ᠢᠨᠳᠥᠶᠢᠨᠧᠽᠢ ᠶᠢᠨ ᠠᠷᠠᠳ ᠲᠦᠮᠡᠨ
ᠢᠨᠳᠦ᠋ᠨᠢᠱᠢᠶ ᠠᠡᠶᠢᠨ 242 ᠰᠠᠶ᠎ᠠ ᠬᠦᠮᠦᠨ ᠨᠢᠭᠡᠨ ᠲᠥᠷᠥᠯ ᠦᠨ ᠬᠢ ᠪᠢᠰᠢ᠂ ᠬᠠᠷᠢᠨ 300 ᠭᠠᠷᠤᠢ ᠲᠥᠷᠥᠯ ᠦᠨ ᠠᠷᠠᠳ ᠲᠦᠮᠡᠨ ᠶᠤᠮ᠃[1] ᠪᠦᠬᠦ ᠬᠦᠮᠦᠨ ᠠᠮᠠ ᠶᠢ 95% ᠍ ᠶᠢ ᠤᠭ ᠠᠴᠠ ᠪᠠᠨ ᠢᠨᠳᠥᠶᠢᠨᠧᠽᠢ ᠶᠢᠨ ᠬᠢ ᠭᠡᠭᠳᠡᠬᠦ ᠠᠷᠠᠳ ᠲᠦᠮᠡᠨ᠂ 5% ᠍ ᠶᠢ ᠨᠢ ᠬᠢᠲᠠᠳ᠂ ᠠᠷᠠᠪ ᠭᠡᠬᠦ ᠮᠡᠲᠦ ᠴᠠᠭᠠᠴᠢ᠂ ᠭᠠᠳᠠᠭᠠᠳᠤ ᠶᠢᠨ ᠭᠡᠵᠦ ᠬᠡᠯᠡᠭᠳᠡᠳᠡᠭ ᠠᠷᠠᠳ ᠲᠦᠮᠡᠨ ᠡᠵᠡᠯᠡᠨ᠎ᠡ᠃[2]
ᠬᠦᠮᠦᠨ ᠠᠮᠠ ᠶᠢᠨ ᠣᠯᠠᠨ ᠢᠶᠠᠷ ᠲᠡᠷᠢᠭᠦᠯᠡᠬᠦ ᠢᠨᠳᠥᠶᠢᠨᠧᠽᠢ ᠶᠢᠨ ᠬᠦᠮᠦᠨ ᠠᠮᠠ ᠶᠢᠨ 41% ᠍ ᠲᠠᠢ ᠲᠡᠩᠴᠡᠬᠦ 86 ᠰᠠᠶ᠎ᠠ ᠬᠦᠮᠦᠨ ᠳᠦ ᠵᠢᠪᠠ ᠦᠨᠳᠦᠰᠦᠲᠡᠨ ᠭᠡᠵᠦ ᠪᠠᠶᠢᠳᠠᠭ᠃[3] ᠲᠡᠭᠦᠨ ᠦ ᠠᠷᠤ ᠠᠴᠠ ᠰᠤᠩᠳᠠ᠂ ᠮᠠᠯᠠᠢ᠂ ᠮᠠ ᠳᠤᠷ᠎ᠠ᠂ ᠪᠠᠲ᠋ᠠᠺ ᠭᠡᠬᠦ ᠮᠡᠲᠦ ᠬᠡᠳᠦᠨ ᠰᠠᠶ᠎ᠠ ᠬᠦᠮᠦᠨ ᠲᠡᠢ ᠨᠢ ᠴᠤ ᠪᠠᠶᠢᠳᠠᠭ ᠪᠣᠯ ᠺᠠᠯᠢᠮᠠᠨᠲ᠋ᠠᠨ ᠠᠷᠠᠯ᠂ ᠫᠠᠫᠦᠠ ᠨᠤᠲᠤᠭ ᠲᠤ ᠬᠡᠳᠦᠬᠡᠨ ᠵᠠᠭᠤᠨ ᠬᠦᠮᠦᠨ ᠲᠡᠢ ᠣᠪᠤᠭ ᠣᠲᠣᠭ ᠴᠤ ᠪᠤᠢ᠃[3] ᠠᠭᠤᠭᠤᠯ ᠢᠨᠳᠦ᠋ᠨᠢᠱᠢᠶ ᠠ ᠤᠨ ᠬᠢᠨ ᠤ ᠬᠡᠯᠡ ᠶᠠᠷᠢᠶ᠎ᠠ ᠦᠨᠳᠦᠰᠦᠨ ᠳᠦ ᠪᠡᠨ ᠠᠦᠢᠰᠲᠷᠣᠨᠧᠽ ᠬᠡᠯᠡᠨ ᠦ ᠢᠵᠠᠭᠤᠷᠲᠤ ᠬᠠᠮᠢᠶᠠᠷᠳᠠᠭ᠃ ᠬᠠᠷᠢᠨ ᠫᠠᠫᠦ ᠲᠤ ᠳᠡᠭᠡᠷᠡᠬᠢ ᠡᠴᠡ ᠢᠯᠭᠠᠭ᠎ᠠ ᠲᠠᠢ ᠪᠤᠶᠤ ᠫᠠᠫᠦᠠ ᠲᠥᠷᠥᠯ ᠦᠨ ᠬᠢ ᠪᠡᠷ ᠶᠠᠷᠢᠯᠴᠠᠳᠠᠭ ᠠᠷᠠᠳ ᠲᠦᠮᠡᠨ ᠣᠯᠠᠨ᠃ ᠨᠢᠭᠡ ᠶᠠᠰᠤᠲᠠᠨ ᠢ ᠨᠥᠭᠥᠭᠡᠬᠢ ᠡᠴᠡ ᠨᠢ ᠰᠢᠭᠤᠳ ᠢᠯᠭᠠᠬᠤ ᠪᠠᠰᠠ ᠬᠡᠴᠡᠭᠦᠦ᠃ ᠥᠪᠡᠷ ᠬᠣᠭᠣᠷᠣᠨᠳᠣ ᠪᠠᠨ ᠬᠤᠳᠬᠤᠯᠳᠤᠨ ᠨᠠᠶᠢᠷᠠᠯᠳᠤᠭᠰᠠᠨ ᠰᠤᠶᠤᠯ ᠲᠡᠦᠬᠡ ᠡᠴᠡ ᠰᠢᠯᠲᠠᠭᠠᠯᠠᠭᠠᠳ ᠪᠠᠩᠲ᠋ᠧᠨ ᠶᠠᠰᠤᠲᠠᠨ᠂ ᠴᠢᠷᠧᠪᠣᠨ ᠶᠠᠰᠤᠲᠠᠨ ᠢ ᠵᠢᠪᠠ ᠦᠨᠳᠦᠰᠦᠲᠡᠨ ᠭᠡᠬᠦ᠂ ᠪᠠᠳᠤᠢ ᠶᠠᠰᠤᠲᠠᠨ ᠢ ᠰᠤᠩᠳᠠ ᠦᠨᠳᠦᠰᠦᠲᠡᠨ ᠲᠡᠢ ᠠᠳᠠᠯᠢ ᠭᠡᠬᠦ ᠮᠡᠲᠦ ᠦᠵᠡᠯ ᠣᠶᠢᠯᠠᠭᠠᠯᠲᠠ ᠪᠠᠶᠢᠳᠠᠭ᠃ ᠣᠯᠠᠨ ᠶᠠᠰᠤ ᠦᠨᠳᠦᠰᠦᠲᠡᠨ ᠦ ᠬᠣᠯᠢᠮᠠᠭ ᠪᠣᠯᠴᠣᠷᠠᠭᠰᠠᠨ ᠪᠧᠲ᠋ᠠᠪᠢ ᠶᠠᠰᠤᠲᠠᠨ ᠴᠤ ᠭᠡᠵᠦ ᠪᠤᠢ᠃ ᠠᠷᠠᠳ ᠲᠦᠮᠡᠨ ᠨᠢ ᠵᠢᠪᠠ᠂ ᠰᠤᠮᠤᠲᠷᠠ ᠭᠡᠬᠦ ᠮᠡᠲᠦ ᠥᠷᠥᠨᠡᠲᠦ ᠠᠷᠠᠯ ᠤᠳ ᠲᠤ ᠬᠠᠷᠢᠴᠠᠩᠭᠤᠢ ᠨᠢᠭᠡᠳᠴᠦ ᠲᠣᠮᠣᠷᠠᠭᠰᠠᠨ ᠨᠢ ᠦᠨᠡᠨ ᠪᠣᠯ ᠰᠤᠯᠠᠸᠧᠰᠢ᠂ ᠰᠢᠨ᠎ᠡ ᠭᠸᠨᠢᠶ ᠠ ᠭᠡᠬᠦ ᠮᠡᠲᠦ ᠳᠣᠷᠣᠨ᠎ᠠ ᠵᠦᠭ ᠦᠨ ᠠᠷᠠᠯ ᠤᠳ ᠲᠤ ᠦᠢᠷᠡᠮᠡᠭ ᠲᠠᠷᠬᠠᠢ ᠪᠤᠲᠠᠷᠬᠠᠢ ᠴᠥᠭᠡᠨ ᠲᠣᠭᠠᠨ ᠤ ᠪᠠᠶᠢᠳᠠᠭ ᠨᠢ ᠪᠠᠰᠠ ᠦᠨᠡᠨ᠃
ᠢᠨᠳᠥᠶᠢᠨᠧᠽᠢ ᠳᠦ ᠭᠠᠳᠠᠭᠠᠳᠤ ᠠᠴᠠ ᠢᠷᠡᠭᠰᠡᠨ ᠨᠢ ᠲᠣᠳᠣᠷᠬᠠᠢ ᠬᠢᠲᠠᠳ᠂ ᠠᠷᠠᠪ᠂ ᠢᠨᠳᠣ (ᠢᠨᠳᠥᠶᠢᠨᠧᠽᠢ ᠶᠢᠨ ᠠᠭᠤᠭᠤᠯ ᠧᠦ᠋ᠷᠣᠫᠠ ᠶᠢᠨ ᠡᠷᠯᠢᠵᠡ ᠬᠤᠷᠯᠢᠵᠠ ᠡᠪᠦᠭᠡ ᠳᠡᠭᠡᠳᠦᠰ ᠲᠡᠢ), ᠶᠠᠫᠣᠨ ᠭᠡᠬᠦ ᠮᠡᠲᠦ ᠠᠷᠠᠳ ᠲᠦᠮᠡᠨ ᠪᠠᠶᠢᠨ᠎ᠠ᠃ ᠬᠢᠲᠠᠳ ᠤᠳ XV ᠵᠠᠭᠤᠨ ᠠᠴᠠ ᠡᠬᠢᠯᠡᠨ ᠢᠷᠡᠭᠰᠡᠨ᠂ XVIII-19 ᠵᠠᠭᠤᠨ ᠳᠤ ᠪᠦᠷ ᠶᠡᠬᠡ ᠪᠡᠷ ᠨᠡᠭᠦᠳᠡᠯᠯᠡᠨ ᠢᠷᠡᠭᠰᠡᠨ ᠪᠠᠶᠢᠳᠠᠭ᠃ ᠶᠡᠬᠡᠪᠴᠢᠯᠡᠨ ᠬᠣᠲᠠ ᠭᠠᠵᠠᠷ ᠠᠮᠢᠳᠤᠷᠠᠳᠠᠭ᠃ ᠣᠳᠣ ᠢᠨᠳᠥᠶᠢᠨᠧᠽᠢ ᠶᠢᠨ ᠬᠦᠮᠦᠨ ᠠᠮᠠ ᠶᠢᠨ 3.7% (7.7 ᠰᠠᠶ᠎ᠠ) ᠍ ᠶᠢ ᠡᠵᠡᠯᠡᠳᠡᠭ᠃ ᠠᠷᠠᠪ ᠬᠦᠮᠦᠰ ᠪᠠᠰᠠ ᠣᠯᠠᠨ ᠲᠣᠭ᠎ᠠ ᠲᠠᠢ ᠪᠠᠶᠢᠨ᠎ᠠ᠃ ᠪᠠᠰᠠ ᠯᠠ ᠶᠡᠬᠡᠪᠴᠢᠯᠡᠨ ᠬᠣᠲᠠ ᠭᠠᠵᠠᠷ ᠠᠮᠢᠳᠤᠷᠠᠳᠠᠭ᠃ ᠤᠷᠢᠳᠤ ᠶᠢᠨ ᠲᠡᠦᠬᠡᠨ ᠳᠦ ᠠᠷᠠᠪ ᠬᠤᠳᠠᠯᠳᠤᠭᠠᠴᠢᠳ ᠢᠨᠳᠥᠶᠢᠨᠧᠽᠢ ᠳᠦ ᠢᠰᠯᠠᠮ ᠱᠠᠰᠢᠨ ᠢ ᠲᠦᠭᠡᠭᠡᠵᠦ ᠳᠡᠯᠭᠡᠷᠡᠭᠦᠯᠵᠦ ᠪᠠᠶᠢᠯ᠎ᠠ᠃
2000 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩᠭᠡ ᠪᠡᠷ ᠳᠣᠣᠷᠠᠬᠢ ᠠᠷᠠᠳ ᠲᠦᠮᠡᠨ ᠬᠦᠮᠦᠨ ᠠᠮᠠ ᠶᠢᠨ ᠣᠯᠠᠩᠬᠢ ᠶᠢ ᠪᠦᠷᠢᠳᠦᠭᠦᠯᠵᠦ ᠪᠠᠶᠢᠨ᠎ᠠ᠃
ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]
- ↑ Kuoni - Far East, A world of difference. Page 88. Published 1999 by Kuoni Travel & JPM Publications
- ↑ Pribumi. Encyclopedia of Modern Asia. Macmillan Reference USA. 2006-10-05 ᠍ ᠳᠦ ᠬᠠᠨᠳᠤᠭᠰᠠᠨ᠃
- ↑ 3.0 3.1 (2003) Indonesia's Population: Ethnicity and Religion in a Changing Political Landscape. Institute of Southeast Asian Studies.