Internet Protocol

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠢᠨᠲ᠋ᠧᠷᠨᠡᠲ ᠫᠷᠣᠲ᠋ᠣᠺᠣᠯ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

Internet Protocol (ᠲᠣᠪᠴᠢ ᠪᠠᠷ IP) ᠪᠤᠶᠤ ᠢᠨᠲ᠋ᠧᠷᠨᠡᠲ ᠫᠷᠣᠲ᠋ᠣᠺᠣᠯ ᠨᠢ ᠺᠣᠮᠫᠢᠶᠦ᠋ᠲ᠋ᠧᠷ ᠦᠨ ᠰᠦᠯᠵᠢᠶ᠎ᠡᠭᠡᠷ᠎ᠡ ᠫᠠᠺᠸᠲ ᠳᠠᠮᠵᠢᠭᠤᠯᠬᠤ ᠳᠤ ᠭᠣᠣᠯ ᠡᠭᠦᠷᠭᠡ ᠶᠢ ᠭᠦᠢᠴᠡᠳᠭᠡᠳᠡᠭ ᠫᠷᠣᠲ᠋ᠣᠺᠣᠯ ᠶᠤᠮ᠃ ᠵᠠᠮᠴᠢᠯᠠᠬᠤ ᠪᠤᠶᠤ ᠷᠦᠦᠲᠢᠩ ᠢ ᠬᠢᠳᠡᠭ ᠢᠶᠡᠷ ᠢᠶᠡᠨ ᠰᠦᠯᠵᠢᠶ᠎ᠡ ᠬᠣᠭᠣᠷᠣᠨᠳᠣ ᠶᠢᠨ ᠬᠣᠯᠪᠣᠭ᠎ᠠ ᠶᠢ ᠪᠤᠢ ᠪᠣᠯᠭᠠᠵᠤ᠂ ᠢᠨᠲ᠋ᠧᠷᠨᠡᠲᠡᠶᠢᠨ ᠦᠨᠳᠦᠰᠦᠨ ᠫᠷᠣᠲ᠋ᠣᠺᠣᠯ ᠪᠣᠯᠵᠤ ᠥᠭᠳᠡᠭ᠃

Internet Protocol ᠨᠢ ᠫᠠᠺᠸᠲ ᠪᠤᠶᠤ ᠮᠡᠳᠡᠭᠡᠯᠡᠯ ᠦᠨ ᠵᠤᠷᠪᠤᠰ ᠤᠨ ᠳᠠᠲᠠᠭᠷᠠᠮ ᠢ (ᠲᠤᠰ ᠫᠠᠺᠸᠲ ᠤᠨ ᠲᠣᠯᠣᠭᠠᠢ ᠬᠡᠰᠡᠭ ᠲᠦ ᠪᠠᠶᠢᠬᠤ ᠬᠠᠶ᠋ᠢᠭ ᠢ ᠠᠰᠢᠭᠯᠠᠵᠤ) ᠢᠯᠡᠭᠡᠭᠴᠢ ᠬᠣᠣᠰᠲ ᠠᠴᠠ ᠬᠦᠯᠢᠶᠡᠨ ᠠᠪᠤᠭᠴᠢ ᠬᠣᠣᠰ ᠲᠤ ᠷᠤ ᠶᠠᠪᠤᠭᠤᠳᠠᠳᠠᠭ᠃ ᠲᠤᠰ ᠫᠷᠣᠲ᠋ᠣᠺᠣᠯ ᠨᠢ ᠡᠨᠡᠬᠦ ᠫᠠᠺᠸᠲ ᠤᠨ ᠪᠦᠲᠦᠴᠡ ᠶᠢ ᠲᠣᠳᠣᠷᠬᠠᠶᠢᠯᠠᠵᠤ ᠥᠭᠳᠡᠭ᠃ ᠫᠠᠺᠸᠲ ᠨᠢ ᠳᠠᠮᠵᠢᠭᠤᠯᠬᠤ ᠭᠡᠵᠦ ᠪᠤᠢ ᠥᠭᠭᠥᠭᠳᠡᠯ ᠦᠨ ᠬᠡᠰᠡᠭ᠂ ᠲᠣᠯᠣᠭᠠᠢ ᠬᠡᠰᠡᠭ ᠡᠴᠡ ᠲᠣᠭᠲᠠᠳᠠᠭ ᠪᠥᠭᠡᠳ ᠲᠣᠯᠣᠭᠠᠢ ᠶᠢᠨ ᠬᠡᠰᠡᠭ ᠦᠨ ᠬᠠᠮᠤᠭ ᠤᠨ ᠴᠢᠬᠤᠯᠠ ᠲᠠᠯᠠᠪᠤᠷ ᠤᠳ ᠤᠨ ᠨᠢᠭᠡ ᠨᠢ ᠬᠠᠶᠠᠭᠯᠠᠯᠲᠠ ᠶᠢᠨ ᠬᠡᠰᠡᠭ ᠦᠳ ᠶᠤᠮ᠃ ᠡᠶᠢᠮᠦ ᠡᠴᠡ IP ᠨᠢ ᠬᠠᠶ᠋ᠢᠭᠯᠠᠬᠤ ᠰᠾᠧᠮ ᠢ ᠲᠣᠳᠣᠷᠬᠠᠶᠢᠯᠠᠨ᠎ᠠ᠃

1974 ᠣᠨ ᠳᠤ ᠸᠢᠨ᠋ᠲ ᠰᠧᠷᠹ᠂ ᠪᠣᠪ ᠺᠠᠨ ᠨᠠᠷ ᠤᠨ ᠲᠠᠨᠢᠯᠴᠠᠭᠤᠯᠤᠭᠰᠠᠨ Transmission Control Program ᠍ ᠳᠦ ᠬᠣᠯᠪᠣᠯᠲᠠ ᠦᠭᠡᠢ ᠳᠠᠲᠠᠭᠷᠠᠮ ᠳᠠᠮᠵᠢᠭᠤᠯᠬᠤ ᠡᠭᠦᠷᠭᠡ ᠶᠢ IP ᠭᠦᠢᠴᠡᠳᠭᠡᠵᠦ ᠥᠭᠴᠦ ᠪᠠᠶᠢᠭᠰᠠᠨ ᠪᠠ ᠫᠷᠣᠭᠷᠠᠮ ᠤᠨ ᠨᠥᠭᠥᠭᠡ ᠬᠡᠰᠡᠭ ᠢ Transmission Control Protocol ᠪᠤᠶᠤ TCP ᠭᠦᠢᠴᠡᠳᠭᠡᠵᠦ ᠪᠠᠶᠢᠴᠠᠢ᠃ ᠡᠶᠢᠮᠦ ᠡᠴᠡ ᠢᠨᠲ᠋ᠧᠷᠨᠡᠲ ᠫᠷᠣᠲ᠋ᠣᠺᠣᠯ ᠤᠨ ᠪᠠᠭᠴᠠ ᠶᠢ TCP/IP ᠬᠡᠮᠡᠨ ᠨᠡᠷᠡᠯᠡᠳᠡᠭ᠃

Internet Protocol ᠍ ᠶᠢᠨ ᠠᠩᠬᠠᠨ ᠤ ᠬᠤᠪᠢᠯᠪᠤᠷᠢ ᠪᠣᠯᠬᠤ Internet Protocol Version 4 (IPv4) ᠨᠢ ᠢᠨᠲ᠋ᠧᠷᠨᠡᠲ ᠦᠨ ᠭᠣᠣᠯᠯᠠᠬᠤ ᠫᠷᠣᠲ᠋ᠣᠺᠣᠯ᠃ ᠲᠡᠭᠦᠨ ᠦ ᠳᠠᠷᠠᠭ᠎ᠠ ᠶᠢᠨ ᠬᠤᠪᠢᠯᠪᠤᠷᠢ ᠪᠣᠯᠬᠤ Internet Protocol Version 6 (IPv6) ᠨᠢ ᠬᠡᠷᠡᠭᠯᠡᠭᠡᠨ ᠳᠦ ᠨᠡᠪᠲᠡᠷᠡᠴᠢ ᠪᠠᠶᠢᠭ᠎ᠠ᠃

ᠭᠦᠢᠴᠡᠳᠭᠡᠬᠦ ᠡᠭᠦᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

Internet Protocol ᠨᠢ ᠰᠦᠯᠵᠢᠶᠡᠨ ᠳᠦ ᠬᠣᠯᠪᠣᠭᠳᠠᠭᠰᠠᠨ ᠲᠥᠬᠦᠭᠡᠷᠦᠮᠵᠢ ᠪᠤᠢ ᠬᠣᠣᠰᠲ ᠤᠳ ᠢ ᠬᠠᠶᠠᠭᠯᠠᠬᠤ᠂ ᠲᠡᠳᠡᠭᠡᠷ ᠦᠨ ᠬᠣᠭᠣᠷᠣᠨᠳᠣ ᠳᠠᠲᠠᠭᠷᠠᠮ ᠪᠤᠶᠤ ᠫᠠᠺᠧᠲ ᠤᠳ ᠢ ᠵᠠᠮᠴᠢᠯᠠᠬᠤ ᠬᠣᠶᠠᠷ ᠦᠨᠳᠦᠰᠦᠨ ᠡᠭᠦᠷᠭᠡ ᠲᠡᠢ᠃

ᠳᠠᠲᠠᠭᠷᠠᠮ ᠢ ᠡᠭᠦᠰᠬᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠲᠠᠭᠷᠠᠮ ᠪᠦᠷᠢ ᠨᠢ ᠬᠣᠶᠠᠷ ᠬᠡᠰᠡᠭ ᠡᠴᠡ ᠲᠣᠭᠲᠠᠳᠠᠭ: ᠲᠣᠯᠣᠭᠠᠢ (header) ᠪᠠ ᠥᠭᠭᠥᠭᠳᠡᠯ ᠦᠨ ᠬᠡᠰᠡᠭ (payload). ᠲᠣᠯᠣᠭᠠᠢ ᠬᠡᠰᠡᠭ ᠨᠢ ᠢᠯᠡᠭᠡᠭᠴᠢ ᠶᠢᠨ IP ᠬᠠᠶᠠᠭ᠂ ᠬᠦᠯᠢᠶᠡᠨ ᠠᠪᠤᠭᠴᠢ ᠶᠢᠨ IP ᠬᠠᠶᠠᠭ ᠭᠡᠬᠦ ᠮᠡᠲᠦ ᠵᠦᠢᠯᠡᠰ ᠡᠴᠡ ᠲᠣᠭᠲᠠᠬᠤ ᠪᠠ ᠥᠭᠭᠥᠭᠳᠡᠯ ᠦᠨ ᠬᠡᠰᠡᠭ ᠨᠢ ᠳᠠᠮᠵᠢᠭᠤᠯᠬᠤ ᠭᠡᠵᠦ ᠪᠤᠢ ᠮᠡᠳᠡᠭᠡᠯᠡᠯ ᠢ ᠠᠭᠤᠯᠠᠨ᠎ᠠ᠃ ᠡᠨᠡ ᠶᠣᠰᠣᠭᠠᠷ ᠥᠭᠭᠦᠭᠳᠡᠢ ᠶᠢ ᠪᠠᠭᠴᠠᠯᠠᠵᠤ ᠲᠣᠯᠣᠭᠠᠢ ᠬᠡᠰᠡᠭ ᠢ ᠨᠡᠮᠡᠬᠦ ᠶᠠᠪᠤᠴᠠ ᠢ encapsulation ᠭᠡᠨ᠎ᠡ᠃

IP ᠬᠠᠶ᠋ᠢᠭᠯᠠᠯ ᠳᠤ ᠪᠠ ᠷᠦᠦᠲᠢᠩ ᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: IP ᠬᠠᠶᠠᠭ

IP ᠍ ᠦᠨ ᠲᠣᠳᠣᠷᠬᠠᠶᠢᠯᠠᠵᠤ ᠥᠭᠳᠡᠭ ᠬᠠᠶᠠᠭᠯᠠᠯᠲᠠ ᠶᠢᠨ ᠰᠾᠧᠮ ᠦᠨ ᠳᠠᠭᠠᠤ ᠬᠣᠣᠰ ᠲᠤ ᠪᠦᠷᠢ ᠳᠦ IP ᠬᠠᠶᠠᠭ ᠣᠨᠣᠭᠠᠵᠤ ᠥᠭᠴᠦ᠂ ᠰᠦᠯᠵᠢᠶ᠎ᠡ ᠶᠢ ᠳᠡᠳ᠋ ᠰᠦᠯᠵᠢᠶ᠎ᠡ ᠪᠤᠶᠤ ᠰᠠᠪᠨᠡᠲᠦ ᠨᠦᠭᠦᠳ ᠲᠦ ᠬᠤᠪᠢᠶᠠᠳᠠᠭ᠃ ᠰᠦᠯᠵᠢᠶᠡᠨ ᠳᠦ ᠬᠣᠯᠪᠣᠭᠳᠠᠭᠰᠠᠨ ᠲᠥᠬᠥᠭᠡᠷᠦᠮᠵᠢ ᠪᠦᠷ ᠨᠢ ᠵᠠᠮᠴᠢᠯᠠᠬᠤ ᠡᠭᠦᠷᠭᠡ ᠶᠢ ᠭᠦᠢᠴᠡᠳᠭᠡᠳᠡᠭ ᠴᠤ ᠢᠩᠭᠢᠬᠦ ᠵᠣᠷᠢᠭᠤᠯᠤᠯᠲᠠ ᠲᠠᠢ ᠲᠥᠬᠥᠭᠡᠷᠦᠮᠵᠢ ᠶᠢ ᠷᠦᠦᠲᠦᠷ ᠭᠡᠬᠦ ᠪᠠ ᠡᠳᠡᠭᠡᠷ ᠨᠢ ᠳᠡᠳ᠋ ᠰᠦᠯᠵᠢᠶ᠎ᠡ ᠨᠦᠭᠦᠳ ᠢ ᠬᠣᠭᠣᠷᠣᠨᠳᠣ ᠨᠢ ᠬᠣᠯᠪᠣᠵᠤ ᠥᠭᠳᠡᠭ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=Internet_Protocol&oldid=382804》 ᠍  ᠡᠴᠡ ᠠᠪᠤᠭᠰᠠᠨ

ᠪᠢᠴᠢᠭᠡᠰᠦ