ᠢᠨᠹᠣᠮᠧᠷᠰᠢᠯᠠᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠢᠨᠹᠣᠮᠧᠷᠰᠢᠯᠠᠰ (Infomer-cials). ᠠᠩᠭᠯᠢ ᠬᠡᠯᠡᠨ ᠦ information commercials ᠪᠤᠶᠤ ᠮᠡᠳᠡᠭᠡᠯᠡᠯ᠂ ᠰᠤᠷᠲᠠᠯᠴᠢᠯᠠᠭᠠᠨ ᠤ ᠵᠠᠷᠯᠠᠯ ᠬᠡᠮᠡᠬᠦ ᠬᠣᠶᠠᠷ ᠦᠭᠡ ᠶᠢᠨ ᠨᠡᠶᠢᠯᠡᠪᠦᠷᠢ ᠡᠴᠡ ᠭᠠᠷᠤᠭᠰᠠᠨ ᠨᠡᠷ᠎ᠡ ᠲᠣᠮᠢᠶ᠎ᠠ ᠶᠤᠮ᠃ ХХ ᠵᠠᠭᠤᠨ ᠤ ᠰᠡᠭᠦᠯ ᠦᠨ 25 ᠵᠢᠯ ᠳᠤ ᠠᠭᠤᠯᠭ᠎ᠠ ᠶᠢᠨ ᠬᠤᠪᠢ ᠳᠤ ᠲᠥᠷᠦᠯᠵᠢᠭᠰᠡᠨ ᠣᠯᠠᠨ ᠠᠷᠪᠠᠨ ᠰᠤᠪᠠᠭ ᠪᠦᠬᠦᠢ ᠺᠠᠪᠧᠯ ᠤᠨ ᠲᠧᠯᠧᠸᠢᠰ ᠡᠷᠴᠢᠮᠲᠡᠢ ᠬᠥᠭᠵᠢᠵᠦ᠂ ᠥᠷᠭᠡᠨ ᠳᠡᠯᠭᠡᠷᠡᠭᠰᠡᠨ ᠨᠢ ᠠᠷᠠᠯᠵᠢᠶᠠᠨ ᠤ ᠰᠤᠷᠲᠠᠯᠴᠢᠯᠠᠭ᠎ᠠ ᠶᠢ ᠲᠣᠳᠣᠷᠬᠠᠢ ᠬᠠᠶ᠋ᠢᠭ ᠢᠶᠠᠷ ᠬᠦᠷᠭᠡᠬᠦ ᠪᠣᠯᠤᠮᠵᠢ ᠡᠷᠡᠰ ᠨᠡᠮᠡᠭᠳᠡᠵᠡᠢ᠃ ᠡᠭᠦᠨ ᠲᠡᠢ ᠬᠣᠯᠪᠣᠭᠠᠲᠠᠢ ᠣᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ ᠦᠨ ᠫᠷᠠᠺᠲ᠋ᠢᠭ ᠲᠤ ᠢᠨᠹᠣᠮᠧᠷᠰᠢᠯᠠᠰ ᠬᠡᠮᠡᠬᠦ ᠨᠡᠷ᠎ᠡ ᠲᠣᠮᠢᠶ᠎ᠠ ᠢᠳᠡᠪᠬᠢᠲᠡᠢ ᠨᠡᠪᠲᠡᠷᠡᠭᠰᠡᠨ ᠪᠥᠭᠡᠳ ᠡᠨᠡ ᠨᠢ ᠨᠡᠪᠲᠡᠷᠡᠭᠦᠯᠭᠡ ᠶᠢ ᠵᠣᠷᠢᠭᠤᠯᠵᠤ ᠪᠤᠢ ᠬᠦᠯᠢᠶᠡᠨ ᠠᠪᠤᠭᠴᠢᠳ ᠤᠨ ᠪᠦᠯᠦᠭ ᠦᠨ ᠪᠦᠬᠦ ᠰᠢᠯᠭᠠᠭᠤᠷ ᠲᠤ ᠮᠠᠰᠢ ᠨᠠᠷᠢᠨ «ᠲᠣᠬᠢᠷᠠᠭᠤᠯᠤᠭᠰᠠᠨ» ᠲᠧᠯᠧᠸᠢᠰ ᠦᠨ ᠱᠣᠤ ᠬᠡᠯᠪᠡᠷᠢ ᠪᠡᠷ ᠶᠠᠪᠤᠭᠤᠯᠳᠠᠭ ᠲᠥᠯᠥᠪᠦᠷᠢ ᠲᠡᠢ ᠰᠤᠷᠲᠠᠯᠴᠢᠯᠠᠭ᠎ᠠ ᠶᠤᠮ᠃

ᠪᠢᠴᠢᠭᠡᠰᠦ