ᠢᠨᠵᠠᠨᠨᠠᠰᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Injannaxi.jpg

ᠢᠨᠵᠠᠨᠠᠰᠢ(1837-1892) ᠣᠣᠯ  ᠤᠨ ᠵᠤᠰᠤᠲᠤ  ᠶᠢᠨ ᠴᠢᠭᠤᠯᠭᠠᠨ ᠤ ᠲᠦᠮᠡᠳ ᠪᠠᠷᠠᠭᠤᠨ ᠬᠤᠰᠢᠭᠤᠨ ᠤ ᠰᠢᠳᠤᠷᠭᠤ ᠪᠠᠳᠤ ᠬᠤᠷᠤᠭ᠎ᠠ(ᠤᠳᠤ ᠶᠢᠨ ᠯᠢᠶᠤᠨᠢᠩ ᠮᠤᠵᠢ ᠶᠢᠨ ᠪᠸᠢᠫᠢᠶᠤᠤ ᠰᠢᠶᠠᠨ ᠤ ᠳᠣᠣᠷᠠᠳᠣ ᠭᠠᠴᠠᠭ᠎ᠠ) ᠶᠢᠨ ᠬᠦᠮᠦᠨ ᠪᠢᠯᠡ᠃ ᠪᠠᠭ᠎ᠠ ᠶᠢᠨ ᠨᠡᠷ᠎ᠡ  ᠨᠢ ᠬᠠᠰᠴᠢᠯᠠᠭᠤ᠂ ᠬᠢᠳᠡᠳ ᠨᠡᠷ᠎ᠡ ᠨᠢ ᠪᠤᠤ ᠾᠸᠩ ᠱᠠᠨ᠂ ᠡᠷᠭᠦᠭ᠍ᠰᠡᠨ ᠨᠡᠷ᠎ᠡ  ᠨᠢ ᠿᠦᠨ ᠲᠢᠩ ᠭᠡᠳᠡᠭ᠃ ᠲᠡᠷᠡ1837 ᠤᠨ  ᠤ ᠪᠢᠯᠢᠭ  ᠤᠨ ᠤᠯᠠᠷᠢᠯ ᠤᠨ 4 ᠰᠠᠷ᠎ᠠ  ᠶᠢᠨ16  ᠤ ᠡᠳᠦᠷ《 ᠪᠠᠳᠣ ᠡᠯᠪᠡᠷᠢᠯᠲᠤ ᠴᠢᠩ ᠵᠢᠳᠬᠦᠭᠰᠡᠨ ᠵᠦᠩ ᠭᠡᠩᠭᠡᠷᠭᠡᠳᠣ ᠶᠢᠨ ᠨᠢᠭᠡᠨ ᠭᠡᠷ ᠂ ᠪᠠᠭᠠᠲᠤᠷ ᠵᠢᠷᠦᠮ ᠢ ᠰᠢᠮᠳᠠᠨ ᠬᠢᠴᠢᠶᠡᠭᠰᠡᠨ ᠪᠢᠴᠢᠭ ᠵᠢᠷᠤᠭᠲᠤ ᠨᠢᠭᠡᠨ ᠡᠷᠦᠭᠡ ᠌》ᠭᠡᠵᠦ ᠠᠯᠳᠠᠷᠰᠢᠵᠦ ᠪᠠᠶᠢᠭᠰᠠᠨ ᠲᠤᠰᠠᠯᠠᠭᠴᠢ ᠸᠠᠩᠴᠢᠨᠪᠠᠯ  ᠶᠢᠨ ᠭᠡᠷ  ᠲᠤ ᠮᠡᠨᠳᠦᠯᠡᠪᠡ ᠃ ᠸᠠᠩᠴᠢᠨᠪᠠᠯ ᠪᠤᠯ ᠪᠢᠴᠢᠭ ᠴᠡᠷᠢᠭ  ᠤᠨ ᠡᠷᠳᠡᠮ ᠬᠤᠤᠰᠯᠠᠭᠰᠠᠨ  ᠨᠡᠷ᠎ᠡ ᠴᠤᠤᠲᠠᠢ ᠬᠦᠮᠦᠨ ᠪᠠᠶᠢᠵᠠᠢ ᠃ ᠬᠠᠷ᠎ᠠ ᠲᠠᠮᠠᠬᠢᠨ ᠲᠠᠶᠢᠨ  ᠤ ᠦᠶ᠎ᠡ  ᠳᠤ ᠲᠡᠷᠡ ᠵᠠᠷᠯᠢᠭ ᠬᠦᠯᠢᠶᠡᠵᠦ ᠂ ᠬᠤᠰᠢᠭᠤᠨ  ᠤ  ᠪᠡᠨ ᠮᠤᠩᠭᠤᠯ ᠴᠡᠷᠢᠭ  ᠢ ᠳᠠᠭᠠᠭᠤᠯᠤᠨ ᠳᠠᠯᠠᠢ ᠳᠠᠭᠠᠤ ᠤᠷᠤᠨ  ᠢ ᠰᠡᠷᠭᠡᠶᠢᠯᠡᠨ ᠬᠠᠮᠠᠭᠠᠯᠠᠵᠤ ᠦᠩᠭᠡᠷᠡᠪᠡ ᠃1847 ᠤᠨ  ᠳᠤ ᠂ ᠲᠡᠷᠡ  ᠨᠢᠭᠡᠨ ᠣᠳᠠᠭᠠᠨ  ᠤ ᠴᠡᠷᠢᠭ  ᠤᠨ ᠠᠯᠪᠠ  ᠪᠡᠨ ᠬᠠᠭᠠᠵᠤ ᠢᠷᠡᠭᠡᠳ ᠵᠤᠯ ᠪᠤᠰᠣ  ᠪᠡᠷ  ᠨᠠᠰᠣ ᠨᠦᠭᠴᠢᠵᠦ ᠂ ᠡᠬᠢᠯᠡᠨ ᠪᠢᠴᠢᠭᠰᠡᠨ《 ᠬᠦᠬᠡ ᠰᠣᠳᠣᠷ 》 ᠢ ᠨᠠᠶ᠋ᠮᠠᠨ ᠪᠦᠯᠦᠭ ᠲᠡᠢ  ᠪᠡᠷ ᠳᠣᠳᠠᠭᠤ ᠤᠷᠬᠢᠪᠠ ᠃ ᠢᠨᠵᠠᠨᠨᠠᠰᠢ  ᠶᠢᠨ ᠠᠬ᠎ᠠ ᠬᠦᠯᠠᠷᠠᠨᠰᠠ ᠂ ᠬᠦᠩᠨᠠᠴᠤᠭᠡ ᠂ ᠰᠦᠩᠸᠠᠶᠢᠳᠠᠨᠵᠤᠩ  ᠨᠠᠷ ᠪᠤᠯ ᠮᠤᠩᠭᠤᠯ ᠬᠢᠳᠠᠳ ᠦᠯᠢᠭᠡᠷ ᠲᠡᠤᠭᠡ  ᠳᠤ  ᠨᠡᠪᠲᠡᠷᠡᠭᠰᠡᠨ ᠮᠦ᠋ᠷᠲᠡᠭᠡᠨ ᠤᠳᠬ᠎ᠠ ᠤᠷᠠᠯᠢᠭ  ᠲᠤ ᠠᠪᠢᠶᠠᠰ ᠪᠢᠯᠢᠭ  ᠲᠡᠢ ᠰᠢᠯᠥᠭᠴᠢ ᠪᠠᠶᠢᠪᠠ ᠃

ᠢᠨᠵᠠᠨᠨᠠᠰᠢ ᠤᠷᠠᠨ ᠪᠦᠲᠦᠭᠡᠯ ᠢᠶᠡᠨ ᠢᠷᠠᠭᠤ ᠨᠠᠶᠢᠷᠠᠭ ᠢᠶᠠᠷ ᠡᠬᠢᠯᠡᠭᠰᠡᠨ ᠶᠤᠮ᠃ ᠲᠡᠷᠡᠪᠡᠷ 《ᠲᠡᠷᠢᠭᠦᠯᠡᠭᠴᠢ ᠴᠡᠴᠡᠭ ᠪᠠ ᠬᠣᠣᠰ ᠪᠣᠯᠵᠣᠮᠣᠷ》᠂   《ᠴᠠᠭᠠᠨ ᠡᠭᠦᠯᠡ》᠂ 《ᠰᠠᠶᠢᠬᠠᠨ ᠬᠤᠷ᠎ᠠ》᠂ 《ᠠᠵᠤ ᠠᠮᠢᠳᠤᠷᠠᠯ》᠂ 《ᠪᠥᠭᠲᠥᠷ ᠨᠣᠶᠠᠨ》᠂ 《ᠭᠠᠰᠢᠭᠤᠳᠠᠯ》ᠵᠡᠷᠭᠡ ᠤᠳᠬ᠎ᠠ ᠤᠶᠠᠩᠭ᠎ᠠ ᠶᠢᠨ ᠣᠯᠠᠨ ᠰᠣᠨᠢᠷᠬᠠᠯᠲᠠᠢ ᠰᠢᠯᠦᠭ ᠵᠣᠬᠢᠶᠠᠵᠤ ᠪᠠᠶᠢᠵᠠᠢ᠃ ᠢᠨᠵᠠᠨᠨᠠᠰᠢ ᠠᠷᠪᠠᠨ ᠳᠣᠯᠣᠭ᠎ᠠ  ᠨᠠᠶ᠋ᠮᠠ  ᠲᠠᠢ  ᠠᠴᠠ  ᠪᠡᠨ ᠰᠢᠯᠦᠭ ᠪᠢᠴᠢᠵᠦ ᠠᠮᠢᠳᠣᠷᠠᠯ  ᠤᠨ ᠳᠣᠮᠳᠠᠬᠢ ᠣᠴᠠᠷᠠᠯ ᠲᠤᠬᠢᠶᠠᠯᠳᠣᠯ ᠪᠡ ᠪᠤᠳᠣᠯ ᠰᠡᠳᠬᠢᠭᠳᠡᠯ  ᠢᠶᠡᠨ ᠦᠨᠡᠨ ᠪᠤᠳᠠᠲᠠᠢ  ᠪᠡᠷ ᠢᠯᠡᠳᠭᠡᠵᠦ ᠪᠠᠶᠢᠭᠰᠠᠨ  ᠶᠤᠮ ᠃ ᠬᠤᠷᠢ ᠬᠦᠷᠦᠭᠰᠡᠨ  ᠤ ᠰᠡᠭᠦᠯᠡᠷ ᠂ ᠦᠪᠡᠷ  ᠤᠨ ᠦᠩᠭᠡᠷᠡᠯᠲᠡ  ᠪᠡᠷ ᠰᠡᠳᠦᠪᠯᠡᠭᠰᠡᠨ《ᠤᠯᠠᠭᠠᠨ ᠡᠭᠦᠯᠡᠨ  ᠤ  ᠨᠢᠯᠪᠤᠰᠤᠨ》ᠭᠡᠭᠦ ᠤᠤᠭᠠᠨ ᠷᠤᠮᠠᠨ  ᠢᠶᠡᠨ ᠪᠢᠴᠢᠭᠰᠡᠨ  ᠠᠴᠠ ᠭᠠᠳᠠᠨ᠎ᠠ ᠪᠠᠰᠠ《ᠰᠠᠷᠠᠨ ᠬᠦ᠋ᠢᠬᠦᠭᠡ  ᠶᠢᠨ ᠱᠠᠰᠳᠢᠷ》ᠭᠡᠭᠦ ᠲᠤᠭᠤᠵᠢ  ᠶᠢ ᠲᠤᠭᠤᠷᠪᠢᠨ ᠪᠢᠴᠢᠪᠡ ᠃ ᠢᠨᠵᠠᠨᠨᠠᠰᠢ ᠬᠤᠷᠢᠭᠠᠳ  ᠨᠠᠰᠣᠨ  ᠠᠴᠠ ᠭᠤᠴᠢᠭᠠᠳ  ᠨᠠᠰᠣᠨ  ᠤ  ᠪᠡᠨ ᠬᠤᠭᠤᠷᠤᠨᠳᠣ ᠣᠯᠠᠨ ᠬᠤᠰᠢᠭᠤ ᠴᠢᠭᠤᠯᠭᠠᠨ  ᠢᠶᠡᠷ ᠲᠤᠭᠤᠷᠢᠨ  ᠶᠠᠪᠤᠵᠤ ᠂ ᠳᠣᠳᠣᠷ ᠭᠠᠵᠠᠷ  ᠤᠨ ᠡᠷᠳᠡᠮᠲᠡᠨ ᠴᠢᠳᠠᠪᠤᠷᠢᠲᠠᠨ  ᠲᠠᠢ ᠤᠴᠠᠷᠠᠵᠦ  ᠶᠠᠷᠢᠯᠴᠠᠭᠰᠠᠨ ᠪᠦᠭᠡᠳ ᠼᠤᠤ ᠰᠢᠦᠸᠠᠢ ᠴᠢᠨ  ᠤ《ᠤᠯᠠᠭᠠᠨ ᠠᠰᠠᠷ  ᠤᠨ ᠵᠡᠭᠦᠳᠦ》 ᠶᠢ ᠠᠮᠲᠠᠷᠬᠠᠨ ᠤᠩᠰᠢᠵᠤ ᠪᠠᠶᠢᠪᠠ ᠃ ᠡᠳᠡᠭᠡᠷ  ᠨᠢ ᠲᠡᠭᠦᠨ  ᠤ ᠵᠤᠬᠢᠶᠠᠨ ᠪᠢᠴᠢᠬᠦ ᠤᠷᠮᠠᠰᠢᠯ  ᠢ ᠬᠦᠭᠵᠢᠭᠡᠨ ᠳᠣᠷᠣᠨ᠎ᠠ ᠳ᠋ᠠᠬᠢᠨ ᠤ ᠪᠢᠴᠢᠭ ᠦᠨ ᠦᠯᠢᠭᠡᠷ ᠦᠨ ᠬᠡᠪ ᠮᠠᠶ᠋ᠢᠭ ᠢ ᠪᠦᠲᠦᠭᠡᠯᠴᠢ ᠪᠡᠷ ᠠᠰᠢᠭᠯᠠᠵᠤ《ᠨᠢᠭᠡᠨ ᠳᠠᠪᠬᠤᠷ ᠠᠰᠠᠷ》᠂《ᠤᠯᠠᠭᠠᠨ᠎ᠠ ᠤᠬᠢᠯᠠᠬᠤ ᠲᠠᠩᠬᠢᠮ》ᠬᠡᠭᠦ ᠷᠤᠮᠠᠨ  ᠢ ᠪᠢᠴᠢᠵᠠᠢ ᠃

ᠢᠨᠵᠠᠨᠠᠰᠢ ᠶᠢᠨ ᠴᠠᠭᠠᠨ ᠡᠬᠦᠯᠡ ᠬᠡᠮᠡᠬᠦ ᠰᠢᠯᠦᠭ

ᠢᠨᠵᠠᠨᠨᠠᠰᠢ ᠭᠤᠴᠢᠭᠠᠳ  ᠨᠠᠰᠣ  ᠠᠴᠠ  ᠪᠡᠨ ᠬᠤᠶᠢᠰᠢ ᠭᠡᠷ  ᠤᠨ ᠠᠮᠢᠳᠣᠷᠠᠯ  ᠤᠨ ᠳᠣᠷᠣᠶᠢᠳᠠᠯ ᠂ ᠬᠤᠪᠢ ᠬᠦᠮᠦᠨ  ᠤ ᠵᠤᠯ ᠪᠤᠰᠣ ᠤᠴᠠᠷᠠᠯ ᠂  ᠨᠡᠶᠢᠭᠡᠮ  ᠤᠨ ᠦᠢᠮᠡᠭᠡᠨ ᠳᠡᠪᠵᠢᠶᠡᠨ ᠵᠡᠷᠭᠡ  ᠶᠢ ᠵᠠᠯᠭ᠎ᠠ ᠵᠠᠯᠭ᠎ᠠ  ᠪᠡᠷ ᠠᠮᠰᠠᠵᠠᠢ ᠃ ᠲᠡᠷᠡ ᠡᠳᠡᠭᠡᠷ  ᠤᠨ ᠡᠮᠦᠨ᠎ᠡ ᠰᠦ᠋ᠰᠦ ᠰᠢᠨᠳᠠᠷᠠᠵᠦ ᠵᠤᠷᠢᠭ ᠮᠤᠬᠤᠷᠠᠭᠰᠠᠨ ᠦᠭᠡᠢ  ᠪᠡᠷ ᠡᠴᠢᠭᠡ  ᠶᠢᠨ ᠳᠣᠲᠠᠭᠤ ᠤᠷᠬᠢᠭᠰᠠᠨ《 ᠬᠦᠭᠡ ᠰᠣᠳᠣᠷ 》 ᠢ ᠵᠠᠯᠭᠠᠵᠤ ᠪᠢᠴᠢᠬᠦ  ᠪᠡᠷ ᠰᠡᠳᠭᠢᠯ ᠰᠢᠭᠤᠳᠴᠤ ᠡᠬᠢᠯᠡᠵᠤ ᠪᠢᠴᠢᠭᠰᠡᠨ  ᠶᠤᠮ ᠃

ᠢᠨᠵᠠᠨᠨᠠᠰᠢ ᠳᠠᠪᠢᠨ  ᠨᠠᠰᠣᠨ  ᠠᠴᠠ  ᠪᠡᠨ ᠬᠤᠶᠢᠰᠢ ᠂ ᠬᠢᠷᠠᠬᠠᠢ  ᠨᠢᠳᠣ  ᠪᠡᠷ ᠠᠮᠢᠳᠣᠷᠠᠯ  ᠢ ᠠᠵᠢᠵᠦ ᠂  ᠨᠡᠶᠢᠭᠡᠮ  ᠤᠨ ᠭᠡᠮ ᠠᠷᠬᠠᠭ  ᠢ ᠰᠢᠭᠦᠮᠵᠢᠯᠡᠨ ᠦᠭᠦᠯᠡᠵᠦ ᠂《ᠴᠢᠯᠠᠭᠤᠨ ᠳᠡᠷ᠎ᠡ  ᠶᠢᠨ ᠰᠢᠭᠦᠮᠵᠢᠯᠡᠯ》᠂《ᠨᠤᠮᠴᠢ  ᠶᠢᠨ ᠬᠠᠭᠤᠷᠮᠠᠭ》᠂《ᠦᠵᠡᠯ ᠰᠠᠨᠠᠭ᠎ᠠ  ᠶᠢ  ᠨᠢ ᠡᠰᠡ ᠮᠡᠳᠡᠪᠡ 》᠂《 ᠡᠷᠳᠡᠮᠲᠡᠨ  ᠢ ᠵᠠᠨᠤᠵᠤ ᠴᠢᠳᠠᠯᠲᠠᠨ  ᠢ ᠬᠤᠷᠤᠰᠣᠭᠴᠢᠳ 》᠂《ᠢᠲᠡᠭᠡᠵᠦ ᠪᠤᠯᠬᠤ ᠦᠭᠡᠢ》 ᠂ 《ᠨᠤᠮ ᠪᠠ ᠪᠢᠴᠢᠭ》 ᠂ 《ᠤᠭ ᠢᠵᠠᠭᠤᠷ  ᠢᠶᠡᠨ ᠮᠠᠷᠲᠠᠵᠤ ᠪᠤᠯᠬᠤ ᠦᠭᠡᠢ 》ᠭᠡᠭᠦ ᠵᠡᠷᠭᠡ ᠬᠤᠴᠢ ᠵᠤᠬᠢᠶᠠᠯ  ᠢ ᠪᠢᠴᠢᠪᠡ ᠃ ᠲᠡᠷᠡ ᠪᠠᠰᠠ《ᠭᠡᠪ ᠳᠣᠮᠳᠠ》 ᠶᠢ ᠪᠦᠷᠢᠨ ᠤᠷᠴᠢᠭᠤᠯᠤᠭᠰᠠᠨ ᠪᠦᠭᠡᠳ《ᠤᠯᠠᠭᠠᠨ ᠠᠰᠠᠷ  ᠤᠨ ᠵᠡᠭᠦᠳᠦᠨ》 ᠠᠴᠠ ᠭᠤᠷᠪᠠᠨ ᠭᠠᠶᠢᠬᠠᠮᠰᠢᠭ  ᠤᠨ ᠦᠯᠢᠭᠡᠷ  ᠢ ᠰᠣᠩᠭᠤᠨ ᠤᠷᠴᠢᠭᠤᠯᠤᠭᠰᠠᠨ  ᠶᠤᠮ ᠃

ᠲᠡᠷᠡ ᠨᠠᠰᠣ ᠪᠠᠷᠠᠲᠠᠯ᠎ᠠ  ᠪᠡᠨ《ᠬᠦᠬᠡ ᠰᠣᠳᠣᠷ》 ᠢ ᠲᠤᠭᠤᠷᠪᠢᠨ ᠪᠢᠴᠢᠵᠠᠢ ᠃ ᠢᠨᠵᠠᠨᠨᠠᠰᠢ1892 ᠤᠨ  ᠤ ᠪᠢᠯᠢᠭ  ᠤᠨ ᠤᠯᠠᠷᠢᠯ  ᠤᠨ ᠴᠠᠭᠠᠨ ᠰᠠᠷ᠎ᠠ  ᠶᠢᠨ27  ᠤ ᠡᠳᠦᠷ ᠵᠤᠯ ᠪᠤᠰᠣ  ᠪᠡᠷ  ᠶᠢᠷᠲᠢᠨᠴᠤ  ᠠᠴᠠ ᠠᠩᠬᠢᠵᠢᠷᠠᠪᠠ ᠃ ᠢᠨᠵᠠᠨᠨᠠᠰᠢ ᠪᠤᠯ ᠮᠤᠩᠭᠤᠯ ᠦᠨᠳᠦᠰᠦᠲᠡᠨ  ᠤ ᠠᠯᠳᠠᠷᠲᠤ ᠵᠤᠬᠢᠶᠠᠯᠴᠢ ᠂ ᠰᠢᠯᠦᠭᠴᠢ ᠮᠦ᠋ᠨ ᠃ ᠲᠡᠷᠡ  ᠨᠢᠭᠡ  ᠨᠠᠰᠣᠨ  ᠤ ᠲᠤᠷᠰᠢ  ᠶᠢᠨ ᠵᠣᠬᠢᠶᠠᠨ ᠪᠦ᠋ᠲᠦᠭᠡᠬᠦ ᠦᠢᠯᠡᠳᠦᠯᠭᠡ ᠳᠣᠮᠳᠠ  ᠪᠡᠨ ᠮᠤᠩᠭᠤᠯ ᠦᠨᠳᠦᠰᠦᠲᠡᠨ  ᠤ ᠤᠷᠠᠨ ᠵᠤᠬᠢᠶᠠᠯ  ᠤᠨ ᠰᠢᠯᠢᠳᠡᠭ ᠦᠪ ᠤᠯᠠᠮᠵᠢᠯᠠᠯ  ᠢ ᠤᠯᠠᠮᠵᠢᠯᠠᠨ ᠵᠠᠯᠭᠠᠮᠵᠢᠯᠠᠵᠤ ᠭᠦ᠋ᠢᠭᠵᠢᠭᠦᠯᠬᠦ  ᠶᠢᠨ ᠬᠠᠮᠲᠤ ᠂ ᠵᠤᠷᠢᠭᠲᠠᠢ  ᠪᠡᠷ ᠤᠷᠠᠯᠢᠭ  ᠤᠨ ᠬᠠᠶᠢᠯᠲᠠ ᠬᠢᠵᠦ ᠰᠢᠨ᠎ᠡ  ᠶᠢ ᠪᠦ᠋ᠢᠲᠦᠭᠡᠨ ᠂ ᠮᠤᠩᠭᠤᠯ ᠤᠷᠠᠨ ᠵᠤᠬᠢᠶᠠᠯ  ᠤᠨ ᠰᠡᠳᠦᠪᠯᠡᠭᠦᠨ ᠂ ᠲᠢᠭ ᠮᠠᠶᠢᠭ ᠂ ᠢᠯᠡᠳᠭᠡᠬᠦ ᠠᠷᠭ᠎ᠠ ᠪᠠᠷᠢᠯ ᠂ ᠬᠡᠪ  ᠨᠠᠮᠪᠠ  ᠶᠢ  ᠶᠡᠬᠡᠪᠡᠷ ᠪᠠᠶᠠᠯᠢᠭᠵᠢᠭᠤᠯᠤᠨ ᠬᠦᠭᠵᠢᠭᠦᠯᠦᠭᠰᠡᠨ  ᠶᠤᠮ ᠃

ᠢᠨᠵᠠᠨᠨᠠᠰᠢ  ᠶᠢᠨ ᠵᠣᠬᠢᠶᠠᠯ ᠪᠦᠲᠦᠭᠡᠯ ᠡᠴᠡ ᠬᠠᠮᠤᠭ ᠤᠨ ᠠᠯᠳᠠᠷᠲᠠᠢ ᠨᠢ ᠬᠥᠬᠡ ᠰᠤᠳᠤᠷ ᠭᠡᠳᠡᠭ ᠲᠡᠦᠬᠡᠨ ᠷᠣᠮᠠᠨ ᠶᠤᠮ᠃ ᠬᠥᠬᠡ ᠰᠤᠳᠤᠷ ᠪᠤᠯ ᠮᠤᠩᠭᠤᠯ ᠤᠷᠠᠨ ᠵᠤᠬᠢᠶᠠᠯ  ᠤᠨ ᠲᠡᠤᠭᠡ ᠳ᠋ᠠᠬᠢ ᠠᠩᠬᠠᠨ  ᠤ ᠲᠡᠤᠭᠡᠨ ᠷᠤᠮᠠᠨ ᠮᠦ᠋ᠨ ᠃ ᠨᠡᠶᠢᠲᠡ ᠳᠦ ᠪᠡᠨ 200 ᠰᠢᠬᠠᠮ ᠵᠢᠯ ᠦᠨ ᠦᠢᠯᠡ ᠶᠠᠪᠤᠳᠠᠯ ᠢ ᠬᠠᠮᠤᠷᠤᠭᠰᠠᠨ 120 ᠪᠦᠯᠦᠭ ᠲᠡᠢ ᠲᠣᠮᠣ ᠵᠣᠬᠢᠶᠠᠯ ᠭᠡᠬᠦ ᠪᠣᠯᠪᠠᠴᠤ ᠣᠳᠣ ᠪᠠᠷ 69 ᠪᠦᠯᠦᠭ ᠪᠠ12 ᠠᠩᠬᠢ ᠲᠤᠪᠴᠢᠲᠤ ᠲᠤᠯᠲᠤ  ᠨᠢ ᠣᠯᠳᠠᠭᠠᠳ ᠪᠠᠶᠢᠭ᠎ᠠ ᠶᠤᠮ᠃ ᠬᠦ᠋ᠢᠬᠡ ᠰᠤᠳᠤᠷ ᠷᠣᠮᠠᠨ ᠤ ᠡᠬᠢᠨ ᠦ ᠨᠠᠶᠢᠮᠠᠨ ᠪᠦᠯᠦᠭ ᠢ ᠡᠴᠢᠭᠡ ᠸᠠᠩᠴᠢᠨᠪᠠᠯ ᠨᠢ 1830 ᠤᠨ ᠤ ᠦᠶᠡᠰ ᠡᠭᠦᠰᠬᠡᠨ ᠪᠢᠴᠢᠵᠦ ᠡᠬᠢᠯᠡᠭᠡᠳ ᠳᠠᠭᠤᠰᠬᠠᠵᠤ ᠴᠢᠳᠠᠯ ᠦᠭᠡᠢ ᠨᠠᠰᠤ ᠨᠦᠬᠡᠴᠢᠵᠠᠢ᠃ ᠡᠭᠦᠨ ᠢ ᠢᠨᠵᠠᠨᠨᠠᠰᠢ 1871 ᠤᠨ ᠠᠴᠠ ᠦᠷᠭᠦᠯᠵᠢᠯᠡᠭᠦᠯᠵᠦ᠂ 1891 ᠤᠨ ᠢ ᠬᠦᠷᠲᠡᠯ᠎ᠡ ᠬᠣᠷᠢᠨ ᠵᠢᠯ ᠪᠢᠴᠢᠵᠡᠢ᠃ ᠢᠨᠵᠠᠨᠨᠠᠰᠢ ᠤᠭ ᠵᠣᠬᠢᠶᠠᠯ ᠢᠶᠠᠨ ᠲᠡᠦᠬᠡᠨ ᠪᠠᠷᠢᠮᠲᠠ ᠳᠤ ᠶᠠᠭ ᠵᠠᠬᠢᠷᠤᠭᠤᠯᠤᠨ ᠪᠢᠴᠢᠭᠰᠡᠨ ᠦᠭᠡᠢ ᠡᠯᠳᠡᠪ ᠰᠣᠨᠢᠷᠬᠠᠯᠲᠠᠢ ᠳᠦᠷᠢ ᠳᠦᠷᠰᠦᠯᠡᠯ ᠢ ᠥᠷᠭᠡᠨ ᠢᠶᠡᠷ ᠠᠰᠢᠭᠯᠠᠨ ᠪᠢᠴᠢᠭᠰᠡᠨ ᠥᠪᠡᠷᠮᠢᠴᠡ ᠷᠣᠮᠠᠨ ᠪᠣᠯᠤᠭᠰᠠᠨ ᠪᠠᠶᠢᠳᠠᠭ᠃

==ᠡᠬᠢ ᠰᠣᠷᠪᠤᠯᠵᠢ==   ᠨ ᠂ ᠰᠠᠶᠢᠰᠢᠶᠠᠯᠲᠤ ᠡᠷᠬᠢᠯᠡᠨ  ᠨᠠᠶᠢᠷᠠᠭᠤᠯᠤᠭᠰᠠᠨ 《 ᠮᠤᠩᠭᠤᠯ ᠤᠷᠠᠨ ᠵᠤᠬᠢᠶᠠᠯ  ᠤᠨ ᠲᠡᠤᠭᠡ 》᠂ ᠯᠢᠶᠤᠤᠨᠢᠩ  ᠤᠨ ᠦᠨᠳᠦᠰᠦᠲᠡᠨ  ᠤ ᠬᠡᠪᠯᠡᠯ  ᠤᠨ ᠬᠤᠷᠢᠶ᠎ᠠ ᠂1995 ᠤᠨ ᠃

ᠲᠣᠰ ᠦᠬᠦᠯᠡᠯ ᠦᠨ ᠨᠡᠮᠡᠷᠢᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠠᠯᠢᠭ ᠂ ᠪᠠᠶᠠᠨᠵᠢᠷᠭᠠᠯ


ᠪᠢᠴᠢᠭᠡᠰᠦ