ ᠮᠥᠩᠭᠥ ᠵᠢᠭᠡᠯᠡᠬᠦ ᠶᠠᠪᠤᠳᠠᠯ ᠪᠠᠶᠢᠳᠠᠭ᠃ ᠡᠨᠡ ᠪᠣᠯ ᠲᠦᠷ ᠵᠠᠭᠤᠷ᠎ᠠ ᠲᠥᠰᠥᠪ ᠦᠨ ᠠᠯᠳᠠᠭᠳᠠᠯ ᠢ ᠠᠷᠢᠯᠭᠠᠬᠤ ᠠᠷᠭ᠎ᠠ ᠪᠣᠯᠳᠠᠭ ᠪᠣᠯᠪᠠᠴᠤ ᠴᠢᠨᠠᠭᠰᠢᠳᠠ ᠪᠠᠨ ᠢᠨᠹᠯᠢᠶᠠᠼ ᠢ ᠨᠡᠮᠡᠵᠦ ᠪᠠᠶᠢᠳᠠᠭ ᠨᠢᠭᠡ ᠰᠢᠯᠲᠠᠭᠠᠨ ᠶᠤᠮ᠃ ᠵᠠᠬ᠎ᠠ ᠵᠡᠭᠡᠯᠢ ᠳᠡᠭᠡᠷᠡᠬᠢ ᠪᠢᠽᠢᠨ᠋ᠧᠰ ᠦᠨ ᠪᠠ ᠵᠠᠰᠠᠭ ᠤᠨ ᠭᠠᠵᠠᠷ ᠬᠣᠭᠣᠷᠣᠨᠳᠣ ᠶᠢᠨ ᠥᠷᠢᠰᠦᠯᠳᠦᠭᠡᠨ ᠨᠢ ᠡᠳ᠋ ᠍ ᠍ ᠦᠨ ᠵᠠᠰᠠᠭ ᠲᠤ ᠲᠡᠩᠴᠡᠪᠦᠷᠢᠲᠦ ᠪᠤᠰᠤ ᠪᠠᠶᠢᠳᠠᠯ ᠢ ᠪᠤᠢ ᠪᠣᠯᠭᠠᠳᠠᠭ᠃ ᠡᠭᠦᠨ ᠦ ᠦᠷ᠎ᠡ ᠳ᠋ᠦᠩ ᠳᠦ ᠬᠥᠷᠥᠩᠭᠡ ᠣᠷᠣᠭᠤᠯᠤᠯᠲᠠ ᠶᠢ ᠰᠠᠩᠬᠦᠵᠢᠭᠦᠯᠬᠦ ᠪᠣᠯᠤᠯᠴᠠᠭ᠎ᠠ ᠶᠢ ᠪᠠᠰᠠ ᠨᠡᠮᠡᠳᠡᠭ᠃
  4. ᠡᠳ᠋ ᠍ ᠍ ᠦᠨ ᠵᠠᠰᠠᠭ ᠢ ᠴᠡᠷᠢᠭᠵᠢᠭᠦᠯᠬᠦ ᠨᠢ ᠢᠨᠹᠯᠢᠶᠠᠼ ᠢ ᠪᠤᠢ ᠪᠣᠯᠭᠠᠬᠤ ᠭᠣᠣᠯ ᠨᠥᠬᠥᠴᠡᠯ ᠪᠠᠶᠢᠳᠠᠭ᠃ ᠴᠡᠷᠢᠭ ᠦᠨ ᠠᠵᠤ ᠦᠢᠯᠡᠳᠪᠦᠷᠢ ᠶᠢ ᠬᠥᠭᠵᠢᠭᠦᠯᠬᠦ ᠨᠢ ᠤᠯᠤᠰ ᠤᠨ ᠲᠥᠰᠥᠪ ᠦᠨ ᠵᠠᠷᠤᠯᠭ᠎ᠠ ᠶᠢ ᠨᠡᠮᠡᠭᠳᠡᠭᠦᠯᠳᠡᠭ᠃ ᠡᠨᠡ ᠨᠢ ᠲᠥᠰᠥᠪ ᠦᠨ ᠠᠯᠳᠠᠭᠳᠠᠯ ᠢ ᠨᠡᠮᠡᠵᠦ ᠢᠨᠹᠯᠢᠶᠠᠼ ᠢ ᠲᠦᠷᠭᠡᠰᠬᠡᠳᠡᠭ᠃ ᠡᠭᠦᠨ ᠢ ᠴᠡᠷᠢᠭᠵᠢᠭᠦᠯᠦᠯᠲᠡ ᠶᠢᠨ ᠤᠯᠠᠮ ᠠᠴᠠ ᠡᠭᠦᠰᠬᠦ ᠢᠨᠹᠯᠢᠶᠠᠼ ᠤᠨ ᠨᠢᠭᠡᠳᠦᠭᠡᠷ ᠳᠠᠭᠠᠪᠤᠷᠢ ᠭᠡᠵᠦ ᠦᠵᠡᠳᠡᠭ᠃ ᠴᠡᠷᠢᠭ ᠦᠨ ᠡᠳ᠋ ᠍ ᠍ ᠦᠨ ᠵᠠᠰᠠᠭ ᠨᠢ ᠮᠠᠲ᠋ᠧᠷᠢᠶᠠᠯ᠂ ᠪᠣᠯᠪᠠᠰᠤᠨ ᠬᠦᠴᠦᠨ ᠪᠣᠯᠤᠨ ᠪᠤᠰᠤᠳ ᠨᠥᠭᠡᠴᠡ ᠶᠢ ᠲᠠᠲᠠᠨ ᠠᠰᠢᠭᠯᠠᠳᠠᠭ᠃ ᠡᠭᠦᠨ ᠦ ᠤᠯᠠᠮ ᠠᠴᠠ ᠢᠷᠭᠡᠨ ᠦ ᠦᠢᠯᠡᠳᠪᠦᠷᠢᠯᠡᠯ ᠳᠦ ᠬᠣᠬᠢᠷᠠᠯ ᠪᠣᠯᠳᠠᠭ᠂ ᠵᠠᠬ᠎ᠠ ᠵᠡᠭᠡᠯᠢ ᠶᠢᠨ ᠡᠷᠢᠯᠲᠡ ᠨᠡᠶᠢᠯᠡᠭᠦᠯᠦᠯᠲᠡ ᠶᠢᠨ ᠲᠡᠩᠴᠡᠪᠦᠷᠢ ᠠᠯᠳᠠᠭᠳᠠᠳᠠᠭ᠃ ᠡᠭᠦᠨ ᠢ ᠴᠡᠷᠢᠭᠵᠢᠭᠦᠯᠦᠯᠲᠡ ᠶᠢᠨ ᠤᠯᠠᠮ ᠠᠴᠠ ᠡᠭᠦᠰᠬᠦ ᠢᠨᠹᠯᠢᠶᠠᠼ ᠤᠨ 2 ᠍ ᠍ ᠳᠦᠭᠡᠷ ᠳᠠᠬᠢ ᠦᠷ᠎ᠡ ᠳᠠᠭᠠᠪᠤᠷᠢ ᠭᠡᠳᠡᠭ᠃
  5. ᠵᠠᠬ᠎ᠠ ᠵᠡᠭᠡᠯᠢ ᠶᠢ ᠮᠣᠨᠣᠫᠣᠯᠢᠴᠢᠯᠠᠬᠤ ᠨᠢ ᠢᠨᠹᠯᠢᠶᠠᠼ ᠤᠨ ᠶᠠᠪᠤᠴᠠ ᠢ ᠡᠷᠡᠭᠦᠯᠵᠢᠭᠦᠯᠬᠦ ᠳᠦ ᠨᠥᠯᠦᠭᠡᠯᠡᠳᠡᠭ᠃ ᠢᠨᠹᠯᠢᠶᠠᠼᠢ ᠲᠦᠷᠭᠡᠨ ᠨᠡᠮᠡᠭᠳᠡᠵᠦ ᠪᠤᠢ ᠡᠳ᠋ ᠍ ᠍ ᠦᠨ ᠵᠠᠰᠠᠭ ᠲᠤ ᠵᠠᠬ᠎ᠠ ᠵᠡᠭᠡᠯᠢ ᠶᠢᠨ ᠮᠣᠨᠣᠫᠣᠯᠴᠢᠯᠠᠯ ᠥᠨᠳᠥᠷ ᠲᠦᠪᠰᠢᠨ ᠳᠦ ᠪᠠᠶᠢᠳᠠᠭ᠃ ᠭᠡᠪᠡᠴᠦ ᠮᠣᠨᠣᠫᠣᠯᠢ ᠨᠢ ᠢᠨᠹᠯᠢᠶᠠᠼ ᠢ ᠲᠥᠷᠦᠭᠦᠯᠳᠡᠭ ᠦᠭᠡᠢ ᠬᠠᠷᠢᠨ ᠦᠷᠭᠦᠯᠵᠢᠯᠡᠭᠦᠯᠵᠦ ᠬᠦᠴᠦᠲᠡᠢ ᠪᠣᠯᠭᠠᠬᠤ ᠳᠤ ᠨᠥᠯᠦᠭᠡᠯᠡᠳᠡᠭ᠃ ᠵᠠᠬ᠎ᠠ ᠵᠡᠭᠡᠯᠢ ᠳᠡᠭᠡᠷ᠎ᠡ ᠥᠪᠡᠷ ᠦᠨ ᠵᠣᠩᠬᠢᠯᠠᠬᠤ ᠪᠠᠶᠢᠷᠢ ᠰᠠᠭᠤᠷᠢ ᠪᠠᠨ ᠬᠠᠳᠠᠭᠠᠯᠠᠬᠤ ᠶᠢᠨ ᠲᠤᠯᠠᠳᠠ ᠮᠣᠨᠣᠫᠣᠯᠢ ᠨᠤᠭᠤᠳ ᠨᠢ ᠵᠠᠬ᠎ᠠ ᠵᠡᠭᠡᠯᠢ ᠳᠡᠭᠡᠷ᠎ᠡ ᠥᠨᠳᠥᠷ ᠦᠨ᠎ᠡ ᠲᠣᠭᠲᠠᠭᠠᠬᠤ᠂ ᠬᠠᠳᠠᠭᠠᠯᠠᠨ ᠪᠠᠷᠢᠬᠤ ᠶᠢᠨ ᠲᠥᠯᠥᠭᠡ ᠲᠡᠮᠡᠴᠡᠳᠡᠭ᠃ ᠲᠡᠭᠦᠨᠴᠢᠯᠡᠨ ᠦᠢᠯᠡᠳᠪᠦᠷᠢᠯᠡᠯ ᠦᠨ ᠬᠡᠮᠵᠢᠶ᠎ᠡ ᠪᠡᠨ ᠪᠠᠭᠠᠰᠬᠠᠵᠤ ᠲᠠᠸᠠᠷ ᠤᠨ ᠨᠡᠶᠢᠯᠡᠭᠦᠯᠦᠯᠲᠡ ᠶᠢ ᠬᠣᠷᠣᠭᠳᠠᠭᠤᠯᠳᠠᠭ᠃ ᠵᠠᠬ᠎ᠠ ᠵᠡᠭᠡᠯᠢ ᠶᠢᠨ ᠮᠧᠬᠠᠨᠢᠰᠮ ᠢ ᠵᠥᠷᠢᠴᠡᠵᠦ ᠪᠤᠢ ᠦᠨ᠎ᠡ ᠶᠢᠨ ᠨᠡᠶᠢᠯᠡᠭᠦᠯᠦᠯᠲᠡ ᠶᠢᠨ ᠮᠡᠳᠡᠷᠡᠮᠵᠢ ᠶᠢ ᠪᠠᠭᠠᠰᠬᠠᠵᠤ ᠢᠨᠹᠯᠢᠶᠠᠼ ᠤᠨ ᠡᠷᠢᠯ ᠳᠦ ᠬᠡᠯᠪᠡᠯᠵᠡᠬᠦ ᠳᠦ ᠦᠢᠯᠡᠳᠪᠦᠷᠢᠯᠡᠯ ᠦᠨ ᠵᠦᠭ ᠡᠴᠡ ᠦᠵᠡᠭᠦᠯᠬᠦ ᠨᠥᠯᠥᠭᠡ ᠶᠢ ᠪᠠᠭᠤᠷᠠᠭᠤᠯᠳᠠᠭ᠃
  6. ᠭᠠᠳᠠᠭᠠᠳᠤ ᠡᠳ᠋ ᠍ ᠍ ᠦᠨ ᠵᠠᠰᠠᠭ ᠤᠨ ᠬᠦᠴᠦᠨ ᠵᠦᠢᠯ ᠢᠨᠹᠯᠢᠶᠠᠼᠢ ᠳᠤ ᠨᠥᠯᠥᠭᠡ ᠦᠵᠡᠭᠦᠯᠵᠦ ᠪᠠᠶᠢᠳᠠᠭ᠃ ᠳᠡᠯᠡᠬᠡᠢ ᠶᠢᠨ ᠬᠤᠳᠠᠯᠳᠤᠭᠠᠨ ᠤ ᠰᠤᠪᠠᠭ ᠢᠶᠠᠷ ᠢᠨᠹᠯᠢᠶᠠᠼᠢ ᠵᠥᠭᠡᠭᠳᠡᠨ ᠢᠷᠡᠵᠦ ᠪᠠᠶᠢᠳᠠᠭ᠃ ᠡᠭᠦᠨ ᠦ ᠤᠯᠠᠮ ᠠᠴᠠ ᠲᠦᠭᠦᠬᠡᠢ ᠡᠳ᠋, ᠡᠷᠴᠢᠮ ᠬᠦᠴᠦᠨ ᠦ ᠦᠨ᠎ᠡ ᠥᠰᠴᠢ ᠢᠨᠹᠯᠢᠶᠠᠼ ᠤᠨ ᠮᠧᠬᠠᠨᠢᠰᠮ ᠳᠤ ᠰᠢᠨ᠎ᠡ ᠲᠦᠯᠬᠢᠴᠡ ᠪᠣᠯᠵᠤ ᠪᠠᠶᠢᠳᠠᠭ᠃ ᠮᠥᠨ ᠬᠢᠯᠢ ᠶᠢᠨ ᠴᠢᠨᠠᠳᠤ ᠠᠴᠠ ᠬᠠᠮᠤᠭ ᠤᠨ ᠥᠨᠳᠥᠷ ᠬᠦᠦᠲᠡᠢ ᠵᠥᠭᠡᠭᠳᠡᠨ ᠢᠷᠡᠵᠦ ᠪᠤᠢ ᠪᠣᠭᠣᠨᠢ ᠬᠤᠭᠤᠴᠠᠭᠠᠨ ᠤ ᠺᠠᠫᠢᠲ᠋ᠠᠯ ᠤᠨ ᠤᠷᠤᠰᠬᠠᠯ ᠨᠢ ᠢᠨᠹᠯᠢᠶᠠᠼᠢ ᠳᠤ ᠪᠠᠭ᠎ᠠ ᠦᠭᠡᠢ ᠨᠥᠯᠦᠭᠡᠯᠡᠳᠡᠭ᠃

ᠨᠡᠭᠡᠭᠡᠯᠲᠡ ᠲᠡᠢ ᠢᠨᠹᠯᠢᠶᠠᠼᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠷᠪᠡ ᠮᠠᠺᠷᠣ ᠡᠳ᠋ ᠍ ᠍ ᠦᠨ ᠵᠠᠰᠠᠭ ᠤᠨ ᠲᠡᠩᠴᠡᠪᠦᠷᠢᠲᠦ ᠪᠤᠰᠤ ᠪᠠᠶᠢᠳᠠᠯ ᠨᠢ ᠦᠨ᠎ᠡ ᠶᠢᠨ ᠲᠣᠭᠲᠠᠮᠠᠯ ᠥᠰᠦᠯᠲᠡ ᠪᠡᠷ ᠢᠯᠡᠷᠡᠵᠦ ᠪᠠᠶᠢᠪᠠᠯ ᠲᠡᠭᠦᠨ ᠢ ᠨᠡᠭᠡᠭᠡᠯᠲᠡᠲᠡᠢ (ᠵᠠᠳᠠᠭᠠᠢ) ᠢᠨᠹᠯᠢᠶᠠᠼᠢ ᠭᠡᠵᠦ ᠨᠡᠷᠡᠯᠡᠳᠡᠭ᠃

ᠵᠠᠳᠠᠭᠠᠢ ᠢᠨᠹᠯᠢᠶᠠᠼᠢ ᠵᠠᠬ᠎ᠠ ᠵᠡᠭᠡᠯᠢ ᠶᠢᠨ ᠮᠧᠬᠠᠨᠢᠰᠮ ᠢ ᠡᠪᠳᠡᠳᠡᠭ ᠦᠭᠡᠢ᠃ ᠤᠴᠢᠷ ᠨᠢ ᠨᠢᠭᠡ ᠵᠠᠬ᠎ᠠ ᠵᠡᠭᠡᠯᠢ ᠳᠡᠭᠡᠷᠡᠬᠢ ᠦᠨ᠎ᠡ ᠶᠢᠨ ᠥᠰᠦᠯᠲᠡ ᠲᠡᠢ ᠨᠢᠭᠡᠨ ᠵᠡᠷᠭᠡ ᠨᠥᠭᠥᠭᠡᠬᠢ ᠶᠢᠨ ᠬᠢ ᠨᠢ ᠦᠨ᠎ᠡ ᠬᠢᠮᠳᠠᠷᠠᠬᠤ ᠶᠠᠪᠤᠳᠠᠯ ᠠᠵᠢᠭᠡᠯᠡᠭᠳᠠᠳᠠᠭ᠃ ᠡᠨᠡ ᠨᠢ ᠡᠳ᠋ ᠍ ᠍ ᠦᠨ ᠵᠠᠰᠠᠭ ᠲᠤ ᠦᠨ᠎ᠡ ᠶᠢᠨ ᠳᠣᠬᠢᠶ᠎ᠠ ᠥᠭᠴᠦ᠂ ᠬᠥᠷᠥᠩᠭᠡ ᠣᠷᠣᠭᠤᠯᠤᠯᠲᠠ ᠶᠢ ᠤᠷᠮᠠᠰᠢᠭᠤᠯᠵᠤ᠂ ᠦᠢᠯᠡᠳᠪᠦᠷᠢᠯᠡᠯ ᠢ ᠦᠷᠭᠡᠳᠭᠡᠬᠦ ᠬᠦᠴᠦᠨ ᠵᠦᠢᠯ ᠪᠣᠯᠵᠤ ᠵᠠᠬ᠎ᠠ ᠵᠡᠭᠡᠯᠢ ᠶᠢᠨ ᠮᠧᠬᠠᠨᠢᠰᠮ ᠢ ᠦᠷᠭᠦᠯᠵᠢᠯᠡᠭᠦᠯᠦᠨ ᠠᠰᠢᠭᠯᠠᠬᠤ ᠪᠣᠯᠤᠯᠴᠠᠭ᠎ᠠ ᠶᠢ ᠣᠯᠭᠤᠳᠠᠭ᠃ ᠡᠳ᠋ ᠍ ᠍ ᠦᠨ ᠵᠠᠰᠠᠭ ᠤᠨ ᠫᠷᠠᠺᠲ᠋ᠢᠭ ᠲᠤ ᠵᠠᠳᠠᠭᠠᠢ ᠢᠨᠹᠯᠢᠶᠠᠼ ᠤᠨ ᠳᠠᠷᠠᠭᠠᠬᠢ ᠬᠡᠯᠪᠡᠷᠢ ᠨᠦᠭᠦᠳ ᠪᠤᠢ:

ᠳᠠᠰᠬᠠᠬᠤ ᠢᠨᠹᠯᠢᠶᠠᠼᠢ

ᠡᠨᠡ ᠨᠢ ᠦᠢᠯᠡᠳᠪᠦᠷᠢᠯᠡᠭᠴᠢ᠂ ᠬᠡᠷᠡᠭᠯᠡᠭᠴᠢ ᠶᠢᠨ ᠰᠡᠳᠬᠢᠯ ᠵᠦᠢ ᠶᠢ ᠢᠨᠹᠯᠢᠶᠠᠼ ᠤᠨ ᠨᠥᠬᠥᠴᠡᠯ ᠳᠦ ᠳᠠᠰᠬᠠᠨ ᠬᠤᠪᠢᠷᠠᠭᠠᠬᠤ ᠲᠠᠢ ᠬᠣᠯᠪᠣᠭ᠎ᠠ ᠲᠠᠢ ᠠᠰᠠᠭᠤᠳᠠᠯ ᠶᠤᠮ᠃ ᠦᠨ᠎ᠡ ᠨᠡᠮᠡᠭᠳᠡᠭᠰᠡᠨ ᠦᠶ᠎ᠡ ᠳᠦ ᠬᠡᠷᠡᠭᠯᠡᠭᠴᠢ ᠣᠶᠢᠷ᠎ᠠ ᠶᠢᠨ ᠢᠷᠡᠭᠡᠳᠦᠢ ᠳᠦ ᠪᠠᠭᠤᠷᠠᠨ᠎ᠠ ᠭᠡᠵᠦ ᠲᠣᠭᠠᠴᠠᠵᠤ ᠪᠠᠶᠢᠳᠠᠭ ᠪᠠ ᠡᠨᠡ ᠲᠣᠬᠢᠶᠠᠯᠳᠤᠯ ᠳᠤ ᠫᠢᠭᠤᠭ ᠦᠷ᠎ᠡ ᠳ᠋ᠦᠩ ᠳᠦ ᠬᠦᠷᠴᠦ ᠪᠠᠶᠢᠳᠠᠭ᠃ ᠫᠢᠭᠤᠭ ᠦᠷ᠎ᠡ ᠳ᠋ᠦᠩ ᠭᠡᠳᠡᠭ ᠨᠢ ᠢᠨᠹᠯᠢᠶᠠᠼᠢ ᠪᠣᠯᠬᠤ ᠳᠤ ᠬᠤᠪᠢ ᠬᠦᠮᠦᠨ ᠪᠡᠯᠡᠨ ᠪᠠᠶᠢᠭ᠎ᠠ ᠮᠥᠩᠭᠥ ᠪᠡᠷ ᠢᠶᠡᠨ ᠢᠯᠡᠭᠦᠦ ᠠᠰᠢᠭ ᠣᠯᠵᠤ ᠪᠣᠯᠬᠤ ᠲᠠᠸᠠᠷ ᠬᠤᠳᠠᠯᠳᠤᠨ ᠠᠪᠴᠤ ᠦᠯᠡᠳᠡᠭᠳᠡᠯ ᠮᠥᠩᠭᠥ ᠪᠡᠨ ᠪᠠᠩᠬᠢᠨ ᠳᠤ ᠬᠠᠳᠠᠭᠠᠯᠠᠳᠠᠭ᠃ ᠡᠨᠡ ᠨᠢ ᠴᠢᠯᠦᠭᠡᠲᠦ ᠵᠠᠬ᠎ᠠ ᠵᠡᠭᠡᠯᠢ ᠶᠢᠨ ᠮᠧᠬᠠᠨᠢᠰᠮ ᠳᠤ ᠲᠡᠩᠴᠡᠪᠦᠷᠢ ᠦᠭᠡᠢ ᠪᠠᠶᠢᠳᠠᠯ ᠤᠨ ᠤᠯᠠᠮ ᠠᠴᠠ ᠮᠡᠳᠡᠭᠳᠡᠬᠦᠶᠢᠴᠡ ᠦᠷ᠎ᠡ ᠳ᠋ᠦᠩ ᠣᠯᠳᠠᠭ᠃ ᠡᠭᠦᠨ ᠢ ᠫᠢᠭᠤ ᠶᠢᠨ ᠦᠷ᠎ᠡ ᠳ᠋ᠦᠩ ᠭᠡᠨ᠎ᠡ᠃

ᠡᠷᠦᠯᠲᠡ ᠶᠢᠨ ᠢᠨᠹᠯᠢᠶᠠᠼᠢ

ᠡᠷᠦᠯᠲᠡ ᠶᠢᠨ ᠢᠨᠹᠯᠢᠶᠠᠼᠢ ᠭᠡᠳᠡᠭ ᠣᠶᠢᠯᠠᠭᠠᠯᠲᠠ ᠶᠢ ᠡᠳ᠋ ᠍ ᠍ ᠦᠨ ᠵᠠᠰᠠᠭ ᠲᠤ ᠬᠡᠷᠡᠭᠯᠡᠳᠡᠭ᠃ ᠡᠷᠦᠯᠲᠡ ᠶᠢᠨ ᠦᠰᠦᠷᠦᠯᠲᠡ ᠶᠢᠨ ᠦᠶ᠎ᠡ ᠳᠦ ᠦᠢᠯᠡᠳᠪᠦᠷᠢᠯᠡᠯ ᠦᠨ ᠬᠦᠴᠦᠨ ᠵᠦᠢᠯ ᠢ ᠦᠯᠡᠮᠵᠢ ᠶᠡᠬᠡ ᠪᠡᠷ ᠠᠰᠢᠭᠯᠠᠵᠤ ᠡᠬᠢᠯᠡᠳᠡᠭ᠃ ᠵᠠᠬ᠎ᠠ ᠵᠡᠭᠡᠯᠢ ᠶᠢᠨ ᠬᠡᠪ ᠦᠨ ᠦᠶ᠎ᠡ ᠳᠦ ᠦᠨ᠎ᠡ ᠨᠡᠮᠡᠭᠳᠡᠬᠦ ᠨᠢ ᠬᠥᠷᠥᠩᠭᠡ ᠣᠷᠣᠭᠤᠯᠤᠯᠲᠠ ᠶᠢᠨ ᠳᠣᠬᠢᠶ᠎ᠠ ᠪᠣᠯᠤᠨ᠎ᠠ᠃ ᠲᠠᠲᠠᠪᠤᠷᠢ ᠶᠢᠨ ᠢᠨᠹᠯᠢᠶᠠᠼᠢ ᠭᠡᠵᠦ ᠪᠤᠢ᠃ ᠡᠨᠡ ᠨᠢ ᠲᠥᠷᠥ ᠶᠢᠨ ᠲᠠᠲᠠᠪᠤᠷᠢ ᠶᠢᠨ ᠪᠣᠳᠣᠯᠭ᠎ᠠ ᠲᠠᠢ ᠬᠣᠯᠪᠣᠭᠳᠠᠨ ᠭᠠᠷᠴᠤ ᠢᠷᠡᠳᠡᠭ᠃ ᠬᠡᠷᠪᠡ ᠲᠠᠲᠠᠪᠤᠷᠢ ᠶᠢᠨ ᠬᠤᠪᠢ ᠥᠨᠳᠥᠷ ᠪᠠᠶᠢᠪᠠᠯ ᠦᠢᠯᠡᠳᠪᠦᠷᠢᠯᠡᠯ ᠦᠨ ᠥᠰᠦᠯᠲᠡ ᠶᠢ ᠬᠢᠵᠠᠭᠠᠷᠯᠠᠳᠠᠭ᠃ ᠠᠰᠢᠭ ᠤᠨ ᠶᠡᠬᠡᠬᠡᠨ ᠬᠡᠰᠡᠭ ᠢ ᠨᠢ ᠲᠥᠰᠥᠪ ᠲᠦ ᠠᠪᠬᠤ ᠳᠤ ᠬᠦᠷᠦᠪᠡᠯ ᠬᠥᠷᠥᠩᠭᠡ ᠣᠷᠣᠭᠤᠯᠤᠯᠲᠠ ᠶᠢᠨ ᠰᠠᠩᠬᠦᠵᠢᠭᠦᠯᠦᠯᠲᠡᠨ ᠳᠦ ᠬᠦᠨᠳᠦ ᠪᠠᠶᠢᠳᠠᠯ ᠡᠭᠦᠰᠦᠨ᠎ᠡ᠃ ᠦᠨ᠎ᠡ ᠶᠢᠨ ᠨᠡᠮᠡᠭᠳᠡᠯ ᠦᠨ ᠢᠨᠹᠯᠢᠶᠠᠼᠢ ᠭᠡᠵᠦ ᠪᠠᠶᠢᠨ᠎ᠠ᠃ ᠡᠳ᠋ ᠍ ᠍ ᠦᠨ ᠵᠠᠰᠠᠭ ᠲᠤ ᠵᠣᠬᠢᠶᠠᠨ ᠪᠠᠶᠢᠭᠤᠯᠤᠯᠲᠠ ᠶᠢᠨ ᠲᠣᠮᠣ ᠬᠡᠮᠵᠢᠶᠡᠨ ᠦ ᠥᠭᠡᠷᠡᠴᠢᠯᠡᠯᠲᠡ ᠬᠢᠬᠦ ᠳᠦ ᠲᠥᠷᠥ ᠤᠭ ᠢᠨᠹᠯᠢᠶᠠᠼ ᠢ ᠵᠣᠷᠢᠭᠤᠳᠠ ᠪᠤᠢ ᠪᠣᠯᠭᠠᠳᠠᠭ᠃

ᠠᠯᠪᠠᠳᠠᠮᠠᠯ ᠢᠨᠹᠯᠢᠶᠠᠼᠢ

ᠬᠡᠷᠪᠡ ᠮᠠᠺᠷᠣ ᠡᠳ᠋ ᠍ ᠍ ᠦᠨ ᠵᠠᠰᠠᠭ ᠤᠨ ᠲᠡᠩᠴᠡᠪᠦᠷᠢ ᠶᠢ ᠲᠥᠷᠥ ᠡᠴᠡ ᠦᠨ᠎ᠡ ᠶᠢᠨ ᠬᠢᠨᠠᠯᠲᠠ ᠪᠠᠷ ᠬᠠᠩᠭᠠᠵᠤ ᠪᠠᠶᠢᠪᠠᠯ ᠲᠡᠭᠦᠨ ᠢ ᠠᠯᠪᠠᠳᠠᠮᠠᠯ ᠢᠨᠹᠯᠢᠶᠠᠼᠢ ᠭᠡᠨ᠎ᠡ᠃

ᠪᠢᠴᠢᠭᠡᠰᠦ