ᠢᠨᠹᠣᠲ᠋ᠧᠢᠨᠮᠧᠨᠲ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠢᠨᠹᠣᠲ᠋ᠧᠢᠨᠮᠧᠨᠲ (Infotain-ment). ᠥᠩᠭᠡᠷᠡᠭᠰᠡᠨ ᠵᠠᠭᠤᠨ ᠤ 1980-90 ᠍ ᠊ᠭᠡᠳ ᠣᠨ ᠤ ᠦᠶ᠎ᠡ ᠳᠦ ᠲᠧᠯᠧ ᠨᠡᠪᠲᠡᠷᠡᠭᠦᠯᠭᠡ ᠶᠢᠨ ᠠᠷᠠᠯᠵᠢᠶᠠᠨ ᠤ ᠰᠢᠨᠵᠢ ᠤᠯᠠᠮ ᠭᠦᠨᠵᠡᠭᠡᠶᠢᠷᠡᠵᠦ᠂ ᠬᠥᠭᠵᠢᠶᠡᠨ ᠪᠠᠶᠠᠰᠬᠠᠬᠤ ᠡᠯᠧᠮᠧᠨᠲ ᠦᠳ ᠰᠡᠳᠬᠦᠯ ᠵᠦᠢ ᠶᠢᠨ ᠪᠢᠴᠢᠯᠭᠡ ᠶᠢᠨ ᠭᠣᠣᠯ ᠭᠣᠣᠯ ᠲᠥᠷᠥᠯ ᠦᠳ ᠲᠦ ᠨᠡᠪᠲᠡᠷᠡᠴᠢ᠂ ᠲᠡᠳᠡᠨ ᠦ ᠬᠡᠯᠪᠡᠷᠢ᠂ ᠵᠣᠬᠢᠶᠠᠮᠵᠢ ᠶᠢ ᠡᠪᠳᠡᠬᠦ ᠳᠦ ᠨᠥᠯᠦᠭᠡᠯᠡᠵᠦ᠂ ᠮᠡᠳᠡᠭᠡᠯᠡᠯ ᠦᠨ ᠨᠡᠪᠲᠡᠷᠡᠭᠦᠯᠭᠡ ᠳᠦ ᠢᠨᠹᠣᠲ᠋ᠧᠢᠨᠮᠧᠨᠲ ᠬᠡᠮᠡᠬᠦ ᠦᠵᠡᠭᠳᠡᠯ  ᠠᠵᠢᠭᠡᠯᠡᠭᠳᠠᠬᠤ ᠪᠣᠯᠵᠠᠢ᠃ ᠡᠨᠡ ᠪᠣᠯ «ᠮᠡᠳᠡᠭᠡᠯᠡᠯ»᠂ «ᠵᠤᠭ᠎ᠠ ᠴᠡᠩᠭᠡᠯ» (information+ᠶᠡntertainment) ᠭᠡᠰᠡᠨ ᠬᠣᠶᠠᠷ ᠦᠭᠡᠨ ᠡᠴᠡ ᠪᠦᠲᠦᠭᠰᠡᠨ ᠣᠶᠢᠯᠠᠭᠠᠯᠲᠠ ᠪᠥᠭᠡᠳ ᠬᠦᠯᠢᠶᠡᠨ ᠠᠪᠤᠭᠴᠢᠳ ᠲᠤ ᠮᠡᠳᠡᠭᠡᠯᠡᠯ ᠬᠡᠮᠡᠬᠦ ᠨᠡᠷ᠎ᠡ ᠶᠢᠨ ᠳᠣᠣᠷ᠎ᠠ ᠪᠣᠳᠠᠲᠤ ᠮᠡᠳᠡᠭᠡᠯᠡᠯ ᠦᠨ ᠶᠠᠮᠠᠷ ᠴᠤ ᠰᠢᠨᠵᠢ᠂ ᠠᠴᠢ ᠬᠣᠯᠪᠣᠭᠳᠠᠯ ᠦᠭᠡᠢ ᠴᠡᠪᠡᠷ ᠵᠤᠭᠠᠴᠠᠭᠤᠯᠬᠤ ᠤᠳᠬ᠎ᠠ ᠠᠭᠤᠯᠭ᠎ᠠ ᠪᠦᠬᠦᠢ ᠵᠦᠢᠯ ᠢ ᠥᠭᠴᠦ ᠪᠤᠢ ᠮᠠᠲ᠋ᠧᠷᠢᠶᠠᠯ ᠤᠨ ᠲᠥᠷᠥᠯ ᠶᠤᠮ᠃ ᠮᠥᠨ ᠢᠨᠹᠣᠲ᠋ᠧᠢᠨᠮᠧᠨᠲ ᠦᠨ ᠲᠥᠷᠥᠯ ᠳᠦ ᠱᠣᠤ᠂ ᠲᠣᠺ ᠱᠣᠤ ᠬᠡᠯᠪᠡᠷᠢ ᠪᠡᠷ ᠥᠭᠴᠦ ᠪᠠᠶᠢᠭ᠎ᠠ ᠨᠡᠶᠢᠭᠡᠮ ᠤᠨ ᠠᠴᠢ ᠬᠣᠯᠪᠣᠭᠳᠠᠯ ᠲᠠᠢ ᠰᠢᠨ᠎ᠡ ᠮᠡᠳᠡᠭᠡᠯᠡᠯ ᠢᠶᠡᠷ ᠬᠣᠮᠰᠠ᠂ ᠤᠳᠬ᠎ᠠ ᠠᠭᠤᠯᠭ᠎ᠠ ᠶᠢᠨ ᠬᠤᠪᠢ ᠳᠤ ᠲᠠᠭᠠᠷᠠᠤ ᠮᠡᠳᠡᠭᠡᠯᠡᠯ ᠦᠨ ᠵᠤᠭᠠᠴᠠᠭᠤᠯᠬᠤ ᠨᠡᠪᠲᠡᠷᠡᠭᠦᠯᠭᠡ ᠨᠦᠭᠦᠳ ᠪᠠᠭᠲᠠᠳᠠᠭ᠃

ᠪᠢᠴᠢᠭᠡᠰᠦ