Network layer

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠢᠨᠲ᠋ᠧᠷᠨᠡᠲ ᠲᠦᠪᠰᠢᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

Network layer ᠪᠤᠶᠤ ᠰᠦᠯᠵᠢᠶᠡᠨ ᠦ ᠲᠦᠪᠰᠢᠨ ᠨᠢ ᠺᠣᠮᠫᠢᠶᠦ᠋ᠲ᠋ᠧᠷ ᠦᠨ ᠰᠦᠯᠵᠢᠶ᠎ᠡᠨᠢᠭᠢ OSI ᠵᠠᠭᠪᠤᠷ ᠲᠤ ᠲᠣᠳᠣᠷᠬᠠᠶᠢᠯᠠᠭᠳᠠᠳᠠᠭ ᠰᠦᠯᠵᠢᠶᠡᠨ ᠦ ᠦᠢᠯᠡ ᠠᠵᠢᠯᠯᠠᠭᠠᠨ ᠤ ᠬᠡᠶᠢᠰᠪᠦᠷᠢᠯᠡᠯᠲᠡ ᠶᠢᠨ ᠲᠦᠪᠰᠢᠨ᠃ ᠲᠤᠰ ᠲᠦᠪᠰᠢᠢ ᠫᠷᠣᠲ᠋ᠣᠺᠣᠯ ᠤᠳ ᠨᠢ ᠫᠠᠺᠸᠲ ᠢ ᠬᠣᠣᠰ ᠲᠤ ᠬᠣᠭᠣᠷᠣᠨᠳᠣ ᠳᠠᠮᠵᠢᠭᠤᠯᠬᠤ᠂ ᠷᠦᠦᠲᠦᠷ ᠬᠣᠭᠣᠷᠣᠨᠳᠣ ᠫᠠᠺᠧᠲ ᠢ ᠵᠠᠮᠴᠢᠯᠠᠬᠤ ᠡᠭᠦᠷᠭᠡ ᠲᠡᠢ᠃

ᠥᠨᠥ ᠶᠢᠨ ᠢᠨᠲ᠋ᠧᠷᠨᠡᠲ ᠪᠣᠯᠤᠨ ᠪᠤᠰᠤᠳ ᠺᠣᠮᠫᠢᠶᠦ᠋ᠲ᠋ᠧᠷ ᠦᠨ ᠰᠦᠯᠵᠢᠶ᠎ᠡ ᠨᠦᠭᠦᠳ ᠨᠢ TCP/IP ᠫᠷᠣᠲ᠋ᠣᠺᠣᠯ ᠤᠨ ᠪᠠᠭᠴᠠ ᠍ ᠢ ᠬᠡᠷᠡᠭᠯᠡᠳᠡᠭ[1] ᠪᠥᠭᠡᠳ ᠡᠭᠦᠨ ᠦ Internet layer ᠪᠤᠶᠤ ᠢᠨᠲ᠋ᠧᠷᠨᠡᠲ ᠲᠦᠪᠰᠢᠨ ᠨᠢ OSI ᠍ ᠦᠨ ᠰᠦᠯᠵᠢᠶᠡᠨ ᠦ ᠲᠦᠪᠰᠢᠨ ᠲᠡᠢ ᠶᠡᠷᠦᠩᠬᠡᠢ ᠳᠤ ᠪᠡᠨ ᠳᠦᠢᠴᠡᠨ᠎ᠡ᠃ ᠡᠳᠡᠭᠡᠷ ᠨᠢ ᠭᠡᠬᠦ ᠳᠦ ᠪᠡᠨ ᠬᠣᠭᠣᠷᠣᠨᠳᠣ ᠪᠠᠨ ᠢᠯᠭᠠᠭ᠎ᠠ ᠲᠠᠢ ᠪᠥᠭᠡᠳ OSI ᠍ ᠦᠨ ᠰᠦᠯᠵᠢᠶᠡᠨ ᠦ ᠲᠦᠪᠰᠢᠨ ᠨᠢ ᠰᠦᠯᠵᠢᠶ᠎ᠡ ᠪᠡᠷ ᠮᠡᠳᠡᠭᠡᠯᠡᠯ ᠳᠠᠮᠵᠢᠭᠤᠯᠬᠤ ᠴᠢᠳᠠᠪᠤᠷᠢ ᠲᠠᠢ ᠪᠦᠬᠦ ᠫᠷᠣᠲ᠋ᠣᠺᠣᠯ ᠢ ᠥᠪᠡᠷᠲᠡᠭᠡᠨ ᠠᠭᠤᠯᠬᠤ ᠪᠣᠯ TCP/IP ᠨᠢ ᠵᠥᠪᠬᠡᠨ ᠢᠨᠲ᠋ᠧᠷᠨᠡᠲ ᠫᠷᠣᠲ᠋ᠣᠺᠣᠯ ᠠᠰᠢᠭᠯᠠᠨ ᠰᠦᠯᠵᠢᠶ᠎ᠡ ᠬᠣᠭᠣᠷᠣᠨᠳᠣ ᠶᠢᠨ ᠳᠠᠮᠵᠢᠭᠤᠯᠤᠯ ᠢ ᠳᠡᠮᠵᠢᠨ᠎ᠡ ᠭᠡᠰᠡᠨ ᠪᠠᠶᠢᠳᠠᠭ᠃ ᠲᠡᠭᠦᠨᠴᠢᠯᠡᠨ TCP/IP ᠍ ᠳᠦ ᠲᠤᠰ ᠲᠤᠰ ᠤᠨ ᠲᠦᠪᠰᠢᠨᠡᠭ ᠦᠳ ᠲᠦ ᠬᠤᠪᠢᠶᠠᠬᠤ ᠶᠢ ᠱᠠᠭᠠᠷᠳᠠᠯᠭ᠎ᠠ ᠪᠣᠯᠭᠠᠭ᠎ᠠ ᠦᠭᠡᠢ ᠪᠠᠶᠢᠳᠠᠭ ᠲᠤᠯᠠ ᠢᠨᠲ᠋ᠧᠷᠨᠡᠲ ᠰᠦᠯᠵᠢᠶᠡᠨ ᠦ ᠰᠲ᠋ᠠᠨᠳᠠᠷᠲ ᠢ ᠬᠥᠭᠵᠢᠭᠦᠯᠵᠦ ᠳᠡᠯᠭᠡᠷᠡᠭᠦᠯᠳᠡᠭ Internet Engineering Task Force (IETF) ᠪᠠᠶᠢᠭᠤᠯᠤᠯᠭ᠎ᠠ ᠨᠢ ᠲᠤᠰ ᠬᠣᠶᠠᠷ ᠲᠦᠪᠰᠢᠨ ᠢ ᠠᠳᠠᠯᠢᠳᠬᠠᠬᠤ ᠦᠭᠡᠢ ᠪᠠᠶᠢᠬᠤ ᠶᠢ ᠵᠥᠪᠯᠡᠳᠡᠭ᠃[2]

ᠡᠭᠦᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠭᠭᠥᠭᠳᠡᠯ ᠢ ᠣᠯᠠᠨ ᠰᠦᠯᠵᠢᠶ᠎ᠡ ᠳᠠᠮᠵᠢᠵᠤ ᠬᠣᠣᠰ ᠲᠤ ᠬᠣᠭᠣᠷᠣᠨᠳᠣ ᠳᠠᠮᠵᠢᠭᠤᠯᠬᠤ ᠡᠭᠦᠷᠭᠡ ᠶᠢ ᠰᠦᠯᠵᠢᠶᠡᠨ ᠦ ᠲᠦᠪᠰᠢᠨ ᠬᠠᠷᠢᠭᠤᠴᠠᠨ᠎ᠠ᠃ ᠡᠭᠦᠨ ᠦ ᠰᠠᠴᠠᠭᠤ quality of service (QoS) ᠪᠤᠶᠤ ᠵᠠᠷᠢᠮ ᠲᠥᠷᠥᠯ ᠦᠨ ᠫᠠᠺᠧᠲ ᠦᠳ ᠲᠤ ᠳᠠᠪᠠᠭᠤ ᠡᠷᠬᠡ ᠣᠯᠭᠣᠬᠤ ᠮᠧᠬᠠᠨᠢᠰᠮ ᠢ ᠪᠦᠷᠢᠳᠦᠭᠦᠯᠳᠡᠭ᠃

  • ᠬᠣᠯᠪᠣᠯᠲᠠ ᠡᠭᠦᠰᠭᠡᠬᠦ ᠡᠰᠡᠬᠦ: ᠬᠣᠯᠪᠣᠯᠲᠠ ᠡᠭᠦᠰᠬᠡᠬᠦ ᠦᠭᠡᠢ ᠪᠡᠷ ᠮᠡᠳᠡᠭᠡᠯᠡᠯ ᠳᠠᠮᠵᠢᠭᠤᠯᠬᠤ
ᠢᠨᠲ᠋ᠧᠷᠨᠡᠲ ᠫᠷᠣᠲ᠋ᠣᠺᠣᠯ ᠪᠤᠶᠤ IP ᠠᠰᠢᠭᠯᠠᠨ ᠫᠠᠺᠸᠲ ᠳᠠᠮᠵᠢᠭᠤᠯᠬᠤ ᠳᠤ ACK ᠪᠤᠶᠤ ᠫᠠᠺᠸᠲ ᠢ ᠠᠮᠵᠢᠯᠲᠠ ᠲᠠᠢ ᠬᠦᠯᠢᠶᠡᠨ ᠠᠪᠤᠭᠰᠠᠨ ᠢ ᠮᠡᠳᠡᠭᠳᠡᠬᠦ ᠵᠤᠷᠪᠤᠰ ᠢ ᠶᠠᠪᠤᠭᠤᠯᠬᠤ ᠱᠠᠭᠠᠷᠳᠠᠯᠭ᠎ᠠ ᠦᠭᠡᠢ ᠭᠡᠳᠡᠭ ᠢᠶᠡᠷ ᠢᠶᠡᠨ ᠬᠣᠯᠪᠣᠯᠲᠠ ᠦᠭᠡᠢ ᠳᠠᠮᠵᠢᠭᠤᠯᠤᠯ ᠪᠣᠯᠤᠨ᠎ᠠ᠃ OSI ᠵᠠᠭᠪᠤᠷ ᠤᠨ ᠥᠨᠳᠥᠷ ᠲᠦᠪᠰᠢᠨᠡᠭ ᠦᠳ ᠲᠦ ᠬᠣᠯᠪᠣᠯᠲᠠ ᠲᠠᠢ ᠳᠠᠮᠵᠢᠭᠤᠯᠤᠯ ᠢ ᠬᠡᠷᠡᠭᠵᠢᠭᠦᠯᠳᠡᠭ (ᠵᠢᠱᠢᠶᠡᠯᠡᠪᠡᠯ TCP ᠫᠷᠣᠲ᠋ᠣᠺᠣᠯ ᠳᠤ)
  • ᠬᠣᠣᠰᠲ ᠤᠳ ᠢ ᠬᠠᠶ᠋ᠢᠭᠯᠠᠬᠤ
ᠰᠦᠯᠵᠢᠶᠡᠨ ᠳᠦ ᠬᠣᠯᠪᠣᠭᠳᠠᠭᠰᠠᠨ ᠲᠥᠬᠥᠭᠡᠷᠦᠮᠵᠢ ᠪᠦᠷ ᠨᠢ ᠪᠡᠶ᠎ᠡ ᠪᠡᠶᠡᠩ ᠡᠴᠡ ᠪᠡᠨ ᠢᠯᠭᠠᠭ᠎ᠠ ᠲᠠᠢ ᠬᠠᠶ᠋ᠢᠭ ᠲᠠᠢ ᠪᠠᠶᠢᠬᠤ ᠶᠣᠰᠣᠲᠠᠢ᠃ IP ᠍ ᠳᠦ ᠡᠭᠦᠨ ᠢ IP ᠬᠠᠶᠠᠭ ᠭᠡᠨ᠎ᠡ᠃
  • ᠵᠤᠷᠪᠤᠰ ᠤᠳ ᠢ ᠴᠠᠰᠢ ᠳᠠᠮᠵᠢᠭᠤᠯᠬᠤ
ᠺᠣᠮᠫᠢᠶᠦ᠋ᠲ᠋ᠧᠷ ᠦᠨ ᠰᠦᠯᠵᠢᠶ᠎ᠡ ᠶᠢ ᠰᠠᠪᠨ᠎ᠡ ᠳᠦ ᠪᠤᠶᠤ ᠳᠡᠳ᠋ ᠰᠦᠯᠵᠢᠶ᠎ᠡ ᠨᠦᠭᠦᠳ ᠲᠦ ᠬᠤᠪᠢᠶᠠᠳᠠᠭ ᠲᠤᠯᠠ ᠡᠳᠡᠭᠡᠷ ᠰᠠᠪᠨ᠎ᠡ ᠳᠦ ᠬᠣᠭᠣᠷᠣᠨᠳᠣ ᠥᠭᠭᠥᠭᠳᠡᠯ ᠳᠠᠮᠵᠢᠭᠤᠯᠬᠤ ᠳᠤ ᠪᠠᠨ ᠷᠦᠦᠲᠦᠷ ᠪᠤᠶᠤ ᠵᠠᠮᠴᠢᠯᠠᠭᠴᠢ ᠲᠥᠬᠦᠭᠡᠷᠦᠮᠵᠢ ᠶᠢ ᠬᠡᠷᠡᠭᠯᠡᠳᠡᠭ᠃

OSI ᠵᠠᠭᠪᠤᠷ ᠤᠨ ᠬᠤᠪᠢ ᠳᠤ ᠠᠪᠴᠤ ᠦᠵᠡᠪᠡᠯ transport layer ᠍ ᠠᠴᠠ ᠢᠷᠡᠭᠰᠡᠨ ᠵᠤᠷᠪᠤᠰ ᠢ data link layer ᠷᠤ ᠳᠠᠮᠵᠢᠭᠤᠯᠠᠨ᠎ᠠ᠃

ᠫᠷᠣᠲ᠋ᠣᠺᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]

OSI ᠪᠣᠯᠤᠨ TCP/IP[ᠵᠠᠰᠠᠪᠤᠷᠢᠯᠠᠬᠤ | ᠺᠣᠳ᠋ ᠢᠶᠠᠷ ᠵᠠᠰᠠᠬᠣ]

OSI ᠍ ᠲᠤ ᠬᠠᠮᠢᠶᠠᠷᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=Network_layer&oldid=383419》 ᠍  ᠡᠴᠡ ᠠᠪᠤᠭᠰᠠᠨ

ᠪᠢᠴᠢᠭᠡᠰᠦ